ᠨᠢᠮ᠎ᠠ ᠪᠠᠭᠰᠢ ᠪᠤᠯ ᠲᠤᠩ ᠡᠶᠡᠯᠰᠡᠭ ᠲᠤᠳᠤᠨᠤᠰᠤᠭ ᠵᠠᠩ ᠲᠠᠢ᠂ ᠬᠠᠮᠳᠤ ᠨᠦᠬᠦᠳ ᠠᠬ᠎ᠠ ᠲᠠᠭᠦᠤᠨᠠᠷ ᠲᠠᠢ | ᠪᠠᠨ ᠡᠶ᠎ᠡ ᠨᠠᠶᠢᠷ ᠲᠠᠢ ᠶᠠᠪᠤᠯᠴᠠᠳᠠᠭ ᠬᠦᠮᠤᠨ ᠶᠤᠮ᠃ ᠲᠡᠭᠡᠷ᠎ᠠ ᠵᠠᠭᠤᠨ ᠤ ᠲᠠᠯᠠᠭᠠᠳ ᠤᠨ ᠤ ᠡᠬᠢᠨ ᠳᠤ ᠪᠢ᠂ | ᠨᠢᠮ᠎ᠠ ᠪᠠᠭᠰᠢ ᠲᠠᠢ ᠲᠠᠨᠢᠯᠴᠠᠭᠰᠠᠨ ᠠᠴᠠ ᠠᠪᠤᠭᠠᠳ᠂ ᠲᠡᠭᠦᠨ ᠤ ᠪᠡᠶ᠎ᠡ ᠲᠡᠭᠡᠷ᠎ᠡ ᠠᠴᠠ ᠲᠠᠭᠤᠨ ᠤ ᠦᠭᠡ ᠶᠢ | ᠪᠢᠴᠢᠬᠦ᠂ ᠵᠤᠬᠢᠶᠠᠯ ᠨᠠᠶᠢᠷᠠᠭᠤᠯᠤᠯ ᠢ ᠲᠤᠭᠤᠷᠪᠢᠨ ᠪᠢᠴᠢᠬᠦ ᠲᠤᠬᠠᠢ ᠠᠩᠬᠠᠨ ᠤ ᠰᠡᠩᠬᠡᠭᠡᠷᠡᠯ ᠢ ᠤᠯᠵᠦ᠂ ᠲᠠᠭᠤᠤ | ᠶᠢᠨ ᠦᠭᠡ ᠪᠢᠴᠢᠨ ᠡᠬᠢᠯᠡᠵᠦ᠂ ᠮᠠᠨ ᠤ ᠠᠷᠤ ᠬᠤᠷᠴᠢᠨ ᠬᠤᠰᠢᠭᠤᠨ ᠤ ᠤᠯᠠᠭᠠᠨᠮᠦ᠋ᠴᠢᠷ ᠤᠨ ᠢᠶᠠᠨ ᠲᠤᠭᠯᠠᠯᠳᠠ | ᠶᠢᠨ ᠮᠠᠲ᠋ᠧᠷᠢᠶᠠᠯ ᠪᠤᠯᠭᠠᠨ ᠬᠡᠷᠡᠭᠯᠡᠵᠦ ᠪᠠᠶᠢᠭᠰᠠᠨ ᠶᠤᠮ᠃ ᠨᠢᠮ᠎ᠠ ᠪᠠᠭᠰᠢ ᠶᠢᠨ ᠪᠢᠴᠢᠭᠰᠡᠨ ᠲᠠᠭᠤᠤ ᠶᠢᠨ ᠦᠭᠡ ᠳᠤ | ᠵᠢᠭᠮᠡᠳ ᠠᠬ᠎ᠠ ᠠᠶᠠᠯᠭᠤ ᠲᠠᠭᠠᠷᠠᠭᠤᠯᠤᠭᠠᠳ ᠮᠠᠨᠤᠰ ᠲᠤᠭᠯᠠᠯᠳᠠ ᠳᠠᠭᠠᠨ ᠤᠷᠤᠭᠤᠯᠤᠨ ᠲᠤᠭᠯᠠᠵᠦ ᠪᠠᠶᠢᠵᠠᠢ᠃ ᠲᠡᠷᠡ | ᠦᠶ᠎ᠡ ᠳᠤ ᠨᠢᠮ᠎ᠠ ᠪᠠᠭᠰᠢ ᠲᠦᠪ ᠤᠨ ︽ᠦᠨᠳᠤᠰᠤᠳᠡᠨ ᠤ ᠬᠡᠪᠯᠡᠯ ᠤᠨ ᠬᠤᠷᠢᠶ᠎ᠠ ᠶᠢᠨ ᠮᠤᠩᠭᠤᠯ ᠨᠠᠶᠢᠷᠠᠭᠤᠯᠬᠤ | ᠬᠡᠯᠳᠡᠰ︾ ᠲᠤ ᠠᠵᠢᠯᠯᠠᠵᠦ ᠪᠠᠶᠢᠭᠰᠠᠨ ᠶᠤᠮ᠃ ᠲᠡᠭᠦᠨ ᠤ ᠵᠤᠬᠢᠶᠠᠭᠰᠠᠨ ︽ᠪᠤᠭᠳᠠ ᠠᠭᠤᠯᠠ ᠶᠢᠨ ᠠᠳᠤᠭᠤᠴᠢᠨ︾ | ᠭᠡᠬᠦ ᠲᠠᠭᠤᠤ ᠶᠢ ᠨᠢ ᠠᠷᠤ ᠬᠤᠷᠴᠢᠨ ᠬᠤᠰᠢᠭᠤᠨ ᠤ ᠤᠯᠠᠭᠠᠨᠮᠦ᠋ᠴᠢᠷ ᠲᠤᠭᠯᠠᠵᠦ ᠪᠠᠶᠢᠭᠰᠠᠨ ᠪᠦᠭᠡᠳ ᠲᠤᠰ | ᠲᠠᠭᠤᠤ ᠨᠢ ᠬᠤᠵᠢᠮ ᠨᠢ ᠵᠢᠭᠮᠡᠳ ᠨᠦᠬᠦᠷ ᠤᠨ ︽ᠠᠮᠠᠷᠠᠭ ᠤᠨ ᠵᠦᠭᠡᠯᠡᠨ ᠢᠨᠢᠶᠡᠳᠤ︾ ᠭᠡᠰᠡᠨ ᠲᠠᠭᠤᠤ ᠶᠢᠨ | ᠲᠡᠭᠦᠪᠤᠷᠢ ᠪᠠ ᠮᠡᠬᠦᠰ ᠮᠢᠨᠤ ︽ᠲᠠᠯ᠎ᠠ ᠶᠢᠨ ᠤᠶᠠᠩᠭ᠎ᠠ︾ ᠭᠡᠬᠦ ᠲᠠᠭᠤᠤ ᠶᠢᠨ ᠲᠡᠭᠦᠪᠤᠷᠢ ᠳᠤ ᠬᠡᠪᠯᠡᠭᠳᠡᠭᠰᠡᠨ ᠶᠤᠮ᠃ | ᠪᠠᠷᠤᠭ ᠲᠡᠭᠡᠷ᠎ᠡ ᠵᠠᠭᠤᠨ ᠤ 1974 ᠤᠨ ᠤ ᠦᠶ᠎ᠡ ᠪᠢᠯᠠ᠃ ᠵᠢᠭᠮᠡᠳ ᠠᠬ᠎ᠠ ᠲᠠᠢ ᠪᠢᠳᠠ ᠬᠤᠶᠠᠷ ᠮᠠᠨ ᠤ | ᠬᠤᠰᠢᠭᠤᠨ ᠤ ᠤᠯᠠᠭᠠᠨᠮᠦ᠋ᠴᠢᠷ ᠲᠡᠭᠡᠨ ᠲᠤᠭᠯᠠᠯᠳᠠ ᠶᠢᠨ ᠬᠤᠪᠴᠠᠰᠤ ᠤᠶᠤᠭᠤᠯᠵᠦ᠂ ᠬᠦᠭᠵᠢᠮ ᠪᠠᠭᠠᠵᠢ | ᠬᠤᠳᠠᠯᠳᠤᠨ ᠠᠪᠬᠤ ᠪᠠᠷ ᠨᠡᠶᠢᠰᠯᠡᠯ ᠪᠡᠭᠡᠵᠢᠩ ᠳᠤ ᠬᠦᠷᠦᠭᠰᠡᠨ ᠶᠤᠮ᠃ ᠲᠡᠷᠡ ᠦᠶ᠎ᠡ ᠳᠤ ᠨᠡᠶᠢᠰᠯᠡᠯ ᠪᠡᠭᠡᠵᠢᠩ ᠳᠤ | ᠪᠠᠭᠤᠳᠠᠯ ᠤᠯᠬᠤ ᠳᠤ ᠲᠤᠩ ᠬᠦᠴᠢᠷᠳᠠᠢ ᠪᠠᠶᠢᠭᠰᠠᠨ ᠲᠤᠯᠠ ᠵᠢᠭᠮᠡᠳ ᠠᠬ᠎ᠠ ᠪᠢᠳᠠ ᠬᠤᠶᠠᠭᠤᠯᠠ᠂ ᠨᠢᠮ᠎ᠠ ᠪᠠᠭᠰᠢ | ᠶᠢ ᠡᠷᠢᠵᠦ᠂ ᠭᠡᠷ ᠲᠤᠨᠢ ᠬᠦᠷᠦᠭᠰᠡᠨ ᠪᠦᠭᠡᠳ ᠲᠡᠭᠦᠨ ᠢᠶᠠᠷ ᠬᠠᠪᠰᠤᠷᠤᠭᠤᠯᠵᠤ ᠲᠡᠳᠡᠨ ᠤ ᠪᠠᠶᠢᠭᠤᠯᠤᠯᠭ᠎ᠠ ᠶᠢᠨ | ᠤᠷᠴᠢᠮ ᠢᠶᠠᠷ ᠨᠢᠭᠡᠨ ︽ᠪᠠᠭᠤᠳᠠᠯ︾ ᠤᠯᠬᠤ ᠰᠠᠨᠠᠭ᠎ᠠ ᠲᠠᠢ ᠬᠦᠷᠴᠠᠢ᠃ ᠨᠢᠮ᠎ᠠ ᠪᠠᠭᠰᠢ ᠲᠡᠷᠡ ᠦᠶ᠎ᠡ ᠳᠤ | ᠪᠠᠶᠢᠭᠤᠯᠤᠯᠭ᠎ᠠ ᠶᠢᠨ ᠢᠶᠠᠨ ᠪᠠᠶᠢᠷᠢ ᠶᠢᠨ ᠠᠰᠠᠷ ᠲᠤ ᠰᠠᠭᠤᠵᠦ ᠪᠠᠶᠢᠭᠰᠠᠨ ᠪᠦᠭᠡᠳ ᠪᠠᠶᠢᠷᠢ ᠳᠤ ᠰᠠᠭᠤᠭ᠎ᠠ | ᠠᠵᠢᠯᠳᠠᠳ ᠨᠢ ᠪᠦᠷ ᠬᠤᠩᠬᠢᠯ ︵走廊︶ ᠤᠨ ᠲᠤᠮᠳᠠ ︽ᠨᠡᠭᠦᠷᠡᠰᠤᠨ ᠬᠡᠢ ᠶᠢᠨ ᠰᠢᠳᠠᠮᠬᠠᠢ︾ ᠬᠡᠷᠡᠭᠯᠡᠵᠦ | ᠲᠤᠭᠤᠭᠠᠯᠠᠵᠦ ᠪᠠᠶᠢᠪᠠ᠃ ᠨᠢᠮ᠎ᠠ ᠪᠠᠭᠰᠢ᠂ ᠰᠡᠴᠡᠩᠭᠤᠸ᠎ᠠ ᠪᠠᠭᠰᠢ ᠬᠤᠶᠠᠭᠤᠯᠠ ᠮᠠᠨ ᠢ ᠬᠦᠷᠤᠯ᠎ᠡ ᠭᠡᠳ ᠬᠦᠯ ᠨᠢ | ᠭᠠᠵᠠᠷ ᠬᠦᠷᠬᠦ ᠦᠬᠡᠢ ᠪᠠᠶᠠᠷᠯᠠᠵᠦ᠂ ᠪᠡᠭᠡᠵᠢᠩ ᠤᠨ ᠨᠡᠷᠡᠳᠤ ᠠᠷᠢᠬᠢ ᠭᠠᠷᠭᠠᠵᠦ᠂ ᠦᠪᠡᠷ ᠤᠨ ᠭᠠᠷ ᠤᠨ ᠤᠷ᠎ᠠ | ᠮᠡᠷᠭᠡᠵᠢᠯ ᠢᠶᠠᠨ ᠢᠯᠡᠷᠡᠭᠦᠯᠵᠦ᠂ ᠦᠨᠡᠬᠡᠷ ᠠᠮᠳᠠ ᠰᠢᠮᠡᠳᠠᠢ ᠬᠠᠭᠤᠷᠤᠯᠭ᠎ᠠ ᠬᠠᠭᠠᠷᠢᠯᠭ᠎ᠠ ᠶᠢᠨ ᠨᠤᠭᠤᠭ᠎ᠠ ᠵᠠᠭᠤᠰᠢ | ᠬᠡᠳᠤᠨ ᠫᠢᠯᠠ ᠭᠠᠷᠭᠠᠨ᠂ ᠵᠢᠭᠮᠡᠳ ᠠᠬ᠎ᠠ ᠪᠢᠳᠠ ᠬᠤᠶᠠᠷ ᠢ ᠵᠤᠴᠢᠯᠠᠪᠠ᠃ ᠵᠢᠭᠮᠡᠳ ᠠᠬ᠎ᠠ ᠨᠢᠮ᠎ᠠ ᠪᠠᠭᠰᠢ | ᠬᠤᠶᠠᠭᠤᠯᠠ ᠤᠭ ᠠᠴᠠ ᠪᠠᠨ ᠰᠠᠶᠢᠨ ᠲᠠᠨᠢᠯᠴᠠᠳᠠᠭ ᠠᠬ᠎ᠠ ᠲᠡᠭᠦᠤ ᠪᠤᠯᠬᠤ ᠪᠦᠭᠡᠳ ᠨᠢᠮ᠎ᠠ ᠪᠠᠭᠰᠢ ᠶᠢᠨ ᠨᠦᠬᠦᠷ | ᠰᠡᠴᠡᠩᠭᠤᠸ᠎ᠠ ᠪᠠᠭᠰᠢ ᠴᠦ ᠠᠷᠤ ᠬᠤᠷᠴᠢᠨ ᠬᠤᠰᠢᠭᠤᠨ ᠤ ᠷᠠᠳᠢᠤ᠋ ᠨᠡᠪᠳᠡᠷᠡᠭᠦᠯᠭᠡ ᠶᠢᠨ ᠦᠷᠳᠡᠭᠡᠨ ᠳᠤ ᠠᠵᠢᠯᠯᠠᠵᠦ | ᠪᠠᠶᠢᠬᠤ ᠦᠶ᠎ᠡ ᠠᠴᠠ ᠠᠪᠤᠭᠠᠳ ᠵᠢᠭᠮᠡᠳ ᠤᠨ ᠭᠡᠷᠭᠡᠢ᠂ ᠮᠠᠨ ᠤ ᠤᠯᠠᠭᠠᠨᠮᠦ᠋ᠴᠢᠷ ᠤᠨ ᠠᠬᠠᠮᠠᠳ ᠲᠤᠭᠯᠠᠭᠴᠢ | ᠪᠠᠶᠢᠭᠰᠠᠨ ᠵᠢᠨᠰᠢᠶᠤᠤ ᠲᠠᠢ ᠮᠦᠨᠴᠦ ᠰᠠᠶᠢᠬᠠᠨ ᠶᠠᠪᠤᠯᠴᠠᠳᠠᠭ ᠡᠭᠡᠴᠢ ᠲᠡᠭᠦᠤ ᠨᠠᠷ ᠪᠠᠶᠢᠭᠰᠠᠨ ᠤᠴᠢᠷ ᠠᠴᠠ ᠮᠠᠨ ᠢ | ᠨᠤᠳᠤᠭ ᠤᠨ ᠲᠡᠭᠦᠤᠨᠠᠷ ᠬᠦᠷᠤᠭᠡᠳ ᠢᠷᠡᠯ᠎ᠡ ᠭᠡᠳ ᠲᠤᠩ ᠬᠠᠯᠭᠤᠮᠰᠤᠭ ᠢᠶᠠᠷ ᠵᠤᠴᠢᠯᠠᠨ ᠲᠠᠶᠢᠯᠠᠭᠰᠠᠨ ᠶᠤᠮ᠃ | ᠪᠢᠳᠠ ᠬᠤᠶᠠᠷ ᠴᠦ ᠲᠡᠮᠡᠢ ᠡᠷᠢᠶᠡᠯᠡᠭᠰᠡᠨ ᠦᠬᠡᠢ᠂ ᠬᠦᠭᠰᠡᠨ ᠪᠠᠶᠠᠰᠴᠦ ᠬᠦᠭᠡᠷᠤᠯᠳᠤᠨ ᠨᠠᠶᠢᠷᠠᠯᠳᠤᠭᠠᠳ᠂ ᠨᠢᠮ᠎ᠠ | ᠪᠠᠭᠰᠢ ︽ᠪᠠᠭᠤᠳᠠᠯ︾ ᠡᠷᠢᠭᠰᠡᠨ ᠤ ᠬᠡᠷᠡᠭ ᠦᠬᠡᠢ ᠭᠡᠵᠦ ᠭᠡᠷ ᠲᠡᠭᠡᠨ ᠬᠤᠨᠤᠭ ᠲᠤᠬᠢᠷᠠᠭᠤᠯᠤᠭᠠᠳ᠂ ᠨᠢᠮ᠎ᠠ ᠪᠠᠭᠰᠢ | ᠪᠢᠳᠠ ᠪᠠᠷᠤᠭ ᠨᠢᠭᠡ ᠰᠦᠨᠢ ᠨᠠᠶᠢᠷᠠᠯᠳᠤᠨ ᠵᠤᠭᠤᠭᠳᠠᠭᠰᠠᠨ ᠶᠤᠮ᠃ | ᠲᠡᠭᠦᠨ ᠠᠴᠠ ᠬᠤᠶᠢᠰᠢ ᠪᠢᠳᠠ ᠨᠡᠩ ᠢᠯᠡᠭᠦᠤ ᠶᠠᠪᠤᠯᠴᠠᠬᠤ ᠪᠤᠯᠵᠦ᠂ ᠮᠢᠨᠤ ᠪᠠᠭ᠎ᠠ ᠰᠠᠭ᠎ᠠ ᠵᠤᠬᠢᠶᠠᠯ | ᠪᠦᠳᠤᠭᠡᠯ ᠢᠶᠠᠨ ᠴᠦ ︽ᠦᠨᠳᠤᠰᠤᠳᠡᠨ ᠤ ᠬᠡᠪᠯᠡᠯ ᠤᠨ ᠬᠤᠷᠢᠶ᠎ᠠ︾ ᠶᠢᠨ ︽ᠦᠨᠳᠤᠰᠤᠳᠡᠨ ᠤ ᠪᠦᠯᠬᠦᠮᠳᠡᠯ︾ | ᠰᠡᠳᠬᠦᠯ ᠳᠤ ᠭᠤᠪᠢᠭᠤᠯᠤᠨ ᠶᠠᠪᠤᠭᠤᠯᠵᠦ᠂ ᠵᠠᠷᠢᠮ ᠢ ᠨᠢ ᠲᠤᠰ ᠰᠡᠳᠬᠦᠯ ᠲᠡᠭᠡᠷ᠎ᠡ ᠨᠡᠶᠢᠳᠡᠯᠡᠵᠦ ᠪᠠᠶᠢᠭᠰᠠᠨ ᠶᠤᠮ᠃ | ᠵᠢᠱᠢᠶᠡᠯᠡᠪᠡᠯ᠂ 1990 ᠤᠨ ᠳᠤ ᠪᠡᠭᠡᠵᠢᠩ ᠳᠤ ᠪᠤᠯᠤᠭᠰᠠᠨ ᠠᠽᠢᠶ᠎ᠠ ᠲᠢᠪ ᠤᠨ ᠠᠷᠪᠠᠨ ᠨᠢᠭᠡᠳᠤᠭᠡᠷ ᠤᠳᠠᠭᠠᠨ ᠤ | ᠲᠠᠮᠢᠷ ᠤᠨ ᠴᠤᠭᠯᠠᠭᠠᠨ ᠲᠡᠭᠡᠷ᠎ᠡ᠂ ᠠᠷᠤ ᠬᠤᠷᠴᠢᠨ ᠨᠤᠳᠤᠭ ᠲᠠᠢ ᠠᠪᠤᠷᠭᠤ ᠪᠦᠬᠡ ᠬᠤᠷᠠᠭ᠎ᠠ ᠰᠤᠩᠭᠤᠳᠠᠭ ᠪᠦᠬᠡ | ᠳᠤ ᠲᠡᠷᠢᠭᠦᠯᠡᠵᠦ᠂ ᠠᠯᠳᠠᠨ ᠮᠧᠲᠯ ᠢᠶᠠᠷ ᠡᠩᠭᠡᠷ ᠢᠶᠠᠨ ᠮᠢᠯᠢᠶᠠᠯᠭᠠᠭᠰᠠᠨ ᠳᠤ ᠲᠤᠰ ᠰᠦᠨᠢ ᠨᠢ ᠤ᠂ ᠪᠤᠶ᠋ᠬᠠᠦ᠋ᠯᠵᠠᠢ | ᠭᠤᠸᠠᠢ ︽ᠲᠡᠷᠡ ᠤᠳᠤ ᠠᠯᠳᠠᠨ ᠮᠧᠳᠠᠯ︾ ᠭᠡᠬᠦ ᠲᠠᠭᠤᠨ ᠤ ᠦᠭᠡ ᠪᠢᠴᠢᠭᠰᠡᠨ ᠳᠤ ᠮᠡᠬᠦᠰ ᠪᠢ ᠠᠶᠠᠯᠭᠤ | ᠲᠠᠭᠠᠷᠠᠭᠤᠯᠵᠦ᠂ ᠲᠡᠮᠡᠢ ᠤᠳᠠᠯ ᠦᠬᠡᠢ ︽ᠦᠨᠳᠤᠰᠤᠳᠡᠨ ᠤ ᠪᠦᠯᠬᠦᠮᠳᠡᠯ︾᠂ ︽ᠦᠪᠤᠷ ᠮᠤᠩᠭᠤᠯ ᠤᠨ | ᠵᠠᠯᠠᠭᠤᠴᠤᠳ︾ ᠵᠡᠷᠭᠡ ᠰᠡᠳᠬᠦᠯ ᠤᠳ ᠢᠶᠠᠷ ᠨᠡᠶᠢᠳᠡᠯᠡᠵᠦ᠂ ᠪᠦᠬᠦ ᠦᠪᠤᠷ ᠮᠤᠩᠭᠤᠯ ᠤᠷᠤᠨ ᠢᠶᠠᠷ ᠦᠷᠭᠡᠨ ᠢᠶᠠᠷ | ᠲᠠᠷᠬᠠᠨ ᠲᠠᠭᠤᠯᠠᠭᠰᠠᠨ ᠶᠤᠮ᠃ | 1991 ᠤᠨ ᠤ ᠵᠤᠨ ᠪᠠᠶᠢᠭᠰᠠᠨ ᠪᠢᠯᠠ᠃ ᠪᠢ ᠠᠷᠤ ᠬᠤᠷᠴᠢᠨ ᠬᠤᠰᠢᠭᠤᠨ ᠤ ᠨᠠᠮ ᠤᠨ ᠬᠤᠷᠢᠶᠠᠨ ᠤ | ᠤᠬᠠᠭᠤᠯᠬᠤ ᠬᠡᠯᠳᠡᠰ ᠲᠤ ᠠᠵᠢᠯ ᠰᠢᠯᠵᠢᠭᠡᠳ ᠪᠠᠶᠢᠭᠰᠠᠨ ᠦᠶ᠎ᠡ ᠳᠤ ᠨᠢᠮ᠎ᠠ ᠪᠠᠭᠰᠢ ᠪᠡᠭᠡᠵᠢᠩ ᠠᠴᠠ ᠠᠷᠤ | ᠬᠤᠷᠴᠢᠨ ᠳᠤ ᠢᠷᠡᠵᠦ᠂ ᠭᠧᠮᠫᠢ ᠶᠢᠨ ᠰᠦᠮ᠎ᠡ ᠶᠢᠨ ᠲᠠᠪᠤᠳᠤᠭᠠᠷ ᠲᠦᠷᠢ ᠶᠢᠨ ᠶᠤᠩᠽᠦᠩ ᠭᠡᠭᠡᠨ | ᠠᠭᠸᠠᠩᠭᠧᠯᠢᠭ᠌ᠵᠢᠮᠢᠶᠠᠨᠵᠠᠮᠰᠤ ᠶᠢ ᠰᠤᠷᠪᠤᠯᠵᠢᠯᠠᠬᠤ ᠭᠡᠰᠡᠨ ᠳᠤ ᠮᠠᠨ ᠤ ᠪᠠᠶᠢᠭᠤᠯᠤᠯᠭ᠎ᠠ ᠶᠢᠨ ︿ᠪᠡᠭᠡᠵᠢᠩ 212﹀ | ᠨᠡᠷᠡᠮᠵᠢᠳᠤ ᠪᠠᠭ᠎ᠠ ᠮᠠᠰᠢᠨ ᠢᠶᠠᠨ ᠭᠠᠷᠭᠠᠵᠦ᠂ ᠠᠷᠤ ᠬᠤᠷᠴᠢᠨ ᠰᠤᠨᠢᠨ ᠤ ᠬᠤᠷᠢᠶᠠᠨ ᠤ ᠲᠡᠳ᠋ ᠶᠡᠷᠤᠩᠬᠡᠢ | ᠨᠠᠶᠢᠷᠠᠭᠤᠯᠤᠭᠴᠢ ᠪᠠᠶᠢᠭᠰᠠᠨ ᠤ · ᠪᠤᠶ᠋ᠬᠠᠦ᠋ᠯᠵᠠᠢ ᠠᠪᠤᠭᠠᠢ ᠲᠠᠢ ᠬᠠᠮᠳᠤ ᠪᠢᠳᠡ ᠬᠡᠳᠤᠭᠦᠯᠡ ᠭᠧᠮᠫᠢ ᠶᠢᠨ ᠰᠦᠮ᠎ᠡ ᠳᠤ | ᠬᠦᠷᠦᠭᠰᠡᠨ ᠶᠤᠮ᠃ ᠭᠡᠳᠡᠯ᠎ᠡ ᠶᠤᠩᠽᠦᠩ ᠭᠡᠭᠡᠨ ᠲᠡᠷᠡ ᠤᠳᠠᠭ᠎ᠠ ᠰᠦᠮ᠎ᠡ ᠲᠡᠭᠡᠷ᠎ᠡ ᠪᠠᠨ ᠪᠠᠶᠢᠭᠰᠠᠨ ᠦᠬᠡᠢ ᠲᠤᠯᠠ | ᠪᠢᠳᠠ ᠶᠤᠩᠽᠦᠩ ᠭᠡᠭᠡᠨ ᠤ ᠤᠷᠳᠤᠨ ᠢ ᠬᠠᠷᠠᠵᠦ ᠬᠠᠮᠠᠭᠠᠯᠠᠵᠦ ᠪᠠᠶᠢᠭᠰᠠᠨ ᠢᠩᠳᠤ ᠶᠢᠨ ᠱᠠᠪᠷᠤᠩ ︵ᠬᠤᠪᠢᠯᠭᠠᠨ | ᠯᠠᠮᠠ︶ ᠲᠤᠪᠳᠤᠨᠰᠡᠩᠭᠡ ᠮᠠᠮᠠ ᠲᠠᠢ ᠠᠭᠤᠯᠵᠠᠵᠦ ᠵᠢᠭᠠᠬᠠᠨ ᠶᠠᠷᠢᠯᠴᠠᠵᠦ᠂ ᠭᠡᠭᠡᠨ ᠤ ᠤᠷᠳᠤᠨ ᠳᠤ ᠰᠡᠭᠦᠳᠡᠷ | ᠲᠠᠳᠠᠭᠤᠯᠵᠦ ᠲᠤᠷᠠᠰᠬᠠᠯ ᠦᠯᠡᠳᠡᠭᠡᠪᠡ᠃ | ᠪᠢᠳᠠ ᠬᠡᠳᠤᠭᠦᠯᠡ᠂ ᠭᠧᠮᠫᠢ ᠶᠢᠨ ᠰᠦᠮ᠎ᠡ ᠠᠴᠠ ᠭᠠᠷᠴᠦ ᠵᠡᠭᠦᠨ ᠡᠮᠤᠨᠡᠰᠢᠯᠡᠵᠦ᠂ ᠨᠢᠮ᠎ᠡ ᠪᠠᠭᠰᠢ ᠶᠢᠨ | ᠨᠤᠳᠤᠭ ᠪᠤᠯᠬᠤ ᠤᠳᠤ ᠶᠢᠨ ᠵᠠᠷᠤᠳ ᠬᠤᠰᠢᠭᠤᠨ ᠤ ᠪᠠᠶᠠᠨᠳᠠᠯ᠎ᠠ ᠰᠤᠮᠤ ᠶᠢ ᠴᠢᠭᠯᠡᠪᠡ᠃ ᠴᠠᠭ ᠢᠯᠡᠭᠦᠤ ᠶᠠᠪᠤᠭᠠᠳ | ᠦᠳᠡ ᠪᠤᠯᠬᠤ ᠲᠦᠯᠦᠪ ᠢᠶᠠᠷ᠂ ᠨᠢᠮ᠎ᠠ ᠪᠠᠭᠰᠢ ᠶᠢᠨ ᠭᠡᠷ ᠲᠤᠨᠢ ᠬᠦᠷᠪᠡ᠃ ᠮᠠᠨ ᠢ ᠬᠦᠷᠬᠦ ᠳᠤ ᠨᠢᠮ᠎ᠠ ᠪᠠᠭᠰᠢ ᠶᠢᠨ | ᠤᠶᠢᠷ᠎ᠠ ᠲᠦᠷᠤᠯ᠂ ᠤᠷᠤᠭ ᠰᠠᠳᠤᠨ᠂ ᠠᠶᠢᠯ ᠰᠠᠬᠠᠭᠠᠯᠳᠠ ᠶᠢᠨ ᠬᠢᠨᠢ ᠪᠦᠷ ᠴᠤᠭᠯᠠᠷᠠᠭᠠᠳ ᠪᠠᠶᠢᠯ᠎ᠠ᠃ ᠨᠢᠮ᠎ᠠ | ᠪᠠᠭᠰᠢ ᠪᠢᠳᠠ ᠬᠡᠳᠤᠭᠦᠯᠡ᠂ ᠲᠡᠳᠡᠨᠠᠷ ᠲᠠᠢ ᠮᠡᠨᠳᠤᠴᠢᠯᠡᠨ ᠲᠠᠨᠢᠯᠴᠠᠵᠦ᠂ ᠲᠡᠳᠡᠨᠠᠷ ᠲᠡᠮᠡᠢ ᠤᠳᠠᠯ ᠦᠬᠡᠢ ᠴᠠᠢ ᠶᠢᠨ | ᠰᠢᠷᠡᠭᠡ ᠵᠠᠰᠠᠵᠦ᠂ ᠵᠠᠯᠭᠠᠭᠠᠳ ᠪᠤᠳᠠᠭᠠᠨ ᠰᠢᠷᠡᠭᠡ ᠵᠠᠰᠠᠭᠠᠳ᠂ ᠮᠤᠩᠭᠤᠯ ᠤᠨ ᠵᠠᠩᠰᠢᠯ ᠢᠶᠠᠷ ᠪᠦᠬᠦᠯᠢ ᠰᠢᠭᠦᠰᠤ | ᠭᠠᠷᠭᠠᠵᠦ᠂ ᠪᠠᠰᠠ ᠭᠠᠭ᠋ᠠᠢ ᠶᠢᠨ ᠮᠢᠬ᠎ᠠ ᠵᠡᠷᠭᠡ ᠤᠯᠠᠭᠠᠨ ᠢᠳᠡᠭᠡᠨ ᠦᠷᠤᠵᠦ᠂ ᠮᠠᠰᠢ ᠠᠷᠪᠢᠨ ᠬᠠᠭᠤᠷᠤᠯᠭ᠎ᠠ | ᠬᠠᠭᠠᠷᠢᠯᠭ᠎ᠠ ᠤᠷᠤᠭᠤᠯᠪᠠ᠃ ᠪᠢᠳᠠ ᠬᠡᠳᠤᠭᠦᠯᠡ ᠨᠢᠮ᠎ᠠ ᠪᠠᠭᠰᠢ ᠶᠢᠨ ᠭᠡᠷ ᠪᠦᠯᠢ ᠬᠢᠨ ᠤ ᠬᠠᠯᠠᠭᠤᠨ ᠤᠭᠳᠤᠯᠭ᠎ᠠ | ᠲᠠᠶᠢᠯᠠᠯᠭ᠎ᠠ ᠳᠤ ᠰᠠᠭᠠᠳᠠᠵᠤ᠂ ᠨᠤᠳᠤᠭ ᠤᠨ ᠵᠤᠭᠤᠭ ᠲᠡᠯᠭᠡᠵᠦ᠂ ᠠᠷᠠᠳ ᠤᠨ ᠲᠠᠭᠤᠤ ᠲᠠᠭᠤᠯᠠᠯᠴᠠᠵᠦ ᠨᠠᠶᠢᠷᠠᠯᠳᠤᠨ | ᠬᠦᠭᠵᠢᠯᠳᠤᠪᠡ᠃ | ᠨᠢᠮ᠎ᠠ ᠪᠠᠭᠰᠢ ᠪᠢᠳᠠ ᠬᠤᠶᠠᠭᠤᠯᠠ ᠤᠤᠯ ᠠᠴᠠ ᠪᠠᠨ ᠶᠡᠭᠡ ᠬᠤᠪᠢ ᠢᠷᠤᠭᠡᠯ ᠲᠠᠢ ᠬᠦᠮᠤᠰ ᠪᠠᠶᠢᠭᠰᠠᠨ ᠠᠵᠢ | ᠃ 1891 ᠤᠨ ᠳᠤ ᠮᠠᠨ ᠤ ᠡᠯᠦᠨᠴᠡ ᠡᠪᠦᠭᠡ ᠶᠢᠨ ᠦᠶ᠎ᠡ ᠳᠤ᠂ ᠠᠤᠬᠠᠨ ᠤ ︽ᠤᠯᠠᠭᠠᠨ ᠮᠠᠯᠠᠭᠠᠶᠢᠳᠠᠨ ᠤ | ᠤᠷᠪᠠᠯᠭᠠᠨ︾ ᠭᠠᠷᠤᠭᠰᠠᠨ ᠠᠴᠠ ᠮᠠᠨ ᠤ ᠬᠢᠨ ᠤᠷᠪᠠᠯᠭᠠᠨ ᠲᠤᠶᠢᠪᠡᠭᠡᠨ ᠠᠴᠠ ᠵᠠᠶᠢᠯᠠᠨ ᠠᠮᠢ ᠵᠠᠭᠤᠳᠠᠨ | ᠭᠤᠶᠢᠷᠠᠨᠴᠢᠯᠠᠨ ᠲᠤᠳᠠᠭᠠᠵᠦ ᠲᠡᠨᠤᠴᠢᠯᠡᠨ ᠶᠠᠪᠤᠭᠰᠠᠭᠠᠷ ᠪᠠᠶᠢᠭᠠᠳ᠂ ᠲᠤᠬᠠᠢ ᠶᠢᠨ ᠦᠶ᠎ᠡ ᠶᠢᠨ ᠲᠠᠷᠪᠠ ᠯᠠᠮᠠ ᠶᠢᠨ | ᠲᠠᠷᠢᠶᠠᠨ ᠭᠠᠵᠠᠷ ᠬᠢᠵᠦ ᠪᠠᠶᠢᠭᠰᠠᠨ ᠪᠠ ᠠᠷᠠᠯᠵᠢᠶ᠎ᠠ ᠬᠤᠳᠠᠯᠳᠤᠭ᠎ᠠ ᠬᠢᠵᠦ ᠪᠠᠶᠢᠭᠰᠠᠨ ᠠᠷᠤ ᠬᠤᠷᠴᠢᠨ ᠬᠤᠰᠢᠭᠤᠨ ᠤ | ᠱᠤᠸᠠᠩ ᠾᠧ ᠰᠢᠩ ᠭᠡᠬᠦ ᠭᠠᠵᠠᠷ ᠲᠤ ᠬᠦᠷᠴᠦ᠂ ᠲᠠᠬᠢᠨ ᠲᠠᠷᠬᠠᠨ ᠬᠤᠰᠢᠭᠤ ᠶᠢ ᠲᠠᠮᠵᠢᠨ ᠦᠷᠭᠦᠯᠵᠢᠯᠡᠨ | ᠤᠮᠠᠷᠠᠰᠢᠯᠠᠵᠦ᠂ ᠲᠤᠬᠠᠢ ᠶᠢᠨ ᠦᠶ᠎ᠡ ᠶᠢᠨ ᠠᠷᠤ ᠬᠤᠷᠴᠢᠨ ᠬᠤᠰᠢᠭᠤᠨ ᠤ ᠪᠠᠶᠠᠨᠳᠠᠯ᠎ᠠ ᠨᠤᠳᠤᠭ ︵ᠤᠳᠤ ᠵᠠᠷᠤᠳ | ᠬᠤᠰᠢᠭᠤᠨ ᠳᠤ ᠬᠠᠷᠢᠶᠠᠯᠠᠭᠳᠠᠪᠠ︶ ᠲᠤ ᠬᠦᠷᠴᠦ ᠮᠠᠯ ᠲᠠᠷᠢᠶ᠎ᠠ ᠡᠷᠬᠢᠯᠡᠵᠦ ᠬᠦᠴᠦᠨ ᠤ ᠠᠵᠢᠯ ᠬᠢᠭᠰᠡᠨ ᠭᠡᠳᠡᠭ᠃ | ᠮᠢᠨᠤ ᠠᠪᠤ ᠪᠠᠶᠠᠨᠳᠠᠯ᠎ᠠ᠂ ᠤᠳᠤ ᠶᠢᠨ ᠵᠠᠷᠤᠳ ᠪᠠᠶᠠᠨᠳᠠᠯ᠎ᠠ ᠨᠤᠳᠤᠭ ᠲᠤ ᠲᠦᠷᠦᠭᠰᠡᠨ ᠤᠴᠢᠷ ᠠᠴᠠ ︽ᠪᠠᠶᠠᠨᠳᠠᠯ᠎ᠠ︾ | ᠭᠡᠰᠡᠨ ᠨᠡᠷ᠎ᠡ ᠦᠭᠭᠦᠭᠰᠡᠨ ᠭᠡᠨ᠎ᠡ᠃ ᠨᠢᠮ᠎ᠠ ᠪᠠᠭᠰᠢ ᠶᠢᠨ ᠬᠠᠭᠤᠴᠢᠨ ᠨᠤᠳᠤᠭ ᠨᠢ ᠮᠤᠩᠭᠤᠯᠵᠢᠨ ᠬᠤᠰᠢᠭᠤ᠂ | ᠬᠤᠵᠢᠮ ᠨᠢ ᠺᠠᠶᠢᠯᠦ᠂ ᠲᠠᠷᠬᠠᠨ ᠬᠤᠰᠢᠭᠤ ᠪᠠᠷ ᠲᠠᠮᠵᠢᠵᠦ᠂ ᠲᠡᠭᠡᠷ᠎ᠡ ᠵᠠᠭᠤᠨ ᠤ ᠭᠤᠴᠢᠭᠠᠳ ᠤᠨ ᠳᠤ ᠵᠠᠷᠤᠳ | ᠪᠠᠶᠠᠨᠳᠠᠯ᠎ᠠ ᠳᠤ ᠬᠦᠷᠴᠦ ᠠᠮᠢᠳᠤᠷᠠᠭᠰᠠᠨ ᠭᠡᠨ᠎ᠠ᠃ ᠮᠠᠨ ᠤ ᠬᠢᠨ ᠨᠢ ᠲᠤᠬᠠᠢ ᠶᠢᠨ ᠦᠶ᠎ᠡ ᠳᠤ ᠠᠷᠤ ᠬᠤᠷᠴᠢᠨ ᠤ | ᠨᠤᠳᠤᠭ ᠪᠠᠶᠢᠭᠰᠠᠨ ︽ᠪᠠᠶᠠᠨᠳᠠᠯ᠎ᠠ︾ ᠳᠤ ᠠᠮᠢᠳᠤᠷᠠᠵᠦ ᠦᠩᠭᠡᠷᠡᠭᠰᠡᠨ ᠪᠦᠭᠡᠳ ᠬᠤᠵᠢᠮ ᠨᠢ ᠨᠢᠮ᠎ᠡ ᠪᠠᠭᠰᠢ ᠶᠢᠨ | ᠬᠢᠨ ᠨᠢ ᠴᠦ ︽ᠪᠠᠶᠠᠨᠳᠠᠯ᠎ᠠ ᠨᠤᠳᠤᠭ︾ ᠲᠤ ᠬᠦᠷᠴᠦ ᠠᠮᠢᠳᠤᠷᠠᠭᠰᠠᠨ ᠨᠢ ᠦᠨᠡᠨᠳᠠᠢ᠃ | ᠲᠡᠭᠡᠭᠡᠳ ᠯᠡ ᠪᠢᠳᠠ ᠬᠡᠳᠤᠭᠦᠯᠡ ᠶᠡᠬᠡᠯ᠎ᠡ ᠪᠠᠶᠠᠷᠯᠠᠯᠳᠤᠨ ᠬᠦᠭᠡᠷᠤᠯᠳᠤᠵᠦ᠂ ᠨᠢᠮ᠎ᠠ ᠪᠠᠭᠰᠢ ᠶᠢᠨ ᠭᠡᠷ ᠤᠨ | ᠬᠦᠮᠤᠰ ᠤᠨ ᠬᠦᠨᠳᠤᠳᠤ ᠲᠠᠶᠢᠯᠠᠯᠭ᠎ᠠ ᠬᠠᠯᠠᠭᠤᠨ ᠵᠤᠴᠢᠯᠭ᠎ᠠ ᠳᠤ ᠤᠷᠤᠯᠴᠠᠵᠦ᠂ ᠠᠵᠢᠯ ᠤᠶᠢᠯᠡᠰ ᠠᠮᠢᠳᠤᠷᠠᠯ | ᠤᠨᠳᠤᠷᠤᠯ ᠤᠨ ᠲᠤᠬᠠᠢ᠂ ᠨᠡᠶᠢᠭᠡᠮ ᠤᠨ ᠬᠦᠭᠵᠢᠯᠳᠡ ᠲᠠᠪᠰᠢᠯᠳᠠ ᠶᠢᠨ ᠲᠤᠬᠠᠢ᠂ ᠲᠡᠤᠬᠡ ᠰᠤᠶᠤᠯ ᠤᠨ ᠲᠤᠬᠠᠢ | ᠶᠠᠷᠢᠯᠴᠠᠭᠠᠵᠦ᠂ ᠠᠷᠠᠳ ᠤᠨ ᠲᠠᠭᠤᠤ ᠲᠠᠭᠤᠯᠠᠯᠴᠠᠵᠦ᠂ ᠢᠷᠠᠭᠤ ᠨᠠᠶᠢᠷᠠᠭ ᠰᠢᠯᠦᠭ ᠲᠠᠭᠤᠯᠠᠯ ᠡᠷᠭᠦᠯᠴᠡᠵᠦ᠂ ᠨᠢᠭᠡᠨ | ᠤᠳᠠᠭᠠᠨ ᠤ ᠨᠤᠳᠤᠭ ᠤᠨ ᠠᠶᠠᠯᠠᠯ ᠵᠤᠭᠠᠴᠠᠯ ᠬᠢᠭᠰᠡᠨ ᠶᠤᠮ᠃ ᠡᠨᠡ ᠨᠢ ᠤᠳᠤ ᠡᠷᠭᠢᠴᠡᠭᠦᠯᠬᠦᠶ᠎ᠡ ᠨᠢᠭᠡᠨᠳᠡ ᠬᠤᠷᠢᠨ | ᠲᠠᠪᠤ ᠵᠢᠷᠭᠤᠭᠠᠨ ᠵᠢᠯ ᠤᠨ ᠡᠮᠤᠨᠡᠬᠢ ᠲᠡᠤᠬᠡᠨ ᠤᠴᠢᠷ ᠪᠤᠯᠴᠢᠬᠠᠵᠠᠢ᠃ | ᠪ᠊ · ᠲᠡᠮᠦᠷᠭᠤᠣᠯᠲᠣ | | | |