3. | 2009 ᠤᠨ ᠤ 9 ᠰᠠᠷ᠎ᠠ ᠶᠢᠨ 22 ᠤᠨ ᠡᠳᠦᠷ᠂ ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ | ᠮᠤᠩᠭᠤᠯ ᠬᠡᠯᠡᠨ ᠤ ᠰᠠᠯᠪᠤᠷᠢ ᠠᠴᠠ ᠢᠯᠡᠭᠡᠭᠰᠡᠨ ᠪᠠᠲᠤᠯᠠᠭᠠᠲᠤ ᠵᠠᠬᠢᠲᠠᠯ ᠢ ᠭᠠᠷᠳᠠᠪᠠ᠃ ᠵᠠᠬᠢᠲᠠᠯ ᠢ ᠳᠡᠯᠭᠡᠨ | ᠦᠵᠡᠪᠡᠯ᠄ | ᠨᠠ᠊ · ᠵᠢᠷᠭᠠᠯ ᠲᠠᠨ᠎ᠠ᠄ | 10 ᠰᠠᠷ᠎ᠠ ᠶᠢᠨ 7 ᠠᠴᠠ 8 ᠪᠤᠯᠲᠠᠯ᠎ᠠ ᠵᠠᠩ ᠦᠢᠯᠡ ᠶᠢᠨ ᠲᠤᠬᠠᠢ ᠤᠯᠠᠨ ᠤᠯᠤᠰ ᠤᠨ ᠡᠷᠳᠡᠮ ᠰᠢᠨᠵᠢᠯᠡᠭᠡᠨ ᠤ | ᠰᠤᠳᠤᠯᠤᠨ ᠶᠠᠷᠢᠯᠴᠠᠬᠤ ᠬᠤᠷᠠᠯ ᠢ ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠳᠤ ᠡᠷᠬᠢᠯᠡᠬᠦ | ᠪᠠᠷ ᠲᠤᠭᠲᠠᠭᠰᠠᠨ ᠲᠤᠯᠠ ᠡᠷᠬᠢᠮ ᠲᠠᠨ ᠢ ᠬᠦᠨᠳᠦᠳᠬᠡᠨ ᠵᠠᠯᠠᠵᠤ ᠪᠠᠶᠢᠨ᠎ᠠ᠃ ᠭᠡᠷᠡᠯᠲᠦᠭᠦᠯᠦᠨ ᠰᠠᠭᠠᠲᠠᠬᠤ ᠶᠢ | ᠬᠦᠰᠡᠨ᠎ᠡ᠃ | ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ | ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ | 2009 ᠤᠨ ᠤ 9 ᠰᠠᠷ᠎ᠠ ᠶᠢᠨ 17 ᠤ ᠡᠳᠦᠷ | ᠬᠤᠷᠠᠯ ᠤᠨ ᠮᠡᠳᠡᠭᠳᠡᠯ ᠢ ᠦᠵᠡᠭᠡᠳ ᠪᠠᠰᠠ ᠨᠢᠭᠡᠨ ᠪᠠᠭ᠋ᠠᠳᠤᠯᠲᠤ ᠤᠴᠢᠷ ᠲᠤᠬᠢᠶᠠᠯᠳᠤᠭᠰᠠᠨ ᠳᠤ ᠪᠠᠨ | ᠪᠠᠶᠠᠷᠯᠠᠪᠠ᠃ ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠶᠡᠷᠦ ᠨᠢ ᠶᠠᠮᠠᠷ ᠨᠢᠭᠡᠨ ᠬᠤᠪᠢ | ᠢᠷᠦᠭᠡᠯ ᠲᠠᠢ ᠰᠢᠭ ᠰᠠᠨᠠᠭᠳᠠᠨ᠎ᠠ᠃ ᠲᠦᠷᠦᠭᠦᠴᠢ ᠶᠢᠨ ᠬᠤᠷᠠᠯ ᠪᠤᠯᠪᠠᠰᠤᠷᠠᠯ ᠪᠦᠷ ᠯᠡ ᠡᠨᠡ ᠰᠤᠷᠭᠠᠭᠤᠯᠢ ᠳᠤ | ᠶᠠᠪᠤᠭᠳᠠᠨ ᠮᠠᠷᠲᠠᠭᠳᠠᠰᠢ ᠦᠭᠡᠢ ᠳᠤᠷᠠᠰᠤᠯ ᠪᠤᠯᠤᠭᠰᠠᠨ ᠶᠤᠮ᠃ | ᠡᠨᠡ ᠬᠦ ᠭᠱᠠᠨ ᠳᠤ ᠪᠡᠭᠡᠵᠢᠩ ᠤᠨ ᠪᠠᠷᠠᠭᠤᠨ ᠬᠤᠶᠢᠨ᠎ᠠ ᠪᠠᠶᠢᠷᠢᠰᠢᠭᠰᠠᠨ ᠭᠤᠷᠪᠠᠨ ᠴᠠᠭᠠᠨ ᠠᠰᠠᠷ ᠲᠠᠢ | ᠰᠤᠷᠭᠠᠭᠤᠯᠢ ᠶᠢᠨ ᠬᠦᠷᠢᠶ᠎ᠡ᠂ ᠴᠢᠯᠠᠭᠤᠨ ᠳᠡᠭᠡᠷ᠎ᠡ ᠰᠡᠶᠢᠯᠦᠭᠰᠡᠨ ᠤᠯᠠᠭᠠᠨ ᠦᠰᠦᠭ᠂ ᠨᠤᠭᠤᠭᠠᠨ ᠦᠩᠭᠡ ᠪᠠᠷ | ᠬᠤᠴᠢᠭᠳᠠᠭᠰᠠᠨ ᠲᠦᠰᠢᠯᠭᠡ ᠠᠭᠤᠯᠠ ᠨᠢ ᠬᠠᠷᠠᠭᠳᠠᠬᠤ ᠰᠢᠤᠬᠠᠨ ᠪᠤᠯᠪᠠ᠃ ᠴᠡᠪᠡᠷ ᠲᠡᠭᠰᠢᠬᠡᠨ ᠠᠭᠤᠳᠠᠮ ᠬᠦᠷᠢᠶ᠎ᠡ᠂ | ᠴᠡᠮᠴᠡᠭᠡᠷ ᠳᠤᠬᠢᠯᠢᠭ ᠬᠢᠴᠢᠶᠡᠯ ᠤᠨ ᠭᠡᠷ᠂ ᠵᠦᠢᠯ ᠤᠨ ᠦᠩᠭᠡ ᠪᠠᠷ ᠳᠡᠯᠭᠡᠷᠡᠭᠰᠡᠨ ᠴᠡᠴᠡᠭ ᠤᠷᠭᠤᠮᠠᠯ᠂ ᠵᠢᠭᠦᠷᠲᠡᠨ | ᠰᠢᠪᠠᠭᠤᠳ ᠵᠢᠷᠭᠢᠨ ᠨᠢᠰᠦᠭᠰᠡᠨ ᠦᠨᠳᠦᠷ ᠰᠦᠷᠯᠢᠭ ᠠᠭᠤᠯᠠᠰ ᠶᠤᠰᠤᠲᠠᠢ ᠴᠡᠴᠡᠷᠯᠢᠭ ᠮᠡᠲᠦ ᠭᠤᠶᠤᠮᠰᠤᠭ᠂ | ᠬᠦᠳᠡᠭᠡ ᠲᠠᠯ᠎ᠠ ᠮᠡᠲᠦ ᠠᠭᠤᠷ ᠠᠮᠢᠰᠬᠤᠯ ᠨᠢ ᠪᠤᠳᠤᠯ ᠳᠤ ᠡᠷᠭᠢᠴᠡᠨ᠎ᠡ ᠪᠢᠯᠡ᠃ | ᠲᠤᠰ ᠤᠳᠠᠭᠠᠨ ᠤ ᠬᠤᠷᠠᠯ ᠤᠨ ᠱᠠᠭᠠᠷᠳᠠᠯᠭ᠎ᠠ ᠪᠠᠷ ᠠᠵᠢᠯ ᠤᠨ ᠵᠠᠪ ᠴᠢᠯᠦᠭᠡ ᠪᠠᠨ ᠠᠮᠵᠢᠨ ᠬᠠᠭᠤᠴᠢᠨ | ᠪᠤᠷᠤ ᠮᠠᠲ᠋ᠧᠷᠢᠶᠠᠯ ᠢᠶᠠᠨ ᠡᠮᠬᠢᠯᠡᠨ ︽ᠤᠳᠤᠬᠢ ᠤᠷᠴᠢᠨ ᠳᠤ ᠤᠯᠠᠮᠵᠢᠯᠠᠯᠲᠦ ᠵᠠᠩ ᠦᠢᠯᠡ ᠶᠢ ᠬᠡᠤᠬᠡᠳ ᠪᠠᠭᠠᠴᠤᠳ | ᠲᠤ ᠬᠡᠷᠬᠢᠨ ᠤᠯᠠᠮᠵᠢᠯᠠᠬᠤ ᠲᠤᠬᠠᠢ︾ ᠭᠡᠰᠡᠨ ᠦᠭᠦᠯᠡᠯ ᠪᠢᠴᠢᠨ ᠢᠯᠡᠭᠡᠪᠡ᠃ | 10 ᠰᠠᠷ᠎ᠠ ᠶᠢᠨ 6 ᠳᠤ ᠠᠯᠤᠰ ᠬᠤᠯᠠ ᠶᠢᠨ ᠪᠡᠭᠡᠵᠢᠩ ᠬᠤᠲᠠ ᠶᠢ ᠵᠤᠷᠢᠭᠰᠠᠨ ᠡᠭᠡᠯᠵᠢ ᠶᠢᠨ ᠲᠡᠷᠭᠡᠨ ᠳᠤ | ᠰᠠᠭᠤᠵᠤ ᠵᠠᠮ ᠢᠶᠠᠨ ᠡᠯᠭᠦᠭᠰᠡᠨ ᠪᠢᠯᠡ᠃ ᠵᠠᠮ ᠤᠨ ᠵᠠᠬ᠎ᠠ ᠪᠠᠷ ᠦᠷᠡᠯᠡᠨ ᠪᠤᠯᠪᠠᠰᠤᠷᠠᠭᠰᠠᠨ ᠲᠠᠷᠢᠶ᠎ᠠ ᠲᠦᠮᠦᠰᠦ | ᠠᠯᠲᠠᠨ ᠰᠢᠷᠭᠠᠯ ᠦᠩᠭᠡ ᠪᠠᠷ ᠬᠠᠷᠠᠭ᠎ᠠ ᠶᠢ ᠬᠤᠵᠢᠷᠯᠠᠵᠤ᠂ ᠡᠪᠡᠰᠦ ᠲᠠᠷᠢᠶ᠎ᠠ ᠪᠠᠨ ᠬᠠᠳᠤᠵᠤ ᠬᠤᠷᠢᠶᠠᠬᠤ ᠲᠡᠷᠭᠡ | ᠤᠨᠤᠭ᠎ᠠ ᠲᠠᠰᠤᠷᠠᠭ᠎ᠠ ᠦᠭᠡᠢ ᠴᠣᠪᠣᠷᠠᠯᠳᠤᠨᠠ᠃ ᠠᠭᠤᠷ ᠠᠮᠢᠰᠬᠤᠯ ᠴᠦ ᠰᠡᠷᠢᠭᠦᠨ ᠪᠤᠯᠵᠤ᠂ ᠵᠤᠨ ᠤ ᠴᠠᠭ ᠤᠨ | ᠪᠦᠭᠴᠢᠮ᠎ᠡ ᠬᠠᠯᠠᠭᠤᠨ ᠠᠶᠠᠷᠯᠠᠵᠤ᠂ ᠬᠠᠶᠠ ᠵᠢᠪᠠᠷ ᠰᠡᠷᠴᠢᠭᠢᠨᠡᠨ ᠮᠤᠳᠤᠨ ᠤ ᠨᠠᠪᠴᠢᠰ ᠱᠠᠷᠴᠢᠭᠢᠨᠠᠨ ᠳᠤᠬᠢᠯᠵᠠᠨᠠ᠃ | — ᠴᠠᠭ ᠠᠭᠤᠷ ᠤᠨ ᠬᠤᠪᠢᠷᠠᠬᠤ ᠲᠦᠷᠭᠡᠨ ᠡ᠃ | — ᠪᠠᠰᠠ ᠯᠡ ᠨᠠᠮᠤᠷ ᠤᠨ ᠰᠡᠷᠢᠭᠦᠨ ᠪᠤᠯᠴᠢᠬᠠᠯ᠎ᠠ᠃ | — ᠠᠳᠤᠭᠤ ᠦᠬᠡᠷ ᠰᠠᠯᠬᠢᠨ ᠤ ᠠᠶ᠎ᠠ ᠪᠠᠷ ᠪᠡᠯᠴᠢᠵᠦ ᠪᠤᠢ᠃ | — ᠨᠤᠲᠤᠭ ᠢᠶᠠᠨ ᠰᠠᠨᠠᠬᠤ ᠴᠠᠭ ᠰᠢᠦ᠃ | — ᠡᠨᠡ ᠵᠢᠯ ᠤᠨ ᠡᠪᠡᠰᠦ ᠲᠠᠷᠢᠶ᠎ᠠ ᠳᠠᠪᠠᠭᠤ᠃ | — ᠬᠤᠷ᠎ᠠ ᠤᠰᠤ ᠰᠠᠶᠢᠨ ᠪᠤᠯ ᠶᠠᠭᠤ ᠴᠦ ᠳᠤᠲᠠᠬᠤ ᠦᠭᠡᠢ᠃ | — ᠭᠠᠩ ᠬᠠᠭᠰᠠᠷᠭᠠᠨ ᠯᠡ ᠬᠡᠴᠡᠭᠦᠦ᠃ | ᠲᠡᠷᠭᠡᠨ ᠳᠠᠬᠢ ᠬᠦᠮᠮᠦᠰ ᠬᠤᠪᠢ ᠬᠤᠪᠢᠨ ᠤ ᠵᠤᠭᠤᠭ ᠢᠶᠠᠨ ᠳᠡᠯᠭᠡᠵᠦ᠂ ᠬᠤᠯᠠ ᠤᠶᠢᠷ᠎ᠠ ᠶᠢᠨ ᠪᠠᠷ᠎ᠠ ᠶᠢ | ᠠᠵᠢᠭᠯᠠᠨ᠎ᠠ᠃ ᠠᠭᠤᠯᠠ ᠲᠤᠯᠤᠭᠠᠳ ᠢ ᠬᠠᠷᠠᠬᠤ ᠳᠤ ᠡᠪᠡᠰᠦᠨ ᠤ ᠰᠤᠷ ᠰᠢᠷᠭᠠᠯᠳᠤᠨ ᠬᠠᠶᠠ ᠬᠡᠳᠦᠨ ᠨᠠᠷᠠᠰᠤᠨ | ᠮᠤᠳᠤ ᠯᠡ ᠨᠤᠭᠤᠭᠠᠷᠠᠨ᠎ᠠ᠃ ᠠᠷᠤ ᠭᠠᠵᠠᠷ ᠤᠨ ᠠᠭᠤᠷ ᠠᠮᠢᠰᠬᠤᠯ ᠤᠨ ᠬᠤᠪᠢᠷᠠᠯᠲᠠ ᠲᠦᠷᠭᠡᠨ᠂ ᠳᠦᠷᠪᠡᠨ | ᠤᠯᠠᠷᠢᠯ ᠴᠦ ᠤᠨᠴᠠ ᠶᠢᠨ ᠢᠯᠭᠠᠭ᠎ᠠ ᠲᠠᠢ ᠪᠢᠯᠡ᠃ | ᠨᠠᠷᠠ ᠵᠢᠷᠭᠠᠵᠤ ᠰᠦᠨᠢ ᠶᠢᠨ ᠬᠦᠰᠢᠭᠡ ᠪᠠᠭᠤᠭᠰᠠᠨ ᠴᠦ ᠮᠠᠰᠢᠨ ᠲᠡᠷᠭᠡ ᠬᠤᠷᠳᠤᠴᠠ ᠨᠡᠮᠡᠨ ᠵᠠᠮᠨᠠᠨ᠎ᠠ᠃ | ᠮᠠᠰᠢᠨ ᠲᠡᠷᠭᠡ ᠬᠤᠲᠠ ᠶᠢᠨ ᠵᠡᠭᠡᠯᠢ ᠪᠠᠷ ᠦᠩᠭᠡᠷᠡᠪᠡ᠃ ᠴᠠᠭᠠᠨ᠎ᠠ ᠬᠦᠮᠦᠨ ᠦᠨᠳᠡᠶᠢᠨ ᠦᠵᠡᠭᠰᠡᠨ ᠢᠶᠠᠨ ︽ | ᠴᠧᠩᠳᠧ ᠬᠤᠲᠠ ᠶᠢ ᠦᠩᠭᠡᠷᠡᠯ᠎ᠡ︾ ᠭᠡᠵᠦ ᠨᠠᠮ ᠬᠡᠯᠡᠨ᠎ᠡ᠃ ᠲᠡᠷᠭᠡᠨ ᠳᠤᠲᠤᠷ᠎ᠠ ᠨᠠᠮ ᠬᠦᠮ ᠪᠤᠯᠵᠤ᠂ ᠠᠶᠠᠨᠴᠢᠳ | ᠤᠨ ᠬᠤᠷᠬᠢᠷᠠᠬᠤ ᠳᠠᠭᠤᠨ ᠯᠡ ᠬᠦᠭ ᠠᠶᠠᠰ ᠲᠠᠢ ᠰᠣᠨᠣᠰᠳᠠᠨ᠎ᠠ᠃ ᠮᠠᠰᠢᠨ ᠲᠡᠷᠭᠡᠨ ᠤ ᠴᠣᠩᠬᠤ ᠪᠠᠷ ᠦᠵᠡᠭᠳᠡᠬᠦ | ᠶᠠᠭᠤᠮ᠎ᠠ ᠠᠯᠠᠭ᠎ᠠ᠂ ᠵᠠᠮ ᠢᠶᠠᠷ ᠵᠦᠷᠢᠯᠳᠦᠬᠦ ᠲᠡᠷᠭᠡ ᠶᠢᠨ ᠭᠡᠷᠡᠯ ᠯᠡ ᠰᠦᠨᠢ ᠶᠢᠨ ᠬᠠᠷᠠᠩᠭᠤᠢ ᠳᠤ ᠰᠦᠮᠡᠯᠵᠡᠨ᠎ᠡ᠃ | ᠴᠠᠭ ᠢᠶᠠᠨ ᠦᠵᠡᠪᠡᠯ ᠲᠡᠭ ᠴᠠᠭ ᠪᠤᠯᠵᠤ ᠪᠤᠢ᠃ ᠪᠢ ᠴᠦ ᠲᠡᠷᠭᠡᠨ ᠰᠠᠭᠤᠳᠠᠯ ᠢ ᠪᠠᠨ ᠲᠦᠰᠢᠵᠦ ᠵᠢᠭᠠᠬᠠᠨ | ᠳᠤᠭᠭᠢᠪᠠ᠃ | — ᠠᠶᠠᠨᠴᠢᠳ ᠡ᠂ ᠲᠡᠷᠭᠡᠨ ᠦᠷᠲᠡᠭᠡᠨ ᠳᠤ ᠬᠦᠷᠦᠭᠡᠳ ᠢᠷᠡᠵᠡᠢ᠂ ᠪᠤᠭᠴᠤ ᠪᠤᠭᠤᠳᠠᠯ ᠢᠶᠠᠨ ᠠᠪᠤᠭᠠᠷᠠᠢ | ︕ ᠭᠡᠬᠦ ᠵᠢᠯᠤᠭᠤᠴᠢ ᠶᠢᠨ ᠳᠠᠭᠤᠨ ᠳᠤ ᠵᠡᠭᠦᠷᠮᠡᠭᠯᠡᠭᠰᠡᠨ ᠨᠤᠶᠢᠷ ᠠᠴᠠ ᠪᠠᠨ ᠰᠡᠷᠢᠪᠡ᠃ | ᠲᠡᠷᠭᠡᠨ ᠴᠤᠩᠬᠤ ᠪᠠᠷ ᠭᠠᠳᠠᠭᠰᠢ ᠦᠵᠡᠪᠡᠯ ᠶᠠᠩᠵᠤ ᠶᠢᠨ ᠮᠠᠰᠢᠨ ᠲᠡᠷᠭᠡ ᠡᠩᠨᠡᠷᠡᠨ ᠵᠤᠭᠰᠤᠵᠤ᠂ ᠠᠶᠠᠨᠴᠢᠳ | ᠨᠠᠭᠠᠰᠢ ᠴᠠᠭᠠᠰᠢ ᠴᠣᠪᠣᠷᠠᠯᠳᠤᠨᠠ᠃ ᠬᠦᠮᠦᠰ ᠲᠡᠷᠭᠡᠨ ᠠᠴᠠ ᠪᠠᠨ ᠪᠠᠭᠤᠵᠤ ᠵᠤᠷᠢᠭᠰᠠᠨ ᠵᠦᠭ ᠲᠤ ᠪᠠᠨ ᠶᠠᠪᠤᠬᠤ | ᠪᠠᠷ ᠶᠠᠭᠠᠷᠠᠨ᠎ᠠ᠃ ᠲᠡᠷᠭᠡᠨ ᠳᠠᠬᠢ ᠴᠠᠭ ᠢ ᠦᠵᠡᠪᠡᠯ ᠦᠷᠯᠦᠭᠡ ᠶᠢᠨ ᠳᠦᠷᠪᠡᠨ ᠴᠠᠭ ᠳᠦᠴᠢᠨ ᠮᠢᠨᠦ᠋ᠲ ᠪᠤᠯᠵᠤ ᠪᠤᠢ | ᠃ ᠲᠡᠷᠭᠡᠨ ᠠᠴᠠ ᠪᠠᠭᠤᠪᠠᠯ ᠦᠤᠷ ᠭᠡᠭᠡᠷᠡᠨ ᠬᠦᠮᠦᠰ ᠡᠷᠲᠡ ᠶᠢᠨ ᠠᠵᠢᠯ ᠳᠤ ᠪᠠᠨ ᠶᠠᠭᠠᠷᠠᠬᠤ ᠨᠢ ᠢᠯᠡᠬᠡᠨ | ᠬᠠᠷᠠᠭᠳᠠᠨ᠎ᠠ᠃ | ᠲᠡᠷᠭᠡᠨ ᠦᠷᠲᠡᠭᠡᠨ ᠳᠤ ᠤᠷᠳᠤᠰ᠂ ᠦᠬᠠᠢ᠂ ᠪᠤᠭᠤᠲᠤ᠂ ᠬᠦᠬᠡᠬᠤᠲᠠ᠂ ᠵᠢᠨᠢᠩ ᠁ ᠵᠡᠷᠭᠡ ᠬᠤᠯᠠ | ᠵᠠᠮ ᠤᠨ ᠠᠶᠠᠨᠴᠢᠳ ᠤᠨ ᠲᠡᠷᠭᠡ ᠡᠩᠨᠡᠷᠡᠨᠡ᠃ ︽ᠡᠨᠡ ᠪᠤᠯ ᠠᠶᠠᠨᠴᠢᠳ ᠤᠨ ᠲᠡᠷᠭᠡᠨ ᠤ ᠵᠤᠭᠰᠤᠭᠠᠯ᠂ ᠲᠠᠨᠤᠰ | ᠲᠡᠷᠭᠡᠨ ᠳᠤ ᠰᠠᠭᠤᠪᠠᠯ ᠠᠳᠡ ᠢᠷᠡᠭᠡᠷᠡᠢ︾ ᠭᠡᠵᠦ ᠡᠭᠦᠳᠡᠨ ᠤ ᠬᠠᠵᠠᠭᠤ ᠳᠤ ᠵᠤᠭᠰᠤᠭᠰᠠᠨ ᠬᠦᠮᠦᠰ ᠡᠷᠢᠶᠡᠨ | ᠪᠠᠷᠠᠭᠠᠨ ᠢᠶᠠᠷ ᠪᠠᠷᠬᠢᠷᠠᠯᠳᠤᠨᠠ᠃ | ᠵᠠᠮ ᠤᠨ ᠬᠠᠵᠠᠭᠤ ᠳᠤ ᠵᠤᠭᠰᠤᠲᠠᠯᠠ ᠳᠦᠷᠢᠶᠡᠰᠦᠨ ᠲᠡᠷᠭᠡ ᠬᠦᠷᠦᠭᠡᠳ ᠢᠷᠡᠪᠡ᠃ ︽ᠲᠦᠪ ᠤᠨ | ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠳᠤ ᠬᠦᠷᠦᠶ᠎ᠡ︾ ᠭᠡᠪᠡᠯ ᠵᠢᠯᠤᠭᠤᠴᠢ ᠭᠤᠸᠠᠢ᠄ ︽ᠪᠣᠯᠤᠨ᠎ᠠ᠂ | ᠪᠤᠯᠤᠨ᠎ᠠ᠂ ᠬᠤᠷᠢᠭᠠᠳ ᠮᠢᠨᠦ᠋ᠲ ᠶᠠᠪᠤᠬᠤ ᠳ᠋ᠠ︾ ᠭᠡᠵᠦ ᠬᠡᠮᠵᠢᠭᠦᠷ ᠴᠠᠭ ᠢᠶᠠᠨ ᠪᠠᠭᠤᠯᠭᠠᠪᠠ᠃ ᠮᠠᠰᠢᠨ ᠲᠡᠷᠭᠡ | ᠬᠡᠳᠦᠨ ᠰᠦᠯᠵᠢᠮᠡᠯ ᠬᠦᠭᠦᠷᠭᠡ ᠶᠢ ᠦᠩᠭᠡᠷᠡᠨ ᠪᠠᠷᠠᠭᠤᠨ ᠬᠤᠶᠢᠰᠢ ᠪᠠᠨ ᠳᠠᠪᠬᠢᠭᠤᠯᠪᠠ᠃ ᠵᠠᠮ ᠤᠨ ᠬᠠᠪᠢ ᠪᠠᠷ ᠪᠡᠶ᠎ᠡ | ᠲᠠᠮᠢᠷ ᠬᠢᠬᠦ᠂ ᠵᠡᠪᠰᠡᠭ ᠤᠨ ᠡᠷᠳᠡᠮ ᠪᠤᠯᠪᠠᠰᠤᠷᠠᠬᠤ᠂ ᠪᠦᠵᠢᠭᠯᠡᠬᠦ ᠬᠦᠮᠦᠰ ᠬᠠᠷᠠᠭᠳᠠᠵᠤ᠂ ᠳᠡᠯᠭᠡᠭᠦᠷ ᠬᠤᠭᠤᠯᠠᠨ ᠭᠡᠷ | ᠴᠦ ᠡᠭᠦᠳᠡ ᠪᠠᠨ ᠨᠡᠬᠡᠭᠡᠭᠰᠡᠨ ᠪᠠᠶᠢᠪᠠ᠃ | ᠵᠠᠮ ᠤᠨ ᠬᠠᠵᠠᠭᠤ ᠶᠢᠨ ᠤᠳᠠ ᠤᠯᠢᠶᠠᠰᠤ ᠴᠡᠯᠭᠡᠮ᠎ᠡ ᠨᠤᠭᠤᠭᠠᠨ᠂ ᠨᠠᠪᠴᠢ ᠨᠠᠮᠠᠭ᠎ᠠ ᠨᠢ ᠵᠤᠨ ᠤ ᠴᠠᠭ ᠤᠨ | ᠦᠵᠡᠮᠵᠢ ᠪᠠᠷ ᠢᠶᠠᠨ ᠪᠤᠢ᠃ ᠮᠠᠰᠢᠨ ᠲᠡᠷᠭᠡ ᠵᠦᠷᠢᠯᠳᠦᠨ ᠤᠰᠤᠨ ᠤᠷᠤᠰᠬᠠᠯ ᠰᠢᠭ᠋ ᠢᠪᠡᠷᠡᠨᠡ᠃ ᠪᠤᠳᠤᠪᠠᠯ ᠡᠷᠲᠡ | ᠶᠢᠨ ᠠᠵᠢᠯ ᠢᠶᠠᠨ ᠡᠬᠢᠯᠡᠵᠡᠭᠡᠭᠰᠡᠨ ᠠᠵᠢ᠃ ᠪᠠᠢ ᠸᠠᠩ ᠱᠠᠨ ᠠᠭᠤᠯᠠ ᠶᠢᠨ ᠪᠠᠷ᠎ᠠ ᠤᠶᠢᠷᠠᠲᠤᠨ᠎ᠠ᠃ ᠡᠨᠡ ᠬᠠᠪᠢ ᠶᠢᠨ | ᠠᠭᠤᠯᠠ ᠤᠰᠤ ᠴᠦ ᠲᠠᠨᠢᠯ ᠳᠠᠰᠤᠯ ᠪᠤᠯᠴᠢᠬᠠᠵᠠᠢ᠃ ᠤᠢ ᠮᠤᠳᠤ ᠡᠪᠡᠰᠦ ᠤᠷᠭᠤᠮᠠᠯ ᠨᠢ ᠲᠠᠭᠠᠲᠠᠢ ᠬᠠᠷᠠᠭᠳᠠᠨ᠎ᠠ᠃ | ᠠᠩᠬ᠎ᠠ ᠡᠷᠲᠡ ᠳᠤ ᠡᠨᠡ ᠬᠠᠪᠢ ᠪᠠᠷ ᠠᠶᠢᠯ ᠡᠷᠦᠬᠡ ᠴᠦᠬᠡᠨ ᠵᠡᠯᠡᠭᠦᠳ ᠭᠠᠵᠠᠷ ᠪᠠᠶᠢᠵᠠᠢ᠃ ᠲᠦᠷᠦᠭᠦᠦ ᠵᠠᠭᠤᠨ ᠤ | ᠵᠢᠷᠠᠭᠠᠳ ᠤᠨ ᠤ ᠦᠶ᠎ᠡ ᠠᠴᠠ ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠲᠤᠷᠰᠢᠯᠲᠠ ᠶᠢᠨ ᠰᠠᠭᠤᠷᠢᠨ | ᠭᠠᠵᠠᠷ ᠭᠡᠨ᠎ᠡ᠃ ᠨᠠᠶᠠᠭᠠᠳ ᠤᠨ ᠤ ᠦᠶ᠎ᠡ ᠳᠤ ᠪᠤᠰᠤᠳ ᠨᠢᠭᠡᠴᠢ ᠳᠤ ᠵᠢᠷᠤᠭᠯᠠᠨ ᠪᠦᠲᠦᠭᠡᠨ ᠪᠠᠶᠢᠭᠤᠯᠤᠯᠲᠠ ᠬᠢᠵᠠᠢ | ᠃ | ᠮᠠᠰᠢᠨ ᠲᠡᠷᠭᠡ ᠰᠤᠷᠭᠠᠭᠤᠯᠢ ᠶᠢᠨ ᠡᠭᠦᠳᠡᠨ ᠳᠤ ᠬᠦᠷᠴᠦ ᠢᠷᠡᠪᠡ᠃ ᠰᠤᠷᠭᠠᠭᠤᠯᠢ ᠶᠢᠨ ᠢᠯᠡᠷᠬᠡᠶᠢᠯᠡᠯ | ᠢᠯᠡᠬᠡᠨ ᠬᠠᠷᠠᠭᠳᠠᠵᠤ᠂ ᠤᠯᠠᠭᠠᠨ᠂ ᠬᠦᠬᠡ ᠲᠤᠭ ᠨᠠᠮᠢᠷᠠᠨ᠎ᠠ᠃ ᠡᠭᠦᠳᠡᠨ ᠤ ᠬᠠᠵᠠᠭᠤ ᠳᠤ ︽ᠬᠤᠷᠠᠯ ᠳᠤ | ᠤᠷᠤᠯᠴᠠᠭᠰᠠᠳ ᠲᠤᠮᠤ ᠲᠢᠩᠬᠢᠮ ᠳᠤ ᠨᠡᠷ᠎ᠡ ᠪᠠᠨ ᠮᠡᠳᠡᠭᠦᠯᠦᠭᠡᠷᠡᠢ︾ ᠭᠡᠵᠦ ᠤᠯᠠᠭᠠᠨ ᠬᠠᠪᠲᠠᠰᠤᠨ ᠳᠤ ᠨᠠᠭᠠᠵᠠᠢ᠃ | ᠡᠭᠦᠳᠡ ᠬᠠᠷᠠᠭᠴᠢ ᠭᠠᠷᠴᠤ ᠢᠷᠡᠭᠡᠳ᠄ | — ᠲᠠ ᠬᠠᠮᠢᠭ᠎ᠠ ᠤᠴᠢᠬᠤ ᠪᠤᠢ︖ ᠭᠡᠨ᠎ᠡ᠃ | ᠪᠢ ᠴᠠᠭᠠᠨ᠎ᠠ ᠮᠡᠳᠡᠭᠳᠡᠯ ᠢ ᠵᠢᠭᠠᠬᠤ ᠳᠤ ᠲᠡᠷᠡ᠄ | — ᠳᠤᠲᠤᠭᠰᠢ ᠪᠠᠨ ᠤᠷᠤᠭᠠᠷᠠᠢ ᠭᠡᠵᠦ ᠭᠠᠷ ᠳᠤᠬᠢᠨᠠ᠃ | ᠲᠤᠮᠤ ᠲᠢᠩᠬᠢᠮ ᠳᠤ ᠬᠦᠷᠪᠡᠯ ᠡᠷᠲᠡ ᠶᠢᠨ ᠭᠠᠯᠲᠦ ᠲᠡᠷᠭᠡᠨ ᠠᠴᠠ ᠪᠠᠭᠤᠭᠰᠠᠨ ᠬᠦᠮᠦᠰ ᠬᠡᠳᠦᠶᠢᠨ ᠢᠷᠡᠭᠡᠳ | ᠨᠡᠷ᠎ᠡ ᠪᠠᠨ ᠮᠡᠳᠡᠭᠦᠯᠵᠦ ᠪᠤᠢ᠃ ᠬᠤᠷᠠᠯ ᠤᠨ ᠠᠵᠢᠯᠲᠠᠳ ᠬᠠᠮᠢᠶ᠎ᠠ ᠲᠠᠢ ᠨᠤᠮ ᠪᠢᠴᠢᠭ ᠢ ᠭᠠᠷᠳᠠᠭᠤᠯᠤᠨ ᠪᠠᠶᠢᠷᠢ ᠶᠢᠨ | ᠭᠡᠷ ᠢ ᠵᠢᠭᠠᠵᠤ ᠦᠭᠪᠡ᠃ ᠲᠤᠮᠤ ᠲᠢᠩᠬᠢᠮ ᠠᠴᠠ ᠭᠠᠷᠴᠤ ᠡᠮᠦᠨ᠎ᠡ ᠲᠠᠯ᠎ᠠ ᠶᠢᠨ ᠠᠰᠠᠷ ᠤᠨ ᠵᠡᠭᠦᠨ ᠪᠠᠶᠢᠷᠢ ᠶᠢᠨ | ᠬᠤᠶᠠᠳᠤᠭᠠᠷ ᠳᠠᠪᠬᠤᠷᠯᠢᠭ ᠤᠨ ᠭᠡᠷ ᠲᠤ ᠬᠦᠷᠪᠡ᠃ | ᠲᠤᠰ ᠬᠤᠷᠠᠯ ᠳᠤ ᠪᠦᠬᠦ ᠤᠯᠤᠰ ᠤᠨ ᠡᠯ᠎ᠡ ᠶᠡᠭᠡ ᠰᠤᠷᠭᠠᠭᠤᠯᠢ ᠶᠢᠨ ᠵᠠᠩ ᠦᠢᠯᠡ ᠶᠢᠨ ᠡᠷᠳᠡᠮᠳᠡᠨ | ᠰᠤᠳᠤᠯᠭᠠᠲᠠᠳ ᠬᠢᠭᠡᠳ ᠮᠤᠩᠭᠤᠯ ᠤᠯᠤᠰ ᠤᠨ ᠶᠡᠭᠡ ᠰᠤᠷᠭᠠᠭᠤᠯᠢ ᠶᠢᠨ ᠪᠠᠭᠰᠢ ᠨᠠᠷ ᠴᠦ ᠤᠷᠤᠯᠴᠠᠬᠤ ᠶᠢ ᠬᠤᠷᠠᠯ | ᠤᠨ ᠲᠤᠬᠢᠷᠠᠭᠤᠯᠭ᠎ᠠ ᠳᠤ ᠳᠤᠲᠤᠷᠬᠠᠢ ᠪᠢᠴᠢᠨ᠎ᠡ᠃ ᠪᠠᠶᠢᠷᠢ ᠶᠢᠨ ᠠᠰᠠᠷ ᠤᠨ ᠲᠤᠮᠤ ᠲᠢᠩᠬᠢᠮ ᠳᠤ ᠬᠡᠳᠦᠨ ᠬᠦᠮᠦᠨ | ᠰᠢᠷᠡᠭᠡ ᠳᠤᠭᠤᠶᠢᠯᠠᠨ ᠰᠠᠭᠤᠵᠤ ᠤᠷᠮ᠎ᠠ ᠲᠠᠢ ᠵᠤᠭᠤᠭᠳᠠᠨ᠎ᠠ᠃ ᠲᠡᠳᠡᠨᠠᠷ ᠪᠤᠯ ᠯᠢᠶᠣᠤᠨᠢᠩ ᠠᠴᠠ ᠢᠷᠡᠭᠰᠡᠨ ᠪᠠᠭᠰᠢ | ᠨᠠᠷ ᠪᠠᠶᠢᠪᠠ᠃ | ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠸᠠᠩ ᠮᠠᠨᠲᠤᠭᠠ ᠪᠠᠭᠰᠢ ᠬᠤᠷᠠᠯ ᠢ ᠭᠤᠤᠯᠯᠠᠨ | ᠡᠷᠬᠢᠯᠡᠵᠦ᠂ ᠮᠠᠨᠳᠤᠬᠤ ᠫᠷᠤᠹᠧᠰᠰᠤᠷ ᠵᠡᠷᠭᠡ ᠶᠡᠭᠡ ᠰᠤᠷᠭᠠᠭᠤᠯᠢ ᠶᠢᠨ ᠪᠠᠭᠰᠢ ᠨᠠᠷ ᠤᠷᠤᠯᠴᠠᠵᠤ᠂ ᠬᠤᠰᠢᠭᠤ ᠱᠠᠲᠤᠨ | ᠠᠴᠠ ᠬᠦᠷᠦᠯᠴᠡᠨ ᠢᠷᠡᠭᠰᠡᠨ ᠨᠢ ᠭᠠᠭᠴᠠ ᠪᠢ ᠪᠢᠯᠡ᠃ ᠵᠠᠩ ᠦᠢᠯᠡ ᠶᠢᠨ ᠲᠤᠬᠠᠢ ᠤᠯᠠᠨ ᠤᠯᠤᠰ ᠤᠨ ᠡᠷᠳᠡᠮ | ᠰᠢᠨᠵᠢᠯᠡᠭᠡᠨ ᠤ ᠶᠡᠭᠡ ᠬᠤᠷᠠᠯ ᠨᠢ ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠶᠢᠨ ᠤᠯᠠᠨ | ᠴᠢᠳᠠᠮᠵᠢᠲᠦ ᠬᠤᠷᠠᠯ ᠤᠨ ᠲᠢᠩᠬᠢᠮ ᠳᠤ ᠶᠠᠪᠤᠭᠳᠠᠵᠤ᠂ ᠲᠠᠪᠢ ᠭᠠᠷᠤᠢ ᠡᠷᠳᠡᠮᠲᠡᠨ ᠰᠤᠳᠤᠯᠭᠠᠲᠠᠳ ᠪᠤᠢ᠃ ᠬᠤᠷᠠᠯ | ᠤᠨ ᠨᠡᠬᠡᠭᠡᠯᠲᠡ ᠶᠢᠨ ᠶᠤᠰᠤᠯᠠᠯ ᠳᠤ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠷᠢᠨᠴᠢᠨᠳᠤᠷᠵᠢ ᠫᠷᠤᠹᠧᠰᠰᠤᠷ᠂ ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠠᠨᠳᠤᠬᠤ ᠫᠷᠤᠹᠧᠰᠰᠤᠷ᠂ | ᠯᠢᠶᠣᠤᠨᠢᠩ ᠶᠡᠭᠡ ᠰᠤᠷᠭᠠᠭᠤᠯᠢ ᠶᠢᠨ ᠦ᠋ ᠪᠢᠩ ᠠᠨ ᠫᠷᠤᠹᠧᠰᠰᠤᠷ ᠠᠴᠠ ᠭᠤᠤᠯ ᠰᠡᠳᠦᠪᠲᠦ ᠢᠯᠡᠳᠬᠡᠯ ᠬᠢᠵᠦ᠂ | ᠮᠤᠩᠭᠤᠯ ᠤᠯᠤᠰ ᠤᠨ ᠶᠡᠭᠡ ᠰᠤᠷᠭᠠᠭᠤᠯᠢ ᠶᠢᠨ ᠴᠡᠷᠡᠨᠬᠠᠨᠳᠠ ᠫᠷᠤᠹᠧᠰᠰᠤᠷ ᠠᠴᠠ ᠮᠤᠩᠭᠤᠯ ᠤᠯᠤᠰ ᠤᠨ | ᠰᠤᠳᠤᠯᠭᠠᠨ ᠤ ᠲᠤᠬᠠᠢ ᠢᠯᠡᠳᠬᠡᠯ ᠬᠢᠪᠡ᠃ | ᠠᠬᠠᠮᠠᠳ ᠪᠠᠭᠰᠢ ᠨᠠᠷ ᠤᠨ ᠢᠯᠡᠳᠬᠡᠯ ᠤᠯᠠᠨ ᠠᠭᠤᠯᠭ᠎ᠠ ᠶᠢ ᠬᠠᠮᠤᠷᠴᠤ᠂ ᠰᠤᠳᠤᠯᠭᠠᠨ ᠤ ᠬᠡᠪᠴᠢᠶ᠎ᠡ | ᠦᠷᠭᠡᠨ ᠭᠦᠨᠵᠡᠭᠡᠢ᠂ ᠬᠦᠮᠦᠰ ᠢ ᠰᠡᠭᠡᠭᠡᠷᠡᠭᠦᠯᠬᠦ᠂ ᠬᠤᠶᠢᠴᠢ ᠦᠶ᠎ᠡ ᠶᠢᠨ ᠬᠦᠮᠦᠰ ᠢ ᠤᠷᠠᠶᠢᠯᠠᠨ ᠬᠦᠮᠦᠵᠢᠭᠦᠯᠬᠦ | ᠣᠳᠬ᠎ᠠ ᠠᠭᠤᠯᠭ᠎ᠠ ᠲᠠᠢ ᠭᠡᠳᠡᠭ ᠢ ᠪᠢᠰᠢᠷᠡᠵᠡᠭᠡᠵᠡᠢ᠃ ᠡᠳᠡᠭᠡᠷ ᠪᠠᠭᠰᠢ ᠨᠠᠷ ᠮᠤᠩᠭᠤᠯ ᠵᠠᠩ ᠦᠢᠯᠡ ᠪᠠᠨ | ᠰᠤᠳᠤᠯᠵᠤ ᠤᠯᠠᠮᠵᠢᠯᠠᠬᠤ ᠳᠤ ᠬᠦᠴᠦ ᠲᠠᠮᠢᠷ ᠢᠶᠠᠨ ᠬᠠᠷᠠᠮ ᠦᠭᠡᠢ ᠰᠢᠪᠬᠠᠵᠤ ᠢᠷᠡᠵᠡᠢ᠃ ᠪᠠᠭᠰᠢ ᠨᠠᠷ ᠤᠨ | ᠢᠯᠡᠳᠬᠡᠯ ᠢ ᠰᠣᠨᠣᠰᠣᠭᠠᠳ ᠪᠠᠭ᠋ᠠᠳᠤᠨ ᠪᠢᠰᠢᠷᠡᠵᠦ ᠪᠠᠶᠢᠨ ᠪᠠᠶᠢᠨ ᠠᠯᠠᠭ᠎ᠠ ᠲᠠᠰᠢᠨ᠎ᠠ᠃ | ᠬᠤᠷᠠᠯ ᠨᠢ ᠦᠭᠦᠯᠡᠯ ᠵᠤᠬᠢᠶᠠᠯ ᠤᠨ ᠲᠦᠷᠦᠯ ᠵᠠᠨᠠᠷ ᠢᠶᠠᠷ ᠨᠢ ᠳᠤᠭᠤᠶᠢᠯᠠᠩ ᠬᠤᠪᠢᠶᠠᠨ ᠰᠤᠳᠤᠯᠤᠨ | ᠶᠠᠷᠢᠯᠴᠠᠵᠤ᠂ ᠦᠪᠡᠷ ᠦᠪᠡᠷ ᠤᠨ ᠪᠤᠳᠤᠯ ᠰᠤᠳᠤᠯᠤᠯ ᠢᠶᠠᠨ ᠶᠠᠷᠢᠵᠠᠭᠠᠪᠠ᠃ ᠮᠠᠨ ᠤ ᠳᠤᠭᠤᠶᠢᠯᠠᠩ ᠤᠨ ᠬᠢᠨᠢ ᠵᠠᠩ | ᠦᠢᠯᠡ ᠶᠢᠨ ᠰᠣᠳᠤᠯᠤᠯ ᠢᠶᠠᠷ ᠭᠤᠤᠯ ᠪᠤᠯᠭᠠᠵᠤ᠂ ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ | ᠰᠠᠷᠠᠡᠭᠡᠷᠡᠯ ᠫᠷᠤᠹᠧᠰᠰᠤᠷ ᠬᠦᠲᠦᠯᠵᠦ᠂ ᠮᠤᠩᠭᠤᠯ ᠤᠯᠤᠰ ᠤᠨ ᠶᠡᠭᠡ ᠰᠤᠷᠭᠠᠭᠤᠯᠢ ᠶᠢᠨ ᠴᠡᠷᠡᠨᠬᠠᠨᠳᠠ᠂ | ᠳ᠋ᠤᠯᠭᠠᠷᠰᠦ᠋ᠷᠦᠩ ᠨᠠᠷ ᠤᠷᠤᠯᠴᠠᠪᠠ᠃ | ᠬᠤᠷᠠᠯ ᠳᠤ ᠤᠷᠤᠯᠴᠠᠭᠰᠠᠳ ᠤᠯᠠᠨ ᠬᠠᠷᠠᠭᠠᠰᠤ᠂ ᠤᠯᠠᠨ ᠠᠭᠤᠯᠭ᠎ᠠ ᠪᠠᠷ ᠵᠠᠩ ᠦᠢᠯᠡ ᠶᠢ ᠬᠠᠮᠠᠭᠠᠯᠠᠨ | ᠤᠯᠠᠮᠵᠢᠯᠠᠬᠤ᠂ ᠰᠤᠳᠤᠯᠤᠨ ᠳᠡᠯᠭᠡᠷᠡᠭᠦᠯᠬᠦ᠂ ᠤᠵᠠᠭᠤᠷ ᠵᠠᠩᠰᠢᠯ ᠢᠶᠠᠨ ᠦᠪᠯᠡᠨ ᠦᠯᠡᠳᠡᠭᠡᠬᠦ ᠵᠡᠷᠭᠡ ᠪᠠᠷ ᠪᠤᠳᠤᠯ | ᠰᠠᠨᠠᠯ ᠢᠶᠠᠨ ᠳᠡᠪᠰᠢᠭᠦᠯᠵᠦ ᠬᠠᠷᠢᠯᠴᠠᠨ ᠲᠤᠷᠰᠢᠯᠭ᠎ᠠ ᠪᠠᠨ ᠰᠤᠯᠢᠯᠴᠠᠪᠠ᠃ ᠪᠢ ︽ᠤᠳᠤᠬᠢ ᠤᠷᠴᠢᠨ ᠳᠤ | ᠤᠯᠠᠮᠵᠢᠯᠠᠯᠲᠦ ᠵᠠᠩ ᠦᠢᠯᠡ ᠶᠢ ᠬᠡᠤᠬᠡᠳ ᠪᠠᠭᠠᠴᠤᠳ ᠲᠤ ᠬᠡᠷᠬᠢᠨ ᠤᠯᠠᠮᠵᠢᠯᠠᠬᠤ ᠲᠤᠬᠠᠢ︾ ᠭᠡᠰᠡᠨ ᠦᠭᠦᠯᠡᠯ ᠢᠶᠠᠨ | ᠤᠩᠰᠢᠪᠠ᠃ ᠮᠢᠨᠤ ᠦᠭᠦᠯᠡᠯ ᠢ ᠰᠣᠨᠣᠰᠣᠭᠰᠠᠨ ᠪᠠᠭᠰᠢ ᠨᠠᠷ᠄ | — ᠬᠠᠮᠤᠭ ᠤᠨ ᠦᠨᠳᠦᠰᠦᠨ ᠱᠠᠲᠤᠨ ᠤ ᠤᠴᠢᠷ ᠢ ᠲᠤᠰᠬᠠᠵᠤ᠂ ᠬᠠᠮᠤᠭ ᠤᠨ ᠪᠤᠲᠠᠲᠠᠢ ᠰᠡᠳᠦᠪ ᠢ | ᠰᠤᠩᠭᠤᠵᠤ᠂ ᠬᠠᠮᠤᠭ ᠤᠨ ᠳᠤᠪᠤᠶᠢᠮ᠎ᠠ ᠠᠰᠠᠭᠤᠳᠠᠯ ᠢ ᠲᠤᠰᠬᠠᠭᠰᠠᠨ ᠦᠪᠡᠷᠮᠢᠴᠡ ᠤᠨᠴᠠᠯᠢᠭ ᠲᠠᠢ ᠦᠭᠦᠯᠡᠯ ᠭᠡᠵᠦ | ᠦᠨᠡᠯᠡᠯᠲᠡ ᠦᠭᠪᠡ᠃ | ᠪᠠᠰᠠ ᠨᠢᠭᠡᠨ ᠰᠤᠨᠢᠷᠬᠠᠯ ᠲᠠᠢ ᠤᠴᠢᠷ ᠭᠡᠪᠡᠯ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠭᠡᠷᠡᠯ ᠤᠨ ᠪᠢᠴᠢᠭᠰᠡᠨ ᠦᠭᠦᠯᠡᠯ ᠴᠦ ᠮᠢᠨᠤ ᠦᠭᠦᠯᠡᠯ ᠲᠠᠢ ᠶᠡᠭᠡ ᠲᠦᠰᠦᠭᠡᠲᠡᠢ ᠪᠤᠯᠪᠠ᠃ ᠮᠠᠨᠤᠰ | ᠬᠡᠨ ᠨᠢᠭᠡᠨ ᠢᠶᠠᠨ ᠲᠠᠨᠢᠬᠤ ᠦᠭᠡᠢ ᠴᠦ ᠦᠭᠦᠯᠡᠯ ᠵᠤᠬᠢᠶᠠᠯ ᠶᠠᠭ ᠯᠡ ᠨᠢᠭᠡ ᠯᠡ ᠬᠦᠮᠦᠨ ᠪᠢᠴᠢᠭᠰᠡᠨ ᠮᠡᠲᠦ ᠢᠯᠡᠷᠡᠬᠦ | ᠨᠢ ᠭᠠᠶᠢᠬᠠᠮᠠᠷ ᠶᠤᠮ᠃ | — ᠲᠠᠨ ᠤ ᠬᠤᠶᠠᠷ ᠤᠨ ᠦᠭᠦᠯᠡᠯ ᠬᠠᠴᠢᠨ ᠨᠡᠶᠢᠴᠡᠵᠡᠢ᠃ | — ᠢᠬᠢᠷ᠎ᠡ ᠵᠤᠬᠢᠶᠠᠯ᠃ | — ᠬᠡᠯᠡᠭᠰᠡᠨ ᠤᠴᠢᠷ ᠴᠦ ᠠᠳᠠᠯᠢᠬᠠᠨ᠃ | — ᠰᠡᠳᠬᠢᠮᠵᠢ ᠴᠦ ᠠᠳᠠᠯᠢᠬᠠᠨ᠃ | ᠬᠦᠮᠦᠰ ᠦᠭᠦᠯᠡᠯ ᠢ ᠰᠣᠨᠣᠰᠣᠭᠠᠳ ᠦᠨᠡᠯᠡᠨ ᠶᠠᠷᠢᠨ᠎ᠠ᠃ ᠬᠡᠯᠡ ᠪᠠᠷ ᠢᠶᠠᠨ ᠲᠠᠨᠢᠯᠴᠠᠨ ᠰᠡᠳᠬᠢᠯᠭᠡ ᠪᠠᠷ | ᠢᠶᠠᠨ ᠮᠡᠳᠡᠯᠴᠡᠬᠦ ᠭᠡᠭᠴᠢ ᠡᠶᠢᠮᠦ ᠯᠡ ᠪᠠᠶᠢᠳᠠᠭ ᠠᠵᠢ᠃ ᠤᠯᠠᠨ ᠤᠯᠤᠰ ᠤᠨ ᠵᠠᠩ ᠦᠢᠯᠡ ᠶᠢᠨ ᠡᠷᠳᠡᠮ ᠰᠢᠨᠵᠢᠯᠡᠭᠡᠨ | ᠤ ᠬᠤᠷᠠᠯ ᠳᠤ ᠤᠷᠤᠯᠴᠠᠬᠤ ᠳᠤ ᠪᠠᠨ ᠲᠢᠶᠠᠨ ᠠᠨ ᠮᠧᠨ ᠠᠭᠤᠳᠠᠮ ᠲᠠᠯᠠᠪᠠᠢ ᠶᠢ ᠪᠠᠭ᠋ᠠᠳᠤᠨ ᠲᠤᠭᠤᠷᠢᠭᠰᠠᠨ ᠨᠢ | ᠪᠠᠰᠠ ᠨᠢᠭᠡᠨ ᠰᠠᠶᠢᠨ ᠤᠴᠢᠷ ᠶᠣᠮ᠃ ᠡᠨᠡ ᠵᠢᠯ ᠪᠤᠯ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ | ᠪᠠᠶᠢᠭᠤᠯᠤᠭᠳᠠᠭᠰᠠᠨ ᠵᠢᠷᠠᠨ ᠵᠢᠯ ᠤᠨ ᠤᠢ ᠪᠤᠯᠤᠨ᠎ᠠ᠃ | ᠲᠢᠶᠠᠨ ᠠᠨ ᠮᠧᠨ ᠲᠠᠯᠠᠪᠠᠢ ᠶᠢ ᠭᠤᠶᠤᠯᠠᠨ ᠵᠠᠰᠠᠭᠰᠠᠨ ᠨᠢ ᠬᠦᠮᠦᠰ ᠤᠨ ᠠᠩᠬᠠᠷᠤᠯ ᠢ ᠲᠠᠲᠠᠵᠤ᠂ ᠴᠢᠮᠡᠭᠲᠦ | ᠪᠠᠭᠠᠨ᠎ᠠ᠂ ᠦᠩᠭᠡ ᠶᠢᠨ ᠴᠡᠴᠡᠭ ᠤᠨ ᠦᠵᠡᠰᠭᠦᠯᠡᠩ᠂ ᠮᠤᠵᠢ ᠬᠤᠲᠠ ᠶᠢᠨ ᠬᠦᠭᠵᠢᠯᠲᠡ ᠬᠤᠪᠢᠷᠠᠯᠲᠠ ᠶᠢ | ᠬᠠᠷᠠᠭᠤᠯᠤᠭᠰᠠᠨ ᠴᠢᠮᠡᠭᠲᠦ ᠲᠡᠷᠭᠡ᠂ ᠶᠠᠩᠵᠤ ᠶᠢᠨ ᠤᠳᠬ᠎ᠠ ᠠᠭᠤᠯᠭ᠎ᠠ ᠪᠦᠬᠦᠢ ᠭᠡᠷᠡᠯ ᠵᠢᠷᠤᠭ ᠵᠡᠷᠭᠡ ᠨᠢ ᠶᠤᠰᠤᠲᠠᠢ | ᠵᠢᠷᠤᠭ ᠤᠨ ᠶᠢᠷᠲᠢᠨᠴᠦ ᠪᠤᠯᠤᠭᠰᠠᠨ ᠪᠢᠯᠡ᠃ | ᠮᠠᠨᠤᠰ ᠦᠷᠭᠡᠨ ᠠᠭᠤᠳᠠᠮ ᠲᠢᠶᠠᠨ ᠠᠨ ᠮᠧᠨ ᠲᠠᠯᠠᠪᠠᠢ ᠶᠢ ᠪᠠᠷᠠᠭᠤᠨ ᠬᠤᠶᠢᠨ᠎ᠠ ᠠᠴᠠ ᠨᠢ ᠲᠤᠭᠤᠷᠢᠨ | ᠦᠵᠡᠵᠦ᠂ ᠡᠯᠳᠡᠪ ᠰᠠᠶᠢᠬᠠᠨ ᠵᠢᠷᠤᠭ ᠤᠷᠠᠯᠠᠯ ᠢ ᠶᠠᠷᠢᠯᠳᠤᠨ ᠰᠤᠨᠢᠷᠬᠠᠵᠤ᠂ ᠬᠠᠶᠠ ᠭᠠᠵᠠᠷ ᠲᠤ ᠨᠢ ᠳᠤᠷᠠᠰᠬᠠᠯ ᠤᠨ | ᠵᠢᠷᠤᠭ ᠲᠠᠲᠠᠵᠤ ᠤᠷᠮ᠎ᠠ ᠲᠠᠢ ᠰᠠᠶᠢᠬᠠᠨ ᠬᠠᠭᠠᠰ ᠡᠳᠦᠷ ᠵᠤᠭᠠᠴᠠᠭᠰᠠᠨ ᠶᠤᠮ᠃ | ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠠᠴᠠ ᠠᠶᠠᠷᠯᠠᠨ ᠲᠤᠮᠤ ᠡᠭᠦᠳᠡ ᠪᠠᠷ ᠭᠠᠷᠬᠤ | ᠳᠤ ᠴᠢᠯᠠᠭᠤᠨ ᠳᠤ ᠰᠡᠶᠢᠯᠦᠨ ᠪᠢᠴᠢᠭᠰᠡᠨ ᠨᠠᠢᠮᠠᠨ ᠲᠤᠮᠤ ᠦᠰᠦᠭ ᠦᠩᠭᠡ ᠶᠢᠨ ᠴᠡᠴᠡᠭ ᠤᠨ ᠳᠤᠮᠳᠠ | ᠳᠤᠷᠠᠶᠢᠨ᠎ᠠ᠃ | ᠲᠦᠰᠢᠯᠭᠡ ᠪᠤᠯᠤᠭᠰᠠᠨ ᠪᠠᠢ ᠸᠠᠩ ᠱᠠᠨ ᠠᠭᠤᠯᠠ ᠬᠤᠪᠢ ᠶᠢᠨ ᠭᠠᠳᠠᠨ᠎ᠠ ᠰᠦᠷᠯᠢᠭ ᠦᠵᠡᠰᠭᠦᠯᠡᠩ᠃ | ᠨᠠ᠊ · ᠵᠢᠷᠭᠠᠯ | |