ᠴᠢᠪᠠᠭ᠎ᠠ ᠶᠢᠨ ᠵᠡᠬᠡᠯᠢ ᠪᠠᠷ ᠶᠠᠪᠤᠬᠤ ᠳᠤ᠂ ᠬᠤᠲᠠ ᠪᠠᠯᠭᠠᠰᠤᠨ ᠳᠤ ᠰᠠᠭᠤᠷᠢᠰᠢᠭ᠎ᠠ ᠠᠵᠢᠯ ᠠᠯᠪᠠᠨ ᠤ | ᠬᠦᠮᠦᠰ ᠤᠳ᠂ ᠬᠦᠳᠡᠭᠡ ᠭᠠᠳᠠᠭ᠎ᠠ ᠳᠤ ᠠᠮᠢᠳᠤᠷᠠᠭ᠎ᠠ ᠮᠠᠯᠴᠢᠨ ᠲᠠᠷᠢᠶᠠᠴᠢᠳ᠂ ᠶᠡᠭᠡ ᠲᠡᠭᠡᠲᠦ ᠰᠤᠷᠭᠠᠭᠤᠯᠢ ᠶᠢᠨ | ᠤᠶᠤᠳᠠᠳ᠂ ᠡᠪᠦᠭᠡ ᠡᠮᠡᠭᠡ ᠢᠶᠠᠨ ᠰᠡᠭᠦᠯᠳᠡᠭᠰᠡᠨ ᠪᠠᠭᠠᠴᠤᠥᠯ ᠤᠳ ᠲᠡᠷᠡᠴᠢᠯᠡᠨ ᠮᠢᠨᠤ ᠲᠠᠨᠢᠲᠠᠭ᠂ ᠲᠠᠨᠢᠬᠤ ᠦᠭᠡᠢ | ᠤᠯᠠᠨ ᠬᠦᠮᠦᠨ ᠤᠨ ᠠᠮᠠᠨ ᠠᠴᠠ᠄ ︽ᠲᠠᠮᠢᠷ ᠲᠤ ᠤᠴᠢᠶ᠎ᠠ︕︾ ᠬᠡᠰᠡᠨ ᠦᠬᠡ ᠪᠠᠶᠢᠩᠭᠤ ᠰᠤᠨᠤᠰᠳᠠᠳᠠᠭ᠃ ︽ | ᠲᠠᠮᠢᠷ ᠲᠤ ᠤᠴᠢᠶ᠎ᠠ︕︾ ᠪᠢ ᠡᠬᠢᠯᠡᠩᠬᠦᠳᠡ ᠲᠡᠮᠡᠢ ᠠᠩᠵᠠᠭᠠᠷᠠᠭ᠎ᠠ ᠦᠭᠡᠢ ᠪᠠᠶᠢᠭᠰᠠᠨ ᠪᠤᠯᠪᠠᠴᠦ᠂ ᠰᠡᠬᠦᠯ ᠳᠤ ᠨᠢ | ᠰᠤᠨᠢᠷᠬᠠᠯ ᠲᠦᠷᠦᠭᠳᠡᠭᠡᠳ ᠪᠠᠶᠢᠬᠤᠯᠠᠷ ᠨᠢ ︽ᠲᠠᠮᠢᠷ ᠲᠤ ᠤᠴᠢᠭᠴᠢ︾ ᠶᠢᠨ ᠨᠢᠬᠡᠡ ᠪᠤᠯᠪᠠ᠃ | ᠨᠠᠮᠬᠠᠨ ᠪᠡᠶ᠎ᠡ᠂ ᠨᠤᠮᠤᠬᠠᠨ ᠠᠭᠠᠯᠢ ᠲᠠᠢ ᠦᠷᠡᠲᠤᠭᠲᠠᠬᠤ ᠬᠡᠵᠦ ᠠᠷᠤ ᠬᠤᠷᠴᠢᠨ ᠬᠤᠰᠢᠭᠤ ᠶᠢᠨ | ᠪᠠᠶ᠋ᠬᠠᠦ᠋ᠡᠳᠦᠷ ᠰᠤᠮᠤᠨ ᠤ ᠠᠷᠤᠬᠦ᠋ᠪ ᠭᠠᠴᠠᠭᠠᠨ ᠤ ᠴᠠᠭᠠᠡᠬᠠᠲᠠ ᠲᠤᠭᠤᠶᠢᠯᠠᠩ ᠤᠨ ᠮᠠᠯᠴᠢᠨ ᠤ ᠬᠦᠥ᠂ ᠬᠤᠲᠠ | ᠤᠷᠤᠵᠤ ᠤᠶᠢᠯᠡᠰ ᠡᠷᠬᠢᠯᠡᠭᠰᠡᠨ ᠰᠢᠨ᠎ᠡ ᠡᠷᠡᠨ ᠤ ᠠᠯᠬᠤᠭ᠎ᠠ ᠲᠠᠢ ᠨᠡᠶᠢᠯᠡᠭᠰᠡᠨ ᠰᠢᠯᠢᠳᠡᠭ ᠵᠠᠯᠠᠭᠤ᠃ ᠲᠡᠷᠡ ᠬᠡᠵᠦ | ᠲᠤᠮᠲᠠ ᠵᠡᠷᠭᠡ ᠶᠢᠨ ᠲᠤᠰᠬᠠᠢ ᠮᠡᠷᠬᠡᠵᠢᠯ ᠡᠵᠡᠮᠰᠢᠭᠰᠡᠨ᠂ ᠮᠠᠨ ᠤ ᠬᠦᠳᠡᠭᠡ ᠶᠢᠨ ᠦᠬᠡ ᠪᠠᠷ ᠬᠡᠯᠡᠪᠡᠯ ︽ᠰᠤᠶᠤᠯ | ᠲᠠᠢ ᠬᠦᠮᠦᠨ︾᠃ | ᠵᠠ᠂ ᠲᠡᠭᠡᠭᠡᠳ ᠯᠠ ᠰᠤᠶᠤᠯ ᠲᠠᠢ ᠬᠦᠮᠦᠨ ᠤ ᠰᠠᠶᠢᠬᠠᠨ ᠦᠯᠢᠬᠡᠷ 2003 ᠤᠨ ᠠᠴᠠ ᠡᠬᠢᠯᠡᠵᠡᠢ᠃ | ᠰᠠᠶ᠋ᠢᠬᠠᠨ ᠰᠤᠷᠭᠠᠭᠤᠯᠢ ᠪᠠᠨ ᠲᠡᠭᠦᠰᠬᠡᠬᠡᠭᠰᠡᠨ ᠲᠡᠷᠡ ᠮᠡᠨᠢ ᠵᠤᠷᠢᠭ ᠭᠠᠷᠭᠠᠵᠦ᠂ 2 ᠲᠦᠮᠡᠨ ᠲᠦᠬᠦᠷᠢᠭ ᠤᠨ ᠪᠡᠯᠡ | ᠤᠷᠤᠭᠤᠯᠤᠨ ᠠᠷᠤᠬᠦ᠋ᠪ ᠭᠠᠴᠠᠭᠠᠨ ᠳᠤ ᠪᠠᠨ ᠪᠦᠷᠢᠨ ᠪᠠᠷᠠᠭᠠᠲᠦ ᠲᠡᠯᠬᠡᠬᠦᠷ ᠡᠵᠡᠩᠨᠡᠵᠦ᠂ ᠮᠠᠯᠴᠢᠳ ᠤᠨ ᠡᠳᠦᠷ | ᠲᠤᠲᠤᠮ ᠤᠨ ᠠᠮᠢᠳᠤᠷᠠᠯ ᠤᠨ ᠬᠡᠷᠡᠭᠰᠡᠯ ᠤᠳ ᠢ ᠴᠢᠪᠠᠭ᠎ᠠ ᠪᠠᠯᠭᠠᠰᠤᠨ ᠠᠴᠠ ᠤᠷᠤᠭᠤᠯᠤᠨ ᠮᠠᠯᠴᠢᠳ ᠲᠤ ᠪᠠᠨ | ᠤᠶᠢᠯᠡᠴᠢᠯᠡᠵᠦ ᠡᠬᠢᠯᠡᠪᠡ᠃ ᠪᠤᠶᠢᠲᠠ ᠪᠦᠭᠯᠡᠬᠦᠥ ᠠᠶᠢᠯ ᠭᠠᠴᠠᠭᠠᠨ ᠤ ᠮᠠᠯᠴᠢᠳ ᠤᠨ ᠬᠤᠳᠠᠯᠳᠤᠭ᠎ᠠ ᠲᠡᠯᠬᠡᠬᠦᠷ ᠠᠴᠠ | ᠪᠠᠷᠠᠭ᠎ᠠ ᠬᠤᠳᠠᠯᠳᠤᠨ ᠠᠪᠬᠤ ᠭᠡᠪᠡᠯ᠂ ᠰᠤᠮᠤᠨ ᠲᠦᠪ ᠲᠤ ᠪᠠᠨ ᠪᠤᠶᠤ ᠴᠢᠪᠠᠭ᠎ᠠ ᠪᠠᠯᠭᠠᠰᠤ ᠵᠦᠭ ᠲᠠᠪᠬᠢᠭᠤᠯᠬᠤ᠂ | ᠵᠠᠮ ᠤᠨ ᠵᠠᠷᠤᠳᠠᠯ᠂ ᠴᠠᠭ ᠤᠨ ᠭᠠᠷᠤᠵᠠ ᠶᠢ ᠶᠡᠬᠡᠬᠡᠨ ᠠᠷᠪᠢᠯᠡᠨ ᠲᠦᠬᠦᠮ ᠦᠵᠡᠬᠦᠯᠦᠭᠰᠡᠨ ᠳᠤ ᠠᠶᠢᠯ ᠰᠠᠭᠠᠬᠠᠯᠲᠠ | ᠶᠢᠨ ᠬᠢᠨᠢ ᠮᠠᠰᠢ ᠪᠠᠶᠠᠷᠯᠠᠯᠳᠤᠨ ︽ᠬᠠᠰᠢᠯᠠ ᠰᠤᠶᠤᠯ ᠲᠠᠢ ᠬᠦᠮᠦᠨ ᠤᠡᠳᠤᠥ᠂ ᠮᠠᠨᠤᠰ ᠲᠤ ᠴᠤᠬᠤᠮ ᠲᠦᠬᠦᠮ | ᠦᠵᠡᠬᠦᠯᠴᠢᠬᠡᠯᠡ︕︾᠂ ︽ᠬᠤᠯᠠ ᠤᠶᠢᠷ᠎ᠡ ᠳᠤ ᠶᠠᠪᠤᠵᠦ ᠲᠡᠶᠢᠯᠬᠦ ᠦᠭᠡᠢ ᠬᠦᠮᠦᠰ ᠲᠤ ᠪᠤᠶᠠᠨ ᠤᠶᠢᠯᠡᠳᠴᠦ | ᠪᠠᠶᠢᠨ᠎ᠠ︕︾ ᠬᠡᠬᠦᠴᠢᠯᠡᠨ ᠶᠠᠷᠢᠵᠠᠭᠠᠨ᠎ᠠ᠃ | ᠦᠷᠠᠲᠤᠭᠲᠠᠬᠤ 2008 ᠤᠨ ᠳᠤ ᠬᠤᠲᠠ ᠤᠷᠤᠵᠤ᠂ ᠨᠢᠬᠡ ᠶᠠᠭᠤᠮ᠎ᠠ ᠬᠢᠵᠦ ᠦᠵᠡᠬᠦ ᠪᠤᠳᠤᠯ ᠤᠷᠤᠪᠠ | ᠃ ᠬᠦᠮᠦᠨ ᠤᠯᠠᠨ ᠦᠷᠢᠰᠦᠯᠳᠦᠬᠡᠨ ᠶᠡᠬᠡᠲᠡᠢ ᠭᠠᠵᠠᠷ ᠶᠠᠭᠤᠮ᠎ᠠ ᠬᠢᠨ᠎ᠡ ᠬᠡᠳᠡᠭ ᠴᠢᠨᠢ ᠬᠠᠯᠲᠦ ᠦᠵᠡᠪᠡᠯ ᠪᠤᠯᠤᠮᠠᠷ | ᠰᠢᠭ᠋ ᠪᠤᠯᠪᠠᠴᠦ ᠨᠠᠷᠢᠪᠴᠢᠯᠠᠭᠠᠳ ᠪᠤᠳᠤᠪᠠᠯ ᠬᠦᠷᠦᠩᠬᠡ ᠪᠠᠨ ᠠᠯᠳᠠᠬᠤ ᠲᠦᠭᠰᠢᠬᠦᠷᠢ ᠨᠢᠭᠤᠭᠲᠠᠵᠦ ᠪᠠᠶᠢᠭ᠎ᠠ ᠬᠡᠳᠡᠭ ᠢ | ᠲᠡᠷᠡ ᠬᠡᠶᠢᠲᠡᠯᠡ ᠮᠡᠳᠡᠭᠰᠡᠨ ᠲᠤᠯᠠ ᠴᠢᠪᠠᠭ᠎ᠠ ᠪᠠᠯᠭᠠᠰᠤᠨ ᠤ ᠵᠠᠬ᠎ᠠ ᠲᠡᠯᠬᠡᠬᠦᠷ ᠲᠡᠭᠡᠭᠦᠷ ᠤᠯᠠᠨ ᠤᠳᠠᠭ᠎ᠠ ᠡᠷᠬᠢᠴᠡᠵᠦ | ᠪᠠᠶᠢᠳᠠᠯ ᠢ ᠤᠶᠢᠯᠭᠠᠭᠰᠠᠨ ᠰᠠᠭᠤᠷᠢᠨ ᠲᠡᠭᠡᠷ᠎ᠡ ᠪᠠᠨ 4 ᠲᠦᠮᠡᠨ ᠲᠦᠮᠡᠨ ᠲᠦᠬᠦᠷᠢᠭ ᠵᠠᠷᠤᠴᠠᠭᠤᠯᠤᠨ ᠴᠢᠪᠠᠭ᠎ᠠ | ᠪᠠᠯᠭᠠᠰᠤᠨ ᠤ ᠬᠠᠭᠤᠴᠢᠨ ᠲᠤᠭᠤᠷᠢᠭ ᠲᠤ ᠤᠥᠯ ᠤᠨ ᠲᠠᠷᠢᠶᠠᠯᠠᠩ ᠤᠨ ᠨᠤᠭᠤᠭᠠᠨ ᠠᠰᠠᠷ ᠤᠨ ᠲᠤᠥᠷ᠎ᠠ ︽ᠲᠠᠮᠢᠷ︾ | ᠬᠡᠬᠦ ᠬᠤᠪᠴᠠᠰᠤᠨ ᠤ ᠲᠡᠯᠬᠡᠬᠦᠷ ᠨᠡᠬᠡᠬᠡᠨ᠂ ᠪᠡᠬᠡᠵᠢᠩ ᠪᠤᠯᠤᠨ ᠱᠧᠨᠶᠠᠩ᠂ ᠭᠤᠸᠠᠩᠵᠸᠥ ᠵᠡᠷᠭᠡ ᠬᠤᠲᠠ ᠠᠴᠠ ᠡᠯ᠎ᠡ | ᠵᠤᠶᠢᠯ ᠤᠨ ᠲᠠᠮᠢᠷ ᠤᠨ ᠬᠦᠳᠡᠯᠬᠡᠬᠡᠨ ᠤ ᠬᠤᠪᠴᠠᠰᠦ ᠢ ᠤᠷᠤᠭᠤᠯᠤᠨ ᠬᠤᠳᠠᠯᠳᠤᠭᠰᠠᠨ ᠪᠠᠶᠢᠨ᠎ᠠ᠃ ︽ᠤᠰᠤ | ᠤᠷᠤᠭᠤ ᠪᠠᠨ᠂ ᠬᠦᠮᠦᠨ ᠦᠬᠡᠳᠡ ᠪᠠᠨ︾ ᠬᠡᠳᠡᠭ ᠦᠬᠡ ᠤᠷᠤ ᠲᠠᠢ᠃ 2010 ᠤᠨ ᠪᠤᠯᠬᠤ ᠳᠤ | ᠦᠷᠡᠲᠤᠭᠲᠠᠬᠤ ᠶᠢᠨ ᠲᠠᠮᠢᠷ ᠤᠨ ᠬᠤᠪᠴᠠᠰᠦᠨ ᠤ ᠬᠤᠳᠠᠯᠳᠤᠭ᠎ᠠ ᠨᠢ ᠬᠦᠭᠵᠢᠵᠦ ᠵᠠᠬ᠎ᠠ ᠲᠡᠯᠬᠡᠬᠦᠷ ᠲᠤ ᠤᠷᠤᠨ | ᠪᠠᠶᠢᠷᠢ ᠪᠠᠨ ᠤᠯᠵᠦ ᠠᠪᠤᠭᠰᠠᠨ ᠲᠤᠯᠠ ᠲᠡᠷᠡ ᠵᠤᠷᠢᠭ ᠤᠷᠤᠵᠤ 15 ᠲᠦᠮᠡᠨ ᠲᠦᠬᠦᠷᠢᠭ ᠵᠠᠷᠤᠴᠠᠭᠤᠯᠤᠨ ᠴᠢᠪᠠᠭ᠎ᠠ | ᠪᠠᠯᠭᠠᠰᠤᠨ ᠤ ᠬᠠᠭᠤᠴᠢᠨ ᠲᠤᠭᠤᠷᠢᠭ ᠤᠨ ᠲᠢᠶᠠᠨ ᠱᠠᠨ ᠵᠠᠮ ᠳᠤ 50 ᠲᠡᠭᠰᠢ ᠲᠦᠷᠪᠡᠯᠵᠢᠨ ᠮᠧᠲᠷ ᠬᠡᠷ | ᠲᠦᠷᠢᠶᠡᠰᠦᠯᠡᠨ ᠠᠪᠴᠦ᠂ ︽ᠲᠠᠮᠢᠷ︾ ᠲᠡᠯᠬᠡᠬᠦᠷ ᠤᠥᠯ ᠤᠨ ᠢᠶᠠᠨ ᠡᠵᠡᠩᠨᠡᠯᠲᠡ ᠶᠢᠨ ᠬᠦᠷᠢᠶ᠎ᠡ ᠬᠡᠪᠴᠢᠶ᠎ᠡ ᠪᠠᠨ | ᠦᠷᠭᠡᠳᠬᠡᠨ ᠲᠠᠮᠢᠷ ᠬᠦᠳᠡᠯᠬᠡᠬᠡᠨ ᠳᠤ ᠬᠡᠷᠡᠭᠯᠡᠬᠦ ᠬᠤᠪᠴᠠᠰᠦ᠂ ᠮᠠᠯᠠᠭᠠᠢ ᠱᠠᠬᠠᠢ ᠪᠤᠯᠤᠨ ᠪᠡᠶ᠎ᠡ ᠴᠠᠬᠢᠷᠠᠭᠵᠢᠭᠤᠯᠬᠤ | ᠳᠤ ᠬᠡᠷᠡᠭᠯᠡᠬᠦ ᠮᠠᠰᠢᠨ ᠬᠡᠷᠡᠭᠯᠡᠬᠦᠷ ᠵᠡᠷᠭᠡ ᠶᠢ ᠬᠤᠳᠠᠯᠳᠤᠭᠰᠠᠨ ᠠᠴᠠ ᠭᠠᠳᠠᠨ᠎ᠠ᠂ ᠬᠡᠷᠡᠭᠯᠡᠭᠴᠢᠳ ᠤᠨ ᠵᠠᠬᠢᠶᠠᠯᠭ᠎ᠠ ᠶᠢ | ᠦᠡᠳᠦᠰᠦᠯᠡᠨ ᠲᠠᠮᠢᠷ ᠤᠨ ᠬᠤᠪᠴᠠᠰᠦ ᠣᠷᠣᠭᠤᠯᠵᠣ ᠪᠠᠶᠢᠬᠤ ᠠᠴᠠ ᠭᠠᠳᠠᠨ᠎ᠠ᠂ ᠤᠷᠴᠢᠮ ᠤᠨ ᠵᠢᠯ ᠠᠴᠠ ᠠᠷᠤ | ᠬᠤᠷᠴᠢᠨ ᠬᠤᠰᠢᠭᠤᠨ ᠤ ᠡᠯ᠎ᠡ ᠮᠤᠩᠭᠤᠯ ᠬᠢᠲᠡᠳ ᠰᠤᠷᠭᠠᠭᠤᠯᠢ ᠶᠢᠨ ᠰᠤᠷᠤᠭᠴᠢᠳ ᠤᠨ ᠨᠢᠬᠡᠲᠦᠯᠲᠡᠢ ᠲᠠᠮᠢᠷ ᠤᠨ | ᠬᠤᠪᠴᠠᠰᠦ ᠶᠢ ᠱᠠᠭᠠᠷᠳᠠᠯᠭ᠎ᠠ ᠶᠤᠰᠤᠭᠠᠷ ᠵᠠᠬᠢᠶᠠᠯᠠᠠ ᠤᠷᠤᠭᠤᠯᠬᠤ ᠪᠤᠯᠤᠭᠰᠠᠨ ᠪᠠᠶᠢᠨ᠎ᠠ᠃ | ᠦᠷᠡᠲᠤᠭᠲᠠᠬᠤ᠂ ᠬᠡᠷᠡᠭᠯᠡᠭᠴᠢᠳ ᠲᠤ ᠤᠶᠢᠯᠡᠴᠢᠯᠡᠬᠦ ᠳᠤ ᠪᠠᠨ ᠲᠠᠷᠤᠥ ᠨᠤᠮᠤᠬᠠᠨ ᠮᠦᠷᠲᠡᠬᠡᠨ | ᠬᠠᠯᠠᠭᠤᠮᠰᠤᠭ ᠪᠠᠶᠢᠵᠦ᠂ ᠬᠡᠷᠡᠭᠯᠡᠭᠴᠢᠳ ᠤ ᠰᠠᠨᠠᠯ ᠰᠢᠬᠦᠮᠵᠢ ᠶᠢ ᠬᠦᠯᠢᠴᠡᠩᠭᠦᠢ ᠪᠠᠷ ᠰᠤᠨᠤᠰᠴᠦ᠂ ᠵᠠᠬ᠎ᠠ ᠲᠡᠯᠬᠡᠬᠦᠷ | ᠤᠨ ᠪᠠᠶᠢᠳᠠᠯ ᠢ ᠡᠵᠡᠮᠳᠡᠨ ᠠᠪᠴᠤ ᠠᠷᠠᠯᠵᠢᠶ᠎ᠠ ᠪᠠᠨ ᠵᠤᠬᠢᠴᠠᠭᠤᠯᠤᠨ᠂ ᠪᠠᠷᠠᠭ᠎ᠠ ᠶᠢᠨ ᠢᠶᠠᠨ ᠴᠢᠨᠠᠷ ᠢ ᠪᠠᠲᠦᠯᠠᠵᠦ | ᠢᠳᠡᠬᠡᠯ ᠢ ᠪᠠᠷᠢᠮᠲᠠᠯᠠᠨ ᠲᠡᠯᠬᠡᠬᠦᠷ ᠢᠶᠠᠨ ᠡᠵᠡᠩᠨᠡᠭᠰᠡᠨ ᠠᠴᠠ᠂ ᠵᠢᠯ ᠤᠨ ᠤᠷᠤᠯᠭ᠎ᠠ 25 ᠲᠦᠮᠡᠨ ᠲᠦᠬᠦᠷᠢᠭ ᠲᠤ | ᠬᠦᠷᠦᠬᠡᠳ᠂ ᠰᠠᠭᠤᠬᠤ ᠠᠴᠠ ᠠᠰᠠᠷ ᠲᠠᠢ᠂ ᠠᠶᠠᠯᠠᠬᠤ ᠠᠴᠠ ᠰᠠᠭᠤᠳᠠᠯ ᠤᠨ ᠮᠠᠰᠢᠨ ᠲᠠᠢ ᠪᠤᠯᠵᠦ᠂ ᠬᠡᠷᠬᠡᠢ ᠫᠸᠢ | ᠽᠦᠢ ᠬᠤᠸᠠ ᠪᠤᠯᠤᠨ ᠬᠡᠥᠬᠡᠨ ᠨᠠᠶᠢᠷᠠᠯ ᠲᠠᠢ ᠪᠠᠨ ᠭᠤᠷᠪᠠᠨ ᠬᠦᠮᠦᠨ ᠠᠮᠠ ᠴᠢᠪᠠᠭ᠎ᠠ ᠪᠠᠯᠭᠠᠰᠤᠨ ᠳᠤ ᠪᠠᠶᠠᠨ | ᠲᠠᠩᠰᠤᠭ᠂ ᠠᠵᠠ ᠵᠢᠷᠭᠠᠯ ᠲᠠᠢ ᠠᠵᠦ ᠲᠦᠷᠦᠨ ᠠᠮᠢᠳᠤᠷᠠᠵᠦ ᠬᠤᠲᠠ ᠤᠷᠤᠵᠦ ᠤᠶᠢᠯᠡᠰ ᠪᠤᠰᠬᠠᠭᠰᠠᠨ ᠮᠠᠯᠴᠢᠨ | ᠬᠦᠮᠦᠨ ᠤ ᠠᠯᠳᠠᠷ ᠢ ᠡᠷᠬᠦᠭᠰᠡᠨ ᠰᠤᠳᠤᠨ ᠵᠠᠯᠠᠭᠤ ᠪᠤᠯᠤᠭᠰᠠᠨ ᠪᠠᠶᠢᠨ᠎ᠠ᠃ | ᠨᠠᠮᠠᠢᠢ᠂ ︽ᠲᠠᠮᠢᠷ︾ ᠠᠴᠠ ᠭᠠᠷᠴᠦ ᠢᠷᠡᠬᠦ ᠳᠤ ᠦᠳᠡ ᠠᠶᠠᠲᠠᠵᠦ ᠪᠠᠶᠢᠯ᠎ᠠ᠃ ᠪᠢ ᠦᠷᠡᠲᠤᠭᠲᠠᠬᠤ | ᠶᠢᠨ ᠠᠵᠢᠯ ᠤᠶᠢᠯᠡᠰ ᠤᠨ ᠲᠤᠬᠠᠢ ᠪᠤᠳᠤᠨ ᠰᠡᠳᠬᠢᠯ ᠨᠢᠬᠡ ᠯᠠ ᠬᠠᠩᠬᠤᠯᠤᠭᠤᠨ ᠪᠠᠶᠢᠵᠦ ︽ᠬᠦᠮᠦᠨ ᠬᠡᠵᠦ | ᠬᠠᠰᠢᠯᠠ ᠢᠩᠬᠢᠵᠦ ᠶᠠᠪᠤᠪᠠᠯ ᠰᠠᠶᠢᠬᠠᠨ ᠳ᠋ᠠ ︕︾ ᠬᠡᠵᠦ ᠬᠦᠭᠰᠡᠭᠰᠡᠨ ᠢᠶᠠᠨ ᠮᠠᠨ ᠤ ᠵᠠᠷᠢᠮ ᠬᠤᠲᠠ ᠤᠷᠤᠵᠦ | ᠦᠷᠢᠰᠦᠯᠳᠦᠬᠡᠨ ᠳᠤ ᠬᠦᠯ ᠠᠯᠳᠠᠵᠦ ᠪᠠᠶᠢᠭ᠎ᠠ ᠵᠠᠯᠠᠭᠤᠴᠤᠳ ᠴᠦ ᠪᠤᠳᠤᠯ ᠳᠤ ᠤᠷᠤᠬᠤ ᠬᠢᠷᠢᠨ᠎ᠡ ︽ ᠬᠠᠷᠠᠯᠲᠠ | ᠪᠠᠨ ᠰᠠᠶᠢᠬᠠᠨ ᠰᠤᠩᠭᠤᠵᠦ ᠰᠦᠰᠦ ᠵᠤᠷᠢᠭ ᠲᠠᠢ ᠴᠢᠷᠮᠠᠶᠢᠪᠠᠯ ᠪᠦᠷ ᠯᠠ ᠦᠷᠡᠲᠤᠭᠲᠠᠬᠤ ᠰᠢᠭ ᠪᠤᠯᠵᠦ ᠪᠤᠯᠤᠨ᠎ᠠ | ᠰᠢᠳᠡ︕︾ ᠬᠡᠵᠦ ᠬᠡᠬᠡᠯᠢᠭ ᠵᠦᠭ ᠲᠤ ᠨᠢ ᠪᠤᠳᠤᠨ ᠶᠠᠪᠤᠲᠠᠯ᠎ᠠ᠂ ᠬᠦᠮᠦᠨ ᠤᠯᠠᠨ ᠤ ᠲᠤᠮᠲᠠᠭᠤᠷ᠂ ᠣᠮᠪᠣᠯᠣ ᠪᠠᠨ | ᠬᠦᠲᠦᠯᠦᠵᠦ ᠶᠠᠪᠤᠭᠰᠠᠨ ᠨᠢᠬᠡᠨ ᠨᠠᠰᠤᠲᠠᠨ ᠡᠵᠢ᠄ ︽ᠬᠡᠥᠬᠡ ᠡ᠂ ︿ᠲᠠᠮᠢᠷ ﹀ ᠬᠠᠮᠢᠭᠠᠭᠤᠷ ᠪᠠᠶᠢᠳᠠᠭ ᠪᠤᠢ︖︾ | ᠬᠡᠵᠦ ᠠᠰᠠᠭᠤᠬᠤ ᠳᠤ ᠨᠢ ᠪᠢ ᠪᠡᠶ᠎ᠡ ᠡᠷᠬᠢᠨ ᠡᠷᠢᠯ ᠳᠤ ᠨᠢ ᠰᠤᠷᠠᠭ ᠬᠠᠩᠭᠠᠵᠦ ᠦᠭᠬᠦᠭᠰᠡᠨ ᠪᠢᠯᠠ᠃ | | ᠪᠤᠷᠤᠨᠤᠳ ᠵᠢ᠊ ᠠᠯᠲᠠᠨᠰᠠᠩ | |