ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢᠨ ᠪᠠᠶᠠᠷ ᠢ ᠪᠡᠯᠭᠡᠯᠡᠬᠦ | ︽ᠡᠷᠢᠨ ᠵᠠᠭᠤᠨ ᠤ ᠬᠤᠰᠢᠭᠤᠴᠢ︾ ᠰᠡᠳᠦᠪᠲᠦ ᠵᠤᠬᠢᠶᠠᠯ ᠤᠨ ᠱᠠᠩᠨᠠᠯᠲᠣ ᠣᠷᠣᠯᠳᠣᠭᠠᠨ ᠤ ᠵᠤᠬᠢᠶᠠᠯ | | ᠲᠡᠷᠡ ᠬᠤᠯᠠ ᠶᠢᠨ ᠠᠶᠠᠨ ᠳᠤ ᠲᠡᠰᠪᠦᠷᠢ ᠬᠠᠲᠠᠭᠤᠵᠢᠯ ᠬᠦᠨᠡᠰᠦ ᠪᠣᠯᠲᠠᠭ | — ᠠᠷᠣ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ ᠰᠣᠷᠭᠠᠭᠤᠯᠢ ᠶᠢᠨ | ᠰᠡᠴᠡᠨ ᠪᠠᠭᠰᠢ ᠶᠢᠨ ᠲᠡᠷᠢᠬᠦᠨ ᠤ ᠦᠢᠯᠡ ᠠᠵᠢᠯᠯᠠᠭ᠎ᠠ ᠶᠢ ᠲᠡᠮᠲᠡᠭᠯᠡᠪᠡ | | ᠠᠮᠢᠲᠣᠷᠠᠯ ᠦᠢᠯᠡᠰ ᠤᠨ ᠣᠷᠲᠣᠬᠠᠨ ᠠᠶᠠᠨ ᠳᠤ ᠬᠦᠰᠡᠯ ᠵᠣᠷᠢᠭ ᠢᠶᠠᠨ ᠠᠯᠲᠠᠲᠠᠭ ᠬᠦᠮᠦᠰ ᠵᠦᠩᠲᠡᠭᠡᠨ | ᠪᠠᠶᠢᠲᠠᠭ᠃ ᠬᠡᠲᠡᠯ᠎ᠡ ᠬᠠᠨ ᠠᠭᠤᠯᠠ ᠪᠠᠭ᠎ᠠ ᠰᠣᠷᠭᠠᠭᠤᠯᠢ ᠶᠢᠨ ᠬᠦᠷᠢᠶᠡᠨ ᠳᠤ ᠠᠵᠢᠯ ᠳᠤ ᠪᠠᠨ ᠰᠦᠰᠦ ᠲᠠᠢ᠂ | ᠦᠢᠯᠡᠰ ᠲᠤ ᠪᠠᠨ ᠵᠢᠳᠬᠦᠯ ᠲᠠᠢ ᠨᠢᠬᠡᠨ ᠪᠠᠭᠰᠢ ᠶᠡᠷᠦ ᠠᠴᠠ ᠬᠦᠮᠦᠰ ᠤᠨ ᠮᠠᠭᠲᠠᠭᠠᠯ ᠰᠠᠶᠢᠰᠢᠶᠠᠯ᠂ ᠪᠢᠰᠢᠷᠡᠯ | ᠬᠦᠨᠲᠦᠳᠬᠡᠯ ᠢ ᠬᠦᠷᠲᠡᠵᠦ ᠯᠠ ᠪᠠᠶᠢᠲᠠᠭ — ᠡᠨᠡ ᠪᠤᠯ ᠲᠠᠷᠣᠢ ᠰᠡᠴᠡᠨ ᠪᠠᠭᠰᠢ ᠪᠣᠯᠣᠨ᠎ᠠ᠃ | | | ᠰᠡᠴᠡᠨ ᠪᠠᠭᠰᠢ | | ᠰᠡᠴᠡᠨ ᠪᠠᠭᠰᠢ 1990 ᠣᠨ ᠤ 7 ᠳ᠋ᠣᠭᠠᠷ ᠰᠠᠷ᠎ᠠ ᠳᠤ ᠣᠯᠠᠭᠠᠨᠬᠠᠲᠠ ᠬᠤᠲᠠ ᠶᠢᠨ ᠯᠢᠨᠳᠦ᠋ᠩ ᠳᠠᠬᠢ | ᠪᠠᠭᠰᠢ ᠶᠢᠨ ᠰᠣᠷᠭᠠᠭᠤᠯᠢ ᠠᠴᠠ ᠲᠡᠭᠦᠰᠴᠦ᠂ ᠠᠵᠢᠯ ᠤᠨ ᠠᠩᠬᠠᠨ ᠤ ᠠᠯᠬᠤᠮ ᠢᠶᠠᠨ ᠪᠣᠶᠢᠲᠠ ᠪᠦᠭᠯᠡᠬᠦᠦ ᠮᠠᠩᠬᠠᠨ | ᠨᠣᠲᠤᠭ — ᠪᠣᠯᠵᠤᠭ᠎ᠠ ᠳᠤ ᠯᠠᠪᠲᠠᠭᠤᠬᠠᠨ ᠬᠢᠰᠬᠢᠵᠡᠢ᠃ ᠲᠡᠷᠡ ᠬᠦᠴᠢᠷ ᠪᠡᠷᠭᠡ ᠲᠠᠢ ᠣᠷᠣᠨ ᠵᠠᠢ ᠶᠢ | ᠰᠣᠩᠭᠤᠭᠰᠠᠨ ᠳᠤ ᠪᠠᠨ ᠦᠴᠦᠬᠡᠨ ᠴᠦ ᠬᠠᠷᠠᠮᠰᠠᠯ ᠦᠬᠡᠢ ᠪᠠᠷ ᠡᠲᠦᠷ ᠡᠲᠦᠷ ᠤᠨ ᠠᠵᠢᠯ ᠢᠶᠠᠨ ᠢᠨᠢᠶᠡᠲᠦ ᠲᠠᠢ᠂ | ᠦᠭᠡᠲᠡ ᠲᠠᠢ ᠪᠡᠶᠡᠯᠡᠬᠦᠯᠦᠭᠰᠡᠭᠡᠷ ᠢᠷᠡᠭᠰᠡᠨ ᠶᠣᠮ᠃ ᠬᠦᠮᠦᠨ ᠶᠡᠷᠦᠨᠢ ᠨᠢᠬᠡ ᠬᠤᠶᠠᠷ ᠡᠲᠦᠷ᠂ ᠨᠢᠬᠡ ᠬᠤᠶᠠᠷ ᠰᠠᠷ᠎ᠠ᠂ | ᠨᠢᠬᠡ ᠬᠤᠶᠠᠷ ᠵᠢᠯ ᠳᠤ ᠪᠣᠯ ᠶᠠᠮᠠᠷ ᠬᠦᠴᠢᠷ ᠢ ᠴᠦ ᠭᠡᠳ ᠲᠡᠰᠪᠦᠷᠢᠯᠡᠴᠢᠬᠡᠬᠦ ᠶᠣᠮ᠃ ᠭᠡᠪᠡᠴᠦ ᠰᠡᠴᠡᠨ ᠪᠠᠭᠰᠢ | ᠪᠣᠯᠵᠤᠭ᠎ᠠ ᠨᠣᠲᠤᠭ ᠲᠤ ᠠᠵᠢᠯᠯᠠᠭᠰᠠᠨ ᠠᠷᠪᠠᠨ ᠬᠡᠲᠦᠨ ᠵᠢᠯ ᠤᠨ ᠢᠶᠠᠨ ᠲᠣᠷᠰᠢ᠂ ᠰᠣᠷᠭᠠᠨ ᠬᠦᠮᠦᠵᠢᠯ — | ᠰᠣᠷᠭᠠᠭᠤᠯᠢ — ᠰᠣᠷᠣᠭᠴᠢ ᠬᠡᠮᠡᠬᠦ ᠬᠡᠪᠰᠢᠨ ᠲᠣᠭᠲᠠᠪᠣᠷᠢᠵᠢᠭᠰᠠᠨ ᠣᠷᠴᠢᠨ ᠲᠣᠭᠤᠷᠢᠨ ᠳᠤ ᠣ ᠶᠢᠨ ᠪᠢᠷ ᠤᠨ | ᠬᠡᠮᠭᠡᠲᠡᠭ ᠠᠴᠠ ᠬᠠᠯᠠᠰᠢᠷᠠᠭᠰᠠᠨ ᠦᠭᠡᠢ᠂ ᠦᠷᠦᠭᠡᠯ ᠪᠣᠰᠣᠳ ᠤᠨ ᠦᠷ᠎ᠡ ᠬᠡᠦᠬᠡᠳ ᠤᠨ ᠲᠦᠯᠦᠬᠡ ᠴᠢᠷᠮᠠᠶᠢᠨ | ᠠᠵᠢᠯᠯᠠᠵᠠᠢ᠃ | ᠲᠡᠷᠡ 1990 — 2004 ᠣᠨ ᠪᠣᠯᠲᠠᠯ᠎ᠠ ᠵᠢᠭᠠᠰᠣᠲᠠᠢ ᠬᠤᠶᠠᠲᠣᠭᠠᠷ ᠶᠡᠷᠦᠩᠭᠡᠢ ᠰᠣᠷᠭᠠᠭᠤᠯᠢ ᠳᠤ | ᠠᠵᠢᠯᠯᠠᠵᠣ ᠪᠠᠶᠢᠬᠤ ᠬᠤᠭᠤᠴᠠᠭᠠᠨ ᠳᠤ ᠪᠠᠨ ᠪᠠᠭᠠᠴᠣᠳ ᠤᠨ ᠬᠤᠰᠢᠭᠤᠴᠢ ᠠᠩᠭᠢ ᠶᠢᠨ ᠶᠡᠷᠦᠩᠭᠡᠢ ᠬᠠᠪᠰᠣᠷᠣᠨ | ᠵᠢᠯᠣᠭᠤᠲᠣᠭᠴᠢ ᠶᠢᠨ ᠠᠵᠢᠯ ᠢ ᠡᠭᠦᠷᠬᠡᠯᠡᠵᠦ ᠪᠠᠶᠢᠭᠰᠠᠨ ᠪᠦᠬᠡᠳ ᠲᠣᠮᠲᠠᠲᠣ ᠰᠣᠷᠭᠠᠭᠤᠯᠢ ᠶᠢᠨ ᠲᠠᠭᠤᠣ ᠭᠦᠭᠵᠢᠮ᠂ | ᠲᠡᠦᠬᠡ᠂ ᠪᠠᠭ᠎ᠠ ᠰᠣᠷᠭᠠᠭᠤᠯᠢ ᠶᠢᠨ ᠮᠣᠩᠭᠤᠯ ᠬᠡᠯᠡ ᠵᠡᠷᠭᠡ ᠬᠢᠴᠢᠶᠡᠯ ᠢ ᠵᠢᠭᠠᠵᠣ ᠪᠠᠶᠢᠭᠰᠠᠨ ᠶᠣᠮ᠃ ᠶᠠᠭ ᠦᠨᠡᠨ ᠢ | ᠬᠡᠯᠡᠪᠡᠯ ᠲᠠᠭᠤᠣ ᠭᠦᠭᠵᠢᠮ ᠨᠢ ᠲᠡᠭᠦᠨ ᠤ ᠲᠣᠰᠬᠠᠢ ᠮᠡᠷᠭᠡᠵᠢᠯ ᠤᠨ ᠬᠢᠴᠢᠶᠡᠯ ᠪᠢᠰᠢ᠂ ᠬᠡᠲᠡᠯ᠎ᠡ ᠲᠡᠷᠡ ᠶᠠᠮᠠᠷ ᠴᠦ | ᠲᠣᠰᠬᠠᠶᠢᠵᠢᠭᠰᠠᠨ ᠮᠡᠷᠭᠡᠵᠢᠯ ᠲᠠᠢ ᠪᠠᠭᠰᠢ ᠠᠴᠠ ᠲᠣᠯᠢᠲᠠᠬᠤ ᠦᠬᠡᠢ ᠪᠠᠶᠢᠲᠠᠭ ᠢ ᠲᠡᠭᠦᠨ ᠤ ᠬᠦᠮᠦᠵᠢᠬᠦᠯᠦᠭᠰᠡᠨ | ᠰᠣᠷᠣᠭᠴᠢᠳ ᠨᠢ ᠬᠡᠷᠡᠴᠢᠯᠡᠬᠦ ᠶᠣᠮ᠃ ᠰᠡᠴᠡᠨ ᠪᠠᠭᠰᠢ ᠶᠠᠮᠠᠷ ᠬᠢᠴᠢᠶᠡᠯ ᠢ ᠣᠷᠣᠭᠰᠠᠨ ᠴᠦ ᠨᠠᠷᠢᠨ ᠬᠢᠨᠠᠮᠠᠭᠠᠢ | ᠪᠠᠶᠢᠵᠣ᠂ ᠰᠣᠷᠣᠭᠴᠢᠳ ᠤᠨ ᠪᠦᠬᠦ ᠲᠠᠯ᠎ᠠ ᠶᠢᠨ ᠬᠡᠪ ᠴᠢᠨᠠᠷ ᠢ ᠲᠡᠭᠡᠭᠰᠢᠯᠡᠬᠦᠯᠬᠦ ᠪᠠᠷ ᠦᠨᠲᠦᠰᠦᠨ ᠬᠠᠷᠠᠯᠲᠠ ᠪᠠᠨ | ᠪᠣᠯᠭᠠᠲᠠᠭ᠃ ᠪᠠᠭᠰᠢ ᠨᠠᠷ ᠤᠨ ᠬᠢᠴᠢᠶᠡᠯ ᠤᠨ ᠪᠡᠯᠡᠳᠬᠡᠯ ᠲᠣᠲᠣᠷ᠎ᠠ ᠬᠠᠮᠤᠭ ᠤᠨ ᠨᠠᠷᠢᠯᠢᠭ᠂ ᠬᠠᠮᠤᠭ ᠤᠨ ᠣᠷᠠᠯᠢᠭ | ᠪᠠᠶᠢᠲᠠᠭ ᠨᠢ ᠰᠡᠴᠡᠨ ᠪᠠᠭᠰᠢ ᠶᠢᠨ ᠬᠢ ᠪᠠᠶᠢᠲᠠᠭ᠃ ᠲᠡᠷᠡ ᠪᠠᠭ᠎ᠠ ᠰᠣᠷᠭᠠᠭᠤᠯᠢ ᠶᠢᠨ ᠰᠣᠷᠣᠭᠴᠢᠳ ᠤᠨ ᠰᠣᠨᠢᠭᠤᠴᠢ | ᠵᠠᠩ ᠳᠤ ᠵᠣᠬᠢᠴᠠᠭᠤᠯᠣᠨ ᠣᠷᠮᠠᠰᠢᠭᠤᠯᠣᠨ ᠵᠢᠭᠠᠬᠤ ᠠᠷᠭ᠎ᠠ ᠶᠢ ᠪᠠᠷᠢᠮᠲᠠᠯᠠᠵᠣ᠂ ᠪᠣᠲᠠᠲᠠᠢ ᠠᠬᠤᠢ ᠳᠤ ᠨᠡᠶᠢᠴᠡᠬᠦᠯᠦᠨ | ᠵᠢᠭᠠᠬᠤ ᠠᠷᠭ᠎ᠠ ᠪᠠᠨ ᠣᠶᠠᠨ ᠬᠠᠲᠠᠨ ᠪᠠᠶᠢᠯᠭᠠᠲᠠᠭ ᠠᠴᠠ ᠰᠣᠷᠣᠭᠴᠢᠳ ᠤᠨ ᠣᠷᠮ᠎ᠠ ᠪᠠᠬ᠎ᠠ ᠶᠢ ᠲᠠᠲᠠᠵᠣ ᠴᠢᠲᠠᠲᠠᠭ | ᠃ ᠬᠢᠴᠢᠶᠡᠯ ᠪᠦᠬᠦᠨ ᠢᠶᠠᠨ ᠬᠢᠨᠠᠮᠠᠭᠠᠢ ᠣᠷᠣᠵᠣ᠂ ᠰᠣᠷᠣᠭᠴᠢ ᠨᠢᠬᠡᠪᠦᠷᠢ ᠶᠢᠨ ᠲᠠᠰᠬᠠᠯ ᠢ ᠨᠠᠷᠢᠯᠢᠭ ᠦᠵᠡᠲᠡᠭ | ᠪᠦᠬᠡᠳ ᠲᠦᠷ ᠴᠠᠭ ᠬᠤᠴᠣᠷᠣᠩᠭᠤᠢ ᠪᠣᠯᠣᠭᠰᠠᠨ ᠰᠣᠷᠣᠭᠴᠢ ᠪᠠᠨ ᠴᠦᠬᠦᠷᠡᠯ ᠦᠬᠡᠢ ᠵᠢᠭᠠᠨ ᠵᠢᠯᠣᠭᠤᠳᠴᠣ | ᠣᠯᠠᠩᠭᠢ ᠴᠠᠭ ᠢᠶᠠᠨ ᠬᠡᠦᠬᠡᠳ ᠤᠳ ᠲᠠᠢ ᠪᠠᠨ ᠬᠠᠮᠲᠣ ᠦᠩᠭᠡᠷᠡᠭᠦᠯᠲᠡᠭ ᠶᠣᠮ᠃ | ᠬᠡᠯᠡᠵᠦ ᠪᠠᠶᠢᠲᠠᠯ᠎ᠠ ᠪᠣᠯᠣᠭᠰᠠᠨ ᠦᠬᠡᠢ᠂ 2000 ᠣᠨ ᠳᠤ ᠰᠡ᠊ ᠪᠠᠭᠰᠢ ᠦᠨᠡᠭᠡᠷ ᠠᠭᠤᠰᠬᠢᠨ ᠡᠪᠡᠳᠴᠢᠨ | ᠳᠤ ᠨᠡᠷᠪᠡᠭᠲᠡᠵᠦ ᠪᠡᠭᠡᠵᠢᠩ ᠳᠤ ᠬᠦᠷᠴᠦ ᠶᠡᠭᠡ ᠮᠡᠰᠡ ᠵᠠᠰᠠᠯ ᠬᠢᠯᠬᠡᠬᠡᠳ ᠪᠠᠭ᠎ᠠ ᠯᠠ ᠵᠦᠬᠡᠷ ᠪᠣᠯᠣᠭᠰᠠᠨ ᠴᠢᠨᠢ ᠮᠦᠨ | ᠰᠣᠷᠣᠭᠴᠢᠳ ᠤᠨ ᠢᠶᠠᠨ ᠲᠦᠯᠦᠬᠡ ᠵᠢᠳᠬᠦᠨ ᠰᠣᠷᠭᠠᠭᠤᠯᠢ ᠳᠤ ᠪᠠᠨ ᠬᠦᠷᠴᠦ ᠠᠵᠢᠯᠯᠠᠭᠰᠠᠨ ᠪᠢᠯᠡ᠃ | | | | | ᠰᠡᠴᠡᠨ ᠪᠠᠭᠰᠢ ᠶᠢᠨ ᠲᠣᠰᠣᠭᠰᠠᠨ ᠢᠷᠠᠭᠤ ᠠᠯᠳᠠᠷ ᠤᠨ ᠦᠨᠡᠮᠯᠡᠯ | | ᠲᠡᠷᠡ ᠰᠣᠷᠭᠠᠭᠤᠯᠢ ᠠᠴᠠ ᠲᠣᠬᠢᠷᠠᠭᠤᠯᠣᠭᠰᠠᠨ ᠠᠯᠢᠪᠠ ᠠᠵᠢᠯ ᠢ ᠡᠨᠡ ᠲᠡᠷᠡ ᠬᠡᠵᠦ ᠨᠠᠭᠠᠰᠢ ᠴᠠᠭᠠᠰᠢ | ᠲᠦᠯᠬᠢᠲᠡᠭ ᠦᠬᠡᠢ᠂ ᠦᠬᠡ ᠲᠠᠭᠤᠨ ᠦᠬᠡᠢ ᠦᠨᠡᠨᠴᠢ ᠰᠢᠲᠣᠷᠭᠤ ᠪᠠᠷ ᠬᠦᠢᠴᠡᠳᠬᠡᠵᠦ ᠯᠠ ᠪᠠᠶᠢᠲᠠᠭ ᠪᠣᠯᠬᠤᠷ | ᠠᠵᠢᠯ ᠨᠢᠬᠡᠲᠡᠨ ᠨᠢ ᠲᠡᠬᠦᠨ ᠢ ︽ᠠᠵᠢᠯ ᠤᠨ ᠬᠤᠷᠣᠬᠠᠶᠢᠲᠠᠨ︾᠂ ︽ᠲᠣᠬᠠᠶᠢᠯᠠᠭᠰᠠᠨ ᠠᠵᠢᠯ ᠤᠨ ︿ᠡᠪᠡᠳᠴᠢᠲᠡᠨ | ﹀︾ ᠭᠡᠵᠦ ᠲᠠᠭᠤᠲᠠᠲᠠᠭ ᠶᠣᠮ᠃ ᠰᠣᠷᠭᠠᠭᠤᠯᠢ ᠶᠢᠨ ᠡᠯ᠎ᠡ ᠣᠷᠣᠯᠲᠣᠭᠠᠨ ᠮᠦᠷᠦᠶᠢᠴᠡᠭᠡᠨ᠂ ᠣᠷᠠᠨ ᠰᠠᠶᠢᠬᠠᠨ ᠤ | ᠲᠣᠭᠯᠠᠯᠲᠠ᠂ ᠪᠠᠶᠠᠷ ᠤᠨ ᠡᠲᠦᠷ ᠪᠣᠯᠭᠠᠨ ᠰᠠ᠊ ᠪᠠᠭᠰᠢ ᠵᠢᠭᠠᠨ ᠵᠢᠯᠣᠭᠤᠲᠣᠭᠴᠢ ᠭᠡᠲᠡᠯ᠎ᠡ ᠬᠢᠨᠠᠨ ᠲᠣᠬᠢᠷᠠᠭᠤᠯᠣᠭᠴᠢ | ᠭᠡᠳ ᠶᠠᠭᠠᠷᠠᠵᠣ ᠯᠠ ᠪᠠᠶᠢᠲᠠᠭ ᠮᠦᠷᠲᠡᠭᠡᠨ ᠲᠡᠭᠦᠨ ᠤ ᠵᠢᠯᠣᠭᠤᠲᠣᠨ ᠲᠣᠬᠢᠷᠠᠭᠤᠯᠣᠭᠰᠠᠨ ᠪᠦᠲᠦᠭᠡᠯ ᠤᠳ ᠠᠴᠠ ᠨᠢ | ᠶᠡᠷᠦ ᠠᠴᠠ ᠣᠷᠠᠨ ᠭᠠᠶᠢᠬᠠᠮᠰᠢᠭ ᠣᠬᠢ ᠪᠦᠲᠦᠮᠵᠢ ᠢᠯᠠᠷᠡᠵᠦ ᠪᠠᠶᠢᠲᠠᠭ᠃ ᠡᠬᠦᠨ ᠳᠤ᠂ ᠰᠣᠷᠣᠭᠴᠢ ᠠᠯᠢᠮ᠎ᠠ ᠶᠢᠨ | ︽ᠦᠪᠦᠷ ᠮᠣᠩᠭᠤᠯ ᠤᠨ ᠪᠠᠭᠠᠴᠣᠳ ᠤᠨ ᠰᠣᠨᠢᠨ︾ ᠪᠠ ︽ᠪᠠᠭ᠎ᠠ ᠰᠣᠷᠭᠠᠭᠤᠯᠢ ᠶᠢᠨ ᠰᠢᠯᠢᠲᠡᠭ ᠵᠣᠬᠢᠶᠠᠯ ᠤᠨ | ᠰᠣᠩᠭᠤᠮᠠᠯ︾ ᠳᠤ ᠰᠣᠩᠭᠤᠭᠲᠠᠨ ᠣᠷᠣᠭᠰᠠᠨ ᠬᠤᠶᠠᠷ ᠰᠠᠶᠢᠬᠠᠨ ᠵᠣᠬᠢᠶᠠᠯ ᠢ ᠲᠣᠷᠠᠳᠴᠣ ᠪᠣᠯᠬᠤ ᠶᠣᠮ᠃ ᠲᠡᠷᠡ | ᠪᠠᠭᠠᠴᠣᠳ ᠤᠨ ᠬᠤᠰᠢᠭᠤᠴᠢ ᠠᠩᠭᠢ ᠶᠢᠨ ᠠᠵᠢᠯ ᠳᠤ ᠬᠠᠶᠢᠷᠠᠲᠠᠢ ᠪᠠᠶᠢᠲᠠᠭ᠃ ᠭᠠᠷᠠᠭ ᠲᠤ ᠨᠢᠬᠡ ᠣᠲᠠᠭᠠᠨ ᠤ | ᠷᠠᠳᠢᠣ᠋ ᠨᠡᠪᠲᠡᠷᠡᠭᠦᠯᠭᠡ᠂ ᠣᠶᠣᠨ ᠤ ᠣᠷᠣᠯᠲᠣᠭᠠᠨ᠂ ᠰᠠᠷ᠎ᠠ ᠳᠤ ᠨᠢᠬᠡ ᠣᠲᠠᠭ᠎ᠠ ᠲᠠᠭᠤᠣ ᠰᠢᠯᠦᠭ ᠤᠨ ᠣᠷᠣᠯᠲᠣᠭᠠᠨ | ᠂ ᠡᠭᠦᠲᠦᠨ ᠪᠦᠲᠦᠬᠡᠯᠲᠡ ᠶᠢᠨ ᠣᠷᠣᠯᠲᠣᠭᠠᠨ ᠬᠡᠬᠦ ᠵᠡᠷᠭᠡ ᠶᠢᠨ ᠠᠭᠤᠯᠭ᠎ᠠ ᠪᠠᠷ ᠪᠠᠶᠠᠯᠢᠭ᠂ ᠭᠡᠯᠪᠡᠷᠢ ᠪᠠᠷ ᠣᠯᠠᠨ | ᠠᠵᠢᠯᠯᠠᠭ᠎ᠠ ᠦᠷᠨᠢᠬᠦᠯᠵᠦ᠂ ᠰᠣᠷᠭᠠᠭᠤᠯᠢ ᠶᠢᠨ ᠬᠦᠷᠢᠶᠡᠨ ᠤ ᠬᠢᠴᠢᠶᠡᠯ ᠤᠨ ᠭᠠᠲᠠᠨᠠᠬᠢ ᠰᠣᠶᠣᠯ ᠤᠨ ᠠᠵᠢᠯᠯᠠᠭ᠎ᠠ ᠶᠢ | ᠬᠦᠭᠵᠢᠶᠡᠨ ᠲᠠᠢ ᠪᠣᠯᠭᠠᠵᠣ᠂ ᠰᠣᠷᠭᠠᠭᠤᠯᠢ ᠶᠢᠨ ᠪᠦᠬᠦᠶᠢᠯᠡ ᠰᠣᠷᠭᠠᠨ ᠬᠦᠮᠦᠵᠢᠬᠦᠯᠬᠦ ᠠᠵᠢᠯ ᠳᠤ ᠲᠦᠯᠬᠢᠴᠡ | ᠦᠢᠯᠡᠲᠦᠯ ᠦᠵᠡᠬᠦᠯᠵᠡᠢ᠃ ᠲᠣᠬᠠᠶᠢᠯᠠᠪᠠᠯ᠂ ᠰᠣᠷᠭᠠᠭᠤᠯᠢ ᠨᠢᠬᠡᠴᠢ ᠳᠤ ᠪᠠᠨ 1991 ᠣᠨ ᠳᠤ ᠣᠷᠣᠨ ᠤ ᠲᠡᠰ | ᠤᠨ ︽ᠰᠢᠯᠢᠲᠡᠭ ᠨᠢᠭᠡᠴᠢ︾᠂ 1998 ᠣᠨ ᠳᠤ ᠣᠷᠣᠨ ᠤ ᠲᠡᠰ ᠤᠨ ︽ᠭᠠᠷ ᠭᠠᠷ ᠢᠶᠠᠨ ᠬᠤᠯᠪᠣᠯᠴᠠᠭᠰᠠᠨ | ᠵᠣᠯᠵᠠᠭ᠎ᠠ ᠪᠦᠷᠭᠦᠳ ᠤᠨ ᠠᠮᠠᠷᠠᠯᠲᠠ ᠶᠢᠨ ᠡᠲᠦᠷ ᠤᠨ ᠪᠣᠯᠪᠠᠰᠣᠨ ᠠᠩᠭᠢ︾ ᠵᠡᠷᠭᠡ ᠢᠷᠠᠭᠤ ᠠᠯᠲᠠᠷ ᠢ | ᠠᠪᠴᠢᠷᠠᠭᠰᠠᠨ ᠢᠶᠠᠷ ᠪᠠᠷᠠᠬᠤ ᠦᠬᠡᠢ᠂ ᠬᠤᠪᠢ ᠬᠦᠮᠦᠨ ᠨᠢ ᠴᠦ 1991 ᠣᠨ ᠳᠤ ᠰᠣᠷᠬᠤ ᠲᠣᠭᠤᠷᠢᠭ ᠤᠨ ᠲᠡᠰ | ᠤᠨ ︽ᠰᠢᠯᠢᠲᠡᠭ ᠬᠠᠪᠰᠣᠷᠣᠨ ᠵᠢᠯᠣᠭᠤᠲᠣᠭᠴᠢ︾᠂ 1992 ᠣᠨ ᠳᠤ ᠬᠤᠲᠠ ᠶᠢᠨ ᠲᠡᠰ ᠤᠨ ︽ᠰᠢᠯᠢᠲᠡᠭ | ᠬᠠᠪᠰᠣᠷᠣᠨ ᠵᠢᠯᠣᠭᠤᠲᠣᠭᠴᠢ︾᠂ 1993 — 2000 ᠣᠨ ᠪᠣᠯᠲᠠᠯ᠎ᠠ ᠵᠢᠯ ᠲᠠᠷᠠᠭᠠᠯᠠᠨ ᠬᠤᠰᠢᠭᠤᠨ ᠤ ︽ | ᠰᠢᠯᠢᠲᠡᠭ ᠡᠮᠡᠭᠲᠡᠢ ᠠᠵᠢᠯᠲᠠᠨ︾᠂ ︽ᠰᠢᠯᠢᠲᠡᠭ ᠬᠠᠪᠰᠣᠷᠣᠨ ᠵᠢᠯᠣᠭᠤᠲᠣᠭᠴᠢ︾᠂ 2002 ᠣᠨ ᠳᠤ ᠪᠠᠯᠭᠠᠰᠣᠨ | ᠤ ᠵᠠᠰᠠᠭ ᠤᠨ ᠣᠷᠲᠣᠨ ᠤ ︽ᠲᠡᠷᠢᠬᠦᠨ ᠤ ᠠᠩᠭᠢ ᠡᠷᠭᠢᠯᠡᠭᠴᠢ︾᠂ 2003 ᠣᠨ ᠳᠤ ᠰᠣᠷᠭᠠᠭᠤᠯᠢ ᠶᠢᠨ ᠲᠡᠰ | ᠤᠨ ︽ᠰᠢᠯᠢᠲᠡᠭ ᠪᠠᠭᠰᠢ︾᠂ 2004 ᠣᠨ ᠳᠤ ᠬᠤᠲᠠ ᠶᠢᠨ ᠠᠷᠠᠳ ᠤᠨ ᠵᠠᠰᠠᠭ ᠤᠨ ᠣᠷᠲᠣᠨ ᠤ ︽ | ᠬᠤᠶᠠᠲᠣᠭᠠᠷ ᠲᠡᠰ ᠤᠨ ᠭᠠᠪᠢᠶ᠎ᠠ ᠲᠡᠮᠲᠡᠭᠯᠡᠬᠦ︾ ᠵᠡᠷᠭᠡ ᠢᠷᠠᠭᠤ ᠠᠯᠲᠠᠷ ᠢ ᠵᠠᠯᠭᠠᠭ᠎ᠠ ᠪᠠᠷ ᠲᠣᠰᠣᠭᠰᠠᠭᠠᠷ ᠢᠷᠡᠭᠰᠡᠨ | ᠶᠣᠮ᠃ ᠢᠩᠭᠢᠬᠡᠳ ᠲᠡᠷᠡ 2003 ᠣᠨ ᠤ 6 ᠳ᠋ᠣᠭᠠᠷ ᠰᠠᠷ᠎ᠠ ᠳᠤ ᠲᠣᠮᠲᠠᠲᠣ ᠣᠯᠣᠰ ᠤᠨ ᠡᠪ ᠬᠠᠮᠲᠣ ᠨᠠᠮ ᠤᠨ | ᠬᠡᠰᠢᠬᠦᠨ ᠢᠶᠠᠷ ᠡᠯᠰᠡᠭᠲᠡᠭᠰᠡᠨ ᠪᠠᠶᠢᠨ᠎ᠠ᠃ | ᠠᠵᠢᠯ ᠤᠨ ᠴᠢᠬᠤᠯᠠᠴᠢᠯᠠᠭ᠎ᠠ ᠪᠠᠷ ᠲᠡᠷᠡ 2004 ᠣᠨ ᠠᠴᠠ 2008 ᠣᠨ ᠪᠣᠯᠲᠠᠯ᠎ᠠ ᠲᠣᠣᠲᠠᠨ | ᠶᠡᠷᠦᠩᠭᠡᠢ ᠰᠣᠷᠭᠠᠭᠤᠯᠢ ᠳᠤ ᠠᠵᠢᠯᠯᠠᠵᠠᠢ᠃ | ᠰᠠ᠊ ᠪᠠᠭᠰᠢ ᠰᠣᠷᠭᠠᠨ ᠬᠦᠮᠦᠵᠢᠯ ᠤᠨ ᠦᠢᠯᠡᠰ ᠲᠤ ᠬᠢᠵᠠᠭᠠᠯᠠᠰᠢ ᠦᠬᠡᠢ ᠬᠠᠶᠢᠷᠠᠲᠠᠢ ᠪᠠᠶᠢᠵᠣ᠂ ᠪᠠᠭᠰᠢ | ᠶᠢᠨ ᠠᠵᠢᠯ ᠢᠶᠠᠨ ᠬᠠᠶᠢᠷᠠᠯᠠᠨ ᠲᠡᠭᠡᠲᠦᠯᠡᠵᠦ᠂ ᠪᠢᠴᠢᠭ ᠵᠢᠭᠠᠵᠣ ᠬᠦᠮᠦᠨ ᠢ ᠬᠦᠮᠦᠵᠢᠬᠦᠯᠬᠦ ᠦᠢᠯᠡᠰ ᠲᠤ ᠪᠦᠬᠦ | ᠬᠦᠴᠦᠨ ᠢᠶᠠᠷ ᠢᠶᠠᠨ ᠵᠢᠳᠬᠦᠵᠣ᠂ ᠣᠠᠯᠨ ᠵᠦᠢᠯ ᠤᠨ ᠴᠢᠲᠠᠪᠣᠷᠢ ᠲᠠᠢ ᠰᠣᠷᠣᠭᠴᠢ ᠶᠢ ᠬᠦᠮᠦᠵᠢᠬᠦᠯᠬᠦ ᠶᠢᠨ | ᠲᠦᠯᠦᠬᠡ᠂ ᠰᠣᠷᠣᠭᠴᠢᠳ ᠤᠨ ᠰᠣᠷᠣᠯᠭ᠎ᠠ ᠶᠢᠨ ᠬᠤᠪᠢ ᠶᠢ ᠯᠠ ᠲᠡᠭᠡᠭᠰᠢᠯᠡᠬᠦᠯᠬᠦ ᠪᠠᠷ ᠴᠢᠷᠮᠠᠶᠢᠬᠤ ᠪᠢᠰᠢ᠂ ᠬᠠᠷᠢᠨ | ᠪᠦᠬᠦ ᠲᠠᠯ᠎ᠠ ᠶᠢ ᠠᠳᠬᠤᠵᠣ᠂ ᠰᠣᠷᠣᠭᠴᠢᠳ ᠢ ᠡᠷᠡᠭᠦᠯ ᠰᠠᠷᠠᠭᠤᠯ ᠪᠡᠶ᠎ᠡ ᠰᠡᠳᠬᠢᠴᠡ᠂ ᠶᠣᠰᠣ ᠮᠣᠷᠠᠯ᠂ ᠣᠶᠣᠨ | ᠣᠬᠠᠭᠠᠨ᠂ ᠵᠠᠩ ᠠᠷᠠᠨᠰᠢᠨ᠂ ᠡᠷᠡᠭᠦᠯ ᠴᠢᠬᠢᠷᠠᠭ ᠪᠡᠶ᠎ᠡ ᠮᠠᠬᠠᠪᠣᠳ ᠲᠠᠢ ᠪᠣᠯᠭᠠᠨ ᠬᠦᠮᠦᠵᠢᠬᠦᠯᠬᠦ ᠪᠠᠷ ᠬᠠᠷᠠᠯᠲᠠ | ᠵᠣᠷᠢᠯᠲᠠ ᠪᠠᠨ ᠪᠣᠯᠭᠠᠲᠠᠭ ᠶᠣᠮ᠃ | ᠲᠡᠷᠡ ᠰᠣᠷᠭᠠᠨ ᠬᠦᠮᠦᠵᠢᠯ ᠵᠢᠭᠠᠨ ᠰᠣᠷᠭᠠᠯᠲᠠ ᠶᠢᠨ ᠲᠣᠬᠠᠢ ᠰᠢᠮᠲᠠᠨ ᠰᠣᠲᠣᠯᠵᠣ ᠰᠢᠷᠭᠠᠭᠤ | ᠣᠷᠣᠯᠲᠣᠬᠤ ᠪᠠᠷ ᠠᠵᠢᠯ ᠤᠨ ᠢᠶᠠᠨ ᠣᠨᠴᠠᠯᠢᠭ ᠪᠣᠯᠭᠠᠵᠣ᠂ ᠨᠠᠮ ᠤᠨ ᠰᠣᠷᠭᠠᠨ ᠬᠦᠮᠦᠵᠢᠯ ᠤᠨ ᠴᠢᠭᠯᠡᠯᠲᠡ᠂ | ᠲᠦᠷᠦ ᠶᠢᠨ ᠪᠣᠲᠣᠯᠭ᠎ᠠ ᠶᠢᠨ ᠲᠣᠬᠠᠢ ᠣᠨᠣᠯ ᠤᠨ ᠰᠣᠷᠣᠯᠴᠠᠯᠭ᠎ᠠ ᠶᠢ ᠪᠠᠷᠢᠮᠲᠠᠯᠠᠵᠣ ᠠᠵᠢᠯᠯᠠᠭᠠᠨ ᠳᠤ ᠪᠠᠨ ᠬᠢᠨᠠᠯᠲᠠ | ᠪᠣᠯᠭᠠᠵᠣ ᠪᠠᠶᠢᠲᠠᠭ ᠠᠴᠠ ᠰᠣᠷᠭᠠᠨ ᠬᠦᠮᠦᠵᠢᠬᠦᠯᠬᠦ ᠦᠵᠡᠯᠲᠡ ᠲᠠᠨᠢᠯᠲᠠ ᠪᠠᠨ ᠮᠠᠰᠢ ᠲᠦᠷᠭᠡᠨ ᠬᠤᠪᠢᠷᠠᠭᠠᠵᠣ | ᠲᠡᠭᠡᠭᠰᠢᠯᠡᠬᠦᠯᠵᠦ ᠪᠠᠶᠢᠲᠠᠭ᠃ | ᠦᠵᠡᠯᠲᠡ ᠲᠠᠨᠢᠯᠲᠠ ᠪᠠᠨ ᠲᠡᠭᠡᠭᠰᠢᠯᠡᠬᠦᠯᠬᠦ ᠶᠢᠨ ᠵᠡᠷᠭᠡ ᠳᠤ ᠲᠣᠬᠠᠶᠢᠯᠠᠭᠰᠠᠨ ᠠᠵᠢᠯ ᠢᠶᠠᠨ ᠨᠢᠮᠪᠠᠢ | ᠰᠣᠲᠣᠯᠵᠣ᠂ ᠨᠠᠷᠢᠯᠢᠭ ᠲᠦᠰᠦᠪᠯᠡᠨ ᠪᠡᠯᠡᠳᠬᠡᠬᠦ ᠪᠠᠷ ᠠᠵᠢᠯ ᠤᠨ ᠵᠣᠷᠰᠢᠯ ᠢᠶᠠᠨ ᠪᠣᠯᠭᠠᠵᠣ᠂ ᠠᠵᠢᠯ ᠤᠨ ᠡᠭᠦᠷᠭᠡ | ᠪᠠᠨ ᠴᠢᠲᠠᠮᠠᠭᠠᠢ ᠪᠡᠶᠡᠯᠡᠬᠦᠯᠬᠦ ᠶᠢᠨ ᠲᠣᠰᠠᠲᠠ ᠲᠡᠷᠡ ᠵᠢᠯ ᠤᠨ ᠡᠬᠢᠨ ᠳᠤ ᠵᠢᠭᠠᠨ ᠰᠣᠷᠭᠠᠬᠤ ᠠᠩᠭᠢ ᠶᠢᠨ ᠢᠶᠠᠨ | ᠰᠣᠷᠣᠭᠴᠢ ᠪᠣᠯᠣᠨ ᠵᠢᠭᠠᠬᠤ ᠮᠠᠲ᠋ᠧᠷᠢᠶᠠᠯ ᠢᠶᠠᠨ ᠨᠢᠮᠪᠠᠢ ᠰᠣᠷᠣᠯᠴᠠᠵᠣ ᠨᠡᠪᠲᠡᠷᠡᠲᠡᠯ᠎ᠡ ᠣᠶᠢᠯᠠᠭᠠᠭᠰᠠᠨ ᠰᠠᠭᠤᠷᠢᠨ | ᠲᠡᠭᠡᠷ᠎ᠡ ᠦᠶ᠎ᠡ ᠪᠦᠷᠢ ᠶᠢᠨ ᠵᠢᠭᠠᠬᠤ ᠪᠡᠯᠡᠳᠬᠡᠯ ᠢᠶᠠᠨ ᠣᠷᠠᠯᠢᠭ ᠪᠡᠯᠡᠳᠬᠡᠵᠦ ᠵᠢᠭᠠᠨ ᠰᠣᠷᠭᠠᠬᠤ ᠠᠵᠢᠯ ᠳᠤ ᠪᠠᠨ | ᠦᠨᠡᠨ ᠬᠦ ᠦᠢᠯᠡᠴᠢᠯᠡᠬᠦᠯᠵᠦ ᠴᠢᠲᠠᠲᠠᠭ ᠠᠴᠠ ᠰᠣᠷᠣᠭᠴᠢᠳ ᠤᠨ ᠬᠢᠨᠢ ᠰᠣᠷᠣᠯᠭ᠎ᠠ ᠶᠢᠨ ᠬᠢᠷᠢ ᠪᠦᠲᠦᠮᠵᠢ ᠰᠠᠶᠢᠨ | ᠪᠠᠶᠢᠲᠠᠭ ᠶᠣᠮ᠃ ᠢᠩᠭᠢᠭᠰᠡᠨ ᠠᠴᠠ ᠲᠡᠷᠡ ᠠᠷᠣ ᠬᠤᠷᠴᠢᠨ ᠬᠤᠰᠢᠭᠤᠨ ᠤ ᠲᠣᠮᠲᠠᠲᠣ ᠪᠠᠭ᠎ᠠ ᠰᠣᠷᠭᠠᠭᠤᠯᠢ ᠶᠢᠨ | ᠵᠢᠭᠠᠨ ᠰᠣᠷᠭᠠᠬᠤ ᠴᠢᠲᠠᠪᠣᠷᠢᠲᠠᠨ ᠢ ᠰᠢᠯᠭᠠᠷᠠᠭᠤᠯᠬᠤ ᠺᠣᠮᠢᠰ ᠤᠨ ᠰᠢᠯᠭᠠᠷᠠᠭᠤᠯᠣᠯᠲᠠ ᠪᠠᠷ ᠲᠠᠮᠵᠢᠨ ᠬᠤᠰᠢᠭᠤᠨ | ᠵᠠᠰᠠᠭ ᠤᠨ ᠣᠷᠲᠣᠨ ᠤ ︽ᠰᠠᠶᠢᠰᠢᠶᠠᠨ ᠬᠦᠬᠢᠬᠦᠯᠬᠦ︾ ᠱᠠᠩᠨᠠᠯ ᠵᠢᠴᠢ ᠠᠷᠣ ᠬᠤᠷᠴᠢᠨ ᠬᠤᠰᠢᠭᠤᠨ ᠤ 6 ᠳ᠋ᠣᠭᠠᠷ | ᠬᠤᠭᠤᠴᠠᠭᠠᠨ ᠤ ︽ᠪᠠᠭ᠎ᠠ ᠰᠣᠷᠭᠠᠭᠤᠯᠢ ᠶᠢᠨ ᠵᠢᠭᠠᠨ ᠰᠣᠷᠭᠠᠬᠤ ᠰᠣᠷᠭᠠᠬᠤ ᠴᠢᠲᠠᠪᠣᠷᠢᠲᠠᠨ︾ ᠪᠠ ︽ᠮᠣᠩᠭᠤᠯ | ᠬᠡᠯᠡᠨ ᠤ ᠬᠢᠴᠢᠶᠡᠯ ᠲᠦᠷᠦᠯ ᠤᠨ ᠲᠠᠭᠠᠭᠤᠯᠣᠭᠴᠢ︾ ᠪᠠᠷ ᠴᠣᠯᠠᠯᠠᠭᠲᠠᠵᠣ᠂ ᠠᠷᠣ ᠬᠤᠷᠴᠢᠨ ᠬᠤᠰᠢᠭᠤᠨ ᠤ | ᠠᠩᠬᠠᠲᠣᠭᠠᠷ ᠣᠲᠠᠭᠠᠨ ᠤ ᠵᠢᠭᠠᠨ ᠰᠣᠷᠭᠠᠯᠲᠠ ᠶᠢᠨ ᠣᠷ᠎ᠠ ᠴᠢᠲᠠᠪᠣᠷᠢ ᠶᠢᠨ ᠣᠷᠣᠯᠲᠣᠭᠠᠨ ᠳᠤ ᠪᠠᠭ᠎ᠠ ᠰᠣᠷᠭᠠᠭᠤᠯᠢ | ᠶᠢᠨ ᠲᠣᠭᠤᠶᠢᠯᠠᠩ ᠳᠤ ᠪᠠᠨ ᠨᠢᠬᠡᠲᠦᠭᠡᠷ ᠲᠡᠰ᠂ ᠪᠦᠬᠦ ᠬᠤᠰᠢᠭᠤᠨ ᠤ ᠪᠠᠭ᠎ᠠ ᠰᠣᠷᠭᠠᠭᠤᠯᠢ ᠶᠢᠨ ᠪᠠᠭᠰᠢ ᠶᠢᠨ | ᠭᠤᠷᠪᠠᠲᠣᠭᠠᠷ ᠣᠲᠠᠭᠠᠨ ᠤ ᠰᠢᠯᠢᠲᠡᠭ ᠬᠢᠴᠢᠶᠡᠯᠯᠡᠭᠡ ᠶᠢᠨ ᠣᠷᠣᠯᠲᠣᠭᠠᠨ ᠤ ᠰᠢᠯᠭᠠᠷᠠᠭᠤᠯᠣᠯᠲᠠ ᠳᠤ ᠮᠣᠩᠭᠤᠯ | ᠬᠡᠯᠡᠨ ᠤ ᠲᠣᠭᠤᠶᠢᠯᠠᠩ ᠤᠨ ᠨᠢᠬᠡᠲᠦᠭᠡᠷ ᠲᠡᠰ᠂ ᠪᠦᠬᠦ ᠬᠤᠰᠢᠭᠤᠨ ᠤ ᠲᠣᠮᠲᠠᠲᠣ ᠪᠠᠭ᠎ᠠ ᠰᠣᠷᠭᠠᠭᠤᠯᠢ ᠶᠢᠨ | ᠰᠣᠷᠣᠭᠴᠢᠳ ᠤᠨ ᠵᠣᠬᠢᠶᠠᠯ ᠤᠨ ᠲᠡᠭᠦᠪᠦᠷᠢ ᠶᠢᠨ ᠡᠬᠡ ᠪᠢᠴᠢᠭ ᠡᠯᠰᠡᠬᠦ ᠠᠵᠢᠯᠯᠠᠭ᠎ᠠ ᠳᠤ ︽ᠰᠢᠯᠢᠲᠡᠭ | ᠵᠢᠯᠣᠭᠤᠲᠣᠭᠰᠠᠨ ᠪᠠᠭᠰᠢ︾ ᠪᠠᠷ ᠰᠢᠯᠭᠠᠷᠠᠭᠤᠯᠣᠭᠲᠠᠭᠰᠠᠨ ᠤ ᠬᠠᠮᠲᠣ ︽ᠠᠵᠢᠯ ᠤᠨ ᠪᠠᠶᠢᠷᠢ ᠶᠢᠨ ᠵᠠᠯᠠᠭᠤ | ᠴᠢᠲᠠᠪᠣᠷᠢᠲᠠᠨ︾᠂ ︽ᠲᠡᠷᠢᠬᠦᠨ ᠤ ᠠᠵᠢᠯᠲᠠᠨ︾᠂ ᠪᠠᠯᠭᠠᠰᠣᠨ ᠤ ᠲᠡᠰ ᠤᠨ ︽ᠰᠢᠯᠢᠲᠡᠭ ᠡᠪ ᠬᠠᠮᠲᠣ ᠨᠠᠮ ᠤᠨ | ᠬᠡᠰᠢᠬᠦᠨ︾᠂ ᠰᠣᠷᠭᠠᠭᠤᠯᠢ ᠶᠢᠨ ᠲᠡᠰ ᠤᠨ ︽ᠬᠤᠶᠠᠷ ᠦᠨᠲᠦᠰᠦᠨ︾ ᠤ ᠰᠢᠪᠲᠣᠯᠣᠯᠲᠠ ᠶᠢᠨ ᠠᠵᠢᠯ ᠤᠨ ︽ | ᠲᠡᠷᠢᠬᠦᠨ ᠤ ᠬᠤᠪᠢ ᠬᠦᠮᠦᠨ︾ ᠵᠡᠷᠭᠡ ᠱᠠᠩᠨᠠᠯ ᠤᠳ ᠢ ᠲᠣᠰᠣᠭᠰᠠᠨ ᠶᠣᠮ᠃ | 2008 ᠣᠨ ᠤ ᠨᠠᠮᠣᠷ ᠠᠴᠠ ᠲᠡᠷᠡ ᠬᠠᠨ ᠠᠭᠤᠯᠠ ᠪᠠᠭ᠎ᠠ ᠰᠣᠷᠭᠠᠭᠤᠯᠢ ᠳᠤ ᠠᠵᠢᠯᠯᠠᠵᠣ ᠰᠣᠷᠭᠠᠨ | ᠬᠦᠮᠦᠵᠢᠯ ᠵᠢᠭᠠᠨ ᠰᠣᠷᠭᠠᠯᠲᠠ ᠶᠢᠨ ᠠᠵᠢᠯ ᠳᠤ ᠪᠠᠨ ᠨᠢᠬᠡ ᠰᠡᠳᠬᠢᠯ ᠭᠠᠭᠴᠠ ᠵᠣᠷᠢᠭ ᠢᠶᠠᠷ ᠵᠢᠳᠬᠦᠵᠦ᠂ ᠠᠯᠵᠢᠶᠠᠯ | ᠵᠦᠲᠡᠷᠡᠯ ᠢ ᠠᠷᠣ ᠳᠤ ᠪᠠᠨ ᠣᠷᠬᠢᠨ᠂ ᠦᠷᠦᠭᠡᠯ ᠤᠨ ᠭᠡᠦᠬᠡᠳ ᠢ ᠦᠪᠡᠷ ᠤᠨ ᠭᠡᠦᠬᠡᠳ ᠢᠶᠠᠨ ᠰᠢᠭ ᠰᠠᠨᠠᠵᠣ | ᠬᠠᠶᠢᠷᠠᠯᠠᠨ ᠬᠢᠯᠠᠯᠵᠠᠮ᠎ᠠ ᠠᠮᠵᠢᠯᠲᠠ ᠪᠠᠷ ᠢᠶᠠᠨ ᠠᠷᠠᠳ ᠤᠨ ᠪᠠᠭᠰᠢ ᠶᠢᠨ ᠠᠯᠲᠠᠷ ᠢᠶᠠᠨ ᠮᠢᠯᠢᠶᠠᠯᠭᠠᠵᠣ ᠶᠠᠪᠣᠭ᠎ᠠ ᠪᠢᠯᠡ | ᠃ | ᠲᠡᠷᠡ ᠰᠣᠷᠣᠭᠴᠢᠳ ᠲᠤ ᠪᠠᠨ ᠲᠣᠩ ᠬᠠᠶᠢᠷᠠᠲᠠᠢ ᠪᠠᠶᠢᠲᠠᠭ᠃ | ᠬᠠᠶᠢᠷ᠎ᠠ ᠪᠣᠯ ︽ᠰᠣᠷᠭᠠᠨ ᠬᠦᠮᠦᠵᠢᠯ ᠤᠨ ᠠᠮᠢᠨ ᠰᠦᠨᠡᠰᠦ︾᠂ ︽ᠠᠯᠢᠪᠠ ᠶᠢ ᠣᠶᠠᠷᠠᠭᠤᠯᠣᠨ | ᠬᠡᠰᠭᠡᠭᠴᠢ ᠭᠠᠯ ᠲᠦᠯᠦ ᠮᠦᠨ︾ ᠬᠡᠵᠦ ᠲᠡᠷᠡ ᠴᠠᠭ ᠢᠮᠠᠭᠲᠠ ᠢᠲᠡᠭᠡᠵᠦ ᠶᠠᠪᠣᠲᠠᠭ ᠠᠴᠠ ︽ᠬᠠᠶᠢᠷ᠎ᠠ ᠪᠠ | ᠬᠠᠷᠢᠭᠤᠴᠠᠯᠭ᠎ᠠ︾ ᠪᠠᠷ ᠠᠵᠢᠯ ᠤᠨ ᠢᠶᠠᠨ ᠵᠠᠷᠴᠢᠮ ᠪᠣᠯᠭᠠᠨ᠂ ︽ᠬᠠᠶᠢᠷ᠎ᠠ ᠰᠡᠳᠬᠢᠯᠭᠡ ᠦᠭᠡᠢ ᠪᠤᠯ ᠰᠤᠷᠭᠠᠠ | ᠬᠦᠮᠦᠵᠢᠬᠦᠯᠬᠦ ᠠᠵᠢᠯ ᠢ ᠰᠠᠶᠢᠳᠤᠷ ᠬᠢᠵᠤ ᠴᠢᠳᠠᠬᠤ ᠦᠭᠡᠢ᠂ ᠬᠠᠷᠢᠭᠤᠴᠠᠯᠭ᠎ᠠ ᠦᠭᠡᠢ ᠪᠤᠯ ᠰᠤᠷᠭᠠᠠ ᠬᠦᠮᠦᠵᠢᠯ ᠢ | ᠰᠠᠶᠢᠳᠤᠷ ᠡᠷᠬᠢᠯᠡᠵᠤ ᠴᠢᠳᠠᠬᠤ ᠦᠭᠡᠢ︾ ᠬᠡᠵᠦ ᠦᠪᠡᠷ ᠤᠨ ᠢᠶᠠᠨ ᠠᠷᠢᠭᠤᠨ ᠲᠠᠷᠬᠠᠠ ᠡᠬᠦᠷᠭᠡ ᠬᠠᠷᠢᠭᠤᠴᠠᠯᠭ᠎ᠠ ᠪᠠᠨ | ᠴᠠᠭ ᠢᠮᠠᠭᠳᠠ ᠪᠠᠲᠣ ᠴᠠᠭᠡᠵᠢᠯᠠᠵᠤ᠂ ︽ᠠᠯᠢᠪᠠ ᠬᠡᠦᠬᠡᠳ ᠤᠨ ᠲᠦᠯᠦᠬᠡ᠂ ᠬᠡᠦᠬᠡᠳ ᠤᠨ ᠠᠯᠢᠪᠠ ᠪᠦᠬᠦᠨ ᠤ | ᠲᠦᠯᠦᠭᠡ᠂ ᠠᠯᠢᠪᠠ ᠬᠡᠦᠬᠡᠳ ᠤᠨ ᠲᠦᠯᠦᠭᠡ︾ ᠬᠡᠮᠡᠨ ᠭᠡᠦᠬᠡᠳ ᠤᠳ ᠢᠶᠠᠨ ᠢᠯᠭᠠᠨ ᠰᠠᠯᠭᠠᠵᠣ ᠦᠵᠡᠲᠡᠭ ᠦᠬᠡᠢ᠂ | ᠬᠦᠴᠢᠷ ᠵᠣᠪᠠᠭᠤᠷᠢ ᠬᠦᠢᠲᠡᠨ ᠬᠠᠯᠠᠭᠤᠨ ᠳᠤ ᠨᠢ ᠬᠠᠶᠢᠷ᠎ᠠ ᠲᠡᠮᠵᠢᠯᠬᠡ ᠦᠵᠡᠬᠦᠯᠲᠡᠭ ᠪᠣᠯᠬᠤᠷ ᠰᠣᠷᠣᠭᠴᠢᠳ ᠤᠨ | ᠢᠶᠠᠨ ᠬᠦᠨᠲᠦᠳᠭᠡᠯ ᠪᠢᠰᠢᠷᠡᠯ ᠢ ᠣᠯᠣᠭᠰᠠᠨ ᠪᠠᠶᠢᠲᠠᠭ᠃ ᠠᠩᠭᠢ ᠶᠢᠨ ᠡᠷᠭᠢᠯᠡᠭᠴᠢ ᠶᠢᠨ ᠠᠵᠢᠯ ᠳᠤ ᠪᠠᠨ ᠲᠣᠶᠢᠯ | ᠤᠨ ᠬᠠᠷᠢᠭᠤᠴᠠᠯᠭ᠎ᠠ ᠲᠠᠢ᠂ ᠮᠢᠨᠦ᠋ᠲ ᠰᠧᠺᠦ᠋ᠨ᠋ᠲ ᠢ ᠠᠯᠲᠠᠯ ᠦᠬᠡᠢ ᠰᠣᠷᠣᠭᠴᠢᠳ ᠲᠠᠢ ᠪᠠᠨ ᠣᠶᠠᠯᠲᠣᠨ᠂ | ᠰᠣᠷᠣᠭᠴᠢᠳ ᠲᠤ ᠪᠠᠨ ᠬᠠᠷᠢᠭᠤᠴᠠᠵᠣ ᠪᠠᠶᠢᠲᠠᠭ ᠠᠴᠠ ᠬᠤᠰᠢᠭᠤᠨ ᠤ ︽ᠲᠡᠷᠢᠬᠦᠨ ᠤ ᠠᠩᠭᠢ ᠨᠢᠬᠡᠴᠢ︾ ᠵᠢᠴᠢ | ᠬᠤᠰᠢᠭᠤ ᠪᠠ ᠰᠣᠷᠭᠠᠭᠤᠯᠢ ᠶᠢᠨ ᠲᠡᠰ ᠤᠨ ︽ᠰᠢᠯᠢᠲᠡᠭ ᠠᠩᠭᠢ ᠡᠷᠭᠢᠯᠡᠭᠴᠢ︾ ᠵᠡᠷᠭᠡ ᠢᠷᠠᠭᠤ ᠠᠯᠲᠠᠷ ᠢ ᠣᠯᠠᠨᠲᠠ | ᠬᠦᠷᠲᠡᠵᠦ ᠢᠷᠡᠭᠰᠡᠨ ᠤ ᠬᠠᠮᠲᠣ ᠪᠦᠬᠦ ᠬᠤᠲᠠ ᠶᠢᠨ ᠮᠣᠩᠭᠤᠯ ᠢᠶᠠᠷ ᠬᠢᠴᠢᠶᠡᠯᠯᠡᠬᠦ ᠪᠠᠭ᠎ᠠ ᠰᠣᠷᠭᠠᠭᠤᠯᠢ ᠶᠢᠨ ᠪᠠᠭᠰᠢ | ᠨᠠᠷ ᠤᠨ ᠦᠨᠲᠦᠰᠦᠨ ᠴᠢᠲᠠᠪᠣᠷᠢ ᠶᠢᠨ ᠮᠦᠷᠦᠶᠢᠴᠡᠬᠡᠨ ᠳᠤ ᠬᠡᠯᠡ ᠪᠢᠴᠢᠭ ᠤᠨ ᠬᠢᠴᠢᠶᠡᠯ ᠲᠦᠷᠦᠯ ᠤᠨ ᠨᠢᠬᠡᠲᠦᠭᠡᠷ | ᠲᠡᠰ ᠲᠤ ᠲᠣᠲᠣᠷᠠᠭᠰᠠᠨ ᠪᠦᠬᠡᠳ ᠬᠤᠰᠢᠭᠤᠨ ᠵᠠᠰᠠᠭ ᠤᠨ ᠣᠷᠲᠣᠨ ᠤ ︽ᠰᠢᠯᠢᠲᠡᠭ ᠪᠠᠭᠰᠢ︾᠂ ︽ᠬᠦᠷᠢᠶᠡᠯᠡᠯ | ᠲᠠᠢ ᠪᠠᠭᠰᠢ︾᠂ ᠬᠤᠲᠠ ᠶᠢᠨ ᠲᠡᠰ ᠤᠨ ᠰᠣᠷᠣᠭᠴᠢ ᠶᠢᠨ ᠲᠣᠭᠯᠠᠯᠲᠠ ᠶᠢᠨ ︽ᠰᠢᠯᠢᠲᠡᠭ ᠬᠠᠪᠰᠣᠷᠣᠨ | ᠵᠢᠯᠣᠭᠤᠲᠣᠭᠴᠢ︾᠂ ᠰᠣᠷᠭᠠᠨ ᠬᠦᠮᠦᠵᠢᠯ ᠤᠨ ᠲᠣᠪᠴᠢᠶ᠎ᠠ ᠶᠢᠨ ︽ᠰᠣᠷᠭᠠᠭᠤᠯᠢ ᠶᠢᠨ ᠬᠦᠷᠢᠶᠡᠨ ᠤ ᠨᠣᠮ | ᠣᠩᠰᠢᠬᠤ ᠠᠵᠢᠯᠯᠠᠭᠠᠨ ᠤ ᠲᠡᠷᠢᠬᠦᠨ ᠤ ᠬᠤᠪᠢ ᠬᠦᠮᠦᠨ︾ ᠵᠡᠷᠭᠡ ᠱᠠᠩᠨᠠᠯ ᠬᠦᠬᠢᠬᠦᠯᠦᠯ ᠢ ᠬᠦᠷᠲᠡᠬᠦ ᠶᠢᠨ ᠬᠠᠮᠲᠣ | ᠰᠣᠷᠭᠠᠭᠤᠯᠢ ᠠᠴᠠ ᠪᠠᠨ ᠵᠣᠬᠢᠶᠠᠨ ᠪᠠᠶᠢᠭᠤᠯᠣᠭᠰᠠᠨ ︽ᠬᠢᠴᠢᠶᠡᠯᠯᠡᠭᠴᠢ ᠪᠠᠭᠰᠢ ᠶᠢᠨ ᠦᠨᠲᠦᠰᠦᠨ ᠴᠢᠲᠠᠪᠣᠷᠢ ᠶᠢᠨ | ᠮᠦᠷᠦᠶᠢᠴᠡᠭᠡᠨ︾ ᠳᠤ ᠭᠤᠷᠪᠠᠲᠣᠭᠠᠷ ᠲᠡᠰ ᠤᠨ ᠱᠠᠩᠨᠠᠯ ᠵᠢᠴᠢ ᠬᠤᠭᠤᠴᠠᠭᠠᠨ ᠡᠴᠦᠰ ᠤᠨ ᠰᠢᠯᠭᠠᠯᠲᠠ ᠳᠤ ᠪᠠᠨ | ᠣᠯᠠᠨ ᠣᠲᠠᠭ᠎ᠠ ᠰᠣᠷᠭᠠᠭᠤᠯᠢ ᠶᠢᠨ ᠪᠠᠷᠢᠮᠵᠢᠶ᠎ᠠ ᠬᠤᠪᠢ ᠠᠴᠠ ᠲᠠᠪᠠᠭᠤᠯᠣᠭᠠᠳ ᠱᠠᠩᠨᠠᠭᠲᠠᠵᠣ ᠢᠷᠡᠭᠰᠡᠨ ᠶᠣᠮ᠃ | | | ᠰᠡᠴᠡᠨ ᠪᠠᠭᠰᠢ ᠦᠵᠡᠬᠦᠯᠦᠯᠭᠡ ᠶᠢᠨ ᠬᠢᠴᠢᠶᠡᠯ ᠣᠷᠣᠵᠣ ᠪᠠᠶᠢᠭ᠎ᠠ ᠨᠢ | | ᠲᠡᠷᠡ ᠪᠠᠰᠠ ᠰᠣᠷᠭᠠᠭᠤᠯᠢ ᠳᠤ ᠪᠠᠨ ᠦᠵᠡᠬᠦᠯᠦᠯᠬᠡ ᠶᠢᠨ ᠬᠢᠴᠢᠶᠡᠯ᠂ ᠰᠣᠲᠣᠯᠭᠠᠨ ᠤ ᠬᠢᠴᠢᠶᠡᠯ ᠢ ᠠᠯᠲᠠᠯ | ᠦᠬᠡᠢ ᠣᠷᠣᠵᠣ᠂ ᠠᠬᠠᠮᠠᠳ ᠪᠠᠭᠰᠢ ᠶᠢᠨ ᠬᠤᠪᠢ ᠪᠠᠷ ᠦᠯᠢᠬᠡᠷ ᠵᠢᠱᠢᠶ᠎ᠡ ᠦᠵᠡᠬᠦᠯᠦᠨ᠂ ᠬᠠᠮᠲᠣ ᠠᠵᠢᠯᠯᠠᠭᠰᠠᠳ | ᠤᠨ ᠢᠶᠠᠨ ᠬᠠᠯᠠᠭᠤᠨ ᠬᠦᠷᠢᠶᠡᠯᠡᠯ ᠢ ᠣᠯᠣᠭᠰᠠᠭᠠᠷ ᠢᠷᠡᠵᠡᠢ᠃ | ᠲᠣᠷᠰᠢᠯᠭ᠎ᠠ ᠰᠣᠷᠭᠠᠮᠵᠢ ᠪᠠᠨ ᠳ᠋ᠦᠩᠨᠡᠵᠦ ᠰᠢᠨ᠎ᠡ ᠶᠢ ᠡᠬᠦᠳᠬᠦ ᠪᠠᠷ ᠮᠡᠷᠡᠶᠢᠲᠡᠭ ᠨᠢ ᠰᠡ᠊ ᠪᠠᠭᠰᠢ ᠶᠢᠨ | ᠠᠵᠢᠯ ᠤᠨ ᠡᠷᠢᠯᠬᠢᠯᠡᠯ ᠮᠦᠨ᠃ ᠲᠣᠬᠠᠶᠢᠯᠠᠭᠰᠠᠨ ᠠᠵᠢᠯ ᠢᠶᠠᠨ ᠴᠠᠭ ᠢᠮᠠᠭᠲᠠ ᠨᠢᠭᠲᠠᠯᠠᠨ ᠰᠣᠲᠣᠯᠵᠣ ᠠᠮᠠᠷᠠᠯᠲᠠ | ᠶᠢᠨ ᠡᠲᠦᠷ᠂ ᠰᠡᠯᠡᠬᠦᠦ ᠴᠠᠭ ᠲᠣᠬᠢᠶᠠᠯᠲᠣᠭᠰᠠᠭᠠᠷ ᠯᠠ ᠲᠡᠷᠡ ᠨᠣᠮ ᠰᠡᠳᠬᠦᠯ ᠣᠩᠰᠢᠨ᠂ ᠰᠣᠷᠭᠠᠨ ᠬᠦᠮᠦᠵᠢᠯ ᠤᠨ | ᠠᠵᠢᠯ ᠤᠨ ᠰᠣᠲᠣᠯᠣᠯᠭᠠ ᠬᠢᠵᠦ ᠪᠠᠶᠢᠲᠠᠭ ᠠᠴᠠ ︽ᠪᠠᠭᠠᠴᠣᠳ ᠤᠨ ᠬᠤᠰᠢᠭᠤᠴᠢ ᠠᠩᠭᠢ ᠶᠢᠨ ᠬᠠᠪᠰᠣᠷᠣᠨ | ᠵᠢᠯᠣᠭᠤᠲᠣᠭᠴᠢ ᠪᠠᠭᠰᠢ ᠳᠤ ᠪᠠᠶᠢᠪᠠᠰᠣ ᠵᠣᠬᠢᠬᠤ ᠣᠷ᠎ᠠ ᠮᠡᠷᠭᠡᠰᠢᠯ ᠠᠴᠠ ᠮᠦᠴᠢᠳᠭᠡᠨ ᠦᠬᠦᠯᠡᠬᠦ ᠨᠢ︾ ᠬᠡᠬᠦ | ᠦᠬᠦᠯᠡᠯ ᠨᠢ ᠬᠤᠰᠢᠭᠤᠨ ᠤ ᠵᠢᠭᠠᠬᠤ ᠶᠢ ᠰᠣᠲᠣᠯᠬᠤ ᠭᠡᠷ ᠤᠨ ᠢᠶᠠᠨ ᠰᠢᠯᠭᠠᠷᠠᠭᠤᠯᠣᠯᠲᠠ ᠳᠤ ᠬᠤᠶᠠᠲᠣᠭᠠᠷ ᠲᠡᠰ᠂ | ︽ᠪᠠᠭᠠᠴᠣᠳ ᠤᠨ ᠬᠤᠰᠢᠭᠤᠴᠢ ᠠᠩᠭᠢ ᠶᠢᠨ ᠠᠵᠢᠯ ᠢ ᠠᠮᠠᠷᠠᠯᠲᠠ ᠶᠢᠨ ᠬᠤᠭᠤᠴᠠᠭᠠᠨ ᠳᠤ ᠬᠡᠷᠬᠢᠨ ᠵᠣᠬᠢᠶᠠᠨ | ᠪᠠᠶᠢᠭᠤᠯᠵᠣ ᠬᠢᠬᠦ ᠲᠣᠬᠠᠢ︾ ᠬᠡᠬᠦ ᠦᠬᠦᠯᠡᠯ ᠨᠢ ᠣᠯᠠᠭᠠᠨᠬᠠᠲᠠ ᠬᠤᠲᠠ ᠶᠢᠨ ᠰᠣᠷᠭᠠᠨ ᠬᠦᠮᠦᠵᠢᠯ ᠤᠨ ᠡᠷᠲᠡᠮ | ᠰᠢᠨᠵᠢᠯᠡᠬᠡᠨ ᠤ ᠦᠬᠦᠯᠡᠯ ᠤᠨ ᠰᠢᠯᠭᠠᠷᠠᠭᠤᠯᠣᠯᠲᠠ ᠳᠤ ᠬᠤᠶᠠᠲᠣᠭᠠᠷ ᠲᠡᠰ ᠢᠶᠠᠷ ᠰᠢᠯᠭᠠᠷᠠᠭᠤᠯᠣᠭᠲᠠᠭᠰᠠᠨ ᠤ ᠬᠠᠮᠲᠣ | ︽ᠦᠪᠦᠷ ᠮᠣᠩᠭᠤᠯ ᠤᠨ ᠪᠠᠭᠠᠴᠣᠳ ᠤᠨ ᠬᠤᠰᠢᠭᠤᠴᠢ ᠠᠩᠭᠢ︾ ᠰᠡᠳᠬᠦᠯ ᠪᠠ ︽ᠣᠯᠠᠭᠠᠨᠬᠠᠲᠠ ᠶᠢᠨ ᠡᠲᠦᠷ ᠤᠨ | ᠰᠣᠨᠢᠨ︾ ᠳᠤ ︽ᠪᠠᠭᠠᠴᠣᠳ ᠤᠨ ᠬᠤᠰᠢᠭᠤᠴᠢ ᠠᠩᠭᠢ ᠶᠢᠨ ᠬᠠᠪᠰᠣᠷᠣᠨ ᠵᠢᠯᠣᠭᠤᠲᠣᠭᠴᠢ ᠪᠠᠭᠰᠢ ᠠᠴᠠ ︿ | ᠲᠠᠪᠣᠨ ᠦᠪᠡᠷᠲᠡᠭᠡᠨ﹀ ᠤ ᠠᠵᠢᠯᠯᠠᠭᠠᠨ ᠢ ᠭᠡᠷᠬᠢᠨ ᠲᠠᠨᠢᠵᠣ ᠭᠡᠷᠬᠢᠨ ᠵᠣᠬᠢᠶᠠᠨ ᠪᠠᠶᠢᠭᠤᠯᠵᠣ ᠦᠷᠨᠢᠬᠦᠯᠬᠦ ᠲᠣᠬᠠᠢ︾᠂ | ︽ᠬᠠᠭᠤᠴᠢᠨ ᠵᠢᠭᠠᠬᠤ ᠮᠠᠲ᠋ᠧᠷᠢᠶᠠᠯ ᠢ ᠰᠢᠨ᠎ᠡ ᠰᠡᠳᠬᠢᠮᠵᠢ ᠪᠠᠷ ᠬᠡᠷᠬᠢᠨ ᠵᠢᠭᠠᠭᠰᠠᠨ ᠲᠣᠬᠠᠢ ᠦᠬᠦᠯᠡᠬᠦ ᠨᠢ︾᠂ ︽ | ᠵᠢᠭᠠᠬᠤ ᠮᠠᠲ᠋ᠧᠷᠢᠶᠠᠯ ᠢᠶᠠᠨ ᠬᠦᠢᠴᠡᠳ ᠰᠦᠪᠡᠭᠴᠢᠯᠡᠨ ᠰᠣᠷᠣᠭᠴᠢᠳ ᠤᠨ ᠶᠠᠷᠢᠬᠤ ᠴᠢᠲᠠᠪᠣᠷᠢ ᠶᠢ ᠲᠡᠭᠡᠭᠰᠢᠯᠡᠬᠦᠯᠬᠦ | ᠲᠣᠬᠠᠢ ᠦᠬᠦᠯᠡᠬᠦ ᠨᠢ︾᠂ ︽ᠪᠡᠶ᠎ᠡ ᠪᠠᠨ ᠲᠠᠭᠠᠭᠠᠵᠣ ᠰᠢᠨ᠎ᠡ ᠶᠢ ᠡᠬᠦᠳᠬᠦ ᠰᠣᠷᠣᠭᠴᠢ ᠶᠢᠨ ᠬᠠᠮᠢᠶᠠᠷᠣᠯᠲᠠ ᠶᠢᠨ ︿ | ᠭᠤᠷᠮᠣᠰᠣᠨ ᠺᠠᠷᠲ﹀ ᠢ ᠬᠡᠷᠡᠭᠵᠢᠬᠦᠯᠦᠭᠰᠡᠨ ᠣᠶᠢᠯᠠᠭᠠᠯᠲᠠ︾᠂ ︽ᠰᠣᠷᠣᠭᠴᠢᠳ ᠢ ᠭᠡᠷᠬᠢᠨ ᠦᠪᠡᠷᠲᠡᠭᠡᠨ | ᠰᠣᠷᠣᠯᠴᠠᠬᠤ ᠴᠢᠲᠠᠪᠣᠷᠢ ᠲᠠᠢ ᠪᠣᠯᠭᠠᠨ ᠬᠦᠮᠦᠵᠢᠬᠦᠯᠬᠦ ᠲᠣᠬᠠᠢ︾ ᠬᠡᠬᠦ ᠵᠡᠷᠭᠡ ᠦᠬᠦᠯᠡᠯ ᠢᠶᠠᠨ ᠨᠡᠶᠢᠲᠡᠯᠡᠵᠦ᠂ ︽ | ᠠᠯᠲᠠᠨ ᠦᠨᠲᠦᠰᠦ︾ ᠰᠡᠳᠬᠦᠯ ᠳᠤ ︽ᠰᠣᠷᠣᠭᠴᠢ ᠶᠢᠨ ᠰᠣᠷᠣᠯᠴᠠᠬᠤ ᠣᠷᠮ᠎ᠠ ᠶᠢ ᠬᠦᠭᠵᠢᠬᠡᠬᠦ ᠠᠷᠭ᠎ᠠ ᠵᠠᠮ︾᠂ | ︽ᠰᠣᠷᠣᠭᠴᠢᠳ ᠤᠨ ᠶᠠᠷᠢᠬᠤ ᠴᠢᠲᠠᠪᠣᠷᠢ ᠶᠢ ᠲᠡᠭᠡᠭᠰᠢᠯᠡᠬᠦᠯᠬᠦ ᠲᠣᠬᠠᠢ ᠮᠦᠴᠢᠳ ᠦᠬᠦᠯᠡᠬᠦ ᠨᠢ︾᠂ ︽ | ᠲᠣᠭᠤᠶᠢᠯᠠᠩ ᠤᠨ ᠬᠠᠮᠵᠢᠯᠴᠠᠭ᠎ᠠ ᠪᠠᠷ ᠰᠣᠷᠣᠭᠴᠢᠳ ᠤᠨ ᠬᠡᠪ ᠴᠢᠨᠠᠷ ᠢ ᠲᠡᠭᠡᠭᠰᠢᠯᠡᠬᠦᠯᠬᠦ ᠲᠣᠬᠠᠢ ᠦᠬᠦᠯᠡᠬᠦ ᠨᠢ︾ | ᠵᠡᠷᠭᠡ ᠦᠬᠦᠯᠡᠯ ᠢᠶᠠᠨ ᠨᠡᠶᠢᠲᠡᠯᠡᠵᠦ᠂ ︽ᠣᠯᠠᠭᠠᠨᠬᠠᠲᠠ ᠶᠢᠨ ᠦᠨᠲᠦᠰᠦᠲᠡᠨ ᠣᠰᠣᠷᠭᠠᠨ ᠬᠦᠮᠦᠵᠢᠯ︾ ᠰᠡᠳᠬᠦᠯ ᠳᠤ | ︽ᠰᠢᠨ᠎ᠡ ᠬᠢᠴᠢᠶᠡᠯ ᠳᠤ ᠬᠦᠲᠦᠯᠬᠦ ᠲᠣᠬᠠᠢ︾ ᠬᠡᠬᠦ ᠦᠬᠦᠯᠡᠯ ᠢᠶᠠᠨ ᠨᠡᠶᠢᠲᠡᠯᠡᠵᠦ᠂ ︽ᠲᠣᠷᠭᠠᠨ ᠵᠢᠯᠣᠭᠤ︾ | ᠰᠡᠳᠬᠦᠯ ᠳᠤ ︽ᠠᠩᠭᠢ ᠶᠢᠨ ᠡᠷᠬᠢᠯᠡᠭᠴᠢ ᠶᠢᠨ ᠠᠵᠢᠯ ᠢ ᠬᠡᠷᠬᠢᠨ ᠰᠠᠶᠢᠨ ᠬᠢᠬᠦ ᠲᠣᠬᠠᠢ︾ ᠬᠡᠬᠦ ᠦᠬᠦᠯᠡᠯ ᠢᠶᠠᠨ | ᠨᠡᠶᠢᠲᠡᠯᠡᠵᠦ᠂ ᠦᠪᠡᠷ ᠤᠨ ᠠᠵᠢᠯ ᠤᠨ ᠰᠣᠲᠣᠯᠣᠯᠲᠠ ᠪᠠᠨ ᠪᠣᠲᠠᠲᠠᠢ ᠪᠠᠷ ᠦᠷᠬᠦᠯᠵᠢᠯᠡᠬᠦᠯᠵᠦ ᠶᠠᠪᠣᠭ᠎ᠠ ᠪᠢᠯᠡ᠃ | ᠰᠡᠴᠡᠨ ᠪᠠᠭᠰᠢ ᠶᠢᠨ ᠡᠶᠢᠮᠦᠷᠭᠦᠦ ᠰᠢᠨᠲᠠᠷᠠᠰᠢ ᠦᠬᠡᠢ ᠵᠢᠳᠬᠦᠯ ᠴᠢᠷᠮᠠᠶᠢᠯᠭ᠎ᠠ ᠨᠢ ᠮᠠᠨ ᠤ ᠰᠣᠷᠭᠠᠨ | ᠬᠦᠮᠦᠵᠢᠯ ᠤᠨ ᠠᠵᠢᠯᠲᠠᠨ ᠤ ᠦᠩᠭᠡ ᠭᠡᠷᠡᠯ ᠪᠣᠯᠬᠤ ᠮᠦᠷᠲᠡᠭᠡᠨ ᠰᠣᠷᠣᠯᠴᠠᠬᠤ ᠲᠠᠭᠤᠷᠢᠶᠠᠯ ᠪᠣᠯᠬᠤ ᠶᠣᠮ᠃ | ᠲᠡᠶᠢᠮᠦ ᠡ︕ ᠲᠡᠷᠡ ᠬᠤᠯᠠ ᠶᠢᠨ ᠠᠶᠠᠨ ᠳᠤ ᠲᠡᠰᠪᠦᠷᠢ ᠬᠠᠲᠠᠭᠤᠵᠢᠯ ᠬᠦᠨᠡᠰᠦ ᠪᠣᠯᠲᠠᠭ᠃ ᠬᠡᠨ ᠬᠡᠷᠪᠡ | ᠠᠮᠢᠲᠣᠷᠠᠯ ᠦᠢᠯᠡᠰ ᠲᠤ ᠪᠠᠨ ᠲᠡᠪᠴᠢᠶᠡᠷᠢ ᠠᠯᠲᠠᠬᠤ ᠦᠬᠡᠢ ᠴᠢᠷᠮᠠᠶᠢᠵᠣ ᠯᠠ ᠪᠠᠶᠢᠪᠠᠯ ᠠᠮᠵᠢᠯᠲᠠ ᠣᠯᠬᠤ ᠨᠢ | ᠯᠠᠪᠲᠠᠢ᠃ | | ᠵᠤᠬᠢᠶᠠᠭᠴᠢ᠄ ᠰᠠᠶᠢᠨᠪᠢᠯᠢᠭ᠌ | ᠵᠣᠬᠢᠶᠠᠭᠴᠢ ᠶᠢᠨ ᠬᠠᠶ᠋ᠢᠭ᠄ ᠠᠷᠣ ᠬᠤᠷᠴᠢᠨ ᠬᠤᠰᠢᠭᠤᠨ ᠤ ᠰᠣᠷᠭᠠᠨ ᠬᠦᠮᠦᠵᠢᠯ ᠤᠨ ᠲᠣᠪᠴᠢᠶ᠎ᠠ | ᠬᠠᠷᠢᠯᠴᠠᠬᠤ ᠣᠲᠠᠰᠣ᠄ 15847340397 | |