ᠦᠷᠬᠦᠯᠵᠢ ᠳᠤᠬᠢᠶᠠᠯᠳᠤᠳᠠᠭ ᠰᠢᠷᠬ᠎ᠠ ᠪᠤᠶᠤ ᠡᠪᠡᠳᠴᠢᠨ ᠢ ᠡᠮᠨᠡᠬᠦ ᠶᠡᠷᠦ ᠶᠢᠨ ᠮᠡᠳᠡᠯᠬᠡ ︵ᠭᠤᠷᠪᠠ︶
ᠨᠡᠶᠢᠲᠡᠯᠡᠭᠰᠡᠨ ᠴᠠᠭ᠄
2016/3/7
     ᠮᠠᠨᠠᠷᠠᠬᠤ      ᠮᠠᠨᠠᠷᠠᠬᠤ ᠪᠤᠯ ᠤᠬᠠᠭᠠᠨ ᠮᠡᠳᠡᠷᠡᠯ ᠢᠶᠠᠨ ᠪᠦᠷᠢᠮᠦᠰᠦᠨ ᠠᠯᠳᠠᠭᠰᠠᠨ ᠨᠢᠬᠡ ᠵᠦᠢᠯ ᠤᠨ ᠬᠦᠨᠳᠦ ᠨᠤᠴᠢᠳᠠᠢ ᠤᠬᠠᠭᠠᠨ ᠮᠡᠳᠡᠷᠡᠯ ᠤᠨ ᠬᠠᠷᠰᠢ ᠰᠠᠭᠠᠳ ᠪᠤᠯᠤᠨ᠎ᠠ᠃ ᠤᠯᠠᠩᠬᠢ ᠳᠤ ᠪᠠᠨ ᠰᠠ ᠳᠠᠭᠠᠷᠢᠬᠤ᠂ ᠳᠠᠷᠢᠬᠢᠨ ᠦᠷᠪᠢᠰᠦᠯ᠂ ᠰᠢᠬᠢᠷ ᠰᠢᠵᠢᠩ ᠤᠨ ᠡᠪᠡᠳᠴᠢᠨ᠂ ᠳᠤᠯᠤᠭᠠᠢ ᠶᠢᠨ ᠰᠢᠷᠬ᠎ᠠ᠂ ᠳᠠᠷᠢᠬᠢᠨ ᠤ ᠬᠠᠪᠤᠳᠠᠷ᠂ ᠬᠤᠤᠷᠠᠳᠠᠭᠳᠠᠬᠤ ᠵᠡᠷᠬᠡ  ᠠᠴᠠ ᠡᠬᠦᠰᠳᠡᠭ᠃ ᠭᠤᠤᠯᠳᠠᠭᠤ ᠶᠠᠮᠠᠷ ᠴᠦ ᠮᠡᠳᠡᠷᠡᠮᠵᠢ ᠳᠤᠰᠬᠠᠯ ᠦᠬᠡᠢ᠂ ᠳᠠᠭᠤᠳᠠᠭᠠᠳ ᠰᠡᠷᠢᠬᠡᠵᠦ ᠳᠡᠶᠢᠯᠳᠡᠭ ᠦᠬᠡᠢ ᠵᠡᠷᠬᠡ ᠡᠪᠡᠳᠴᠢᠨ ᠤ ᠢᠯᠡᠷᠡᠯ ᠲᠠᠢ᠃      ᠠᠷᠭᠠᠴᠠᠭᠠᠬᠤ ᠭᠤᠤᠯᠳᠠᠯᠭ᠎ᠠ      ● 120 ᠪᠠᠴᠢᠮ ᠠᠪᠤᠷᠠᠯᠳᠠ ᠳᠤ ᠤᠳᠠᠰᠤᠳᠠᠨ᠎ᠠ᠃      ● ᠠᠮᠢᠰᠬᠤᠯ ᠤᠨ ᠵᠠᠮ ᠢ ᠰᠢᠯᠤᠭᠤᠳᠬᠠᠵᠤ᠂ ᠡᠪᠡᠳᠴᠢᠳᠡᠨ ᠤ ᠮᠠᠨᠠᠷᠠᠭᠰᠠᠨ ᠠᠴᠠ ᠰᠡᠬᠦᠯᠡᠷ ᠠᠮᠢᠰᠬᠤᠯ  ᠤᠨ ᠵᠠᠮ ᠨᠢ ᠳᠦᠭᠵᠢᠷᠡᠵᠦ ᠦᠬᠦᠬᠦ ᠠᠴᠠ ᠰᠡᠷᠬᠡᠶᠢᠯᠡᠬᠦ ᠬᠡᠷᠡᠭᠳᠠᠢ᠃      ● ᠪᠦᠬᠡᠯᠵᠢᠬᠦ ᠢᠯᠡᠷᠡᠯ ᠭᠠᠷᠬᠤ ᠦᠶᠡᠰ ᠡᠪᠡᠳᠴᠢᠳᠡᠨ ᠢ ᠬᠠᠵᠠᠭᠤ ᠳᠡᠶᠢᠰᠢ ᠬᠠᠨᠳᠤᠭᠤᠯᠤᠨ ᠬᠡᠪᠳᠡᠬᠦᠯᠵᠦ᠂ ᠪᠦᠬᠡᠯᠵᠢᠰᠦ ᠨᠢ ᠠᠮᠢᠰᠬᠤᠯ ᠤᠨ ᠵᠠᠮ ᠢ ᠳᠦᠭᠵᠢᠷᠡᠬᠦᠯᠬᠦ ᠠᠴᠠ ᠬᠢᠴᠢᠶᠡᠬᠦ ᠬᠡᠷᠡᠭᠳᠠᠢ᠃      ᠰᠠ ᠳᠠᠭᠠᠷᠢᠬᠤ      ᠰᠠ ᠳᠠᠭᠠᠷᠢᠬᠤ ᠬᠡᠳᠡᠭ ᠨᠢ ᠳᠠᠷᠢᠬᠢᠨ ᠤ ᠴᠢᠳᠠᠪᠤᠷᠢ ᠠᠯᠳᠠᠭᠳᠠᠬᠤ ᠶᠢ ᠵᠢᠭᠠᠵᠤ ᠪᠤᠢ᠃ ᠳᠦᠷᠬᠡᠨ ᠴᠢᠨᠠᠷᠳᠠᠢ ᠳᠠᠷᠢᠬᠢ ᠴᠢᠰᠤᠨ ᠰᠤᠳᠠᠯ ᠤᠨ ᠡᠪᠡᠳᠴᠢᠨ ᠤ ᠳᠦᠷᠦᠯ ᠳᠤ ᠪᠠᠭᠳᠠᠨ᠎ᠠ᠃ ᠭᠤᠤᠯᠳᠠᠭᠤ ᠳᠠᠷᠢᠬᠢᠨ ᠰᠤᠳᠠᠯ ᠪᠦᠯᠦᠩᠨᠡᠬᠦ᠂ ᠳᠠᠷᠢᠬᠢᠨ ᠳᠤ ᠴᠢᠰᠤ ᠬᠠᠷᠪᠤᠬᠤ ᠵᠡᠷᠬᠡ ᠠᠴᠠ ᠡᠬᠦᠰᠳᠡᠭ᠃ ᠢᠳᠡᠷ ᠦᠳᠡᠯᠦᠬᠡ ᠨᠠᠰᠤᠨ ᠤ ᠬᠦᠮᠦᠨ ᠵᠢᠴᠢ ᠯᠤᠭᠰᠢᠭᠤᠨ ᠰᠤᠳᠠᠯ ᠤᠨ ᠬᠠᠳᠠᠭᠤᠷᠠᠯ᠂ ᠴᠢᠰᠤᠨ ᠳᠠᠷᠤᠯᠳᠠ ᠦᠨᠳᠦᠷ᠂ ᠴᠢᠰᠤᠨ ᠤ ᠦᠬᠡᠬᠦ ᠦᠨᠳᠦᠷᠵᠢᠬᠦ᠂ ᠵᠢᠷᠦᠬᠡᠨ ᠳᠢᠳᠢᠮ ᠡᠪᠡᠳᠴᠢᠨ᠂ ᠰᠢᠬᠢᠷ ᠰᠢᠵᠢᠩ ᠤᠨ ᠡᠪᠡᠳᠴᠢᠨ ᠲᠠᠢ ᠬᠦᠮᠦᠨ ᠡᠨᠡᠬᠦ ᠡᠪᠡᠳᠴᠢᠨ ᠳᠤ ᠠᠮᠠᠷᠬᠠᠨ ᠨᠡᠷᠪᠡᠭᠳᠡᠨ᠎ᠡ᠃ ᠭᠤᠤᠯᠳᠠᠭᠤ ᠤᠬᠠᠭᠠᠨ ᠮᠡᠳᠡᠷᠡᠯ ᠪᠠᠯᠠᠷᠠᠵᠤ᠂ ᠪᠡᠶ᠎ᠡ ᠮᠢᠨᠴᠦᠬᠦᠷᠡᠬᠦ᠂ ᠳᠠᠯ᠎ᠠ ᠪᠡᠶ᠎ᠡ ᠬᠡᠨᠡᠳᠳᠡ ᠳᠠᠮᠫᠤᠷᠠᠬᠤ᠂ ᠵᠠᠪᠠᠵᠢ ᠵᠦᠷᠢᠢᠬᠦ᠂ ᠰᠢᠯᠦᠰᠦ ᠭᠤᠭᠤᠵᠢᠬᠤ᠂ ᠦᠳᠬᠡᠨ ᠰᠢᠩᠬᠡᠨ ᠮᠦᠷ ᠬᠤᠷᠢᠭ᠎ᠠ ᠠᠯᠳᠠᠬᠤ᠂ ᠴᠢᠨᠠᠭᠰᠢᠯᠠᠨ ᠮᠠᠨᠠᠷᠠᠬᠤ ᠵᠡᠷᠬᠡ ᠡᠪᠡᠳᠴᠢᠨ ᠤ ᠢᠯᠡᠷᠡᠯ ᠭᠠᠷᠳᠠᠭ᠃      ᠠᠷᠭᠠᠴᠠᠭᠠᠬᠤ ᠭᠤᠤᠯᠳᠠᠯᠭ᠎ᠠ      ● 120 ᠪᠠᠴᠢᠮ ᠠᠪᠤᠷᠠᠯᠳᠠ ᠳᠤ ᠤᠳᠠᠰᠤᠳᠠᠨ᠎ᠠ᠃      ● ᠡᠪᠡᠳᠴᠢᠳᠡᠨ ᠢ ᠳᠡᠭᠰᠢᠬᠡᠨ ᠬᠡᠪᠳᠡᠬᠦᠯᠵᠦ᠂ ᠪᠡᠶ᠎ᠡ ᠶᠢ ᠪᠠᠷᠢᠭᠰᠠᠨ ᠬᠤᠪᠴᠠᠰᠤ ᠶᠢ ᠨᠢ ᠰᠤᠯᠠᠳᠬᠠᠨ᠂ ᠳᠤᠷ᠎ᠠ ᠪᠠᠷ ᠬᠦᠳᠡᠯᠬᠡᠵᠦ ᠪᠤᠯᠬᠤ ᠦᠬᠡᠢ᠃      ● ᠠᠮᠢᠰᠬᠤᠯ ᠤᠨ ᠵᠠᠮ ᠢ ᠰᠢᠯᠤᠭᠤᠨ ᠪᠠᠶᠢᠯᠭᠠᠵᠤ᠂ ᠪᠦᠬᠡᠯᠵᠢᠪᠡᠯ ᠬᠠᠵᠠᠭᠤ ᠳᠡᠶᠢᠰᠢ ᠬᠠᠨᠳᠤᠭᠤᠯᠤᠨ  ᠬᠡᠪᠳᠡᠬᠦᠯᠵᠦ᠂ ᠠᠮᠢᠰᠬᠤᠯ ᠤᠨ ᠵᠠᠮ ᠳᠦᠭᠵᠢᠷᠡᠬᠦ ᠶᠢ ᠰᠡᠷᠬᠡᠶᠢᠯᠡᠬᠦ ᠬᠡᠷᠡᠭᠳᠠᠢ᠃ ᠢᠳᠡᠬᠦᠯᠵᠦ ᠤᠤᠭᠤᠯᠭᠠᠵᠤ ᠪᠤᠯᠬᠤ ᠦᠬᠡᠢ᠃      ᠵᠢᠷᠦᠬᠡᠨ ᠴᠤᠬᠢᠯᠭ᠎ᠠ ᠵᠤᠭᠰᠤᠵᠤ᠂ ᠠᠮᠢᠰᠬᠤᠯ ᠳᠠᠰᠤᠷᠠᠭᠰᠠᠨ ᠡᠪᠡᠳᠴᠢᠳᠡᠨ ᠳᠤ ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ ᠠᠪᠤᠷᠠᠯᠳᠠ ᠬᠢᠨ᠎ᠡ᠃      ᠰᠢᠷᠬᠠᠳᠤᠵᠤ ᠴᠢᠰᠤ ᠭᠠᠷᠬᠤ      ᠰᠢᠷᠬᠠᠳᠤᠪᠠᠯ ᠶᠡᠷᠦᠳᠡ ᠪᠠᠨ ᠴᠢᠰᠤ ᠭᠠᠷᠳᠠᠭ᠃ ᠴᠢᠰᠤᠨ ᠤ ᠬᠡᠮᠵᠢᠶ᠎ᠡ ᠨᠢ 800 — 1000 ᠮᠢᠯᠢᠯᠢᠲᠷ  ᠲᠤ ᠬᠦᠷᠪᠡᠯ ᠠᠮᠢ ᠨᠠᠰᠤᠨ ᠳᠤ ᠠᠶᠤᠯᠳᠠᠢ ᠪᠤᠯᠤᠨ᠎ᠠ᠃      ᠠᠷᠭᠠᠴᠠᠭᠠᠬᠤ ᠭᠤᠤᠯᠳᠠᠯᠭ᠎ᠠ        ● ᠴᠢᠰᠤ ᠭᠠᠷᠤᠭᠰᠠᠨ ᠪᠠᠶᠢᠳᠠᠯ ᠢ ᠦᠨᠳᠦᠰᠦᠯᠡᠨ᠂ ᠬᠤᠷᠤᠭᠤ ᠪᠠᠷ ᠢᠶᠠᠨ ᠳᠠᠷᠤᠬᠤ᠂ ᠳᠠᠷᠤᠯᠳᠠ ᠨᠡᠮᠡᠭᠳᠡᠬᠦᠯᠦᠨ ᠪᠤᠭᠤᠬᠤ᠂ ᠴᠢᠰᠤ ᠶᠢ ᠵᠤᠭᠰᠤᠭᠠᠬᠤ ᠤᠷᠢᠶᠠᠯᠳᠠ ᠪᠠᠷ ᠤᠷᠢᠶᠠᠬᠤ᠂ ᠰᠢᠷᠬ᠎ᠠ ᠶᠢ ᠪᠦᠭᠯᠡᠬᠦ᠂ ᠮᠦᠴᠢ  ᠶᠢ ᠨᠤᠭᠤᠯᠤᠨ ᠦᠬᠡᠭ ᠳᠡᠪᠢᠰᠬᠦ ᠵᠡᠷᠬᠡ ᠴᠢᠰᠤ ᠵᠤᠭᠰᠤᠭᠠᠬᠤ ᠠᠷᠭ᠎ᠠ ᠶᠢ ᠬᠡᠷᠡᠭᠯᠡᠨ᠎ᠡ᠃      ● ᠬᠤᠷᠤᠭᠤ ᠪᠠᠷ ᠢᠶᠠᠨ ᠳᠠᠷᠤᠵᠤ ᠴᠢᠰᠤ ᠶᠢ ᠵᠤᠭᠰᠤᠭᠠᠬᠤ ᠠᠷᠭ᠎ᠠ᠄ ᠳᠤᠮᠳᠠ ᠵᠡᠷᠬᠡ ᠶᠢᠨ ᠪᠤᠶᠤ ᠳᠤᠮᠤ ᠳᠠᠷᠬᠠᠭᠠᠬᠤ ᠰᠤᠳᠠᠯ ᠠᠴᠠ ᠴᠢᠰᠤ ᠭᠠᠷᠬᠤ ᠳᠤ ᠳᠤᠰ ᠠᠷᠭ᠎ᠠ ᠶᠢ ᠬᠡᠷᠡᠭᠯᠡᠨ᠎ᠡ᠃ ᠴᠢᠰᠤ ᠭᠠᠷᠤᠭᠰᠠᠨ ᠭᠠᠵᠠᠷ ᠳᠠᠬᠢ ᠳᠠᠷᠬᠠᠭᠠᠬᠤ ᠰᠤᠳᠠᠯ ᠤᠨ ᠵᠢᠷᠦᠬᠡᠨ ᠳᠤ ᠤᠶᠢᠷᠠᠬᠠᠨ ᠬᠡᠰᠡᠭ ᠢ ᠬᠤᠷᠤᠭᠤ ᠪᠠᠷ ᠢᠶᠠᠨ ᠳᠠᠷᠤᠨ᠎ᠠ᠃      ● ᠳᠠᠷᠤᠯᠳᠠ ᠨᠡᠮᠡᠭᠳᠡᠬᠦᠯᠦᠨ ᠪᠤᠭᠤᠬᠤ ᠠᠷᠭ᠎ᠠ᠄ ᠵᠢᠵᠢᠭ ᠳᠠᠷᠬᠠᠭᠠᠬᠤ ᠰᠤᠳᠠᠯ᠂ ᠳᠤᠮᠳᠠ ᠵᠢᠵᠢᠭ ᠳᠠᠷᠬᠠᠭᠠᠬᠤ ᠰᠤᠳᠠᠯ ᠠᠴᠠ ᠴᠢᠰᠤ ᠭᠠᠷᠬᠤ ᠦᠶᠡᠰ ᠳᠤᠰ ᠠᠷᠭ᠎ᠠ ᠶᠢ ᠬᠡᠷᠡᠭᠯᠡᠨ᠎ᠡ᠃ ᠠᠷᠢᠭᠤᠳᠬᠠᠭᠰᠠᠨ ᠤᠷᠢᠶᠠᠳᠠᠰᠤ ᠪᠤᠶᠤ ᠴᠡᠪᠡᠷᠬᠡᠨ ᠪᠦᠰ ᠢ ᠨᠤᠭᠤᠯᠵᠤ ᠰᠢᠷᠬᠠᠨ ᠳᠡᠬᠡᠷ᠎ᠡ ᠪᠠᠨ ᠳᠠᠯᠪᠢᠭᠠᠳ ᠤᠷᠢᠶᠠᠯᠳᠠ ᠪᠠᠷ ᠤᠷᠢᠶᠠᠨ᠎ᠠ᠃      ● ᠴᠢᠰᠤ ᠵᠤᠭᠰᠤᠭᠠᠬᠤ ᠤᠷᠢᠶᠠᠯᠳᠠ ᠪᠠᠷ ᠤᠷᠢᠶᠠᠬᠤ ᠠᠷᠭ᠎ᠠ᠄ ᠳᠦᠷᠪᠡᠨ ᠮᠦᠴᠢ ᠶᠢᠨ ᠳᠤᠮᠤ ᠴᠢᠰᠤᠨ ᠰᠤᠳᠠᠯ ᠠᠴᠠ ᠴᠢᠰᠤ ᠭᠠᠷᠪᠠᠯ ︵ᠳᠠᠷᠤᠯᠳᠠ ᠨᠡᠮᠡᠭᠳᠡᠬᠦᠯᠦᠨ ᠪᠤᠭᠤᠬᠤ ᠠᠷᠭ᠎ᠠ ᠪᠠᠷ ᠴᠢᠰᠤ ᠶᠢ ᠵᠤᠭᠰᠤᠭᠠᠵᠤ ᠳᠡᠶᠢᠯᠬᠦ ᠦᠬᠡᠢ ᠦᠶᠡᠰ︶ ᠳᠤᠰ ᠠᠷᠭ᠎ᠠ ᠶᠢ ᠬᠡᠷᠡᠭᠯᠡᠨ᠎ᠡ᠃ ᠴᠢᠰᠤ ᠭᠠᠷᠤᠭᠰᠠᠨ ᠭᠠᠵᠠᠷ ᠲᠤ ᠦᠬᠡᠭ ᠳᠡᠪᠢᠰᠦᠭᠰᠡᠨ ᠤ ᠳᠠᠷᠠᠭ᠎ᠠ ᠴᠢᠰᠤ ᠵᠤᠭᠰᠤᠭᠠᠬᠤ ᠪᠦᠰ ᠢᠶᠠᠷ 2 ᠮᠦᠷ ᠴᠢᠩᠭ᠎ᠠ ᠤᠷᠢᠶᠠᠨ᠎ᠠ᠃ 45 ᠮᠢᠨᠦ᠋ᠲ ᠠᠯᠤᠰᠯᠠᠬᠤ ᠪᠦᠷᠢ 2 — 3 ᠮᠢᠨᠦ᠋ᠲ ᠰᠤᠯᠠᠯᠠᠵᠤ᠂ ᠡᠨᠡ ᠬᠤᠭᠤᠷᠤᠨᠳᠤ ᠨᠢ ᠬᠤᠷᠤᠭᠤ ᠪᠠᠷ ᠳᠠᠷᠤᠬᠤ ᠠᠷᠭ᠎ᠠ ᠶᠢ ᠰᠤᠯᠢᠪᠴᠢᠨ ᠬᠡᠷᠡᠭᠯᠡᠨ᠎ᠡ᠃      ● ᠰᠢᠷᠬ᠎ᠠ ᠶᠢ ᠪᠦᠭᠯᠡᠵᠦ ᠴᠢᠰᠤ ᠵᠤᠭᠰᠤᠭᠠᠬᠤ ᠠᠷᠭ᠎ᠠ᠄ ᠠᠷᠢᠭᠤᠳᠬᠠᠭᠰᠠᠨ ᠰᠡᠶᠢᠮᠡᠬᠡᠢ ᠪᠦᠰ᠂ ᠬᠦᠪᠦᠩ᠂ ᠳᠦᠷᠬᠡᠨ ᠠᠪᠤᠷᠠᠬᠤ ᠪᠠᠭᠯᠠᠭ᠎ᠠ ᠵᠡᠷᠬᠡ ᠪᠠᠷ ᠰᠢᠷᠬ᠎ᠠ ᠶᠢ ᠪᠦᠭᠯᠡᠨ ᠳᠠᠷᠤᠵᠤ᠂ ᠤᠷᠢᠶᠠᠯᠳᠠ ᠪᠤᠶᠤ ᠭᠤᠷᠪᠠᠯᠵᠢᠨ ᠠᠯᠴᠢᠭᠤᠷ ᠢᠶᠠᠷ ᠪᠤᠭᠤᠨ᠎ᠠ᠃      ● ᠮᠦᠴᠢ ᠶᠢ ᠨᠤᠭᠤᠯᠤᠨ ᠦᠬᠡᠭ ᠳᠡᠪᠢᠰᠬᠦ ᠠᠷᠭ᠎ᠠ᠄ ᠴᠠᠷᠪᠠᠭᠤ ᠪᠤᠶᠤ ᠰᠢᠯᠪᠢ ᠴᠢᠰᠤ ᠭᠠᠷᠬᠤ ᠦᠶᠡᠰ᠂ ᠳᠤᠬᠤᠢ ᠶᠢᠨ ᠬᠤᠩᠬᠤᠷ᠂ ᠳᠠᠬᠢᠮ ᠤᠨ ᠬᠤᠩᠬᠤᠷ ᠲᠤ ᠰᠡᠶᠢᠮᠡᠬᠡᠢ ᠪᠦᠰ᠂ ᠬᠦᠪᠦᠩ ᠤᠨ ᠪᠦᠬᠡᠮ  ᠪᠤᠶᠤ ᠠᠯᠴᠢᠭᠤᠷ ᠂ ᠬᠤᠪᠴᠠᠰᠤ ᠵᠡᠷᠬᠡ ᠶᠢ ᠳᠡᠪᠢᠰᠴᠤ᠂ ᠦᠶ᠎ᠡ ᠶᠢ ᠨᠤᠭᠤᠯᠤᠨ ᠭᠤᠷᠪᠠᠯᠵᠢᠨ ᠠᠯᠴᠢᠭᠤᠷ ᠢᠶᠠᠷ ᠳᠤᠭᠳᠠᠭᠠᠵᠤ ᠪᠤᠭᠤᠨ᠎ᠠ ᠃ ᠶᠠᠰᠤ ᠪᠡᠷᠳᠡᠭᠰᠡᠨ ᠪᠤᠶᠤ ᠦᠶ᠎ᠡ ᠮᠤᠯᠲᠣᠷᠠᠭᠰᠠᠨ ᠦᠶ᠎ᠡ ᠳᠤ ᠳᠤᠰ ᠠᠷᠭ᠎ᠠ ᠶᠢ ᠬᠡᠷᠡᠭᠯᠡᠵᠦ ᠪᠤᠯᠬᠤ ᠦᠬᠡᠢ᠃
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号