ᠢᠳᠡᠬᠡᠯ ᠤᠨ ᠲᠡᠭᠷᠢ ᠳᠤ ᠲᠡᠭᠦᠯᠢᠭᠰᠡᠨ ︽ᠠᠵᠢᠨᠠᠢ︾ ᠬᠦᠯᠦᠭ ᠤᠨ ᠠᠯᠳᠠᠷ
ᠨᠡᠶᠢᠲᠡᠯᠡᠭᠰᠡᠨ ᠴᠠᠭ᠄
2017/1/13
        ᠵᠤᠬᠢᠶᠠᠯᠴᠢ ᠣ · ᠪᠤᠶ᠋ᠬᠠᠦ᠋ᠯᠵᠡᠢ        ︽ᠠᠭᠤᠳᠠᠮ ᠮᠤᠩᠭᠤᠯ ᠨᠤᠳᠤᠭ ᠲᠤ ᠲᠥᠷᠥᠵᠤ ᠥᠰᠥᠭᠰᠡᠨ ᠬᠥᠮᠥᠰ ᠤᠨ ᠪᠡᠶ᠎ᠡ ᠴᠤᠭᠴᠠᠰ ᠲᠤ ᠬᠤᠶᠠᠷ ᠥᠠᠳᠤᠰᠤᠨ ᠬᠥᠴᠥᠨ ᠰᠠᠭᠤᠷᠢᠯᠡᠵᠤ ᠪᠤᠢ ᠬᠡᠵᠤ ᠪᠢ ᠪᠤᠳᠤᠨᠠᠮ᠃ ᠲᠡᠷᠡ ᠨᠢ᠂ ᠴᠡᠪᠡᠷ ᠪᠠᠶᠢᠭᠠᠯᠢ ᠶᠢᠨ ᠠᠷᠢᠭᠤᠨ ᠢᠳᠡᠭᠡᠨ ᠤᠮᠳᠠᠭᠠᠨ ᠠᠴᠠ ᠰᠢᠮ᠎ᠡ ᠠᠪᠤᠭᠰᠠᠨ ᠮᠠᠬᠠᠪᠤᠳ ᠤᠨ ᠬᠥᠴᠥᠨ ᠪᠡ ᠨᠤᠳᠤᠭ ᠤᠷᠤᠨ ᠤ ᠤᠯᠠᠮᠵᠢᠯᠠᠯᠳᠤ ᠰᠤᠶᠤᠯ ᠰᠢᠳᠥᠯᠭᠡ ᠠᠴᠠ ᠥᠪᠯᠡᠵᠤ ᠤᠳᠤᠮᠯᠠᠭᠰᠠᠨ ᠢᠳᠡᠭᠡᠯ ᠬᠥᠴᠥᠨ︾ ᠭᠡᠵᠦ ᠤ · ᠪᠤᠶ᠋ᠬᠠᠦ᠋ᠯᠵᠠᠢ ᠭᠤᠸᠠᠢ ᠬᠡᠯᠡᠯ᠎ᠡ᠃ ᠶᠠᠭ ᠯᠠ ᠲᠡᠭᠦᠨ ᠤ ᠬᠡᠯᠡᠭᠰᠡᠨ ᠰᠢᠭ  ᠨᠤᠲᠤᠭ ᠤᠨ ᠴᠡᠪᠡᠷ ᠠᠷᠢᠭᠤᠨ ᠣᠷᠴᠢᠨ ᠠᠬᠤᠢ ᠪᠠ ᠰᠤᠶᠤᠯ ᠰᠢᠳᠦᠯᠭᠡ ᠶᠢᠨ ᠬᠦᠴᠤᠨ ᠨᠢ ᠢᠳᠡᠬᠡᠯ ᠭᠡᠳᠡᠭ ᠰᠠᠶᠢᠬᠠᠨ ᠶᠠᠭᠤᠮ᠎ᠠ ᠶᠢ ᠦᠷ᠎ᠡ ᠬᠤᠶᠢᠴᠢᠰ ᠤᠨ ᠢᠶᠠᠨ ᠣᠶᠣᠨ ᠪᠤᠳᠤᠯ ᠳᠤ ᠨᠡᠪᠳᠡᠷᠡᠭᠦᠯᠵᠦ᠂ ᠦᠵᠡᠯ ᠰᠠᠨᠠᠭᠠᠨ ᠤ ᠲᠦᠯᠦᠪᠰᠢᠷᠠᠯ᠂ ᠤᠷ᠎ᠠ ᠠᠪᠢᠶᠠᠰ ᠤᠨ ᠪᠦᠷᠢᠯᠳᠦᠯ ᠳᠤ ᠠᠩᠬᠠᠨ  ᠤ ᠬᠦᠷᠦᠰᠤ ᠰᠢᠷᠦᠢ ᠨᠢ ᠪᠣᠯᠳᠠᠭ ᠠᠵᠢ  ᠃        ᠤ · ᠪᠣᠶ᠋ᠬᠠᠦ᠋ᠯᠵᠠᠢ 1950 ᠣᠨ ᠳᠤ ᠠᠷᠤ ᠬᠤᠷᠴᠢᠨ ᠬᠤᠰᠢᠭᠤᠨ ᠤ ᠪᠠᠶᠠᠠᠪᠤᠯᠠᠭ ᠰᠣᠮᠤ ᠶᠢᠨ ᠴᠠᠭᠠᠨ ᠣᠪᠣᠭ᠎ᠠ ᠭᠠᠴᠠᠭᠠᠨ ᠤ ᠮᠠᠯᠴᠢᠨ ᠤᠨᠳᠤᠷᠠᠬᠤ ᠶᠢᠨ ᠬᠦᠪᠡᠭᠦᠨ ᠪᠤᠯᠤᠨ ᠵᠠᠶᠠᠭᠠᠵᠠᠢ᠃ ᠡᠷᠳᠠ ᠦᠶ᠎ᠡ ᠳᠤ ᠰᠣᠶᠤᠯ ᠬᠤᠴᠤᠷᠤᠩᠭᠤᠢ  ᠮᠣᠩᠭᠤᠯ ᠨᠤᠲᠤᠭ ᠲᠤ ᠦᠰᠦᠭ ᠪᠢᠴᠢᠭ ᠨᠢᠳᠤᠯᠡᠭᠦ ᠬᠦᠮᠦᠨ ᠴᠦᠬᠡᠨ ᠪᠣᠯᠬᠤᠷ ᠦᠢᠷ᠎ᠠ ᠤᠷᠴᠢᠮ ᠤᠨ ᠮᠠᠯᠴᠢᠳ ᠵᠠᠬᠢᠳᠠᠯ ᠪᠢᠴᠢᠭ ᠲᠠᠭᠤᠳᠠᠭᠤᠯᠬᠤ ᠬᠦᠮᠦᠨ ᠡᠷᠢᠵᠤ᠂ ᠬᠡᠳᠤᠨ ᠠᠶᠢᠯ ᠲᠠᠮᠵᠢᠨ ᠲᠡᠳᠡᠨ ᠤ  ᠬᠢᠨ ᠳᠤ ᠢᠷᠡᠵᠦ ᠮᠠᠠᠵᠤ ᠶᠢᠨ ᠦᠶ᠎ᠡ ᠳᠤ ᠮᠣᠩᠭᠤᠯ ᠪᠢᠴᠢᠭ ᠰᠤᠷᠤᠭᠰᠠᠨ ᠠᠪᠤ ᠤᠠᠳᠤᠷᠠᠬᠤ ᠪᠠᠷ ᠨᠢ ᠣᠩᠰᠢᠭᠤᠯᠵᠤ ᠪᠠᠶᠢᠵᠠᠢ᠃ ᠣ · ᠪᠤᠶ᠋ᠬᠠᠦ᠋ᠯᠵᠠᠢ ᠢᠩᠭᠢᠵᠦ ᠬᠠᠷᠠᠬᠠᠨ ᠪᠠᠭ᠎ᠠ ᠠᠴᠠ ᠪᠠᠨ ᠰᠦᠵᠢᠭ ᠪᠢᠰᠢᠷᠠᠯ ᠳᠤ ᠪᠠᠨ ᠦᠨᠠᠠᠴᠢ ᠡᠮᠡᠭᠡ ᠂ ᠰᠤᠶᠤᠯ ᠢ ᠬᠦᠠᠳᠤᠳᠬᠡᠳᠡᠭ ᠠᠪᠤ ᠵᠢᠴᠢ ᠨᠣᠲᠤᠭ ᠤᠰᠤᠨ ᠤ ᠬᠦᠮᠦᠨ ᠠᠷᠠᠳ ᠰᠤᠶᠤᠯ ᠵᠠᠩᠰᠢᠯ ᠤᠨ ᠨᠦᠯᠦᠭᠡ  ᠪᠠᠷ ᠰᠤᠷᠬᠤ ᠶᠢᠨ ᠲᠦᠯᠦᠭᠡ ᠴᠢᠷᠮᠠᠶᠢᠬᠤ ᠪᠣᠯᠵᠤ᠂ ᠠᠷᠪᠠᠨ ᠭᠤᠷᠪᠠᠳᠠᠢ ᠳᠤ ᠪᠠᠨ ︽ᠰᠤᠷᠭᠠᠭᠤᠯᠢ ᠮᠢᠨᠢ︾ ᠭᠡᠰᠡᠨ ᠲᠠᠰᠬᠠᠯ ᠰᠢᠯᠦᠭ ᠢᠶᠠᠨ ᠠᠶᠢᠯ ᠤᠨ ᠰᠤᠷᠭᠠᠭᠤᠯᠢ ᠶᠢᠨ ᠰᠠᠮᠪᠠᠷ᠎ᠠ ᠳᠤ ᠨᠡᠶᠢᠳᠡᠯᠡᠭᠦᠯᠵᠦ ᠪᠠᠶᠢᠭᠰᠠᠨ ᠨᠢ ᠲᠡᠭᠦᠨ ᠤ ︽ᠢᠳᠡᠬᠡᠯᠳᠦ ᠮᠣᠳᠤᠨ ᠤ ᠦᠷ᠎ᠡ︾ ᠷᠤᠮᠠᠨ ᠢᠶᠠᠷ ᠢᠶᠠᠨ ᠲᠤᠮᠳᠠᠳᠤ ᠤᠯᠤᠰ ᠤᠨ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ︽ᠠᠵᠢᠨᠠᠢ︾ ᠱᠠᠩᠨᠠᠯ ᠬᠦᠷᠳᠡᠬᠦ ᠶᠢᠨ ᠬᠢᠨᠢ ᠠᠩᠬᠠᠨ ᠤ ᠵᠦᠩ ᠪᠠᠶᠢᠭᠰᠠᠨ ᠴᠦ ᠪᠢᠯᠢᠤ᠃
        ︽ᠠᠵᠢᠨᠠᠢ︾ ᠱᠠᠩᠨᠠᠯ ᠬᠦᠷᠲᠡᠭᠰᠡᠨ ᠷᠤᠮᠠᠨ        ᠲᠡᠭᠦᠨ ᠤ ᠪᠢᠴᠢᠭᠰᠡᠨ ︽ᠢᠳᠡᠬᠡᠯᠳᠦ ᠮᠣᠳᠣᠨ ᠤ ᠦᠷ᠎ᠠ︾ ᠷᠣᠮᠠᠨ ᠨᠢ ᠬᠤᠷᠴᠢᠨ ᠤ ᠲᠠᠯ᠎ᠠ ᠨᠤᠲᠤᠭ  ᠲᠠᠬᠢ ᠢᠩᠳᠦ   ᠶᠢᠨ ᠠᠶᠢᠯ ᠢᠶᠠᠷ ᠠᠷᠤ ᠦᠵᠡᠭᠳᠡᠯ ᠪᠤᠯᠭᠠᠵᠤ᠂ 20 ᠳ᠋ᠤᠭᠠᠷ ᠵᠠᠭᠤᠨ ᠤ ᠬᠤᠷᠢᠭᠠᠳ ᠣᠨ ᠠᠴᠠ ᠨᠠᠶᠠᠭᠠᠳ ᠣᠨ ᠬᠦᠷᠳᠡᠯᠡᠬᠢ ᠳᠥᠴᠢ ᠲᠠᠪᠢᠨ ᠵᠢᠯ ᠤᠨ ᠲᠡᠤᠬᠡ ᠶᠢᠨ ᠬᠤᠪᠢᠰᠤᠯᠳᠠ ᠶᠢ ᠲᠦᠷᠪᠠᠨ ᠦᠶ᠎ᠡ ᠶᠢᠨ ᠬᠦᠮᠦᠰ ᠤᠨ ᠬᠤᠪᠢ ᠵᠠᠶᠠᠭᠠᠨ ᠤ ᠲᠤᠬᠢᠶᠠᠯᠳᠤᠯ ᠢᠶᠠᠷ ᠲᠠᠮᠵᠢᠭᠤᠯᠤᠨ ᠢᠯᠡᠳᠬᠡᠵᠦ᠂ ᠴᠠᠭ ᠲᠥᠷᠦ᠂ ᠨᠡᠶᠢᠭᠡᠮ ᠤᠨ ᠬᠤᠪᠢᠰᠤᠯᠲᠠ᠂ ᠦᠠᠳᠦᠰᠦᠳᠠᠨ ᠤ ᠦᠵᠡᠯ ᠰᠠᠨᠠᠭᠠᠨ ᠤ ᠬᠤᠪᠢᠷᠠᠯᠳᠠ᠂ ᠢᠳᠡᠬᠡᠯ ᠪᠢᠰᠢᠷᠠᠯ ᠤᠨ ᠪᠠᠷᠢᠮᠳᠠᠯᠠᠯ᠂ ᠠᠯᠳᠠᠯ ᠤᠯᠤᠯ᠂ ᠬᠦᠰᠡᠯ ᠡᠷᠡᠮᠡᠯᠵᠡᠯ ᠢ ᠳᠡᠯᠭᠡᠨ᠂ ᠵᠣᠬᠢᠶᠠᠯ ᠤᠨ ᠦᠢᠯᠡ ᠶᠠᠪᠤᠳᠠᠯ ᠤᠨ ᠪᠦᠬᠦᠶᠢᠯᠡ ᠶᠠᠪᠤᠴᠠ ᠶᠢ ︽ᠢᠳᠡᠬᠡᠯ︾ ᠤᠨ ᠬᠦᠴᠤᠨ ᠢᠶᠠᠷ ᠬᠡᠯᠭᠢᠨ᠂ ︽ᠢᠳᠡᠬᠡᠯᠳᠦ  ᠠᠷᠭᠢᠯ︾  ᠂ ︽ᠠᠭᠤᠯᠠ ᠶᠢᠨ ᠰᠠᠬᠢᠭᠤᠰᠤ︾᠂ ︽ᠴᠠᠭᠠᠨ ᠱᠤᠩᠬᠤᠷ︾᠂ ︽ᠪᠢᠯᠢᠭᠲᠦ ᠬᠦᠷᠦᠬᠡᠰᠤ︾ ᠵᠡᠷᠬᠡ ᠳᠣᠮᠤᠭ ᠤᠨ ᠵᠦᠢᠯᠡᠰ ᠢ ᠤᠷᠤᠭᠤᠯᠤᠨ ᠠᠮᠢᠯᠠᠭᠤᠯᠤᠭᠰᠠᠨ ᠨᠢ ᠦᠠᠳᠦᠰᠦᠳᠠᠨ ᠤ ᠵᠣᠷᠢᠭ ᠰᠠᠨᠠᠭᠠᠨ ᠤ ᠠᠤᠭ᠎ᠠ ᠬᠦᠴᠤᠨ ᠢ ᠳᠣᠪᠤᠶᠢᠯᠭᠠᠨ᠂  ᠰᠢᠨ᠎ᠡ ᠡᠷᠡᠮᠡᠯᠵᠡᠯ  ᠢ ᠤᠷᠢᠶᠠᠯᠠᠵᠠᠢ᠃ ᠲᠠᠷᠦᠢ ᠤᠷᠤᠨ ᠨᠤᠲᠤᠭ ᠤᠨ ᠬᠤᠪᠢᠰᠤᠯᠲᠠ ᠬᠥᠭᠵᠢᠯᠲᠡ ᠪᠠᠷ ᠨᠡᠩ ᠶᠡᠭᠡ ᠬᠦᠷᠢᠶ᠎ᠡ ᠴᠠᠷ᠎ᠠ ᠳᠠᠬᠢ ᠰᠤᠶᠤᠯ ᠦᠵᠡᠯ ᠰᠠᠨᠠᠭᠠᠨ ᠤ ᠬᠤᠪᠢᠰᠤᠯᠲᠠ ᠶᠢ ᠢᠯᠡᠷᠡᠭᠦᠯᠦᠭᠰᠡᠨ ᠪᠠᠶᠢᠨ᠎ᠠ᠃        ᠷᠣᠮᠠᠨ ᠤ ᠪᠠᠨ ᠲᠤᠬᠠᠢ ᠣ · ᠪᠤᠶ᠋ᠬᠠᠦ᠋ᠯᠵᠠᠢ ᠭᠤᠸᠠᠢ ᠢᠩᠭᠢᠵᠦ ᠬᠡᠯᠡᠯ᠎ᠡ᠄        ︽ᠨᠤᠳᠤᠭ ᠤᠷᠤᠨ ᠤ ᠬᠥᠮᠥᠨ ᠠᠷᠠᠳ ᠤᠨ ᠤᠯᠠᠮᠵᠢᠯᠡᠯᠳᠤ ᠢᠳᠡᠭᠡᠯ ᠰᠢᠳᠤᠯᠭᠡ ᠶᠢᠨ ᠰᠤᠶᠤᠯ ᠤᠳ ᠢ ᠷᠤᠮᠠᠨ ᠳᠠᠭᠠᠨ ᠴᠢᠷᠮᠠᠶᠢᠨ ᠰᠢᠩᠭᠡᠭᠡᠵᠡᠢ᠃  ᠪᠠᠭ᠎ᠠ ᠪᠠᠶᠢᠬᠤ ᠳᠤ ᠡᠮᠡᠭᠡ ᠶᠢᠨ ᠥᠷᠬᠦᠯᠵᠢ ᠶᠠᠷᠢᠳᠠᠭ ᠡᠩ ᠤᠨ ᠠᠮᠢᠳᠤᠷᠠᠯ ᠤᠨ ᠲᠤᠮᠳᠠᠬᠢ ᠱᠠᠰᠢᠨ ᠰᠢᠳᠥᠯᠭᠡ ᠤᠨ ᠮᠡᠳᠡᠯᠭᠡ ᠰᠤᠷᠭᠠᠯ ᠠᠴᠠ ᠴᠡᠭᠡᠵᠢᠨ ᠳᠤ ᠬᠠᠳᠠᠩᠰᠢᠭᠰᠠᠨ ᠵᠥᠢᠯ  ᠤᠳ ᠨᠢ ᠷᠤᠮᠠᠨ ᠪᠢᠴᠢᠭᠦ ᠳᠤ ᠮᠢᠨᠢ ᠶᠡᠭᠡ ᠲᠤᠰᠠ ᠪᠤᠯᠤᠭᠰᠠᠨ ᠡ᠃  ︿ᠢᠳᠡᠭᠡᠯ ᠤᠨ ᠬᠥᠴᠥᠨ ᠪᠤᠯ ᠤᠷᠤᠰᠬᠠᠯ ᠤᠰᠤ ᠮᠡᠳᠤ᠃ ᠢᠳᠡᠭᠡᠯ ᠢ ᠰᠥᠷᠥᠭᠴᠢ ᠬᠥᠴᠥᠨ ᠨᠢ ᠪᠤᠯ ᠢᠯᠳᠤ ᠮᠡᠳᠤ᠃ ᠢᠯᠳᠤ ᠪᠠᠷ ᠤᠷᠤᠰᠬᠠᠯ ᠢ ᠴᠠᠪᠴᠢᠬᠤ  ᠳᠤ ᠲᠥᠷ ᠲᠠᠰᠤᠷᠠᠳᠠᠭ ᠪᠤᠯᠪᠠᠴᠤ ᠢᠯᠳᠤ ᠪᠠᠨ ᠡᠷᠬᠦᠭᠡᠳ ᠠᠪᠬᠤ ᠪᠠᠷ ᠤᠰᠤ ᠮᠥᠨ ᠯᠡ ᠲᠠᠬᠢᠭᠠᠳ ᠨᠡᠶᠢᠯᠡᠵᠤ ᠤᠷᠤᠰᠤᠨ᠎ᠠ﹀ ᠬᠡᠵᠤ ᠮᠢᠨᠤ ᠡᠮᠡᠭᠡ ᠬᠡᠯᠡᠭᠰᠡᠨ ᠶᠤᠮ ᠡ᠃ ᠰᠤᠶᠤᠯ ᠢᠳᠡᠭᠡᠯ ᠤᠨ ᠬᠥᠴᠤᠨ ᠭᠡᠭᠴᠢ ᠲᠡᠶᠢᠮᠤ ᠭᠡᠴᠡᠬᠦᠤ ᠠᠵᠢ᠃ ᠮᠠᠨ ᠤ ᠬᠤᠰᠢᠭᠤ ᠶᠢᠨ ᠰᠥᠮ᠎ᠡ ᠨᠦᠭᠦᠳ ᠠᠴᠠ ᠪᠠᠰᠠ ᠶᠡᠭᠡ ᠡᠷᠳᠡᠮ ᠨᠤᠮ ᠲᠠᠢ ᠯᠠᠮ᠎ᠠ ᠨᠠᠷ ᠪᠠ ᠠᠯᠳᠠᠷᠳᠤ ᠯᠠᠮ᠎ᠠ ᠡᠮᠴᠢ ᠨᠠᠷ ᠭᠠᠷᠤᠭᠰᠠᠨ ᠯᠡ ᠳ᠋ᠠ᠃ ᠲᠡᠳᠡᠨᠤᠰ ᠨᠢ ᠮᠢᠨᠤ ᠵᠤᠬᠢᠶᠠᠯ ᠳᠤ ᠰᠠᠶᠢᠨ ᠲᠥᠷᠢ ᠪᠤᠯᠵᠤ ᠪᠢᠴᠢᠭᠳᠡᠭᠰᠡᠨ᠃        ᠤᠷᠤᠨ ᠨᠤᠳᠤᠭ ᠤᠨ ᠲᠡᠤᠬᠡ ᠶᠢᠨ ᠭᠥᠭᠵᠢᠯᠳᠡ ᠳᠠᠬᠢ ᠲᠡᠤᠬᠡᠳᠤ ᠥᠨᠠᠨ ᠤᠳ ᠢ ᠪᠠᠰᠠ ᠵᠤᠬᠢᠶᠠᠯ ᠳᠤ  ᠪᠠᠨ ᠤᠷᠠᠯᠢᠭᠵᠢᠭᠤᠯᠤᠨ ᠬᠡᠷᠡᠭᠯᠡᠵᠡᠢ᠃ ᠨᠤᠳᠤᠭ ᠤᠨ ᠤᠯᠠᠨ ᠰᠢᠳᠢᠳᠤ ᠲᠤᠮᠤᠭ ᠤᠨ ᠲᠤᠮᠳᠠ ᠠᠴᠠ ᠵᠤᠬᠢᠶᠠᠯ ᠳᠠᠬᠢ ᠭᠠᠵᠠᠷ ᠤᠨ ᠨᠡᠷ᠎ᠡ ᠶᠢ ᠰᠤᠩᠭᠤᠭᠰᠠᠨ ᠪᠠ ᠲᠡᠬᠦᠨ ᠠᠴᠠ ᠪᠠᠰᠠ ᠰᠢᠳᠢᠳᠤ ᠮᠤᠳᠤᠳ ᠁ ᠵᠡᠷᠭᠡ ᠲᠤᠰᠠᠯᠠᠬᠤ ᠲᠥᠷᠢ ᠨᠦᠭᠦᠳ ᠰᠡᠳᠬᠢᠭᠳᠡᠨ ᠵᠣᠬᠢᠶᠠᠯ ᠳᠤ ᠲᠤᠰᠠᠯᠠᠪᠠ᠃ ᠵᠢᠱᠢᠶᠠᠯᠠᠪᠠᠯ᠄ ᠢᠩ ᠤᠨ ᠲᠠᠯ᠎ᠠ ᠭᠡᠭᠴᠢ ᠲᠤᠮᠤᠭ ᠲᠠᠢ ᠨᠢᠭᠡᠨ ᠲᠠᠯ᠎ᠠ ᠮᠠᠨ ᠤ ᠠᠶᠢᠯ ᠠᠴᠠ ᠪᠠᠷᠠᠭᠤᠠᠰᠢ ᠠᠷᠪᠠᠭᠠᠳ ᠭᠠᠵᠠᠷ ᠤᠨ ᠵᠠᠢ ᠳᠤ ᠪᠠᠶᠢᠭᠰᠠᠨ ᠶᠤᠮ᠃ ᠲᠡᠷᠡ ᠲᠡᠭᠰᠢ ᠲᠠᠯ᠎ᠠ ᠭᠠᠵᠠᠷ ᠤᠨ ᠲᠤᠮᠳᠠ ᠨᠢ ᠡᠷᠳᠡᠨ ᠤ ᠭᠥᠮᠥᠰ ᠤᠨ ᠠᠶᠢᠯ ᠰᠠᠭᠤᠭᠠᠯᠢ ᠶᠢᠨ ᠴᠢᠯᠠᠭᠤᠨ ᠭᠡᠷᠡᠮ ᠤᠨ ᠤᠷᠤᠮ ᠪᠠ ᠨᠢᠭᠡᠨ ᠲᠥᠭᠦᠷᠢᠭ ᠴᠠᠭᠠᠨ ᠴᠢᠯᠠᠭᠤᠨ ᠢᠩ ᠭᠠᠵᠠᠷ ᠲᠤ ᠬᠠᠭᠠᠰ ᠨᠢ ᠪᠤᠯᠠᠭᠳᠠᠭᠠᠳ ᠪᠠᠶᠢᠵᠤ ᠪᠢᠯᠡ᠃ ᠲᠡᠷᠡ ᠴᠢᠯᠠᠭᠤᠨ ᠢᠩ ᠪᠠᠶᠢᠭ᠎ᠠ ᠡᠭᠡᠷᠡᠮ᠎ᠡ ᠲᠠᠯ᠎ᠠ ᠶᠢᠨ ᠲᠤᠮᠳᠠ ᠨᠢ ᠬᠠᠶᠠ ᠵᠠᠷᠢᠮ ᠳᠠᠭᠠᠨ ᠰᠠᠷᠠ ᠲᠡᠷᠭᠡᠯᠰᠢᠭᠰᠡᠨ ᠲᠤᠩᠭᠠᠯᠠᠭ ᠰᠠᠶᠢᠬᠠᠨ ᠰᠥᠨᠢ ᠪᠤᠯᠬᠤ ᠪᠠᠷ ᠶᠡᠭᠡ ᠮᠤᠩᠭᠤᠯ ᠭᠡᠷ ᠮᠡᠳᠤ ᠲᠥᠭᠦᠷᠢᠭ ᠴᠠᠭᠠᠨ ᠤᠷᠳᠤᠨ ᠢᠯᠡᠷᠡᠨ ᠲᠤᠷᠠᠶᠢᠭᠠᠳ ᠲᠡᠷᠡ ᠤᠷᠳᠤᠨ ᠤ ᠠᠭᠤᠳᠠᠮ ᠬᠥᠷᠢᠶᠠᠨ ᠳᠤ ᠤᠷᠳᠤ ᠬᠤᠷᠮᠤᠶᠢᠳᠤ ᠴᠠᠭᠠᠨ ᠲᠤᠷᠭᠠᠨ ᠲᠡᠪᠡᠯ ᠲᠠᠢ ᠵᠠᠯᠠᠭᠤ ᠪᠥᠰᠡᠬᠦᠢ ᠲᠤᠯᠤᠭᠠᠢ ᠶᠢᠨ ᠵᠠᠰᠠᠯ ᠢᠶᠠᠨ ᠵᠠᠰᠠᠯᠬᠢᠯᠠᠨ ᠰᠠᠷᠠ ᠶᠢ ᠪᠠᠷᠠᠭᠠᠯᠠᠵᠤ ᠶᠠᠩᠵᠤᠳᠠᠢ ᠰᠠᠶᠢᠬᠠᠨ ᠠᠯᠬᠤᠬᠤ ᠬᠠᠷᠠᠭᠳᠠᠳᠠᠭ ᠬᠡᠨ᠎ᠡ ᠬᠡᠵᠤ ᠠᠶᠢᠯ ᠤᠨ ᠨᠠᠰᠤᠳᠠᠶᠢᠴᠤᠳ ᠶᠠᠷᠢᠯᠳᠤᠵᠤ ᠪᠠᠶᠢᠭᠰᠠᠨ ᠶᠤᠮ᠃ ᠢᠩ ᠤᠨ ᠲᠠᠯ᠎ᠠ ᠶᠢᠨ ᠢᠩ ᠴᠢᠯᠠᠭᠤ ᠨᠢ ᠲᠤᠮᠤᠭ ᠢᠶᠠᠨ ᠥᠯᠡᠳᠡᠭᠡᠭᠡᠳ ᠪᠡᠷ᠎ᠠ ᠥᠬᠡᠢ ᠪᠤᠯᠤᠭᠰᠠᠨ ᠪᠤᠯᠪᠠᠴᠤ᠂ ᠲᠤᠮᠤᠭ ᠤᠨ ᠶᠡᠷᠢᠶ᠎ᠠ ᠨᠢ ᠨᠠᠳᠠᠳᠤ ᠶᠡᠷᠤ ᠮᠠᠷᠳᠠᠭᠳᠠᠬᠤ ᠥᠬᠡᠢ᠃ ᠲᠡᠭᠡᠭᠡᠳ ᠪᠢ ᠲᠡᠷᠡ ᠭᠠᠵᠠᠷ ᠤᠨ ᠤᠤᠯ ᠨᠡᠷ᠎ᠡ ᠪᠠᠷ ᠮᠢᠨᠤ ᠷᠤᠮᠠᠨ ᠳᠤ ᠭᠠᠷᠬᠤ ᠠᠶᠢᠯ ᠤᠨ ᠨᠡᠷ᠎ᠡ ᠪᠤᠯᠭᠠᠵᠤ ᠪᠢᠯᠡ᠃ ᠡᠨᠡ ᠨᠡᠷ᠎ᠡ ᠶᠢ ᠲᠡᠷᠡ ᠰᠥᠨᠢ ᠪᠠᠷ ᠢᠯᠡᠷᠡᠳᠡᠭ ᠪᠥᠰᠡᠬᠦᠢ ᠶᠢᠨ ᠲᠤᠮᠤᠭ  ᠲᠠᠢ ᠨᠢ ᠪᠤᠳᠤᠬᠤ ᠲᠤᠰᠤᠮ᠎ᠠ ᠥᠭᠡᠷ᠎ᠡ ᠨᠢᠭᠡᠨ ᠶᠧᠯᠸᠢ ᠶᠢᠨ ᠶᠢᠷᠳᠢᠠᠴᠤ ᠪᠤᠳᠤᠯ ᠳᠤ ᠲᠤᠳᠤᠷᠠᠨ᠎ᠠ᠃ ᠲᠡᠷᠡ ᠲᠠᠯ᠎ᠠ  ᠳᠤ ᠰᠠᠷᠠ ᠲᠠᠢ ᠰᠥᠨᠢ ᠪᠠᠷ ᠲᠤᠮᠤᠷᠠᠨ ᠢᠯᠡᠷᠡᠳᠡᠭ ᠲᠤᠮᠤᠭ ᠤᠨ ᠴᠠᠭᠠᠨ ᠮᠤᠩᠭᠤᠯ ᠤᠷᠳᠤᠨ ᠢ ᠪᠤᠳᠤᠭᠰᠠᠭᠠᠷ ᠪᠠᠶᠢᠳᠠᠯ᠎ᠠ ᠮᠢᠨᠤ ᠵᠤᠬᠢᠶᠠᠯ ᠤᠨ ᠪᠠᠰᠠ ᠨᠢᠭᠡᠨ ᠲᠥᠷᠢ ᠪᠤᠯᠬᠤ ᠨᠠᠷᠠᠠᠭᠠᠷᠪᠤ ᠴᠡᠭᠡᠵᠢᠨ ᠳᠤ ᠠᠮᠢᠯᠠᠨ ᠬᠠᠷᠠᠭᠳᠠᠭᠰᠠᠨ ᠶᠤᠮ ᠡ  ︾᠃
        2015 ᠣᠨ ᠤ 10 ᠰᠠᠷ᠎ᠠ ᠳᠤ ︽ᠢᠳᠡᠬᠡᠯᠳᠦ ᠮᠣᠳᠣᠨ ᠤ ᠦᠷ᠎ᠠ︾         ᠷᠣᠮᠠᠨ ᠢ ᠰᠣᠳᠣᠯᠣᠨ ᠶᠠᠷᠢᠯᠴᠠᠬᠤ ᠬᠤᠷᠠᠯ ᠬᠢᠪᠡ        ᠲᠡᠭᠦᠨ ᠤ ᠵᠤᠬᠢᠶᠠᠭᠰᠠᠨ 60 ᠰᠢᠬᠠᠮ ᠲᠦᠮᠠᠨ ᠦᠰᠦᠭ ᠲᠠᠢ ︽ᠢᠳᠡᠬᠡᠯᠳᠦ ᠮᠤᠳᠤᠨ ᠤ ᠦᠷ᠎ᠡ︾ ᠷᠤᠮᠠᠨ ᠨᠢ 2012 ᠣᠨ ᠳᠤ ᠦᠪᠦᠷ ᠮᠣᠩᠭᠤᠯ ᠤᠨ ᠲᠠᠯ᠎ᠠ ᠨᠤᠲᠤᠭ ᠤᠨ ᠭᠤᠤᠯᠳᠠᠯᠭ᠎ᠠ ᠲᠠᠢ ᠲᠡᠳᠬᠦᠬᠦ ᠵᠤᠬᠢᠶᠠᠯ ᠪᠦᠳᠦᠭᠡᠯ ᠤᠨ ᠢᠨᠵᠢᠨᠧᠷᠢᠩ ᠳᠤ ᠰᠤᠩᠭᠤᠭᠳᠠᠵᠤ᠂ 2014 ᠣᠨ ᠳᠤ ᠦᠪᠤᠷ ᠮᠤᠩᠭᠤᠯ ᠤᠨ ᠠᠷᠠᠳ ᠤᠨ ᠬᠡᠪᠯᠡᠯ  ᠤᠨ ᠬᠤᠷᠢᠶᠡᠨ ᠠᠴᠠ ᠬᠡᠪᠯᠡᠪᠡ᠂ ᠪᠠᠰᠠ  ︽ᠮᠤᠩᠭᠤᠯ ᠤᠷᠠᠨ ᠵᠤᠬᠢᠶᠠᠯ ᠤᠨ ᠰᠢᠯᠢᠳᠡᠭ ᠪᠦᠲᠦᠭᠡᠯ ᠢ ᠤᠷᠴᠢᠭᠤᠯᠤᠨ ᠬᠡᠪᠯᠡᠭᠦᠯᠬᠦ ᠢᠨᠵᠢᠨᠧᠷᠢᠩ︾ ᠳᠤ ᠰᠣᠩᠭᠤᠭᠳᠠᠨ᠂  ᠦᠪᠡᠷᠳᠡᠭᠡᠨ ᠵᠠᠰᠠᠬᠤ ᠣᠷᠣᠨ ᠤ ᠣᠬᠠᠭᠤᠯᠬᠤ ᠬᠡᠯᠳᠡᠰ ᠠᠴᠠ ᠺᠷᠢᠯ ᠦᠰᠦᠭ ᠢᠶᠠᠷ ᠬᠡᠪᠯᠡᠨ ᠮᠣᠩᠭᠤᠯ ᠣᠯᠣᠰ ᠲᠤ ᠲᠠᠨᠢᠯᠴᠠᠭᠤᠯᠬᠤ ᠪᠠᠷ ᠪᠣᠢ᠃ 2015 ᠣᠨ ᠤ 10 ᠰᠠᠷ᠎ᠠ ᠳᠤ ᠦᠪᠣᠷ ᠮᠣᠩᠭᠤᠯ ᠤᠨ ᠵᠣᠬᠢᠶᠠᠯᠴᠢᠳ ᠤᠨ ᠡᠪᠯᠡᠯ᠂ ᠦᠪᠣᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ ︽ᠦᠨᠢᠷ ᠴᠡᠴᠡᠭ︾ ᠰᠡᠳᠬᠦᠯ ᠤᠨ ᠬᠤᠷᠢᠶ᠎ᠠ᠂ ᠣᠯᠠᠭᠠᠨᠬᠠᠳᠠ ᠬᠤᠳᠠ ᠶᠢᠨ ᠣᠳᠬ᠎ᠠ ᠣᠷᠠᠯᠢᠭ ᠤᠨ  ᠬᠢᠨ ᠤ ᠬᠤᠯᠪᠣᠭ᠎ᠠ᠂ ᠦᠪᠣᠷ ᠮᠣᠩᠭᠤᠯ ᠤᠨ ᠰᠢᠨ᠎ᠠ ᠣᠳᠬ᠎ᠠ ᠵᠣᠬᠢᠶᠠᠯ ᠰᠣᠳᠣᠯᠬᠤ ᠬᠤᠷᠠᠯᠳᠠᠢ ᠠᠴᠠ ᠭᠤᠤᠯᠯᠠᠨ ᠡᠷᠬᠢᠯᠡᠵᠦ᠂  ᠠᠷᠣ ᠬᠤᠷᠴᠢᠨ ᠬᠤᠰᠢᠭᠤᠨ ᠤ ᠨᠠᠮ ᠤᠨ ᠬᠤᠷᠢᠶ᠎ᠠ ᠶᠢᠨ ᠣᠬᠠᠭᠤᠯᠬᠤ ᠬᠡᠯᠳᠡᠰ᠂ ᠠᠷᠣ ᠬᠤᠷᠴᠢᠨ ᠬᠤᠰᠢᠭᠤᠨ ᠤ ᠰᠣᠶᠣᠯ ᠲᠠᠮᠢᠷ ᠤᠨ ᠲᠣᠪᠴᠢᠶ᠎ᠠ ᠳᠠᠭᠠᠭᠠᠴᠢᠯᠠᠨ᠂ ︽ᠢᠳᠡᠬᠡᠯᠳᠦ ᠮᠣᠳᠣᠨ ᠤ ᠦᠷ᠎ᠠ︾ ᠷᠣᠮᠠᠨ ᠢ ᠰᠣᠳᠣᠯᠣᠨ ᠶᠠᠷᠢᠯᠴᠠᠬᠤ ᠬᠤᠷᠠᠯ ᠡᠷᠬᠢᠯᠡᠵᠦ᠂ ᠠᠷᠣ ᠬᠤᠷᠴᠢᠨ ᠤ ᠬᠤᠰᠢᠭᠤᠨ ᠲᠥᠪ ᠴᠢᠪᠠᠭ᠎ᠠ ᠪᠠᠯᠭᠠᠰᠣᠨ ᠳᠤ ᠠᠮᠵᠢᠯᠳᠠ ᠲᠠᠢ ᠶᠠᠪᠤᠭᠳᠠᠭᠰᠠᠨ ᠶᠤᠮ᠃ ᠰᠣᠳᠣᠯᠣᠨ ᠶᠠᠷᠢᠯᠴᠠᠬᠤ ᠬᠤᠷᠠᠯ ᠳᠤ ᠤᠷᠤᠯᠴᠠᠭᠰᠠᠨ ᠣᠷᠣᠨ ᠤ ᠲᠤᠲᠤᠨ᠎ᠠ ᠭᠠᠳᠠᠨ᠎ᠠ ᠶᠢᠨ ᠰᠢᠭᠦᠮᠵᠢᠯᠡᠭᠴᠢ ᠵᠤᠬᠢᠶᠠᠯᠴᠢ ᠰᠢᠯᠦᠭᠴᠢᠳ᠂ ᠤᠷᠠᠨ ᠵᠤᠬᠢᠶᠠᠯ ᠤᠨ ᠳᠤᠷ᠎ᠠ ᠪᠠᠭ᠋ᠠᠲᠠᠳ᠂ ᠵᠣᠬᠢᠶᠠᠯᠴᠢ ᠣ᠊ · ᠪᠤᠶ᠋ᠬᠠᠦ᠋ᠯᠵᠡᠢ ᠶᠢᠨ ︽ᠢᠳᠡᠬᠡᠯᠳᠦ ᠮᠣᠳᠣᠨ ᠤ ᠦᠷ᠎ᠠ︾ ᠷᠣᠮᠠᠨ ᠤ ᠲᠣᠭᠤᠷᠢᠨ ᠳᠤ ᠵᠣᠬᠢᠶᠠᠯᠴᠢ ᠶᠢᠨ ᠵᠣᠬᠢᠶᠠᠨ ᠪᠢᠴᠢᠬᠦ ᠣᠷ᠎ᠠ ᠮᠡᠷᠬᠡᠵᠢᠯ ᠢ ᠦᠨᠡᠯᠡᠵᠦ ᠣᠷᠠᠨ ᠪᠦᠳᠦᠬᠡᠯᠬᠡ ᠶᠢᠨ ᠲᠠᠯ᠎ᠠ ᠪᠠᠷ ᠬᠢ ᠣᠯᠣᠯᠳᠠ ᠠᠮᠵᠢᠯᠳᠠ ᠶᠢ ᠳ᠋ᠦᠩᠨᠡᠭᠰᠡᠨ ᠪᠠᠶᠢᠨ᠎ᠠ᠃
        ᠠᠷᠪᠠᠨ ᠨᠢᠭᠡᠳᠦᠭᠡᠷ ᠬᠤᠭᠤᠴᠠᠭᠠᠨ ᠤ ︽ᠠᠵᠢᠨᠠᠢ︾ ᠱᠠᠩᠨᠠᠯ         ᠬᠦᠷᠲᠡᠭᠰᠡᠨ ᠦᠪᠦᠷ ᠮᠤᠩᠭᠤᠯ ᠤᠨ ᠵᠤᠬᠢᠶᠠᠯᠴᠢᠳ
        ︽ᠠᠵᠢᠨᠠᠢ︾ ᠱᠠᠩᠨᠠᠯ ᠣᠯᠭᠤᠬᠤ ᠶᠤᠰᠣᠯᠠᠯ ᠳᠡᠭᠡᠷ᠎ᠡ
        ︽ᠠᠵᠢᠨᠠᠢ︾ ᠱᠠᠩᠨᠠᠯ ᠤᠨ ᠦᠨᠡᠮᠯᠡᠯ
        ︽ᠠᠵᠢᠨᠠᠢ︾ ᠱᠠᠩᠨᠠᠯ        2016 ᠣᠨ ᠤ 3 ᠰᠠᠷ᠎ᠠ ᠶᠢᠨ 1 ᠠᠴᠠ 5 ᠰᠠᠷ᠎ᠠ ᠶᠢᠨ 31 ᠪᠤᠯᠳᠠᠯ᠎ᠠ ᠪᠦᠬᠦ ᠤᠯᠤᠰ ᠤᠨ ᠠᠷᠪᠠᠨ ᠨᠢᠭᠡᠳᠤᠭᠡᠷ ᠬᠤᠭᠤᠴᠠᠭᠠᠨ ᠤ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ︽ᠠᠵᠢᠨᠠᠢ︾ ᠱᠠᠩᠨᠠᠯ ᠰᠢᠯᠭᠠᠷᠠᠭᠤᠯᠬᠤ ᠳᠤ ᠣ · ᠪᠤᠶ᠋ᠬᠠᠦ᠋ᠯᠵᠠᠢ ᠶᠢᠨ ᠪᠢᠴᠢᠭᠰᠡᠨ ︽ᠢᠳᠡᠬᠡᠯᠳᠦ ᠮᠤᠳᠤᠨ ᠤ ᠦᠷ᠎ᠡ︾ ᠷᠤᠮᠡᠨ ᠨᠢ 7 ᠰᠠᠷ᠎ᠠ ᠶᠢᠨ 28 ᠤ ᠡᠳᠦᠷ ᠤᠨ ᠬᠢᠨᠠᠨ ᠰᠢᠯᠭᠠᠷᠠᠭᠤᠯᠤᠯᠳᠠ ᠳᠤ ᠰᠢᠯᠢᠭᠳᠡᠨ ᠦᠯᠡᠳᠡᠭᠰᠡᠨ 75 ᠪᠦᠳᠦᠬᠡᠯ ᠳᠤ ᠲᠤᠳᠤᠷᠠᠪᠠ᠃ 8 ᠰᠠᠷ᠎ᠠ ᠶᠢᠨ 2 ᠤ ᠡᠳᠦᠷ ᠬᠢᠨᠠᠭᠴᠢᠳ ᠲᠠᠬᠢᠨᠳᠠ ᠪᠧᠯᠲ ᠦᠭᠬᠦ ᠠᠷᠭ᠎ᠠ ᠪᠠᠷ ᠬᠠᠮᠤᠭ ᠡᠴᠦᠰ ᠤᠨ ᠰᠢᠯᠢᠯᠲᠡ ᠬᠢᠵᠤ᠂ ᠪᠦᠬᠦ ᠤᠯᠤᠰ ᠤᠨ ᠠᠷᠪᠠᠨ ᠨᠢᠭᠡᠳᠤᠭᠡᠷ ᠬᠤᠭᠤᠴᠠᠭᠠᠨ ᠤ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ︽ᠠᠵᠢᠨᠠᠢ︾ ᠱᠠᠩᠨᠠᠯ ᠬᠥᠷᠳᠡᠬᠦ 24 ᠪᠦᠳᠦᠭᠡᠯ ᠢ ᠰᠢᠯᠭᠠᠷᠠᠭᠤᠯᠵᠤ᠂ ︽ᠢᠳᠡᠬᠡᠯᠳᠦ ᠮᠤᠳᠤᠨ ᠤ ᠦᠷ᠎ᠡ︾ ᠷᠤᠮᠠᠨ ᠨᠢ ᠲᠤᠰ ᠬᠤᠭᠤᠴᠠᠭᠠᠨ ᠤ ︽ᠠᠵᠢᠨᠠᠢ︾ ᠱᠠᠩᠨᠠᠯ ᠳᠤ ᠵᠢᠭᠰᠠᠭᠠᠭᠳᠠᠭᠰᠠᠨ ᠪᠠᠶᠢᠨ᠎ᠠ᠃ ᠲᠤᠮᠳᠠᠳᠤ ᠤᠯᠤᠰ ᠤᠨ ᠵᠣᠬᠢᠶᠠᠯᠴᠢᠳ ᠤᠨ ᠨᠡᠶᠢᠭᠡᠮᠯᠢᠭ ᠠᠴᠠ ᠭᠤᠣᠯᠯᠠᠨ ᠡᠷᠬᠢᠯᠡᠵᠤ ᠪᠠᠶᠢᠭ᠎ᠠ ︽ᠤᠳᠬ᠎ᠠ ᠤᠷᠠᠯᠢᠭ ᠰᠤᠨᠢᠨ︾ ᠤ 2016 ᠣᠨ ᠤ 8 ᠰᠠᠷ᠎ᠠ ᠶᠢᠨ 3 ᠤ ᠡᠳᠦᠷ ᠤᠨ ᠲᠠᠷᠢᠭᠦᠨ ᠳ᠋ᠤᠭᠠᠷ ᠲᠤ ᠪᠠᠨ ︽ᠪᠦᠬᠦ ᠤᠯᠤᠰ ᠤᠨ ᠠᠷᠪᠠᠨ ᠨᠢᠭᠡᠳᠤᠬᠡᠷ ᠬᠤᠭᠤᠴᠠᠭᠠᠨ ᠤ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ︿ᠠᠵᠢᠨᠠᠢ﹀ ᠱᠠᠩᠨᠠᠯ ᠨᠢ ᠴᠦᠬᠡᠨ ᠲᠤᠭᠠᠳᠤ ᠦᠠᠳᠦᠰᠦᠳᠠᠨ ᠤ ᠤᠷᠠᠨ ᠵᠤᠬᠢᠶᠠᠯ ᠤᠨ ᠰᠢᠨ᠎ᠡ ᠦᠩᠬᠡ ᠲᠦᠷᠰᠤ ᠰᠢᠨ᠎ᠡ ᠪᠠᠶᠢᠳᠠᠯ ᠢ ᠬᠠᠷᠠᠭᠤᠯᠤᠯ᠎ᠠ︾ ᠭᠡᠰᠡᠨ ᠮᠡᠳᠡᠭᠡᠯᠡᠯ ᠨᠡᠶᠢᠳᠡᠯᠡᠵᠦ᠂  ᠰᠢᠯᠭᠠᠷᠠᠭᠤᠯᠤᠯᠳᠠ ᠳᠤ ᠲᠤᠳᠤᠷᠠᠭᠰᠠᠨ ᠪᠦᠳᠦᠬᠡᠯ ᠤᠨ ᠲᠤᠬᠠᠢ ᠬᠢᠨᠠᠭᠴᠢ ᠨᠠᠷ  ᠤᠨ ᠦᠨᠡᠯᠠᠯᠳᠠ ᠶᠢ ᠡᠰᠢᠯᠡᠨ ᠲᠤᠳᠤᠷᠠᠭᠤᠯᠵᠤ᠂ ᠬᠢᠨᠠᠭᠴᠢ ᠴᠧᠨ ᠭᠠᠩ ᠯᠦᠩ ︵ᠲᠤᠯᠠᠭᠠᠨ  ︶ ᠠᠴᠠ ︽ᠢᠳᠡᠬᠡᠯᠳᠦ ᠮᠣᠳᠤᠨ ᠤ ᠦᠷ᠎ᠡ︾ ᠷᠤᠮᠠᠨ ᠤ ᠦᠨᠡᠯᠡᠯᠲᠡ ᠳᠤ ᠪᠠᠨ ︽ᠬᠢᠨᠠᠭᠴᠢᠳ ᠤᠨ ᠬᠠᠮᠳᠤ ᠪᠠᠷ ᠰᠤᠩᠭᠤᠨ ᠲᠠᠨᠢᠯᠴᠠᠭᠤᠯᠤᠭᠰᠠᠨ ︿ᠢᠳᠡᠬᠡᠯᠳᠦ ᠮᠤᠳᠤᠨ ᠤ ᠦᠷ᠎ᠡ﹀ ᠷᠤᠮᠠᠨ ᠢ ᠮᠣᠩᠭᠤᠯ ᠦᠠᠳᠦᠰᠦᠳᠠᠨ ᠤ ︿ᠲᠦᠷᠪᠠᠨ ᠦᠶ᠎ᠡ ᠶᠢᠨ ᠬᠢᠨ﹀ ︵ᠲᠤᠮᠳᠠᠳᠤ ᠤᠯᠤᠰ ᠤᠨ ᠨᠡᠷᠡᠲᠦ ᠵᠤᠬᠢᠶᠠᠯᠴᠢ ᠯᠤᠤ  ᠱᠧ ᠶᠢᠨ ᠪᠦᠳᠦᠬᠡᠯ ︿四世同堂﹀  ︶ ᠪᠣᠯᠵᠠᠢ ᠭᠡᠵᠦ ᠦᠵᠡᠵᠡᠭᠡᠵᠦ ᠪᠤᠢ᠃ ᠲᠤᠰ ᠪᠦᠳᠦᠬᠡᠯ ᠳᠤ ᠳᠦᠷᠪᠡᠨ ᠦᠶ᠎ᠡ ᠶᠢᠨ ᠬᠦᠮᠦᠰ ᠤᠨ ᠬᠤᠪᠢ ᠵᠠᠶᠠᠭ᠎ᠠ ᠪᠠᠷ ᠲᠠᠮᠵᠢᠭᠤᠯᠤᠨ ᠮᠣᠩᠭᠤᠯ ᠦᠠᠳᠦᠰᠦᠳᠠᠨ ᠤ ᠤᠷᠤᠨ ᠨᠣᠲᠤᠭ ᠤᠨ ᠲᠡᠤᠬᠡ ᠶᠢ ᠲᠤᠰᠬᠠᠬᠤ ᠶᠢᠨ ᠬᠠᠮᠳᠤ ᠦᠠᠳᠦᠰᠤᠳᠠᠨ ᠤ ᠢᠳᠡᠬᠡᠯ ᠪᠢᠰᠢᠷᠠᠯ᠂ ᠦᠨᠳᠦᠰᠤᠳᠠᠨ ᠤ ᠲᠡᠤᠬᠡ ᠰᠤᠶᠤᠯ ᠤᠨ ᠴᠤᠭᠴᠠᠯᠯᠳᠠ ᠪᠠ ᠰᠢᠨ᠎ᠡ ᠠᠮᠢᠯᠠᠯ ᠢ ᠤᠷᠢᠶᠡᠯᠡᠵᠡᠢ︾ ᠭᠡᠪᠠ᠃  2016 ᠣᠨ ᠤ 9 ᠰᠠᠷ᠎ᠠ ᠳᠤ ᠣ · ᠪᠤᠶ᠋ᠬᠠᠦ᠋ᠯᠵᠠᠢ ᠪᠡᠭᠡᠵᠢᠩ ᠳᠤ ᠪᠤᠯᠤᠭᠰᠠᠨ ᠪᠦᠬᠦ ᠤᠯᠤᠰ ᠤᠨ ᠠᠷᠪᠠᠨ ᠨᠢᠭᠡᠳᠤᠬᠡᠷ ᠬᠤᠭᠤᠴᠠᠭᠠᠨ ᠤ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠣᠬᠢᠶᠠᠯ ᠤᠨ ︽ᠠᠵᠢᠨᠠᠢ︾ ᠱᠠᠩᠨᠠᠯ ᠣᠯᠭᠤᠬᠤ ᠶᠤᠰᠤᠯᠠᠯ ᠳᠤ ᠤᠷᠤᠯᠴᠠᠵᠦ᠂ ᠲᠤᠮᠳᠠᠳᠤ ᠤᠯᠤᠰ ᠤᠨ ᠵᠤᠬᠢᠶᠠᠯᠴᠢᠳ ᠤᠨ ᠨᠡᠶᠢᠭᠡᠮᠯᠢᠭ ᠤᠨ ᠲᠡᠷᠢᠭᠦᠯᠡᠭᠴᠢ ᠶᠢᠨ ᠭᠠᠷ ᠠᠴᠠ ᠠᠯᠳᠠᠨ ᠰᠢᠷᠭᠠᠯ ︽ᠠᠵᠢᠨᠠᠢ︾ ᠬᠦᠯᠦᠭ ᠲᠤᠰᠴᠤ᠂ ᠦᠪᠡᠷ ᠤᠨ ᠬᠢᠨᠢ ᠬᠦᠴᠤ ᠬᠦᠯᠦᠰᠤ ᠣᠶᠤᠨ ᠤᠬᠠᠭᠠᠨ ᠢ ᠨᠢ ᠮᠡᠳᠡᠷᠡᠨ ᠦᠨᠡᠯᠡᠭᠰᠡᠨ ᠡᠨᠡᠬᠦ ᠲᠤᠮᠤᠬᠠᠨ ᠠᠯᠳᠠᠷ ᠢ ᠬᠦᠯᠢᠶᠡᠯ᠎ᠡ᠃ ᠲᠤᠮᠳᠠᠳᠤ ᠤᠯᠤᠰ ᠤᠨ ᠴᠦᠬᠡᠨ ᠲᠤᠭᠠᠳᠤ ᠦᠠᠳᠦᠰᠦᠳᠠᠨ  ᠤ ᠤᠷᠠᠨ ᠵᠤᠬᠢᠶᠠᠯ ᠤᠨ ︽ᠠᠵᠢᠨᠠᠢ︾ ᠱᠠᠩᠨᠠᠯ ᠤᠯᠤᠭᠰᠠᠨ ᠨᠢ ᠲᠡᠭᠦᠨ ᠤ ᠲᠤᠰ ᠬᠦᠮᠦᠨ ᠳᠤ ᠠᠪᠴᠢᠷᠠᠭᠰᠠᠨ ᠢᠷᠠᠭᠤ ᠠᠯᠳᠠᠷ ᠢᠶᠠᠷ ᠪᠠᠷᠠᠬᠤ ᠦᠭᠡᠢ ᠤᠷᠤᠨ ᠨᠣᠲᠤᠭ ᠤᠨ ᠰᠤᠶᠤᠯ ᠤᠨ ᠬᠥᠭᠵᠢᠯᠲᠡ ᠳᠠᠬᠢ ᠪᠠᠰᠠ ᠨᠢᠭᠡᠨ ᠶᠡᠭᠡ ᠶᠠᠪᠤᠳᠠᠯ ᠪᠣᠯᠬᠤ ᠶᠤᠮ᠃ 12 ᠰᠠᠷ᠎ᠠ ᠶᠢᠨ 29 ᠤ ᠡᠳᠦᠷ ᠠᠷᠤ ᠬᠤᠷᠴᠢᠨ ᠬᠤᠰᠢᠭᠤᠨ ᠤ ᠨᠠᠮ ᠤᠨ ᠬᠤᠷᠢᠶ᠎ᠡ ᠵᠠᠰᠠᠭ ᠤᠨ ᠤᠷᠳᠤᠨ ᠠᠴᠠ ᠣ · ᠪᠤᠶ᠋ᠬᠠᠦ᠋ᠯᠵᠠᠢ ᠶᠢᠨ ᠪᠦᠬᠦ ᠤᠯᠤᠰ ᠤᠨ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ︽ᠠᠵᠢᠨᠠᠢ︾ ᠱᠠᠩᠨᠠᠯ ᠬᠦᠷᠳᠡᠭᠰᠡᠨ ᠢ ᠪᠡᠯᠬᠡᠯᠡᠭᠦ ᠰᠠᠭᠤᠳᠠᠯ ᠤᠨ ᠬᠤᠷᠠᠯ ᠬᠤᠷᠠᠯᠳᠤᠭᠤᠯᠵᠤ᠂ ᠬᠤᠰᠢᠭᠤᠨ ᠤ ᠲᠦᠷᠪᠠᠨ ᠶᠡᠭᠡ ᠤᠳᠤᠷᠢᠳᠬᠤ ᠪᠠᠶᠢᠭᠤᠯᠭ᠎ᠠ ᠶᠢᠨ ᠬᠠᠮᠢᠶ᠎ᠡ ᠲᠠᠢ ᠬᠠᠷᠢᠭᠤᠴᠠᠯᠭᠠᠳᠠᠨ ᠵᠢᠴᠢ ᠬᠤᠰᠢᠭᠤᠨ ᠦᠠᠳᠦᠰᠦᠳᠠᠨ ᠱᠠᠰᠢᠨ ᠰᠤᠷᠳᠠᠬᠤᠨ ᠤ ᠲᠤᠪᠴᠢᠶ᠎ᠡ᠂ ᠰᠤᠶᠤᠯ ᠲᠠᠮᠢᠷ ᠤᠨ ᠲᠤᠪᠴᠢᠶ᠎ᠡ᠂ ᠲᠡᠩᠰᠠ ᠡᠪᠬᠡᠮᠡᠯ ᠤᠨ ᠲᠤᠪᠴᠢᠶ᠎ᠡ ᠵᠡᠷᠭᠡ ᠬᠠᠮᠢᠶ᠎ᠡ ᠲᠠᠢ ᠰᠠᠯᠠᠭ᠎ᠠ ᠮᠦᠴᠢᠷ᠂ ᠡᠯ᠎ᠡ ᠮᠠᠯᠵᠢᠬᠤ ᠰᠤᠮᠤ᠂ ᠬᠤᠰᠢᠭᠤᠨ ᠤ ᠤᠳᠬ᠎ᠠ ᠤᠷᠠᠯᠢᠭ ᠤᠨ ᠬᠤᠯᠪᠤᠭ᠎ᠠ ᠶᠢᠨ ᠤᠷᠠᠨ ᠪᠦᠳᠦᠬᠡᠯᠴᠢᠳ ᠤᠷᠤᠯᠴᠠᠵᠤ᠂ ᠲᠡᠭᠦᠨ ᠤ ︽ᠠᠵᠢᠨᠠᠢ︾ ᠱᠠᠩᠨᠠᠯ ᠲᠤᠰᠤᠭᠰᠠᠨ ᠳᠤ ᠪᠠᠶᠠᠷ ᠬᠦᠷᠬᠡᠨ᠂ ᠬᠤᠰᠢᠭᠤ ᠵᠠᠰᠠᠭ ᠤᠨ ᠤᠷᠳᠦᠨ ᠪᠣᠯᠤᠨ ᠪᠠᠶ᠋ᠬᠠᠦ᠋ᠠᠳᠦᠷ ᠰᠤᠮᠤᠨ ᠠᠴᠠ ᠱᠠᠩᠨᠠᠯ  ᠤᠨ ᠮᠦᠩᠭᠦ ᠣᠯᠭᠤᠨ ᠵᠣᠷᠢᠭᠵᠢᠭᠤᠯᠤᠭᠰᠠᠨ ᠪᠠᠶᠢᠨ᠎ᠠ  ᠃
        2016 ᠣᠨ ᠤ 12 ᠰᠠᠷ᠎ᠠ ᠳᠤ ᠠᠷᠤ ᠬᠤᠷᠴᠢᠨ ᠬᠤᠰᠢᠭᠤᠨ ᠤ ᠨᠠᠮ ᠤᠨ         ᠬᠤᠷᠢᠶ᠎ᠡ ᠵᠠᠰᠠᠭ ᠤᠨ ᠤᠷᠳᠤᠨ ᠠᠴᠠ ᠣ · ᠪᠤᠶ᠋ᠬᠠᠦ᠋ᠯᠵᠠᠢ ᠶᠢᠨ ︽ᠠᠵᠢᠨᠠᠢ︾         ᠱᠠᠩᠨᠠᠯ ᠬᠦᠷᠲᠡᠭᠰᠡᠨ ᠢ ᠪᠡᠯᠭᠡᠯᠡᠬᠦ ᠰᠠᠭᠤᠳᠠᠯ ᠤᠨ ᠬᠤᠷᠠᠯ ᠬᠢᠪᠡ        ᠤ᠊᠂ ᠪᠤᠶ᠋ᠬᠠᠦ᠋ᠯᠵᠡᠢ ᠭᠤᠸᠠᠢ ᠤᠳᠬ᠎ᠠ ᠵᠤᠬᠢᠶᠠᠯ ᠤᠨ ᠲᠥᠷᠦ ᠶᠢᠨ ᠱᠠᠩᠨᠠᠯ ᠬᠦᠷᠳᠡᠭᠰᠡᠨ ᠨᠢ ᠬᠡᠨᠡᠳᠳᠠ  ᠶᠢᠨ  ᠲᠤᠬᠢᠶᠠᠯ ᠪᠢᠰᠢ᠂ ᠬᠠᠷᠢᠨ ᠲᠡᠭᠦᠨ ᠤ ᠤᠯᠠᠨ ᠵᠢᠯ ᠤᠨ ᠲᠤᠷᠰᠢ ᠤᠳᠬ᠎ᠠ ᠵᠤᠬᠢᠶᠠᠯ ᠤᠨ ᠪᠠᠷᠳᠠᠭᠠᠳᠤ ᠵᠠᠮ ᠢᠶᠠᠷ ᠴᠦᠬᠦᠷᠤᠯ ᠦᠭᠡᠢ ᠵᠠᠮᠨᠠᠵᠤ᠂ ᠰᠤᠳᠤᠯᠤᠯ ᠰᠢᠨᠵᠢᠯᠠᠯ ᠬᠢᠨ᠂ ᠬᠦᠴᠦ ᠬᠦᠯᠦᠰᠤ ᠪᠠᠨ ᠤᠷᠤᠰᠬᠠᠵᠤ᠂ ᠲᠡᠰᠪᠤᠷᠢ ᠲᠠᠪᠴᠢᠶᠠᠷᠢ ᠲᠠᠢ ᠪᠢᠴᠢᠵᠤ ᠰᠡᠳᠬᠢᠭᠰᠡᠨ ᠤ ᠦᠷ᠎ᠡ ᠪᠦᠳᠦᠬᠡᠯ ᠮᠦᠨ᠃ ᠲᠡᠷᠨ ᠠᠷᠪᠠᠨ ᠲᠠᠪᠤᠨ ᠨᠠᠰᠤᠨ ᠠᠴᠠ ᠪᠠᠨ ᠮᠠᠯᠴᠢᠨ ᠪᠣᠯᠵᠤ᠂ ᠪᠠᠰᠠ ᠨᠣᠲᠤᠭ ᠤᠨ ᠯᠠᠮᠡ ᠡᠮᠴᠢ ᠳᠤ ᠱᠠᠪᠢᠯᠠᠵᠦ᠂ ᠡᠮᠴᠢ ᠰᠤᠷᠴᠤ ᠪᠠᠶᠢᠭᠰᠠᠨ ᠪᠥᠭᠡᠳ ᠰᠡᠬᠦᠯᠡᠷ  ᠨᠢ ᠠᠯᠪᠠᠨ ᠠᠵᠢᠯ ᠳᠤ ᠡᠯᠰᠡᠭᠳᠡᠵᠦ ᠮᠦᠩᠭᠦᠨ ᠭᠦᠢᠯᠭᠡᠭᠡ᠂ ᠤᠬᠠᠭᠤᠯᠬᠤ ᠬᠡᠯᠳᠡᠰ᠂ ᠰᠤᠶᠤᠯ ᠤᠨ ᠲᠤᠪᠴᠢᠶ᠎ᠡ  ᠂ ᠰᠤᠨᠢᠨ ᠤ ᠬᠤᠷᠢᠶ᠎ᠡ ᠵᠡᠷᠬᠡ ᠪᠠᠶᠢᠭᠤᠯᠭ᠎ᠠ ᠨᠢᠭᠡᠴᠢ ᠪᠠᠷ ᠠᠵᠢᠯᠯᠠᠵᠤ ᠶᠠᠪᠤᠬᠤ ᠳᠤ ᠪᠠᠨ ᠵᠣᠬᠢᠶᠠᠨ ᠪᠢᠴᠢᠬᠦ ᠲᠤᠷ᠎ᠡ ᠰᠤᠨᠢᠷᠬᠠᠯ ᠢᠶᠠᠨ ᠡᠭᠡᠨᠡᠭᠳᠡ ᠪᠠᠷᠢᠮᠳᠠᠯᠠᠵᠤ᠂ ᠡᠭᠦᠨ ᠤ ᠲᠦᠯᠦᠬᠡ ᠴᠢᠷᠮᠠᠶᠢᠵᠤ ᠵᠤᠷᠢᠵᠤ ᠢᠷᠡᠭᠰᠡᠨ ᠶᠤᠮ᠃ ᠲᠠᠷᠨ ᠭᠠᠳᠠᠭᠠᠳᠤ ᠲᠤᠳᠤᠭᠠᠳᠤ ᠶᠢᠨ ᠤᠯᠠᠨ ᠨᠡᠷᠡᠳᠦ ᠪᠦᠳᠦᠬᠡᠯ ᠢ ᠱᠦᠬᠦᠨ ᠤᠩᠰᠢᠵᠤ ᠦᠪᠡᠷ ᠢ ᠪᠠᠨ ᠲᠡᠭᠦᠯᠳᠡᠷᠵᠢᠭᠦᠯᠦᠭᠰᠡᠨ ᠪᠦᠭᠡᠳ ᠬᠢᠳᠡᠳ ᠪᠢᠴᠢᠭ ᠢ ᠴᠦ ᠦᠪᠡᠷᠳᠡᠬᠡᠨ ᠴᠢᠷᠮᠡᠶᠢᠨ ᠰᠤᠷᠴᠤ᠂ ᠬᠢᠳᠡᠳ ᠤᠨ ᠡᠷᠳᠡᠨ ᠡᠳᠦᠬᠡ ᠶᠢᠨ ᠨᠡᠷᠠᠳᠦ ᠪᠦᠳᠦᠬᠡᠯ ᠢ ᠣᠩᠰᠢᠨ ᠰᠤᠷᠤᠯᠴᠠᠯ᠎ᠠ᠃ ᠲᠡᠭᠦᠨ ᠤ ᠵᠣᠬᠢᠶᠠᠯ ᠺᠢᠷᠢᠯ᠂ ᠶᠠᠫᠣᠨ ᠬᠡᠯᠡᠨ ᠳᠤ ᠤᠷᠴᠢᠭᠤᠯᠤᠭᠳᠠᠨ᠂ ᠬᠠᠷᠢ ᠭᠠᠳᠠᠭᠠᠳᠤ ᠶᠢᠨ ᠰᠤᠨᠢᠷᠬᠠᠯ ᠢ ᠲᠠᠳᠠᠭᠰᠠᠨ ᠪᠦᠭᠡᠳ ᠦᠪᠤᠷ ᠮᠤᠩᠭᠤᠯ ᠤᠨ ᠶᠡᠭᠡ ᠰᠤᠷᠭᠠᠭᠠᠤᠯᠢ ᠶᠢᠨ ᠤᠶᠤᠳᠠᠨ᠂ ᠲᠡᠭᠦᠰᠬᠦ ᠦᠬᠦᠯᠡᠯ ᠢᠶᠠᠨ ᠲᠡᠭᠦᠨ ᠤ ᠵᠤᠬᠢᠶᠠᠯ ᠪᠦᠳᠦᠬᠡᠯ ᠢᠶᠠᠷ ᠰᠡᠳᠤᠪᠯᠡᠵᠦ ᠪᠢᠴᠢᠭᠰᠡᠨ  ᠤᠳᠠᠭ᠎ᠠ ᠲᠠᠢ᠃ ᠲᠡᠷᠨ 1984  ᠣᠨ ᠳᠤ ᠦᠪᠡᠷᠳᠡᠬᠡᠨ ᠰᠤᠷᠴᠤ ᠴᠢᠳᠠᠪᠤᠷᠢᠳᠠᠨ ᠪᠤᠯᠤᠭᠰᠠᠨ ᠲᠡᠷᠢᠭᠦᠨ ᠤ ᠬᠤᠪᠢ ᠬᠦᠮᠦᠨ ᠢᠶᠠᠷ ᠰᠤᠩᠭᠤᠭᠳᠠᠨ᠂ ᠡᠪ ᠬᠠᠮᠳᠤ ᠵᠠᠯᠠᠭᠤᠴᠤᠳ ᠤᠨ ᠡᠪᠯᠡᠯ ᠤᠨ ᠲᠥᠪ ᠬᠤᠷᠢᠶ᠎ᠡ᠂ ᠰᠤᠷᠭᠠᠨ ᠬᠦᠮᠦᠵᠢᠯ ᠤᠨ ᠶᠠᠮᠤᠨ᠂ ᠤᠯᠤᠰ ᠤᠨ ᠰᠢᠨᠵᠢᠯᠠᠭᠦ ᠤᠬᠠᠭᠠᠨ ᠲᠧᠭᠨᠢᠭ ᠮᠡᠷᠬᠡᠵᠢᠯ ᠤᠨ ᠬᠠᠮᠵᠢᠯᠴᠠᠭᠠᠨ ᠤ ᠵᠥᠪᠯᠡᠯ ᠤᠨ ᠱᠠᠩᠨᠠᠯ ᠲᠤᠰᠴᠤ᠂ 1985 ᠣᠨ ᠳᠤ ᠪᠦᠬᠦ ᠤᠯᠤᠰ ᠤᠨ ︽ᠬᠢᠯᠢ ᠬᠢᠵᠠᠭᠠᠷ ᠤᠷᠤᠨ ᠤ ᠰᠢᠯᠢᠳᠡᠭ ᠦᠷ᠎ᠡ ᠬᠡᠤᠬᠡᠳ︾ ᠤᠨ ᠮᠦᠩᠭᠦᠨ ᠮᠧᠳᠡᠯ ᠬᠦᠷᠳᠡᠵᠦ᠂ 1988 ᠣᠨ ᠳᠤ ᠲᠥᠪ ᠤᠨ ᠰᠤᠶᠤᠯ ᠤᠨ ᠶᠠᠮᠤᠨ᠂ ᠣᠯᠣᠰ ᠤᠨ ᠦᠠᠳᠦᠰᠤᠳᠠᠨ ᠤ ᠬᠡᠷᠡᠭ ᠡᠷᠭᠢᠯᠡᠬᠦ ᠵᠦᠪᠯᠡᠯ ᠵᠡᠷᠬᠡ ᠨᠢᠭᠡᠴᠡ ᠶᠢᠨ ᠰᠠᠶᠢᠰᠢᠶᠡᠯ  ᠢ ᠣᠯᠪᠠ᠃ ᠲᠡᠭᠦᠨ ᠤ ᠵᠤᠬᠢᠶᠠᠯ ᠪᠦᠳᠦᠬᠡᠯ ᠤᠳ ᠨᠢ ︽ᠲᠤᠮᠳᠠᠳᠤ ᠤᠯᠤᠰ ᠤᠨ ᠣᠳᠦ ᠦᠶ᠎ᠡ ᠶᠢᠨ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ᠤᠷᠴᠢᠭᠤᠯᠭ᠎ᠠ ᠶᠢᠨ ᠵᠤᠬᠢᠶᠠᠯ ᠪᠦᠳᠦᠬᠡᠯ ᠤᠨ ᠰᠤᠩᠭᠤᠮᠠᠯ︾᠂ ︽ᠶᠢᠰᠤᠨ ᠵᠢᠯ ᠤᠨ ᠠᠯᠪᠠᠨ ᠵᠢᠷᠦᠮ ᠤᠨ ᠮᠤᠩᠭᠤᠯ ᠬᠡᠯᠡ ᠪᠢᠴᠢᠭ ᠤᠨ ᠵᠢᠭᠠᠬᠤ ᠪᠢᠴᠢᠭ︾᠂ ︽ᠣᠳᠦ ᠦᠶ᠎ᠡ ᠶᠢᠨ ᠮᠣᠩᠭᠤᠯ ᠦᠠᠳᠦᠰᠦᠳᠠᠨ ᠤ ᠬᠡᠤᠬᠡᠳ ᠪᠠᠭᠠᠴᠤᠳ ᠤᠨ ᠣᠬᠢ ᠪᠦᠳᠦᠬᠡᠯ ᠤᠨ ᠰᠢᠯᠢᠮᠡᠯ︾᠂ ︽ᠲᠤᠮᠳᠠᠳᠤ ᠤᠯᠤᠰ ᠤᠨ ᠮᠣᠩᠭᠤᠯ ᠦᠠᠳᠦᠰᠦᠳᠠᠨ  ᠤ ᠦᠢᠷ᠎ᠠ ᠣᠳᠦ ᠦᠶ᠎ᠡ ᠶᠢᠨ ᠣᠬᠢ ᠪᠦᠳᠦᠬᠡᠯ ᠤᠨ ᠰᠢᠯᠢᠮᠡᠯ︾ ᠵᠡᠷᠭᠡ ᠳᠤ ᠰᠤᠩᠭᠤᠭᠳᠠᠨ᠂ 1985 ᠤᠨ ᠠᠴᠠ ᠡᠬᠢᠯᠡᠨ ᠰᠢᠯᠦᠭ ᠤᠨ ᠲᠡᠭᠦᠪᠦᠷᠢ ︽ᠰᠢᠯᠦᠭ ᠤᠨ ᠢᠨᠢᠶᠡᠯ︾᠂ ︽ᠠᠮᠠᠷᠠᠭ ᠰᠢᠬᠦᠷ︾᠂ ᠨᠠᠶᠢᠷᠠᠭᠤᠯᠤᠯ ᠤᠨ ᠲᠡᠭᠦᠪᠦᠷᠢ ︽ᠡᠮᠦᠨ᠎ᠡ ᠠᠭᠤᠯᠠ ᠶᠢᠨ ᠨᠠᠮᠤᠷ︾᠂ ︽ᠤᠷᠭ᠎ᠠ︾᠂ ᠷᠤᠮᠠᠨ ︽ᠭᠠᠯ ᠶᠡᠭᠦᠳᠬᠡᠯ︾᠂ ︽ᠦᠢᠯᠡ ᠶᠢᠨ ᠦᠷ᠎ᠡ ᠶᠢᠨ ᠵᠠᠭᠪᠤᠷ︾ ᠢᠶᠠᠨ ᠤᠷᠢᠳ ᠬᠤᠵᠢᠳ ᠬᠡᠪᠯᠡᠭᠦᠯᠪᠡ᠃ 1994 ᠤᠨ᠂ 1995 ᠤᠨ ᠳᠤ ︽ᠪᠦᠬᠦ ᠤᠯᠤᠰ ᠤᠨ ᠮᠤᠩᠭᠤᠯ ᠰᠤᠨᠢᠨ ᠰᠡᠳᠬᠦᠯ ᠤᠨ ᠰᠢᠯᠢᠳᠡᠭ ᠰᠤᠨᠢᠨ ᠮᠡᠳᠡᠭᠡᠨ︾ ᠤ ᠱᠠᠩᠨᠠᠯ ᠢ ᠬᠤᠶᠠᠷ ᠤᠳᠠᠭ᠎ᠠ ᠲᠤᠰᠴᠤ᠂ 1996 ᠤᠨ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠤᠷᠠᠨ ᠵᠤᠬᠢᠶᠠᠯ ᠤᠨ ︽ᠰᠤᠯᠤᠩᠭ᠎ᠠ︾ ᠱᠠᠩᠨᠠᠯ ᠢ ᠲᠤᠰᠴᠤ᠂ 2001 ᠤᠨ ᠳᠤ ᠦᠪᠡᠷᠲᠡᠭᠡᠨ ᠵᠠᠰᠠᠬᠤ ᠤᠷᠤᠨ ᠤ ︽ᠮᠤᠩᠭᠤᠯ ᠬᠡᠯᠡ ᠦᠰᠦᠭ ᠪᠢᠴᠢᠭ ᠢᠶᠠᠨ ᠰᠤᠷᠴᠤ ᠬᠡᠷᠡᠭᠯᠡᠭᠰᠡᠨ ᠲᠡᠷᠢᠭᠦᠨ ᠤ ᠬᠤᠪᠢ ᠬᠦᠮᠦᠨ︾ ᠢᠶᠠᠷ ᠴᠤᠯᠠᠯᠠᠭᠳᠠᠵᠠᠢ᠃ 2004 ᠤᠨ ᠳᠤ ᠷᠤᠮᠠᠨ ︽ᠭᠠᠯ ᠶᠡᠭᠦᠳᠬᠡᠯ︾ ᠨᠢ ᠳᠦᠷᠪᠡᠳᠦᠭᠡᠷ ᠬᠤᠭᠤᠴᠠᠭᠠᠨ ᠤ ᠮᠤᠩᠭᠤᠯ ᠤᠷᠠᠨ ᠵᠤᠬᠢᠶᠠᠯ ᠤᠨ ︽ᠪᠤᠷᠵᠢᠭᠢᠨ︾ ᠱᠠᠩᠨᠠᠯ ᠪᠠ ︽ᠰᠦᠯᠳᠡ ᠴᠤᠮᠤ︾ ᠱᠠᠩᠨᠠᠯ ᠬᠦᠷᠲᠡᠵᠡᠢ᠃ ᠤ᠊᠂ ᠪᠤᠶ᠋ᠬᠠᠦ᠋ᠯᠵᠡᠢ ᠭᠤᠸᠠᠢ ᠣᠳᠦ ᠲᠤᠮᠳᠠᠳᠤ ᠤᠯᠤᠰ ᠤᠨ ᠵᠤᠬᠢᠶᠠᠯᠴᠢᠳ ᠤᠨ ᠨᠡᠶᠢᠭᠡᠮᠯᠢᠭ ᠤᠨ ᠭᠡᠰᠢᠭᠦᠨ᠂ ᠳᠤᠮᠳᠠᠳᠤ ᠤᠯᠤᠰ ᠤᠨ ᠮᠤᠩᠭᠤᠯ ᠤᠷᠠᠨ ᠵᠤᠬᠢᠶᠠᠯ ᠰᠤᠳᠤᠯᠬᠤ ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ᠂ ᠦᠪᠦᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠭᠡᠰᠢᠭᠦᠨ᠂ ᠤᠯᠠᠭᠠᠨᠬᠠᠳᠠ ᠬᠤᠲᠠ ᠶᠢᠨ ᠵᠤᠬᠢᠶᠠᠯᠴᠢᠳ ᠤᠨ ᠡᠪᠯᠡᠯ ᠤᠨ ᠪᠠᠶᠢᠩᠭᠤ ᠶᠢᠨ ᠬᠡᠷᠡᠭ ᠡᠷᠬᠢᠯᠡᠭᠴᠢ  ᠂ ᠰᠤᠨᠢᠨ ᠮᠡᠳᠡᠭᠡᠨ ᠤ ᠳᠡᠭᠡᠳᠦ ᠳᠡᠰ ᠤᠨ ᠨᠠᠶᠢᠷᠠᠭᠤᠯᠤᠭᠴᠢ ᠶᠢᠨ ᠴᠤᠯᠡ ᠲᠠᠢ᠃ ᠤ᠊᠂ ᠪᠤᠶ᠋ᠬᠠᠦ᠋ᠯᠵᠡᠢ ᠶᠢᠨ ᠨᠠᠮᠲᠠᠷ ᠬᠢᠭᠡᠳ ᠦᠢᠯᠡ ᠬᠡᠷᠡᠭ ᠨᠢ ︽ᠳᠤᠮᠳᠠᠳᠤ ᠤᠯᠤᠰ ᠤᠨ ᠨᠡᠷᠡᠲᠦ ᠰᠤᠶᠤᠯ ᠤᠨ ᠵᠢᠳᠬᠦᠯᠲᠡᠨ   ᠤ  ᠲᠤᠯᠢ︾᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠤᠳᠤᠴᠤᠤᠯ ᠤᠨ ᠲᠤᠯᠢ︾᠂ ︽ᠳᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ᠭᠡᠰᠢᠭᠦᠨ ᠤ ᠳᠡᠭᠡᠵᠢ ᠪᠢᠴᠢᠭ︾ ᠵᠡᠷᠭᠡ ᠨᠤᠮ ᠳᠤ ᠲᠡᠮᠳᠡᠭᠯᠡᠭᠳᠡᠪᠡ᠃ 2007 ᠤᠨ ᠳᠤ ᠦᠪᠦᠷ ᠮᠤᠩᠭᠤᠯ ᠤᠨ ᠵᠤᠬᠢᠶᠠᠯᠴᠢᠳ ᠤᠨ ᠡᠪᠯᠡᠯ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ ︽ᠦᠨᠢᠷ ᠴᠡᠴᠡᠭ︾ ᠰᠡᠳᠬᠦᠯ ᠤᠨ ᠬᠤᠷᠢᠶ᠎ᠠ᠂ ᠠᠷᠤ ᠬᠤᠷᠴᠢᠨ ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ ᠬᠠᠮᠲᠤᠷᠠᠵᠤ᠂ ᠠᠷᠤ ᠬᠤᠷᠴᠢᠨ ᠬᠤᠰᠢᠭᠤᠨ ᠳᠤ ︽ᠤ᠊᠂ ᠪᠤᠶ᠋ᠬᠠᠦ᠋ᠯᠵᠡᠢ ᠶᠢᠨ ᠤᠷᠠᠨ ᠪᠦᠳᠦᠭᠡᠯ ᠤᠨ ᠰᠤᠳᠤᠯᠤᠨ ᠶᠠᠷᠢᠯᠴᠠᠬᠤ ᠬᠤᠷᠠᠯ︾ ᠢ ᠡᠷᠬᠢᠯᠡᠪᠡ᠃ 2008 ᠣᠨ ᠳᠤ ᠦᠪᠣᠷ ᠮᠣᠩᠭᠤᠯ ᠤᠨ ᠷᠠᠳᠢᠤ᠋ ᠲᠧᠯᠸᠢᠰ ᠬᠤᠷᠢᠶ᠎ᠡ ᠨᠢ ︽ᠭᠠᠷᠠᠭ ᠤᠨ  ᠪᠣᠯᠵᠤᠭ᠎ᠠ︾ ᠲᠤᠰᠬᠠᠢ ᠫᠷᠦᠭᠷᠡᠮ ᠢᠶᠠᠷ ᠲᠠᠨᠢᠯᠴᠠᠭᠤᠯᠪᠠ᠃ 2012 ᠣᠨ ᠳᠤ ᠲᠥᠪ  ᠤᠨ ᠲᠧᠯᠸᠢᠰ ᠬᠤᠷᠢᠶ᠎ᠡ ᠶᠢᠨ ︽ᠰᠦᠪᠡᠭᠴᠢᠯᠡᠯ ᠪᠠ ᠢᠯᠡᠷᠡᠭᠦᠯᠦᠯᠲᠡ ︾ ᠫᠷᠦᠭᠷᠡᠮ ᠨᠢ ᠲᠡᠭᠦᠨ ᠤ ᠭᠧᠮᠫᠢ ᠶᠢᠨ ᠰᠦᠮ᠎ᠡ ᠠᠴᠠ ᠢᠯᠡᠷᠡᠭᠦᠯᠦᠭᠰᠡᠨ ᠮᠣᠩᠭᠤᠯ ᠤᠨ ᠯᠢᠭᠳᠡᠨ ᠬᠤᠳᠤᠭᠳᠤ ᠬᠠᠭᠠᠨ ᠤ ᠬᠠᠭᠠᠨ ᠤᠷᠳᠤᠨ ᠤ ᠲᠠᠭᠤᠤ ᠬᠥᠭᠵᠢᠮ ᠤᠨ ᠮᠠᠲ᠋ᠧᠷᠢᠶᠡᠯ ᠤᠨ ᠲᠤᠭᠤᠷᠢᠨ ᠳᠤ ᠲᠤᠰᠬᠠᠢ ᠫᠠᠷᠦᠭᠷᠡᠮ ᠦᠢᠯᠡᠳᠴᠤ᠂ ᠲᠥᠪ ᠤᠨ ᠲᠧᠯᠸᠢᠰ ᠬᠤᠷᠢᠶᠡᠨ ᠤ 9 ᠳ᠋ᠦ᠋ᠭᠡᠷ ᠰᠤᠪᠠᠭ ᠢᠶᠠᠷ ᠨᠡᠪᠳᠡᠷᠡᠭᠦᠯᠵᠦ᠂ ᠰᠢᠶᠠᠩᠭᠠᠩ ᠤᠨ ᠹᠧᠩ ᠬᠤᠸᠠᠩ ᠲᠧᠯᠸᠢᠰ ᠬᠤᠷᠢᠶ᠎ᠡ ᠪᠠᠰᠠ ᠨᠡᠪᠳᠡᠷᠡᠭᠦᠯᠪᠡ᠃ 2015 ᠣᠨ ᠳᠤ ᠲᠡᠭᠦᠨ ᠤ ᠡᠮᠬᠢᠳᠬᠡᠨ ᠤᠷᠴᠢᠭᠤᠯᠤᠭᠰᠠᠨ ︽ᠽᠠᠩᠶᠠᠠᠵᠠᠮᠰᠤ ᠶᠢᠨ ᠠᠷᠢᠭᠤᠨ ᠰᠢᠯᠦᠭ ᠤᠳ︾ ᠭᠡᠬᠦ ᠲᠡᠭᠦᠪᠤᠷᠢ ᠶᠢ ᠦᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠡᠨ ᠠᠴᠠ ᠬᠡᠪᠯᠡᠪᠡ᠃ ᠲᠡᠷᠨ ᠤᠯᠠᠨ ᠵᠢᠯ ᠤᠨ ᠲᠤᠷᠰᠢ ᠠᠷᠠᠳ ᠤᠨ ᠠᠮᠠᠨ ᠵᠤᠬᠢᠶᠠᠯ᠂ ᠠᠷᠠᠳ ᠤᠨ ᠲᠠᠭᠤᠤ᠂ ᠦᠠᠳᠦᠰᠦᠳᠠᠨ ᠤ ᠵᠠᠩ ᠦᠢᠯᠡ ᠶᠢᠨ ᠲᠤᠬᠠᠢ᠂ ᠱᠠᠰᠢᠨ ᠰᠤᠶᠤᠯ ᠤᠨ ᠡᠮᠬᠢᠳᠬᠡᠯ ᠵᠡᠷᠬᠡ ᠤᠯᠠᠨ ᠠᠭᠤᠯᠭ᠎ᠠ ᠶᠢᠨ ᠪᠢᠴᠢᠭ ᠮᠠᠲ᠋ᠧᠷᠢᠶᠡᠯ ᠡᠮᠬᠢᠳᠬᠡᠨ ᠨᠠᠶᠢᠷᠠᠭᠤᠯᠬᠤ ᠠᠵᠢᠯ ᠳᠤ ᠢᠳᠡᠪᠬᠢᠳᠠᠢ ᠤᠷᠤᠯᠴᠠᠵᠤ᠂ ᠨᠣᠲᠤᠭ ᠤᠷᠤᠨ ᠤ ᠰᠤᠶᠤᠯ ᠤᠨ ᠬᠥᠭᠵᠢᠯᠲᠡ ᠳᠤ ᠦᠪᠡᠷ ᠤᠨ ᠤᠶᠤᠨ ᠤᠬᠠᠭᠠᠨ ᠬᠦᠴᠤ ᠬᠦᠯᠦᠰᠤ ᠪᠠᠨ ᠡᠷᠭᠦᠭᠰᠡᠭᠡᠷ ᠢᠷᠡᠵᠡᠢ᠃        ︽ᠶᠠᠪᠤᠭᠰᠠᠨ ᠬᠦᠮᠦᠨ ᠵᠣᠷᠢᠭᠰᠠᠨ ᠶᠠᠭᠤᠮᠠᠨ ᠳᠤ ᠬᠦᠷᠳᠡᠭ︾ ᠭᠡᠳᠡᠭᠴᠢᠯᠡᠨ ᠨᠤᠲᠤᠭ ᠤᠰᠤᠨ ᠤ ᠰᠤᠶᠤᠯ ᠤᠨ ᠠᠮᠢᠳᠤ ᠬᠦᠷᠦᠰᠤᠨ ᠠᠴᠠ ᠰᠢᠮ᠎ᠡ ᠬᠦᠴᠤᠨ ᠠᠪᠴᠤ᠂ ᠰᠤᠶᠤᠯ ᠰᠢᠲᠦᠯᠭᠡ ᠪᠠᠨ ᠠᠮᠢᠳᠤᠷᠠᠯ᠂ ᠵᠤᠬᠢᠶᠠᠯ ᠪᠦᠳᠦᠬᠡᠯ ᠳᠤ ᠪᠠᠨ ᠠᠭᠤᠰᠬᠠᠨ᠂ ᠨᠤᠲᠤᠭ ᠤᠷᠤᠨ ᠤ ᠪᠠᠨ ᠰᠤᠶᠤᠯ ᠤᠨ ᠬᠥᠭᠵᠢᠯᠲᠡ ᠶᠢᠨ ᠲᠦᠯᠦᠬᠡ ᠴᠢᠷᠮᠡᠶᠢᠵᠤ ᠶᠠᠪᠤᠭ᠎ᠠ ᠣ · ᠪᠤᠶ᠋ᠬᠠᠦ᠋ᠯᠵᠠᠢ ᠭᠤᠸᠠᠢ ᠶᠢᠨ ᠢᠳᠡᠬᠡᠯ ᠬᠦᠰᠡᠯ ᠨᠡᠩ ᠪᠠᠳᠤᠵᠢᠬᠤ ᠨᠢ ᠯᠠᠪᠳᠠᠢ᠃    ᠵᠤᠬᠢᠶᠠᠭᠴᠢ᠄ ᠴ᠊ · ᠰᠠᠷᠠᠭᠤᠯ    ᠨᠠᠶᠢᠷᠠᠭᠤᠯᠤᠭᠴᠢ᠄ ᠡ᠊ · ᠰᠠᠷᠠᠭᠤᠯ    
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号