ᠰᠡᠳᠬᠢᠯ ᠳᠤ ᠬᠤᠨᠤᠭᠰᠢᠨ ᠪᠣᠳᠣᠯ ᠳᠤ ᠮᠦᠩᠬᠡᠷᠡᠭᠰᠡᠨ ᠣᠨ ᠰᠠᠷ᠎ᠠ
ᠨᠡᠶᠢᠲᠡᠯᠡᠭᠰᠡᠨ ᠴᠠᠭ᠄
2017/10/20
           ᠰᠡᠳᠬᠢᠯ ᠳᠤ ᠬᠤᠨᠤᠭᠰᠢᠨ ᠪᠣᠳᠣᠯ ᠳᠤ ᠮᠦᠩᠬᠡᠷᠡᠭᠰᠡᠨ ᠣᠨ ᠰᠠᠷ᠎ᠠ                                                               ᠠ᠊ · ᠬᠤᠲᠤᠷᠠᠩᠭ᠎ᠠ      ᠳᠣᠮᠳᠠᠳᠣ ᠣᠯᠣᠰ ᠤᠨ ᠡᠪ ᠬᠠᠮᠲᠤ ᠨᠠᠮ ᠪᠦᠬᠦ ᠣᠯᠣᠰ ᠤᠨ ᠠᠷᠠᠳ ᠲᠦᠮᠡᠨ ᠢ ᠣᠳᠣᠷᠢᠳᠴᠣ 1945 ᠤᠨ ᠳᠤ ᠶᠠᠫᠣᠨ ᠡᠵᠡᠷᠬᠡᠭ ᠲᠦᠷᠢᠮᠡᠬᠡᠶᠢᠲᠡᠨ ᠢ ᠦᠯᠳᠡᠨ ᠭᠠᠷᠭᠠᠵᠤ᠂ ᠦᠨᠳᠦᠰᠦᠲᠡᠨ ᠤ ᠴᠢᠯᠦᠭᠡᠯᠡᠯᠲᠡ ᠶᠢᠨ ᠢᠯᠠᠯᠲᠠ ᠶᠢ ᠣᠯᠣᠭᠰᠠᠨ ᠪᠤᠯᠪᠠᠴᠣ ᠦᠪᠦᠷ ᠮᠤᠩᠭᠤᠯ ᠤᠨ ᠠᠷᠠᠳ ᠲᠦᠮᠡᠨ ᠬᠡᠨ ᠤ ᠣᠳᠣᠷᠢᠳᠣᠯᠭ᠎ᠠ ᠶᠢ ᠬᠦᠯᠢᠶᠡᠬᠦ︖ ᠬᠡᠨ ᠢ ᠲᠦᠰᠢᠭᠯᠡᠵᠦ ᠦᠪᠦᠷ ᠮᠤᠩᠭᠤᠯ ᠣᠷᠣᠨ ᠤ ᠦᠪᠡᠷᠲᠡᠭᠡᠨ ᠵᠠᠰᠠᠬᠤ ᠵᠠᠰᠠᠭ ᠢ ᠪᠠᠶᠢᠭᠤᠯᠬᠤ ᠪᠤᠢ︖ ᠭᠡᠬᠦ ᠲᠡᠦᠬᠡ ᠶᠢᠨ ᠰᠣᠩᠭᠤᠯᠲᠠ ᠦᠪᠦᠷ ᠮᠤᠩᠭᠤᠯ ᠤᠨ ᠠᠷᠠᠳ ᠲᠦᠮᠡᠨ ᠤ ᠡᠮᠦᠨ᠎ᠡ ᠲᠠᠯᠪᠢᠭᠲᠠᠯ᠎ᠠ᠃ ᠲᠤᠬᠠᠢ ᠶᠢᠨ ᠦᠶᠡᠰ᠂ ᠦᠪᠦᠷ ᠮᠤᠩᠭᠤᠯ ᠤᠨ ᠵᠡᠭᠦᠨ ᠪᠠᠷᠠᠭᠤᠨ ᠣᠷᠣᠨ ᠳᠤ ᠴᠦᠮ ᠦᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠤᠭᠳᠠᠵᠣ᠂ ᠡᠪ ᠬᠠᠮᠲᠤ ᠨᠠᠮ ᠪᠤᠯᠤᠨ ᠭᠤᠮᠢᠨᠳᠠᠩ ᠦᠪᠦᠷ ᠮᠤᠩᠭᠤᠯ ᠣᠷᠣᠨ ᠳᠤ ᠦᠪᠡᠷ ᠦᠪᠡᠷ ᠤᠨ ᠨᠦᠯᠦᠭᠡ ᠲᠣᠰᠬᠠᠯ ᠢᠶᠠᠨ ᠦᠷᠭᠡᠳᠬᠡᠵᠦ ᠰᠠᠭᠤᠷᠢᠨ ᠭᠠᠵᠠᠷ ᠪᠠᠶᠢᠭᠤᠯᠬᠤ ᠪᠠᠷ ᠴᠢᠷᠮᠠᠶᠢᠵᠤ ᠪᠠᠶᠢᠵᠠᠢ᠃ ᠡᠨᠡ ᠦᠶᠡᠰ ᠣᠯᠠᠭᠠᠨᠬᠦᠦ ᠲᠦᠷᠦᠭᠦᠲᠡᠢ ᠵᠠᠶᠠᠭᠠᠲᠣ᠂ ᠭᠦᠢ ᠹᠸᠢ᠂ ᠬᠦᠩ ᠹᠸᠢ ᠨᠠᠷ ᠦᠪᠦᠷ ᠮᠤᠩᠭᠤᠯ ᠤᠨ ᠦᠨᠳᠦᠰᠦᠲᠡᠨ  ᠨᠦᠭᠦᠳ ᠤᠨ ᠠᠷᠠᠳ ᠲᠦᠮᠡᠨ ᠢ ᠪᠦᠷᠢᠮᠦᠰᠦᠨ ᠴᠢᠯᠦᠭᠡᠯᠡᠨ ᠦᠪᠡᠷᠲᠡᠭᠡᠨ ᠵᠠᠰᠠᠬᠤ ᠵᠠᠰᠠᠭ ᠢ ᠪᠠᠶᠢᠭᠤᠯᠬᠤ ᠳᠤ ᠦᠪᠡᠷ  ᠢᠶᠠᠨ ᠡᠷᠬᠡᠪᠰᠢ ᠳᠣᠮᠳᠠᠳᠣ ᠣᠯᠣᠰ ᠤᠨ ᠡᠪ ᠬᠠᠮᠲᠤ ᠨᠠᠮ ᠤᠨ ᠰᠢᠭᠤᠳ ᠣᠳᠣᠷᠢᠳᠣᠯᠭ᠎ᠠ ᠶᠢ ᠣᠯᠵᠣ ᠡᠪ ᠬᠠᠮᠲᠤ ᠨᠠᠮ ᠤᠨ ᠣᠳᠣᠷᠢᠳᠣᠭᠰᠠᠨ ᠨᠠᠢᠮᠠᠨ ᠵᠠᠮ ᠤᠨ ᠴᠡᠷᠢᠭ ᠢ ᠲᠦᠰᠢᠭᠯᠡᠬᠦ ᠬᠡᠷᠡᠭᠲᠡᠢ ᠭᠡᠰᠡᠨ ᠠᠭᠤᠣ ᠶᠡᠭᠡ ᠣᠯᠣᠰ ᠲᠦᠷᠦ  ᠶᠢᠨ ᠵᠦᠪ ᠰᠣᠩᠭᠤᠯᠲᠠ ᠪᠠᠷ ᠠᠯᠣᠰ ᠤᠨ ᠬᠠᠷᠠᠭ᠎ᠠ ᠬᠡᠳᠦ ᠶᠢᠨ ᠬᠦᠰᠡᠯᠡᠩ ᠢ ᠡᠪᠦᠷᠯᠡᠨ᠂ ᠵᠡᠬᠦᠨ᠂ ᠪᠠᠷᠠᠭᠤᠨ ᠮᠤᠩᠭᠤᠯ ᠢᠶᠠᠨ ᠨᠢᠭᠡᠳᠬᠡᠨ ᠦᠪᠦᠷ ᠮᠤᠩᠭᠤᠯ ᠤᠨ ᠰᠢᠨ᠎ᠡ ᠵᠠᠰᠠᠭ ᠢ ᠪᠠᠶᠢᠭᠤᠯᠬᠤ ᠪᠠᠷ ᠳᠣᠮᠳᠠᠳᠣ ᠣᠯᠣᠰ ᠤᠨ ᠡᠪ ᠬᠠᠮᠲᠤ ᠨᠠᠮ ᠤᠨ ᠲᠦᠪ ᠬᠤᠷᠢᠶ᠎ᠠ ᠶᠢᠨ ᠵᠦᠪᠰᠢᠶᠡᠷᠡᠯ ᠢᠶᠠᠷ 1946 ᠣᠨ ᠤ 4 ᠰᠠᠷ᠎ᠠ ᠶᠢᠨ 3 ᠤ ᠡᠳᠦᠷ ᠬᠠᠯᠠᠭᠤᠨ ᠭᠤᠤᠯ ᠮᠤᠵᠢ ᠳᠤ ᠵᠡᠬᠦᠨ᠂ ᠪᠠᠷᠠᠭᠤᠨ ᠮᠤᠩᠭᠤᠯ ᠤᠨ ᠲᠦᠷᠦᠭᠦᠦ ᠲᠤᠮᠤᠭᠠᠲᠠᠨ ᠤ ᠠᠭᠤᠯᠵᠠᠯᠲᠠ ᠶᠢᠨ ᠬᠤᠷᠠᠯ ᠢ ᠬᠢᠵᠡᠢ᠃ ᠬᠤᠷᠠᠯ ᠠᠴᠠ ᠦᠪᠦᠷ ᠮᠤᠩᠭᠤᠯ ᠤᠨ ᠦᠪᠡᠷᠲᠡᠭᠡᠨ ᠵᠠᠰᠠᠬᠤ ᠬᠦᠳᠡᠯᠭᠡᠭᠡᠨ ᠤ ᠶᠡᠷᠦᠩᠬᠡᠢ ᠬᠤᠷᠠᠯ  ᠢ ᠪᠠᠶᠢᠭᠤᠯᠵᠤ ᠣᠯᠠᠭᠠᠨᠬᠦᠦ ᠶᠢ ᠲᠡᠷᠢᠬᠦᠯᠡᠭᠴᠢ ᠪᠠᠷ᠂ ᠬᠠᠹᠦᠩᠭ᠎ᠠ᠂ ᠪᠤᠶᠠᠨᠮᠠᠨᠳᠣᠬᠤ ᠶᠢ ᠳᠡᠳ᠋ ᠲᠡᠷᠢᠬᠦᠯᠡᠭᠴᠢ ᠪᠠᠷ ᠳᠣᠰ ᠳᠣᠰ ᠰᠣᠩᠭᠤᠵᠣ᠂ ᠡᠯ᠎ᠡ ᠠᠶᠢᠮᠠᠭ ᠴᠢᠭᠤᠯᠭᠠᠨ ᠳᠤ ᠬᠤᠪᠢᠶᠠᠷᠢ ᠬᠤᠷᠠᠯ᠂ ᠬᠤᠰᠢᠭᠤ ᠨᠤᠲᠤᠭ ᠲᠤ ᠰᠠᠯᠪᠤᠷᠢ ᠬᠤᠷᠠᠯ ᠢ ᠳᠣᠰ ᠲᠣᠰ ᠪᠠᠶᠢᠭᠤᠯᠬᠤ ᠳᠣᠭᠲᠠᠭᠠᠯ ᠢ ᠪᠠᠲᠤᠯᠠᠪᠠ᠃ ᠲᠣᠰ ᠣᠳᠠᠭᠠᠨ ᠤ ᠬᠤᠷᠠᠯ ᠠᠴᠠ ᠪᠦᠯᠬᠦᠮᠳᠡᠯ ᠨᠢᠭᠡᠳᠦᠯ ᠢ ᠳᠡᠭᠡᠳᠦᠯᠡᠨ ᠡᠪ ᠬᠠᠮᠲᠤ ᠨᠠᠮ ᠤᠨ ᠰᠢᠭᠤᠳ ᠣᠳᠣᠷᠢᠳᠣᠯᠭ᠎ᠠ ᠶᠢᠨ ᠳᠣᠣᠷ᠎ᠠ ᠪᠦᠯᠬᠦᠮᠳᠡᠨ ᠨᠢᠭᠲᠠᠷᠠᠵᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠰᠢᠨ᠎ᠡ ᠵᠠᠰᠠᠭ ᠢ ᠪᠠᠶᠢᠭᠤᠯᠬᠤ ᠵᠦᠪ ᠵᠠᠮ ᠢ ᠡᠷᠢᠨ ᠣᠯᠪᠠ᠃      ᠲᠦᠷᠦᠭᠰᠡᠨ ᠨᠤᠲᠤᠭ ᠣᠯᠠᠭᠠᠨᠰᠦ᠋ᠮ᠎ᠡ ᠲᠦᠯᠦᠭᠡᠯᠡᠭᠴᠢᠳ ᠢᠶᠠᠨ ᠣᠭᠲᠣᠭᠰᠠᠨ ᠨᠢ      ᠬᠠᠹᠦᠩᠭ᠎ᠠ᠂ ᠪᠤᠶᠠᠨᠮᠠᠨᠳᠣᠬᠤ ᠨᠠᠷ ᠢᠶᠠᠷ ᠲᠣᠯᠣᠭᠠᠶᠢᠯᠠᠭᠤᠯᠣᠭᠰᠠᠨ ᠲᠦᠯᠦᠭᠡᠯᠡᠭᠴᠢᠳ ᠤᠨ ᠪᠦᠯᠬᠦᠮ ᠨᠢ ︽4.3︾ ᠤ ᠬᠤᠷᠠᠯ ᠤᠨ ᠳᠠᠷᠠᠭ᠎ᠠ ᠵᠤᠤ ᠣᠳᠠ ᠴᠢᠭᠤᠯᠭᠠᠨ ᠤ ᠲᠦᠪ ᠪᠤᠯᠬᠤ ᠯᠢᠨᠳᠦ᠋ᠩ ᠢᠶᠠᠷ ᠳᠠᠭᠠᠷᠢᠨ ᠵᠡᠭᠦᠨᠰᠢᠯᠡᠨ ᠬᠢᠩᠭᠠᠨ ᠠᠶᠢᠮᠠᠭ ᠤᠨ ᠸᠠᠩ ᠤᠨ ᠰᠦᠮ᠎ᠡ ︵ᠣᠯᠠᠭᠠᠨᠬᠤᠲᠠ︶ ᠶᠢ ᠴᠢᠭᠯᠡᠵᠦ ᠠᠷᠣ ᠬᠤᠷᠴᠢᠨ ᠬᠤᠰᠢᠭᠤᠨ ᠤ ᠪᠠᠶᠠᠠᠬᠤᠸᠠ ᠪᠠᠯᠭᠠᠰᠣᠨ ᠤ ᠣᠯᠠᠭᠠᠨᠰᠦ᠋ᠮ᠎ᠡ ᠶᠢᠨ ᠠᠶᠢᠯ ᠳᠤ ᠦᠷᠲᠡᠭᠡᠯᠡᠪᠡ᠃ ᠡᠳᠡᠭᠡᠷ ᠲᠦᠯᠦᠭᠡᠯᠡᠭᠴᠢᠳ ᠢ ᠵᠤᠤ ᠣᠳᠠ ᠴᠢᠭᠤᠯᠭᠠᠨ ᠤ ᠳᠠᠷᠤᠭ᠎ᠠ ᠰᠠᠭᠠᠷᠠᠵᠠᠪ ᠨᠠᠷ ᠮᠤᠷᠢᠲᠤ ᠴᠡᠷᠢᠭ ᠢᠶᠠᠷ ᠬᠦᠷᠭᠡᠨ ᠢᠷᠡᠭᠰᠡᠨ ᠳᠤ ᠲᠤᠬᠠᠢ ᠶᠢᠨ ᠦᠶ᠎ᠡ ᠶᠢᠨ ᠬᠤᠰᠢᠭᠤᠨ ᠳᠠᠷᠤᠭ᠎ᠠ ᠰᠣᠳᠨᠠᠮᠳᠣᠪ ᠪᠠ ᠵᠠᠰᠠᠭ ᠤᠨ ᠣᠷᠳᠣᠨ ᠤ ᠦᠨᠳᠦᠷ ᠰᠧᠯᠧᠵᠡᠪ ᠨᠠᠷ ᠲᠦᠯᠦᠭᠡᠯᠡᠭᠴᠢᠳ ᠢᠶᠠᠨ ᠬᠠᠯᠠᠭᠤᠨ ᠢᠶᠠᠷ ᠣᠭᠲᠣᠨ ᠠᠪᠴᠠᠢ᠃      ᠡᠨᠡ ᠦᠶ᠎ᠡ ᠪᠢ ᠪᠠᠶᠠᠠᠬᠤᠸᠠ ᠨᠣᠲᠤᠭ ᠤᠨ ᠠᠯᠪᠠᠲᠠᠨ ᠤ ᠬᠤᠪᠢ ᠪᠠᠷ ᠴᠠᠢ ᠣᠰᠣᠨ ᠳᠤ ᠵᠠᠷᠤᠭᠳᠠᠵᠣ ᠬᠦᠶᠦᠵᠦ ᠪᠠᠶᠢᠵᠠᠢ᠃      ᠳᠠᠷᠠᠭ᠎ᠠ ᠡᠳᠦᠷ ᠤᠨ ᠬᠢᠨᠢ ᠦᠳᠡ ᠶᠢᠨ ᠡᠮᠦᠨ᠎ᠡ ᠬᠠᠹᠣᠩᠭ᠎ᠠ ᠠᠴᠠ ︽4.3︾ ᠤ ᠬᠤᠷᠠᠯ ᠤᠨ ᠵᠣᠷᠢᠭ ᠰᠠᠨᠠᠭ᠎ᠠ ᠶᠢ ᠣᠯᠠᠮᠵᠢᠯᠠᠬᠤ ᠲᠠᠶᠢᠯᠤᠮᠵᠢ ᠬᠢᠨ᠎ᠡ ᠭᠡᠰᠡᠨ ᠳᠤ ᠬᠤᠰᠢᠭᠤ ᠨᠤᠲᠤᠭ ᠤᠨ ᠠᠯᠪᠠᠲᠠᠨ᠂ ᠠᠶᠢᠯ ᠣᠰᠣᠨ ᠤ ᠡᠷᠡᠭᠲᠡᠢ ᠡᠮᠡᠭᠲᠡᠢ ᠬᠤᠶᠠᠷ ᠵᠠᠭᠤ ᠭᠠᠷᠣᠢ ᠬᠦᠮᠦᠨ ᠴᠣᠭᠯᠠᠷᠠᠵᠠᠢ᠃      ᠬᠠᠹᠦᠩᠭ᠎ᠠ ᠪᠤᠯ ᠠᠷᠣ ᠬᠤᠷᠴᠢᠨ ᠨᠤᠲᠤᠭ ᠲᠤ ᠶᠡᠷᠦ ᠪᠤᠰᠣ ᠨᠦᠯᠦᠭᠡ ᠲᠤᠰᠬᠠᠯ ᠲᠠᠢ ᠬᠦᠮᠦᠨ ᠤ ᠨᠢᠭᠡ ᠪᠣᠯᠣᠨ᠎ᠠ᠃ ᠠᠯᠢ ᠡᠷᠲᠡ 1934 ᠣᠨ ᠳᠤ ᠲᠡᠷᠡ ᠠᠷᠣ ᠬᠤᠷᠴᠢᠨ ᠤ ᠬᠤᠰᠢᠭᠤ ᠶᠠᠮᠤᠨ ᠤ ᠭᠠᠵᠠᠷ ᠲᠦᠴᠢ ᠭᠠᠷᠣᠢ ᠬᠤᠨᠤᠭ ᠰᠠᠭᠤᠵᠣ᠂ ᠬᠤᠨᠲᠤ ᠶᠢᠨ ᠠᠯᠪᠠᠨ ᠠᠴᠠ ᠡᠷᠬᠢᠯᠡᠭᠰᠡᠨ ᠬᠠᠮᠤᠭ ᠠᠩᠬᠠᠨ ᠤ ᠪᠠᠭ᠎ᠠ ᠰᠣᠷᠭᠠᠭᠤᠯᠢ ᠶᠢ ᠪᠠᠶᠢᠭᠤᠯᠵᠤ ᠰᠣᠶᠣᠯ ᠬᠦᠮᠦᠵᠢᠯ ᠤᠨ ᠦᠷ᠎ᠡ ᠶᠢ ᠰᠠᠴᠣᠭᠰᠠᠨ ᠭᠠᠪᠢᠶᠠᠲᠠᠨ ᠮᠦᠨ᠃ ᠲᠡᠷᠡ ᠪᠠᠰᠠ 1939 ᠣᠨ  ᠳᠤ ᠪᠠᠶ᠋ᠬᠠᠦ᠋ᠨᠳᠦᠷ ᠤᠨ ︽ᠬᠠᠷ᠎ᠠ ᠲᠤᠭᠴᠢᠨ ᠠᠶᠢᠯ︾ ᠳᠤ ᠬᠦᠷᠴᠦ ᠰᠠᠷ᠎ᠠ ᠰᠢᠬᠠᠮ ᠤᠨ ᠬᠤᠭᠤᠴᠠᠭ᠎ᠠ ᠲᠠᠢ ᠨᠡᠶᠢᠭᠡᠮ  ᠤᠨ ᠪᠠᠶᠢᠴᠠᠭᠠᠯᠲᠠ ᠬᠢᠵᠦ ᠶᠠᠫᠤᠨᠴᠣᠳ ᠤᠨ ᠨᠤᠲᠤᠭ ᠪᠡᠯᠴᠢᠭᠡᠷ ᠢ ᠬᠠᠭᠠᠯᠪᠤᠷᠢᠯᠠᠬᠤ ᠶᠢ ᠬᠤᠷᠢᠭᠯᠠᠵᠤ᠂ ᠨᠡᠭᠦᠳᠡᠯ ᠮᠠᠯᠵᠢᠯ ᠰᠣᠶᠣᠯ ᠢ ᠬᠠᠶᠢᠷᠠᠯᠠᠨ ᠬᠠᠮᠠᠭᠠᠯᠠᠬᠤ ᠪᠠᠷ ᠴᠢᠷᠮᠠᠶᠢᠭᠰᠠᠨ ᠵᠢᠳᠭᠦᠯᠲᠡᠨ ᠶᠤᠮ᠃      ᠲᠣᠰ ᠣᠳᠠᠭ᠎ᠠ ᠬᠠᠹᠣᠩᠭ᠎ᠠ ᠪᠠᠭᠰᠢ ᠲᠠᠶᠢᠯᠣᠮᠵᠢ ᠪᠠᠨ ᠳᠡᠭᠦᠰᠭᠡᠮᠡᠭᠴᠡ ᠠᠷᠣ ᠬᠤᠷᠴᠢᠨ ᠬᠤᠰᠢᠭᠤᠨ ᠤ ᠲᠦᠪ ᠦᠯᠵᠡᠶᠢᠲᠦ ᠨᠤᠮ ᠤᠨ ᠬᠦᠷᠳᠦᠳᠦ ᠭᠡᠶᠢᠳ᠂ ᠨᠣᠶᠠᠨ ᠰᠦᠮ᠎ᠡ ᠶᠢ ᠴᠢᠭᠯᠡᠵᠦ ᠮᠣᠷᠳᠠᠪᠠ᠃ ᠳᠠᠷᠠᠭ᠎ᠠ ᠪᠠᠷ ᠨᠢ ᠬᠤᠰᠢᠭᠤᠨ ᠨᠤᠲᠤᠭ ᠲᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠬᠦᠳᠡᠯᠭᠡᠭᠡᠨ ᠤ ᠰᠠᠯᠪᠤᠷᠢ ᠬᠤᠷᠠᠯ ᠪᠠᠶᠢᠭᠤᠯᠤᠭᠳᠠᠵᠣ᠂ ᠦᠨᠳᠦᠰᠦᠨ ᠱᠠᠲᠣ᠂ ᠭᠠᠴᠠᠭ᠎ᠠ ᠲᠤᠰᠬᠤᠨ ᠳᠤ ᠡᠭᠦᠷ ᠤᠨ ᠭᠡᠰᠢᠭᠦᠳ᠂ ᠢᠳᠡᠪᠬᠢᠲᠡᠨ ᠢ ᠡᠯᠰᠡᠵᠦ ᠡᠬᠢᠯᠡᠪᠡ᠃      ᠰᠡᠭᠦᠯ ᠳᠤᠨᠢ ᠠᠷᠣ ᠬᠤᠷᠴᠢᠨ ᠬᠤᠰᠢᠭᠤᠨ ᠤ ᠦᠪᠡᠷᠲᠡᠭᠡᠨ ᠵᠠᠰᠠᠬᠤ ᠬᠦᠳᠡᠯᠭᠡᠭᠡᠨ ᠤ ᠰᠠᠯᠪᠤᠷᠢ ᠬᠤᠷᠠᠯ ᠪᠠᠶᠢᠭᠤᠯᠬᠤ ᠠᠵᠢᠯ ᠢ ᠪᠡᠯᠡᠳᠬᠡᠨ ᠬᠠᠷᠢᠭᠤᠴᠠᠵᠣ ᠪᠠᠶᠢᠭᠰᠠᠨ ᠦᠨᠳᠦᠷ ᠰᠧᠯᠧᠵᠠᠪ ᠢ ᠴᠢᠭᠤᠯᠭᠠᠨ ᠤ ᠲᠦᠪ ᠵᠠᠰᠠᠭ  ᠤᠨ ᠭᠠᠵᠠᠷ ᠰᠢᠯᠵᠢᠬᠦᠯᠵᠦ ᠴᠢᠭᠤᠯᠭᠠᠨ ᠤ ᠭᠠᠵᠠᠷ ᠠᠴᠠ ᠳᠣᠪᠴᠢᠨᠪᠠᠯᠵᠤᠤᠷ ᠢ ᠰᠠᠯᠪᠤᠷᠢ ᠬᠤᠷᠠᠯ ᠤᠨ ᠡᠷᠬᠢᠯᠡᠭᠴᠢ ᠪᠦᠭᠡᠳ ᠠᠷᠣ ᠬᠤᠷᠴᠢᠨ ᠳᠠᠬᠢ ᠦᠪᠡᠷᠲᠡᠭᠡᠨ ᠬᠠᠮᠠᠭᠠᠯᠠᠬᠤ ᠴᠡᠷᠢᠭ ᠤᠨ ᠭᠤᠴᠢᠨ ᠲᠠᠪᠣᠳᠣᠭᠠᠷ ᠬᠤᠷᠢᠶ᠎ᠠ ᠶᠢᠨ ᠣᠯᠣᠰ ᠲᠦᠷᠦ ᠶᠢᠨ ᠭᠡᠰᠢᠭᠦᠨ ᠢᠶᠠᠷ ᠲᠤᠮᠢᠯᠠᠪᠠ᠃ ᠲᠤᠪᠴᠢᠨᠪᠠᠯᠵᠤᠤᠷ ᠨᠦᠬᠦᠷ ᠬᠦᠷᠴᠦ ᠢᠷᠡᠮᠡᠭᠴᠡ ᠠᠷᠣ ᠬᠤᠷᠴᠢᠨ ᠤ ᠪᠠᠶᠠᠠᠬᠤᠸᠠ ᠨᠣᠲᠤᠭ ᠲᠤ ᠬᠠᠮᠤᠭ ᠣᠷᠢᠳᠠᠪᠠᠷ ᠵᠠᠰᠠᠭ ᠢ ᠦᠭᠡᠷᠡᠴᠢᠯᠡᠵᠦ ᠰᠠᠯᠪᠤᠷᠢ ᠬᠤᠷᠠᠯ ᠢ ᠪᠠᠶᠢᠭᠤᠯᠪᠠ᠃ ᠪᠠᠶᠠᠠᠬᠤᠸᠠ ᠨᠤᠲᠤᠭ ᠤᠨ ᠰᠠᠯᠪᠤᠷᠢ ᠬᠤᠷᠠᠯ ᠤᠨ ᠡᠷᠬᠢᠯᠡᠭᠴᠢ ᠪᠠᠷ ᠶᠧᠰᠢᠩᠭᠤᠶᠢᠷᠤᠪ ︵ᠰᠡᠭᠦᠯ ᠳᠤ  ᠨᠢ ᠠᠷᠤ ᠬᠤᠷᠴᠢᠨ᠂ ᠬᠤᠶᠠᠷ ᠪᠠᠭᠠᠷᠢᠨ ᠢᠶᠠᠷ ᠭᠤᠴᠢ ᠭᠠᠷᠣᠢ ᠵᠢᠯ ᠬᠤᠰᠢᠭᠤᠨ ᠳᠠᠷᠤᠭ ᠶᠢᠨ ᠲᠤᠰᠢᠶᠠᠯ ᠢ ᠬᠠᠷᠢᠭᠤᠴᠠᠪᠠ︶᠂ ᠳᠡᠳ᠋ ᠡᠷᠬᠢᠯᠡᠭᠴᠢ ᠪᠠᠷ ᠠᠰᠠᠷ ︵ᠮᠢᠨᠤ ᠠᠪᠤ ᠪᠤᠯᠤᠨ᠎ᠠ︶ ᠨᠠᠷ ᠲᠤᠰ ᠲᠤᠰ ᠰᠣᠩᠭᠤᠭᠳᠠᠪᠠ᠃      ᠬᠠᠨᠰᠦ᠋ᠮ᠎ᠡ ᠳᠤ ᠪᠤᠯᠤᠭᠰᠠᠨ ᠴᠢᠰᠣᠳᠣ ᠲᠤᠯᠤᠯᠳᠣᠭᠠᠨ      1947 ᠣᠨ ᠤ ᠴᠠᠭᠠᠨ ᠰᠠᠷ᠎ᠠ ᠶᠢᠨ ᠳᠣᠮᠳᠠᠴᠢ ᠪᠠᠷ᠂ ᠬᠤᠰᠢᠭᠤᠨ ᠳᠠᠷᠤᠭ᠎ᠠ ᠰᠣᠳᠨᠠᠮᠳᠣᠪ᠂ ᠬᠤᠰᠢᠭᠤᠨ ᠳᠡᠳ᠋ ᠳᠠᠷᠤᠭ᠎ᠠ ᠭᠦᠩᠨᠠᠴᠣᠨ ᠨᠠᠷ ᠪᠦᠬᠦ ᠬᠤᠰᠢᠭᠤᠨ ᠤ ᠴᠡᠷᠢᠭ ᠠᠩᠬᠢ ᠶᠢ ᠳᠠᠶᠢᠴᠢᠯᠠᠵᠣ ᠬᠠᠨᠰᠦ᠋ᠮ᠎ᠡ ᠶᠢ ᠴᠢᠭᠯᠡᠵᠦ᠂ ᠪᠠᠶᠠᠠᠬᠤᠸᠠ ᠨᠤᠲᠤᠭ ᠢᠶᠠᠷ ᠰᠠᠭᠤᠵᠣ ᠪᠠᠶᠢᠭᠰᠠᠨ ᠴᠡᠷᠢᠭ ᠮᠤᠷᠢ ᠴᠦ ᠬᠠᠨᠰᠦ᠋ᠮ᠎ᠡ ᠳᠤ ᠬᠦᠷᠬᠦ ᠵᠠᠬᠢᠶ᠎ᠠ ᠵᠠᠷᠯᠢᠭ ᠢ ᠬᠦᠯᠢᠶᠡᠪᠡ᠃ ᠭᠡᠪᠡᠴᠦ ᠶᠠᠭᠤᠨ ᠳᠤ ᠶᠠᠪᠤᠭ᠎ᠠ ᠭᠡᠳᠡᠭ ᠨᠢ ᠳᠠᠰᠣ ᠨᠢᠭᠤᠴᠠ ᠪᠠᠶᠢᠯ᠎ᠠ᠃      ᠡᠨᠡ ᠦᠶ᠎ᠡ ᠳᠤ ᠬᠤᠰᠢᠭᠤᠨ ᠡᠮᠦᠨ᠎ᠡ ᠵᠠᠬ᠎ᠠ ᠪᠤᠯᠬᠤ ᠰᠢᠷ᠎ᠠ ᠮᠦᠷᠡᠨ ᠤ ᠠᠷᠣ ᠶᠢᠨ ᠯᠠᠮᠠ ᠶᠢᠨ ᠳᠠᠷᠬᠠᠨ᠂ ᠭᠤᠷᠪᠠᠨ ᠴᠠᠭᠠᠠᠨᠠᠭᠤᠷ ᠢᠶᠠᠷ ᠬᠤᠷᠭᠤᠳᠠᠵᠣ ᠪᠠᠶᠢᠭᠰᠠᠨ ᠠᠷᠣ ᠬᠤᠷᠴᠢᠨ ᠨᠤᠲᠤᠭ ᠠᠴᠠ ᠪᠠᠨ ᠣᠷᠪᠠᠵᠤ ᠺᠠᠶᠢᠯᠤ ᠳᠠᠬᠢ ᠭᠤᠮᠢᠨᠳᠠᠩ ᠤᠨ ᠬᠤᠷᠮᠤᠢ ᠳᠤ ᠰᠢᠷᠭᠤᠭᠰᠠᠨ ᠠᠷᠪᠤᠩᠭ᠎ᠠ ᠨᠠᠷ ᠴᠠᠭᠠᠨ ᠰᠠᠷ᠎ᠠ ᠶᠢᠨ ᠠᠷᠪᠠᠨ ᠨᠠᠢᠮᠠᠨ ᠤ ᠨᠠᠷᠠᠨ ᠵᠢᠷᠭᠠᠬᠤ ᠦᠶ᠎ᠡ ᠪᠠᠷ ᠡᠨᠡᠬᠦ ᠴᠢᠮᠡᠭᠡ ᠶᠢ ᠣᠯᠵᠣ ᠲᠡᠷᠡ ᠳᠣᠣᠷ᠎ᠠ ᠨᠢ ᠬᠤᠷᠳᠣᠨ ᠮᠤᠷᠢᠨ ᠤ ᠳᠠᠪᠬᠢᠭ᠎ᠠ ᠪᠠᠷ ᠭᠤᠷᠪᠠᠨ ᠵᠠᠭᠤ ᠢᠯᠡᠬᠦᠦ ᠭᠠᠨᠵᠷ ᠬᠦᠶᠦᠯᠭᠡᠵᠦ ᠠᠷᠪᠠ ᠶᠢᠰᠦᠨ ᠤ ᠦᠦᠷ ᠤᠨ ᠦᠨᠡᠭᠡᠨ ᠬᠠᠷᠠᠩᠭᠤᠢ ᠪᠠᠷ ᠬᠠᠨᠰᠦ᠋ᠮ᠎ᠡ ᠶᠢ ᠬᠡᠨᠡᠨ ᠳᠠᠷᠣᠵᠣ ᠳᠠᠭᠠᠷᠢᠪᠠ᠃      ᠬᠠᠷ᠎ᠠ ᠠᠶᠤᠯ ᠨᠦᠮᠦᠷᠢᠨ ᠢᠷᠡᠬᠦ ᠶᠢᠨ ᠭᠱᠠᠨ᠎ᠠ᠂ ᠦᠪᠦᠷ ᠮᠤᠩᠭᠤᠯ ᠤᠨ ᠠᠷᠠᠳ ᠲᠦᠮᠡᠨ ᠤ ᠤᠯᠠᠭᠠᠨ ᠪᠤᠶᠠᠨ  ᠢᠶᠠᠷ ᠤᠯᠠᠭᠠᠨᠬᠦᠦ ᠨᠠᠷ ᠢ ᠠᠷᠪᠠᠨ ᠨᠠᠢᠮᠠᠨ ᠤ ᠦᠦᠷ ᠤᠨ ᠭᠡᠭᠡ ᠪᠠᠷ ᠠᠷᠣ ᠬᠤᠷᠴᠢᠨ ᠬᠤᠰᠢᠭᠤᠨ ᠤ ᠣᠳᠣᠷᠢᠳᠣᠯᠭ᠎ᠠ ᠪᠤᠯᠤᠨ ᠴᠡᠷᠢᠭ ᠠᠷᠠᠳ ᠬᠠᠮᠠᠭᠠᠯᠠᠨ ᠨᠢᠭᠡᠨᠲᠡ ᠵᠠᠷᠣᠳ ᠬᠤᠰᠢᠭᠤᠨ ᠳᠤ ᠠᠮᠤᠷ ᠲᠦᠪᠰᠢᠨ ᠬᠦᠷᠭᠡᠨ ᠬᠠᠨᠰᠦ᠋ᠮ᠎ᠡ ᠳᠤ ᠪᠤᠴᠠᠨ ᠢᠷᠡᠵᠦ ᠠᠷᠪᠠ ᠶᠢᠰᠦᠨ ᠳᠤ ᠪᠤᠴᠠᠬᠤ ᠪᠠᠷ ᠪᠠᠶᠢᠭᠰᠠᠨ ᠢᠶᠠᠨ ᠠᠷᠪᠤᠩᠭ᠎ᠠ ᠶᠢᠨ ᠭᠠᠯᠵᠠᠭᠤ ᠳᠠᠭᠠᠷᠢᠯᠲᠠ ᠳᠤ ᠣᠴᠠᠷᠠᠪᠠ᠃      ᠬᠠᠨᠰᠦ᠋ᠮ᠎ᠡ ᠳᠤ ᠪᠤᠯᠤᠭᠰᠠᠨ ᠴᠢᠰᠣᠳᠣ ᠳᠣᠯᠣᠯᠳᠣᠭᠠᠨ ᠦᠦᠷ ᠠᠴᠠ ᠦᠳᠡ ᠪᠤᠯᠲᠠᠯ᠎ᠠ ᠶᠠᠪᠤᠭᠳᠠᠵᠣ ᠳᠠᠶᠢᠰᠦᠨ ᠡᠲᠡᠭᠡᠳ ᠬᠡᠳᠦᠨ ᠮᠡᠷᠭᠡᠨ ᠬᠠᠷᠪᠤᠭᠠᠴᠢ ᠪᠠᠨ ᠠᠯᠠᠭᠤᠯᠵᠣ ᠰᠢᠪᠰᠢᠭᠲᠡᠢ ᠪᠠᠷ ᠣᠬᠤᠷᠢᠭᠰᠠᠨ ᠴᠦ ᠮᠠᠨ ᠤ ᠰᠢᠨ᠎ᠡ ᠭᠤᠷᠪᠠᠳᠣᠭᠠᠷ ᠰᠣᠮᠣ ᠰᠠᠶ᠋ᠢᠬᠠᠨ ᠪᠠᠶᠢᠭᠤᠯᠤᠭᠳᠠᠵᠣ ᠫᠣᠣ ᠰᠣᠮᠣ ᠪᠦᠷᠢᠨ ᠦᠭᠡᠢ᠂ ᠪᠤᠯᠪᠠᠰᠣᠷᠠᠯ ᠬᠦᠮᠦᠵᠢᠯ ᠬᠦᠷᠲᠡᠭᠡᠳᠦᠢ ᠪᠦᠭᠡᠳ ᠪᠠᠶᠢᠯᠳᠣᠭᠠᠨ ᠳᠣᠯᠣᠯᠳᠣᠭᠠᠨ ᠶᠠᠠᠮᠷ ᠭᠡᠳᠡᠭ ᠢ ᠴᠦ ᠮᠡᠳᠡᠭᠡᠳᠦᠢ ᠪᠠᠶᠢᠭᠰᠠᠨ ᠮᠠᠯᠴᠢᠨ ᠵᠠᠯᠠᠭᠤᠰ ᠮᠠᠨᠢ ᠬᠦᠨᠳᠦ ᠰᠦᠷᠡᠬᠡᠢ ᠬᠤᠬᠢᠷᠠᠯ ᠠᠮᠰᠠᠵᠣ᠂ ᠰᠣᠮᠣᠨ ᠳᠠᠷᠤᠭ᠎ᠠ ᠵᠢᠭᠠᠨ ᠵᠢᠯᠤᠭᠤᠳᠣᠭᠴᠢ ᠲᠠᠢ ᠪᠠᠨ ᠬᠤᠷᠢ ᠭᠤᠴᠢᠭᠠᠳ ᠪᠠᠭᠠᠳᠣᠷᠴᠣᠳ ᠠᠳᠠᠯᠢ ᠪᠣᠰᠣ ᠬᠡᠮᠵᠢᠶᠡᠨ᠎ᠡ ᠰᠢᠷᠬᠠᠳᠣᠵᠣ ᠬᠤᠶᠠᠷ ᠰᠠᠯᠠᠭᠠᠨ ᠳᠠᠷᠤᠭ᠎ᠠ ᠠᠷᠪᠠᠭᠠᠳ ᠪᠠᠶᠢᠯᠳᠣᠭᠴᠢ ᠠᠷᠢᠭᠤᠨ ᠠᠮᠢ ᠪᠠᠨ ᠠᠯᠳᠠᠪᠠ᠃ ᠳᠠᠳᠠ ᠨᠠᠷ ᠬᠠᠯᠠᠭᠤᠨ ᠴᠢᠰᠣ ᠪᠠᠷ ᠢᠶᠠᠨ ᠣᠯᠠᠭᠠᠨᠬᠦᠦ ᠲᠡᠷᠢᠬᠦᠯᠡᠭᠴᠢ  ᠶᠢ ᠠᠮᠣᠷ ᠮᠡᠨᠳᠦ ᠣᠭᠲᠣᠨ ᠮᠣᠷᠳᠠᠭᠤᠯᠵᠣ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠵᠠᠰᠠᠭ ᠤᠨ ᠣᠷᠳᠣᠨ ᠢ ᠪᠠᠶᠢᠭᠤᠯᠬᠤ ᠳᠤ ᠴᠢᠰᠤᠨ ᠭᠠᠪᠢᠶ᠎ᠠ ᠪᠠᠶᠢᠭᠤᠯᠪᠠ᠃      ᠠᠩᠬᠠᠨ ᠤ ᠠᠷᠠᠳ ᠤᠨ ᠲᠦᠯᠦᠭᠡᠯᠡᠭᠴᠢ ᠪᠠᠨ ᠰᠣᠩᠭᠤᠭᠰᠠᠨ ᠨᠢ      1947 ᠣᠨ ᠤ ᠦᠯᠵᠡᠶᠢᠲᠦ ᠴᠠᠭᠠᠨ ᠰᠠᠷ᠎ᠠ ᠶᠢᠨ ᠬᠤᠷᠢᠨ ᠤ ᠡᠳᠦᠷ᠂ ᠪᠤᠶᠠᠠᠴᠣᠭᠯᠠ᠂ ᠵᠠᠭᠤᠨᠨᠠᠰᠣᠲᠣ ᠮᠠᠨ ᠤ ᠭᠡᠷ ᠲᠤ ᠢᠷᠡᠵᠦ ᠠᠪᠤ ᠲᠠᠢ ᠵᠤᠯᠭᠠᠨ ᠦᠪᠡᠷ ᠢ ᠪᠠᠨ ᠰᠢᠨ᠎ᠡ ᠭᠤᠷᠪᠠᠳᠣᠭᠠᠷ ᠰᠣᠮᠣᠨ ᠤ ᠬᠢᠨ ᠭᠡᠵᠦ ᠲᠠᠨᠢᠯᠴᠠᠭᠤᠯᠬᠤ ᠶᠢᠨ ᠬᠠᠮᠲᠤ᠄ ︽ᠮᠠᠨ ᠤ ᠰᠣᠮᠣᠨ ᠤ ᠵᠢᠭᠠᠨ ᠵᠢᠯᠤᠭᠤᠳᠣᠭᠴᠢ᠂ ᠲᠠᠨ ᠤ ᠵᠢᠭᠡ ᠬᠦᠦ ᠮᠦᠩᠬᠡᠪᠡᠶᠠᠷ ᠳᠣᠯᠣᠯᠳᠣᠭᠠᠨ ᠢ ᠪᠠᠭᠠᠲᠣᠷᠯᠢᠭ ᠢᠶᠠᠷ ᠵᠢᠯᠤᠭᠤᠳᠴᠣ ᠪᠠᠶᠢᠭᠠᠳ ᠰᠣᠮᠣᠨ ᠳᠤ ᠣᠨᠣᠭᠲᠠᠨ ᠬᠦᠮᠦᠨ ᠮᠣᠷᠢ ᠲᠠᠢ ᠪᠠᠨ ᠣᠶᠢᠴᠢᠯ᠎ᠠ ᠁ ᠭᠠᠯᠵᠠᠭᠤ ᠳᠡᠭᠡᠷᠡᠮ ᠠᠷᠪᠤᠩᠭ᠎ᠠ ︿ᠠᠰᠠᠷ ᠤᠨ ᠵᠢᠭᠡ ᠬᠦᠦ ᠮᠦᠩᠬᠡᠪᠡᠶᠠᠷ ᠬᠠᠮᠢᠭ᠎ᠠ ᠪᠠᠶᠢᠨ᠎ᠠ︖ ᠨᠢᠭᠡᠨ ᠦᠷᠢᠯ ᠱᠠᠩᠨᠠᠶ᠎ᠠ ᠁ ᠪᠠᠶᠠᠠᠬᠤᠸᠠ ᠨᠤᠲᠤᠭ᠂ ᠣᠯᠠᠭᠠᠨᠰᠦ᠋ᠮ᠎ᠡ ᠶᠢᠨ ᠠᠶᠢᠯ ᠪᠦᠷ ᠪᠠᠯᠣ ᠶᠢᠨ ᠡᠭᠦᠷ ᠪᠤᠯᠵᠠᠢ᠃ ᠣᠯᠠᠭᠠᠨᠰᠦ᠋ᠮ᠎ᠡ ᠶᠢ ᠶᠠᠰᠣᠨ ᠣᠪᠣᠭ᠎ᠠ᠂ ᠴᠢᠰᠣᠨ ᠭᠤᠤᠯ ᠪᠤᠯᠭᠠᠵᠤ ᠲᠠᠯᠬᠢᠭᠳᠠᠶ᠎ᠠ ᠁﹀︾ ᠭᠡᠵᠦ ᠣᠷᠢᠯᠠᠵᠣ ᠪᠠᠶᠢᠭᠰᠠᠨ ᠢ ᠲᠤᠭᠠᠴᠢᠨ ᠪᠠᠶᠢᠯ᠎ᠠ᠃      ᠮᠢᠨᠤ ᠠᠪᠤ ᠲᠡᠷᠢᠬᠦᠯᠡᠭᠴᠢ ᠣᠯᠠᠭᠠᠨᠬᠦᠦ ᠶᠢᠨ ᠠᠮᠣᠷ ᠮᠡᠨᠳᠦ ᠪᠠᠷ ᠸᠠᠩ ᠤᠨ ᠰᠦᠮ᠎ᠡ ᠶᠢ ᠴᠢᠭᠯᠡᠨ ᠠᠶᠠᠯᠠᠭᠰᠠᠨ ᠪᠠ ᠬᠠᠨᠰᠦ᠋ᠮ᠎ᠡ ᠳᠤ ᠪᠣᠯᠣᠭᠰᠠᠨ ᠴᠢᠰᠣᠲᠣ ᠳᠣᠯᠣᠯᠳᠣᠭᠠᠨ ᠤ ᠪᠠᠶᠢᠳᠠᠯ ᠢ ᠴᠢᠭᠤᠯᠭᠠᠨ ᠤ ᠭᠠᠵᠠᠷ ᠬᠦᠷᠴᠦ ᠬᠠᠷᠢᠭᠤ ᠮᠡᠳᠡᠭᠦᠯᠬᠦ ᠪᠠᠷ ᠲᠡᠷᠡ ᠳᠣᠣᠷ᠎ᠠ ᠨᠢ ᠮᠦᠩᠬᠡᠪᠡᠶᠠᠷ ᠤᠨ ᠠᠪᠤ ᠨᠢᠮ᠎ᠡ ᠬᠢᠭᠡᠳ ᠳᠡᠭᠦᠦ ᠴᠣᠩᠬᠠᠷᠠ ᠲᠠᠢ ᠪᠠᠨ ᠭᠤᠷᠪᠠᠭᠤᠯᠠ ᠨᠠᠳᠠ ᠶᠢ ᠠᠪᠴᠣ ᠬᠠᠶᠢᠳᠠᠭ ᠮᠤᠷᠢ ᠪᠠᠷ ᠴᠢᠭᠤᠯᠭᠠᠨ ᠤ ᠲᠦᠪ᠂ ᠯᠢᠨᠳᠦ᠋ᠩ ᠳᠤ ᠬᠦᠷᠪᠡ᠃ ᠦᠨᠳᠦᠷ ᠰᠧᠯᠧᠵᠠᠪ ᠤᠨ ᠳᠠᠭᠠᠭᠤᠯᠭ᠎ᠠ ᠪᠠᠷ ᠴᠢᠭᠤᠯᠭᠠᠨ ᠤ ᠬᠤᠪᠢᠶᠠᠷᠢ ᠬᠤᠷᠠᠯ ᠤᠨ ᠡᠷᠬᠢᠯᠡᠭᠴᠢ ᠦᠯᠵᠡᠶᠢᠨᠠᠷᠠᠨ ︵ᠰᠡᠭᠦᠯᠡᠷ  ᠨᠢ ᠣᠷᠣᠨ ᠤ ᠲᠦᠯᠦᠪᠯᠡᠭᠡᠨ ᠤ ᠵᠦᠪᠯᠡᠯ ᠤᠨ ᠡᠷᠬᠢᠯᠡᠭᠴᠢ ᠪᠤᠯᠪᠠ︶᠂ ᠰᠢᠦᠢ ᠽᠢ ᠭᠠᠨ ︵ᠳᠣᠳᠣᠷ᠎ᠠ ᠣᠷᠣᠨ ᠠᠴᠠ ᠢᠷᠡᠭᠰᠡᠨ ᠠᠬᠠᠮᠠᠳ ᠺᠠᠳ᠋ᠷ᠂ ᠰᠡᠭᠦᠯ ᠳᠤ ᠣᠷᠣᠨ ᠤ ᠪᠠᠶᠢᠴᠠᠭᠠᠬᠤ ᠲᠢᠩᠬᠢᠮ ᠤᠨ ᠳᠠᠷᠤᠭ᠎ᠠ ᠪᠤᠯᠪᠠ︶ ᠬᠢᠭᠡᠳ ᠰᠧᠪᠵᠢᠳᠳᠣᠷᠵᠢ ︵ᠰᠡᠭᠦᠯ ᠳᠤ ᠨᠡᠷ᠎ᠡ ᠪᠠᠨ ᠭᠡᠭᠡᠨᠬᠦᠦ ᠭᠡᠵᠦ ᠬᠠᠯᠠᠵᠣ ᠭᠠᠳᠠᠭᠠᠲᠣ ᠶᠠᠮᠤᠨ ᠤ ᠠᠽᠢᠶ᠎ᠠ ᠶᠢᠨ ᠵᠤᠷᠭᠠᠨ  ᠤ ᠰᠠᠶᠢᠳ ᠪᠤᠯᠪᠠ︶ ᠨᠠᠷ ᠲᠤ ᠳᠠᠷᠣᠢ ᠳᠤᠨᠢ ᠬᠠᠷᠢᠭᠤ ᠮᠡᠳᠡᠭᠦᠯᠦᠯᠲᠡ ᠬᠢᠵᠦ ᠪᠠᠷᠠᠭᠰᠠᠨ ᠤ ᠳᠠᠷᠠᠭ᠎ᠠ ︽ᠪᠢᠳᠡ ᠣᠳᠣ ᠪᠣᠴᠠᠨ᠎ᠠ᠂ ᠶᠠᠭᠤ ᠪᠤᠯᠤᠭᠰᠠᠨ ᠴᠦ ᠨᠤᠲᠤᠭ ᠤᠨ ᠢᠶᠠᠨ ᠠᠷᠠᠳ ᠲᠠᠢ ᠪᠠᠨ ᠬᠠᠮᠲᠤ ᠪᠠᠶᠢᠶ᠎ᠠ᠃ ᠬᠦᠦ ᠪᠠᠨ ᠲᠠᠨ ᠳᠤ ᠲᠤᠰᠢᠶᠠᠵᠣ ᠬᠤᠪᠢᠰᠬᠠᠯ ᠤᠨ ᠠᠵᠢᠯ ᠢ ᠳᠡᠮᠵᠢᠶ᠎ᠡ︾ ᠭᠡᠵᠦ ᠠᠪᠤ ᠮᠢᠨᠢ ᠬᠡᠯᠡᠭᠡᠳ ᠪᠤᠴᠠᠪᠠ᠃      ᠰᠧᠪᠵᠢᠳᠳᠣᠷᠵᠢ ᠨᠦᠬᠦᠷ ᠨᠠᠳᠠ ᠶᠢ ᠭᠠᠷ ᠠᠴᠠ ᠬᠦᠲᠦᠯᠵᠦ ᠯᠢᠨᠳᠦ᠋ᠩ ᠳᠠᠬᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠳᠡᠭᠡᠳᠦ ᠰᠣᠷᠠᠭᠭᠤᠯᠢ ᠳᠤ ᠬᠦᠷᠭᠡᠵᠦ ᠰᠣᠷᠣᠯᠴᠠᠭᠤᠯᠪᠠ᠃      1947 ᠣᠨ ᠤ ᠠᠷᠭ᠎ᠠ ᠶᠢᠨ ᠣᠯᠠᠷᠢᠯ ᠤᠨ ᠳᠦᠷᠪᠡᠳᠦᠭᠡᠷ ᠰᠠᠷ᠎ᠠ ᠪᠠᠷ ᠸᠠᠩ ᠤᠨ ᠰᠦᠮ᠎ᠡ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠵᠠᠰᠠᠭ ᠢ ᠪᠠᠶᠢᠭᠤᠯᠬᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠢ ᠬᠤᠷᠠᠯᠳᠣᠭᠤᠯᠬᠤ ᠪᠠᠷ ᠪᠤᠯᠤᠭᠰᠠᠨ ᠲᠤᠯᠠ ᠮᠠᠨ ᠤ ᠳᠡᠭᠡᠳᠦ ᠰᠣᠷᠭᠠᠭᠤᠯᠢ ᠠᠴᠠ ᠨᠢᠭᠡᠨ ᠮᠤᠩᠭᠤᠯ ᠲᠦᠯᠦᠭᠡᠯᠡᠭᠴᠢ ᠣᠷᠣᠯᠴᠠᠭᠤᠯᠬᠤ ᠪᠤᠯᠤᠨ᠎ᠠ ᠭᠡᠬᠦ ᠵᠢᠭᠠᠪᠤᠷᠢ ᠪᠠᠷ ᠪᠠᠭᠰᠢ ᠰᠣᠷᠣᠭᠴᠢᠳ ᠬᠠᠮᠲᠤ ᠪᠠᠷ ᠰᠣᠷᠭᠠᠭᠤᠯᠢ ᠶᠢᠨ ᠳᠡᠳ᠋ ᠵᠠᠬᠢᠷᠣᠯ ᠪᠠᠶᠢᠭᠰᠠᠨ ᠶᠢᠨ ᠴᠢ ᠰᠢᠶᠠᠨ ᠢ ᠰᠣᠩᠭᠤᠪᠠ᠃ ᠬᠤᠶᠠᠷ ᠡᠳᠦᠷ ᠤᠨ ᠬᠢᠨᠢ ᠳᠠᠷᠠᠭ᠎ᠠ ᠰᠣᠷᠭᠠᠭᠤᠯᠢ ᠶᠢᠨ ᠣᠳᠣᠷᠢᠳᠣᠯᠭ᠎ᠠ ᠠᠴᠠ ᠶᠢᠨ ᠴᠢ ᠰᠢᠶᠠᠨ ᠨᠦᠬᠦᠷ ᠢ ᠵᠣᠰᠣᠳᠣ ᠶᠢᠨ ᠴᠣᠪᠣᠭ᠎ᠠ ᠠᠩᠬᠢ ᠠᠴᠠ ᠲᠦᠯᠦᠭᠡᠯᠡᠭᠴᠢ ᠪᠠᠷ ᠰᠣᠩᠭᠤᠭᠰᠠᠨ ᠲᠣᠯᠠ ᠪᠢᠳᠡ ᠪᠠᠰᠠ ᠨᠢᠭᠡᠨ ᠬᠦᠮᠦᠨ ᠢ ᠰᠣᠩᠭᠤᠬᠤ ᠬᠡᠷᠡᠭᠲᠡᠢ ᠪᠤᠯᠪᠠ ᠭᠡᠳ ᠭᠡᠸᠠ ︵ᠰᠡᠭᠦᠯᠡᠷ ᠨᠢ ᠣᠷᠣᠨ ᠤ ᠰᠣᠷᠭᠠᠨ ᠬᠦᠮᠦᠵᠢᠯ ᠤᠨ ᠲᠢᠩᠬᠢᠮ ᠤᠨ ᠳᠠᠷᠤᠭ᠎ᠠ ᠪᠤᠯᠵᠠᠢ︶ ᠪᠠᠭᠰᠢ ᠶᠢ ᠵᠢᠱᠢᠭᠳᠡᠭᠴᠢ ᠪᠠᠷ ᠳᠣᠷᠠᠳᠣᠭᠰᠠᠨ ᠳᠤ ᠰᠣᠷᠭᠠᠭᠤᠯᠢ ᠶᠢᠨ ᠮᠤᠩᠭᠤᠯ ᠬᠢᠲᠠᠳ ᠪᠠᠭᠰᠢ ᠰᠣᠷᠣᠭᠴᠢᠳ ᠳᠠᠭᠤ ᠨᠢᠭᠡᠲᠡᠢ ᠪᠠᠷ ᠭᠠᠷ ᠡᠷᠭᠦᠨ ᠪᠠᠲᠤᠯᠠᠵᠣ ᠰᠣᠩᠭᠤᠪᠠ᠃ ᠲᠤᠬᠠᠢ ᠶᠢᠨ ᠦᠶ᠎ᠡ ᠳᠤ ᠪᠢ ᠠᠷᠪᠠᠨ ᠨᠠᠢᠮᠠᠨ ᠨᠠᠰᠣ ᠬᠦᠷᠦᠭᠡᠳᠦᠢ ᠪᠤᠯᠪᠠᠴᠣ ᠮᠦᠨ ᠰᠣᠩᠭᠤᠭᠤᠯᠢ ᠳᠤ ᠣᠷᠣᠯᠴᠠᠵᠣ ᠭᠠᠷ ᠡᠷᠭᠦᠨ ᠭᠡᠸᠠ ᠪᠠᠭᠰᠢ ᠶᠢ ᠰᠣᠩᠭᠤᠭᠰᠠᠨ ᠪᠠᠶᠢᠯ᠎ᠠ᠃      ᠦᠪᠦᠷ ᠮᠤᠩᠭᠤᠯ ᠤᠨ ᠦᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠤᠭᠳᠠᠭᠰᠠᠨ ᠨᠢ      ᠬᠤᠷᠠᠯ ᠳᠤ ᠣᠷᠣᠯᠴᠠᠭᠰᠠᠨ ᠭᠡᠸᠠ ᠪᠠᠭᠰᠢ ᠪᠠᠶᠠᠷ ᠤᠨ ᠴᠢᠮᠡᠭᠡ ᠡᠪᠦᠷᠯᠡᠨ ᠪᠤᠴᠠᠨ ᠢᠷᠡᠵᠦ᠂ ᠬᠤᠷᠠᠯ ᠠᠴᠠ 1947 ᠣᠨ ᠤ ᠲᠠᠪᠤᠨ ᠰᠠᠷ᠎ᠠ ᠶᠢᠨ ᠨᠢᠭᠡᠨ ᠤ ᠡᠳᠦᠷ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠢ ᠲᠦᠪ ᠶᠡᠬᠡᠮᠰᠦᠭ ᠢᠶᠠᠷ ᠲᠤᠩᠬᠠᠭᠯᠠᠵᠠᠢ᠃ ᠣᠯᠠᠭᠠᠨᠬᠦᠦ ᠶᠢ ᠵᠠᠰᠠᠭ ᠤᠨ ᠣᠷᠳᠣᠨ ᠤ ᠲᠡᠷᠢᠭᠦᠯᠡᠭᠴᠢ ᠪᠠᠷ᠂ ᠬᠠᠹᠣᠩᠭ᠎ᠠ ᠶᠢ ᠳᠡᠳ᠋ ᠲᠡᠷᠢᠭᠦᠯᠡᠭᠴᠢ ᠪᠠᠷ᠂ ᠠᠰᠬᠠᠨ ᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠴᠡᠷᠢᠭ ᠤᠨ ᠶᠡᠷᠦᠩᠬᠡᠢ ᠰᠧᠯᠢᠩ ᠢᠶᠠᠷ ᠳᠣᠰ ᠳᠣᠰ ᠰᠣᠩᠭᠤᠨ ᠲᠣᠰᠢᠶᠠᠯ ᠳᠤ ᠲᠣᠮᠢᠯᠠᠪᠠ᠃ ᠠᠳᠡ ᠣᠨᠴᠠᠯᠠᠨ ᠳᠣᠳᠣᠷᠬᠠᠶᠢᠯᠠᠬᠤ ᠨᠢ᠂ ᠲᠤᠬᠠᠢ ᠶᠢᠨ ᠦᠶ᠎ᠡ ᠳᠤ ᠠᠰᠬᠠᠨ ᠵᠠᠩᠵᠤᠨ ᠭᠤᠮᠢᠨᠳᠠᠩ ᠢ ᠴᠣᠬᠢᠬᠤ ᠳᠠᠶᠢᠨ ᠤ ᠭᠠᠯ ᠹᠷᠤᠨᠲ ᠲᠤ ᠪᠠᠶᠢᠭᠰᠠᠨ ᠠᠴᠠ ᠪᠡᠶ᠎ᠡ ᠪᠠᠷ ᠢᠶᠠᠨ ᠣᠷᠣᠯᠴᠠᠵᠣ ᠴᠢᠳᠠᠭᠰᠠᠨ ᠦᠭᠡᠢ᠃ ᠬᠤᠷᠠᠯ ᠠᠴᠠ ᠪᠠᠰᠠ ᠦᠪᠡᠷᠲᠡᠭᠡᠨ ᠵᠠᠰᠠᠬᠤ ᠵᠠᠰᠠᠭ ᠤᠨ ᠲᠦᠷ ᠵᠠᠰᠠᠭ ᠶᠠᠪᠤᠭᠤᠯᠬᠤ ᠬᠦᠲᠦᠯᠪᠦᠷᠢ ᠪᠠ ᠵᠠᠰᠠᠭ ᠤᠨ ᠣᠷᠳᠣᠨ ᠢ ᠲᠦᠷ ᠸᠠᠩ  ᠤᠨ ᠰᠦᠮ᠎ᠡ ᠳᠤ ᠪᠠᠶᠢᠭᠤᠯᠵᠤ᠂ ᠸᠠᠩ ᠤᠨ ᠰᠦᠮ᠎ᠡ ᠶᠢ ︽ᠣᠯᠠᠭᠠᠨᠬᠤᠲᠠ︾ ᠭᠡᠵᠦ ᠦᠭᠡᠷᠡᠴᠢᠯᠡᠬᠦ ᠰᠠᠨᠠᠯ ᠳᠣᠷᠠᠳᠴᠠᠢ᠃ ᠦᠪᠡᠷᠲᠡᠭᠡᠨ ᠵᠠᠰᠠᠬᠤ ᠵᠠᠰᠠᠭ ᠤᠨ ᠰᠦᠯᠳᠡ ᠲᠤᠭ ᠨᠢ ᠣᠷᠲᠣ ᠳᠦᠷᠪᠡᠯᠵᠢᠨ ᠬᠡᠯᠪᠡᠷᠢ ᠲᠠᠢ᠂ ᠳᠣᠮᠳᠠ ᠨᠢ ᠪᠠᠶᠢᠬᠤ ᠬᠦᠭᠡ ᠦᠩᠬᠡ ᠨᠢ ᠭᠤᠷᠪᠠᠨ ᠤ ᠨᠢᠭᠡ ᠶᠢ ᠡᠵᠡᠯᠡᠨ᠂ ᠡᠨᠡ ᠨᠢ ᠬᠦᠭᠡ ᠮᠤᠩᠭᠤᠯ ᠭᠡᠰᠡᠨ ᠢ ᠢᠯᠡᠳᠬᠡᠵᠦ᠂ ᠬᠤᠶᠠᠷ ᠲᠠᠯ᠎ᠠ ᠳᠤ ᠨᠢ ᠲᠣᠰ ᠲᠤᠰ ᠭᠤᠷᠪᠠᠨ ᠤ ᠨᠢᠭᠡ ᠶᠢ ᠡᠵᠡᠯᠡᠬᠦ ᠣᠯᠠᠭᠠᠨ ᠦᠩᠬᠡ ᠨᠢ ᠬᠤᠪᠢᠰᠬᠠᠯ ᠤᠨ ᠭᠠᠯ ᠬᠠᠯᠠᠭᠤᠨ ᠬᠠᠶᠢᠷ᠎ᠠ ᠬᠦᠰᠡᠯᠡᠩ ᠤᠨ ᠪᠡᠯᠭᠡ ᠳᠡᠮᠳᠡᠭ ᠪᠤᠯᠤᠨ᠎ᠠ᠃ ᠲᠤᠭ ᠤᠨ ᠲᠦᠪ ᠳᠣᠮᠳᠠ  ᠨᠢ ᠰᠢᠷ᠎ᠠ ᠦᠩᠬᠡ ᠲᠠᠢ ᠣᠷᠭ᠎ᠠ᠂ ᠠᠷᠴᠢᠭᠤᠷ ᠬᠤᠶᠠᠷ ᠢ ᠰᠣᠯᠪᠢᠴᠠᠭᠤᠯᠣᠨ ᠪᠣᠰᠬᠠᠭᠰᠠᠨ ᠨᠢ ᠮᠠᠯᠴᠢᠨ ᠲᠠᠷᠢᠶᠠᠴᠢᠨ  ᠤ ᠰᠠᠯᠣᠰᠢ ᠦᠭᠡᠢ ᠪᠦᠯᠬᠦᠮᠳᠡᠯ ᠨᠢᠭᠲᠠᠷᠠᠯ ᠪᠠ ᠳᠡᠳᠡ ᠪᠤᠯ ᠲᠦᠷᠦ ᠵᠠᠰᠠᠭ ᠤᠨ ᠡᠵᠡᠨ ᠨᠢ ᠪᠤᠯᠬᠤ ᠶᠢ ᠢᠯᠡᠳᠬᠡᠨ ᠬᠠᠷᠠᠭᠤᠯᠪᠠ ᠭᠡᠵᠦ ᠭᠡᠸᠠ ᠪᠠᠭᠰᠢ ᠠᠴᠠ ᠬᠤᠷᠠᠯ ᠤᠨ ᠲᠤᠬᠠᠢ ᠨᠠᠷᠢᠯᠢᠭ ᠲᠠᠶᠢᠯᠤᠮᠵᠢ ᠬᠢᠬᠦ ᠳᠤ ᠨᠦᠬᠦᠳ ᠤᠨ ᠠᠯᠠᠭ᠎ᠠ ᠳᠠᠰᠢᠬᠤ ᠳᠠᠭᠤᠨ ᠣᠳᠠᠲᠠᠯ᠎ᠠ ᠳᠣᠭᠤᠯᠳᠠᠵᠣ ᠪᠠᠶᠢᠯ᠎ᠠ᠃      ᠬᠢᠴᠢᠶᠡᠯ ᠲᠠᠶᠢᠯᠤᠮᠵᠢ ᠶᠢᠨ ᠵᠠᠪᠰᠠᠷ ᠲᠤ ᠭᠡᠸᠠ ᠪᠠᠭᠰᠢ ᠪᠠᠰᠠ᠂ ᠳᠡᠳ᠋ ᠲᠡᠷᠢᠭᠦᠯᠡᠭᠴᠢ ᠬᠠᠹᠣᠩᠭ᠎ᠠ ᠶᠢᠨ ᠡᠴᠢᠭᠡ ᠨᠢ ᠨᠠᠰᠣ ᠪᠠᠷᠠᠭᠰᠠᠨ ᠳᠤ ᠲᠡᠷᠢᠭᠦᠯᠡᠭᠴᠢ ᠣᠯᠠᠭᠠᠨᠬᠦᠦ᠂ ᠳᠡᠳ᠋ ᠲᠡᠷᠢᠭᠦᠯᠡᠭᠴᠢ ᠬᠠᠹᠣᠩᠭ᠎ᠠ ᠲᠠᠢ ᠴᠣᠭᠭᠠᠷ ᠴᠢᠨᠳᠠᠷ ᠢ ᠨᠢ ᠮᠦᠷᠦᠨ ᠳᠡᠭᠡᠷ᠎ᠡ ᠪᠠᠨ ᠳᠠᠮᠨᠠᠨ ᠣᠷᠣᠰᠢᠭᠤᠯᠭ᠎ᠠ ᠶᠢᠨ ᠭᠠᠵᠠᠷ ᠲᠤ ᠬᠦᠷᠭᠡᠭᠰᠡᠨ ᠶᠤᠮ ᠭᠡᠵᠦ ᠶᠠᠷᠢᠵᠤ ᠪᠠᠶᠢᠯ᠎ᠠ᠃      ᠲᠡᠦᠬᠡ ᠶᠢ ᠡᠷᠭᠢᠴᠡᠬᠦᠯᠦᠬᠦᠶ᠎ᠡ᠂ ᠦᠪᠦᠷ ᠮᠤᠩᠭᠤᠯᠴᠣᠳ ᠦᠪᠡᠷᠲᠡᠭᠡᠨ ᠵᠠᠰᠠᠬᠤ ᠬᠦᠰᠡᠯᠡᠩ ᠢᠶᠠᠷ ᠴᠢᠩ ᠣᠯᠣᠰ᠂ ᠢᠷᠭᠡᠨ ᠣᠯᠣᠰ ᠲᠤ ᠣᠯᠠᠨ ᠳᠠᠬᠢᠨ ᠦᠪᠡᠷ ᠤᠨ ᠬᠦᠰᠡᠯ ᠡᠷᠡᠮᠡᠯᠵᠡᠯ ᠢᠶᠠᠨ ᠳᠠᠯᠪᠢᠯ᠎ᠠ᠃ ᠪᠤᠰᠣᠯᠭ᠎ᠠ ᠭᠠᠷᠭᠠᠵᠣ ᠴᠦ ᠦᠵᠡᠯ᠎ᠡ᠃ ᠦᠨᠳᠦᠰᠦᠲᠡᠨ ᠤ ᠪᠠᠭᠠᠲᠣᠷᠴᠣᠳ ᠮᠢᠨᠢ ᠬᠠᠯᠠᠭᠤᠨ ᠴᠢᠰᠣ ᠪᠠᠨ ᠣᠷᠣᠰᠬᠠᠵᠣ ᠠᠯᠲᠠᠨ ᠠᠮᠢ ᠪᠠᠨ ᠴᠦ ᠦᠷᠡᠭᠳᠡᠬᠦᠯᠦᠯ᠎ᠡ ᠁ ᠠᠷᠭ᠎ᠠ ᠪᠠᠷᠠᠬᠤ ᠳᠠᠭᠠᠨ ᠬᠠᠷᠢ ᠣᠯᠣᠰ ᠢ ᠡᠷᠢᠨ ᠲᠦᠰᠢᠭᠯᠡᠵᠦ ᠦᠨᠳᠦᠰᠦᠲᠡᠨ ᠢᠶᠠᠨ ᠴᠢᠯᠦᠭᠡᠯᠡᠨ᠂ ᠦᠪᠡᠷᠲᠡᠭᠡᠨ ᠵᠠᠰᠠᠬᠤ ᠶᠢ ᠭᠤᠶᠣᠨ ᠭᠤᠩᠰᠢᠵᠤ ᠴᠦ ᠦᠩᠭᠡᠷᠡᠯ᠎ᠡ᠃ ᠪᠦᠲᠦᠭᠰᠡᠨ ᠵᠦᠢᠯ ᠣᠭᠲᠣ ᠦᠭᠡᠢ᠃ ᠡᠨᠡ ᠪᠣᠯ ᠦᠨᠡᠨ ᠲᠡᠦᠬᠡ᠃ ᠬᠡᠨ ᠴᠦ ᠦᠭᠡᠷᠡᠴᠢᠯᠡᠨ ᠭᠠᠵᠠᠭᠤᠳᠠᠭᠤᠯᠵᠣ ᠴᠢᠳᠠᠬᠤ ᠦᠭᠡᠢ ᠶᠤᠮ᠃      ᠦᠪᠦᠷ ᠮᠤᠩᠭᠤᠯᠴᠣᠳ ᠠᠯᠢ ᠣᠯᠠᠨ ᠦᠷᠡᠭᠳᠡᠯ ᠰᠦᠢᠳᠦᠯ ᠭᠠᠷᠭᠠᠵᠣ ᠪᠠᠶᠢᠮᠠᠨᠵᠢᠨ ᠰᠠᠶ᠋ᠢ ᠦᠪᠡᠷᠲᠡᠭᠡᠨ ᠵᠠᠰᠠᠬᠤ ᠭᠡᠬᠦ ᠡᠨᠡᠬᠦ ᠵᠦᠪ ᠵᠠᠮ ᠢ ᠡᠷᠢᠨ ᠣᠯᠪᠠ᠃ ᠡᠭᠦᠨ ᠤ ᠲᠤᠬᠠᠢ ᠲᠡᠦᠬᠡ ᠶᠢᠨ ᠳ᠋ᠦᠩᠨᠡᠯᠲᠡ ᠭᠡᠪᠡᠯ᠄ ᠭᠠᠭᠴᠠᠬᠦ ᠳᠣᠮᠳᠠᠳᠣ ᠣᠯᠣᠰ ᠤᠨ ᠡᠪ ᠬᠠᠮᠲᠤ ᠨᠠᠮ ᠪᠤᠯ ᠰᠠᠶ᠋ᠢ ᠳᠣᠮᠳᠠᠳᠣ ᠶᠢᠨ ᠡᠯ᠎ᠡ ᠦᠨᠳᠦᠰᠦᠲᠡᠨ ᠤ ᠠᠷᠠᠳ ᠲᠦᠮᠡᠨ ᠤ ᠠᠪᠣᠷᠠᠭᠴᠢ ᠮᠦᠨ᠃ ᠭᠠᠭᠴᠠᠬᠦ ᠳᠣᠮᠳᠠᠳᠣ ᠣᠯᠣᠰ ᠤᠨ ᠡᠪ ᠬᠠᠮᠲᠤ ᠨᠠᠮ ᠪᠠᠶᠢᠮᠠᠵᠢᠨ ᠰᠠᠶ᠋ᠢ ᠳᠣᠮᠳᠠᠳᠣ ᠣᠯᠣᠰ ᠤᠨ ᠦᠨᠳᠦᠰᠦᠲᠡᠨ ᠨᠦᠭᠦᠳ ᠡᠷᠬᠡ ᠳᠡᠭᠰᠢ ᠪᠠᠷ ᠣᠷᠣᠰᠢᠨ ᠳᠣᠭᠲᠠᠨᠢᠨ ᠴᠢᠳᠠᠨ᠎ᠠ᠃ ᠡᠨᠡ ᠪᠣᠯ ᠮᠠᠷᠺᠰ᠂ ᠯᠧᠨᠢᠨ ᠤ ᠦᠵᠡᠯ᠂ ᠣᠨᠣᠯ ᠤᠨ ᠰᠢᠨ᠎ᠡ ᠡᠭᠦᠳᠦᠯ᠂ ᠰᠢᠨ᠎ᠡ ᠬᠦᠭᠵᠢᠯ ᠮᠦᠨ᠃ ᠡᠨᠡ ᠪᠣᠯ ᠮᠠᠨ ᠤ ᠦᠪᠦᠷ ᠮᠣᠩᠭᠤᠯ ᠤᠨ ᠦᠪᠡᠷᠲᠡᠭᠡᠨ ᠵᠠᠰᠠᠬᠤ ᠵᠠᠰᠠᠭ ᠪᠠᠶᠢᠭᠤᠯᠤᠭᠳᠠᠭᠰᠠᠨ ᠳᠠᠯᠠᠨ ᠵᠢᠯ ᠤᠨ ᠪᠣᠳᠠᠳᠣ ᠦᠢᠯᠡᠳᠦᠯᠭᠡ ᠪᠠᠷ ᠣᠯᠣᠭᠰᠠᠨ ᠳ᠋ᠦᠩᠨᠡᠯᠲᠡ ᠮᠦᠨ᠃      ᠭᠡᠷᠡᠯ ᠰᠠᠴᠣᠷᠠᠩᠭᠤᠢ ᠳᠠᠯᠠᠨ ᠵᠢᠯ      ᠦᠪᠦᠷ ᠮᠤᠩᠭᠤᠯ ᠤᠨ ᠦᠪᠡᠷᠲᠡᠭᠡᠨ ᠵᠠᠰᠠᠬᠤ ᠵᠠᠰᠠᠭ ᠪᠠᠶᠢᠭᠤᠯᠤᠭᠳᠠᠭᠰᠠᠨ ᠳᠠᠯᠠᠨ ᠵᠢᠯ ᠪᠤᠯ ᠭᠡᠷᠡᠯ ᠭᠢᠯᠪᠠᠭ᠎ᠠ ᠰᠠᠴᠣᠷᠠᠭᠰᠠᠨ ᠳᠠᠯᠠᠨ ᠵᠢᠯ ᠮᠦᠨ᠃ ᠢᠯᠠᠩᠭᠤᠶ᠎ᠠ ᠨᠠᠮ ᠤᠨ ᠠᠷᠪᠠᠨ ᠨᠠᠢᠮᠠᠳᠣᠭᠠᠷ ᠶᠡᠭᠡ ᠬᠤᠷᠠᠯ ᠠᠴᠠ ᠨᠠᠰᠢ ᠰᠢ  ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠶᠢᠨ ᠬᠠᠯᠠᠭᠤᠨ ᠳᠣᠳᠣᠨᠣ ᠰᠢᠭᠤᠳ ᠣᠳᠣᠷᠢᠳᠣᠯᠭ᠎ᠠ ᠶᠢᠨ ᠳᠣᠣᠷ᠎ᠠ ᠦᠪᠦᠷ ᠮᠤᠩᠭᠤᠯ ᠤᠨ ᠨᠠᠮ ᠤᠨ ᠬᠤᠷᠢᠶ᠎ᠠ ᠦᠨᠳᠦᠰᠦᠲᠡᠨ ᠨᠦᠭᠦᠳ ᠤᠨ ᠠᠷᠠᠳ ᠲᠦᠮᠡᠨ ᠢ ᠳᠠᠶᠢᠴᠢᠯᠠᠵᠣ ᠬᠠᠮᠲᠤ ᠪᠠᠷ ᠬᠠᠲᠠᠭᠤᠵᠢᠯᠲᠠᠢ᠂ ᠳᠡᠰᠪᠦᠷᠢᠲᠡᠢ ᠪᠠᠷ ᠴᠦᠬᠦᠷᠡᠯ ᠦᠭᠡᠢ ᠴᠢᠷᠮᠠᠶᠢᠭᠰᠠᠨ ᠠᠴᠠ ᠦᠪᠦᠷ ᠮᠤᠩᠭᠤᠯ ᠤᠨ ᠠᠮᠵᠢᠯᠲᠠ ᠪᠦᠲᠦᠮᠵᠢ ᠬᠦᠮᠦᠨ ᠢ ᠰᠣᠴᠢᠭᠠᠮ᠎ᠠ ᠪᠤᠯᠵᠤ᠂ ᠳᠡᠯᠡᠬᠡᠢ ᠳᠠᠬᠢᠨ ᠢᠶᠠᠷ ᠢᠶᠠᠨ ᠭᠠᠶᠢᠬᠠᠯᠳᠣᠨ ᠱᠠᠭᠰᠢᠯᠵᠠᠨ᠎ᠠ᠃      ᠦᠪᠦᠷ ᠮᠤᠩᠭᠤᠯ ᠤᠨ ᠰᠠᠯᠬᠢᠨ ᠤ ᠬᠦᠴᠦᠨ ᠢᠶᠠᠷ ᠭᠠᠷᠭᠠᠭᠰᠠᠨ ᠴᠠᠬᠢᠯᠭᠠᠨ ᠤ ᠬᠡᠮᠵᠢᠶ᠎ᠡ ᠪᠦᠬᠦ ᠣᠯᠣᠰ ᠲᠤ ᠮᠠᠩᠯᠠᠶᠢᠯᠠᠵᠠᠢ᠃ ᠦᠪᠦᠷ ᠮᠤᠩᠭᠤᠯ ᠤᠨ ᠪᠤᠬᠢᠷᠳᠣᠯ ᠦᠭᠡᠢ ᠬᠤᠨᠢᠨ ᠮᠢᠬ᠎ᠠ᠂ ᠰᠦ᠂ ᠢᠮᠠᠭᠠᠨ ᠨᠤᠯᠤᠤᠷ ᠤᠨ ᠦᠢᠯᠡᠳᠬᠦᠨ ᠤ ᠪᠤᠷᠤᠯᠠᠭᠤᠯᠤᠯᠲᠠ ᠪᠦᠬᠦ ᠣᠯᠣᠰ ᠲᠤ ᠲᠡᠷᠢᠭᠦᠯᠡᠪᠡ᠃ ᠦᠪᠦᠷ ᠮᠤᠩᠭᠤᠯ ᠤᠨ ᠳᠠᠯᠠᠨ ᠵᠢᠯ ᠤᠨ ᠭᠡᠷᠡᠯ ᠰᠠᠴᠣᠷᠠᠩᠭᠤᠢ᠂ ᠠᠭᠤᠣ ᠶᠡᠭᠡ ᠠᠮᠵᠢᠯᠲᠠ ᠪᠤᠯ ᠳᠣᠮᠳᠠᠳᠣ ᠣᠯᠣᠰ ᠤᠨ ᠡᠪ ᠬᠠᠮᠲᠤ ᠨᠠᠮ ᠠᠴᠠ ᠳᠣᠮᠳᠠᠳᠣ  ᠶᠢᠨ ᠣᠨᠴᠠᠯᠢᠭ ᠢᠶᠠᠷ ᠦᠨᠳᠦᠰᠦᠲᠡᠨ ᠤ ᠠᠰᠠᠭᠤᠳᠠᠯ ᠢ ᠰᠢᠢᠳᠪᠦᠷᠢᠯᠡᠭᠰᠡᠨ ᠦᠯᠢᠭᠡᠷ ᠳᠠᠭᠤᠷᠢᠶᠠᠯ ᠮᠦᠨ᠃      ᠣᠷᠴᠢᠮ ᠭᠠᠳᠠᠭᠠᠳᠣ ᠶᠠᠪᠣᠳᠠᠯ ᠤᠨ ᠶᠠᠮᠣᠨ ᠠᠴᠠ ᠦᠪᠦᠷ ᠮᠤᠩᠭᠤᠯ ᠢ ᠳᠡᠯᠡᠬᠡᠢ ᠳᠤ ᠲᠠᠨᠢᠯᠴᠠᠭᠤᠯᠬᠤ ᠠᠵᠢᠯᠯᠠᠭ᠎ᠠ ᠶᠢ ᠵᠣᠬᠢᠶᠠᠨ ᠪᠠᠶᠢᠭᠤᠯᠵᠤ᠂ ᠡᠨᠡᠬᠦ ᠠᠵᠢᠯᠯᠠᠭ᠎ᠠ ᠳᠤ 130 ᠭᠠᠷᠣᠢ ᠣᠯᠣᠰ ᠤᠨ ᠡᠯᠴᠢᠳ ᠪᠠ ᠣᠯᠣᠰ ᠣᠷᠣᠨ ᠤ ᠲᠦᠯᠦᠭᠡᠯᠡᠭᠴᠢᠳ᠂ ᠳᠣᠮᠳᠠᠳᠣ ᠭᠠᠳᠠᠭᠠᠳᠣ ᠶᠢᠨ ᠵᠠᠭᠤᠴᠢᠯᠠᠭᠤᠷ ᠤᠨ 500 ᠭᠠᠷᠣᠢ ᠬᠦᠮᠦᠨ ᠣᠷᠣᠯᠴᠠᠵᠣ᠂ ᠦᠪᠦᠷ ᠮᠤᠩᠭᠤᠯ ᠤᠨ ᠳᠠᠯᠠᠨ ᠵᠢᠯ ᠤᠨ ᠭᠦᠭᠵᠢᠯᠲᠡ ᠬᠤᠪᠢᠷᠠᠯᠲᠠ ᠶᠢ ᠨᠢᠳᠣ ᠪᠠᠷ ᠢᠶᠠᠨ ᠦᠵᠡᠨ ᠴᠢᠬᠢ ᠪᠠᠷ ᠢᠶᠠᠨ ᠰᠣᠨᠣᠰᠴᠣ᠂ ᠰᠡᠳᠬᠢᠯ ᠪᠡᠶ᠎ᠡ ᠪᠠᠷ ᠢᠶᠠᠨ ᠮᠡᠳᠡᠷᠡᠵᠦ ᠣᠯᠣᠯ᠎ᠠ᠃
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号