ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠢ ᠪᠡᠯᠡᠭᠯᠡᠬᠦ | ︽ᠡᠷᠢᠨ ᠵᠠᠭᠤᠨ ᠤ ᠬᠤᠰᠢᠭᠤᠴᠢ︾ ᠰᠡᠳᠦᠪᠳᠦ ᠵᠤᠬᠢᠶᠠᠯ ᠤᠨ ᠱᠠᠩᠨᠠᠯᠳᠤ ᠣᠷᠣᠯᠳᠣᠭᠠᠨ ᠤ ᠵᠤᠬᠢᠶᠠᠯ | | | ︽ᠮᠤᠩᠭᠤᠯ ᠬᠠᠭᠠᠨ ᠤᠷᠳᠤᠨ ᠤ ᠲᠠᠭᠤᠤ ᠭᠥᠭᠵᠢᠮ︾ — ᠦᠦᠬᠡ | ᠲᠡᠦᠬᠡ ᠶᠢᠨ ᠬᠡᠯᠬᠢᠶᠡᠰᠦ ᠦᠪ ᠰᠤᠶᠤᠯ ᠤᠨ ᠲᠡᠭᠦᠯᠳᠡᠷ ᠠᠶᠢᠵᠠᠮ | — ᠮᠠᠭᠮᠠ ᠶᠢᠨ ᠲᠡᠯᠪᠡᠷᠡᠯᠳᠡ ᠳᠤ ᠬᠠᠶᠢᠯᠤᠰᠢ ᠪᠤᠯᠤᠨ | ᠨᠦᠭᠡᠯᠡᠵᠦ ᠢᠷᠡᠬᠦ ᠲᠤᠭᠰᠢᠨ ᠤᠷᠤᠰᠬᠠᠯ ᠰᠢᠭ᠋ | ᠮᠢᠩᠭᠠᠨ ᠤᠨ ᠤ ᠮᠠᠷᠳᠠᠭᠳᠠᠵᠤ ᠡᠯᠡᠭᠳᠡᠭᠰᠡᠨ | ᠴᠠᠳᠢᠭ ᠲᠡᠦᠬᠡ ᠶᠢᠨ ᠲᠠᠰᠤᠷᠬᠠᠢ ᠶᠢ ᠠᠨᠠᠭᠠᠵᠤ | ᠪᠦᠮᠪᠦᠷᠴᠡᠭ ᠤᠨ ᠪᠦᠷᠢᠨ ᠲᠤᠤᠯᠢ ᠬᠠᠶᠢᠯᠬᠤ ᠴᠤ ᠬᠡᠮᠡᠷ | | | | ︽ᠤᠭᠳᠠᠷᠭᠤᠢ ᠳᠠᠬᠢ ᠰᠢᠨ᠎ᠡ ᠤᠳᠤᠨ ᠪᠤᠶᠤ ᠬᠢᠮᠢ ᠶᠢᠨ ᠰᠢᠨ᠎ᠡ ᠡᠯᠧᠮᠧᠨ᠋ᠲ ᠢ ᠡᠷᠳᠡ ᠤᠷᠤᠢ ᠦᠬᠡᠢ ᠨᠢᠬᠡ | ᠬᠦᠮᠦᠨ ᠢᠯᠡᠷᠡᠭᠦᠯᠦᠨ᠎ᠡ᠃ ᠰᠤᠶᠤᠯ ᠵᠦᠢ ᠶᠢᠨ ᠨᠢᠭᠡ ᠤᠨᠤᠯ ᠤᠰᠠᠳᠤᠭᠰᠠᠨ ᠦᠶ᠎ᠡ ᠳᠤ ᠬᠡᠨ ᠴᠤ ᠲᠡᠭᠦᠨ ᠢ | ᠰᠡᠷᠭᠦᠭᠡᠵᠦ ᠴᠢᠳᠠᠰᠢ ᠦᠭᠡᠢ ᠁ ᠪᠢᠳᠡ ᠰᠤᠶᠤᠯ ᠤᠨ ᠦᠢᠯᠡᠰ ᠢ ᠬᠠᠮᠠᠭᠠᠯᠠᠵᠤ ᠲᠡᠳᠭᠦᠬᠦ ᠪᠠᠷ ᠦᠪᠡᠷ ᠤᠨ | ᠬᠠᠷᠢᠭᠤᠴᠠᠯᠭ᠎ᠠ ᠪᠠᠨ ᠪᠤᠯᠭᠠᠭᠰᠠᠨ ᠬᠦᠮᠦᠰ ᠲᠤ ᠲᠠᠯᠠᠷᠬᠠᠬᠤ ᠶᠤᠰᠤᠳᠠᠢ︾① | ︽ᠦᠭᠡ ᠬᠡᠯᠡᠨ ᠤ ᠴᠢᠨᠠᠳᠤ ᠬᠢᠵᠠᠭᠠᠷ ᠠᠨᠤ ᠲᠠᠭᠤᠤ ᠠᠶᠢᠵᠠᠮ︾ ᠶᠤᠮ ᠭᠡᠳᠡᠭ ᠪᠢᠯᠢᠦ ⁈ | ᠠᠪᠤ ᠶᠢᠨ ᠲᠦᠷᠢ ᠪᠠᠷ ᠰᠡᠬᠦᠶᠢᠨ ᠰᠦᠨᠳᠡᠷᠯᠡᠭᠰᠡᠨ | ᠠᠰᠬ᠎ᠠ ᠰᠦᠷᠯᠢᠭ ᠬᠠᠨ ᠠᠭᠤᠯᠠ ᠲᠠᠢ | ᠡᠵᠢ ᠶᠢᠨ ᠰᠦ ᠰᠢᠭ ᠢᠪᠡᠭᠡᠨ ᠣᠨᠳᠣᠷᠣᠭᠰᠠᠨ | ᠬᠠᠬᠢᠷ ᠭᠤᠤᠯ ᠤᠨ ᠵᠦᠭᠡᠯᠡᠨ ᠤᠷᠤᠰᠬᠠᠯ ᠲᠠᠢ | ᠡᠨᠡ ᠪᠤᠯ ᠮᠢᠨᠦ ᠲᠦᠷᠦᠭᠰᠡᠨ ᠨᠤᠳᠤᠭ | ᠠᠷᠣ ᠬᠤᠷᠴᠢᠨ ᠮᠢᠨᠢ ᠰᠠᠶᠢᠬᠠᠨ ᠭᠠᠵᠠᠷ | ᠡᠨᠡ ᠪᠤᠯ ᠮᠢᠨᠦ ᠤᠨᠠᠭᠰᠠᠨ ᠰᠢᠷᠤᠢ | ᠠᠷᠦ ᠬᠤᠷᠴᠢᠨ ᠮᠢᠨᠢ ᠰᠠᠶᠢᠬᠠᠨ ᠭᠠᠵᠠᠷ | ᠮᠦᠩᠬᠡ ᠲᠡᠭᠷᠢ ᠶᠢ ᠲᠤᠯᠢᠳᠠᠨ ᠮᠦᠰᠢᠶᠡᠭᠰᠡᠨ | ᠮᠦᠩᠬᠦᠨ ᠲᠤᠯᠭᠢᠶᠠᠨᠳᠤ ᠬᠤᠨᠳᠤ ᠶᠢᠨ ᠨᠠᠭᠤᠷ ᠲᠠᠢ | ᠡᠪᠦᠭᠡ ᠲᠡᠭᠡᠳᠦᠰ ᠠᠴᠠ ᠨᠤᠳᠤᠭᠰᠢᠨ ᠰᠠᠭᠤᠷᠢᠰᠢᠭᠰᠠᠨ | ᠮᠢᠩᠭᠠᠨ ᠭᠠᠵᠠᠷ ᠤᠨ ᠠᠯᠳᠠ ᠶᠢᠨ ᠮᠠᠩᠬ᠎ᠠ ᠲᠠᠢ | ᠠᠯᠳᠠᠨ ᠲᠡᠦᠬᠡ ᠶᠢᠨ ᠮᠦᠷ ᠢ ᠲᠠᠮᠠᠭᠠᠯᠠᠭᠰᠠᠨ | ᠠᠪᠠᠭ᠎ᠠ ᠬᠠᠷ᠎ᠠ ᠴᠠᠭᠠᠨ ᠬᠤᠳᠠ ᠲᠠᠢ | ᠡᠬᠡ ᠰᠤᠶᠤᠯ ᠤᠨ ᠬᠡᠶᠢᠮᠦᠷᠢ ᠶᠢ ᠡᠷᠭᠦᠭᠰᠡᠨ | ᠡᠩᠬᠡ ᠶᠢᠨ ᠰᠢᠳᠦᠭᠡᠨ ᠬᠠᠰᠠᠷ ᠤᠪᠤᠭ᠎ᠠ ᠲᠠᠢ② | ᠠᠪᠠᠭ᠎ᠠ ᠬᠠᠷ᠎ᠠ ᠠᠭᠤᠯᠠ ᠶᠢᠨ ᠡᠩᠬᠡᠷ ᠲᠤᠨᠢ | ᠠᠷᠵᠠᠭᠠᠷ ᠬᠤᠶᠠᠷ ᠪᠤᠬ᠎ᠠ ᠬᠠᠳᠠ ᠲᠠᠢ | ᠠᠭᠤᠤ ᠪᠠᠭᠠᠳᠤᠷ ᠯᠢᠭᠳᠡᠨ ᠬᠤᠳᠤᠭᠳᠤ ᠶᠢᠨ | ᠸᠴᠢᠷᠳᠤ ᠴᠠᠭᠠᠨ ᠬᠤᠳᠠ ᠶᠢᠨ ᠪᠠᠭᠤᠷᠢ ᠲᠠᠢ ③ | ᠬᠠᠭᠠᠨ ᠢᠵᠠᠭᠤᠷᠳᠤ ᠬᠠᠪᠤᠳᠤ ᠬᠠᠰᠠᠷ ᠤᠨ ᠬᠤᠶᠢᠴᠢᠰ ᠤᠨ ᠦᠮᠴᠢᠷᠬᠡᠨ ᠰᠠᠭᠤᠭᠰᠠᠨ ᠠᠷᠦ ᠬᠤᠷᠴᠢᠨ ᠨᠤᠳᠤᠭ | ᠭᠡᠵᠦ ᠡᠨᠡ ᠪᠠᠶᠢᠨᠠᠮ᠃ | ᠤᠰᠤᠨ ᠳᠤ ᠡᠬᠢ ᠲᠠᠢ᠂ ᠤᠷᠭᠤᠮᠠᠯ ᠳᠤ ᠦᠨᠳᠦᠰᠦ ᠲᠠᠢ᠂ ᠤᠭᠤᠰᠤᠷ ᠲᠤ ᠤᠴᠢᠭ ᠲᠠᠢ᠂ ᠦᠯᠢᠭᠡᠷ ᠲᠤ | ᠡᠭᠦᠰᠦᠯ ᠲᠠᠢ᠃ ᠤᠨ ᠴᠠᠭ ᠤᠨ ᠲᠤᠭᠠᠯᠠᠯ ᠢ ᠤᠳᠤ ᠠᠴᠠ ᠤᠷᠤᠭᠰᠢ 30 ᠵᠢᠯ ᠤᠨ ᠡᠮᠦᠨ᠎ᠡ ᠲᠠᠯᠪᠢᠵᠤ ᠤᠯᠠᠷᠢᠯ | ᠤᠨ ᠪᠢᠴᠢᠭ ᠢ ᠨᠡᠭᠡᠨ ᠨᠡᠭᠡᠭᠡᠵᠦ᠂ ᠤᠴᠢᠷ ᠤᠨ ᠶᠠᠪᠤᠴᠠ ᠶᠢ ᠲᠤᠷᠠᠰᠤᠨ ᠡᠳᠦᠭᠡ ᠳᠤᠷ ᠨᠡᠶᠢᠯᠡᠭᠦᠯᠳᠦᠭᠡᠢ᠃ | ᠲᠡᠭᠷᠢ ᠶᠢᠨ ᠴᠠᠭ ᠲᠡᠭᠰᠢᠷᠡᠨ᠂ ᠲᠦᠮᠡᠨ ᠤ ᠰᠡᠳᠬᠢᠯ ᠴᠡᠯᠮᠡᠭᠰᠢᠭᠰᠡᠨ᠂ ᠲᠦᠷᠦ ᠬᠦᠷᠦᠨ ᠤ ᠮᠠᠨᠢ ᠴᠢᠯᠦᠭᠡᠳᠦ | ᠠᠮᠢᠰᠬᠤᠯ ᠬᠤᠳᠠ ᠬᠦᠳᠡᠭᠡ᠂ ᠬᠦᠮᠦᠨ ᠠᠷᠠᠳ ᠤᠨ ᠦᠢᠯᠡᠳᠪᠦᠷᠢᠯᠡᠯ ᠠᠮᠢᠳᠤᠷᠠᠯ᠂ ᠰᠤᠶᠤᠯ ᠰᠤᠷᠭᠠᠨ ᠬᠦᠮᠦᠵᠢᠯ᠂ | ᠰᠢᠳᠦᠯᠭᠡ ᠪᠢᠰᠢᠷᠡᠯ ᠤᠨ ᠠᠭᠤᠳᠠᠮ ᠤᠷᠤᠨ ᠵᠠᠢ ᠳᠤ ᠨᠦᠭᠡᠯᠡᠭᠰᠡᠨ ᠲᠡᠭᠡᠷ᠎ᠡ ᠵᠠᠭᠤᠨ ᠤ ᠨᠠᠶᠠᠭᠠᠳ ᠤᠨ ᠳᠤ ᠤᠯᠤᠰ | ᠤᠷᠤᠨ ᠲᠠᠶᠠᠭᠠᠷ ᠰᠤᠶᠤᠯ ᠠᠷᠠᠨᠰᠢᠨ᠂ ᠵᠠᠩ ᠦᠢᠯᠡᠪᠦᠷᠢ ᠶᠢᠨ ᠴᠤᠭᠯᠠᠭᠤᠯᠭ᠎ᠠ ᠡᠮᠬᠢᠳᠬᠡᠯ ᠤᠨ ᠬᠦᠴᠦᠳᠦ ᠤᠷᠤᠰᠬᠠᠯ | ᠬᠠᠯᠢᠶᠠᠯᠠᠨ ᠢᠷᠡᠵᠦ᠂ ︽ᠴᠠᠰᠤᠨ ᠲᠡᠭᠡᠷ᠎ᠡ ᠮᠦᠷ᠂ ᠴᠠᠭᠠᠰᠤᠨ ᠲᠡᠭᠡᠷ᠎ᠡ ᠨᠡᠷ᠎ᠡ᠂ ᠴᠠᠳᠢᠭ ᠲᠡᠦᠬᠡ ᠶᠢᠨ ᠡᠪᠬᠡᠭᠡᠰᠦ ᠶᠢ | ᠴᠢᠨᠠᠭᠰᠢᠳᠠ ᠦᠷᠬᠦᠯᠵᠢᠯᠡᠬᠦᠯᠬᠦ︾ ᠴᠠᠭᠯᠠᠰᠢ ᠦᠭᠡᠢ ᠶᠡᠭᠡ ᠵᠢᠳᠬᠦᠯ ᠤᠨ ᠴᠠᠭᠠᠨ ᠪᠤᠶᠠᠨ ᠤ ᠵᠠᠮ ᠡᠬᠢᠯᠡᠵᠦ | ᠲᠡᠪᠢᠰᠦᠭᠳᠡᠭᠰᠡᠨ ᠶᠤᠮ᠃ | ᠡᠨᠡᠬᠦ ᠬᠦᠴᠦᠳᠦ ᠤᠷᠤᠰᠬᠠᠯ ᠡᠬᠡ ᠤᠷᠤᠨ ᠤ ᠮᠠᠨᠢ ᠦᠨᠴᠦᠭ ᠪᠤᠯᠤᠩ ᠪᠦᠬᠦᠨ ᠳᠤ ᠲᠤᠯᠬᠢᠶᠠᠯᠠᠨ ᠬᠦᠷᠴᠦ᠂ | ᠭᠤᠤᠯ ᠭᠤᠷᠤᠬ᠎ᠠ᠂ ᠨᠠᠭᠤᠷ ᠱᠠᠩᠳᠠ ᠶᠢᠨ ᠤᠰᠤᠨ ᠲᠠᠢ ᠨᠡᠶᠢᠯᠡᠨ ᠰᠤᠶᠤᠯ ᠲᠡᠦᠬᠡ ᠶᠢᠨ ᠲᠠᠯᠠᠢ ᠳᠤ ᠠᠷᠠᠯ ᠢᠶᠠᠨ | ᠲᠡᠯᠡᠵᠦ ᠤᠷᠤᠰᠤᠭᠰᠠᠨ ᠶᠤᠮ᠃ ᠦᠪ ᠰᠤᠶᠤᠯ ᠢᠶᠠᠨ ᠲᠡᠭᠡᠳᠦᠯᠡᠳᠡᠭ ᠠᠷᠦ ᠬᠤᠷᠴᠢᠨᠴᠤᠳ ᠡᠭᠦᠨ ᠠᠴᠠ ᠭᠠᠳᠠᠭᠤᠷ | ᠪᠠᠶᠢᠬᠤ ᠶᠢᠨ ᠶᠤᠰᠤᠨ ᠦᠭᠡᠢ᠃ | 1984 ᠤᠨ ᠳᠤ ᠠᠷᠦ ᠬᠤᠷᠴᠢᠨ ᠬᠤᠰᠢᠭᠤᠨ ᠤ ᠰᠤᠶᠤᠯ ᠤᠨ ᠭᠡᠷ ᠤᠨ ᠬᠠᠷᠢᠭᠤᠴᠠᠯᠭᠠᠳᠠᠨ ᠤ · | ᠪᠤᠶ᠋ᠬᠠᠦ᠋ᠯᠵᠡᠢ ᠥᠠᠳᠥᠰᠤᠳᠡᠨ ᠤ ᠥᠪ ᠰᠤᠶᠤᠯ ᠤᠨ ︽ᠨᠠᠢᠮᠠᠨ ᠶᠡᠭᠡ ᠡᠮᠬᠢᠳᠭᠡᠯ︾ ᠢ ᠡᠮᠬᠢᠳᠬᠡᠵᠤ ᠰᠤᠷᠪᠤᠯᠵᠢᠯᠠᠵᠤ | ᠶᠠᠪᠤᠬᠤ ᠵᠠᠭᠤᠷ᠎ᠠ ᠪᠠᠨ ᠭᠧᠮᠫᠢ ᠶᠢᠨ ᠰᠦᠮ᠎ᠡ ᠶᠢᠨ ᠲᠠᠪᠤᠳᠤᠭᠠᠷ ᠲᠦᠷᠢ ᠶᠢᠨ ᠶᠤᠩᠽᠤᠩ ᠬᠡᠭᠡᠨ ᠤ ᠬᠠᠳᠠᠭᠠᠯᠠᠵᠤ | ᠪᠠᠶᠢᠭᠰᠠᠨ 15 ᠡᠬᠢᠳᠠᠢ ︽ᠤᠷᠳᠤᠨ ᠤ ᠮᠤᠩᠭᠤᠯ ᠲᠠᠭᠤᠤ ᠬᠦᠭᠵᠢᠮ︾ ᠬᠡᠭᠦ ᠲᠡᠪᠳᠡᠷ ᠢ ᠤᠯᠤᠭᠰᠠᠨ ᠪᠠᠶᠢᠨ᠎ᠠ᠃ | ︽ᠰᠤᠶᠤᠯ ᠤᠨ ᠶᠡᠭᠡ ᠬᠤᠪᠢᠰᠬᠠᠯ︾ ᠤᠨ ᠦᠶ᠎ᠡ ᠳᠤ ᠰᠦᠮ᠎ᠡ ᠬᠡᠶᠢᠳ ᠭᠡᠭᠡᠨ ᠰᠠᠩ ᠤᠨ ᠨᠤᠮ ᠰᠤᠳᠤᠷ ᠤᠨ | ᠬᠤᠷᠢᠶᠠᠮᠵᠢᠯᠠᠭᠳᠠᠬᠤ ᠦᠶ᠎ᠡ ᠳᠤ ᠲᠡᠷᠡ ᠲᠡᠪᠳᠡᠷ ᠬᠤᠷᠢᠶᠠᠮᠵᠢᠯᠠᠭᠳᠠᠵᠠᠢ᠃ ᠭᠡᠪᠡᠴᠦ ᠲᠦᠷᠦ ᠶᠢᠨ ᠪᠤᠳᠤᠯᠭ᠎ᠠ ᠶᠢᠨ | ᠨᠠᠶᠢᠳᠠᠪᠤᠷᠢᠵᠢᠭᠤᠯᠤᠯᠳᠠ ᠪᠠᠷ ᠲᠠᠬᠢᠨ ᠰᠦᠮ᠎ᠡ ᠭᠡᠶᠢᠳ ᠲᠡᠭᠡᠨ ᠪᠤᠴᠠᠨ ᠢᠷᠡᠵᠦ᠂ ᠶᠤᠩᠽᠤᠩ ᠬᠡᠬᠡᠨ ᠤ ᠬᠤᠪᠤᠷ | ᠮᠠᠲ᠋ᠧᠷᠢᠶᠠᠯ ᠪᠤᠯᠵᠤ ᠬᠠᠳᠠᠭᠠᠯᠠᠭᠳᠠᠭᠰᠠᠨ ᠪᠠᠶᠢᠵᠠᠢ④᠃ | ᠤ · ᠪᠤᠶ᠋ᠬᠠᠦ᠋ᠯᠵᠡᠢ ᠭᠤᠸᠠᠢ ᠡᠳᠡᠭᠡᠷ ᠲᠠᠭᠤᠤ ᠬᠦᠭᠵᠢᠮ ᠤᠨ ᠤᠬᠠᠭᠠᠨ ᠢ ᠤᠯᠬᠤ ᠬᠡᠵᠤ ᠤᠳᠠᠭᠠᠨ | ᠨᠢᠭᠳᠠᠯᠠᠵᠤ ᠦᠵᠡᠭᠰᠡᠭᠡᠷ ᠪᠠᠶᠢᠭᠠᠳ ᠤᠨᠠᠭᠠᠨ ᠨᠠᠰᠤᠨ ᠠᠴᠠ ᠪᠠᠨ ᠲᠠᠨᠢᠯ ᠲᠠᠰᠤᠯ ᠦᠰᠦᠭ ︽ᠠᠳᠣᠭᠤ | ᠬᠤᠷᠢᠶᠠᠬᠤᠢ︾ ᠬᠡᠭᠦ ᠲᠠᠭᠤᠤ ᠶᠢᠨ ᠦᠭᠡ ᠶᠢ ᠨᠢᠳᠦᠯᠡᠨ ᠠᠪᠴᠦ᠂ ᠴᠢᠨᠠᠭᠰᠢᠳᠠ ᠪᠤᠳᠤᠨ ᠲᠤᠩᠭᠠᠵᠤ ᠬᠠᠮᠢᠭ᠎ᠠ | ᠶᠠᠪᠤᠵᠤ ᠶᠠᠭᠤ ᠬᠢᠭᠰᠡᠨ ᠴᠤ ᠡᠨᠡ ᠶᠠᠭᠤᠮ᠎ᠠ ᠰᠠᠨᠠᠭᠠᠨ ᠳᠤᠨᠢ ᠬᠤᠷᠭᠤᠳᠠᠵᠤ ᠵᠡᠭᠦᠳᠦ ᠮᠠᠨᠠᠬᠤ ᠳᠤ ᠬᠦᠷᠴᠦ ᠪᠠᠶᠢᠭᠰᠠᠨ | ᠮᠠᠶ᠋ᠢᠭᠳᠠᠢ ᠭᠡᠨ᠎ᠡ᠃ ᠨᠢᠭᠡᠨ ᠦᠵᠦᠭᠦᠷᠳᠦ ᠰᠡᠳᠬᠢᠯ ᠢᠶᠠᠷ ᠨᠢᠭᠡ ᠵᠦᠢᠯ ᠲᠡᠰᠢ ᠵᠦᠭᠯᠡᠬᠦ ᠳᠤ ︽ᠰᠠᠨᠠᠭ᠎ᠠ ᠤᠨᠤᠭ᠎ᠠ︾ | ᠨᠡᠶᠢᠯᠡᠳᠡᠭ ᠤᠨ ᠤᠴᠢᠷᠳᠠᠢ ᠪᠢᠯᠢᠦ⁈ 1986 ᠤᠨ ᠤ ᠵᠤᠨ ᠪᠡᠭᠡᠵᠢᠩ ᠤᠨ ᠬᠠᠭᠠᠨ ᠤ ᠤᠷᠳᠤᠨ ᠤ ᠲᠤᠳᠤᠷ᠎ᠠ | ᠡᠭᠦᠳᠡᠡ ᠤ ᠲᠡᠷᠭᠡᠲᠡᠬᠢ ᠨᠤᠮ ᠤᠨ ᠰᠠᠩ ᠤᠨ ᠨᠢᠭᠡ ᠦᠨᠴᠦᠭ ᠲᠤ ︽ᠲᠡᠤᠬᠡᠨ ᠳᠠᠬᠢ ᠬᠠᠭᠠᠨ ᠤᠷᠳᠤᠨ ᠤ | ᠬᠦᠭᠵᠢᠮ ᠤᠳ︾ ᠭᠡᠬᠦ ᠰᠢᠶᠠᠩᠭᠠᠩ ︵中华书局香港分局出版的一本书︶ | ᠳᠤ ᠬᠡᠪᠯᠡᠭᠰᠡᠨ ᠨᠤᠮ ᠢ ᠤᠯᠵᠤ ᠦᠵᠡᠭᠰᠡᠨ ᠪᠦᠭᠡᠳ ᠲᠤᠰ ᠨᠤᠮ ᠤᠨ ᠲᠤᠳᠤᠷ᠎ᠠ ᠬᠠᠷᠢᠨ ︽ᠠᠳᠣᠭᠤ ᠬᠤᠷᠢᠶᠠᠬᠤᠢ︾ | ᠬᠡᠰᠡᠨ ᠲᠠᠭᠤᠤ ᠪᠠᠰᠠ ᠪᠠᠶᠢᠵᠤ᠂ ᠪᠤᠰᠤᠳ ᠲᠠᠭᠤᠤ ᠬᠦᠭᠵᠢᠮ ᠤᠳ ᠨᠢ ᠴᠤ ︽ᠤᠷᠳᠤᠨ ᠤ ᠮᠤᠩᠭᠤᠯ ᠲᠠᠭᠤᠤ | ᠬᠦᠭᠵᠢᠮ︾ ᠪᠠᠶᠢᠵᠤ᠂ ᠭᠧᠮᠫᠢ ᠶᠢᠨ ᠰᠦᠮ᠎ᠡ ᠶᠢᠨ ᠡᠬᠡ ᠲᠠᠢ ᠠᠮᠠ ᠰᠡᠭᠡᠷ ᠨᠡᠶᠢᠯᠡᠵᠦ ᠠᠷᠦ ᠬᠤᠷᠴᠢᠨ ᠤ ᠰᠤᠶᠤᠯ | ᠲᠡᠦᠬᠡ ᠶᠢᠨ ᠬᠠᠭᠤᠳᠠᠰᠤᠨ᠎ᠠ ︽ᠺᠤᠯᠤᠮᠪᠦ ᠠᠮᠧᠷᠢᠺᠠ ᠶᠢᠨ ᠡᠬᠡ ᠬᠠᠭᠤᠷᠠᠢ ᠶᠢ ᠢᠯᠡᠷᠡᠭᠦᠯᠦᠭᠰᠡᠨ︾ ᠬᠡᠮᠡᠷ ᠴᠢᠬᠤᠯᠠ | ᠢᠯᠡᠷᠡᠭᠦᠯᠦᠯᠳᠡ ᠤᠯᠤᠯᠳᠠ ᠪᠤᠯᠤᠭᠰᠠᠨ ᠪᠠᠶᠢᠨ᠎ᠠ᠃ | ᠠᠪᠠᠭ᠎ᠠ ᠬᠠᠷ᠎ᠠ ︵ᠬᠠᠷ᠎ᠠ︶ ᠠᠭᠤᠯᠠ ᠡᠩᠬᠡᠷ ᠬᠤᠷᠮᠤᠢ ᠳᠠᠭᠠᠨ ᠡᠷᠳᠡ ᠴᠠᠭ ᠤᠨ ᠬᠠᠭᠤᠴᠢ ᠲᠡᠦᠬᠡ ᠪᠠᠨ | ᠲᠡᠪᠡᠷᠢ ᠲᠡᠪᠡᠷᠢ ᠪᠠᠷ ᠬᠠᠳᠠᠭᠠᠯᠠᠨ᠂ ᠲᠤᠮᠤᠭ ᠲᠤᠤᠯᠢ ᠶᠢᠨ ᠨᠤᠶᠠᠨ ᠪᠤᠭᠤᠷᠤᠯ ᠲᠦᠷᠬᠦ ᠪᠠᠷ ᠰᠡᠬᠦᠶᠢᠨ᠎ᠡ᠃ | ᠤᠮᠠᠷᠠᠳᠤ ᠶᠤᠸᠠᠨ ᠤᠯᠤᠰ ᠤᠨ ᠬᠠᠮᠤᠭ ᠡᠴᠦᠰ ᠤᠨ ᠡᠵᠡᠨ ᠯᠢᠭᠳᠡᠨ ᠬᠤᠳᠤᠭᠳᠤ ᠬᠠᠭᠠᠨ ᠠᠪᠠᠭ᠎ᠠ ᠬᠠᠷ᠎ᠠ | ᠠᠭᠤᠯᠠ ᠪᠠᠷ ᠲᠦᠰᠢᠯᠭᠡ ᠪᠤᠯᠭᠠᠭᠰᠠᠨ ︽ᠸᠴᠢᠷᠳᠤ ᠴᠠᠭᠠᠨ ᠬᠤᠳᠠ︾᠂ ᠪᠤᠬ᠎ᠠ ᠬᠠᠳᠠᠨ ᠤ ᠪᠤᠭᠤ ᠵᠢᠷᠭᠢᠭᠡ ᠶᠢᠨ | ᠬᠦᠯᠭᠡ ᠶᠢᠨ ᠵᠢᠷᠤᠭ᠂ ᠮᠠᠾᠠᠺᠠᠯᠠ ᠪᠤᠷᠬᠠᠨ᠂ ᠬᠠᠰᠪᠤᠤ ᠲᠠᠮᠠᠭ᠎ᠠ᠂ ︽ᠭᠠᠨᠵᠤᠤᠷ︾᠂ ᠬᠦᠬᠡ ᠪᠤᠬ᠎ᠠ᠂ ᠢᠨᠳᠡᠷ᠎ᠡ | ᠲᠠᠯᠠᠢ ᠯᠠᠮᠠ᠂ ᠬᠠᠭᠠᠨ ᠤᠷᠳᠤᠨ ᠤ ᠲᠠᠭᠤᠤ ᠬᠦᠭᠵᠢᠮ ᠁ ᠲᠠᠢ ᠪᠠᠨ ᠦᠩᠭᠡᠷᠡᠭᠰᠡᠨ ᠲᠡᠦᠬᠡ ᠶᠢᠨ ᠲᠤᠮᠤᠭ | ᠦᠨᠡᠨ ᠤ ᠬᠤᠭᠤᠷᠤᠨᠳᠤ ᠤᠷᠴᠢᠨ ᠤᠯᠠᠷᠢᠭᠰᠠᠭᠠᠷ ᠡᠳᠦᠬᠡ ᠴᠠᠭ ᠲᠤᠷ ᠲᠤᠯᠵᠤ ᠢᠷᠡᠭᠡᠳᠮᠦ᠋ᠩᠬᠡ ᠲᠡᠭᠷᠢ ᠶᠢᠨ | ᠢᠪᠡᠭᠡᠯ ᠳᠤᠷ ᠰᠤᠶᠤᠷᠬᠠᠭᠳᠠᠵᠤ᠂ ᠤᠶᠤᠨ ᠰᠤᠤᠳᠤ ᠦᠷ᠎ᠡ ᠬᠤᠶᠢᠴᠢᠰ ᠤᠨ ᠢᠶᠠᠨ ᠠᠯᠠᠭᠠᠨ᠎ᠠ ᠦᠰᠦᠭ ᠪᠢᠴᠢᠭ ᠤᠨ | ᠦᠪ ᠢᠶᠠᠷ ᠠᠬᠢᠨ ᠢᠯᠡᠷᠡᠭᠦᠯᠦᠭᠳᠡᠨ᠂ ᠡᠷᠳᠡᠮᠳᠡᠨ ᠰᠣᠳᠤᠯᠭᠠᠳᠠᠳ ᠬᠢᠭᠡᠳ ᠤᠯᠤᠰ ᠤᠷᠤᠨ ᠤ ᠴᠢᠨᠠᠭᠰᠢᠯᠠᠨ ᠲᠡᠯᠡᠬᠡᠢ | ᠨᠡᠶᠢᠳᠡ ᠶᠢᠨ ᠠᠩᠬᠠᠷᠤᠯ ᠢ ᠰᠤᠷᠢᠨᠵᠢᠳᠠᠨ ᠲᠠᠳᠠᠯ᠎ᠠ᠃ ᠠᠪᠠᠭ᠎ᠠ ᠬᠠᠷ᠎ᠠ ︵ᠬᠠᠷ᠎ᠠ︶ ᠶᠢᠨ ᠨᠠᠪᠳᠠᠭ ᠰᠢᠳᠦᠬᠡᠨ᠂ | ᠠᠭᠤᠤ ᠲᠡᠦᠬᠡᠳᠦ ᠲᠡᠭᠡᠳᠦᠰ ᠤᠨ ᠰᠦᠭ ᠰᠦᠨᠡᠰᠦᠨ ᠮᠠᠨᠢ ᠬᠤᠶᠢᠮᠤᠷ ᠲᠠᠭᠠᠨ ᠬᠤᠷᠭᠤᠳᠠᠭ᠎ᠠ ᠬᠤᠳᠠ ᠳᠠᠭᠠᠨ | ᠡᠭᠡᠨᠢᠭᠰᠢᠭᠡ ᠶᠢᠨ ᠤᠴᠢᠷ ᠠᠴᠠ ᠪᠢᠯᠢᠦ︖ ᠬᠤᠷᠸ᠎ᠠ ᠶᠢᠨ ᠶᠠᠭᠤᠮ᠎ᠠ ᠶᠠᠭᠤᠮ᠎ᠠ ᠪᠤᠯᠭᠠᠨ ᠤ ᠴᠠᠭᠠᠨ᠎ᠠ ᠠᠴᠠ ᠪᠠᠨ | ᠵᠦᠩ ᠵᠦᠢ ᠶᠢᠨ ᠶᠤᠰᠤᠨ ᠢᠶᠠᠷ ᠡᠳᠦᠬᠡ ᠴᠠᠭ ᠲᠤᠷ ᠲᠤᠬᠢᠶᠠᠭᠰᠠᠨ ᠲᠤᠬᠢᠶᠠᠯᠳᠤᠯ ᠪᠤᠯ ᠤᠤ︖ | ᠯᠢᠭᠳᠡᠨ ︵ᠯᠠᠸᠠᠺᠠᠯᠳᠠᠨ︶ ᠬᠤᠳᠤᠭᠳᠤ ᠬᠠᠭᠠᠨ ︵1592 — 1634︶ ᠪᠤᠯ ᠤᠮᠠᠷᠠᠳᠤ ᠦᠨ | ᠤᠯᠤᠰ ᠤᠨ ᠪᠤᠶᠠᠨ ᠲᠠᠶᠤᠨ ᠰᠡᠴᠡᠨ ᠬᠠᠭᠠᠨ ᠤ ᠤᠮᠪᠤᠯᠤ᠂ ᠮᠠᠩᠬᠤᠰ ᠲᠠᠶᠢᠵᠢ ᠶᠢᠨ ᠠᠬᠠᠮᠠᠳ ᠬᠦᠪᠡᠭᠦᠨ᠂ | 1604 ᠤᠨ ᠳᠤ ᠠᠷᠪᠠᠨ ᠭᠤᠷᠪᠠᠨ ᠨᠠᠰᠤᠨ ᠳᠠᠭᠠᠨ ᠲᠠᠢ ᠦᠨ ᠤᠯᠤᠰ ᠤᠨ ᠬᠠᠰᠪᠤᠤ ᠲᠠᠮᠠᠭ᠎ᠠ ᠪᠤᠯᠤᠨ ᠬᠤᠪᠢᠯᠠᠢ | ᠬᠠᠭᠠᠨ ᠤ ᠦᠶ᠎ᠡ ᠳᠤ ᠮᠢᠩᠭᠠᠨ ᠯᠠᠩ ᠰᠢᠵᠢᠷ ᠠᠯᠳᠠ ᠪᠠᠷ ᠪᠦᠳᠦᠭᠡᠭᠰᠡᠨ ᠮᠠᠾᠠᠺᠠᠯᠠ ᠪᠤᠷᠬᠠᠨ ᠢ ᠡᠵᠡᠮᠰᠢᠵᠦ ᠬᠠᠭᠠᠨ | ᠰᠠᠭᠤᠷᠢᠨ ᠳᠤ ᠰᠠᠭᠤᠵᠠᠢ᠃ ᠯᠢᠭᠳᠡᠨ ᠬᠤᠳᠤᠭᠳᠤ ᠬᠠᠭᠠᠨ ᠬᠡᠳᠦᠶᠢᠪᠡᠷ ᠴᠢᠩᠭᠢᠰ ᠬᠠᠭᠠᠨ ᠤ ᠠᠯᠳᠠᠨ ᠤᠷᠤᠭ ᠤᠨ | ᠬᠤᠷᠢᠨ ᠬᠤᠶᠠᠳᠤᠭᠠᠷ ᠦᠶ᠎ᠡ ᠶᠢᠨ ᠠᠴᠢ ᠶᠢᠨ ᠬᠤᠪᠢ ᠪᠠᠷ ᠶᠡᠭᠡ ᠤᠷᠤ ᠳᠤ ᠰᠠᠭᠤᠭᠰᠠᠨ ᠪᠤᠯᠪᠠᠴᠤ ᠲᠡᠭᠦᠨ ᠤ | ᠡᠷᠬᠡ ᠮᠡᠳᠡᠯ ᠤᠨ ᠬᠡᠮᠵᠢᠶ᠎ᠡ ᠵᠡᠭᠦᠨ ᠭᠤᠷᠪᠠᠨ ᠲᠦᠮᠡᠨ ᠤ ᠬᠦᠷᠢᠶ᠎ᠡ ᠬᠡᠪᠴᠢᠶᠡᠨ ᠠᠴᠠ ᠬᠠᠷᠠᠬᠠᠨ ᠲᠠᠪᠠᠵᠤ | ᠲᠡᠶᠢᠯᠦᠭᠡᠳᠦᠢ ᠪᠠᠶᠢᠵᠠᠢ᠃ ᠡᠶᠢᠮᠦ ᠠᠴᠠ ᠲᠡᠷᠡ ᠬᠠᠭᠠᠨ ᠡᠷᠬᠡ ᠪᠠᠨ ᠪᠠᠳᠤᠳᠬᠠᠨ᠂ ᠬᠠᠮᠤᠭ ᠮᠤᠩᠭᠤᠯ ᠢ ᠲᠠᠬᠢᠨ | ᠡᠷᠬᠡᠰᠢᠶᠡᠨ ᠠᠪᠬᠤ ᠶᠢᠨ ᠲᠦᠯᠦᠭᠡᠨ᠎ᠡ ᠠᠯᠢ ᠤᠯᠠᠨ ᠠᠷᠭ᠎ᠠ ᠬᠡᠮᠵᠢᠶ᠎ᠡ ᠠᠪᠴᠤ᠂ ᠨᠤᠭᠤᠷᠠᠯ ᠴᠦᠬᠦᠷᠡᠯ ᠦᠭᠡᠢ | ᠵᠢᠳᠭᠦᠨ ᠴᠢᠷᠮᠠᠶᠢᠭᠰᠠᠨ ᠶᠤᠮ⑤᠃ | ᠯᠢᠭᠳᠡᠨ ᠬᠠᠭᠠᠨ ᠲᠦᠮᠡᠨ ᠵᠠᠰᠠᠭᠳᠤ ᠬᠠᠭᠠᠨ ᠤ ᠦᠶ᠎ᠡ ᠳᠤ ᠪᠠᠶᠢᠭᠤᠯᠤᠭᠰᠠᠨ ᠲᠦᠷᠦ ᠶᠢᠨ ᠪᠠᠶᠢᠭᠤᠯᠤᠮᠵᠢ ᠪᠠᠷ | ᠰᠠᠭᠤᠷᠢ ᠪᠤᠯᠭᠠᠨ᠂ ᠨᠠᠢᠮᠠᠨ ᠤᠳᠤᠭ ᠴᠠᠬᠠᠷ ᠲᠦᠮᠡᠨ ᠢᠶᠠᠨ ᠵᠡᠭᠦᠨ ᠪᠠᠷᠠᠭᠤᠨ ᠭᠤᠷᠪᠠᠨ ᠲᠦᠮᠡᠨ ᠬᠤᠪᠢᠶᠠᠵᠤ᠂ | ᠠᠪᠠᠭ᠎ᠠ ᠬᠠᠷ᠎ᠠ ᠠᠭᠤᠯᠠᠨ ᠳᠤ ᠴᠠᠭᠠᠨ ᠬᠤᠳᠠ ᠪᠠᠶᠢᠭᠤᠯᠵᠤ᠂ ᠱᠠᠰᠢᠨ ᠲᠦᠷᠦ ᠶᠢᠨ ᠲᠦᠪ ᠰᠠᠭᠤᠷᠢᠨ ᠪᠤᠯᠭᠠᠭᠠᠳ᠂ | ᠵᠢᠷᠭᠤᠭᠠᠨ ᠲᠦᠮᠡᠨ ᠬᠠᠳᠠᠨ ᠴᠡᠷᠢᠭ ᠢᠶᠠᠷ ᠲᠦᠷᠦ ᠪᠠᠨ ᠲᠤᠪᠴᠢᠯᠠᠪᠠ ⑥᠃ ᠁ | ᠠᠩᠬ᠎ᠠ ᠲᠡᠭᠡᠳᠤ ᠶᠢᠨ ᠪᠠᠭᠤᠷᠢ ᠰᠠᠭᠤᠷᠢ ᠶᠢᠨ ᠰᠠᠭᠤᠷᠢᠨ ᠲᠡᠭᠡᠷ᠎ᠡ ᠠᠮᠢᠳᠤᠷᠠᠵᠤ ᠪᠠᠶᠢᠭ᠎ᠠ ᠤ · ᠪᠤᠶ᠋ᠬᠠᠦ᠋ᠯᠵᠠᠢ᠂ | ᠵ᠊ · ᠲᠠᠮᠷᠢᠨᠰᠡᠷᠡᠩ᠂ ᠠ᠊ · ᠬᠤᠲᠤᠷᠢᠩᠭᠠ᠂ ᠵᠢ᠊ · ᠡᠷᠳᠡᠨᠢ᠂ ᠲᠠᠮᠴᠤᠭᠵᠠᠪ᠂ ᠠ᠊ · ᠰᠡᠴᠡᠠᠳᠤ ᠨᠠᠷ ᠰᠤᠨᠢᠨ ᠰᠡᠳᠭᠦᠯ | ᠲᠡᠭᠡᠷ᠎ᠡ ᠦᠭᠦᠯᠡᠯ ᠵᠤᠬᠢᠶᠠᠯ ᠨᠡᠶᠢᠳᠡᠯᠡᠭᠦᠯᠵᠦ᠂ ᠫ᠊ · ᠲᠤᠭᠠᠷ ᠪᠠᠭᠰᠢ ᠶᠢᠨ ᠤᠷᠢᠳᠤ ᠶᠢᠨ ᠥᠬᠦᠯᠡᠯ ᠢᠶᠠᠷ ᠬᠢᠨᠡᠯᠳᠡ | ᠪᠤᠯᠭᠠᠵᠤ᠂ ᠬᠠᠨᠰᠦ᠋ᠮ᠎ᠡ ᠰᠤᠮᠤ ᠶᠢᠨ ᠪᠠᠶᠠᠠᠬᠤᠰᠢᠭᠤ ᠭᠠᠴᠠᠭᠠᠨ ᠤ ᠪᠠᠷᠠᠭᠤᠨ ᠪᠡᠶ᠎ᠡ ᠶᠢᠨ ᠡᠷᠳᠡᠨ ᠤ ᠬᠤᠳᠠ ᠶᠢᠨ | ᠪᠠᠭᠤᠷᠢ ᠪᠤᠯ ᠯᠢᠭᠳᠡᠨ ᠬᠤᠳᠤᠭᠳᠤ ᠬᠠᠭᠠᠨ ᠤ ᠨᠡᠶᠢᠰᠯᠡᠯ ᠴᠠᠭᠠᠨ ᠬᠤᠳᠠ ᠶᠢᠨ ᠪᠠᠭᠤᠷᠢ ᠮᠦᠨ ᠭᠡᠵᠦ ᠦᠵᠡᠵᠡᠢ᠃ | ᠤᠨᠴᠠᠭᠠᠶᠢᠯᠠᠨ ᠤ · ᠪᠤᠶ᠋ᠬᠠᠦ᠋ᠯᠵᠡᠢ ᠨᠦᠬᠦᠷ ᠲᠤ ᠭᠧᠮᠫᠢ ᠶᠢᠨ ᠰᠦᠮ᠎ᠡ ᠠᠴᠠ ᠤᠯᠳᠠᠭᠰᠠᠨ ᠠᠷᠪᠠᠨ ᠲᠠᠪᠤᠨ ᠢᠵᠢ | ᠡᠷᠳᠡᠨ ᠤ ᠮᠤᠩᠭᠤᠯ ᠲᠠᠭᠤᠤ ᠶᠢ ᠯᠢᠭᠳᠡᠨ ᠬᠤᠳᠤᠭᠳᠤ ᠬᠠᠭᠠᠨ ᠤ ᠤᠷᠳᠤᠨ ᠤ ᠲᠠᠭᠤᠤ ᠬᠦᠭᠵᠢᠮ ᠠᠴᠠ ᠤᠯᠠᠷᠢᠵᠤ | ᠢᠷᠡᠭᠰᠡᠨ ᠮᠠᠲ᠋ᠧᠷᠢᠶᠠᠯ ᠮᠦᠨ ᠬᠡᠮᠡᠨ ᠥᠨᠡᠯᠡᠬᠦ ᠶᠢ ᠰᠠᠨᠠᠯ ᠨᠢᠭᠡᠳᠠᠢ ᠵᠥᠪᠰᠢᠶᠡᠷᠡᠵᠤ᠂ ᠠᠷᠦ ᠬᠤᠷᠴᠢᠨ ᠳᠤ ᠯᠢᠭᠳᠡᠨ | ᠬᠤᠳᠤᠭᠳᠤ ᠬᠠᠭᠠᠨ ᠪᠠ ᠴᠠᠭᠠᠨ ᠬᠤᠳᠠ ᠶᠢᠨ ᠰᠤᠳᠤᠯᠭᠠᠨ ᠤ ᠬᠦᠰᠢᠬᠡ ᠶᠢ ᠨᠡᠭᠡᠭᠡᠨ᠂ ᠲᠡᠭᠡᠳᠦ ᠱᠠᠳᠤᠨ ᠤ ᠠᠯᠢ | ᠤᠯᠠᠨ ᠡᠷᠳᠡᠮᠳᠡᠨ ᠰᠤᠳᠤᠯᠭᠠᠳᠠᠨ ᠠᠷᠦ ᠬᠤᠷᠴᠢᠨ ᠳᠤ ᠬᠦᠷᠦᠯᠴᠡᠨ ᠢᠷᠡᠵᠦ ᠬᠡᠭᠡᠷ᠎ᠡ ᠶᠢᠨ ᠰᠢᠨᠵᠢᠯᠡᠭᠡᠨ ᠬᠢᠭᠰᠡᠨ | ᠪᠠᠶᠢᠳᠠᠭ᠃ 2005 ᠤᠨ ᠤ 7 ᠰᠠᠷ᠎ᠠ ᠳᠤ ᠠᠷᠦ ᠬᠤᠷᠴᠢᠨ ᠬᠤᠰᠢᠭᠤᠨ ᠤ ᠬᠠᠨᠰᠦ᠋ᠮ᠎ᠡ ᠰᠤᠮᠤ ᠳᠤ ︽ᠠᠪᠠᠭ᠎ᠠ | ᠬᠠᠷ᠎ᠠ — ᠴᠠᠭᠠᠨ ᠬᠤᠳᠠ︾ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ︾ ᠶᠠᠪᠤᠭᠳᠠᠵᠤ᠂ | ᠴᠠᠭᠠᠨ ᠬᠤᠳᠠ ᠪᠤᠯ ᠯᠢᠭᠳᠡᠨ ᠬᠤᠳᠤᠭᠳᠤ ᠬᠠᠭᠠᠨ ᠤ ᠨᠡᠶᠢᠰᠯᠡᠯ ᠤᠨ ᠪᠠᠭᠤᠷᠢ ᠪᠤᠯᠬᠤ ᠲᠤᠬᠠᠢ ᠦᠵᠡᠯᠳᠡ ᠶᠢ | ᠦᠨᠳᠦᠰᠦᠨ ᠳᠡᠭᠡᠨ ᠨᠤᠳᠠᠯᠠᠨ᠂ ᠰᠤᠳᠤᠯᠤᠯ ᠰᠢᠨᠵᠢᠯᠡᠯᠳᠡ ᠪᠠᠨ ᠴᠢᠨᠠᠭᠰᠢᠳᠠ ᠭᠦᠨᠵᠡᠭᠡᠶᠢᠷᠡᠭᠦᠯᠦᠨ᠎ᠡ ᠭᠡᠵᠦ | ᠨᠢᠭᠡᠳᠦᠭᠰᠡᠨ ᠪᠠᠶᠢᠨ᠎ᠠ᠃ ᠡᠷᠳᠡᠮᠳᠡᠨ ᠰᠤᠳᠤᠯᠭᠠᠳᠠᠳ ᠪᠠᠰᠠ ᠠᠪᠠᠭ᠎ᠠ ᠬᠠᠷ᠎ᠠ ᠠᠭᠤᠯᠠ ᠬᠢᠭᠡᠳ ᠴᠠᠭᠠᠨ ᠬᠤᠳᠠ ᠪᠠᠷ | ᠬᠦᠷᠴᠦ᠂ ᠬᠡᠭᠡᠷ᠎ᠡ ᠶᠢᠨ ᠰᠢᠨᠵᠢᠯᠡᠭᠡᠨ ᠪᠠᠶᠢᠴᠠᠭᠠᠯᠳᠠ ᠬᠢᠵᠤ ᠲᠡᠦᠬᠡ ᠶᠢᠨ ᠤᠯᠠ ᠮᠦᠷ ᠢ ᠨᠠᠷᠢᠪᠴᠢᠯᠠᠨ ᠬᠠᠶᠢᠭᠰᠠᠨ | ᠪᠠᠶᠢᠨ᠎ᠠ᠃ | ᠡᠳ᠋ᠯᠡᠵᠦ ᠦᠮᠴᠢᠷᠬᠡᠵᠦ ᠪᠠᠶᠢᠭᠰᠠᠨ ᠡᠵᠡᠳ ᠤᠨ ᠢᠶᠠᠨ ᠬᠠᠮᠳᠤ ᠡᠳ᠋ ᠦᠯᠦᠭ ᠭᠡᠳᠡᠭ ᠡᠨᠡᠬᠦ ᠤᠵᠠᠭᠤᠷ ᠲᠡᠦᠬᠡ | ᠦᠩᠬᠡ ᠶᠢᠷᠳᠢᠨᠴᠤ ᠶᠢᠨ ᠵᠢᠮ᠎ᠡ ᠪᠠᠷ ᠡᠭᠦᠯᠡ ᠬᠠᠯᠬᠠᠯᠠᠵᠤ ᠴᠢᠮᠡᠭᠡ ᠢᠮᠡᠭᠡ ᠦᠬᠡᠢ ᠪᠠᠷ ᠬᠡᠴᠢᠨᠡᠨ ᠤᠷᠳᠤ ᠡᠳᠦᠷ | ᠬᠤᠨᠤᠭ ᠢᠶᠠᠷ ᠢᠴᠡᠭᠡᠯᠡᠨ ᠨᠤᠶᠢᠷᠰᠤᠬᠤ ᠳᠠᠭᠠᠨ᠂ ᠭᠡᠨᠡᠳᠳᠡ ᠵᠡᠭᠦᠳᠦᠨ ᠠᠴᠠ ᠪᠠᠨ ᠰᠡᠷᠢᠭᠰᠡᠨ ᠰᠢᠭ ᠬᠤᠵᠢᠮ ᠤᠨ | ᠬᠦᠮᠦᠰ ᠲᠤ ᠢᠯᠡᠷᠡᠭᠦᠯᠦᠭᠳᠡᠬᠦ ᠳᠡᠭᠡᠨ ︽ᠠᠯᠳᠠ ᠤᠳᠠᠬᠤ ᠲᠤᠳᠤᠮ ᠦᠩᠬᠡ ᠤᠷᠤᠳᠠᠭ︾ ᠤᠨ ᠠᠳᠠᠯᠢ ᠪᠠᠷ | ᠰᠢᠵᠢᠷᠳᠡᠨ ᠲᠤᠶᠠᠭᠠᠷᠠᠵᠤ᠂ ᠬᠦᠮᠦᠨ ᠵᠤᠨ ᠤ ᠬᠠᠷᠠᠭ᠎ᠠ ᠶᠢ ᠭᠢᠯᠪᠠᠭᠤᠯᠳᠠᠭ ᠪᠠᠶᠢᠨ᠎ᠠ᠃ | ᠮᠤᠩᠭᠤᠯ ᠤᠨ ᠬᠠᠭᠠᠨᠳᠤ ᠲᠦᠷᠦ ᠶᠢᠨ ᠯᠢᠭᠳᠡᠨ ᠬᠤᠳᠤᠭᠳᠤ ᠬᠠᠭᠠᠨ 1634 ᠤᠨ ᠳᠤ ᠬᠠᠯᠢᠭᠰᠠᠨ ᠠᠴᠠ | ᠬᠤᠷᠢᠳᠤᠭᠠᠷ ᠵᠠᠭᠤᠨ ᠤ ᠨᠠᠶᠠᠭᠠᠳ ᠪᠤᠯᠳᠠᠯ᠎ᠠ ᠨᠢᠭᠡᠨᠳᠡ ᠭᠤᠷᠪᠠᠨ ᠵᠠᠭᠤᠨ ᠲᠠᠪᠢᠨ ᠵᠢᠯ ᠤᠨ ᠬᠠᠪᠤᠷ ᠨᠠᠮᠤᠷ ᠪᠤᠯᠵᠤ᠂ | ᠤᠷᠳᠤᠨ ᠤ ᠮᠤᠩᠭᠤᠯ ᠲᠠᠭᠤᠤ ᠬᠦᠭᠵᠢᠮ ᠨᠢ ᠲᠡᠦᠬᠡ ᠶᠢᠨ ᠤᠨ ᠰᠠᠷ᠎ᠠ ᠶᠢᠨ ᠤᠷᠴᠢᠯ ᠡᠯᠡᠭᠳᠡᠯ ᠳᠤ ᠮᠤᠩᠭᠤᠯ | ᠨᠤᠳᠤᠭ ᠤᠨ ᠬᠦᠮᠦᠨ ᠠᠷᠠᠳ ᠲᠤ ᠮᠠᠷᠳᠠᠭᠳᠠᠨ ᠪᠠᠯᠠᠷᠠᠬᠤ ᠬᠡᠮᠵᠢᠶᠡᠨ ᠳᠤ ᠬᠦᠷᠦᠭᠰᠡᠨ ᠪᠠᠶᠢᠪᠠ᠃ ᠶᠠᠭ ᠡᠨᠡᠬᠦ ᠴᠠᠭ | ᠮᠦᠴᠡ ᠳᠤ ᠠᠷᠦ ᠬᠤᠷᠴᠢᠨ ᠬᠤᠰᠢᠭᠤᠨ ᠤ ᠬᠠᠨᠰᠦ᠋ᠮ᠎ᠡ ᠳᠠᠬᠢ ᠸᠴᠢᠷᠳᠦ ᠴᠠᠭᠠᠨ ᠬᠤᠳᠠ ᠪᠤᠯ ᠮᠤᠩᠭᠤᠯ ᠤᠨ | ᠬᠠᠭᠠᠨᠳᠤ ᠲᠦᠷᠦ ᠶᠢᠨ ᠬᠠᠮᠤᠭ ᠰᠡᠭᠦᠯᠴᠢ ᠶᠢᠨ ᠬᠠᠭᠠᠨ ᠯᠢᠭᠳᠡᠨ ᠬᠤᠳᠤᠭᠳᠤ ᠶᠢᠨ ᠨᠡᠶᠢᠰᠯᠡᠵᠦ ᠪᠠᠶᠢᠭᠰᠠᠨ ᠭᠠᠵᠠᠷ | ᠪᠤᠯᠬᠤ ᠪᠦᠭᠡᠳ ᠬᠠᠭᠠᠨ ᠤᠷᠳᠤᠨ ᠤ ᠬᠦᠭᠵᠢᠮ ᠮᠦᠨ ᠠᠳᠡ ᠠᠴᠠ ᠤᠯᠳᠠᠭᠰᠠᠨ ᠨᠢ ᠡᠷᠳᠡᠮᠳᠡᠨ ᠰᠤᠳᠤᠯᠭᠠᠳᠠᠳ | ᠤᠨ ᠰᠤᠨᠤᠷ ᠰᠡᠷᠡᠯ ᠢ ᠤᠨᠴᠠ ᠬᠦᠨᠳᠡᠵᠦ᠂ ᠮᠤᠩᠭᠤᠯ ᠬᠠᠭᠠᠨ ᠤᠷᠳᠤᠨ ᠤ ᠲᠦᠪ ᠶᠡᠬᠡᠮᠰᠦᠭ᠂ ᠡᠷᠬᠢᠮᠰᠦᠭ ᠭᠤᠸ᠎ᠠ᠂ | ᠭᠦᠨ ᠭᠠᠶᠢᠬᠠᠮᠰᠢᠭᠳᠤ ᠲᠠᠭᠤᠤ ᠬᠦᠭᠵᠢᠮ ᠢ ᠰᠡᠷᠭᠦᠭᠡᠨ ᠠᠮᠢᠯᠠᠭᠤᠯᠬᠤ ᠨᠢ ᠮᠤᠩᠭᠤᠯ ᠲᠡᠦᠬᠡ ᠰᠤᠶᠤᠯ ᠳᠤ | ᠬᠡᠮᠵᠢᠶᠡᠯᠡᠰᠢ ᠦᠭᠡᠢ ᠶᠡᠭᠡ ᠠᠴᠢ ᠬᠤᠯᠪᠤᠭᠳᠠᠯ ᠲᠠᠢ ᠭᠡᠵᠦ ᠲᠠᠭᠤᠨ ᠰᠡᠳᠬᠢᠯ ᠨᠢᠭᠡᠳᠡᠢ ᠦᠵᠡᠵᠡᠭᠡᠭᠰᠡᠨ ᠪᠠᠶᠢᠨ᠎ᠠ᠃ | 2009 ᠤᠨ ᠤ 7 ᠰᠠᠷ᠎ᠠ ᠶᠢᠨ 19 — 21 ᠤ ᠡᠳᠦᠷ ᠪᠤᠯᠳᠠᠯ᠎ᠠ ᠠᠷᠦ ᠬᠤᠷᠴᠢᠨ ᠬᠤᠰᠢᠭᠤᠨ ᠤ | ᠠᠷᠠᠳ ᠤᠨ ᠵᠠᠰᠠᠭ ᠤᠨ ᠤᠷᠳᠤᠨ ᠠᠴᠠ ︽ᠯᠢᠭᠳᠡᠨ ᠬᠤᠳᠤᠭᠳᠤ ᠬᠠᠭᠠᠨ ᠬᠢᠭᠡᠳ ᠬᠠᠭᠠᠨᠳᠤ ᠲᠦᠷᠦ ᠶᠢᠨ ᠨᠡᠶᠢᠰᠯᠡᠯ | ᠴᠠᠭᠠᠨ ᠬᠤᠳᠠ ᠶᠢᠨ ᠪᠦᠬᠦ ᠤᠯᠤᠰ ᠤᠨ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ︾ ᠢ | ᠬᠤᠷᠠᠯᠳᠤᠭᠤᠯᠵᠤ᠂ 2005 ᠤᠨ ᠳᠤ ᠪᠤᠯᠤᠭᠰᠠᠨ ᠬᠤᠷᠠᠯ ᠳᠡᠭᠡᠷ᠎ᠡ ᠸᠴᠢᠷᠳᠤ ᠴᠠᠭᠠᠨ ᠬᠤᠳᠠ ᠪᠤᠯ ᠯᠢᠭᠳᠡᠨ | ᠬᠤᠳᠤᠭᠳᠤ ᠬᠠᠭᠠᠨ ᠤ ᠨᠡᠶᠢᠰᠯᠡᠯ ᠤᠨ ᠰᠠᠭᠤᠷᠢ ᠮᠦᠨ ᠪᠤᠯᠬᠤ ᠶᠢ ᠤᠯᠠᠮ ᠨᠢᠭᠡ ᠠᠯᠬᠤᠮ ᠪᠠᠳᠤᠳᠠᠢ ᠨᠤᠳᠠᠯᠠᠭᠰᠠᠨ | ᠪᠦᠭᠡᠳ ᠭᠧᠮᠫᠢ ᠶᠢᠨ ᠰᠦᠮ᠎ᠡ ᠠᠴᠠ ᠤᠯᠳᠠᠭᠰᠠᠨ 15 ᠢᠵᠢ ︽ᠤᠷᠳᠤᠨ ᠤ ᠮᠤᠩᠭᠤᠯ ᠲᠠᠭᠤᠤ ᠬᠦᠭᠵᠢᠮ︾ ᠤᠨ | ᠡᠬᠢ ᠮᠠᠲ᠋ᠧᠷᠢᠶᠠᠯ ᠪᠤᠯ ᠤᠮᠠᠷᠠᠳᠤ ᠶᠤᠸᠠᠨ ᠤᠯᠤᠰ ᠤᠨ ᠬᠠᠮᠤᠭ ᠡᠴᠦᠰ ᠤᠨ ᠬᠠᠭᠠᠨ ᠯᠢᠭᠳᠡᠨ ᠬᠤᠳᠤᠭᠳᠤ ᠶᠢᠨ ︽ | ᠸᠴᠢᠷᠳᠤ ᠴᠠᠭᠠᠨ ᠬᠤᠳᠠ︾ ᠠᠴᠠ ᠤᠯᠠᠮᠵᠢᠯᠠᠭᠳᠠᠭᠰᠠᠨ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ | ᠤᠨ ᠲᠠᠭᠤᠤ ᠠᠶ᠎ᠠ ᠨᠤᠭᠤᠳ ᠮᠦᠨ ᠪᠤᠯᠬᠤ ᠶᠢ ᠴᠤ ᠨᠤᠳᠠᠯᠠᠭᠰᠠᠨ ᠪᠠᠶᠢᠨ᠎ᠠ᠃ ᠦᠨᠳᠦᠰᠦᠳᠡᠨ ᠤ ᠰᠤᠶᠤᠯ ᠤᠨ | ᠲᠤᠮᠤ ᠬᠤᠰᠢᠭᠤ ᠶᠢ ᠪᠦᠳᠦᠭᠡᠨ ᠪᠠᠶᠢᠭᠤᠯᠬᠤ᠂ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠵᠢᠴᠢ ᠬᠠᠭᠠᠨ | ᠤᠷᠳᠤᠨ ᠤ ᠲᠠᠭᠤᠤ ᠬᠦᠭᠵᠢᠮ ᠢ ᠠᠮᠢᠯᠠᠭᠤᠯᠤᠨ ᠰᠡᠷᠭᠦᠭᠡᠬᠦ ᠠᠵᠢᠯ ᠳᠠᠭᠠᠨ ᠭᠠᠷᠳᠠᠨ ᠤᠷᠤᠭᠰᠠᠨ ᠠᠷᠦ | ᠬᠤᠷᠴᠢᠨᠴᠤᠤᠯ ᠭᠠᠷ ᠲᠠᠳᠠᠯ ᠦᠬᠡᠢ ᠪᠡᠯᠡ ᠤᠷᠤᠭᠤᠯᠵᠤ᠂ 2009 ᠤᠨ ᠤ 7 ᠰᠠᠷ᠎ᠠ ᠶᠢᠨ 21 ᠤ ᠡᠳᠦᠷ | ᠬᠤᠰᠢᠭᠤᠨ ᠰᠤᠶᠤᠯ ᠲᠠᠮᠢᠷ ᠤᠨ ᠲᠤᠪᠴᠢᠶᠠᠨ ᠠᠴᠠ ᠤᠯᠠᠭᠠᠨᠮᠦ᠋ᠴᠢᠷ ᠲᠤ ︽ᠬᠠᠭᠠᠨ ᠤᠷᠳᠤᠨ ᠤ ᠲᠠᠭᠤᠤ | ᠬᠦᠭᠵᠢᠮ ᠤᠨ ᠪᠦᠯᠬᠦᠮ︾ ᠪᠠᠶᠢᠭᠤᠯᠵᠤ᠂ ᠲᠤᠭᠯᠠᠭᠴᠢ ᠡᠯᠰᠡᠨ᠂ ᠲᠠᠭᠤᠤ ᠬᠦᠭᠵᠢᠮ ᠤᠨ ᠪᠠᠭᠠᠵᠢ ᠵᠢᠮᠰᠡᠭ᠂ | ᠲᠤᠭᠯᠠᠯᠳᠠ ᠶᠢᠨ ᠬᠤᠪᠴᠠᠰᠤ ᠵᠠᠰᠠᠯ ᠵᠡᠷᠭᠡ ᠶᠢ ᠰᠢᠨ᠎ᠡ ᠪᠠᠷ ᠲᠦᠰᠦᠪᠯᠡᠨ ᠬᠢᠵᠦ᠂ ︽ᠬᠠᠭᠠᠨ ᠤᠷᠳᠤᠨ ᠤ ᠮᠤᠩᠭᠤᠯ | ᠲᠠᠭᠤᠤ ᠬᠦᠭᠵᠢᠮ︾ ᠢ ᠤᠷᠠᠯᠢᠭ ᠤᠨ ᠲᠠᠶᠢᠵᠠᠨ᠎ᠠ ᠲᠠᠬᠢᠨ ᠠᠮᠢᠯᠠᠭᠤᠯᠬᠤ ᠪᠠ ︽ᠯᠢᠭᠳᠡᠨ ᠬᠠᠭᠠᠨ ᠤ ᠤᠷᠳᠣᠨ ᠤ | ᠮᠤᠩᠭᠤᠯᠲ᠋ᠠᠭᠤᠤ ᠬᠦᠭᠵᠢᠮ︾ ᠤᠨ ᠦᠪᠡᠷᠳᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠣᠰᠣ ᠰᠣᠶᠣᠯ ᠤᠨ | ᠦᠪ ᠢᠶᠠᠷ ᠮᠡᠳᠡᠭᠦᠯᠬᠦ ᠪᠡᠯᠡᠳᠭᠡᠯ ᠠᠵᠢᠯ ᠢ ᠬᠢᠵᠦ ᠡᠬᠢᠯᠡᠵᠡᠢ᠃ | ᠮᠤᠩᠭᠤᠯᠴᠤᠳ᠂ ᠬᠤᠶᠠᠷ ᠢᠶᠠᠷ ᠬᠤᠤᠰᠯᠠᠭᠤᠯᠤᠨ ᠬᠦᠷᠦᠭᠰᠡᠨ ᠰᠤᠷ᠂ ᠲᠡᠭᠡᠰᠦ ᠶᠢ ︽ᠬᠤᠶᠢᠮᠰᠤᠨ︾᠂ | ᠭᠤᠷᠪᠠ ᠪᠠᠷ ᠡᠷᠴᠢᠯᠡᠭᠰᠡᠨ ᠢ ︽ᠭᠤᠷᠮᠤᠰᠤᠨ︾ ᠬᠡᠮᠡᠳᠡᠭ ᠠᠵᠢ᠃ ᠲᠡᠭᠡᠭᠡᠳ ᠴᠤ ᠨᠡᠭᠦᠳᠡᠯᠴᠢ ᠤᠳᠤᠮ ᠤᠨ | ᠮᠤᠩᠭᠤᠯᠴᠤᠳ ︽ᠭᠤᠷᠮᠤᠰᠤᠨ ᠰᠦᠯᠵᠢᠶ᠎ᠡ ᠬᠠᠮᠤᠭ ᠤᠨ ᠪᠦᠬᠡ︾ ᠭᠡᠳᠡᠭ ᠭᠤᠷᠪᠠᠯᠠᠯ ᠨᠢᠳᠭᠡᠷᠡᠯ ᠤᠨ ᠶᠤᠰᠤᠨ ᠢᠶᠠᠷ | ᠤᠬᠠᠭᠠᠨ ᠲᠠᠮᠢᠷ ᠲᠠᠭᠠᠨ ᠬᠦᠴᠦ ᠡᠷᠴᠢᠯᠡᠭᠡᠰᠦ ᠠᠪᠴᠦ᠂ ᠠᠳᠠᠯ ᠤᠷᠤᠰᠢᠯ᠂ ᠠᠵᠢᠯ ᠦᠢᠯᠡ ᠪᠠᠨ ᠭᠦᠢᠴᠡᠳᠭᠡᠵᠦ | ᠶᠠᠪᠤᠳᠠᠭ ᠪᠠᠶᠢᠭᠰᠠᠨ ᠪᠦᠭᠡᠳ ᠡᠶᠢᠮᠦᠷᠬᠦ ᠬᠦᠴᠦ ᠤᠬᠠᠭᠠᠨ ᠪᠦᠷᠢᠳᠦᠭᠰᠡᠨ ᠬᠦᠮᠦᠨ ᠬᠠᠮᠢᠭ᠎ᠠ ᠪᠤᠯᠭᠠᠨ ᠳᠤ | ᠵᠠᠩᠭᠢᠯᠠᠭ᠎ᠠ ᠶᠢᠨ ᠦᠷ᠎ᠡ ᠨᠦᠯᠦᠭᠡ ᠭᠠᠷᠭᠠᠵᠤ ᠪᠠᠶᠢᠭᠰᠠᠨ ᠢᠶᠠᠷ ᠶᠠᠭᠤ ᠪᠦᠬᠦᠨ ᠢᠯᠭᠤᠮ ᠪᠦᠳᠦᠮᠵᠢᠳᠡᠢ ᠪᠤᠯᠳᠠᠭ ᠠᠵᠢ | ᠃ | ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠢ ᠠᠮᠢᠯᠠᠭᠤᠯᠤᠨ ᠰᠡᠷᠭᠦᠬᠡᠬᠦ ᠠᠵᠢᠯ ᠳᠤ ᠵᠠᠩᠭᠢᠯᠠᠭ᠎ᠠ | ᠶᠢᠨ ᠠᠴᠢ ᠦᠢᠯᠡᠳᠦᠯ ᠭᠠᠷᠭᠠᠭᠰᠠᠨ ᠭᠤᠤᠯ ᠤᠳᠤᠷᠢᠳᠤᠯᠭ᠎ᠠ ᠪᠤᠯᠬᠤ ᠤᠤᠯ ᠤᠨ ᠤᠯᠠᠭᠠᠨᠬᠠᠳᠠ ᠬᠤᠳᠠ ᠶᠢᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠲᠡᠳ᠋ ᠡᠷᠬᠢᠯᠡᠭᠴᠢ | ᠪᠠᠶᠠᠨᠪᠠᠭᠠᠳᠤᠷ ᠭᠤᠸᠠᠢ ᠨᠢᠳᠦᠨᠦᠨ ᠵᠢᠯ ᠠᠵᠢᠯ ᠠᠯᠪᠠ ᠪᠠᠨ ᠴᠢᠯᠦᠬᠡᠯᠡᠭᠰᠡᠨ ᠴᠤ ᠤᠷᠤᠨ ᠤ ᠲᠦᠪ ᠲᠤ ︽ᠮᠤᠩᠭᠤᠯ | ᠲᠡᠣᠬᠡ ᠰᠣᠶᠣᠯ ᠤᠨ ᠠᠮᠢᠳᠣ ᠭᠠᠵᠠᠷ ᠤᠨ ᠵᠢᠷᠤᠭ ᠤᠨ ᠸᠠᠶᠢᠪ ᠰᠠᠶᠢᠲ ᠶᠢ ᠴᠣᠭᠴᠠᠯᠠᠨ ᠪᠤᠰᠬᠠᠬᠤ︾ ᠠᠵᠢᠯ ᠳᠤ | ᠴᠠᠭ ᠰᠡᠪᠬᠢᠯ ᠦᠬᠡᠢ ᠶᠠᠭᠠᠷᠠᠵᠤ ᠪᠠᠶᠢᠭ᠎ᠠ ᠲᠤᠯᠠ ᠰᠤᠷᠪᠤᠯᠵᠢᠯᠠᠭᠴᠢ ᠲᠤᠰᠬᠠᠶᠢᠯᠠᠨ ᠬᠦᠬᠡᠬᠤᠳᠠ ᠳᠤ ᠬᠦᠷᠴᠦ | ᠰᠤᠷᠪᠤᠯᠵᠢᠯᠠᠭᠰᠠᠨ ᠶᠤᠮ᠃ | ᠲᠠᠷᠤᠭ᠎ᠠ ᠬᠦᠮᠦᠨ ᠮᠦᠷᠳᠡᠭᠡᠨ ᠰᠤᠶᠤᠯ ᠲᠡᠤᠬᠡᠴᠢ᠂ ᠬᠡᠪ ᠪᠤᠯᠪᠠᠰᠤᠷᠠᠯ ᠦᠨᠳᠦᠷ᠂ ᠨᠢᠷᠤᠭᠤᠯᠢᠭ᠂ ᠮᠡᠳᠡᠯᠭᠡ | ᠴᠢᠳᠠᠪᠤᠷᠢ ᠬᠤᠤᠰᠯᠠᠭᠰᠠᠨ᠂ ᠬᠦᠮᠦᠨ ᠠᠷᠠᠳ ᠲᠠᠭᠠᠨ ᠬᠦᠨᠳᠦᠳᠭᠡᠯ ᠲᠠᠢ ᠰᠠᠶᠢᠬᠠᠨ ᠠᠯᠳᠠᠷ ᠢ ᠨᠢ ᠰᠤᠨᠤᠰᠴᠤ | ᠤᠳᠠᠭᠰᠠᠨ ᠰᠤᠷᠪᠤᠯᠵᠢᠯᠠᠭᠴᠢ ᠪᠠᠷ ᠬᠦᠨᠳᠦᠳᠭᠡᠯ ᠲᠠᠯᠠᠷᠬᠠᠯ ᠲᠡᠪᠰᠢᠬᠦᠯᠵᠦ᠂ ᠰᠤᠷᠪᠤᠯᠵᠢᠯᠠᠭ᠎ᠠ ᠶᠠᠷᠢᠯᠴᠠᠭ᠎ᠠ ᠪᠠᠨ | ᠡᠬᠢᠯᠡᠬᠦᠯᠪᠡ᠃ | ᠰᠤᠷᠪᠤᠯᠵᠢᠯᠠᠭᠴᠢ᠄ ᠪᠠ᠊ ᠲᠠᠷᠤᠭ᠎ᠠ ᠲᠠ ᠶᠡᠷᠦᠨᠢ ᠮᠠᠨ ᠤ ᠠᠷᠦ ᠬᠤᠷᠴᠢᠨ ᠤ ᠰᠤᠶᠤᠯ ᠲᠡᠦᠬᠡ ᠶᠢᠨ ᠲᠤᠬᠠᠢ | ᠶᠡᠭᠡ ᠬᠠᠯᠠᠮᠵᠢᠯᠠᠵᠤ ᠲᠡᠮᠵᠢᠵᠤ ᠢᠷᠡᠭᠰᠡᠨ᠂ ᠲᠠ ᠡᠨᠡ ᠲᠤᠬᠠᠢ ᠪᠤᠳᠤᠯᠬᠢᠯᠠᠯ ᠢᠶᠠᠨ ᠶᠠᠷᠢᠭᠠᠳ ᠦᠭᠭᠦᠨᠡᠦ︖ | ᠪᠠ᠊ ᠲᠠᠷᠤᠭ᠎ᠠ᠄ ᠬᠡᠰᠢᠭᠳᠡᠨ ᠳᠤ ᠠᠵᠢᠯᠯᠠᠵᠤ ᠪᠠᠶᠢᠬᠤ ᠦᠶ᠎ᠡ ᠳᠤ ᠮᠢᠨᠦ ᠠᠩᠬᠠᠷᠤᠯ ᠢ ᠲᠠᠳᠠᠭᠰᠠᠨ ᠶᠠᠪᠤᠳᠠᠯ ᠪᠤᠯ | ᠬᠡᠰᠢᠭᠳᠡᠨ ᠤ ᠪᠠᠷᠰ ᠬᠤᠳᠠ ᠶᠢᠨ ᠲᠡᠦᠬᠡ᠃ ᠪᠠᠷᠰ ᠬᠤᠳᠠ ᠪᠤᠯ ᠤᠮᠠᠷᠠᠳᠤ ᠶᠤᠸᠠᠨ ᠤᠯᠤᠰ ᠤᠨ ᠠᠩᠬᠠᠨ ᠤ | ᠨᠡᠶᠢᠰᠯᠡᠯ᠃ ᠤᠮᠠᠷᠠᠳᠤ ᠶᠤᠸᠠᠨ ᠤᠯᠤᠰ ᠤᠨ ᠲᠡᠦᠬᠡ ᠠᠳᠡ ᠠᠴᠠ ᠡᠬᠢᠯᠡᠭᠰᠡᠨ ᠪᠠᠶᠢᠵᠤ᠂ ᠶᠡᠭᠡ ᠶᠤᠸᠠᠨ ᠤ ᠲᠡᠦᠬᠡ | ᠶᠢᠨ ᠵᠠᠯᠭᠠᠮᠵᠢ ᠬᠡᠵᠦ ᠬᠡᠯᠡᠵᠦ ᠪᠤᠯᠤᠨ᠎ᠠ᠃ ᠲᠤᠭᠤᠨᠳᠡᠮᠦᠷ ᠬᠠᠭᠠᠨ ᠠᠴᠠ ᠵᠠᠯᠭᠠᠭᠠᠳ ᠬᠦᠦ ᠠᠶᠤᠰᠢᠰᠢᠷᠢᠳᠠᠷᠠ ᠨᠢ | ᠬᠠᠭᠠᠨ ᠰᠠᠭᠤᠬᠤ ᠳᠠᠭᠠᠨ ᠡᠬᠢᠨ ᠳᠡᠭᠡᠨ ᠬᠡᠰᠢᠭᠳᠡᠨ ᠳᠤ ᠰᠠᠭᠤᠵᠤ ᠪᠠᠶᠢᠭᠰᠠᠨ ᠢᠶᠠᠨ ᠰᠡᠭᠦᠯ ᠳᠤ ᠨᠢ ᠤᠮᠠᠷᠠᠰᠢ | ᠬᠠᠯᠬ᠎ᠠ ᠳᠤ ᠤᠴᠢᠵᠤ ᠬᠠᠭᠠᠨ ᠰᠠᠭᠤᠷᠢᠨ ᠳᠤ ᠰᠠᠭᠤᠯ᠎ᠠ ᠬᠡᠵᠦ ᠠᠳᠠᠯᠢ ᠪᠤᠰᠤ ᠪᠠᠷ ᠬᠡᠯᠡᠳᠡᠭ ᠴᠤ᠂ ᠮᠣᠩᠭᠤᠯ ᠤᠨ | ᠲᠤᠭᠤᠨᠳᠡᠮᠦᠷ ᠬᠠᠭᠠᠨ ᠢᠩᠴᠠᠩ ᠴᠦᠯᠭᠡ ᠳᠤ ᠶᠠᠰᠤ ᠲᠠᠯᠪᠢᠭᠰᠠᠨ ᠲᠡᠦᠬᠡ ᠪᠤᠯ ᠦᠨᠡᠨ ᠪᠠᠶᠢᠨ᠎ᠠ᠃ ᠰᠡᠭᠦᠯ ᠳᠤ ᠨᠢ | ᠬᠠᠷᠢᠨ ᠤᠮᠠᠷᠠᠳᠤ ᠶᠤᠸᠠᠨᠤᠯᠤᠰ ᠤᠨ ᠬᠠᠮᠤᠭ ᠰᠡᠬᠦᠯᠴᠢ ᠶᠢᠨ ᠬᠠᠭᠠᠨ ᠤ ᠨᠡᠶᠢᠰᠯᠡᠯ ᠴᠠᠭᠠᠨ ᠬᠤᠳᠠ ᠪᠤᠯ ᠠᠷᠦ | ᠬᠤᠷᠴᠢᠨ ᠳᠤ ᠪᠠᠶᠢᠨ᠎ᠠ ᠬᠡᠯᠡ᠃ ᠲᠡᠭᠡᠬᠦ ᠳᠤ ᠬᠡᠰᠢᠭᠳᠡᠨ ᠤ ᠪᠠᠷᠰ ᠬᠤᠳᠠ ᠪᠠ ᠠᠷᠦ ᠬᠤᠷᠴᠢᠨ ᠤ ᠴᠠᠭᠠᠨ ᠬᠤᠳᠠ | ᠪᠤᠯ ᠮᠤᠩᠭᠤᠯ ᠤᠨ ᠲᠡᠦᠬᠡᠨ ᠳᠤ ᠶᠡᠭᠡ ᠴᠢᠬᠤᠯᠠ ᠪᠠᠶᠢᠷᠢ ᠰᠠᠭᠤᠷᠢ ᠲᠠᠢ ᠮᠦᠷᠳᠡᠭᠡᠨ ᠠᠴᠢ ᠬᠤᠯᠪᠤᠭᠳᠠᠯ ᠲᠠᠢ | ᠪᠠᠶᠢᠨ᠎ᠠ᠃ ᠡᠨᠡ ᠨᠢ ᠬᠡᠳᠦᠶᠢᠪᠡᠷ ᠮᠤᠩᠭᠤᠯ ᠤᠨ ᠤᠷᠤᠭᠤᠳᠠᠯ ᠦᠶ᠎ᠡ ᠶᠢᠨ ᠲᠡᠦᠬᠡ ᠭᠡᠳᠡᠭ ᠪᠤᠯᠪᠠᠴᠤ ᠲᠡᠷᠡ ᠲᠡᠦᠬᠡ | ᠪᠤᠯ ᠮᠤᠩᠭᠤᠯ ᠤᠨ ᠲᠡᠦᠬᠡ ᠰᠤᠳᠤᠯᠤᠯ᠂ ᠮᠤᠩᠭᠤᠯ ᠤᠨᠲ᠋ᠡᠦᠬᠡᠨ ᠳᠠᠬᠢ ᠬᠤᠶᠠᠷ ᠴᠢᠬᠤᠯᠠ ᠭᠠᠵᠠᠷ᠃ ᠢᠩᠬᠢᠬᠦ | ᠳᠡᠭᠡᠨ ᠪᠢ ᠴᠠᠭᠠᠨ ᠬᠤᠳᠠ ᠳᠤ ᠦᠪᠡᠷ ᠤᠨ ᠪᠡᠶ᠎ᠡ ᠪᠠᠷ ᠢᠶᠠᠨ ᠬᠤᠶᠠᠷ ᠭᠤᠷᠪᠠ ᠤᠳᠠᠭ᠎ᠠ ᠬᠦᠷᠴᠦ ᠪᠠᠶᠢᠭᠰᠠᠨ᠂ ᠤ᠊ | · ᠪᠤᠶ᠋ᠬᠠᠦ᠋ᠯᠵᠡᠢ ᠭᠤᠸᠠᠢ ᠲᠠᠢ ᠴᠤ ᠴᠤᠭ ᠬᠦᠷᠴᠦ ᠪᠠᠶᠢᠭᠰᠠᠨ᠃ | ᠲᠡᠷᠡ ᠦᠶ᠎ᠡ ᠳᠤ ᠬᠠᠨᠰᠦ᠋ᠮ᠎ᠡ ᠳᠤ ᠪᠠᠳᠤ ᠱᠦᠵᠢ ᠪᠠᠷ ᠪᠠᠶᠢᠭᠰᠠᠨ᠃ ᠪᠢ᠂ ᠪᠠᠳᠤ ᠳᠤ᠄ ︽ᠲᠠᠨ ᠤ ᠠᠳᠡ | ᠦᠨ᠎ᠡ ᠬᠦᠷᠪᠡᠯ ᠡᠨᠡ ᠶᠠᠭᠤᠮ᠎ᠠ ᠶᠡᠭᠡ ᠦᠨ᠎ᠡ ᠬᠦᠷᠦᠨ᠎ᠡ᠃ ᠮᠠᠨ ᠤ ᠮᠤᠩᠭᠤᠯ ᠬᠦᠮᠦᠨ ᠮᠤᠩᠭᠤᠯ ᠤᠨ ᠲᠡᠦᠬᠡᠨ | ᠲᠤᠳᠤᠷᠠᠬᠢ ᠪᠠᠶᠢᠳᠠᠭ ᠶᠠᠭᠤᠮ᠎ᠠ ᠪᠠᠨ ᠦᠨ᠎ᠡ ᠬᠦᠷᠭᠡᠨ᠎ᠡ ᠭᠡᠵᠦ ᠭᠦᠶᠦᠬᠡᠳ ᠬᠠᠮᠤᠭ ᠰᠡᠭᠦᠯ ᠳᠤ ᠦᠪᠡᠷ ᠤᠨ | ᠨᠡᠶᠢᠰᠯᠡᠯ ᠬᠤᠳᠠ ᠪᠠᠨ ᠡᠷᠭᠦᠵᠦ ᠲᠡᠶᠢᠯᠬᠦ ᠦᠬᠡᠢ ᠪᠤᠯ ᠤᠳᠤ ᠪᠤᠯᠬᠤ ᠶᠠᠭᠤᠮ᠎ᠠ ᠪᠢᠰᠢ᠃ ᠡᠨᠡ ᠶᠠᠭᠤᠮ᠎ᠠ ᠪᠤᠯ | ᠬᠠᠮᠤᠭ ᠠᠴᠠ ᠦᠨᠡᠳᠡᠢ ᠵᠦᠢᠯᠡᠰ᠃ ᠶᠠᠭᠠᠬᠢᠯ᠎ᠠ ᠭᠡᠳ ᠡᠨᠡ ᠲᠡᠦᠬᠡᠨ ᠤ ᠶᠠᠭᠤᠮᠠᠰ ᠲᠡᠷᠡ ᠤᠷᠤᠨ ᠲᠡᠭᠡᠷ᠎ᠡ | ᠦᠯᠡᠳᠡᠭᠰᠡᠨ ᠪᠠᠶᠢᠬ᠎ᠠ᠂ ᠪᠤᠳᠠᠳᠠᠢ ᠪᠤᠳᠠᠰ ᠪᠤᠶᠤ ᠨᠠᠭᠠᠳᠤ ᠵᠠᠬ᠎ᠠ ᠳᠠᠭᠠᠨ ᠭᠡᠷ ᠪᠠᠷᠢᠯᠭ᠎ᠠ ᠲᠡᠷᠡ ᠤᠷᠤᠨ ᠲᠡᠭᠡᠷ᠎ᠡ | ᠪᠠᠶᠢᠬᠤ ᠦᠬᠡᠢ ᠤᠤ︖ ᠲᠡᠷᠡ ᠦᠶ᠎ᠡ ᠶᠢᠨ ᠠᠷᠠᠳ ᠢᠷᠭᠡᠳ ᠤᠳ ᠠᠭᠤᠰᠴᠤ ᠰᠢᠩᠭᠡᠭᠰᠡᠨ᠂ ᠲᠡᠳᠡᠨ ᠢ ᠲᠠᠭᠠᠭᠠᠳ | ᠲᠡᠦᠬᠡ ᠶᠢᠨ ᠶᠤᠰᠤ ᠵᠠᠩᠰᠢᠯ ᠠᠴᠠ ᠡᠬᠢᠯᠡᠭᠡᠳ ᠤᠯᠠᠨ ᠵᠦᠢᠯ ᠤᠨ ᠶᠤᠰᠤ ᠭᠤᠷᠢᠮ᠂ ᠵᠠᠩ ᠵᠠᠩᠰᠢᠯ᠂ ᠰᠤᠶᠤᠯ ᠡᠨᠡ | ᠨᠤᠳᠤᠭ ᠲᠡᠭᠡᠷ᠎ᠡ ᠦᠯᠡᠳᠡᠭᠰᠡᠨ ᠨᠢ ᠯᠠᠪᠳᠠᠢ᠃︾ ᠬᠡᠵᠦ ᠬᠡᠯᠡᠵᠦ ᠪᠠᠶᠢᠭᠰᠠᠨ ᠁ | ᠬᠡᠰᠢᠭᠳᠡᠨᠳᠤ ᠠᠵᠢᠯᠯᠠᠵᠤ ᠪᠠᠶᠢᠬᠤ ᠳᠠᠭᠠᠨ ᠪᠢ ᠶᠡᠷᠦᠨᠢ ᠨᠢ ᠶᠠᠷᠢᠳᠠᠭ ᠪᠠᠶᠢᠭᠰᠠᠨ — ︽ᠲᠡᠦᠬᠡ ᠠᠴᠠ | ᠬᠡᠰᠢᠭᠳᠡᠨ ᠳᠤ ᠬᠤᠴᠤᠷᠭᠠᠭᠰᠠᠨ ᠨᠢ ᠨᠢᠬᠡ ᠪᠦᠯᠦᠭ ᠠᠷᠠᠳ ᠤᠳ ᠪᠤᠯ ᠬᠡᠰᠢᠭᠳᠡᠨ ᠴᠡᠷᠢᠭ ᠠᠴᠠ ᠡᠭᠦᠰᠦᠯᠳᠡᠢ᠃ | ᠬᠡᠰᠢᠭᠳᠡᠨ ᠳᠤ ᠬᠠᠭᠠᠨ ᠤ ᠤᠷᠳᠤ ᠲᠡᠨᠳᠡ ᠪᠠᠶᠢᠭᠰᠠᠨ ᠢᠶᠠᠷ ᠢᠶᠠᠨ᠂ ᠬᠠᠭᠠᠨ ᠤ ᠤᠷᠳᠤ ᠲᠡᠨᠳᠡ ᠰᠦᠨᠦᠭᠰᠡᠨ ᠢᠶᠠᠷ | ᠢᠶᠠᠨ᠂ ᠲᠡᠷᠡ ᠠᠷᠠᠳ ᠲᠡᠨᠳᠡ ᠰᠢᠩᠭᠡᠭᠰᠡᠨ ᠢᠶᠠᠷ ᠢᠶᠠᠨ ᠲᠡᠷᠡ ᠨᠤᠳᠤᠭ ᠲᠤ ᠪᠤᠯ ᠬᠠᠭᠠᠨ ᠤᠷᠳᠤᠨ ᠤ ᠴᠠᠭᠠᠨ | ᠢᠳᠡᠭᠡᠨ ᠬᠢᠬᠦ ᠵᠠᠩᠰᠢᠯ ᠠᠴᠠ ᠡᠬᠢᠯᠡᠭᠡᠳ ᠤᠯᠠᠨ ᠵᠦᠢᠯ ᠤᠨ ᠶᠠᠭᠤᠮᠠᠰ ᠲᠡᠷᠡ ᠨᠤᠳᠤᠭ ᠲᠤ ᠰᠢᠩᠭᠡᠭᠰᠡᠨ ᠪᠠᠶᠢᠭ᠎ᠠ | ᠶᠤᠮ︾᠃ | ᠰᠡᠬᠦᠯᠳᠡᠵᠦ ᠢᠷᠡᠭᠡᠳ ᠠᠷᠦ ᠬᠤᠷᠴᠢᠨ ᠤ ᠴᠠᠭᠠᠨ ᠬᠤᠳᠠ ᠶᠢ ᠦᠵᠡᠭᠰᠡᠨ ᠴᠢᠨᠢ ᠮᠠᠰᠢ ᠲᠡᠦᠬᠡ ᠲᠠᠢ ᠭᠠᠵᠠᠷ | ᠃ ᠴᠤᠬᠤᠮ ᠯᠢᠭᠳᠡᠨ ᠬᠠᠭᠠᠨ ᠤ ᠨᠡᠶᠢᠰᠯᠡᠯ ᠮᠦᠨ ᠡᠰᠡᠬᠦ ᠳᠤ ᠶᠡᠭᠡ ᠡᠭᠡᠵᠢᠭ ᠲᠠᠢ ᠪᠠᠶᠢᠭᠰᠠᠨ᠃ ᠮᠤᠩᠭᠤᠯ | ᠲᠡᠦᠬᠡᠴᠢᠳ ᠤᠨ ᠲᠤᠳᠤᠷ᠎ᠠ ᠶᠡᠷᠦ ᠳᠡᠭᠡᠨ ᠮᠠᠷᠭᠤᠭᠠᠨ ᠲᠠᠢ ᠪᠠᠶᠢᠭᠰᠠᠨ᠃ ᠬᠢᠳᠠᠳ ᠲᠡᠦᠬᠡᠴᠢᠳ ᠲᠡᠭᠦᠨ ᠢ | ᠲᠤᠳᠤᠯᠠᠭᠰᠠᠨ ᠢᠶᠠᠷ ᠪᠤᠯ ᠶᠠᠭ ᠯᠢᠭᠳᠡᠨ ᠬᠠᠭᠠᠨ ᠤ ᠨᠡᠶᠢᠰᠯᠡᠯ ᠮᠦᠨ ᠭᠡᠵᠦ ᠦᠵᠡᠵᠦ ᠪᠠᠶᠢᠪᠠ᠃ | ᠬᠠᠮᠤᠭ ᠲᠦᠷᠦᠬᠦᠨ ᠳᠤ ᠵᠤᠤ ᠤᠳᠠ ᠠᠶᠢᠮᠠᠭ ᠤᠨ ︵ᠤᠯᠠᠭᠠᠨᠬᠠᠳᠠ ᠬᠤᠳᠠ ᠶᠢᠨ︶ ᠪᠠᠭᠠᠷᠢᠨ ᠪᠠᠷᠠᠭᠤᠨ | ᠬᠤᠰᠢᠭᠤᠨ ᠤ ᠵᠢᠨᠵᠢ ᠶᠢᠨ ᠴᠠᠭᠠᠨ ᠰᠤᠪᠤᠷᠭ᠎ᠠ ᠶᠢᠨ ᠲᠡᠨᠳᠡ ᠯᠢᠭᠳᠡᠨ ᠤ ᠨᠡᠶᠢᠰᠯᠡᠯ ᠪᠠᠶᠢᠨ᠎ᠠ ᠬᠡᠵᠦ᠂ ᠰᠡᠭᠦᠯᠡᠷ ᠨᠢ | ᠯᠢᠭᠳᠡᠨ ᠤ ᠸᠴᠢᠷᠳᠤ ᠴᠠᠭᠠᠨ ᠬᠤᠳᠠ ᠪᠤᠯ ᠮᠤᠩᠭᠤᠯᠵᠢᠨ ᠤ ᠬᠢᠯᠢ ᠲᠤᠳᠤᠷ᠎ᠠ ᠪᠠᠶᠢᠨ᠎ᠠ ᠬᠡᠵᠦ ᠶᠠᠷᠢᠭᠰᠠᠨ᠃ ᠬᠡᠳᠡᠯ᠎ᠡ | ᠡᠨᠡ ᠨᠢ ᠪᠤᠷᠨᠠᠢ ᠶᠢᠨ ᠪᠤᠰᠤᠯᠭ᠎ᠠ ᠶᠢᠨ ᠡᠮᠦᠨ᠎ᠡ᠂ ᠮᠠᠨᠵᠤ ᠶᠢᠨ ᠵᠠᠰᠠᠭ ᠠᠴᠠ ᠲᠡᠳᠡᠨ ᠳᠤ ᠲᠠᠯ᠎ᠠ ᠬᠢᠬᠦ ᠶᠢᠨ ᠲᠤᠯᠠᠳᠠ | ᠶᠠᠭ ᠡᠨᠡ ᠠᠷᠦ ᠬᠤᠷᠴᠢᠨ ᠤ ᠴᠠᠭᠠᠨ ᠬᠤᠳᠠ ᠶᠢ ᠲᠠᠭᠤᠷᠢᠶᠠᠭᠠᠳᠲ᠋ᠡᠨᠳᠡ ᠨᠢᠬᠡ ᠴᠠᠭᠠᠨ ᠬᠤᠳᠠ ᠪᠠᠶᠢᠭᠤᠯᠵᠤ | ᠦᠭᠭᠦᠭᠰᠡᠨ ᠪᠠᠶᠢᠵᠤ᠂ ᠮᠦᠨ ᠲᠡᠭᠡᠭᠡᠳ ᠴᠠᠭᠠᠨ ᠬᠤᠳᠠ ᠬᠡᠮᠡᠨ ᠨᠡᠷᠡᠯᠡᠵᠡᠢ᠃ ᠲᠡᠨᠳᠡᠬᠢ ᠠᠭᠤᠯᠠ ᠤᠰᠤ ᠶᠢᠨ | ᠨᠡᠷᠡᠶᠢᠳᠦᠯ ᠢ ᠪᠠᠰᠠ ᠬᠠᠷ᠎ᠠ ᠠᠭᠤᠯᠠ ᠬᠡᠵᠦ ᠠᠷᠦ ᠬᠤᠷᠴᠢᠨ ᠤ ᠬᠢ ᠲᠠᠢ ᠠᠳᠠᠯᠢ ᠲᠠᠭᠤᠳᠠᠵᠤ ᠪᠠᠶᠢᠭᠰᠠᠨ ᠠᠴᠠ | ᠲᠡᠦᠬᠡᠴᠢᠳ ᠠᠳᠡᠭᠦᠷᠡᠭᠡᠳ ᠲᠡᠨᠳᠡ ᠯᠢᠭᠳᠡᠨ ᠬᠠᠭᠠᠨ ᠤ ᠴᠠᠭᠠᠨ ᠬᠤᠳᠠ ᠪᠠᠶᠢᠬᠤ ᠶᠤᠮ ᠪᠠᠶᠢᠨ᠎ᠠ ᠬᠡᠵᠦ ᠶᠠᠷᠢᠭᠰᠠᠨ᠃ | ᠡᠶᠢᠮᠦ ᠠᠴᠠ ᠡᠨᠡ ᠲᠤᠬᠠᠢ ᠮᠠᠳᠠᠭ ᠲᠠᠢ ᠪᠠᠶᠢᠭᠰᠠᠨ ᠦᠶ᠎ᠡ᠃ | ᠲᠡᠷᠡ ᠦᠶ᠎ᠡ ᠠᠴᠠ ᠪᠢ᠂ ᠬᠠᠨᠰᠦ᠋ᠮ᠎ᠡ ᠶᠢᠨ ᠪᠠᠳᠤ ᠱᠦᠵᠢ᠂ ᠮᠠᠨᠳᠤᠯ᠎ᠠ ᠲᠠᠷᠤᠭ᠎ᠠ ᠳᠤ ︽ᠡᠭᠦᠨ ᠢ ᠤᠳᠤ | ᠨᠢᠬᠡ ᠰᠠᠶᠢᠬᠠᠨ ᠶᠠᠭᠤᠮ᠎ᠠ ᠪᠤᠯᠭᠠᠬᠤ ᠦᠬᠡᠢ ᠪᠤᠯᠬᠤ ᠦᠬᠡᠢ ᠳ᠋ᠠ᠃ ᠨᠠᠭᠠᠳᠤ ᠵᠠᠬ᠎ᠠ ᠨᠢ ᠡᠷᠳᠡᠮ ᠰᠢᠨᠵᠢᠯᠡᠬᠡᠨ ᠤ | ᠬᠤᠪᠢ ᠳᠤ ᠡᠨᠡ ᠪᠤᠯ ᠤᠮᠠᠷᠠᠳᠤ ᠶᠤᠸᠠᠨ ᠤᠯᠤᠰ ᠤᠨ ᠬᠠᠮᠤᠭ ᠰᠡᠭᠦᠯᠴᠢ ᠶᠢᠨ ᠬᠠᠭᠠᠨ ᠤ ᠬᠠᠭᠠᠨ ᠤ ᠤᠷᠳᠤᠨ ᠤ | ᠰᠠᠭᠤᠷᠢ ᠭᠡᠳᠡᠭ ᠢ ᠲᠤᠳᠤᠯᠠᠬᠤ ᠪᠤᠯ ᠶᠡᠭᠡ ᠴᠢᠬᠤᠯᠠ ᠡ︾ ᠬᠡᠵᠦ ᠁᠃ | 2005 ᠤᠨ ᠠᠴᠠ ᠡᠬᠢᠯᠡᠭᠡᠳ ᠠᠷᠦ ᠬᠤᠷᠴᠢᠨ ᠳᠤ ︽ᠯᠢᠭᠳᠡᠨ ᠤ ᠸᠴᠢᠷᠳᠤ ᠴᠠᠭᠠᠨ ᠬᠤᠳᠠ︾ ᠬᠢᠭᠡᠳ | ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠤᠨ ᠲᠤᠬᠠᠢ ᠭᠤᠷᠪᠠ ᠤᠳᠠᠭᠠᠨ ᠤ ᠡᠷᠳᠡᠮ ᠰᠢᠨᠵᠢᠯᠡᠬᠡᠨ ᠤ | ᠬᠤᠷᠠᠯ ᠢ ᠬᠢᠭᠰᠡᠨ᠃ ᠬᠠᠮᠤᠭ ᠲᠦᠷᠦᠭᠦᠨ ᠤ ᠬᠠᠨᠰᠦ᠋ᠮ᠎ᠡ ᠳᠤ ᠪᠤᠯᠤᠭᠰᠠᠨ ᠬᠤᠷᠠᠯ ᠲᠠᠪᠠᠭᠤ ᠠᠮᠵᠢᠯᠳᠠ ᠲᠠᠢ | ᠪᠤᠯᠤᠭᠠᠳ᠂ ᠡᠨᠡ ᠴᠠᠭᠠᠨ ᠬᠤᠳᠠ ᠪᠤᠯ ᠯᠢᠭᠳᠡᠨ ᠬᠠᠭᠠᠨ ᠤ ᠸᠴᠢᠷᠳᠤ ᠴᠠᠭᠠᠨ ᠬᠤᠳᠠ ᠮᠦᠨ ᠭᠡᠳᠡᠭ ᠯᠠᠪᠳᠠᠢ | ᠳ᠋ᠦᠩ ᠲᠡᠷᠡ ᠬᠤᠷᠠᠯ ᠲᠡᠭᠡᠷ᠎ᠡ ᠪᠠᠳᠤᠯᠠᠭᠳᠠᠵᠤ᠂ ᠮᠠᠨ ᠤ ᠦᠪᠦᠷ ᠮᠤᠩᠭᠤᠯ ᠤᠨ ᠮᠤᠩᠭᠤᠯᠴᠤᠳ ᠤᠨ ᠴᠠᠭᠠᠨ | ᠬᠤᠳᠠ ᠶᠢᠨ ᠲᠤᠬᠠᠢ ᠪᠠᠳᠤᠯᠠᠭᠰᠠᠨ ᠬᠠᠮᠤᠭ ᠠᠩᠬᠠᠨ ᠤ ᠨᠢᠭᠡ ᠤᠳᠠᠭᠠᠨ ᠤ ᠬᠤᠷᠠᠯ ᠪᠤᠯᠤᠯ᠎ᠠ ᠭᠡᠵᠦ ᠬᠡᠯᠡᠵᠦ | ᠪᠤᠯᠬᠤ ᠶᠤᠮ᠃ | ᠰᠤᠷᠪᠤᠯᠵᠢᠯᠠᠭᠴᠢ᠄ 2009 ᠤᠨ ᠤ ᠬᠤᠷᠠᠯ ᠤᠨ ᠭᠤᠤᠯ ᠤᠯᠤᠯᠳᠠ ᠪᠦᠳᠦᠮᠵᠢ ᠪᠠ ᠡᠷᠳᠡᠮᠳᠡᠨ | ᠰᠤᠳᠤᠯᠭᠠᠳᠠᠳ ᠤᠨ ᠮᠠᠨ ᠤ ᠬᠤᠰᠢᠭᠤᠨ ᠤ ᠮᠤᠩᠭᠤᠯ ᠬᠠᠭᠠᠨ ᠤᠷᠳᠤᠨ ᠤ ᠬᠦᠭᠵᠢᠮ ᠤᠨ ᠲᠤᠬᠠᠢ ᠰᠡᠳᠭᠢᠮᠵᠢ ᠶᠢ | ᠡᠷᠭᠢᠴᠡᠭᠦᠯᠦᠨ ᠶᠠᠷᠢᠭᠠᠳ ᠦᠭᠭᠦᠨᠡᠦ︖ | ᠪᠠ᠊ ᠲᠠᠷᠤᠭ᠎ᠠ᠄ 2009 ᠤᠨ ᠤ ᠬᠤᠶᠠᠳᠤᠭᠠᠷ ᠤᠳᠠᠭᠠᠨ ᠤ ᠰᠤᠳᠤᠯᠤᠨ ᠶᠠᠷᠢᠯᠴᠠᠬᠤ ᠬᠤᠷᠠᠯ ᠲᠡᠭᠡᠷ᠎ᠡ | ᠴᠠᠭᠠᠨ ᠬᠤᠳᠠ ᠶᠢᠨ ᠲᠤᠬᠠᠢ ᠤᠯᠠᠮ ᠨᠢᠭᠡ ᠠᠯᠬᠤᠮ ᠭᠦᠨᠵᠡᠭᠡᠢ ᠶᠠᠷᠢᠯᠴᠠᠭᠰᠠᠨ ᠶᠤᠮ᠃ | ᠡᠨᠡ ᠬᠡᠳᠦᠨ ᠬᠤᠷᠠᠯ ᠲᠡᠭᠡᠷ᠎ᠡ ᠡᠷᠳᠡᠮ ᠰᠢᠨᠵᠢᠯᠡᠭᠡᠨ ᠤ ᠲᠠᠯ᠎ᠠ ᠪᠠᠷ ᠬᠠᠮᠤᠭ ᠭᠤᠤᠯ ᠨᠢ ᠠᠯᠳ᠋ᠬᠠᠤᠷᠬᠢᠯ ᠪᠠᠭᠰᠢ | ᠠᠷᠦ ᠬᠤᠷᠴᠢᠨ ᠤ ᠴᠠᠭᠠᠨ ᠬᠤᠳᠠ ᠪᠤᠯ ᠯᠢᠭᠳᠡᠨ ᠬᠠᠭᠠᠨ ᠤ ᠬᠤᠳᠠ ᠮᠦᠨ ᠭᠡᠵᠦ ᠪᠠᠷᠢᠮᠳᠠᠯᠠᠨ ᠬᠡᠯᠡᠭᠡᠳ ᠢᠷᠡᠭᠰᠡᠨ᠃ | ᠮᠡᠷᠭᠡᠵᠢᠯ ᠤᠨ ᠲᠠᠯ᠎ᠠ ᠪᠠᠷ ᠠᠯᠳ᠋ᠬᠠᠤᠷᠭᠢᠯ᠂ ᠪᠤᠶᠠᠨᠳᠡᠯᠭᠡᠷ ᠪᠠᠭᠰᠢ ᠶᠢ ᠠᠪᠠᠴᠢᠵᠤ᠂ ᠮᠦᠨ ᠪᠤᠯᠬᠤ ᠶᠢ ᠲᠤᠳᠤᠯᠠᠭᠠᠳ᠂ | ᠶᠠᠭᠠᠬᠢᠵᠤ ᠰᠤᠳᠤᠯᠵᠤ᠂ ᠶᠠᠭᠠᠬᠢᠵᠤ ᠦᠨ᠎ᠡ ᠦᠷᠳᠡᠭ ᠢ ᠨᠢ ᠢᠯᠡᠷᠡᠬᠦᠯᠬᠦ ᠲᠤᠬᠠᠢ ᠶᠠᠷᠢᠯᠴᠠᠭᠰᠠᠨ᠃ | 2009 ᠤᠨ ᠤ ᠦᠶ᠎ᠡ ᠳᠤ ᠬᠤᠷᠠᠯ ᠲᠤᠮᠤᠷᠠᠭᠠᠳ᠂ ᠭᠠᠳᠠᠭᠠᠳᠤ ᠠᠴᠠ ᠴᠤ ᠡᠷᠳᠡᠮᠳᠡᠨ ᠢᠷᠡᠵᠦ | ᠤᠷᠤᠯᠴᠠᠭᠰᠠᠨ ᠪᠠᠶᠢᠳᠠᠭ᠃ ᠲᠡᠷᠡ ᠤᠳᠠᠭᠠᠨ ᠤ ᠬᠤᠷᠠᠯ ᠨᠢ ᠦᠪᠦᠷ ᠮᠤᠩᠭᠤᠯ ᠤᠨ ᠲᠠᠯ᠎ᠠ ᠨᠤᠳᠤᠭ ᠤᠨ ᠰᠤᠶᠤᠯ | ᠤᠨ ᠦᠭᠦᠯᠡᠯ ᠤᠨ ᠲᠠᠪᠴᠠᠩ ᠤᠨ ᠬᠤᠷᠠᠯ ᠶᠠᠪᠤᠭᠳᠠᠨ ᠲᠡᠭᠦᠰᠦᠭᠰᠡᠨ ᠤ ᠲᠠᠷᠠᠭ᠎ᠠ ᠡᠳᠦᠷ ᠨᠢ ᠡᠬᠢᠯᠡᠭᠰᠡᠨ ᠪᠠᠶᠢᠭᠰᠠᠨ᠃ | ᠲᠡᠷᠡ ᠬᠤᠷᠠᠯ ᠲᠡᠭᠡᠷ᠎ᠡ ᠨᠢᠭᠡ ᠮᠡᠳᠡᠭᠡ ᠭᠠᠷᠤᠭᠰᠠᠨ᠄ ︽ᠦᠨᠦ ᠮᠤᠩᠭᠤᠯ ᠤᠨ ᠠᠷᠪᠠᠨ ᠰᠢᠯᠢᠳᠡᠭ ᠶᠠᠭᠤᠮᠠᠰ ᠲᠡᠯᠡᠬᠡᠢ | ᠶᠢᠨ ᠬᠢᠨᠢᠰ ᠤᠨ ᠦᠪ ᠲᠤ ᠬᠠᠳᠠᠭᠠᠯᠠᠭᠳᠠᠭᠰᠠᠨ᠃ ᠮᠤᠷᠢᠨ ᠬᠤᠭᠤᠷ᠂ ᠤᠷᠳᠤ ᠶᠢᠨ ᠲᠠᠭᠤᠤ᠂ ᠬᠡᠰᠡᠷ ᠁ | ᠵᠡᠷᠭᠡ᠃ ᠤᠳᠤ ᠲᠡᠯᠡᠬᠡᠢ ᠶᠢ ᠲᠤᠩᠰᠤᠯᠭᠠᠬᠤ ᠶᠠᠭᠤᠮ᠎ᠠ ᠭᠠᠷᠬᠤ ᠳᠤ ᠬᠦᠷᠪᠡᠯ ᠮᠤᠩᠭᠤᠯ ᠤᠨ ᠬᠠᠭᠠᠨ ᠤᠷᠳᠤᠨ ᠤ | ᠬᠦᠭᠵᠢᠮ ᠯᠡ ᠪᠠᠶᠢᠬ᠎ᠠ︾ ᠬᠡᠰᠡᠨ᠃ | ᠰᠤᠨᠢᠨ ᠮᠡᠳᠡᠭᠡᠯᠡᠯ ᠤᠨ ᠬᠢᠨ ᠨᠢᠭᠡᠨᠳᠡ ᠡᠶᠢᠮᠦᠷᠬᠦ ᠮᠡᠳᠡᠭᠡᠯᠡᠭᠰᠡᠨ ᠪᠠᠶᠢᠳᠠᠯ᠎ᠠ ᠤᠳᠤ ᠪᠢᠳᠡ ᠡᠬᠦᠨ ᠢ ᠱᠠᠯᠠᠪᠳᠠᠨ | ᠬᠢᠬᠦ ᠦᠭᠡᠢ ᠪᠤᠯᠬᠤ ᠦᠭᠡᠢ ᠬᠡᠵᠦ ᠪᠤᠳᠤᠭᠰᠠᠨ᠃ | ᠮᠢᠨᠦ ᠮᠡᠳᠡᠬᠦ ᠪᠠᠷ᠂ ᠲᠡᠷᠡ ᠦᠶ᠎ᠡ ᠳᠤ ᠬᠠᠭᠠᠨ ᠤᠷᠳᠤᠨ ᠤ ᠬᠦᠭᠵᠢᠮ ᠤᠨ ᠲᠤᠬᠠᠢ ᠶᠡᠭᠡ ᠮᠠᠷᠭᠤᠭᠠᠨ ᠲᠠᠢ | ᠵᠦᠢᠯ ᠤᠳ ᠪᠠᠶᠢᠭᠰᠠᠨ᠃ | ᠮᠤᠩᠭᠤᠯ ᠬᠠᠭᠠᠨ ᠤᠷᠳᠤᠨ ᠤ ᠬᠦᠭᠵᠢᠮ ᠤᠨ ᠲᠤᠬᠠᠢ ᠬᠡᠬᠦ ᠪᠠᠷ᠂ ᠰᠢᠯᠢ ᠶᠢᠨ ᠭᠤᠤᠯ ᠤᠨ ᠴᠠᠬᠠᠷ ᠬᠠᠭᠠᠨ | ᠤ ᠸᠠᠩ ᠤᠨ ᠤᠷᠳᠤᠨ ᠳᠤ ᠬᠦᠭᠵᠢᠮᠳᠡᠳᠡᠭ ︽ᠠᠰᠠᠷ ᠬᠦᠭᠵᠢᠮ︾ ᠢ ᠬᠠᠭᠠᠨ ᠤᠷᠳᠤᠨ ᠤ ᠬᠦᠭᠵᠢᠮ ᠬᠡᠵᠦ | ᠦᠵᠡᠵᠦ ᠪᠠᠶᠢᠭᠰᠠᠨ᠃ ᠡᠨᠡ ᠪᠤᠯ ᠶᠡᠭᠡ ᠰᠠᠶᠢᠬᠠᠨ ᠮᠤᠩᠭᠤᠯ ᠠᠶ᠎ᠠ ᠲᠠᠢ ᠬᠦᠭᠵᠢᠮ ᠤᠳ᠃ ᠡᠬᠦᠨ ᠠᠴᠠ | ᠲᠦᠷᠦᠬᠦᠨ ᠳᠤ ᠭᠦᠩᠰᠠᠩᠨᠤᠷᠪᠤ ᠶᠢᠨ ᠸᠠᠩ ᠤᠨ ᠤᠷᠳᠤᠨ ᠤ ᠬᠦᠭᠵᠢᠮ ᠭᠡᠵᠦ ᠪᠠᠶᠢᠭᠰᠠᠨ᠃ ᠮᠠᠨ ᠤ ᠤᠯᠠᠭᠠᠨᠬᠠᠳᠠ | ᠬᠤᠳᠠ ᠠᠴᠠ ᠲᠤᠰ ᠬᠦᠭᠵᠢᠮ ᠢ ᠰᠡᠷᠭᠦᠬᠡᠭᠡᠳ᠂ ᠶᠠᠳᠤᠭ᠎ᠠ ᠡᠨᠡ ᠲᠡᠷᠡ ᠶᠢ ᠨᠢ ᠬᠦᠭᠵᠢᠮᠳᠡᠵᠦ ᠪᠠᠶᠢᠭᠰᠠᠨ᠃ ᠰᠡᠭᠦᠯ | ᠳᠤ ᠨᠢ ᠪᠠᠰᠠ ᠤᠷᠳᠤᠰ ᠲᠤ ᠪᠠᠰᠠ ︽ᠭᠦᠷᠦ ᠲᠠᠭᠤᠤ︾ ᠭᠡᠵᠦ ᠭᠠᠷᠤᠯ᠎ᠠ᠃ ᠭᠦᠷᠦ ᠲᠠᠭᠤᠤ ᠨᠢ ᠬᠤᠷᠢᠮ ᠲᠦᠷᠦ᠂ | ᠵᠠᠰᠠᠭ ᠲᠦᠷᠦ ᠬᠡᠵᠦ ᠬᠤᠪᠢᠶᠠᠵᠤ ᠪᠠᠶᠢᠭᠰᠠᠨ ᠢᠶᠠᠨ ᠶᠠᠪᠤᠭᠠᠨ ᠳᠠᠭᠠᠨ ᠱᠠᠰᠢᠨ ᠤ ᠪᠤᠳᠤᠭ ᠶᠡᠬᠡᠳᠡᠢ ᠱᠠᠰᠢᠨ ᠲᠦᠷᠦ | ᠶᠢᠨ ᠲᠠᠭᠤᠤ ᠶᠤᠮ ᠪᠠᠶᠢᠨ᠎ᠠ ᠬᠡᠬᠦ ᠪᠤᠯᠪᠠ᠃ | ᠬᠠᠮᠤᠭ ᠰᠡᠬᠦᠯ ᠳᠤ᠂ ᠬᠦᠭᠵᠢᠯᠳᠦ ᠫᠷᠦᠹᠧᠰᠰᠦᠷ ᠠᠴᠠ ᠡᠬᠢᠯᠡᠭᠡᠳ ᠤ᠊ · ᠪᠤᠶ᠋ᠬᠠᠦ᠋ᠯᠵᠡᠢ ᠨᠠᠷ ᠤᠨ ᠦᠵᠡᠬᠦ | ᠪᠠᠷ ᠯᠢᠭᠳᠡᠨ ᠬᠤᠳᠤᠭᠳᠤ ᠶᠢᠨ ᠬᠠᠭᠠᠨ ᠰᠦᠮ᠎ᠡ ᠠᠴᠠ ᠤᠯᠤᠭᠰᠠᠨ ᠬᠦᠭᠵᠢᠮ ᠪᠤᠯ ᠯᠢᠭᠳᠡᠨ ᠬᠠᠭᠠᠨ ᠤ ᠤᠷᠳᠤᠨ ᠤ | ᠬᠦᠭᠵᠢᠮ ᠤᠨ ᠠᠶ᠎ᠠ ᠪᠤᠯᠬᠤ ᠨᠢ ᠲᠠᠭᠠᠷᠠᠨ᠎ᠠ᠂ ᠡᠬᠦᠨ ᠢ ᠠᠮᠢᠯᠠᠭᠤᠯᠤᠶ᠎ᠠ ᠭᠡᠵᠦ ᠪᠢᠳᠡ ᠬᠠᠮᠳᠤ ᠪᠠᠷ ᠵᠤᠷᠢᠭᠰᠠᠨ | ᠪᠠᠶᠢᠨ᠎ᠠ᠃ ᠲᠡᠷᠡ ᠤᠳᠠᠭᠠᠨ ᠤ ᠬᠤᠷᠠᠯ ᠲᠡᠭᠡᠷ᠎ᠡ ᠪᠢ ᠪᠠᠰᠠ ᠶᠠᠭ ᠪᠡᠶ᠎ᠡ ᠪᠠᠷ ᠢᠶᠠᠨ ᠪᠠᠶᠢᠭᠰᠠᠨ᠃ ᠪᠢ ᠲᠡᠭᠡᠭᠡᠳ ᠡᠨᠡ | ᠤᠳᠠᠭᠠᠨ ᠤ ᠶᠡᠭᠡ ᠰᠠᠶᠢᠬᠠᠨ ᠲᠤᠬᠢᠶᠠᠯ ᠢ ᠵᠠᠪᠳᠤᠭᠠᠳ ᠨᠢᠭᠡ ᠶᠠᠭᠤᠮ᠎ᠠ ᠪᠤᠯᠭᠠᠪᠠᠯ ᠪᠤᠯᠬᠤ ᠶᠤᠮ ᠪᠠᠶᠢᠨ᠎ᠠ ᠭᠡᠳ | ᠬᠤᠰᠢᠭᠤᠨ ᠲᠠᠷᠤᠭ᠎ᠠ ᠤᠷᠭᠢᠯ ᠳᠤ ᠤᠳᠠᠰᠤ ᠠᠪᠤᠭᠠᠳ᠄ ︽ᠡᠶᠢᠮᠦ ᠰᠠᠶᠢᠨ ᠶᠠᠪᠤᠳᠠᠯ᠂ ᠡᠶᠢᠮᠦ ᠰᠠᠶᠢᠨ ᠰᠡᠳᠦᠪ ᠢ | ᠬᠠᠷᠠᠵᠤ ᠰᠠᠭᠤᠵᠤ ᠪᠠᠶᠢᠭᠠᠳ ᠠᠯᠳᠠᠵᠤ ᠶᠠᠪᠤᠭᠤᠯᠵᠤ ᠪᠤᠯᠬᠤ ᠦᠭᠡᠢ ᠳ᠋ᠠ᠂ ᠡᠬᠦᠨ ᠢ ᠬᠠᠯᠠᠭᠤᠨ ᠲᠡᠭᠡᠷ᠎ᠡ ᠨᠢ | ᠵᠠᠪᠳᠤᠵᠤ ᠪᠦᠳᠦᠬᠡᠶᠡ︾ ᠭᠡᠰᠡᠨ ᠳᠤ ᠲᠡᠷᠡ ᠶᠠᠭ ᠭᠠᠳᠠᠭᠰᠢ ᠭᠠᠷᠤᠭᠠᠳ ᠪᠠᠶᠢᠭᠰᠠᠨ ᠲᠠᠭᠠᠷᠠᠵᠤ᠄ ︽ᠵᠠ ᠲᠡᠭᠡᠪᠡᠯ | ᠲᠠ ᠨᠢᠭᠡ ᠡᠵᠡᠨ ᠮᠡᠳᠡᠵᠦ ᠪᠠᠶᠢᠭᠠᠳ ᠪᠤᠯᠭᠠᠴᠢᠬᠠ︾ ᠬᠡᠬᠦ ᠪᠠᠷ᠂ ᠪᠢ ᠨᠢᠭᠡ ᠤᠳᠠᠭ᠎ᠠ ᠬᠤᠰᠢᠭᠤ ᠲᠠᠷᠤᠭ᠎ᠠ ᠶᠢ | ᠤᠷᠤᠯᠠᠵᠤ᠂ ᠲᠠᠷᠤᠶᠢᠬᠠᠨ ᠬᠠᠭᠠᠨ ᠤᠷᠳᠤᠨ ᠤ ᠬᠦᠭᠵᠢᠮ ᠢ ᠠᠪᠤᠷᠠᠨ ᠰᠡᠷᠭᠦᠬᠡᠬᠦ ᠤᠳᠤᠷᠢᠳᠬᠤ ᠲᠤᠭᠤᠶᠢᠯᠠᠩ | ᠪᠠᠶᠢᠭᠤᠯᠵᠤ᠂ ᠠᠩᠬᠠᠨ ᠤ ᠬᠤᠷᠠᠯ ᠢᠶᠠᠨ ᠬᠢᠯ᠎ᠡ᠃ ᠠᠩᠬᠠᠨ ᠤ ᠬᠤᠷᠠᠯ ᠲᠡᠭᠡᠷ᠎ᠡ ᠪᠠᠨ ᠠᠷᠦ ᠬᠤᠷᠴᠢᠨ ᠤ ᠵᠠᠰᠠᠭ ᠤᠨ | ᠤᠷᠳᠤᠨ ᠠᠴᠠ ᠬᠠᠭᠠᠨ ᠤᠷᠳᠤᠨ ᠤ ᠬᠦᠭᠵᠢᠮ ᠢ ᠠᠪᠤᠷᠠᠨ ᠰᠡᠷᠭᠦᠬᠡᠬᠦ ᠪᠠᠷ ᠲᠤᠭᠳᠠᠭᠰᠠᠨ ᠢ ᠵᠠᠷᠯᠠᠪᠠ᠃ ᠡᠨᠡ ᠶᠡᠭᠡ | ᠤᠴᠢᠷ ᠢ ᠢᠯᠡ ᠪᠠᠷ ᠤᠯᠠᠨ ᠳᠤ ᠮᠡᠳᠡᠭᠦᠯᠬᠦ ᠬᠡᠷᠡᠭᠳᠡᠢ ᠪᠤᠯᠤᠭᠰᠠᠨ᠃ ᠲᠤᠬᠠᠢ ᠶᠢᠨ ᠦᠶ᠎ᠡ ᠳᠤ ᠤᠯᠠᠨ ᠭᠠᠵᠠᠷ ᠤᠨ | ᠰᠤᠷᠪᠤᠯᠵᠢᠯᠠᠭᠴᠢ ᠢᠷᠡᠭᠡᠳ ᠪᠠᠶᠢᠭᠰᠠᠨ᠂ ᠢᠩᠬᠢᠭᠡᠳ ᠬᠤᠰᠢᠭᠤᠨ ᠲᠡᠳ᠋ ᠲᠠᠷᠤᠭ᠎ᠠ ᠵᠢᠨᠰᠠᠩ ᠠᠴᠠ | ᠰᠤᠷᠪᠤᠯᠵᠢᠯᠠᠭᠴᠢᠳ ᠤᠨ ᠠᠰᠠᠭᠤᠯᠳᠠ ᠳᠤ ᠬᠠᠷᠢᠭᠤᠯᠳᠠ ᠬᠢᠭᠰᠡᠨ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠦ ᠵᠠᠰᠠᠭ | ᠤᠨ ᠤᠷᠳᠤᠨ ᠤ ᠲᠤᠭᠳᠠᠭᠠᠯ ᠢ ᠤᠯᠠᠨ ᠳᠤ ᠨᠡᠶᠢᠳᠡᠯᠡᠨ ᠮᠡᠳᠡᠭᠦᠯᠦᠭᠰᠡᠨ ᠪᠠᠶᠢᠨ᠎ᠠ᠃ | ᠲᠡᠷᠡ ᠤᠳᠠᠭ᠎ᠠ ᠡᠶᠢᠮᠦ ᠶᠠᠩᠵᠤ ᠪᠠᠷ ᠶᠡᠭᠡ ᠤᠷᠤᠭᠰᠢᠳᠠᠢ ᠪᠤᠯᠤᠭᠰᠠᠨ ᠶᠤᠮ᠃ ᠡᠬᠦᠨ ᠠᠴᠠ ᠰᠡᠭᠦᠯᠡᠷ | ᠠᠮᠠᠯᠠᠯᠳᠠ ᠪᠠᠶᠢᠬᠤ ᠲᠠᠢ᠂ ᠲᠡᠭᠡᠷ᠎ᠡ ᠨᠢ ᠠᠷᠦ ᠬᠤᠷᠴᠢᠨ ᠤ ᠰᠤᠶᠤᠯ ᠢᠶᠠᠨ ᠰᠡᠷᠭᠦᠬᠡᠬᠦ ᠤᠬᠠᠮᠰᠠᠷ ᠪᠠᠶᠢᠬᠤ ᠲᠠᠢ | ᠵᠠᠰᠠᠭ ᠤᠨ ᠤᠷᠳᠤᠨ ᠤ ᠢᠳᠡᠪᠬᠢᠵᠢᠯ ᠮᠠᠰᠢ ᠰᠠᠶᠢᠨ ᠪᠠᠶᠢᠭᠰᠠᠨ᠃ ᠠᠯᠢ ᠬᠤᠰᠢᠭᠤ ᠰᠢᠶᠠᠨ ᠠᠴᠠ ᠴᠤ ᠢᠯᠡᠭᠦᠦ | ᠲᠡᠶᠢᠮᠦ ᠶᠡᠭᠡ ᠪᠡᠯᠡ ᠤᠷᠤᠭᠤᠯᠵᠤ ᠪᠠᠶᠢᠭᠰᠠᠨ ᠦᠬᠡᠢ ᠲᠡᠶᠢᠮᠦ ᠶᠡᠭᠡ ᠪᠡᠯᠡ ᠤᠷᠤᠭᠤᠯᠵᠤ᠂ ᠬᠠᠭᠠᠨ ᠤᠷᠳᠤᠨ ᠤ | ᠬᠦᠭᠵᠢᠮ ᠢ ᠠᠮᠢᠯᠠᠭᠤᠯᠤᠨ ᠰᠡᠷᠭᠦᠬᠡᠬᠦ ᠪᠠᠷ ᠠᠵᠢᠯᠯᠠᠭᠠᠳᠡᠬᠢᠯᠡᠭᠰᠡᠨ ᠪᠠᠶᠢᠨ᠎ᠠ᠃ ᠨᠢᠭᠡ ᠵᠢᠯ ᠳᠤ 100 ᠲᠦᠮᠡ ᠶᠢᠨ | ᠪᠡᠯᠡ ᠤᠷᠤᠭᠤᠯᠵᠤ ᠪᠠᠶᠢᠭᠰᠠᠨ᠃ ᠠᠯᠳ᠋ᠬᠠᠤᠷᠬᠢᠯ᠂ ᠪᠠᠶᠠᠠᠪᠠᠭᠠᠳᠤᠷ᠂ ᠪᠤᠶᠠᠠᠳᠡᠯᠭᠡᠷ᠂ ᠬᠦᠭᠵᠢᠯᠳᠦ ᠶᠢ ᠤᠷᠳᠤ | ᠬᠤᠭᠤᠴᠠᠭᠠᠨ ᠤ ᠵᠦᠪᠯᠡᠭᠴᠢ ᠪᠠᠷ ᠤᠷᠢᠵᠤ᠂ ᠬᠠᠭᠠᠨ ᠤᠷᠳᠤᠨ ᠤ ᠬᠦᠭᠵᠢᠮ ᠢ ᠰᠡᠷᠭᠦᠬᠡᠬᠦ ᠠᠵᠢᠯ ᠢ ᠱᠠᠯᠠᠪᠳᠠᠨ | ᠬᠢᠵᠦ ᠪᠠᠶᠢᠪᠠ᠃ ᠡᠭᠦᠨ ᠤ ᠲᠠᠭᠠᠤ ᠰᠡᠷᠭᠦᠬᠡᠵᠦ ᠪᠠᠶᠢᠬᠤ ᠬᠤᠭᠤᠴᠠᠭᠠᠨ ᠳᠤ ᠶᠠᠭᠠᠬᠢᠵᠤ ᠡᠨᠡ ᠨᠢᠭᠡ ᠨᠡᠷᠡᠳᠦ ᠲᠡᠮᠳᠡᠭ | ᠢ ᠦᠯᠡᠳᠡᠭᠡᠵᠦ ᠠᠪᠬᠤ᠂ ᠪᠤᠳᠠᠰ ᠤᠨ ᠪᠤᠰᠤ ᠰᠤᠶᠤᠯ ᠤᠨ ᠦᠪ ᠲᠤ ᠦᠮᠴᠢᠯᠡᠭᠦᠯᠬᠦ ᠲᠤᠬᠠᠢ ᠠᠷᠦ ᠬᠤᠷᠴᠢᠨ ᠤ | ᠵᠠᠰᠠᠭ ᠤᠨ ᠤᠷᠳᠤᠨ ᠮᠠᠰᠢ ᠤᠯᠠᠨ ᠠᠵᠢᠯ ᠬᠢᠵᠡᠢ᠂ ᠡᠬᠦᠨ ᠤ ᠪᠡᠯᠡᠳᠭᠡᠯ ᠠᠵᠢᠯ ᠶᠡᠭᠡ ᠠᠮᠵᠢᠯᠳᠠ ᠲᠠᠢ ᠶᠠᠪᠤᠭᠳᠠᠵᠤ | ᠪᠠᠶᠢᠭᠰᠠᠨ᠃ ᠪᠤᠳᠠᠰ ᠤᠨ ᠪᠤᠰᠤ ᠰᠤᠶᠤᠯ ᠤᠨ ᠦᠪ ᠢ ᠦᠮᠴᠢᠯᠡᠭᠦᠯᠬᠦ ᠬᠤᠷᠠᠯ ᠳᠤ ᠮᠡᠳᠡᠬᠦᠯᠬᠦ ᠪᠠᠷ ᠦᠪᠦᠷ | ᠮᠤᠩᠭᠤᠯ ᠤᠨ ᠰᠤᠶᠤᠯ ᠤᠨ ᠲᠢᠩᠬᠢᠮ ᠤᠨ ᠰᠡᠴᠡᠨᠳᠠᠯᠠᠢ ᠵᠡᠷᠬᠡ ᠨᠦᠬᠦᠳ ᠶᠡᠭᠡ ᠢᠳᠡᠪᠬᠢᠳᠡᠢ ᠠᠵᠢᠯᠯᠠᠵᠤ ᠪᠠᠶᠢᠭᠰᠠᠨ᠃ | | ᠰᠤᠷᠪᠤᠯᠵᠢᠯᠠᠭᠴᠢ᠄ ᠲᠡᠷᠡ ᠵᠢᠯ ᠤᠨ ᠬᠦᠬᠡᠬᠤᠳᠠ ᠳᠤ ᠪᠤᠯᠤᠭᠰᠠᠨ ︽ᠮᠤᠩᠭᠤᠯ ᠬᠠᠭᠠᠨ ᠤᠷᠳᠤᠨ ᠤ ᠲᠠᠭᠤᠤ | ᠬᠦᠭᠵᠢᠮ︾ ᠢ ᠠᠪᠤᠷᠠᠨ ᠰᠡᠷᠭᠦᠭᠡᠬᠦ ᠪᠠ ᠨᠤᠳᠠᠯᠠᠨ ᠶᠠᠷᠢᠯᠴᠠᠬᠤ ᠬᠤᠷᠠᠯ ᠤᠨ ᠠᠴᠢ ᠬᠤᠯᠪᠤᠭᠳᠠᠯ ᠤᠨ ᠲᠤᠬᠠᠢ ᠲᠠ | ᠦᠪᠡᠷ ᠤᠨ ᠦᠵᠡᠯᠳᠡ ᠪᠠᠨ ᠶᠠᠷᠢᠭᠠᠳ ᠦᠭᠭᠦᠨᠡᠦ︖ | ᠪᠠ᠊ ᠲᠠᠷᠤᠭ᠎ᠠ᠄ 2010 ᠤᠨ ᠤ 11 ᠰᠠᠷ᠎ᠠ ᠳᠤ ᠤᠷᠤᠨ ᠤ ᠲᠦᠪ ᠬᠦᠬᠡᠬᠤᠳᠠ ᠳᠤ ᠠᠷᠦ ᠬᠤᠷᠴᠢᠨ | ᠬᠤᠰᠢᠭᠤᠨ ᠤ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠢ ᠠᠪᠤᠷᠠᠨ ᠰᠡᠷᠭᠦᠬᠡᠬᠦ ᠬᠠᠷᠢᠭᠤ | ᠮᠡᠳᠡᠭᠦᠯᠦᠯᠳᠡ ᠶᠢᠨ ᠲᠤᠭᠯᠠᠯᠳᠠ ᠬᠢᠭᠡᠳ ᠨᠤᠳᠠᠯᠠᠨ ᠶᠠᠷᠢᠯᠴᠠᠬᠤ ᠬᠤᠷᠠᠯ ᠪᠤᠯᠤᠭᠰᠠᠨ᠃ ᠤᠷᠤᠨ ᠤ ᠬᠠᠮᠢᠶ᠎ᠠ ᠪᠦᠬᠦᠢ | ᠨᠢᠭᠡᠴᠡ ᠶᠢᠨ ᠤᠳᠤᠷᠢᠳᠤᠯᠭ᠎ᠠ ᠵᠢᠴᠢ ᠡᠷᠳᠡᠮᠳᠡᠨ ᠰᠤᠳᠤᠯᠭᠠᠳᠠᠨ᠂ ᠤᠷᠤᠨ ᠨᠤᠳᠤᠭ ᠤᠨ ᠤᠳᠤᠷᠢᠳᠤᠯᠭ᠎ᠠ ᠲᠤᠰ | ᠬᠤᠷᠠᠯ ᠳᠤ ᠤᠷᠤᠯᠴᠠᠵᠤ᠂ ᠬᠠᠭᠠᠨ ᠤᠷᠳᠤᠨ ᠤ ᠬᠦᠭᠵᠢᠮ ᠢ ᠤᠷᠤᠨ ᠤ ᠲᠡᠰ ᠤᠨ ᠪᠤᠳᠠᠰ ᠤᠨ ᠪᠤᠰᠣ ᠰᠤᠶᠤᠯ | ᠤᠨ ᠦᠪ ᠲᠤ ᠤᠷᠤᠭᠤᠯᠵᠤ ᠪᠤᠯᠬᠤ ᠡᠰᠡᠬᠦ ᠲᠤᠬᠠᠢ ᠮᠠᠰᠢ ᠶᠡᠭᠡ ᠨᠤᠳᠠᠯᠠᠨ ᠶᠠᠷᠢᠯᠴᠠᠭᠠᠨ ᠪᠤᠯᠵᠠᠢ᠃ | ᠪᠤᠳᠠᠰ ᠤᠨ ᠪᠤᠰᠤ ᠰᠤᠶᠤᠯ ᠤᠨ ᠦᠪ ᠭᠡᠳᠡᠭ ᠪᠤᠯ᠂ ᠤᠬᠠᠭᠳᠠᠬᠤᠨ ᠤ ᠲᠠᠯ᠎ᠠ ᠲᠡᠭᠡᠷ᠎ᠡ ︽ᠠᠮᠠ ᠪᠠᠷ | ᠤᠯᠠᠮᠵᠢᠯᠠᠬᠤ ᠪᠤᠶᠤ ᠭᠠᠷ ᠢᠶᠠᠷ ᠤᠯᠠᠮᠵᠢᠯᠠᠬᠤ ᠬᠡᠬᠦ ᠡᠨᠡ ᠬᠤᠶᠠᠷ ᠨᠦᠬᠦᠴᠡᠯ ᠵᠠᠪᠠᠯ ᠪᠠᠶᠢᠬᠤ ᠬᠡᠷᠡᠭᠳᠡᠢ᠃ ᠪᠢᠴᠢᠭ | ᠢᠶᠠᠷ ᠤᠯᠠᠮᠵᠢᠯᠠᠬᠤ᠂ ᠲᠤᠮᠳᠠ ᠨᠢ ᠲᠠᠰᠤᠯᠠᠭᠳᠠᠭᠰᠠᠨ ᠶᠠᠭᠤᠮ᠎ᠠ ᠶᠢ ᠪᠤᠯ ᠶᠡᠷᠦᠩᠬᠡᠢ ᠳᠡᠭᠡᠨ ᠡᠬᠦᠨ ᠳᠤ ᠤᠷᠤᠭᠤᠯᠳᠠᠭ | ᠦᠬᠡᠢ︾᠃ ᠢᠩᠬᠢᠬᠦ ᠳᠡᠭᠡᠨ ᠠᠮᠠ ᠪᠠᠷ ᠤᠯᠠᠮᠵᠢᠯᠠᠨ᠎ᠠ ᠭᠡᠳᠡᠭ ᠲᠤ ᠵᠢᠱᠢᠶᠡᠯᠡᠪᠡᠯ᠄ ᠬᠡᠰᠡᠷ ᠤᠨ ᠲᠤᠤᠯᠢ᠂ ᠵᠠᠩᠭᠠᠷ | ᠵᠡᠷᠭᠡ ᠪᠤᠯ ᠬᠡᠴᠢᠨᠡᠨ ᠵᠢᠯ ᠪᠢᠴᠢᠭ ᠢᠶᠠᠷ ᠤᠯᠠᠮᠵᠢᠯᠠᠭᠳᠠᠭᠰᠠᠨ ᠶᠠᠭᠤᠮ᠎ᠠ ᠪᠢᠰᠢ᠂ ᠬᠠᠷᠢᠨ ᠦᠶ᠎ᠡ ᠦᠶ᠎ᠡ ᠶᠢᠨ | ᠬᠡᠰᠡᠷᠴᠢᠳ ᠵᠠᠩᠭᠠᠷᠴᠢᠳ ᠦᠪᠡᠷ ᠤᠨ ᠱᠠᠪᠢ ᠨᠠᠷ ᠲᠠᠭᠠᠨ᠂ ᠬᠡᠦᠬᠡᠳ ᠲᠡᠭᠦᠦᠨᠠᠷ ᠲᠠᠭᠠᠨ ᠰᠤᠷᠭᠠᠵᠤ ᠤᠯᠠᠮᠵᠢᠯᠠᠵᠤ | ᠢᠷᠡᠭᠰᠡᠨ ᠠᠷᠠᠳ ᠤᠨ ᠲᠤᠤᠯᠢ ᠨᠤᠭᠤᠳ ᠪᠠᠶᠢᠭ᠎ᠠ ᠶᠤᠮ᠃ | ︽ᠤᠷ᠎ᠠ ᠮᠡᠷᠭᠡᠵᠢᠯ ᠤᠨ ᠵᠦᠢᠯᠡᠰ ᠤᠳ ᠢ ᠪᠤᠯ ᠵᠠᠪᠠᠯ ᠪᠡᠶ᠎ᠡ ᠪᠠᠷ ᠤᠯᠠᠮᠵᠢᠯᠠᠬᠤ᠂ ᠭᠠᠷ ᠢᠶᠠᠷ ᠤᠯᠠᠮᠵᠢᠯᠠᠭᠰᠠᠨ | ᠪᠠᠶᠢᠬᠤ ᠬᠡᠷᠡᠭᠳᠡᠢ᠃ ᠪᠠᠭᠰᠢ ᠨᠢ ᠱᠠᠪᠢ ᠳᠠᠭᠠᠨ᠂ ᠠᠪᠤ ᠨᠢ ᠬᠦᠦ ᠳᠡᠭᠡᠨ ᠵᠢᠭᠠᠵᠤ ᠦᠭᠳᠡᠭ᠃ ᠵᠠᠪᠠᠯ ᠤᠯᠠᠮᠵᠢᠯᠠᠬᠤ | ᠬᠦᠮᠦᠨ ᠪᠠᠶᠢᠬᠤ ᠬᠡᠷᠡᠭᠳᠡᠢ᠂ ᠤᠯᠠᠮᠵᠢᠯᠠᠬᠤ ᠶᠢ ᠵᠠᠯᠭᠠᠮᠵᠢᠯᠠᠭᠴᠢ ᠪᠠᠶᠢᠬᠤ ᠬᠡᠷᠡᠭᠳᠡᠢ᠃ ᠲᠡᠭᠡᠭᠡᠳ ᠪᠠᠰᠠ ᠲᠤᠮᠳᠠ ᠪᠠᠨ | ᠲᠠᠰᠤᠯᠳᠠᠭᠰᠠᠨ ᠦᠬᠡᠢ ᠪᠠᠶᠢᠬᠤ ᠶᠤᠰᠤᠳᠠᠢ︾᠃ ᠪᠤᠳᠠᠰ ᠤᠨ ᠪᠤᠰᠤ ᠰᠤᠶᠤᠯ ᠤᠨ ᠦᠪ ᠲᠤ ᠬᠠᠳᠠᠭᠠᠯᠠᠭᠳᠠᠬᠤ | ᠵᠦᠢᠯᠡᠰ ᠨᠢ ᠡᠶᠢᠮᠦᠷᠬᠦ ᠨᠦᠬᠦᠴᠡᠯ ᠢ ᠪᠦᠷᠢᠯᠳᠦᠭᠦᠯᠦᠭᠰᠡᠨ ᠪᠠᠶᠢᠬᠤ ᠬᠡᠷᠡᠭᠳᠡᠢ᠃ | ᠠᠷᠦ ᠬᠤᠷᠴᠢᠨ ᠤ ᠬᠠᠭᠠᠨ ᠤᠷᠳᠤᠨ ᠤ ᠲᠠᠭᠤᠤ ᠬᠦᠭᠵᠢᠮ ᠢ ᠪᠤᠯ ᠡᠭᠦᠨ ᠠᠴᠠ ᠡᠮᠦᠨ᠎ᠡ ᠰᠤᠨᠤᠰᠴᠤ | ᠪᠠᠶᠢᠭᠰᠠᠨ ᠬᠦᠮᠦᠨ ᠦᠭᠡᠢ ᠭᠡᠳᠡᠭ ᠪᠤᠯᠪᠠᠴᠤ ᠤᠳᠤ ᠤᠯᠳᠠᠭᠳᠠᠭᠠᠳ ᠪᠠᠶᠢᠭ᠎ᠠ ᠠᠷᠪᠠᠨ ᠲᠠᠪᠤᠨ ᠡᠬᠢ ᠲᠡᠭᠡᠷᠡᠬᠢ | ᠬᠦᠭᠵᠢᠮ᠂ ᠬᠦᠭᠵᠢᠮ ᠤᠨ ᠠᠶᠠᠰ ᠤᠳ ᠢ ᠤᠯᠠᠭᠠᠨ ᠰᠢᠩᠬᠤ ᠪᠠᠷ ᠲᠡᠮᠳᠡᠭᠯᠡᠭᠰᠡᠨ ᠢᠶᠠᠷ ᠦᠵᠡᠪᠡᠯ᠂ ᠲᠤᠬᠠᠢ ᠶᠢᠨ | ᠦᠶ᠎ᠡ ᠳᠤ ᠰᠢᠭᠤᠳ ᠬᠦᠭᠵᠢᠮ ᠤᠨ ᠠᠩᠬᠢ ᠳᠤ ᠬᠡᠷᠡᠭᠯᠡᠵᠦ ᠪᠠᠶᠢᠭᠰᠠᠨ ᠲᠡᠪᠳᠡᠷ ᠪᠤᠯᠬᠤ ᠨᠢ ᠢᠯᠡᠷᠬᠡᠢ᠃ ᠭᠥᠭᠵᠢᠮ | ᠤᠨ ᠵᠢᠮᠰᠡᠭ ᠤᠨ ᠨᠤᠮᠤ ᠶᠢᠨ ᠲᠠᠳᠠᠯᠭ᠎ᠠ᠂ ᠨᠤᠲ ᠤᠨ ᠬᠤᠪᠢᠷᠠᠯ ᠤᠨ ᠲᠤᠮᠳᠠ ᠬᠦᠪᠴᠢ ᠶᠢ ᠶᠠᠭᠠᠬᠢᠵᠤ ᠲᠠᠳᠠᠵᠤ | ᠬᠦᠭᠵᠢᠮᠳᠡᠬᠦ ᠲᠤᠬᠠᠢ ᠤᠯᠠᠭᠠᠨ ᠰᠢᠩᠬᠤ ᠪᠠᠷ ᠲᠤᠳᠤᠷᠬᠠᠢ ᠪᠢᠴᠢᠵᠦ ᠲᠠᠯᠪᠢᠭᠰᠠᠨ ᠪᠠᠶᠢᠨ᠎ᠠ᠃ ᠡᠶᠢᠨᠬᠦ ᠲᠤᠬᠠᠢ ᠶᠢᠨ | ᠦᠶ᠎ᠡ ᠳᠤ ᠬᠦᠭᠵᠢᠮ ᠤᠨ ᠠᠩᠬᠢ ᠳᠤ ᠬᠡᠷᠡᠭᠯᠡᠵᠦ ᠪᠠᠶᠢᠭᠰᠠᠨ᠂ ᠲᠡᠷᠡ ᠭᠠᠵᠠᠷ ᠬᠦᠭᠵᠢᠮᠳᠡᠵᠦ ᠪᠠᠶᠢᠭᠰᠠᠨ | ᠪᠤᠯᠤᠯᠴᠠᠭ᠎ᠠ ᠪᠠᠶᠢᠵᠤ ᠪᠤᠯᠤᠨ᠎ᠠ᠃ ᠶᠠᠭ ᠡᠶᠢᠮᠦ ᠠᠴᠠ ᠡᠨᠡ ᠬᠦᠭᠵᠢᠮ ᠢ ᠰᠡᠷᠭᠦᠭᠡᠵᠦ ᠪᠤᠯᠬᠤ ᠨᠦᠬᠦᠴᠡᠯ ᠭᠠᠷᠴᠤ | ᠢᠷᠡᠵᠦ ᠪᠠᠶᠢᠭᠰᠠᠨ᠃ ᠭᠡᠳᠡᠯ᠎ᠡ ᠤᠮᠠᠷᠠᠳᠤ ᠶᠤᠸᠠᠨ ᠤᠯᠤᠰ ᠠᠴᠠ ᠰᠡᠭᠦᠯᠡᠷ᠂ ᠬᠠᠭᠠᠨ ᠨᠢ ᠦᠭᠡᠢ ᠪᠤᠯᠤᠭᠰᠠᠨ᠂ | ᠬᠠᠭᠠᠨ ᠲᠦᠷᠦ ᠨᠢ ᠤᠨᠠᠭᠰᠠᠨ ᠬᠤᠶᠢᠳᠠᠢ᠂ ᠡᠨᠡ ᠬᠦᠭᠵᠢᠮ ᠤᠨ ᠠᠩᠬᠢ ᠨᠢ ᠴᠤ ᠲᠡᠷᠡ ᠴᠠᠭ ᠤᠨ ᠡᠷᠬᠡ ᠪᠠᠷ | ᠠᠭᠤᠰᠤᠨ ᠰᠢᠩᠭᠡᠭᠰᠡᠨ ᠨᠢ ᠠᠰᠠᠭᠤᠯᠭᠠᠨ ᠦᠬᠡᠢ ᠪᠤᠯᠵᠤ ᠤᠴᠢᠨ᠎ᠠ᠃ ᠲᠡᠦᠬᠡ ᠮᠦᠷᠳᠡᠯ ᠤᠨ ᠡᠷᠳᠡᠮᠳᠡᠳ ᠤᠨ | ᠰᠤᠳᠤᠯᠭᠠᠨ ᠬᠢᠬᠡᠳ ᠰᠡᠭᠦᠯ ᠤᠨ ᠦᠶ᠎ᠡ ᠶᠢᠨ ᠮᠠᠨ ᠤ ᠠᠵᠢᠭᠯᠠᠯᠳᠠ ᠪᠠᠷ ᠦᠵᠡᠪᠡᠯ᠂ ᠤᠮᠠᠷᠠᠳᠤ ᠶᠤᠸᠠᠨ ᠤᠯᠤᠰ | ᠠᠴᠠ ᠰᠡᠭᠦᠯᠡᠷ ᠰᠦᠳᠠᠢ ᠲᠠᠶᠢᠬᠡᠦ ᠨᠠᠷ ᠰᠢᠷ᠎ᠠ ᠲᠠᠯ᠎ᠠ ᠠᠴᠠ ᠪᠤᠴᠠᠭᠠᠳ ᠬᠠᠳᠤᠨ ᠭᠤᠤᠯ ᠤᠨ ᠬᠦᠪᠡᠭᠡᠨ᠎ᠡ | ᠨᠤᠳᠤᠭᠯᠠᠵᠤ ᠪᠠᠶᠢᠳᠠᠯ᠎ᠠ᠂ ᠴᠢᠩ ᠤᠯᠤᠰ ᠤᠨ ᠶᠡᠭᠡ ᠴᠡᠷᠢᠭ ᠲᠠᠢ ᠲᠠᠭᠠᠷᠢᠯᠳᠤᠭᠠᠳ ᠪᠠᠭᠤᠨ ᠦᠭᠬᠦ ᠳᠡᠭᠡᠨ᠂ ᠡᠷᠬᠡ | ᠬᠤᠩᠭᠤᠷ ᠲᠠᠨ ︽ᠤᠯᠤᠰ ᠤᠨ ᠠᠯᠢᠪᠠ ᠡᠳ᠋ ᠶᠠᠭᠤᠮ᠎ᠠ ᠶᠢ ᠲᠤᠭ᠎ᠠ ᠶᠤᠰᠤᠭᠠᠷ ᠮᠡᠳᠡᠭᠦᠯᠦᠨ︾᠂ ︽ᠮᠢᠩᠭ᠎ᠠ | ᠢᠯᠡᠬᠦᠦ ᠡᠷᠦᠬᠡ ᠶᠢᠨ ᠠᠯᠢᠪᠠ ᠡᠳ᠋ ᠶᠠᠭᠤᠮ᠎ᠠ ᠶᠢ ᠦᠪᠴᠢ ᠪᠠᠷ ᠲᠤᠰᠢᠶᠠᠨ ᠦᠭᠴᠡᠢ᠃︾᠂ ︽ᠡᠨᠡ ᠡᠳ᠋ | ᠶᠠᠭᠤᠮᠠᠰ ᠤᠨ ᠲᠤᠳᠤᠷ᠎ᠠ ᠬᠠᠰᠪᠤᠤ ᠲᠠᠮᠠᠭ᠎ᠠ᠂ ᠠᠯᠳᠠᠨᠮᠠᠾᠠᠺᠠᠯᠠ ᠪᠤᠷᠬᠠᠨ ᠵᠡᠷᠭᠡ ᠲᠦᠷᠦ ᠶᠢᠨ ᠡᠷᠳᠡᠨᠢ ᠪᠠᠶᠢᠭᠰᠠᠨ | ᠠᠴᠠ ᠭᠠᠳᠠᠨ᠎ᠠ ᠯᠢᠭᠳᠡᠨ ᠬᠠᠭᠠᠨ ᠤ ᠤᠷᠳᠤᠨ ᠤ ᠲᠠᠭᠤᠤ ᠬᠦᠭᠵᠢᠮ ᠴᠤ ᠲᠠᠭᠠᠯᠳᠤᠨ ᠤᠷᠤᠭᠰᠠᠨ︾ ᠨᠢ ᠦᠨᠡᠨᠳᠡᠢ | ᠶᠤᠮ᠃ ᠴᠢᠩ ᠬᠦᠷᠦᠨ ᠨᠢ ᠡᠷᠭᠢᠬᠡᠳ ᠡᠨᠡ ᠮᠤᠩᠭᠤᠯ ᠤᠷᠳᠤᠨ ᠤ ᠲᠠᠭᠤᠤ ᠬᠦᠭᠵᠢᠮ ᠢ ᠮᠠᠨᠵᠤ ᠦᠰᠦᠭ ᠢᠶᠠᠷ | ᠰᠢᠭᠤᠳ ᠪᠠᠭᠤᠯᠭᠠᠵᠤ ᠠᠪᠤᠭᠰᠠᠨ ᠭᠡᠳᠡᠭ ᠨᠢ ᠢᠯᠡᠷᠬᠡᠢ ᠪᠠᠶᠢᠵᠤ ᠪᠠᠶᠢᠨ᠎ᠠ᠃ | ᠢᠩᠬᠢᠬᠦ ᠳᠡᠭᠡᠨ ᠡᠨᠡ ᠤᠷᠳᠤᠨ ᠤ ᠲᠠᠭᠤᠤ ᠬᠦᠭᠵᠢᠮ ᠢ ᠰᠢᠭᠤᠳ ᠵᠠᠯᠭᠠᠮᠵᠢᠯᠠᠬᠤ ᠳᠤ ᠲᠦᠪᠡᠭ ᠲᠠᠢ ᠠᠰᠠᠭᠤᠳᠠᠯ | ᠪᠤᠯ ᠵᠠᠯᠭᠠᠮᠵᠢᠯᠠᠭᠴᠢ ᠦᠭᠡᠢ᠂ ᠲᠤᠮᠳᠠ ᠨᠢ ᠦᠶ᠎ᠡ ᠲᠠᠰᠤᠯᠳᠠᠭᠰᠠᠨ ᠬᠤᠭᠤᠴᠠᠭ᠎ᠠ ᠨᠢ ᠨᠡᠯᠢᠶᠡᠳ ᠤᠷᠳᠤ ᠪᠤᠯᠤᠭᠰᠠᠨ | ᠪᠠᠶᠢᠨ᠎ᠠ᠃ | ᠭᠡᠪᠡᠴᠦ ᠲᠡᠯᠡᠬᠡᠢ ᠨᠡᠶᠢᠳᠡ ᠶᠢᠨ ᠵᠤᠷᠰᠢᠯ ᠢᠶᠠᠷ ᠪᠤᠯ ᠡᠶᠢᠮᠦ ᠲᠤᠭᠳᠠᠭᠠᠯ ᠲᠠᠢ᠂ ᠵᠠᠯᠭᠠᠮᠵᠢᠯᠠᠭᠴᠢ ᠶᠢ | ᠡᠷᠬᠢᠮᠯᠡᠳᠡᠭ ᠪᠤᠯᠪᠠᠴᠤ ᠵᠠᠷᠢᠮ ᠤᠨᠴᠠᠭᠠᠢ ᠪᠠᠶᠢᠳᠠᠯ ᠲᠤᠤᠷ᠎ᠠ ᠵᠦᠪᠰᠢᠶᠡᠷᠡᠳᠡᠭ ᠵᠢᠱᠢᠶ᠎ᠡ ᠴᠤ ᠪᠠᠶᠢᠵᠤ ᠪᠠᠶᠢᠨ᠎ᠠ᠃ ᠲᠡᠷᠡ | ᠤᠳᠠᠭᠠᠨ ᠤ ᠬᠤᠷᠠᠯ ᠲᠡᠭᠡᠷ᠎ᠡ ᠪᠢ ᠰᠦᠯᠵᠢᠶᠡᠨ ᠲᠡᠭᠡᠷ᠎ᠡ ᠭᠠᠷᠤᠭᠠᠳ ᠡᠨᠡ ᠬᠠᠮᠢᠶᠠᠳᠠᠢ ᠵᠢᠱᠢᠶ᠎ᠡ ᠬᠠᠶᠢᠭᠰᠠᠨ᠃ | ᠲᠡᠯᠡᠬᠡᠢ ᠨᠡᠶᠢᠳᠡ ᠶᠢᠨ ᠰᠦᠯᠵᠢᠶᠡᠨ ᠤ ᠮᠡᠳᠡᠭᠡᠯᠡᠯ ᠢ ᠦᠨᠳᠦᠰᠦᠯᠡᠪᠡᠯ᠂ ᠸᠢᠶᠧᠲᠨᠠᠮ ᠤᠨ ᠬᠠᠭᠠᠨ ᠤ ᠤᠷᠳᠤᠨ ᠤ | ᠬᠦᠭᠵᠢᠮ ᠢ ᠪᠤᠯ ᠲᠡᠦᠬᠡ ᠶᠢᠨ ᠮᠠᠲ᠋ᠧᠷᠢᠶᠠᠯ ᠢ ᠦᠨᠳᠦᠰᠦᠯᠡᠵᠦ ᠰᠡᠷᠭᠦᠭᠡᠭᠰᠡᠨ ᠪᠦᠭᠡᠳ ᠲᠡᠯᠡᠬᠡᠢ ᠶᠢᠨ ᠰᠤᠶᠤᠯ ᠤᠨ | ᠦᠪ ᠲᠤ ᠬᠠᠳᠠᠭᠠᠯᠠᠭᠰᠠᠨ ᠪᠠᠶᠢᠨ᠎ᠠ᠃ | ᠦᠪᠦᠷ ᠮᠤᠩᠭᠤᠯ ᠤᠨ ᠰᠣᠶᠤᠯ ᠤᠨ ᠲᠢᠩᠬᠢᠮ ᠤᠨ ᠸᠠᠩ ᠲᠡᠳ᠋ ᠲᠠᠷᠤᠭ᠎ᠠ ᠡᠨᠡ ᠬᠤᠷᠠᠯ ᠳᠤ ᠤᠷᠤᠯᠴᠠᠭᠰᠠᠨ | ᠪᠦᠭᠡᠳ ︽ᠮᠤᠩᠭᠤᠯ ᠬᠠᠭᠠᠨ ᠤᠷᠳᠤᠨ ᠤ ᠬᠦᠭᠵᠢᠮ︾ ᠢ ᠪᠤᠳᠠᠰ ᠤᠨ ᠪᠤᠰᠤ ᠰᠤᠶᠤᠯ ᠤᠨ ᠦᠪ ᠢᠶᠠᠷ ᠮᠡᠳᠡᠭᠦᠯᠬᠦ | ᠳᠤ ᠲᠡᠯᠡᠬᠡᠢ ᠨᠡᠶᠢᠳᠡ ᠶᠢᠨ ᠰᠤᠶᠤᠯ ᠤᠨ ᠦᠪ ᠤᠨ ᠲᠤᠭᠳᠠᠭᠠᠯ ᠲᠠᠢ ᠵᠦᠷᠢᠴᠡᠯᠳᠦᠵᠦ ᠪᠠᠶᠢᠬᠤ ᠠᠰᠠᠭᠤᠳᠠᠯ ᠪᠤᠯ ︽ | ᠲᠤᠰ ᠬᠠᠭᠠᠨ ᠤᠷᠳᠤᠨ ᠤ ᠬᠦᠭᠵᠢᠮ ᠳᠤ ᠵᠠᠯᠭᠠᠮᠵᠢᠯᠠᠭᠴᠢ ᠦᠭᠡᠢ᠂ ᠲᠤᠮᠳᠠ ᠨᠢ ᠦᠶ᠎ᠡ ᠲᠠᠰᠤᠷᠠᠭᠰᠠᠨ︾᠂ ᠡᠶᠢᠮᠦ | ᠠᠴᠠ ᠡᠷᠡᠭᠡᠯᠵᠡᠭᠡ ᠲᠠᠢ ᠵᠦᠢᠯ ᠪᠠᠶᠢᠬᠤ ᠪᠤᠯᠬᠤᠷ ᠰᠤᠳᠤᠯᠵᠤ ᠦᠵᠡᠵᠦ ᠪᠠᠶᠢᠭᠠᠳ ᠰᠠᠢᠢ ᠲᠤᠭᠳᠠᠭᠠᠶᠠ ᠭᠡᠯᠡ᠃ | ᠲᠡᠷᠡ ᠬᠤᠷᠠᠯ ᠶᠡᠭᠡ ᠰᠢᠷᠦᠭᠦᠨ ᠮᠠᠷᠭᠤᠭᠠᠨ ᠲᠠᠢ ᠶᠠᠪᠤᠭᠳᠠᠭᠰᠠᠨ ᠁ ᠪᠠᠶᠢᠭᠰᠠᠨ᠃ | ᠲᠤᠬᠠᠢ ᠶᠢᠨ ᠬᠤᠷᠠᠯ ᠳᠤ ᠮᠢᠨᠦ ᠲᠡᠪᠰᠢᠬᠦᠯᠦᠭᠰᠡᠨ ᠰᠠᠨᠠᠯ ᠪᠤᠯ᠄ ︽ᠮᠤᠩᠭᠤᠯᠴᠤᠳ ᠤᠨ ᠲᠡᠦᠬᠡ ᠶᠢᠨ | ᠵᠠᠯᠭᠠᠮᠵᠢᠯᠠᠭᠴᠢ ᠪᠤᠯ ᠪᠦᠬᠦ ᠠᠷᠠᠳ ᠢᠶᠠᠷ ᠢᠶᠠᠨ ᠲᠡᠷᠡ ᠰᠣᠶᠤᠯ ᠢᠶᠠᠨ ᠵᠠᠯᠭᠠᠵᠤ ᠠᠪᠤᠭᠰᠠᠨ ᠢ ᠬᠡᠯᠡᠳᠡᠭ᠃ ᠮᠤᠩᠭᠤᠯ | ᠬᠠᠭᠠᠨ ᠤᠷᠳᠤᠨ ᠤᠨᠠᠭᠰᠠᠨ ᠠᠴᠠ ᠰᠡᠭᠦᠯᠡᠷ ᠡᠨᠡ ᠬᠠᠭᠠᠨ ᠤᠷᠳᠤᠨ ᠤ ᠰᠤᠶᠤᠯ ᠳᠤ ᠬᠡᠳᠦᠶᠢᠪᠡᠷ ᠲᠤᠰᠬᠠᠢ ᠨᠢᠬᠡ | ᠨᠡᠷ᠎ᠡ ᠵᠢᠭᠠᠭᠰᠠᠨ ᠵᠠᠯᠭᠠᠮᠵᠢᠯᠠᠭᠴᠢ ᠦᠬᠡᠢ ᠴᠤ ᠪᠦᠬᠦ ᠠᠷᠦ ᠬᠤᠷᠴᠢᠨᠴᠤᠳ᠂ ᠪᠦᠬᠦ ᠮᠤᠩᠭᠤᠯᠴᠤᠳ ᠡᠨᠡ ᠰᠤᠶᠤᠯ᠂ | ᠡᠨᠡ ᠬᠦᠭᠵᠢᠮ ᠤᠨ ᠵᠠᠯᠭᠠᠮᠵᠢᠯᠠᠭᠴᠢ ᠭᠡᠵᠦ ᠬᠡᠯᠡᠬᠦ ᠳᠤ ᠪᠤᠷᠤᠭᠤᠳᠠᠬᠤ ᠤᠴᠢᠷ ᠦᠬᠡᠢ ᠶᠤᠮ᠃ ᠲᠡᠷᠡ ᠦᠶ᠎ᠡ ᠶᠢᠨ | ᠲᠡᠷᠡ ᠪᠠᠶᠢᠳᠠᠯ᠂ ᠲᠡᠶᠢᠮᠦ ᠨᠢᠭᠡ ᠶᠡᠭᠡ ᠬᠠᠭᠠᠨ ᠲᠦᠷᠦ ᠤᠨᠠᠭᠰᠠᠨ ᠪᠠᠶᠢᠳᠠᠯ ᠲᠤᠤᠷ᠎ᠠ ᠬᠠᠭᠠᠨ ᠲᠦᠷᠦ ᠶᠢᠨ ᠬᠦᠭᠵᠢᠮ | ᠢ ᠰᠢᠭᠤᠳ ᠵᠠᠯᠭᠠᠬᠤ ᠨᠦᠬᠦᠴᠡᠯ ᠦᠬᠡᠢ ᠴᠤ᠂ ᠲᠡᠷᠡ ᠬᠠᠭᠠᠨ ᠲᠦᠷᠦ ᠶᠢᠨ ᠬᠦᠭᠵᠢᠮ ᠤᠨ ᠠᠩᠬᠢ ᠶᠢᠨ ᠬᠦᠮᠦᠰ᠂ | ᠮᠡᠷᠭᠡᠵᠢᠯ ᠤᠳ᠂ ᠠᠶ᠎ᠠ ᠲᠠᠭᠤᠤ ᠨᠤᠭᠤᠳ ᠠᠷᠠᠳ ᠤᠨ ᠲᠤᠮᠳᠠ ᠰᠢᠩᠬᠡᠭᠡᠳ᠂ ᠠᠷᠠᠳ ᠤᠨ ᠬᠦᠭᠵᠢᠮ ᠤᠨ ᠤᠬᠢ | ᠰᠢᠮ᠎ᠡ ᠪᠤᠯᠤᠭᠰᠠᠨ᠃ ᠢᠩᠬᠢᠬᠦ ᠳᠡᠭᠡᠨ ᠪᠦᠬᠦ ᠮᠤᠩᠭᠤᠯᠴᠤᠳ᠂ ᠪᠦᠬᠦ ᠠᠷᠦ ᠬᠤᠷᠴᠢᠨᠴᠣᠳ᠂ ᠪᠦᠬᠦ ᠠᠷᠠᠳ ᠤᠳ | ᠪᠤᠯ ᠡᠨᠡ ᠪᠤᠳᠠᠰ ᠤᠨ ᠪᠤᠰᠤ ᠰᠤᠶᠤᠯ ᠤᠨ ᠦᠪ ᠤᠨ ᠵᠠᠯᠭᠠᠮᠵᠢᠯᠠᠭᠴᠢ ᠶᠤᠮ᠃ ᠡᠷᠭᠢᠬᠡᠳ ᠲᠡᠯᠡᠬᠡᠢ ᠨᠡᠶᠢᠳᠡ ᠶᠢᠨ | ᠪᠠᠶᠢᠳᠠᠯ ᠢᠶᠠᠷ ᠦᠵᠡᠪᠡᠯ᠂ ᠸᠢᠶᠧᠲᠨᠠᠮ ᠤᠨ ᠬᠠᠭᠠᠨ ᠤ ᠤᠷᠳᠤᠨ ᠤ ᠬᠦᠭᠵᠢᠮ ᠤᠨ ᠠᠳᠠᠯᠢᠬᠠᠨ ᠲᠤᠬᠢᠶᠠᠯᠳᠤᠯ ᠢᠶᠠᠷ | ᠡᠭᠦᠨ ᠢ ᠰᠡᠷᠭᠦᠬᠡᠬᠦ ᠳᠤ ᠡᠷᠡᠭᠡᠯᠵᠡᠭᠡ ᠦᠬᠡᠢ ᠪᠠᠶᠢᠪᠠᠯ ᠲᠠᠭᠠᠷᠠᠨ᠎ᠠ︕︾ ᠬᠡᠰᠡᠨ ᠁ | ᠡᠨᠡ ᠢᠳᠡᠯᠢᠭ ᠦᠬᠡ ᠶᠢ ᠰᠤᠨᠤᠰᠤᠭᠠᠳ᠂ ᠪᠠ᠊ ᠲᠠᠷᠤᠭ᠎ᠠ ᠦᠨᠡᠨᠬᠦ ᠨᠡᠷ᠎ᠡ ᠨᠢᠳᠡᠷ ᠲᠡᠭᠡᠨ ᠲᠡᠩᠴᠡᠭᠰᠡᠨ | ᠮᠦᠷᠦᠯᠢᠭ᠂ ᠦᠷᠭᠡᠨ ᠮᠡᠳᠡᠯᠭᠡ ᠲᠠᠢ ᠬᠦᠴᠦᠷᠬᠡᠭ ᠲᠠᠷᠤᠭ᠎ᠠ ᠪᠠᠶᠢᠨ᠎ᠠ ᠬᠡᠵᠦ ᠬᠡᠨ ᠬᠦᠮᠦᠨ ᠴᠤ ᠪᠢᠰᠢᠷᠡᠬᠦ ᠦᠬᠡᠢ | ᠪᠠᠶᠢᠬᠤ ᠶᠢᠨ ᠠᠷᠭ᠎ᠠ ᠦᠬᠡᠢ ᠪᠠᠶᠢᠬ᠎ᠠ ᠬᠡᠵᠦ ᠰᠤᠷᠪᠤᠯᠵᠢᠯᠠᠭᠴᠢ ᠪᠢ ᠪᠤᠳᠤᠯ᠎ᠠ᠃ | ᠁ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠲᠠᠷᠬᠠᠯᠠᠭᠳᠠᠭᠰᠠᠨ ᠤ ᠲᠠᠷᠠᠭᠠᠬᠢ | ᠲᠦᠷᠪᠡᠳᠡᠬᠢ ᠵᠢᠯ ᠳᠡᠭᠡᠨ ᠤᠯᠤᠰ ᠤᠨ ᠲᠡᠰ ᠤᠨ ᠦᠪ ᠢᠶᠠᠷ ᠬᠠᠳᠠᠭᠠᠯᠠᠭᠳᠠᠭᠰᠠᠨ ᠨᠢ ᠮᠠᠨ ᠤ ᠮᠤᠩᠭᠤᠯᠴᠣᠳ ᠲᠤ | ᠠᠪᠴᠤ ᠬᠡᠯᠡᠪᠡᠯ ᠴᠠᠭᠯᠠᠰᠢ ᠦᠬᠡᠢ ᠰᠠᠶᠢᠨ ᠶᠠᠪᠤᠳᠠᠯ ᠪᠤᠯᠬᠤ ᠶᠤᠮ᠃ ᠮᠠᠨ ᠳᠤ ᠦᠯᠡᠳᠡᠭᠰᠡᠨ ᠨᠡᠶᠢᠰᠯᠡᠯ ᠭᠡᠵᠦ | ᠬᠠᠷᠠᠬᠤᠷᠢᠨ᠂ ᠪᠡᠭᠡᠵᠢᠩ ᠤᠨ ᠲᠠᠶᠢᠳᠤ ᠶᠢᠨ ᠰᠠᠭᠤᠷᠢ᠂ ᠵᠦᠩᠳᠦ᠂ ᠱᠠᠩᠳᠤ ᠬᠤᠳᠠ ᠶᠢᠨ ᠪᠠᠭᠤᠷᠢ᠂ ᠤᠮᠠᠷᠠᠳᠤ | ᠶᠤᠸᠠᠨ ᠤ ᠡᠨᠡ ᠬᠤᠶᠠᠷ ᠨᠡᠶᠢᠰᠯᠡᠯ ︵ᠪᠠᠷᠰ ᠬᠤᠳᠠ᠂ ᠴᠠᠭᠠᠨ ᠬᠤᠳᠠ︶᠂ ᠬᠠᠰᠠᠷ ᠤᠨ ᠬᠤᠳᠠ᠃ ᠡᠳᠡᠭᠡᠷ ᠬᠤᠳᠠ | ᠨᠤᠭᠤᠳ ᠨᠢ ᠪᠦᠷ ᠯᠡ ᠬᠤᠳᠠ ᠶᠢᠨ ᠬᠡᠷᠡᠮ ᠠᠴᠠ ᠦᠭᠡᠷ᠎ᠡ ᠲᠤᠳᠤᠷ ᠪᠠᠷᠢᠯᠭ᠎ᠠ ᠶᠢᠨ ᠨᠢᠬᠡ ᠪᠠᠭ᠎ᠠ ᠰᠠᠭ᠎ᠠ ᠶᠠᠭᠤᠮ᠎ᠠ | ᠠᠴᠠ ᠦᠬᠡᠷ᠎ᠡ ᠦᠯᠡᠳᠡᠭᠰᠡᠨ ᠶᠠᠭᠤᠮ᠎ᠠ ᠦᠬᠡᠢ᠃ ᠪᠢᠳᠡ ᠡᠶᠢᠮᠦ ᠠᠷᠪᠢᠨ ᠬᠠᠭᠠᠨ ᠤ ᠤᠷᠳᠤ ᠲᠠᠢ ᠭᠠᠵᠠᠷ ᠪᠠᠶᠢᠵᠤ | ᠪᠠᠶᠢᠭᠠᠳ ᠬᠠᠭᠠᠨ ᠤ ᠤᠷᠳᠤᠨ ᠤ ᠰᠤᠶᠤᠯ ᠤᠨ ᠲᠠᠯ᠎ᠠ ᠪᠠᠷ ᠨᠢᠬᠡ ᠴᠤ ᠶᠠᠭᠤᠮ᠎ᠠ ᠶᠢ ᠦᠪᠯᠡᠵᠦ ᠦᠯᠡᠳᠡᠭᠡᠵᠦ | ᠲᠡᠶᠢᠯᠦᠭᠰᠡᠨ ᠦᠬᠡᠢ᠂ ᠲᠡᠯᠡᠬᠡᠢ ᠨᠡᠶᠢᠳᠡ ᠳᠤ ᠮᠡᠳᠡᠷᠡᠬᠦᠯᠬᠦ ᠶᠠᠭᠤᠮ᠎ᠠ ᠦᠬᠡᠢ ᠬᠡᠳᠡᠭ ᠴᠢᠨᠢ ᠮᠠᠰᠢ ᠶᠡᠭᠡ ᠬᠠᠷᠠᠮᠰᠠᠯᠳᠠᠢ | ᠶᠠᠪᠤᠳᠠᠯ ᠪᠤᠯᠬᠤ ᠶᠤᠮ᠃ | ᠲᠢᠪ ᠠᠯᠤᠰᠯᠠᠭᠰᠠᠨ ᠲᠤᠮᠤ ᠬᠦᠷᠦᠨ ᠢ ᠪᠠᠶᠢᠭᠤᠯᠤᠭᠰᠠᠨ ᠲᠡᠦᠬᠡ ᠲᠠᠢ ᠤᠯᠤᠰ ᠤᠳ ᠰᠤᠶᠤᠯ ᠤᠨ ᠲᠠᠯ᠎ᠠ ᠪᠠᠷ | ᠨᠢᠬᠡ ᠴᠠᠭ ᠢᠶᠠᠷ ᠪᠠᠯᠠᠷᠠᠵᠤ ᠬᠤᠴᠤᠷᠤᠨ᠎ᠠ ᠭᠡᠳᠡᠭ ᠨᠢ ᠨᠢᠬᠡ ᠨᠡᠭᠦᠳᠡᠯᠴᠢᠨ ᠦᠨᠳᠦᠰᠦᠳᠡᠨ ᠭᠡᠳᠡᠭ ᠲᠤ ᠯᠡ | ᠰᠢᠯᠳᠠᠭᠠᠯᠠᠭᠳᠠᠬᠤ ᠪᠢᠰᠢ ᠬᠠᠷᠢᠨ ᠨᠢᠭᠡ ᠲᠠᠯ᠎ᠠ ᠪᠠᠷ ᠪᠢᠳᠡᠨ ᠤ ᠰᠤᠶᠤᠯ ᠤᠨ ᠲᠠᠯ᠎ᠠ ᠶᠢᠨ ᠤᠬᠠᠮᠰᠠᠷ ᠲᠠᠢ | ᠬᠤᠯᠪᠤᠭᠳᠠᠬᠤ ᠪᠤᠯ ᠤᠤ︖ ᠮᠠᠨ ᠳᠤ ᠬᠠᠷᠢᠭᠤᠴᠠᠯᠭ᠎ᠠ ᠲᠠᠢ ᠪᠢᠯᠢᠦ ᠬᠡᠵᠦ ᠪᠤᠳᠤᠭᠳᠠᠨ᠎ᠠ᠃ ᠢᠩᠬᠢᠬᠦ ᠳᠡᠭᠡᠨ ᠡᠨᠡ | ᠰᠤᠶᠤᠯ ᠢ ᠦᠯᠡᠳᠡᠭᠡᠵᠦ ᠠᠪᠤᠶ᠎ᠠ ᠬᠡᠵᠦ ᠯᠡ ᠴᠢᠷᠮᠠᠶᠢᠭᠰᠠᠨ᠃ ᠤᠳᠤ ᠲᠡᠭᠡᠷ᠎ᠡ ᠪᠠᠨ ᠶᠠᠮᠠᠷ ᠴᠤ ᠮᠡᠷᠭᠡᠵᠢᠯ ᠤᠨ ᠲᠠᠯ᠎ᠠ | ᠪᠤᠶᠤ ᠦᠬᠡᠷ᠎ᠡ ᠶᠠᠮᠠᠷ ᠨᠢᠬᠡ ᠲᠠᠯ᠎ᠠ ᠲᠡᠭᠡᠷ᠎ᠡ ᠠᠰᠠᠭᠤᠳᠠᠯ ᠪᠠᠶᠢᠯ᠎ᠠ ᠭᠡᠳ ᠮᠠᠨ ᠤ ᠮᠤᠩᠭᠤᠯ ᠲᠡᠦᠬᠡ ᠶᠢᠨ ᠬᠠᠮᠢᠶᠠᠳᠠᠢ | ᠶᠠᠭᠤᠮ᠎ᠠ ᠶᠢ ᠲᠡᠯᠡᠬᠡᠢ ᠶᠢᠨ ᠰᠤᠨᠤᠷ ᠲᠤ ᠦᠯᠡᠳᠡᠭᠡᠵᠦ ᠠᠪᠬᠤ ᠶᠠᠪᠤᠳᠠᠯ ᠪᠤᠯ ᠮᠠᠰᠢ ᠲᠤᠯᠭᠠᠮ᠎ᠠ᠃ ᠪᠢᠳᠡ ᠡᠨᠡ | ᠵᠤᠷᠢᠯᠭ᠎ᠠ ᠳᠤ ᠬᠦᠷᠴᠦ ᠲᠡᠶᠢᠯᠦᠭᠰᠡᠨ᠂ ᠡᠬᠦᠨ ᠲᠡᠭᠡᠷ᠎ᠡ ᠪᠢ ᠪᠠᠰᠠ ᠬᠠᠨᠤᠮᠵᠢᠳᠠᠢ ᠪᠠᠶᠢᠨ᠎ᠠ᠃ ᠠᠷᠦ ᠬᠤᠷᠴᠢᠨ ᠤ | ᠰᠤᠶᠤᠯ ᠤᠨ ᠲᠠᠯ᠎ᠠ ᠶᠢᠨ ᠠᠵᠢᠯ ᠶᠡᠭᠡ ᠡᠷᠴᠢᠮᠳᠡᠢ ᠶᠠᠪᠤᠭᠳᠠᠵᠤ ᠪᠠᠶᠢᠨ᠎ᠠ᠃ ᠡᠨᠡ ᠬᠡᠳᠦᠨ ᠵᠢᠯ ᠶᠡᠷᠦᠨᠢ ᠵᠠᠮ ᠳᠠᠭᠠᠨ | ᠤᠷᠤᠭᠰᠠᠨ᠃ ᠰᠠᠶᠢᠨ ᠰᠠᠶᠢᠬᠠᠨ ᠵᠦᠢᠯ ᠬᠢᠭᠳᠡᠵᠦ ᠪᠠᠶᠢᠨ᠎ᠠ᠃ ᠠᠷᠠᠳ ᠤᠨ ᠤᠷᠠᠯᠢᠭ᠂ ᠤᠷᠠᠨ ᠲᠠᠷᠬᠠᠨ᠂ ᠵᠠᠩ | ᠵᠠᠩᠰᠢᠯ ᠵᠡᠷᠭᠡ ᠰᠤᠶᠤᠯ ᠤᠨ ᠲᠠᠯ᠎ᠠ ᠶᠢᠨ ᠵᠠᠯᠭᠠᠮᠵᠢᠯᠠᠯ ᠤᠨ ᠵᠦᠢᠯᠡᠰ ᠮᠠᠰᠢ ᠠᠷᠪᠢᠨ ᠴᠤᠭᠯᠠᠭᠤᠯᠵᠤ ᠬᠠᠳᠠᠭᠠᠯᠠᠭᠳᠠᠵᠤ | ᠲᠡᠶᠢᠯᠵᠦ ᠪᠠᠶᠢᠨ᠎ᠠ᠃ | ᠰᠤᠷᠪᠤᠯᠵᠢᠯᠠᠭᠴᠢ᠄ ᠮᠠᠨ ᠤ ᠬᠤᠰᠢᠭᠤᠨ ᠤ ᠰᠤᠶᠤᠯ ᠤᠨ ᠲᠤᠭ ᠲᠡᠮᠳᠡᠭ ᠪᠤᠯᠤᠭᠰᠠᠨ ᠡᠨᠡ ᠨᠢᠭᠡ ᠤᠯᠤᠰ | ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠨ ᠪᠢᠳᠡ ᠴᠢᠨᠠᠭᠰᠢᠳᠠ ᠶᠠᠭᠠᠬᠢᠪᠠᠯ ᠰᠠᠢᠢ ᠨᠡᠩ ᠰᠠᠶᠢᠨ | ᠢᠶᠠᠷ ᠬᠠᠮᠠᠭᠠᠯᠠᠵᠤ ᠦᠶ᠎ᠡ ᠶᠢᠨ ᠦᠶ᠎ᠡ ᠳᠤ ᠤᠯᠠᠮᠵᠢᠯᠠᠵᠤ᠂ ᠨᠤᠳᠤᠭ ᠤᠰᠤᠨ ᠤ ᠪᠠᠨ ᠰᠤᠶᠤᠯ ᠲᠡᠦᠬᠡ ᠪᠠᠨ ᠦᠩᠬᠡ | ᠬᠢᠯᠪᠠᠭᠤᠯᠵᠤ ᠴᠢᠳᠠᠳᠠᠭ ᠪᠤᠯ ᠡ︖ | ᠪᠠ᠊ ᠲᠠᠷᠤᠭ᠎ᠠ᠄ ᠮᠠᠨ ᠤ ᠤᠯᠠᠭᠠᠨᠬᠠᠳᠠ ᠬᠤᠳᠠ ᠪᠤᠯ ᠬᠤᠩᠱᠠᠨᠰᠤᠶᠤᠯ ᠢᠶᠠᠷ ᠦᠪᠡᠷ ᠤᠨ ᠰᠤᠶᠤᠯ ᠤᠨ | ᠱᠤᠰᠢᠭ᠎ᠠ ᠪᠠᠨ ᠪᠤᠯᠭᠠᠬᠤ ᠤᠷᠤᠰᠬᠠᠯ ᠶᠠᠪᠤᠭᠳᠠᠵᠤ ᠪᠠᠶᠢᠳᠠᠭ᠃ ᠡᠨᠡ ᠨᠢ ᠴᠤᠬᠤᠮ ᠠᠵᠤ ᠠᠬᠤᠢ ᠶᠢᠨ ᠵᠤᠷᠢᠯᠭ᠎ᠠ | ᠠᠴᠠ ᠪᠤᠯᠪᠠᠤ︖ ᠡᠰᠡᠭᠦᠯ᠎ᠡ ᠨᠡᠶᠢᠭᠡᠮ ᠢ ᠠᠶᠠᠯᠳᠤᠨ ᠲᠠᠭᠠᠬᠤ ᠰᠤᠨᠢᠷᠬᠠᠯ ᠠᠴᠠ ᠪᠤᠯ ᠤᠤ︖ | ᠦᠨᠡᠨ ᠢ ᠬᠡᠯᠡᠬᠦ ᠳᠤ ᠤᠯᠠᠭᠠᠨᠬᠠᠳᠠ ᠬᠤᠳᠠ ᠳᠤ ᠮᠤᠩᠭᠤᠯ ᠤᠨ ᠲᠡᠦᠬᠡᠨ ᠲᠤᠳᠤᠷ᠎ᠠ ᠮᠠᠰᠢ ᠶᠡᠭᠡ ᠪᠠᠶᠢᠷᠢ ᠡᠵᠡᠯᠡᠬᠦ | ᠪᠦᠬᠦ ᠮᠤᠩᠭᠤᠯ ᠤᠨ ᠲᠦᠷᠪᠡᠨ ᠶᠡᠭᠡ ᠨᠡᠶᠢᠰᠯᠡᠯ ᠤᠨ ᠬᠤᠶᠠᠷ ᠨᠢ ᠠᠳᠡ ᠲᠤᠭᠠᠯᠠᠭᠳᠠᠬᠤ ᠤᠷᠢᠳᠠᠯ ᠲᠤᠤᠷ᠎ᠠ᠂ ᠠᠳᠠᠭ | ᠨᠠᠭᠠᠳᠤ ᠵᠠᠬ᠎ᠠ ᠳᠠᠭᠠᠨ ᠮᠤᠩᠭᠤᠯ ᠤᠨ ᠲᠤᠮᠤ ᠨᠡᠶᠢᠰᠯᠡᠯ ᠪᠠᠶᠢᠭᠰᠠᠨ ᠭᠠᠵᠠᠷ ᠪᠤᠯ ᠮᠤᠩᠭᠤᠯ ᠰᠤᠶᠤᠯ ᠤᠨ ᠲᠦᠪ | ᠪᠠᠶᠢᠭᠰᠠᠨ ᠭᠠᠵᠠᠷ᠂ ᠮᠤᠩᠭᠤᠯ ᠰᠤᠶᠤᠯ ᠤᠨ ᠲᠦᠪ ᠪᠠᠶᠢᠭᠰᠠᠨ ᠭᠠᠵᠠᠷ ᠲᠤ ᠮᠤᠩᠭᠤᠯ ᠰᠤᠶᠤᠯ ᠤᠨ ᠦᠪ ᠢ | ᠶᠠᠭᠠᠬᠢᠵᠤ ᠴᠢᠬᠤᠯᠠ ᠪᠤᠯᠭᠠᠨ᠎ᠠ ᠭᠡᠰᠡᠨ ᠠᠰᠠᠭᠤᠳᠠᠯ ᠪᠤᠯ ᠵᠦᠪᠬᠡᠨ ᠠᠶᠠᠯᠠᠯ ᠵᠢᠭᠤᠯᠴᠢᠯᠠᠯ ᠤᠨ ᠠᠵᠤ ᠠᠬᠤᠢ ᠶᠢᠨ | ᠰᠤᠨᠢᠷᠬᠠᠯ ᠲᠡᠳᠦᠢ ᠪᠢᠰᠢ᠃ ᠬᠠᠷᠢᠨ ᠠᠳᠡ ᠤᠷᠤᠰᠢᠵᠤ ᠲᠤᠭᠳᠠᠨᠢᠵᠤ ᠠᠮᠢᠳᠤᠷᠠᠵᠤ ᠪᠠᠶᠢᠭ᠎ᠠ ᠦᠨᠳᠦᠰᠦᠳᠡᠨ | ᠶᠠᠰᠤᠳᠠᠨ ᠤ ᠬᠦᠨᠳᠦᠳᠭᠡᠯ᠂ ᠡᠨᠡ ᠲᠡᠦᠬᠡ ᠶᠢᠨ ᠲᠤᠬᠠᠢ ᠰᠠᠨᠠᠭᠠᠰᠢᠷᠠᠯ᠂ ᠡᠨᠡ ᠲᠡᠦᠬᠡ ᠶᠢ ᠵᠠᠯᠭᠠᠮᠵᠢᠯᠠᠬᠤ ᠳᠤ | ᠬᠤᠯᠪᠤᠭᠳᠠᠬᠤ ᠪᠤᠯ ᠤᠤ ᠬᠡᠵᠦ ᠪᠢ ᠪᠤᠳᠤᠳᠠᠭ᠃ ᠠᠶᠠᠯᠠᠯ ᠵᠢᠭᠤᠯᠴᠢᠯᠠᠯ ᠤᠨ ᠲᠠᠯ᠎ᠠ ᠳᠤ ᠪᠢᠳᠡ ᠬᠡᠳᠦᠶᠢᠪᠡᠷ | ᠬᠢᠳᠠᠨᠴᠤᠳ ᠤᠨ ᠲᠡᠦᠬᠡ᠂ ᠠᠯᠳᠠᠨ ᠤᠯᠤᠰ ᠤᠨ ᠲᠡᠦᠬᠡ᠂ ᠪᠠᠯᠠᠷ ᠲᠡᠦᠬᠡ᠂ ᠬᠤᠩᠱᠠᠨ ᠰᠤᠶᠤᠯ ᠤᠨ ᠲᠡᠦᠬᠡ ᠶᠢ | ᠴᠢᠬᠤᠯᠠ ᠪᠠᠷ ᠦᠵᠡᠵᠦ ᠪᠤᠯᠳᠠᠭ ᠴᠤ ᠤᠳᠤ ᠪᠤᠯᠳᠠᠯ᠎ᠠ ᠪᠠᠨ ᠦᠶ᠎ᠡ ᠲᠠᠰᠤᠷᠠᠭ᠎ᠠ ᠦᠭᠡᠢ᠂ ᠦᠷ᠎ᠡ ᠲᠠᠰᠤᠷᠠᠭ᠎ᠠ ᠦᠭᠡᠢ | ᠠᠮᠢᠳᠤ ᠲᠡᠦᠬᠡ — ᠮᠤᠩᠭᠤᠯ ᠲᠡᠦᠬᠡ ᠪᠠᠨ ᠤᠯᠠᠮᠵᠢᠯᠠᠨ ᠲᠡᠮᠳᠡᠭᠯᠡᠵᠦ᠂ ᠵᠠᠯᠭᠠᠵᠤ ᠠᠪᠬᠤ ᠶᠤᠰᠤᠳᠠᠢ᠃ ᠪᠠᠷᠰ | ᠬᠤᠳᠠ ᠴᠤ ᠲᠡᠷᠡ᠂ ᠴᠠᠭᠠᠨ ᠬᠤᠳᠠ ᠴᠤ ᠲᠡᠷᠡ᠂ ᠡᠨᠡ ᠬᠤᠶᠠᠷ ᠢ ᠮᠠᠨ ᠤ ᠰᠤᠶᠤᠯ ᠤᠨ ᠲᠠᠯ᠎ᠠ ᠲᠡᠭᠡᠷ᠎ᠡ | ᠴᠢᠬᠤᠯᠠᠴᠢᠯᠠᠨ ᠨᠠᠨᠳᠢᠩᠨᠠᠵᠤ᠂ ᠦᠨ᠎ᠡ ᠦᠷᠳᠡᠭ ᠢ ᠨᠢ ᠰᠠᠶᠢᠬᠠᠨ ᠠᠰᠢᠭᠯᠠᠵᠤ᠂ ᠲᠡᠯᠡᠬᠡᠢ ᠲᠠᠶᠠᠭᠠᠷ ᠤᠨ ᠰᠤᠨᠤᠷ ᠲᠤ | ᠬᠦᠷᠭᠡᠬᠦ ᠶᠤᠰᠤᠳᠠᠢ᠃ ᠢᠩᠬᠢᠮᠡᠨᠵᠢᠨ ᠰᠠᠢᠢ ᠮᠠᠨ ᠤ ᠠᠵᠤ ᠠᠬᠤᠢ ᠴᠤ ᠲᠡᠷᠡ᠂ ᠠᠶᠠᠯᠠᠯ ᠵᠢᠭᠤᠯᠴᠢᠯᠠᠯ ᠴᠤ ᠲᠡᠷᠡ | ᠦᠨᠳᠦᠰᠦᠳᠡᠨ ᠤ ᠤᠷᠤᠨ ᠤ ᠤᠨᠴᠠᠯᠢᠭ ᠢᠶᠠᠨ ᠬᠠᠳᠠᠭᠠᠯᠠᠭᠠᠳ ᠬᠦᠭᠵᠢᠵᠦ ᠴᠢᠳᠠᠨ᠎ᠠ ᠭᠡᠵᠦ ᠪᠢ ᠶᠡᠷᠦᠨᠢ ᠪᠤᠳᠤᠳᠠᠭ | ᠃ | ᠲᠡᠭᠡᠪᠡᠯ᠂ ᠬᠠᠭᠠᠨ ᠤᠷᠳᠤᠨ ᠤ ᠬᠦᠭᠵᠢᠮ ᠬᠡᠳᠦᠢ ᠪᠤᠯᠳᠠᠯ᠎ᠠ ᠬᠦᠭᠵᠢᠮᠳᠡᠬᠦ᠂ ᠬᠠᠮᠢᠭ᠎ᠠ ᠬᠦᠷᠳᠡᠯ᠎ᠡ | ᠬᠦᠭᠵᠢᠮᠳᠡᠬᠦ ᠪᠤᠯ ᠬᠠᠷᠢᠭᠤᠯᠳᠠ ᠦᠬᠡᠢ ᠰᠡᠳᠦᠪ ᠶᠤᠮ᠃ ᠦᠩᠭᠡᠷᠡᠭᠰᠡᠨ ᠳᠤ ᠡᠨᠡ ᠲᠤᠬᠠᠢ ᠪᠢᠳᠡ ᠨᠢᠬᠡ ᠪᠦᠯᠦᠭ | ᠠᠵᠢᠯ ᠬᠢᠭᠰᠡᠨ᠃ ᠡᠬᠦᠨ ᠢ ᠦᠷᠬᠦᠯᠵᠢᠯᠡᠭᠡᠰᠡᠢ ᠬᠡᠵᠦ ᠬᠦᠰᠡᠳᠡᠭ᠃ ᠡᠨᠡ ᠬᠡᠷᠪᠡ ᠦᠷᠬᠦᠯᠵᠢᠯᠡᠬᠦ ᠳᠤ ᠬᠦᠷᠪᠡᠯ | ᠲᠡᠦᠬᠡ ᠰᠤᠳᠤᠯᠤᠯ ᠢᠶᠠᠷ ᠯᠡ ᠵᠤᠭᠰᠤᠬᠤ ᠶᠠᠭᠤᠮ᠎ᠠ ᠪᠢᠰᠢ᠂ ᠮᠠᠨ ᠤ ᠦᠨᠳᠦᠰᠦᠳᠡᠨ ᠤ ᠰᠤᠶᠤᠯ ᠦᠪ ᠤᠯᠠᠮᠵᠢᠯᠠᠯ | ᠳᠤ ᠲᠤᠶᠢᠯ ᠤᠨ ᠠᠰᠢᠭᠳᠠᠢ ᠪᠤᠯᠤᠨ᠎ᠠ᠃ | ᠴᠠᠭᠠᠨ ᠬᠤᠳᠠ ᠶᠢ ᠴᠤ ᠰᠠᠶᠢᠬᠠᠨ ᠠᠰᠢᠭᠯᠠᠬᠤ ᠬᠡᠷᠡᠭᠳᠡᠢ ᠪᠠᠶᠢᠨ᠎ᠠ᠂ ᠴᠠᠭᠠᠨ ᠬᠤᠳᠠ ᠶᠢᠨ ᠬᠠᠭᠠᠨ ᠤᠷᠳᠤ | ᠶᠢᠨ ᠲᠤᠭᠤᠷᠢᠨ ᠳᠤ ᠶᠡᠭᠡ ᠠᠷᠪᠢᠨ ᠶᠠᠭᠤᠮ᠎ᠠ ᠬᠢᠵᠦ ᠪᠤᠯᠤᠨ᠎ᠠ᠃ ᠨᠢᠭᠡ ᠵᠦᠭ ᠢ ᠪᠠᠷᠢᠵᠤ᠂ ᠲᠡᠭᠦᠨ ᠤ ᠪᠠᠨ | ᠬᠤᠶᠢᠨ᠎ᠠ ᠠᠴᠠ ᠨᠢ ᠤᠷᠤᠭᠠᠳ ᠯᠡ ᠪᠠᠶᠢᠪᠠᠯ ᠪᠦᠳᠦᠭᠡᠵᠦ ᠪᠤᠯᠬᠤ ᠡᠷᠡᠮᠡᠯᠵᠡᠯᠡᠯ ᠬᠡᠵᠢᠶᠡᠳᠡ ᠤᠷᠤᠰᠢᠳᠠᠭ ᠁︾ | ᠭᠡᠵᠦ ᠦᠦᠬᠡ ᠲᠡᠦᠬᠡ᠂ ᠦᠨᠳᠦᠰᠦᠳᠡᠨ ᠶᠠᠰᠤᠳᠠᠨ ᠤ ᠪᠠᠨ ᠢᠷᠡᠭᠡᠳᠦᠢ ᠶᠢᠨ ᠲᠦᠯᠦᠬᠡ ᠬᠦᠨ ᠰᠠᠨᠠᠭᠠᠰᠢᠷᠠᠯ ᠲᠠᠢ | ᠴᠡᠨᠡᠳᠦ ᠤᠳᠬ᠎ᠠ ᠲᠠᠢ ᠦᠬᠡ ᠪᠠᠷ ᠰᠤᠷᠪᠤᠯᠵᠢᠯᠠᠭ᠎ᠠ ᠶᠢ ᠮᠢᠨᠢ ᠬᠦᠯᠢᠶᠡᠨ ᠲᠡᠭᠦᠰᠭᠡᠭᠰᠡᠨ ᠪᠢᠯᠡ᠃ | ᠰᠣᠷᠪᠣᠯᠵᠢᠯᠠᠭᠴᠢ ᠠᠴᠠ ᠠᠳᠡ ᠪᠠᠰᠠ ᠤ · ᠪᠤᠶ᠋ᠬᠠᠦ᠋ᠯᠵᠡᠢ ᠭᠤᠸᠠᠢ ᠶᠢᠨ ᠪᠠᠶᠠᠨᠪᠠᠭᠠᠳᠤᠷ ᠨᠦᠬᠦᠷ ᠤᠨ ᠠᠷᠦ | ᠬᠤᠷᠴᠢᠨ ᠬᠤᠰᠢᠭᠤᠨ ᠤ ᠬᠠᠭᠠᠨ ᠤᠷᠳᠤᠨ ᠤ ᠲᠠᠭᠤᠤ ᠬᠦᠭᠵᠢᠮ ᠤᠨ ᠮᠠᠲ᠋ᠧᠷᠢᠶᠠᠯ ᠢ ᠲᠠᠶᠢᠵᠠᠨ ᠳᠤ ᠠᠮᠢᠯᠠᠭᠤᠯᠬᠤ | ᠶᠠᠪᠤᠳᠠᠯ ᠳᠤ ᠦᠨᠳᠦᠰᠦᠨ ᠴᠢᠨᠠᠷ ᠲᠠᠢ ᠲᠤᠰᠠ ᠪᠤᠯᠤᠭᠰᠠᠨ ᠲᠤᠬᠠᠢ ᠡᠷᠭᠢᠴᠡᠬᠦᠯᠦᠨ ᠶᠠᠷᠢᠭᠰᠠᠨ ᠢ ᠤᠭ ᠤᠳᠬ᠎ᠠ | ᠪᠠᠷ ᠨᠢ ᠬᠠᠭᠤᠯᠪᠤᠷᠢᠯᠠᠪᠠ᠄ | 2009 ᠤᠨ ᠤ ᠵᠤᠨ ᠤ ᠠᠷᠦ ᠬᠤᠷᠴᠢᠨ ᠤ ᠬᠤᠰᠢᠭᠤᠨ ᠲᠦᠪ ᠴᠢᠪᠠᠭ᠎ᠠ ᠪᠠᠯᠭᠠᠰᠤᠨ ᠳᠤ ᠪᠤᠯᠤᠭᠰᠠᠨ ︽ | ᠯᠢᠭᠳᠡᠨ ᠬᠤᠳᠤᠭᠳᠤ ᠬᠠᠭᠠᠨ ᠬᠢᠭᠡᠳ ᠬᠠᠭᠠᠨᠳᠤ ᠲᠦᠷᠦ ᠶᠢᠨ ᠨᠡᠶᠢᠰᠯᠡᠯ ᠴᠠᠭᠠᠨ ᠬᠤᠳᠠ ᠶᠢᠨ ᠪᠦᠬᠦ ᠤᠯᠤᠰ ᠤᠨ | ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ︾ ᠲᠡᠭᠡᠷ᠎ᠡ ᠭᠧᠮᠫᠢ ᠶᠢᠨ ᠰᠦᠮ᠎ᠡ ᠠᠴᠠ ᠢᠯᠡᠷᠡᠭᠰᠡᠨ | ᠮᠤᠩᠭᠤᠯ ᠬᠠᠭᠠᠨ ᠤᠷᠳᠤᠨ ᠤ ᠬᠦᠭᠵᠢᠮ ᠢ ᠲᠠᠶᠢᠵᠠᠨ ᠳᠤ ᠠᠮᠢᠯᠠᠭᠤᠯᠤᠨ ᠰᠡᠷᠭᠦᠭᠡᠬᠦ ᠲᠤᠬᠠᠢ ᠠᠷᠦ ᠬᠤᠷᠴᠢᠨ | ᠬᠤᠰᠢᠭᠤᠨ ᠵᠠᠰᠠᠭ ᠤᠨ ᠤᠷᠳᠤᠨ ᠠᠴᠠ ᠲᠤᠭᠳᠠᠭᠠᠯ ᠭᠠᠷᠭᠠᠨ᠂ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠦ᠂ | ᠬᠤᠰᠢᠭᠤᠨ ᠲᠡᠳ᠋ ᠲᠠᠷᠤᠭ᠎ᠠ ᠵᠢᠨᠰᠠᠩ ᠠᠴᠠ ᠰᠤᠷᠪᠤᠯᠵᠢᠯᠠᠭᠴᠢᠳ ᠤᠨ ᠠᠰᠠᠭᠤᠯᠳᠠ ᠳᠤ ᠬᠠᠷᠢᠭᠤᠯᠳᠠ ᠬᠢᠭᠰᠡᠨ | ᠪᠦᠭᠡᠳ ᠬᠤᠰᠢᠭᠤᠨ ᠵᠠᠰᠠᠭ ᠤᠨ ᠤᠷᠳᠤᠨ ᠤ ᠲᠤᠭᠳᠠᠭᠠᠯ ᠢ ᠠᠩᠬ᠎ᠠ ᠨᠡᠶᠢᠳᠡᠯᠡᠨ᠂ ᠬᠤᠰᠢᠭᠤᠨ ᠰᠤᠶᠤᠯ ᠤᠨ | ᠲᠤᠪᠴᠢᠶᠠᠨ ᠳᠤ ᠬᠤᠰᠢᠭᠤᠨ ᠤᠯᠠᠭᠠᠨᠮᠦ᠋ᠴᠢᠷ ᠤᠨ ᠰᠠᠭᠤᠷᠢᠨ ᠲᠡᠭᠡᠷ᠎ᠡ ᠠᠷᠦ ᠬᠤᠷᠴᠢᠨ ᠬᠤᠰᠢᠭᠤᠨ ᠤ ᠮᠤᠩᠭᠤᠯ | ᠬᠠᠭᠠᠨ ᠤᠷᠳᠤᠨ ᠤ ᠲᠠᠭᠤᠤ ᠬᠦᠭᠵᠢᠮ ᠤᠨ ᠠᠩᠬᠢ ᠶᠢ ᠵᠤᠬᠢᠶᠠᠨ ᠪᠠᠶᠢᠭᠤᠯᠬᠤ ᠪᠠᠷ ᠲᠤᠭᠳᠠᠭᠰᠠᠨ ᠪᠠᠶᠢᠨ᠎ᠠ᠃ | ᠮᠦᠨ ᠲᠡᠷᠡ ᠬᠤᠷᠠᠯ ᠤᠨ ᠲᠠᠷᠠᠭ᠎ᠠ ᠪᠠᠷ ᠬᠠᠮᠢᠶ᠎ᠠ ᠪᠦᠬᠦᠢ ᠠᠵᠢᠯ ᠤᠳ ᠢ ᠭᠠᠷᠳᠠᠨ ᠬᠢᠵᠦ ᠡᠬᠢᠯᠡᠪᠡ᠃ ᠲᠤᠬᠠᠶᠢᠯᠠᠪᠠᠯ | ᠂ ᠬᠠᠭᠠᠨ ᠤᠷᠳᠤᠨ ᠤ ᠲᠠᠭᠤᠤ ᠬᠦᠭᠵᠢᠮ ᠤᠨ ᠠᠩᠬᠢ ᠶᠢᠨ ᠬᠦᠮᠦᠨ ᠤ ᠤᠷᠤᠨ ᠲᠤᠭ᠎ᠠ᠂ ᠬᠠᠮᠢᠶᠠᠷᠤᠯᠳᠠ᠂ | ᠵᠤᠬᠢᠶᠠᠨ ᠪᠠᠶᠢᠭᠤᠯᠤᠯᠳᠠ ᠶᠢᠨ ᠰᠢᠨᠵᠢ ᠴᠢᠨᠠᠷ ᠵᠡᠷᠭᠡ ᠶᠢ ᠵᠢᠱᠢᠵᠦ ᠭᠠᠷᠭᠠᠵᠤ ᠪᠠᠶᠢᠵᠠᠢ᠃ ᠡᠨᠡ ᠶᠠᠪᠤᠳᠠᠯ ᠤᠨ | ᠡᠬᠢᠯᠡᠯᠳᠡ ᠶᠢᠨ ᠲᠤᠬᠠᠢ ᠮᠢᠨᠦ ᠡᠷᠭᠢᠴᠡᠭᠦᠯᠦᠯ ᠬᠡᠪᠡᠯ᠄ | ᠲᠡᠷᠡ ᠬᠤᠷᠠᠯ ᠲᠡᠭᠡᠷ᠎ᠡ ᠪᠢ ︽ᠠᠷᠦ ᠬᠤᠷᠴᠢᠨ ᠠᠴᠠ ᠢᠯᠡᠷᠡᠭᠰᠡᠨ ᠮᠤᠩᠭᠤᠯ ᠬᠠᠭᠠᠨ ᠤᠷᠳᠤᠨ ᠤ ᠲᠠᠭᠤᠤ | ᠬᠦᠭᠵᠢᠮ ᠤᠨ ᠮᠠᠲ᠋ᠧᠷᠢᠶᠡᠯ ᠢ ᠢᠯᠡᠷᠡᠭᠦᠯᠦᠭᠰᠡᠨ ᠶᠠᠪᠤᠴᠠ ᠪᠠ ᠨᠦᠬᠦᠵᠦ ᠦᠬᠦᠯᠡᠬᠦ ᠵᠦᠢᠯ︾ ᠬᠡᠰᠡᠨ ᠦᠬᠦᠯᠡᠯ ᠢᠶᠠᠨ | ᠤᠩᠰᠢᠪᠠ᠃ ᠲᠤᠰ ᠬᠤᠷᠠᠯ ᠲᠡᠭᠡᠷ᠎ᠡ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠦᠭᠵᠢᠯᠳᠤ | ᠫᠷᠣᠹᠧᠰᠰᠣᠷ ᠠᠴᠠ ᠪᠠᠰᠠ ᠡᠨᠡ ᠲᠠᠭᠤᠤ ᠬᠦᠭᠵᠢᠮ ᠤᠨ ᠮᠠᠲ᠋ᠧᠷᠢᠶᠠᠯ ᠤᠨ ᠲᠤᠬᠠᠢ ᠰᠤᠳᠤᠯᠭᠠᠨ ᠤ ᠦᠬᠦᠯᠡᠯ | ᠤᠩᠰᠢᠪᠠ᠃ ᠬᠦᠭᠵᠢᠯᠳᠦ ᠤᠤᠯ ᠨᠢ ᠡᠬᠦᠨ ᠠᠴᠠ ᠬᠤᠶᠠᠷ ᠵᠢᠯ ᠤᠨ ᠡᠮᠦᠨ᠎ᠡ ᠨᠠᠳᠠ ᠠᠴᠠ ︽ᠤᠷᠳᠤᠨ ᠤ ᠲᠠᠭᠤᠤ | ᠬᠦᠭᠵᠢᠮ ᠤᠨ ᠮᠠᠲ᠋ᠧᠷᠢᠶᠠᠯ︾ ᠤᠨ ᠲᠠᠷᠤᠮᠠᠯᠯᠠᠯ ᠢ ᠤᠯᠵᠤ᠂ ᠪᠠᠰᠠ ᠮᠢᠨᠦ ᠪᠢᠴᠢᠭᠰᠡᠨ 1986 ᠤᠨ ᠤ ᠦᠬᠦᠯᠡᠯ ᠢ | ︽ᠦᠪᠦᠷ ᠮᠤᠩᠭᠤᠯ ᠤᠨ ᠡᠳᠦᠷ ᠤᠨ ᠰᠤᠨᠢᠨ︾ ᠠᠴᠠ ᠤᠩᠰᠢᠭᠰᠠᠨ ᠢᠶᠠᠨ ᠡᠷᠭᠢᠴᠡᠭᠦᠯᠵᠦ ᠶᠠᠷᠢᠭᠰᠠᠨ ᠪᠠᠶᠢᠨ᠎ᠠ᠃ | ᠲᠡᠷᠡ ᠡᠳᠦᠷ ᠤᠨ ᠶᠠᠷᠢᠯᠴᠠᠬᠤ ᠬᠤᠷᠠᠯ ᠤᠨ ᠲᠠᠷᠠᠭ᠎ᠠ ᠡᠳᠦᠷ ᠨᠢ ᠤᠤᠯ ᠤᠨ ᠬᠠᠨᠰᠦ᠋ᠮ᠎ᠡ ᠰᠤᠮᠤ ᠶᠢᠨ ᠱᠦᠵᠢ | ᠪᠠᠶᠢᠭᠰᠠᠨ ᠪᠠᠳᠤ ᠪᠤᠯᠤᠨ ᠪᠠᠶᠠᠨᠪᠠᠭᠠᠳᠤᠷ ︵ᠬᠤᠳᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠶᠢᠨ ᠲᠡᠳ᠋ ᠡᠷᠬᠢᠯᠡᠭᠴᠢ︶ ᠬᠤᠶᠠᠭᠤᠯᠠ ᠪᠠᠨ ᠬᠤᠰᠢᠭᠤᠨ ᠤ ᠤᠤᠯ ᠤᠨ ᠵᠤᠴᠢᠳ ᠤᠨ | ᠪᠠᠭᠤᠳᠠᠯ ᠤᠨ ᠡᠬᠦᠳᠡᠨ ᠳᠤ ᠨᠠᠳᠠᠳᠠᠢ ᠤᠴᠠᠷᠠᠬᠤ ᠳᠠᠭᠠᠨ ᠪᠠᠳᠤ ᠱᠦᠵᠢ ᠠᠴᠠ ︽ᠪᠤ᠊ ᠪᠠᠭᠰᠢ ᠡ︕ ᠦᠨᠦ ᠪᠠ᠊ | ᠡᠷᠬᠢᠯᠡᠭᠴᠢ ︵ᠪᠠᠶᠠᠨᠪᠠᠭᠠᠳᠤᠷ ᠨᠦᠬᠦᠷ︶ ᠠᠴᠠ ᠨᠢᠭᠡᠨᠳᠡ ᠬᠤᠰᠢᠭᠤᠨ ᠤ ᠤᠷᠬᠢᠯ ᠲᠠᠷᠤᠭ᠎ᠠ ᠪᠤᠯᠤᠨ ᠬᠡᠳᠦᠨ | ᠡᠷᠳᠡᠮᠳᠡᠨ ᠲᠠᠢ ᠶᠠᠷᠢᠯᠴᠠᠭᠠᠳ ︽ᠬᠠᠭᠠᠨ ᠤᠷᠳᠤᠨ ᠤ ᠲᠠᠭᠤᠤ ᠬᠦᠭᠵᠢᠮ︾ ᠢ ᠠᠮᠢᠯᠠᠭᠤᠯᠤᠨ ᠰᠡᠷᠭᠦᠭᠡᠬᠦ | ᠪᠤᠯᠤᠭᠰᠠᠨ ᠰᠢᠦ︾ ᠭᠡᠵᠦ ᠶᠠᠷᠢᠪᠠ᠃ ᠪᠢ ᠲᠡᠭᠡᠭᠡᠳ ︽ᠰᠠᠶᠢᠨ ᠶᠠᠪᠤᠳᠠᠯ ᠡ︾ ᠬᠡᠵᠦ ᠬᠡᠯᠡᠪᠡ᠃ | ︽ᠬᠠᠭᠠᠨ ᠤᠷᠳᠤᠨ ᠤ ᠲᠠᠭᠤᠤ ᠬᠦᠭᠵᠢᠮ︾ ᠢ ᠠᠷᠤ ᠬᠤᠷᠴᠢᠨ ᠳᠤ ᠰᠡᠷᠭᠦᠭᠡᠭᠰᠡᠨ ᠡᠨᠡ ᠶᠠᠪᠤᠳᠠᠯ ᠤᠨ | ᠴᠢᠬᠤᠯᠠ ᠬᠦᠮᠦᠨ ᠪᠤᠯ ᠪᠠᠶᠠᠨᠪᠠᠭᠠᠳᠤᠷ ᠲᠠᠷᠤᠭ᠎ᠠ ᠶᠤᠮ᠃ ︽ᠬᠠᠭᠠᠨ ᠤᠷᠳᠤᠨ ᠤ ᠲᠠᠭᠤᠤ ᠬᠦᠭᠵᠢᠮ︾ ᠢ | ᠰᠡᠷᠭᠦᠬᠡᠬᠦ ᠶᠢ ᠬᠤᠰᠢᠭᠤᠨ ᠲᠠᠷᠤᠭ᠎ᠠ ᠵᠦᠪᠰᠢᠶᠡᠷᠴᠦ᠂ ᠠᠷᠠᠳ ᠤᠨ ᠲᠦᠯᠦᠭᠡᠯᠡᠭᠴᠢᠳ ᠤᠨ ᠬᠤᠷᠠᠯ ᠢᠶᠠᠷ ᠪᠠᠳᠤᠯᠠᠵᠤ | ᠂ ᠰᠤᠶᠤᠯ ᠤᠨ ᠲᠤᠪᠴᠢᠶ᠎ᠠ ᠭᠤᠤᠯ ᠠᠵᠢᠯ ᠤᠳ ᠢ ᠬᠢᠬᠦ ᠪᠠᠷ ᠪᠤᠯᠵᠠᠢ᠃ | ᠬᠤᠷᠠᠯ ᠤᠨ ᠲᠠᠷᠠᠭ᠎ᠠ 2009 ᠤᠨ ᠳᠤ ︽ᠬᠠᠭᠠᠨ ᠤᠷᠳᠤᠨ ᠤ ᠬᠦᠭᠵᠢᠮ︾ ᠢ ᠰᠡᠷᠭᠦᠭᠡᠬᠦ ᠶᠠᠪᠤᠳᠠᠯ ᠳᠤ | ᠬᠠᠮᠢᠭ᠎ᠠ ᠠᠴᠠ ᠨᠢ ᠭᠠᠷ ᠤᠷᠤᠬᠤ ᠲᠡᠭᠡᠷ᠎ᠡ ᠰᠤᠶᠤᠯ ᠤᠨ ᠲᠤᠪᠴᠢᠶ᠎ᠠ ᠨᠢ ᠪᠠᠭ᠋ᠠᠨ ᠲᠦᠳᠡᠭᠡᠯᠵᠡᠵᠦ ᠪᠠᠶᠢᠬᠤ ᠦᠶ᠎ᠡ ᠳᠤ | ᠂ ᠪᠠᠶᠠᠨᠪᠠᠭᠠᠳᠤᠷ ᠨᠦᠬᠦᠷ ᠶᠡᠭᠡ ᠰᠡᠳᠭᠢᠯ ᠲᠠᠯᠪᠢᠵᠦ᠂ ᠨᠠᠮᠠᠢᠢ ᠬᠦᠬᠡᠬᠤᠳᠠ ᠳᠤ ︽ᠲᠠᠯ᠎ᠠ ᠨᠤᠳᠤᠭ ᠤᠨ ᠲᠡᠦᠬᠡ | ᠰᠤᠶᠤᠯ ᠤᠨ ᠰᠠᠭᠤᠳᠠᠯ ᠤᠨ ᠬᠤᠷᠠᠯ︾ ︵ᠭᠧ ᠵᠢᠶᠠᠨ ᠨᠠᠷ ᠤᠨ ᠡᠷᠬᠢᠯᠡᠵᠦ ᠬᠢᠭᠰᠡᠨ ᠬᠤᠷᠠᠯ︶ ᠳᠤ ᠶᠠᠪᠤᠬᠤ ᠦᠶ᠎ᠡ | ᠳᠤ᠄ ︽ᠲᠠ ᠡᠨᠡ ᠤᠳᠠᠭ᠎ᠠ ᠬᠦᠭᠵᠢᠯᠳᠦ ᠡᠷᠳᠡᠮᠳᠡᠨ ᠲᠠᠢ ᠤᠴᠠᠷᠠᠵᠤ᠂ ᠡᠨᠡ ᠤᠴᠢᠷ ᠢ ᠲᠠᠬᠢᠨ ᠯᠠᠪᠯᠠᠵᠤ | ᠦᠵᠡᠭᠡᠷᠡᠢ᠃ ᠤᠷᠬᠢᠯ ᠲᠠᠷᠤᠭ᠎ᠠ ᠦᠨᠦ ᠬᠦᠬᠡᠬᠤᠳᠠ ᠳᠤ ᠰᠤᠷᠤᠯᠴᠠᠵᠤ ᠪᠠᠶᠢᠬᠤ ᠶᠤᠮ᠃ ᠪᠢ ᠪᠠᠰᠠ ᠤᠳᠠᠯ ᠦᠬᠡᠢ | ᠬᠦᠬᠡᠬᠤᠳᠠ ᠳᠤ ᠬᠦᠷᠦᠨ᠎ᠡ︾ ᠬᠡᠵᠡᠢ᠃ ᠲᠡᠭᠡᠭᠡᠳ ᠲᠡᠷᠡ ᠤᠳᠠᠭ᠎ᠠ ᠪᠠᠶᠠᠨᠪᠠᠭᠠᠳᠤᠷ ᠲᠠᠷᠤᠭ᠎ᠠ ᠲᠠᠢ ᠪᠢ᠂ ᠯ᠊ · | ᠤᠳᠽᠠᠷ ᠪᠠᠭᠰᠢ ᠶᠢᠨ ᠳᠤ ᠤᠴᠠᠷᠠᠪᠠ᠃ ᠲᠠᠬᠢᠭᠠᠳ ᠬᠤᠶᠠᠷ ᠡᠳᠦᠷ ᠤᠨ ᠲᠠᠷᠠᠭ᠎ᠠ ᠬᠦᠭᠵᠢᠯᠳᠦ ᠡᠷᠳᠡᠮᠳᠡᠨ ᠪᠤᠯᠤᠨ | ᠪᠠᠶᠠᠨᠪᠠᠭᠠᠳᠤᠷ ᠲᠠᠷᠤᠭ᠎ᠠ ᠪᠢᠳᠡᠬᠡᠳᠥᠬᠦᠯᠡ ᠤᠴᠠᠷᠠᠵᠤ᠂ ᠲᠦᠭᠦᠮ ᠬᠤᠭᠤᠯᠠ ᠴᠠᠢ ᠶᠢᠨ ᠲᠤᠮᠳᠠ᠂ ᠪᠢ ᠪᠠᠰᠠ ᠮᠠᠨ | ᠤ ᠬᠤᠰᠢᠭᠤᠨ ᠤ ᠰᠤᠶᠤᠯ ᠤᠨ ᠲᠤᠪᠴᠢᠶᠠᠨ ᠤ ᠪᠦᠬᠡᠪᠠᠭᠠᠳᠤᠷ ᠲᠠᠷᠤᠭ᠎ᠠ ᠶᠢᠨ ᠲᠦᠰᠦᠪ ᠪᠠ ᠦᠭᠡ ᠶᠢ | ᠪᠠᠶᠠᠨᠪᠠᠭᠠᠳᠤᠷ ᠲᠠᠷᠤᠭ᠎ᠠ ᠳᠤ ᠲᠠᠮᠵᠢᠭᠤᠯᠤᠭᠰᠠᠨ ᠳᠤ᠂ ᠪᠠᠶᠠᠨᠪᠠᠭᠠᠳᠤᠷ ᠲᠠᠷᠤᠭ᠎ᠠ ᠠᠴᠠ ᠮᠠᠨ ᠤ ᠬᠤᠰᠢᠭᠤᠨ ᠤ | ᠰᠤᠶᠤᠯ ᠤᠨ ᠲᠤᠪᠴᠢᠶ᠎ᠠ ᠶᠢᠨ ᠲᠠᠷᠤᠭ᠎ᠠ ᠳᠤ ᠤᠳᠠᠰᠤ ᠠᠪᠴᠦ᠂ ︽ᠬᠦᠭᠵᠢᠮ ᠤᠨ ᠵᠢᠮᠰᠡᠭ ᠤᠳ ᠢ ᠬᠦᠬᠡᠬᠤᠳᠠ | ᠳᠤ ᠬᠢᠯᠭᠡᠬᠦ᠂ ᠶᠠᠮᠠᠷ ᠶᠠᠮᠠᠷ ᠲᠦᠰᠦᠪ ᠬᠢᠬᠦ᠂ ᠬᠦᠭᠵᠢᠯᠳᠦ ᠪᠠᠭᠰᠢ ᠠᠴᠠ ᠬᠦᠭᠵᠢᠮ ᠤᠨ ᠲᠦᠰᠦᠪ ᠵᠢᠷᠤᠭ ᠤᠳ ᠢ | ᠭᠠᠷᠭᠠᠬᠤ ᠁︾ ᠵᠡᠷᠭᠡ ᠶᠢ ᠶᠠᠷᠢᠯᠴᠠᠵᠤ ᠪᠢᠯᠡ᠃ | ᠪᠠᠶᠠᠨᠪᠠᠭᠠᠳᠤᠷ ᠲᠠᠷᠤᠭ᠎ᠠ ᠪᠠᠰᠠ ᠤᠷᠭᠢᠯ ᠬᠤᠰᠢᠭᠤᠨ ᠲᠠᠷᠤᠭ᠎ᠠ ᠲᠠᠢ ᠤᠳᠠᠰᠤ ᠪᠠᠷ ᠶᠠᠷᠢᠯᠴᠠᠭᠠᠳ᠂ ᠬᠦᠭᠵᠢᠮ | ᠤᠨ ᠪᠠᠭᠠᠵᠢ ᠵᠢᠮᠰᠡᠭ ᠤᠳ ᠢ ᠬᠢᠯᠭᠡᠬᠦ᠂ ᠬᠦᠭᠵᠢᠮ ᠤᠨ ᠠᠩᠬᠢ ᠶᠢᠨ ᠬᠦᠮᠦᠰ ᠢ ᠡᠯᠰᠡᠵᠦ ᠰᠢᠯᠭᠠᠵᠤ ᠠᠪᠬᠤ ᠤᠴᠢᠷ | ᠡᠨᠡ ᠲᠡᠷᠡ ᠶᠢ ᠶᠠᠷᠢᠯᠴᠠᠭᠰᠠᠨ ᠪᠦᠭᠡᠳ ᠶᠠᠷᠢᠯᠴᠠᠭ᠎ᠠ ᠶᠢᠨ ᠠᠭᠤᠯᠭ᠎ᠠ ᠪᠠᠨ ᠮᠠᠨ ᠤ ᠬᠤᠰᠢᠭᠤᠨ ᠤ ᠰᠤᠶᠤᠯ ᠤᠨ | ᠲᠤᠪᠴᠢᠶ᠎ᠠ ᠶᠢᠨ ᠲᠠᠷᠤᠭ᠎ᠠ ᠳᠤ ᠴᠤ ᠶᠠᠷᠢᠵᠦ ᠪᠢᠯᠡ᠃ | ᠡᠬᠦᠨ ᠤ ᠲᠠᠷᠠᠭ᠎ᠠ ᠪᠠᠷ ᠤᠷᠳᠤᠨ ᠤ ᠬᠦᠭᠵᠢᠮ ᠤᠨ ᠠᠩᠬᠢ ᠨᠢ ᠪᠡᠯᠡᠳᠭᠡᠯ ᠠᠵᠢᠯ ᠳᠠᠭᠠᠨ ᠪᠤᠳᠠᠳᠠᠢ | ᠰᠢᠭᠤᠳᠤᠨ ᠤᠷᠤᠵᠤ᠂ ᠲᠤᠭᠯᠠᠭᠴᠢ ᠪᠠᠨ ᠡᠯᠰᠡᠨ ᠲᠤᠭᠳᠠᠭᠠᠵᠤ᠂ ᠬᠦᠭᠵᠢᠮ ᠤᠨ ᠪᠠᠭᠠᠵᠢ ᠵᠢᠮᠰᠡᠭ ᠢᠶᠠᠨ ᠬᠡᠷᠡᠭᠯᠡᠨ | ᠰᠤᠷᠴᠤ ᠪᠤᠯᠪᠠᠰᠤᠷᠠᠵᠤ ᠲᠠᠳᠤᠨ᠂ ᠰᠡᠷᠭᠦᠭᠡᠨ ᠲᠤᠭᠯᠠᠬᠤ ᠠᠷᠪᠠᠨ ᠬᠡᠳᠦᠨ ᠲᠤᠭᠯᠠᠯᠳᠠ ᠪᠠᠨ ᠪᠡᠯᠡᠳᠭᠡᠭᠰᠡᠨ ᠪᠠᠶᠢᠨ᠎ᠠ᠃ | 2010 ᠤᠨ ᠳᠤ ᠬᠦᠬᠡᠬᠤᠳᠠ ᠳᠤ ︽ᠬᠠᠭᠠᠨ ᠤᠷᠳᠤᠨ ᠤ ᠲᠠᠭᠤᠤ ᠬᠦᠭᠵᠢᠮ︾ ᠢ ᠰᠡᠷᠭᠦᠬᠡᠨ ᠲᠠᠶᠢᠵᠠᠨ᠎ᠠ | ᠲᠤᠭᠯᠠᠬᠤ᠂ ᠦᠨᠡᠯᠡᠨ ᠨᠤᠳᠠᠯᠠᠬᠤ ᠪᠦᠬᠦ ᠤᠯᠤᠰ ᠤᠨ ᠬᠤᠷᠠᠯ ᠪᠤᠯᠪᠠ᠃ ᠪᠡᠭᠡᠵᠢᠩ᠂ ᠬᠦᠬᠡᠬᠤᠳᠠ ᠵᠡᠷᠬᠡ ᠭᠠᠵᠠᠷ | ᠤᠨ ᠡᠷᠳᠡᠮᠳᠡᠳ ᠲᠤᠰ ᠬᠤᠷᠠᠯ ᠳᠤ ᠤᠷᠤᠯᠴᠠᠵᠠᠢ᠃ ᠤ᠊ · ᠪᠤᠶ᠋ᠬᠠᠦ᠋ᠯᠵᠡᠢ ᠨᠠᠮᠠᠢᠢ ᠪᠠᠰᠠ ᠤᠷᠤᠨ ᠨᠤᠳᠤᠭ ᠤᠨ | ᠲᠡᠦᠬᠡ ᠰᠤᠳᠤᠯᠤᠭᠴᠢ ᠶᠢᠨ ᠬᠤᠪᠢ ᠪᠠᠷ ᠲᠤᠰ ᠬᠤᠷᠠᠯ ᠳᠤ ᠤᠷᠤᠯᠴᠠᠭᠤᠯᠪᠠ᠃ ᠲᠡᠷᠡ ᠤᠳᠠᠭ᠎ᠠ ᠪᠢ ᠬᠤᠶᠠᠷ | ᠵᠦᠢᠯ ᠤᠨ ᠬᠤᠷᠠᠯ ᠳᠤ ᠤᠷᠤᠯᠴᠠᠪᠠ᠃ ᠨᠦᠬᠦᠬᠡ ᠨᠢᠬᠡ ᠨᠢ ︽ᠮᠤᠩᠭᠤᠯ ᠤᠷᠳᠤ ᠶᠢᠨ ᠲᠠᠭᠤᠤ ︾ ᠶᠢᠨ ᠦᠪᠦᠷ | ᠮᠤᠩᠭᠤᠯ ᠤᠨ ᠪᠤᠳᠢ ᠶᠢᠨ ᠠᠷᠦ ᠬᠤᠷᠴᠢᠨ ᠤᠷᠳᠤ ᠶᠢᠨ ᠲᠠᠭᠤᠤ ᠶᠢᠨ ᠬᠡᠰᠡᠭ ᠢ ᠡᠮᠬᠢᠳᠭᠡᠵᠦ ᠮᠡᠳᠡᠭᠦᠯᠬᠦ ᠡᠬᠦᠷᠭᠡ | ᠲᠠᠢ ᠬᠤᠷᠠᠯ ᠳᠤ ᠤᠷᠤᠯᠴᠠᠵᠤ᠂ ᠡᠮᠬᠢᠳᠭᠡᠬᠦ ᠠᠭᠤᠯᠭ᠎ᠠ ᠨᠤᠭᠤᠳ ᠪᠠ ᠮᠡᠷᠭᠡᠵᠢᠯ ᠤᠨ ᠱᠠᠭᠠᠷᠳᠠᠯᠭ᠎ᠠ ᠶᠢ ᠰᠤᠨᠤᠰᠴᠤ | ᠢᠷᠡᠭᠰᠡᠨ ᠪᠦᠭᠡᠳ ᠢᠷᠡᠮᠡᠭᠴᠡ ᠡᠨᠡ ᠡᠭᠦᠷᠭᠡ ᠪᠠᠨ ᠱᠠᠯᠠᠪᠳᠠᠨ ᠭᠦᠢᠴᠡᠳᠭᠡᠪᠡ᠃ | ᠡᠨᠡ ᠬᠤᠷᠠᠯ ᠤᠨ ᠲᠠᠷᠠᠭ᠎ᠠ᠂ ᠦᠪᠦᠷ ᠮᠤᠩᠭᠤᠯ ᠤᠨ ᠲᠧᠯᠸᠢᠰ ᠬᠤᠷᠢᠶ᠎ᠠ ᠪᠠ ᠲᠦᠪ ᠤᠨ ᠲᠧᠯᠸᠢᠰ ᠬᠤᠷᠢᠶ᠎ᠠ | ᠨᠢ ᠨᠠᠮᠠᠢᠢ ᠰᠤᠷᠪᠤᠯᠵᠢᠯᠠᠵᠤ ᠲᠤᠰᠪᠤᠷᠢ ᠲᠤᠰᠬᠠᠢ ᠹᠢᠯᠢᠮ ᠬᠢᠵᠦ ᠨᠡᠪᠳᠡᠷᠭᠦᠯᠦᠭᠰᠡᠨ ᠶᠤᠮ᠃ | ︽ᠮᠤᠩᠭᠤᠯ ᠬᠠᠭᠠᠨ ᠤᠷᠳᠣᠨ ᠤ ᠲᠠᠭᠤᠤ ᠬᠦᠭᠵᠢᠮ︾ ᠢ ᠡᠷᠳᠡ ᠦᠶ᠎ᠡ ᠳᠤ ᠪᠠᠨ ︽ᠬᠠᠨ ᠴᠡᠴᠡᠷ ᠤᠨ | ᠲᠠᠭᠤᠤ ᠬᠦᠭᠵᠢᠮ︾ ᠭᠡᠳᠡᠭ ᠪᠤᠶᠤ ︽ᠤᠷᠳᠣᠨ ᠬᠠᠷᠰᠢ ᠶᠢᠨ ᠲᠠᠭᠤᠤ ᠬᠦᠭᠵᠢᠮ︾ ᠭᠡᠵᠤ ᠨᠡᠷᠡᠯᠡᠳᠡᠭ᠃ ︽ | ᠮᠤᠩᠭᠤᠯ ᠬᠠᠭᠠᠨ ᠤᠷᠳᠣᠨ ᠤ ᠲᠠᠭᠤᠤ ᠬᠦᠭᠵᠢᠮ︾ ᠨᠢ ᠬᠦᠭᠵᠢᠮᠳᠦ ᠲᠠᠭᠤᠤ ︵ᠬᠦᠭᠵᠢᠮ ᠬᠠᠪᠰᠤᠷᠭᠠᠭᠰᠠᠨ | ᠲᠠᠭᠤᠤ︶᠂ ᠬᠦᠭᠵᠢᠮ ᠤᠨ ᠠᠶ᠎ᠠ ︵ᠤᠯᠠᠨ ᠬᠦᠭᠵᠢᠮ ᠬᠠᠪᠰᠤᠷᠭᠠᠨ ᠬᠦᠭᠵᠢᠮᠳᠡᠬᠦ︶ ᠪᠤᠯᠤᠨ ᠬᠦᠭᠵᠢᠮᠳᠦ ᠪᠦᠵᠢᠭ | ︵ᠬᠦᠭᠵᠢᠮ ᠤᠨ ᠠᠶ᠎ᠠ ᠬᠠᠪᠰᠤᠷᠭᠠᠭᠰᠠᠨ ᠪᠦᠵᠢᠭ︶ ᠬᠡᠮᠡᠬᠦ ᠭᠤᠷᠪᠠᠨ ᠪᠦᠯᠦᠭ ᠢᠶᠠᠷ ᠪᠦᠷᠢᠯᠳᠦᠵᠦ᠂ 80 ᠭᠠᠷᠤᠢ | ᠠᠶ᠎ᠠ ᠲᠠᠭᠤᠤ ᠶᠢ ᠪᠠᠭᠳᠠᠭᠠᠭᠰᠠᠨ ᠪᠦᠭᠡᠳ ᠡᠵᠡᠨ ᠬᠠᠭᠠᠨ ᠤ ᠮᠠᠭᠳᠠᠭᠤ᠂ ᠲᠦᠷᠦ ᠭᠦᠷᠦᠨ ᠤ ᠰᠠᠶᠢᠰᠢᠶᠠᠯ᠂ ᠱᠠᠰᠢᠨ | ᠰᠤᠷᠳᠠᠬᠤᠨ ᠤ ᠶᠤᠰᠤᠯᠠᠯ᠂ ᠠᠷᠠᠳ ᠤᠨ ᠵᠦᠢᠷ ᠰᠡᠴᠡᠨ ᠦᠭᠡᠰ ᠪᠤᠯᠤᠨ ᠬᠦᠨ ᠤᠬᠠᠭᠠᠨ ᠤ ᠪᠢᠯᠢᠭ ᠰᠤᠷᠭᠠᠯ ᠵᠡᠷᠭᠡ | ᠠᠭᠤᠯᠭ᠎ᠠ ᠶᠢ ᠬᠠᠮᠤᠷᠴᠤ᠂ ᠴᠤᠭᠤᠷᠳᠠᠬᠤ ᠬᠦᠭᠵᠢᠮ ᠤᠨ ᠪᠦᠯᠦᠭ᠂ ᠱᠢᠪᠠᠩ ᠬᠦᠭᠵᠢᠮ ᠤᠨ ᠪᠦᠯᠦᠭ ᠭᠡᠵᠦ | ᠬᠤᠶᠠᠷ ᠲᠦᠷᠦᠯ ᠳᠤ ᠠᠩᠭᠢᠯᠠᠭᠰᠠᠨ ᠪᠠᠶᠢᠵᠠᠢ᠃ ᠪᠦᠬᠦᠶᠢᠯᠡ ᠬᠠᠭᠠᠨ ᠤᠷᠳᠤᠨ ᠤ ᠲᠠᠭᠤᠤ ᠬᠦᠭᠵᠢᠮ ᠨᠢ ᠪᠢᠴᠢᠭ᠂ | ᠴᠡᠷᠢᠭ ᠤᠨ ᠪᠦᠵᠢᠭ ᠢᠶᠠᠷ ᠭᠤᠤᠯᠯᠠᠵᠤ᠂ ᠬᠦᠴᠦᠳᠡᠢ᠂ ᠢᠳᠡᠷᠬᠡᠭ᠂ ᠲᠣᠭᠰᠢᠨ ᠰᠦᠷ ᠪᠤᠯᠤᠨᠤᠶᠠᠨ ᠨᠡᠮᠡᠭᠦᠨ᠂ | ᠢᠷᠠᠭᠤ ᠰᠠᠶᠢᠬᠠᠨ ᠬᠡᠪ ᠨᠠᠮᠪᠠ ᠲᠠᠢ ᠪᠠᠶᠢᠳᠠᠭ᠃ ᠯᠢᠭᠳᠡᠨ ᠬᠠᠭᠠᠨ ᠤ ᠤᠷᠳᠤᠨ ᠤ ᠲᠠᠭᠤᠤ ᠬᠦᠭᠵᠢᠮ ᠳᠤ ᠮᠤᠳᠤᠨ | ᠴᠤᠭᠤᠷ᠂ ᠴᠢᠪᠬᠠᠳᠠᠰᠤᠳᠤ᠂ ᠮᠤᠩᠭᠤᠯ ᠶᠠᠳᠤᠭ᠎ᠠ᠂ ᠮᠤᠩᠭᠤᠯ ᠬᠢᠬᠢᠯᠢ᠂ ᠲᠡᠮᠦᠷ ᠬᠤᠭᠤᠷ᠂ ᠲᠠᠳᠠᠯᠭᠠᠳᠤ᠂ ᠬᠤᠶᠠᠷ | ᠤᠳᠠᠰᠤᠳᠤ᠂ ᠪᠠᠭᠯᠠᠭᠠᠰᠤᠨ ᠪᠢᠰᠬᠢᠭᠦᠷ᠂ ᠭᠤᠤᠷᠰᠤᠨ ᠪᠢᠰᠬᠢᠭᠦᠷ᠂ ᠫᠢᠫᠠ᠂ ᠬᠢᠬᠢᠯᠢ᠂ ᠮᠤᠳᠤᠨ ᠱᠤᠳᠤᠷᠭᠤ᠂ | ᠬᠤᠪᠢᠰ᠂ ᠬᠦᠨᠳᠡᠯᠡᠨ ᠪᠢᠰᠬᠢᠭᠦᠷ᠂ ᠪᠢᠸᠠᠯᠢᠭ᠂ ᠶᠠᠳᠤᠭᠠᠯᠢᠭ᠂ ᠪᠢᠰᠬᠢᠭᠦᠷ ᠵᠡᠷᠭᠡ ᠬᠦᠭᠵᠢᠮ ᠤᠨ ᠲᠦᠷᠦᠯ ᠪᠤᠢ ⑦᠃ | ᠭᠧᠮᠫᠢ ᠶᠢᠨ ᠰᠦᠮ᠎ᠡ ᠶᠢᠨ ᠡᠬᠡ ᠳᠤ ᠲᠠᠭᠤᠤ ᠶᠢᠨ ᠨᠤᠲ ᠲᠠᠢ᠂ ᠮᠤᠩᠭᠤᠯ ᠰᠢᠯᠦᠭ ᠢ ᠮᠠᠨᠵᠤ ᠦᠰᠦᠭ ᠢᠶᠠᠷ | ᠲᠡᠮᠳᠡᠭᠯᠡᠭᠰᠡᠨ ᠪᠠᠶᠢᠳᠠᠭ᠃ ᠡᠬᠢᠨ ᠳᠤᠨᠢ ᠮᠤᠩᠭᠤᠯ ᠬᠦᠭᠵᠢᠮ ᠤᠨ 17 ᠵᠦᠢᠯ ᠤᠨ ᠵᠢᠮᠰᠡᠭ ᠤᠨ ᠨᠡᠷᠡᠰ ᠢ ᠮᠠᠨᠵᠤ | ᠦᠰᠦᠭ ᠢᠶᠠᠷ ᠲᠡᠮᠳᠡᠭᠯᠡᠭᠡᠳ ᠬᠢᠳᠠᠳ ᠤᠷᠴᠢᠭᠤᠯᠭ᠎ᠠ ᠬᠠᠳᠠᠵᠤ ᠦᠭᠭᠦᠭᠰᠡᠨ ᠪᠤᠢ⑧᠃ ᠭᠧᠮᠫᠢ ᠶᠢᠨ ᠰᠦᠮ᠎ᠡ ᠶᠢᠨ | ᠡᠬᠡ ᠪᠤᠯ ᠠᠯᠳᠠᠨ ᠪᠢᠴᠢᠮᠡᠯ ᠡᠬᠡ ᠠᠴᠠ ᠬᠠᠭᠤᠯᠵᠤ ᠠᠪᠤᠭᠰᠠᠨ ᠬᠠᠭᠤᠯᠪᠤᠷᠢ ᠡᠬᠡ᠂ ᠲᠡᠭᠡᠭᠡᠳ ᠤᠬᠤᠷ ᠠᠪᠰᠠᠷᠬᠠᠨ | ᠲᠤᠭᠯᠠᠯᠳᠠ ᠳᠤ ᠭᠠᠷ ᠠᠪᠤᠯᠭ᠎ᠠ ᠪᠤᠯᠭᠠᠨ ᠬᠡᠷᠡᠭᠯᠡᠵᠦ ᠪᠠᠶᠢᠭᠰᠠᠨ ᠬᠠᠭᠤᠯᠪᠤᠷᠢ ᠲᠡᠪᠳᠡᠷ ᠪᠤᠯᠤᠯᠳᠠᠢ⑨᠃ ᠡᠨᠡᠬᠦ ︽ | ᠤᠷᠳᠤᠨ ᠤ ᠮᠤᠩᠭᠤᠯ ᠲᠠᠭᠤᠤ ᠬᠦᠭᠵᠢᠮ︾ ᠳᠠᠬᠢ ᠲᠠᠭᠤᠤ ᠬᠦᠭᠵᠢᠮ ᠢ ᠤᠳᠬᠠᠴᠢᠯᠠᠨ ᠨᠠᠷᠢᠪᠴᠢᠯᠠᠪᠠᠯ᠂ | ᠲᠡᠮᠳᠡᠭᠯᠡᠭᠳᠡᠭᠰᠡᠨ ᠲᠠᠭᠤᠤ ᠬᠦᠭᠵᠢᠮ ᠤᠳ ᠨᠢ ᠯᠢᠭᠳᠡᠨ ᠬᠤᠳᠤᠭᠳᠤ ᠬᠠᠭᠠᠨ ᠠᠴᠠ ᠴᠢᠨᠠᠭᠰᠢᠳᠠ ᠮᠤᠩᠭᠤᠯ ᠤᠨ | ᠲᠡᠭᠡᠳᠦ ᠬᠠᠭᠠᠳ ᠤᠨ ᠦᠶ᠎ᠡ ᠠᠴᠠ ᠤᠯᠠᠮᠵᠢᠯᠠᠭᠳᠠᠵᠤ ᠢᠷᠡᠭᠰᠡᠨ ᠨᠢ ᠲᠤᠳᠤᠷᠬᠠᠢ ᠪᠠᠶᠢᠨ᠎ᠠ᠃ | 2010 ᠤᠨ ᠤ 7 ᠰᠠᠷ᠎ᠠ ᠳᠤ ︽ᠮᠣᠩᠭᠤᠯ ᠬᠠᠭᠠᠨ ᠤᠷᠳᠤᠨ ᠤ ᠲᠠᠭᠤᠤ ᠬᠦᠭᠵᠢᠮ ᠤᠨ ᠠᠩᠬᠢ︾ ᠨᠢ | ᠬᠤᠰᠢᠭᠤᠨ ᠳᠠᠭᠠᠨ ᠲᠤᠭᠯᠠᠨ ᠦᠵᠡᠭᠴᠢ ᠰᠤᠨᠤᠰᠤᠭᠴᠢᠳ ᠲᠠᠭᠠᠨ ᠪᠠᠭ᠋ᠠᠳᠤᠭᠤᠯᠤᠭᠰᠠᠨ ᠪᠦᠭᠡᠳ 2010 ᠤᠨ ᠤ | 11 ᠰᠠᠷ᠎ᠠ ᠶᠢᠨ 26 — 27 ᠤ ᠡᠳᠦᠷ ᠤᠷᠤᠨ ᠤ ᠲᠦᠪ ᠬᠦᠬᠡᠬᠤᠳᠠᠨ᠎ᠠ ︽ᠬᠠᠭᠠᠨ ᠤᠷᠳᠤᠨ ᠤ ᠮᠤᠩᠭᠤᠯ | ᠲᠠᠭᠤᠤ ᠬᠦᠭᠵᠢᠮ︾ ᠢ ᠰᠡᠷᠭᠦᠭᠡᠨ ᠠᠮᠢᠯᠠᠭᠤᠯᠵᠤ᠂ ᠲᠠᠶᠢᠰᠠᠨ᠎ᠠ ᠢᠯᠡᠷᠡᠭᠦᠯᠬᠦ ᠬᠠᠷᠢᠭᠤ ᠮᠡᠳᠡᠭᠦᠯᠦᠯᠳᠡ ᠶᠢᠨ | ᠲᠤᠭᠯᠠᠯᠳᠠ ᠭᠠᠷᠭᠠᠨ ᠰᠤᠨᠢᠷᠬᠠᠭᠤᠯᠤᠭᠠᠳ ᠭᠦᠢᠴᠡᠳ ᠨᠤᠳᠠᠯᠠᠭᠳᠠᠭᠰᠠᠨ ᠪᠠᠶᠢᠨ᠎ᠠ᠃ | 2010 ᠤᠨ ᠤ 11 ᠰᠠᠷ᠎ᠠ ᠳᠤ ︽ᠯᠢᠭᠳᠡᠨ ᠬᠠᠭᠠᠨ ᠤ ᠤᠷᠳᠣᠨ ᠤ ᠮᠤᠩᠭᠤᠯ ᠲᠠᠭᠤᠤ ᠬᠦᠭᠵᠢᠮ︾ ᠨᠢ | ᠦᠪᠡᠷᠳᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠣᠰᠣ ᠰᠣᠶᠣᠯ ᠤᠨ ᠦᠪ ᠢᠶᠠᠷ ᠨᠡᠷᠡᠶᠢᠳᠦᠭᠳᠡᠵᠠᠢ᠃ | ︽ᠡᠷᠳᠡᠮ ᠢᠶᠠᠷ ᠬᠦᠬᠢᠭᠦᠯᠦᠨ ᠬᠦᠭᠵᠢᠬᠦᠯᠬᠦᠢ ᠶᠢ ᠰᠤᠶᠤᠯ ᠬᠡᠮᠡᠮᠤᠢ︾ ᠭᠡᠵᠦ ︽ᠬᠤᠷᠢᠨ ᠨᠢᠭᠡᠳᠦ | ᠲᠠᠶᠢᠯᠪᠤᠷᠢ ᠲᠤᠯᠢ︾ ᠳᠤ ᠲᠠᠶᠢᠯᠪᠤᠷᠢᠯᠠᠳᠠᠭ᠃ ᠰᠤᠶᠤᠯ ᠬᠡᠭᠴᠢ ᠶᠠᠭᠤ ᠪᠤᠢ︖ ᠰᠤᠶᠤᠯ ᠪᠤᠯ ᠬᠦᠮᠦᠨ | ᠲᠦᠷᠦᠯᠬᠢᠳᠡᠨ ᠳᠤ ᠯᠡ ᠪᠠᠶᠢᠳᠠᠭ ᠶᠠᠭᠤᠮ᠎ᠠ ᠮᠦᠨ᠃ ᠰᠤᠶᠤᠯ ᠪᠤᠯ ︽ᠬᠦᠮᠦᠨ ᠲᠦᠷᠦᠯᠬᠢᠳᠡᠨ ᠤ ᠤᠷᠤᠰᠢᠬᠤ ᠪᠠ | ᠬᠦᠭᠵᠢᠬᠦᠢ ᠶᠢᠨ ᠬᠡᠯᠪᠡᠷᠢ︾ ᠮᠦᠨ᠃ | ︽ᠪᠤᠷᠬᠠᠨ ᠤ ᠨᠢᠭᠤᠷ ᠲᠤ ᠠᠯᠳᠠ ᠲᠠᠢ᠂ ᠬᠦᠮᠦᠨ ᠤ ᠨᠢᠭᠤᠷ ᠲᠤ ᠪᠤᠷᠬᠠᠨ ᠲᠠᠢ︾᠂ ᠨᠢᠭᠡ ᠤᠷᠤᠨ | ᠨᠤᠳᠤᠭ ᠲᠤ ᠠᠪᠴᠦ ᠬᠡᠯᠡᠪᠡᠯ ᠰᠤᠶᠤᠯ ᠪᠤᠯ ᠡᠨᠡ ᠭᠠᠵᠠᠷ ᠤᠷᠤᠨ ᠤ ᠰᠤᠶᠤᠯ ᠪᠤᠯᠪᠠᠰᠤᠨ ᠤ ᠬᠡᠮᠵᠢᠭᠦᠷ᠂ ᠰᠤᠶᠤᠯ | ᠤᠨ ᠲᠦᠪᠰᠢᠨ ᠤ ᠭᠤᠤᠯ ᠢᠯᠡᠷᠡᠭᠦᠯᠦᠯ ᠪᠤᠯᠵᠤ᠂ ᠡᠨᠡ ᠨᠢᠭᠡ ᠨᠤᠳᠤᠭ ᠤᠰᠤᠨ ᠤ ᠪᠠᠨ ᠨᠢᠭᠤᠷ ᠢ ︽ᠠᠯᠳᠠᠳᠠᠵᠤ︾ | ᠪᠠᠶᠢᠳᠠᠭ ᠤᠬᠠᠭᠠᠨᠳᠠᠢ᠃ ᠡᠨᠡ ᠶᠡᠭᠡ ᠠᠵᠢᠯ ᠦᠢᠯᠡᠰ ᠤᠨ ᠠᠯᠪᠠᠨ ᠡᠭᠦᠷᠭᠡ ᠶᠢ ᠰᠤᠶᠤᠯ ᠲᠠᠮᠢᠷ ᠷᠠᠳᠢᠤ᠋ ᠲᠧᠯᠸᠢᠰ | ᠲᠤᠪᠴᠢᠶ᠎ᠠ ᠪᠡᠶᠡᠳᠡᠨ ᠬᠠᠷᠢᠭᠤᠴᠠᠵᠤ ᠪᠡᠶᠡᠯᠡᠭᠦᠯᠦᠨ ᠭᠦᠢᠴᠡᠳᠭᠡᠵᠦ ᠪᠠᠶᠢᠳᠠᠭ᠃ ︽ᠰᠤᠶᠤᠯ ᠢᠶᠠᠷ ᠨᠤᠳᠤᠭ ᠤᠰᠤ | ᠪᠠᠨ ᠡᠷᠭᠦᠵᠦ ᠶᠠᠪᠤᠬᠤ ᠦᠩᠭᠡ ᠬᠡᠷᠡᠯᠳᠡᠢ ᠰᠠᠶᠢᠬᠠᠨ ᠠᠵᠠ ᠢᠷᠡᠵᠦ᠂ 2012 ᠤᠨ ᠤ ᠡᠬᠢᠨ ᠳᠤ ᠨᠠᠳᠠ ᠳᠤ | ᠬᠤᠰᠢᠭᠤᠨ ᠰᠤᠶᠤᠯ ᠲᠠᠮᠢᠷ ᠤᠨ ᠲᠤᠪᠴᠢᠶᠠᠨ ᠤ ᠠᠵᠢᠯ ᠢ ᠡᠭᠦᠷᠭᠡᠯᠡᠭᠦᠯᠦᠭᠰᠡᠨ︾ ᠭᠡᠵᠦ ᠲᠢᠶᠧ ᠵᠤ᠋ ᠲᠤᠪᠴᠢᠶᠠᠨ | ᠲᠠᠷᠤᠭ᠎ᠠ ᠰᠤᠷᠪᠤᠯᠵᠢᠯᠠᠭ᠎ᠠ ᠬᠦᠯᠢᠶᠡᠬᠦ ᠳᠡᠭᠡᠨ ᠶᠠᠷᠢᠭᠰᠠᠨ ᠰᠢᠭ᠋ ᠢᠶᠠᠨ ᠠᠷᠢᠭᠤᠨ ᠲᠠᠷᠬᠠᠨ ᠡᠭᠦᠷᠭᠡ ᠪᠡᠶ᠎ᠡ ᠰᠡᠳᠭᠢᠯ | ᠲᠡᠭᠡᠷ᠎ᠡ ᠨᠢ ᠬᠦᠨᠳᠦᠬᠡᠨ ᠲᠤᠰᠤᠭᠰᠠᠨ ᠢ ᠮᠡᠳᠡᠷᠨᠨ᠂ ᠢᠳᠡᠭᠡᠯ ᠲᠠᠢ ᠪᠠᠶᠠᠷ ᠲᠠᠢ ᠬᠦᠯᠢᠶᠡᠨ ᠠᠪᠤᠭᠰᠠᠨ ᠲᠡᠷᠡ ᠡᠳᠦᠷ | ᠠᠴᠠ ᠪᠠᠨ ︽ᠰᠤᠶᠤᠯ ᠲᠠᠮᠢᠷ ᠤᠨ ᠲᠤᠪᠴᠢᠶ᠎ᠠ ᠨᠢ ᠤᠳᠬ᠎ᠠ ᠤᠷᠠᠯᠢᠭ᠂ ᠰᠤᠶᠤᠯ ᠵᠢᠭᠤᠯᠴᠢᠯᠠᠯ᠂ ᠬᠡᠪᠯᠡᠯ ᠮᠡᠳᠡᠭᠡᠯᠡᠯ᠂ | ᠲᠡᠦᠬᠡ ᠶᠢᠨ ᠲᠤᠷᠠᠰᠬᠠᠯᠳᠤ ᠵᠦᠢᠯ᠂ ᠨᠤᠮ ᠤᠨ ᠰᠠᠩ ᠵᠡᠷᠭᠡ ᠶᠢᠨ ᠲᠤᠰᠬᠠᠢ ᠮᠡᠷᠭᠡᠵᠢᠯ ᠤᠨ ᠪᠦᠯᠬᠦᠮ᠂ ᠲᠤᠰᠬᠠᠢ | ᠠᠵᠢᠯᠯᠠᠭᠠᠨ ᠤ ᠰᠠᠯᠠᠭ᠎ᠠ ᠮᠦᠴᠢᠷ ᠲᠠᠢ ᠤᠯᠠᠨ ᠴᠢᠳᠠᠮᠵᠢᠳᠤ ᠪᠠᠶᠢᠭᠤᠯᠤᠯᠭ᠎ᠠ ᠪᠤᠯᠤᠭᠰᠠᠨ ᠤ ᠬᠤᠪᠢ ᠳᠤ᠂ ᠰᠤᠶᠤᠯ | ᠤᠨ ᠠᠵᠢᠯᠯᠠᠭᠠᠨ ᠢᠶᠠᠷ ᠭᠤᠤᠯ ᠴᠤᠭᠴᠠ ᠪᠤᠯᠭᠠᠨ᠂ ᠤᠯᠠᠨ ᠲᠦᠮᠡᠨ ᠤ ᠰᠤᠶᠤᠯ ᠤᠷᠠᠯᠢᠭ ᠤᠨ ᠠᠮᠢᠳᠤᠷᠠᠯ ᠢ | ᠪᠠᠶᠠᠯᠢᠭᠵᠢᠭᠤᠯᠬᠤ᠂ ᠤᠨᠴᠠᠭᠠᠶᠢᠯᠠᠨ ᠦᠪ ᠰᠤᠶᠤᠯ ᠢ ᠠᠪᠤᠷᠠᠵᠤ ᠬᠠᠮᠠᠭᠠᠯᠠᠨ ᠤᠯᠠᠮᠵᠢᠯᠠᠵᠤ ᠵᠠᠯᠭᠠᠮᠵᠢᠯᠠᠨ | ᠬᠦᠭᠵᠢᠬᠦᠯᠬᠦ ᠪᠤᠯ ᠬᠠᠮᠤᠭ ᠴᠢᠬᠤᠯᠠ︾ ᠭᠡᠵᠦ ᠤᠬᠠᠭᠠᠨ ᠳᠠᠭᠠᠨ ᠰᠡᠶᠢᠯᠦᠨ ᠲᠤᠩᠭᠠᠵᠤ ︽ᠦᠨᠳᠦᠰᠦᠳᠡᠨ ᠤ | ᠤᠷᠤᠨ ᠤ ᠰᠤᠶᠤᠯ ᠤᠨ ᠲᠤᠮᠤ ᠤᠷᠤᠨ ᠢ ᠪᠦᠳᠦᠬᠡᠨ ᠪᠠᠶᠢᠭᠤᠯᠬᠤ︾ ᠰᠤᠶᠤᠯ ᠤᠨ ᠪᠠᠶᠢᠭᠤᠯᠤᠯᠳᠠ ᠶᠢᠨ ᠪᠤᠳᠤᠯᠭ᠎ᠠ | ᠳᠤ ᠲᠤᠯᠭᠠᠭᠤᠷᠢᠯᠠᠨ᠂ ︽ᠬᠤᠰᠢᠭᠤ ᠨᠤᠳᠤᠭ ᠢᠶᠠᠨ ᠮᠠᠨᠳᠤᠭᠤᠯᠬᠤ︾᠂ ︽ᠰᠤᠶᠤᠯ ᠢᠶᠠᠷ ᠠᠯᠳᠠᠳᠠᠵᠤ︾ ᠶᠠᠪᠤᠬᠤ | ᠲᠦᠰᠦᠪ ᠲᠦᠯᠦᠪᠯᠡᠭᠡ ᠵᠢᠷᠤᠭᠯᠠᠭᠳᠠᠨ ᠡᠬᠢᠯᠡᠭᠰᠡᠨ ᠪᠠᠶᠢᠵᠠᠢ᠃ | ᠪᠤᠳᠠᠰ ᠤᠨ ᠪᠤᠰᠤ ᠰᠤᠶᠤᠯ ᠤᠨ ᠦᠪ ᠪᠤᠯ ᠲᠡᠦᠬᠡ ᠶᠢᠨ ᠬᠦᠭᠵᠢᠯᠳᠡ ᠶᠢᠨ ᠢᠮ ᠲᠠᠮᠠᠭ᠎ᠠ ᠪᠦᠭᠡᠳ ᠬᠤᠪᠤᠷ | ᠴᠤᠬᠠᠭ ᠦᠨ᠎ᠡ ᠦᠷᠳᠡᠭ ᠲᠠᠢ ᠰᠤᠶᠤᠯ ᠤᠨ ᠡᠬᠢ ᠰᠤᠷᠪᠤᠯᠵᠢ ᠶᠤᠮ᠃ ᠪᠤᠳᠠᠰ ᠤᠨ ᠪᠤᠰᠤ ᠰᠤᠶᠤᠯ ᠤᠨ ᠦᠪ ᠨᠢ | ᠬᠦᠮᠦᠨ ᠲᠦᠷᠦᠯᠬᠢᠳᠡᠨ ᠤ ᠨᠡᠶᠢᠭᠡᠮ ᠤᠨ ᠪᠤᠯᠪᠠᠰᠤᠨ ᠢ ᠠᠴᠢᠶᠠᠯᠠᠨ᠂ ᠲᠡᠯᠡᠬᠡᠢ ᠶᠢᠨ ᠰᠤᠶᠤᠯ ᠤᠨ ᠤᠯᠠᠨ ᠶᠠᠩᠵᠤᠳᠤ | ᠰᠢᠨᠵᠢ ᠶᠢ ᠢᠯᠡᠷᠡᠭᠦᠯᠵᠦ ᠪᠠᠶᠢᠳᠠᠭ᠃ ᠲᠡᠭᠦᠨ ᠳᠤ ᠦᠨᠳᠦᠰᠦᠳᠡᠨ ᠤ ᠦᠪᠡᠷᠮᠢᠴᠡ ᠤᠶᠤᠨ ᠰᠠᠨᠠᠭᠠᠨ ᠤ ᠦᠨ᠎ᠡ | ᠦᠷᠳᠡᠭ ᠲᠠᠢ ᠪᠠᠶᠢᠵᠤ᠂ ᠰᠡᠳᠬᠢᠬᠦᠢ ᠶᠢᠨ ᠬᠡᠯᠪᠡᠷᠢ᠂ ᠬᠤᠯᠪᠤᠨ ᠪᠤᠳᠤᠯᠳᠠ ᠬᠢᠭᠡᠳ ᠰᠤᠶᠤᠯ ᠤᠨ ᠤᠬᠠᠮᠰᠠᠷ ᠢ | ᠠᠭᠤᠯᠵᠤ ᠪᠠᠶᠢᠳᠠᠭ᠃ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠨᠢ ᠤᠯᠤᠰ ᠭᠡᠷ ᠪᠠ ᠦᠨᠳᠦᠰᠦᠳᠡᠨ | ᠤ ᠬᠦᠭᠵᠢᠯᠳᠡ ᠶᠢᠨ ᠲᠡᠯᠡᠬᠡᠢ ᠶᠢᠨ ᠨᠡᠶᠢᠭᠡᠮ ᠤᠨ ᠪᠤᠯᠪᠠᠰᠤᠨ ᠲᠠᠢ ᠵᠤᠯᠭᠠᠯᠴᠠᠬᠤ ᠬᠢᠬᠡᠳ ᠬᠦᠮᠦᠨ ᠲᠦᠷᠦᠯᠬᠢᠳᠡᠨ ᠤ | ᠨᠡᠶᠢᠭᠡᠮ ᠤᠨ ᠬᠦᠭᠵᠢᠯᠳᠡ ᠶᠢᠨ ᠵᠠᠶᠢᠯᠠᠰᠢ ᠦᠬᠡᠢ ᠱᠠᠭᠠᠷᠳᠠᠯᠭ᠎ᠠ ᠶᠤᠮ᠃ | ︽ᠸᠴᠢᠷᠳᠤ ᠴᠠᠭᠠᠨ ᠬᠤᠳᠠ — ᠯᠢᠭᠳᠡᠨ ᠬᠤᠳᠤᠭᠳᠤ ᠬᠠᠭᠠᠨ ᠤ ᠨᠡᠶᠢᠰᠯᠡᠯ︾᠂ ︽ᠮᠤᠩᠭᠤᠯ ᠬᠠᠭᠠᠨ | ᠤᠷᠳᠤᠨ ᠤ ᠲᠠᠭᠤᠤ ᠬᠦᠭᠵᠢᠮ︾ ᠪᠤᠯ ᠵᠦᠪᠬᠡᠨ ᠲᠤᠮᠳᠠᠳᠤ ᠤᠯᠤᠰ ᠤᠨ ᠦᠪᠦᠷ ᠮᠤᠩᠭᠤᠯ ᠤᠨ ᠦᠪᠡᠷᠳᠡᠭᠡᠨ | ᠵᠠᠰᠠᠬᠤ ᠤᠷᠤᠨ ᠤ ᠤᠯᠠᠭᠠᠨᠬᠠᠳᠠ ᠬᠤᠳᠠ ᠶᠢᠨ ᠠᠷᠦ ᠬᠤᠷᠴᠢᠨ ᠬᠤᠰᠢᠭᠤᠨ ᠳᠤ ᠯᠡ ᠪᠠᠶᠢᠬᠤ ᠪᠤᠳᠠᠰ ᠤᠨ ᠪᠤᠰᠤ | ᠰᠤᠶᠤᠯ ᠤᠨ ᠦᠪ ᠃ ᠲᠡᠷᠡ ᠨᠢ ᠠᠷᠠᠰᠤᠨ ᠲᠤᠯᠤᠮ ᠳᠤ ᠠᠭᠤᠯᠤᠭᠳᠠᠭᠰᠠᠨ ᠠᠷᠭᠤᠮᠠᠭ ᠲᠤᠭᠰᠢᠨ ᠬᠦᠯᠦᠭ ᠤᠨ | ᠲᠠᠪᠬᠢᠭᠠᠨ ᠳᠤ ᠨᠠᠶᠢᠷᠠᠭᠳᠠᠭᠰᠠᠨ ᠢᠰᠭᠦᠯᠡᠩ ᠬᠦᠴᠦᠳᠦ ᠠᠶᠢᠷᠠᠭ ᠰᠢᠭ᠋᠂ ᠤᠨ ᠤᠳᠠᠭᠠᠨ ᠵᠤᠭᠤᠷᠢᠯᠠᠭᠳᠠᠭᠰᠠᠨ | ᠠᠭᠠᠭ ᠲᠠᠢ ᠨᠡᠷᠡᠮᠡᠯ ᠠᠷᠠᠵᠠ ᠰᠢᠭ᠋ ᠰᠤᠶᠤᠯ ᠤᠨ ᠤᠷᠤᠨ ᠵᠠᠢ ᠶᠢ ᠬᠦᠷᠦᠩᠭᠡᠰᠢᠭᠦᠯᠦᠨ ᠪᠤᠢ᠃ | 2012 ᠤᠨ ᠠᠴᠠ ᠬᠤᠰᠢᠭᠤᠨ ᠰᠤᠶᠤᠯ ᠲᠠᠮᠢᠷ ᠷᠠᠳᠢᠤ᠋ ᠲᠧᠯᠸᠢᠰ ᠵᠢᠭᠤᠯᠴᠢᠯᠠᠯ ᠤᠨ ᠲᠤᠪᠴᠢᠶ᠎ᠠ ᠨᠢ | ᠬᠤᠰᠢᠭᠤᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠭᠤᠤᠯᠳᠠᠯᠭ᠎ᠠ ᠲᠠᠢ ᠠᠵᠢᠯ ᠤᠨ ᠲᠤᠭᠤᠷᠢᠨ ᠳᠤ᠂ ︽ | ᠮᠤᠩᠭᠤᠯ ᠬᠠᠭᠠᠨ ᠤᠷᠳᠤᠨ ᠤ ᠰᠤᠶᠤᠯ︾ ᠢᠶᠠᠷ ᠪᠦᠬᠦ ᠬᠤᠰᠢᠭᠤᠨ ᠤ ᠪᠠᠨ ᠰᠤᠶᠤᠯ ᠤᠨ ᠦᠢᠯᠡᠰ ᠤᠨ ᠨᠡᠷᠡᠳᠦ | ᠲᠡᠮᠳᠡᠭ ᠢ ᠡᠭᠦᠳᠬᠦ᠂ ᠠᠪᠤᠷᠠᠨ ᠰᠡᠷᠭᠦᠬᠡᠬᠦ᠂ ᠬᠠᠮᠠᠭᠠᠯᠠᠨ ᠤᠯᠠᠮᠵᠢᠯᠠᠬᠤ᠂ ᠦᠷᠬᠦᠯᠵᠢᠯᠡᠨ ᠬᠦᠭᠵᠢᠬᠦᠯᠬᠦ ︽ᠭᠤᠷᠪᠠᠨ | ᠠᠯᠬᠤᠮ︾ ᠤᠨ ᠪᠠᠶᠢᠯᠳᠤᠬᠤ ᠪᠤᠳᠤᠯᠭ᠎ᠠ ᠶᠢᠨ ᠪᠠᠶᠢᠷᠢᠯᠠᠭᠤᠯᠤᠯᠳᠠ ᠪᠠᠷ ᠶᠠᠪᠤᠭᠰᠠᠨ ᠪᠦᠭᠡᠳ ᠪᠤᠳᠠᠳᠠᠢ ᠳᠤ | ᠪᠡᠶᠡᠯᠡᠭᠰᠡᠨ ᠢ ᠨᠢ ᠤᠴᠢᠷ ᠲᠠᠷᠠᠭᠠᠯᠠᠨ ᠲᠤᠭᠠᠴᠢᠰᠤᠭᠠᠢ᠃ | 2012 ᠤᠨ ᠤ ᠡᠬᠢᠨ ᠳᠤ ︽ᠬᠠᠭᠠᠨ ᠤᠷᠳᠤᠨ ᠤ ᠲᠠᠭᠤᠤ ᠬᠦᠭᠵᠢᠮ ᠤᠨ ᠠᠩᠬᠢ︾ ᠶᠢᠨ ᠡᠩᠨᠡᠭᠡ ᠶᠢ | ᠦᠷᠭᠡᠳᠭᠡᠬᠦ ᠪᠠᠷ᠂ ᠨᠢᠭᠡ ᠪᠦᠯᠦᠭ ᠲᠤᠭᠯᠠᠭᠴᠢ ᠨᠡᠮᠡᠵᠦ ᠡᠯᠰᠡᠨ᠂ ᠬᠦᠭᠵᠢᠮ ᠵᠢᠮᠰᠡᠭ᠂ ᠬᠤᠪᠴᠠᠰᠤ ᠵᠠᠰᠠᠯ ᠢ ᠨᠡᠮᠡᠨ | ᠬᠢᠵᠦ᠂ ᠤᠤᠯ ᠤᠨ ︽ᠯᠢᠭᠳᠡᠨ ᠬᠠᠭᠠᠨ ᠤ ᠤᠷᠳᠤᠨ ᠤ ᠲᠠᠭᠤᠤ ᠬᠦᠭᠵᠢᠮ︾ ᠭᠡᠵᠦ ᠪᠠᠶᠢᠭᠰᠠᠨ ᠢ ︽ᠮᠤᠩᠭᠤᠯ | ᠦᠨᠳᠦᠰᠦᠳᠡᠨ ᠤ ᠬᠠᠭᠠᠨ ᠤᠷᠳᠤᠨ ᠤ ᠲᠠᠭᠤᠤ ᠬᠦᠭᠵᠢᠮ︾ ᠪᠤᠯᠭᠠᠨ ᠨᠡᠷᠡᠶᠢᠳᠴᠦ ᠲᠡᠭᠡᠷ᠎ᠡ ᠨᠢᠭᠡ ᠲᠡᠭᠳᠡᠷ ᠲᠤ | ᠲᠡᠭᠡᠭᠰᠢᠯᠡᠭᠦᠯᠦᠭᠰᠡᠨ ᠪᠠᠶᠢᠨ᠎ᠠ᠃ ᠲᠤᠭᠯᠠᠭᠴᠢ ᠶᠢᠨ ᠤᠷ᠎ᠠ ᠮᠡᠷᠭᠡᠵᠢᠯ᠂ ᠬᠦᠭᠵᠢᠮ ᠪᠠᠭᠠᠵᠢ ᠶᠢᠨ ᠠᠶᠠᠰ ᠨᠤᠲ ᠤᠨ | ᠤᠨᠤᠴᠠ᠂ ᠲᠤᠭᠯᠠᠯᠳᠠ ᠶᠢᠨ ᠤᠷᠠᠯᠢᠭ ᠤᠨ ᠢᠯᠡᠷᠡᠭᠦᠯᠦᠯᠳᠡ ᠶᠢ ᠨᠡᠩ ᠦᠨᠳᠦᠷ ᠪᠠᠷᠢᠮᠵᠢᠶ᠎ᠠ ᠳᠤ ᠬᠦᠷᠭᠡᠬᠦ ᠪᠠᠷ | ᠲᠤᠰᠬᠠᠢ ᠮᠡᠷᠭᠡᠵᠢᠯᠳᠡᠨ ᠵᠠᠯᠠᠵᠤ᠂ ᠵᠢᠭᠠᠨ ᠵᠢᠯᠤᠳᠤᠭᠤᠯᠤᠭᠰᠠᠨ ᠪᠦᠭᠡᠳ ︽ᠮᠤᠩᠭᠤᠯ ᠬᠠᠭᠠᠨ ᠤᠷᠳᠤᠨ ᠤ ᠲᠠᠭᠤᠤ | ᠬᠦᠭᠵᠢᠮ︾ ᠤᠨ ᠤᠬᠠᠭᠤᠯᠭ᠎ᠠ ᠶᠢᠨ ᠵᠢᠷᠤᠭᠳᠤ ᠲᠡᠪᠳᠡᠷ ᠪᠠ ᠲᠤᠰᠬᠠᠢ ᠲᠤᠭᠯᠠᠯᠳᠠ ᠶᠢᠨ ᠺᠠᠸ᠋ᠰᠲ ᠨᠠᠶᠢᠷᠠᠭᠤᠯᠤᠨ | ᠦᠢᠯᠡᠳᠴᠦ᠂ ᠮᠤᠩᠭᠤᠯ ᠬᠠᠭᠠᠨ ᠤᠷᠳᠤᠨ ᠤ ᠬᠦᠭᠵᠢᠮ ᠤᠨ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ | ᠤᠨ ᠦᠪ ᠢᠶᠠᠷ ᠲᠡᠭᠡᠭᠰᠢ ᠮᠡᠳᠡᠭᠦᠯᠬᠦ ᠳᠤ ᠡᠯ᠎ᠡ ᠲᠠᠯ᠎ᠠ ᠶᠢᠨ ᠪᠡᠯᠡᠳᠭᠡᠯ ᠬᠢᠭᠰᠡᠨ ᠪᠠᠶᠢᠨ᠎ᠠ᠃ | ᠤᠯᠤᠰ ᠤᠷᠤᠨ ᠤ ᠨᠢᠳᠤ ᠴᠢᠬᠢ ᠪᠤᠯᠤᠭᠰᠠᠨ ᠲᠦᠪ ᠲᠧᠯᠸᠢᠰ ᠤᠨ ᠰᠢᠨᠵᠢᠯᠡᠬᠦ ᠤᠬᠠᠭᠠᠨ ᠰᠤᠷᠭᠠᠨ | ᠬᠦᠮᠦᠵᠢᠯ ᠤᠨ ᠰᠤᠪᠠᠭ ᠤᠨ ︽ᠰᠦᠪᠡᠭᠴᠢᠯᠠᠯ ᠪᠠ ᠢᠯᠡᠷᠡᠬᠦᠯᠤᠯ︾ ᠪᠤᠯᠤᠩ ᠤᠨ ᠬᠢᠨ ᠮᠠᠨ ᠤ ᠬᠤᠰᠢᠭᠤᠨ ᠳᠤ | ᠢᠷᠡᠵᠦ᠂ ᠭᠧᠮᠫᠢ ᠶᠢᠨ ᠰᠦᠮ᠎ᠠ ᠠᠴᠠ ᠤᠯᠳᠠᠭᠰᠠᠨ ᠯᠢᠭᠳᠡᠨ ᠬᠠᠭᠠᠨ ᠤ ᠤᠷᠳᠤᠨ ᠤ ᠲᠠᠭᠤᠤ ᠬᠦᠭᠵᠢᠮ ᠤᠨ | ᠮᠠᠲ᠋ᠧᠷᠢᠶᠠᠯ ᠤᠨ ᠲᠤᠭᠤᠷᠢᠨ ᠳᠤ ᠤ · ᠪᠤᠶ᠋ᠬᠠᠦ᠋ᠯᠵᠡᠢ ᠪᠠᠭᠰᠢᠳᠠᠨ ᠢ ᠲᠤᠰᠬᠠᠢ ᠰᠤᠷᠪᠤᠯᠵᠢᠯᠠᠭ᠎ᠠ ᠬᠢᠵᠤ᠂ ᠲᠡᠦᠬᠡ | ᠰᠤᠶᠤᠯ ᠤᠨ ᠲᠤᠮᠤ ᠪᠠᠷᠢᠮᠳᠠᠳᠤ ᠹᠢᠯᠢᠮ ︽ᠮᠤᠩᠭᠤᠯ ᠬᠠᠭᠠᠨ ᠤᠷᠳᠤᠨ ᠤ ᠬᠦᠭᠵᠢᠮ ᠢ ᠢᠯᠡᠷᠡᠭᠦᠯᠵᠦ ᠰᠡᠷᠭᠦᠭᠡᠭᠰᠡᠨ | ᠲᠡᠮᠳᠡᠭᠯᠡᠯ︾ ︵ᠲᠡᠭᠡᠳᠦ ᠲᠤᠤᠷᠠᠳᠤ ᠬᠤᠶᠠᠷ ᠪᠦᠯᠦᠭ︶ ᠢ ᠰᠡᠭᠦᠳᠡᠷᠯᠡᠨ ᠦᠢᠯᠡᠳᠴᠦ᠂ 6 ᠳ᠋ᠤᠭᠠᠷ ᠰᠠᠷ᠎ᠠ ᠶᠢᠨ 29 | ᠤ ᠡᠳᠦᠷ ᠨᠡᠪᠳᠡᠷᠡᠭᠦᠯᠦᠭᠰᠡᠨ ᠪᠠ ᠰᠢᠶᠠᠩᠭᠠᠩ ᠤᠨ ᠹᠧᠩ ᠬᠤᠸᠠᠩ ᠤᠳᠤᠨ ᠲᠧᠯᠸᠢᠰ ᠴᠤ ᠨᠡᠪᠳᠡᠷᠡᠭᠦᠯᠦᠭᠰᠡᠨ ᠢᠶᠠᠷ | ᠠᠷᠦ ᠭᠠᠵᠠᠷ ᠤᠨ ᠠᠷᠦ ᠬᠤᠷᠴᠢᠨ ᠬᠤᠰᠢᠭᠤ᠂ ᠤᠮᠠᠷᠠᠳᠤ ᠶᠤᠸᠠᠨ ᠤᠯᠤᠰ ᠤᠨ ᠬᠠᠭᠠᠨ ᠤᠷᠳᠤᠨ ᠤ ᠬᠦᠭᠵᠢᠮ ᠲᠠᠢ | ᠪᠠᠨ 13 ᠳ᠋ᠦᠩᠰᠢᠭᠤᠷ ᠬᠦᠮᠦᠨ ᠠᠷᠠᠳ ᠴᠢᠨᠠᠭᠰᠢᠳᠠ ᠲᠡᠯᠡᠬᠡᠢ ᠲᠠᠶᠠᠭᠠᠷ ᠲᠤ ᠮᠡᠳᠡᠭᠦᠯᠦᠭᠳᠡᠨ ᠲᠠᠨᠢᠭᠳᠠᠭᠰᠠᠨ | ᠭᠡᠯᠳᠡᠢ᠃ | 2012 ᠤᠨ ᠤ 7 ᠰᠠᠷ᠎ᠠ ᠠᠴᠠ ︽ᠮᠣᠩᠭᠤᠯ ᠬᠠᠭᠠᠨ ᠤᠷᠳᠤᠨ ᠤ ᠲᠠᠭᠤᠤ ᠬᠦᠭᠵᠢᠮ︾ ᠤᠨ ᠨᠡᠷ᠎ᠡ ᠪᠠᠷ | ᠠᠩᠬᠠᠳᠠᠭᠴᠢ ᠤᠳᠠᠭᠠᠨ ᠤ ︽ᠲᠣᠮᠳᠠᠳᠣ ᠣᠯᠣᠰ ᠤᠨ ᠮᠣᠩᠭᠤᠯ ᠬᠠᠭᠠᠨ ᠣᠷᠲᠣᠨ ᠤ ᠰᠣᠶᠣᠯ ᠤᠨ ᠨᠠᠶᠢᠷ︾ ᠤᠨ | ᠡᠬᠢᠯᠠᠯᠳᠠ ᠶᠢᠨ ᠬᠦᠰᠢᠬᠡ ᠶᠢ ᠰᠡᠬᠦᠭᠰᠡᠨ ᠠᠴᠠ ᠤᠳᠤ ᠪᠤᠯᠳᠠᠯ᠎ᠠ ᠲᠦᠷᠪᠡᠨ ᠵᠢᠯ ᠲᠠᠷᠠᠭᠠᠯᠠᠨ ᠮᠣᠩᠭᠤᠯ ᠬᠠᠭᠠᠨ | ᠣᠷᠲᠣᠨ ᠤ ᠰᠣᠶᠣᠯ ᠵᠢᠭᠤᠯᠴᠢᠯᠠᠯ ᠤᠨ ᠨᠠᠶᠢᠷ ᠢ ᠦᠪᠡᠳᠡᠭᠰᠢ ᠶᠡᠬᠡᠪᠡᠷ ᠬᠢᠵᠦ᠂ ᠠᠷᠦ ᠬᠤᠷᠴᠢᠨ ᠤ ᠰᠤᠶᠤᠯ ᠤᠨ | ᠲᠤᠭ ᠲᠠᠮᠳᠡᠭ ᠪᠤᠯᠭᠠᠭᠰᠠᠨ ᠪᠠᠶᠢᠨ᠎ᠠ᠃ | ︽ᠴᠠᠭᠠᠨ ᠬᠤᠳᠠ — ᠮᠤᠩᠭᠤᠯ ᠬᠠᠭᠠᠨ ᠤᠷᠳᠤᠨ ᠤ ᠰᠤᠶᠤᠯ ᠤᠨ ᠪᠦᠬᠦ ᠤᠯᠤᠰ ᠤᠨ ᠡᠷᠳᠠᠮ | ᠰᠢᠠᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ︾ ᠪᠤᠯ 2012 ᠤᠨ ᠤ 6 ᠰᠠᠷ᠎ᠠ ᠶᠢᠨ 30 ᠠᠴᠠ 7 ᠰᠠᠷ᠎ᠠ | ᠶᠢᠨ 4 ᠤ ᠡᠳᠤᠷ ᠪᠤᠯᠳᠠᠯ᠎ᠠ ᠶᠠᠪᠤᠭᠳᠠᠭᠰᠠᠨ ᠠᠩᠬᠠᠳᠤᠭᠠᠷ ᠤᠳᠠᠭᠠᠨ ᠤ ︽ᠲᠤᠮᠳᠠᠳᠤ ᠤᠯᠤᠰ · ᠮᠤᠩᠭᠤᠯ | ᠬᠠᠭᠠᠨ ᠤᠷᠳᠤᠨ ᠤ ᠰᠤᠶᠤᠯ ᠤᠨ ᠨᠠᠶᠢᠷ︾ ᠤᠨ ᠰᠢᠷᠢᠰ ᠠᠵᠢᠯᠯᠠᠭᠠᠨ ᠤ ᠨᠢᠬᠡ ᠠᠭᠤᠯᠭ᠎ᠠ ᠪᠤᠯᠬᠤ ᠶᠤᠮ᠃ | ᠰᠤᠳᠤᠯᠤᠨ ᠶᠠᠷᠢᠯᠴᠠᠬᠤ ᠬᠤᠷᠠᠯ ᠳᠤ ᠮᠤᠩᠭᠤᠯ ᠤᠯᠤᠰ ᠪᠠ ᠤᠯᠤᠰ ᠤᠨ ᠲᠤᠳᠤᠭᠠᠳᠤ ᠶᠢᠨ ᠬᠠᠮᠢᠶ᠎ᠠ ᠪᠦᠬᠦᠢ ᠶᠡᠭᠡ | ᠲᠡᠬᠡᠳᠤ ᠰᠤᠷᠭᠠᠭᠤᠯᠢ ᠵᠢᠴᠢ ᠬᠠᠮᠢᠶ᠎ᠠ ᠪᠦᠬᠦᠢ ᠨᠢᠬᠡᠴᠠ ᠶᠢᠨ ᠭᠤᠤᠯᠯᠠᠭᠴᠢ ᠡᠷᠳᠠᠮᠳᠠᠨ ᠰᠤᠳᠤᠯᠭᠠᠴᠢ ᠵᠢᠴᠢ ᠤᠷᠤᠨ | ᠨᠤᠳᠤᠭ ᠤᠨ ᠬᠠᠮᠢᠶ᠎ᠠ ᠪᠦᠬᠦᠢ ᠬᠦᠮᠦᠰ ᠨᠠᠶᠢᠳᠠ 130 ᠭᠠᠷᠦᠢ ᠤᠷᠤᠯᠴᠠᠵᠤ᠂ ᠲᠠᠪᠢᠭᠠᠤᠨ ᠦᠬᠦᠯᠠᠯ ᠵᠤᠬᠢᠶᠠᠯ ᠢᠶᠠᠨ | ᠲᠠᠪᠰᠢᠬᠦᠯᠵᠤ᠂ ᠮᠤᠩᠭᠤᠯ ᠤᠨ ᠯᠢᠭᠳᠡᠨ ᠬᠠᠭᠠᠨ ᠵᠢᠴᠢ ᠨᠡᠶᠢᠰᠯᠠᠯ ᠴᠠᠭᠠᠨ ᠬᠤᠳᠠ ᠶᠢᠨ ᠲᠡᠤᠬᠡ᠂ ︽ᠮᠤᠩᠭᠤᠯ | ᠬᠠᠭᠠᠨ ᠤᠷᠳᠤᠨ ᠤ ᠬᠦᠭᠵᠢᠮ︾ ᠪᠠ ᠮᠤᠩᠭᠤᠯ ᠬᠠᠭᠠᠨ ᠤᠷᠳᠤᠨ ᠤ ᠰᠤᠶᠤᠯ ︵ᠬᠠᠭᠠᠨ ᠤᠷᠳᠤᠨ ᠤ ᠲᠠᠶᠢᠯᠠᠯᠭ᠎ᠠ | ᠂ ᠨᠠᠭᠠᠳᠤᠮ᠂ ᠬᠤᠪᠴᠠᠰᠤ ᠵᠠᠰᠠᠯ᠂ ᠢᠳᠡᠬᠡᠨ ᠤᠮᠳᠠᠭᠠᠨ᠂ ᠭᠠᠷ ᠤᠷᠠᠯᠠᠯ᠂ ᠪᠠᠷᠢᠯᠭ᠎ᠠ ᠶᠢᠨ ᠬᠡᠪ ᠨᠠᠮᠪᠠ᠂ ᠵᠠᠩ | ᠲᠠᠤᠨᠬᠠᠯ︶ ᠵᠡᠷᠬᠡ ᠶᠢ ᠤᠯᠠᠨ ᠰᠠᠳᠤᠪ ᠢᠶᠠᠷ ᠤᠯᠠᠨ ᠬᠠᠷᠠᠭᠠᠰᠤ ᠠᠴᠠ ᠰᠤᠳᠤᠯᠤᠨ ᠶᠠᠷᠢᠯᠴᠠᠭᠰᠠᠨ ᠪᠦᠭᠡᠳ | ᠡᠷᠳᠠᠮᠳᠠᠨ ᠰᠤᠳᠤᠯᠭᠠᠳᠠᠨ ᠨᠡᠷ ᠮᠠᠨ ᠤ ᠬᠤᠰᠢᠭᠤᠨ ᠤ ᠰᠣᠶᠣᠯ ᠤᠨ ᠠᠵᠢᠯ ᠢ ᠬᠦᠢᠴᠠᠤᠨ ᠨᠤᠳᠠᠯᠠᠵᠤ᠂ ᠮᠤᠩᠭᠤᠯ | ᠬᠠᠭᠠᠨ ᠤᠷᠳᠤᠨ ᠤ ᠰᠤᠶᠤᠯ ᠨᠢ ᠠᠷᠤ ᠬᠤᠷᠴᠢᠨ ᠤ ᠰᠤᠶᠤᠯ ᠤᠨ ᠨᠠᠷᠠᠳᠤ ᠲᠠᠮᠳᠡᠭ ᠪᠤᠯᠬᠤ ᠶᠢ ᠤᠯᠠᠮ ᠨᠢᠬᠡ | ᠠᠯᠬᠤᠮ ᠨᠤᠳᠠᠯᠠᠨ ᠮᠡᠳᠡᠷᠡᠭᠰᠡᠨ ᠪᠠᠶᠢᠨ᠎ᠠ᠃ | ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ ᠢ ᠴᠢᠨᠠᠭᠰᠢᠳᠠ ᠨᠡᠩ ᠰᠠᠶᠢᠨ ᠢᠶᠠᠷ ᠬᠠᠮᠠᠭᠠᠯᠠᠬᠤ ᠪᠠ | ᠤᠯᠠᠮᠵᠢᠯᠠᠬᠤ ᠶᠢᠨ ᠲᠦᠯᠦᠬᠡ ᠡᠨᠡ ᠤᠳᠠᠭ᠎ᠠ ᠪᠠᠰᠠ ᠤᠯᠠᠭᠠᠠᠬᠳᠠ ᠲᠠᠬᠡᠳᠤ ᠰᠤᠷᠭᠠᠭᠤᠯᠢ ︽ᠮᠤᠩᠭᠤᠯ ᠬᠠᠭᠠᠨ | ᠤᠷᠳᠤᠨ ᠤ ᠰᠤᠶᠤᠯ ᠤᠨ ᠰᠤᠳᠤᠯᠭᠠᠨ ᠤ ᠨᠡᠶᠢᠬᠡᠮᠯᠢᠭ︾ ᠪᠠᠶᠢᠭᠤᠯᠵᠤ᠂ ︽ᠰᠤᠳᠤᠯᠭᠠᠨ ᠤ ᠨᠡᠶᠢᠬᠡᠮᠯᠢᠭ ᠤᠨ | ᠲᠦᠷᠢᠮ︾ ᠢ ᠨᠡᠶᠢᠳᠠᠯᠠᠨ ᠪᠠᠳᠤᠯᠠᠵᠤ᠂ ᠠᠷᠤ ᠬᠤᠷᠴᠢᠨ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠲᠠᠢ ︽ | ᠬᠠᠮᠳᠤᠷᠠᠨ ᠠᠵᠢᠯᠯᠠᠬᠤ ᠬᠡᠷ᠎ᠠ ᠶᠢᠨ ᠪᠢᠴᠢᠭ︾ ᠲᠤᠭᠳᠠᠵᠠᠢ᠃ ᠠᠷᠦ ᠬᠤᠷᠴᠢᠨ ᠬᠤᠰᠢᠭᠤᠨ ᠤ ᠰᠤᠶᠤᠯ ᠲᠠᠮᠢᠷ᠂ | ᠷᠠᠳᠢᠤ᠋ ᠲᠧᠯᠸᠢᠰ ᠵᠢᠭᠤᠯᠴᠢᠯᠠᠯ ᠤᠨ ᠲᠤᠪᠴᠢᠶ᠎ᠠ ᠨᠢ ︽ᠲᠣᠮᠳᠠᠳᠣ ᠣᠯᠣᠰ ᠤᠨ ᠮᠣᠩᠭᠤᠯ ᠬᠠᠭᠠᠨ ᠣᠷᠲᠣᠨ ᠤ | ᠰᠣᠶᠣᠯ ᠢ ᠣᠯᠠᠮᠵᠢᠯᠠᠨ ᠵᠠᠯᠭᠠᠮᠵᠢᠯᠠᠬᠤ ᠦᠷᠲᠡᠭᠡ︾ ᠪᠠᠶᠢᠭᠤᠯᠤᠨ᠂ ᠬᠤᠰᠢᠭᠤᠨ ᠲᠦᠪ ᠲᠠᠬᠢ ︽ᠴᠢᠪᠠᠭ᠎ᠠ | ᠮᠣᠩᠭᠤᠯ ᠪᠠᠭ᠎ᠠ ᠰᠣᠷᠭᠠᠭᠤᠯᠢ︾᠂ ︽ᠬᠠᠨ ᠠᠭᠤᠯᠠ ᠪᠠᠭ᠎ᠠ ᠰᠣᠷᠭᠠᠭᠤᠯᠢ︾᠂ ︽ᠴᠢᠪᠠᠭ᠎ᠠ ᠮᠣᠩᠭᠤᠯ ᠲᠣᠮᠳᠠᠳᠣ | ᠰᠣᠷᠭᠠᠭᠤᠯᠢ︾᠂ ︽ᠴᠢᠪᠠᠭ᠎ᠠ ᠲᠠᠪᠣᠳᠣᠭᠠᠷ ᠲᠣᠮᠳᠠᠳᠣ ᠰᠣᠷᠭᠠᠭᠤᠯᠢ︾ ᠵᠡᠷᠭᠡ ᠲᠦᠷᠪᠡᠨ ᠮᠤᠩᠭᠤᠯ ᠰᠤᠷᠭᠠᠭᠤᠯᠢ | ᠳᠤ ︽ᠲᠣᠮᠳᠠᠳᠣ ᠣᠯᠣᠰ ᠤᠨ ᠮᠣᠩᠭᠤᠯ ᠬᠠᠭᠠᠨ ᠣᠷᠲᠣᠨ ᠤ ᠰᠣᠶᠣᠯ ᠢ ᠣᠯᠠᠮᠵᠢᠯᠠᠨ ᠵᠠᠯᠭᠠᠮᠵᠢᠯᠠᠬᠤ ᠪᠣᠯᠪᠠᠰᠣᠷᠠᠯ | ᠤᠨ ᠰᠠᠭᠤᠷᠢᠨ ᠭᠠᠵᠠᠷ︾ ᠪᠠᠶᠢᠭᠤᠯᠵᠤ᠂ ᠫᠠᠶᠢᠰᠠ ᠢᠯᠡᠷᠭᠡᠶᠢᠯᠡᠯ ᠣᠯᠭᠤᠭᠰᠠᠨ ᠪᠠᠶᠢᠨ᠎ᠠ᠃ ᠡᠳᠡᠭᠡᠷ ᠰᠠᠭᠤᠷᠢᠨ ᠳᠤ | ᠬᠠᠭᠠᠨᠤᠷᠳᠤᠨ ᠤ ᠲᠠᠭᠤᠤ ᠬᠦᠭᠵᠢᠮ ᠢ ᠨᠢᠬᠡ ᠭᠠᠷᠠᠭ ᠲᠤ ᠨᠢᠭᠡ ᠦᠶ᠎ᠡ ᠬᠢᠴᠢᠶᠡᠯ ᠤᠷᠤᠵᠤ᠂ ᠦᠪ ᠰᠤᠶᠤᠯ | ᠵᠶ᠋ᠠᠨᠬᠤᠶᠢᠴᠢ ᠦᠶ᠎ᠡ ᠳᠤ ᠤᠯᠠᠮᠵᠢᠯᠠᠨ ᠪᠠᠶᠢᠭ᠎ᠠ᠃ ᠡᠭᠦᠨ ᠳᠤ ᠬᠠᠨ ᠠᠭᠤᠯᠠ ᠪᠠᠭ᠎ᠠ ᠰᠤᠷᠭᠠᠭᠤᠯᠢ ᠨᠢ ᠪᠠᠶᠠᠷ | ᠲᠤᠷᠠᠰᠬᠠᠯ ᠤᠨ ᠡᠳᠦᠷ ᠪᠤᠶᠤ ᠠᠵᠢᠯᠯᠠᠭᠠᠨ ᠬᠦᠳᠡᠯᠭᠡᠭᠡᠨ ᠬᠤᠷᠠᠯ ᠴᠤᠭᠯᠠᠭᠠᠨ ᠤ ᠲᠠᠰᠢᠷᠠᠮ ᠳᠤ ᠲᠤᠰᠬᠠᠢ | ᠲᠤᠭᠯᠠᠯᠳᠠ ᠭᠠᠷᠭᠠᠵᠤ ᠢᠷᠡᠭᠰᠡᠨ ᠪᠦᠭᠡᠳ ᠮᠤᠩᠭᠤᠯ ᠪᠠᠭ᠎ᠠ ᠰᠤᠷᠭᠠᠭᠤᠯᠢ ᠴᠤᠭᠤᠷ ᠬᠦᠭᠵᠢᠮ ᠤᠨ 50 ᠰᠤᠷᠤᠭᠴᠢ | ᠬᠦᠮᠦᠵᠢᠭᠦᠯᠵᠦ ᠪᠤᠢ᠃ | 2012 ᠤᠨ ᠠᠴᠠ ᠠᠷᠦ ᠬᠤᠷᠴᠢᠨ ᠬᠤᠰᠢᠭᠤ ᠨᠢ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ | ᠤᠨ ᠲᠤᠬᠠᠢ ᠤᠷᠳᠤᠮᠵᠢ ᠶᠢᠨ ᠴᠢᠨᠠᠷᠳᠠᠢ ᠰᠤᠳᠤᠯᠭᠠᠨ ᠬᠢᠬᠦ ᠶᠢᠨ ᠬᠠᠮᠳᠤ ︽ᠮᠤᠩᠭᠤᠯ ᠬᠠᠭᠠᠨ ᠤᠷᠳᠤᠨ ᠤ | ᠲᠠᠭᠤᠤ ᠬᠦᠭᠵᠢᠮ︾ ᠤᠨ ᠨᠡᠷ᠎ᠡ ᠪᠠᠷ ︽ᠰᠤᠶᠤᠯ ᠵᠢᠭᠤᠯᠴᠢᠯᠠᠯ ᠤᠨ ᠨᠠᠶᠢᠷ︾ ᠬᠢᠵᠦ ᠡᠬᠢᠯᠡᠭᠰᠡᠨ ᠨᠢ ᠨᠢᠭᠡ ᠶᠡᠭᠡ | ᠴᠢᠬᠤᠯᠠ ᠦᠰᠦᠷᠦᠯᠳᠡ ᠶᠢᠨ ᠴᠢᠨᠠᠷᠳᠠᠢ ᠶᠠᠪᠤᠳᠠᠯ ᠪᠤᠯᠤᠨ᠎ᠠ᠃ ᠲᠡᠷᠡ ᠨᠢ ᠵᠦᠪᠬᠡᠨ ᠨᠢᠭᠡ ᠲᠠᠭᠤᠤ ᠬᠦᠭᠵᠢᠮ ᠪᠢᠰᠢ | ᠬᠠᠷᠢᠨ ᠰᠤᠶᠤᠯ ᠪᠤᠯᠵᠤ ᠬᠦᠭᠵᠢᠭᠡᠳ᠂ ᠨᠢᠭᠡ ᠲᠡᠰ ᠨᠡᠮᠡᠭᠳᠡᠵᠦ ᠲᠠᠪᠰᠢᠭᠰᠠᠨ ᠤᠴᠢᠷᠳᠠᠢ᠃ ᠰᠤᠶᠤᠯ ᠬᠡᠪᠡᠯ | ᠬᠠᠭᠠᠨ ᠤᠷᠳᠤᠨ ᠤ ᠤᠯᠠᠨ ᠵᠦᠢᠯ ᠤᠨ ᠶᠠᠭᠤᠮ᠎ᠠ ᠪᠠᠭᠳᠠᠵᠤ ᠢᠷᠡᠨ᠎ᠡ ᠁ | 2012 ᠤᠨ ᠳᠤ ᠪᠠᠰᠠ ᠮᠠᠨ ᠤ ᠬᠤᠰᠢᠭᠤ ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ ᠢᠶᠠᠷ | ᠰᠤᠶᠤᠯ ᠤᠨ ᠲᠤᠭ ᠲᠡᠮᠳᠡᠭ ᠪᠤᠯᠭᠠᠵᠤ᠂ ᠠᠷᠦ ᠬᠤᠷᠴᠢᠨ ᠬᠤᠰᠢᠭᠤᠨ ᠤ ᠪᠠᠨ ᠨᠡᠷᠡᠳᠦ ᠲᠡᠮᠳᠡᠭ ᠢᠶᠠᠷ ᠤᠯᠤᠰ ᠤᠨ | ᠲᠠᠸᠠᠷ ᠤᠨ ᠲᠡᠮᠳᠡᠭ ᠤᠨ ᠶᠠᠮᠤᠨ ᠳᠤ ᠲᠠᠩᠰᠠᠯᠠᠭᠤᠯᠤᠭᠰᠠᠨ ᠪᠠᠶᠢᠨ᠎ᠠ᠃ | ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠨᠢ ᠠᠷᠦ ᠬᠤᠷᠴᠢᠨ ᠬᠤᠰᠢᠭᠤᠨ ᠤ ᠰᠤᠶᠤᠯ ᠤᠨ | ᠲᠤᠭ ᠲᠡᠮᠳᠡᠭ ᠪᠤᠯᠵᠤ᠂ 2012 ᠤᠨ ᠤ 7 ᠰᠠᠷ᠎ᠠ ᠠᠴᠠ ᠡᠬᠢᠯᠡᠭᠡᠳ ᠦᠪᠡᠷᠳᠡᠭᠡᠨ ᠵᠠᠰᠠᠬᠤ ᠤᠷᠤᠨ ᠤ ᠰᠤᠶᠤᠯ | ᠤᠨ ᠲᠢᠩᠬᠢᠮ᠂ ᠵᠢᠭᠤᠯᠴᠢᠯᠠᠯ ᠤᠨ ᠲᠢᠩᠬᠢᠮ᠂ ᠤᠯᠠᠭᠠᠨᠬᠠᠳᠠ ᠬᠤᠳᠠ ᠶᠢᠨ ᠠᠷᠠᠳ ᠤᠨ ᠵᠠᠰᠠᠭ ᠤᠨ ᠤᠷᠳᠤᠨ | ᠭᠤᠤᠯᠯᠠᠵᠤ ᠡᠷᠬᠢᠯᠡᠬᠦ᠂ ᠠᠷᠦ ᠬᠤᠷᠴᠢᠨ ᠬᠤᠰᠢᠭᠤ ᠲᠠᠭᠠᠭᠠᠵᠤ ᠡᠷᠬᠢᠯᠡᠬᠦ᠂ ︽ᠰᠤᠶᠤᠯ ᠵᠢᠭᠤᠯᠴᠢᠯᠠᠯ ᠤᠨ ᠨᠠᠶᠢᠷ︾ | ᠢ ᠵᠢᠯ ᠪᠤᠯᠭᠠᠨᠡᠷᠬᠢᠯᠡᠬᠦ ᠪᠠᠷ ᠲᠤᠭᠳᠠᠵᠠᠢ᠃ ᠡᠭᠦᠨ ᠤ ᠬᠠᠮᠳᠤ ᠮᠠᠨ ᠤ ᠬᠤᠰᠢᠭᠤᠨ ᠤ ︽ᠮᠤᠩᠭᠤᠯ ᠬᠠᠭᠠᠨ | ᠤᠷᠳᠤᠨ ᠤ ᠲᠠᠭᠤᠤ ᠬᠦᠭᠵᠢᠮ︾ ᠤᠨ ᠲᠤᠭᠯᠠᠯᠳᠠ ᠨᠢ ᠬᠤᠳᠠ ᠤᠷᠤᠨ ᠤ ᠭᠤᠤᠯ ᠭᠤᠤᠯ ᠨᠠᠶᠢᠷ᠂ ᠲᠤᠷᠠᠰᠬᠠᠯᠳᠤ | ᠡᠳᠦᠷ ᠤᠨ ᠭᠤᠤᠯ ᠪᠤᠯᠬᠤ ᠠᠵᠢᠯᠯᠠᠭᠠᠨ ᠪᠤᠯᠵᠤ ᠤᠯᠠᠮᠵᠢᠯᠠᠭᠳᠠᠬᠤ ᠪᠤᠯᠤᠭᠰᠠᠨ ᠶᠤᠮ᠃ | 2012 ᠤᠨ ᠤ 9 ᠰᠠᠷ᠎ᠠ ᠶᠢᠨ 7 ᠤ ᠦᠳᠡᠰᠢ᠂ ︽ᠳᠦᠪ ᠤᠨ ᠰᠣᠶᠣᠯ ᠤᠨ ᠪᠦᠲᠦᠭᠡᠨ ᠪᠠᠶᠢᠭᠤᠯᠣᠯᠳᠠ | ᠶᠢ ᠪᠦᠬᠦ ᠬᠦᠴᠦᠨ ᠢᠶᠠᠷ ᠴᠢᠩᠭᠠᠳᠬᠠᠬᠤ ᠪᠠ ᠣᠯᠠᠭᠠᠨᠬᠠᠳᠠ ᠬᠤᠳᠠ ᠶᠢᠨ ᠨᠠᠢᠮᠠᠳᠤᠭᠠᠷ ᠤᠳᠠᠭᠠᠨ ᠤ ᠣᠶᠣᠨ ᠤ | ᠪᠣᠯᠪᠠᠰᠣᠨ ᠤ ᠪᠦᠲᠦᠭᠡᠨ ᠪᠠᠶᠢᠭᠤᠯᠣᠯᠳᠠ ᠶᠢᠨ ᠳᠣᠷᠰᠢᠯᠭ᠎ᠠ ᠰᠣᠯᠢᠯᠴᠠᠬᠤ ᠬᠤᠷᠠᠯ︾ ᠤᠨ ︽ᠮᠤᠩᠭᠤᠯ ᠬᠠᠭᠠᠨ | ᠤᠷᠳᠤᠨ ᠤ ᠲᠠᠭᠤᠤ ᠬᠦᠭᠵᠢᠮ︾ ᠤᠨ ᠲᠤᠰᠬᠠᠢ ᠲᠤᠭᠯᠠᠯᠳᠠ ᠬᠤᠰᠢᠭᠤᠨ ᠬᠤᠷᠠᠯ ᠦᠵᠡᠰᠭᠦᠯᠡᠩ ᠤᠨ ᠲᠦᠪ ᠲᠤ | ᠦᠪᠡᠳᠡᠭᠰᠢ ᠶᠠᠪᠤᠭᠳᠠᠵᠤ᠂ 13 ᠲᠤᠭᠯᠠᠯᠳᠠ ᠪᠠᠨ ᠮᠢᠩᠭ᠎ᠠ ᠭᠠᠷᠤᠢ ᠦᠵᠡᠭᠴᠢ ᠪᠠᠷ ᠱᠠᠭᠰᠢᠭᠤᠯᠵᠠᠢ᠃ | 2012 ᠤᠨ ᠠᠴᠠ ᠡᠬᠢᠯᠡᠨ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ ᠤᠨ ᠪᠦᠯᠬᠦᠮ︾ ᠨᠢ | ᠪᠡᠭᠡᠵᠢᠩ᠂ ᠲᠠᠶᠢᠸᠠᠨ ᠵᠡᠷᠭᠡ ᠭᠠᠵᠠᠷ ᠢᠶᠠᠷ ᠲᠤᠭᠤᠷᠢᠨ ᠲᠤᠭᠯᠠᠯᠳᠠ ᠭᠠᠷᠭᠠᠵᠤ᠂ ᠵᠢᠯ ᠪᠤᠯᠭᠠᠨ ᠤᠯᠤᠰ ᠤᠨ | ᠲᠤᠳᠤᠨ᠎ᠠ ᠭᠠᠳᠠᠨ᠎ᠠ 50 ᠬᠡᠳᠦᠨ ᠤᠳᠠᠭᠠᠨ ᠤ ᠲᠤᠭᠯᠠᠯᠳᠠ ᠲᠤᠭᠯᠠᠨ ᠰᠤᠨᠢᠷᠬᠠᠭᠤᠯᠵᠤ ᠢᠷᠡᠵᠡᠢ᠃ | | ︽ᠦᠭᠡ ᠬᠡᠯᠡᠨ ᠤ ᠴᠢᠨᠠᠳᠤ ᠬᠢᠵᠠᠭᠠᠷ ᠠᠨᠤ ᠲᠠᠭᠤᠤ ᠠᠶᠢᠵᠠᠮ︾ ᠶᠤᠮ ᠭᠡᠳᠡᠭ ᠪᠢᠯᠢᠦ ⁈ | ︽ᠬᠠᠭᠠᠨ ᠬᠦᠮᠦᠨ ᠵᠢᠷᠭᠠᠷᠤᠨ/ ᠲᠦᠷᠦ ᠶᠦᠭᠡᠨ ᠬᠦᠴᠦᠨ ᠳᠤ/ ᠬᠠᠷᠠᠴᠤ ᠢᠷᠭᠡᠨ ᠵᠢᠷᠭᠠᠷᠤᠨ/ ᠡᠵᠡᠨ | ᠶᠦᠭᠡᠨ ᠬᠦᠴᠦᠨ ᠳᠤ/ ᠬᠠᠭᠠᠯᠭ᠎ᠠ ᠳᠤ ᠭᠡᠷ ᠲᠤᠷ ᠵᠢᠷᠭᠠᠷᠤᠨ ᠡᠮ᠎ᠡ ᠬᠦᠮᠦᠨ/ ᠡᠷ᠎ᠡ ᠶᠦᠭᠡᠨ ᠬᠦᠴᠦᠨ ᠳᠤ/ | ᠬᠠᠨᠢᠯᠠᠭᠰᠠᠨ ᠠᠬ᠎ᠠ ᠲᠡᠭᠦᠦ ᠵᠢᠷᠭᠠᠷᠤᠨ/ ᠡᠶ᠎ᠡ ᠶᠦᠭᠡᠨ ᠬᠦᠴᠦᠨ ᠳᠤ —︾ ᠬᠡᠮᠡᠨ ︽ᠠᠳᠤᠭᠤ ᠬᠤᠷᠢᠶᠠᠬᠤᠢ︾ | ᠬᠡᠮᠡᠬᠦ ᠲᠠᠭᠤᠤ ᠳᠤ ᠲᠠᠭᠤᠯᠠᠳᠠᠭ᠃ ︽ᠪᠠᠮᠪᠠᠢ ᠶᠢᠨ ᠪᠦᠵᠢᠭ︾ ᠪᠤᠯ ᠮᠤᠩᠭᠤᠯ ᠬᠠᠭᠠᠨ ᠤᠷᠳᠤᠨ ᠤ ᠬᠦᠭᠵᠢᠮᠳᠦ | ᠪᠦᠵᠢᠭ ᠤᠨ ᠲᠤᠳᠤᠷᠠᠬᠢ ᠨᠡᠶᠢᠳᠡᠯᠢᠭ ᠴᠢᠨᠠᠷ ᠪᠦᠬᠦᠢ ᠵᠡᠪᠰᠡᠭ ᠤᠨ ᠪᠦᠵᠢᠭ ᠪᠤᠯᠤᠨ᠎ᠠ᠃ ᠲᠤᠰ ᠪᠦᠵᠢᠭ ᠢ ︽ | ᠴᠤᠭᠤᠷᠳᠠᠬᠤ ᠬᠦᠭᠵᠢᠮ ᠤᠨ ᠪᠦᠯᠦᠭ︾ ᠤᠨ ︽ᠠᠳᠤᠭᠤ ᠬᠤᠷᠢᠶᠠᠬᠤᠢ︾ ᠬᠡᠮᠡᠬᠦ ᠬᠦᠭᠵᠢᠮᠳᠦ ᠲᠠᠭᠤᠤ ᠠᠴᠠ | ᠰᠤᠩᠭᠤᠵᠠᠢ᠃ ︽ᠪᠠᠮᠪᠠᠢ ᠶᠢᠨ ᠪᠦᠵᠢᠭ︾ ᠨᠢ ᠴᠢᠩᠬᠢᠰ ᠬᠠᠭᠠᠨ ᠤ ︽ᠸᠠᠩ ᠬᠠᠨ ᠢ ᠰᠦᠨᠦᠬᠡᠨ᠂ ᠪᠠᠷᠠᠭᠤᠨ ︿ | ᠲᠠᠩᠭᠤᠳ﹀ ᠢ ᠡᠪᠳᠡᠵᠦ᠂ ᠠᠯᠳᠠᠨ ᠤᠯᠤᠰ ᠢ ᠮᠦᠬᠦᠬᠡᠨ︾ ᠲᠡᠯᠡᠬᠡᠢ ᠳ᠋ᠠᠬᠢᠨ ᠢ ᠡᠷᠬᠡᠰᠢᠶᠡᠭᠰᠡᠨ ᠲᠡᠦᠬᠡᠨ | ᠦᠩᠭᠡᠷᠡᠯᠳᠡ ᠶᠢ ᠲᠤᠰᠬᠠᠭᠰᠠᠨ ᠪᠠᠶᠢᠳᠠᠭ᠃ ︽ᠠᠳᠤᠭᠤ ᠬᠤᠷᠢᠶᠠᠬᠤᠢ︾ ᠬᠡᠮᠡᠬᠦ ᠬᠦᠭᠵᠢᠮᠳᠦ ᠲᠠᠭᠤᠤ ᠨᠢ ᠲᠦᠷᠦ | ᠬᠦᠷᠦᠨ ᠤ ᠨᠢᠭᠡᠳᠦᠯ᠂ ᠨᠡᠶᠢᠭᠡᠮ ᠤᠨ ᠡᠶ᠎ᠡ ᠨᠠᠶᠢᠷᠠᠮᠳᠠᠭᠤ᠂ ᠠᠷᠠᠳ ᠤᠯᠠᠨ ᠤ ᠵᠤᠯ ᠵᠢᠷᠭᠠᠯ ᠢ ᠤᠷᠢᠶᠠᠯᠠᠭᠰᠠᠨ | ᠲᠠᠭᠤᠤ ᠪᠤᠯᠤᠨ᠎ᠠ᠃ ᠡᠨᠡᠬᠦ ᠠᠭᠤᠯᠭ᠎ᠠ ᠠᠴᠠ ᠪᠢᠳᠡ ᠲᠤᠬᠠᠢ ᠶᠢᠨ ᠦᠶ᠎ᠡ ᠶᠢᠨ ᠮᠤᠩᠭᠤᠯᠴᠤᠳ ᠤᠨ ᠲᠡᠯᠡᠬᠡᠢ ᠳ᠋ᠠᠬᠢᠨ | ᠢ ᠡᠷᠬᠡᠰᠢᠶᠡᠬᠦ ᠬᠡᠮᠡᠭᠰᠡᠨ ᠤ ᠵᠤᠷᠢᠯᠭ᠎ᠠ ᠨᠢ ᠠᠯᠠᠨ ᠬᠢᠳᠤᠬᠤ ᠬᠢᠭᠡᠳ ᠪᠤᠯᠢᠶᠠᠨ ᠲᠡᠭᠡᠷᠡᠮᠳᠡᠬᠦ ᠶᠢᠨ ᠲᠦᠯᠦᠭᠡ ᠪᠢᠰᠢ᠂ | ᠬᠠᠷᠢᠨ ᠲᠦᠷᠦ ᠤᠯᠤᠰ ᠤᠨ ᠨᠢᠭᠡᠳᠦᠯ᠂ ᠲᠡᠯᠡᠬᠡᠢ ᠳ᠋ᠠᠬᠢᠨ ᠤ ᠡᠩᠬᠡ ᠲᠠᠶᠢᠪᠤᠩ᠂ ᠠᠷᠠᠳ ᠤᠯᠠᠨ ᠤ ᠠᠮᠤᠷ | ᠲᠤᠭᠳᠠᠭᠤᠨ ᠤ ᠲᠦᠯᠦᠭᠡ ᠬᠡᠰᠡᠨ ᠢ ᠲᠤᠳᠤᠷᠬᠠᠢ ᠲᠠᠨᠢᠬᠤ ᠪᠤᠯᠤᠨ᠎ᠠ᠃ | ᠲᠠᠶᠢᠨ ᠲᠠᠵᠢᠨ᠂ ᠬᠢᠰᠠᠯ ᠮᠦᠬᠦᠯ᠂ ᠲᠡᠮᠡᠴᠡᠭᠡᠨ ᠵᠢᠭᠤᠷᠭᠠᠨ᠂ ᠠᠯᠠᠯᠳᠤᠭᠠᠨ ᠲᠤᠯᠤᠯᠳᠤᠭᠠᠨ᠂ ᠠᠷᠭ᠎ᠠ ᠮᠡᠭᠡ᠂ | ᠬᠠᠭᠠᠴᠠᠭᠠᠯ ᠵᠠᠪᠰᠠᠷᠳᠠᠭᠤᠯᠤᠯ᠂ ᠬᠤᠤᠪᠢᠯᠳᠤᠯ ᠭᠠᠴᠢᠯ᠂ ᠲᠦᠷᠢᠮᠡᠬᠡᠶᠢᠯᠡᠯ ᠲᠤᠪᠳᠤᠯᠤᠯᠳᠠ᠂ ᠠᠮᠢᠵᠢᠷᠠᠯ ᠦᠷᠢᠰᠦᠯ᠂ | ᠠᠯᠳᠠᠭ᠎ᠠ ᠤᠨᠤᠭ᠎ᠠ ᠁ ᠡᠨᠡ ᠪᠦᠬᠦᠨ ᠤ ᠡᠮᠦᠨ᠎ᠡ ᠤᠶᠠᠨ ᠢᠳᠡᠷᠡᠬᠦᠨ ᠡᠭᠡᠰᠢᠭᠯᠢᠭ ᠢᠷᠠᠭᠤᠯᠢᠭ ᠤᠶᠠᠷᠠᠭᠤᠨ | ᠵᠢᠪᠬᠤᠯᠠᠩ ᠲᠡᠭᠦᠯᠳᠡᠷ ᠡᠴᠢᠨ᠎ᠡ ᠭᠠᠶᠢᠬᠠᠮᠰᠢᠭᠳᠤ ᠠᠶᠠᠰ ᠬᠦᠭᠵᠢᠮ ᠢᠶᠠᠷ ᠠᠯᠢᠪᠠ ᠶᠢ ᠢᠯᠡᠷᠡᠭᠦᠯᠦᠨ ᠴᠢᠳᠠᠭᠴᠢ | ᠦᠨᠳᠦᠰᠦᠳᠡᠨ ᠮᠠᠨ ᠠᠴᠠ ᠦᠭᠡᠷ᠎ᠡ ᠦᠭᠡᠢ ᠪᠤᠶᠤ᠃ | ᠮᠤᠩᠭᠤᠯ ᠬᠠᠭᠠᠨ ᠤᠷᠳᠤᠨ ᠤ ᠬᠦᠭᠵᠢᠮ — ᠲᠡᠷᠳᠡᠭᠡ ᠬᠤᠯᠠ ᠠᠴᠠ ᠠᠨᠢᠷᠯᠠᠵᠤ ᠢᠷᠡᠬᠦ ᠲᠠᠷᠬᠠᠨ | ᠦᠨᠳᠦᠰᠦᠳᠡᠨ ᠤ ᠲᠡᠦᠬᠡ ᠶᠢᠨ ᠴᠢᠮᠡᠭᠡ᠂ ᠲᠡᠷᠡ ᠠᠯᠤᠰ ᠠᠴᠠ ᠲᠡᠯᠡᠬᠡᠢ ᠬᠤᠳᠤᠯᠵᠠᠳᠠᠯᠠ ᠨᠠᠭᠠᠰᠢᠯᠠᠬᠤ ᠠᠳᠤᠭᠤᠳ | ᠤᠨ ᠲᠠᠪᠬᠢᠭ᠎ᠠ᠂ ᠤᠵᠠᠭᠤᠷ ᠡᠷᠳᠡ ᠠᠴᠠ ᠰᠢᠷᠤᠩᠬᠠᠶᠢᠯᠠᠵᠤ ᠢᠷᠡᠬᠦ ᠬᠡᠶᠢᠮᠦᠷᠢ ᠪᠤᠰᠤᠭ᠎ᠠ ᠠᠶᠠᠯᠭᠤ᠂ ᠤᠤᠷ ᠰᠤᠶᠤᠯ | ᠠᠴᠠ ᠰᠤᠨᠤᠷᠳᠠᠵᠤ ᠠᠶᠢᠰᠤᠢ ᠤᠶᠠᠩᠭ᠎ᠠ ᠶᠢᠨ ᠲᠡᠭᠦᠯᠳᠡᠷ ᠵᠢᠪᠬᠤᠭ᠎ᠠ᠂ ᠠᠭᠤᠳᠠᠮ ᠬᠠᠩᠭᠠᠢ ᠶᠢᠨ ᠴᠠᠭᠠᠨ᠎ᠠ ᠠᠴᠠ | ᠬᠦᠬᠡᠮᠡᠶᠢᠯᠡᠵᠦ ᠨᠠᠭᠠᠰᠢᠯᠠᠬᠤ ᠲᠡᠭᠷᠢᠯᠢᠭ ᠠᠪᠢᠶ᠎ᠠ᠂ ᠠᠭᠤᠤ ᠲᠡᠭᠡᠳᠦᠰ ᠤᠨ ᠠᠶᠤᠤᠯᠢᠬᠠᠢ ᠠᠴᠠ ᠴᠠᠬᠢᠯᠵᠤ ᠢᠷᠡᠭᠰᠡᠨ | ᠪᠢᠯᠢᠭ ᠰᠤᠤᠳᠤ ᠤᠬᠠᠭᠠᠨ᠃ | 2013 ᠤᠨ ᠠᠴᠠ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠢ ᠦᠪᠦᠷ ᠮᠤᠩᠭᠤᠯ ᠤᠨ | ᠤᠬᠠᠭᠤᠯᠬᠤ ᠬᠡᠯᠳᠡᠰ ᠠᠴᠠ ︽ᠰᠤᠶᠤᠯ ᠤᠨ ᠬᠤᠩᠬᠢᠯ︾ ᠢᠨᠵᠧᠨᠧᠷᠢᠩ ᠳᠤ ᠤᠷᠤᠭᠤᠯᠵᠤ᠂ ᠡᠨᠡ ᠲᠦᠷᠦᠯ ᠵᠦᠢᠯ | ᠢᠶᠠᠷ 2013 ᠤᠨ᠂ 2014 ᠤᠨ ᠳᠤ ᠦᠨᠦ ᠶᠢᠨ ᠤᠯᠠᠮᠵᠢᠯᠠᠵᠤ ᠰᠡᠷᠭᠦᠭᠡᠭᠰᠡᠨ ᠲᠤᠭᠯᠠᠯᠳᠠ ᠶᠢᠨ ᠢᠶᠠᠨ 25 | ᠲᠠᠭᠤᠤ ᠬᠦᠭᠵᠢᠮ ᠢ ᠬᠦᠬᠡᠬᠤᠳᠠ ᠳᠤ ᠲᠤᠰᠬᠠᠢ ᠲᠦᠷᠰᠦ ᠰᠢᠩᠬᠡᠬᠡᠯᠳᠡ ᠬᠢᠯᠭᠡᠵᠦ᠂ ᠨᠢᠭᠡᠨᠳᠡ ᠨᠤᠮ ᠪᠠ ᠹᠢᠯᠢᠮ | ᠪᠤᠯᠭᠠᠨ ᠦᠢᠯᠡᠳᠦᠨ ᠭᠠᠷᠭᠠᠵᠠᠢ᠃ | ︽ᠴᠠᠭᠠᠨ ᠬᠤᠳᠠ ᠶᠢᠨ ᠪᠠᠭᠤᠷᠢ︾ ᠶᠢ ᠶᠤᠸᠠᠨ ᠤ ᠲᠡᠭᠡᠳᠦ ᠨᠡᠶᠢᠰᠯᠡᠯ ᠤᠨ ᠲᠡᠯᠡᠬᠡᠢ ᠶᠢᠨ ᠰᠤᠶᠤᠯ ᠤᠨ | ᠦᠪ ᠤᠨ ᠦᠷᠭᠡᠳᠭᠡᠭᠰᠡᠨ ᠲᠦᠷᠦᠯ ᠵᠦᠢᠯ ᠢᠶᠠᠷ ᠲᠡᠭᠡᠭᠰᠢ ᠮᠡᠳᠡᠭᠦᠯᠬᠦ ᠬᠢᠭᠡᠳ ᠮᠤᠩᠭᠤᠯ ᠬᠠᠭᠠᠨ ᠤᠷᠳᠤᠨ ᠤ | ᠲᠠᠭᠤᠤ ᠬᠦᠭᠵᠢᠮ ᠢ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ ᠢᠶᠠᠷ | ᠮᠡᠳᠡᠭᠦᠯᠬᠦ ᠶᠢ ᠦᠷᠬᠦᠯᠵᠢᠯᠡᠨ ᠡᠷᠡᠮᠡᠯᠵᠡᠯᠡᠵᠤ᠂ ᠬᠠᠮᠢᠶ᠎ᠠ ᠪᠦᠬᠦᠢ ᠮᠠᠲ᠋ᠧᠷᠢᠶᠠᠯ ᠢ ᠨᠢᠭᠡᠨᠳᠡ ᠲᠡᠭᠡᠭᠰᠢ ᠲᠤᠰᠢᠶᠠᠭᠰᠠᠨ | ᠪᠠᠶᠢᠨ᠎ᠠ᠃ ᠯᠢᠭᠳᠡᠨ ᠬᠠᠭᠠᠨ ᠤ ᠸᠴᠢᠷᠳᠤ ᠴᠠᠭᠠᠨ ᠬᠤᠳᠠ ᠪᠤᠯ ᠦᠪᠦᠷ ᠮᠤᠩᠭᠤᠯ ᠤᠨ ᠬᠡᠪᠴᠢᠶᠡᠨ ᠳᠠᠬᠢ ᠬᠠᠮᠤᠭ | ᠠᠴᠠ ᠪᠦᠷᠢᠨ ᠪᠦᠳᠦᠨ ᠬᠠᠳᠠᠭᠠᠯᠠᠭᠳᠠᠵᠤ ᠪᠠᠶᠢᠭ᠎ᠠ ᠡᠷᠳᠡᠨ ᠤ ᠬᠤᠳᠠ ᠶᠢᠨ ᠪᠠᠭᠤᠷᠢ ᠪᠤᠯᠬᠤ ᠶᠤᠮ ᠪᠠᠶᠢᠨ᠎ᠠ᠃ | 2013 ᠤᠨ ᠤ 7 ᠰᠠᠷ᠎ᠠ ᠶᠢᠨ 4 ᠤ ᠤᠷᠤᠢ ᠶᠢᠨ 8 ᠴᠠᠭ ᠲᠤ᠂ ᠠᠷᠪᠠᠳᠤᠭᠠᠷ ᠬᠤᠭᠤᠴᠠᠭᠠᠨ ᠤ ︽ | ᠳᠤᠮᠳᠠᠳᠤ ᠤᠯᠤᠰ · ᠦᠪᠦᠷ ᠮᠤᠩᠭᠤᠯ ᠤᠨ ᠳᠠᠯ᠎ᠠ ᠨᠤᠳᠤᠭ ᠤᠨ ᠰᠤᠶᠤᠯ ᠤᠨ ᠨᠠᠶᠢᠷ︾ ᠤᠨ ᠳᠡᠬᠦᠰᠬᠦ ᠶᠤᠰᠤᠯᠠᠯ | ᠵᠢᠴᠢ ᠱᠠᠩᠨᠠᠯ ᠤᠯᠭᠤᠬᠤ ᠦᠳᠡᠰᠢᠯᠡᠭᠡ ᠬᠦᠬᠡᠬᠤᠳᠠ ᠶᠢᠨ ᠤᠯᠠᠭᠠᠨ ᠲᠢᠶᠠᠲᠷ ᠲᠤ ᠶᠠᠪᠤᠭᠳᠠᠪᠠ᠂ ᠳᠤᠰ | ᠬᠤᠭᠤᠴᠠᠭᠠᠨ ᠤ ᠳᠠᠯ᠎ᠠ ᠨᠤᠳᠤᠭ ᠤᠨ ᠰᠤᠶᠤᠯ ᠤᠨ ᠨᠠᠶᠢᠷ ᠨᠢ ︽ᠳᠠᠯ᠎ᠠ ᠨᠤᠳᠤᠭ ᠤᠨ ᠰᠤᠶᠤᠯ ᠢ ᠮᠠᠨᠳᠤᠭᠤᠯᠵᠤ᠂ | ᠰᠤᠶᠤᠯ ᠤᠨ ᠤᠬᠢ ᠪᠦᠳᠦᠬᠡᠯ ᠢ ᠳᠡᠯᠬᠡᠨ ᠦᠵᠡᠬᠦᠯᠵᠦ᠂ ᠰᠤᠶᠤᠯ ᠤᠨ ᠬᠦᠭᠵᠢᠯᠳᠡ ᠶᠢ ᠠᠬᠢᠭᠤᠯᠵᠤ᠂ ᠨᠡᠶᠢᠬᠡᠮ ᠤᠨ | ᠡᠶ᠎ᠡ ᠵᠤᠬᠢᠴᠠᠯ ᠢ ᠠᠬᠢᠭᠤᠯᠬᠤ︾ ᠪᠠᠷ ᠭᠤᠤᠯ ᠰᠡᠳᠦᠪ ᠪᠤᠯᠭᠠᠵᠠᠢ᠃ ᠳᠡᠬᠦᠰᠬᠦ ᠶᠤᠰᠤᠯᠠᠯ ᠳᠤ᠂ ᠳᠠᠯ᠎ᠠ ᠨᠤᠳᠤᠭ | ᠤᠨ ᠰᠤᠶᠤᠯ ᠤᠨ ᠨᠠᠶᠢᠷ ᠤᠨ ᠱᠠᠩᠨᠠᠯ ᠬᠦᠷᠳᠡᠭᠰᠡᠨ ᠵᠦᠴᠦᠬᠡ ᠶᠢᠨ ᠭᠠᠷᠴᠠᠭ ᠵᠢᠴᠢ ᠤᠷᠠᠯᠢᠭ ᠤᠨ ᠪᠦᠳᠦᠬᠡᠯ ᠤᠨ ︽ | ᠰᠠᠷᠠᠨ᠎ᠠ︾ ᠱᠠᠩᠨᠠᠯ᠂ ᠤᠷᠠᠨ ᠵᠤᠬᠢᠶᠠᠯ ᠤᠨ ᠪᠦᠳᠦᠬᠡᠯ ᠤᠨ ︽ᠰᠤᠯᠤᠩᠭ᠎ᠠ︾ ᠱᠠᠩᠨᠠᠯ ᠬᠦᠷᠳᠡᠭᠰᠡᠳ ᠲᠤ ᠱᠠᠩᠨᠠᠯ | ᠤᠯᠭᠤᠪᠠ᠃ ︽ᠮᠤᠩᠭᠤᠯ ᠬᠠᠭᠠᠨ ᠤᠷᠳᠤᠨ ᠤ ᠬᠦᠭᠵᠢᠮ︾ ᠨᠢ ᠳᠤᠰ ᠬᠤᠭᠤᠴᠠᠭᠠᠨ ᠤ ᠰᠤᠶᠤᠯ ᠤᠨ ᠨᠠᠶᠢᠷ ᠤᠨ | ᠰᠢᠯᠢᠳᠡᠭ ᠵᠦᠴᠦᠬᠡ ᠪᠤᠯᠤᠭᠰᠠᠨ ᠤ ᠬᠤᠪᠢ ᠪᠠᠷ ᠳᠡᠬᠦᠰᠬᠦ ᠶᠤᠰᠤᠯᠠᠯ ᠳᠤ ᠳᠤᠭᠯᠠᠯᠳᠠ ᠭᠠᠷᠭᠠᠵᠤ ᠨᠡᠶᠢᠬᠡᠮ ᠤᠨ | ᠡᠯ᠎ᠡ ᠡᠳᠡᠬᠡᠳ ᠤᠨ ᠬᠢᠨ ᠤ ᠠᠩᠬᠠᠷᠤᠯ ᠢ ᠳᠠᠳᠠᠪᠠ᠃ | ᠦᠪᠡᠷᠳᠡᠬᠡᠨ ᠵᠠᠰᠠᠬᠤ ᠤᠷᠤᠨ ᠤ ᠣᠳᠣᠷᠢᠳᠣᠯᠭ᠎ᠠ ᠷᠧᠨ ᠶᠠ ᠫᠢᠩ᠂ ᠤᠯᠠᠭᠠᠨ᠂ ᠦ᠋ ᠲᠤᠸᠠᠨ ᠶᠢᠩ᠂ ᠶᠠᠩ | ᠴᠧᠩ ᠸᠠᠩ᠂ ᠦᠪᠡᠷᠳᠡᠬᠡᠨ ᠵᠠᠰᠠᠬᠤ ᠤᠷᠤᠨ ᠤ ᠴᠡᠷᠢᠭ ᠤᠨ ᠳᠤᠭᠤᠷᠢᠭ ᠤᠨ ᠤᠳᠤᠷᠢᠳᠤᠯᠭ᠎ᠠ ᠵᠠᠩ ᠶᠢᠩ ᠪᠤᠯᠤᠨ | ᠤᠯᠠᠭᠠᠨᠬᠠᠳᠠ ᠬᠤᠳᠠ ᠶᠢᠨ ᠤᠳᠤᠷᠢᠳᠤᠯᠭ᠎ᠠ ᠲᠥᠩ ᠭᠥᠸᠧ ᠴᠢᠩ᠂ ᠨᠢᠩ ᠭᠥᠸᠧ ᠲᠤᠤ᠂ ᠮᠠᠨ ᠤ ᠬᠤᠰᠢᠭᠤᠨ | ᠤ ᠨᠠᠮ ᠵᠠᠰᠠᠭ ᠤᠨ ᠤᠳᠤᠷᠢᠳᠤᠯᠭ᠎ᠠ ᠮᠧᠩ ᠰᠢᠶᠤᠤ ᠪᠢᠩ᠂ ᠪᠠᠳᠤᠵᠢᠷᠭᠠᠯ᠂ ᠭᠥᠸᠧ ᠶᠠᠨ ᠴᠢᠦ᠂ ᠺᠥᠩ ᠰᠢᠶᠠᠩ | ᠫᠧᠩ᠂ ᠮᠦᠩᠬᠡ᠂ ᠪᠤᠤ ᠢᠦᠢ᠂ ᠵᠢᠶᠠᠨ ᠴᠦᠨ ᠱᠧᠩ᠂ ᠯᠢᠦ ᠾᠦᠢ ᠨᠠᠷ ᠵᠢᠴᠢ ᠦᠪᠡᠷᠳᠡᠬᠡᠨ ᠵᠠᠰᠠᠬᠤ ᠤᠷᠤᠨ ᠤ | ᠰᠤᠶᠤᠯ ᠤᠨ ᠳᠢᠩᠬᠢᠮ ᠵᠡᠷᠬᠡ ᠡᠯ᠎ᠡ ᠵᠦᠪᠯᠡᠯ ᠠᠯᠪᠠᠨ ᠳᠢᠩᠬᠢᠮ ᠤᠨ ᠬᠠᠮᠢᠶ᠎ᠠ ᠪᠦᠬᠦ ᠤᠳᠤᠷᠢᠳᠤᠯᠭ᠎ᠠ᠂ ᠡᠯ᠎ᠡ ᠠᠶᠢᠮᠠᠭ | ᠬᠤᠳᠠ ᠪᠤᠯᠤᠨ ᠤᠯᠠᠭᠠᠨᠬᠠᠳᠠ ᠬᠤᠳᠠ ᠶᠢᠨ ᠬᠡᠰᠡᠭ ᠪᠦᠯᠦᠭ ᠬᠤᠰᠢᠭᠤ ᠰᠢᠶᠠᠨ ᠳᠤᠭᠤᠷᠢᠭ ᠤᠨ ᠤᠳᠤᠷᠢᠳᠤᠯᠭ᠎ᠠ | ᠨᠠᠷ ᠳᠤᠬᠠᠢ ᠶᠢᠨ ᠳᠠᠯᠠᠪᠠᠢ ᠶᠢᠨ ᠦᠵᠡᠭᠴᠢᠳᠲ᠋ᠠᠢ ᠬᠠᠮᠳᠤ ︽ᠮᠤᠩᠭᠤᠯ ᠬᠠᠭᠠᠨ ᠤᠷᠳᠤᠨ ᠤ ᠬᠦᠭᠵᠢᠮ︾ ᠤᠨ | ᠳᠤᠭᠯᠠᠯᠳᠠ ᠶᠢ ᠰᠤᠨᠢᠷᠬᠠᠪᠠ᠃ ᠮᠤᠩᠭᠤᠯ ᠬᠠᠭᠠᠨ ᠤᠷᠳᠤᠨ ᠤ ᠬᠦᠭᠵᠢᠮ ᠤᠨ ᠠᠩᠬᠢ ᠨᠢ 30 ᠭᠠᠳ ᠵᠢᠯ ᠤᠨ | ᠡᠮᠦᠨ᠎ᠡ ᠭᠧᠮᠫᠢ ᠶᠢᠨ ᠰᠦᠮ᠎ᠡ ᠠᠴᠠ ᠢᠯᠡᠷᠡᠬᠦᠯᠥᠭᠰᠡᠨ ᠵᠦᠢᠯ ᠤᠳ ᠢ ᠰᠡᠷᠬᠦᠬᠡᠭᠰᠡᠨ ︽ᠮᠤᠩᠭᠤᠯ ᠬᠠᠭᠠᠨ ᠤᠷᠳᠤᠨ | ᠤ ᠬᠦᠭᠵᠢᠮ︾ ᠳᠤᠰᠬᠠᠢ ᠳᠤᠭᠯᠠᠯᠳᠠ ᠳᠠᠭᠠᠨ᠂ ᠮᠤᠩᠭᠤᠯ ᠬᠠᠭᠠᠨ ᠤᠷᠳᠤᠨ ᠤ ᠬᠦᠭᠵᠢᠮ ︽ᠭᠠᠷᠤᠳᠢ︾᠂ | ᠮᠤᠩᠭᠤᠯ ᠬᠠᠭᠠᠨ ᠤᠷᠳᠤᠨ ᠤ ᠳᠠᠬᠢᠯᠭ᠎ᠠ ᠶᠢᠨ ᠪᠦᠵᠢᠭ ︽ᠢᠷᠦᠬᠡᠯ ᠳᠠᠭᠠᠳᠬᠠᠯ ᠤᠨ ᠪᠦᠵᠢᠭ︾᠂ ᠮᠤᠩᠭᠤᠯ | ᠬᠠᠭᠠᠨ ᠤᠷᠳᠤᠨ ᠤ ᠬᠦᠭᠵᠢᠮ ︽ᠤᠬᠠᠭᠠᠨᠳᠤ︾᠂ ᠮᠤᠩᠭᠤᠯ ᠬᠠᠭᠠᠨ ᠤᠷᠳᠤᠨ ᠤ ᠬᠦᠭᠵᠢᠮᠳᠦ ᠪᠦᠵᠢᠭ ︽ | ᠦᠳᠦᠨ ᠪᠦᠵᠢᠭ︾᠂ ᠮᠤᠩᠭᠤᠯ ᠬᠠᠭᠠᠨ ᠤᠷᠳᠤᠨ ᠤ ᠬᠦᠭᠵᠢᠮ ︽ᠳᠦᠷᠪᠡᠨ ᠰᠠᠶᠢᠨ ᠬᠦᠮᠦᠨ︾᠂ ᠮᠤᠩᠭᠤᠯ | ᠬᠠᠭᠠᠨ ᠤᠷᠳᠤᠨ ᠤ ᠬᠦᠭᠵᠢᠮᠳᠦ ᠪᠦᠵᠢᠭ ︽ ᠪᠠᠮᠪᠠᠢ ᠶᠢᠨ ᠪᠦᠵᠢᠭ︾ ᠵᠡᠷᠬᠡ 6 ᠬᠡᠰᠡᠭ ᠬᠤᠪᠢᠶᠠᠵᠤ᠂ | ᠦᠵᠡᠭᠴᠢᠳ ᠲᠤ ᠮᠤᠩᠭᠤᠯ ᠶᠤᠸᠠᠨ ᠤ ᠬᠠᠭᠠᠨ ᠤᠷᠳᠤᠨ ᠤ ᠲᠠᠭᠤᠤ ᠬᠦᠭᠵᠢᠮ ᠤᠨ ᠦᠪᠡᠳᠡᠭᠰᠢ ᠭᠠᠶᠢᠬᠠᠮᠰᠢᠭ ᠢ | ᠭᠠᠶᠢᠬᠠᠭᠤᠯᠪᠠ᠃ | ᠳᠤᠭᠯᠠᠯᠳᠠ ᠶᠢᠨ ᠳᠠᠷᠠᠭ᠎ᠠ᠂ ᠡᠯ᠎ᠡ ᠱᠠᠳᠤᠨ ᠤ ᠤᠳᠤᠷᠢᠳᠤᠯᠭ᠎ᠠ ᠠᠴᠠ ᠠᠷᠦ ᠬᠤᠷᠴᠢᠨ ᠬᠤᠰᠢᠭᠤᠨ ᠤ | ᠮᠤᠩᠭᠤᠯ ᠬᠠᠭᠠᠨ ᠤᠷᠳᠤᠨ ᠤ ᠬᠦᠭᠵᠢᠮ ᠤᠨ ᠠᠩᠬᠢ ᠶᠢᠨ ᠳᠤᠭᠯᠠᠯᠳᠠ ᠪᠠ ︽ᠮᠤᠩᠭᠤᠯ ᠬᠠᠭᠠᠨ ᠤᠷᠳᠤᠨ ᠤ | ᠬᠦᠭᠵᠢᠮ︾ ᠢ ᠤᠯᠠᠮᠵᠢᠯᠠᠬᠤ ᠠᠵᠢᠯ ᠳᠤ ᠦᠨᠳᠦᠷ ᠦᠨᠡᠯᠡᠯᠳᠡ ᠦᠭᠴᠦ᠂ ︽ᠮᠤᠩᠭᠤᠯ ᠬᠠᠭᠠᠨ ᠤᠷᠳᠤᠨ ᠤ | ᠬᠦᠭᠵᠢᠮ︾ ᠪᠤᠯ ᠬᠦᠮᠦᠨ ᠳᠦᠷᠦᠯᠬᠢᠳᠡᠨ ᠤ ᠳᠠᠭᠤᠤ ᠬᠦᠭᠵᠢᠮ ᠤᠨ ᠰᠤᠶᠤᠯ ᠤᠨ ᠡᠷᠳᠡᠨᠢ ᠪᠤᠯᠤᠨ᠎ᠠ᠂ ᠳᠠᠯ᠎ᠠ | ᠨᠤᠳᠤᠭ ᠤᠨ ᠳᠠᠭᠤᠤ ᠬᠦᠭᠵᠢᠮ ᠤᠨ ᠠᠮᠢᠳᠤ ᠴᠢᠯᠠᠭᠤᠵᠢᠮᠠᠯ᠂ ᠤᠷᠢᠳᠤ ᠶᠢᠨ ᠬᠦᠮᠦᠰ ᠤᠨ ᠪᠦᠬᠦ ᠬᠦᠮᠦᠨ | ᠳᠦᠷᠦᠯᠬᠢᠳᠡᠨ ᠳᠤ ᠦᠯᠡᠳᠡᠬᠡᠭᠰᠡᠨ ᠦᠨᠡᠳᠦ ᠰᠤᠶᠤᠯ ᠤᠨ ᠦᠪ ᠬᠦᠷᠦᠩᠬᠡ ᠪᠤᠯᠤᠨ᠎ᠠ᠂ ᠠᠵᠢᠯ ᠤᠨ ᠬᠦᠴᠦᠯᠡᠴᠡ | ᠪᠠᠨ ᠦᠷᠬᠦᠯᠵᠢᠯᠡᠨ ᠴᠢᠩᠭᠠᠳᠬᠠᠵᠤ᠂ ᠮᠤᠩᠭᠤᠯ ᠬᠠᠭᠠᠨ ᠤᠷᠳᠤᠨ ᠤ ᠰᠤᠶᠤᠯ ᠤᠨ ᠠᠭᠤᠯᠤᠭᠳᠠᠬᠤᠨ ᠢ | ᠢᠯᠡᠷᠡᠬᠦᠯᠵᠦ᠂ ︽ᠮᠤᠩᠭᠤᠯ ᠬᠠᠭᠠᠨ ᠤᠷᠳᠤᠨ ᠤ ᠬᠦᠭᠵᠢᠮ︾ ᠢ ᠤᠯᠤᠰ ᠤᠨ ᠳᠡᠰ ᠤᠨ ᠪᠤᠳᠠᠰ ᠤᠨ ᠪᠤᠰᠤ | ᠰᠤᠶᠤᠯ ᠤᠨ ᠦᠪ ᠤᠨ ᠨᠡᠷᠡᠰ ᠲᠤ ᠤᠷᠤᠭᠤᠯᠬᠤ ᠪᠠᠷ ᠴᠢᠷᠮᠠᠶᠢᠵᠤ᠂ ᠮᠤᠩᠭᠤᠯ ᠬᠠᠭᠠᠨ ᠤᠷᠳᠤᠨ ᠤ ᠰᠤᠶᠤᠯ ᠢ | ᠨᠡᠩ ᠦᠷᠬᠡᠨ ᠬᠡᠪᠴᠢᠶᠡᠨ ᠳᠤ ᠠᠯᠳᠠᠷᠰᠢᠭᠤᠯᠬᠤ ᠬᠡᠷᠡᠭᠳᠠᠢ ᠬᠡᠵᠦ ᠰᠠᠨᠠᠯ ᠨᠢᠬᠡᠳᠠᠢ ᠦᠵᠡᠵᠡᠬᠡᠪᠡ᠃ | ᠮᠤᠩᠭᠤᠯ ᠬᠠᠭᠠᠨ ᠤᠷᠳᠤᠨ ᠤ ᠬᠦᠭᠵᠢᠮ — ᠬᠤᠷᠭᠤᠢ ᠲᠡᠪᠡᠯᠳᠡᠨ ᠤ ᠬᠦᠯᠦᠰᠦᠨ ᠦᠨᠦᠷ ᠲᠠᠢ᠂ | ᠬᠠᠭᠠᠨ ᠢᠵᠠᠭᠤᠷᠳᠠᠨ ᠤ ᠤᠷᠳᠤᠨ ᠬᠠᠷᠰᠢ ᠶᠢᠨ ᠲᠤᠮᠤ ᠶᠡᠭᠡ ᠲᠠᠶᠢᠯᠠᠯᠭ᠎ᠠ ᠶᠤᠰᠤᠯᠠᠯ ᠳᠤ ᠡᠷᠭᠦᠯᠳᠡᠳᠡᠢ᠂ ᠬᠡᠷᠬᠡᠮᠳᠡᠨ | ᠲᠦᠰᠢᠮᠡᠳ ᠤᠨ ᠪᠠᠬ᠎ᠠ ᠰᠤᠨᠢᠷᠬᠠᠯ ᠳᠤ ᠨᠡᠶᠢᠴᠡᠭᠦᠯᠦᠯᠳᠡᠢ᠂ ᠬᠠᠮᠤᠭ ᠮᠤᠩᠭᠤᠯ ᠤᠨ ᠵᠠᠩ ᠦᠢᠯᠡ ᠬᠢᠭᠡᠳ ᠲᠡᠦᠬᠡᠨ | ᠤᠯᠠ ᠮᠦᠷ ᠬᠠᠷᠠᠭᠳᠠᠯᠳᠠᠢ᠂ ᠲᠡᠭᠡᠳᠦ ᠲᠠᠪᠬᠤᠷᠭᠠᠳᠠᠨ ᠤ ᠲᠤᠮᠳᠠ ᠲᠠᠭᠤᠯᠠᠭᠳᠠᠵᠤ ᠬᠦᠭᠵᠢᠮᠳᠡᠭᠳᠡᠵᠦ | ᠬᠤᠭᠤᠷᠳᠠᠭᠳᠠᠵᠤ ᠴᠤᠭᠤᠷᠳᠠᠭᠳᠠᠵᠤ ᠤᠶᠠᠩᠭᠠᠯᠠᠭᠳᠠᠵᠤ ᠬᠦᠭᠡᠮᠡᠶᠢᠯᠡᠭᠳᠡᠵᠦ ᠢᠷᠡᠭᠰᠡᠨ — ᠡᠴᠢᠨ᠎ᠡ ᠭᠦᠨ | ᠤᠷᠠᠯᠢᠭ᠃ | ᠪᠠᠶᠢᠭᠠᠯᠢ ᠤᠷᠴᠢᠨ ᠳᠤ ᠠᠮᠢᠳᠤᠷᠠᠬᠤ ᠳᠤ ᠬᠦᠮᠦᠨ ᠲᠦᠷᠦᠯᠬᠢᠳᠡᠨ ᠰᠤᠶᠤᠯ ᠤᠨ ᠲᠤᠮᠳᠠ ᠠᠮᠢᠳᠤᠷᠠᠳᠠᠭ᠃ | ᠰᠤᠶᠤᠯ ᠨᠢ ᠬᠡᠯᠪᠡᠷᠢ ᠲᠦᠷᠰᠦ ᠪᠠᠶᠢᠬᠤ ᠦᠭᠡᠢ ᠲᠤᠯᠠ ᠲᠦᠷᠰᠦᠯᠡᠬᠦᠶᠡ ᠬᠦᠴᠢᠷ᠂ ᠬᠡᠪᠴᠢᠶ᠎ᠡ ᠬᠦᠷᠢᠶ᠎ᠡ ᠪᠠᠶᠢᠬᠤ | ᠦᠭᠡᠢ ᠲᠤᠯᠠ ᠲᠤᠭᠳᠠᠭᠠᠬᠤᠶᠠ ᠪᠡᠷᠬᠡ᠃ ᠰᠤᠶᠤᠯ ᠨᠢ ᠶᠠᠭ ᠯᠡ ᠬᠡᠢ ᠠᠭᠠᠷ ᠮᠡᠳᠦ᠂ ᠪᠢᠳᠡ ᠡᠳᠦᠷ ᠪᠦᠷᠢ ᠲᠡᠭᠦᠨ | ᠤ ᠲᠤᠮᠳᠠ ᠠᠮᠢᠳᠤᠷᠠᠵᠤ ᠪᠠᠶᠢᠳᠠᠭ᠂ ᠴᠠᠭ ᠭᠱᠠᠨ ᠴᠤ ᠲᠡᠭᠦᠨ ᠠᠴᠠ ᠰᠠᠯᠵᠤ ᠴᠢᠳᠠᠳᠠᠭ ᠦᠭᠡᠢ᠃ | 2013 ᠤᠨ ᠤ 7 ᠰᠠᠷ᠎ᠠ ᠶᠢᠨ 24 ᠠᠴᠠ ᠬᠤᠶᠠᠳᠤᠭᠠᠷ ᠬᠤᠭᠤᠴᠠᠭᠠᠨ ᠤ ︽ᠲᠤᠮᠳᠠᠳᠤ ᠤᠯᠤᠰ · | ᠮᠤᠩᠭᠤᠯ ᠬᠠᠭᠠᠨ ᠤᠷᠳᠤᠨ ᠤ ᠰᠤᠶᠤᠯ ︵ᠵᠢᠭᠤᠯᠴᠢᠯᠠᠯ︶ ᠤᠨ ᠨᠠᠶᠢᠷ︾ ᠵᠤᠷᠰᠢᠯ ᠶᠤᠰᠤᠭᠠᠷ ᠡᠷᠬᠢᠯᠡᠭᠳᠡᠵᠦ᠂ 5 | ᠡᠳᠦᠷ ᠦᠪᠡᠳᠡᠭᠰᠢ ᠶᠠᠪᠤᠭᠳᠠᠭᠰᠠᠨ ᠪᠠᠶᠢᠨ᠎ᠠ᠃ ᠳᠤᠰ ᠤᠳᠠᠭᠠᠨ ᠤ ᠰᠤᠶᠤᠯ ᠤᠨ ᠨᠠᠶᠢᠷ ᠨᠢ ︽ᠮᠤᠩᠭᠤᠯ ᠬᠠᠭᠠᠨ | ᠤᠷᠳᠤᠨ ᠤ ᠰᠤᠶᠤᠯ ᠢ ᠠᠮᠢᠳᠤᠯᠢᠭ ᠢᠶᠠᠷ ᠤᠯᠠᠮᠵᠢᠯᠠᠵᠤ᠂ ᠠᠷᠦ ᠬᠤᠷᠴᠢᠨ ᠤ ᠰᠤᠶᠤᠯ ᠵᠤᠭᠠᠴᠠᠯ ᠤᠨ ᠦᠢᠯᠡᠰ ᠢ | ᠬᠦᠭᠵᠢᠬᠦᠯᠬᠦ︾ ᠪᠠᠷ ᠭᠤᠤᠯ ᠰᠡᠳᠦᠪ ᠪᠤᠯᠭᠠᠨ᠂ ︽ᠬᠠᠭᠠᠨ ᠤᠷᠳᠤᠨ ᠤ ᠳᠠᠭᠤᠤ ᠬᠦᠭᠵᠢᠮ︾ ᠢ ᠪᠦᠬᠦ ᠠᠷᠠᠳ | ᠢᠶᠠᠷ ᠤᠯᠠᠮᠵᠢᠯᠠᠨ ᠳᠠᠭᠤᠯᠠᠬᠤ᠂ ᠳᠠᠯᠠᠢ ᠶᠢᠨ ᠬᠤᠶᠠᠷ ᠬᠦᠪᠡᠬᠡᠨ ᠤ ᠰᠤᠶᠤᠯ ᠤᠨ ᠰᠤᠯᠢᠯᠴᠠᠭ᠎ᠠ᠂ ᠨᠡᠬᠦᠳᠡᠯ ᠮᠠᠯᠵᠢᠯ | ᠤᠨ ᠰᠤᠶᠤᠯ ᠪᠤᠯᠤᠨ ᠦᠨᠳᠦᠰᠦᠳᠡᠨ ᠤ ᠤᠷᠤᠨ ᠤ ᠵᠠᠯᠠᠭᠤ ᠪᠠᠭᠠᠴᠤᠳ ᠤᠨ ᠳᠤᠤᠷ ᠪᠦᠮᠪᠦᠭᠡ ᠶᠢᠨ ᠤᠷᠤᠯᠳᠤᠭᠠᠨ | ᠵᠡᠷᠬᠡ ᠰᠢᠰᠲ᠋ᠧᠮᠳᠤ ᠠᠵᠢᠯᠯᠠᠭᠠᠨ ᠢ ᠶᠠᠪᠤᠭᠳᠠᠭᠤᠯᠵᠤ᠂ ᠮᠤᠩᠭᠤᠯ ᠶᠤᠸᠠᠨ ᠤ ᠰᠤᠶᠤᠯ ᠢ ᠤᠬᠠᠭᠤᠯᠤᠨ | ᠳᠠᠨᠢᠯᠴᠠᠭᠤᠯᠵᠤ᠂ ᠮᠤᠩᠭᠤᠯ ᠬᠠᠭᠠᠨ ᠤᠷᠳᠤᠨ ᠤ ᠰᠤᠶᠤᠯ ᠤᠨ ᠠᠭᠤᠯᠤᠭᠳᠠᠬᠤᠨ ᠢ ᠪᠠᠶᠠᠯᠢᠭᠵᠢᠭᠤᠯᠬᠤ ᠶᠢᠨ ᠤᠯᠠᠮ | ᠢᠶᠠᠷ ᠬᠤᠰᠢᠭᠤᠨ ᠤ ᠰᠤᠶᠤᠯ ᠵᠢᠭᠤᠯᠴᠢᠯᠠᠯ ᠤᠨ ᠨᠡᠷᠡᠳᠦ ᠳᠡᠮᠳᠡᠭ ᠢ ᠡᠬᠦᠳᠬᠦ ᠵᠢᠴᠢ ᠰᠤᠶᠤᠯ ᠵᠢᠭᠤᠯᠴᠢᠯᠠᠯ ᠤᠨ | ᠦᠢᠯᠡᠰ ᠢ ᠠᠬᠢᠭᠤᠯᠤᠨ ᠲᠠᠭᠠᠭᠤᠯᠬᠤ ᠪᠤᠯᠤᠨ᠎ᠠ᠃ ᠰᠤᠶᠤᠯ ᠵᠢᠭᠤᠯᠴᠢᠯᠠᠯ ᠤᠨ ᠳᠤᠰᠬᠠᠢ ᠰᠡᠳᠦᠪᠳᠦ ᠹᠢᠯᠢᠮ ︽ | ᠳᠠᠯ᠎ᠠ ᠨᠤᠳᠤᠭ ᠤᠨ ᠤᠶᠠᠩᠭ᠎ᠠ︾ ᠪᠠᠷ ᠢᠶᠠᠨ ᠮᠠᠨ ᠤ ᠬᠤᠰᠢᠭᠤᠨ ᠤ ᠳᠡᠥᠬᠡ ᠰᠤᠶᠤᠯ᠂ ᠪᠠᠶᠢᠭᠠᠯᠢ ᠶᠢᠨ ᠦᠵᠡᠮᠵᠢ᠂ | ᠳᠠᠯ᠎ᠠ ᠨᠤᠳᠤᠭ ᠤᠨ ᠤᠨᠴᠠᠯᠢᠭ᠂ ᠮᠤᠩᠭᠤᠯ ᠬᠠᠭᠠᠨ ᠤᠷᠳᠤᠨ ᠤ ᠳᠠᠭᠤᠤ ᠬᠦᠭᠵᠢᠮ ᠵᠡᠷᠬᠡ ᠤᠷᠤᠨ ᠨᠤᠳᠤᠭ ᠤᠨ | ᠤᠨᠴᠠᠯᠢᠭ ᠢ ᠬᠦᠨᠵᠡᠬᠡᠢ ᠤᠶᠢᠯᠠᠭᠠᠭᠤᠯᠪᠠ ᠃ | ᠬᠤᠶᠠᠳᠤᠭᠠᠷ ᠬᠤᠭᠤᠴᠠᠭᠠᠨ ᠤ ︽ᠳᠤᠮᠳᠠᠳᠤ ᠤᠯᠤᠰ᠂ ᠮᠤᠩᠭᠤᠯ ᠬᠠᠭᠠᠨ ᠤᠷᠳᠤᠨ ᠰᠤᠶᠤᠯ ︵ | ᠵᠢᠭᠤᠯᠴᠢᠯᠠᠯ︶ ᠤᠨ ᠨᠠᠶᠢᠷ︾ ᠤᠨ ︽ᠮᠤᠩᠭᠤᠯ ᠬᠠᠭᠠᠨ ᠤᠷᠳᠤᠨ ᠤ ᠳᠠᠭᠤᠤ ᠬᠦᠭᠵᠢᠮ︾ ᠤᠨ ᠳᠤᠰᠬᠠᠢ | ᠳᠤᠭᠯᠠᠯᠳᠠ ᠳᠤ ︽ᠬᠠᠭᠠᠨ ᠤᠷᠳᠤᠨ ᠤ ᠳᠠᠭᠤᠤ ᠬᠦᠭᠵᠢᠮ ᠤᠨ ᠳᠤᠭᠯᠠᠯᠳᠠ ᠶᠢᠨ ᠠᠩᠬᠢ︾ ᠠᠴᠠ ︽ᠢᠷᠦᠬᠡᠯ | ᠳᠠᠭᠠᠳᠬᠠᠯ ᠤᠨ ᠪᠦᠵᠢᠭ︾᠂ ︽ᠳᠤᠭᠯᠠᠢ ᠡᠮᠡᠬᠡᠨ︾᠂ ︽ᠪᠡᠶᠡᠯᠡᠭᠡ ᠪᠦᠵᠢᠭ︾᠂ ︽ᠪᠠᠮᠪᠠᠢ ᠶᠢᠨ ᠪᠦᠵᠢᠭ︾᠂ | ︽ᠳᠦᠷᠪᠡᠨ ᠰᠠᠶᠢᠨ ᠬᠦᠮᠦᠨ︾᠂ ︽ᠰᠠᠷᠢᠭ ᠴᠠᠭᠠᠨ ᠢᠩᠬᠡ︾ ᠵᠡᠷᠬᠡ ᠳᠤᠬᠠᠢ ᠶᠢᠨ ᠦᠶ᠎ᠡ ᠶᠢᠨ ᠮᠤᠩᠭᠤᠯ ᠬᠠᠭᠠᠨ | ᠤᠷᠳᠤᠨ ᠤ ᠤᠷᠴᠢᠨ ᠪᠠᠶᠢᠳᠠᠯ ᠢ ᠳᠤᠰᠬᠠᠭᠰᠠᠨ ᠭᠤᠴᠤ ᠰᠠᠶᠢᠬᠠᠨ ᠳᠤᠭᠯᠠᠯᠳᠠ ᠶᠢ ᠭᠠᠷᠭᠠᠵᠤ᠂ ᠦᠵᠡᠭᠴᠢ ᠤᠯᠠᠨ | ᠳᠠᠭᠠᠨ ᠰᠤᠨᠢᠷᠬᠠᠭᠤᠯᠵᠠᠢ᠃ ᠮᠤᠩᠭᠤᠯ ᠬᠠᠭᠠᠨ ᠤᠷᠳᠤᠨ ᠤ ᠳᠠᠭᠤᠤ ᠬᠦᠭᠵᠢᠮ ᠨᠢ ᠮᠤᠩᠭᠤᠯ ᠶᠤᠸᠠᠨ ᠤ ᠦᠶ᠎ᠡ ᠳᠤ | ᠶᠡᠭᠡ ᠪᠠᠷ ᠳᠡᠯᠬᠡᠷᠡᠵᠦ᠂ ᠮᠤᠩᠭᠤᠯ ᠤᠨ ᠨᠤᠶᠠᠷᠬᠠᠭᠴᠢᠳ ᠤᠨ ᠲᠠᠶᠢᠯᠠᠯᠭ᠎ᠠ᠂ ᠬᠤᠷᠢᠮ ᠨᠠᠶᠢᠷ᠂ ᠪᠠᠶᠠᠷ ᠶᠤᠰᠤᠯᠠᠯ ᠳᠤ | ᠬᠦᠭᠵᠢᠮᠳᠡᠬᠦ ᠶᠡᠬᠡᠳᠡ ᠦᠨᠳᠦᠷ ᠲᠦᠪᠰᠢᠨ ᠪᠦᠬᠦᠢ ᠬᠦᠭᠵᠢᠮ ᠪᠤᠯᠤᠨ᠎ᠠ᠃ ᠮᠤᠩᠭᠤᠯ ᠬᠠᠭᠠᠨ ᠤᠷᠳᠤᠨ ᠤ ᠳᠠᠭᠤᠤ | ᠬᠦᠭᠵᠢᠮ ᠪᠤᠯ ᠮᠤᠩᠭᠤᠯ ᠦᠨᠳᠦᠰᠦᠳᠡᠨ ᠤ ᠤᠯᠠᠮᠵᠢᠯᠠᠯᠳᠤ ᠳᠠᠭᠤᠤ ᠬᠦᠭᠵᠢᠮ ᠳᠠᠬᠢ ᠬᠠᠮᠤᠭ ᠠᠴᠠ ᠴᠢᠬᠤᠯᠠ | ᠪᠦᠷᠢᠯᠳᠦᠬᠦᠨ ᠬᠡᠰᠡᠭ ᠪᠠᠶᠢᠵᠤ᠂ ᠳᠤᠮᠳᠠᠳᠤ ᠶᠢᠨ ᠨᠤᠳᠤᠭ ᠳᠡᠪᠢᠰᠬᠡᠷ ᠳᠡᠬᠡᠷ᠎ᠡ ᠤᠳᠤ ᠪᠤᠯᠳᠠᠯ᠎ᠠ | ᠬᠠᠳᠠᠭᠠᠯᠠᠭᠳᠠᠭᠰᠠᠭᠠᠷ ᠢᠷᠡᠭᠰᠡᠨ ᠴᠦᠬᠡᠨ ᠬᠡᠳᠦᠨ ᠳᠦᠷᠦᠯ ᠤᠨ ᠡᠷᠳᠡᠨ ᠤ ᠡᠷᠬᠢᠮ ᠳᠡᠬᠡᠳᠦ ᠳᠠᠭᠤᠤ ᠬᠦᠭᠵᠢᠮ ᠤᠨ | ᠨᠢᠬᠡ ᠪᠤᠯᠤᠨ᠎ᠠ᠂ ᠮᠦᠨ ᠴᠦ ᠳᠠᠯ᠎ᠠ ᠨᠤᠳᠤᠭ ᠤᠨ ᠳᠠᠭᠤᠤ ᠬᠦᠭᠵᠢᠮ ᠪᠤᠯᠤᠨ ᠶᠤᠸᠠᠨ ᠤᠯᠤᠰ ᠤᠨ ᠦᠶ᠎ᠡ ᠶᠢᠨ | ᠦᠨᠳᠦᠰᠦᠳᠡᠨ ᠨᠦᠭᠦᠳ ᠤᠨ ᠳᠠᠭᠤᠤ ᠬᠦᠭᠵᠢᠮ ᠤᠨ ᠨᠡᠶᠢᠳᠡᠯᠢᠭ ᠳᠦᠪᠯᠡᠷᠡᠩᠬᠦᠢ ᠪᠦᠳᠦᠬᠡᠯ ᠪᠤᠯᠵᠤ᠂ ᠳᠡᠯᠡᠬᠡᠢ | ᠨᠡᠶᠢᠳᠡ ᠶᠢᠨ ᠳᠠᠭᠤᠤ ᠬᠦᠭᠵᠢᠮ ᠤᠨ ᠬᠡᠪ ᠨᠠᠮᠪᠠ ᠲᠠᠢ ᠪᠠᠶᠢᠳᠠᠭ ᠠᠵᠢ᠃ | ᠤᠩᠰᠢᠭᠴᠢ ᠮᠢᠨᠢ᠂ ᠠᠳᠡ ᠬᠦᠷᠦᠭᠡᠳ ᠰᠤᠷᠪᠤᠯᠵᠢᠯᠠᠭᠴᠢ ᠪᠢ ᠴᠤ ᠨᠢᠳᠤ ᠰᠡᠳᠬᠢᠯ ᠬᠠᠨᠵᠤ᠂ ᠪᠠᠭ᠋ᠠᠳᠤᠨ | ᠬᠦᠭᠰᠡᠬᠦ ᠶᠢᠨ ᠵᠡᠷᠭᠡᠳᠡ᠂ ᠬᠡᠯᠡ ᠲᠤᠤᠷ᠎ᠠ ᠪᠠᠨ ᠲᠠᠷᠤᠵᠤ ᠤᠳᠠᠭᠰᠠᠨ ᠬᠦᠨᠳᠦ ᠶᠢᠨ ᠵᠢᠩ ᠲᠠᠢ ᠦᠭᠡ ᠪᠠᠨ ᠭᠠᠷᠭᠠᠵᠤ | ᠬᠡᠯᠡᠭᠡᠳ ᠴᠤ ᠦᠪ ᠰᠤᠶᠤᠯ ᠢᠶᠠᠨ ᠭᠡᠵᠦ ᠵᠢᠳᠭᠦᠭᠰᠡᠳ ᠤᠨ ᠶᠡᠭᠡ ᠦᠢᠯᠡ ᠶᠢ ᠨᠢ ᠢᠯᠡᠳᠭᠡᠵᠦ ᠲᠡᠶᠢᠯᠬᠦ ᠦᠭᠡᠢ | ᠪᠤᠯᠬᠤᠷ ︽ᠬᠠᠭᠠᠨ ᠤᠷᠳᠤᠨ ᠤ ᠲᠠᠭᠤᠤ ᠬᠦᠭᠵᠢᠮ︾ ᠲᠠᠢ ᠬᠤᠪᠢ ᠪᠠᠷᠢᠯᠳᠤᠯᠭ᠎ᠠ ᠲᠠᠢ ᠬᠡᠳᠦᠨ ᠬᠦᠮᠦᠨ ᠢ | ᠰᠤᠷᠪᠤᠯᠵᠢᠯᠠᠵᠤ ᠠᠰᠠᠭᠤᠨ ᠰᠤᠷᠠᠭᠰᠠᠨ ᠢᠶᠠᠨ ᠲᠠ ᠤᠯᠠᠨ ᠳᠠᠭᠠᠨ ᠬᠦᠷᠭᠡᠬᠦ ᠳᠤ ᠨᠡᠩ ᠤᠩᠰᠢᠭᠤᠷᠢᠳᠠᠢ ᠨᠡᠩ | ᠬᠠᠩᠭᠠᠮᠵᠢᠳᠠᠢ ᠰᠠᠨᠠᠭᠳᠠᠬᠤ ᠪᠢᠯᠢᠦ ᠬᠡᠮᠡᠨ ᠪᠤᠳᠤᠨ ᠪᠤᠢ᠃ | ᠲᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ᠭᠡᠰᠢᠬᠦᠨ᠂ ᠦᠪᠤᠷ ᠮᠤᠩᠭᠤᠯ ᠤᠨ ᠵᠤᠬᠢᠶᠠᠯᠴᠢᠳ ᠤᠨ | ᠡᠪᠯᠡᠯ ᠤᠨ ᠭᠡᠰᠢᠬᠦᠨ᠂ ᠲᠤᠮᠳᠠᠳᠤ ᠤᠯᠤᠰ ᠤᠨ ᠮᠤᠩᠭᠤᠯ ᠤᠷᠠᠨ ᠵᠤᠬᠢᠶᠠᠯ ᠰᠤᠳᠤᠯᠬᠤ ᠡᠷᠳᠡᠮ ᠰᠢᠨᠵᠢᠯᠡᠭᠡᠨ ᠤ | ᠨᠡᠶᠢᠭᠡᠮᠯᠢᠭ ᠤᠨ ᠭᠡᠰᠢᠬᠦᠨ᠂ ᠤᠯᠠᠭᠠᠨᠬᠠᠳᠠ ᠬᠤᠳᠠ ᠶᠢᠨ ᠵᠤᠬᠢᠶᠠᠯᠴᠢᠳ ᠤᠨ ᠡᠪᠯᠡᠯ ᠤᠨ ᠪᠠᠶᠢᠩᠭᠤ ᠶᠢᠨ ᠭᠡᠷᠡᠭ | ᠡᠷᠬᠢᠯᠡᠭᠴᠢ᠂ ᠰᠤᠨᠢᠨ ᠮᠡᠳᠡᠭᠡᠨ ᠤ ᠲᠠᠭᠡᠳᠦ ᠲᠠᠰ ᠤᠨ ᠨᠠᠶᠢᠷᠠᠭᠤᠯᠤᠭᠴᠢ ᠤ · ᠪᠤᠶ᠋ᠬᠠᠦ᠋ᠯᠵᠡᠢ᠄ | ᠠᠩᠬ᠎ᠠ ᠭᠧᠮᠫᠢ ᠶᠢᠨ ᠰᠦᠮ᠎ᠡ ᠶᠢᠨ 15 ᠡᠬᠢ ᠲᠠᠢ ︽ᠬᠠᠭᠠᠨ ᠤᠷᠳᠤᠨ ᠤ ᠮᠤᠩᠭᠤᠯ ᠲᠠᠭᠤᠤ ᠬᠦᠭᠵᠢᠮ︾ | ᠲᠠᠢ ᠤᠴᠠᠷᠠᠭᠰᠠᠨ ᠠᠴᠠ ᠠᠪᠤᠭᠠᠳ ᠪᠢ ᠬᠠᠮᠢᠶ᠎ᠠ ᠪᠦᠬᠦᠢ ᠭᠠᠵᠠᠷ ᠠᠴᠠ ᠡᠷᠢᠨ ᠰᠤᠷᠠᠬᠤ ᠶᠠᠪᠤᠴᠠ ᠳᠤ᠂ ᠯᠢᠭᠳᠡᠨ | ᠬᠤᠳᠤᠭᠳᠤ ᠬᠠᠭᠠᠨ ᠤ ᠲᠦᠷᠦ ᠮᠦᠬᠦᠭᠰᠡᠨ ᠠᠴᠠ ᠰᠡᠭᠦᠯᠡᠷ᠂ ᠮᠠᠨᠵᠤ ᠶᠢᠨ ᠬᠠᠭᠠᠨ ᠤ ᠭᠠᠷ ᠲᠤ ᠤᠷᠤᠭᠰᠠᠨ ︽ | ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠤᠨ ᠮᠠᠲ᠋ᠧᠷᠢᠶᠠᠯ ᠢ ᠡᠩᠬᠡ ᠠᠮᠤᠭᠤᠯᠠᠩ ᠬᠠᠭᠠᠨ ᠤ ᠲᠠᠪᠢᠨ | ᠬᠤᠶᠠᠳᠤᠭᠠᠷ ᠤᠨ ︵1714︶ ᠳᠤ ᠬᠠᠭᠠᠨ ᠤ ᠵᠠᠷᠯᠢᠭ ᠢᠶᠠᠷ ᠵᠠᠰᠠᠪᠤᠷᠢᠯᠠᠨ ᠨᠠᠶᠢᠷᠠᠭᠤᠯᠤᠭᠰᠠᠨ ︽ᠬᠠᠭᠠᠨ | ᠤᠷᠳᠤᠨ ᠤ ᠲᠠᠭᠤᠤ ᠬᠦᠭᠵᠢᠮ ᠤᠨ ᠮᠠᠲ᠋ᠧᠷᠢᠶᠠᠯ ︵ᠲᠠᠬᠢᠨ ᠲᠠᠷᠤᠮᠠᠯᠯᠠᠭᠰᠠᠨ︶︾ ᠪᠤᠯᠬᠤ᠂ ᠲᠠᠷᠤᠢ ᠴᠢᠩ ᠤᠯᠤᠰ | ᠤᠨ ᠬᠠᠭᠠᠨ ᠤᠷᠳᠤᠨ ᠤ ︽ᠠᠷᠭ᠎ᠠ ᠪᠢᠯᠢᠭ ᠤᠨ ᠬᠦᠭᠵᠢᠮ ᠤᠨ ᠵᠦᠢ ᠶᠢᠨ ᠰᠡᠭᠦᠯᠴᠢ ᠶᠢᠨ ᠨᠠᠶᠢᠷᠠᠭᠤᠯᠭ᠎ᠠ︾ ᠶᠢᠨ | ᠲᠦᠴᠢᠨ ᠲᠤᠯᠤᠭ᠎ᠠ᠂ ᠲᠦᠴᠢᠨ ᠨᠠᠢᠮᠠᠳᠤᠭᠠᠷ ᠲᠡᠪᠳᠡᠷ ᠢ ᠤᠯᠵᠤ᠂ ᠤᠤᠯ ᠤᠨ ᠮᠢᠨᠦ ᠭᠠᠷ ᠲᠤ ᠪᠠᠶᠢᠭᠰᠠᠨ 15 | ᠡᠬᠢ ᠲᠠᠭᠤᠤ ᠬᠦᠭᠵᠢᠮ ᠤᠨ ᠮᠠᠲ᠋ᠧᠷᠢᠶᠠᠯ ᠤᠳ ᠲᠠᠢ ᠨᠡᠶᠢᠯᠡᠭᠦᠯᠵᠦ ᠨᠢᠭᠳᠠᠯᠠᠭᠠᠳ ᠠᠷᠪᠢᠨ ᠶᠠᠭᠤᠮ᠎ᠠ ᠶᠢ ᠰᠡᠷᠡᠵᠦ | ᠤᠯᠠᠨ ᠵᠦᠢᠯ ᠬᠤᠯᠪᠤᠨ ᠪᠤᠳᠤᠭᠳᠠᠭᠰᠠᠨ ᠡ᠃ | ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠠᠴᠠ ᠴᠢᠩ ᠤᠯᠤᠰ᠂ ᠲᠦᠷᠦ ᠶᠢᠨ ᠬᠦᠭᠵᠢᠮ ᠳᠡᠭᠡᠨ | ᠵᠢᠷᠠᠨ ᠨᠠᠢᠮᠠᠨ ᠡᠬᠢᠳᠡᠢ ︽ᠨᠠᠶᠢᠷ ᠬᠤᠷᠢᠮ ᠤᠨ ᠲᠠᠭᠤᠤ︾ ᠪᠤᠯᠤᠨ ᠭᠤᠴᠢᠨ ᠬᠤᠶᠠᠷ ᠡᠬᠢ ᠲᠠᠢ ︽ᠨᠠᠶᠢᠷ ᠬᠤᠷᠢᠮ | ᠤᠨ ᠬᠦᠭᠵᠢᠮ︾ ᠢᠶᠠᠷ᠂ ᠨᠡᠶᠢᠳᠡ ᠵᠠᠭᠤᠨ ᠡᠬᠢᠳᠡᠢ ᠲᠠᠭᠤᠤ ᠬᠦᠭᠵᠢᠮ ᠢ ᠰᠤᠩᠭᠤᠨ ᠤᠷᠤᠭᠤᠯᠤᠭᠰᠠᠨ ᠪᠠᠶᠢᠨ᠎ᠠ᠃ | ᠤᠮᠠᠷᠠᠳᠤ ᠶᠢᠨ ᠨᠢᠭᠡ ᠴᠦᠬᠡᠨ ᠲᠤᠭᠠᠳᠤ ᠦᠨᠳᠦᠰᠦᠳᠡᠨ ᠤ ᠬᠤᠪᠢ ᠪᠠᠷ ᠮᠠᠨᠵᠤ ᠦᠨᠳᠦᠰᠦᠳᠡᠨ ᠨᠢ ᠰᠡᠬᠦᠯ ᠤᠨ | ᠦᠶ᠎ᠡ ᠪᠠᠷ ᠬᠦᠴᠦᠷᠭᠡᠭᠵᠢᠨ ᠲᠦᠷᠦ ᠤᠯᠤᠰ ᠪᠠᠶᠢᠭᠤᠯᠬᠤ ᠳᠠᠭᠠᠨ ᠠᠽᠢᠶ᠎ᠠ ᠡᠾᠦ᠋ᠷᠦᠫᠠ ᠶᠢ ᠰᠤᠨᠳᠠᠯᠠᠭᠰᠠᠨ ᠲᠡᠯᠡᠬᠡᠢ | ᠶᠢ ᠲᠤᠩᠰᠤᠯᠭᠠᠭᠰᠠᠨ ᠨᠦᠯᠦᠭᠡ ᠲᠠᠢ ᠮᠤᠩᠭᠤᠯ ᠤᠨ ᠲᠦᠷᠦ ᠵᠠᠰᠠᠭ ᠲᠡᠦᠬᠡ ᠰᠤᠶᠤᠯ ᠳᠤ ᠪᠦᠷᠢᠮᠦᠰᠦᠨ ᠦᠭᠡᠶᠢᠰᠬᠡᠬᠦ | ᠪᠤᠳᠤᠯᠭ᠎ᠠ ᠠᠪᠤᠭᠰᠠᠨ ᠪᠢᠰᠢ ᠬᠠᠷᠢᠨ ᠲᠡᠷᠡ ᠶᠡᠭᠡ ᠨᠦᠯᠦᠭᠡ ᠦᠢᠯᠡᠳᠦᠯ ᠢ ᠲᠠᠭᠤᠷᠢᠶᠠᠨ ᠮᠦᠷᠳᠡᠵᠦ ᠵᠠᠰᠠᠭ ᠲᠦᠷᠦ | ᠳᠡᠭᠡᠨ ᠦᠢᠯᠡᠴᠢᠯᠡᠭᠦᠯᠵᠦ ᠢᠷᠡᠭᠰᠡᠨ ᠪᠠᠶᠢᠳᠠᠭ᠃ | ︽ᠬᠠᠭᠠᠨ ᠤᠷᠳᠤᠨ ᠤ ᠮᠤᠩᠭᠤᠯ ᠲᠠᠭᠤᠤ ᠬᠦᠭᠵᠢᠮ︾ ᠢ ᠰᠠᠶᠢᠬᠠᠨ ᠦᠵᠡᠭᠡᠳ ᠪᠠᠶᠢᠬᠤ ᠳᠤ᠂ ᠮᠤᠩᠭᠤᠯ | ᠬᠠᠭᠠᠨᠳᠤ ᠲᠦᠷᠦ ᠶᠢᠨ ᠡᠯ᠎ᠡ ᠲᠡᠦᠬᠡᠨ ᠱᠠᠳᠤ ᠦᠶ᠎ᠡ ᠶᠢᠨ ᠱᠠᠰᠢᠨ ᠲᠦᠷᠦ᠂ ᠵᠠᠰᠠᠭ ᠲᠦᠷᠦ ᠶᠢᠨ ᠪᠦᠬᠦᠶᠢᠯᠡ | ᠲᠡᠦᠬᠡ ᠶᠢᠨ ᠤᠯᠠ ᠮᠦᠷ ᠬᠠᠷᠠᠭᠳᠠᠨ᠎ᠠ᠃ ᠮᠤᠩᠭᠤᠯ ᠬᠠᠭᠠᠨᠳᠤ ᠤᠯᠤᠰ ᠬᠦᠴᠦᠷᠬᠡᠭᠵᠢᠨ ᠮᠠᠨᠳᠤᠵᠤ᠂ ᠲᠦᠷᠪᠡᠨ | ᠵᠦᠭ ᠨᠠᠢᠮᠠᠨ ᠵᠤᠪᠬᠢᠰ ᠢ ᠮᠤᠷᠢᠨ ᠵᠢᠯᠤᠭᠤ ᠪᠠᠷ ᠡᠪᠬᠡᠨ᠂ ᠮᠦᠷ ᠰᠡᠭᠦᠳᠡᠷ ᠢᠶᠠᠨ ᠬᠦᠷᠦᠭᠰᠡᠨ ᠭᠠᠵᠠᠷ ᠪᠤᠯᠭᠠᠨ ᠳᠠᠭᠠᠨ | ᠦᠯᠡᠳᠡᠭᠡᠭᠰᠡᠨ ᠢᠶᠠᠷ ᠪᠠᠷᠠᠬᠤ ᠦᠭᠡᠢ ᠬᠦᠷᠦᠭᠰᠡᠨ ᠤᠷᠤᠨ ᠤ ᠢᠮ ᠲᠡᠮᠳᠡᠭ ᠢ ᠴᠤ ᠲᠠᠭᠠᠯᠳᠤᠭᠤᠯᠤᠨ ᠰᠢᠩᠭᠡᠭᠡᠭᠰᠡᠨ | ᠪᠠᠶᠢᠳᠠᠭ᠃ ︽ᠬᠠᠭᠠᠨ ᠤᠷᠳᠤᠨ ᠤ ᠮᠤᠩᠭᠤᠯ ᠲᠠᠭᠤᠤ ᠬᠦᠭᠵᠢᠮ︾ ᠤᠨ ᠦᠭᠡ᠂ ᠬᠦᠭᠵᠢᠮ ᠤᠨ ᠵᠢᠷᠤᠭᠠᠰᠤ᠂ | ᠲᠠᠭᠤᠤ ᠶᠢᠨ ᠦᠩᠭᠡ ᠠᠶᠠᠰ ᠮᠡᠳᠦ ᠶᠢᠨ ᠵᠦᠢᠯᠡᠰ ᠠᠴᠠ ᠪᠠᠷᠠᠭᠤᠨ ᠰᠢᠶᠠ ᠤᠯᠤᠰ ᠤᠨ ᠬᠦᠭᠵᠢᠮ᠂ ᠠᠯᠳᠠᠨ | ᠤᠯᠤᠰ ᠤᠨ ᠬᠦᠭᠵᠢᠮ ᠪᠤᠶᠤ ᠠᠷᠠᠪ ᠤᠨ ᠨᠦᠯᠦᠭᠡ᠂ ᠱᠠᠰᠢᠨ ᠤ ᠨᠦᠯᠦᠬᠡ ᠶᠢ ᠬᠦᠷᠳᠡᠭᠰᠡᠨ ᠨᠢ ᠢᠯᠡᠷᠬᠡᠢ | ᠮᠡᠳᠡᠭᠳᠡᠨ᠎ᠡ᠃ ︽ᠤᠷᠳᠤᠨ ᠤ ᠮᠤᠩᠭᠤᠯ ᠲᠠᠭᠤᠤ ᠬᠦᠭᠵᠢᠮ︾ ᠳᠤ ︽ᠶᠡᠭᠡ ᠮᠤᠩᠭᠤᠯ︾᠂ ︽ᠪᠠᠭ᠎ᠠ ᠮᠤᠩᠭᠤᠯ︾ | ᠭᠡᠬᠦ ᠬᠦᠭᠵᠢᠮ ᠤᠨ ᠠᠶᠠᠯᠭᠤ ᠪᠤᠯ ᠴᠢᠩᠭᠢᠰ ᠬᠠᠭᠠᠨ ᠤ ᠦᠶ᠎ᠡ ᠠᠴᠠ ᠪᠠᠶᠢᠭᠰᠠᠨ ᠪᠦᠭᠡᠳ ᠬᠤᠵᠢᠮ ᠨᠢ ᠪᠤᠭᠳᠠ | ᠴᠢᠩᠭᠢᠰ ᠬᠠᠭᠠᠨ ᠤ ᠲᠠᠬᠢᠯᠭ᠎ᠠ ᠲᠡᠭᠡᠷ᠎ᠡ ︽ᠲᠡᠭᠷᠢ ᠶᠢᠨ ᠬᠡᠯᠡ︾ ᠪᠠᠷ ᠬᠠᠶᠢᠯᠠᠳᠠᠭ ᠲᠠᠭᠤᠤ ᠬᠦᠭᠵᠢᠮ ᠪᠠᠶᠢᠵᠠᠢ᠃ | ᠡᠨᠡ ︽ᠲᠡᠭᠷᠢ ᠶᠢᠨ ᠬᠡᠯᠡ︾ ᠪᠠᠷ ᠬᠠᠶᠢᠯᠠᠳᠠᠭ ᠲᠠᠭᠤᠤ ᠬᠦᠭᠵᠢᠮ ᠴᠤᠬᠤᠮ ᠮᠤᠩᠭᠤᠯ ᠤᠨ ᠤᠵᠠᠭᠤᠷ ᠱᠠᠰᠢᠨ | ᠪᠦᠭᠡ ᠶᠢᠨ ᠰᠢᠳᠦᠯᠬᠡ ᠲᠠᠢ ᠬᠤᠯᠪᠤᠭ᠎ᠠ ᠲᠠᠢ ᠪᠤᠯ ᠤᠤ︖ ᠡᠰᠡᠭᠦᠯ᠎ᠡ ᠡᠷᠳᠡᠨ ᠤ ᠠᠷᠠᠪ ᠤᠨ ᠨᠦᠯᠦᠬᠡ ᠪᠤᠯ ᠤᠤ︖ | ᠴᠢᠨᠠᠭᠰᠢᠳᠠ ᠰᠤᠪᠢᠨ ᠰᠤᠳᠤᠯᠬᠤ ᠴᠢᠬᠤᠯᠠ ᠲᠠᠢ᠃ | ︽ᠬᠠᠭᠠᠨ ᠤᠷᠳᠤᠨ ᠤ ᠮᠤᠩᠭᠤᠯ ᠲᠠᠭᠤᠤ ᠬᠦᠭᠵᠢᠮ︾ ᠠᠴᠠ ᠴᠢᠩᠭᠢᠰ ᠬᠠᠭᠠᠨ ᠤ ᠪᠢᠯᠢᠭ ᠰᠤᠷᠭᠠᠯ᠂ | ᠰᠡᠴᠡ ᠪᠠᠨᠳᠢᠳᠠ ᠭᠦᠩᠭᠠᠵᠠᠯᠰᠠᠨ ᠤ ︽ᠰᠤᠪᠠᠰᠢᠳᠢ︾ ᠶᠢᠨ ᠱᠠᠰᠢᠨ ᠰᠤᠷᠭᠠᠯ᠂ ᠬᠤᠪᠢᠯᠠᠢ ᠬᠠᠭᠠᠨ ᠤ ᠲᠦᠷᠦ | ᠵᠠᠰᠠᠬᠤ ᠤᠬᠠᠭᠠᠨ ᠪᠤᠳᠤᠯᠭ᠎ᠠ᠂ ᠮᠤᠩᠭᠤᠯ ᠠᠷᠠᠳ ᠤᠨ ᠲᠠᠭᠤᠤ ᠶᠢᠨ ᠤᠨᠴᠠᠯᠢᠭ᠂ ᠬᠡᠯᠪᠡᠷᠢ᠂ ᠠᠭᠤᠯᠭ᠎ᠠ | ᠠᠵᠢᠭᠯᠠᠭᠳᠠᠵᠤ ᠪᠤᠢ᠃ | ︽ᠬᠠᠭᠠᠨ ᠤᠷᠳᠤᠨ ᠤ ᠮᠤᠩᠭᠤᠯ ᠲᠠᠭᠤᠤ ᠬᠦᠭᠵᠢᠮ︾ ᠨᠢ ᠶᠡᠭᠡ ᠶᠤᠸᠠᠨ ᠤᠯᠤᠰ ᠤᠨ ᠬᠤᠪᠢᠯᠠᠢ ᠰᠡᠴᠡᠨ | ᠬᠠᠭᠠᠨ ᠤ ᠦᠶ᠎ᠡ ᠠᠴᠠ ᠡᠬᠢᠯᠡᠵᠦ ᠲᠦᠯᠦᠪᠰᠢᠷᠡᠭᠰᠡᠨ ᠰᠢᠨᠵᠢᠳᠡᠢ᠃ | ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠪᠤᠯ ᠮᠤᠩᠭᠤᠯ ᠬᠠᠭᠠᠨᠳᠤ ᠲᠦᠷᠦ ᠠᠴᠠ ᠬᠦᠮᠦᠨ | ᠲᠦᠷᠦᠯᠬᠢᠳᠡᠨ ᠤ ᠲᠡᠦᠬᠡ ᠶᠢᠨ ᠬᠠᠭᠤᠳᠠᠰᠤᠨ ᠳᠤ ᠨᠡᠮᠡᠷᠢᠯᠡᠭᠰᠡᠨ ᠤᠶᠤᠨ ᠤᠬᠠᠭᠠᠨ ᠤ ᠤᠬᠢ ᠲᠠᠯᠠᠰᠳᠤ ᠶᠤᠮ᠃ | ᠯᠢᠭᠳᠡᠨ ᠬᠤᠳᠤᠭᠳᠤ ᠬᠠᠭᠠᠨ ᠤ ᠸᠴᠢᠷᠳᠤ ᠴᠠᠭᠠᠨ ᠬᠤᠳᠠ ᠶᠢᠨ ᠪᠠᠭᠤᠷᠢ ᠶᠢ ᠨᠤᠳᠠᠯᠠᠭᠰᠠᠨ ᠪᠠ ᠲᠡᠭᠦᠨ ᠤ ᠤᠷᠳᠤᠨ | ᠤ ᠲᠠᠭᠤᠤ ᠬᠦᠭᠵᠢᠮ ᠢ ᠠᠪᠤᠷᠠᠨ ᠰᠡᠷᠭᠦᠭᠡᠵᠦ ᠠᠮᠢᠯᠠᠭᠤᠯᠤᠭᠰᠠᠨ ᠶᠠᠪᠤᠳᠠᠯ ᠨᠢ ᠬᠤᠳᠠ ᠤᠷᠤᠨ ᠴᠢᠨᠠᠭᠰᠢᠳᠠ | ᠦᠭᠰᠦᠭᠦᠯᠦᠭᠡᠳ ᠲᠤᠮᠳᠠᠳᠤ ᠭᠦᠷᠦᠨ ᠲᠡᠯᠡᠬᠡᠢ ᠶᠢᠨ ᠬᠡᠪᠴᠢᠶᠡᠨ ᠤ ᠶᠡᠭᠡ ᠶᠤᠸᠠᠨ ᠤᠯᠤᠰ ᠵᠢᠴᠢ ᠤᠮᠠᠷᠠᠳᠤ ᠶᠤᠸᠠᠨ | ᠤᠯᠤᠰ ᠤᠨ ᠰᠤᠶᠤᠯ ᠰᠤᠳᠤᠯᠭᠠᠨ ᠤ ᠬᠦᠷᠢᠶ᠎ᠡ ᠬᠡᠪᠴᠢᠶᠡᠨ ᠳᠤ ᠪᠠᠰᠠ ᠨᠢᠬᠡ ᠲᠠᠪᠠᠯᠳᠠ ᠶᠢᠨ ᠴᠢᠨᠠᠷᠳᠠᠢ ᠴᠠᠭ ᠡᠷᠡᠨ | ᠢ ᠠᠪᠴᠢᠷᠠᠭᠰᠠᠨ ᠭᠡᠵᠦ ᠬᠡᠯᠡᠬᠦ ᠳᠤ ᠠᠬᠠᠳᠠᠮᠠᠷ ᠦᠭᠡᠢ ᠶᠤᠮ᠃ | ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠨᠢ ᠮᠠᠨ ᠤ ᠬᠤᠰᠢᠭᠤᠨ ᠤ ᠰᠤᠶᠤᠯ ᠤᠨ ᠲᠤᠭ | ᠲᠡᠮᠳᠡᠭ ᠪᠤᠯᠵᠤ᠂ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠲᠠᠩᠰᠠᠯᠠᠭᠳᠠᠭᠰᠠᠨ ᠶᠠᠪᠤᠳᠠᠯ | ᠪᠤᠯ ᠮᠠᠨ ᠤ ᠬᠤᠰᠢᠭᠤᠨ ᠤ ᠠᠵᠤ ᠠᠬᠤᠢ ᠨᠡᠶᠢᠬᠡᠮ ᠰᠤᠶᠤᠯ ᠤᠨ ᠪᠦᠬᠦᠶᠢᠯᠡ ᠤᠷᠤᠨ ᠵᠠᠢ ᠳᠤ ᠦᠷᠭᠡᠨ ᠬᠠᠷᠭᠤᠢ | ᠨᠡᠭᠡᠭᠡᠭᠰᠡᠨ ᠶᠤᠮ᠃ ᠡᠨᠡ ᠨᠢᠭᠡ ᠲᠤᠮᠤ ᠲᠤᠭ ᠲᠡᠮᠳᠡᠭ ᠤᠨ ᠨᠦᠯᠦᠬᠡᠯᠡᠯ ᠢᠶᠠᠷ ᠰᠢᠨ᠎ᠡ ᠠᠵᠤ ᠠᠬᠤᠶᠢᠯᠠᠯ ᠪᠤᠰᠴᠤ᠂ | ᠨᠢᠬᠡᠬᠡᠨᠵᠢᠱᠢᠶᠡ ᠲᠠᠳᠠᠬᠤ ᠳᠤ ᠠᠷᠦ ᠬᠤᠷᠴᠢᠨ ᠬᠤᠰᠢᠭᠤᠨ ᠤ ︽ᠬᠠᠭᠠᠨ ᠤᠷᠳᠤᠨ ᠤ ᠠᠷᠢᠬᠢᠨ ᠤ ᠦᠢᠯᠡᠰ ᠤᠨ | ᠬᠢᠵᠠᠭᠠᠷᠳᠤ ᠺᠤᠮᠫᠠᠨᠢ︾ ᠬᠤᠳᠠᠯᠳᠤᠭ᠎ᠠ ᠡᠬᠢᠯᠡᠭᠰᠡᠨ ᠪᠦᠭᠡᠳ ︽ᠺᠤᠮᠫᠠᠨᠢ + ᠰᠠᠭᠤᠷᠢᠨ ᠭᠠᠵᠠᠷ︾ ᠤᠨ | ᠦᠢᠯᠡᠳᠪᠦᠷᠢᠯᠡᠯ ᠤᠨ ᠵᠠᠭᠪᠤᠷ ᠢ ᠡᠬᠦᠳᠴᠦ᠂ ᠳᠠᠷᠢᠶᠠᠴᠢᠳ ᠯᠤᠭ᠎ᠠ ᠬᠠᠮᠳᠤ ᠪᠠᠷ ᠠᠰᠢᠭ ᠬᠦᠷᠳᠡᠬᠦ ᠶᠢ | ᠪᠡᠶᠡᠯᠡᠭᠦᠯᠦᠭᠰᠡᠨ ᠵᠢᠴᠢ ︽ᠬᠠᠭᠠᠨ ᠤᠷᠳᠤᠨ ᠤ ᠠᠷᠢᠬᠢᠨ ᠤ ᠦᠢᠯᠡᠰ ᠬᠤᠨᠳᠠᠭᠠᠳᠤ︾ ᠪᠦᠬᠦ ᠬᠤᠰᠢᠭᠤᠨ ᠤ ᠤᠷᠠᠨ | ᠰᠠᠶᠢᠬᠠᠨ ᠤ ᠬᠠᠷᠢᠭᠤ ᠮᠡᠳᠡᠬᠦᠯᠦᠯᠳᠡ ᠶᠢᠨ ᠳᠤᠭᠯᠠᠯᠳᠠ ᠵᠢᠴᠢ ᠱᠠᠩᠨᠠᠯ ᠤᠯᠭᠤᠬᠤ ᠦᠳᠡᠰᠢᠯᠡᠭᠡ ᠶᠢ ᠠᠮᠵᠢᠯᠳᠠ ᠲᠠᠢ | ᠶᠠᠪᠤᠭᠤᠯᠵᠤ᠂ ᠬᠤᠰᠢᠭᠤᠨ ᠰᠣᠶᠣᠯ ᠲᠠᠮᠢᠷ ᠷᠠᠳᠢᠣ᠋ ᠲᠧᠯᠸᠢᠰ ᠲᠤᠪᠴᠢᠶ᠎ᠠ᠂ ᠬᠤᠰᠢᠭᠤᠨ ᠦᠳᠦᠨ ᠪᠦᠮᠪᠦᠭᠡ ᠶᠢᠨ | ᠨᠡᠶᠢᠭᠡᠮᠯᠢᠭ ᠭᠤᠤᠯᠯᠠᠨ ᠡᠷᠬᠢᠯᠡᠵᠦ᠂ ᠦᠪᠦᠷ ᠮᠤᠩᠭᠤᠯ ᠤᠨ ᠬᠠᠭᠠᠨ ᠣᠷᠳᠣᠨ ᠤ ᠠᠷᠢᠬᠢᠨ ᠦᠢᠯᠡᠰ ᠤᠨ | ᠬᠢᠵᠠᠭᠠᠷᠲᠣ ᠺᠤᠮᠫᠠᠨᠢ ᠠᠴᠠ ᠬᠠᠪᠰᠣᠷᠣᠨ ᠡᠷᠬᠢᠯᠡᠭᠰᠡᠨ ᠠᠩᠬᠠᠳᠣᠭᠠᠷ ᠬᠤᠭᠤᠴᠠᠭᠠᠨ ᠤ ︽ᠬᠠᠭᠠᠨ ᠣᠷᠳᠣᠨ ᠤ | ᠠᠷᠢᠬᠢᠨ ᠦᠢᠯᠡᠰ ᠬᠤᠨᠳᠠᠭᠠᠲᠣ︾ ᠦᠳᠦᠨ ᠪᠦᠮᠪᠦᠭᠡ ᠶᠢᠨ ᠣᠷᠣᠯᠳᠣᠭᠠᠨ ᠢ ᠶᠠᠪᠤᠭᠤᠯᠤᠭᠰᠠᠨ ᠪᠠᠶᠢᠳᠠᠭ᠃ ᠁ | ᠡᠳᠡᠭᠡᠷ ᠨᠢ ᠰᠤᠶᠤᠯ ᠤᠨ ᠢᠳᠡ ᠭᠥᠴᠥᠨ ᠤ ᠨᠡᠶᠢᠭᠡᠮ ᠢᠯᠡᠷᠡᠯ ᠪᠢᠵᠡ᠃ | | ︽ᠦᠭᠡ ᠬᠡᠯᠡᠨ ᠤ ᠴᠢᠨᠠᠳᠤ ᠬᠢᠵᠠᠭᠠᠷ ᠠᠨᠤ ᠲᠠᠭᠤᠤ ᠠᠶᠢᠵᠠᠮ︾ ᠶᠤᠮ ᠭᠡᠳᠡᠭ ᠪᠢᠯᠢᠦ ⁈ | ᠮᠤᠩᠭᠤᠯ ᠬᠠᠭᠠᠨ ᠤᠷᠳᠤᠨ ᠤ ᠬᠦᠭᠵᠢᠮᠳᠦ ᠪᠦᠵᠢᠭ ︽ᠦᠳᠦᠨ ᠪᠦᠵᠢᠭ︾ ᠪᠤᠯ ᠮᠤᠩᠭᠤᠯ ᠬᠠᠭᠠᠨ | ᠤᠷᠳᠤᠨ ᠤ ︽ᠨᠠᠢᠮᠠᠨ ᠭᠡᠷ ᠤᠨ ᠪᠢᠴᠢᠭ ᠤᠨ ᠪᠦᠵᠢᠭᠯᠡᠯ︾ ᠤᠨ ᠨᠢᠭᠡ ᠪᠤᠯᠤᠨ᠎ᠠ᠃ ᠪᠦᠵᠢᠭᠴᠢᠳ ᠭᠠᠷ ᠲᠠᠭᠠᠨ | ᠦᠳᠦ ᠠᠳᠬᠤᠨ ᠪᠦᠵᠢᠭᠯᠡᠳᠡᠭ ᠪᠤᠯᠬᠤᠷ ᠪᠠᠰᠠ ︽ᠦᠳᠦᠨ ᠪᠦᠵᠢᠭ︾ ᠬᠡᠮᠡᠳᠡᠭ᠃ ᠦᠳᠦ ᠪᠤᠯ ᠪᠢᠴᠢᠭ ᠤᠨ ᠭᠡᠷ | ᠤᠨ ᠪᠢᠷ ᠵᠢᠷᠤᠭᠤᠯ ᠤᠨ ᠲᠦᠷᠦᠯ ᠳᠤ ᠬᠡᠷᠡᠭᠯᠡᠳᠡᠭ ᠵᠦᠢᠯᠡᠰ ᠮᠦᠨ᠃ ᠪᠦᠵᠢᠭᠴᠢ ᠠᠴᠠ ᠬᠦᠩᠭᠡᠨ ᠵᠦᠬᠡᠯᠡᠨ ᠦᠢᠯᠡ | ᠬᠦᠳᠡᠯᠭᠡᠭᠡᠨ ᠢᠶᠠᠷ ᠦᠳᠦ ᠶᠢ ᠬᠤᠷᠤᠶᠢᠯᠠᠨ᠂ ᠬᠡᠢ ᠲᠡᠭᠡᠷ᠎ᠡ ᠪᠤᠰᠤᠭ᠎ᠠ ᠪᠢᠴᠢᠯᠭᠡᠳᠦ ᠤᠶᠢᠭᠤᠷᠵᠢᠨ ᠮᠤᠩᠭᠤᠯ ᠦᠰᠦᠭ | ᠢ ᠲᠦᠷᠰᠦᠯᠡᠨ ᠪᠢᠴᠢᠵᠦ ᠲᠡᠪᠬᠡᠷᠡᠨ ᠪᠦᠵᠢᠭᠯᠡᠬᠦ ᠨᠢ ᠮᠤᠩᠭᠤᠯ ᠡᠵᠡᠨ ᠬᠠᠭᠠᠳ ᠤᠨ ᠰᠤᠶᠤᠯ ᠪᠢᠴᠢᠭ ᠢᠶᠠᠷ ᠲᠦᠷᠦ | ᠤᠯᠤᠰ ᠢᠶᠠᠨ ᠵᠠᠰᠠᠬᠤ ᠤᠳᠬ᠎ᠠ ᠰᠠᠨᠠᠭ᠎ᠠ ᠶᠢ ᠢᠯᠡᠳᠭᠡᠭᠰᠡᠨ ᠪᠠᠶᠢᠳᠠᠭ᠃ | ︽ᠡᠷᠳᠡᠮ ᠢᠶᠠᠷ ᠬᠦᠬᠢᠭᠦᠯᠦᠨ ᠬᠦᠭᠵᠢᠬᠦᠯᠬᠦᠢ ᠶᠢ ᠰᠤᠶᠤᠯ ᠬᠡᠮᠡᠮᠤᠢ︾ ᠭᠡᠵᠦ ︽ᠬᠤᠷᠢᠨ ᠨᠢᠭᠡᠳᠦ | ᠲᠠᠶᠢᠯᠪᠤᠷᠢ ᠲᠤᠯᠢ︾ ᠳᠤ ᠲᠠᠶᠢᠯᠪᠤᠷᠢᠯᠠᠳᠠᠭ᠃ ᠰᠤᠶᠤᠯ ᠬᠡᠭᠴᠢ ᠶᠠᠭᠤ ᠪᠤᠢ︖ ᠰᠤᠶᠤᠯ ᠪᠤᠯ ᠬᠦᠮᠦᠨ | ᠲᠦᠷᠦᠯᠬᠢᠳᠡᠨ ᠳᠤ ᠯᠡ ᠪᠠᠶᠢᠳᠠᠭ ᠶᠠᠭᠤᠮ᠎ᠠ ᠮᠦᠨ᠃ ᠰᠤᠶᠤᠯ ᠪᠤᠯ ︽ᠬᠦᠮᠦᠨ ᠲᠦᠷᠦᠯᠬᠢᠳᠡᠨ ᠤ ᠤᠷᠤᠰᠢᠬᠤ ᠪᠠ | ᠬᠦᠭᠵᠢᠬᠦᠢ ᠶᠢᠨ ᠬᠡᠯᠪᠡᠷᠢ︾ ᠮᠦᠨ᠃ | ᠬᠤᠪᠢ ᠬᠦᠮᠦᠨ ᠤ ᠰᠤᠷᠪᠤᠯᠵᠢᠯᠠᠭ᠎ᠠ ᠪᠠᠨ ᠲᠦᠷ ᠵᠠᠪᠰᠠᠷᠯᠠᠵᠤ᠂ ᠠᠷᠦ ᠬᠤᠷᠴᠢᠨ ᠨᠤᠳᠤᠭ ᠤᠨ ᠬᠢᠨ ︽ | ᠮᠤᠩᠭᠤᠯ ᠬᠠᠭᠠᠨ ᠤᠷᠳᠤᠨ ᠤ ᠰᠤᠶᠤᠯ︾ ᠤᠨ ᠬᠦᠬᠢᠭᠦᠯᠦᠨ ᠬᠦᠭᠵᠢᠬᠦᠯᠬᠦᠢ ᠶᠢᠨ ᠦᠭᠭᠦᠭᠡᠵᠢ ᠬᠢᠭᠡᠳ ᠪᠢᠴᠢᠭ | ᠡᠷᠳᠡᠮ ᠢᠶᠠᠷ ᠨᠤᠳᠤᠭ ᠤᠰᠤᠨ ᠢᠶᠠᠨ ᠮᠠᠨᠳᠤᠭᠤᠯᠤᠨ ᠲᠡᠭᠵᠢᠬᠦᠯᠵᠦ ᠪᠠᠶᠢᠭ᠎ᠠ ᠶᠢ ᠤᠩᠰᠢᠭᠴᠢ ᠲᠦᠮᠡᠨ ᠳᠡᠭᠡᠨ | ᠦᠷᠬᠦᠯᠵᠢᠯᠡᠨ ᠬᠠᠷᠢᠭᠤ ᠮᠡᠳᠡᠭᠦᠯᠬᠦ ᠶᠢ ᠵᠦᠪᠰᠢᠶᠡᠷᠡᠮᠦ᠃ | 2014 ᠤᠨ ᠤ 7 ᠰᠠᠷ᠎ᠠ ᠶᠢᠨ 31 ᠠᠴᠠ 8 ᠰᠠᠷ᠎ᠠ ᠶᠢᠨ 2 ᠤᠨ ᠡᠳᠦᠷ ᠪᠤᠯᠳᠠᠯ᠎ᠠ᠂ ᠭᠤᠷᠪᠠᠳᠤᠭᠠᠷ | ᠬᠤᠭᠤᠴᠠᠭᠠᠨ ᠤ ᠮᠤᠩᠭᠤᠯ ᠬᠠᠭᠠᠨ ᠤᠷᠳᠤᠨ ᠤ ᠰᠤᠶᠤᠯ ᠵᠢᠭᠤᠯᠴᠢᠯᠠᠯ ᠤᠨ ᠨᠠᠶᠢᠷ ᠵᠢᠴᠢ ᠪᠠᠶ᠋ᠬᠠᠦ᠋ᠨᠳᠦᠷ ᠰᠤᠮᠤ ᠶᠢᠨ | ᠮᠠᠯᠴᠢᠨ ᠨᠠᠭᠠᠳᠤᠮ ᠤᠨ ᠬᠤᠷᠠᠯ ᠦᠪᠡᠳᠡᠭᠰᠢ ᠪᠤᠯᠵᠤ᠂ ᠬᠤᠯᠪᠤᠭ᠎ᠠ ᠶᠢᠨ ᠤᠷᠤᠯᠳᠤᠭᠠᠨ᠂ ᠪᠤᠳᠠᠰ ᠤᠨ ᠪᠤᠰᠤ | ᠰᠤᠶᠤᠯ ᠤᠨ ᠦᠪ ᠤᠨ ᠲᠡᠯᠭᠡᠨ ᠦᠵᠡᠭᠦᠯᠦᠯᠭᠡ ᠬᠢᠭᠰᠡᠨ ᠪᠦᠭᠡᠳ ︽ᠡᠷ᠎ᠡ ᠶᠢᠨ ᠭᠤᠷᠪᠠᠨ ᠨᠠᠭᠠᠳᠤᠮ︾ ᠳᠤ 512 | ᠬᠦᠴᠦᠳᠦ ᠪᠦᠬᠡ ᠵᠣᠳᠣᠭᠯᠠᠵᠣ᠂ ᠰᠣᠷ ᠬᠠᠷᠪᠣᠬᠤ᠂ ᠬᠤᠷᠳᠣᠨ ᠵᠢᠷᠤᠭ᠎ᠠ ᠬᠠᠲᠠᠷᠢᠶ᠎ᠠ ᠮᠣᠷᠢᠨ ᠣᠷᠣᠯᠳᠣᠭᠠᠨ | ᠶᠠᠪᠤᠭᠳᠠᠵᠠᠢ᠃ ᠪᠦᠬᠡ ᠳᠠᠷᠬᠠᠯᠠᠬᠤ᠂ ᠮᠣᠷᠢ ᠰᠡᠳᠡᠷᠯᠡᠬᠦ ᠵᠡᠷᠭᠡ ᠣᠯᠠᠮᠵᠢᠯᠯᠠᠳᠣ ᠰᠣᠶᠣᠯ ᠤᠨ ᠠᠵᠢᠯᠯᠠᠭᠠᠨ ᠴᠤ | ᠶᠠᠪᠤᠭᠳᠠᠭᠰᠠᠨ ᠢ ᠲᠤᠷᠠᠳᠤᠯᠳᠠᠢ᠃ ᠪᠠᠶ᠋ᠬᠠᠦ᠋ᠨᠳᠦᠷ ᠰᠣᠮᠣ ᠪᠣᠯ ᠣᠯᠠᠮᠵᠢᠯᠯᠠᠳᠣ ᠨᠡᠬᠦᠳᠡᠯ ᠠᠮᠢᠳᠣᠷᠠᠯ ᠤᠨ ᠬᠡᠪ ᠵᠠᠩᠰᠢᠯ | ᠢᠶᠠᠨ ᠣᠳᠣ ᠪᠣᠯᠳᠠᠯ᠎ᠠ ᠪᠦᠷᠢᠨ ᠪᠦᠳᠦᠨ ᠬᠠᠳᠠᠭᠠᠯᠠᠵᠣ ᠪᠠᠶᠢᠭ᠎ᠠ ᠴᠣᠯᠣ ᠮᠠᠯᠵᠢᠬᠤ ᠰᠣᠮᠣ ᠪᠣᠯᠬᠤ ᠶᠣᠮ᠃ ᠲᠣᠰ | ᠰᠣᠮᠣ ᠨᠢ ᠮᠠᠯᠴᠢᠳ ᠤᠨ ᠣᠳᠣ ᠪᠣᠯᠳᠠᠯ᠎ᠠ ᠬᠠᠮᠠᠭᠠᠯᠠᠵᠣ ᠣᠯᠠᠮᠵᠢᠯᠠᠵᠣ ᠢᠷᠡᠭᠰᠡᠨ ᠨᠡᠬᠦᠳᠡᠯ ᠮᠠᠯᠵᠢᠯ ᠢᠶᠠᠨ ᠪᠦᠬᠦ | ᠣᠯᠣᠰ ᠤᠨ ᠬᠦᠳᠡᠭᠡ ᠠᠵᠤ ᠠᠬᠤᠢ ᠶᠢᠨ ᠰᠣᠶᠣᠯ ᠤᠨ ᠦᠯᠡᠳᠡᠭᠳᠡᠯ ᠳᠤ ᠡᠷᠡᠮᠡᠯᠵᠡᠯᠡᠨ ᠮᠡᠳᠡᠬᠦᠯᠵᠦ | ᠵᠦᠪᠰᠢᠶᠡᠷᠡᠬᠦᠯᠦᠬᠡᠳ᠂ ᠲᠤᠰ ᠵᠢᠯ ᠤᠨ 6 ᠰᠠᠷ᠎ᠠ ᠳᠤ ︽ᠬᠤᠶᠠᠳᠣᠭᠠᠷ ᠪᠦᠯᠦᠭ ᠲᠣᠮᠳᠠᠳᠣ ᠣᠯᠣᠰ ᠤᠨ ᠬᠦᠳᠡᠭᠡ | ᠠᠵᠣ ᠠᠬᠤᠢ ᠶᠢᠨ ᠴᠢᠬᠤᠯᠠ ᠰᠣᠶᠣᠯ︾ ᠤᠨ ᠦᠪ ᠤᠨ ᠨᠡᠷᠡᠰ ᠲᠤ ᠲᠠᠩᠰᠠᠯᠠᠭᠤᠯᠣᠭᠰᠠᠨ ᠪᠠᠶᠢᠨ᠎ᠠ᠃ ᠪᠠᠶ᠋ᠬᠠᠦ᠋ᠨᠳᠦᠷ | ᠰᠤᠮᠤᠨ ᠳᠤ ᠫᠠᠶᠢᠵᠠ ᠡᠯᠬᠦᠨ᠂ ᠣᠯᠣᠰ ᠤᠨ ᠲᠡᠰ ᠤᠨ ᠪᠣᠳᠠᠰ ᠤᠨ ᠪᠣᠰᠣ ᠰᠣᠶᠣᠯ ᠤᠨ ᠦᠪ ᠪᠤᠯᠬᠤ ︽ᠬᠠᠰᠠᠭ | ᠲᠡᠷᠭᠡ ᠬᠢᠬᠦ ᠣᠷ᠎ᠠ ᠮᠡᠷᠬᠡᠵᠢᠯ︾᠂ ᠦᠪᠡᠷᠳᠡᠭᠡᠨ ᠵᠠᠰᠠᠬᠤ ᠣᠷᠣᠨ ᠤ ᠲᠠᠰ ᠤᠨ ᠪᠣᠳᠠᠰ ᠤᠨ ᠪᠣᠰᠣ ᠰᠣᠶᠣᠯ ᠤᠨ | ᠦᠪ ᠪᠤᠯᠬᠤ ︽ᠮᠣᠩᠭᠤᠯ ᠬᠡᠷ ᠬᠢᠬᠦ ᠮᠡᠷᠬᠡᠵᠢᠯ︾ ᠤᠨ ᠤᠯᠠᠮᠵᠢᠯᠠᠬᠤ ᠰᠠᠭᠤᠷᠢᠨ ᠪᠤᠯᠭᠠᠭᠰᠠᠨ ᠪᠠᠶᠢᠨ᠎ᠠ᠃ | ᠬᠠᠨᠰᠦ᠋ᠮ᠎ᠡ ᠰᠤᠮᠤᠨ ᠳᠤ ᠫᠠᠶᠢᠵᠠ ᠡᠯᠬᠦᠵᠦ᠂ ᠣᠯᠣᠰ ᠤᠨ ᠲᠡᠰ ᠤᠨ ᠪᠤᠳᠠᠰ ᠤᠨ ᠪᠤᠰᠤ ᠰᠣᠶᠣᠯ ᠤᠨ ᠦᠪ ᠪᠣᠯᠬᠤ | ︽ᠠᠷᠪᠠᠨ ᠰᠣᠮᠣ ᠶᠢᠨ ᠬᠤᠷᠢᠮ︾᠂ ᠦᠪᠡᠷᠳᠡᠭᠡᠨ ᠵᠠᠰᠠᠬᠤ ᠣᠷᠣᠨ ᠤ ᠲᠠᠰ ᠤᠨ ᠪᠣᠳᠠᠰ ᠤᠨ ᠪᠣᠰᠣ ᠰᠣᠶᠣᠯ ᠤᠨ | ᠦᠪ ᠪᠤᠯᠬᠤ ︽ᠢᠷᠦᠬᠡᠯ ᠮᠠᠭᠳᠠᠭᠠᠯ︾ ᠤᠨ ᠤᠯᠠᠮᠵᠢᠯᠠᠬᠤ ᠰᠠᠭᠤᠷᠢᠨ ᠪᠤᠯᠭᠠᠵᠠᠢ᠃ | 2014 ᠤᠨ ᠤ 8 ᠰᠠᠷ᠎ᠠ ᠳᠤ ᠮᠤᠩᠭᠤᠯ ᠬᠠᠭᠠᠨ ᠤᠷᠳᠤᠨ ᠤ ᠬᠦᠭᠵᠢᠮ ᠨᠢ ᠳᠦᠷᠪᠡᠳᠦᠭᠡᠷ ᠪᠦᠯᠦᠭ ᠤᠨ | ᠣᠯᠣᠰ ᠤᠨ ᠳᠡᠰ ᠤᠨ ᠪᠣᠳᠠᠰ ᠤᠨ ᠪᠤᠰᠣ ᠰᠣᠶᠣᠯ ᠤᠨ ᠦᠪ ᠤᠨ ᠲᠦᠷᠦᠯ ᠵᠦᠢᠯ ᠢᠶᠠᠷ ᠵᠦᠪᠰᠢᠶᠡᠷᠡᠭᠳᠡᠨ | ᠲᠤᠩᠬᠠᠯᠠᠭᠳᠠᠵᠤ᠂ ᠮᠤᠩᠭᠤᠯ ᠰᠤᠶᠤᠯ ᠤᠨ ᠠᠵᠢᠯᠯᠠᠭ᠎ᠠ ᠶᠢᠨ ᠬᠢᠯᠠᠰ ᠴᠡᠭ ᠪᠤᠯᠤᠭᠰᠠᠨ ᠪᠤᠢ᠃ | ᠲᠦᠷᠦ ᠶᠢᠨ ᠶᠠᠪᠣᠳᠠᠯ ᠤᠨ ᠬᠤᠷᠢᠶᠠᠨ ᠠᠴᠠ ᠵᠦᠪᠰᠢᠶᠡᠷᠡᠨ ᠰᠣᠶᠣᠯ ᠤᠨ ᠶᠠᠮᠤᠨ ᠠᠴᠠ ᠳᠣᠭᠳᠠᠭᠠᠭᠰᠠᠨ | ᠳᠦᠷᠪᠡᠳᠦᠭᠡᠷ ᠪᠦᠯᠦᠭ ᠤᠨ ᠣᠯᠣᠰ ᠤᠨ ᠳᠡᠰ ᠤᠨ ᠪᠣᠳᠠᠰ ᠤᠨ ᠪᠣᠰᠣ ᠰᠣᠶᠣᠯ ᠤᠨ ᠦᠪ ᠤᠨ ᠲᠦᠯᠦᠭᠡᠯᠡᠭᠴᠢ | ᠴᠢᠨᠠᠷᠲᠠᠢ ᠲᠦᠷᠦᠯ ᠵᠦᠢᠯ ᠤᠨ ᠴᠠᠳᠢᠭ ︵ᠨᠡᠶᠢᠲᠡ 153 ᠲᠦᠷᠦᠯ︶ ᠪᠤᠯᠤᠨ ᠤᠯᠤᠰ ᠤᠨ ᠳᠡᠰ ᠤᠨ ᠪᠣᠳᠠᠰ ᠤᠨ | ᠪᠤᠰᠣ ᠰᠣᠶᠣᠯ ᠤᠨ ᠦᠪ ᠤᠨ ᠲᠦᠯᠦᠭᠡᠯᠡᠭᠴᠢ ᠴᠢᠨᠠᠷᠲᠠᠢ ᠲᠦᠷᠦᠯ ᠵᠦᠢᠯ ᠤᠨ ᠴᠠᠳᠢᠭ ᠤᠨ ᠦᠷᠭᠡᠳᠬᠡᠭᠰᠡᠨ | ᠲᠦᠷᠦᠯ ᠵᠦᠢᠯ ︵ᠨᠡᠶᠢᠲᠡ 153 ᠲᠦᠷᠦᠯ︶ ᠳᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠣᠨ ᠤ 19 | ᠪᠣᠳᠠᠰ ᠤᠨ ᠪᠣᠰᠣ ᠰᠣᠶᠣᠯ ᠤᠨ ᠦᠪ ᠤᠨ ᠲᠦᠷᠦᠯ ᠵᠦᠢᠯ ᠰᠣᠩᠭᠤᠭᠳᠠᠨ᠂ ᠡᠭᠦᠨ ᠤ ᠳᠣᠲᠣᠷ᠎ᠠ ᠮᠠᠨ ᠤ | ᠬᠤᠰᠢᠭᠤᠨ ᠤ ᠮᠤᠩᠭᠤᠯ ᠦᠨᠳᠦᠰᠦᠲᠡᠨ ᠤ ᠬᠠᠭᠠᠨ ᠣᠷᠳᠣᠨ ᠤ ᠬᠦᠭᠵᠢᠮ ᠤᠨ ᠲᠦᠷᠦᠯ ᠵᠦᠢᠯ ᠳᠦᠷᠪᠡᠳᠦᠭᠡᠷ | ᠪᠦᠯᠦᠭ ᠤᠨ ᠣᠯᠣᠰ ᠤᠨ ᠳᠡᠰ ᠤᠨ ᠪᠣᠳᠠᠰ ᠤᠨ ᠪᠣᠰᠣ ᠰᠣᠶᠣᠯ ᠤᠨ ᠦᠪ ᠤᠨ ᠠᠯᠳᠠᠷᠲᠠᠳ ᠤᠨ ᠴᠠᠳᠢᠭ ᠲᠤ | ᠰᠣᠩᠭᠤᠳᠠᠨ ᠣᠷᠣᠭᠰᠠᠨ ᠪᠠᠶᠢᠨ᠎ᠠ᠃ | 2015 ᠤᠨ ᠳᠤ ᠲᠡᠦᠬᠡ ᠶᠢᠨ ᠲᠤᠷᠠᠰᠬᠠᠯᠳᠤ ᠵᠦᠢᠯᠡᠰ ᠤᠨ ᠡᠬᠢ ᠪᠠᠶᠠᠯᠢᠭ ᠢ ᠰᠢᠨᠵᠢᠯᠡᠬᠦ ᠤᠬᠠᠭᠠᠨᠴᠢ | ᠪᠠᠷ ᠬᠠᠮᠠᠭᠠᠯᠠᠬᠤ᠂ ᠨᠡᠭᠡᠭᠡᠨ ᠬᠦᠭᠵᠢᠭᠦᠯᠬᠦ᠂ ᠮᠦᠽᠸᠢ ᠶᠢᠨ ᠦᠷᠬᠦᠯᠵᠢᠯᠡᠨ ᠪᠠᠶᠢᠭᠤᠯᠤᠯᠳᠠ ᠶᠢᠨ ᠲᠦᠷᠦᠯ ᠵᠦᠢᠯ ᠢ | ᠰᠠᠶᠢᠳᠤᠷ ᠠᠳᠬᠤᠨ᠂ ᠮᠤᠩᠭᠤᠯ ᠬᠠᠭᠠᠨ ᠤᠷᠳᠤᠨ ᠤ ᠰᠤᠶᠤᠯ ᠤᠨ ᠲᠤᠬᠠᠢ ᠤᠬᠠᠭᠤᠯᠭ᠎ᠠ ᠶᠢᠨ ᠡᠷᠴᠢᠮ ᠢ | ᠴᠢᠩᠭᠠᠷᠠᠭᠤᠯᠪᠠ᠃ ︽ᠮᠤᠩᠭᠤᠯ ᠬᠠᠭᠠᠨ ᠤ ᠨᠡᠶᠢᠰᠯᠡᠯ︾ ᠤᠨ ᠪᠤᠳᠠᠰ ᠤᠨ ᠰᠤᠶᠤᠯ ᠤᠨ ᠦᠪ ᠬᠢᠭᠡᠳ ︽ᠮᠤᠩᠭᠤᠯ | ᠬᠠᠭᠠᠨ ᠤᠷᠳᠤᠨ ᠤ ᠬᠦᠭᠵᠢᠮ︾ ᠤᠨ ᠪᠤᠳᠠᠰ ᠤᠨ ᠪᠤᠰᠤ ᠰᠤᠶᠤᠯ ᠤᠨ ᠦᠪ ᠤᠨ ᠨᠡᠷᠡᠳᠦ ᠲᠡᠮᠳᠡᠭ ᠤᠨ ᠦᠷ᠎ᠡ | ᠠᠰᠢᠭ ᠢ ᠤᠯᠠᠮ ᠨᠢᠬᠡ ᠠᠯᠬᠤᠮ ᠲᠡᠭᠡᠭᠰᠢᠯᠡᠭᠦᠯᠦᠭᠰᠡᠨ ᠪᠠᠶᠢᠨ᠎ᠠ᠃ | 2015 ᠤᠨ ᠤ 7 ᠰᠠᠷ᠎ᠠ ᠶᠢᠨ 24 ᠤ ᠡᠳᠦᠷ᠂ ᠤᠯᠤᠰ ᠤᠨ ᠦᠨᠳᠦᠰᠦᠳᠡᠨ ᠱᠠᠰᠢᠨ ᠰᠤᠷᠳᠠᠬᠤᠨ ᠤ | ᠵᠦᠪᠯᠡᠯ ᠭᠤᠤᠯᠯᠠᠨ ᠡᠷᠬᠢᠯᠡᠵᠦ᠂ ᠮᠠᠨ ᠤ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ᠂ | ᠤᠯᠠᠭᠠᠨᠬᠠᠳᠠ ᠬᠤᠳᠠ ᠶᠢᠨ ᠰᠤᠶᠤᠯ ᠲᠧᠯᠸᠢᠰ ᠲᠤᠪᠴᠢᠶ᠎ᠠ᠂ ᠤᠯᠠᠭᠠᠨᠬᠠᠳᠠ ᠬᠤᠳᠠ ᠶᠢᠨ ᠵᠢᠭᠤᠯᠴᠢᠯᠠᠯ ᠤᠨ | ᠲᠤᠪᠴᠢᠶ᠎ᠠ ᠲᠠᠭᠠᠭᠠᠨ ᠡᠷᠬᠢᠯᠡᠭᠰᠡᠨ ︽ᠲᠤᠮᠳᠠᠳᠤ ᠶᠢᠨ ᠦᠨᠳᠦᠰᠦᠳᠡᠨ ᠨᠢᠭᠡ ᠭᠡᠷ ᠪᠦᠯᠢ — ᠠᠷᠦ ᠬᠤᠷᠴᠢᠨ ᠳᠤ | ᠠᠶᠢᠯᠴᠢᠯᠠᠬᠤ︾ ᠦᠨᠳᠦᠰᠦᠨ ᠱᠠᠳᠤᠨ ᠳᠤ ᠰᠤᠶᠤᠯ ᠬᠦᠷᠭᠡᠬᠦ ᠵᠢᠴᠢ ᠲᠦᠷᠪᠡᠳᠦᠭᠡᠷ ᠬᠤᠭᠤᠴᠠᠭᠠᠨ ᠤ ᠲᠤᠮᠳᠠᠳᠤ | ᠤᠯᠤᠰ · ᠮᠤᠩᠭᠤᠯ ᠬᠠᠭᠠᠨ ᠤᠷᠳᠤᠨ ᠤ ᠰᠤᠶᠤᠯ ︵ᠵᠢᠭᠤᠯᠴᠢᠯᠠᠯ︶ ᠤᠨ ᠨᠠᠶᠢᠷ ᠡᠬᠢᠯᠡᠯᠳᠡ ᠶᠢᠨ ᠬᠦᠰᠢᠭᠡ ᠪᠠᠨ | ᠨᠡᠭᠡᠭᠡᠭᠰᠡᠨ ᠪᠠᠶᠢᠨ᠎ᠠ ᠁ | | ︽ᠬᠠᠭᠠᠨ ᠤᠷᠳᠤᠨ ᠤ ᠲᠠᠭᠤᠤ ᠬᠦᠭᠵᠢᠮ︾ — ᠤᠷᠤᠨ ᠵᠠᠢ ᠶᠢ ᠰᠤᠨᠳᠠᠯᠠᠨ 13 ᠳ᠋ᠤᠭᠠᠷ ᠵᠠᠭᠤᠨ ᠳᠤ | ᠨᠢᠰᠦᠨ ᠬᠦᠷᠴᠦ᠂ ᠤᠵᠠᠭᠤᠷ ᠮᠤᠩᠭᠤᠯ ᠤᠨ ᠠᠭᠤᠤ ᠲᠡᠦᠬᠡ ᠶᠢ ᠬᠡᠯᠬᠢᠭᠴᠢ ︽ᠰᠤᠶᠤᠯ ᠤᠨ ᠡᠯᠴᠢᠨ︾ ᠴᠤ ᠪᠢᠯᠢᠦ | ︖ ᠤᠨ ᠴᠠᠭ ᠤᠨ ᠡᠪᠬᠡᠬᠡᠰᠦ ᠶᠢ ᠨᠡᠭᠡᠭᠡᠵᠦ᠂ ᠤᠤᠭᠠᠯ ᠤᠭᠰᠠᠭᠠᠳᠠᠨ ᠤ ᠲᠤᠮᠤᠭ ᠲᠤᠤᠯᠢ ᠶᠢ ᠬᠠᠶᠢᠯᠠᠭᠴᠢ ︽ | ᠪᠤᠭᠤᠷᠤᠯ ᠲᠡᠦᠬᠡᠴᠢᠨ︾ ᠴᠤ ᠶᠤᠮ ᠤᠤ︖ ᠡᠯᠢᠬᠡᠨᠲ᠋ᠤᠤᠷᠠ ᠪᠠᠨ ᠲᠠᠷᠤᠵᠤ ᠪᠠᠶᠢᠭᠰᠠᠨ ᠡᠷᠳᠡᠨᠢᠰ ᠢᠶᠠᠨ | ᠰᠤᠶᠤᠷᠬᠠᠨᠢᠪᠡᠭᠡᠳᠡᠭ ᠦᠷᠦᠰᠢᠶᠡᠯ ᠡᠨᠡᠷᠢᠯᠳᠦ ᠲᠡᠭᠡᠳᠦᠰ ᠮᠢᠨᠦ︕ ᠠᠭᠤᠰᠬᠢ ᠵᠢᠷᠦᠬᠡᠨ ᠳᠡᠭᠡᠨ ᠬᠠᠳᠠᠭᠠᠯᠠᠵᠤ | ᠪᠠᠶᠢᠭᠰᠠᠨ ᠲᠤᠮᠤᠭ ᠲᠤᠤᠯᠢ ᠪᠠᠷ ᠢᠶᠠᠨ ᠦᠷ᠎ᠡ ᠬᠤᠶᠢᠴᠢᠰ ᠢᠶᠠᠨ ᠰᠤᠶᠤᠨ ᠭᠡᠭᠡᠷᠡᠭᠦᠯᠳᠡᠭ ᠤᠬᠠᠭᠠᠨᠳᠤ ᠲᠡᠭᠡᠳᠦᠰ | ᠮᠢᠨᠦ︕ ᠴᠡᠴᠡᠨ ᠪᠢᠯᠢᠭᠳᠦ ᠡᠪᠦᠭᠡ ᠲᠡᠭᠡᠳᠦᠰ ᠤᠨ ᠢᠪᠡᠭᠡᠯ ᠰᠤᠶᠤᠷᠬᠠᠯ ᠳᠤ ᠰᠢᠳᠦᠵᠦ᠂ ᠴᠡᠯᠮᠡᠭ ᠤᠶᠤᠨᠳᠤ ᠦᠷ᠎ᠡ | ᠬᠤᠶᠢᠴᠢᠰ ᠲᠠᠨᠢ ᠦᠪ ᠰᠤᠶᠤᠯ ᠢᠶᠠᠨ ᠤᠯᠠᠮᠵᠢᠯᠠᠨ ᠬᠠᠮᠠᠭᠠᠯᠠᠵᠤ ᠶᠠᠪᠤᠬᠤ ᠬᠤᠪᠢ ᠲᠠᠢ ᠪᠠᠶᠢᠨᠠᠮ᠃ | ᠨᠤᠳᠤᠭ ᠤᠰᠤᠨ ᠤ ᠪᠠᠨ ᠰᠤᠶᠤᠯ ᠤᠷᠠᠯᠢᠭ ᠤᠨ ᠠᠷᠢᠭᠤᠨ ᠴᠠᠭᠠᠨ ᠦᠢᠯᠡᠰ ᠲᠤ ᠤᠶᠤᠨ ᠲᠠᠮᠢᠷ ᠢᠶᠠᠨ | ᠡᠷᠭᠦᠵᠦ ᠶᠠᠪᠤᠬᠤ ᠡᠴᠠᠢᠯᠡᠬᠦᠦ ᠰᠠᠶᠢᠨ ᠤ ᠮᠦᠷ ᠲᠠᠢ ᠠᠵᠠ ᠲᠠᠪᠢᠯᠠᠩ ᠦᠭᠡᠷ᠎ᠡ ᠶᠠᠭᠤ ᠪᠠᠶᠢᠨᠠᠮ ᠬᠡᠮᠡᠨ ᠵᠢᠳᠭᠦᠭᠡ | ᠲᠢᠶᠧ ᠵᠤ᠋ ᠲᠤᠪᠴᠢᠶᠠᠨᠲ᠋ᠠᠷᠤᠭᠠ ᠶᠢ ᠲᠠ ᠤᠯᠠᠨ ᠳᠠᠭᠠᠨ ᠰᠢᠭᠤᠳ ᠰᠤᠷᠪᠤᠯᠵᠢᠯᠠᠭ᠎ᠠ ᠪᠠᠷ ᠨᠢᠭᠤᠷᠳᠠᠭᠤᠯᠰᠤᠭᠠᠢ᠃ | | ᠲᠢᠶᠧ ᠵᠤ᠋ ᠲᠠᠷᠤᠭ᠎ᠠ᠄ ᠮᠠᠨ ᠤ ᠰᠤᠶᠤᠯ ᠲᠠᠮᠢᠷ ᠤᠨ ᠲᠤᠪᠴᠢᠶ᠎ᠠ ᠨᠢ ᠬᠤᠰᠢᠭᠤᠨ ᠨᠠᠮ ᠤᠨ ᠬᠤᠷᠢᠶ᠎ᠠ᠂ | ᠵᠠᠰᠠᠭ ᠤᠨ ᠤᠷᠳᠤᠨ ᠤ ᠰᠢᠭᠤᠳᠤᠳᠤᠷᠢᠳᠤᠯᠭᠠ ᠪᠠᠷ᠂ ᠰᠤᠶᠤᠯ ᠲᠠᠮᠢᠷ ᠤᠨ ᠠᠵᠢᠯ ᠤᠨ ᠭᠤᠤᠯ ᠴᠤᠭᠴᠠ ᠪᠤᠯᠬᠤ | ᠰᠤᠶᠤᠯ ᠤᠨ ᠠᠵᠢᠯᠯᠠᠭᠠᠨ ᠢ ᠢᠳᠡᠪᠬᠢᠳᠡᠢ ᠦᠷᠨᠢᠭᠦᠯᠵᠦ ᠢᠷᠡᠭᠰᠡᠨ ᠪᠦᠭᠡᠳ ᠤᠯᠠᠨ ᠲᠦᠮᠡᠨᠴᠢ ᠴᠢᠨᠠᠷᠳᠠᠢ ᠰᠤᠶᠤᠯ | ᠤᠨ ᠠᠵᠢᠯᠯᠠᠭᠠᠨ ᠢ ᠴᠤ ᠢᠳᠡᠪᠬᠢᠳᠡᠢ ᠦᠷᠨᠢᠭᠦᠯᠵᠦ᠂ ᠡᠯ᠎ᠡ ᠲᠤᠰᠬᠠᠢ ᠡᠭᠦᠳᠡ ᠰᠠᠯᠠᠭ᠎ᠠ ᠮᠦᠴᠢᠷ ᠤᠨ ᠠᠵᠢᠯ ᠢ | ᠠᠬᠢᠭᠤᠯᠵᠤ ᠢᠷᠡᠪᠡ᠃ ᠡᠭᠦᠨ ᠳᠤ ᠶᠠᠭᠤᠨ ᠤ ᠤᠷᠢᠳ ᠮᠠᠨ ᠤ ᠬᠤᠰᠢᠭᠤᠨ ᠤ ᠰᠤᠶᠤᠯ ᠤᠨ ᠲᠤᠭ ᠲᠡᠮᠳᠡᠭ | ᠪᠤᠯᠤᠭᠰᠠᠨ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠢ ᠲᠤᠷᠠᠳᠬᠤ ᠬᠡᠷᠡᠭᠳᠡᠢ ᠪᠤᠯᠤᠨ᠎ᠠ᠃ ︽ | ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠭᠡᠭᠰᠡᠭᠡᠷ ᠲᠡᠷᠡ ᠪᠤᠯ ᠵᠦᠪᠬᠡᠨ ᠲᠠᠭᠤᠤ ᠬᠦᠭᠵᠢᠮ ᠳᠤ ᠯᠡ | ᠬᠢᠵᠠᠭᠠᠷᠯᠠᠭᠳᠠᠬᠤ ᠪᠢᠰᠢ ᠪᠤᠯᠬᠤᠷ ᠪᠢᠳᠡ ᠲᠡᠭᠦᠨ ᠢ ᠰᠤᠶᠤᠯ ᠢ ᠰᠤᠳᠤᠯᠬᠤ ᠦᠷᠭᠡᠨ ᠬᠡᠪᠴᠢᠶᠡᠨ ᠤ ᠦᠨᠳᠦᠷ | ᠲᠦᠪᠰᠢᠨ ᠠᠴᠠ ᠤᠴᠢᠵᠤ ᠬᠦᠨᠳᠦᠳᠭᠡᠨ ᠬᠢᠵᠦ ᠢᠷᠡᠵᠡᠢ᠃ | ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠪᠤᠯ ᠠᠷᠦ ᠬᠤᠷᠴᠢᠨ ᠳᠤ ᠯᠡ ᠪᠠᠶᠢᠳᠠᠭ ᠲᠡᠭᠡᠳᠦ | ᠲᠡᠰ ᠤᠨ ᠤᠷᠠᠯᠢᠭ ᠶᠤᠮ᠃ ᠬᠤᠰᠢᠭᠤ ᠨᠤᠳᠤᠭ ᠤᠨ ᠢᠶᠠᠨ ᠰᠤᠶᠤᠯ ᠤᠨ ᠲᠤᠭ ᠲᠡᠮᠳᠡᠭ ᠪᠤᠯᠤᠭᠰᠠᠨᠡᠨᠡᠬᠦ ︽ | ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠢ ᠪᠢᠳᠡ ᠵᠦᠪᠬᠡᠨ ᠰᠤᠶᠤᠯ ᠪᠤᠯᠭᠠᠭᠠᠳ ᠵᠤᠭᠰᠤᠴᠢᠬᠠᠭᠰᠠᠨ | ᠪᠢᠰᠢ ᠬᠠᠷᠢᠨ ᠡᠭᠦᠨ ᠤ ᠲᠤᠭᠤᠷᠢᠨ ᠳᠤ ᠤᠯᠠᠨ ᠠᠷᠪᠢᠨ ᠠᠵᠢᠯ ᠢ ᠬᠢᠵᠦ ᠢᠷᠡᠭᠰᠡᠨ ᠪᠦᠭᠡᠳ ᠡᠨᠡ ᠨᠢᠬᠡ ᠲᠤᠮᠤ | ᠰᠤᠶᠤᠯ ᠤᠨ ᠲᠤᠭ ᠲᠡᠮᠳᠡᠭ ᠤᠨ ᠲᠤᠤᠷ᠎ᠠ ᠮᠠᠨ ᠤ ᠠᠷᠦ ᠬᠤᠷᠴᠢᠨ ᠤ ᠮᠤᠩᠭᠤᠯ ᠰᠤᠶᠤᠯ ᠴᠢᠨᠠᠭᠰᠢᠳᠠ ᠪᠦᠬᠦᠶᠢᠯᠡ | ᠲᠠᠮᠢᠷ ᠤᠷᠠᠯᠢᠭ᠂ ᠰᠤᠶᠤᠯ ᠢᠷᠭᠡᠨᠰᠢᠯ᠂ ᠠᠵᠤ ᠠᠬᠤᠢ ᠵᠢᠨᠤᠷᠤᠨ ᠵᠠᠢ ᠨᠤᠲ ᠪᠦᠷᠢᠨ ᠡᠭᠡᠰᠢᠭᠯᠡᠭᠳᠡᠵᠦ | ᠢᠷᠡᠭᠰᠡᠨᠶᠤᠮ᠃ | — 2012 ᠤᠨ ᠤ 7 ᠰᠠᠷ᠎ᠠ ᠳᠤ ᠪᠤᠯᠤᠭᠰᠠᠨ ᠠᠩᠬᠠᠳᠠᠭᠴᠢ ᠤᠳᠠᠭᠠᠨ ᠤ ︽ᠲᠣᠮᠳᠠᠳᠣ ᠣᠯᠣᠰ ᠤᠨ | ᠮᠣᠩᠭᠤᠯ ᠬᠠᠭᠠᠨ ᠣᠷᠲᠣᠨ ᠤ ᠰᠣᠶᠣᠯ ᠤᠨ ᠨᠠᠶᠢᠷ︾ ᠵᠢᠴᠢ ︽ᠴᠠᠭᠠᠨ ᠬᠤᠳᠠ — ᠮᠤᠩᠭᠤᠯ ᠬᠠᠭᠠᠨ ᠤᠷᠳᠤᠨ | ᠤ ᠰᠤᠶᠤᠯ ᠤᠨ ᠪᠦᠬᠦ ᠤᠯᠤᠰ ᠤᠨ ᠡᠷᠳᠠᠮ ᠰᠢᠠᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ︾ ᠤᠨ ᠬᠤᠭᠤᠴᠠᠭᠠᠨ | ᠳᠤ᠂ ︽ᠠᠷᠦ ᠬᠤᠷᠴᠢᠨ ᠬᠤᠰᠢᠭᠤᠨ ᠤ ᠠᠩᠬᠠᠳᠤᠭᠠᠷ ᠤᠳᠠᠭᠠᠨ ᠤ ︿ᠤᠷᠠᠨ ᠲᠠᠷᠬᠠᠨ ᠤ ᠪᠦᠳᠦᠭᠡᠯ﹀ ᠪᠠ ︿ | ᠤᠷᠠᠨ ᠤᠶᠤᠳᠠᠯᠴᠢᠨ ᠤ ᠪᠦᠳᠦᠭᠡᠯ﹀ ᠤᠨ ᠲᠡᠯᠭᠡᠨ ᠦᠵᠡᠭᠦᠯᠦᠯᠭᠡ᠂ ︿ᠪᠦᠬᠦ ᠣᠯᠣᠰ ᠤᠨ ᠬᠤᠭᠤᠷ ᠤᠨ ᠦᠯᠢᠭᠡᠷ | ᠤᠨ ᠰᠣᠶᠣᠯ ᠤᠨ ᠲᠡᠯᠬᠡᠨ ᠦᠵᠡᠬᠦᠯᠦᠯᠭᠡ﹀ ᠴᠤ ᠶᠠᠪᠤᠭᠳᠠᠵᠤ᠂ ᠬᠤᠯᠠ ᠤᠶᠢᠷ᠎ᠠ᠂ ᠬᠠᠷᠢ ᠲᠤᠮᠳᠠᠳᠤ ᠶᠢᠨ ᠬᠢᠨ | ᠳᠤ ᠮᠤᠩᠭᠤᠯ ᠰᠤᠶᠤᠯ ᠤᠨ ᠦᠯᠦᠬᠡᠢ ᠭᠡᠳᠡᠭ ᠢᠶᠠᠨ ᠭᠠᠶᠢᠬᠠᠭᠤᠯᠤᠭᠰᠠᠨ᠃ | — 2012 ᠤᠨ ᠤ 10 ᠰᠠᠷ᠎ᠠ ᠶᠢᠨ 3 ᠤ ᠡᠳᠦᠷ ︽ᠬᠠᠭᠠᠨ ᠤᠷᠳᠤᠨ︾ ᠤ ᠠᠷᠢᠬᠢᠨ ᠤᠶᠢᠯᠡᠰ ᠤᠨ | ᠬᠢᠵᠠᠭᠠᠷᠲᠤ ᠺᠤᠮᠫᠠᠨᠢ ᠵᠢᠨᠤᠷᠢᠯᠭᠠ ᠪᠠᠷ ᠤᠯᠤᠰ ᠤᠨ ᠨᠡᠷᠡᠲᠤ ᠤᠷᠠᠨ ᠪᠢᠴᠢᠯᠭᠡᠲᠡᠨ ᠸᠠᠩ ᠱᠢ ᠵᠧᠨ᠂ ᠷᠠᠰᠢᠰᠠᠩᠪᠤᠤ | ᠮᠠᠨ ᠤ ᠬᠤᠰᠢᠭᠤᠨ ᠳᠤ ᠲᠤᠭᠤᠷᠢᠨ ᠪᠠᠶᠢᠴᠠᠭᠠᠬᠤ ᠶᠢᠨ ᠬᠠᠮᠲᠤ ᠤᠷᠠᠨ ᠪᠢᠴᠢᠯᠭᠡ ᠶᠢᠨ ᠰᠤᠯᠢᠯᠴᠠᠭᠠᠨ ᠤ ᠬᠤᠷᠠᠯ ᠢ | ᠬᠤᠷᠠᠯᠳᠤᠭᠤᠯᠪᠠ᠃ | — 2013 ᠤᠨ ᠤ 4 ᠰᠠᠷ᠎ᠠ ᠶᠢᠨ 13 ᠤ ᠡᠳᠦᠷ ᠤᠯᠠᠭᠠᠨᠬᠠᠳᠠ ᠬᠤᠳᠠ ᠶᠢᠨ ᠪᠡᠶ᠎ᠡ ᠲᠠᠮᠢᠷ ᠤᠨ | ᠲᠤᠪᠴᠢᠶ᠎ᠠ ᠪᠠ ᠤᠯᠠᠭᠠᠨᠬᠠᠳᠠ ᠬᠤᠳᠠ ᠶᠢᠨ ᠰᠤᠷᠭᠠᠨ ᠬᠦᠮᠦᠵᠢᠯ ᠤᠨ ᠲᠤᠪᠴᠢᠶ᠎ᠠ ᠠᠴᠠ ᠭᠤᠤᠯᠴᠢᠯᠠᠨ ᠡᠷᠬᠢᠯᠡᠵᠦ᠂ | ᠠᠷᠤ ᠬᠤᠷᠴᠢᠨ ᠬᠤᠰᠢᠭᠤᠨ ᠤ ᠪᠡᠶ᠎ᠡ ᠲᠠᠮᠢᠷ ᠷᠠᠳᠢᠤ᠋ ᠲᠧᠯᠸᠢᠰ ᠤᠨ ᠲᠤᠪᠴᠢᠶ᠎ᠠ ᠪᠠ ᠠᠷᠤ ᠬᠤᠷᠴᠢᠨ ᠬᠤᠰᠢᠭᠤᠨ | ᠤ ᠰᠤᠷᠭᠠᠨ ᠬᠦᠮᠦᠵᠢᠯ ᠤᠨ ᠲᠤᠪᠴᠢᠶ᠎ᠠ ᠳᠠᠭᠠᠭᠠᠴᠢᠯᠠᠨ ᠡᠷᠬᠢᠯᠡᠭᠰᠡᠨ ︽ᠪᠦᠬᠦ ᠬᠤᠳᠠ ᠶᠢᠨ ᠵᠠᠯᠠᠭᠤᠴᠤᠳ | ᠪᠠᠭᠠᠴᠤᠳ ᠤᠨ ᠪᠠᠶᠠᠰᠤᠯᠳᠦ ᠪᠡᠶ᠎ᠡ ᠲᠠᠮᠢᠷ ᠤᠨ ᠰᠢᠷᠢᠰ ᠬᠦᠳᠡᠯᠬᠡᠬᠡᠨ ᠤ ᠪᠠᠭᠠᠴᠤᠳ ᠤᠨ ᠮᠤᠩᠭᠤᠯ ᠪᠦᠬᠡ ᠶᠢᠨ | ᠮᠠᠩᠯᠠᠢ ᠰᠢᠯᠭᠠᠷᠠᠭᠤᠯᠬᠤ ᠪᠠᠷᠢᠯᠳᠤᠭᠠᠨ︾ ᠨᠢ ᠴᠢᠪᠠᠭ᠎ᠠ ᠮᠤᠩᠭᠤᠯ ᠦᠨᠳᠦᠰᠦᠳᠡᠨ ᠤ ᠲᠤᠷᠰᠢᠯᠳᠠ ᠶᠢᠨ ᠪᠠᠭ᠎ᠠ | ᠰᠤᠷᠭᠠᠭᠤᠯᠢ ᠶᠢᠨ ᠬᠦᠷᠢᠶᠡᠨ ᠳᠤ ᠶᠠᠪᠤᠭᠳᠠᠭᠰᠠᠨ ᠪᠠᠶᠢᠨ᠎ᠠ᠃ | — 2013 ᠤᠨ ᠤ 7 ᠰᠠᠷ᠎ᠠ ᠳᠤ ᠪᠤᠯᠤᠭᠰᠠᠨ ᠬᠤᠶᠠᠳᠤᠭᠠᠷ ᠬᠤᠭᠤᠴᠠᠭᠠᠨ ᠤ ︽ᠲᠣᠮᠳᠠᠳᠣ ᠣᠯᠣᠰ | ᠤᠨ ᠮᠣᠩᠭᠤᠯ ᠬᠠᠭᠠᠨ ᠣᠷᠲᠣᠨ ᠤ ᠰᠣᠶᠣᠯ ᠤᠨ ᠨᠠᠶᠢᠷ︾ ᠢ ᠲᠤᠬᠢᠶᠠᠯᠳᠤᠭᠤᠯᠤᠨ ︽ᠳᠠᠯ᠎ᠠ ᠶᠢᠨ ᠬᠦᠰᠡᠯ᠂ ᠳᠠᠯᠠᠢ | ᠶᠢᠨ ᠬᠤᠶᠠᠷ ᠡᠷᠬᠢ ᠶᠢᠨ ᠮᠤᠩᠭᠤᠯ ᠤᠭᠰᠠᠭᠠᠳᠠᠨ ᠤ ᠰᠡᠳᠬᠢᠯᠬᠡ ᠶᠢᠨ ᠪᠦᠵᠢᠭ︾ ᠤᠷᠠᠨ ᠰᠠᠶᠢᠬᠠᠨ ᠤ ᠳᠤᠭᠯᠠᠯᠳᠠ | ᠭᠠᠷᠭᠠᠨ᠂ ᠳᠠᠯᠠᠢ ᠶᠢᠨ ᠬᠤᠶᠠᠷ ᠡᠷᠬᠢ ᠶᠢᠨ ᠰᠤᠶᠤᠯ ᠤᠷᠠᠯᠢᠭ ᠤᠨ ᠰᠤᠯᠢᠯᠴᠠᠭ᠎ᠠ ᠳᠤ ᠠᠬᠢᠯᠳᠠ ᠶᠢᠨ ᠴᠢᠨᠠᠷᠳᠠᠢ | ᠦᠢᠯᠡᠳᠦᠯ ᠦᠵᠡᠭᠦᠯᠪᠡ᠃ ᠪᠠᠰᠠ 2013 ᠤᠨ ᠤ 7 ᠰᠠᠷ᠎ᠠ ᠶᠢᠨ 29 ᠤ ᠡᠳᠦᠷ᠂ ᠳᠤᠤᠷ ᠪᠦᠮᠪᠦᠭᠡ ᠶᠢᠨ | ᠰᠤᠶᠤᠯ ᠢ ᠰᠤᠷᠭᠠᠭᠤᠯᠢ ᠶᠢᠨ ᠬᠦᠷᠢᠶᠡᠨ ᠳᠤ ᠬᠦᠷᠬᠡᠬᠦ ︽ᠳᠠᠯ᠎ᠠ ᠶᠢᠨ ᠬᠦᠰᠡᠯ︾ ᠦᠪᠦᠷ ᠮᠤᠩᠭᠤᠯ ᠤᠨ ᠵᠡᠬᠦᠨ | ᠬᠡᠰᠡᠭ ᠤᠨ ᠭᠠᠵᠠᠷ ᠤᠷᠤᠨ ᠤ ᠵᠠᠯᠠᠭᠤ ᠪᠠᠭᠠᠴᠤᠳ ᠤᠨ ᠳᠤᠤᠷ ᠪᠦᠮᠪᠦᠭᠡ ᠶᠢᠨ ᠤᠷᠢᠯᠭ᠎ᠠ ᠶᠢᠨ ᠤᠷᠤᠯᠳᠤᠭᠠᠨ ᠤ | ᠡᠬᠢᠯᠡᠯᠳᠡ ᠶᠢᠨ ᠶᠤᠰᠤᠯᠠᠯ ᠨᠢ ᠳᠤᠮᠳᠠᠳᠤ ᠤᠯᠤᠰ ᠤᠨ ᠤᠯᠢᠮᠫᠢᠺ ᠤᠨ ᠵᠦᠪᠯᠡᠯ ᠤᠨ ᠳᠡᠳ᠋ ᠳᠡᠷᠢᠬᠦᠯᠡᠭᠴᠢ ᠼᠦᠢ ᠳ᠋ᠠ | ᠯᠢᠨ᠂ ᠤᠯᠤᠰ ᠤᠨ ᠪᠡᠶ᠎ᠡ ᠳᠠᠮᠢᠷ ᠤᠨ ᠤᠷᠳᠤᠨ ᠤ ᠶᠡᠷᠦᠩᠬᠡᠢ ᠳᠤᠪᠴᠢᠶ᠎ᠠ ᠶᠢᠨ ᠵᠠᠯᠠᠭᠤ ᠪᠠᠭᠠᠴᠤᠳ ᠤᠨ ᠪᠡᠶ᠎ᠡ | ᠳᠠᠮᠢᠷ ᠤᠨ ᠭᠠᠵᠠᠷ ᠤᠨ ᠳᠠᠷᠤᠭ᠎ᠠ ᠵᠤ᠋ ᠶᠢᠩ᠂ ᠯᠢᠶᠤᠤᠨᠢᠩ ᠮᠤᠵᠢ ᠶᠢᠨ ᠤᠤᠯ ᠤᠨ ᠳᠡᠳ᠋ ᠳᠠᠷᠤᠭ᠎ᠠ ᠵᠤᠤ ᠰᠢᠨ | ᠯᠢᠶᠠᠩ ᠵᠡᠷᠭᠡ ᠨᠦᠬᠦᠳ ᠤᠨ ᠤᠷᠤᠯᠴᠠᠯᠭ᠎ᠠ ᠲᠠᠢ᠂ ᠴᠢᠪᠠᠭ᠎ᠠ ᠮᠤᠩᠭᠤᠯ ᠦᠨᠳᠦᠰᠦᠳᠡᠨ ᠤ ᠳᠤᠷᠰᠢᠯᠳᠠ ᠶᠢᠨ ᠪᠠᠭ᠎ᠠ | ᠰᠤᠷᠭᠠᠭᠤᠯᠢ ᠳᠤ ᠦᠪᠡᠳᠡᠭᠰᠢ ᠶᠠᠪᠤᠭᠳᠠᠭᠰᠠᠨ ᠶᠤᠮ᠃ | — 2014 ᠤᠨ ᠳᠤ ᠮᠠᠨ ᠤ ᠬᠤᠰᠢᠭᠤᠨ ᠳᠤ ᠬᠤᠷᠠᠯᠳᠤᠭᠤᠯᠤᠭᠰᠠᠨ ︽ᠮᠣᠩᠭᠤᠯ ᠦᠨᠳᠦᠰᠦᠳᠡᠨ ᠤ | ᠨᠡᠭᠦᠳᠡᠯ ᠰᠣᠶᠣᠯ ᠪᠣᠯᠣᠨ ᠠᠮᠢ ᠠᠬᠤᠢ ᠶᠢᠨ ᠪᠣᠯᠪᠠᠰᠣᠨ ᠤ ᠲᠣᠬᠠᠢ ᠣᠯᠠᠨ ᠣᠯᠣᠰ ᠤᠨ ᠡᠷᠳᠡᠮ ᠰᠢᠨᠵᠢᠯᠡᠭᠡᠨ ᠤ | ᠬᠤᠷᠠᠯ︾ ᠬᠤᠷᠠᠯ ᠳᠡᠭᠡᠷ᠎ᠡ 17 ᠡᠷᠳᠡᠮᠳᠡᠨ ᠲᠣᠰᠬᠠᠢ ᠰᠡᠳᠦᠪᠳᠣ ᠢᠯᠡᠳᠬᠡᠯ ᠬᠢᠵᠦ᠂ ᠮᠣᠩᠭᠤᠯ ᠦᠨᠳᠦᠰᠦᠳᠡᠨ ᠤ | ᠨᠡᠭᠦᠳᠡᠯ ᠰᠣᠶᠣᠯ ᠤᠨᠦᠷᠳᠡᠭ᠂ ᠠᠴᠢ ᠬᠤᠯᠪᠣᠭᠳᠠᠯ᠂ ᠲᠣᠯᠭᠠᠷᠠᠵᠣ ᠪᠠᠶᠢᠭ᠎ᠠ ᠠᠰᠠᠭᠤᠳᠠᠯ ᠵᠢᠴᠢ ᠦᠪᠯᠡᠨ | ᠬᠠᠮᠭᠠᠯᠠᠬᠤ ᠠᠷᠭ᠎ᠠ ᠠᠪᠴᠠᠯ ᠤᠨ ᠲᠣᠬᠠᠢ ᠰᠣᠳᠣᠯᠣᠨ ᠶᠠᠷᠢᠯᠴᠠᠭᠰᠠᠨ ᠪᠦᠭᠡᠳ ᠬᠤᠷᠠᠯ ᠳᠤ ᠣᠷᠣᠯᠴᠠᠭᠰᠠᠳ | ᠬᠠᠮᠲᠣᠪᠠᠷ ︽ᠠᠷᠣ ᠬᠤᠷᠴᠢᠨ ᠬᠤᠰᠢᠭᠤᠨ ᠤ ᠨᠡᠭᠦᠳᠡᠯ ᠮᠠᠯᠵᠢᠯ ᠤᠨ ᠰᠣᠶᠣᠯ ᠤᠨ ᠲᠣᠰᠬᠠᠢ ᠹᠢᠯᠢᠮ︾ ᠪᠤᠯᠤᠨ | ᠠᠷᠣ ᠬᠤᠷᠴᠢᠨ ᠬᠤᠰᠢᠭᠤᠨ ᠤ ᠦᠨᠳᠦᠰᠦᠲᠡᠨ ᠤ ᠰᠣᠶᠣᠯ ᠤᠨ ᠳᠡᠯᠭᠡᠨ ᠦᠵᠡᠭᠦᠯᠦᠯᠭᠡ ᠶᠢ ᠰᠣᠨᠢᠷᠬᠠᠪᠠ᠃ ᠬᠤᠷᠠᠯ | ᠤᠨ ᠳᠠᠷᠠᠭ᠎ᠠ ︽ᠮᠣᠩᠭᠤᠯ ᠬᠠᠭᠠᠨ ᠣᠷᠳᠣᠨ ᠤ ᠬᠦᠭᠵᠢᠮ︾ ᠤᠨ ᠲᠣᠭᠯᠠᠯᠲᠠ ᠶᠢ ᠰᠣᠨᠢᠷᠬᠠᠭᠰᠠᠨ ᠪᠦᠭᠡᠳ ᠮᠠᠨ | ᠤ ᠬᠤᠰᠢᠭᠤᠨ ᠤ ︽ᠮᠣᠩᠭᠤᠯ ᠬᠠᠭᠠᠨ ᠣᠷᠳᠣᠨ ᠤ ᠰᠣᠶᠣᠯ︾ ᠢᠶᠠᠷ ᠭᠤᠣᠯ ᠪᠣᠯᠭᠠᠭᠰᠠᠨ ︽ᠬᠠᠭᠠᠨ ᠣᠷᠳᠣᠨ᠂ | ᠱᠠᠰᠢᠨ ᠰᠣᠷᠳᠠᠬᠤᠨ᠂ ᠲᠠᠯ᠎ᠠ ᠨᠣᠳᠤᠭ︾ ᠭᠤᠷᠪᠠᠨ ᠲᠣᠮᠣ ᠰᠣᠶᠣᠯ ᠤᠨ ᠲᠦᠷᠦᠯ ᠲᠡᠮᠳᠡᠭ ᠢ ᠡᠭᠦᠳᠴᠣ᠂ | ᠦᠨᠳᠦᠰᠦᠳᠡᠨ ᠤ ᠰᠣᠶᠣᠯ ᠤᠨ ᠬᠦᠭᠵᠢᠯᠳᠡ ᠶᠢᠨ ᠠᠯᠣᠰ ᠬᠡᠳᠦ ᠶᠢᠨ ᠪᠠᠶᠢᠯᠳᠣᠬᠤ ᠪᠣᠳᠣᠯᠭ᠎ᠠ ᠶᠢ ᠪᠦᠬᠦ ᠬᠦᠴᠦᠨ | ᠢᠶᠠᠷ ᠬᠡᠷᠡᠭᠵᠢᠭᠦᠯᠦᠨ᠂ ᠦᠨᠳᠦᠰᠦᠳᠡᠨ ᠤ ᠰᠣᠶᠣᠯ ᠤᠨ ᠦᠨᠡᠳᠦ ᠦᠪ ᠢ ᠣᠯᠠᠮᠵᠢᠯᠠᠨ ᠵᠠᠯᠭᠠᠮᠵᠢᠯᠠᠵᠤ᠂ ︽ | ᠪᠦᠳᠦᠴᠡ ᠲᠣᠬᠢᠳᠡᠢ᠂ ᠬᠦᠭᠵᠢᠯᠳᠡ ᠲᠡᠩᠴᠡᠭᠦᠨ᠂ ᠰᠦᠯᠵᠢᠶ᠎ᠡ ᠪᠦᠷᠢᠨ᠂ ᠦᠢᠯᠡᠴᠢᠯᠡᠭᠡ ᠰᠢᠯᠢᠳᠡᠭ᠂ ᠪᠦᠬᠦ ᠠᠷᠠᠳ | ᠲᠤ ᠬᠠᠨᠳᠣᠭᠤᠯᠣᠭᠰᠠᠨ︾ ᠰᠣᠶᠣᠯ ᠤᠨ ᠰᠢᠰᠲ᠋ᠧᠮ ᠢ ᠪᠠᠶᠢᠭᠤᠯᠤᠨ ᠶᠠᠪᠤᠭᠤᠯᠵᠤ ᠪᠠᠶᠢᠭ᠎ᠠ ᠶᠢ ᠦᠨᠳᠦᠷ ᠦᠨᠡᠯᠡᠭᠰᠡᠨ | ᠪᠠᠶᠢᠨ᠎ᠠ᠃ | — ︽ᠠᠷᠤ ᠬᠤᠷᠴᠢᠨ ᠭᠤᠭᠤᠰᠤᠳᠠᠢ ᠬᠠᠨ ᠠᠭᠤᠯᠠ ᠶᠢᠨ ᠤᠪᠤᠭᠠᠨ ᠳᠠᠬᠢᠯᠭ᠎ᠠ︾ ᠬᠡᠬᠦ ᠪᠠᠷᠢᠮᠳᠠᠳᠤ | ᠹᠢᠯᠢᠮ ᠢ ᠰᠡᠬᠦᠳᠡᠷᠯᠡᠨ ᠦᠢᠯᠡᠳᠬᠦ ᠮᠠᠰᠢᠨ ᠨᠡᠭᠡᠭᠡᠬᠦ ᠶᠤᠰᠣᠯᠠᠯ ᠵᠢᠴᠢ ︽ᠠᠷᠤ ᠬᠤᠷᠴᠢᠨ ᠤᠪᠤᠭᠠᠨ ᠰᠤᠶᠤᠯ︾ ᠨᠤᠮ | ᠤᠨ ᠲᠠᠷᠬᠠᠭᠠᠯᠲᠠ ᠶᠢᠨ ᠶᠤᠰᠤᠯᠠᠯ 2014 ᠤᠨ ᠤ 11 ᠰᠠᠷ᠎ᠠ ᠶᠢᠨ 14 ᠤ ᠡᠳᠦᠷ᠂ ᠬᠤᠰᠢᠭᠤᠨ ᠷᠠᠳᠢᠤ᠋ | ᠲᠧᠯᠸᠢᠰ ᠳᠤᠪᠴᠢᠶᠠᠨ ᠳᠤ ᠦᠪᠡᠳᠡᠭᠰᠢ ᠶᠠᠪᠤᠭᠳᠠᠪᠠ᠃ ᠡᠨᠡ ᠬᠦ ᠰᠤᠶᠤᠯ ᠤᠨ ᠠᠵᠢᠯᠯᠠᠭ᠎ᠠ ᠶᠢ ᠦᠪᠦᠷ ᠮᠤᠩᠭᠤᠯ | ᠤᠨ ᠪᠠᠭᠰᠢ ᠶᠢᠨ ᠶᠡᠭᠡ ᠰᠤᠷᠭᠠᠭᠤᠯᠢ᠂ ᠬᠤᠰᠢᠭᠤᠨ ᠤ ᠰᠤᠶᠤᠯ ᠳᠠᠮᠢᠷ ᠤᠨ ᠳᠤᠪᠴᠢᠶ᠎ᠠ᠂ ᠬᠤᠰᠢᠭᠤᠨ ᠤ ᠷᠠᠳᠢᠤ᠋ | ᠲᠧᠯᠸᠢᠰ ᠦᠢᠯᠡᠴᠢᠯᠡᠬᠡᠨ ᠤ ᠳᠦᠪ᠂ ᠬᠤᠰᠢᠭᠤᠨ ᠤ ᠤᠯᠠᠮᠵᠢᠯᠠᠯᠳᠤ ᠰᠤᠶᠤᠯ ᠳᠠᠮᠢᠷ ᠤᠨ ᠨᠡᠶᠢᠬᠡᠮᠯᠢᠭ ᠬᠠᠮᠳᠤᠷᠠᠨ | ᠵᠤᠬᠢᠶᠠᠨ ᠪᠠᠶᠢᠭᠤᠯᠵᠤ ᠶᠠᠪᠤᠭᠳᠠᠭᠤᠯᠪᠠ᠃ ︽ᠭᠤᠭᠤᠰᠤᠳᠠᠢ ᠬᠠᠨ ᠠᠭᠤᠯᠠ ᠶᠢᠨ ᠤᠪᠤᠭᠠᠨ ᠳᠠᠬᠢᠯᠭ᠎ᠠ︾ ᠬᠡᠬᠦ | ᠰᠡᠳᠦᠪ ᠪᠤᠯ ᠤᠯᠤᠰ ᠤᠨ ᠰᠤᠶᠤᠯ ᠤᠨ ᠶᠠᠮᠤᠨ ᠠᠴᠠ ᠡᠷᠬᠢᠯᠡᠨ ᠬᠦᠢᠴᠡᠳᠬᠡᠵᠤ ᠪᠠᠶᠢᠬᠤ ︽ᠳᠤᠮᠳᠠᠳᠤ ᠤᠯᠤᠰ ᠤᠨ | ᠤᠯᠠᠮᠵᠢᠯᠠᠯᠳᠤ ᠪᠠᠶᠠᠷ ᠳᠤᠷᠠᠰᠬᠠᠯ ᠤᠨ ᠳᠦᠷᠰᠤ ᠰᠢᠩᠬᠡᠬᠡᠯᠳᠡ︾ ᠶᠢᠨ ᠬᠦᠮᠦᠷᠬᠡ ᠶᠢᠨ ᠨᠢᠬᠡ ᠪᠤᠯᠤᠨ᠎ᠠ᠃ ᠳᠤᠰ | ᠰᠡᠳᠦᠪ ᠭᠤᠤᠯᠳᠠᠭᠤ ᠮᠤᠩᠭᠤᠯ ᠦᠨᠳᠦᠰᠦᠳᠡᠨ ᠤ ᠤᠪᠤᠭᠠᠨ ᠳᠠᠬᠢᠯᠭ᠎ᠠ ᠶᠢᠨ ᠳᠤᠬᠠᠢ ᠳᠦᠷᠰᠦ ᠰᠢᠩᠬᠡᠬᠡᠯᠳᠡ ᠶᠢᠨ | ᠬᠡᠯᠪᠡᠷᠢ ᠪᠠᠷ ᠦᠪᠯᠡᠨ ᠦᠯᠡᠳᠡᠬᠡᠬᠦ ᠰᠤᠷᠪᠤᠯᠵᠢ ᠮᠠᠲ᠋ᠧᠷᠢᠶᠠᠯ ᠪᠤᠯᠬᠤ ᠶᠤᠮ᠃ ᠳᠦᠷᠰᠦ ᠰᠢᠩᠬᠡᠬᠡᠯᠳᠡ ᠶᠢᠨ ᠬᠡᠯᠪᠡᠷᠢ | ᠪᠠᠷ ᠦᠪ ᠰᠤᠶᠤᠯ ᠢᠶᠠᠨ ᠦᠪᠯᠡᠨ ᠤᠯᠠᠮᠵᠢᠯᠠᠵᠤ ᠪᠠᠶᠢᠭ᠎ᠠ ᠨᠢ ᠮᠤᠩᠭᠤᠯ ᠦᠨᠳᠦᠰᠦᠳᠡᠨ ᠤ ᠤᠪᠤᠭ᠎ᠠ ᠳᠠᠬᠢᠯᠭ᠎ᠠ | ᠵᠢᠨᠦᠨᠳᠦᠰᠦᠨ ᠬᠡᠪ ᠵᠠᠭᠪᠤᠷ᠂ ᠪᠠᠷᠢᠮᠵᠢᠶ᠎ᠠ ᠵᠢᠴᠢ ᠤᠯᠠᠮᠵᠢᠯᠠᠯᠳᠤ ᠰᠤᠶᠤᠯ ᠢᠶᠠᠨ ᠤᠬᠠᠭᠤᠯᠤᠨ ᠵᠠᠯᠭᠠᠮᠵᠢᠯᠠᠨ᠂ | ᠦᠪᠯᠡᠨ ᠦᠯᠡᠳᠡᠬᠡᠬᠦ ᠳᠤ ᠳᠤᠩ ᠶᠡᠭᠡ ᠠᠴᠢ ᠬᠤᠯᠪᠤᠭᠳᠠᠯ ᠲᠠᠢ ᠶᠤᠮ᠃ | — ᠪᠦᠬᠦ ᠣᠯᠣᠰ ᠤᠨ ᠨᠠᠢᠮᠠᠨ ᠮᠣᠵᠢ ᠣᠷᠣᠨ ᠤ ᠮᠣᠩᠭᠤᠯ ᠬᠡᠯᠡᠨ ᠤ ᠷᠠᠳᠢᠣ᠋ ᠲᠧᠯᠸᠢᠰ ᠤᠨ ᠰᠢᠯᠢᠳᠡᠭ | ᠪᠦᠳᠦᠭᠡᠯ ᠤᠨ ᠠᠳᠠᠯᠢᠳᠬᠠᠨ ᠰᠢᠯᠭᠠᠷᠠᠭᠤᠯᠣᠯᠳᠠ ᠳᠤ ᠮᠠᠨ ᠤ ᠬᠤᠰᠢᠭᠤᠨ ᠤ 7 ᠪᠦᠲᠦᠭᠡᠯ ᠱᠠᠩᠨᠠᠯ ᠬᠦᠷᠳᠡᠭᠰᠡᠨ᠂ | ᠪᠦᠬᠦ ᠬᠤᠲᠠ ᠶᠢᠨ ᠠᠩᠬᠠᠳᠠᠭᠴᠢ ᠤᠳᠠᠭᠠᠨ ᠤ ︽ᠡᠭᠡᠯᠵᠢᠲᠦ ᠮᠤᠷᠢᠨ ᠤᠷᠤᠯᠳᠤᠭᠠᠨ︾ ᠂ ᠪᠦᠬᠦ ᠬᠤᠲᠠ ᠶᠢᠨ | ᠤᠯᠠᠮᠵᠢᠯᠠᠯᠲᠦ ᠭᠠᠷ ᠤᠷᠠᠯᠠᠯ ᠤᠨ ᠪᠦᠲᠦᠭᠡᠯ ᠤᠨ ᠠᠳᠠᠯᠢᠳᠬᠠᠨ ᠰᠢᠯᠭᠠᠷᠠᠭᠤᠯᠤᠯᠲᠠ ᠮᠠᠨ ᠤ ᠬᠤᠰᠢᠭᠤᠨ ᠳᠤ | ᠶᠠᠪᠤᠭᠳᠠᠭᠰᠠᠨ ᠁ | ᠡᠬᠦᠨ ᠠᠴᠠ ᠭᠠᠳᠠᠨ᠎ᠠ ᠪᠢᠳᠡ ᠤᠷᠠᠨ ᠵᠤᠬᠢᠶᠠᠯᠴᠢᠳ ᠤᠨ ᠨᠤᠮ ᠤᠨ ᠮᠢᠯᠢᠶᠠᠯᠭ᠎ᠠ ᠵᠢᠴᠢ ᠰᠤᠳᠤᠯᠤᠨ | ᠶᠠᠷᠢᠯᠴᠠᠬᠤ ᠬᠤᠷᠠᠯ ᠢ ᠵᠢᠯ ᠪᠤᠯᠭᠠᠨ ᠬᠢᠵᠦ ᠢᠷᠡᠭᠰᠡᠨ᠃ 2015 ᠤᠨ ᠢᠶᠠᠷ ᠵᠢᠱᠢᠶᠡᠯᠡᠪᠡᠯ᠄ ᠮᠤᠩᠭᠤᠯ ᠠᠮᠠᠨ | ᠵᠤᠬᠢᠶᠠᠯ ᠤᠨ ᠣᠨᠤᠯ ᠤᠨ ᠰᠠᠭᠤᠷᠢᠯᠠᠭᠴᠢ᠂ ᠰᠤᠷᠭᠠᠨ ᠬᠦᠮᠦᠵᠢᠭᠦᠯᠬᠦᠢ ᠶᠢᠨ ᠤᠬᠠᠭᠠᠨᠲᠠᠨ᠂ ᠲᠦᠪ ᠤᠨ | ᠦᠨᠳᠦᠰᠦᠳᠡᠨ ᠤ ᠶᠡᠭᠡ ᠰᠣᠷᠭᠠᠭᠤᠯᠢ ᠶᠢᠨ ᠮᠠᠨᠳᠤᠬᠤ ᠫᠷᠣᠹᠧᠰᠰᠣᠷ ᠤᠨ ︽ᠮᠠᠨᠳᠤᠬᠤ ᠶᠢᠨ ᠵᠤᠬᠢᠶᠠᠯ ᠤᠨ | ᠴᠢᠭᠤᠯᠭᠠᠨ︾ ᠤ ᠮᠢᠯᠢᠶᠠᠯᠭ᠎ᠠ ᠵᠢᠴᠢ ᠠᠷᠤ ᠬᠤᠷᠴᠢᠨ ᠰᠣᠶᠣᠯ ᠤᠨ ᠰᠤᠳᠤᠯᠤᠨ ᠶᠠᠷᠢᠯᠴᠠᠬᠤ ᠬᠤᠷᠠᠯ᠂ ᠤ᠊ · | ᠪᠤᠶ᠋ᠬᠠᠦ᠋ᠯᠵᠡᠢ ᠶᠢᠨ ︽ᠢᠲᠡᠭᠡᠯᠲᠦ ᠮᠤᠳᠤᠨ ᠤ ᠦᠷ᠎ᠡ︾ ᠬᠡᠮᠡᠬᠦ ᠷᠤᠮᠠᠨ ᠢ ᠰᠤᠳᠤᠯᠤᠨ ᠶᠠᠷᠢᠯᠴᠠᠬᠤ ᠬᠤᠷᠠᠯ᠂ ᠠ᠊ · | ᠬᠤᠲᠤᠷᠠᠩᠭᠠ ᠶᠢᠨ ︽ᠬᠦᠮᠦᠨ ᠨᠡᠶᠢᠭᠡᠮ ᠤᠨ ᠬᠦᠭᠵᠢᠯ ᠤᠨ ᠵᠠᠭᠪᠤᠷᠢᠯᠠᠭᠴᠢ — ᠴᠢᠩᠭᠢᠰ ᠬᠠᠭᠠᠨ︾ ᠵᠡᠷᠭᠡ | ᠨᠤᠮ ᠤᠨ ᠮᠢᠯᠢᠶᠠᠯᠭ᠎ᠠ ᠵᠢᠴᠢ ᠰᠤᠳᠤᠯᠤᠨ ᠶᠠᠷᠢᠯᠴᠠᠬᠤ ᠬᠤᠷᠠᠯ ᠵᠡᠷᠭᠡ ᠨᠡᠯᠢᠶᠡᠳ ᠬᠡᠳᠦ ᠶᠢ ᠡᠷᠬᠢᠯᠡᠨ ᠶᠠᠪᠤᠭᠤᠯᠤᠭᠰᠠᠨ | ᠪᠠᠶᠢᠨ᠎ᠠ᠃ | ᠠᠭᠤᠯᠠᠰ ᠤᠨ ᠤᠷᠤᠶᠢᠳ ᠢ ᠬᠠᠷᠠᠵᠤ ᠵᠤᠷᠢᠭ ᠢᠶᠠᠨ ᠴᠢᠩᠭᠠᠯᠠᠳᠠᠭ᠂ ᠤᠰᠤᠨ ᠤ ᠬᠦᠨ ᠢ ᠰᠡᠳᠭᠢᠨ ᠤᠶᠤᠨ | ᠢᠶᠠᠨ ᠴᠨᠩᠨᠡᠳᠡᠭ᠂ ᠲᠠᠯ᠎ᠠ ᠶᠢᠨ ᠠᠭᠤᠳᠠᠮ ᠢ ᠪᠠᠷᠠᠯᠠᠵᠤ ᠬᠠᠷᠠᠭ᠎ᠠ ᠪᠠᠨ ᠲᠡᠯᠡᠳᠡᠭ᠂ ᠤᠢ ᠶᠢᠨ ᠴᠤᠤᠷᠢᠶ᠎ᠠ ᠪᠠᠷ | ᠬᠤᠭᠤᠯᠠᠢ ᠪᠠᠨ ᠰᠤᠶᠢᠳᠠᠭ ᠠᠷᠦ ᠬᠤᠷᠴᠢᠨ ᠤ ᠮᠤᠩᠭᠤᠯᠴᠤᠳ ᠪᠠᠷ ᠪᠡᠶ᠎ᠡ ᠪᠠᠬᠢ ᠪᠠᠷ ᠢᠶᠠᠨ ᠪᠠᠷᠢᠳᠠᠯ ᠬᠠᠳᠠᠭᠤ | ᠪᠦᠬᠡᠴᠢᠨ ᠲᠠᠮᠢᠷᠴᠢᠨ ᠠᠷᠪᠢᠨ᠂ ᠪᠢᠯᠢᠭ ᠬᠤᠷᠴᠠ ᠪᠠᠷ ᠢᠶᠠᠨ ᠮᠡᠳᠡᠯᠭᠡᠳᠡᠨ ᠠᠪᠢᠶᠠᠰᠳᠠᠨ ᠵᠦᠩᠳᠡᠭᠡᠨ᠂ ᠰᠡᠳᠬᠢᠯ | ᠲᠠᠮᠢᠷ ᠲᠠᠢ ᠪᠠᠷ ᠢᠶᠠᠨ ᠪᠤᠳᠤᠯᠭᠠᠳᠠᠨ ᠤᠬᠠᠭᠠᠨᠳᠠᠨ ᠦᠯᠡᠮᠵᠢ ᠢᠯᠡᠷᠡᠳᠡᠭ ᠵᠦᠩ ᠪᠡᠯᠭᠡ ᠶᠢᠨ ᠵᠦᠢ ᠲᠠᠢ ᠰᠠᠶᠢᠬᠠᠨ | ᠤᠷᠤᠨ ᠶᠤᠮ ᠡ᠃ | ᠠᠯᠳᠠᠷᠳᠤ ᠵᠢᠷᠤᠭᠴᠢᠨ ᠨᠠᠮᠰᠠᠷᠠᠢ᠂ ᠲᠠᠯᠠᠬᠡᠢ ᠶᠢᠨ ᠰᠢᠮ᠎ᠠ ᠲᠠᠵᠢᠬᠡᠯ ᠤᠨ ᠤᠬᠠᠭᠠᠨ ᠤ ᠡᠷᠳᠠᠮᠳᠠᠨ | ᠮᠢᠩᠭᠠᠠᠴᠤᠭᠳᠤ᠂ ᠵᠢᠥᠳᠤᠤ ᠪᠦᠬᠡ ᠶᠢᠨ ᠠᠼᠢᠶ᠎ᠠ ᠶᠢᠨ ᠠᠪᠤᠷᠭᠤ ᠬᠤᠷᠠᠭ᠎ᠠ᠂ ᠪᠦᠬᠦ ᠤᠯᠤᠰ ᠤᠨ ᠵᠢᠤᠳᠤᠤ ᠪᠦᠬᠡ | ᠶᠢᠨ ᠠᠯᠳᠠᠨ ᠮᠧᠳᠠᠯ ᠤᠨ ᠡᠵᠡᠨ ᠣᠳᠬᠤᠨᠪᠠᠭᠠᠲᠣᠷ ᠰᠧᠷᠵᠢᠭᠠᠸ᠋ᠨ᠂ ᠡᠷᠬᠢᠮᠪᠠᠳᠤ᠂ ᠤᠷᠤᠨ ᠤ ᠱᠠᠩᠨᠠᠯᠳᠤ | ᠵᠤᠬᠢᠶᠠᠯᠴᠢ ᠤ᠂ ᠪᠤᠶ᠋ᠬᠠᠦ᠋ᠯᠵᠠᠢ᠂ ᠬᠤᠰᠢᠭᠤᠴᠢ ᠰᠢᠯᠦᠭᠴᠢ ᠪ᠊ · ᠪᠤᠶᠠᠨᠬᠡᠰᠢᠭ᠂ ᠤᠷᠳᠤ ᠶᠢᠨ ᠲᠠᠭᠤᠴᠢᠨ | ᠪᠠᠶᠠᠨᠴᠠᠭᠠᠨ᠂ ᠬᠠᠷᠢ ᠬᠦᠷᠦᠨ ᠳᠤ ᠬᠤᠭᠤᠷ ᠤᠨ ᠡᠭᠡᠰᠢᠭ ᠢ ᠭᠠᠶᠢᠬᠠᠭᠤᠯᠤᠭᠰᠠᠨ ︽ᠬᠡᠰᠡᠷᠴᠢ︾ ᠤᠳᠬᠤᠨᠪᠠᠶᠠᠷ᠂ | ᠤᠳᠬ᠎ᠠ ᠵᠤᠬᠢᠶᠠᠯ ᠤᠨ ᠰᠤᠯᠤᠩᠭ᠎ᠠ ᠱᠠᠩᠨᠠᠯᠳᠤ ᠵᠤᠬᠢᠶᠠᠯᠴᠢ ᠤᠳᠤ ᠪᠤᠯᠳᠠᠯ᠎ᠠ ᠵᠢᠷᠭᠤᠭ᠎ᠠ ᠭᠠᠷᠴᠤ᠂ ᠠᠯᠳᠠᠨ | ᠮᠧᠳᠠᠯᠲᠤ ᠤᠷᠠᠨ ᠵᠢᠷᠤᠭᠴᠢᠨ᠂ ᠤᠷᠠᠨ ᠪᠢᠴᠢᠯᠬᠡᠳᠠᠨ ᠷᠤᠯᠭᠠᠷᠰᠦ᠋ᠷᠤᠩ ᠁ ᠵᠡᠷᠭᠡ ᠨᠡᠷᠡᠳᠡᠢ ᠬᠦᠮᠦᠰ ᠤᠰᠤ | ᠭᠤᠤᠯ ᠤᠨ ᠢᠶᠠᠨ ᠠᠯᠳᠠᠷ ᠢ ᠮᠠᠨᠳᠤᠭᠤᠯᠵᠤ ᠶᠠᠪᠤᠭᠰᠠᠨ ᠪᠠ ᠡᠷᠭᠦᠵᠦ ᠶᠠᠪᠤᠭ᠎ᠠ ᠠᠵᠢ᠃ | ᠬᠤᠶᠢᠰᠢᠳᠠ ᠶᠢᠨ ᠠᠵᠢᠯ ᠤᠨ ᠪᠠᠶᠢᠷᠢᠯᠠᠭᠤᠯᠤᠯᠳᠠ ᠳᠠᠭᠠᠨ᠄ | ᠶᠠᠭᠤᠨ ᠤ ᠤᠷᠢᠳ᠂ ᠤᠷᠳᠤᠨ ᠤ ᠲᠠᠭᠤᠤ ᠬᠦᠭᠵᠢᠮ ᠢ ᠤᠯᠠᠮ ᠨᠢᠬᠡ ᠠᠯᠬᠤᠮ ᠪᠦᠷᠢᠨ ᠲᠡᠭᠦᠯᠳᠡᠷᠵᠢᠭᠦᠯᠦᠨ | ᠂ ᠤᠷᠠᠯᠢᠭ ᠤᠨ ᠲᠠᠶᠢᠵᠠᠨ᠎ᠠ ᠭᠠᠷᠭᠠᠬᠤ ᠪᠠ ᠲᠤᠭᠯᠠᠭᠴᠢ ᠶᠢ ᠰᠢᠨ᠎ᠡ ᠪᠠᠷ ᠡᠯᠰᠡᠨ᠂ ᠲᠤᠭᠯᠠᠭᠴᠢ ᠶᠢᠨ ᠬᠡᠪ | ᠪᠤᠯᠪᠠᠰᠤᠷᠠᠯ ᠢ ᠴᠢᠩᠭᠠᠳᠬᠠᠨ᠂ ᠲᠤᠰᠬᠠᠢ ᠮᠡᠷᠭᠡᠵᠢᠯ ᠤᠨ ᠡᠩᠨᠡᠭᠡ ᠶᠢᠨ ᠪᠠᠶᠢᠭᠤᠯᠤᠯᠳᠠ ᠶᠢ ᠲᠡᠭᠦᠯᠳᠡᠷᠵᠢᠬᠦᠯᠬᠦ ᠪᠠᠷ | ᠴᠢᠷᠮᠠᠶᠢᠵᠤ ᠪᠠᠶᠢᠨ᠎ᠠ᠃ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠤᠨ ᠠᠩᠬᠢ ᠶᠢᠨ ᠤᠳᠤ ᠶᠢᠨ | ᠰᠡᠷᠭᠦᠬᠡᠨ ᠲᠤᠭᠯᠠᠵᠤ ᠪᠠᠶᠢᠭ᠎ᠠ ᠬᠤᠷᠢᠨ ᠬᠡᠳᠦᠨ ᠲᠤᠭᠯᠠᠯᠳᠠ ᠶᠢᠨ ᠰᠠᠭᠤᠷᠢᠨ ᠲᠡᠭᠡᠷ᠎ᠡ ᠪᠠᠨ ᠪᠠᠰᠠ 10 — 13 | ᠲᠠᠭᠤᠤ ᠬᠦᠭᠵᠢᠮ ᠢ ᠰᠡᠷᠭᠦᠬᠡᠨ ᠲᠤᠭᠯᠠᠵᠤ᠂ ᠲᠠᠶᠢᠵᠠᠨ ᠳᠤ ᠭᠠᠷᠭᠠᠬᠤ ᠪᠠᠷ ᠲᠦᠯᠦᠪᠯᠡᠵᠦ ᠪᠤᠢ᠃ | ᠶᠡᠭᠡ ᠬᠡᠮᠵᠢᠶᠡᠨ ᠤ ᠪᠡᠯᠡ ᠤᠷᠤᠭᠤᠯᠤᠨ᠂ ᠮᠤᠩᠭᠤᠯ ᠰᠤᠶᠤᠯ ᠵᠠᠩᠰᠢᠯ ᠤᠨ ᠰᠠᠭᠤᠷᠢᠨ ᠪᠤᠯᠬᠤ — ︽ | ᠮᠤᠩᠭᠤᠯ ᠬᠠᠭᠠᠨ ᠤᠷᠳᠤᠨ ᠤ ᠰᠤᠶᠤᠯ ᠤᠨ ᠬᠦᠷᠢᠶᠡᠯᠡᠩ︾ ᠢ ᠬᠤᠰᠢᠭᠤᠨ ᠲᠦᠪ ᠴᠢᠪᠠᠭ᠎ᠠ ᠪᠠᠯᠭᠠᠰᠤᠨ ᠳᠤ | ᠪᠠᠶᠢᠭᠤᠯᠤᠭᠰᠠᠨ ᠪᠠᠶᠢᠨ᠎ᠠ᠃ ᠡᠭᠦᠨ ᠤ ᠲᠤᠳᠤᠷ᠎ᠠ ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ ᠤᠨ | ᠲᠤᠭᠯᠠᠯᠳᠠ ᠶᠢᠨ ᠲᠤᠰᠬᠠᠢ ᠲᠠᠩᠬᠢᠮ ᠴᠤᠭᠴᠠᠯᠠᠬᠤ ᠶᠢᠨ ᠬᠠᠮᠳᠤ ᠪᠤᠳᠠᠰ ᠤᠨ ᠪᠤᠰᠤ ᠰᠤᠶᠤᠯ ᠤᠨ ᠦᠪ ᠤᠨ ᠲᠡᠯᠭᠡᠨ | ᠦᠵᠡᠭᠦᠯᠦᠯᠭᠡ ᠬᠢᠬᠦ ᠵᠢᠴᠢ ᠦᠪ ᠰᠤᠶᠤᠯ ᠢ ᠤᠭ ᠬᠡᠪ ᠢᠶᠠᠷ ᠨᠢ ᠬᠠᠳᠠᠭᠠᠯᠠᠭᠰᠠᠨ ᠰᠠᠭᠤᠷᠢᠨ ᠲᠡᠭᠡᠷ᠎ᠡ ᠬᠠᠭᠠᠨ | ᠤᠷᠳᠤᠨ ᠤ ᠲᠠᠭᠤᠤ ᠬᠦᠭᠵᠢᠮ ᠤᠨ ᠲᠤᠭᠤᠷᠢᠨ ᠳᠤ ᠮᠤᠩᠭᠤᠯ ᠦᠨᠳᠦᠰᠦᠳᠡᠨ ᠤ ᠵᠠᠩ ᠰᠤᠶᠤᠯ ᠤᠨ ᠬᠠᠮᠢᠶ᠎ᠠ | ᠪᠦᠬᠦᠢ ᠵᠦᠢᠯ ᠢ ᠤᠯᠠᠨ ᠳᠤ ᠰᠤᠨᠢᠷᠬᠠᠭᠤᠯᠬᠤ ᠪᠠᠷ ᠲᠦᠯᠦᠪᠯᠡᠵᠦ ᠪᠤᠢ᠃ | ᠲᠠᠷᠠᠭᠠᠴᠢ ᠶᠢᠨ ᠠᠯᠬᠤᠮ ᠳᠤ ᠪᠢᠳᠡ᠂ ᠬᠠᠭᠠᠨ ᠤᠷᠳᠤᠨ ᠤ ᠰᠤᠶᠤᠯ ᠤᠨ ᠲᠠᠸᠠᠷ ᠤᠨ ᠲᠡᠮᠳᠡᠭ ᠢ | ᠲᠠᠩᠰᠠᠯᠠᠭᠤᠯᠵᠤ᠂ ᠬᠠᠭᠠᠨ ᠤᠷᠳᠤᠨ ᠤ ᠵᠠᠩ ᠦᠢᠯᠡ᠂ ᠲᠠᠬᠢᠯᠭ᠎ᠠ ᠲᠠᠶᠢᠯᠠᠯᠭ᠎ᠠ ᠶᠢᠨ ᠶᠤᠰᠤᠨ᠂ ᠢᠳᠡᠭᠡᠨ ᠤᠮᠳᠠᠭᠠᠨ | ᠂ ᠡᠳ᠋ᠯᠡᠯ ᠬᠡᠷᠡᠭᠰᠡᠯ ᠢ ᠲᠠᠸᠠᠷᠵᠢᠭᠤᠯᠬᠤ ᠪᠠᠷ ᠰᠤᠳᠤᠯᠤᠨ ᠰᠦᠪᠡᠭᠴᠢᠯᠡᠵᠦ ᠂ ᠡᠳᠡᠭᠡᠷ ᠪᠦᠬᠦᠢ ᠵᠦᠢᠯᠡᠰ ᠢ ᠰᠡᠷᠭᠦᠬᠡᠵᠦ | ᠬᠢᠬᠦ ᠪᠠᠷ ᠲᠦᠯᠦᠪᠯᠡᠵᠦ ᠪᠤᠢ ᠬᠡᠯᠡ᠃ | ᠰᠤᠷᠪᠤᠯᠵᠢᠯᠠᠭ᠎ᠠ ᠮᠠᠨᠢ ᠠᠳᠡ ᠬᠦᠷᠦᠭᠡᠳ ᠪᠠᠰᠠ ᠶᠠᠭᠤ ᠨᠢᠬᠡ ᠶᠢ ᠨᠦᠬᠦᠪᠦᠷᠢᠯᠡᠬᠦ ᠴᠢᠬᠤᠯᠠᠳᠠᠢ ᠰᠢᠭ᠋ | ᠪᠤᠳᠤᠭᠳᠠᠵᠤ ᠪᠠᠶᠢᠳᠠᠯ᠎ᠠ᠂ ︽ᠪᠤᠳᠠᠰ ᠤᠨ ᠪᠤᠰᠤ ᠰᠤᠶᠤᠯ ᠤᠨᠦᠪ ᠤᠨ ᠲᠤᠬᠠᠢ ᠪᠤᠶᠤ ᠬᠠᠭᠠᠨ ᠤᠷᠳᠤᠨ ᠤ ᠲᠠᠭᠤᠤ | ᠬᠦᠭᠵᠢᠮ ᠤᠨ ᠲᠤᠭᠯᠠᠯᠳᠠ ᠶᠢᠨ ᠲᠤᠬᠠᠢ ᠪᠤᠯ ᠲᠤᠰᠬᠠᠢ ᠠᠵᠢᠯ ᠲᠦᠷᠦᠯ ᠤᠨ ᠬᠦᠮᠦᠨ ᠠᠴᠠ ᠠᠰᠠᠭᠤᠪᠠᠯ ᠨᠡᠩ | ᠨᠠᠷᠢᠯᠢᠭ ᠤᠶᠢᠯᠠᠭᠠᠬᠤ ᠪᠤᠯᠤᠨ᠎ᠠ︾ ᠭᠡᠵᠦ ᠲᠢᠶᠧ ᠵᠤ᠋ ᠲᠠᠷᠤᠭ᠎ᠠ ᠰᠠᠨᠠᠭᠤᠯᠤᠯ᠎ᠠ᠃ | ᠬᠤᠰᠢᠭᠤᠨ ᠤ ᠰᠤᠶᠤᠯ ᠤᠨ ᠪᠤᠳᠠᠰ ᠤᠨ ᠪᠤᠰᠤ ᠰᠤᠶᠤᠯ ᠤᠨ ᠦᠪ ᠤᠨ ᠠᠯᠪᠠᠨ ᠭᠡᠷ ᠤᠨ ᠵᠤᠬᠢᠶᠠᠨ | ᠪᠦᠲᠦᠭᠡᠬᠦ ᠲᠠᠰᠤᠭ ᠤᠨ ᠪᠠᠭᠠᠪᠤᠯᠤᠳ ᠭᠤᠸᠠᠢ ᠪᠤᠳᠠᠰ ᠤᠨ ᠪᠤᠰᠤ ᠰᠤᠶᠤᠯ ᠤᠨ ᠦᠪ ᠤᠨ ᠲᠤᠬᠠᠢ | ᠲᠠᠨᠢᠯᠴᠠᠭᠤᠯᠤᠭᠰᠠᠨ ᠢᠶᠠᠷ᠄ | 2005 ᠤᠨ ᠠᠴᠠ ᠠᠷᠤ ᠬᠤᠷᠴᠢᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ | ᠠᠵᠢᠯ ᠡᠬᠢᠯᠡᠭᠰᠡᠨ ᠠᠴᠠ ᠤᠳᠤ ᠪᠤᠯᠬᠤ ᠳᠤ ᠨᠢᠭᠡᠨᠲᠡ ᠨᠡᠶᠢᠲᠡᠯᠡᠭᠡᠳ ᠪᠠᠶᠢᠭ᠎ᠠ ᠬᠤᠰᠢᠭᠤᠨ ᠳᠡᠰ ᠤᠨ ᠪᠤᠳᠠᠰ ᠤᠨ | ᠪᠤᠰᠤ ᠰᠤᠶᠤᠯ ᠤᠨ ᠦᠪ ᠤᠨ ᠲᠦᠷᠦᠯ ᠵᠦᠢᠯ 192᠂ ᠬᠤᠲᠠ ᠶᠢᠨ ᠳᠡᠰ ᠤᠨ ᠪᠤᠳᠠᠰ ᠤᠨ ᠪᠤᠰᠤ ᠰᠤᠶᠤᠯ ᠤᠨ | ᠦᠪ ᠤᠨ ᠲᠦᠷᠦᠯ ᠵᠦᠢᠯ 24᠂ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ | 12᠂ ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ 3 ᠵᠢᠭᠰᠠᠭᠠᠭᠳᠠᠭᠠᠳ | ᠪᠤᠢ᠃ | ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠵᠤ ᠤᠯᠠᠮᠵᠢᠯᠠᠬᠤ ᠲᠠᠯ᠎ᠠ ᠪᠠᠷ᠂ ᠤᠳᠤᠬᠠᠨ ᠳᠤ ᠪᠦᠬᠦ | ᠬᠤᠰᠢᠭᠤᠨ ᠳᠤ 202 ᠬᠦᠮᠦᠨᠬᠤᠰᠢᠭᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ | ᠪᠠᠷ᠂ 44 ᠬᠦᠮᠦᠨ ᠬᠤᠲᠠ ᠶᠢᠨ ᠳᠡᠰ ᠤᠨ ᠪᠤᠳᠠᠰ ᠤᠨ ᠪᠤᠰᠤ ᠰᠤᠶᠤᠯ ᠤᠨᠦᠪ ᠤᠨ ᠤᠯᠠᠮᠵᠢᠯᠠᠭᠴᠢ᠂ 17 | ᠬᠦᠮᠦᠨ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ᠂ 1 ᠬᠦᠮᠦᠨ ᠤᠯᠤᠰ | ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠪᠠᠷ ᠲᠤᠰ ᠲᠤᠰ ᠲᠤᠳᠤᠯᠠᠭᠳᠠᠭᠰᠠᠨ | ᠪᠠᠶᠢᠨ᠎ᠠ᠃ | ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ︽ᠠᠷᠪᠠᠨ ᠰᠤᠮᠤ ᠶᠢᠨ ᠬᠤᠷᠢᠮ︾᠂ ︽ | ᠮᠤᠩᠭᠤᠯ ᠬᠠᠰᠠᠭ ᠲᠡᠷᠭᠡ ᠬᠢᠬᠦ ᠤᠷ᠎ᠠ ᠮᠡᠷᠭᠡᠰᠢᠯ︾᠂ ︽ᠮᠤᠩᠭᠤᠯ ᠬᠠᠭᠠᠨ ᠤᠷᠤᠨ ᠤ ᠬᠦᠭᠵᠢᠮ︾ ᠵᠡᠷᠭᠡ 3 | ᠲᠦᠷᠦᠯ ᠵᠦᠢᠯ︔ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ︽ᠠᠷᠪᠠᠨ ᠰᠤᠮᠤ ᠶᠢᠨ | ᠬᠤᠷᠢᠮ︾᠂ ︽ ᠮᠤᠩᠭᠤᠯ ᠬᠠᠰᠠᠭ ᠲᠡᠷᠭᠡ ᠬᠢᠬᠦ ᠤᠷ᠎ᠠ ᠮᠡᠷᠭᠡᠰᠢᠯ︾᠂ ︽ᠮᠤᠩᠭᠤᠯ ᠬᠠᠭᠠᠨ ᠤᠷᠤᠨ ᠤ ᠬᠦᠭᠵᠢᠮ | ︾᠂ ︽ᠠᠷᠭᠠᠢ ᠨᠠᠭᠠᠳᠤᠮ︾᠂ ︽ᠢᠷᠦᠭᠡᠯ ᠮᠠᠭᠲᠠᠭᠠᠯ︾᠂ ︽ᠠᠮᠤᠷ ᠪᠠᠶᠠᠰᠬᠤᠯᠠᠩᠲᠤ ᠨᠠᠭᠠᠳᠤᠮ︾᠂ ︽ | ᠮᠤᠩᠭᠤᠯ ᠬᠤᠪᠴᠠᠰᠤ ᠵᠠᠰᠠᠯ ᠤᠨ ᠵᠢᠷᠤᠭ ᠤᠷᠠᠯᠠᠯ︾᠂ ︽ᠮᠤᠩᠭᠤᠯ ᠡᠮᠨᠡᠯᠭᠡ ᠶᠢᠨ ᠤᠯᠠᠮᠵᠢᠯᠠᠯᠲᠤ ᠵᠠᠰᠠᠯ ᠤᠨ | ᠲᠤᠨᠤᠭ ᠬᠢᠬᠦ ᠮᠡᠷᠭᠡᠵᠢᠯ︾᠂ ︽ᠮᠤᠩᠭᠤᠯ ᠭᠡᠷ ᠬᠢᠬᠦ ᠤᠷ᠎ᠠ ᠮᠡᠷᠭᠡᠰᠢᠯ︾᠂ ︽ᠬᠤᠭᠤᠷ ᠤᠨ ᠦᠯᠢᠭᠡᠷ︾ ᠵᠡᠷᠭᠡ | 12 ᠲᠦᠷᠦᠯ ᠵᠦᠢᠯ ᠲᠤᠳᠤᠷᠠᠭᠠᠳ ᠪᠠᠶᠢᠬᠤ ᠶᠤᠮ ᠪᠠᠶᠢᠨ᠎ᠠ᠃ | ᠬᠤᠰᠢᠭᠤᠨ ᠤᠯᠠᠭᠠᠨᠮᠦ᠋ᠴᠢᠷ ᠤᠨ ᠤᠤᠯ ᠤᠨ ᠲᠠᠷᠤᠭ᠎ᠠ ᠪᠤᠶᠠᠠᠬᠡᠰᠢᠭ ︵ᠲᠥᠷᠪᠡᠨ ᠤᠳᠠᠰᠤᠳᠤ ᠬᠤᠭᠤᠷ ᠤᠨ | ᠠᠯᠳᠠᠷᠳᠤ ᠭᠥᠭᠵᠢᠮᠴᠢᠨ︶ ᠠᠴᠠ ᠬᠠᠭᠠᠨ ᠤᠷᠳᠤᠨ ᠤ ᠬᠦᠭᠵᠢᠮ ᠢ ᠤᠷᠠᠯᠢᠭ ᠤᠨ ᠲᠠᠶᠢᠵᠠᠨ ᠳᠤ ᠰᠡᠷᠭᠦᠬᠡᠨ | ᠠᠮᠢᠯᠠᠭᠤᠭᠰᠠᠨ ᠶᠠᠪᠤᠴᠠ ᠶᠢ ᠲᠤᠰᠬᠠᠢ ᠮᠡᠷᠭᠡᠵᠢᠯ ᠤᠨ ᠲᠠᠯ᠎ᠠ ᠪᠠᠷ ᠲᠠᠶᠢᠯᠪᠤᠷᠢ ᠦᠭᠬᠦᠭᠰᠡᠨ ᠨᠢ᠄ | 2010 ᠤᠨ ᠳᠤ ᠮᠠᠨ ᠤ ᠬᠤᠰᠢᠭᠤ ᠨᠢ ︽ᠮᠤᠩᠭᠤᠯ ᠬᠠᠭᠠᠨ ᠤᠷᠳᠤᠨ ᠤ ᠲᠠᠭᠤᠤ ᠬᠦᠭᠵᠢᠮ︾ ᠤᠨ | ᠠᠩᠬᠢ ᠪᠠᠶᠢᠭᠤᠯᠬᠤ ᠰᠢᠢᠳᠪᠦᠷᠢ ᠲᠤᠭᠳᠠᠭᠠᠯ ᠭᠠᠷᠭᠠᠵᠤ᠂ ᠤᠤᠯ ᠤᠨ ᠤᠯᠠᠭᠠᠨᠮᠦ᠋ᠴᠢᠷ ᠤᠨ 20 ᠰᠢᠬᠠᠮ | ᠲᠤᠭᠯᠠᠭᠴᠢ ᠶᠢᠨ ᠰᠠᠭᠤᠷᠢᠨ ᠲᠡᠭᠡᠷ᠎ᠡ ᠬᠠᠭᠠᠨ ᠤᠷᠳᠤᠨ ᠤ ᠲᠤᠭᠯᠠᠭᠴᠢ ᠰᠢᠨ᠎ᠡ ᠪᠠᠷ 49 ᠬᠦᠮᠦᠨ ᠡᠯᠰᠡᠵᠦ ᠠᠪᠴᠠᠢ | ᠃ ᠡᠳᠡᠭᠡᠷ ᠡᠯᠰᠡᠭᠳᠡᠭᠰᠡᠨ ᠲᠤᠭᠯᠠᠭᠴᠢᠳ ᠨᠢ ᠲᠤᠰᠬᠠᠢ ᠤᠷᠠᠯᠢᠭ ᠤᠨ ᠰᠤᠷᠭᠠᠭᠤᠯᠢ ᠲᠡᠭᠦᠰᠦᠭᠰᠡᠨ ᠰᠤᠷᠤᠭᠴᠢ᠂ | ᠤᠷᠠᠯᠢᠭ ᠤᠨ ᠹᠷᠤᠨᠲ ᠲᠤ ᠤᠳᠠᠭᠠᠨ ᠵᠢᠯ ᠠᠵᠢᠯᠯᠠᠭᠰᠠᠨ ᠲᠤᠷᠰᠢᠯᠭ᠎ᠠ ᠲᠠᠢ ᠲᠤᠭᠯᠠᠭᠴᠢ᠂ ᠪᠤᠰᠤᠳ ᠤᠷᠠᠯᠢᠭ ᠤᠨ | ᠪᠦᠯᠬᠦᠮ ᠳᠤ ᠪᠠᠶᠢᠭᠰᠠᠨ ᠲᠤᠭᠯᠠᠭᠴᠢ ᠪᠤᠯᠤᠨ᠎ᠠ᠃ ᠲᠤᠭᠯᠠᠭᠴᠢ ᠡᠯᠰᠡᠬᠦ ᠶᠢᠨ ᠰᠢᠯᠳᠠᠭᠠᠨ ᠨᠢ᠂ ᠡᠨᠡ ᠬᠠᠭᠠᠨ | ᠤᠷᠳᠤᠨ ᠤ ᠲᠠᠭᠤᠤ ᠬᠦᠭᠵᠢᠮ ᠢ ᠪᠤᠯ ᠡᠷᠳᠡ ᠦᠶ᠎ᠡ ᠳᠡᠭᠡᠨ ᠬᠡᠳᠦᠨ ᠵᠠᠭᠤᠨ ᠬᠦᠮᠦᠨ ᠤ ᠰᠦᠷ ᠵᠢᠪᠬᠤᠭᠠᠳᠤ ᠲᠤᠮᠤ | ᠤᠷᠠᠯᠢᠭ ᠤᠨ ᠪᠦᠯᠬᠦᠮ ᠢᠶᠠᠷ ᠲᠤᠭᠯᠠᠵᠤ ᠪᠠᠶᠢᠭᠰᠠᠨ᠃ ᠡᠬᠦᠨ ᠢ ᠤᠤᠯ ᠶᠠᠩᠵᠤ ᠪᠠᠷ ᠨᠢ ᠰᠡᠷᠭᠦᠬᠡᠨ ᠲᠠᠶᠢᠵᠠᠨ᠎ᠠ | ᠲᠤᠭᠯᠠᠵᠤ ᠤᠤᠯ ᠤᠨ ᠬᠡᠪ ᠨᠠᠮᠪᠠ ᠶᠢ ᠪᠦᠷᠢᠨ ᠭᠦᠢᠴᠡᠳ ᠢᠯᠡᠳᠭᠡᠶ᠎ᠡ ᠭᠡᠪᠡᠯ ᠡᠷᠬᠡᠪᠰᠢ ᠬᠠᠮᠤᠭ ᠤᠷᠢᠳᠠᠪᠡᠷ | ᠲᠤᠭᠯᠠᠭᠴᠢ ᠪᠠᠨ ᠡᠯᠰᠡᠭᠰᠡᠨ ᠪᠠᠶᠢᠬᠤ ᠬᠡᠷᠡᠭᠳᠡᠢ᠃ ᠲᠤᠭᠯᠠᠭᠴᠢ ᠶᠢ ᠪᠦᠵᠢᠭᠴᠢᠨ᠂ ᠲᠠᠭᠤᠴᠢᠨ᠂ ᠬᠦᠭᠵᠢᠮᠴᠢᠨ ᠬᠡᠵᠦ | ᠭᠤᠷᠪᠠᠨ ᠲᠤᠰᠬᠠᠢ ᠮᠡᠷᠭᠡᠵᠢᠯ ᠢᠶᠠᠷ ᠡᠯᠰᠡᠨ ᠠᠪᠴᠠᠢ᠃ ᠲᠤᠰ ᠬᠦᠭᠵᠢᠮ ᠢ ᠪᠤᠯ ᠭᠧᠮᠫᠢ ᠶᠢᠨ ᠰᠦᠮ᠎ᠡ ᠶᠢᠨ | ᠲᠠᠪᠤᠳᠤᠭᠠᠷ ᠲᠦᠷᠢ ᠶᠢᠨ ᠶᠤᠩᠽᠤᠩ ᠭᠡᠭᠡᠨ ᠠᠴᠠ ᠢᠷᠠᠭᠤ ᠨᠠᠶᠢᠷᠠᠭᠴᠢ ᠤ᠊ · ᠪᠤᠶ᠋ᠬᠠᠦ᠋ᠯᠵᠡᠢ ᠳᠤ ᠤᠯᠠᠮᠵᠢᠯᠠᠨ | ᠦᠭᠬᠦᠭᠰᠡᠨ ᠪᠠᠶᠢᠨ᠎ᠠ᠃ ᠲᠤᠰ ᠮᠠᠲ᠋ᠧᠷᠢᠶᠠᠯ ᠢᠶᠠᠷ ᠡᠰᠢ ᠪᠠᠷᠢᠮᠳᠠ ᠪᠤᠯᠭᠠᠵᠤ᠂ ᠬᠠᠭᠠᠨ ᠤᠷᠳᠤᠨ ᠤ ᠬᠦᠭᠵᠢᠮ ᠢ | ᠰᠡᠷᠭᠦᠭᠡᠭᠰᠡᠨ ᠪᠠᠶᠢᠨ᠎ᠠ ᠃ | ᠬᠦᠭᠵᠢᠮ ᠢ ᠤᠤᠯ ᠶᠠᠩᠵᠤ ᠪᠠᠷ ᠨᠢ ᠰᠡᠷᠭᠦᠬᠡᠬᠦ ᠳᠤ᠂ ᠵᠢᠷᠤᠭ ᠲᠦᠷᠰᠦ᠂ ᠬᠡᠮᠵᠢᠶ᠎ᠡ ᠨᠢ ᠪᠠᠶᠢᠵᠠᠢ᠃ ᠲᠡᠷᠡ | ᠶᠠᠩᠵᠤ ᠪᠠᠷ ᠨᠢ ᠬᠢᠭᠰᠡᠨ᠃ ᠤᠳᠤ ᠡᠷᠡᠨ ᠤ ᠮᠡᠷᠭᠡᠵᠢᠯ ᠢ ᠡᠷᠳᠡᠨ ᠤ ᠦᠶ᠎ᠡ ᠶᠢᠨ ᠬᠢᠭᠰᠡᠨ ᠮᠡᠷᠭᠡᠵᠢᠯ ᠲᠠᠢ | ᠬᠠᠷᠢᠴᠠᠭᠤᠯᠪᠠᠯ ᠮᠠᠰᠢ ᠶᠡᠭᠡ ᠲᠠᠪᠰᠢᠭᠰᠠᠨ ᠪᠠᠶᠢᠨ᠎ᠠ᠃ ᠲᠠᠭᠤᠨ ᠤ ᠦᠩᠬᠡ᠂ ᠴᠢᠨᠠᠷ ᠴᠢᠨᠰᠠᠭ᠎ᠠ ᠶᠢᠨ ᠲᠠᠯ᠎ᠠ ᠪᠠᠷ | ᠪᠦᠷ ᠤᠳᠤ ᠶᠢᠨ ᠰᠢᠭ᠋ ᠬᠡᠮᠵᠢᠶᠡᠨ ᠳᠤ ᠬᠦᠷᠬᠦ ᠦᠬᠡᠢ᠃ ᠬᠡᠪᠡᠴᠦ ᠪᠢᠳᠡ ᠤᠤᠯ ᠶᠠᠩᠵᠤ ᠪᠠᠷ ᠨᠢ ᠬᠢᠵᠡᠢ᠃ | ᠬᠡᠳᠦᠶᠢᠪᠡᠷ ᠲᠠᠭᠤᠨ ᠤ ᠦᠩᠬᠡ ᠨᠢ ᠲᠡᠶᠢᠮᠦ ᠰᠤᠨᠤᠰᠪᠤᠷᠢ ᠲᠠᠢ ᠪᠢᠰᠢ ᠴᠤ ᠤᠤᠯ ᠶᠠᠩᠵᠤ ᠪᠠᠷ ᠨᠢ ᠰᠡᠷᠭᠦᠭᠡᠬᠦ ᠪᠤᠯ | ᠬᠠᠮᠤᠭ ᠤᠨ ᠴᠢᠬᠤᠯᠠ ᠠᠰᠠᠭᠤᠳᠠᠯ᠂ ᠬᠡᠷᠪᠡ ᠤᠤᠯ ᠶᠠᠩᠵᠤ ᠪᠠᠷ ᠨᠢ ᠰᠡᠷᠭᠦᠬᠡᠬᠦ ᠦᠬᠡᠢ ᠪᠤᠯ ᠬᠠᠭᠠᠨ ᠤᠷᠳᠤᠨ ᠤ | ᠬᠦᠭᠵᠢᠮ ᠬᠡᠵᠦ ᠬᠡᠯᠡᠨ᠎ᠡ ᠤᠤ ᠳ᠋ᠠ︖ ᠲᠤᠰᠬᠠᠢ ᠮᠡᠷᠭᠡᠵᠢᠯᠳᠡᠳ ᠠᠴᠠ ᠬᠢᠨᠠᠨ ᠰᠢᠯᠭᠠᠭᠠᠳ ᠤᠤᠯ ᠶᠠᠩᠵᠤ ᠪᠠᠷ ᠨᠢ | ᠰᠡᠷᠭᠦᠬᠡᠵᠡᠢ ᠬᠡᠵᠦ ᠦᠨᠡᠯᠡᠭᠰᠡᠨ ᠪᠠᠶᠢᠨ᠎ᠠ᠃ | ᠬᠠᠭᠠᠨ ᠤᠷᠳᠤᠨ ᠤ ᠬᠦᠭᠵᠢᠮ ᠨᠢ ᠶᠡᠭᠡ ᠡᠷᠳᠡᠨ ᠤ ᠦᠶ᠎ᠡ ᠶᠢᠨ ᠪᠤᠯᠬᠤᠷ ᠲᠦᠷᠰᠦ ᠭᠡᠵᠦ ᠪᠠᠶᠢᠬᠤ ᠦᠬᠡᠢ᠂ | ᠰᠢᠩᠭᠡᠭᠡᠯᠳᠡ ᠬᠡᠰᠡᠨ ᠶᠠᠭᠤᠮ᠎ᠠ ᠦᠬᠡᠢ᠃ ᠡᠨᠡ ᠪᠠᠶᠢᠳᠠᠯ ᠲᠤᠤᠷ᠎ᠠ ᠲᠠᠶᠢᠵᠠᠨ ᠲᠡᠭᠡᠷ᠎ᠡ ᠲᠤᠭᠯᠠᠬᠤ᠂ ᠪᠦᠵᠢᠭᠯᠡᠬᠦ ᠬᠡᠪ | ᠨᠠᠮᠪᠠ ᠪᠤᠯᠤᠨ ᠪᠦᠵᠢᠭ ᠤᠨ ᠬᠦᠳᠡᠯᠬᠡᠬᠡᠨ᠂ ᠬᠦᠭᠵᠢᠮᠳᠡᠬᠦ ᠠᠷᠭ᠎ᠠ ᠪᠠᠷᠢᠯ᠂ ᠲᠠᠭᠤᠯᠠᠬᠤ ᠤᠷ᠎ᠠ ᠮᠡᠷᠭᠡᠵᠢᠯ᠂ ᠬᠡᠪ | ᠨᠠᠮᠪᠠ ᠶᠢ ᠰᠡᠷᠭᠦᠬᠡᠬᠦ ᠳᠤ ᠲᠤᠶᠢᠯ ᠤᠨ ᠶᠡᠭᠡ ᠬᠦᠴᠢᠷᠳᠡᠯ ᠲᠤᠯᠭᠠᠷᠠᠭᠰᠠᠨ᠃ ᠲᠠᠭᠤᠯᠠᠬᠤ ᠤᠷ᠎ᠠ ᠮᠡᠷᠭᠡᠵᠢᠯ ᠤᠨ ᠲᠠᠯ᠎ᠠ | ᠪᠠᠷ ᠴᠤᠬᠤᠮ ᠶᠠᠭᠠᠬᠢᠵᠤ ᠲᠠᠭᠤᠯᠠᠪᠠᠯ ᠵᠤᠬᠢᠬᠤ᠂ ᠤᠳᠤ ᠦᠶ᠎ᠡ ᠶᠢᠨ ᠤᠷᠳᠤ ᠶᠢᠨ ᠲᠠᠭᠤᠤ ᠶᠢᠨ ᠪᠤᠶᠤ ᠤᠶᠠᠩᠭ᠎ᠠ | ᠶᠢᠨ ᠲᠠᠭᠤᠤ ᠶᠢᠨ ᠬᠡᠯᠪᠡᠷᠢ ᠪᠠᠷ ᠲᠠᠭᠤᠯᠠᠵᠤ ᠪᠤᠯᠤᠨ᠎ᠠ ᠤᠤ︖ ᠦᠬᠡᠢ ᠤᠤ︖ ᠠᠷᠠᠳ ᠤᠨ ᠲᠠᠭᠤᠤ ᠶᠢᠨ ᠶᠠᠩᠵᠤ | ᠪᠠᠷ ᠲᠠᠭᠤᠯᠠᠵᠤ ᠪᠤᠯᠬᠤ ᠶᠤᠮ ᠤᠤ︖ ᠦᠬᠡᠢ ᠶᠤᠮ ᠤᠤ︖ ᠬᠠᠭᠠᠨ ᠤᠷᠳᠤᠨ ᠤ ᠬᠦᠭᠵᠢᠮ ᠨᠢ ᠤᠨ ᠵᠢᠯ ᠤᠨ | ᠤᠷᠤᠰᠤᠯ ᠢ ᠲᠠᠭᠠᠭᠠᠳ ᠲᠠᠭᠤᠯᠠᠬᠤ ᠤᠷ᠎ᠠ ᠮᠡᠷᠭᠡᠵᠢᠯ ᠨᠢ ᠨᠢᠭᠡᠨᠳᠡ ᠬᠤᠪᠢᠷᠠᠯᠳᠠ ᠲᠠᠢ ᠪᠤᠯᠤᠭᠰᠠᠨ ᠠᠴᠠ ᠡᠳᠡᠭᠡᠷ | ᠲᠠᠭᠤᠯᠠᠬᠤ ᠠᠷᠭ᠎ᠠ᠂ ᠬᠡᠪ ᠨᠠᠮᠪᠠ ᠪᠠᠷ ᠲᠠᠭᠤᠯᠠᠭᠠᠳ ᠲᠠᠭᠠᠷᠠᠬᠤ ᠦᠬᠡᠢ᠃ ᠲᠠᠭᠤᠯᠠᠬᠤ ᠤᠷ᠎ᠠ ᠮᠡᠷᠭᠡᠵᠢᠯ ᠢ ᠤᠤᠯ | ᠶᠠᠩᠵᠤ ᠪᠠᠷ ᠨᠢ ᠰᠡᠷᠭᠦᠬᠡᠬᠦ ᠳᠤ᠂ ᠠᠷᠠᠳ ᠤᠨ ᠲᠤᠮᠳᠠ ᠤᠯᠠᠮᠵᠢᠯᠠᠭᠳᠠᠵᠤ ᠪᠠᠶᠢᠭᠰᠠᠨ ᠪᠤᠶᠤ ᠤᠳᠤ ᠶᠢᠨ ᠦᠪᠦᠷ | ᠮᠤᠩᠭᠤᠯᠴᠤᠳ ᠤᠨ ᠲᠤᠮᠳᠠᠬᠢ ᠬᠦᠭᠡᠮᠡᠶᠢᠯᠡᠵᠦ ᠲᠠᠭᠤᠯᠠᠬᠤ ᠬᠡᠯᠪᠡᠷᠢ ᠪᠠᠷ ᠲᠠᠭᠤᠯᠠᠬᠤ ᠤᠷ᠎ᠠ ᠮᠡᠷᠭᠡᠵᠢᠯ ᠢ | ᠲᠤᠭᠳᠠᠭᠠᠭᠰᠠᠨ ᠪᠠᠶᠢᠨ᠎ᠠ᠃ ᠤᠳᠤ ᠶᠢᠨ ᠮᠡᠷᠭᠡᠵᠢᠯ ᠨᠢ ᠶᠡᠭᠡ ᠲᠠᠪᠰᠢᠩᠭᠤᠢ ᠪᠤᠯᠬᠤᠷ᠂ ᠲᠠᠭᠤᠨ ᠤ ᠦᠩᠭᠡ᠂ ᠴᠢᠨᠠᠷ | ᠴᠢᠨᠰᠠᠭ᠎ᠠ ᠪᠦᠷ ᠰᠠᠶᠢᠵᠢᠷᠠᠭᠰᠠᠨ ᠪᠠᠶᠢᠨ᠎ᠠ᠃ | ᠬᠦᠭᠵᠢᠮᠳᠡᠬᠦ ᠲᠠᠯ᠎ᠠ ᠪᠠᠷ ᠭᠦᠩ ᡂᠢ ᠨᠤᠲ ᠨᠢ ᠪᠠᠶᠢᠵᠠᠢ᠃ | ᠪᠦᠵᠢᠭ ᠤᠨ ᠬᠡᠪ ᠨᠠᠮᠪᠠ ᠪᠤᠯᠤᠨ ᠬᠦᠳᠡᠯᠭᠡᠭᠡᠨ ᠤ ᠲᠠᠯ᠎ᠠ ᠪᠠᠷ ᠬᠦᠭᠵᠢᠯᠳᠦ ᠫᠷᠦᠹᠧᠰᠰᠦᠷ ᠲᠤ ᠨᠢᠭᠡ ᠪᠦᠯᠦᠭ | ᠮᠠᠲ᠋ᠧᠷᠢᠶᠠᠯ ᠪᠠᠶᠢᠵᠠᠢ᠃ ᠡᠬᠦᠨ ᠢᠶᠠᠷ ᠦᠨᠳᠦᠰᠦ ᠪᠠᠷᠢᠮᠳᠠ ᠪᠤᠯᠭᠠᠵᠤ᠂ ᠪᠦᠵᠢᠭ ᠤᠨ ᠬᠡᠪ ᠨᠠᠮᠪᠠ ᠪᠤᠯᠤᠨ | ᠬᠦᠳᠡᠯᠭᠡᠭᠡᠨ ᠢ ᠰᠡᠷᠭᠦᠬᠡᠨ ᠨᠠᠶᠢᠷᠠᠭᠤᠯᠪᠠ᠃ | 2010 ᠤᠨ ᠤ 11 ᠰᠠᠷ᠎ᠠ ᠶᠢᠨ 26 ᠤ ᠤᠷᠤᠢ᠂ ᠦᠪᠦᠷ ᠮᠤᠩᠭᠤᠯ ᠤᠨ ᠰᠤᠶᠤᠯ ᠤᠨ ᠲᠢᠩᠬᠢᠮ ᠳᠤ ︽ | ᠬᠠᠭᠠᠨ ᠤᠷᠳᠤᠨ ᠤ ᠬᠦᠭᠵᠢᠮ︾ ᠤᠨ ᠠᠩᠬᠠᠳᠠᠭᠴᠢ ᠤᠳᠠᠭᠠᠨ ᠤ ᠬᠠᠷᠢᠭᠤ ᠮᠡᠳᠡᠭᠦᠯᠦᠯᠳᠡ ᠶᠢᠨ ᠲᠤᠭᠯᠠᠯᠳᠠ ᠪᠠᠨ | ᠭᠠᠷᠭᠠᠨ ᠦᠵᠡᠬᠦᠯᠦᠬᠡᠳ ᠬᠠᠮᠢᠶ᠎ᠠ ᠪᠦᠬᠦᠢ ᠡᠷᠳᠡᠮᠳᠡᠨ ᠰᠤᠳᠤᠯᠭᠠᠳᠠᠳ ᠤᠨ ᠦᠨᠳᠦᠷ ᠦᠨᠡᠯᠡᠯᠳᠡ ᠨᠤᠳᠠᠯᠠᠯᠳᠠ ᠶᠢ | ᠤᠯᠵᠤ᠂ ᠬᠠᠭᠠᠨ ᠤᠷᠳᠤᠨ ᠤ ᠬᠦᠭᠵᠢᠮ ᠢ ᠰᠡᠷᠭᠦᠭᠡᠭᠰᠡᠨ ᠠᠩᠬᠠᠳᠠᠭᠴᠢ ᠠᠯᠬᠤᠮ ᠢᠶᠠᠨ ᠮᠠᠰᠢ ᠠᠮᠵᠢᠯᠳᠠ ᠲᠠᠢ | ᠠᠯᠬᠤᠭᠰᠠᠨ ᠪᠠᠶᠢᠨ᠎ᠠ᠃ | 2012 ᠤᠨ ᠠᠴᠠ ︽ᠬᠠᠭᠠᠨ ᠤᠷᠳᠤᠨ ᠤ ᠲᠠᠭᠤᠤ ᠬᠦᠭᠵᠢᠮ︾ ᠨᠢ ᠬᠦᠭᠵᠢᠬᠦᠯᠬᠦ᠂ ᠪᠠᠬᠢᠵᠢᠬᠦᠯᠬᠦ᠂ | ᠤᠯᠠᠮᠵᠢᠯᠠᠬᠤ ᠱᠠᠳᠤᠨ ᠳᠤ ᠤᠷᠤᠵᠤ᠂ ᠬᠠᠭᠠᠨ ᠤᠷᠳᠤᠨ ᠤ ᠰᠤᠶᠤᠯ ᠢ ᠬᠤᠶᠢᠴᠢ ᠦᠶ᠎ᠡ ᠳᠡᠭᠡᠨ ᠤᠯᠠᠮᠵᠢᠯᠠᠬᠤ | ᠠᠵᠢᠯ ᠢ ᠬᠢᠵᠦ ᠡᠬᠢᠯᠡᠵᠡᠢ᠃ | 2013 ᠤᠨ ᠠᠴᠠ ᠪᠢᠳᠡ ᠭᠠᠳᠠᠭᠰᠢ ᠲᠤᠭᠤᠷᠢᠨ ᠲᠤᠭᠯᠠᠬᠤ ᠠᠵᠢᠯᠯᠠᠭᠠᠨ ᠢ ᠦᠷᠨᠢᠭᠦᠯᠵᠦ ᠢᠷᠡᠭᠰᠡᠨ᠃ | ᠡᠬᠦᠨ ᠤ ᠤᠴᠢᠷ ᠨᠢ᠂ ᠬᠠᠭᠠᠨ ᠤᠷᠳᠤᠨ ᠤ ᠲᠠᠭᠤᠤ ᠬᠦᠭᠵᠢᠮ ᠢ ᠵᠦᠪᠬᠡᠨ ᠠᠷᠦ ᠬᠤᠷᠴᠢᠨ ᠳᠠᠭᠠᠨ ᠯᠡ | ᠲᠤᠭᠯᠠᠭᠠᠳ ᠪᠤᠯᠬᠤ ᠶᠤᠮ ᠪᠢᠰᠢ᠃ ᠤᠷᠤᠨ ᠤᠯᠤᠰ ᠲᠡᠯᠡᠬᠡᠢ ᠨᠡᠶᠢᠳᠡ ᠳᠤ ᠲᠠᠨᠢᠭᠤᠯᠬᠤ ᠪᠤᠯ ᠮᠠᠨ ᠤ ᠵᠤᠷᠢᠯᠭ᠎ᠠ | ᠶᠤᠮ᠃ | ᠤᠯᠠᠭᠠᠠᠮᠦ᠋ᠴᠢᠷ ᠨᠢ ᠲᠡᠭᠡᠷ᠎ᠡ ᠵᠠᠭᠤᠨ ᠤ ᠲᠠᠯᠠᠭᠠᠳ ᠤᠨ᠂ ᠨᠠᠶᠠᠭᠠᠳ ᠤᠨ ᠤ ᠡᠬᠢ ᠪᠠᠷ ᠪᠦᠬᠦ ᠬᠤᠳᠠ ᠶᠢᠨ | ᠲᠤᠳᠤᠷ᠎ᠠ ᠪᠠᠨ ᠡᠮᠦᠨ᠎ᠡ 10 ᠨᠡᠷ᠎ᠡ ᠳᠤ ᠤᠷᠤᠵᠤ ᠪᠠᠶᠢᠭᠰᠠᠨ᠃ 2013 ᠤᠨ ᠳᠤ ᠲᠤᠰᠬᠠᠢ ᠮᠡᠷᠭᠡᠵᠢᠯ ᠤᠨ | ᠲᠤᠭᠯᠠᠯᠳᠠ ᠳᠤ ᠤᠯᠠᠭᠠᠨᠮᠦ᠋ᠴᠢᠷ ᠨᠢ ᠤᠯᠠᠭᠠᠨᠬᠠᠳᠠ ᠬᠤᠳᠠ ᠳᠠᠭᠠᠨ ᠲᠤᠰᠬᠠᠢ ᠮᠡᠷᠭᠡᠵᠢᠯ ᠤᠨ ︽ᠠᠯᠳᠠᠨ ᠮᠧᠳᠠᠯ︾ | ᠲᠤᠰᠴᠤ᠂ ᠬᠤᠷᠢᠭᠠᠳ ᠵᠢᠯ ᠲᠤᠰᠬᠠᠢ ᠮᠡᠷᠭᠡᠵᠢᠯ ᠤᠨ ᠦᠨᠳᠦᠷ ᠱᠠᠩᠨᠠᠯ ᠢ ᠲᠤᠰᠤᠭᠠ ᠦᠭᠡᠢ ᠲᠡᠦᠬᠡ ᠶᠢ | ᠡᠴᠦᠰᠯᠡᠭᠦᠯᠵᠦ᠂ ᠲᠠᠬᠢᠨ ᠲᠡᠷᠢᠬᠦᠨ ᠤ ᠡᠩᠨᠡᠭᠡᠨ ᠳᠤ ᠠᠯᠬᠤᠨ ᠤᠷᠤᠭᠰᠠᠨ ᠪᠠᠶᠢᠨ᠎ᠠ᠃ | | ᠰᠤᠶᠤᠯ ᠬᠡᠭᠴᠢ ᠶᠠᠭᠤ ᠪᠤᠢ︖ ᠰᠤᠶᠤᠯ ᠪᠤᠯ ᠬᠦᠮᠦᠨ ᠲᠦᠷᠦᠯᠬᠢᠳᠡᠨ ᠳᠤ ᠯᠡ ᠪᠠᠶᠢᠳᠠᠭ ᠶᠠᠭᠤᠮ᠎ᠠ ᠮᠦᠨ | ᠃ ᠰᠤᠶᠤᠯ ᠪᠤᠯ ︽ᠬᠦᠮᠦᠨ ᠲᠦᠷᠦᠯᠬᠢᠳᠡᠨ ᠤ ᠤᠷᠤᠰᠢᠬᠤ ᠪᠠ ᠬᠦᠭᠵᠢᠬᠦᠢ ᠶᠢᠨ ᠬᠡᠯᠪᠡᠷᠢ︾ ᠮᠦᠨ᠃ | ᠮᠤᠷᠢᠳᠠᠨ ᠮᠤᠩᠭᠤᠯ ᠤᠨ ᠬᠤᠪᠢ ᠲᠦᠭᠡᠷᠭᠡ ᠶᠢ ᠪᠡᠶ᠎ᠡ ᠳᠡᠭᠡᠨ ᠲᠠᠮᠠᠭᠠᠯᠠᠭᠰᠠᠨ᠂ ᠮᠤᠩᠭᠤᠯ ᠲᠤᠭᠤᠷᠭᠠᠳᠠᠨ ᠤ | ᠤᠶᠤᠨ ᠰᠦᠨᠡᠰᠦᠨ ᠢ ᠠᠴᠢᠶᠠᠯᠠᠨ ᠰᠢᠩᠭᠡᠭᠡᠭᠰᠡᠨ ᠤᠨ ᠤᠳᠠᠭᠰᠠᠨ ᠪᠤᠭᠤᠷᠤᠯ ᠲᠡᠦᠬᠡ ᠦᠷ᠎ᠡ ᠬᠤᠶᠢᠴᠢᠰ ᠤᠨ ᠢᠶᠠᠨ | ᠤᠶᠢᠭ᠎ᠠ ᠦᠭᠡᠢ ᠰᠦᠪᠡᠭᠴᠢᠯᠡᠯ ᠴᠢᠷᠮᠠᠶᠢᠯᠭ᠎ᠠ ᠪᠠᠷ ᠽᠠᠮᠪᠦᠯᠢᠩ ᠤᠨ ᠨᠠᠷᠠᠨ ᠢ ᠲᠠᠬᠢᠨᠳᠠ ᠬᠠᠷᠠᠵᠤ᠂ ᠦᠪ ᠰᠤᠶᠤᠯ ᠤᠨ | ᠮᠦᠩᠬᠡ ᠶᠢᠨ ᠬᠠᠭᠤᠳᠠᠰᠤᠨ᠎ᠠ ᠠᠬᠢᠨᠳᠠ ᠲᠡᠮᠳᠡᠭᠯᠡᠭᠳᠡᠨ᠂ ᠦᠶ᠎ᠡ ᠦᠶ᠎ᠡ ᠶᠢᠨ ᠵᠠᠯᠭᠠᠮᠵᠢᠯᠠᠭᠴᠢᠳ ᠤᠨ ᠭᠠᠷ ᠲᠤ | ᠳᠠᠮᠵᠢᠭᠳᠠᠨ ᠲᠡᠮᠳᠡᠷᠢᠭᠳᠡᠵᠦ᠂ ᠠᠮᠢᠯᠠᠨ ᠰᠡᠷᠭᠦᠬᠦ ᠶᠢᠨ ᠵᠢᠮ᠎ᠡ ᠲᠠᠢ ᠤᠴᠢᠷ᠎ᠠ᠂ ᠦᠪ ᠰᠤᠶᠤᠯ ᠤᠨ ᠲᠦᠯᠦᠭᠡᠨ᠎ᠡ | ᠵᠢᠳᠭᠦᠵᠦ ᠢᠷᠡᠭᠰᠡᠳ ᠤᠨ ᠤᠬᠠᠭᠠᠨ ᠤ ᠶᠡᠭᠡ ᠵᠦᠳᠡᠷᠡᠯ᠂ ᠰᠡᠳᠬᠢᠯ ᠤᠨ ᠶᠡᠭᠡ ᠲᠠᠮᠢᠷ ᠲᠤ ᠰᠦᠨ ᠴᠠᠭᠠᠨ ᠰᠠᠴᠤᠯᠢ | ᠡᠷᠭᠦᠵᠦ᠂ ᠰᠦᠮᠪᠦᠷ ᠶᠡᠭᠡ ᠭᠠᠪᠢᠶ᠎ᠠ ᠶᠢ ᠨᠢ ᠲᠤᠭᠠᠴᠢᠨ ᠮᠠᠭᠳᠠᠭᠤᠰᠢᠳᠠᠢ ᠡ︕ | ᠮᠤᠩᠭᠤᠯ ᠬᠠᠭᠠᠨ ᠤᠷᠳᠤᠨ ᠤ ᠬᠦᠭᠵᠢᠮ — ᠮᠠᠭᠮᠠ ᠶᠢᠨ ᠲᠡᠯᠪᠡᠷᠡᠯᠳᠡ ᠳᠤ ᠬᠠᠶᠢᠯᠤᠰᠢ ᠪᠤᠯᠤᠨ | ᠨᠦᠭᠡᠯᠡᠵᠦ ᠢᠷᠡᠬᠦ ᠲᠤᠭᠰᠢᠨ ᠤᠷᠤᠰᠬᠠᠯ ᠰᠢᠭ᠋ ᠮᠢᠩᠭᠠᠨ ᠤᠨ ᠤ ᠮᠠᠷᠳᠠᠭᠳᠠᠵᠤ ᠡᠯᠡᠭᠳᠡᠭᠰᠡᠨ ᠴᠠᠳᠢᠭ ᠲᠡᠦᠬᠡ ᠶᠢᠨ | ᠲᠠᠰᠤᠷᠬᠠᠢ ᠶᠢ ᠵᠠᠯᠭᠠᠵᠤ᠂ ᠴᠤᠭᠤᠷᠬᠠᠢ ᠶᠢ ᠨᠦᠬᠦᠨ᠂ ᠡᠮᠳᠡᠷᠬᠡᠢ ᠶᠢ ᠠᠨᠠᠭᠠᠵᠤ᠂ ᠪᠦᠮᠪᠦᠷᠴᠡᠭ ᠤᠨ ᠪᠦᠷᠢᠨ ᠲᠤᠤᠯᠢ | ᠬᠠᠶᠢᠯᠬᠤ ᠴᠤ ᠬᠡᠮᠡᠷ ᠁ | | | ———————————————— | ᠵᠡᠭᠦᠯᠳᠡ ᠄ | ① ᠸ᠊ · ᠰᠠᠶᠢᠨᠴᠤᠭᠳᠤ ᠶᠢᠨ ᠵᠤᠬᠢᠶᠠᠯ ᠤᠨ ᠦᠬᠡ ᠪᠠᠷ ᠡᠰᠢᠯᠡᠪᠡ᠃ | ② ︽ᠠᠷᠦ ᠬᠤᠷᠴᠢᠨ ᠮᠢᠨᠢ ᠰᠠᠶᠢᠬᠠᠨ ᠭᠠᠵᠠᠷ︾ ᠬᠡᠬᠦ ᠲᠠᠭᠤᠤ ᠶᠢᠨ ᠦᠭᠡ ᠶᠢ ᠡᠰᠢᠯᠡᠪᠡ᠃ | ③ ︽ᠬᠠᠭᠠᠨ ᠰᠦᠮ᠎ᠡ ᠶᠢᠨ ᠮᠠᠭᠳᠠᠭᠠᠯ︾ ︵1938 ᠤᠨ ᠳᠤ ᠯᠤᠪᠰᠠᠩ ᠬᠤᠭᠤᠷᠴᠢ ᠵᠤᠬᠢᠶᠠᠪᠠ︶ ᠠᠴᠠ | ④⑦ ᠠᠷᠦ ᠬᠤᠷᠴᠢᠨ ᠬᠤᠰᠢᠭᠤᠨ ᠤ ᠰᠤᠶᠤᠯ ᠲᠠᠮᠢᠷ ᠤᠨ ᠲᠤᠪᠴᠢᠶᠠᠨ ᠤ ︽ᠮᠤᠩᠭᠤᠯ ᠤᠨ ᠬᠠᠭᠠᠨ | ᠤᠷᠳᠤᠨ ᠤ ᠲᠠᠭᠤᠤ ᠬᠦᠭᠵᠢᠮ︾ ᠤᠨ ᠮᠠᠲ᠋ᠧᠷᠢᠶᠡᠯ ᠠᠴᠠ | ⑤⑥︽ᠮᠤᠩᠭᠤᠯ ᠲᠡᠦᠬᠡ ᠶᠢᠨ ᠰᠤᠳᠤᠯᠤᠯ︾ ︵ᠳ᠋ᠠᠮᠪᠠ︶ ᠠᠴᠠ | ⑧⑨︽ᠮᠤᠩᠭᠤᠯ ᠤᠨ ᠤᠷᠳᠤᠨ ᠤ ᠲᠠᠭᠤᠤ ᠶᠢᠨ ᠲᠤᠬᠠᠢ ᠲᠠᠬᠢᠨ ᠦᠬᠦᠯᠡᠬᠦ ᠨᠢ︾ ︵ᠬᠡᠰᠢᠭᠳᠦᠭ᠌ᠳᠠᠬᠤ︶ | | ᠵᠤᠬᠢᠶᠠᠭᠴᠢ᠄ ᠣᠷᠠᠠᠲ᠋ᠠᠨᠠ | ᠵᠤᠬᠢᠶᠠᠭᠴᠢ ᠶᠢᠨ ᠬᠠᠶ᠋ᠢᠭ᠄ ︽ᠠᠷᠤ ᠬᠤᠷᠴᠢᠨ ᠰᠤᠨᠢᠨ︾ ᠤ ᠬᠤᠷᠢᠶ᠎ᠠ | |