2. | 2007 ᠤᠨ ᠤ 7 ᠰᠠᠷ᠎ᠠ ᠶᠢᠨ 26 ᠤ ᠡᠳᠦᠷ᠃ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ | ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠢᠯᠡᠭᠡᠭᠰᠡᠨ ᠮᠡᠳᠡᠭᠳᠡᠯ ᠢ ᠲᠤᠰᠪᠠ᠃ ᠮᠡᠳᠡᠭᠳᠡᠯ ᠳᠤ᠄ | ᠨᠠ᠊ · ᠵᠢᠷᠭᠠᠯ ᠲᠠᠨ᠎ᠠ᠄ | 8 ᠰᠠᠷ᠎ᠠ ᠶᠢᠨ 10 ᠠᠴᠠ 20 ᠪᠣᠯᠲᠠᠯ᠎ᠠ ᠪᠡᠭᠡᠵᠢᠩ ᠳᠠᠬᠢ ᠲᠦᠪ ᠤᠨ ᠦᠨᠳᠦᠰᠦᠲᠡᠨ ᠤ ᠺᠠᠳ᠋ᠷ ᠤᠨ | ᠳᠡᠭᠡᠳᠦ ᠰᠤᠷᠭᠠᠭᠤᠯᠢ ᠳᠤ ᠪᠦᠬᠦ ᠤᠯᠤᠰ ᠤᠨ ᠠᠩᠬᠠᠳᠠᠭᠴᠢ ᠬᠤᠭᠤᠴᠠᠭᠠᠨ ᠤ ᠴᠦᠬᠡᠨ ᠲᠤᠭᠠᠲᠦ ᠦᠨᠳᠦᠰᠦᠲᠡᠨ ᠤ | ᠭᠤᠤᠯᠯᠠᠭᠴᠢ ᠤᠷᠴᠢᠭᠤᠯᠤᠭᠴᠢ ᠶᠢᠨ ᠪᠤᠯᠪᠠᠰᠤᠷᠠᠯ ᠢ ᠡᠷᠬᠢᠯᠡᠬᠦ ᠪᠠᠷ ᠲᠤᠭᠲᠠᠭᠰᠠᠨ ᠲᠤᠯᠠ ᠲᠠᠨ ᠢ ᠤᠷᠤᠯᠴᠠᠭᠤᠯᠬᠤ | ᠪᠠᠷ ᠪᠤᠯᠪᠠ᠃ ᠲᠤᠭᠲᠠᠭᠰᠠᠨ ᠴᠠᠭ ᠲᠤ ᠪᠠᠨ ᠨᠡᠷ᠎ᠡ ᠪᠠᠨ ᠮᠡᠳᠡᠭᠦᠯᠬᠦ ᠬᠡᠷᠡᠭᠲᠡᠢ᠃ | ᠲᠦᠪ ᠤᠨ ᠦᠨᠳᠦᠰᠦᠲᠡᠨ ᠤ ᠬᠡᠷᠡᠭ ᠡᠷᠬᠢᠯᠡᠬᠦ ᠬᠤᠷᠢᠶ᠎ᠠ | 2007 ᠣᠨ ᠤ 7 ᠰᠠᠷ᠎ᠠ ᠶᠢᠨ 22 ᠤᠨ ᠡᠳᠦᠷ | ᠮᠡᠳᠡᠭᠳᠡᠯ ᠢ ᠲᠤᠰᠤᠭᠠᠳ ᠠᠯᠠᠰᠭᠢᠨ ᠪᠠᠶᠠᠷᠯᠠᠪᠠ᠃ ᠪᠠᠰᠠ ᠨᠢᠭᠡᠨ ᠰᠠᠶᠢᠬᠠᠨ ᠳᠤᠬᠢᠶᠠᠯ ᠬᠦᠷᠦᠭᠡᠳ ᠢᠷᠡᠵᠡᠢ᠃ | ᠡᠬᠡ ᠬᠡᠯᠡ ᠪᠠᠨ ᠰᠤᠷᠴᠤ ᠰᠤᠳᠤᠯᠬᠤ ᠶᠢᠨ ᠠᠵᠠ ᠲᠠᠢ ᠤᠴᠠᠷᠠᠯ ᠢ ᠮᠦᠩᠬᠡ ᠲᠡᠭᠷᠢ ᠠᠴᠠ ᠰᠤᠶᠤᠷᠬᠠᠵᠤ ᠪᠠᠶᠢᠭ᠎ᠠ | ᠪᠢᠯᠡ᠃ | ᠠᠯᠪᠠᠨ ᠠᠵᠢᠯ ᠳᠤ ᠪᠠᠨ ᠮᠤᠩᠭᠢᠨᠠᠵᠤ ᠠᠷᠰᠠᠷ ᠤᠴᠢᠷ ᠲᠤ ᠶᠠᠭᠠᠷᠠᠭᠰᠠᠭᠠᠷ ᠰᠤᠷᠤᠯᠭ᠎ᠠ ᠶᠢᠨ ᠡᠳᠦᠷ ᠴᠦ | ᠶᠠᠭᠤ ᠬᠠᠢ ᠦᠭᠡᠢ ᠬᠦᠷᠦᠭᠡᠳ ᠢᠷᠡᠪᠡ᠃ ᠭᠠᠷ ᠲᠠᠬᠢ ᠪᠢᠴᠢᠭ ᠬᠠᠷ᠎ᠠ ᠶᠢ ᠲᠢᠭᠯᠡᠨ ᠳᠠᠭᠤᠰᠬᠠᠵᠤ᠂ ᠠᠯᠪᠠᠨ ᠭᠡᠷ | ᠤᠨ ᠡᠷᠬᠢᠯᠡᠭᠴᠢ ᠳᠤ ᠪᠠᠶᠢᠳᠠᠯ ᠢᠶᠠᠨ ᠬᠡᠯᠡᠭᠡᠳ ᠪᠡᠯᠡᠳᠬᠡᠯ ᠢᠶᠠᠨ ᠲᠦᠪᠬᠢᠨᠡᠭᠦᠯᠪᠡ᠃ | 8 ᠰᠠᠷ᠎ᠠ ᠶᠢᠨ 9 ᠤ ᠡᠳᠦᠷ᠂ ᠠᠭᠤᠷ ᠠᠮᠢᠰᠬᠤᠯ ᠪᠦᠭᠴᠢᠮ᠎ᠡ᠂ ᠬᠡᠰᠡᠭ ᠰᠡᠷᠢᠭᠦᠨ ᠰᠢᠭ ᠪᠠᠶᠢᠪᠠ᠃ ᠶᠢᠰᠦᠨ | ᠴᠠᠭ ᠤᠨ ᠡᠭᠡᠯᠵᠢ ᠶᠢᠨ ᠮᠠᠰᠢᠨ ᠲᠡᠷᠭᠡᠨ ᠳᠤ ᠰᠠᠭᠤᠵᠤ᠂ ᠤᠯᠠᠭᠠᠨᠬᠠᠳᠠ ᠶᠢ ᠴᠢᠭᠯᠡᠪᠡ᠃ ᠦᠨᠦᠳᠦᠷ ᠡᠭᠡᠯᠵᠢ ᠶᠢᠨ | ᠲᠡᠷᠭᠡᠨ ᠳᠤ ᠬᠦᠮᠦᠨ ᠬᠠᠷ᠎ᠠ ᠴᠦᠬᠡᠨ᠂ ᠬᠤᠭᠤᠰᠤᠨ ᠤᠷᠤ ᠨᠢᠵᠡᠭᠡᠳ ᠬᠠᠷᠠᠭᠳᠠᠨ᠎ᠠ᠃ ᠵᠢᠯᠤᠭᠤᠴᠢ ᠵᠠᠮ ᠢᠶᠠᠨ | ᠡᠯᠭᠦᠨ ᠬᠤᠷᠳᠤᠴᠠ ᠨᠡᠮᠡᠪᠡ᠃ | ᠤᠷᠴᠢᠮ ᠪᠣᠷᠤᠭᠠᠨ ᠬᠤᠷ᠎ᠠ ᠴᠦᠬᠡᠷᠡᠭᠰᠡᠨ ᠢᠶᠠᠷ ᠪᠡᠯᠴᠢᠭᠡᠷ ᠤᠨ ᠤᠷᠭᠤᠴᠠ ᠠᠨᠠᠢ᠂ ᠬᠠᠯᠴᠠᠭᠠᠢ ᠳᠤᠪᠤᠴᠠᠭ | ᠬᠠᠶᠠ ᠬᠠᠷᠠᠭᠳᠠᠨ᠂ ᠵᠠᠮ ᠤᠨ ᠬᠠᠵᠠᠭᠤ ᠪᠠᠷ ᠲᠤᠭᠤᠰᠤ ᠪᠤᠵᠢᠭᠢᠨᠠᠨ᠎ᠠ᠃ ᠲᠡᠷᠭᠡᠨ ᠳᠠᠬᠢ ᠬᠦᠮᠦᠰ ᠬᠡᠰᠡᠭ ᠳᠤᠭᠵᠢᠷᠠᠨ | ᠂ ᠨᠠᠷᠠᠨ ᠤ ᠬᠠᠯᠠᠭᠤᠨ ᠢᠯᠴᠢ ᠲᠦᠭᠡᠨᠡᠬᠦ ᠳᠤ ᠪᠠᠶᠢᠨ ᠪᠠᠶᠢᠨ ᠬᠦᠯᠦᠰᠦ ᠪᠠᠨ ᠵᠦᠯᠭᠦᠨ ᠪᠠᠴᠢᠮᠳᠠᠬᠤ ᠳᠠᠭᠤᠨ | ᠰᠣᠨᠣᠰᠳᠠᠨ᠎ᠠ᠃ | — ᠬᠡᠴᠡᠭᠦᠦ ᠬᠠᠯᠠᠭᠤᠨ᠃ | — ᠭᠠᠳᠠᠨ᠎ᠠ ᠰᠢᠲᠠᠮ᠎ᠠ ᠬᠠᠯᠠᠭᠤᠨ ᠴᠢᠨᠢ ᠠᠷᠭ᠎ᠠ ᠦᠭᠡᠢ᠃ | — ᠪᠣᠷᠤᠭᠠᠨ ᠬᠤᠯᠠᠳᠪᠠᠯ ᠡᠶᠢᠮᠦ ᠯᠡ ᠰᠢᠳᠡ᠃ | — ᠤᠷᠴᠢᠮ ᠤᠨ ᠵᠢᠯ ᠳᠤ ᠰᠠᠶᠢᠬᠠᠨ ᠵᠤᠨ ᠭᠠᠷᠬᠤ ᠪᠠᠨ ᠪᠤᠯᠢᠵᠠᠢ᠃ | — ᠡᠪᠡᠰᠦ ᠤᠷᠭᠤᠮᠠᠯ ᠰᠢᠩᠭᠡᠷᠡᠨ ᠴᠢᠭᠢᠭ ᠲᠠᠲᠠᠬᠤ ᠨᠢ ᠪᠠᠭᠠᠰᠴᠤ ᠪᠤᠢ᠃ | — ᠶᠠᠭᠠᠬᠢᠬᠤ ᠶᠢᠨ ᠠᠷᠭ᠎ᠠ ᠦᠭᠡᠢ᠃ | — ᠡᠮᠦᠨ᠎ᠡ ᠤᠷᠤᠨ ᠳᠤ ᠪᠣᠷᠤᠭᠠᠨ ᠤᠷᠤᠵᠤ ᠯᠡ ᠪᠤᠢ᠃ | — ᠁ | ᠡᠭᠡᠯᠵᠢ ᠶᠢᠨ ᠲᠡᠷᠭᠡ ᠬᠡᠰᠡᠭ ᠬᠤᠷᠳᠤᠴᠠ ᠨᠡᠮᠡᠨ ᠬᠡᠰᠡᠭ ᠠᠯᠭᠤᠷ ᠳᠤᠪᠲᠤᠯᠤᠨ ᠦᠳᠡ ᠶᠢᠨ ᠬᠤᠶᠢᠨᠠᠬᠢ | ᠬᠤᠶᠠᠷ ᠴᠠᠭ ᠲᠤ ᠤᠯᠠᠭᠠᠨᠬᠠᠳᠠ ᠦᠷᠲᠡᠭᠡ ᠳᠤ ᠬᠦᠷᠴᠦ ᠢᠷᠡᠪᠡ᠃ ᠬᠤᠲᠠ ᠵᠡᠭᠡᠯᠢ ᠶᠢᠨ ᠬᠦᠮᠦᠨ ᠬᠠᠷ᠎ᠠ ᠴᠦ | ᠬᠡᠴᠡᠭᠦᠦ ᠤᠯᠠᠨ᠂ ᠦᠢᠮᠡᠭᠡᠨ ᠱᠣᠤᠭᠢᠶᠠᠨ ᠴᠢᠬᠢ ᠳᠦᠯᠡᠶᠢᠷᠡᠮ᠎ᠡ ᠠᠵᠢ᠃ ᠭᠠᠯᠲᠦ ᠲᠡᠷᠭᠡᠨ ᠦᠷᠲᠡᠭᠡᠨ ᠳᠤ ᠬᠦᠷᠴᠦ | ᠂ ᠪᠡᠭᠡᠵᠢᠩ ᠬᠦᠷᠬᠦ ᠪᠢᠯᠧᠲ ᠪᠠᠨ ᠠᠪᠤᠭᠰᠠᠨ ᠢᠶᠠᠨ ᠴᠠᠭ ᠢ ᠨᠢ ᠦᠵᠡᠪᠡᠯ ᠤᠷᠤᠢ ᠶᠢᠨ ᠨᠠᠢᠮᠠᠨ ᠴᠠᠭ ᠳᠦᠴᠢᠨ | ᠮᠢᠨᠦ᠋ᠲ ᠭᠡᠵᠦ ᠪᠢᠴᠢᠵᠦ ᠪᠠᠶᠢᠪᠠ᠃ | ᠲᠠᠪᠤᠨ ᠴᠠᠭ ᠬᠦᠯᠢᠶᠡᠬᠦ ᠭᠡᠭᠴᠢ ᠤᠳᠠᠭᠠᠨ ᠴᠠᠭ ᠪᠢᠯᠡ᠃ ᠨᠡᠶᠢᠲᠡ ᠶᠢᠨ ᠮᠠᠰᠢᠨ ᠲᠡᠷᠭᠡᠨ ᠳᠤ ᠰᠠᠭᠤᠵᠤ | ᠨᠤᠮ ᠤᠨ ᠰᠠᠩ ᠳᠤ ᠬᠦᠷᠪᠡᠯ ᠬᠦᠮᠦᠨ ᠬᠠᠷ᠎ᠠ ᠴᠦᠬᠡᠨ ᠬᠠᠷᠠᠭᠳᠠᠨ᠎ᠠ᠃ ᠮᠤᠩᠭᠤᠯ ᠨᠤᠮ ᠤᠨ ᠲᠠᠰᠤᠭ ᠲᠤ ᠬᠦᠮᠦᠨ | ᠦᠭᠡᠢ᠂ ᠬᠠᠮᠢᠶᠠᠷᠤᠭᠴᠢ ᠯᠡ ᠰᠢᠷᠡᠭᠡ ᠶᠢᠨ ᠴᠠᠭᠠᠨ᠎ᠠ ᠰᠤᠨᠢᠨ ᠦᠵᠡᠨ᠎ᠡ᠃ ᠪᠣᠭᠴᠤ ᠪᠠᠨ ᠰᠢᠷᠡᠭᠡᠨ ᠤ ᠬᠠᠵᠠᠭᠤ ᠳᠤ | ᠲᠠᠯᠪᠢᠭᠠᠳ ᠳᠡᠯᠭᠡᠭᠰᠡᠨ ᠨᠤᠮ ᠢ ᠠᠩᠬᠠᠷᠤᠨ ᠠᠵᠢᠭᠯᠠᠪᠠ᠃ ᠲᠦᠷᠦᠭᠦᠴᠢ ᠶᠢᠨ ᠵᠢᠯ ᠳᠤ ᠤᠩᠰᠢᠭᠰᠠᠨ ᠬᠠᠭᠤᠴᠢᠨ | ᠳᠠᠰᠤᠯ ᠨᠤᠮ ᠬᠠᠷᠠᠭᠳᠠᠨ᠎ᠠ᠃ | ᠨᠤᠮ ᠤᠨ ᠳᠡᠯᠭᠡᠭᠦᠷ ᠢ ᠠᠵᠢᠶᠠᠷᠠᠨ ︽ᠮᠤᠩᠭᠤᠯ ᠬᠡᠯᠡᠨ ᠤ ᠨᠡᠪᠲᠡᠷᠬᠡᠢ ᠲᠤᠯᠢ︾ ᠭᠡᠬᠦ ᠵᠤᠵᠠᠭᠠᠨ ᠨᠤᠮ ᠢ | ᠤᠩᠰᠢᠪᠠ᠃ ᠡᠨᠡ ᠨᠤᠮ ᠢ ᠨᠠᠷᠢᠨ ᠤᠩᠰᠢᠪᠠᠯ ᠣᠤᠯ ᠠᠴᠠ ᠪᠠᠨ ᠵᠠᠰᠠᠪᠤᠷᠢ ᠤᠷᠤᠭᠤᠯᠤᠨ ᠵᠠᠷᠢᠮ ᠦᠭᠡ ᠶᠢ | ᠨᠢᠭᠡᠳᠬᠡᠨ ᠪᠢᠴᠢᠭᠰᠡᠨ ᠠᠵᠢ᠃ ︽ᠦᠭᠡᠷ᠎ᠡ ᠶᠠᠮᠠᠷ ᠨᠤᠮ ᠪᠠᠶᠢᠳᠠᠭ ᠪᠤᠯ︖︾ ᠭᠡᠵᠦ ᠳᠠᠬᠢᠨ ᠠᠵᠢᠭᠯᠠᠪᠠᠯ ᠪᠦᠷ | ᠯᠡ ᠤᠩᠰᠢᠭᠰᠠᠨ ᠨᠤᠮ ᠪᠢᠯᠡ᠃ ᠬᠡᠳᠦᠨ ᠰᠢᠯᠦᠭ ᠤᠨ ᠲᠡᠭᠦᠪᠦᠷᠢ ᠶᠢ ᠲᠠᠲᠠᠨ ᠠᠪᠴᠤ ᠤᠷᠪᠠᠭᠤᠯᠤᠨ ᠦᠵᠡᠯ᠎ᠡ᠃ | ᠰᠢᠯᠦᠭ ᠤᠨ ᠭᠠᠷᠴᠠᠭ ᠨᠢ ᠳᠠᠪᠠᠭᠤ ᠴᠦ ᠠᠭᠤᠯᠭ᠎ᠠ ᠨᠢ ᠪᠦᠷ ᠯᠡ ᠬᠡᠯᠡ ᠶᠢ ᠬᠤᠭᠤᠯᠤᠮᠠ ᠢᠨᠠᠭ ᠤᠨ ᠰᠢᠯᠦᠭ | ᠪᠦᠭᠡᠳ ᠭᠤᠨᠢᠭ ᠵᠤᠪᠠᠭᠤᠷᠢ ᠶᠢᠨ ᠦᠩᠭᠡ ᠠᠶᠠᠰ ᠲᠤᠳᠤᠷᠠᠨ᠎ᠠ᠃ | ᠬᠡᠳᠦᠨ ᠨᠤᠮ ᠢ ᠣᠤᠯ ᠤᠷᠤᠨ ᠳᠤ ᠨᠢ ᠲᠠᠯᠪᠢᠵᠤ᠂ ᠡᠶᠢᠰᠢ ᠲᠡᠶᠢᠰᠢ ᠠᠵᠢᠭᠯᠠᠬᠤ ᠳᠤ ᠳᠡᠯᠭᠡᠭᠦᠷ ᠤᠨ | ᠬᠠᠮᠢᠶᠠᠷᠤᠭᠴᠢ ᠬᠠᠵᠠᠭᠤ ᠳᠤ ᠢᠷᠡᠭᠡᠳ᠄ | — ᠡᠨᠡ ᠬᠡᠳᠦᠨ ᠵᠢᠯ ᠤᠨ ᠢᠷᠡᠭᠰᠡᠨ ᠨᠤᠮ ᠨᠢ ᠢᠨᠠᠭ ᠤᠨ ᠵᠤᠬᠢᠶᠠᠯ ᠤᠯᠠᠨ ᠪᠤᠢ᠃ ᠴᠠᠭ ᠤᠨ ᠦᠩᠭᠡ | ᠪᠠᠨ ᠳᠠᠭᠠᠵᠤ ᠪᠠᠶᠢᠯᠭᠦᠢ᠂ ᠤᠩᠰᠢᠮᠠᠷ ᠵᠦᠢᠯ ᠴᠦᠬᠡᠨ ᠡ ᠭᠡᠨ᠎ᠡ᠃ | — ᠠᠯᠢ ᠶᠢ ᠨᠢ ᠣᠩᠰᠢᠭᠰᠠᠨ ᠴᠦ ᠠᠳᠠᠯᠢᠬᠠᠨ ᠳ᠋ᠧ ᠭᠡᠬᠦ ᠳᠤ ᠳᠡᠯᠭᠡᠭᠦᠷ ᠤᠨ ᠬᠠᠮᠢᠶᠠᠷᠤᠭᠴᠢ᠄ | — ᠲᠡᠶᠢᠮᠦ᠂ ᠲᠡᠶᠢᠮᠦ ᠭᠡᠵᠦ ᠲᠤᠯᠤᠭᠠᠢ ᠳᠤᠬᠢᠨᠠ᠃ | ᠪᠢ ᠠᠷᠭ᠎ᠠ ᠶᠠᠳᠠᠬᠤ ᠳᠤ ᠪᠠᠨ ᠬᠡᠳᠦᠨ ᠰᠤᠨᠢᠨ ᠢ ᠠᠪᠴᠢᠷᠠᠨ ᠤᠩᠰᠢᠪᠠ᠃ ᠰᠤᠨᠢᠨ ᠮᠡᠳᠡᠭᠡ ᠶᠢᠨ ᠠᠭᠤᠯᠭ᠎ᠠ | ᠨᠢ ᠪᠦᠷ ᠯᠡ ᠵᠠᠬ᠎ᠠ ᠳᠡᠯᠭᠡᠭᠦᠷ ᠤᠨ ᠠᠵᠤ ᠠᠬᠤᠢ ᠶᠢᠨ ᠮᠡᠳᠡᠭᠡ ᠪᠠᠷ ᠭᠤᠤᠯᠯᠠᠵᠤ ᠪᠤᠢ᠃ ᠬᠠᠨ᠎ᠠ ᠳᠠᠬᠢ ᠴᠠᠭ ᠢ | ᠦᠵᠡᠪᠡᠯ ᠵᠢᠷᠭᠤᠭᠠᠨ ᠴᠠᠭ ᠤᠶᠢᠷᠠᠳᠴᠤ ᠪᠤᠢ᠃ ᠰᠤᠨᠢᠨ ᠢ ᠴᠠᠭᠠᠰᠢ ᠬᠤᠷᠢᠶᠠᠨ ᠪᠤᠭᠴᠤ ᠪᠠᠨ ᠠᠪᠬᠤ ᠳᠤ ᠳᠡᠯᠭᠡᠭᠦᠷ | ᠤᠨ ᠬᠠᠮᠢᠶᠠᠷᠤᠭᠴᠢ᠄ | — ᠳᠠᠬᠢᠭᠠᠳ ᠢᠷᠡᠭᠡᠷᠡᠢ︕ ᠭᠡᠨ᠎ᠡ᠃ | ᠵᠡᠭᠡᠯᠢ ᠶᠢᠨ ᠦᠵᠡᠮᠵᠢ ᠶᠢ ᠰᠤᠨᠢᠷᠬᠠᠨ ᠠᠯᠭᠤᠷ ᠠᠯᠬᠤᠭᠰᠠᠭᠠᠷ ᠭᠠᠯᠲᠦ ᠲᠡᠷᠭᠡᠨ ᠦᠷᠲᠡᠭᠡᠨ ᠳᠤ ᠢᠷᠡᠪᠡ᠃ | ᠠᠶᠠᠨᠴᠢᠳ ᠲᠡᠷᠭᠡᠨ ᠦᠷᠲᠡᠭᠡᠨ ᠤ ᠭᠠᠳᠠᠨᠠᠬᠢ ᠲᠠᠶᠢᠰᠠᠨ ᠳᠤ ᠰᠡᠷᠢᠭᠦᠴᠡᠨ ᠰᠠᠭᠤᠨ᠎ᠠ᠃ ᠪᠠᠰᠠ ᠵᠠᠷᠢᠮ ᠨᠢ ᠮᠤᠳᠤᠨ | ᠰᠡᠭᠦᠳᠡᠷ ᠲᠤ ᠬᠦᠢᠲᠡᠨ ᠣᠮᠳᠠᠭᠠᠨ ᠣᠤᠭᠤᠵᠤ ᠰᠡᠷᠢᠭᠦᠴᠡᠨᠡ᠃ | ᠠᠶᠠᠨᠴᠢᠳ ᠲᠡᠷᠭᠡᠨ ᠦᠷᠲᠡᠭᠡᠨ ᠳᠤ ᠤᠷᠤᠵᠤ ᠭᠠᠷᠬᠤ ᠨᠢ ᠤᠯᠠᠰᠢᠷᠠᠵᠤ᠂ ᠪᠤᠳᠤᠪᠠᠯ ᠬᠠᠯᠠᠭᠤᠨ ᠢ | ᠲᠡᠰᠪᠦᠷᠢᠯᠡᠬᠦ ᠳᠤ ᠪᠡᠷᠬᠡᠳᠡᠵᠦ ᠪᠠᠶᠢᠬᠤ ᠨᠢ ᠢᠯᠡᠬᠡᠨ᠃ ᠬᠠᠨ᠎ᠠ ᠳᠤ ᠡᠯᠭᠦᠭᠰᠡᠨ ᠴᠠᠭ ᠳᠤᠯᠤᠭᠠᠨ ᠴᠠᠭ ᠳᠦᠴᠢᠨ | ᠮᠢᠨᠦ᠋ᠲ ᠶᠢ ᠵᠢᠭᠠᠵᠤ ᠪᠤᠢ᠃ ᠦᠷᠲᠡᠭᠡᠨ ᠤ ᠴᠤᠩᠬᠤ ᠪᠠᠷ ᠬᠠᠷᠠᠪᠠᠯ ᠡᠭᠡᠯᠵᠢ ᠶᠢᠨ ᠭᠠᠯᠲᠦ ᠲᠡᠷᠭᠡ ᠵᠡᠭᠦᠨᠰᠢ | ᠪᠠᠷᠠᠭᠤᠨᠰᠢ ᠦᠩᠭᠡᠷᠡᠨ᠎ᠡ᠃ ᠬᠤᠷᠢᠨ ᠵᠢᠯ ᠤᠨ ᠡᠮᠦᠨ᠎ᠡ ᠦᠷᠲᠡᠭᠡᠨ ᠤ ᠡᠮᠦᠨᠡᠭᠦᠷ ᠨᠢᠭᠡ ᠯᠡ ᠲᠠᠶᠢᠰᠠ ᠲᠠᠢ᠂ | ᠠᠶᠠᠨᠴᠢᠳ ᠰᠢᠬᠠᠯᠳᠤᠨ ᠢᠪᠡᠷᠡᠯᠳᠦᠬᠦ ᠤᠴᠢᠷ ᠦᠭᠡᠢ ᠶᠤᠮ᠃ ᠤᠳᠤ ᠠᠷᠪᠠᠭᠠᠳ ᠵᠠᠮ ᠡᠩᠨᠡᠷᠡᠨ ᠲᠠᠶᠢᠰᠠ ᠢᠨᠳᠡᠷ | ᠨᠢ ᠤᠯᠠᠰᠢᠷᠠᠭᠰᠠᠨ ᠴᠦ ᠠᠶᠠᠨᠴᠢᠳ ᠬᠠᠷᠢᠨ ᠪᠠᠭᠲᠠᠵᠤ ᠶᠠᠳᠠᠨ᠎ᠠ᠃ | ᠭᠠᠯᠲᠦ ᠲᠡᠷᠭᠡᠨ ᠦᠷᠲᠡᠭᠡᠨ ᠤ ᠦᠢᠯᠡᠴᠢᠯᠡᠭᠴᠢ᠄ | — ᠠᠶᠠᠨᠴᠢᠳ ᠡ᠂ ᠪᠡᠭᠡᠵᠢᠩ ᠳᠤ ᠬᠦᠷᠬᠦ ᠬᠦᠮᠦᠰ ᠪᠤᠭᠴᠤ ᠪᠢᠯᠧᠲ ᠪᠠᠨ ᠠᠪᠴᠤ ᠪᠡᠯᠡᠳᠬᠡᠭᠡᠷᠡᠢ︕ | ᠭᠡᠵᠦ ᠤᠯᠠᠨ ᠳᠤ ᠬᠡᠯᠡᠨ᠎ᠡ᠃ | ᠬᠦᠮᠦᠰ ᠡᠭᠦᠳᠡ ᠵᠦᠭ ᠢᠪᠡᠷᠡᠯᠳᠦᠨᠡ᠃ ᠬᠡᠤᠬᠡᠳ ᠰᠢᠤᠬᠠᠳ ᠢᠶᠠᠨ ᠳᠠᠭᠠᠭᠤᠯᠤᠭᠰᠠᠨ ᠨᠢ ᠬᠦᠯᠦᠰᠦ ᠪᠠᠨ | ᠠᠷᠴᠢᠬᠤ ᠵᠠᠪ ᠦᠭᠡᠢ ᠭᠡᠬᠦ ᠳᠤ ᠪᠤᠭᠤᠳᠠᠯ ᠪᠤᠭᠴᠤ ᠤᠯᠠᠨ ᠨᠢ ᠴᠦ ᠴᠢᠷᠠᠢ ᠴᠢᠨᠡᠷᠡᠭᠦᠯᠦᠨ ᠰᠢᠬᠠᠯᠳᠤᠨ | ᠵᠤᠭᠰᠤᠨ᠎ᠠ᠃ | ᠭᠠᠯᠲᠦ ᠲᠡᠷᠭᠡᠨ ᠳᠤ ᠭᠠᠷᠪᠠ᠃ ᠬᠦᠮᠦᠰ ᠬᠡᠰᠡᠭ ᠱᠣᠤᠭᠢᠯᠳᠤᠭᠰᠠᠨ ᠢᠶᠠᠨ ᠨᠠᠮ ᠬᠦᠮ ᠪᠤᠯᠪᠠ᠃ ᠪᠣᠳᠤᠪᠠᠯ | ᠤᠷᠤᠨ ᠪᠠᠶᠢᠷᠢ ᠪᠠᠨ ᠤᠯᠵᠤ ᠶᠠᠭᠤᠮ᠎ᠠ ᠬᠡᠤᠮ᠎ᠡ ᠪᠠᠨ ᠲᠠᠯᠪᠢᠭᠰᠠᠨ ᠪᠤᠯᠤᠯᠲᠠᠢ᠃ ᠭᠠᠯᠲᠦ ᠲᠡᠷᠭᠡ ᠵᠠᠮ ᠢᠶᠠᠨ ᠡᠯᠭᠦᠨ | ᠳᠠᠪᠬᠢᠨ᠎ᠠ᠃ ᠲᠡᠷᠭᠡᠨ ᠳᠠᠬᠢ ᠬᠦᠮᠦᠰ ᠳᠡᠮᠡᠢ ᠤᠳᠠᠯ ᠦᠭᠡᠢ ᠳᠤᠭ ᠨᠤᠶᠢᠷ ᠲᠤ ᠪᠠᠨ ᠤᠷᠤᠪᠠ᠃ ᠪᠢ ᠴᠦ ᠤᠯᠠᠨ ᠤ | ᠦᠢᠮᠡᠭᠡᠨ ᠨᠠᠮᠳᠠᠬᠤᠯᠠᠷ ᠠᠷᠠᠢ ᠭᠡᠵᠦ ᠳᠤᠲᠤᠷ᠎ᠠ ᠠᠭᠤᠵᠢᠷᠠᠨ ᠳᠤᠭᠭᠢᠪᠠ᠃ ᠭᠠᠯᠲᠦ ᠲᠡᠷᠭᠡ ᠲᠤᠭᠲᠠᠭᠰᠠᠨ | ᠬᠤᠷᠳᠤᠴᠠ ᠪᠠᠷ ᠵᠠᠮᠨᠠᠬᠤ ᠳᠤ ᠪᠠᠨ ᠬᠠᠶᠠ ᠬᠦᠴᠦᠲᠡᠢ ᠣᠭᠤᠭᠢᠯᠠᠬᠤ ᠨᠢ ᠳᠤᠭᠵᠢᠷᠠᠭᠰᠠᠨ ᠬᠦᠮᠦᠨ ᠳᠤ ᠵᠡᠭᠦᠳᠦ | ᠭᠡᠮᠡᠷ ᠬᠠᠴᠢᠨ ᠰᠣᠨᠣᠰᠳᠠᠨ᠎ᠠ᠃ | — ᠯᠦᠩᠬᠤᠸᠠ ᠦᠷᠲᠡᠭᠡ ᠬᠦᠷᠦᠭᠡᠳ ᠢᠷᠡᠵᠡᠢ ᠭᠡᠬᠦ ᠦᠢᠯᠡᠴᠢᠯᠡᠭᠴᠢ ᠶᠢᠨ ᠳᠠᠭᠤᠨ ᠪᠦᠣᠷ ᠲᠦᠤᠷ | ᠰᠣᠨᠣᠰᠳᠠᠨ᠎ᠠ᠃ | ᠭᠠᠯᠲᠦ ᠲᠡᠷᠭᠡ ᠳᠤᠭᠭᠢᠨ ᠵᠤᠭᠰᠤᠭᠰᠠᠨ ᠢᠶᠠᠨ ᠳᠠᠬᠢᠭᠠᠳ ᠵᠠᠮ ᠢᠶᠠᠨ ᠡᠪᠬᠡᠨ᠎ᠡ᠃ ᠭᠠᠯᠲᠦ ᠲᠡᠷᠭᠡᠨ ᠤ | ᠰᠠᠵᠢᠯᠭᠠᠨ ᠳᠤ ᠬᠦᠮᠦᠰ ᠨᠠᠮ ᠬᠦᠮ᠃ ᠬᠠᠶᠠ ᠠᠭᠤᠯᠠᠨ ᠬᠦᠨᠳᠡᠢ ᠶᠢᠨ ᠨᠦᠬᠡᠨ ᠵᠠᠮ ᠢ ᠦᠩᠭᠡᠷᠡᠬᠦ ᠳᠤ ᠬᠠᠮᠠᠷ | ᠭᠠᠳᠠᠮ᠎ᠠ ᠲᠤᠰᠤᠨ ᠤ ᠦᠨᠦᠷ ᠴᠤᠷᠭᠢᠨᠠ᠃ | — ᠠᠶᠠᠨᠴᠢᠳ ᠡ᠂ ᠪᠡᠭᠡᠵᠢᠩ ᠦᠷᠲᠡᠭᠡ ᠬᠦᠷᠦᠭᠡᠳ ᠢᠷᠡᠯ᠎ᠡ᠂ ᠶᠠᠭᠤᠮ᠎ᠠ ᠬᠡᠤᠮ᠎ᠡ ᠪᠠᠨ ᠠᠪᠤᠭᠠᠷᠠᠢ︕ | ᠭᠡᠬᠦ ᠦᠢᠯᠡᠴᠢᠯᠡᠭᠴᠢ ᠶᠢᠨ ᠳᠠᠭᠤᠨ ᠬᠦᠮᠦᠰ ᠢ ᠰᠡᠷᠢᠭᠡᠪᠡ᠃ | ᠪᠢ ᠴᠦ ᠦᠨᠳᠡᠶᠢᠨ ᠪᠤᠰᠴᠤ ᠪᠢᠯᠧᠲ ᠢᠶᠠᠨ ᠰᠣᠯᠢᠵᠤ ᠪᠢᠴᠢᠬᠠᠨ ᠪᠤᠭᠴᠤ ᠪᠠᠨ ᠠᠪᠴᠤ ᠰᠠᠭᠤᠪᠠ᠃ ᠭᠠᠯᠲᠦ | ᠲᠡᠷᠭᠡ ᠠᠭᠠᠵᠢᠮᠬᠠᠨ ᠭᠤᠯᠭᠤᠷᠢᠭᠰᠠᠨ ᠢᠶᠠᠨ ᠳᠤᠭᠭᠢᠨ ᠵᠤᠭᠰᠤᠪᠠ᠃ ᠦᠢᠯᠡᠴᠢᠯᠡᠭᠴᠢ ᠡᠭᠦᠳᠡ ᠨᠡᠭᠡᠭᠡᠬᠦ ᠲᠠᠢ ᠵᠡᠷᠭᠡ | ᠠᠶᠠᠨᠴᠢᠳ ᠰᠢᠬᠠᠯᠳᠤᠨ ᠴᠤᠪᠤᠷᠠᠨ᠎ᠠ᠃ ᠭᠠᠯᠲᠦ ᠲᠡᠷᠭᠡᠨ ᠦᠷᠲᠡᠭᠡ ᠠᠴᠠ ᠭᠠᠷᠬᠤ ᠳᠤ ᠦᠤᠷ ᠤᠨ ᠭᠡᠭᠡ ᠲᠤᠳᠤᠷᠠᠨ | ᠬᠤᠯᠠ ᠤᠶᠢᠷ᠎ᠠ ᠶᠢᠨ ᠪᠠᠷ᠎ᠠ ᠲᠤᠳᠤᠬᠠᠨ ᠬᠠᠷᠠᠭᠳᠠᠨ᠎ᠠ᠃ | ᠪᠡᠭᠡᠵᠢᠩ ᠬᠤᠲᠠ ᠶᠢᠨ ᠤᠢ ᠮᠤᠳᠤ ᠤᠯᠠᠨ ᠴᠦ ᠠᠶᠠᠨᠴᠢᠳ ᠤᠨ ᠤᠷᠤᠰᠬᠠᠯ ᠴᠦ ᠬᠡᠴᠡᠭᠦᠦ᠃ ᠦᠷᠯᠦᠭᠡ | ᠡᠷᠲᠡᠯᠡᠨ ᠠᠭᠤᠷ ᠠᠮᠢᠰᠬᠤᠯ ᠪᠦᠭᠴᠢᠮ᠎ᠡ ᠪᠤᠯᠵᠤ᠂ ᠬᠦᠮᠦᠰ ᠮᠤᠳᠤᠨ ᠰᠡᠭᠦᠳᠡᠷ ᠰᠡᠷᠢᠭᠦᠴᠡᠨᠡ᠃ ᠵᠠᠮ ᠤᠨ ᠬᠠᠵᠠᠭᠤ | ᠳᠤ ᠬᠦᠯᠦᠰᠦ ᠪᠠᠨ ᠠᠰᠬᠠᠷᠠᠭᠤᠯᠤᠨ ᠵᠤᠭᠰᠤᠬᠤ ᠬᠦᠮᠦᠰ ᠤᠯᠠᠨ ᠪᠤᠢ᠃ ᠤᠯᠠᠨ ᠲᠠᠢ ᠬᠠᠮᠲᠤ ᠨᠡᠯᠢᠶᠡᠳ | ᠵᠤᠭᠰᠤᠲᠠᠯᠠ ᠨᠡᠶᠢᠲᠡ ᠶᠢᠨ ᠮᠠᠰᠢᠨ ᠲᠡᠷᠭᠡ ᠬᠦᠷᠴᠦ ᠢᠷᠡᠯ᠎ᠡ᠃ | ᠨᠡᠶᠢᠲᠡ ᠶᠢᠨ ᠮᠠᠰᠢᠨ ᠲᠡᠷᠭᠡᠨ ᠳᠤ ᠭᠠᠷᠴᠤ ᠰᠠᠭᠤᠳᠠᠯ ᠤᠯᠵᠤ ᠰᠠᠭᠤᠪᠠ᠃ ᠬᠦᠮᠦᠰ ᠰᠤᠨᠢᠨ ᠦᠵᠡᠵᠦ ᠨᠤᠮ | ᠱᠠᠭᠠᠶᠢᠨᠠ᠃ ᠵᠠᠮ ᠤᠨ ᠬᠠᠵᠠᠭᠤ ᠪᠠᠷ ᠪᠡᠶ᠎ᠡ ᠪᠤᠯᠪᠠᠰᠤᠷᠠᠬᠤ᠂ ᠡᠳ᠋ ᠪᠠᠷᠠᠭ᠎ᠠ ᠬᠤᠳᠠᠯᠳᠤᠬᠤ ᠨᠢ ᠪᠠᠶᠢᠨ ᠪᠠᠶᠢᠨ | ᠬᠠᠷᠠᠭᠳᠠᠨ᠎ᠠ᠃ ᠡᠭᠡᠯᠵᠢ ᠶᠢᠨ ᠲᠡᠷᠭᠡ ᠵᠡᠭᠡᠯᠢ ᠭᠤᠳᠤᠮᠵᠢ ᠶᠢ ᠰᠦᠯᠵᠢᠨ ᠠᠶᠠᠯᠠᠵᠤ ᠪᠠᠢ ᠸᠠᠩ ᠱᠠᠨ ᠠᠭᠤᠯᠠ ᠶᠢᠨ | ᠬᠠᠪᠢ ᠳᠠᠬᠢ ᠦᠷᠲᠡᠭᠡᠨ ᠳᠤ ᠵᠤᠭᠰᠤᠪᠠ᠃ ᠪᠤᠭᠴᠤ ᠪᠠᠨ ᠠᠪᠴᠤ ᠲᠡᠷᠭᠡᠨ ᠠᠴᠠ ᠪᠠᠭᠤᠬᠤ ᠳᠤ ᠴᠡᠯᠭᠡᠮ᠎ᠡ | ᠨᠤᠭᠤᠭᠠᠨ ᠠᠭᠤᠯᠠᠰ ᠬᠠᠷᠠᠭᠠᠨ ᠳᠤ ᠲᠤᠳᠤᠷᠠᠨ᠎ᠠ᠃ | ᠵᠤᠨ ᠤ ᠦᠵᠡᠮᠵᠢ ᠪᠠᠷ ᠳᠡᠯᠭᠡᠭᠳᠡᠭᠰᠡᠨ ᠠᠭᠤᠯᠠᠰ ᠤᠨ ᠬᠠᠵᠠᠭᠤ ᠪᠠᠷ ᠵᠦᠢᠯ ᠤᠨ ᠴᠡᠴᠡᠭ ᠳᠡᠯᠭᠡᠷᠡᠨ᠂ | ᠵᠢᠭᠦᠷᠲᠡᠨ ᠰᠢᠪᠠᠭᠤᠳ ᠵᠢᠷᠭᠢᠨ ᠳᠤᠩᠭᠤᠳᠴᠤ᠂ ᠵᠤᠭᠠᠴᠠᠨ ᠲᠤᠭᠤᠷᠢᠭᠰᠠᠳ ᠲᠠᠰᠤᠷᠠᠭ᠎ᠠ ᠦᠭᠡᠢ ᠵᠤᠷᠴᠢᠨ᠎ᠠ᠃ | ᠶᠠᠩᠵᠤ ᠶᠢᠨ ᠪᠤᠳᠤᠭ ᠢᠶᠠᠷ ᠴᠢᠮᠡᠭᠯᠡᠭᠳᠡᠭᠰᠡᠨ ᠠᠰᠠᠷ ᠪᠠᠷᠢᠯᠭ᠎ᠠ ᠠᠭᠤᠯᠠᠰ ᠤᠨ ᠬᠠᠵᠠᠭᠤ ᠪᠠᠷ ᠵᠢᠭᠳᠡᠷᠡᠵᠦ᠂ ᠬᠠᠶᠠ | ᠬᠠᠶᠠ ᠵᠤᠭᠠᠴᠠᠭᠰᠠᠳ ᠤᠨ ᠪᠠᠷᠬᠢᠷᠠᠯᠳᠤᠬᠤ ᠳᠠᠭᠤᠨ ᠴᠣᠤᠷᠢᠶ᠎ᠠ ᠲᠠᠲᠠᠨ᠎ᠠ᠃ | ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠭᠡᠬᠦ ᠤᠯᠠᠭᠠᠨ ᠢᠯᠡᠷᠬᠡᠶᠢᠯᠡᠯ ᠬᠤᠯᠠ ᠠᠴᠠ | ᠳᠤᠷᠠᠶᠢᠵᠤ᠂ ᠲᠤᠮᠤ ᠡᠭᠦᠳᠡ ᠪᠠᠷ ᠨᠢ ᠶᠡᠭᠡ ᠪᠠᠭ᠎ᠠ ᠲᠡᠷᠭᠡ ᠴᠣᠪᠣᠷᠠᠨᠠ᠃ ᠡᠭᠦᠳᠡᠨ ᠳᠤ ᠨᠢ ᠬᠦᠷᠬᠦ ᠳᠤ | ᠬᠠᠮᠠᠭᠠᠯᠠᠭᠴᠢ ᠲᠤᠰᠤᠨ ᠭᠠᠷᠴᠤ ᠢᠷᠡᠭᠡᠳ᠄ | — ᠶᠠᠮᠠᠷ ᠤᠴᠢᠷ ᠢᠶᠠᠷ ᠢᠷᠡᠪᠡ︖ ᠭᠡᠵᠦ ᠨᠠᠷᠢᠪᠴᠢᠯᠠᠨᠠ᠃ | — ᠰᠤᠷᠤᠯᠴᠠᠬᠤ ᠪᠠᠷ ᠢᠷᠡᠭᠰᠡᠨ ᠡ ᠭᠡᠪᠡᠯ᠄ | — ᠲᠤᠮᠤ ᠲᠢᠩᠬᠢᠮ ᠳᠤ ᠨᠡᠷ᠎ᠡ ᠮᠡᠳᠡᠭᠦᠯᠵᠦ ᠪᠤᠢ ᠭᠡᠵᠦ ᠪᠠᠷᠠᠭᠤᠨᠰᠢ ᠳᠤᠬᠢᠨᠠ᠃ | ᠪᠠᠷᠠᠭᠤᠨ ᠠᠰᠠᠷ ᠤᠨ ᠲᠤᠮᠤ ᠲᠢᠩᠬᠢᠮ ᠳᠤ ᠬᠦᠷᠪᠡᠯ ᠦᠢᠯᠡᠴᠢᠯᠡᠭᠴᠢ ᠲᠤᠰᠤᠨ ᠢᠷᠡᠭᠡᠳ᠄ | — ᠨᠡᠷ᠎ᠡ ᠪᠠᠨ ᠮᠡᠳᠡᠭᠦᠯᠬᠦ ᠦᠦ︖ ᠠᠳᠡ ᠪᠦᠷᠢᠳᠬᠡᠵᠦ ᠪᠤᠢ ᠭᠡᠵᠦ ᠴᠠᠭᠠᠨ᠎ᠠ ᠰᠢᠷᠡᠭᠡ ᠶᠢ ᠵᠢᠭᠠᠪᠠ᠃ | ᠦᠢᠯᠡᠴᠢᠯᠡᠭᠴᠢ ᠶᠢᠨ ᠭᠠᠵᠠᠷ ᠲᠤ ᠨᠡᠷ᠎ᠡ ᠪᠠᠨ ᠮᠡᠳᠡᠭᠦᠯᠦᠨ ᠬᠠᠮᠢᠶ᠎ᠠ ᠲᠠᠢ ᠪᠢᠴᠢᠭ ᠨᠤᠮ ᠢᠶᠠᠨ ᠠᠪᠴᠤ ᠪᠠᠶᠢᠷᠢ | ᠶᠢᠨ ᠭᠡᠷ ᠲᠤ ᠪᠠᠨ ᠬᠦᠷᠪᠡ᠃ ᠪᠠᠶᠢᠷᠢ ᠶᠢᠨ ᠭᠡᠷ ᠲᠤ ᠬᠤᠶᠠᠷ ᠬᠦᠮᠦᠨ ᠢ ᠲᠤᠬᠢᠷᠠᠭᠤᠯᠤᠨ᠂ ᠪᠠᠶᠠᠨᠨᠠᠭᠤᠷ ᠬᠤᠲᠠ | ᠶᠢᠨ ᠪᠢᠯᠢᠭ ᠭᠤᠸᠠᠢ ᠬᠡᠳᠦᠶᠢᠨ ᠢᠷᠡᠭᠡᠳ ᠪᠠᠶᠢᠪᠠ᠃ | ᠮᠠᠨᠤᠰ ᠠᠮᠤᠷ ᠮᠡᠨᠳᠦ᠂ ᠨᠤᠲᠤᠭ ᠤᠰᠤ ᠪᠠᠨ ᠮᠡᠳᠡᠯᠴᠡᠨ ᠶᠠᠭᠤᠮ᠎ᠠ ᠬᠡᠤᠮ᠎ᠡ ᠪᠠᠨ ᠲᠦᠪᠬᠢᠨᠡᠭᠦᠯᠪᠡ᠃ ᠪᠠᠶᠢᠷᠢ | ᠶᠢᠨ ᠭᠡᠷ ᠭᠡᠭᠴᠢ ᠠᠷᠤ ᠲᠠᠯ᠎ᠠ ᠳᠤ ᠪᠠᠶᠢᠷᠢᠯᠠᠵᠤ᠂ ᠴᠤᠩᠬᠤ ᠪᠠᠷ ᠭᠠᠳᠠᠭᠰᠢ ᠬᠠᠷᠠᠪᠠᠯ ᠪᠠᠢ ᠸᠠᠩ ᠱᠠᠨ ᠠᠭᠤᠯᠠ ᠶᠢᠨ | ᠦᠵᠡᠮᠵᠢ ᠶᠢ ᠲᠤᠳᠤᠬᠠᠨ ᠦᠵᠡᠬᠦ ᠨᠢ ᠰᠠᠶᠢᠬᠠᠨ ᠠᠵᠠ ᠪᠤᠯᠪᠠ᠃ | ᠡᠨᠡ ᠤᠳᠠᠭᠠᠨ ᠤ ᠪᠤᠯᠪᠠᠰᠤᠷᠠᠯ ᠳᠤ ᠦᠪᠦᠷ ᠮᠤᠩᠭᠤᠯ᠂ ᠲᠦᠪᠡᠳ᠂ ᠰᠢᠨᠵᠢᠶᠠᠩ᠂ ᠬᠦᠬᠡᠨᠠᠭᠤᠷ᠂ | ᠰᠧᠴᠣᠸᠠᠨ᠂ ᠭᠢᠷᠢᠨ᠂ ᠯᠢᠶᠣᠤᠨᠢᠩ᠂ ᠬᠠᠷᠠᠮᠦ᠋ᠷᠡᠨ᠂ ᠪᠡᠭᠡᠵᠢᠩ ᠵᠡᠷᠭᠡ ᠭᠠᠵᠠᠷ ᠤᠨ ᠮᠤᠩᠭᠤᠯ᠂ ᠲᠦᠪᠡᠳ᠂ ᠬᠠᠰᠠᠭ | ᠂ ᠤᠶᠢᠭᠤᠷ᠂ ᠯᠢ᠂ ᠵᠤᠸᠠᠩ᠂ ᠢ᠂ ᠰᠣᠯᠣᠩᠭᠤᠰ ᠵᠡᠷᠭᠡ ᠴᠦᠬᠡᠨ ᠲᠤᠭᠠᠲᠦ ᠦᠨᠳᠦᠰᠦᠲᠡᠨ ᠤ ᠭᠤᠴᠢᠨ | ᠵᠢᠷᠭᠤᠭᠠᠨ ᠬᠦᠮᠦᠨ ᠤᠷᠤᠯᠴᠠᠵᠠᠢ᠃ | ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠬᠤᠷᠢᠶ᠎ᠠ ᠶᠢᠨ ᠬᠠᠮᠢᠶ᠎ᠠ ᠲᠠᠢ ᠤᠳᠤᠷᠢᠳᠤᠯᠭ᠎ᠠ᠂ ᠠᠷᠠᠳ ᠤᠨ | ᠤᠷᠠᠨ ᠵᠤᠬᠢᠶᠠᠯ ᠰᠡᠳᠬᠦᠯ᠂ ᠲᠦᠪ ᠤᠨ ᠦᠨᠳᠦᠰᠦᠲᠡᠨ ᠤ ᠬᠡᠯᠡᠨ ᠤ ᠤᠷᠴᠢᠭᠤᠯᠬᠤ ᠲᠤᠪᠴᠢᠶ᠎ᠠ ᠶᠢᠨ ᠲᠤᠰᠬᠠᠢ | ᠮᠡᠷᠭᠡᠵᠢᠯᠲᠡᠳ ᠠᠴᠠ ᠲᠠᠶᠢᠯᠤᠮᠵᠢ ᠬᠢᠪᠡ᠃ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠬᠤᠷᠢᠶ᠎ᠠ ᠶᠢᠨ ᠳᠡᠳ᠋ | ᠡᠷᠬᠢᠯᠡᠭᠴᠢ ᠠᠮᠪᠣᠮ ᠠᠴᠠ ᠲᠤᠰᠬᠠᠢ ᠰᠡᠳᠦᠪᠲᠦ ᠬᠢᠴᠢᠶᠡᠯ ᠬᠢᠵᠤ᠂ ᠦᠨᠳᠦᠰᠦᠲᠡᠨ ᠤ ᠬᠡᠯᠡ ᠪᠠᠷ ᠤᠷᠴᠢᠭᠤᠯᠬᠤ | ᠶᠢᠨ ᠴᠢᠬᠤᠯᠠ ᠴᠢᠨᠠᠷ᠂ ᠬᠡᠷᠡᠭᠴᠡᠭᠡ ᠱᠠᠭᠠᠷᠳᠠᠯᠭ᠎ᠠ ᠶᠢ ᠤᠯᠠᠨ ᠲᠠᠯ᠎ᠠ ᠪᠠᠷ ᠰᠤᠳᠤᠯᠤᠨ ᠬᠡᠯᠡᠪᠡ᠃ | ᠪᠤᠯᠪᠠᠰᠤᠷᠠᠯ ᠨᠢ ᠪᠠᠰᠠ ᠬᠠᠭᠠᠰ ᠡᠳᠦᠷ ᠤᠨ ᠬᠢᠴᠢᠶᠡᠯ ᠰᠣᠨᠣᠰᠪᠠᠯ ᠳᠤᠭᠤᠶᠢᠯᠠᠩ ᠬᠤᠪᠢᠶᠠᠨ ᠶᠠᠷᠢᠯᠴᠠᠬᠤ | ᠠᠷᠭ᠎ᠠ ᠶᠢ ᠠᠪᠴᠤ᠂ ᠤᠷᠴᠢᠭᠤᠯᠭ᠎ᠠ ᠶᠢᠨ ᠲᠤᠬᠠᠢ ᠰᠤᠳᠤᠯᠤᠯ᠂ ᠤᠯᠤᠯᠲᠠ᠂ ᠲᠤᠯᠭᠠᠮ᠎ᠠ ᠠᠰᠠᠭᠤᠳᠠᠯ ᠵᠡᠷᠭᠡ ᠶᠢ | ᠦᠷᠭᠡᠨ ᠳᠡᠯᠭᠡᠷ ᠶᠠᠷᠢᠯᠴᠠᠵᠤ᠂ ᠬᠠᠷᠢᠯᠴᠠᠨ ᠲᠤᠷᠰᠢᠯᠭ᠎ᠠ ᠪᠠᠨ ᠰᠤᠯᠢᠯᠴᠠᠭᠰᠠᠨ ᠨᠢ ᠶᠡᠬᠡᠬᠡᠨ ᠲᠤᠰᠠ ᠪᠤᠯᠪᠠ᠃ | — ᠬᠢᠴᠢᠶᠡᠯ ᠤᠨ ᠠᠭᠤᠯᠭ᠎ᠠ ᠵᠦᠭᠡᠷ᠃ | — ᠳᠠᠪᠠᠭᠤ ᠡᠪᠯᠢᠭ ᠲᠤᠬᠢᠷᠠᠭᠤᠯᠵᠤ ᠪᠤᠢ᠃ | — ᠬᠦᠮᠦᠨ ᠤ ᠬᠢ ᠶᠢ ᠰᠣᠨᠣᠰᠪᠠᠯ ᠦᠪᠡᠷ ᠤᠨ ᠵᠦᠷᠢᠶ᠎ᠡ ᠪᠠᠨ ᠮᠡᠳᠡᠵᠦ ᠴᠢᠳᠠᠨ᠎ᠠ᠃ | — ᠬᠠᠮᠢᠭ᠎ᠠ ᠴᠦ ᠭᠡᠰᠡᠨ ᠠᠳᠠᠯᠢᠬᠠᠨ ᠤᠴᠢᠷ ᠤᠳ ᠤᠷᠤᠰᠢᠵᠤ ᠪᠤᠢ᠃ | — ᠬᠡᠯᠡ ᠪᠠᠨ ᠬᠠᠮᠠᠭᠠᠯᠠᠬᠤ ᠨᠢ ᠲᠡᠷᠢᠭᠦᠨ ᠡᠭᠦᠷᠭᠡ ᠰᠢᠦ᠃ | ᠬᠦᠮᠦᠰ ᠦᠪᠡᠷ ᠤᠨ ᠪᠤᠳᠤᠯ ᠢᠶᠠᠨ ᠳᠡᠯᠭᠡᠨ ᠦᠷᠦᠭᠡᠯ ᠤᠨ ᠰᠠᠨᠠᠯ ᠢ ᠰᠣᠨᠣᠰᠴᠤ᠂ ᠭᠠᠵᠠᠷ ᠭᠠᠵᠠᠷ ᠤᠨ | ᠲᠤᠷᠰᠢᠯᠭ᠎ᠠ᠂ ᠤᠷᠤᠰᠢᠵᠤ ᠪᠦᠬᠦᠢ ᠬᠦᠴᠢᠷᠳᠡᠯ ᠢᠶᠠᠨ ᠲᠤᠭᠠᠴᠢᠨ᠎ᠠ᠃ ᠪᠢ ᠡᠨᠡ ᠤᠳᠠᠭᠠᠨ ᠤ ᠪᠤᠯᠪᠠᠰᠤᠷᠠᠯ ᠳᠤ | ᠬᠤᠰᠢᠭᠤ ᠱᠠᠲᠤᠨ ᠤ ᠮᠤᠩᠭᠤᠯ ᠤᠷᠴᠢᠭᠤᠯᠭ᠎ᠠ ᠶᠢᠨ ᠤᠳᠤᠬᠢ ᠪᠠᠶᠢᠳᠠᠯ᠂ ᠲᠤᠯᠭᠠᠷᠠᠭᠰᠠᠨ ᠨᠦᠬᠦᠴᠡᠯ᠂ ᠬᠤᠵᠢᠮ | ᠤᠨ ᠬᠦᠰᠡᠯ ᠪᠤᠳᠤᠯ ᠵᠡᠷᠭᠡ ᠲᠠᠯ᠎ᠠ ᠪᠠᠷ ᠬᠡᠯᠡᠪᠡ᠃ ᠬᠦᠮᠦᠰ ᠰᠣᠨᠣᠰᠣᠭᠠᠳ᠄ | — ᠲᠠᠨ ᠤ ᠬᠡᠯᠡᠭᠰᠡᠨ ᠵᠦᠪᠬᠡᠨ ᠮᠤᠩᠭᠤᠯ ᠤᠷᠴᠢᠭᠤᠯᠭ᠎ᠠ ᠶᠢᠨ ᠤᠴᠢᠷ ᠪᠢᠰᠢ᠂ ᠪᠤᠰᠤᠳ ᠴᠦᠬᠡᠨ | ᠲᠤᠭᠠᠲᠦ ᠦᠨᠳᠦᠰᠦᠲᠡᠨ ᠤ ᠬᠢᠨ ᠳᠤ ᠲᠤᠯᠭᠠᠷᠠᠵᠤ ᠪᠦᠬᠦᠢ ᠪᠤᠳᠠᠲᠠᠢ ᠤᠴᠢᠷ ᠭᠡᠵᠦ ᠦᠨᠡᠯᠡᠨ ᠳᠡᠮᠵᠢᠵᠦ ᠪᠠᠶᠢᠪᠠ᠃ | ᠬᠢᠴᠢᠶᠡᠯ ᠶᠠᠭᠠᠷᠠᠤ ᠮᠦᠷᠲᠡᠭᠡᠨ ᠬᠦᠭᠵᠢᠭᠡᠨ ᠲᠠᠢ ᠶᠠᠪᠤᠭᠳᠠᠨ᠎ᠠ᠃ ᠮᠠᠨᠤᠰ ᠡᠷᠲᠡ ᠤᠷᠤᠢ ᠶᠢᠨ ᠴᠠᠭ ᠢᠶᠠᠷ | ᠢᠶᠠᠨ ᠬᠠᠵᠠᠭᠤ ᠬᠠᠪᠢ ᠶᠢᠨ ᠠᠭᠤᠯᠠ ᠶᠢᠨ ᠦᠵᠡᠮᠵᠢ ᠶᠢ ᠰᠣᠨᠢᠷᠬᠠᠵᠤ᠂ ᠵᠡᠭᠦᠨ ᠲᠠᠯ᠎ᠠ ᠪᠠᠷ ᠤᠷᠤᠰᠬᠤ ᠭᠤᠤᠯ ᠤᠨ | ᠤᠷᠤᠰᠬᠠᠯ ᠢ ᠲᠤᠭᠤᠷᠢᠨ ᠦᠵᠡᠨ᠎ᠡ᠃ ᠦᠳᠡ ᠶᠢᠨ ᠴᠢᠯᠦᠭᠡᠨ ᠳᠤ ᠪᠠᠨ ᠪᠠᠶᠢᠷᠢ ᠶᠢᠨ ᠴᠤᠩᠬᠤ ᠪᠠᠷ ᠪᠠᠢ ᠸᠠᠩ ᠱᠠᠨ | ᠠᠭᠤᠯᠠ ᠶᠢ ᠪᠠᠷᠠᠯᠠᠨ᠎ᠠ᠃ ᠠᠳᠡᠬᠢ ᠶᠢᠨ ᠤᠢ ᠤᠷᠭᠤᠮᠠᠯ ᠵᠤᠵᠠᠭᠠᠨ ᠠᠴᠠ ᠪᠠᠶᠢᠨ ᠪᠠᠶᠢᠨ ᠪᠣᠷᠣᠭᠠᠨ ᠤᠷᠤᠵᠤ ᠨᠠᠷᠠ | ᠳᠤᠯᠠᠶᠢᠬᠤ ᠳᠤ ᠤᠯᠠᠮ ᠴᠦ ᠭᠤᠶᠤᠬᠠᠨ ᠬᠠᠷᠠᠭᠳᠠᠬᠤ ᠨᠢ ᠪᠠᠭ᠋ᠠᠷᠬᠠᠮᠠᠷ ᠪᠢᠯᠡ᠃ | — ᠪᠠᠢ ᠸᠠᠩ ᠱᠠᠨ ᠤ ᠦᠵᠡᠮᠵᠢ ᠰᠠᠶᠢᠬᠠᠨ ᠡ᠃ | — ᠤᠷᠴᠢᠨ ᠲᠤᠭᠤᠷᠢᠨ ᠨᠢ ᠲᠠᠭᠠᠲᠠᠢ᠃ | — ᠶᠤᠰᠤᠲᠠᠢ ᠠᠭᠤᠯᠠ ᠤᠰᠤ᠂ ᠤᠢ ᠤᠷᠭᠤᠮᠠᠯ ᠢᠶᠠᠷ ᠬᠤᠴᠢᠭᠳᠠᠭᠰᠠᠨ ᠦᠵᠡᠮᠵᠢ ᠶᠢᠨ ᠤᠷᠤᠨ᠃ | — ᠪᠠᠷᠠᠭᠤᠨ ᠲᠠᠯ᠎ᠠ ᠪᠠᠷ ᠨᠢ ᠲᠤᠮᠤ ᠳᠠᠷᠤᠭ᠎ᠠ ᠨᠠᠷ ᠤᠨ ᠰᠠᠭᠤᠴᠠ ᠪᠤᠢ ᠭᠡᠨ᠎ᠡ᠃ | — ᠠᠭᠤᠷ ᠠᠮᠢᠰᠬᠤᠯ ᠴᠡᠪᠡᠷᠬᠡᠨ ᠶᠤᠮ ᠴᠢᠨᠢ᠃ | — ᠪᠠᠰᠠ ᠨᠢᠭᠡᠨ ᠵᠢᠷᠭᠠᠯᠠᠩ ᠤᠨ ᠤᠷᠤᠨ ᠡ᠃ | ᠮᠠᠨᠤᠰ ᠲᠦᠪ ᠤᠨ ᠦᠨᠳᠦᠰᠦᠲᠡᠨ ᠤ ᠬᠡᠪᠯᠡᠯ ᠤᠨ ᠬᠤᠷᠢᠶ᠎ᠠ᠂ ᠲᠦᠪ ᠤᠨ ᠦᠨᠳᠦᠰᠦᠲᠡᠨ ᠤ ᠶᠡᠭᠡ | ᠰᠤᠷᠭᠠᠭᠤᠯᠢ᠂ ᠳᠤᠮᠳᠠᠳᠤ ᠶᠢᠨ ᠦᠨᠳᠦᠰᠦᠲᠡᠨ ᠰᠡᠳᠬᠦᠯ ᠤᠨ ᠬᠤᠷᠢᠶ᠎ᠠ ᠶᠢ ᠲᠤᠭᠤᠷᠢᠨ ᠦᠵᠡᠵᠦ᠂ ᠴᠦᠬᠡᠨ | ᠲᠤᠭᠠᠲᠦ ᠦᠨᠳᠦᠰᠦᠲᠡᠨ ᠤ ᠰᠤᠶᠤᠯ ᠤᠨ ᠲᠦᠯᠦᠭᠡ ᠵᠢᠳᠬᠦᠨ ᠮᠡᠷᠡᠶᠢᠵᠦ ᠪᠦᠬᠦᠢ ᠦᠢᠯᠡᠰ ᠨᠢᠭᠡᠲᠡᠨ ᠢᠶᠠᠨ ᠡᠷᠭᠢᠨ | ᠦᠵᠡᠭᠰᠡᠨ ᠨᠢ ᠤᠨᠴᠠ ᠶᠢᠨ ᠤᠴᠢᠷ ᠣᠳᠬ᠎ᠠ ᠲᠠᠢ ᠪᠤᠯᠪᠠ᠃ | ᠪᠤᠯᠪᠠᠰᠤᠷᠠᠯ ᠤᠨ ᠬᠤᠭᠤᠴᠠᠭᠠᠨ ᠳᠤ ᠲᠦᠪ ᠤᠨ ᠠᠷᠠᠳ ᠤᠨ ᠷᠠᠳᠢᠤ᠋ ᠬᠤᠷᠢᠶ᠎ᠠ ᠶᠢᠨ ᠮᠤᠩᠭᠤᠯ ᠨᠡᠪᠲᠡᠷᠡᠭᠦᠯᠭᠡ | ᠨᠢ ᠲᠤᠰᠬᠠᠢ ᠰᠤᠷᠪᠤᠯᠵᠢᠯᠠᠭ᠎ᠠ ᠠᠪᠴᠠᠢ᠃ ᠨᠠᠳᠠ ᠪᠠᠷ ︽ᠠᠷᠤ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ | ᠮᠤᠩᠭᠤᠯ ᠤᠷᠴᠢᠭᠤᠯᠭ᠎ᠠ ᠶᠢᠨ ᠪᠠᠶᠢᠳᠠᠯ︾ ᠤᠨ ᠲᠤᠬᠠᠢ ᠬᠡᠯᠡᠭᠦᠯᠪᠡ᠃ ᠡᠨᠡ ᠬᠦ ᠰᠤᠷᠪᠤᠯᠵᠢᠯᠠᠭ᠎ᠠ ᠶᠢ | ᠨᠡᠪᠲᠡᠷᠡᠭᠦᠯᠦᠭᠰᠡᠨ ᠨᠢ ᠨᠡᠶᠢᠭᠡᠮ ᠨᠡᠶᠢᠲᠡ ᠳᠤ ᠶᠡᠬᠡᠬᠡᠨ ᠲᠤᠰᠬᠠᠯ ᠭᠠᠷᠤᠭᠰᠠᠨ ᠪᠢᠯᠡ᠃ | ᠪᠢ ᠪᠤᠯᠪᠠᠰᠤᠷᠠᠯ ᠤᠨ ᠠᠩᠬᠢ ᠳᠤ ᠰᠤᠷᠤᠯᠴᠠᠭᠰᠠᠨ ᠢᠶᠠᠨ ᠨᠠᠷᠢᠨ ᠲᠡᠮᠳᠡᠭᠯᠡᠵᠦ ︽ᠡᠬᠡ ᠬᠡᠯᠡ ᠪᠠᠨ ᠰᠢᠲᠦᠨ | ᠵᠢᠷᠭᠠᠭᠰᠠᠨ ᠡᠳᠦᠷ︾ ᠭᠡᠬᠦ ᠨᠠᠶᠢᠷᠠᠭᠤᠯᠤᠯ ᠪᠢᠴᠢᠵᠦ ︽ᠨᠡᠶᠢᠭᠡᠮ︾ ᠰᠡᠳᠬᠦᠯ ᠳᠤ ᠨᠡᠶᠢᠳᠡᠯᠡᠨ ᠤᠩᠰᠢᠭᠴᠢᠳ ᠲᠤ | ᠪᠠᠨ ᠰᠣᠨᠣᠷᠳᠠᠭᠤᠯᠪᠠ᠃ ᠤᠩᠰᠢᠭᠴᠢᠳ ᠮᠠᠨᠢ ᠨᠠᠶᠢᠷᠠᠭᠤᠯᠤᠯ ᠢ ᠤᠩᠰᠢᠭᠠᠳ᠄ | — ᠤᠴᠢᠷ ᠤᠳᠬ᠎ᠠ ᠲᠠᠢ ᠰᠠᠶᠢᠬᠠᠨ ᠵᠤᠬᠢᠶᠠᠯ᠂ ᠤᠷ᠎ᠠ ᠲᠠᠮᠢᠷ ᠢᠶᠠᠨ ᠲᠠᠪᠲᠠᠭᠰᠠᠨ ᠬᠤᠪᠤᠷᠬᠠᠨ ᠰᠤᠷᠤᠯᠭ᠎ᠠ | ᠶᠢᠨ ᠠᠩᠬᠢ ᠬᠡᠮᠡᠨ ᠦᠨᠡᠯᠡᠵᠦ ᠪᠠᠶᠢᠪᠠ᠃ | ᠪᠤᠯᠪᠠᠰᠤᠷᠠᠯ ᠤᠨ ᠠᠩᠬᠢ ᠳᠤ ᠪᠡᠭᠡᠵᠢᠩ ᠤᠨ ᠪ᠊ · ᠪᠤᠶᠠᠨᠬᠡᠰᠢᠭ᠂ ᠰᠢᠨᠵᠢᠶᠠᠩ ᠤᠨ ᠲᠤ᠋ · ᠮᠦᠩᠬᠡ ᠨᠠᠷ ᠲᠠᠢ | ᠬᠠᠮᠲᠤ ᠰᠤᠷᠤᠯᠴᠠᠭᠰᠠᠨ ᠨᠢ ᠪᠠᠰᠠ ᠨᠢᠭᠡᠨ ᠰᠠᠶᠢᠬᠠᠨ ᠤᠴᠠᠷᠠᠯ ᠪᠤᠯᠵᠤ᠂ ᠬᠡᠯᠡ ᠰᠤᠶᠤᠯ ᠤᠨ ᠲᠤᠬᠠᠢ ᠤᠯᠠᠨ ᠤᠴᠢᠷ | ᠢ ᠰᠣᠨᠣᠰᠴᠤ ᠮᠡᠳᠡᠭᠰᠡᠨ ᠨᠢ ᠬᠠᠮᠤᠭ ᠤᠨ ᠰᠠᠶᠢᠨ ᠤᠴᠢᠷ ᠶᠤᠮ᠃ | ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠤᠩᠭᠤᠯ ᠬᠡᠯᠡᠨ ᠤ ᠰᠠᠯᠪᠤᠷᠢ ᠶᠢᠨ ᠳᠡᠯᠭᠡᠨ | ᠦᠵᠡᠭᠦᠯᠦᠯᠭᠡ ᠶᠢᠨ ᠲᠢᠩᠬᠢᠮ᠂ ᠳᠠᠭᠤᠤ ᠬᠦᠭᠵᠢᠮ ᠤᠨ ᠲᠢᠩᠬᠢᠮ ᠵᠡᠷᠭᠡ ᠶᠢ ᠲᠤᠭᠤᠷᠢᠨ ᠦᠵᠡᠵᠦ᠂ ᠲᠡᠤᠬᠡ | ᠰᠤᠶᠤᠯ ᠤᠨ ᠲᠤᠬᠠᠢ ᠮᠠᠰᠢ ᠤᠯᠠᠨ ᠵᠦᠢᠯ ᠢ ᠤᠶᠢᠯᠠᠭᠠᠵᠤ ᠰᠡᠭᠡᠭᠡᠷᠡᠪᠡ᠃ | ᠲᠦᠷᠦ ᠶᠢᠨ ᠨᠡᠶᠢᠰᠯᠡᠯ ᠳᠤ ᠬᠦᠷᠦᠭᠰᠡᠨ ᠨᠢ | ᠲᠦᠷᠦᠯᠬᠢ ᠬᠡᠯᠡᠨ ᠤ ᠢᠪᠡᠭᠡᠯ ᠶᠤᠮ | ᠲᠦᠭ ᠲᠦᠮᠡᠨ ᠤ ᠦᠢᠯᠡᠰ ᠤᠨ ᠬᠠᠷᠭᠤᠢ | ᠲᠠᠯ᠎ᠠ ᠨᠤᠲᠤᠭ ᠲᠠᠢ ᠪᠠᠨ ᠬᠤᠯᠪᠤᠯᠳᠤᠨᠠ ᠭᠡᠵᠦ ᠦᠨᠳᠦᠷ ᠰᠦᠷᠯᠢᠭ ᠠᠭᠤᠯᠠᠰ ᠢ ᠪᠠᠷᠠᠯᠠᠨ ᠤᠶᠠᠩᠭ᠎ᠠ | ᠳᠠᠭᠤᠤ ᠲᠠᠢ ᠪᠠᠭ᠋ᠠᠳᠤᠨ ᠤᠶᠠᠩᠭᠠᠯᠠᠭᠰᠠᠨ ᠨᠢ ᠴᠡᠭᠡᠵᠢᠨ ᠳᠤ ᠲᠤᠳᠤᠷᠠᠭᠰᠠᠭᠠᠷ᠃ | ᠴᠠᠭ ᠬᠤᠭᠤᠴᠠᠭ᠎ᠠ ᠪᠤᠭᠤᠨᠢ ᠴᠦ ᠡᠷᠳᠡᠮᠲᠡᠨ ᠪᠠᠭᠰᠢ ᠨᠠᠷ ᠤᠨ ᠬᠢᠴᠢᠶᠡᠯ ᠢ ᠰᠣᠨᠣᠰᠣᠭᠠᠳ ᠤᠯᠠᠨ ᠵᠦᠢᠯ ᠤᠨ | ᠮᠡᠳᠡᠯᠭᠡ ᠬᠦᠷᠲᠡᠵᠦ᠂ ᠪᠤᠰᠤᠳ ᠤᠨ ᠲᠤᠷᠰᠢᠯᠭ᠎ᠠ ᠶᠢ ᠰᠣᠷᠣᠯᠴᠠᠨ ᠨᠢᠳᠦ ᠨᠡᠬᠡᠭᠡᠵᠦ᠂ ᠭᠠᠳᠠᠨᠠᠬᠢ ᠶᠢᠷᠲᠢᠨᠴᠦ ᠶᠢ | ᠤᠶᠢᠯᠠᠭᠠᠭᠰᠠᠨ ᠨᠢ ᠬᠠᠮᠤᠭ ᠤᠨ ᠶᠡᠭᠡ ᠤᠯᠤᠯᠲᠠ ᠶᠤᠮ᠃ | ᠰᠤᠷᠤᠯᠭ᠎ᠠ ᠪᠠᠨ ᠲᠡᠭᠦᠰᠦᠭᠡᠳ ᠠᠶᠠᠷᠯᠠᠬᠤ ᠳᠤ ᠴᠡᠯᠭᠡᠮ᠎ᠡ ᠨᠤᠭᠤᠭᠠᠨ ᠪᠠᠢ ᠸᠠᠩ ᠱᠠᠨ ᠠᠭᠤᠯᠠ ᠭᠤᠶᠤᠮᠰᠤᠭ | ᠦᠵᠡᠮᠵᠢ ᠪᠠᠷ ᠠᠷᠤ ᠳᠤ ᠬᠤᠴᠣᠷᠣᠨ᠎ᠠ ᠁ | ᠨᠠ᠊ · ᠵᠢᠷᠭᠠᠯ | |