ᠤᠰᠤᠨ ᠳᠡᠬᠡᠷᠡᠬᠢ ᠵᠠᠮ ᠬᠠᠷᠢᠯᠴᠠᠭ᠎ᠠ ᠶᠢᠨ ᠠᠳᠡᠯ | ᠤᠰᠤᠨ ᠳᠡᠬᠡᠷᠡᠬᠢ ᠵᠠᠮ ᠬᠠᠷᠢᠯᠴᠠᠭ᠎ᠠ ᠶᠢᠨ ᠠᠳᠡᠯ ᠬᠡᠳᠡᠭ ᠨᠢ ᠤᠩᠭᠤᠴᠠ᠂ ᠬᠦᠪᠪᠦᠮᠡᠯ ᠳᠦᠬᠦᠬᠡᠷᠦᠮᠵᠢ ᠶᠢᠨ | ᠳᠠᠯᠠᠢ ᠳᠠᠩᠬᠢᠰ᠂ ᠳᠠᠯᠠᠢ ᠳᠠᠭᠠᠥ ᠤᠷᠤᠨ ᠪᠤᠶᠤ ᠳᠤᠳᠤᠭᠠᠳᠤ ᠭᠤᠤᠯ ᠮᠦᠷᠡᠨ ᠤ ᠠᠶᠠᠯᠠᠯ ᠤᠨ ᠵᠠᠮ ᠳᠤ ᠭᠠᠷᠤᠭᠰᠠᠨ | ᠠᠳᠡᠯ ᠢ ᠵᠢᠭᠠᠵᠤ ᠪᠤᠢ᠃ | ᠰᠡᠷᠬᠡᠶᠢᠯᠡᠬᠦ ᠭᠤᠤᠯᠳᠠᠯᠭ᠎ᠠ | ᠠᠶᠠᠨᠴᠢᠳ ᠤᠩᠭᠤᠴᠠᠨ ᠳᠡᠬᠡᠷᠡᠬᠢ ᠪᠠᠴᠢᠮ ᠠᠷᠭᠠᠴᠠᠭᠠᠬᠤ ᠵᠠᠮ ᠭᠤᠳᠤᠮ ᠢ ᠰᠠᠶᠢᠳᠤᠷ ᠡᠵᠡᠮᠰᠢᠵᠦ᠂ ᠭᠠᠷᠬᠤ | ᠡᠬᠦᠳᠡ᠂ ᠠᠪᠤᠷᠠᠨ ᠳᠤᠰᠠᠯᠠᠬᠤ᠂ ᠭᠠᠯ ᠰᠡᠷᠬᠡᠶᠢᠯᠡᠬᠦ ᠳᠦᠬᠦᠬᠡᠷᠦᠮᠵᠢ ᠨᠢᠮᠪᠠᠢ ᠤᠶᠢᠯᠠᠭᠠᠨ᠎ᠠ᠃ | ᠠᠷᠭᠠᠴᠠᠭᠠᠬᠤ ᠭᠤᠤᠯᠳᠠᠯᠭ᠎ᠠ | ● ᠤᠩᠭᠤᠴᠠᠨ ᠳᠡᠬᠡᠷ᠎ᠡ ᠠᠶᠤᠯᠳᠤ ᠪᠠᠶᠢᠳᠠᠯ ᠢᠯᠡᠷᠡᠪᠡᠯ ᠳᠠᠷᠤᠶᠢᠬᠠᠨ ᠤᠩᠭᠤᠴᠠᠨ ᠳᠠᠷᠤᠭ᠎ᠠ ᠪᠤᠶᠤ | ᠤᠩᠭᠤᠴᠠᠴᠢᠨ ᠳᠤ ᠮᠡᠳᠡᠬᠦᠯᠦᠨ᠎ᠡ᠃ ᠠᠶᠤᠨ ᠬᠡᠯᠮᠡᠭᠳᠡᠵᠦ ᠪᠤᠯᠬᠤ ᠦᠬᠡᠢ᠂ ᠡᠮᠬᠢ ᠳᠢᠭᠯᠢᠮ ᠲᠠᠢ ᠵᠠᠶᠢᠯᠠᠨ᠎ᠠ᠃ | ● ᠠᠪᠤᠷᠠᠯᠳᠠ ᠶᠢᠨ ᠳᠦᠬᠦᠬᠡᠷᠦᠮᠵᠢ ᠶᠢ ᠠᠰᠢᠭᠯᠠᠨ ᠳᠦᠷᠬᠡᠬᠡᠨ ᠠᠶᠤᠯ ᠠᠴᠠ ᠵᠢᠭᠤᠳᠠᠨ ᠬᠡᠷᠡᠭ | ᠮᠡᠳᠡᠬᠦᠯᠦᠨ᠎ᠡ᠃ | ᠤᠰᠤᠨ ᠳᠤ ᠤᠷᠤᠭᠰᠠᠨ ᠤ ᠳᠠᠷᠠᠭ᠎ᠠ ᠠᠶᠤᠯᠳᠤ ᠤᠩᠭᠤᠴᠠ ᠠᠴᠠ ᠳᠦᠷᠬᠡᠬᠡᠨ ᠵᠠᠶᠢᠯᠠᠵᠤ ᠠᠳᠡᠯ ᠢ | ᠰᠡᠷᠬᠡᠶᠢᠯᠡᠨ᠎ᠡ᠃ ᠤᠰᠤᠨ ᠳᠤ ᠵᠢᠪᠪᠦᠪᠡᠯ ᠠᠮᠠ ᠬᠠᠮᠠᠷ ᠢᠶᠠᠨ ᠴᠢᠩᠭ᠎ᠠ ᠳᠠᠷᠤᠵᠤ ᠳᠤᠯᠤᠭᠠᠢ ᠪᠠᠨ ᠡᠷᠬᠦᠨ᠎ᠡ᠃ ᠪᠡᠶ᠎ᠡ | ᠪᠠᠨ ᠬᠠᠵᠠᠶᠢᠯᠭᠠᠨ ᠠᠭᠠᠵᠢᠮ ᠢᠶᠠᠷ ᠤᠰᠤᠨ ᠳᠤ ᠬᠦᠪᠪᠦᠨ᠎ᠡ᠃ | ● ᠤᠩᠭᠤᠴᠠ ᠤᠶᠢᠷᠠᠳᠤᠨ ᠢᠷᠡᠬᠦ ᠦᠶᠡᠰ ᠠᠪᠤᠷᠠᠯᠳᠠ ᠶᠢᠨ ᠪᠦᠷᠢᠶ᠎ᠡ ᠵᠡᠷᠬᠡ ᠪᠠᠷ ᠠᠪᠤᠷᠠᠯᠳᠠ ᠬᠦᠰᠡᠨ᠎ᠡ᠃ | | ᠠᠷᠠᠳ ᠤᠨ ᠬᠡᠷᠡᠭᠯᠡᠬᠡᠨ ᠤ ᠨᠢᠰᠬᠡᠯ ᠤᠨ ᠠᠶᠠᠯᠠᠯ ᠤᠨ ᠠᠳᠡᠯ | ᠠᠷᠠᠳ ᠤᠨ ᠬᠡᠷᠡᠭᠯᠡᠬᠡᠨ ᠤ ᠨᠢᠰᠬᠡᠯ ᠤᠨ ᠠᠶᠠᠯᠠᠯ ᠤᠨ ᠠᠳᠡᠯ ᠬᠡᠳᠡᠭ ᠨᠢ ᠤᠯᠠᠨ ᠨᠡᠶᠢᠳᠡ ᠶᠢᠨ ᠠᠭᠠᠷ ᠤᠨ | ᠠᠶᠠᠯᠠᠯ ᠤᠨ ᠨᠢᠰᠬᠡᠯ ᠨᠢ ᠳᠡᠬᠡᠬᠡᠪᠦᠷᠢ ᠶᠢᠨ ᠶᠠᠪᠤᠴᠠ ᠳᠤ ᠳᠠᠷᠤᠢ ᠨᠢᠰᠬᠡᠯ ᠳᠤ ᠭᠠᠷᠴᠤ ᠡᠬᠢᠯᠡᠨ ᠨᠢᠰᠬᠦ ᠪᠡᠯᠡᠳᠬᠡᠯ | ᠠᠴᠠ ᠳᠤᠭᠳᠠᠭᠰᠠᠨ ᠭᠠᠵᠠᠷ ᠲᠤ ᠪᠠᠨ ᠬᠦᠷᠴᠦ ᠨᠢᠰᠬᠡᠯ ᠠᠴᠠ ᠰᠠᠯᠬᠤ ᠪᠤᠯᠳᠠᠯ᠎ᠠ ᠬᠤᠭᠤᠴᠠᠭᠠᠨ ᠳᠤ ᠡᠬᠦᠰᠦᠭᠰᠡᠨ | ᠳᠤᠰ ᠳᠡᠬᠡᠬᠡᠪᠦᠷᠢ ᠶᠢᠨ ᠳᠦᠬᠦᠬᠡᠷᠦᠮᠵᠢ ᠶᠢᠨ ᠬᠠᠮᠢᠶ᠎ᠠ ᠪᠦᠬᠦᠢ ᠬᠦᠮᠦᠨ ᠢ ᠰᠢᠷᠬᠠᠳᠤᠭᠤᠯᠤᠭᠰᠠᠨ ᠪᠤᠶᠤ | ᠦᠬᠦᠬᠦᠯᠦᠭᠰᠡᠨ ᠠᠳᠡᠯ ᠢ ᠵᠢᠭᠠᠵᠤ ᠪᠤᠢ᠃ | ᠠᠷᠭᠠᠴᠠᠭᠠᠬᠤ ᠭᠤᠤᠯᠳᠠᠯᠭ᠎ᠠ | ● ᠪᠠᠴᠢᠮ ᠭᠠᠵᠠᠷᠳᠠᠬᠤ ᠪᠤᠶᠤ ᠠᠯᠪᠠ ᠪᠠᠷ ᠭᠠᠵᠠᠷᠳᠠᠬᠤ ᠦᠶᠡᠰ ᠪᠡᠶ᠎ᠡ ᠶᠢᠨ ᠪᠠᠶᠢᠳᠠᠯ ᠢᠶᠠᠨ ᠵᠦᠪ | ᠡᠵᠡᠮᠳᠡᠨ᠎ᠡ᠃ ᠠᠵᠢᠯᠳᠠᠳ ᠤᠨ ᠵᠢᠯᠤᠭᠤᠳᠤᠯᠭ᠎ᠠ ᠶᠢ ᠳᠠᠭᠠᠵᠤ᠂ ᠪᠠᠴᠢᠮ ᠠᠪᠤᠷᠠᠯᠳᠠ ᠶᠢᠨ ᠡᠬᠦᠳᠡ ᠪᠠᠷ ᠡᠮᠬᠢ | ᠳᠢᠭᠯᠢᠮ ᠲᠠᠢ ᠳᠦᠷᠬᠡᠬᠡᠨ ᠭᠤᠯᠭᠤᠷᠢᠨ ᠭᠠᠷᠬᠤ ᠬᠡᠷᠡᠭᠳᠠᠢ᠃ | ● ᠨᠢᠰᠬᠡᠯ ᠤᠨ ᠳᠤᠳᠤᠷ᠎ᠠ ᠮᠠᠨᠠᠨᠳᠠᠬᠤ ᠳᠤ ᠬᠦᠷᠪᠡᠯ ᠳᠤᠯᠤᠭᠠᠢ ᠪᠠᠨ ᠬᠠᠮᠤᠭ ᠳᠤᠤᠷ᠎ᠠ ᠬᠡᠮᠵᠢᠶᠡᠨ ᠳᠤ | ᠬᠦᠷᠳᠡᠯ᠎ᠡ ᠪᠦᠬᠦᠶᠢᠵᠦ ᠰᠠᠶᠢᠳᠤᠷ ᠠᠮᠰᠢᠬᠤᠯ ᠠᠪᠴᠤ᠂ ᠨᠤᠶᠢᠳᠠᠨ ᠠᠯᠴᠢᠭᠤᠷ ᠵᠡᠷᠬᠡ ᠪᠠᠷ ᠠᠮᠠ ᠪᠠᠨ ᠪᠦᠳᠡᠬᠡᠵᠦ᠂ | ᠪᠦᠬᠦᠶᠢᠬᠦ ᠪᠤᠶᠤ ᠮᠦᠯᠬᠦᠵᠦ ᠪᠠᠶᠢᠭᠠᠳ ᠡᠬᠦᠳᠡ ᠪᠠᠷ ᠭᠠᠷᠬᠤ ᠬᠡᠷᠡᠭᠳᠠᠢ᠃ | ● ᠨᠢᠰᠬᠡᠯ ᠭᠠᠵᠠᠷᠳᠠᠨ ᠬᠦᠩᠬᠢᠨᠡᠬᠦ ᠳᠠᠭᠤᠨ ᠭᠠᠷᠪᠠᠯ ᠳᠠᠷᠤᠶᠢᠬᠠᠨ ᠠᠶᠦᠯᠬᠦᠢ ᠶᠢᠨ ᠪᠦᠰᠡ ᠪᠠᠨ ᠳᠠᠶᠢᠯᠵᠤ | ᠭᠠᠳᠠᠨᠠᠬᠢ ᠬᠡᠷᠡᠯ ᠲᠠᠢ ᠭᠠᠵᠠᠷ ᠵᠦᠭ ᠳᠦᠷᠬᠡᠬᠡᠨ ᠬᠦᠶᠦᠨ ᠤᠴᠢᠬᠤ ᠬᠡᠷᠡᠭᠳᠠᠢ᠃ | | |