ᠡᠮᠦᠨ᠎ᠡ ᠵᠠᠭᠤᠨ ᠠᠴᠠ ᠨᠠᠭᠠᠰᠢᠯᠠᠵᠤ ᠠᠨᠢᠷᠳᠠᠬᠤ ᠠᠬᠠᠮᠠᠳ ᠴᠡᠷᠢᠭ ᠤᠨ ᠤᠯᠠᠮᠵᠢᠯᠠᠯ ᠬᠠᠭᠤᠴᠢ
ᠨᠡᠶᠢᠲᠡᠯᠡᠭᠰᠡᠨ ᠴᠠᠭ᠄
2017/1/25
                ᠡᠮᠦᠨ᠎ᠡ ᠵᠠᠭᠤᠨ ᠠᠴᠠ ᠨᠠᠭᠠᠰᠢᠯᠠᠵᠤ ᠠᠨᠢᠷᠳᠠᠬᠤ                 ᠠᠬᠠᠮᠠᠳ ᠴᠡᠷᠢᠭ ᠤᠨ ᠤᠯᠠᠮᠵᠢᠯᠠᠯ ᠬᠠᠭᠤᠴᠢ                                                     ᠤᠷᠠᠨᠲ᠋ᠠᠨ᠎ᠠ          ᠲᠡᠦᠬᠡ ᠬᠦᠮᠦᠨ ᠢ ᠤᠬᠠᠭᠠᠷᠠᠭᠤᠯᠵᠤ᠂ ᠶᠤᠰᠤ ᠤᠴᠢᠷ ᠢ ᠲᠠᠨᠢᠭᠤᠯᠤᠨ᠂ ᠦᠴᠦᠭᠡᠳᠦᠷ ᠤᠨ ᠦᠯᠢᠬᠡᠷ ᠢᠶᠠᠷ ᠦᠨᠦ ᠶᠢᠨ ᠬᠢᠨ ᠢ ᠰᠡᠭᠡᠭᠡᠷᠡᠬᠦᠯᠳᠡᠭ ᠤᠨ ᠵᠢᠮ᠎ᠡ ᠲᠠᠢ ᠶᠤᠮ᠂ ᠪᠢᠳᠡᠨ ᠤ ᠦᠨᠦᠳᠦᠷ ᠤᠨ ᠡᠩᠬᠡ ᠲᠠᠶᠢᠪᠤᠩ᠂ ᠠᠮᠤᠷ ᠵᠢᠷᠭᠠᠯᠳᠤ ᠠᠮᠢᠳᠤᠷᠠᠯ᠂ ᠦᠭᠡᠳᠡᠯᠡᠨ ᠬᠦᠭᠵᠢᠬᠡ ᠦᠢᠯᠡᠳᠪᠦᠷᠢᠯᠡᠯ ᠦᠢᠯᠡᠰ ᠤᠨ ᠴᠠᠭᠠᠨ᠎ᠠ ᠠᠬᠠᠮᠠᠳ ᠦᠶ᠎ᠡ ᠶᠢᠨ ᠠᠯᠳᠠᠷᠠᠢ ᠵᠠᠯᠠᠭᠤ ᠨᠠᠰᠤ ᠡᠷᠡᠰᠳᠡᠨ᠂ ᠠᠷᠢᠭᠤᠨ ᠤᠯᠠᠭᠠᠨ ᠴᠢᠰᠦ ᠤᠷᠤᠰᠤᠨ ᠪᠠᠶᠢᠵᠤ ᠢᠷᠡᠭᠰᠡᠨ ᠢ ᠠᠨᠳᠠᠯᠳᠠᠢ ᠪᠢᠰᠢ᠃ ︽ᠬᠠᠭᠤᠴᠢᠨ ᠶᠠᠭᠤᠮ᠎ᠠ ᠤᠯᠠ ᠪᠤᠯᠵᠤ᠂ ᠰᠢᠨ᠎ᠡ ᠶᠠᠭᠤᠮ᠎ᠠ ᠵᠤᠯᠠ ᠪᠤᠯᠤᠨ᠎ᠠ︾᠃ ᠬᠤᠪᠴᠠᠰᠤ ᠦᠬᠡᠢ ᠮᠦᠷᠦ ᠨᠢᠴᠦᠬᠦᠨ᠂ ᠬᠦᠨᠡᠰᠦ ᠬᠡᠮᠵᠢᠶ᠎ᠡ ᠲᠠᠢ ᠭᠡᠳᠡᠰᠦ ᠦᠯᠦᠰᠭᠦᠯᠡᠩ ᠢᠶᠠᠷ ᠬᠤᠶᠠᠷ ᠮᠢᠩᠭ᠎ᠠ ᠲᠠᠪᠤᠨ ᠵᠠᠭᠤᠨ ᠭᠠᠵᠠᠷ ᠤᠨ ᠤᠷᠳᠤ ᠵᠠᠮ ᠤᠨ ᠠᠶᠠᠨ ᠲᠠᠶᠢᠨ ᠢ ᠬᠢᠵᠦ᠂ ᠡᠬᠡ ᠤᠯᠤᠰ ᠤᠨ ᠢᠶᠠᠨ ᠴᠢᠯᠦᠬᠡᠯᠡᠯᠳᠡ ᠶᠢ ᠲᠡᠮᠡᠴᠡᠡ ᠤᠯᠤᠬᠰᠠᠨ ᠦᠤᠬᠡ ᠲᠡᠦᠬᠡ ᠶᠢᠨ ᠤᠴᠢᠷ ᠢ ᠪᠢᠴᠢᠬᠦ ᠳᠤ ᠨᠠᠰᠤ ᠨᠢᠯᠬᠠᠰᠢᠶᠠᠷ᠂ ᠴᠢᠰᠦ ᠰᠢᠩᠬᠡᠨ᠂ ᠤᠬᠠᠭ᠎ᠠ ᠬᠤᠨᠭ᠍ᠭᠢᠳᠠᠬᠤ ᠶᠢᠨ ᠬᠠᠷᠠᠭ᠎ᠠ᠂ ᠶᠠᠪᠤᠵᠤ ᠢᠷᠡᠭᠰᠡᠨ ᠵᠠᠮ ᠢᠶᠠᠨ᠂ ᠲᠤᠭᠤᠯᠵᠤ ᠦᠡᠭᠬᠡᠷᠡᠭᠦᠯᠦᠭᠰᠡᠨ ᠠᠮᠢᠳᠤᠷᠠᠯ ᠢᠶᠠᠨ᠂ ᠲᠡᠮᠡᠴᠡᠨ ᠲᠡᠮᠡᠦᠯᠡᠭᠰᠡᠨ ᠲᠡᠦᠬᠡ ᠪᠠᠨ ᠦᠪᠡᠷ ᠤᠨ ᠪᠡᠶ᠎ᠡ ᠪᠠᠷ ᠢᠶᠠᠨ ᠶᠠᠷᠢᠵᠤ ᠬᠦᠦᠷᠨᠢᠬᠦ ᠨᠢ ᠢᠳᠡᠭᠡᠬᠦᠯᠬᠦ ᠬᠦᠴᠦᠨ᠂ ᠲᠠᠳᠠᠬᠤ ᠬᠦᠴᠦᠨ᠂ ᠦᠨᠡᠨ ᠤ ᠬᠡᠮᠵᠢᠶ᠎ᠡ ᠪᠠᠷ ᠢᠶᠠᠨ ᠦᠵᠦᠭ ᠪᠢᠷ ᠬᠤᠷᠦ᠋ᠢᠯᠠᠨ ᠬᠠᠵᠠᠭᠤ ᠠᠴᠠ ᠮᠡᠷᠭᠡᠯᠡᠬᠦ ᠠᠴᠠ ᠬᠠᠪᠢ ᠦᠬᠡᠢ ᠲᠡᠭᠡᠷ᠎ᠡ ᠶᠤᠮ᠃      1948 ᠤᠨ ᠤ ᠦᠶ᠎ᠡ ᠪᠠᠷ᠂ ᠬᠤᠪᠢᠰᠬᠠᠯ ᠬᠠᠷᠠᠠᠬᠠ ᠡᠴᠦᠰ ᠤᠨ ᠢᠯᠠᠯᠳᠠ ᠤᠯᠤᠭᠠᠳᠤᠢ᠂ ᠨᠢᠭᠡ ᠪᠦᠯᠦᠭ ᠬᠦᠮᠦᠰ ᠤᠨ ᠦᠵᠡᠯ ᠪᠤᠳᠤᠯ ᠪᠠᠰᠠ ᠠᠴᠠᠨ ᠰᠠᠯᠠᠭᠠᠨ ᠳᠤ ᠲᠡᠭᠦᠵᠢᠯᠡᠭᠳᠡᠵᠦ ᠠᠬᠰᠠᠨ ᠪᠤᠳᠤᠯᠢᠶᠠᠨᠳᠤ ᠲᠡᠦᠬᠡ ᠶᠢᠨ ᠤᠷᠴᠢᠨ ᠳᠤ ᠲᠠᠶᠢᠨ ᠤ ᠠᠷᠦ ᠲᠠᠯ᠎ᠠ ᠳᠤ ᠮᠦᠨ ᠢᠯᠡ ᠲᠠᠯᠳᠠ ᠴᠢᠰᠦᠨ ᠦᠨᠦᠷ ᠲᠠᠢ ᠲᠠᠶᠢᠨ ᠦᠷᠬᠦᠯᠵᠢᠯᠡᠵᠦ ᠪᠠᠶᠢᠬᠰᠠᠨ᠂ ᠲᠤᠬᠠᠢ ᠶᠢᠨ ᠦᠶ᠎ᠡ ᠳᠤ ᠡᠨᠡ ᠮᠡᠳᠦ ᠶᠢᠨ ᠲᠠᠶᠢᠨ ᠳᠤ ᠤᠯᠠᠨ ᠬᠦᠮᠦᠰ ᠤᠷᠤᠯᠴᠠᠵᠤ ᠪᠠᠶᠢᠭᠰᠠᠨ᠃ ᠡᠬᠦᠨ ᠤ ᠲᠤᠳᠤᠷ᠎ᠠ ᠠᠴᠠ ᠪᠢ ᠨᠢᠬᠡ ᠠᠬᠠᠮᠠᠳ ᠢ ᠤᠯᠵᠤ ᠰᠤᠷᠪᠤᠯᠵᠢᠯᠠᠬᠰᠠᠨ᠃ ᠠᠬᠠᠮᠠᠳ ᠪᠠᠷ ᠬᠡᠳᠦ᠋ᠢᠪᠡᠷ ᠭᠠᠯ ᠤᠰᠤᠨ ᠤ ᠡᠮᠦᠨ᠎ᠡ ᠹᠷᠤᠨᠲ ᠲᠤ ᠬᠦᠷᠴᠦ᠂ ᠰᠤᠮᠤᠨ ᠮᠦᠨᠳᠦᠷ ᠲᠤᠮᠳᠠᠭᠤᠷ ᠰᠢᠪᠳᠤᠯᠵᠤ᠂ ᠴᠢᠰᠤᠨ ᠭᠠᠪᠢᠶ᠎ᠠ ᠪᠠᠶᠢᠭᠤᠯᠵᠤ ᠶᠠᠪᠤᠭᠰᠠᠨ ᠦᠬᠡᠢ ᠭᠡᠳᠡᠭ ᠪᠤᠯᠪᠠᠴᠤ ᠡᠳᠦᠬᠡ ᠴᠠᠭ ᠤᠨ ᠵᠢᠷᠭᠠᠯ ᠳᠤ ᠱᠤᠩᠪᠠᠭ᠎ᠠ ᠬᠦᠮᠦᠰ ᠲᠤ ᠰᠡᠳᠬᠢᠵᠦ ᠤᠯᠤᠰᠢ ᠦᠬᠡᠢ᠂ ᠰᠡᠳᠬᠢᠬᠦ ᠪᠤᠳᠤᠯ ᠤᠷᠤᠭᠤᠯᠳᠠᠭ ᠠᠮᠢᠳᠤᠷᠠᠯ ᠲᠡᠮᠡᠴᠡᠯ ᠤᠨ ᠵᠠᠬ᠎ᠠ ᠵᠤᠬ᠎ᠠ ᠠᠴᠠ ᠨᠢ ᠲᠤᠭᠤᠯᠤᠭᠤᠯᠬᠤ ᠪᠠᠷ ᠪᠤᠢ᠃
     ᠰᠢᠷᠦᠪᠵᠠᠮᠰᠤ᠂ 1930 ᠤᠨ ᠤ᠂ ᠮᠤᠷᠢ ᠵᠢᠯ ᠲᠠᠢ᠂ 87 ᠲᠠᠢ ᠠᠬᠠᠮᠠᠳ ᠴᠡᠷᠢᠭ᠃ ᠬᠡᠳᠦᠨ ᠲᠦᠷᠦ ᠶᠢᠨ ᠠᠮᠢᠳᠤᠷᠠᠯ ᠠᠬᠤᠢ ᠶᠢ ᠡᠳ᠋ᠯᠡᠵᠦ ᠦᠵᠡᠵᠦ ᠦᠡᠭᠭᠡᠷᠡᠭᠦᠯᠦᠭᠰᠨᠨ ᠦᠬᠡ ᠶᠢᠨ ᠵᠢᠩ ᠲᠠᠢ ᠦᠳᠡᠯᠦᠭᠡ ᠪᠤᠭᠤᠷᠤᠯ᠃ ᠰᠠᠶᠢᠬᠠᠨᠳᠠᠯ᠎ᠠ ᠰᠤᠮᠤ ᠶᠢᠨ ᠴᠠᠭᠠᠨᠬᠤᠸᠠ ᠭᠠᠴᠠᠭ᠎ᠠ ᠶᠢᠨ ᠴᠠᠭᠠᠨᠬᠤᠸᠠ ᠲᠤᠭᠤᠢᠢᠯᠠᠩ ᠢᠶᠠᠷ ᠨᠤᠳᠤᠭ ᠲᠠᠢ᠂ ᠦᠷ᠎ᠡ ᠠᠴᠢᠷ ᠤᠨ ᠢᠶᠠᠨ ᠰᠠᠶᠢᠨ ᠢ ᠦᠵᠡᠨ᠂ ᠡᠷᠡᠭᠦᠯ ᠲᠡᠩᠬᠡᠯᠡᠬᠦᠨ ᠦᠳᠡᠯᠦᠬᠡ ᠪᠤᠶᠠᠨᠳᠤ ᠨᠠᠰᠤᠳᠠᠨ᠃      ᠵᠠ᠂ ᠦᠬᠡ ᠤᠯᠠᠳᠠᠵᠤ ᠦᠬᠡᠷ ᠬᠤᠯᠠᠳᠠᠴᠢᠬᠠᠪᠠᠤ ᠨᠠᠰᠤᠳᠠᠨ ᠤ ᠲᠤᠭᠠᠴᠢᠯᠳᠠ ᠶᠢ ᠲᠠᠭᠠᠵᠤ᠂ ᠪᠢᠳᠡ ᠴᠤ ᠲᠤᠬᠠᠢ ᠶᠢᠨ ᠤᠷᠴᠢᠨ ᠳᠤ ᠬᠦᠷᠦᠶ᠎ᠡ᠄      ᠦᠨᠡᠨᠳᠡᠭᠡᠨ ᠭᠠᠵᠠᠷ ᠰᠢᠷᠤᠢ ᠶᠢᠨ ᠬᠤᠪᠢᠰᠬᠠᠯ ᠤᠨ ᠦᠶ᠎ᠡ ᠳᠤ ᠨᠢᠭᠡᠨᠳᠡ ᠮᠠᠨᠤᠰ ᠮᠡᠳᠦ ᠶᠢᠨ ᠵᠠᠯᠠᠭᠤᠴᠤᠤᠨ ᠢ ᠴᠡᠷᠢᠭ ᠲᠤ ᠲᠠᠳᠠᠬᠤ ᠪᠠᠷ ᠲᠤᠭᠳᠠᠭᠠᠳ ᠪᠠᠶᠢᠪᠠ᠃ 1948 ᠤᠨ ᠤ 2 ᠳ᠋ᠤᠭᠠᠷ ᠰᠠᠷ᠎ᠠ ᠶᠢᠨ 17 ᠳᠤ ᠪᠠᠶᠠᠨᠳᠠᠯ᠎ᠠ ᠨᠤᠳᠤᠭ ᠠᠴᠠ ᠬᠤᠶᠠᠷ ᠰᠤᠮᠤ ᠴᠡᠷᠢᠭ ᠭᠠᠷᠭᠠᠵᠤ᠂ ᠯᠢᠶᠡᠨᠵᠠᠩ ᠴᠦᠢᠳᠤᠷᠵᠢ ᠨᠤᠳᠤᠭ ᠠᠴᠠ ᠪᠠᠨ ᠲᠠᠭᠠᠭᠤᠯᠤᠨ ᠭᠠᠷᠴᠤ ᠢᠷᠡᠭᠡᠳ᠂ ᠮᠠᠨ ᠤ ᠬᠤᠰᠢᠭᠤᠨ ᠤ ᠰᠢᠨ ᠮᠢᠨ ᠤᠷᠴᠢᠮ ᠤᠨ ᠷᠧ ᠡᠾᠧ ᠳ᠋ᠤᠸᠠᠨ ᠳᠤ ᠤᠴᠢᠵᠦ 2 ᠰᠠᠷ᠎ᠠ ᠰᠢᠬᠠᠮ ᠠᠷᠠᠳ ᠲᠤ ᠲᠦᠯᠡᠭᠡ ᠮᠠᠯᠳᠠᠵᠤ ᠦᠭᠬᠦᠨ᠂ ᠤᠰᠤ ᠲᠠᠮᠨᠠᠵᠤ ᠠᠪᠴᠢᠷᠠᠨ᠂ ᠭᠠᠵᠠᠷ ᠬᠦᠰᠡᠷ ᠢ ᠨᠢ ᠱᠦᠬᠦᠷᠳᠡᠵᠦ ᠦᠭᠳᠡᠭ ᠪᠠᠶᠢᠪᠠ᠃ ᠡᠨᠡ ᠬᠤᠭᠤᠴᠠᠭᠠᠨ ᠳᠤ ᠬᠢᠷᠢ ᠲᠡᠩᠴᠡᠬᠦ ᠦᠬᠡᠢ ᠪᠤᠶᠤ ᠭᠡᠷ ᠡᠷᠦᠬᠡ ᠨᠢ ᠬᠦᠴᠢᠷᠳᠡᠢ ᠶᠢ ᠨᠢ ᠠᠷᠦ ᠬᠡᠷ ᠲᠤᠨᠢ ᠪᠤᠴᠠᠭᠠᠵᠠᠢ᠃      ᠵᠠᠯᠭᠠᠭᠠᠳ ᠵᠠᠩ ᠵᠢᠶᠠ ᠳ᠋ᠢᠶᠠᠨ ᠤ ᠪᠠᠶᠠᠨ ᠬᠦᠮᠦᠨ ᠤ ᠶᠡᠭᠡ ᠲᠠᠯᠠᠪᠠᠢ ᠲᠠᠢ ᠲᠠᠷᠢᠶᠠᠨ ᠭᠠᠵᠠᠷ ᠤᠨ ᠦᠳᠦᠷᠮ᠎ᠡ ᠳᠤ ᠡᠳᠦᠷ ᠲᠡᠭᠡᠨ ᠴᠡᠷᠢᠭ ᠤᠨ ᠪᠤᠯᠪᠠᠰᠤᠷᠠᠯ ᠬᠢᠵᠦ᠂ ᠬᠡᠳᠦᠨ ᠰᠠᠷ᠎ᠠ ᠰᠠᠭᠤᠵᠠᠢ᠃ ᠡᠨᠡ ᠬᠤᠭᠤᠷᠤᠨᠳᠤ ᠨᠢ ᠪᠠᠰᠠ ᠨᠢᠭᠡ ᠰᠤᠮᠤᠨ ᠠᠴᠠ 12 ᠬᠦᠮᠦᠨ ᠭᠠᠷᠭᠠᠵᠤ᠂ ᠬᠤᠨᠳᠦ ᠶᠢᠨ ᠨᠠᠷᠢᠨᠴᠠᠪ ᠲᠤ ᠠᠯᠳᠠᠭᠠᠨ᠎ᠠ ᠬᠠᠳᠤᠭᠤᠯᠬᠤ ᠪᠠᠷ ᠶᠠᠪᠤᠭᠤᠯᠪᠠ᠃ ᠨᠠᠷᠢᠨᠴᠠᠪ ᠨᠢ ᠮᠢᠨᠦ ᠭᠡᠷ ᠠᠴᠠ ᠤᠢᠢᠷᠠᠬᠠᠨ ᠪᠤᠯᠬᠤᠷ ᠪᠠᠷᠢᠭᠠᠳᠠ ᠳᠠᠭᠠᠨ ᠬᠦᠷᠴᠦ᠂ ᠦᠬᠡᠷ ᠲᠡᠷᠬᠡ ᠤᠯᠤᠭᠠᠳ᠂ ᠠᠷᠠᠳ ᠠᠴᠠ ᠬᠠᠳᠤᠭᠤᠷ ᠵᠢᠬᠡᠯᠡᠨ᠂ ᠲᠦᠯᠡᠭᠡ ᠪᠠᠨ ᠬᠠᠳᠤᠵᠤ ᠲᠡᠭᠡᠭᠡᠪᠡ᠃ ᠮᠠᠨ ᠳᠤ ᠴᠡᠷᠢᠭ ᠠᠴᠠ ᠬᠤᠪᠢᠶᠠᠬᠰᠠᠨ ᠬᠤᠪᠴᠠᠰᠤ ᠪᠤᠯ ᠬᠦᠬᠡ ᠦᠡᠭᠬᠡᠳᠡᠢ᠃ ᠪᠢᠳᠡ ᠡᠨᠡ ᠬᠤᠪᠴᠠᠰᠤ ᠪᠠᠨ ᠬᠠᠶᠢᠷᠠᠯᠠᠭᠠᠳ ᠡᠮᠦᠰᠬᠦ ᠦᠬᠡᠢ ᠨᠢᠴᠦᠬᠦᠨ ᠪᠡᠶ᠎ᠡ ᠪᠠᠷ ᠲᠦᠯᠡᠭᠡ ᠬᠠᠳᠤᠵᠤ ᠲᠡᠭᠦᠨ᠂ ᠡᠭᠦᠷᠦᠨ᠎ᠡ᠃ ᠰᠠᠷ᠎ᠠ ᠭᠠᠷᠤᠢ ᠡᠶᠢᠮᠦᠷᠬᠦ ᠶᠠᠩᠵᠤ ᠪᠠᠷ ᠠᠵᠢᠯᠯᠠᠵᠤ᠂ ᠮᠠᠨᠤᠰ ᠤᠨ ᠨᠢᠷᠤᠭᠤ ᠪᠦᠷ ᠠᠯᠳᠠᠭᠠᠨ᠎ᠠ ᠶᠢᠨ ᠦᠷᠭᠡᠰᠦᠨ ᠳᠤ ᠬᠠᠷ᠎ᠠ ᠲᠤᠯᠪᠤᠰᠢᠬᠰᠠᠨ ᠪᠠᠶᠢᠬᠰᠠᠨ᠃ ᠬᠦᠨᠵᠢᠯᠡ ᠲᠡᠪᠢᠰᠭᠡᠷ ᠬᠡᠰᠡᠨ ᠶᠠᠭᠤᠮ᠎ᠠ ᠦᠬᠡᠢ᠃ ᠡᠳᠦᠷ ᠤᠨ 1 ᠵᠢᠩ 2 ᠯᠠᠩ ᠪᠤᠳᠠᠭ᠎ᠠ ᠶᠢᠨ ᠢᠶᠠᠨ ᠬᠠᠭᠠᠰ ᠢ ᠨᠢ ᠠᠷᠪᠢᠯᠠᠨ ᠭᠠᠷᠭᠠᠵᠤ᠂ ᠡᠮᠦᠨ᠎ᠡ ᠹᠷᠤᠨᠲ ᠤᠨ ᠴᠡᠷᠢᠭ ᠲᠤ ᠬᠦᠷᠭᠡᠳᠡᠭ᠂ ᠨᠢᠬᠡ ᠰᠤᠮᠤᠨ ᠠᠴᠠ ᠨᠢᠬᠡ ᠬᠦᠮᠦᠨ ᠬᠡᠭᠡᠷ᠎ᠡ ᠭᠠᠷᠴᠤ᠂ ᠵᠡᠷᠯᠢᠭ ᠭᠤᠭᠤᠳ ᠲᠡᠭᠦᠨ ᠠᠪᠴᠢᠷᠠᠭᠠᠳ᠂ ᠡᠳᠦᠷ ᠤᠨ ᠭᠤᠷᠪᠠᠨ ᠡᠷᠡᠨ ᠤ 6 ᠯᠠᠩ ᠪᠤᠳᠠᠭ᠎ᠠ ᠲᠠᠢ ᠪᠠᠨ ᠴᠤᠬ ᠴᠢᠨᠠᠵᠤ ᠢᠳᠡᠨ᠎ᠡ᠃ ᠰᠠᠷ᠎ᠠ ᠶᠢᠨ ᠲᠠᠷᠠᠭ᠎ᠠ ᠵᠠᠩ ᠵᠢᠶᠠ ᠳ᠋ᠢᠶᠠᠨ ᠳᠠᠭᠠᠨ ᠪᠤᠴᠠᠵᠤ᠂ ᠫᠤᠤ ᠪᠠᠰᠠ ᠦᠬᠡᠢ ᠪᠤᠯᠬᠤᠷ ᠰᠢᠰᠢ ᠶᠢᠨ ᠡᠰᠢ ᠪᠠᠷ ᠵᠤᠬᠢᠶᠠᠬᠰᠠᠨ ︽ᠫᠤᠤ︾ ᠪᠠᠷ ᠢᠶᠠᠨ ᠦᠨᠳᠦᠰᠦᠨ ᠪᠤᠯᠪᠠᠰᠤᠷᠠᠯ ᠬᠢᠵᠦ ᠪᠠᠶᠢᠪᠠ᠃ ᠠᠷᠪᠠᠨ ᠬᠡᠳᠦᠨ ᠡᠳᠦᠷ ᠤᠨ ᠲᠠᠷᠠᠭ᠎ᠠ᠂ ᠮᠠᠨ ᠤ ᠬᠤᠰᠢᠭᠤᠨ ᠤ ᠠᠷᠪᠠᠨ ᠨᠠᠢᠮᠠᠳᠤᠭᠠᠷ ᠲᠤᠸᠠᠨ ︵ᠴᠢᠯᠦᠬᠡᠯᠡᠬᠦ ᠴᠡᠷᠢᠭ︶ ᠤ ᠲᠤᠸᠠᠨᠵᠠᠩ ᠠᠷᠪᠠᠭᠠᠳ ᠬᠦᠮᠦᠨ ᠲᠠᠭᠠᠭᠤᠯᠤᠨ ᠢᠷᠡᠵᠦ᠂ ᠴᠡᠷᠢᠭ ᠪᠠᠶᠢᠴᠠᠭᠠᠪᠠ᠃ ᠪᠠᠯᠴᠢᠷᠤᠳ ᠤᠨ ᠨᠠᠳᠠ ᠲᠠᠢ ᠠᠳᠠᠯᠢ ᠨᠡᠷ᠎ᠡ ᠲᠠᠢ ᠴᠡᠷᠢᠭ ᠪᠠᠰᠠ ᠪᠠᠶᠢᠬᠰᠠᠨ᠂ ᠮᠢᠨᠦ  ᠪᠡᠶ᠎ᠡ ᠬᠠᠮᠤᠭ ᠠᠴᠠ ᠪᠠᠭ᠎ᠠ ᠴᠤ ᠡᠪᠡᠳᠴᠢᠨ ᠦᠬᠡᠢ᠂ ᠡᠪᠡᠳᠴᠢᠨ ᠲᠠᠢ ᠬᠡᠰᠡᠨ ᠢ ᠨᠢ ᠪᠦᠷ ᠴᠢᠪᠠᠭ᠎ᠠ ᠳᠤ ᠠᠪᠠᠴᠢᠵᠤ᠂ ᠭᠡᠷ ᠲᠤᠨᠢ ᠪᠤᠴᠠᠭᠠᠵᠠᠢ᠃ ᠮᠠᠨ ᠤ ᠲᠡᠷᠡ ᠦᠶ᠎ᠡ ᠳᠤ ᠪᠤᠳᠠᠭ᠎ᠠ ᠲᠤᠳᠠᠵᠤ᠂ ᠪᠤᠳᠠᠭᠠᠨ ᠳᠠᠭᠠᠨ ᠴᠠᠳᠬᠤ ᠦᠬᠡᠢ ᠪᠠᠶᠢᠵᠠᠢ᠃ ᠵᠠᠩ ᠵᠢᠶᠠ ᠳ᠋ᠢᠶᠠᠨ ᠳᠤ ᠰᠠᠭᠤᠵᠤ ᠪᠠᠶᠢᠬᠤ ᠳᠠᠭᠠᠨ ᠶᠠᠩ ᠱᠦ ᠯᠢᠨ ᠠᠴᠠ ᠭᠠᠰᠢᠭᠤᠨ ᠨᠤᠭᠤᠭ᠎ᠠ ᠲᠡᠭᠦᠵᠦ᠂ ᠬᠤᠶᠠᠷ ᠬᠦᠮᠦᠨ ᠨᠢᠬᠡ ᠫᠤᠯᠤ ᠲᠦᠬᠦᠷᠭᠡᠵᠦ ᠠᠪᠴᠢᠷᠠᠭᠠᠳ᠂ ᠬᠡᠳᠦᠨ ᠮᠦᠬᠦᠯᠢᠭ ᠪᠤᠤᠳᠠᠭ᠎ᠠ ᠲᠠᠢ ᠪᠠᠨ ᠴᠤᠭ ᠴᠢᠨᠠᠵᠤ ᠢᠳᠡᠵᠦ ᠪᠠᠶᠢᠬᠰᠠᠨ ᠴᠤ ᠦᠯᠦᠰᠴᠤ ᠪᠠᠶᠢᠨ᠎ᠠ ᠬᠡᠵᠦ ᠬᠡᠯᠡᠳᠡᠭ ᠦᠬᠡᠢ᠃ ᠦᠯᠡᠳᠡᠭᠰᠡᠨ ᠴᠡᠷᠢᠭ ᠤᠳ ᠪᠤᠯᠪᠠᠰᠤᠷᠠᠯ ᠬᠡᠰᠡᠭ ᠬᠤᠭᠤᠴᠠᠭ᠎ᠠ ᠬᠢᠭᠰᠡᠨ ᠢᠶᠠᠨ ᠴᠢᠪᠠᠭ᠎ᠠ ᠶᠢᠨ ᠠᠷᠢᠬᠢᠨ ᠦᠢᠯᠡᠳᠪᠦᠷᠢ ᠶᠢᠨ ᠪᠠᠷᠠᠭᠤᠨᠳᠠᠢ ᠵᠠᠮ ᠤᠨ ᠬᠤᠶᠢᠳᠤ ᠲᠠᠯ᠎ᠠ ᠳᠤ ᠶᠠᠫᠤᠨ ᠴᠡᠷᠢᠭ ᠤᠨ ᠴᠡᠷᠢᠭ ᠤᠨ ᠬᠤᠸᠠᠷᠠᠨ ᠪᠠᠶᠢᠬᠰᠠᠨ ᠭᠠᠵᠠᠷ ᠲᠤ ᠢᠷᠡᠵᠦ᠂ ᠵᠤᠨ ᠠᠴᠠ ᠨᠠᠮᠤᠷ ᠪᠤᠯᠳᠠᠯ᠎ᠠ ᠴᠡᠷᠢᠭ ᠤᠨ ᠪᠤᠯᠪᠠᠰᠤᠷᠠᠯ ᠬᠢᠵᠦ ᠰᠠᠭᠤᠪᠠ᠃      ᠴᠢᠪᠠᠭ᠎ᠠ ᠳᠤ ᠪᠠᠶᠢᠬᠰᠠᠨ ᠦᠶ᠎ᠡ ᠳᠤ ᠼᠢᠮᠧᠨ᠋ᠲ ᠲᠡᠭᠡᠷ᠎ᠡ ᠤᠨᠳᠠᠵᠤ ᠪᠠᠶᠢᠪᠠ᠂ ᠦᠷᠯᠦᠬᠡ ᠪᠤᠰᠤᠭᠠᠳ ᠨᠢᠬᠡ ᠨᠢᠬᠡᠨ ᠤ ᠪᠠᠨ ᠨᠢᠷᠤᠭᠤ ᠶᠢ ᠱᠦᠷᠭᠦᠭᠡᠵᠦ ᠬᠦᠪ ᠬᠦᠬᠡ ᠦᠡᠭᠬᠡᠳᠡᠢ ᠲᠤᠭᠤᠰᠤ ᠶᠢ ᠨᠢ ᠤᠨᠠᠭᠠᠨ ᠦᠭᠳᠡᠭ ᠪᠠᠶᠢᠬᠰᠠᠨ᠃ ᠠᠳᠡ ᠠᠴᠠ ᠬᠠᠨᠰᠦ᠋ᠮ᠎ᠡ ᠳᠤ ᠤᠴᠢᠵᠤ᠂ ᠨᠢᠬᠡ ᠵᠢᠯ ᠪᠤᠯᠤᠬᠰᠠᠨ᠃ ᠬᠠᠨᠰᠦ᠋ᠮ᠎ᠡ ᠳᠤ ᠤᠤᠯ ᠤᠨ ᠪᠠᠶᠢᠬᠰᠠᠨ ᠨᠠᠢᠮᠠᠳᠤᠭᠠᠷ ᠵᠠᠮ ᠤᠨ ᠴᠡᠷᠢᠭ ᠤᠨ ᠲᠠᠪᠤᠳᠤᠭᠠᠷ ᠯᠢᠶᠡᠨ ︵ᠬᠢᠳᠠᠳ ᠴᠡᠷᠢᠭ︶ ᠤ ᠬᠢᠨ ᠡᠮᠦᠨ᠎ᠡ ᠤᠳᠠᠰᠤᠨ ᠳᠤ ᠶᠠᠪᠤᠬᠤ ᠦᠶ᠎ᠡ ᠳᠤ ᠫᠤᠤ ᠵᠡᠪᠰᠡᠭ ᠢ ᠨᠢ ᠮᠠᠨ ᠤ ᠨᠠᠢᠮᠠᠳᠤᠭᠠᠷ ᠯᠢᠶᠡᠨ ᠤ ᠴᠡᠷᠢᠭ ᠲᠤ ᠬᠤᠪᠢᠶᠠᠨ ᠦᠭᠴᠦ᠂ ᠪᠢᠳᠡ ᠴᠡᠷᠢᠭ ᠲᠤ ᠢᠷᠡᠭᠰᠡᠨ ᠠᠴᠠ ᠪᠠᠨ ᠠᠪᠤᠭᠠᠳ ᠠᠩᠬ᠎ᠠ ᠫᠤᠤ ᠤᠯᠵᠤ ᠠᠳᠬᠤᠬᠰᠠᠨ᠃ ᠭᠤᠷᠪᠠᠨ ᠬᠦᠮᠦᠨ ᠤ ᠲᠤᠮᠳᠠ ᠨᠢᠬᠡ ᠫᠤᠤ 12 ᠬᠢᠷᠨᠠᠲ ᠬᠤᠪᠢᠳᠠᠵᠤ ᠤᠯᠪᠠ᠃ ᠦᠷᠬᠦᠯᠵᠢᠯᠡᠨ ᠴᠡᠷᠢᠭ ᠤᠨ ᠪᠤᠯᠪᠠᠰᠤᠷᠠᠯ ᠬᠢᠬᠦ ᠶᠢᠨ ᠲᠠᠭᠠᠤ ᠮᠤᠳᠤᠴᠢᠨ ᠨᠢ ᠠᠪᠠᠭ᠎ᠠ ᠶᠢᠨ ᠠᠭᠤᠯᠠᠨ ᠳᠤ ᠤᠴᠢᠵᠦ ᠮᠤᠳᠤ ᠠᠪᠴᠢᠷᠠᠨ᠂ ᠲᠡᠷᠭᠡ᠂ ᠠᠨᠵᠢᠰᠤ ᠱᠢᠭᠠᠵᠤ ᠭᠠᠳᠠᠬᠰᠢ ᠬᠤᠳᠠᠯᠳᠤᠵᠤ ᠦᠭᠬᠦ᠂ ᠨᠢᠬᠡ ᠪᠦᠯᠦᠭ ᠨᠢ ᠪᠠᠰᠠ ᠬᠤᠨᠳᠤ ᠶᠢᠨ ᠲᠡᠷᠡᠰᠦ ᠠᠷᠪᠢᠨ ᠤᠷᠭᠤᠳᠠᠭ ᠪᠦᠮᠪᠦᠭᠡ ᠶᠢᠨ ᠲᠠᠯ᠎ᠠ ᠭᠡᠳᠡᠭ ᠭᠠᠵᠠᠷ ᠠᠴᠠ ᠲᠡᠷᠡᠰᠦ ᠬᠠᠳᠤᠭᠠᠳ ᠲᠡᠬᠡᠬᠡᠵᠦ ᠠᠪᠴᠢᠷᠠᠬᠤ ᠦᠶ᠎ᠡ ᠳᠤ᠂ ᠪᠢ ᠦᠪᠡᠷ ᠤᠨ ᠭᠠᠴᠠᠭᠠᠨ ᠠᠴᠠ ᠪᠠᠨ ᠲᠡᠷᠭᠡ ᠤᠯᠤᠭᠠᠳ ᠲᠡᠭᠡᠭᠡᠵᠤ ᠪᠠᠶᠢᠪᠠ᠃ ᠲᠡᠷᠡᠰᠦ ᠪᠠᠨ ᠬᠠᠪᠰᠢᠵᠤ᠂ ᠬᠠᠯᠠᠭᠤᠨ ᠤᠰᠤᠨ ᠳᠤ ᠲᠡᠪᠳᠦᠬᠡᠵᠦ᠂ ᠲᠡᠭᠡᠰᠦ ᠲᠠᠮᠤᠨ᠂ ᠠᠷᠠᠳ ᠲᠤ ᠬᠤᠳᠠᠯᠳᠤᠨ ᠦᠭᠴᠦ ᠪᠠᠶᠢᠵᠠᠢ᠃ ᠢᠳᠡᠬᠦ ᠠᠰᠠᠭᠤᠳᠠᠯ ᠢᠶᠠᠨ ᠪᠤᠯ ᠲᠠᠪᠤᠳᠤᠭᠠᠷ ᠯᠢᠶᠠᠨ ᠤ ᠡᠮᠦᠨ᠎ᠡ ᠹᠷᠤᠨᠲ ᠲᠤ ᠶᠠᠪᠤᠬᠤ ᠦᠶᠡᠰ ᠭᠤᠷᠪᠠ ᠪᠠᠷ ᠬᠦᠷᠦᠬᠡᠳ᠂ ᠰᠦᠮ᠎ᠡ ᠲᠡᠭᠡᠷ᠎ᠡ ᠬᠠᠳᠠᠭᠠᠵᠤ ᠪᠠᠶᠢᠬᠰᠠᠨ ᠠᠷᠪᠠᠢ ᠶᠢ ᠪᠤᠳᠠᠭ᠎ᠠ ᠲᠠᠢ ᠪᠠᠨ ᠴᠤᠬ ᠬᠤᠯᠢᠵᠤ ᠴᠢᠨᠠᠭᠠᠳ ᠰᠢᠩᠬᠡᠨ ᠶᠠᠭᠤᠮ᠎ᠠ ᠤᠭᠤᠴᠢᠵᠤ ᠪᠤᠯᠭᠠᠵᠤ ᠪᠠᠶᠢᠪᠠ᠃ ᠠᠯᠳᠠᠭᠠᠨ᠎ᠠ ᠶᠢᠨ ᠡᠰᠢ᠂ ᠪᠤᠷᠭᠠᠰᠤ ᠪᠠᠷ ᠰᠠᠪᠬ᠎ᠠ ᠪᠤᠯᠭᠠᠵᠤ ᠪᠠᠶᠢᠵᠠᠢ᠃ ᠨᠠᠮᠤᠭ ᠲᠠᠷᠢᠶ᠎ᠠ ᠪᠠᠨ ᠬᠠᠳᠤᠵᠤ ᠬᠤᠷᠢᠶᠠᠬᠰᠠᠨ ᠤ ᠲᠠᠷᠠᠭ᠎ᠠ ᠨᠢᠬᠡ ᠴᠠᠬ ᠯᠡ ᠢᠳᠡᠵᠦ᠂  ᠦᠯᠡᠳᠡᠭᠰᠡᠨ  ᠢ  ᠨᠢ  ᠪᠦᠷ  ᠤᠯᠤᠰ  ᠲᠤ  ᠲᠤᠰᠢᠶᠠᠪᠠ᠃      ᠬᠠᠨᠰᠦ᠋ᠮ᠎ᠡ ᠶᠢᠨ ᠵᠡᠬᠦᠨ ᠬᠤᠶᠢᠨ᠎ᠠ ᠦᠨᠳᠦᠷ ᠤᠷᠤᠢ ᠲᠡᠭᠡᠷ᠎ᠡ ᠲᠤᠭᠤᠰᠬ᠎ᠠ ᠡᠭᠦᠷᠴᠦ ᠭᠠᠷᠤᠭᠠᠳ ᠴᠡᠷᠢᠭ ᠤᠨ ᠫᠤᠤᠲ᠋ᠠᠢ ᠪᠠᠶᠢᠭᠤᠯᠵᠤ᠂ ᠴᠡᠷᠢᠭ ᠤᠨ ᠪᠤᠯᠪᠠᠰᠤᠷᠠᠯ ᠬᠢᠨ᠎ᠡ᠂ ᠭᠤᠷᠪᠠᠨ ᠫᠤᠤᠲ᠋ᠠᠢ ᠪᠠᠷᠢᠵᠤ᠂ ᠭᠤᠤ ᠤᠬᠤᠵᠤ᠂ ᠬᠦᠮᠦᠨ ᠪᠦᠬᠦ᠋ᠢᠬᠡᠳ ᠬᠦᠶᠦᠬᠦ ᠪᠠᠷ ᠵᠤᠬᠢᠶᠠᠬᠰᠠᠨ᠃      ᠡᠪᠦᠯ ᠤᠨ ᠬᠤᠪᠴᠠᠰᠤ ᠢᠷᠡᠬᠦ ᠠᠴᠠ ᠡᠮᠦᠨ᠎ᠡ᠂ ᠶᠡᠭᠡ ᠴᠠᠰᠤᠨ ᠳᠤ ᠬᠠᠷᠠᠭᠤᠯ ᠵᠤᠬᠰᠤᠬᠤ ᠳᠠᠭᠠᠨ ᠴᠠᠰᠤ ᠶᠢ ᠢᠷᠠᠵᠤ᠂ ᠲᠡᠪᠬᠡᠴᠡᠨ ᠲᠤᠯᠠᠭᠠᠴᠠᠬᠤ ᠪᠠᠷ ᠠᠷᠭᠠᠴᠠᠭᠠᠳᠠᠭ ᠪᠠᠶᠢᠵᠠᠢ᠃ ᠰᠦᠨᠢ ᠳᠡᠭᠡᠨ ᠬᠡᠭᠡᠨ ᠰᠠᠩ ᠤᠨ ᠬᠠᠨᠵᠤᠨ ᠳᠤ ᠰᠠᠶᠢᠨ ᠭᠠᠯ ᠬᠢᠭᠡᠳ᠂ ᠨᠢᠬᠡ ᠲᠠᠯ᠎ᠠ ᠪᠠᠷ ᠢᠶᠠᠨ ᠬᠡᠪᠳᠡᠭᠡᠳ ᠬᠠᠯᠠᠪᠠᠯ ᠲᠠᠬᠢᠭᠠᠳ ᠨᠦᠬᠦᠬᠡ ᠲᠠᠯ᠎ᠠ ᠪᠠᠷ ᠢᠶᠠᠨ ᠰᠡᠯᠬᠦᠨ ᠬᠠᠯᠠᠭᠤᠯᠳᠠᠭ ᠪᠠᠶᠢᠪᠠ᠃ ᠪᠢᠯᠢᠭ ᠤᠨ ᠤᠯᠠᠷᠢᠯ ᠤᠨ 11 ᠰᠠᠷ᠎ᠠ ᠶᠢᠨ ᠲᠤᠮᠳᠠᠴᠢ ᠪᠠᠷ ᠡᠪᠦᠯ ᠤᠨ ᠴᠡᠷᠢᠭ ᠤᠨ ᠬᠤᠪᠴᠠᠰᠤ᠄ ᠬᠦᠪᠦᠩ ᠲᠠᠢ ᠤᠯᠤᠩᠳᠠᠢ ᠦᠮᠦᠳᠦ᠂ ᠮᠠᠯᠠᠭᠠᠢ ᠶᠢᠨ ᠲᠡᠭᠡᠷ᠎ᠡ ᠨᠢ ᠨᠢᠬᠡ ᠬᠡᠰᠡᠭ ᠲᠠᠤᠯᠠᠢ ᠶᠢᠨ ᠦᠰᠦ ᠲᠠᠢ᠂ ᠢᠰᠡᠭᠡᠢ ᠭᠤᠳᠤᠯ ᠲᠠᠢ ᠢᠷᠡᠵᠡᠢ᠃ ᠡᠪᠦᠯ ᠵᠤᠨ ᠤ ᠲᠤᠰᠪᠦᠷᠢ ᠨᠢᠬᠡ ᠦᠪᠴᠢ ᠬᠤᠪᠴᠠᠰᠤ ᠤᠯᠤᠰ ᠠᠴᠠ ᠬᠤᠪᠢᠶᠠᠵᠤ᠂ ᠠᠷᠠᠳ ᠠᠴᠠ ᠱᠠᠬᠠᠢ ᠪᠠ ᠬᠤᠨᠢ᠂ ᠦᠬᠡᠷ ᠤᠨ ᠤᠡᠭᠭᠠᠰᠤ ᠪᠠᠷ ᠨᠤᠤᠰᠤᠨ ᠬᠠᠨᠳᠠᠭᠠᠰᠤ ᠨᠡᠬᠡᠵᠦ ᠦᠭᠴᠦ ᠪᠠᠶᠢᠵᠠᠢ᠃      ᠬᠠᠨᠰᠦ᠋ᠮ᠎ᠡ ᠳᠤ ᠪᠠᠶᠢᠬᠤ ᠦᠶ᠎ᠡ ᠳᠡᠭᠡᠨ ᠬᠤᠶᠠᠳᠤᠭᠠᠷ ᠲᠡᠰ ᠤᠨ ᠪᠠᠭ᠎ᠠ ᠭᠠᠪᠢᠶ᠎ᠠ ᠲᠡᠮᠳᠡᠭᠯᠡᠭᠰᠡᠨ ᠢᠶᠠᠨ ᠰᠢᠷᠤᠪᠵᠠᠮᠰᠤ ᠨᠠᠰᠤᠳᠠᠨ ᠶᠠᠷᠢᠬᠤ ᠳᠠᠭᠠᠨ ᠴᠢᠷᠠᠢ ᠳᠤᠨᠢ ᠮᠦᠰᠢᠶᠡᠳᠦ ᠲᠤᠳᠤᠷᠠᠨ᠂ ᠬᠡᠳᠦ᠋ᠢᠪᠡᠷ ᠠᠬᠤᠢ ᠨᠦᠬᠦᠴᠡᠯ ᠲᠦᠢᠯ ᠤᠨ ᠬᠦᠴᠢᠷᠳᠡᠢ ᠪᠠᠶᠢᠬᠰᠠᠨ ᠴᠤ ᠲᠤᠬᠠᠢ ᠶᠢᠨ ᠵᠠᠯᠠᠭᠤ ᠭᠠᠯᠪᠢᠷ ᠦᠶ᠎ᠡ ᠳᠡᠭᠡᠨ ᠪᠤᠴᠠᠬᠰᠠᠨ ᠰᠢᠤᠬᠠᠨ ᠬᠡᠰᠡᠭ ᠨᠠᠮ ᠵᠢᠮ ᠪᠤᠯᠤᠯ᠎ᠠ ᠁      ᠬᠠᠨᠰᠦ᠋ᠮ᠎ᠡ ᠳᠤ ᠨᠢᠬᠡ ᠵᠢᠯ ᠪᠤᠯᠤᠭᠠᠳ ᠲᠠᠬᠢᠨ ᠴᠢᠪᠠᠭ᠎ᠠ ᠳᠤ ᠪᠤᠴᠠᠨ ᠢᠷᠡᠬᠦ ᠦᠶᠡᠰ᠂ ᠨᠠᠨᠵᠢᠩ ᠨᠢᠬᠡᠨᠳᠡ ᠴᠢᠯᠦᠬᠡᠯᠡᠭᠳᠡᠵᠦ᠂ ᠭᠤᠮᠢᠨᠳᠠᠩ ᠲᠠᠶᠢᠸᠠᠨ ᠳᠤ ᠲᠤᠳᠠᠭᠠᠨ ᠶᠠᠪᠤᠬᠰᠠᠨ ᠪᠠᠶᠢᠯ᠎ᠠ᠃ ᠡᠭᠦᠨ ᠠᠴᠠ ᠬᠤᠶᠢᠰᠢ ᠪᠤᠳᠠᠭᠠᠨ ᠳᠠᠭᠠᠨ ᠴᠠᠳᠬᠤ ᠪᠤᠯᠵᠠᠢ᠃ ᠡᠨᠡ ᠦᠶ᠎ᠡ ᠳᠤ ᠰᠠᠶ᠋ᠢ 12 ᠲᠤᠬᠤᠢ ᠴᠠᠭᠠᠨ ᠪᠦᠰ ᠢᠷᠡᠵᠦ᠂ ᠬᠦᠨᠵᠢᠯᠡ ᠭᠡᠰᠡᠨ ᠶᠠᠭᠤᠮ᠎ᠠ ᠲᠠᠢ ᠪᠤᠯᠤᠬᠰᠠᠨ᠂ ᠰᠠᠷ᠎ᠠ ᠶᠢᠨ ᠲᠠᠷᠠᠭ᠎ᠠ ᠨᠢᠬᠡ ᠫᠠᠢ ᠬᠦᠮᠦᠨ ᠢ ᠯᠢᠨᠳᠦᠩ ᠳᠤ ᠠᠪᠠᠴᠢᠬᠤᠯᠠᠷ ᠪᠢ ᠴᠤ ᠪᠠᠶᠢᠯᠴᠠᠵᠤ᠂ ᠵᠠᠮ ᠳᠠᠭᠠᠨ ᠬᠡᠨᠡᠳᠳᠡ ᠨᠢᠬᠡ ᠰᠡᠷᠢᠬᠦ ᠳᠤ ᠲᠡᠳ᠋ ᠠᠩᠬᠢ ᠶᠢᠨ ᠲᠠᠷᠤᠭ᠎ᠠ ᠮᠢᠨᠦ ᠬᠤᠶᠢᠨ᠎ᠠ ᠠᠴᠠ ᠫᠤᠤ ᠶᠢ ᠡᠭᠦᠷᠦᠬᠡᠳ᠂ ᠡᠮᠦᠨ᠎ᠡ ᠲᠠᠯ᠎ᠠ ᠳᠤ ᠠᠩᠬᠢ ᠶᠢᠨ ᠲᠠᠷᠤᠭ᠎ᠠ ᠶᠠᠪᠤᠵᠤ᠂ ᠪᠢ ᠲᠤᠮᠳᠠ ᠨᠢ ᠦᠷᠬᠡᠯᠡᠬᠡᠳ ᠶᠠᠪᠤᠵᠤ ᠪᠠᠶᠢᠬᠰᠠᠨ ᠁      1949 ᠤᠨ ᠤ ᠨᠠᠮᠤᠷ᠂ ᠯᠢᠨᠳᠦᠩ ᠳᠤ ᠸᠠᠩ ᠤᠨ ᠰᠦᠮ᠎ᠡ ︵ᠤᠯᠠᠭᠠᠨᠬᠤᠳᠠ︶ ᠠᠴᠠ ᠬᠦᠮᠦᠨ ᠢᠷᠡᠵᠦ᠂ ᠨᠢᠬᠡ ᠯᠢᠶᠠᠨ ᠴᠡᠷᠢᠭ ᠠᠪᠠᠴᠢᠬᠤ ᠪᠠᠷ ᠪᠤᠯᠵᠤ᠂ 3 ᠮᠤᠷᠢᠨ ᠲᠡᠷᠭᠡᠨ ᠳᠤ ᠤᠷᠤ ᠲᠡᠪᠢᠰᠭᠡᠷ ᠢᠶᠠᠨ ᠲᠡᠭᠡᠭᠡᠵᠦ᠂ ᠦᠪᠡᠷᠰᠡᠳ ᠢᠶᠠᠨ ᠠᠯᠬᠤᠭᠠᠳ᠂ ᠪᠠᠷᠤᠭ 15 ᠬᠤᠨᠤᠭ ᠤᠨ ᠲᠠᠷᠠᠭ᠎ᠠ ᠤᠯᠠᠭᠠᠨᠬᠤᠳᠠ ᠳᠤ ᠬᠦᠷᠴᠡᠢ᠃ ᠲᠡᠨᠳᠡ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠤᠳᠤᠭᠠᠳᠤ ᠶᠢ ᠬᠠᠮᠠᠭᠠᠯᠠᠬᠤ ᠶᠡᠭᠡ ᠠᠩᠬᠢ ᠶᠢᠨ ᠨᠢᠬᠡᠳᠦᠭᠡᠷ ᠰᠤᠮᠤᠨ ᠳᠤ ᠤᠷᠤᠵᠤ᠂ ᠤᠯᠠᠭᠠᠨᠬᠦᠦ ᠶᠢ ᠬᠠᠮᠠᠭᠠᠯᠠᠬᠤ ᠵᠡᠪᠰᠡᠭᠳᠦ ᠴᠠᠭᠳᠠᠭ᠎ᠠ ᠬᠡᠵᠦ ᠬᠡᠯᠡᠭᠰᠡᠨ ᠴᠤ ᠪᠤᠯᠤᠨ᠎ᠠ᠂ ᠵᠠᠰᠠᠭ ᠤᠨ ᠤᠷᠳᠤᠨ ᠤ ᠭᠠᠵᠠᠷ ᠲᠤ ᠬᠠᠷᠠᠭᠤᠯ ᠵᠤᠬᠰᠤᠨ᠎ᠠ᠃ ᠲᠠᠭᠠᠤ ᠳᠤᠨᠢ ᠴᠡᠷᠢᠭ ᠤᠨ ᠪᠤᠯᠪᠠᠰᠤᠷᠠᠯ ᠬᠢᠬᠦ᠂ ᠶᠠᠯᠠᠳᠠᠨ ᠬᠠᠷᠠᠨ᠎ᠠ᠃      ᠡᠨᠡ ᠬᠤᠭᠤᠷᠤᠨᠳᠤ ᠭᠠᠷᠤᠬᠰᠠᠨ ᠨᠢᠬᠡ ᠤᠴᠢᠷ ᠢ ᠲᠤᠷᠠᠳᠪᠠᠯ᠄ ᠨᠢᠬᠡ ᠦᠷᠯᠦᠬᠡ ᠪᠢ ᠬᠠᠷᠠᠭᠤᠯ ᠵᠤᠬᠰᠤᠵᠤ ᠪᠠᠶᠢᠭᠠᠳ ᠪᠡᠶ᠎ᠡ ᠡᠪ ᠦᠬᠡᠢ ᠪᠤᠯᠵᠤ᠂ ᠬᠦᠮᠦᠨ ᠰᠤᠯᠢᠭᠠᠳ ᠪᠤᠳᠠᠭ᠎ᠠ ᠢᠳᠡᠨ᠎ᠡ ᠬᠡᠰᠡᠨ ᠴᠢᠨᠢ ᠢᠳᠡᠵᠦ ᠤᠷᠤᠬᠤ ᠦᠬᠡᠢ᠂ ᠨᠦᠢᠷᠮᠤᠭᠯᠠᠬᠠᠤ ᠭᠡᠳ᠂ ᠲᠠᠭᠠᠷᠠᠳᠠᠰᠤ ᠬᠦᠷᠦᠬᠡᠳ᠂ ᠬᠤᠨᠢᠨ ᠠᠷᠠᠰᠤᠨ ᠳ᠋ᠠᠴᠠᠩ ᠨᠦᠮᠦᠷᠢᠭᠡᠳ ᠤᠨᠳᠠᠬᠰᠠᠨ ᠴᠢᠨᠢ ᠦᠳᠡ ᠶᠢᠨ ᠬᠤᠶᠢᠨ᠎ᠠ ᠨᠦᠬᠦᠳ ᠰᠡᠷᠢᠬᠡᠵᠦ᠂ ᠦᠪᠦᠷ ᠮᠤᠩᠭᠤᠯ ᠤᠨ ᠬᠠᠭᠤᠷᠠᠢ ᠵᠠᠮ ᠤᠨ ᠴᠡᠷᠢᠭ ᠤᠨ ᠪᠠᠢ ᠡᠮᠴᠢ ︵ᠮᠤᠩᠭᠤᠯ ᠬᠦᠮᠦᠨ︶ ᠳᠤ ᠠᠪᠠᠴᠢᠨ ᠦᠵᠡᠬᠦᠯᠵᠦ ᠪᠠᠶᠢᠴᠠᠭᠠᠯᠭᠠᠵᠤ ᠪᠠᠶᠢᠳᠠᠯ᠎ᠠ ᠮᠡᠳᠡᠭᠡ ᠰᠡᠭᠡᠭᠡ ᠦᠬᠡᠢ ᠪᠤᠯᠵᠤ᠂ ᠴᠢᠨᠠᠬᠰᠢ ᠶᠠᠭᠤ ᠪᠤᠯᠤᠬᠰᠠᠨ ᠢ ᠮᠡᠳᠡᠭᠰᠡᠨ ᠦᠬᠡᠢ᠃ ᠮᠠᠷᠭᠠᠰᠢ ᠦᠷᠯᠦᠬᠡ ᠨᠢ ᠬᠡᠨᠡᠳᠳᠡ ᠰᠡᠷᠢᠬᠦ ᠳᠤ ᠬᠤᠶᠠᠷ ᠰᠤᠪᠢᠯᠠᠬᠴᠢ ︽ᠬᠦᠮᠦᠨ ᠰᠡᠷᠢᠴᠢᠬᠡᠵᠡᠢ︾ ᠬᠡᠵᠤ ᠶᠡᠭᠡ ᠰᠤᠴᠢᠨ ᠦᠢᠮᠡᠯᠳᠦᠯ᠎ᠡ᠂ ᠢᠡᠭᠬᠢᠭᠡᠳ ᠪᠢ ᠰᠠᠶᠢ ᠬᠦᠨᠳᠦ ᠡᠪᠡᠳᠴᠢᠯᠡᠵᠦ᠂ ᠰᠤᠮᠤᠨ ᠠᠴᠠ ᠠᠪᠰᠠ ᠬᠦᠷᠳᠡᠯ᠎ᠡ ᠪᠡᠯᠡᠳᠭᠡᠭᠰᠡᠨ ᠪᠠ ᠨᠢᠬᠡ ᠵᠡᠬᠦᠦ ᠨᠢ 100 ᠢᠯᠡᠬᠦᠦ ᠲᠦᠭᠦᠷᠢᠭ ᠤᠨ ᠰᠠᠶᠢᠨ ᠡᠮ ᠬᠠᠳᠬᠤᠬᠰᠠᠨ ᠢᠶᠠᠷ ᠠᠮᠢ ᠠᠪᠤᠷᠠᠬᠳᠠᠬᠰᠠᠨ ᠢᠶᠠᠨ ᠮᠡᠳᠡᠪᠡ᠃ ᠨᠠᠮ ᠤᠨ ᠰᠠᠶᠢᠨ ᠢᠶᠠᠷ ᠬᠦᠮᠦᠨ ᠪᠤᠯᠵᠤ᠂ ᠲᠠᠬᠢᠨ ᠠᠮᠢ ᠨᠠᠰᠤ ᠪᠠᠨ ᠤᠯᠤᠬᠰᠠᠨ ᠶᠤᠮ ᠪᠢ᠃ ᠲᠡᠷᠡ ᠦᠶ᠎ᠡ ᠳᠤ ᠡᠮ᠂ ᠡᠮᠴᠢ ᠴᠤ ᠰᠠᠶᠢᠨ ᠪᠠᠶᠢᠵᠤ ᠳ᠋ᠠ ᠁      1950 ᠤᠨ ᠤ ᠬᠠᠪᠤᠷ ᠠᠴᠠ 1953 ᠤᠨ ᠤ ᠬᠠᠪᠤᠷ ᠪᠤᠯᠳᠠᠯ᠎ᠠ ᠡᠾᠧᠪᠸᠢ ᠶᠢᠨ ᠵᠠᠩᠴᠢᠬᠦᠦ ᠳᠤ ᠰᠠᠭᠤᠬᠰᠠᠨ ᠪᠠᠶᠢᠨ᠎ᠠ᠃ ᠡᠨᠡ ᠬᠤᠭᠤᠴᠠᠭᠠᠨ ᠳᠤ ᠪᠢ᠂ ᠨᠢᠬᠡ ᠲᠠᠰᠤᠭ ᠴᠡᠷᠢᠭ ᠲᠠᠢ ᠬᠠᠮᠳᠤ᠂ ᠬᠠᠯᠬ᠎ᠠ ᠮᠤᠩᠭᠤᠯ ᠤᠨ ᠬᠤᠶᠠᠷ ᠪᠢᠴᠢᠠᠬᠠ ᠴᠡᠷᠢᠭ ᠢ ᠤᠯᠤᠰ ᠲᠤᠨᠢ ᠪᠤᠴᠠᠭᠠᠵᠤ ᠠᠪᠠᠴᠢᠵᠤ ᠦᠭᠬᠦ᠂ ᠡᠷᠬᠢᠯᠭᠡᠨ ᠳᠡᠭᠡᠨ ᠤᠯᠠᠭᠠᠨᠪᠠᠭᠠᠳᠤᠷ ᠠᠴᠠ ᠦᠪᠦᠷ ᠮᠤᠩᠭᠤᠯ ᠤᠨ ᠡᠯᠴᠢᠨ ᠰᠠᠶᠢᠳ ᠤᠨ ᠬᠡᠷ ᠤᠨ ᠬᠦᠮᠦᠰ ᠢ ᠵᠠᠩᠴᠢᠬᠦᠦ ᠳᠤ ᠲᠤᠰᠴᠤ ᠠᠪᠴᠢᠷᠠᠬᠤ᠂ ᠴᠠᠭᠠᠨ ᠬᠡᠭᠡᠨ ᠰᠠᠩ ᠤᠨ ᠬᠡᠬᠡᠨ ᠯᠠᠮ᠎ᠠ ᠶᠢ ᠪᠡᠭᠡᠵᠢᠩ ᠳᠤ ︽10 1︾ ᠤ ᠪᠠᠶᠠᠷ ᠢ ᠪᠡᠯᠬᠡᠯᠡᠬᠦ ᠨᠠᠶᠢᠷ ᠲᠤ ᠠᠪᠴᠢᠷᠠᠨ ᠤᠷᠤᠯᠴᠠᠭᠤᠯᠬᠤ ᠭᠤᠷᠪᠠᠨ ᠡᠭᠦᠷᠭᠡ ᠶᠢ ᠭᠦᠢᠴᠡᠳᠭᠡᠭᠰᠡᠨ᠃      ᠠᠳᠡ ᠬᠦᠷᠳᠡᠯ᠎ᠡ ᠶᠠᠷᠢᠬᠰᠠᠨ ᠨᠠᠰᠤᠳᠠᠨ ᠢ ᠲᠦᠷ ᠠᠮᠠᠷᠠᠭᠤᠯᠵᠤ᠂ ᠰᠤᠷᠪᠤᠯᠵᠢᠯᠠᠬᠴᠢ ᠤᠳᠤ ᠡᠭᠦᠷᠭᠡ ᠪᠠᠨ ᠪᠡᠶᠡᠯᠡᠬᠦᠯᠬᠦ ᠬᠡᠷᠡᠭᠳᠡᠢ ᠪᠢᠯᠢᠦ ᠨᠦᠬᠦᠳ ᠮᠠᠨᠢ᠃      1953 ᠤᠨ ᠳᠤ ᠭᠦᠢ ᠰᠦᠢ ︵ᠬᠦᠬᠡᠬᠤᠳᠠ︶ ᠳᠤ ᠴᠡᠷᠢᠭ ᠠᠷᠠᠳ ᠢᠶᠠᠷ ᠢᠶᠠᠨ ᠪᠤᠴᠠᠬᠤ ᠦᠶ᠎ᠡ ᠳᠤ ᠰᠢᠷᠦᠪᠵᠠᠮᠰᠤ ᠶᠢᠨ ᠴᠡᠷᠢᠭ ᠴᠤ ᠴᠤᠭ ᠢᠷᠡᠵᠦ᠂ ᠴᠡᠷᠢᠭ ᠤᠨ ᠪᠤᠯᠪᠠᠰᠤᠷᠠᠯ ᠬᠢᠬᠦ ᠶᠢᠨ ᠲᠠᠭᠠᠤ ᠵᠡᠬᠡᠯᠢ ᠭᠤᠳᠤᠮᠵᠢ ᠴᠠᠬᠳᠠᠬᠤ ᠠᠵᠢᠯ ᠢ ᠬᠢᠵᠦ ᠪᠠᠶᠢᠵᠠᠢ᠃ ᠰᠢᠷᠤᠪᠵᠠᠮᠰᠤ ᠶᠢᠨ ᠵᠠᠯᠠᠭᠤ ᠶᠢᠨ ᠦᠶ᠎ᠡ ᠶᠢᠨ ᠵᠢᠭᠠᠨ ᠵᠢᠯᠤᠭᠤᠳᠤᠬᠴᠢ ᠨᠢ ᠡᠮᠦᠨ᠎ᠡ ᠤᠷᠤᠨ ᠤ ᠬᠦᠮᠦᠨ ᠪᠦᠬᠡᠳ ᠲᠡᠭᠦᠨ ᠳᠤ ︽ᠴᠡᠷᠢᠭ ᠪᠤᠯᠤᠬᠰᠠᠳ᠂ ᠠᠷᠠᠳ ᠲᠦᠮᠡᠨ ᠳᠤ ᠦᠢᠯᠡᠴᠢᠯᠡᠬᠦ ᠠᠭᠤᠤ ᠦᠢᠯᠡᠰ ᠢ ᠪᠦᠳᠦᠬᠡᠬᠦ ᠬᠡᠷᠡᠭᠳᠡᠢ︾ ᠬᠡᠵᠦ ᠬᠡᠯᠡᠵᠦ ᠰᠤᠷᠭᠠᠳᠠᠭ ᠪᠠᠶᠢᠬᠰᠠᠨ ᠢ ᠨᠠᠰᠤᠳᠠᠨ ᠴᠠᠭ ᠢᠮᠠᠬᠳᠠ ᠴᠡᠭᠡᠵᠢᠯᠡᠵᠦ᠂ ︽ᠰᠠᠶᠢᠨ ᠶᠠᠪᠤᠪᠠᠴᠤ ᠨᠢᠬᠡ ᠪᠡᠶ᠎ᠡ᠂ ᠮᠠᠭᠤ ᠶᠠᠪᠤᠪᠠᠴᠤ ᠨᠢᠬᠡ ᠪᠡᠶ᠎ᠡ︾ ᠶᠤᠮ ᠴᠢᠨᠢ᠂ ︽ᠰᠠᠶᠢᠨ ᠢᠶᠠᠷ ᠶᠠᠪᠤᠵᠤ᠂ ᠰᠠᠶᠢᠨ ᠶᠠᠪᠤᠳᠠᠯ ᠬᠢᠶ᠎ᠡ᠂ ᠨᠦᠬᠦᠳ ᠲᠠᠢ ᠪᠠᠨ ᠪᠦᠯᠬᠦᠮᠳᠡᠶ᠎ᠡ᠂ ᠠᠷᠠᠳ ᠲᠦᠮᠡᠨ ᠳᠡᠭᠡᠨ ᠦᠢᠯᠡᠴᠢᠯᠡᠶ᠎ᠡ︾ ᠭᠡᠵᠦ ᠯᠡ ᠴᠢᠷᠮᠠᠶᠢᠵᠤ ᠶᠠᠪᠤᠬᠰᠠᠨ ᠢᠶᠠᠷ᠂ ᠡᠨᠡ ᠯᠢᠶᠠᠨ ᠳᠠᠭᠠᠨ ᠭᠤᠷᠪᠠᠳᠤᠭᠠᠷ ᠲᠡᠰ ᠤᠨ ᠭᠠᠪᠢᠶ᠎ᠠ ᠶᠢ ᠭᠤᠷᠪᠠ ᠤᠳᠠᠭ᠎ᠠ᠂ ᠬᠤᠶᠠᠳᠤᠭᠠᠷ ᠲᠡᠰ ᠤᠨ ᠭᠠᠪᠢᠶ᠎ᠠ ᠨᠢᠬᠡ ᠤᠳᠠᠭ᠎ᠠ ᠪᠠᠶᠢᠭᠤᠯᠤᠬᠰᠠᠨ ᠪᠠᠶᠢᠪᠠ᠃ ᠪᠤᠳᠠᠳᠤ ᠵᠢᠱᠢᠶ᠎ᠠ ᠶᠢ ᠴᠤᠬᠤᠰ ᠲᠤᠷᠠᠳᠪᠠᠯ᠄ ᠬᠦᠬᠡᠬᠤᠳᠠ ᠠᠴᠠ ᠤᠯᠠᠭᠠᠨᠬᠤᠳᠠ ᠬᠦᠷᠬᠦ ᠭᠠᠯᠳᠤ ᠲᠡᠷᠭᠡ ᠪᠠᠷ 13 ᠶᠠᠯᠠᠳᠠᠨ ᠢ ᠠᠮᠤᠷ ᠲᠠᠶᠢᠪᠤᠩ ᠬᠦᠷᠭᠡᠭᠰᠡᠨ ᠵᠠᠰᠠᠭ ᠤᠨ ᠭᠠᠵᠠᠷ ᠠᠴᠠ ᠴᠡᠷᠢᠭ ᠢ ᠰᠤᠶᠤᠯ ᠰᠤᠷᠤᠯᠴᠠᠭᠤᠯᠵᠤ᠂ ᠨᠢᠬᠡ ᠲᠠᠰᠤᠭ ᠬᠦᠮᠦᠨ ᠢ ᠬᠠᠭᠠᠰ ᠵᠢᠯ ᠳᠤ ᠦᠨᠦ ᠶᠢᠨ ᠵᠢᠷᠭᠤᠭᠠᠨ ᠤᠨ ᠪᠤᠯᠳᠠᠯᠠᠬᠢ ᠬᠢᠴᠢᠶᠡᠯ ᠢ ᠰᠤᠷᠭᠠᠵᠤ ᠲᠡᠭᠦᠰᠭᠡᠭᠰᠡᠨ ᠶᠡᠭᠡ ᠰᠢᠯᠭᠠᠯᠳᠠ ᠳᠤ ᠰᠢᠷᠤᠪᠵᠠᠮᠰᠤ ᠰᠢᠯᠢᠳᠡᠭ ᠪᠦᠳᠦᠮᠵᠢ ᠤᠯᠤᠬᠰᠠᠨ ᠴᠡᠷᠢᠭ ᠤᠨ ᠬᠤᠸᠠᠷᠠᠨ ᠪᠠᠶᠢᠭᠤᠯᠬᠤ ᠳᠤ ᠬᠦᠯ ᠢᠶᠠᠨ ᠰᠢᠷᠬᠠᠳᠤᠭᠤᠯᠵᠤ᠂ ᠴᠢᠰᠦ ᠭᠤᠭᠤᠵᠢᠵᠤ ᠪᠠᠶᠢᠬᠰᠠᠨ ᠴᠤ ᠠᠵᠢᠯ ᠤᠨ ᠪᠠᠶᠢᠷᠢ ᠠᠴᠠ ᠪᠠᠨ ᠰᠠᠯᠤᠬᠰᠠᠨ ᠦᠬᠡᠢ ᠶᠠᠯᠠᠳᠠᠨ ᠪᠠᠷᠢᠪᠴᠢᠯᠠᠬᠤ ᠬᠦᠨᠳᠦ ᠡᠬᠦᠷᠭᠡ ᠶᠢ ᠲᠠᠯᠠᠭᠠᠷᠳᠠᠯ ᠦᠬᠡᠢ ᠪᠡᠶᠡᠯᠡᠬᠦᠯᠦᠭᠰᠡᠨ ᠁ ᠵᠡᠷᠬᠡ᠃      ᠰᠢᠷᠤᠪᠵᠠᠮᠰᠤ ᠶᠢ ᠪᠠᠰᠠ ᠵᠢᠭᠠᠨ ᠰᠤᠷᠭᠠᠬᠤ ᠠᠩᠬᠢ ᠳᠤ ᠬᠠᠭᠠᠰ ᠵᠢᠯ ᠰᠤᠷᠤᠯᠴᠠᠭᠤᠯᠵᠤ᠂ ᠬᠢᠷᠢ ᠪᠦᠳᠦᠮᠵᠢ ᠨᠢ ᠮᠠᠰᠢ ᠰᠠᠶᠢᠨ ᠪᠤᠯᠬᠤᠷ᠂ ᠦᠪᠦᠷ ᠮᠤᠩᠭᠤᠯ ᠤᠨ ᠮᠤᠷᠢᠳᠤ ᠴᠡᠷᠢᠭ ᠤᠨ ᠲᠤᠰᠭᠠᠷ ᠪᠠᠲᠯᠢᠶᠤᠨ ᠳᠤ ᠶᠠᠪᠤᠭᠤᠯᠵᠤ᠂ ᠲᠠᠰᠤᠭ ᠤᠨ ᠲᠠᠷᠤᠭ᠎ᠠ ᠪᠤᠯᠭᠠᠵᠤ᠂ ᠭᠤᠷᠪᠠᠨ ᠤᠳᠤᠳᠤ ᠲᠡᠮᠳᠡᠭ ᠤᠯᠭᠤᠵᠠᠢ᠃ 1955 ᠤᠨ ᠤ ᠦᠶ᠎ᠡ ᠳᠤ ᠮᠤᠷᠢᠳᠤ ᠴᠡᠷᠢᠭ ᠤᠨ ᠪᠠᠲᠯᠢᠶᠤᠨ ᠨᠢ ᠵᠢᠨᠢᠩ ᠳᠤ ᠪᠠᠶᠢᠬᠰᠠᠨ᠃ ᠲᠡᠨᠳᠡ ᠨᠢᠬᠡ ᠡᠪᠦᠯᠵᠢᠬᠡᠳ᠂ ᠪᠤᠭᠤᠳᠤ ᠪᠠᠷ ᠲᠠᠮᠵᠢᠵᠤ᠂ ᠪᠠᠶᠠᠨᠨᠠᠭᠤᠷ ᠠᠶᠢᠮᠠᠭ ᠤᠨ ᠯᠢᠨᠾᠧ ᠳᠤ ᠤᠴᠢᠭᠠᠳ᠂ ᠲᠡᠨᠳᠡᠬᠢ ᠶᠠᠯᠠᠳᠠᠨ ᠢ ᠬᠠᠷᠠᠵᠤ ᠪᠠᠶᠢᠪᠠ᠃ ᠶᠡᠯᠠᠳᠠᠨ ᠨᠤᠭᠤᠳ ᠶᠡᠭᠡ ᠠᠶᠤᠮᠠᠷ ᠪᠠᠶᠢᠬᠰᠠᠨ᠂ ᠨᠢᠬᠡ ᠴᠡᠷᠢᠭ 200᠂ 300 ᠶᠠᠯᠠᠳᠠᠨ ᠢ ᠬᠠᠷᠠᠵᠤ ᠪᠠᠶᠢᠪᠠ᠃        ᠰᠢᠷᠤᠪᠵᠠᠮᠰᠤ᠂ ᠴᠡᠷᠢᠭ ᠤᠨ ᠰᠤᠷᠭᠠᠭᠤᠯᠢ ᠠᠴᠠ ᠭᠠᠷᠴᠤ ᠢᠷᠡᠭᠰᠡᠨ ᠪᠤᠯᠬᠤᠷ ᠴᠡᠷᠢᠭ ᠤᠨ ᠪᠠᠭᠰᠢ ᠪᠠᠷ 1957 ᠤᠨ ᠪᠤᠯᠳᠠᠯ᠎ᠠ ᠰᠠᠭᠤᠵᠤ᠂ ᠴᠡᠷᠢᠭ ᠠᠴᠠ ᠬᠠᠯᠠᠬᠳᠠᠵᠠᠢ᠃
      ᠰᠢᠷᠤᠪᠵᠠᠮᠰᠤ 19 ᠨᠠᠰᠤᠨ ᠠᠴᠠ ᠪᠠᠨ 1948 ᠤᠨ ᠠᠴᠠ 1957 ᠤᠨ ᠪᠤᠯᠳᠠᠯ᠎ᠠ ᠠᠷᠪᠠᠨ ᠵᠢᠯ ᠴᠡᠷᠢᠭ ᠤᠨ ᠠᠯᠪᠠ ᠬᠠᠭᠠᠵᠤ᠂ ᠴᠡᠷᠢᠭ ᠠᠴᠠ ᠬᠠᠯᠠᠬᠳᠠᠭᠰᠠᠨ ᠤ ᠲᠠᠷᠠᠭ᠎ᠠ ᠲᠡᠮᠦᠷ ᠵᠠᠮ ᠤᠨ ᠠᠵᠢᠯᠴᠢᠨ ᠢᠶᠠᠷ ᠵᠢᠨᠢᠩ ᠳᠤ ᠭᠤᠷᠪᠠᠨ ᠵᠢᠯ ᠠᠵᠢᠯᠯᠠᠬᠰᠠᠨ ᠬᠤᠭᠤᠴᠠᠭᠠᠨ ᠳᠠᠭᠠᠨ ᠨᠠᠮ ᠤᠨ ᠲᠦᠯᠦᠬᠡᠯᠡᠭᠴᠢ᠂ ᠬᠠᠯᠠᠬᠳᠠᠬᠰᠠᠨ ᠴᠡᠷᠢᠭ ᠤᠨ ᠲᠦᠯᠦᠬᠡᠯᠡᠭᠴᠢ᠂ ᠠᠵᠢᠯᠴᠢᠨ ᠤ ᠲᠦᠯᠦᠬᠡᠯᠡᠭᠴᠢ᠂ ᠬᠦᠳᠡᠯᠮᠦᠷᠢ ᠶᠢᠨ ᠵᠢᠱᠢᠶᠡᠴᠢ ᠪᠠᠷ ᠤᠯᠠᠨᠳᠠ ᠬᠦᠬᠡᠬᠤᠳᠠ ᠳᠤ ᠬᠤᠷᠠᠯ ᠳᠤ ᠤᠷᠤᠯᠴᠠᠵᠤ᠂ ᠢᠷᠠᠭᠤ ᠠᠯᠳᠠᠷ ᠢᠶᠠᠨ ᠲᠠᠭᠤᠷᠢᠰᠬᠠᠵᠤ ᠶᠠᠪᠤᠵᠠᠢ᠃      1959 ᠤᠨ ᠤ ᠦᠶ᠎ᠡ ᠪᠠᠷ᠂ ᠲᠦᠪ ᠤᠨ ᠶᠠᠪᠤᠳᠠᠯ ᠤᠨ ᠬᠤᠷᠢᠶ᠎ᠠ ᠠᠴᠠ ︽ᠨᠠᠮ ᠡᠪᠯᠡᠯ ᠤᠨ ᠬᠡᠰᠢᠬᠦᠨ ᠲᠡᠷᠢᠬᠦᠯᠡᠨ ᠬᠦᠳᠡᠭᠡ ᠲᠤᠰᠬᠤᠨ ᠤ ᠨᠢᠬᠡᠨᠳᠦᠭᠡᠷ ᠹᠷᠤᠨᠲ ᠲᠤ ᠠᠵᠢᠯᠯᠠᠬᠤ︾ ᠶᠢ ᠳᠤᠷᠠᠳᠴᠤ ᠭᠠᠷᠭᠠᠬᠰᠡᠨ ᠳᠤ᠂ ᠰᠢᠷᠤᠪᠵᠠᠮᠰᠤ ᠵᠤᠬᠢᠶᠠᠨ ᠪᠠᠶᠢᠭᠤᠯᠤᠯᠲᠠ ᠳᠠᠭᠠᠨ ᠭᠤᠶᠤᠴᠢᠯᠠᠯ ᠭᠠᠷᠭᠠᠵᠦ ᠨᠤᠲᠤᠭ ᠲᠠᠭᠠᠨ ᠪᠤᠴᠠᠨ ᠢᠷᠡᠵᠦ᠂ ᠬᠤᠨᠲᠤ ᠳᠤ ᠬᠠᠷᠢᠶᠠᠯᠠᠬᠳᠠᠵᠦ ᠪᠠᠶᠢᠬᠰᠡᠨ ᠪᠠᠶᠠᠨᠳᠠᠯ᠎ᠠ ᠳᠠᠭᠠᠨ ᠰᠠᠩ ᠬᠠᠮᠢᠶᠠᠷᠤᠭᠴᠢ᠂ ᠡᠷᠦᠬᠡ ᠶᠢᠨ ᠴᠡᠷᠢᠭ ᠤᠨ ᠰᠤᠮᠤᠨ ᠳᠠᠷᠤᠭ᠎ᠠ᠂ ᠰᠢᠤᠳᠠᠨ ᠤ ᠠᠵᠢᠯᠲᠠᠨ ᠵᠡᠷᠭᠡ ᠠᠵᠢᠯ ᠠᠯᠪᠠ ᠶᠢ ᠡᠭᠦᠷᠭᠡᠯᠡᠵᠦ ᠬᠢᠵᠦ ᠢᠷᠡᠭᠰᠡᠨ ᠪᠦᠭᠡᠳ ᠤᠨᠴᠠᠭᠠᠢᠢᠯᠠᠠ ᠡᠷᠦᠬᠡ ᠶᠢᠨ ᠴᠡᠷᠢᠭ ᠤᠨ ᠰᠤᠮᠤᠨ ᠳᠠᠷᠤᠭ᠎ᠠ ᠶᠢᠨ ᠠᠵᠢᠯ ᠢ 51 ᠨᠠᠰᠤᠯᠠᠲᠠᠯ᠎ᠠ ᠬᠢᠵᠦ᠂ ᠫᠤᠤ ᠬᠤᠷᠢᠶᠠᠬᠤ ᠪᠤᠯᠲᠠᠯ᠎ᠠ ᠮᠦᠷᠦᠨ ᠠᠴᠠ ᠨᠢ ᠫᠤᠤ ᠰᠠᠯᠤᠭᠰᠡᠨ ᠦᠭᠡᠢ ᠁      ᠵᠠᠭᠤᠨ ᠲᠠᠮᠵᠢᠬᠰᠠᠨ ᠨᠠᠰᠤᠳᠠᠨ ᠤ ᠠᠮᠢᠳᠤᠷᠠᠯ ᠲᠠᠮᠠᠴᠡᠯ ᠠᠵᠢᠯ ᠦᠢᠯᠡᠰ ᠢ ᠡᠨᠡᠬᠡᠨ ᠨᠢᠬᠡ ᠤᠳᠠᠭᠠᠨ ᠤ ᠰᠤᠷᠪᠤᠯᠵᠢᠯᠠᠭ᠎ᠠ ᠪᠠᠷ ᠶᠠᠭᠠᠬᠢᠨ ᠪᠠᠭᠳᠠᠭᠠᠵᠤ᠂ ᠬᠦᠦᠷᠨᠢᠨ ᠲᠡᠬᠦᠰᠬᠦ ᠠᠵᠠᠢ᠂ ᠦᠯᠢᠭᠡᠷ ᠦᠷᠬᠦᠯᠵᠢᠯᠡᠭᠰᠡᠭᠡᠷ ᠁  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号