ᠭᠠᠷ ᠬᠦᠯ ᠠᠮᠠᠨ ᠬᠦᠨᠳᠡᠢ ᠶᠢᠨ ᠡᠪᠡᠳᠴᠢᠨ | ᠭᠠᠷ ᠬᠦᠯ ᠠᠮᠠᠨ ᠬᠦᠨᠳᠡᠢ ᠶᠢᠨ ᠡᠪᠡᠳᠴᠢᠨ ᠨᠢ ᠬᠡᠳᠡᠰᠦᠨ ᠵᠠᠮ ᠤᠨ ᠡᠪᠡᠳᠴᠢᠨ ᠤ ᠬᠤᠤᠷ᠎ᠠ ᠠᠴᠠ | ᠡᠬᠦᠰᠳᠡᠭ ᠳᠦᠷᠬᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ ᠭᠤᠤᠯᠳᠠᠭᠤ ᠰᠤᠷᠬᠤ ᠨᠠᠰᠤᠨ ᠠᠴᠠ | ᠡᠮᠦᠨᠡᠬᠢ ᠬᠡᠥᠬᠡᠳ᠂ ᠢᠯᠠᠩᠭᠤᠶ᠎ᠠ 3 ᠨᠠᠰᠤᠨ ᠠᠴᠠ ᠳᠤᠷᠤᠭᠰᠢᠬᠢ ᠬᠡᠥᠬᠡᠳ ᠲᠤ ᠬᠠᠮᠤᠭ ᠤᠯᠠᠨ ᠢᠯᠡᠷᠡᠳᠡᠭ᠃ | ᠡᠪᠡᠳᠴᠢᠳᠡᠨ ᠪᠤᠶᠤ ᠨᠢᠭᠤᠭᠳᠠᠮᠠᠯ ᠦᠷᠪᠢᠰᠦᠯ ᠲᠠᠢ ᠬᠦᠮᠦᠨ ᠪᠦᠷ ᠬᠠᠯᠳᠠᠪᠤᠷᠢᠯᠠᠵᠤ ᠮᠡᠳᠡᠨ᠎ᠡ᠃ ᠭᠤᠤᠯᠳᠠᠭᠤ | ᠰᠢᠩᠬᠡᠬᠡᠯᠳᠡ ᠶᠢᠨ ᠵᠠᠮ᠂ ᠠᠮᠢᠰᠬᠤᠯ ᠤᠨ ᠵᠠᠮ ᠪᠤᠯᠤᠨ ᠡᠪᠡᠳᠴᠢᠳᠡᠨ ᠲᠠᠢ ᠤᠶᠢᠷᠠᠳᠤᠭᠰᠠᠨ ᠵᠡᠷᠬᠡ ᠪᠠᠷ | ᠬᠠᠯᠳᠠᠪᠤᠷᠢᠯᠠᠨ᠎ᠠ᠃ ᠭᠤᠤᠯ ᠢᠯᠡᠷᠡᠯ ᠨᠢ ᠬᠡᠪᠡᠯ ᠭᠠᠷ᠂ ᠬᠦᠯ᠂ ᠠᠮᠠᠨ ᠬᠦᠨᠳᠡᠢ ᠶᠢᠨ ᠬᠡᠰᠡᠭ ᠲᠤ ᠳᠤᠯᠪᠤ᠂ | ᠴᠦᠬᠦᠷᠢᠬᠦᠤ ᠭᠠᠷᠳᠠᠭ᠃ ᠴᠦᠬᠡᠨ ᠳᠤᠭᠠᠨ ᠤ ᠡᠪᠡᠳᠴᠢᠳᠡᠨ ᠨᠢ ᠳᠠᠷᠢᠬᠢᠨ ᠤ ᠪᠦᠷᠬᠦᠪᠴᠢ ᠶᠢᠨ ᠦᠷᠪᠢᠰᠦᠯ᠂ | ᠳᠠᠷᠢᠬᠢᠨ ᠦᠷᠪᠢᠰᠦᠯ᠂ ᠠᠭᠤᠰᠬᠢᠨ ᠬᠠᠪᠤᠩ ᠵᠡᠷᠬᠡ ᠶᠢᠨ ᠢᠯᠡᠷᠡᠯ ᠭᠠᠷᠳᠠᠭ᠃ | ᠰᠡᠷᠬᠡᠶᠢᠯᠡᠬᠦ ᠭᠤᠤᠯᠳᠠᠯᠭ᠎ᠠ | ● ᠬᠤᠪᠢ ᠬᠦᠮᠦᠨ ᠤ ᠡᠷᠡᠬᠦᠯ ᠬᠠᠮᠠᠭᠠᠯᠠᠯ ᠤᠨ ᠰᠠᠶᠢᠨ ᠰᠠᠶᠢᠬᠠᠨ ᠳᠠᠳᠬᠠᠯ ᠢ ᠪᠤᠢ ᠪᠤᠯᠭᠠᠵᠤ᠂ ᠪᠤᠳᠠᠭ᠎ᠠ | ᠢᠳᠡᠬᠦ ᠠᠴᠠ ᠡᠮᠦᠨ᠎ᠡ ᠭᠠᠷ ᠢᠶᠠᠨ ᠤᠬᠢᠶᠠᠵᠤ᠂ ᠪᠡᠶ᠎ᠡ ᠵᠠᠰᠠᠭᠰᠠᠨ ᠤ ᠳᠠᠷᠠᠭ᠎ᠠ ᠭᠠᠷ ᠢᠶᠠᠨ ᠤᠬᠢᠶᠠᠬᠤ ᠶᠢ ᠪᠠᠷᠢᠮᠳᠠᠯᠠᠵᠤ | ᠂ ᠬᠠᠨᠢᠶᠠᠬᠤ ᠨᠢᠳᠠᠭᠠᠬᠤ ᠳᠤ ᠪᠠᠨ ᠠᠮᠠ ᠪᠠᠨ ᠪᠢᠳᠡᠬᠦᠯᠬᠦ ᠬᠡᠷᠡᠭᠳᠠᠢ᠃ | ● ᠬᠡᠥᠬᠡᠳ ᠢᠶᠠᠨ ᠳᠠᠭᠠᠭᠤᠯᠤᠨ ᠬᠦᠮᠦᠨ ᠤᠯᠠᠨ ᠭᠠᠵᠠᠷ ᠤᠴᠢᠬᠤ ᠶᠢ ᠬᠢᠴᠢᠶᠡᠵᠦ᠂ ᠬᠡᠷ ᠤᠨ ᠴᠤᠩᠬᠤ | ᠪᠠᠨ ᠦᠷᠬᠦᠯᠵᠢ ᠨᠡᠬᠡᠬᠡᠵᠦ ᠠᠷᠢᠭᠤᠨ ᠴᠡᠪᠡᠷ ᠠᠭᠤᠷ ᠠᠮᠢᠰᠬᠤᠯ ᠨᠡᠪᠳᠡᠷᠡᠬᠦᠯᠦᠨ᠎ᠡ᠃ | ● ᠭᠠᠷ ᠬᠦᠯ ᠠᠮᠠᠨ ᠬᠦᠨᠳᠡᠢ ᠶᠢᠨ ᠡᠪᠡᠳᠴᠢᠳᠡᠨ ᠯᠦᠭᠡ ᠤᠶᠢᠷᠠᠳᠬᠤ ᠶᠢ ᠴᠡᠬᠡᠷᠯᠡᠨ᠎ᠡ᠃ | ᠠᠷᠭᠠᠴᠠᠭᠠᠬᠤ ᠭᠤᠤᠯᠳᠠᠯᠭ᠎ᠠ | ● ᠬᠡᠥᠬᠡᠳ ᠬᠠᠯᠠᠭᠤᠷᠠᠬᠤ᠂ ᠳᠤᠯᠪᠤ ᠭᠠᠷᠬᠤ ᠮᠡᠳᠦ ᠶᠢᠨ ᠢᠯᠡᠷᠡᠯ ᠲᠠᠢ ᠪᠤᠯ ᠡᠷᠳᠡᠬᠡᠨ ᠡᠮᠨᠡᠯᠬᠡ ᠳᠤ | ᠬᠦᠷᠴᠦ ᠡᠮᠨᠡᠬᠦᠯᠦᠨ᠎ᠡ᠃ ᠡᠷᠳᠡ ᠢᠯᠡᠷᠡᠬᠦᠯᠵᠦ᠂ ᠡᠷᠳᠡ ᠮᠡᠳᠡᠬᠦᠯᠵᠦ᠂ ᠡᠷᠳᠡ ᠳᠤᠰᠠᠭᠠᠷᠯᠠᠵᠤ᠂ ᠡᠷᠳᠡ ᠡᠮᠨᠡᠨ | ᠵᠠᠰᠠᠭᠤᠯᠤᠨ᠎ᠠ᠃ | ● ᠬᠡᠥᠬᠡᠳ ᠤᠨ ᠡᠪᠡᠳᠴᠢᠨ ᠢ ᠳᠤᠳᠤᠯᠠᠪᠠᠯ ᠳᠤᠰᠭᠠᠷᠯᠠᠬᠤ ᠪᠤᠶᠤ ᠠᠷᠢᠭᠤᠳᠬᠠᠨ᠎ᠠ᠃ | ● ᠡᠪᠡᠳᠴᠢᠨ ᠲᠠᠢ ᠬᠡᠥᠬᠡᠳ ᠲᠤ ᠰᠢᠩᠬᠡᠨ ᠪᠤᠶᠤ ᠬᠠᠭᠠᠰ ᠰᠢᠩᠬᠡᠨ ᠢᠳᠡᠬᠡᠨ ᠢᠳᠡᠬᠦᠯᠦᠨ᠎ᠡ᠃ | | ᠪᠤᠭᠤᠮ᠎ᠠ ᠡᠪᠡᠳᠴᠢᠨ | ᠪᠤᠭᠤᠮ᠎ᠠ ᠡᠪᠡᠳᠴᠢᠨ ᠪᠤᠯ ᠠᠮᠢᠳᠠᠨ ᠳᠤ ᠬᠠᠯᠳᠠᠪᠤᠷᠢᠯᠠᠬᠤ ᠡᠪᠡᠳᠴᠢᠨ ᠪᠤᠯᠤᠨ᠎ᠠ᠃ ᠬᠦᠮᠦᠰ ᠪᠤᠭᠤᠮ᠎ᠠ | ᠡᠪᠡᠳᠴᠢᠨ ᠲᠠᠢ ᠦᠬᠡᠷ᠂ ᠬᠤᠨᠢ᠂ ᠭᠠᠭ᠋ᠠᠢ᠂ ᠨᠤᠬᠠᠢ ᠵᠡᠷᠬᠡ ᠠᠮᠢᠳᠠᠨ ᠠᠳᠤᠭᠤᠰᠤ ᠲᠠᠢ ᠤᠶᠢᠷᠠᠳᠤᠭᠰᠠᠨ ᠠᠴᠠ | ᠬᠠᠯᠳᠠᠪᠤᠷᠢᠯᠠᠨ ᠦᠷᠪᠢᠰᠦᠯ ᠡᠬᠦᠰᠳᠡᠭ᠃ ᠬᠦᠮᠦᠨ ᠳᠤ ᠬᠠᠯᠳᠠᠪᠤᠷᠢᠯᠠᠪᠠᠯ ᠴᠦᠪᠦᠷᠢᠬᠦᠤ ᠭᠠᠷᠴᠤ᠂ ᠡᠴᠦᠰ ᠲᠤ ᠪᠠᠨ | ᠴᠢᠰᠤ ᠭᠠᠷᠴᠤ ᠦᠬᠦᠳᠡᠭ᠃ | ᠰᠡᠷᠬᠡᠶᠢᠯᠡᠬᠦ ᠭᠤᠤᠯᠳᠠᠯᠭ᠎ᠠ | ● ᠰᠠᠷᠢᠭᠠᠴᠢᠨ ᠠᠴᠠ ᠦᠬᠦᠭᠰᠡᠨ ᠮᠠᠯ ᠤᠨ ᠮᠢᠬ᠎ᠠ ᠶᠢ ᠠᠪᠴᠤ ᠢᠳᠡᠬᠦ ᠦᠬᠡᠢ᠂ ᠦᠬᠦᠭᠰᠡᠨ ᠮᠠᠯ ᠲᠠᠢ | ᠤᠶᠢᠷᠠᠳᠴᠤ ᠪᠤᠯᠬᠤ ᠦᠬᠡᠢ᠃ | ● ᠮᠠᠯ ᠠᠷᠠᠴᠢᠯᠠᠬᠤ ᠪᠤᠶᠤ ᠠᠯᠠᠵᠤ ᠨᠢᠳᠤᠯᠠᠬᠤ ᠬᠦᠮᠦᠰ ᠬᠤᠪᠢ ᠬᠦᠮᠦᠨ ᠤ ᠡᠷᠡᠬᠦᠯ ᠬᠠᠮᠠᠭᠠᠯᠠᠯ ᠢ | ᠠᠩᠬᠠᠷᠴᠤ᠂ ᠠᠵᠢᠯ ᠤᠨ ᠬᠤᠪᠴᠠᠰᠤ ᠡᠮᠦᠰᠴᠦ᠂ ᠳᠤᠭᠳᠠᠭᠰᠠᠨ ᠬᠤᠭᠤᠴᠠᠭ᠎ᠠ ᠲᠠᠢ ᠪᠠᠷ ᠡᠷᠡᠬᠦᠯ ᠮᠡᠨᠳᠦ ᠶᠢᠨ | ᠪᠠᠶᠢᠴᠠᠭᠠᠯᠳᠠ ᠬᠢᠬᠦ ᠬᠡᠷᠡᠭᠳᠠᠢ᠃ | ᠠᠷᠭᠠᠴᠠᠭᠠᠬᠤ ᠭᠤᠤᠯᠳᠠᠯᠭ᠎ᠠ | ● ᠪᠤᠭᠤᠮ᠎ᠠ ᠡᠪᠡᠳᠴᠢᠨ ᠤ ᠢᠯᠡᠷᠡᠯ ᠭᠠᠷᠪᠠᠯ ᠴᠠᠭ ᠳᠤᠬᠠᠢ ᠳᠤ ᠨᠢ ᠡᠮᠨᠡᠬᠦᠯᠬᠦ ᠬᠡᠷᠡᠭᠳᠠᠢ᠃ | ● ᠪᠤᠭᠤᠮ᠎ᠠ ᠡᠪᠡᠳᠴᠢᠨ ᠤ ᠪᠠᠶᠢᠳᠠᠯ ᠢ ᠮᠡᠳᠡᠪᠡᠯ ᠴᠠᠭ ᠳᠤᠬᠠᠢ ᠳᠤ ᠨᠢ ᠬᠠᠮᠢᠶ᠎ᠠ ᠪᠦᠬᠦᠢ ᠰᠠᠯᠠᠭ᠎ᠠ ᠮᠦᠴᠢᠷ | ᠲᠤ ᠮᠡᠳᠡᠬᠦᠯᠬᠦ ᠬᠡᠷᠡᠭᠳᠠᠢ᠃ | ● ᠡᠪᠡᠳᠴᠢᠳᠡᠨ ᠢ ᠳᠤᠰᠠᠭᠠᠷᠯᠠᠵᠤ᠂ ᠡᠪᠡᠳᠴᠢᠨ ᠢ ᠨᠢ ᠡᠮᠨᠡᠵᠦ ᠠᠷᠢᠭᠤᠳᠬᠠᠬᠤ ᠬᠡᠷᠡᠭᠳᠠᠢ᠃ | ● ᠬᠡᠮ ᠲᠠᠢ ᠮᠠᠯ ᠢ ᠳᠠᠷᠤᠢ ᠳᠤ ᠨᠢ ᠰᠦᠷᠦᠭ ᠠᠴᠠ ᠨᠢ ᠳᠤᠰᠠᠭᠠᠷᠯᠠᠵᠤ᠂ ᠨᠠᠭᠠᠰᠢ ᠴᠠᠭᠠᠰᠢ ᠶᠠᠪᠤᠬᠤ ᠶᠢ | ᠬᠢᠵᠠᠭᠠᠷᠯᠠᠨ᠎ᠠ᠃ | | ᠱᠦᠯᠬᠦᠬᠡ ᠡᠪᠡᠳᠴᠢᠨ | ᠱᠦᠯᠬᠦᠬᠡ ᠡᠪᠡᠳᠴᠢᠨ ᠪᠤᠯ ᠬᠦᠮᠦᠨ ᠮᠠᠯ ᠳᠤ ᠪᠦᠷ ᠬᠠᠯᠳᠠᠪᠤᠷᠢᠯᠠᠬᠤ ᠡᠪᠡᠳᠴᠢᠨ ᠪᠤᠯᠤᠨ᠎ᠠ᠃ ᠱᠦᠯᠬᠦᠬᠡ | ᠡᠪᠡᠳᠴᠢᠨ ᠲᠠᠢ ᠮᠠᠯ ᠤᠨ ᠤᠷᠤᠭᠤᠯ ᠠᠮᠠ᠂ ᠰᠢᠬᠢᠷ᠎ᠡ ᠶᠢᠨ ᠬᠡᠰᠡᠭ ᠨᠢ ᠴᠦᠪᠦᠷᠢᠳᠦᠳᠡᠭ᠃ ᠬᠦᠮᠦᠨ ᠳᠤ | ᠬᠠᠯᠳᠠᠪᠤᠷᠢᠯᠠᠪᠠᠯ ᠬᠡᠯᠡ᠂ ᠵᠠᠪᠠᠵᠢ᠂ ᠰᠢᠳᠦ᠂ ᠭᠠᠷ ᠬᠦᠯ ᠨᠢ ᠤᠯᠠᠶᠢᠵᠤ᠂ ᠤᠰᠤᠨ ᠴᠦᠪᠦᠷᠢᠬᠦᠤ ᠭᠠᠷᠴᠤ᠂ ᠶᠡᠷᠦ | ᠳᠤ ᠪᠠᠨ ᠬᠠᠯᠠᠭᠤᠷᠠᠬᠤ᠂ ᠳᠤᠯᠤᠭᠠᠢ ᠡᠪᠡᠳᠬᠦ᠂ ᠳᠦᠷᠪᠡᠨ ᠮᠦᠴᠢ ᠡᠪᠡᠳᠬᠦ᠂ ᠪᠦᠬᠡᠯᠵᠢᠬᠦ᠂ ᠰᠠᠭᠤᠯᠭᠠᠬᠤ ᠮᠡᠳᠦ | ᠶᠢᠨ ᠢᠯᠡᠷᠡᠯ ᠭᠠᠷᠳᠠᠭ᠃ ᠭᠤᠤᠯᠳᠠᠭᠤ ᠠᠭᠤᠷ ᠠᠮᠢᠰᠬᠤᠯ᠂ ᠤᠰᠤ ᠪᠤᠯᠤᠨ ᠡᠪᠡᠳᠴᠢᠨ ᠲᠠᠢ ᠮᠠᠯ ᠯᠤᠭ᠎ᠠ | ᠤᠶᠢᠷᠠᠳᠤᠭᠰᠠ ᠵᠡᠷᠬᠡ ᠠᠴᠠ ᠬᠠᠯᠳᠠᠪᠤᠷᠢᠯᠠᠨ᠎ᠠ᠃ | ᠰᠡᠷᠬᠡᠶᠢᠯᠡᠬᠦ ᠭᠤᠤᠯᠳᠠᠯᠭ᠎ᠠ | ● ᠮᠠᠯ ᠤᠨ ᠬᠠᠰᠢᠶ᠎ᠠ ᠰᠠᠷᠠᠪᠴᠢ ᠶᠢᠨ ᠠᠷᠢᠭᠤᠨ ᠴᠡᠪᠡᠷ ᠢ ᠪᠠᠳᠤᠯᠠᠵᠤ᠂ ᠳᠤᠭᠳᠠᠭᠰᠠᠨ ᠬᠤᠭᠤᠴᠠᠭ᠎ᠠ ᠲᠠᠢ | ᠪᠠᠷ ᠠᠷᠢᠭᠤᠳᠬᠠᠨ᠎ᠠ᠃ | ● ᠮᠠᠯ ᠠᠬᠤᠢ ᠳᠤ ᠪᠠᠨ ᠱᠦᠯᠬᠦᠬᠡ ᠡᠪᠡᠳᠴᠢᠨ ᠢ ᠰᠡᠷᠬᠡᠶᠢᠯᠡᠬᠦ ᠳᠠᠷᠢᠯᠭ᠎ᠠ ᠶᠢ ᠳᠤᠭᠳᠠᠭᠰᠠᠨ ᠬᠤᠭᠤᠴᠠᠭ᠎ᠠ | ᠲᠠᠢ ᠪᠠᠷ ᠬᠢᠨ᠎ᠡ᠃ | ● ᠬᠢᠵᠢᠭᠳᠦ ᠤᠷᠤᠨ ᠠᠴᠠ ᠮᠠᠯ ᠤᠨᠤᠭ᠎ᠠ᠂ ᠠᠮᠢᠳᠠᠨ ᠤ ᠪᠦᠳᠦᠬᠡᠭᠳᠡᠬᠦᠨ ᠢ ᠤᠷᠤᠭᠤᠯᠬᠤ ᠦᠬᠡᠢ᠃ | ᠠᠷᠭᠠᠴᠠᠭᠠᠬᠤ ᠭᠤᠤᠯᠳᠠᠯᠭ᠎ᠠ | ● ᠮᠠᠯ ᠰᠦᠷᠦᠭ ᠲᠤ ᠴᠦᠪᠦᠷᠢᠬᠦᠳᠡᠬᠦ ᠵᠡᠷᠬᠡ ᠶᠢᠨ ᠦᠵᠡᠭᠳᠡᠯ ᠢᠯᠡᠷᠡᠪᠡᠯ ᠳᠠᠷᠤᠶᠢᠬᠠᠨ ᠮᠠᠯ ᠡᠮᠨᠡᠯᠬᠡ ᠶᠢᠨ | ᠦᠷᠳᠡᠭᠡ ᠳᠤ ᠮᠡᠳᠡᠬᠦᠯᠦᠨ᠎ᠡ᠃ | ● ᠡᠪᠡᠳᠴᠢᠨ ᠲᠠᠢ ᠮᠠᠯ ᠯᠤᠭ᠎ᠠ ᠤᠶᠢᠷᠠᠳᠬᠤ ᠦᠬᠡᠢ᠂ ᠮᠢᠬ᠎ᠠ ᠶᠢ ᠨᠢ ᠢᠳᠡᠬᠦ ᠦᠬᠡᠢ᠂ ᠰᠦ ᠶᠢ ᠤ | ᠢᠳᠡᠬᠦ ᠦᠬᠡᠢ᠃ ᠭᠠᠷ ᠬᠦᠯ ᠳᠡᠬᠡᠷ᠎ᠡ ᠤᠯᠠᠶᠢᠵᠤ ᠳᠤᠯᠪᠤ ᠭᠠᠷᠪᠠᠯ ᠳᠠᠷᠤᠶᠢᠬᠠᠨ ᠡᠮᠨᠡᠯᠬᠡ ᠶᠢᠨ ᠬᠤᠷᠢᠶ᠎ᠠ ᠳᠤ ᠬᠦᠷᠴᠦ | ᠡᠮᠨᠡᠬᠦᠯᠦᠨ᠎ᠡ᠃ | ● ᠪᠢᠳᠡᠬᠦᠮᠵᠢᠯᠡᠬᠦ᠂ ᠳᠤᠰᠠᠭᠠᠷᠯᠠᠬᠤ᠂ ᠠᠷᠢᠭᠤᠳᠬᠠᠬᠤ ᠬᠢᠬᠡᠳ ᠰᠡᠷᠬᠡᠶᠢᠯᠡᠨ ᠵᠠᠰᠠᠬᠤ ᠠᠵᠢᠯ ᠳᠤ ᠰᠠᠶᠢᠳᠤᠷ | ᠬᠠᠮᠵᠢᠯᠴᠠᠨ᠎ᠠ᠃ ᠮᠠᠯ ᠤᠨ ᠦᠬᠦᠳᠡᠯ ᠢ ᠬᠤᠤᠷᠳᠠᠭᠤᠯᠤᠯ ᠦᠬᠡᠢ ᠰᠢᠢᠳᠪᠦᠷᠢᠯᠡᠨ᠎ᠡ᠃ | ● ᠬᠢᠵᠢᠭᠳᠦ ᠤᠷᠤᠨ ᠠᠴᠠ ᠭᠠᠷᠤᠭᠰᠠᠨ ᠬᠦᠮᠦᠰ ᠡᠷᠬᠡᠪᠰᠢ ᠪᠦᠬᠦ ᠳᠠᠯ᠎ᠠ ᠪᠠᠷ ᠠᠷᠢᠭᠤᠳᠬᠠᠨ᠎ᠠ᠃ | |