ᠰᠡᠳᠬᠢᠯ ᠤᠨ ᠵᠦᠩ ᠢᠶᠠᠷ ᠠᠮᠢᠯᠠᠭᠰᠠᠨ ᠤᠶᠠᠩᠭ᠎ᠠ ᠶᠢᠨ ᠭᠤᠷᠪᠠᠨ ᠨᠤᠮ ᠪᠠ ᠤᠬᠠᠭᠠᠨ ᠲᠠᠮᠢᠷ ᠢᠶᠠᠷ ᠦᠷᠬᠦᠯᠵᠢᠯᠠᠬᠦ ᠤᠳᠬ᠎ᠠ ᠶᠢᠨ ᠡᠷᠢᠭᠡ ᠶᠢᠨ ᠲᠤᠭᠠᠯᠠᠨ
ᠨᠡᠶᠢᠲᠡᠯᠡᠭᠰᠡᠨ ᠴᠠᠭ᠄
2017/11/27
ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢᠨ ᠪᠠᠶᠠᠷ ᠢ ᠪᠡᠯᠭᠡᠯᠡᠬᠦ︽ᠡᠷᠢᠨ ᠵᠠᠭᠤᠨ ᠤ ᠬᠤᠰᠢᠭᠤᠴᠢ︾ ᠰᠡᠳᠦᠪᠲᠦ ᠵᠤᠬᠢᠶᠠᠯ ᠤᠨ ᠱᠠᠩᠨᠠᠯᠲᠣ ᠣᠷᠣᠯᠳᠣᠭᠠᠨ ᠤ ᠵᠤᠬᠢᠶᠠᠯ                                                      ᠮᠤᠩᠭᠤᠯ ᠤᠯᠤᠰ ᠤᠨ ᠶᠡᠭᠡ ᠵᠤᠬᠢᠶᠠᠯᠴᠢ ᠴ᠊ · ᠯᠤᠳᠤᠶᠢᠳᠠᠮᠪᠠ ᠶᠢᠨ ︽ᠲᠤᠩᠭᠠᠯᠠᠭ ᠲᠠᠮᠢᠷ︾ ᠭᠡᠮᠡᠬᠦ ᠠᠪᠤᠷᠭᠤ ᠪᠦᠳᠦᠭᠡᠯ ᠳᠤ ︽ᠡᠷ᠎ᠡ ᠬᠦᠮᠦᠨ ᠡᠷ᠎ᠡ ᠬᠦᠮᠦᠨ ᠳᠤ ᠪᠠᠨ ᠬᠠᠶᠢᠷᠠᠳᠠᠢ︾ ᠭᠡᠰᠡᠨ ᠦᠭᠡ ᠪᠠᠶᠢᠳᠠᠭ ᠰᠠᠨ᠃ ᠲᠡᠭᠡᠬᠦ ᠳᠤ ᠤᠳᠤ ᠪᠢ ᠬᠠᠷᠢᠨ ︽ᠪᠦᠰᠡᠬᠦᠢ ᠬᠦᠮᠦᠨ ᠴᠦ ᠪᠦᠰᠡᠬᠦᠢ ᠬᠦᠮᠦᠨ ᠳᠤ ᠪᠠᠨ ᠬᠠᠶᠢᠷᠠᠳᠠᠢ︾ ᠭᠡᠮᠡᠬᠦ ᠶᠡᠷᠦ ᠪᠤᠰᠤ ᠶᠢᠨ ᠰᠡᠳᠬᠢᠯᠭᠡ ᠪᠠᠷ ᠤᠬᠠᠭᠠᠨ ᠲᠠᠮᠢᠷ᠂ ᠦᠢᠯᠡᠰ ᠪᠦᠳᠦᠭᠡᠯ ᠢᠶᠠᠷ ᠢᠶᠠᠨ ᠮᠢᠨᠦ ᠰᠡᠳᠬᠢᠯ ᠤᠨ ᠦᠨᠳᠦᠷᠯᠢᠭ  ᠲᠤ ᠨᠠᠷᠠ ᠪᠤᠯᠤᠨ ᠲᠤᠶᠠᠭᠠᠷᠠᠭᠰᠠᠨ ᠪᠦᠰᠡᠬᠦᠢ ᠢᠷᠠᠭᠤ ᠨᠠᠶᠢᠷᠠᠭᠴᠢ ᠮ᠊ · ᠠᠯᠤᠰ ᠢ ᠰᠤᠷᠪᠤᠯᠵᠢᠯᠠᠵᠤ ᠪᠢᠴᠢᠭᠰᠡᠨ ᠤᠤᠯ ᠨᠠᠶᠢᠷᠠᠭᠤᠯᠤᠯ ᠢᠶᠠᠨ ᠰᠡᠷᠬᠦᠭᠡᠨ  ᠠᠮᠢᠯᠠᠭᠤᠯᠵᠤ᠂ ︽ᠰᠢᠷᠡᠭᠡᠨ ᠲᠦᠷᠪᠡᠨ ᠬᠦᠯ︾ ᠰᠢᠭ ᠲᠦᠷᠪᠡᠨ ᠭᠠᠷᠴᠠᠭ ᠲᠤ ᠠᠩᠬᠢᠯᠠᠵᠤ᠂ ᠡᠷᠬᠢᠮ ᠤᠩᠰᠢᠭᠴᠢᠳ ᠤᠨ ᠢᠶᠠᠨ ᠭᠡᠭᠡᠨ ᠮᠠᠯᠮᠠᠢ ᠳᠤ ᠲᠤᠯᠢᠯᠠᠭᠤᠯᠵᠤ ᠪᠠᠶᠢᠨ᠎ᠠ᠃                   ︽ᠠᠮᠢᠳᠦᠷᠡᠯ ᠪᠦᠰᠡᠬᠦᠢ ᠬᠦᠮᠦᠨ ᠤ ᠬᠢ︾ ᠪᠠ ᠠᠮᠢᠳᠤᠷᠠᠯ ᠪᠦᠰᠡᠬᠦᠢ ᠬᠦᠮᠦᠨ ᠠᠴᠠ
        ᠪᠦᠰᠡᠭᠦᠢ ᠢᠷᠠᠭᠤ ᠨᠠᠶᠢᠷᠠᠭᠴᠢ ᠮ᠊ · ᠠᠯᠣᠰ      ᠪᠦᠰᠡᠬᠦᠢ ᠬᠦᠮᠦᠨ ᠦᠪᠡᠷ ᠤᠨ ᠪᠤᠳᠤᠯ ᠲᠠᠢ      ᠪᠦᠰᠡᠬᠦᠢ ᠬᠦᠮᠦᠨ ᠦᠪᠡᠷ ᠤᠨ ᠲᠠᠭᠤᠤ ᠲᠠᠢ      ᠪᠦᠰᠡᠬᠦᠢ ᠬᠦᠮᠦᠨ ᠦᠪᠡᠷ ᠤᠨ ᠨᠠᠷᠠ ᠲᠠᠢ      ᠪᠦᠰᠡᠬᠦᠢ ᠬᠦᠮᠦᠨ ᠦᠪᠡᠷ ᠤᠨ ᠲᠡᠯᠡᠭᠡᠢ ᠲᠠᠢ      ᠡᠨᠡ ᠪᠤᠯ ᠪᠦᠰᠡᠭᠦᠢ ᠢᠷᠡᠭᠤ ᠨᠠᠶᠢᠷᠠᠭᠴᠢ ᠮ᠊ · ᠠᠯᠤᠰ ᠤᠨ ︽ᠠᠮᠢᠳᠦᠷᠠᠯ ᠪᠦᠰᠡᠬᠦᠢ ᠬᠦᠮᠦᠨ ᠤ ᠬᠢ︾ ᠭᠡᠳᠡᠭ ᠰᠢᠯᠦᠭ ᠤᠨ ᠲᠡᠬᠦᠪᠦᠷᠢ ᠳᠡᠭᠡᠨ ᠪᠢᠴᠢᠭᠰᠡᠨ ᠦᠪᠡᠷ ᠤᠨ ᠬᠢᠨᠢ ᠡᠷᠬᠢᠮᠰᠦᠭ ᠲᠤᠩᠬᠠᠭ ᠪᠤᠯᠬᠤ ᠶᠤᠮ᠃ ᠢᠳᠡ ᠴᠡᠴᠡᠭᠯᠡᠭᠰᠡᠨ ᠬᠤᠷᠢᠨ ᠨᠠᠰᠤᠨ ᠳᠠᠭᠠᠨ ᠠᠩᠬᠠᠨ ᠤ ᠰᠢᠯᠦᠭ ᠢᠶᠠᠨ ︽ᠴᠡᠯᠡᠭᠡᠷ ᠲᠠᠯ᠎ᠠ︾ ᠰᠡᠳᠬᠦᠯ ᠳᠤ ᠨᠡᠶᠢᠳᠡᠯᠡᠬᠦᠯᠦᠭᠰᠡᠨ ᠠᠴᠠ ᠨᠠᠭᠠᠰᠢ ᠪᠦᠰᠡᠭᠦᠢ ᠬᠦᠮᠦᠨ ᠤ ᠨᠠᠷᠢᠨ ᠮᠡᠳᠡᠷᠡᠮᠵᠢ ᠣᠷᠠᠨ ᠤᠬᠠᠭᠠᠨ ᠢᠶᠠᠷ ᠤᠯᠠᠨ ᠰᠠᠶᠢᠬᠠᠨ ᠰᠢᠯᠦᠭ ᠤᠨ ᠮᠦᠷ ᠪᠠᠳᠠᠭ ᠢ ᠤᠩᠰᠢᠭᠴᠢ ᠲᠦᠮᠡᠨ ᠳᠡᠭᠡᠨ ᠬᠦᠷᠬᠡᠵᠤ ᠢᠷᠡᠭᠰᠡᠨ ᠮ᠊ · ᠠᠯᠤᠰ ︵ᠰᠨᠩᠳᠡᠩᠬᠤᠸᠠᠷ︶ 1970 ᠤᠨ ᠳᠤ ᠤᠤᠯ ᠤᠨ ᠵᠤᠤ ᠤᠳᠠ ᠠᠶᠢᠮᠠᠭ ᠤᠨ ᠠᠷᠤ ᠬᠤᠷᠴᠢᠨ ᠬᠤᠰᠢᠭᠤᠨ ᠤ ᠪᠠᠶᠠᠨᠪᠤᠯᠠᠭ ᠰᠤᠮᠤ ᠶᠢᠨ ᠪᠤᠷᠭᠠᠰᠤ ᠭᠠᠴᠠᠭᠠᠨ ᠤ ᠮᠠᠯᠴᠢᠨ ᠮᠤᠨᠵᠠᠢ᠂ ᠴᠠᠭᠰᠠᠯᠮ᠎ᠠ ᠶᠢᠨ ᠡᠷᠪᠡᠢ ᠠᠷᠪᠠᠨ ᠦᠷ᠎ᠡ ᠶᠢᠨ ᠬᠢᠨᠢ ᠤᠳᠬᠤᠨ ᠦᠬᠢᠨ  ᠨᠢ ᠪᠤᠯᠵᠤ ᠵᠠᠶᠠᠭᠠᠭᠰᠠᠨ ᠪᠢᠯᠡ᠃ ᠲᠡᠷᠡ1990 ᠤᠨ ᠳᠤ ᠵᠤᠤ ᠤᠳᠠ ᠠᠶᠢᠮᠠᠭ ᠤᠨ ᠮᠤᠩᠭᠤᠯ ᠲᠤᠮᠳᠠᠳᠤ ᠰᠤᠷᠭᠠᠭᠤᠯᠢ ᠠᠴᠠ ᠦᠨᠳᠦᠷ ᠲᠤᠮᠳᠠᠳᠤ ᠪᠠᠨ ᠲᠡᠭᠦᠰᠭᠡᠵᠤ᠂ 1992 ᠤᠨ ᠳᠤ ᠬᠤᠨᠳᠤ ᠪᠠᠯᠭᠠᠰᠤᠨ ᠤ ᠲᠤᠰᠤ ᠨᠡᠮᠡᠬᠦ ᠦᠷᠳᠡᠭᠡᠨ ᠳᠤ ᠠᠵᠢᠯᠯᠠᠵᠤ ᠪᠠᠶᠢᠭᠰᠠᠨ ᠢᠶᠠᠨ ᠬᠤᠨᠳᠣ ᠪᠠᠯᠭᠠᠰᠣᠨ ᠤ ᠪᠠᠶᠠᠨᠬᠤᠯᠪᠤᠭ᠎ᠠ ᠭᠠᠴᠠᠭ᠎ᠠ ᠪᠠᠷ ᠨᠤᠲᠤᠭ  ᠲᠠᠢ ᠪᠦᠬᠡᠴᠢᠨ ᠵᠠᠯᠠᠭᠤ ᠴᠢᠯᠠᠭᠤᠨᠪᠠᠭᠠᠲᠤᠷ ᠲᠠᠢ ᠲᠠᠨᠢᠯᠴᠠᠨ ᠦᠶᠡᠷᠭᠡᠵᠦ᠂ 1996 ᠣᠨ ᠳᠤ ᠬᠠᠯᠠᠭᠤᠨ ᠠᠮᠢᠳᠣᠷᠠᠯ  ᠢᠶᠠᠨ ᠪᠤᠰᠬᠠᠨ ᠪᠦᠯᠢᠶᠡᠨ ᠪᠦᠯᠢ ᠪᠠᠨ ᠪᠠᠶᠢᠭᠤᠯᠤᠭᠰᠠᠨ ᠰᠠᠨ᠃ ᠭᠡᠬᠦ ᠳᠤ ᠮ᠊ · ᠠᠯᠤᠰ ᠮᠠᠨᠢ ︽ᠦᠪᠡᠷ ᠤᠨ ᠢᠶᠠᠨ ᠪᠤᠳᠤᠯ᠂ ᠲᠠᠭᠤᠤ᠂ ᠨᠠᠷᠠ ᠲᠠᠢ ᠲᠡᠯᠡᠭᠡᠢ︾ ᠪᠠᠨ ᠮᠠᠷᠳᠠᠭ᠎ᠠ ᠦᠭᠡᠢ᠂ ᠮᠠᠷᠳᠠᠬᠤ ᠶᠢᠨ ᠴᠦ ᠠᠷᠭ᠎ᠠ ᠦᠭᠡᠢ ᠲᠤᠷ᠎ᠠ ᠰᠤᠨᠢᠷᠬᠠᠯ᠂ ᠬᠦᠰᠡᠯ ᠮᠦᠷᠦᠭᠡᠳᠦᠯ ᠨᠢ ᠲᠡᠭᠦᠨ ᠢ ᠲᠠᠭᠤᠳᠠᠭᠰᠠᠭᠠᠷ ᠪᠠᠶᠢᠯ᠎ᠠ᠃ ᠡᠳᠦᠷ ᠤᠨ ᠶᠠᠪᠤᠳᠠᠯ ᠳᠠᠭᠠᠨ ᠮᠤᠩᠭᠠᠨᠢᠵᠤ᠂ ᠲᠤᠰᠤ ᠨᠡᠮᠡᠬᠦ ᠠᠴᠠ ᠲᠠᠩᠰᠠ ᠪᠤᠳᠤᠬᠤ ᠭᠡᠵᠤ ᠬᠦᠭᠯᠡᠷᠡᠭᠰᠡᠨ ᠣᠯᠠᠨ ᠠᠵᠢᠯ ᠤᠨ ᠲᠤᠮᠳᠠ ᠶᠠᠳᠠᠷᠠᠵᠤ ᠲᠤᠶᠢᠯᠳᠠᠪᠠᠴᠤ ᠭᠡᠷ ᠲᠡᠭᠡᠨ ᠬᠠᠷᠢᠵᠤ ᠨᠤᠮ ᠰᠡᠳᠬᠦᠯ ᠠᠴᠠ ᠪᠠᠨ ᠠᠪᠴᠤ ᠤᠩᠰᠢᠪᠠᠯ ᠶᠠᠳᠠᠷᠠᠭ᠎ᠠ ᠨᠢ ᠲᠠᠶᠢᠯᠤᠭᠳᠠᠴᠢᠬᠠᠳᠠᠭ ᠬᠡᠨ᠎ᠡ᠃ ︽ᠪᠢ ᠵᠢᠯ ᠪᠦᠷᠢ ᠲᠤᠭᠳᠠᠭᠰᠠᠨ ᠮᠦᠩᠬᠦ ᠭᠠᠷᠭᠠᠵᠤ ᠮᠤᠩᠭᠤᠯ ᠨᠤᠮ ᠰᠡᠳᠬᠦᠯ ᠢᠶᠠᠨ ᠵᠠᠬᠢᠶᠠᠯᠠᠳᠠᠭ᠃ ᠪᠦᠬᠦᠳᠡ ᠶᠢ ᠵᠠᠬᠢᠶᠠᠯᠠᠵᠤ ᠴᠢᠳᠠᠬᠤ ᠦᠭᠡᠢ ᠴᠦ᠂ ᠵᠢᠯ ᠠᠯᠤᠰᠯᠠᠭᠤᠯᠤᠨ ᠵᠠᠬᠢᠶᠠᠯᠠᠳᠠᠭ︾ ᠭᠡᠵᠤ ᠲᠡᠷᠡ ᠮᠠᠨᠢ ᠪᠠᠶᠠᠷᠳᠠᠢ ᠦᠬᠦᠯᠡᠵᠦ ᠪᠠᠶᠢᠯ᠎ᠠ᠃ ᠲᠡᠶᠢᠮᠦ ᠳ᠋ᠠ᠂ ᠤᠬᠠᠭᠠᠨᠳᠤ ᠪᠦᠰᠡᠭᠦᠢ ᠶᠢᠨ ᠤᠶᠤᠨ ᠤ ᠲᠡᠵᠢᠭᠡᠯ ᠪᠤᠯᠬᠤ ᠨᠤᠮ ᠪᠢᠴᠢᠭ ᠢᠶᠠᠨ ᠲᠡᠭᠡᠳᠦᠯᠡᠳᠡᠭ ᠡᠷᠭᠢᠮ ᠴᠢᠨᠠᠷ ᠲᠡᠷᠡ ᠪᠤᠶᠤ᠃ ᠠᠮᠢᠳᠤᠷᠠᠯ ᠪᠦᠯᠢ᠂ ᠠᠵᠢᠯ ᠠᠳᠠᠯ ᠤᠨ  ᠢᠶᠠᠨ ᠠᠯᠢ ᠠᠯᠢ ᠶᠢ ᠨᠢ ᠵᠤᠬᠢᠴᠠᠭᠤᠯᠬᠤ ᠶᠢᠨ ᠵᠠᠪᠰᠠᠷ ᠢᠶᠠᠷ ᠲᠡᠷᠡ ᠮᠠᠨᠢ 500 ᠭᠠᠷᠤᠢ ᠰᠢᠯᠦᠭ ᠨᠠᠶᠢᠷᠠᠭᠤᠯᠤᠯ ᠢᠶᠠᠨ ᠤᠷᠤᠨ ᠠᠶᠢᠮᠠᠭ ᠤᠨ ᠰᠤᠨᠢᠨ ᠰᠡᠳᠬᠦᠯ ᠢᠶᠠᠷ ᠨᠠᠶᠢᠳᠡᠯᠡᠭᠦᠯᠵᠤ᠂ 2007 ᠤᠨ ᠳᠤ ᠠᠩᠬᠠᠨ ᠤ ᠰᠢᠯᠦᠭ ᠤᠨ ᠲᠡᠭᠦᠪᠦᠷᠢ ︽ᠠᠮᠢᠳᠤᠷᠠᠯ ᠪᠦᠰᠡᠭᠦᠢ ᠬᠦᠮᠦᠨ ᠤ ᠬᠢ︾ ᠪᠠᠨ ᠪᠠᠭᠠᠴᠤᠳ ᠬᠡᠦᠬᠡᠳ ᠤᠨ ᠬᠡᠪᠯᠡᠯ ᠤᠨ ᠬᠤᠷᠢᠶᠠᠨ ᠠᠴᠠ ᠬᠡᠪᠯᠡᠭᠦᠯᠦᠨ ᠲᠠᠷᠬᠠᠭᠠᠭᠰᠠᠨ ᠪᠦᠭᠡᠳ 2014 ᠤᠨ ᠳᠤ ᠪᠦᠬᠦᠯᠢ ᠨᠢᠭᠡ ᠵᠢᠯ ᠤᠨ ᠴᠠᠭ ᠢ ᠵᠠᠷᠤᠴᠠᠭᠤᠯᠵᠤ ᠦᠪᠡᠷ  ᠤᠨ ᠢᠶᠠᠨ ᠤᠬᠤᠷ ᠰᠢᠯᠦᠭ ᠢ ᠡᠮᠬᠢᠳᠬᠡᠵᠤ ︽ᠠᠯᠠᠭᠠᠨ ᠲᠡᠭᠡᠷ᠎ᠡ ᠪᠠᠭᠤᠬᠤ ᠠᠮᠠᠷᠠᠭ ᠦᠳᠦᠨ︾ ᠭᠡᠮᠡᠬᠦ ᠭᠠᠷᠴᠠᠭ  ᠢᠶᠠᠷ ᠰᠡᠳᠬᠢᠮᠵᠢᠯᠡᠨ ᠪᠠᠶᠢᠵᠤ᠂ ᠤᠷᠠᠨ ᠵᠡᠬᠦᠦ ᠪᠠᠷ 2 ᠲᠡᠪᠳᠡᠷ ᠤᠶᠤᠵᠤ ᠲᠠᠭᠤᠰᠬᠠᠪᠠ᠃ 2015 ᠤᠨ ᠳᠤ ᠲᠤᠰ ᠰᠢᠯᠦᠭ ᠢᠶᠠᠨ ᠤᠶᠤᠵᠤ ᠲᠡᠬᠦᠪᠤᠷᠢᠯᠡᠬᠦᠯᠵᠦ᠂ ᠢᠬᠢᠷ᠎ᠠ ᠰᠠᠶᠢᠬᠠᠨ ᠲᠡᠬᠦᠪᠤᠷᠢ ᠪᠤᠯᠭᠠᠵᠠᠢ᠃ 2017 ᠤᠨ ᠳᠤ ᠬᠤᠪᠢ ᠬᠦᠮᠦᠨ ᠤ ᠨᠠᠮᠳᠠᠷᠴᠢᠯᠠᠭᠰᠠᠨ ᠵᠤᠬᠢᠶᠠᠯ ︽ᠲᠤᠶᠢᠩᠬᠤᠷ ᠬᠠᠮᠪᠤ ᠪᠤᠶᠠᠨᠳᠠᠯᠭᠡᠷ︾ ᠭᠡᠬᠦ ᠨᠤᠮ ᠢᠶᠠᠨ ᠬᠡᠪᠯᠡᠬᠦᠯᠦᠭᠰᠡᠨ ᠶᠣᠮ᠃      ᠡᠨᠡ ᠪᠦᠬᠦᠨ ᠨᠢ ᠦᠨᠡᠭᠡᠷ ︽ᠠᠮᠢᠳᠤᠷᠠᠯ ᠪᠦᠰᠡᠬᠦᠢ ᠬᠦᠮᠦᠨ ᠤ ᠬᠢ︾ ᠭᠡᠬᠦ ᠨᠤᠮ ᠠᠴᠠ ᠪᠠᠨ ᠴᠢᠮ᠎ᠠ ᠶᠢ ᠲᠤᠰᠠᠯᠠᠬᠤ᠂ ᠴᠢᠮ᠎ᠠ ᠶᠢ ᠬᠠᠶᠢᠷᠠᠯᠠᠬᠤ᠂ ᠮᠠᠭᠠᠳ ᠦᠭᠡᠢ ᠴᠢᠮ᠎ᠠ ᠶᠢ ᠦᠭᠡᠷᠡᠴᠢᠯᠡᠬᠦ᠂ ᠦᠪᠡᠷ ᠢ ᠴᠢᠨᠢ ᠲᠠᠨᠢᠭᠤᠯᠬᠤ ᠠᠮᠢᠳᠤᠷᠠᠯ ᠪᠤᠯ ᠪᠦᠰᠡᠬᠦᠢ ᠬᠦᠮᠦᠨ ᠤ ᠬᠢ ᠭᠡᠳᠡᠭ ᠤᠳᠬ᠎ᠠ ᠪᠠᠷ ᠦᠷᠬᠦᠯᠵᠢᠯᠠᠵᠠᠢ᠃                      ᠤᠬᠠᠭᠠᠨᠳᠤ ᠪᠦᠰᠡᠬᠦᠢ ᠶᠢᠨ ᠤᠷᠠᠨ ᠬᠠᠳᠬᠤᠮᠡᠯ — ︽ᠮᠤᠩᠭᠤᠯ ᠤᠨ ᠨᠢᠭᠤᠴᠨ ᠲᠤᠪᠴᠢᠶᠠᠨ︾
        ᠮ᠊ · ᠠᠯᠣᠰ ᠤᠨ ᠤᠷᠠᠯᠠᠨ ᠬᠠᠳᠬᠤᠮᠠᠯᠯᠠᠭᠰᠠᠨ ︽ᠮᠤᠩᠭᠤᠯ ᠤᠨ ᠨᠢᠭᠤᠴᠨ ᠲᠤᠪᠴᠢᠶᠠᠨ︾            — 2014 ᠤᠨ ᠤ 1 ᠰᠠᠷ᠎ᠠ ᠶᠢᠨ 11 ᠤ ᠡᠳᠦᠷ᠂ ᠲᠠᠨ ᠤ ᠤᠷᠠᠯᠠᠨ ᠬᠠᠳᠬᠤᠮᠠᠯᠯᠠᠭᠰᠠᠨ ︽ᠮᠤᠩᠭᠤᠯ  ᠤᠨ ᠨᠢᠭᠤᠴᠨ ᠲᠤᠪᠴᠢᠶᠠᠨ︾ ᠨᠢ ᠱᠠᠩᠬᠠᠢ ᠶᠢᠨ ᠲᠡᠯᠡᠭᠡᠢ ᠶᠢᠨ ᠬᠢᠨᠢᠰ ᠤᠨ ᠲᠡᠮᠳᠡᠭᠯᠡᠯ ᠳᠤ ᠪᠦᠷᠢᠳᠭᠡᠭᠦᠯᠵᠦ᠂ ᠦᠨᠠᠮᠯᠠᠯ ᠭᠠᠷᠳᠠᠭᠤᠯᠬᠤ ᠶᠤᠰᠤᠯᠠᠯ ᠢ ᠠᠷᠤ ᠬᠤᠷᠴᠢᠨ ᠬᠤᠰᠢᠭᠤᠨ ᠤ ᠰᠤᠶᠤᠯ ᠲᠠᠮᠢᠷ ᠤᠨ ᠲᠤᠪᠴᠢᠶᠠᠨ ᠤ ᠭᠤᠷᠪᠠᠳᠤᠭᠠᠷ ᠲᠠᠪᠬᠤᠷᠭ᠎ᠠ ᠶᠢᠨ ᠬᠤᠷᠠᠯ ᠤᠨ ᠭᠡᠷ ᠲᠤ ᠶᠠᠪᠤᠭᠳᠠᠭᠰᠠᠨ ᠢ ᠪᠢ ᠲᠤᠳᠤᠬᠠᠨ ᠴᠡᠭᠡᠵᠢᠯᠡᠵᠤ ᠪᠠᠶᠢᠨ᠎ᠠ᠃ ᠠᠭᠤᠤ ᠬᠦᠳᠡᠯᠮᠦᠷᠢ ᠠᠪᠢᠶᠠᠰ ᠤᠬᠠᠭᠠᠨ ᠤ ᠲᠠᠨᠢ ᠦᠬᠡᠳᠡ ᠠᠴᠠ ᠪᠢᠰᠢᠷᠡᠨ ᠲᠤᠭᠳᠤᠯᠵᠤ ᠪᠠᠶᠢᠭᠰᠠᠨ ᠮᠢᠨᠢ ᠦᠨᠡᠨ᠃ ᠡᠨᠡ ᠠᠭᠤᠤ ᠶᠡᠭᠡ ᠪᠦᠳᠦᠭᠡᠯ ᠤᠨ ᠢᠷᠠᠭᠤ ᠠᠯᠳᠠᠷ ᠤᠨ ᠢᠶᠠᠨ ᠲᠤᠬᠠᠢ ᠡᠷᠭᠢᠨ ᠲᠤᠷᠠᠰᠴᠤ ᠪᠢᠳᠠᠨ ᠲᠠᠢ ᠬᠤᠪᠢᠶᠠᠯᠴᠠᠨ᠎ᠠ ᠤᠤ︖      — ᠢᠷᠠᠭᠤ ᠠᠯᠳᠠᠷ ᠪᠤᠯ ᠲᠦᠷ ᠴᠠᠭ ᠤᠨ ᠬᠢ ᠶᠤᠮ᠂ ᠮᠢᠨᠦ ᠡᠷᠬᠢᠮᠨᠠᠨ ᠰᠠᠨᠠᠭᠠᠴᠢᠯᠠᠵᠤ ᠪᠠᠶᠢᠭ᠎ᠠ ᠨᠢ ᠵᠦᠪᠭᠡᠨ ᠢᠷᠠᠭᠤ ᠠᠯᠳᠠᠷ ᠯᠡ ᠪᠢᠰᠢ ᠬᠠᠷᠢᠨ ᠠᠷᠠᠳ ᠠᠴᠠ ᠦᠪᠯᠡᠭᠦᠯᠦᠭᠰᠡᠨ ᠰᠤᠶᠤᠯ ᠤᠷᠠᠯᠢᠭ ᠢᠶᠠᠨ ᠤᠯᠠᠮ ᠢᠯᠡᠬᠦᠦ ᠲᠡᠯᠭᠡᠷᠡᠬᠦᠯᠬᠦ ᠶᠢᠨ ᠲᠦᠯᠦᠭᠡ᠂ ᠡᠳᠡᠭᠡᠷ ᠠᠮᠵᠢᠯᠳᠠ ᠨᠢ ᠵᠦᠪᠭᠡᠨ ᠮᠢᠨᠦᠬᠢ ᠯᠡ ᠪᠢᠰᠢ᠂ ᠨᠠᠮᠡᠢᠢ ᠬᠠᠯᠠᠮᠵᠢᠯᠠᠨ ᠲᠠᠮᠵᠢᠭ᠍ᠰᠡᠨ ᠪᠤᠢ ᠪᠦᠬᠦᠢ ᠬᠦᠮᠦᠰ ᠤᠨ ᠪᠠᠶᠢᠭ᠎ᠠ ᠶᠤᠮ᠃ ᠨᠦᠭᠦᠭᠡ ᠲᠠᠯ᠎ᠠ ᠪᠠᠷ ᠦᠨᠳᠦᠰᠦᠳᠠᠨ ᠤ ᠮᠠᠨᠢ ᠤᠷᠠᠨ ᠪᠦᠳᠦᠭᠡᠯ ᠤᠨ ᠦᠷᠭᠡᠨ ᠬᠠᠷᠠᠭᠠᠰᠤ ᠳᠤ ᠨᠡᠩ ᠦᠷᠭᠡᠨ ᠲᠡᠯᠭᠡᠷ ᠭᠡᠪᠴᠢᠶᠠᠨ ᠳᠤ ᠶᠠᠪᠤᠭᠳᠠᠬᠤ ᠲᠡᠯᠭᠡᠨ ᠦᠵᠡᠬᠦᠯᠦᠯᠭᠡ  ᠶᠢᠨ ᠭᠠᠷᠬᠤ ᠵᠠᠮ ᠬᠠᠮᠢᠭ᠎ᠠ ᠪᠠᠶᠢᠨ᠎ᠠ᠂ ᠡᠳᠡᠭᠡᠷ ᠪᠦᠳᠦᠭᠡᠯ ᠤᠨ ᠬᠤᠪᠢ ᠳᠤ ᠵᠢᠪ ᠵᠢᠩᠬᠢᠨᠢ ᠬᠦᠨᠳᠦᠳᠭᠡᠯ ᠢᠶᠠᠨ ᠤᠯᠬᠤ᠂ ᠬᠠᠳᠠᠭᠠᠯᠠᠯᠳᠠ ᠶᠢᠨ ᠦᠨ᠎ᠠ ᠦᠷᠳᠡᠭ ᠲᠠᠢ ᠵᠠᠮ ᠰᠤᠩᠭᠤᠯᠳᠠ ᠶᠠᠭᠠᠬᠢᠵᠤ ᠨᠡᠭᠡᠭᠡᠭᠳᠡᠬᠦ ᠪᠤᠢ ᠭᠡᠳᠡᠭ ᠲᠤ ᠰᠠᠨᠠᠭᠠᠰᠢᠷᠠᠬᠤ ᠶᠤᠮ ᠁ ᠭᠡᠵᠤ ᠲᠡᠷᠡ ᠮᠢᠨᠢ ᠰᠡᠳᠬᠢᠯ ᠬᠦᠨᠳᠦᠭᠡᠨ ᠶᠠᠷᠢᠵᠤ ᠪᠠᠶᠢᠯ᠎ᠠ᠃      — ᠮᠤᠩᠭᠤᠯ ᠤᠨ ᠲᠡᠦᠭᠡᠨ ᠰᠤᠷᠪᠤᠯᠵᠢ ᠪᠢᠴᠢᠭ ᠤᠨ ᠨᠢᠭᠡ᠂ ᠮᠤᠩᠭᠤᠯ ᠤᠷᠠᠨ ᠵᠤᠬᠢᠶᠠᠯ ᠤᠨ ᠭᠤᠷᠪᠠᠨ ᠨᠤᠶᠠᠨ ᠤᠷᠬᠢᠯ ᠤᠨ ᠨᠢᠭᠡ ᠪᠣᠯᠬᠤ ︽ᠮᠤᠩᠭᠤᠯ ᠤᠨ ᠨᠢᠭᠤᠴᠠ ᠲᠤᠪᠴᠢᠶᠠᠨ︾ ᠨᠢ ᠡᠯ᠎ᠡ ᠵᠦᠢᠯ ᠤᠨ ᠪᠠᠷ ᠬᠡᠪᠯᠡᠯ  ᠢᠶᠠᠷ ᠬᠡᠪᠯᠡᠭᠳᠡᠨ ᠲᠠᠷᠬᠠᠭᠠᠭᠳᠠᠵᠤ᠂ ᠰᠡᠭᠦᠯ ᠤᠨ ᠦᠶ᠎ᠡ ᠳᠤ ᠦᠰᠦᠨ‌‍ᠪᠢᠷ ᠤᠨ ᠪᠢᠴᠢᠯᠭᠡ ᠪᠠᠷ᠂ ᠪᠠᠰᠠ ᠠᠷᠠᠰᠤ᠂ ᠴᠢᠯᠠᠭᠤᠨ ᠲᠡᠭᠡᠷ᠎ᠡ ᠴᠦ ᠰᠡᠶᠢᠯᠪᠦᠷᠢᠯᠡᠨ ᠪᠢᠴᠢᠭᠯᠡᠵᠤ ᠤᠯᠠᠨ ᠤ ᠠᠩᠬᠠᠷᠤᠯ ᠢ ᠲᠠᠳᠠᠵᠤ᠂ ᠪᠦᠬᠦ ᠮᠤᠩᠭᠤᠯ ᠲᠤᠭᠤᠷᠭᠠᠳᠠᠨ ᠪᠠ ᠰᠤᠳᠤᠯᠤᠭᠴᠢᠳ ᠤᠨ ᠪᠢᠰᠢᠷᠡᠯ ᠬᠦᠨᠳᠦᠳᠭᠡᠯ ᠢ ᠤᠯᠵᠤ ᠪᠠᠶᠢᠪᠠ᠃ ᠬᠡᠬᠦ ᠳᠡᠭᠡᠨ ᠲᠠ ︽ᠮᠤᠩᠭᠤᠯ ᠤᠨ ᠨᠢᠭᠤᠴᠠ ᠲᠤᠪᠴᠢᠶᠠᠨ︾ ᠤ ᠦᠭᠡ ᠦᠰᠦᠭ ᠪᠦᠷᠢ ᠶᠢ ᠲᠤᠷᠭᠠᠨ ᠲᠡᠭᠡᠷ᠎ᠡ ᠨᠢᠭᠡ ᠨᠢᠭᠡ ᠵᠡᠭᠦᠦ ᠪᠠᠷ ᠤᠶᠤᠵᠤ ᠬᠠᠳᠬᠤᠮᠠᠯᠯᠠᠵᠤ ᠪᠦᠳᠦᠭᠡᠯ᠎ᠡ᠃ ᠲᠠ ᠶᠠᠭᠠᠬᠢᠵᠤ ᠢᠩᠬᠢᠵᠤ ᠬᠢᠬᠦ ᠶᠢ ᠰᠡᠳᠦᠪᠡ︖      — ᠡᠭᠢᠨ ᠠᠴᠠ ᠪᠠᠨ ᠲᠠᠳᠠᠵᠤ ᠬᠡᠯᠡᠪᠡᠯ᠂ ᠮᠢᠨᠦ ᠡᠪᠦᠭᠡ ᠭᠡᠵᠤ ᠲᠡᠷᠡ ᠦᠶᠡᠰ ᠲᠤ ᠤᠯᠠᠭ᠎ᠠ ᠦᠷᠳᠡᠭᠡᠨ ᠳᠤ ᠪᠢᠴᠢᠭ ᠲᠠᠮᠵᠢᠭᠤᠯᠳᠠᠭ ᠬᠦᠮᠦᠨ ᠪᠠᠶᠢᠵᠤ ᠪᠢᠴᠢᠭ ᠨᠤᠮ ᠳᠤ ᠶᠡᠭᠡ ᠬᠠᠶᠢᠷᠠᠳᠠᠢ ᠴᠦ ᠬᠦᠮᠦᠨ ᠪᠠᠶᠢᠭᠰᠠᠨ ᠭᠡᠰᠡᠨ᠃ ᠲᠡᠭᠡᠭᠡᠳ ᠴᠠᠩᠳᠤ ᠶᠢᠨ ᠲᠠᠮᠳᠢᠨᠰᠦ᠋ᠷᠦᠩ ᠤᠨ ᠪᠡᠭᠡᠵᠢᠩ ᠪᠠᠷ ᠤᠨ ᠬᠢᠳᠡᠳ ᠠᠪᠢᠶ᠎ᠠ ᠪᠠᠷ ᠲᠡᠮᠳᠡᠭᠯᠡᠭᠰᠡᠨ 1947 ᠤᠨ ᠤ ︽ᠮᠤᠩᠭᠤᠯ ᠤᠨ ᠨᠢᠭᠤᠴᠠ ᠲᠤᠪᠴᠢᠶᠠᠨ︾ ᠤ ᠭᠡᠪᠯᠡᠯ ᠢ ᠵᠡᠷᠭᠡᠯᠡᠳᠡᠭᠡ ᠠᠶᠢᠯ ᠠᠴᠠ ᠪᠠᠨ ᠭᠤᠶᠤᠵᠤ ᠤᠯᠤᠭᠰᠨᠨ ᠭᠡᠳᠡᠭ ᠶᠤᠮ᠃ ︽ᠰᠤᠶᠤᠯ ᠤᠨ ᠶᠡᠭᠡ ᠬᠤᠪᠢᠰᠬᠠᠯ︾ ᠤᠨ ᠶᠡᠭᠡ ᠰᠢᠭᠤᠷᠭᠠᠨ ᠳᠤ ᠲᠡᠷᠨ ᠬᠦ ᠤᠯᠳᠠᠰᠢ ᠦᠭᠡᠢ ᠦᠨᠡᠳᠦ ᠡᠷᠳᠡᠨᠢ ᠪᠤᠯᠤᠭᠰᠠᠨ ︽ᠮᠤᠩᠭᠤᠯ ᠤᠨ ᠨᠢᠭᠤᠴᠠ ᠲᠤᠪᠴᠢᠶᠠᠨ︾ ᠢᠶᠠᠨ ᠰᠠᠩᠳᠠᠩ ᠮᠤᠳᠤᠨ ᠤ ᠲᠤᠤᠷ᠎ᠠ ᠬᠢᠮᠠᠭᠠᠳᠠᠨ ᠪᠤᠯᠠᠵᠤ ᠨᠢᠭᠤᠵᠤ ᠬᠠᠳᠠᠭᠠᠯᠠᠭᠠᠳ᠂ ᠰᠦᠷᠴᠦ ᠢᠷᠡᠭᠰᠡᠨ ᠠᠶᠤᠯ ᠭᠠᠮᠰᠢᠭ ᠠᠴᠠ ᠮᠡᠨᠳᠦ ᠠᠮᠦᠷ ᠦᠯᠡᠳᠡᠭᠡᠨ ᠠᠪᠴᠦ᠂ ᠰᠠᠬᠦᠯᠡᠷ ᠨᠢ ᠠᠬ᠎ᠠ ᠡᠭᠡᠴᠢ ᠨᠠᠷ ᠤᠨ ᠮᠢᠨᠢ ᠭᠠᠷ ᠲᠤ ᠲᠡᠮᠵᠢᠬᠳᠠᠨ ᠤᠳᠤ ᠪᠤᠯᠤᠭᠰᠠᠨ᠃ ᠲᠡᠶᠢᠮᠦ ᠴᠣ᠋ ᠣᠴᠢᠷ ᠠᠴᠠ ᠪᠢ ᠨᠤᠮ ᠪᠢᠴᠢᠭ ᠢ ᠠᠮᠢ ᠨᠠᠰᠤ᠂ ᠬᠠᠯᠠᠭᠤᠨ ᠠᠮᠢᠰᠬᠤᠭ᠎ᠠ ᠲᠠᠢ ᠪᠠᠨ ᠴᠤᠭ ᠲᠡᠭᠡᠳᠦᠯᠡᠵᠦ ᠶᠠᠪᠤᠭᠰᠠᠨ ᠡᠪᠦᠭᠡᠳ ᠤᠨ ᠢᠶᠠᠨ ᠦᠯᠡᠳᠡᠭᠡᠭᠰᠡᠨ ᠡᠨᠡ ᠡᠷᠭᠢᠮ ᠨᠠᠨᠳᠢᠨ ᠰᠤᠶᠤᠯ ᠤᠨ ᠦᠪ ᠢ ᠬᠡᠦᠬᠡᠳ ᠲᠡᠭᠦᠦ ᠨᠠᠷ ᠲᠠᠭᠠᠨ ᠦᠢᠯᠡ ᠤᠳᠠᠰᠤᠨ ᠤ ᠤᠷᠠᠨ ᠭᠠᠶᠢᠬᠠᠮᠰᠢᠭ ᠢᠶᠠᠷ ᠦᠵᠡᠬᠦᠯᠵᠦ᠂ ᠰᠤᠶᠤᠯ ᠲᠡᠦᠭᠡ ᠪᠠᠨ ᠡᠷᠬᠢᠮᠨᠠᠨ ᠲᠡᠭᠡᠳᠦᠯᠡᠬᠦ ᠤᠬᠠᠭᠠᠨ ᠢ ᠦᠯᠡᠳᠡᠭᠡᠬᠦ ᠭᠡᠵᠤ ᠵᠤᠷᠢᠭ ᠰᠢᠭᠤᠳᠤᠭᠰᠠᠨ ᠰᠠᠨ᠃ ᠲᠤᠰ ᠪᠦᠳᠦᠭᠡᠯ ᠢ ᠤᠷᠠᠨ ᠬᠠᠳᠬᠤᠮᠠᠯ ᠢᠶᠠᠷ ᠪᠦᠳᠦᠭᠡᠬᠦ ᠶᠢᠨ ᠪᠠᠰᠠ ᠨᠢᠭᠡᠨ ᠭᠤᠤᠯ ᠰᠠᠨᠠᠭ᠎ᠠ ᠪᠤᠯ ︽ᠮᠤᠩᠭᠤᠯ ᠤᠨ ᠨᠢᠭᠤᠴᠠ ᠲᠤᠪᠴᠢᠶᠠᠨ︾  ᠤ ᠰᠤᠤ ᠤᠬᠠᠭᠠᠨ᠂ ᠲᠡᠷᠡ ᠮᠦᠷᠳᠡᠭᠡᠨ ᠶᠡᠭᠡ ᠮᠤᠩᠭᠤᠯ ᠤᠨ ᠮᠢᠨᠢ ᠠᠯᠤᠩᠭᠤᠸ᠎ᠠ ᠡᠬᠡ ᠠᠴᠠ ᠠᠪᠤᠭᠠᠳ ᠦᠭᠡᠯᠦᠨ ᠦᠵᠢᠨ᠂ ᠪᠦᠷᠳᠡ ᠬᠠᠳᠤᠨ ᠨᠠᠷ ᠤᠨ ᠮᠤᠩᠭᠤᠯ ᠬᠠᠳᠤᠨ ᠤᠬᠠᠭᠠᠨ ᠪᠤᠯᠬᠤ ᠮᠤᠩᠭᠤᠯ ᠪᠦᠰᠡᠭᠦᠶᠢᠴᠤᠳ ᠤᠨ ᠮᠢᠨᠢ ᠲᠡᠰᠪᠦᠷᠢ ᠲᠠᠭᠠᠭᠠᠴᠠ᠂ ᠯᠠᠪᠳᠠᠭᠤᠨ ᠬᠢᠨᠠᠭᠤᠷ᠂ ᠬᠤᠯᠠᠴᠢ ᠬᠢᠷᠠᠬᠠᠶᠢᠴᠢ ᠤᠬᠠᠭᠠᠨ ᠢ ᠪᠦᠰᠡᠭᠦᠢ ᠬᠦᠮᠦᠨ ᠳᠤ ᠰᠢᠳᠠᠷ ᠤᠶᠢᠷᠠᠬᠠᠨ ᠪᠤᠯᠬᠤ ᠤᠶᠤᠳᠠᠯ ᠵᠦᠢᠳᠡᠯ ᠤᠨ ᠨᠠᠷᠢᠨ ᠰᠢᠷᠢᠨ ᠤᠬᠠᠭᠠᠨ ᠳᠤ ᠰᠢᠭᠯᠠᠵᠤ ᠪᠠᠶᠢᠭᠠᠳ ᠬᠤᠶᠢᠴᠢ ᠦᠶ᠎ᠡ  ᠳᠡᠭᠡᠨ ᠦᠯᠡᠳᠡᠭᠡᠨ᠎ᠡ ᠭᠡᠵᠤ ᠨᠢᠭᠡ ᠵᠡᠭᠦᠦ ᠨᠢᠭᠡ ᠬᠠᠳᠬᠤᠯᠠᠭ᠎ᠠ ᠪᠠᠷ ᠴᠢᠮᠪᠠᠶᠢᠯᠠᠨ ᠨᠡᠶᠢᠳᠬᠡᠭᠰᠡᠨ ᠦᠨᠡᠨᠴᠢᠭᠡᠨ ᠲᠡᠮᠡᠦᠯᠦᠯ ᠶᠤᠮ ᠡ᠃      ᠮ᠊ · ᠠᠯᠤᠰ ᠲᠠᠢ ᠢᠩᠬᠢᠵᠦ ᠶᠠᠷᠢᠯᠴᠠᠬᠤ ᠵᠠᠭᠤᠷ᠎ᠠ᠄      ︽ᠵᠦᠭᠡᠯᠡᠨ ᠪᠤᠯᠪᠠᠷᠠᠢ ᠬᠤᠷᠤᠭᠤ ᠶᠢ ᠨᠢ ᠵᠡᠬᠦᠦ ᠤᠳᠠᠰᠤ ᠲᠠᠢ ᠰᠢᠳᠡᠷᠯᠠᠭᠤᠯ      ᠵᠦᠢᠳᠡᠯ ᠤᠶᠤᠳᠠᠯ ᠤᠨ ᠬᠤᠷᠸ᠎ᠠ ᠳᠤ ᠦᠬᠢᠨ ᠦᠷ᠎ᠡ ᠲᠠᠢ ᠲᠦᠷᠦᠭᠰᠡᠨ ᠢ ᠰᠠᠨᠠ      ᠵᠦᠭᠡᠯᠡᠨ ᠬᠤᠩᠭᠤᠷ ᠠᠭᠠᠰᠢ ᠶᠢ ᠨᠢ ᠵᠦᠢᠷ ᠦᠭᠡ ᠲᠠᠢ ᠰᠢᠳᠡᠷᠯᠠᠭᠤᠯ      ᠵᠦᠪᠯᠡᠬᠦ ᠭᠡᠯᠡᠯᠴᠡᠬᠦ ᠶᠢᠨ ᠬᠤᠷᠸ᠎ᠠ ᠳᠤ ᠦᠬᠢᠨ ᠦᠷ᠎ᠡ ᠴᠢᠨᠢ ᠲᠦᠷᠦᠭᠰᠡᠨ ᠢ ᠰᠠᠨᠠ︾ ᠭᠡᠬᠦ ᠮᠤᠩᠭᠤᠯ ᠤᠯᠤᠰ ᠤᠨ ᠪᠦᠰᠡᠬᠦᠢ ᠢᠷᠠᠭᠤ ᠨᠠᠶᠢᠷᠠᠭᠴᠢ ᠪᠠ᠊ · ᠡᠩᠭᠡᠳᠤᠶᠠᠭ᠎ᠠ ᠶᠢᠨ ᠰᠢᠯᠦᠭ ᠤᠨ ᠮᠦᠷ ᠪᠠᠳᠠᠭ ᠦᠪᠡᠷ ᠤᠨ ᠡᠷᠭᠡ ᠦᠭᠡᠢ ᠪᠠᠭᠤᠵᠤ᠂ ᠦᠬᠢᠨ ᠬᠦᠮᠦᠨ ᠤᠶᠤᠳᠠᠯ ᠲᠠᠢ ᠤᠶᠢᠷᠠᠬᠠᠨ ᠪᠠᠶᠢᠬᠤ ᠶᠢᠨ ᠨᠠᠷᠢᠨ ᠤᠬᠠᠭᠠᠨ ᠵᠢᠴᠢ ᠠᠮᠢᠳᠤᠷᠠᠯ ᠢ ᠲᠤᠭᠤᠯᠬᠤ ᠲᠡᠰᠪᠤᠷᠢ ᠲᠠᠪᠴᠢᠶᠡᠷᠢ ᠶᠢ ᠶᠠᠭᠠᠬᠢᠭᠰᠠᠨ ᠵᠦᠢᠳᠡᠢ ᠭᠡᠯᠡᠪᠡ ᠭᠡᠵᠤ ᠤᠬᠠᠭᠠᠷᠠᠯ᠎ᠠ᠃
       ᠮ᠊ · ᠠᠯᠣᠰ ᠬᠢᠭᠡᠳ ᠲᠡᠭᠦᠨ ᠤ ᠣᠷᠠᠯᠠᠨ ᠬᠠᠳᠬᠤᠮᠠᠯᠯᠠᠭᠰᠠᠨ        ︽ᠮᠤᠩᠭᠤᠯ ᠤᠨ ᠨᠢᠭᠤᠴᠠ ᠲᠤᠪᠴᠢᠶᠠᠨ︾      2003 ᠤᠨ ᠳᠤ ᠮ᠊ · ᠠᠯᠤᠰ ᠬᠢᠵᠤ ᠲᠠᠰᠤᠭᠰᠠᠨ ᠠᠵᠢᠯ ᠢᠶᠠᠨ ᠤᠷᠬᠢᠪᠠ᠃ ᠲᠡᠭᠦᠨ ᠤ ᠲᠤᠷ᠎ᠠ ᠲᠠᠢ ᠤᠷᠠᠨ ᠵᠤᠬᠢᠶᠠᠯ᠂ ᠬᠤᠶᠢᠴᠢ ᠦᠶ᠎ᠡ ᠳᠡᠭᠡᠨ ᠶᠠᠭᠤ ᠨᠢᠭᠡ ᠶᠢ ᠪᠦᠳᠦᠭᠡᠶ᠎ᠡ᠂ ᠬᠢᠶ᠎ᠡ ᠭᠡᠰᠡᠨ ᠬᠦᠰᠡᠯ ᠮᠦᠷᠦᠭᠡᠳᠦᠯ ᠨᠢ ᠤᠯᠠᠮ ᠤᠯᠠᠮ ᠲᠠᠭᠤᠳᠠᠭᠰᠠᠭᠠᠷ᠂ ᠲᠠᠯᠠᠯᠤᠭᠰᠠᠭᠠᠷ ᠪᠠᠶᠢᠪᠠ᠃ 2007 ᠤᠨ ᠤ 9 ᠳ᠋ᠤᠭᠡᠷ ᠰᠠᠷ᠎ᠠ ᠠᠴᠠ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠡ ᠠᠴᠠ ᠭᠡᠪᠯᠡᠭᠦᠯᠦᠭᠰᠡᠨ ᠴᠠᠩᠳᠤ ᠶᠢᠨ ᠲᠠᠮᠳᠢᠨᠰᠦ᠋ᠷᠦᠩ ᠤᠨ ᠪᠠᠭᠤᠯᠭᠠᠭᠰᠠᠨ 12 ᠪᠦᠯᠦᠭᠳᠦ ︽ᠮᠤᠩᠭᠤᠯ ᠤᠨ ᠨᠢᠭᠤᠴᠨ ᠲᠤᠪᠴᠢᠶᠠᠨ︾ ᠤ 1957 ᠤᠨ ᠤ ᠬᠡᠪᠯᠡᠯ ᠤᠨ ᠦᠰᠦᠭ ᠪᠤᠯᠭᠠᠨ ᠢ ᠨᠢᠭᠡ ᠨᠢᠭᠡ ᠵᠡᠬᠦᠦ ᠪᠠᠷ ᠤᠶᠤᠵᠤ ᠬᠠᠳᠬᠤᠮᠠᠯᠯᠠᠬᠤ ᠬᠠᠳᠠᠭᠤ ᠨᠢᠮᠪᠠᠢ ᠠᠵᠢᠯ ᠢᠶᠠᠨ ᠡᠬᠢᠯᠡᠬᠦᠯᠦᠯ᠎ᠠ᠃ ᠴᠢᠯᠠᠭᠤᠨ ᠲᠤᠰᠤ ᠨᠡᠮᠡᠬᠦ᠂ ᠲᠠᠩᠰᠠ ᠪᠤᠳᠤᠬᠤ ᠠᠵᠢᠯ ᠳᠤ ᠴᠠᠭᠠᠷᠠᠵᠤ ᠪᠠᠶᠢᠭᠰᠠᠨ ᠠᠵᠢᠯᠴᠢ ᠬᠤᠶᠠᠷ ᠭᠠᠷ ᠨᠢ ᠴᠠᠪᠤᠭ ᠨᠠᠭᠠᠬᠤ᠂ ᠱᠤᠭᠤᠮᠳᠠᠬᠤ᠂ ᠡᠮᠵᠢᠶᠡᠷᠢᠯᠡᠬᠦ᠂ ᠬᠠᠭᠤᠯᠤᠨ ᠪᠢᠴᠢᠬᠦ᠂ ᠬᠠᠳᠬᠤᠮᠠᠯᠯᠠᠵᠤ ᠤᠶᠤᠬᠤ ᠵᠡᠷᠭᠡ ᠶᠢ ᠰᠤᠷᠴᠤ᠂ ᠲᠠᠪᠳᠠᠨ ᠪᠤᠯᠪᠠᠰᠤᠷᠠᠵᠤ᠂ ᠮᠡᠷᠭᠡᠰᠢᠵᠤ ᠴᠠᠭᠠᠷᠠᠨ ᠁ ᠤᠳᠤᠮᠳᠤ ᠮᠤᠩᠭᠤᠯ ᠤᠨ ᠮᠠᠨᠢ ᠵᠢᠷᠦᠭᠡᠨ ᠲᠤᠪᠴᠢᠶᠠᠨ ᠪᠤᠯᠤᠭᠰᠠᠨ ᠡᠨᠡᠬᠦ ᠬᠦᠨᠳᠦᠳᠦ ᠠᠪᠤᠷᠭᠤ ᠪᠦᠳᠦᠭᠡᠯ ᠢᠷᠠᠭᠤ ᠨᠠᠶᠢᠷᠠᠭᠴᠢ ᠶᠢᠨ ᠮᠢᠨᠢ ᠪᠦᠬᠦᠯᠢ 5 ᠵᠢᠯ ᠤᠨ ᠰᠢᠷᠭᠠᠭᠤ ᠬᠦᠳᠡᠯᠮᠦᠷᠢ᠂ ᠤᠷᠠᠨ ᠭᠠᠷ ᠤᠨ ᠡᠩᠭᠦᠷᠡᠢ ᠬᠦᠯᠦᠰᠦ ᠪᠠᠷ ᠨᠢ ᠠᠮᠢᠯᠠᠨ ᠲᠠᠯᠭᠡᠷᠡᠵᠦ᠂ ᠡᠴᠦᠰ ᠲᠡᠭᠡᠨ ᠤᠩᠰᠢᠭᠴᠢ ᠲᠦᠮᠡᠨ ᠲᠠᠢ ᠪᠠᠨ ᠤᠷᠠᠨ ᠬᠠᠳᠬᠤᠮᠠᠯ ᠤᠨ ᠭᠡᠪ ᠢᠶᠠᠷ ᠵᠤᠯᠭᠠᠯ᠎ᠠ᠃ ᠪᠦᠬᠦᠯᠢ 5 ᠵᠢᠯ᠂ 1800 ᠡᠳᠦᠷ ᠬᠤᠨᠤᠭ ᠭᠡᠭᠴᠢ ᠲᠤᠭᠠᠯᠠᠪᠠᠴᠦ ᠬᠠᠭᠠᠰ ᠡᠳᠦᠷ ᠤᠨ ᠴᠠᠭ ᠭᠡᠷᠡᠭᠰᠡᠨ᠎ᠠ᠂ ᠡᠳᠦᠷᠵᠢᠨ ᠬᠦᠳᠡᠯᠦᠯ ᠦᠭᠡᠢ ᠰᠠᠭᠤᠵᠤ ᠤᠶᠤᠭᠠᠳ ᠭᠤᠷᠪᠠᠭ᠋ᠠᠨ ᠮᠦᠷ ᠶᠤᠭᠤᠵᠤ ᠲᠡᠶᠢᠯᠳᠡᠭ᠂ ᠡᠳᠦᠷ ᠰᠦᠨᠢ ᠲᠠᠢ ᠲᠤᠭᠳᠤ ᠤᠶᠤᠪᠠᠯ ᠵᠢᠷᠭᠤᠭᠠᠨ ᠮᠦᠷ ᠯᠡ ᠤᠶᠤᠵᠤ ᠲᠡᠶᠢᠯᠳᠡᠭ᠃ ᠤᠷᠳᠦ ᠨᠢ 35 ᠰᠠᠨᠲ᠋ᠢᠮᠧᠲᠷ᠂ ᠦᠷᠭᠡᠨ ᠨᠢ 45 ᠰᠠᠨᠲ᠋ᠢᠮᠧᠲᠷ᠂ 310 ᠬᠠᠭᠤᠳᠠᠰᠤ ᠲᠠᠢ᠂ ᠪᠦᠬᠦ ᠤᠷᠳᠦ ᠨᠢ ᠵᠠᠭᠤ ᠬᠤᠷᠢᠭᠠᠳ ᠮᠧᠲᠷ ᠤᠶᠤᠳᠠᠯ ᠤᠨ ᠠᠶᠠᠨ ᠢ ᠨᠢᠭᠡ ᠨᠢᠭᠡ ᠵᠡᠬᠦᠦ  ᠪᠠᠷ ᠤᠷᠠᠯᠠᠵᠤ ᠭᠡᠯᠬᠢᠨ᠎ᠡ ᠭᠡᠳᠡᠭ ᠲᠠᠰᠪᠦᠷᠢ᠂ ᠲᠠᠭᠠᠭᠠᠴᠨ᠂ ᠬᠦᠯᠢᠴᠡᠩᠬᠦᠢ  ᠨᠢᠮᠪᠠᠢ   ᠶᠢᠨ  ᠠᠯᠢ  ᠠᠯᠢᠨ   ᠨᠢ  ᠭᠡᠷᠡᠭᠳᠡᠢ᠃      ᠠᠷᠤ ᠬᠤᠷᠴᠢᠨ ᠬᠤᠰᠢᠭᠤ ᠡᠷᠳᠡᠨ ᠠᠴᠠ ᠠᠪᠤᠭᠠᠳ ᠤᠷᠠᠨ ᠤᠶᠤᠳᠠᠯ ᠤᠨ ᠪᠤᠷᠬᠠᠨ ᠠᠴᠠ ᠬᠠᠶᠢᠷᠠᠯᠠᠭᠰᠠᠨ ᠦᠪ ᠰᠤᠶᠤᠯ ᠲᠠᠢ᠂ ᠦᠨᠡᠳᠦ ᠡᠷᠳᠡᠨᠢ ᠪᠠᠷ ᠭᠠᠶᠢᠬᠠᠬᠳᠠᠳᠠᠭ ᠭᠠᠵᠠᠷ᠃ ᠠᠷᠤ ᠬᠤᠷᠴᠢᠨ ᠤᠶᠤᠳᠠᠯ ᠤᠨ ᠮᠤᠰᠬᠢᠮᠡᠯ᠂ ᠤᠷᠢᠶᠠᠮᠠᠯ᠂ ᠰᠡᠶᠢᠯᠦᠮᠡᠯ᠂ ᠨᠠᠭᠠᠮᠠᠯ᠂ ᠴᠤᠭᠤᠯᠤᠮᠠᠯ᠂ ᠬᠠᠳᠬᠤᠮᠠᠯ ᠁ ᠵᠡᠷᠭᠡ ᠤᠷᠠᠯᠢᠭ ᠢ ᠮ᠊ · ᠠᠯᠤᠰ ᠦᠰᠦᠭ ᠪᠢᠴᠢᠭ ᠪᠦᠷᠢ ᠳᠡᠭᠡᠨ ᠨᠡᠬᠦᠯᠭᠡᠨ ᠭᠡᠷᠡᠭᠯᠡᠵᠦ᠂ ᠨᠠᠮᠢᠷᠠᠭᠤᠯᠤᠨ ᠭᠡᠷᠡᠯᠳᠦᠬᠦᠯᠦᠭᠰᠡᠨ ᠨᠢ ᠭᠠᠶᠢᠬᠠᠮᠰᠢᠭᠳᠠᠢ ᠪᠠᠭ᠋ᠠᠷᠬᠠᠯ᠃ ︽ᠮᠤᠩᠭᠤᠯ ᠤᠨ ᠨᠢᠭᠤᠴᠠ ᠲᠤᠪᠴᠢᠶᠠᠨ︾ ᠬᠠᠳᠬᠤᠮᠠᠯ ᠤᠨ ᠪᠦᠳᠦᠭᠡᠯ ᠢᠶᠠᠨ ᠡᠩᠬᠡ ᠠᠮᠢᠯᠠᠯ ᠤᠨ ᠨᠤᠭᠤᠭᠠᠨ ᠦᠩᠭᠡ ᠪᠠᠷ ᠲᠡᠪᠢᠰᠭᠡᠷ ᠬᠢᠵᠤ᠂ 12 ᠪᠦᠯᠦᠭ ᠤᠨ ᠬᠠᠪᠢᠰᠦᠨ ᠲᠡᠭᠡᠷ᠎ᠡ ᠪᠠᠨ ᠲᠤᠯᠤᠭᠠᠨ ᠡᠷᠳᠡᠨᠢ ᠨᠠᠢᠮᠠᠨ ᠲᠠᠬᠢᠯ᠂ ᠲᠦᠷᠪᠡᠨ ᠬᠦᠴᠦᠳᠡᠨ᠂ ᠲᠡᠷᠢᠭᠦᠯᠡᠭᠴᠢ ᠴᠡᠴᠡᠭ᠂ ᠱᠤᠩᠬᠤᠷ ᠴᠠᠭᠠᠨ ᠰᠢᠪᠠᠭᠤ ᠵᠡᠷᠭᠡ ᠶᠢ ᠬᠠᠳᠬᠤᠮᠠᠯᠯᠠᠨ ᠭᠠᠷᠴᠠᠭ  ᠢᠶᠠᠨ ᠭᠡ ᠤᠭᠠᠯᠵᠠ᠂ ᠡᠪᠬᠡᠮᠡᠯ ᠲᠢᠭ᠂ ᠭᠦᠢᠯᠡᠰᠦᠨ ᠬᠤᠸᠠᠷ ᠵᠡᠷᠭᠡ ᠪᠠᠷ ᠰᠡᠳᠬᠢᠮᠵᠢᠯᠡᠨ ᠪᠦᠳᠦᠭᠡᠭᠰᠡᠨ ᠨᠢ ᠮ᠊ · ᠠᠯᠤᠰ ᠤᠨ ᠤᠷᠠᠨ ᠰᠠᠨᠠᠭᠠᠨ ᠤ ᠭᠤᠶᠢᠳᠠ ᠲᠠᠰᠤᠷᠬᠠᠢ᠂ ᠦᠪᠡᠷᠮᠢᠴᠡ ᠰᠡᠳᠬᠢᠮᠵᠢ ᠶᠢᠨ ᠲᠤᠳᠤ ᠨᠠᠮᠪᠠ ᠶᠢ ᠢᠯᠡᠳᠭᠡᠨ ᠬᠠᠷᠠᠭᠤᠯᠵᠠᠢ᠃ ᠲᠡᠷᠡ ᠪᠠᠰᠠ ︽ᠮᠤᠩᠭᠤᠯ ᠤᠨ ᠨᠢᠭᠤᠴᠠ ᠲᠤᠪᠴᠢᠶᠠᠨ︾ ᠤ 12 ᠪᠦᠯᠦᠭ ᠠᠴᠠ ᠭᠠᠳᠠᠨ᠎ᠠ ᠴᠢᠩᠬᠢᠰ ᠬᠠᠭᠠᠨ᠂ ᠪᠦᠷᠳᠡ ᠦᠵᠢᠨ᠂ ᠬᠠᠰᠠᠷ᠂ ᠪᠡᠯᠭᠦᠳᠡᠢ ᠵᠢᠴᠢ ᠴᠢᠩᠬᠢᠰ ᠤᠨ ᠲᠦᠷᠪᠡᠨ ᠬᠦᠯᠦᠭ᠂ ᠲᠦᠷᠪᠡᠨ ᠨᠤᠬᠠᠢ ᠶᠢᠨ ᠬᠦᠷᠦᠭ ᠵᠢᠷᠤᠭ ᠤᠳ ᠢ ᠬᠠᠳᠬᠤᠮᠠᠯᠯᠠᠨ ᠨᠡᠶᠢᠳᠡ 13 ᠪᠦᠯᠦᠭ ᠪᠤᠯᠭᠠᠪᠠ᠃ ᠬᠠᠳᠬᠤᠮᠠᠯᠯᠠᠭᠰᠠᠨ ᠬᠠᠭᠤᠳᠠᠰᠤ ᠪᠤᠯᠭᠠᠨ ᠢᠶᠠᠨ ᠶᠢᠰᠦᠨ ᠡᠷᠳᠡᠨᠢ ᠶᠢᠨ ᠨᠢᠭᠡ ᠪᠤᠯᠬᠤ ᠱᠢᠷᠦ ᠪᠠᠷ ᠬᠡᠯᠬᠢᠨ ᠬᠤᠯᠪᠤᠵᠤ ᠭᠤᠷᠪᠠᠨ ᠦᠭᠡᠷ ᠤᠨ ᠵᠦᠢᠳᠡᠯ ᠦᠭᠡᠢ ᠠᠷᠠᠰᠤ ᠪᠠᠷ ᠭᠤᠷᠪᠠᠨ ᠠᠷᠠᠰᠤᠨ ᠠᠪᠳᠠᠷ᠎ᠠ ᠬᠢᠯᠭᠡᠨ ᠨᠢᠮᠪᠠᠶᠢᠯᠠᠨ ᠪᠠᠭᠯᠠᠭᠰᠠᠨ ᠶᠤᠮ᠃      ᠮ᠊ · ᠠᠯᠤᠰ ᠡᠨᠡᠬᠦ ᠦᠪᠡᠷ ᠤᠨ ᠬᠦᠳᠡᠯᠮᠦᠷᠢ ᠠᠴᠠ ᠪᠠᠨ ᠭᠠᠳᠠᠨ᠎ᠠ ᠶᠡᠭᠡ ᠭᠡᠮᠵᠢᠶᠠᠨ ᠤ ᠪᠡᠯᠡ ᠤᠷᠤᠭᠤᠯᠤᠭᠰᠠᠨ ᠲᠤᠮᠤᠬᠠᠨ ᠪᠦᠳᠦᠭᠡᠯ ᠢᠶᠠᠨ ᠤᠶᠤᠵᠤ ᠲᠠᠭᠤᠰᠬᠠᠭᠠᠳ ︽ᠶᠠᠮᠠᠷ ᠨᠢᠭᠡᠨ ᠲᠡᠦᠭᠡᠳᠦ ᠡᠬᠦᠷᠭᠡ ᠪᠠᠨ ᠪᠠᠶᠠᠯᠡᠬᠦᠯᠦᠭᠰᠡᠨ ᠰᠢᠭ ᠪᠡᠶ᠎ᠡ ᠰᠡᠳᠬᠢᠯ ᠮᠢᠨᠢ ᠰᠠᠷᠠᠭᠤᠯᠵᠢᠨ ᠴᠡᠯᠮᠡᠭᠰᠢᠵᠤ᠂ ᠪᠤᠷᠬᠠᠨ ᠲᠡᠭᠷᠢ ᠴᠦ ᠨᠠᠮᠠᠢᠢ ᠢᠪᠡᠭᠡᠯ᠎ᠠ︾ ᠭᠡᠵᠤ ᠪᠤᠳᠤᠭᠰᠠᠨ ᠢᠶᠠᠨ ᠨᠢᠭᠤᠯ ᠦᠭᠡᠢ ᠶᠠᠷᠢᠵᠤ ᠦᠪᠡᠷ ᠢ ᠪᠠᠨ ᠲᠡᠶᠢᠯᠪᠤᠷᠢᠯᠠᠪᠠ᠃      — ᠲᠤᠰ ᠪᠦᠳᠦᠭᠡᠯ ᠢᠶᠠᠨ ᠪᠦᠳᠦᠭᠡᠬᠦ ᠳᠤ ᠵᠦᠳᠡᠷᠡᠵᠤ ᠴᠦᠭᠦᠷᠡᠵᠤ ᠪᠠᠶᠢᠭᠰᠠᠨ ᠤᠤ︖      — ᠬᠦᠮᠦᠨ ᠲᠤᠷᠠᠳᠠᠢ ᠵᠦᠢᠯ ᠤᠨ ᠢᠶᠠᠨ ᠲᠦᠯᠦᠭᠡ ᠵᠦᠳᠡᠷᠡᠬᠦ ᠨᠢ ᠶᠠᠭᠤᠨ ᠠᠴᠠ ᠴᠦ ᠢᠯᠡᠭᠦᠦ ᠵᠤᠯ ᠵᠢᠷᠭᠠᠯ ᠲᠠᠢ ᠰᠠᠨᠠᠭᠳᠠᠳᠠᠭ᠃ ᠭᠡᠷ ᠤᠨ ᠠᠵᠢᠯ ᠠᠮᠢᠳᠤᠷᠠᠯ ᠳᠤ ᠨᠦᠬᠦᠷ ᠮᠢᠨᠢ ᠮᠠᠰᠢ ᠲᠤᠰᠠ ᠲᠡᠮᠵᠢᠯᠭᠡ ᠦᠵᠡᠬᠦᠯᠦᠭᠰᠡᠨ᠂ ᠲᠡᠬᠡᠬᠦ ᠦᠭᠡᠢ ᠪᠤᠯ ᠪᠢ ᠴᠢᠨᠢ ᠦᠨᠦᠳᠦᠷ ᠤᠨ ᠠᠮᠵᠢᠯᠳᠠ ᠳᠤ ᠬᠦᠷᠴᠦ ᠴᠢᠳᠠᠬᠤ ᠦᠭᠡᠢ ᠪᠠᠶᠢᠬ᠎ᠠ ᠭᠡᠵᠤ ᠴᠠᠭᠠᠪᠤᠷ ᠢᠨᠢᠶᠠᠮᠰᠦᠭᠯᠡᠪᠠ᠃      ᠮᠤᠩᠭᠤᠯ ᠦᠨᠳᠦᠰᠦᠳᠠᠨ ᠤ ᠮᠢᠨᠢ ᠤᠯᠠᠮᠵᠢᠯᠠᠭᠳᠠᠵᠤ ᠢᠷᠡᠭᠰᠡᠨ ᠤᠷᠠᠨ ᠤᠶᠤᠳᠠᠯ᠂ ᠤᠷᠠᠨ ᠰᠡᠳᠬᠢᠮᠵᠢ ᠢᠳᠡᠭ ᠢᠳᠡᠭ ᠢᠶᠠᠷ ᠮᠠᠷᠳᠠᠭᠳᠠᠨ ᠤᠷᠬᠢᠭᠳᠠᠵᠤ ᠪᠠᠶᠢᠭ᠎ᠠ ᠡᠨᠡ ᠡᠷᠡᠨ ᠳᠤ ᠮ᠊ · ᠠᠯᠤᠰ ᠤᠨ ︽ᠮᠤᠩᠭᠤᠯ ᠤᠨ ᠨᠢᠭᠤᠴᠨ ᠲᠤᠪᠴᠢᠶᠠᠨ︾ ᠢ ᠤᠷᠠᠯᠠᠨ ᠤᠶᠤᠭᠰᠠᠨ ᠴᠠᠭ ᠵᠠᠢ᠂ ᠬᠦᠳᠡᠯᠮᠦᠷᠢ ᠲᠡᠮᠡᠴᠠᠯ ᠢᠶᠠᠷ ᠭᠡᠦᠭᠡᠳ ᠲᠠᠬᠦᠦ ᠨᠠᠷ  ᠲᠠᠭᠠᠨ ᠡᠳᠡᠭᠡᠷ ᠬᠤᠯᠠᠳᠠᠵᠤ ᠪᠠᠶᠢᠭ᠎ᠠ ᠰᠤᠶᠤᠯ ᠤᠨ ᠦᠨ᠎ᠡ ᠴᠠᠨ᠎ᠠ᠂ ᠴᠢᠰᠦ ᠮᠢᠬᠠᠨ ᠳᠤ ᠨᠠᠪᠴᠢᠵᠤ ᠪᠠᠶᠢᠭ᠎ᠠ ᠲᠡᠰᠪᠦᠷᠢ‌‍ᠲ᠋ᠡᠪᠴᠢᠶᠡᠷᠢ ᠲᠠᠢ ᠤᠤᠷ ᠵᠤᠷᠢᠭ ᠰᠠᠨᠠᠭ᠎ᠠ ᠶᠢ ᠮᠡᠳᠡᠬᠦᠯᠬᠦ ᠭᠡᠵᠤ ᠪᠦᠳᠦᠭᠡᠭᠰᠡᠨ ᠪᠦᠳᠦᠭᠡᠯ ᠢ ᠨᠢ ᠤᠷᠳᠤᠰ ᠬᠤᠳᠠ ᠶᠢᠨ ᠦᠨᠳᠦᠰᠦᠳᠠᠨ ᠤ ᠭᠠᠷ ᠤᠷᠠᠯᠠᠯ ᠤᠨ ᠮᠦᠽᠸᠢ᠂ ᠠᠷᠤ ᠬᠤᠷᠴᠢᠨ ᠬᠤᠰᠢᠭᠤᠨ ᠤ ᠰᠤᠶᠤᠯ ᠤᠨ ᠮᠦᠽᠸᠢ ᠬᠠᠳᠠᠭᠠᠯᠠᠬᠤ ᠰᠠᠨᠠᠭ᠎ᠠ ᠪᠠᠨ ᠢᠯᠡᠷᠭᠡᠶᠢᠯᠡᠭᠰᠡᠨ᠃ ᠲᠡᠷᠡ ᠮᠢᠨᠢ᠄ ︽︿ᠨᠢᠭᠤᠴᠨ ᠲᠤᠪᠴᠢᠶᠠᠨ﹀ ᠮᠠᠨᠢ ︿ᠢᠯᠡ ᠲᠤᠪᠴᠢᠶᠠᠨ﹀ ᠪᠤᠯᠬᠤ ᠵᠠᠮ ᠢᠶᠠᠨ ᠡᠯᠬᠦᠬᠦ ᠪᠢᠵᠠ︾ ᠭᠡᠳ ᠰᠠᠯᠵᠤ ᠶᠠᠳᠠᠭᠰᠠᠨ ᠶᠤᠮ ᠰᠢᠭ᠋ ᠲᠦᠬᠦᠷᠡᠩ ᠨᠤᠮ ᠰᠠᠪᠠᠯᠠᠭᠰᠠᠨ ᠠᠷᠠᠰᠤᠨ ᠠᠪᠳᠠᠷ᠎ᠠ ᠪᠠᠨ ᠢᠯᠪᠢᠪᠠ᠃             ᠶᠤᠰᠤᠳᠠᠢ ᠡᠷᠳᠡᠨ ᠤ ᠨᠠᠩᠬᠢᠶᠠᠳ ᠤᠨ ᠰᠢᠯᠦᠭ ᠲᠤ᠄       ᠤᠷᠠᠨ ᠬᠠᠵᠢᠨ ᠤ ᠰᠠᠶᠢᠯᠪᠤᠷᠢ ᠬᠤᠸᠠᠷ ᠢᠶᠠᠨ ᠠᠪᠠᠭᠠᠢ ᠲᠠᠨ ᠳᠤ ᠪᠠᠨ ᠦᠵᠡᠬᠦᠯᠬᠦ ᠢᠨᠦ       ᠤᠷᠠᠯᠠᠨ ᠬᠠᠳᠬᠤᠬᠤ ᠠᠯᠳᠠᠨ ᠵᠡᠬᠦᠦ ᠪᠠᠨ ᠤᠯᠠᠮᠵᠢᠯᠠᠨ ᠦᠭᠬᠦ ᠶᠢᠨ ᠲᠦᠯᠦᠭᠡ ᠭᠡᠳᠡᠭ ᠲᠤ ᠪᠠᠶᠢᠬ᠎ᠠ ᠡ ︵ ᠪᠠᠶᠢᠬᠤ ᠡ︶              ᠤᠷᠠᠯᠢᠭᠴᠢ ᠪᠦᠰᠡᠬᠦᠢ ᠶᠢᠨ ᠡᠷᠢᠯ — ᠪᠤᠷᠬᠠᠨ ᠴᠢᠯᠠᠭᠤᠨ ᠤ ᠰᠤᠷᠠᠭ      ᠮ᠊ · ᠠᠯᠤᠰ ᠤᠨ ᠦᠷᠬᠦᠭᠡ ᠴᠠᠭᠠᠨ ᠭᠡᠷ᠂ ᠠᠷᠤ ᠬᠤᠷᠴᠢᠨ ᠬᠤᠰᠢᠭᠤᠨ ᠤ ᠪᠤᠭᠳᠠ ᠠᠭᠤᠯᠠ ᠶᠢᠨ ᠡᠩᠭᠡᠷ  ᠲᠤ ᠪᠠᠶᠢᠳᠠᠭ᠃ ᠠᠭᠤᠯᠠ ᠪᠠᠨ ᠲᠦᠰᠢᠭᠰᠡᠨ ᠬᠦᠮᠦᠨ ᠳᠤ ᠤᠬᠠᠭᠠᠨ ᠰᠠᠭᠤᠨ᠎ᠠ ᠭᠡᠳᠡᠭ ᠦᠨᠡᠨ ᠪᠤᠯᠪᠠ ᠤᠤ ᠳ᠋ᠠ᠃      ᠠᠯᠢ ᠡᠷᠳᠡ ᠭᠤᠷᠪᠠᠨ ᠵᠠᠭᠤᠭᠠᠳ ᠵᠢᠯ ᠤᠨ ᠲᠡᠷᠳᠡᠭᠡ ᠬᠠᠰᠠᠷ ᠪᠤᠭᠳᠠ ᠶᠢᠨ ᠬᠤᠶᠢᠴᠢ ᠬᠦᠨᠳᠡᠯᠡᠨ ᠲᠠᠶᠢᠴᠢᠩ  ᠤᠨ ᠦᠷᠡᠰ ᠬᠦᠯᠦᠨ ᠪᠤᠶᠢᠷ ᠠᠴᠠ ᠢᠨᠠᠭᠰᠢ ᠲᠠᠰᠤᠷᠠᠨ ᠨᠡᠬᠦᠳᠡᠯᠯᠡᠬᠦ ᠳᠡᠭᠡᠨ ᠬᠦᠯᠦᠨ ᠪᠤᠶᠢᠷ ᠲᠠᠬᠢ ᠪᠤᠭᠳᠠ ᠠᠭᠤᠯᠠᠨ ᠤ ᠴᠢᠯᠠᠭᠤᠨ ᠠᠴᠠ ᠡᠪᠦᠷᠳᠦᠯᠡᠵᠦ ᠢᠷᠡᠭᠰᠡᠨ ᠢ ᠨᠢ ᠭᠡᠰᠡᠷ ᠪᠤᠭᠳᠠ ᠶᠢᠨ ᠬᠤᠷᠢᠨ ᠭᠤᠷᠪᠠᠳᠤᠭᠠᠷ ᠦᠶ᠎ᠡ  ᠶᠢᠨ ᠬᠤᠶᠢᠴᠢ ᠪᠤᠯᠤᠭᠴᠢ ᠳ᠋ᠠᠭᠳᠠᠨ ᠨᠤᠶᠠᠨ᠂ ᠤᠳᠤ ᠶᠢᠨ ᠶᠠᠷᠢᠭᠳᠠᠵᠤ ᠪᠤᠢ ᠪᠤᠭᠳᠠ ᠠᠭᠤᠯᠠᠨ ᠳᠤ ᠤᠪᠤᠭ᠎ᠠ ᠪᠤᠰᠬᠠᠨ ᠲᠠᠬᠢᠵᠦ ᠲᠠᠯᠪᠢᠭᠰᠠᠨ ᠠᠴᠠ ᠪᠤᠭᠳᠠ ᠠᠭᠤᠯᠡ ᠭᠡᠵᠤ ᠨᠡᠷᠡᠶᠢᠳᠦᠭᠳᠡᠯ᠎ᠠ ᠭᠡᠳᠡᠭ᠃ ᠮᠠᠯᠴᠢᠳ ᠮᠠᠨᠢ ᠰᠦᠵᠢᠭ ᠪᠢᠰᠢᠷᠠᠯ ᠲᠠᠢ᠂ ᠤᠩᠭᠤᠨ ᠲᠠᠷᠬᠠᠨ ᠠᠭᠤᠯᠠ ᠤᠰᠤᠨ ᠤ ᠰᠢᠷᠦᠢ ᠴᠢᠯᠠᠭᠤ ᠶᠢ ᠲᠤᠷ᠎ᠠ ᠪᠠᠷ ᠢᠶᠠᠨ ᠬᠦᠳᠡᠯᠭᠡᠳᠡᠭ ᠦᠭᠡᠢ᠃ 2003 ᠤᠨ ᠳᠤ ᠠᠷᠤ ᠬᠤᠷᠴᠢᠨ ᠬᠤᠰᠢᠭᠤ ᠵᠠᠰᠠᠭ ᠤᠨ ᠤᠷᠳᠤᠨ ᠨᠢ ᠬᠠᠰᠠᠷ ᠤᠪᠤᠭᠠᠨ ᠤ ᠲᠠᠬᠢᠯᠭ᠎ᠠ  ᠶᠢ ᠬᠤᠰᠢᠭᠤᠨ ᠲᠦᠪ ᠴᠢᠪᠠᠭ᠎ᠠ ᠪᠠᠯᠭᠠᠰᠤᠨ᠎ᠠ ᠰᠢᠯᠵᠢᠬᠦᠯᠦᠭᠰᠡᠨ ᠪᠤᠯᠪᠠᠴᠦ ᠬᠤᠨᠳᠤ ᠶᠢᠨ ᠤᠪᠤᠭ᠎ᠠ ᠶᠢ ᠬᠦᠳᠡᠯᠭᠡᠵᠦ ᠰᠢᠯᠵᠢᠬᠦᠯᠦᠭᠰᠡᠨ ᠦᠭᠡᠢ᠂ ᠬᠠᠰᠠᠷ ᠪᠤᠭᠳᠠ ᠶᠢᠨ ᠲᠠᠷᠬᠠᠨ ᠨᠤᠳᠤᠭ ᠪᠤᠯᠤᠭᠰᠠᠨ ᠬᠦᠯᠦᠨ ᠪᠤᠶᠢᠷ ᠲᠤ ᠤᠴᠢᠵᠤ ᠪᠤᠭᠳᠠ ᠠᠭᠤᠯᠠ ᠶᠢᠨ ᠴᠢᠯᠠᠭᠤ ᠶᠢ ᠵᠠᠯᠠᠨ ᠠᠪᠴᠢᠷᠠᠵᠤ ᠱᠦᠩ ᠲᠠᠷᠤᠭᠰᠠᠨ ᠶᠤᠮ᠃ ᠬᠠᠰᠠᠷ ᠤᠨ ᠤᠪᠤᠭ᠎ᠠ ᠶᠢᠨ ᠲᠠᠬᠢᠯᠭ᠎ᠠ ᠶᠢ ᠴᠢᠪᠠᠭ᠎ᠠ ᠳᠤ ᠰᠢᠯᠵᠢᠬᠦᠯᠦᠭᠰᠡᠨ ᠤ ᠭᠡᠳᠦᠨ ᠵᠢᠯ ᠤᠨ ᠲᠠᠷᠠᠭ᠎ᠠ ᠪᠤᠭᠳᠠ ᠠᠭᠤᠯᠠ ᠶᠢᠨ ᠲᠠᠨᠢᠭᠡᠷ ᠴᠢᠯᠠᠭᠤ ᠠᠭᠤᠷᠬᠠᠢ ᠬᠠᠶᠢᠭᠴᠢᠳ ᠲᠤ ᠲᠠᠨᠢᠭᠳᠠᠭᠰᠠᠨ ᠶᠤᠮ᠂ ᠲᠡᠭᠡᠭᠡᠳ ᠯᠡ ᠮᠠᠯᠳᠠᠭᠳᠠᠯ᠎ᠠ᠃ ︽ᠰᠡᠳᠬᠢᠯ ᠡᠮᠵᠡᠭᠯᠡᠬᠦ ᠳᠡᠭᠡᠨ ᠴᠢᠯᠠᠭᠤᠨ ᠤ ᠲᠤᠬᠠᠢ ᠰᠢᠯᠦᠭ ᠪᠢᠴᠢᠵᠦ ᠡᠬᠢᠯᠡᠭᠰᠡᠨ᠂ ᠦᠨᠡᠨᠳᠡᠭᠡᠨ ᠮᠢᠨᠦ ᠵᠢᠷᠦᠭᠡᠨ ᠦᠴᠢᠯ ᠪᠠᠶᠢᠭᠰᠠᠨ ᠶᠤᠮ︾  ᠭᠡᠵᠤ ᠮ᠊ · ᠠᠯᠤᠰ ᠶᠠᠷᠢᠨ᠎ᠠ᠃      — ᠲᠡᠶᠢᠮᠦ ᠳ᠋ᠠ᠂ ᠲᠠᠨ ᠤ ︽ᠪᠤᠷᠠᠬᠨ ᠴᠢᠯᠠᠭᠤᠨ ᠤ ᠰᠤᠷᠠᠭ︾  ᠬᠡᠬᠦ ᠵᠤᠬᠢᠶᠠᠯ ᠢ ᠤᠩᠰᠢᠭᠠᠳ ᠲᠤᠩ ᠰᠡᠳᠬᠢᠯ ᠬᠦᠳᠡᠯᠦᠭᠰᠡᠨ᠂ ᠲᠡᠭᠡᠬᠦ ᠳᠤ ᠲᠠᠨ ᠤ ᠲᠡᠷᠡ ᠪᠦᠳᠦᠭᠡᠯ ᠨᠢ ᠤᠳᠤ ᠶᠢᠨ ᠬᠢᠵᠦ ᠪᠠᠶᠢᠭ᠎ᠠ ᠴᠢᠯᠠᠭᠤᠨ ᠰᠡᠶᠢᠯᠪᠤᠷᠢ ᠲᠠᠢ ᠶᠡᠭᠡ ᠬᠠᠷᠢᠴᠠᠭ᠎ᠠ ᠲᠠᠢ ᠪᠤᠯᠪᠠ ᠤᠤ︖      — ᠴᠢᠯᠠᠭᠤ ᠨᠡᠭᠦᠳᠡᠭ ᠶᠤᠮ᠂ ᠪᠢ ᠴᠢᠯᠠᠭᠤ ᠲᠠᠢ ᠪᠠᠨ ᠶᠠᠷᠢᠳᠠᠭ ᠪᠠᠶᠢᠭᠰᠠᠨ ᠶᠤᠮ᠂ ᠴᠢᠯᠠᠭᠤ ᠨᠠᠳᠠ ᠡᠭᠡ ᠪᠠᠶᠢᠭᠠᠯᠢ ᠶᠢᠨ ᠤᠷ᠎ᠠ ᠲᠠᠷᠬᠠᠨ᠂ ᠠᠪᠤ ᠬᠦᠮᠦᠨ ᠤ ᠡᠷᠡᠰ ᠬᠠᠳᠠᠭᠤ᠂ ᠡᠵᠢ ᠬᠦᠮᠦᠨ ᠤ ᠠᠭᠤᠳᠠᠮ ᠪᠠᠭᠳᠠᠭᠠᠮᠵᠢ ᠶᠢ ᠪᠤᠳᠤᠭᠳᠠᠭᠤᠯᠳᠠᠭ᠂ ᠦᠭᠡᠷ᠎ᠡ ᠪᠠᠷ ᠭᠡᠯᠡᠪᠡᠯ ᠠᠭᠤᠯᠠ ᠶᠢᠨ ᠴᠢᠯᠠᠭᠤ ᠨᠠᠳᠠ ᠡᠪᠦᠭᠡ ᠲᠡᠭᠡᠳᠦᠰ ᠲᠠᠢ ᠪᠠᠨ ᠦᠭᠡ ᠭᠡᠯᠨ  ᠪᠠᠷ ᠨᠠᠪᠳᠡᠷᠡᠬᠦ ᠲᠤᠬᠢᠶ᠎ᠠ ᠪᠠᠶᠢᠭᠰᠠᠨ ᠶᠤᠮ ᠁ ᠭᠡᠵᠦ ᠶᠠᠷᠢᠵᠤ ᠪᠠᠶᠢᠯ᠎ᠠ᠃
        ᠮ᠊ · ᠠᠯᠣᠰ ᠤᠨ ᠰᠡᠶᠢᠯᠪᠤᠷᠢᠯᠡᠭᠰᠡᠨ‌‍ᠲ᠋ᠤᠭᠤᠷᠢᠭ ᠬᠡᠯᠪᠡᠷᠢᠳᠡᠢ         ᠴᠢᠩᠬᠢᠰ ᠤᠨ ᠪᠢᠯᠢᠭ ᠰᠤᠷᠭᠠᠯ ᠤᠨ ᠪᠢᠴᠢᠭᠡᠰᠦ             ᠲᠡᠶᠢᠮᠦ ᠪᠠᠶᠢᠬ᠎ᠠ ᠡ᠂ ᠰᠦᠵᠢᠭ ᠪᠢᠰᠢᠷᠡᠯ ᠢᠶᠠᠷ ᠠᠭᠤᠯᠠ ᠤᠰᠤᠨ ᠤ ᠪᠠᠨ ᠰᠢᠷᠭᠡᠭ ᠡᠪᠡᠰᠦ᠂ ᠮᠦᠬᠦᠯᠢᠭ ᠰᠢᠷᠦᠢ ᠲᠠᠢ ᠪᠠᠨ ᠬᠤᠯᠪᠤᠭ᠎ᠠ ᠲᠠᠢ ᠶᠠᠪᠤᠭᠰᠠᠨ ᠮ᠊ · ᠠᠯᠤᠰ ︽ᠮᠤᠩᠭᠤᠯ ᠤᠨ ᠨᠢᠭᠤᠴᠠ ᠲᠤᠪᠴᠢᠶᠠᠨ︾ ᠢᠶᠠᠨ ᠪᠦᠳᠦᠭᠡᠵᠤ ᠪᠠᠷᠠᠭᠠᠭᠠᠳ᠂ ᠡᠳᠦᠷ ᠤᠨ ᠰᠠᠶᠢᠨ ᠢ ᠰᠤᠩᠭᠤᠵᠤ᠂ ᠪᠤᠭᠳᠠ ᠠᠭᠤᠯᠠᠨ ᠤ ᠪᠠᠨ ᠲᠡᠨᠢᠭᠡᠷ ᠴᠢᠯᠠᠭᠤᠨ ᠲᠡᠭᠡᠷ᠎ᠡ ᠰᠢᠳᠦᠭᠡᠨ ᠲᠡᠭᠡᠳᠦᠰ ᠪᠤᠯᠬᠤ ᠴᠢᠩᠬᠢᠰ ᠬᠠᠭᠠᠨ ᠤ ᠪᠠᠨ ᠪᠢᠯᠢᠭ ᠰᠤᠷᠭᠠᠯ ᠢ ᠮᠤᠩᠭᠤᠯ ᠬᠢᠳᠡᠳ ᠬᠤᠤᠰ ᠬᠡᠯᠡ ᠪᠠᠷ ᠰᠠᠶᠢᠯᠦᠨ ᠠᠮᠢᠯᠠᠭᠤᠯᠵᠤ᠂ ᠴᠢᠯᠠᠭᠤᠨ ᠪᠢᠴᠢᠭᠳᠦ ᠨᠤᠮ ᠲᠤᠪᠬᠢᠬᠤ ᠤᠴᠢᠷᠳᠠᠶᠢᠬᠠᠨ ᠠᠵᠤ ᠦᠢᠯᠡ ᠪᠠᠨ ᠡᠬᠢᠯᠡᠬᠦᠯᠵᠡᠢ᠃      ᠲᠡᠷᠡ ᠮᠠᠨᠢ ᠠᠭᠤᠯᠠᠨ ᠠᠴᠠ ᠲᠡᠨᠢᠭᠡᠷ ᠴᠢᠯᠠᠭᠤ ᠰᠤᠩᠭᠤᠵᠤ᠂ ᠰᠤᠩᠭᠤᠭᠰᠠᠨ ᠴᠢᠯᠠᠭᠤ ᠪᠠᠨ ᠪᠠᠭᠠᠷᠢᠨ ᠪᠠᠷᠠᠭᠤᠨ ᠬᠤᠰᠢᠭᠤᠨ ᠤ ᠶᠡᠭᠡ ᠪᠠᠶᠢᠰᠢᠩ ᠪᠠᠯᠭᠠᠰᠤᠨ ᠳᠤ ᠠᠪᠠᠴᠢᠵᠤ ᠳ᠋ᠢᠶᠠᠮᠧᠲᠷ ᠨᠢ 30 ᠰᠠᠨᠲ᠋ᠢᠮᠧᠲᠷ ᠤᠨ ᠨᠢᠭᠡ ᠬᠡᠮ ᠲᠠᠢ ᠲᠤᠭᠤᠷᠢᠭ ᠪᠤᠯᠭᠠᠵᠤ ᠵᠦᠰᠦᠭᠦᠯᠵᠤ ᠵᠦᠢᠴᠢᠯᠡᠬᠦᠯᠪᠠ᠃ ᠲᠠᠭᠠᠤ ᠳᠤᠨᠢ ︽ᠴᠢᠩᠬᠢᠰ ᠤᠨ ᠪᠢᠯᠢᠭ ᠰᠤᠷᠭᠠᠯ︾ ᠤᠨ ᠲᠤᠬᠠᠢ ᠬᠠᠭᠤᠴᠢᠨ ᠨᠤᠮ ᠪᠢᠴᠢᠭ ᠢ ᠬᠠᠶᠢᠵᠤ ᠴᠤᠭᠯᠠᠭᠤᠯᠪᠠ᠃ ᠲᠡᠭᠡᠭᠡᠳ ᠴᠢᠯᠠᠭᠤᠨ ᠲᠡᠭᠡᠷ᠎ᠡ ᠪᠠᠨ ᠪᠢᠯᠢᠭ ᠰᠤᠷᠭᠠᠯ ᠢᠶᠠᠨ ᠪᠢᠴᠢᠭᠯᠡᠵᠤ ᠰᠡᠶᠢᠯᠪᠦᠷᠢᠯᠡᠬᠦ ᠮᠡᠷᠭᠡᠵᠢᠯ ᠢ ᠲᠤᠰᠬᠠᠢ ᠰᠤᠷᠤᠯᠴᠠᠯ᠎ᠠ᠂ ᠦᠪᠡᠷ ᠢᠶᠠᠨ ᠮᠠᠰᠢᠨ ᠲᠤᠨᠤᠭᠯᠠᠯ ᠪᠡᠯᠡᠳᠭᠡᠯ᠎ᠠ᠂ ᠲᠡᠭᠡᠵᠦ ᠪᠦᠬᠦ ᠪᠡᠯᠡᠳᠬᠡᠯ ᠢᠶᠠᠨ ᠬᠢᠵᠦ ᠪᠠᠷᠠᠳᠠᠯ᠎ᠠ ᠬᠠᠭᠠᠰ ᠵᠢᠯ ᠤᠨ ᠴᠠᠭ ᠭᠡᠷᠡᠭᠰᠡᠵᠠᠢ᠃      — ᠲᠠ ᠡᠨᠡᠬᠦ ᠲᠤᠭᠤᠷᠢᠭ ᠬᠡᠯᠪᠡᠷᠢᠳᠡᠢ ᠴᠢᠩᠬᠢᠰ ᠤᠨ ᠪᠢᠯᠢᠭ ᠰᠤᠷᠭᠠᠯ ᠤᠨ ᠪᠢᠴᠢᠭᠡᠰᠦ ᠶᠢ ᠬᠡᠳᠦᠢ ᠢᠵᠢ ᠬᠢᠬᠦ ᠪᠠᠷ ᠲᠦᠰᠦᠪᠯᠡᠵᠤ ᠪᠤᠢ︖      — 30 ᠢᠵᠢ ᠬᠢᠶ᠎ᠡ ᠭᠡᠵᠤ ᠲᠦᠰᠦᠪᠯᠡᠭᠡᠳ ᠬᠢᠵᠤ ᠪᠤᠢ᠃ ᠤᠳᠤ ᠬᠠᠭᠠᠰ ᠢᠯᠡᠭᠦᠦ ᠶᠢ ᠨᠢ ᠬᠢᠴᠢᠬᠡᠯ᠎ᠡ᠃ ᠲᠠᠷᠠᠭ᠎ᠠ ᠵᠢᠯ ᠤᠨ ᠡᠭᠢ ᠪᠠᠷ ᠪᠡᠶᠡᠯᠡᠴᠢᠬᠡᠬᠦ ᠪᠠᠶᠢᠬ᠎ᠠ᠃      ᠶᠤᠰᠤᠳᠠᠢ ︽ᠬᠤᠯᠡ ᠭᠡᠮᠡᠨ ᠪᠤᠤ ᠴᠦᠬᠦ ᠶᠠᠪᠤᠪᠠᠰᠤ ᠬᠦᠷᠦᠶᠦ᠂ ᠬᠦᠨᠳᠦ ᠬᠡᠮᠡᠨ ᠪᠤᠤ ᠠᠶᠤ ᠡᠷᠬᠦᠪᠡᠰᠦ ᠲᠠᠭᠠᠭᠠᠶᠤ︾ ᠭᠡᠮᠡᠬᠦ ᠪᠤᠭᠳᠠ ᠴᠢᠩᠬᠢᠰ ᠤᠨ ᠬᠤᠶᠢᠴᠢᠰ ᠲᠠᠭᠠᠨ ᠰᠤᠷᠭᠠᠮᠵᠢᠯᠠᠭᠰᠠᠨ ᠭᠡᠭᠡᠨ ᠦᠭᠡ ᠡᠶᠢᠨ ᠬᠦ ᠤᠴᠢᠷ  ᠢᠶᠠᠨ ᠤᠯᠳᠠᠭ ᠪᠠᠶᠢᠵᠠᠢ᠃ ᠮ᠊ · ᠠᠯᠤᠰ ᠤᠨ ᠪᠦᠳᠦᠭᠡᠭᠰᠡᠨ ᠴᠢᠩᠬᠢᠰ ᠬᠠᠭᠠᠨ ᠤ ᠪᠢᠯᠢᠭ ᠰᠤᠷᠭᠠᠯ ᠤᠨ ᠴᠢᠯᠠᠭᠤᠨ ᠰᠡᠶᠢᠯᠦᠮᠡᠯ ᠨᠢ ᠲᠡᠷᠳᠡᠭᠡ ᠵᠠᠭᠤᠨ ᠤ ᠰᠤᠷᠠᠭ ᠲᠤᠬᠢᠶ᠎ᠠ ᠪᠤᠯᠵᠤ  ᠴᠢᠯᠠᠭᠤᠨ ᠪᠢᠴᠢᠭ ᠢᠶᠠᠷ ᠲᠠ ᠪᠦᠬᠦᠨ ᠳᠤ ᠨᠠᠪᠳᠡᠷᠡᠨ᠎ᠠ ᠭᠡᠵᠤ ᠪᠢ ᠢᠳᠡᠭᠡᠳᠡᠭ ᠶᠤᠮ᠃ ᠡᠬᠦᠨ ᠢ ᠯᠡ ᠪᠤᠷᠬᠠᠨ ᠴᠢᠯᠠᠭᠤᠨ ᠤ ᠰᠤᠷᠠᠭ ᠭᠡᠬᠦ ᠪᠠᠶᠢᠬ᠎ᠠ ᠡ᠃           ᠤᠬᠠᠭᠠᠨ ᠲᠠᠮᠢᠷ ᠢᠶᠠᠷ ᠦᠷᠬᠦᠯᠵᠢᠯᠠᠬᠦ ᠤᠳᠬ᠎ᠠ ᠶᠢᠨ ᠡᠷᠢᠭᠡ ᠶᠢᠨ ᠲᠤᠭᠠᠯᠠᠨ      ᠮ᠊ · ᠠᠯᠤᠰ ᠤᠷᠠᠨ ᠬᠠᠳᠬᠤᠮᠠᠯ᠂ ᠴᠢᠯᠠᠭᠤᠨ ᠰᠡᠶᠢᠯᠦᠮᠡᠯ ᠭᠡᠵᠤ ᠶᠠᠭᠠᠷᠠᠬᠤ ᠶᠢᠨ ᠲᠠᠰᠢᠷᠠᠮ ᠢᠶᠠᠷ ᠤᠭ ᠠᠴᠠ ᠬᠠᠶᠢᠷᠠᠳᠠᠢ ᠰᠢᠯᠦᠭ ᠵᠤᠬᠢᠶᠠᠯ ᠢᠶᠠᠨ ᠶᠡᠷᠦ ᠠᠴᠠ ᠬᠠᠶᠠᠭᠠᠨ ᠳᠠᠭᠠᠨ ᠬᠠᠶᠠᠭ᠎ᠠ ᠦᠭᠡᠢ᠃ ᠴᠢᠯᠦᠭᠡ ᠵᠠᠪ ᠢᠶᠠᠷ ᠤᠷᠠᠨ ᠪᠦᠳᠦᠭᠡᠯ ᠢᠶᠠᠨ ᠤᠷᠤᠯᠳᠤᠵᠤ᠂ ᠪᠦᠬᠦ ᠤᠯᠤᠰ ᠤᠨ ᠲᠦᠷᠪᠡᠳᠦᠭᠡᠷ᠂ ᠲᠠᠪᠤᠳᠤᠭᠠᠷ ᠤᠳᠠᠭᠠᠨ ᠤ ︽ᠬᠢᠯᠦᠭᠡᠨ ᠤᠶᠠᠩᠭ᠎ᠠ︾ ᠰᠢᠯᠦᠭ ᠤᠨ ᠤᠷᠤᠯᠳᠤᠭᠠᠨ ᠪᠠ ᠪᠦᠬᠦ ᠤᠯᠤᠰ ᠤᠨ ᠠᠩᠬᠠᠳᠤᠭᠠᠷ ᠤᠳᠠᠭᠠᠨ ᠤ ︽ᠦᠯᠡᠮᠵᠢ ᠶᠢᠨ ᠴᠢᠨᠠᠷ︾ ᠪᠦᠰᠡᠬᠦᠢ ᠢᠷᠠᠭᠤ ᠨᠠᠶᠢᠷᠠᠭᠴᠢ ᠶᠢᠨ ᠰᠢᠯᠦᠭ ᠤᠨ ᠤᠷᠤᠯᠳᠤᠭᠠᠨ ᠵᠢᠴᠢ ᠲᠦᠷᠪᠡᠳᠦᠭᠡᠷ ᠤᠳᠠᠭᠠᠨ ᠤ ︽ᠪᠠᠷᠭᠤᠵᠢᠨ ᠭᠤᠸ᠎ᠠ︾ ᠰᠢᠯᠦᠭ ᠤᠨ ᠤᠷᠤᠯᠳᠤᠭᠠᠨ ᠤ ᠰᠢᠯᠢᠳᠡᠭ ᠱᠠᠩ ᠢ ᠲᠤᠰᠴᠦ᠂ ᠪᠦᠬᠦ ᠤᠯᠤᠰ ᠤᠨ ᠲᠠᠪᠤᠳᠤᠭᠠᠷ ᠤᠳᠠᠭᠠᠨ ᠤ ︽ᠲᠡᠭᠷᠢ ᠶᠢᠨ ᠪᠤᠳᠤᠭᠤ︾ ᠰᠢᠯᠦᠭ ᠤᠨ ᠤᠷᠤᠯᠳᠤᠭᠠᠨ ᠤ ᠲᠦᠷᠪᠡᠳᠦᠭᠡᠷ ᠲᠤ᠂ ᠨᠠᠢᠮᠠᠳᠤᠭᠠᠷ ᠬᠤᠭᠤᠴᠠᠭ᠎ᠠ ᠪᠠ ᠠᠷᠪᠠᠨ ᠨᠢᠭᠡᠳᠦᠭᠡᠷ ᠬᠤᠭᠤᠴᠠᠭᠠᠨ ᠤ ︽ᠰᠦ ᠶᠢᠨ ᠰᠠᠴᠤᠯᠢ︾ ᠮᠠᠯᠴᠢᠳ ᠤᠨ ᠤᠷᠠᠨ ᠵᠤᠬᠢᠶᠠᠯ ᠤᠨ ᠤᠷᠤᠯᠳᠤᠭᠠᠨ ᠤ ᠭᠤᠷᠪᠠᠳᠤᠭᠠᠷ ᠲᠤ ᠤᠷᠤᠵᠤ᠂ ᠤᠳᠤ ᠪᠤᠯᠬᠤ ᠳᠤ ᠤᠯᠤᠰ᠂ ᠤᠷᠤᠨ᠂ ᠠᠶᠢᠮᠠᠭ ᠤᠨ ᠲᠠᠰ ᠤᠨ ᠤᠷᠠᠨ ᠵᠤᠬᠢᠶᠠᠯ ᠤᠨ ᠤᠷᠤᠯᠳᠤᠭᠠᠨ ᠳᠤ ᠲᠦᠴᠢᠭᠡᠳ ᠤᠳᠠᠭ᠎ᠠ ᠱᠠᠩᠨᠠᠯ ᠤᠯᠵᠤ ᠬᠢᠯᠠᠷᠠᠭᠤᠯᠵᠤ ᠶᠠᠪᠤᠵᠠᠢ᠃ ᠮᠦᠨ ᠴᠦ ︽ᠠᠮᠢᠳᠤᠷᠠᠯ ᠪᠦᠰᠡᠬᠦᠢ ᠬᠦᠮᠦᠨ ᠤ ᠬᠢ︾ ᠲᠡᠬᠦᠪᠦᠷᠢ ᠨᠢ ᠤᠯᠠᠭᠠᠨᠬᠠᠳᠠ ᠬᠤᠳᠠ ᠶᠢᠨ ︽ᠤᠳᠠᠳᠤ ᠨᠤᠳᠤᠭ᠂ ᠤᠳᠬ᠎ᠠ ᠶᠢᠨ ᠡᠷᠢᠭᠡ︾ 99 ᠪᠤᠳᠢ ᠭᠡᠪᠯᠡᠯ ᠤᠨ ᠨᠤᠮ ᠤᠨ ᠰᠢᠯᠭᠠᠷᠠᠭᠤᠯᠤᠯᠳᠠ ᠳᠤ ᠰᠢᠯᠢᠳᠡᠭ ᠨᠤᠮ ᠢᠶᠠᠷ ᠦᠨᠡᠯᠡᠭᠳᠡᠵᠦ᠂ ᠠᠷᠤ ᠬᠤᠷᠴᠢᠨ ᠬᠤᠰᠢᠭᠤᠨ ᠤ ᠤᠳᠬ᠎ᠠ ᠤᠷᠠᠯᠢᠭ  ᠤᠨ ᠬᠢᠨ ᠬᠤᠯᠪᠤᠭ᠎ᠠ ᠶᠢᠨ ᠠᠩᠬᠠᠳᠠᠭᠴᠢ ᠰᠠᠭᠤᠷᠢ ᠮᠦᠩᠬᠦᠨ ᠤ ᠱᠠᠩᠨᠠᠯ ᠢ ᠲᠤᠰᠤᠭᠠᠳ ︽ᠲᠠᠷᠢᠬᠦᠨ ᠪᠢᠯᠢᠭᠳᠦ︾ ᠭᠡᠮᠡᠬᠦ ᠰᠠᠶᠢᠬᠠᠨ ᠠᠯᠳᠠᠷ ᠢᠶᠠᠷ ᠮᠢᠯᠢᠶᠠᠯᠭᠠᠪᠠ᠃      ᠮ᠊ · ᠠᠯᠤᠰ 2013 ᠤᠨ ᠳᠤ ︽ᠯᠤ᠋ ᠰᠢᠶᠦ᠋ᠨ ᠤᠳᠬ᠎ᠠ ᠵᠤᠬᠢᠶᠠᠯ ᠤᠨ ᠲᠠᠭᠡᠳᠤ ᠰᠤᠷᠭᠠᠭᠤᠯᠢ︾ ᠶᠢᠨ ᠦᠪᠤᠷ ᠮᠤᠩᠭᠤᠯ ᠳᠠᠬᠢ ᠴᠦᠭᠡᠨ ᠲᠤᠭᠠᠳᠤ ᠦᠠᠳᠤᠰᠤᠳᠠᠨ ᠤ ᠲᠠᠪᠳᠠᠨ ᠪᠤᠯᠪᠠᠰᠤᠷᠠᠬᠤ ᠠᠩᠬᠢ ᠳᠤ ᠰᠣᠷᠣᠯᠴᠠᠭᠰᠠᠨ ᠃ ᠮᠡᠷᠭᠡᠵᠢᠯ ᠪᠤᠯᠪᠠᠰᠤᠷᠠᠯ ᠢᠶᠠᠨ ᠲᠡᠭᠡᠭᠰᠢᠯᠡᠬᠦᠯᠦᠭᠰᠡᠨ ᠬᠠᠯᠠᠭᠤᠨ ᠤᠷᠮ᠎ᠠ ᠳᠤ ᠪᠠᠨ ᠬᠦᠳᠦᠯᠦᠭᠳᠡᠵᠦ ᠤᠳᠤ ᠨᠠᠶᠢᠷᠠᠭᠤᠯᠤᠯ ᠤᠨ ᠲᠡᠬᠦᠪᠤᠷᠢ ᠪᠠᠨ ᠴᠦ ᠭᠡᠪᠯᠡᠯ ᠳᠤ ᠲᠠᠪᠰᠢᠬᠦᠯᠬᠦ ᠪᠠᠷ ᠪᠡᠯᠡᠭᠡᠨ ᠪᠤᠯᠵᠤ᠂ ︽ᠮᠤᠩᠭᠤᠯ ᠤᠨ ᠨᠢᠭᠤᠴᠨ ᠲᠤᠪᠴᠢᠶᠠᠨ︾ ᠪᠠ ︽ᠠᠯᠠᠭᠠᠨ ᠲᠡᠭᠡᠷ᠎ᠡ ᠪᠠᠭᠤᠬᠤ ᠠᠮᠠᠷᠠᠭ ᠦᠳᠦᠨ︾ ᠭᠡᠬᠦ ᠬᠠᠳᠬᠤᠮᠠᠯᠠᠭᠰᠠ ᠰᠢᠯᠦᠭ  ᠢᠶᠠᠨ ᠵᠢᠷᠦᠬᠳᠤ ᠲᠡᠪᠳᠡᠷ ᠪᠤᠯᠭᠠᠬᠤ ᠪᠠᠷ ᠲᠦᠰᠦᠪᠯᠡᠵᠦ ᠪᠠᠶᠢᠭ᠎ᠠ ᠴᠦ ᠠᠵᠤ ᠠᠬᠤᠢ ᠶᠢᠨ ᠲᠠᠯ᠎ᠠ ᠪᠠᠷ ᠬᠦᠴᠦ ᠲᠤᠯᠢᠮᠠᠭᠳᠠᠵᠤ᠂ ᠰᠠᠨᠠᠭ᠎ᠠ ᠪᠠᠶᠢᠭᠠᠳ ᠴᠦ ᠤᠨᠤᠭ᠎ᠠ ᠬᠦᠷᠬᠦ ᠦᠭᠡᠢ ᠪᠠᠶᠢᠭ᠎ᠠ ᠪᠠᠨ ᠶᠠᠷᠢᠵᠤ ᠭᠠᠷᠤᠯ᠎ᠠ᠃
       ᠮ᠊ · ᠠᠯᠣᠰ ︽ᠮᠤᠩᠭᠤᠯ ᠦᠭᠡ ᠭᠡᠯᠠ ᠦᠰᠦᠭ ᠪᠢᠴᠢᠭ ᠰᠤᠷᠴᠦ ᠭᠡᠷᠡᠭᠯᠡᠭᠰᠡᠨ        ᠲᠠᠷᠢᠭᠦᠨ ᠤ ᠬᠤᠪᠢ ᠭᠦᠮᠤᠨ︾ ᠢᠶᠠᠷ ᠦᠨᠡᠯᠡᠭᠳᠡᠪᠡ ︵ᠵᠡᠭᠦᠨᠳᠡᠬᠢ ᠨᠢᠭᠡᠳᠦᠭᠡᠷ︶      ᠠᠮᠢᠳᠤᠷᠠᠯ ᠳᠤ ᠪᠡᠯᠡᠨ ᠶᠠᠭᠤᠮ᠎ᠠ ᠪᠠᠶᠢᠬᠤ ᠦᠭᠡᠢ ᠴᠦᠮ ᠢ ᠬᠦᠴᠦᠯᠡᠵᠦ᠂ ᠲᠡᠮᠡᠴᠡᠵᠦ ᠪᠠᠶᠢᠵᠤ ᠤᠯᠬᠤ ᠶᠤᠰᠤᠳᠠᠢ᠃ ᠡᠬᠦᠨ ᠳᠤ ᠠᠮᠢᠳᠤ ᠶᠠᠪᠤᠬᠤ ᠶᠢᠨ ᠰᠠᠶᠢᠬᠠᠨ᠂ ᠠᠮᠢᠳᠤᠷᠠᠯ ᠤᠨ ᠰᠠᠶᠢᠬᠠᠨ ᠤᠷᠤᠰᠢᠳᠠᠭ ᠭᠡᠳᠡᠭ ᠦᠨᠡᠨ ᠪᠤᠯᠪᠠᠤ ᠳ᠋ᠠ᠂ ᠲᠡᠷᠡ ᠮᠠᠨᠢ 2017 ᠤᠨ ᠳᠤ ᠠᠷᠥ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ ︽ᠮᠤᠩᠭᠤᠯ ᠦᠭᠡ ᠭᠡᠯᠠ ᠦᠰᠦᠭ ᠪᠢᠴᠢᠭ ᠰᠤᠷᠴᠦ ᠭᠡᠷᠡᠭᠯᠡᠭᠰᠡᠨ ᠲᠠᠷᠢᠭᠦᠨ ᠤ ᠬᠤᠪᠢ ᠭᠦᠮᠤᠨ︾ ᠢᠶᠠᠷ ᠭᠦᠬᠢᠭᠦᠯᠤᠨ ᠱᠠᠩᠨᠠᠭᠳᠠᠵᠤ᠂ ᠠᠷᠥ ᠬᠤᠷᠴᠢᠨ ᠬᠤᠰᠢᠭᠤᠨ ᠠᠴᠠ ᠡᠷᠬᠢᠯᠡᠭᠰᠠᠨ ᠠᠩᠬᠠᠳᠠᠭᠴᠢ ᠤᠳᠠᠭᠠᠨ ᠤ ᠤᠷᠠᠨ ᠤᠶᠤᠳᠠᠯ ᠤᠨ ᠤᠷᠤᠯᠳᠤᠭᠠᠨ ᠪᠠ ᠤᠯᠠᠭᠠᠠᠬᠠᠳᠠ ᠬᠤᠳᠠ ᠶᠢᠨ ᠠᠩᠬᠠᠳᠠᠭᠴᠢ ᠤᠳᠠᠭᠠᠨ ᠤ ᠪᠤᠳᠠᠰ ᠤᠨ ᠪᠤᠰᠤ ᠦᠪ ᠰᠤᠶᠤᠯ ᠤᠨ ᠦᠪ ᠤᠯᠠᠮᠵᠢᠯᠠᠭᠴᠢ ᠶᠢᠨ ᠪᠦᠳᠦᠭᠡᠯ ᠤᠨ ᠤᠷᠤᠯᠳᠤᠭᠠᠨ ᠳᠤ ︽ᠨᠢᠭᠤᠴᠠ ᠲᠤᠪᠴᠢᠶᠠᠨ︾ ᠤ ᠬᠠᠳᠬᠤᠮᠠᠯ ᠢᠶᠠᠷ  ᠢᠶᠠᠨ ᠲᠠᠷᠢᠭᠦᠨ ᠲᠠᠰ ᠲᠤ ᠲᠤᠳᠤᠷᠠᠵᠠᠢ᠃ ᠠᠵᠢᠯᠴᠢ ᠬᠦᠮᠦᠨ ᠤ ᠠᠮᠢᠳᠦᠷᠠᠯ ᠦᠭᠡᠳᠡᠷᠭᠡᠭ ᠪᠠᠶᠢᠳᠠᠭ᠂ ᠤᠩᠰᠢᠭᠴᠢ ᠲᠦᠮᠡᠨ ᠤ ᠪᠠᠨ ᠭᠡᠭᠡᠨ ᠮᠠᠯᠮᠠᠢ ᠳᠤ ᠠᠪᠢᠶᠠᠰ ᠪᠢᠯᠢᠭ ᠤᠨ ᠭᠡᠭᠡᠨ ᠲᠠᠯᠠᠰ᠂ ᠤᠷᠠᠨ ᠤᠬᠠᠭᠠᠨ ᠤ ᠲᠤᠷᠭᠠᠨ ᠰᠢᠷᠬᠡᠭ  ᠢᠶᠠᠷ ᠪᠡᠶ᠎ᠠ ᠶᠢᠨ ᠴᠢᠮᠡᠭ᠂ ᠰᠡᠳᠬᠢᠯ ᠤᠨ ᠴᠢᠮᠡᠭ ᠪᠤᠯᠭᠠᠵᠤ ᠶᠠᠪᠤᠭᠰᠠᠨ ᠪᠦᠰᠡᠬᠦᠢ ᠢᠷᠠᠭᠤ ᠨᠠᠶᠢᠷᠠᠭᠴᠢ ᠮ᠊ · ᠠᠯᠤᠰ  ᠤᠨ ᠠᠮᠢᠳᠣᠷᠠᠯ ᠪᠦᠳᠦᠭᠡᠯ ᠤᠨ ᠠᠯᠳᠠᠨ ᠬᠠᠷᠭᠤᠢ ᠡᠭᠦᠨ ᠢᠶᠠᠷ ᠵᠤᠭᠰᠤᠭ᠎ᠠ ᠦᠭᠡᠢ᠂ ︽ᠠᠮᠢᠳᠣᠷᠠᠯ ᠪᠦᠰᠡᠬᠦᠢ ᠬᠦᠮᠦᠨ ᠤ ᠬᠢ︾ ᠬᠡᠮᠡᠨ ᠵᠢᠳᠬᠦᠵᠦ ᠶᠠᠪᠤᠭ᠎ᠠ ᠲᠡᠬᠦᠨ ᠤ ᠮᠦᠷ ᠢ ᠠᠷᠢᠭᠤᠬᠠᠨ ᠬᠠᠭᠤᠳᠠᠰᠣᠨ᠎ᠠ  ᠲᠦᠷ ᠡᠳᠦᠶᠢᠬᠡᠨ  ᠢ ᠨᠢ ᠳᠡᠮᠳᠡᠭᠯᠡᠰᠦ︕        ᠵᠣᠬᠢᠶᠠᠭᠴᠢ᠄ ᠰᠠᠷᠠᠨᠳᠤᠶᠠᠭ᠎ᠠ        ᠵᠣᠬᠢᠶᠠᠭᠴᠢ ᠶᠢᠨ ᠬᠠᠶ᠋ᠢᠭ᠄ ᠠᠷᠤ ᠬᠤᠷᠴᠢᠨ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠠ        ᠬᠠᠷᠢᠯᠴᠠᠬᠤ ᠤᠳᠠᠰᠤ᠄ 138 4876 7239
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号