ᠢᠳᠡᠬᠡᠨ ᠤ ᠬᠤᠤᠷᠳᠠᠭᠤᠯᠣᠯ ᠬᠡᠳᠡᠭ ᠨᠢ ᠢᠳᠡᠬᠡᠨ ᠤ ᠪᠠᠺᠲ᠋ᠧᠷᠢ ᠪᠤᠶᠤ ᠬᠢᠮᠢ ᠶᠢᠨ ᠬᠤᠤᠷᠲᠣ ᠪᠤᠳᠠᠰ ᠤᠨ | ᠪᠤᠬᠢᠷᠳᠤᠯ ᠠᠴᠠ ᠪᠤᠯᠤᠭᠰᠠᠨ ᠢᠳᠡᠬᠡᠨ᠂ ᠢᠳᠡᠬᠡᠨ ᠤ ᠳᠤᠰ ᠪᠡᠶ᠎ᠡ ᠨᠢ ᠬᠤᠤᠷᠳᠠᠯ ᠲᠠᠢ ᠪᠤᠯᠤᠭᠰᠠᠨ᠂ ᠬᠦᠢᠴᠡᠳ | ᠪᠤᠯᠭᠤᠭᠰᠠᠨ ᠦᠬᠡᠢ ᠢᠳᠡᠬᠡᠨ ᠠᠴᠠ ᠡᠬᠦᠰᠬᠦ ᠶᠢ ᠵᠢᠭᠠᠵᠤ ᠪᠤᠢ᠃ ᠭᠤᠤᠯᠳᠠᠭᠤ ᠴᠡᠬᠡᠵᠢ ᠪᠠᠴᠢᠮᠳᠠᠬᠤ᠂ ᠪᠦᠬᠡᠯᠵᠢᠬᠦ᠂ | ᠰᠠᠭᠤᠯᠭᠠᠬᠤ᠂ ᠬᠠᠯᠠᠭᠤᠷᠠᠬᠤ ᠵᠡᠷᠬᠡ ᠢᠯᠡᠷᠡᠯ ᠭᠠᠷᠬᠤ ᠪᠦᠬᠡᠳ ᠬᠦᠨᠳᠦ ᠰᠦᠷᠡᠬᠡᠢ ᠨᠢ ᠮᠡᠳᠡᠭᠡ ᠠᠯᠳᠠᠵᠤ ᠳᠠᠮᠢᠷᠳᠠᠨ | ᠮᠠᠨᠠᠷᠠᠳᠠᠭ᠃ | ᠰᠡᠷᠬᠡᠶᠢᠯᠡᠬᠦ ᠭᠤᠤᠯᠳᠠᠯᠭ᠎ᠠ | ● ᠦᠨᠵᠢᠭᠰᠡᠨ ᠢᠳᠡᠬᠡᠨ ᠢ ᠢᠳᠡᠬᠦ ᠠᠴᠠ ᠪᠠᠨ ᠡᠮᠦᠨ᠎ᠡ ᠡᠷᠬᠡᠪᠰᠢ ᠬᠦᠢᠴᠡᠳ ᠬᠠᠯᠠᠭᠤᠯᠵᠤ | ᠰᠢᠯᠵᠢᠷᠠᠭᠤᠯᠬᠤ ᠬᠡᠷᠡᠭᠳᠠᠢ᠃ | ● ᠦᠬᠦᠭᠰᠡᠨ ᠠᠮᠢᠳᠠᠨ ᠤ ᠮᠢᠬ᠎ᠠ ᠪᠤᠯᠤᠨ ᠴᠢᠨᠠᠷ ᠬᠤᠪᠢᠷᠠᠭᠰᠠᠨ ᠢᠳᠡᠬᠡᠨ ᠢ ᠢᠳᠡᠵᠦ ᠪᠤᠯᠬᠤ ᠦᠬᠡᠢ᠃ | ᠦᠯᠦ ᠮᠡᠳᠡᠬᠦ ᠬᠡᠬᠡᠷ᠎ᠡ ᠶᠢᠨ ᠨᠤᠭᠤᠭ᠎ᠠ᠂ ᠵᠢᠮᠢᠰ ᠪᠤᠯᠤᠨ ᠰᠤᠶᠤᠭᠠᠯᠠᠭᠰᠠᠨ ᠳᠦᠮᠦᠰᠦ ᠶᠢ ᠢᠳᠡᠵᠦ ᠪᠤᠯᠬᠤ ᠦᠬᠡᠢ᠃ | ● ᠵᠡᠷᠯᠢᠭ ᠨᠤᠭᠤᠭ᠎ᠠ ᠶᠢ ᠢᠳᠡᠬᠦ ᠳᠤ ᠠᠷᠢᠬᠢ ᠤᠤᠭᠤᠬᠤ ᠦᠬᠡᠢ ᠪᠤᠯ ᠬᠠᠮᠤᠭ ᠰᠠᠶᠢᠨ᠃ | ● ᠱᠤᠰᠢ ᠶᠢ ᠰᠢᠯᠵᠢᠷᠠᠳᠠᠯᠠ ᠪᠤᠯᠭᠤᠭᠰᠠᠨ ᠤ ᠳᠠᠷᠠᠭ᠎ᠠ ᠢᠳᠡᠬᠦ ᠬᠡᠷᠡᠭᠳᠠᠢ᠃ | ᠠᠷᠭᠠᠴᠠᠭᠠᠬᠤ ᠭᠤᠤᠯᠳᠠᠯᠭ᠎ᠠ | ● ᠬᠤᠤᠷᠳᠠᠭᠲᠠᠭᠰᠠᠳᠲ᠋ᠣ ᠤᠰᠤ ᠠᠷᠪᠢᠨ ᠤᠤᠭᠤᠯᠭᠠᠵᠤ ᠪᠦᠬᠡᠯᠵᠢᠬᠦᠯᠬᠦ ᠬᠡᠷᠡᠭᠳᠠᠢ᠃ ᠮᠡᠳᠡᠭᠡ ᠰᠡᠬᠡᠬᠡ | ᠦᠬᠡᠢ ᠦᠶᠡᠰ ᠪᠦᠬᠡᠯᠵᠢᠬᠦᠯᠵᠦ ᠪᠤᠯᠬᠤ ᠦᠬᠡᠢ᠃ | ● ᠴᠢᠨᠠᠷ ᠬᠤᠪᠢᠷᠠᠭᠰᠠᠨ ᠵᠢᠭᠠᠰᠤ᠂ ᠨᠠᠶᠢᠮᠠᠯᠵᠢ ᠵᠡᠷᠬᠡ ᠳᠤ ᠬᠤᠤᠷᠳᠠᠭᠳᠠᠭᠰᠠᠨ ᠪᠤᠯ ᠢᠳᠡᠬᠡᠨ ᠤ ᠽᠦ ᠳᠤ | ᠤᠰᠤ ᠨᠡᠮᠡᠵᠦ ᠤᠤᠭᠤᠯᠭᠠᠨ᠎ᠠ᠃ ᠢᠩᠬᠢᠪᠡᠯ ᠬᠤᠤᠷ ᠢ ᠨᠢ ᠳᠠᠶᠢᠯᠵᠤ ᠪᠤᠯᠤᠨ᠎ᠠ᠃ | ● ᠬᠡᠳᠦᠷᠬᠡᠢ ᠰᠠᠭᠤᠯᠭᠠᠭᠰᠠᠨ ᠬᠦᠮᠦᠨ ᠳᠤ ᠳᠠᠪᠤᠰᠤ ᠲᠠᠢ ᠤᠰᠤ ᠤᠤᠭᠤᠯᠭᠠᠵᠤ ᠤᠰᠤ ᠨᠦᠬᠦᠪᠦᠷᠢᠯᠡᠨ᠎ᠡ᠃ | | ● ᠬᠤᠤᠷᠳᠠᠭᠤᠯᠣᠭᠰᠠᠨ ᠢᠳᠡᠬᠡᠨ᠂ ᠪᠦᠬᠡᠯᠵᠢᠰᠦ᠂ ᠪᠠᠭᠠᠰᠤ ᠵᠡᠷᠬᠡ ᠶᠢ ᠰᠦᠯᠢᠶᠤᠤ ᠤᠭᠤᠳᠠᠨ ᠳᠤ | ᠴᠢᠩᠭ᠎ᠠ ᠪᠢᠳᠡᠬᠦᠮᠵᠢᠯᠡᠵᠦ ᠡᠮᠨᠡᠯᠬᠡ ᠶᠢᠨ ᠪᠠᠶᠢᠴᠠᠭᠠᠯᠳᠠ ᠳᠤ ᠬᠠᠩᠭᠠᠬᠤ ᠬᠡᠷᠡᠭᠳᠠᠢ᠃ | ● ᠰᠢᠷᠪᠤᠰᠤ ᠳᠠᠳᠠᠬᠤ᠂ ᠰᠢᠳᠦ ᠨᠢ ᠵᠢᠭᠤᠷᠠᠯᠳᠣᠬᠤ ᠢᠯᠡᠷᠡᠯ ᠭᠠᠷᠪᠠᠯ ᠰᠠᠪᠬ᠎ᠠ ᠶᠢ ᠪᠦᠰ ᠢᠶᠠᠷ ᠰᠠᠶᠢᠳᠤᠷ | ᠪᠠᠭᠯᠠᠵᠤ ᠠᠮᠠᠨ ᠳᠤ ᠨᠢ ᠬᠢᠬᠡᠳ ᠬᠡᠯᠡ ᠪᠠᠨ ᠬᠠᠵᠠᠬᠤ ᠶᠢ ᠰᠡᠷᠬᠡᠶᠢᠯᠡᠨ᠎ᠡ᠃ | ● ᠡᠪᠡᠳᠴᠢᠨ ᠤ ᠪᠠᠶᠢᠳᠠᠯ ᠨᠢ ᠨᠠᠮᠵᠢᠬᠤ ᠦᠬᠡᠢ ᠪᠤᠯ ᠳᠠᠷᠤᠶᠢᠬᠠᠨ ᠡᠮᠨᠡᠯᠬᠡ ᠳᠤ ᠬᠦᠷᠬᠡᠨ᠎ᠡ᠃ | |