ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠳᠤ ᠳᠦᠷᠪᠠᠨᠲᠡ ᠬᠦᠷᠦᠭᠰᠡᠨ ᠤᠴᠢᠷ ︵ᠳᠦᠷᠪᠡ︶
ᠨᠡᠶᠢᠲᠡᠯᠡᠭᠰᠡᠨ ᠴᠠᠭ᠄
2017/11/4
        4.      ᠴᠠᠭ ᠤᠯᠠᠷᠢᠯ ᠵᠢᠮ᠎ᠡ ᠪᠠᠷ ᠢᠶᠠᠨ ᠤᠷᠴᠢᠨ ᠪᠠᠰᠠ ᠨᠢᠭᠡᠨ ᠣᠨ ᠬᠦᠷᠦᠭᠡᠳ ᠢᠷᠡᠪᠡ᠃ ᠴᠠᠰᠤ ᠬᠠᠶᠠᠯᠠᠨ ᠠᠭᠤᠷ ᠠᠮᠢᠰᠬᠤᠯ ᠰᠢᠨᠡᠳᠦᠭᠰᠡᠨ ᠢᠶᠠᠷ ᠤᠷᠴᠢᠨ ᠲᠤᠭᠤᠷᠢᠨ ᠴᠦ ᠴᠡᠪᠡᠷ ᠴᠡᠮᠴᠡᠭᠡᠷ ᠪᠤᠯᠵᠠᠢ᠃      ᠰᠢᠤᠳᠠᠨᠴᠢ ᠭᠤᠸᠠᠢ ᠠᠯᠤᠰ ᠬᠤᠯᠠ ᠪᠡᠭᠡᠵᠢᠩ ᠬᠤᠲᠠ ᠠᠴᠠ ᠢᠯᠡᠭᠡᠭᠰᠡᠨ ᠬᠤᠤᠰ ᠪᠠᠲᠤᠯᠠᠭᠠᠲᠤ ᠵᠠᠬᠢᠲᠠᠯ ᠢ ᠬᠦᠷᠭᠡᠨ ᠢᠷᠡᠪᠡ᠃ ᠭᠠᠳᠠᠷ ᠤᠨ ᠬᠠᠶ᠋ᠢᠭ ᠢ ᠦᠵᠡᠪᠡᠯ ᠳᠤᠮᠳᠠᠳᠤ ᠤᠯᠤᠰ ᠤᠨ ᠦᠨᠳᠦᠰᠦᠲᠡᠨ ᠤ ᠬᠡᠯᠡ ᠪᠠᠷ ᠤᠷᠴᠢᠭᠤᠯᠬᠤ ᠲᠤᠪᠴᠢᠶ᠎ᠠ ᠭᠡᠵᠦ ᠲᠤᠳᠤᠬᠠᠨ ᠪᠢᠴᠢᠵᠡᠢ᠃ ᠵᠠᠬᠢᠲᠠᠯ ᠢ ᠨᠡᠬᠡᠭᠡᠨ ᠦᠵᠡᠪᠡᠯ᠄      ᠨᠠ᠊ · ᠵᠢᠷᠭᠠᠯ ᠲᠠᠨ᠎ᠠ᠄      ᠲᠦᠪ ᠤᠨ ᠦᠨᠳᠦᠰᠦᠲᠡᠨ ᠤ ᠬᠡᠯᠡ ᠪᠠᠷ ᠤᠷᠴᠢᠭᠤᠯᠬᠤ ᠲᠤᠪᠴᠢᠶ᠎ᠠ ᠨᠢ ᠪᠦᠬᠦ ᠤᠯᠤᠰ ᠤᠨ ︽ᠬᠤᠶᠠᠷ ᠬᠤᠷᠠᠯ︾ ᠤᠨ ᠤᠷᠴᠢᠭᠤᠯᠭ᠎ᠠ ᠳᠤ ᠡᠷᠬᠢᠮ ᠲᠠᠨ ᠢ ᠰᠢᠯᠵᠢᠭᠦᠯᠦᠨ ᠠᠵᠢᠯᠯᠠᠭᠤᠯᠬᠤ ᠪᠠᠷ ᠲᠤᠭᠲᠠᠭᠰᠠᠨ ᠲᠤᠯᠠ 2 ᠰᠠᠷ᠎ᠠ ᠶᠢᠨ 17 ᠳᠤ ᠨᠡᠷ᠎ᠡ ᠮᠡᠳᠡᠭᠦᠯᠬᠦ ᠶᠢ ᠬᠦᠰᠡᠨ᠎ᠡ᠃                           ᠲᠦᠪ ᠤᠨ ᠦᠨᠳᠦᠰᠦᠲᠡᠨ ᠤ ᠬᠡᠯᠡ ᠪᠠᠷ ᠤᠷᠴᠢᠭᠤᠯᠬᠤ ᠲᠤᠪᠴᠢᠶ᠎ᠠ                                           2010 ᠤᠨ ᠤ 1 ᠰᠠᠷ᠎ᠠ ᠶᠢᠨ 18 ᠤ ᠡᠳᠦᠷ      ᠵᠠᠬᠢᠲᠠᠯ ᠢ ᠣᠩᠰᠢᠭᠠᠳ ᠰᠡᠳᠬᠢᠯ ᠲᠤᠭᠳᠤᠯᠪᠠ᠃ ᠵᠡᠭᠦᠳᠦᠨ ᠳᠤ ᠤᠷᠤᠬᠤ ᠦᠭᠡᠢ ᠰᠠᠶᠢᠨ ᠤᠴᠢᠷ ᠭᠡᠵᠦ ᠲᠡᠭᠷᠢ ᠪᠤᠷᠬᠠᠨ ᠳᠤ ᠪᠠᠨ ᠳᠠᠭᠠᠳᠬᠠᠨ ᠵᠠᠯᠪᠠᠷᠢᠪᠠ᠃ ᠭᠠᠳᠠᠨ᠎ᠠ ᠴᠠᠰᠤ ᠬᠢᠷᠮᠠᠭᠯᠠᠭᠰᠠᠨ ᠴᠦ ᠰᠡᠳᠬᠢᠯ ᠳᠤᠲᠤᠷ᠎ᠠ ᠬᠠᠯᠠᠭᠤᠨ ᠳᠤᠯᠠᠭᠠᠨ ᠰᠠᠨᠠᠭᠳᠠᠨ᠎ᠠ᠃ ᠡᠬᠡ ᠬᠡᠯᠡᠨ ᠤ ᠬᠠᠶᠢᠷ᠎ᠠ ᠢᠪᠡᠭᠡᠯ ᠤᠨ ᠢᠯᠴᠢ ᠰᠤᠶᠤᠷᠬᠠᠨ ᠪᠠᠶᠢᠭ᠎ᠠ ᠪᠢᠯᠡ᠃      ᠴᠠᠭ ᠤᠯᠠᠷᠢᠯ ᠤᠨ ᠪᠢᠴᠢᠭ ᠢ ᠤᠷᠪᠠᠭᠤᠯᠤᠨ ᠦᠵᠡᠪᠡᠯ ᠬᠤᠷᠢᠭᠠᠳ ᠡᠳᠦᠷ ᠤᠨ ᠵᠠᠢ ᠪᠠᠶᠢᠪᠠ᠃ ᠡᠨᠡ ᠵᠠᠪᠰᠠᠷ ᠵᠢᠯ ᠤᠨ ᠡᠴᠦᠰ ᠤᠨ ᠪᠢᠴᠢᠭ ᠬᠠᠷ᠎ᠠ ᠶᠢᠨ ᠤᠷᠴᠢᠭᠤᠯᠭ᠎ᠠ ᠪᠠᠨ ᠱᠠᠯᠠᠪᠳᠠᠨ ᠳᠠᠭᠤᠰᠬᠠᠵᠤ᠂ ᠤᠯᠤᠰ ᠲᠦᠷᠦ ᠶᠢᠨ ᠬᠢᠨᠠᠨ ᠰᠢᠯᠭᠠᠯᠲᠠ ᠵᠡᠷᠭᠡ ᠶᠢ ᠱᠠᠭᠠᠷᠳᠠᠯᠭ᠎ᠠ ᠪᠠᠷ ᠭᠦᠢᠴᠡᠳᠬᠡᠨ ᠲᠤᠭᠲᠠᠭᠰᠠᠨ ᠭᠠᠵᠠᠷ ᠲᠤ ᠨᠢ ᠢᠯᠡᠭᠡᠪᠡ᠃     ᠮᠢᠨᠤ ᠴᠢᠮᠡᠭᠡ ᠶᠢ ᠰᠣᠨᠣᠰᠣᠭᠰᠠᠨ ᠠᠬᠠᠰ ᠵᠠᠬᠠᠰ ᠮᠢᠨᠢ ᠪᠠᠶᠠᠷᠯᠠᠵᠤ ᠢᠷᠦᠭᠡᠯ ᠵᠦᠩᠨᠡᠯ ᠢᠶᠠᠨ ᠬᠠᠶᠢᠷᠠᠯᠠᠨ᠎ᠠ᠃ ᠠᠪᠠᠭᠠᠢ ᠬᠡᠤᠬᠡᠳ ᠮᠢᠨᠢ ᠠᠯᠢ ᠪᠦᠬᠦᠢ ᠪᠡᠯᠡᠳᠬᠡᠯ ᠳᠤ ᠶᠠᠭᠠᠷᠠᠨ᠎ᠠ᠃ ᠰᠠᠷ᠎ᠠ ᠭᠠᠷᠤᠢ ᠶᠢᠨ ᠬᠤᠭᠤᠴᠠᠭ᠎ᠠ ᠰᠠᠭᠤᠬᠤ ᠤᠴᠢᠷ ᠠᠮᠢᠳᠤᠷᠠᠯ ᠠᠳᠠᠯ ᠢᠶᠠᠨ ᠲᠦᠪᠬᠢᠨᠡᠭᠦᠯᠦᠨ ᠨᠠᠭᠠᠨ᠎ᠠ ᠴᠠᠭᠠᠨ᠎ᠠ ᠪᠡᠯᠡᠳᠬᠡᠯ ᠢ ᠰᠠᠶᠢᠬᠠᠨ ᠲᠤᠬᠢᠷᠠᠭᠤᠯᠤᠨ᠂ ᠮᠠᠷᠲᠠᠵᠤ ᠤᠷᠬᠢᠬᠤ ᠠᠴᠠ ᠬᠢᠴᠢᠶᠡᠨ ᠨᠢᠮᠪᠠᠢ ᠲᠢᠭᠯᠡᠵᠦ᠂ ᠺᠤᠮᠫᠢᠦ᠋ᠲ᠋ᠧᠷ᠂ ᠬᠤᠪᠴᠠᠰᠤ ᠬᠤᠨᠠᠷ ᠢᠶᠠᠨ ᠲᠢᠭ᠋ ᠲᠠᠭ ᠪᠤᠯᠭᠠᠵᠠᠢ᠃      — ᠲᠠ ᠴᠢᠨᠢ ᠨᠡᠶᠢᠰᠯᠡᠯ ᠪᠡᠭᠡᠵᠢᠩ ᠳᠤ ᠬᠦᠷᠬᠦ ᠭᠡᠪᠡ ᠦᠦ︖      — ︽ᠬᠤᠶᠠᠷ ᠬᠤᠷᠠᠯ︾ ᠭᠡᠳᠡᠭ ᠴᠢᠨᠢ ᠲᠤᠮᠤ ᠤᠴᠢᠷ ᠰᠢᠦ᠃      — ᠰᠤᠷᠤᠭᠰᠠᠨ ᠠᠵᠢᠯ ᠶᠤᠮ ᠴᠢᠨᠢ ᠤᠴᠢᠬᠤ ᠨᠢ ᠵᠦᠢᠲᠡᠢ᠃      — ᠡᠭᠦᠷᠭᠡ ᠪᠠᠨ ᠰᠠᠶᠢᠬᠠᠨ ᠪᠡᠶᠡᠯᠡᠭᠦᠯ ᠳ᠋ᠠ᠃      — ᠨᠤᠲᠤᠭ ᠤᠰᠤᠨ ᠤ ᠪᠠᠶᠠᠷ ᠤᠨ ᠶᠠᠪᠤᠳᠠᠯ ᠡ᠃      ᠬᠦᠮᠦᠰ ᠰᠣᠨᠣᠰᠣᠭᠰᠠᠨ ᠦᠵᠡᠭᠰᠡᠨ ᠢᠶᠠᠨ ᠬᠡᠯᠡᠵᠦ ᠠᠵᠢᠯ ᠦᠢᠯᠡᠰ ᠢ ᠮᠢᠨᠢ ᠳᠡᠮᠵᠢᠨ᠎ᠡ᠃ ᠬᠤᠯᠠ ᠶᠢᠨ ᠭᠠᠵᠠᠷ ᠶᠠᠪᠤᠬᠤ ᠶᠢᠨ ᠪᠡᠯᠭᠡ ᠳᠡᠮᠪᠡᠷᠢᠯ ᠲᠠᠢ ᠢᠷᠦᠭᠡᠯ ᠬᠠᠶᠢᠷᠠᠯᠠᠨ᠎ᠠ᠃ ᠴᠠᠭ ᠮᠦᠴᠡ ᠴᠠᠭᠠᠨ ᠰᠠᠷ᠎ᠠ ᠶᠢ ᠤᠭᠲᠤᠯ᠎ᠠ᠃ ᠰᠢᠨ᠎ᠡ ᠶᠢᠨ ᠲᠠᠪᠤᠨ ᠤ ᠡᠷᠲᠡ ᠶᠢᠨ ᠲᠡᠷᠭᠡᠨ ᠳᠤ ᠰᠠᠭᠤᠵᠤ ᠤᠯᠠᠭᠠᠨᠬᠠᠳᠠ ᠶᠢ ᠴᠢᠭᠯᠡᠪᠡ᠃ ᠠᠭᠤᠷ ᠠᠮᠢᠰᠬᠤᠯ ᠨᠠᠮ ᠳᠤᠯᠠᠭᠠᠨ᠂ ᠡᠪᠦᠯ ᠤᠨ ᠬᠦᠢᠲᠡᠨ ᠤ ᠡᠷᠴᠢ ᠪᠠᠭᠤᠷᠠᠭᠰᠠᠨ ᠪᠠᠶᠢᠪᠠ᠃      ᠡᠭᠡᠯᠵᠢ ᠶᠢᠨ ᠲᠡᠷᠭᠡᠨ ᠳᠤ ᠠᠶᠠᠨᠴᠢᠳ ᠳᠦᠭᠦᠷᠴᠦ ᠪᠦᠷ ᠯᠡ ᠬᠤᠯᠠ ᠵᠠᠮ ᠬᠦᠭᠡᠭᠡᠬᠦ ᠬᠦᠮᠦᠰ ᠠᠵᠢ᠃ ᠲᠡᠷᠭᠡᠨ ᠳᠠᠬᠢ ᠬᠦᠮᠦᠰ ᠬᠡᠰᠡᠭ ᠳᠦᠷᠭᠢᠲᠡᠯ᠎ᠡ ᠵᠤᠭᠤᠭᠳᠠᠨ ᠬᠡᠰᠡᠭ ᠨᠠᠮ ᠬᠦᠮ᠂ ᠵᠠᠮ ᠤᠨ ᠬᠠᠵᠠᠭᠤ ᠪᠠᠷ ᠡᠯᠡᠰᠦ ᠮᠠᠩᠬ᠎ᠠ᠂ ᠤᠲᠤᠷ ᠰᠠᠭᠤᠷᠢᠨ ᠬᠠᠷᠠᠭᠳᠠᠵᠤ᠂ ᠦᠬᠡᠷ ᠬᠤᠨᠢᠳ ᠨᠦᠮᠦᠷᠢ ᠭᠠᠵᠠᠷ ᠢᠶᠠᠷ ᠪᠡᠯᠴᠢᠭᠡᠷᠯᠡᠨ᠎ᠡ᠃ ᠵᠠᠰᠠᠮᠠᠯ ᠵᠠᠮ ᠢᠶᠠᠷ ᠮᠠᠰᠢᠨ ᠲᠡᠷᠭᠡ᠂ ᠮᠤᠲ᠋ᠤᠷ ᠪᠠᠶᠢᠨ ᠪᠠᠶᠢᠨ ᠵᠦᠷᠢᠯᠳᠦᠵᠦ᠂ ᠬᠠᠶᠠ ᠠᠴᠢᠶᠠᠨ ᠤ ᠮᠠᠰᠢᠨ ᠬᠦᠴᠦ ᠮᠡᠳᠡᠨ ᠤᠲᠤᠭ᠎ᠠ ᠪᠠᠭᠠᠭᠢᠭᠤᠯᠤᠨ ᠲᠡᠮᠡᠤᠯᠦᠨ᠎ᠡ᠃      ᠦᠳᠡ ᠶᠢᠨ ᠬᠤᠶᠢᠨᠠᠬᠢ ᠬᠤᠶᠠᠷ ᠴᠠᠭ ᠤᠨ ᠦᠶ᠎ᠡ ᠪᠠᠷ ᠤᠯᠠᠭᠠᠨᠬᠠᠳᠠ ᠳᠤ ᠢᠷᠡᠵᠦ᠂ ᠭᠠᠯᠲᠦ ᠲᠡᠷᠭᠡᠨ ᠤ ᠪᠢᠯᠧᠲ ᠪᠠᠨ ᠠᠪᠴᠤ ᠪᠠᠭᠤᠳᠠᠯ ᠤᠯᠪᠠ᠃ ᠵᠡᠭᠡᠯᠢ ᠳᠤ ᠬᠦᠮᠦᠨ ᠬᠠᠷ᠎ᠠ ᠤᠯᠠᠨ᠂ ᠲᠡᠷᠭᠡ ᠬᠦᠰᠭᠡ ᠴᠦ ᠨᠠᠭᠠᠰᠢ ᠴᠠᠭᠠᠰᠢ ᠵᠦᠷᠢᠯᠳᠦᠨ ᠫᠣᠤᠵᠢᠩ ᠤᠨ ᠳᠠᠭᠤᠨ ᠴᠢᠬᠢ ᠭᠠᠳᠠᠮ᠎ᠠ ᠫᠠᠷᠴᠢᠭᠢᠨᠠᠨ᠎ᠠ᠃ ᠪᠠᠭᠤᠳᠠᠯ ᠳᠤ ᠪᠠᠨ ᠬᠡᠳᠦᠨ ᠨᠤᠮ ᠢ ᠤᠷᠪᠠᠭᠤᠯᠤᠨ ᠦᠵᠡᠪᠡ᠃ ᠲᠦᠷᠦᠭᠦᠴᠢ ᠶᠢᠨ ᠵᠢᠯ ᠤᠨ ᠵᠠᠷᠢᠮ ᠠᠭᠤᠯᠭ᠎ᠠ ᠶᠢ ᠳᠠᠬᠢᠨ ᠦᠵᠡᠬᠦ ᠳᠤ ᠰᠣᠨᠢᠨ ᠰᠡᠪᠡᠭᠦᠨ ᠯᠡ ᠰᠠᠨᠠᠭᠳᠠᠨ᠎ᠠ᠃ ᠲᠧᠯᠸᠢᠰ ᠢ ᠨᠡᠬᠡᠭᠡᠪᠡᠯ ᠪᠦᠷ ᠯᠡ ᠤᠷᠤᠰᠬᠠᠯ ᠳᠠᠭᠤᠤ ᠬᠡᠳ ᠵᠦᠢᠯ ᠢᠶᠠᠷ ᠬᠦᠰᠡᠨ᠎ᠡ᠃ ᠠᠯᠢᠨ ᠢ  ᠨᠢ ᠰᠣᠨᠣᠰᠣᠭᠰᠠᠨ ᠴᠦ ᠳᠠᠪᠤᠰᠤ ᠴᠠᠭ᠎ᠠ ᠨᠡᠶᠢᠯᠡᠬᠦ ᠪᠢᠰᠢ᠃ ︽ᠴᠠᠭ ᠴᠠᠭ ᠢᠶᠠᠷ ᠢᠶᠠᠨ ᠦᠭᠡᠢ︾ ᠭᠡᠳᠡᠭᠴᠢᠯᠡᠨ ᠳᠠᠭᠤᠤ ᠬᠦᠭᠵᠢᠮ ᠴᠦ ᠴᠠᠭ ᠢᠶᠠᠨ ᠳᠠᠭᠠᠭᠠᠳ ᠬᠤᠪᠢᠷᠠᠬᠤ ᠯᠡ ᠶᠤᠰᠤᠲᠠᠢ᠃ ᠶᠠᠭᠤ ᠴᠦ ᠭᠡᠰᠡᠨ ᠬᠠᠭᠠᠰ ᠡᠳᠦᠷ ᠢ ᠦᠩᠭᠡᠷᠡᠭᠦᠯᠦᠨ ᠭᠠᠯᠲᠦ ᠲᠡᠷᠭᠡᠨ ᠳᠤ ᠭᠠᠷᠪᠠ᠃ ᠬᠦᠮᠦᠨ ᠬᠠᠷ᠎ᠠ ᠶᠢᠨ ᠤᠯᠠᠨ ᠭᠡᠳᠡᠭ ᠢ ᠬᠡᠯᠡᠬᠦ ᠶᠢᠨ ᠭᠠᠵᠠᠷ ᠦᠭᠡᠢ᠂ ᠡᠶᠢᠰᠢ ᠲᠡᠶᠢᠰᠢ ᠶᠠᠪᠤᠬᠤ ᠶᠢᠨ ᠬᠤᠷᠤᠭᠤ ᠬᠢᠷᠢ ᠵᠠᠢ ᠴᠦ ᠦᠭᠡᠢ᠂ ᠪᠦᠷ ᠯᠡ ᠲᠡᠷᠭᠡ ᠰᠢᠭ ᠲᠤᠮᠤ ᠪᠤᠭᠴᠤ ᠴᠢᠷᠦᠭᠰᠡᠨ ᠨᠢ ᠬᠦᠯ ᠲᠠᠯᠪᠢᠬᠤ ᠭᠠᠵᠠᠷ ᠦᠭᠡᠢ ᠪᠤᠯᠪᠠ᠃      ᠭᠠᠯᠲᠦ ᠲᠡᠷᠭᠡ ᠠᠯᠭᠤᠷᠬᠠᠨ ᠬᠦᠳᠡᠯᠵᠦ ᠵᠠᠮ ᠢᠶᠠᠨ ᠡᠯᠭᠦᠪᠡ᠃ ᠬᠦᠮᠦᠰ ᠤᠨ ᠱᠣᠤᠭᠢᠶᠠᠨ ᠪᠠᠭ᠋ᠠᠨ ᠨᠠᠮᠳᠠᠵᠤ᠂ ᠬᠦᠯᠦᠰᠦ ᠤᠰᠤᠨ ᠤ ᠦᠨᠦᠷ ᠴᠦ ᠪᠠᠭ᠋ᠠᠨ ᠠᠶᠠᠳᠠᠵᠠᠢ᠃ ᠬᠠᠶᠠ ᠨᠢᠯᠬ᠎ᠠ ᠬᠡᠤᠬᠡᠳ ᠤᠨ ᠤᠭᠢᠯᠠᠬᠤ ᠳᠠᠭᠤᠨ ᠰᠣᠨᠣᠰᠳᠠᠵᠤ᠂ ᠡᠪᠦᠭᠡᠳ ᠬᠦᠭᠰᠢᠳ ᠤᠨ ᠬᠠᠨᠢᠶᠠᠬᠤ ᠴᠢᠮᠡᠭᠡ ᠨᠠᠮ ᠵᠢᠮ ᠢ ᠡᠪᠳᠡᠨ᠎ᠡ᠃ ᠠᠷᠪᠠᠨ ᠴᠠᠭ ᠪᠤᠯᠬᠤ ᠳᠤ ᠠᠶᠠᠨᠴᠢᠳ ᠴᠢᠮᠡᠭᠡ ᠢᠮᠡᠭᠡ ᠦᠭᠡᠢ ᠪᠤᠯᠪᠠ᠃ ᠪᠢ ᠴᠦ ᠤᠯᠠᠨ ᠤ ᠦᠢᠮᠡᠭᠡᠨ ᠳᠤ ᠪᠠᠭ᠋ᠠᠨ ᠨᠤᠶᠢᠷ ᠬᠤᠯᠵᠢᠪᠠ᠃ ᠭᠠᠳᠠᠨᠠᠬᠢ ᠴᠢᠮᠡᠭᠡ ᠬᠠᠶᠠ ᠰᠣᠨᠣᠰᠳᠠᠨ ᠬᠠᠶᠠ ᠶᠠᠮᠠᠷ ᠴᠦ ᠴᠢᠮᠡᠭᠡ ᠠᠨᠢᠷ ᠠᠯᠠᠭ᠎ᠠ᠃ ᠭᠠᠯᠲᠦ ᠲᠡᠷᠭᠡᠨ ᠪᠤᠯᠤ ᠶᠢᠨ ᠪᠦᠳᠦᠭᠦᠨ ᠨᠠᠷᠢᠨ ᠢᠶᠠᠷ ᠲᠦᠷᠴᠢᠭᠢᠨᠡᠬᠦ ᠨᠢ ᠠᠶᠢᠵᠠᠮ ᠬᠦᠭ ᠲᠠᠢ ᠰᠣᠨᠣᠰᠳᠠᠨ᠎ᠠ᠃ ᠲᠡᠷᠭᠡᠨ ᠦᠢᠯᠡᠴᠢᠯᠡᠭᠴᠢ ᠨᠠᠭᠠᠰᠢ ᠴᠠᠭᠠᠰᠢ ᠠᠯᠬᠤᠨ ᠪᠤᠭᠴᠤ ᠪᠤᠭᠤᠳᠠᠯ ᠢ ᠠᠵᠢᠶᠠᠷᠠᠨ ᠬᠡᠨ ᠨᠢᠭᠡ ᠨᠢ ᠶᠠᠭᠤ ᠪᠤᠯᠵᠤ ᠪᠤᠢ ᠶᠢ ᠦᠵᠡᠵᠦ ᠶᠠᠪᠤᠨ᠎ᠠ᠃      ᠭᠠᠯᠲᠦ ᠲᠡᠷᠭᠡ ᠵᠤᠭᠰᠤᠰᠢ ᠦᠭᠡᠢ ᠠᠶᠠᠯᠠᠨ᠎ᠠ᠃ ᠭᠠᠳᠠᠨᠠᠬᠢ ᠴᠢᠮᠡᠭᠡ ᠶᠢ ᠴᠢᠩᠨᠠᠨ ᠬᠡᠪᠲᠡᠭᠰᠡᠭᠡᠷ ᠳᠤᠭᠵᠢᠷᠠᠪᠠ ᠃ ᠨᠢᠭᠡ ᠮᠡᠳᠡᠬᠦ ᠳᠤ ᠲᠡᠭᠷᠢ ᠶᠢᠨ ᠬᠠᠶᠠᠭᠠᠨ᠎ᠠ ᠠᠴᠠ ᠦᠤᠷ ᠤᠨ ᠭᠡᠭᠡ ᠰᠣᠪᠣᠷᠠᠨ ᠠᠶᠢᠯ ᠬᠤᠲᠠᠨ ᠤ ᠪᠠᠷ᠎ᠠ ᠤᠯᠠᠮ  ᠢᠶᠠᠷ ᠲᠤᠳᠤᠷᠠᠨ᠎ᠠ᠃ ᠴᠠᠭ ᠢᠶᠠᠨ ᠦᠵᠡᠪᠡᠯ ᠡᠷᠲᠡ ᠶᠢᠨ ᠲᠠᠪᠤᠨ ᠴᠠᠭ ᠪᠤᠯᠴᠢᠬᠠᠵᠠᠢ᠃      — ᠠᠶᠠᠨᠴᠢᠳ ᠡ᠂ ᠮᠠᠨ ᠤ ᠰᠠᠭᠤᠭᠰᠠᠨ ᠭᠠᠯᠲᠦ ᠲᠡᠷᠭᠡ ᠪᠡᠭᠡᠵᠢᠩ ᠦᠷᠲᠡᠭᠡ ᠬᠦᠷᠦᠭᠡᠳ ᠢᠷᠡᠯ᠎ᠡ᠃ ᠲᠠ ᠪᠦᠬᠦᠨ ᠳᠤ ᠪᠠᠨ ᠪᠠᠶᠠᠷᠯᠠᠯ᠎ᠠ᠃ ᠳᠠᠷᠠᠭᠠᠴᠢ ᠶᠢᠨ ᠠᠶᠠᠯᠠᠯ ᠳᠤ ᠪᠠᠨ ᠳᠠᠬᠢᠨ ᠵᠤᠯᠭᠠᠶ᠎ᠠ ᠭᠡᠵᠦ ᠯᠠᠪᠠ ᠪᠠᠷ ᠬᠡᠯᠡᠨ᠎ᠡ      ᠠᠶᠠᠨᠴᠢᠳ ᠪᠤᠭᠴᠤ ᠪᠠᠨ ᠠᠪᠴᠤ ᠡᠭᠦᠳᠡ ᠭᠠᠷᠬᠤ ᠪᠠᠷ ᠪᠡᠯᠡᠳᠬᠡᠨ᠎ᠡ᠃ ᠭᠠᠯᠲᠦ ᠲᠡᠷᠭᠡ ᠠᠭᠠᠵᠢᠮ ᠢᠶᠠᠷ ᠤᠳᠠᠭᠠᠰᠢᠷᠠᠨ᠂ ᠴᠠᠭᠠᠨ᠎ᠠ ᠵᠠᠮ ᠢᠶᠠᠷ ᠤᠯᠠᠨ ᠲᠡᠷᠭᠡ ᠡᠩᠨᠡᠷᠡᠨ᠎ᠡ᠃ ᠭᠠᠯᠲᠦ ᠲᠡᠷᠭᠡᠨ ᠤ ᠡᠭᠦᠳᠡ ᠨᠡᠬᠡᠭᠡᠭᠳᠡᠮᠡᠭᠴᠡ ᠬᠦᠮᠦᠰ ᠢᠪᠡᠷᠡᠯᠳᠦᠨ ᠪᠠᠭᠤᠨ᠎ᠠ᠃ ᠡᠷᠲᠡ ᠶᠢᠨ ᠠᠮᠢᠰᠬᠤᠯ ᠳᠤ ᠴᠡᠭᠡᠵᠢ ᠤᠩᠭᠤᠶᠢᠨ ᠳᠤᠲᠤᠷ᠎ᠠ ᠠᠭᠤᠵᠢᠷᠠᠪᠠ᠃ ᠲᠡᠷᠭᠡᠨ ᠦᠷᠲᠡᠭᠡᠨ ᠤ ᠡᠭᠦᠳᠡ ᠪᠠᠷ ᠭᠠᠷᠬᠤ ᠳᠤ ᠲᠤᠰᠬᠤ ᠪᠠᠷ ᠢᠷᠡᠭᠰᠡᠨ ᠲᠡᠷᠬᠡ ᠬᠦᠯᠢᠶᠡᠵᠦ ᠪᠠᠶᠢᠪᠠ᠃ ᠮᠠᠨᠤᠰ ᠠᠮᠤᠷ ᠮᠡᠨᠳᠦ ᠪᠠᠨ ᠮᠡᠳᠡᠯᠴᠡᠨ ᠪᠤᠭᠴᠤ ᠪᠤᠭᠤᠳᠠᠯ ᠢᠶᠠᠨ ᠲᠠᠯᠪᠢᠭᠠᠳ ᠵᠠᠮ ᠢᠶᠠᠨ ᠡᠯᠭᠦᠪᠡ᠃ ᠮᠠᠰᠢᠨ ᠲᠡᠷᠭᠡ ᠦᠷᠭᠡᠨ ᠳᠠᠷᠳᠠᠩ ᠵᠠᠮ ᠢᠶᠠᠷ ᠳᠠᠪᠬᠢᠬᠤ ᠳᠤ ᠲᠠᠨᠢᠯ ᠳᠠᠰᠤᠯ ᠪᠠᠷᠢᠯᠭ᠎ᠠ ᠬᠠᠷᠠᠭᠠᠨ ᠳᠤ ᠲᠤᠳᠤᠷᠠᠨ ᠤᠢ ᠤᠷᠭᠤᠮᠠᠯ ᠠᠶᠠᠲᠠᠢ ᠬᠠᠷᠠᠭᠳᠠᠨ᠎ᠠ᠃      ᠵᠢᠯᠤᠭᠤᠴᠢ ᠭᠤᠸᠠᠢ ᠵᠠᠮ ᠢᠶᠠᠨ ᠠᠵᠢᠭᠯᠠᠵᠤ᠂ ᠵᠠᠯᠠᠭᠤᠷ ᠢᠶᠠᠨ ᠴᠢᠩᠭ᠎ᠠ ᠠᠳᠬᠤᠨ᠎ᠠ᠃ ᠲᠡᠷᠡ ᠪᠠᠶᠢᠨ ᠪᠠᠶᠢᠨ ᠴᠠᠭ ᠢᠶᠠᠨ ᠦᠵᠡᠵᠦ᠂ ︽ᠵᠢᠯ ᠤᠨ ᠡᠬᠢᠨ ᠴᠢᠨᠢ ᠭᠠᠵᠠᠷ ᠪᠦᠬᠦᠨ ᠤ ᠲᠡᠷᠭᠡ ᠪᠤᠢ︾ ᠭᠡᠵᠦ ᠨᠠᠳᠠᠳᠤ ᠬᠡᠯᠡᠨ᠎ᠡ᠃ ᠮᠠᠨᠤᠰ ᠴᠠᠭ ᠰᠢᠬᠠᠮ ᠳᠠᠪᠬᠢᠭᠤᠯᠤᠨ ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠳᠤ ᠬᠦᠷᠦᠭᠡᠳ ᠢᠷᠡᠪᠡ᠃ ᠮᠠᠨᠤᠰ ᠢ ᠢᠷᠡᠬᠦ ᠠᠴᠠ ᠤᠷᠢᠳ ᠬᠤᠨᠤᠭ ᠪᠠᠶᠢᠷᠢ ᠶᠢ ᠲᠤᠬᠢᠷᠠᠭᠤᠯᠵᠠᠢ᠃ ᠦᠢᠯᠡᠴᠢᠯᠡᠭᠴᠢ ᠪᠠᠷ ᠪᠠᠶᠢᠷᠢ  ᠶᠢᠨ ᠭᠡᠷ ᠤᠨ ᠡᠭᠦᠳᠡ ᠶᠢ ᠨᠡᠬᠡᠭᠡᠯᠭᠡᠨ ᠤᠷᠤᠪᠠ᠃      ᠪᠠᠭ᠎ᠠ ᠦᠳᠡ ᠪᠤᠯᠬᠤ ᠶᠢᠨ ᠦᠶ᠎ᠡ ᠪᠠᠷ ᠬᠦᠮᠦᠰ ᠪᠦᠷ ᠴᠤᠭᠯᠠᠷᠠᠨ ᠢᠷᠡᠪᠡ᠃ ᠡᠨᠡ ᠤᠳᠠᠭ᠎ᠠ ᠳᠤᠯᠤᠭᠠᠨ ᠦᠨᠳᠦᠰᠦᠲᠡᠨ ᠤ ᠠᠵᠢᠯ ᠨᠢᠭᠡᠲᠡᠳ ᠬᠠᠮᠲᠤ ᠪᠠᠷ ᠡᠭᠦᠷᠭᠡ ᠪᠡᠶᠡᠯᠡᠭᠦᠯᠬᠦ ᠪᠣᠯᠤᠨ᠎ᠠ᠃ ᠤᠯᠠᠩᠬᠢ ᠨᠢ ᠪᠦᠷ ᠬᠡᠳᠦ ᠤᠳᠠᠭ᠎ᠠ ᠤᠴᠠᠷᠠᠭᠰᠠᠨ ᠲᠠᠨᠢᠯ ᠬᠦᠮᠦᠰ ᠪᠦᠭᠡᠳ ᠬᠡᠨ ᠠᠯᠢᠨ ᠤ ᠪᠠᠨ ᠨᠡᠷ᠎ᠡ ᠤᠪᠤᠭ ᠢ ᠴᠦ ᠮᠡᠳᠡᠳᠡᠭ᠃      — ᠡᠨᠡ ᠤᠳᠠᠭ᠎ᠠ ᠰᠠᠷ᠎ᠠ ᠭᠠᠷᠤᠢ ᠬᠠᠮᠲᠤ ᠠᠵᠢᠯᠯᠠᠨ᠎ᠠ ᠭᠡᠵᠦ ᠤᠳᠤᠷᠢᠳᠤᠯᠭ᠎ᠠ ᠨᠠᠷ ᠬᠡᠯᠡᠨ᠎ᠡ᠃      — ᠡᠭᠦᠷᠭᠡ ᠬᠦᠨᠳᠦ᠂ ᠠᠵᠢᠯ ᠤᠯᠠᠨ ᠰᠢᠦ ᠭᠡᠵᠦ ᠬᠠᠮᠢᠶ᠎ᠠ ᠲᠠᠢ ᠪᠠᠭᠰᠢ ᠨᠠᠷ ᠵᠤᠭᠤᠭᠳᠠᠨ᠎ᠠ᠃      ᠠᠵᠢᠯ ᠡᠮᠬᠢ ᠵᠢᠷᠤᠮ ᠢᠶᠠᠷ ᠢᠶᠠᠨ ᠶᠠᠪᠤᠭᠳᠠᠵᠤ᠂ ᠰᠠᠬᠢᠯᠭ᠎ᠠ ᠶᠤᠰᠤ ᠲᠦᠢᠯ ᠤᠨ ᠬᠠᠲᠠᠭᠤ ᠴᠢᠩᠭ᠎ᠠ ᠪᠦᠭᠡᠳ ᠴᠠᠭ ᠪᠠᠴᠢᠮ ᠠᠴᠠ ᠡᠷᠲᠡᠯᠡᠵᠦ ᠤᠷᠤᠶᠢᠯᠠᠨ ᠠᠵᠢᠯᠯᠠᠬᠤ ᠨᠢ ᠬᠠᠮᠤᠭ ᠤᠨ ᠶᠡᠭᠡ ᠱᠠᠭᠠᠷᠳᠠᠯᠭ᠎ᠠ ᠪᠤᠯᠪᠠ᠃ ᠡᠷᠲᠡ ᠤᠷᠤᠢ ᠶᠢᠨ ᠵᠠᠪ ᠢᠶᠠᠷ ᠢᠶᠠᠨ ᠭᠠᠳᠠᠭᠤᠷ ᠪᠠᠭ᠋ᠠᠨ ᠠᠯᠬᠤᠵᠤ᠂ ᠠᠭᠤᠯᠠ ᠤᠰᠤ ᠶᠢ ᠲᠤᠭᠤᠷᠢᠨ ᠦᠵᠡᠨ᠎ᠡ᠃ ᠴᠠᠭ ᠠᠭᠤᠷ ᠳᠤᠯᠠᠭᠠᠷᠠᠨ ᠡᠪᠡᠰᠦ ᠤᠷᠭᠤᠮᠠᠯ ᠨᠠᠪᠴᠢᠯᠠᠬᠤ ᠰᠢᠤᠬᠠᠨ ᠤᠰᠤᠨ ᠪᠦᠮᠪᠦᠭᠡᠯᠢᠭ ᠨᠠᠬᠢᠶᠠᠯᠠᠨ᠎ᠠ᠃      — ᠠᠷᠤ ᠭᠠᠵᠠᠷ ᠢ ᠪᠤᠳᠤᠪᠠᠯ ᠡᠷᠲᠡ ᠳᠤᠯᠠᠭᠠᠷᠠᠨ᠎ᠠ᠃      — ᠬᠢᠷᠠᠮᠠᠭ ᠴᠠᠰᠤ ᠤᠷᠤᠭᠰᠠᠨ ᠴᠢᠨᠢ ᠤᠯᠠᠮ ᠴᠦ ᠴᠢᠭᠢᠭ ᠲᠠᠢ ᠪᠤᠯᠴᠢᠬᠠᠯ᠎ᠠ᠃      — ᠡᠨᠡ ᠵᠢᠯ ᠪᠠᠭ᠋ᠠᠨ ᠵᠢᠬᠡᠭᠦᠨ ᠪᠤᠢ᠂ ᠲᠦᠷᠦᠭᠦᠴᠢ ᠶᠢᠨ ᠵᠢᠯ ᠳᠤ ᠴᠡᠴᠡᠭ ᠳᠡᠯᠭᠡᠷᠡᠭᠰᠡᠨ ᠰᠢᠦ᠃      — ᠲᠠᠨᠤᠰ ᠰᠠᠶᠢᠬᠠᠨ ᠠᠵᠢᠭᠯᠠᠵᠤ ᠦᠵᠡ᠃      — ᠁      ᠠᠵᠢᠯ ᠤᠨ ᠴᠢᠯᠡᠭᠡ ᠪᠠᠨ ᠲᠠᠶᠢᠯᠬᠤ ᠪᠠᠷ ᠠᠶᠠᠯᠠᠨ ᠲᠤᠭᠤᠷᠢᠬᠤ ᠬᠦᠮᠦᠰ ᠪᠤᠢ᠂ ᠠᠭᠤᠯᠠ ᠤᠰᠤᠨ ᠤ ᠦᠵᠡᠮᠵᠢ ᠶᠢ ᠦᠵᠡᠬᠦ ᠪᠠᠷ ᠵᠤᠭᠠᠴᠠᠬᠤ ᠴᠦ ᠪᠤᠢ᠃ ᠪᠠᠢ ᠸᠠᠩ ᠱᠠᠨ ᠠᠭᠤᠯᠠ ᠶᠢᠨ ᠨᠠᠷᠠᠰᠤ ᠮᠠᠶᠢᠯᠠᠰᠤ᠂ ᠤᠳᠠ ᠤᠯᠢᠶᠠᠰᠤ᠂ ᠨᠡᠷ᠎ᠡ ᠶᠢ ᠨᠢ ᠦᠯᠦ ᠮᠡᠳᠡᠬᠦ ᠵᠦᠢᠯ ᠤᠨ  ᠮᠤᠳᠤᠳ  ᠦᠵᠡᠰᠭᠦᠯᠡᠩ   ᠤᠨ  ᠰᠠᠶᠢᠬᠠᠨ   ᠢ  ᠪᠠᠭ᠋ᠠᠳᠤᠭᠤᠯᠤᠨ᠎ᠠ᠃      ᠠᠵᠢᠯ ᠭᠡᠭᠴᠢ ᠬᠤᠶᠢᠨ᠎ᠠ ᠬᠤᠶᠢᠨ᠎ᠠ ᠠᠴᠠ ᠪᠠᠨ ᠢᠷᠡᠵᠦ᠂ ᠶᠤᠰᠤᠲᠠᠢ ᠲᠤᠯᠤᠭᠠᠢ ᠦᠨᠳᠡᠶᠢᠬᠦ ᠵᠠᠪ ᠦᠭᠡᠢ ᠪᠤᠯᠪᠠ᠃ ᠬᠠᠭᠠᠰ ᠡᠳᠦᠷ ᠤᠨ ᠴᠠᠭ ᠬᠠᠷᠠᠵᠤ ᠪᠠᠶᠢᠲᠠᠯ᠎ᠠ ᠦᠩᠭᠡᠷᠡᠵᠦ᠂ ᠦᠨᠳᠡᠶᠢᠭᠡᠳ ᠪᠤᠰᠪᠠᠯ ᠨᠠᠷᠠ ᠵᠢᠷᠭᠠᠨ᠎ᠠ ᠪᠢᠯᠡ᠃ ᠪᠤᠰᠤᠳ ᠪᠠᠭᠰᠢ ᠨᠠᠷ ᠬᠠᠭᠤᠴᠢᠨ ᠭᠠᠷ ᠪᠤᠯᠬᠤᠷ ᠠᠵᠢᠯ ᠤᠨ ᠡᠪ ᠳᠦᠢ ᠶᠢ ᠤᠯᠵᠤ᠂ ᠤᠷᠴᠢᠨ ᠨᠦᠬᠦᠴᠡᠯ  ᠳᠤ ᠪᠠᠨ ᠳᠠᠳᠴᠢᠬᠠᠵᠠᠢ᠃      — ᠴᠠᠭᠠᠨ ᠰᠠᠷ᠎ᠠ ᠶᠢᠨ ᠰᠢᠨᠡᠳ ᠢᠶᠠᠷ ᠠᠵᠢᠯ ᠢᠶᠠᠨ ᠡᠬᠢᠯᠡᠳᠡᠭ᠃      — ᠬᠡᠴᠢᠨᠡᠭᠡᠨ ᠵᠢᠯ ᠢ ᠡᠶᠢᠮᠦ ᠯᠡ ᠵᠢᠷᠤᠮ ᠢᠶᠠᠷ ᠶᠠᠪᠤᠭᠰᠠᠨ ᠳ᠋ᠠ᠃      — ᠠᠵᠢᠯ ᠤᠨ ᠡᠭᠦᠷᠭᠡ ᠶᠤᠮ ᠴᠢᠨᠢ ᠠᠷᠭ᠎ᠠ ᠦᠭᠡᠢ᠃      — ᠤᠰᠤᠯ ᠠᠳᠡᠭᠦᠦ ᠯᠡ ᠭᠠᠷᠭᠠᠵᠤ ᠪᠤᠯᠬᠤ ᠦᠭᠡᠢ᠃      — ᠮᠠᠨᠤᠰ ᠤᠨ ᠬᠠᠷᠢᠭᠤᠴᠠᠯᠭ᠎ᠠ ᠰᠢᠦ᠃      ᠬᠦᠮᠦᠰ ᠬᠤᠪᠢ ᠬᠤᠪᠢᠨ ᠤ ᠡᠭᠦᠷᠭᠡ ᠳᠤ ᠪᠠᠨ ᠴᠢᠷᠮᠠᠶᠢᠵᠤ᠂ ᠴᠠᠢ ᠪᠤᠳᠠᠭ᠎ᠠ ᠢᠳᠡᠬᠦ ᠵᠠᠭᠤᠷ᠎ᠠ ᠬᠡᠳᠦᠨ ᠦᠭᠡ ᠬᠡᠯᠡᠯᠴᠡᠵᠦ᠂ ᠵᠠᠯᠭᠠᠭᠠᠳ ᠯᠡ ᠠᠵᠢᠯ ᠳᠤ ᠪᠠᠨ ᠶᠠᠭᠠᠷᠠᠨ᠎ᠠ᠃ ᠴᠠᠭ ᠮᠦᠴᠡ ᠬᠠᠮᠤᠭ ᠤᠨ ᠴᠤᠬᠠᠭ᠂ ᠬᠠᠮᠤᠭ ᠤᠨ ᠦᠨ᠎ᠡ ᠴᠠᠨ᠎ᠠ ᠲᠠᠢ ᠭᠡᠳᠡᠭ ᠢ ᠡᠷᠬᠡ ᠦᠭᠡᠢ ᠦᠨᠡᠮᠰᠢᠨ᠎ᠡ᠃ ᠨᠢᠳᠦ ᠢᠷᠮᠡᠬᠦ ᠵᠠᠭᠤᠷ᠎ᠠ ᠬᠤᠷᠢᠨ ᠡᠳᠦᠷ ᠦᠩᠭᠡᠷᠡᠵᠦ᠂ ᠰᠤᠷᠭᠠᠭᠤᠯᠢ ᠶᠢᠨ ᠬᠦᠷᠢᠶᠡᠨ ᠤ ᠤᠳᠠ ᠤᠯᠢᠶᠠᠰᠤ ᠮᠦᠴᠢᠷᠯᠡᠨ᠂ ᠬᠠᠶᠠ ᠵᠠᠷᠢᠮ ᠴᠡᠴᠡᠭ ᠤᠷᠭᠤᠮᠠᠯ ᠶᠠᠭᠠᠨ ᠬᠤᠨᠳᠤᠨ ᠳᠡᠯᠪᠢ ᠪᠠᠨ ᠳᠡᠯᠭᠡᠵᠦ᠂ ᠨᠠᠷᠠᠨ ᠤ ᠭᠡᠷᠡᠯ ᠳᠤ ᠦᠩᠭᠡ ᠢᠯᠭᠠᠷᠠᠨ ᠦᠵᠡᠮᠵᠢ ᠬᠤᠤᠰᠯᠠᠨ᠎ᠠ᠃ ᠪᠡᠭᠡᠵᠢᠩ ᠬᠤᠲᠠ ᠶᠢᠨ ᠤᠷᠢᠨ ᠳᠤᠯᠠᠭᠠᠨ ᠤᠯᠠᠷᠢᠯ ᠢ ᠬᠠᠷᠠᠬᠤ ᠳᠤ ︽ᠠᠷᠤ ᠭᠠᠵᠠᠷ ᠮᠢᠨᠢ ᠵᠢᠬᠡᠭᠦᠨ ᠬᠦᠢᠲᠡᠨ ᠢᠶᠠᠷ ᠢᠶᠠᠨ ᠪᠠᠶᠢᠭ᠎ᠠ ᠳ᠋ᠠ︾ ᠭᠡᠬᠦ ᠪᠤᠳᠤᠯ ᠲᠦᠷᠦᠭᠳᠡᠨ ᠲᠡᠭᠷᠢ ᠶᠢᠨ ᠬᠠᠨ᠎ᠠ ᠶᠢ ᠪᠠᠷᠠᠯᠠᠨ᠎ᠠ᠃      ᠮᠠᠨᠤᠰ ᠭᠤᠷᠪᠠᠨ ᠡᠷᠢᠨ ᠤ ᠪᠤᠳᠠᠭ᠎ᠠ ᠪᠠᠨ ᠢᠳᠡᠬᠦ ᠳᠤ ᠯᠡ ᠬᠡᠳᠦᠨ ᠵᠤᠭᠤᠭ ᠳᠡᠯᠭᠡᠵᠦ᠂ ᠪᠤᠰᠤᠳ ᠴᠠᠭ ᠲᠤ ᠤᠴᠠᠷᠠᠬᠤ ᠵᠠᠪ ᠴᠦ ᠠᠯᠠᠭ᠎ᠠ᠂ ᠪᠦᠷ ᠯᠡ ᠪᠢᠴᠢᠭ ᠬᠠᠷ᠎ᠠ ᠪᠠᠨ ᠭᠡᠳ ᠨᠢᠷᠤᠭᠤ ᠭᠡᠳᠡᠶᠢᠯ ᠦᠭᠡᠢ ᠶᠠᠭᠠᠷᠠᠨ᠎ᠠ᠃      — ᠠᠭᠤᠷ ᠠᠮᠢᠰᠬᠤᠯ ᠳᠤᠯᠠᠭᠠᠷᠠᠭᠠᠳ ᠢᠷᠡᠴᠢᠭᠡᠯ᠎ᠡ᠃      — ᠵᠠᠯᠠᠭᠤᠴᠤᠳ ᠳᠠᠩ ᠬᠤᠪᠴᠠᠰᠤ ᠪᠠᠷ ᠶᠠᠪᠤᠵᠤ ᠪᠤᠢ᠃      — ᠠᠭᠤᠯᠠ ᠶᠢᠨ ᠤᠷᠭᠤᠮᠠᠯ ᠴᠦ ᠨᠤᠭᠤᠭᠠᠷᠠᠵᠤ ᠳᠡᠯᠭᠡᠷᠡᠬᠦ ᠨᠢ ᠬᠤᠷᠳᠤᠨ ᠪᠤᠯᠤᠭᠰᠠᠨ ᠰᠢᠦ᠃      — ᠰᠠᠶᠢᠬᠠᠨ ᠭᠠᠵᠠᠷ ᠡ᠃      — ᠲᠦᠷᠦ ᠶᠢᠨ ᠨᠡᠶᠢᠰᠯᠡᠯ ᠶᠤᠮ ᠴᠢᠨᠢ ᠳ᠋ᠧ᠃      — ᠲᠠᠨᠠᠷ ᠴᠦ ᠰᠠᠶᠢᠬᠠᠨ ᠴᠠᠭ ᠲᠤ ᠦᠵᠡᠮᠵᠢ ᠰᠤᠨᠢᠷᠬᠠᠵᠤ ᠪᠤᠢ᠃      ᠬᠦᠮᠦᠰ ᠬᠠᠷᠢᠯᠴᠠᠨ ᠵᠤᠭᠤᠭᠳᠠᠵᠤ᠂ ᠬᠤᠯᠠ ᠶᠢᠨ ᠠᠭᠤᠯᠠ᠂ ᠬᠠᠵᠠᠭᠤ ᠶᠢᠨ ᠳᠤᠪᠤᠴᠠᠭ ᠢ ᠪᠠᠭ᠋ᠠᠷᠬᠠᠨ᠎ᠠ᠃ ᠳᠡᠷᠲᠡᠭᠡ ᠠᠭᠤᠯᠠ ᠶᠢᠨ ᠬᠠᠪᠢ ᠪᠠᠷ ᠰᠦᠷᠦᠭ ᠰᠢᠪᠠᠭᠤᠳ ᠵᠢᠷᠭᠢᠨ ᠨᠢᠰᠬᠦ ᠨᠢ ᠪᠠᠶᠢᠨ ᠪᠠᠶᠢᠨ ᠰᠣᠨᠣᠰᠳᠠᠨ᠎ᠠ᠃ ᠠᠭᠤᠯᠠ ᠶᠢᠨ ᠤᠷᠤᠢ ᠪᠠᠷ ᠬᠦᠮᠦᠰ ᠬᠡᠳᠦ ᠬᠡᠳᠦᠭᠦᠯᠡ ᠪᠠᠨ ᠲᠤᠭᠤᠷᠢᠵᠤ᠂ ᠬᠠᠶᠠ ︽ᠬᠦᠶ᠋ᠢ᠂ ᠬᠠᠢ︾ ᠭᠡᠵᠦ ᠪᠠᠷᠬᠢᠷᠠᠯᠴᠠᠨ᠎ᠠ᠃      ᠠᠵᠢᠯ ᠤᠨ ᠡᠭᠦᠷᠭᠡ ᠰᠢᠪᠲᠤᠷᠴᠤ ᠰᠡᠭᠦᠯ ᠬᠤᠷᠢᠶᠠᠬᠤ ᠪᠤᠯᠪᠠ᠃ ᠴᠠᠭ ᠤᠯᠠᠷᠢᠯ ᠤᠨ ᠬᠠᠭᠤᠳᠠᠰᠤ ᠶᠢ ᠦᠵᠡᠪᠡᠯ 3 ᠰᠠᠷ᠎ᠠ ᠶᠢᠨ 16 ᠤ ᠡᠳᠦᠷ ᠪᠤᠯᠴᠢᠬᠠᠵᠠᠢ᠃ ᠰᠠᠷ᠎ᠠ ᠶᠢᠨ ᠴᠠᠭ ᠢ ᠮᠡᠳᠡᠭᠰᠡᠨ ᠴᠦ ᠦᠭᠡᠢ ᠦᠩᠭᠡᠷᠡᠭᠡᠵᠡᠢ ᠃ ᠮᠠᠨᠤᠰ ᠴᠦ ᠬᠡᠳᠦᠭᠦᠯᠡ ᠪᠠᠨ ᠰᠢᠷᠡᠭᠡ ᠲᠤᠭᠤᠷᠢᠨ ᠰᠠᠭᠤᠵᠤ᠂ ᠨᠤᠮ ᠪᠢᠴᠢᠭ ᠤᠨ ᠲᠤᠬᠠᠢ ᠶᠠᠷᠢᠯᠳᠤᠬᠤ ᠵᠠᠪ ᠲᠠᠢ ᠪᠤᠯᠤᠭᠰᠠᠨ ᠢᠶᠠᠷ ᠪᠠᠶᠢᠨ ᠪᠠᠶᠢᠨ ᠤᠷᠮ᠎ᠠ ᠲᠠᠢ ᠵᠤᠭᠤᠭᠳᠠᠵᠤ ᠦᠵᠡᠭᠰᠡᠨ ᠬᠠᠷᠠᠭᠰᠠᠨ ᠢᠶᠠᠨ ᠳᠡᠯᠭᠡᠨ᠎ᠡ᠃       ᠁     ᠁      ᠰᠠᠷ᠎ᠠ ᠭᠠᠷᠤᠢ ᠰᠠᠭᠤᠭᠰᠠᠨ ᠪᠠᠶᠢᠷᠢ ᠶᠢᠨ ᠠᠰᠠᠷ ᠠᠴᠠ ᠠᠶᠠᠷᠯᠠᠨ ᠵᠠᠮ ᠢᠶᠠᠨ ᠡᠯᠭᠦᠬᠦ ᠳᠤ ᠦᠩᠭᠡᠲᠦ ᠴᠡᠴᠡᠭ ᠲᠤᠯᠤᠭᠠᠢ ᠳᠤᠬᠢᠯᠵᠠᠨ᠂ ᠦᠵᠡᠮᠵᠢ ᠶᠢᠨ ᠰᠠᠶᠢᠬᠠᠨ ᠵᠠᠰᠠᠯ ᠠᠷᠤ ᠳᠤ ᠬᠤᠴᠤᠷᠠᠨ᠎ᠠ᠃        ᠲᠦᠪ ᠤᠨ ᠦᠨᠳᠦᠰᠦᠲᠡᠨ ᠤ ᠺᠠᠳ᠋ᠷ ᠤᠨ ᠳᠡᠭᠡᠳᠦ ᠰᠤᠷᠭᠠᠭᠤᠯᠢ ᠳᠤ ᠳᠦᠷᠪᠠᠨᠲᠡ ᠢᠷᠡᠭᠰᠡᠨ ᠮᠢᠨᠢ ᠠᠵᠠ ᠢᠷᠦᠭᠡᠯ ᠬᠡᠮᠡᠨ ᠪᠤᠳᠤᠭᠳᠠᠨ᠎ᠠ᠃      ᠰᠦᠷᠯᠢᠭ ᠰᠠᠶᠢᠬᠠᠨ ᠠᠭᠤᠯᠠᠰ ᠤᠨ      ᠳᠦᠷᠪᠡᠨ ᠤᠯᠠᠷᠢᠯ ᠢ ᠪᠠᠭ᠋ᠠᠳᠤᠯ᠎ᠠ      ᠰᠡᠬᠦᠶᠢᠨ ᠰᠦᠨᠳᠡᠷᠯᠡᠬᠦ ᠪᠠᠷ᠎ᠠ ᠶᠢ      ᠲᠠᠩᠰᠤᠭ ᠦᠵᠡᠮᠵᠢ ᠪᠠᠷ ᠰᠤᠨᠢᠷᠬᠠᠯ᠎ᠠ      ᠬᠤᠪᠢ ᠲᠠᠢ ᠰᠠᠶᠢᠬᠠᠨ ᠤᠴᠠᠷᠠᠯ ᠢᠶᠠᠷ      ᠲᠦᠪ ᠤᠨ ᠰᠤᠷᠭᠠᠭᠤᠯᠢ ᠶᠢ ᠦᠵᠡᠯ᠎ᠡ      ᠬᠤᠪᠳᠤᠯ ᠵᠢᠷᠦᠬᠡᠨ ᠳᠤ ᠪᠠᠨ ᠪᠠᠶᠠᠰᠤᠨ      ᠲᠦᠷᠦᠭᠰᠡᠨ ᠨᠤᠲᠤᠭ ᠢᠶᠠᠨ ᠴᠢᠭᠯᠡᠯ᠎ᠡ᠃                                                           ᠨᠠ᠊ · ᠵᠢᠷᠭᠠᠯ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号