ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢᠨ ᠪᠠᠶᠠᠷ ᠢ ᠪᠡᠯᠭᠡᠯᠡᠬᠦ | ︽ᠡᠷᠢᠨ ᠵᠠᠭᠤᠨ ᠤ ᠬᠤᠰᠢᠭᠤᠴᠢ︾ ᠰᠡᠳᠦᠪᠲᠦ ᠵᠤᠬᠢᠶᠠᠯ ᠤᠨ ᠱᠠᠩᠨᠠᠯᠲᠣ ᠣᠷᠣᠯᠳᠣᠭᠠᠨ ᠤ ᠵᠤᠬᠢᠶᠠᠯ | | | ᠮᠠᠯᠴᠢᠨ ᠬᠦᠮᠦᠨ ᠤ ᠬᠡᠤᠬᠡᠳ ᠬᠤᠨᠢᠴᠢᠨ ᠪᠠᠶᠢᠬᠤ ᠨᠢ ᠶᠡᠷᠦᠳᠡ ᠶᠢᠨ ᠯᠡ ᠶᠠᠪᠤᠳᠠᠯ ᠪᠠᠶᠢᠬᠤ᠃ ᠭᠡᠬᠦ ᠳᠤ | ᠠᠯᠤᠰ ᠶᠠᠫᠤᠨ ᠤᠯᠤᠰ ᠠᠴᠠ ᠳ᠋ᠤᠺᠲ᠋ᠤᠷ ᠵᠡᠷᠭᠡ ᠬᠠᠮᠠᠭᠠᠯᠠᠭᠠᠳ᠂ ᠤᠯᠤᠰ ᠤᠨ ᠳᠤᠳᠤᠨ᠎ᠠ ᠭᠠᠳᠠᠨ᠎ᠠ ᠶᠢᠨ ᠤᠯᠠᠨ | ᠤᠯᠠᠨ ᠰᠤᠷᠭᠠᠭᠤᠯᠢ᠂ ᠰᠢᠨᠵᠢᠯᠡᠬᠦ ᠤᠬᠠᠭᠠᠨ ᠤ ᠪᠠᠶᠢᠭᠤᠯᠭ᠎ᠠ ᠶᠢᠨ ᠠᠵᠢᠯ ᠢ ᠲᠠᠶᠠᠭᠳᠠᠨ ᠨᠤᠲᠤᠭ ᠲᠠᠭᠠᠨ ᠢᠷᠡᠵᠤ | ᠮᠠᠯᠴᠢᠨ ᠪᠤᠯᠤᠭᠰᠠᠨ ᠨᠢ ᠰᠤᠨᠢᠷᠬᠠᠯᠲᠠᠢ᠃ | | | ᠦᠯᠵᠡᠶᠢᠰᠦ᠋ᠷᠦᠩ ᠭᠤᠸᠠᠢ | | | | ᠦᠯᠵᠡᠶᠢᠰᠦᠷᠦᠩ ᠭᠤᠸᠠᠢ ᠳ᠋ᠣᠺᠲ᠋ᠤᠷᠠᠨᠲ ᠤᠨ ᠵᠢᠯᠤᠭᠤᠳᠣᠭᠴᠢ ᠪᠠᠭᠰᠢ ᠲᠠᠢ ᠪᠠᠨ | | ᠡᠨᠡ ᠬᠦᠮᠦᠨ ᠢ ᠦᠯᠵᠡᠶᠢᠰᠦ᠋ᠷᠦᠩ ᠭᠡᠳᠡᠭ᠃ ᠠᠷᠤ ᠬᠤᠷᠴᠢᠨ ᠬᠤᠰᠢᠭᠤᠨ ᠤ ᠱᠣᠣ ᠪᠠᠯᠭᠠᠰᠤ ᠶᠢᠨ | ᠤᠨᠠᠭ᠎ᠠ ᠭᠠᠴᠠᠭᠠᠨ ᠤ ᠬᠦᠮᠦᠨ᠃ ᠪᠠᠭ᠎ᠠ ᠪᠠᠯᠴᠢᠷ ᠠᠴᠠ ᠪᠠᠨ ᠡᠨᠡ ᠯᠡ ᠨᠤᠲᠤᠭ ᠤᠨ ᠬᠦᠷᠦᠰᠦᠨ ᠳᠡᠭᠡᠷ᠎ᠡ ᠦᠰᠴᠦ | ᠂ ᠰᠤᠷᠭᠠᠭᠤᠯᠢ ᠰᠤᠶᠤᠯ ᠤᠨ ᠮᠦᠷ ᠢ ᠬᠦᠭᠡᠭᠡᠭᠰᠡᠨ ᠲᠡᠷᠡ᠂ 1999 ᠤᠨ ᠳᠤ ᠦᠪᠦᠷ ᠮᠤᠩᠭᠤᠯ ᠤᠨ ᠡᠳ᠋ ᠤᠨ | ᠵᠠᠰᠠᠭ ᠤᠨ ᠲᠡᠭᠡᠳᠦ ᠰᠤᠷᠭᠠᠭᠤᠯᠢ ᠶᠢᠨ ᠮᠦᠩᠭᠦᠨ ᠬᠦᠢᠯᠬᠡᠬᠡᠨ ᠤ ᠰᠠᠯᠪᠤᠷᠢ ᠠᠴᠠ ᠲᠡᠭᠦᠰᠴᠦ᠂ 2002 ᠤᠨ ᠳᠤ | ᠶᠠᠫᠤᠨᠳᠦ ᠬᠦᠷᠴᠦ ᠮᠦᠩᠭᠦᠨ ᠬᠦᠢᠯᠭᠡᠭᠡᠨ ᠤ ᠤᠬᠠᠭᠠᠨ ᠢᠶᠠᠷ ᠦᠷᠭᠦᠯᠵᠢᠯᠡᠨ ᠰᠤᠷᠤᠯᠴᠠᠵᠤ ᠮᠠᠭᠢᠰᠲ᠋ᠧᠷ ᠴᠤᠯᠠ | ᠬᠠᠮᠠᠭᠠᠯᠠᠪᠠ᠃ 2011 ᠤᠨ ᠳᠤ ᠶᠠᠫᠤᠨ ᠤ ᠭᠢᠶᠤᠤᠭᠤᠺᠸᠠ ᠶᠡᠭᠡ ᠰᠤᠷᠭᠠᠭᠤᠯᠢ ᠠᠴᠠ ᠠᠵᠤ ᠠᠬᠤᠢ ᠶᠢᠨ | ᠤᠬᠠᠭᠠᠨ ᠤ ᠳ᠋ᠤᠺᠲ᠋ᠤᠷ ᠴᠤᠯᠠ ᠬᠠᠮᠠᠭᠠᠯᠠᠵᠤ᠂ ᠨᠤᠲᠤᠭ ᠲᠠᠭᠠᠨ ᠪᠤᠴᠠᠵᠤ ᠢᠷᠡᠨ ᠤᠳᠤᠮ ᠠᠴᠠ ᠦᠪᠯᠡᠭᠰᠡᠨ | ᠬᠤᠨᠢᠴᠢᠨ ᠪᠤᠯᠬᠤ ᠵᠠᠮᠨᠠᠯ ᠢᠶᠠᠨ ᠡᠬᠢᠯᠡᠭᠦᠯᠦᠭᠰᠡᠨ ᠪᠢᠯᠡ᠃ | ᠨᠤᠲᠤᠭ ᠤᠷᠤᠨ ᠳᠠᠭᠠᠨ ᠶᠠᠭᠤ ᠨᠢᠭᠡ ᠶᠢ ᠬᠢᠵᠤ ᠪᠦᠲᠦᠭᠡᠬᠦ ᠬᠦᠰᠡᠯ ᠲᠠᠢ ᠲᠡᠷᠡ ᠶᠠᠫᠤᠨ ᠳᠤ ᠪᠠᠶᠢᠬᠤ | ᠠᠴᠠ ᠪᠠᠨ ᠡᠬᠢᠯᠡᠨ ᠨᠤᠲᠤᠭ ᠤᠰᠤᠨ ᠤ ᠪᠠᠨ ᠪᠠᠶᠢᠭᠠᠯᠢ ᠤᠷᠴᠢᠨ ᠤ ᠡᠪᠳᠡᠭᠳᠡᠯ ᠳᠤ ᠰᠠᠨᠠᠭᠠᠰᠢᠷᠠᠨ᠂ 2009 ᠤᠨ | ᠠᠴᠠ ᠡᠬᠢᠯᠡᠨ ᠶᠠᠫᠤᠨ ᠤ ᠰᠠᠶᠢᠨ ᠳᠤᠷ᠎ᠠ ᠶᠢᠨ ᠨᠡᠶᠢᠭᠡᠮᠯᠢᠭ ᠶᠢ ᠳᠠᠳᠠᠨ ᠠᠪᠴᠢᠷᠠᠵᠤ᠂ ︽ᠠᠽᠢᠶ᠎ᠠ ᠶᠢᠨ ᠨᠤᠭᠤᠭᠠᠨ | ᠪᠦᠰᠡᠯᠡᠬᠦᠷ︾ ᠨᠡᠶᠢᠭᠡᠮᠯᠢᠭ ᠢ ᠪᠠᠶᠢᠭᠤᠯᠵᠤ᠂ ᠨᠤᠲᠤᠭ ᠤᠨ ᠮᠠᠯᠴᠢᠳ ᠲᠠᠢ ᠬᠠᠮᠲᠤᠷᠠᠨ ᠱᠣᠣ ᠪᠠᠯᠭᠠᠰᠤ ᠶᠢᠨ ᠡᠯᠡᠰᠦᠨ | ᠳᠤ ᠮᠤᠳᠤ ᠲᠠᠷᠢᠵᠤ ᠨᠤᠭᠤᠭᠠᠷᠠᠭᠤᠯᠬᠤ ᠠᠵᠢᠯ ᠢ ᠬᠢᠭᠰᠡᠨ ᠪᠠᠶᠢᠳᠠᠭ᠃ ᠡᠨᠡ ᠶᠠᠪᠤᠴᠠ ᠳᠤ ᠲᠡᠷᠡ ᠨᠤᠲᠤᠭ ᠤᠷᠤᠨ | ᠤ ᠪᠠᠨ ᠪᠠᠯᠴᠢᠭᠡᠷ ᠤᠨ ᠲᠠᠴᠢᠷᠳᠠᠯ᠂ ᠠᠮᠢ ᠠᠬᠤᠢ ᠶᠢᠨ ᠳᠤᠷᠤᠶᠢᠳᠠᠯ ᠵᠢᠴᠢ ᠮᠠᠯᠴᠢᠳ ᠤᠨ ᠠᠮᠢᠳᠤᠷᠠᠯ ᠤᠨ | ᠬᠦᠴᠢᠷᠳᠡᠯ ᠢ ᠭᠦᠨ ᠮᠡᠳᠡᠷᠡᠵᠤ᠂ ᠡᠨᠡ ᠪᠦᠬᠦᠨ ᠢ ᠦᠭᠡᠷᠡᠴᠢᠯᠡᠬᠦ ᠳᠤ ᠭᠠᠭᠴᠠ ᠮᠤᠲᠤ ᠲᠠᠷᠢᠭᠠᠳ ᠦᠭᠡᠷᠡᠴᠢᠯᠡᠵᠤ | ᠴᠢᠳᠠᠬᠤ ᠦᠭᠡᠢ ᠭᠡᠳᠡᠭ ᠢ ᠪᠦᠷᠢᠨ ᠣᠶᠢᠯᠠᠭᠠᠵᠤ᠂ ᠶᠠᠫᠤᠨ ᠠᠴᠠ ᠬᠠᠷᠢᠵᠤ ᠢᠷᠡᠨ ᠬᠤᠨᠢᠴᠢᠨ ᠪᠤᠯᠵᠤ᠂ ᠰᠢᠨ᠎ᠡ | ᠮᠠᠯᠵᠢᠯ ᠤᠨ ᠠᠷᠭ᠎ᠠ ᠵᠠᠮ ᠢᠶᠠᠷ ᠨᠤᠲᠤᠭ ᠤᠰᠤ ᠪᠠᠨ ᠬᠦᠭᠵᠢᠬᠦᠯᠬᠦ ᠪᠠᠷ ᠵᠤᠷᠢᠭ ᠰᠢᠭᠤᠳᠤᠭᠰᠠᠨ ᠭᠡᠳᠡᠭ᠃ 1998 | ᠤᠨ ᠤ ᠶᠡᠭᠡ ᠦᠶᠡᠷ ᠤᠰᠤᠨ ᠤ ᠭᠠᠮᠰᠢᠭ᠂ 2000 ᠤᠨ ᠤ ᠶᠡᠭᠡ ᠭᠠᠩ ᠭᠡᠳ ᠵᠢᠯ ᠳᠠᠷᠠᠭᠠᠯᠠᠭᠰᠠᠨ ᠪᠠᠶᠢᠭᠠᠯᠢ | ᠶᠢᠨ ᠭᠠᠮᠰᠢᠭ ᠠᠴᠠ ᠪᠤᠯᠵᠤ ᠠᠷᠤ ᠬᠤᠷᠴᠢᠨ ᠬᠤᠰᠢᠭᠤ᠂ ᠤᠨᠴᠠᠭᠠᠶᠢᠯᠠᠨ ᠬᠤᠰᠢᠭᠤᠨ ᠤ ᠡᠮᠦᠨ᠎ᠡ ᠭᠡᠰᠡᠭ ᠤᠨ | ᠪᠡᠯᠴᠢᠭᠡᠷ ᠤᠰᠤ ᠪᠠᠭ᠎ᠠ ᠨᠤᠲᠤᠭ ᠤᠨ ᠮᠠᠯᠴᠢᠳ ᠤᠨ ᠠᠮᠢᠳᠤᠷᠠᠯ ᠬᠦᠴᠢᠷᠳᠡᠯ ᠳᠤ ᠲᠤᠯᠭᠠᠷᠠᠵᠤ᠂ 2010 ᠤᠨ | ᠪᠤᠯᠬᠤ ᠳᠤ ᠤᠯᠠᠮᠵᠢᠯᠠᠯᠲᠤ ᠮᠠᠯ ᠠᠵᠤ ᠠᠬᠤᠢ ᠡᠷᠬᠢᠯᠡᠬᠦ ᠶᠠᠮᠠᠷ ᠴᠦ ᠪᠤᠯᠤᠮᠵᠢ ᠦᠭᠡᠢ ᠪᠤᠯᠤᠭᠰᠠᠨ ᠪᠢᠯᠡ᠃ ᠡᠨᠡ | ᠪᠠᠶᠢᠳᠠᠯ ᠳᠤ ᠶᠠᠫᠤᠨ ᠠᠴᠠ ᠰᠠᠶ᠋ᠢᠬᠠᠨ ᠪᠤᠴᠠᠵᠤ ᠢᠷᠡᠭᠰᠡᠨ ᠦᠯᠵᠡᠶᠢᠰᠦ᠋ᠷᠦᠩ ᠨᠤᠲᠤᠭ ᠤᠷᠤᠨ ᠳᠠᠭᠠᠨ ᠵᠢᠱᠢᠶ᠎ᠡ | ᠦᠵᠡᠭᠦᠯᠵᠤ ᠳᠠᠶᠢᠴᠢᠯᠠᠬᠤ ᠵᠤᠷᠢᠯᠭ᠎ᠠ ᠪᠠᠷ ᠬᠤᠪᠢ ᠶᠢᠨ ᠵᠢᠭᠠᠬᠠᠨ ᠬᠦᠷᠦᠩᠭᠡ ᠪᠠᠷ ᠢᠶᠠᠨ ᠬᠤᠷᠰᠢᠶᠠᠵᠢᠯ ᠪᠠᠶᠢᠭᠤᠯᠵᠤ᠂ | ᠲᠡᠵᠢᠭᠡᠯ ᠪᠤᠷᠳᠤᠭ᠎ᠠ ᠦᠢᠯᠡᠳᠪᠦᠷᠢᠯᠡᠨ᠂ ᠬᠤᠨᠢ ᠦᠭᠡᠷ ᠪᠤᠷᠳᠤᠵᠤ ᠲᠡᠵᠢᠭᠡᠬᠦ ᠰᠢᠨ᠎ᠡ ᠮᠠᠯᠵᠢᠯ ᠤᠨ ᠠᠷᠭ᠎ᠠ ᠪᠠᠷ | ᠳᠠᠮᠵᠢᠨ ᠮᠠᠯᠴᠢᠳ ᠤᠨ ᠤᠷᠤᠯᠭ᠎ᠠ ᠶᠢ ᠨᠡᠮᠡᠭᠳᠡᠬᠦᠯᠬᠦ ᠶᠢ ᠣᠷᠢᠳᠠᠯ ᠪᠤᠯᠭᠠᠨ ᠠᠵᠢᠯᠯᠠᠪᠠ᠃ ᠡᠨᠡ ᠪᠦᠬᠦᠨ ᠤ ᠬᠢᠨᠢ | ᠡᠬᠢᠯᠡᠯ ᠪᠤᠯᠵᠤ᠂ ᠶᠠᠫᠤᠨ ᠠᠴᠠ ᠰᠤᠷᠭᠠᠭᠤᠯᠢ ᠪᠠᠨ ᠲᠡᠭᠦᠰᠦᠭᠡᠳ ᠪᠤᠴᠠᠵᠤ ᠢᠷᠡᠭᠰᠡᠨ ᠳᠠᠷᠤᠢ 2012 ᠤᠨ ᠳᠤ ︽ | ᠠᠷᠤ ᠬᠤᠷᠴᠢᠨ ᠮᠡᠨᠳᠦ ᠬᠤᠨᠢᠨ ᠤ ᠬᠤᠷᠰᠢᠶᠠᠵᠢᠯ︾ ᠢ ᠡᠬᠦᠰᠬᠡᠨ ᠪᠠᠶᠢᠭᠤᠯᠵᠤ᠂ ᠰᠢᠬᠠᠮᠠᠯ ᠪᠤᠷᠳᠤᠭ᠎ᠠ | ᠦᠢᠯᠡᠳᠪᠦᠷᠢᠯᠡᠨ᠂ ᠬᠤᠨᠢ ᠦᠭᠡᠷ ᠪᠤᠷᠳᠤᠵᠤ ᠲᠡᠵᠢᠭᠡᠬᠦ ᠠᠵᠢᠯ ᠢ ᠬᠢᠵᠤ᠂ ᠬᠤᠨᠢᠴᠢᠨ ᠪᠤᠯᠬᠤ ᠠᠵᠢᠯ ᠤᠨ ᠭᠠᠷᠤᠭ᠎ᠠ | ᠪᠠᠨ ᠵᠢᠩᠬᠢᠨᠢ ᠪᠠᠷ ᠡᠬᠢᠯᠡᠬᠦᠯᠵᠠᠢ᠃ ︽ᠰᠠᠶᠢᠨ ᠰᠠᠨᠠᠭᠠᠨ ᠤ ᠦᠵᠦᠭᠦᠷ ᠰᠦ︾ ᠭᠡᠭᠴᠢᠯᠡᠨ᠂ ᠬᠤᠷᠰᠢᠶᠠᠵᠢᠯ ᠡᠷᠬᠢᠯᠡᠬᠦ | ᠶᠠᠪᠤᠴᠠ ᠳᠤ ᠬᠤᠪᠢ ᠬᠦᠮᠦᠨ ᠤ ᠬᠤᠪᠢ ᠳᠤ ᠬᠦᠷᠦᠩᠭᠡ ᠮᠦᠩᠬᠦ ᠳᠡᠳᠦᠢ ᠯᠡ ᠤᠯᠵᠤ ᠴᠢᠳᠠᠭᠰᠠᠨ ᠦᠭᠡᠢ ᠴᠦ᠂ | ᠳᠠᠷᠠᠭ᠎ᠠ ᠶᠢᠨ ᠬᠦᠷᠦᠩᠭᠡ ᠮᠦᠩᠬᠦ ᠴᠤᠭᠯᠠᠭᠤᠯᠬᠤ᠂ ᠺᠤᠮᠫᠠᠨᠢ ᠪᠠᠶᠢᠭᠤᠯᠬᠤ ᠠᠵᠢᠯ ᠳᠠᠭᠠᠨ ᠪᠠᠭ᠎ᠠ ᠪᠤᠰᠤ ᠲᠤᠷᠰᠢᠯᠭ᠎ᠠ | ᠬᠤᠷᠠᠮᠳᠤᠭᠤᠯᠵᠤ ᠴᠢᠳᠠᠭᠰᠠᠨ ᠢᠶᠠᠷ ᠪᠠᠷᠠᠬᠤ ᠦᠭᠡᠢ᠂ ᠤᠶᠢᠷ᠎ᠠ ᠤᠷᠴᠢᠮ ᠤᠨ ᠮᠠᠯᠴᠢᠳ ᠲᠠᠭᠠᠨ ᠰᠢᠨ᠎ᠡ ᠮᠠᠯᠵᠢᠯ ᠤᠨ | ᠠᠷᠭ᠎ᠠ ᠲᠤᠷᠰᠢᠯᠭ᠎ᠠ ᠶᠢ ᠲᠠᠨᠢᠭᠤᠯᠵᠤ ᠴᠢᠳᠠᠭᠰᠠᠨ ᠨᠢ ᠶᠠᠭᠤᠨ ᠠᠴᠠ ᠴᠦ ᠦᠨᠡᠳᠡᠢ᠃ | ᠬᠡᠳᠦᠨ ᠵᠢᠯ ᠤᠨ ᠬᠤᠷᠰᠢᠶᠠᠵᠢᠯ ᠡᠷᠬᠢᠯᠡᠬᠦ ᠶᠠᠪᠤᠴᠠ ᠳᠤ ᠮᠠᠯᠴᠢᠳ ᠤᠨ ᠠᠮᠢᠳᠤᠷᠠᠯ ᠤᠨ ᠬᠦᠴᠢᠷᠳᠡᠯ ᠪᠤᠯ | ᠭᠠᠭᠴᠠᠬᠦ ᠮᠠᠯᠴᠢᠳ ᠤᠨ ᠦᠢᠯᠡᠳᠪᠦᠷᠢᠯᠡᠯ ᠤᠨ ᠠᠷᠭ᠎ᠠ ᠮᠠᠶ᠋ᠢᠭ ᠤᠨ ᠬᠤᠴᠤᠷᠤᠭᠳᠠᠯ ᠠᠴᠠ ᠪᠤᠯᠤᠭᠰᠠᠨ ᠪᠢᠰᠢ᠂ | ᠬᠠᠷᠢᠨ ᠤᠯᠠᠮᠵᠢᠯᠠᠯᠲᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠲᠤᠰ ᠪᠡᠶ᠎ᠡ ᠨᠢ ᠴᠠᠭ ᠦᠶ᠎ᠡ ᠶᠢᠨ | ᠬᠦᠭᠵᠢᠯᠲᠡ ᠲᠠᠢ ᠪᠠᠨ ᠵᠤᠬᠢᠴᠠᠬᠤ ᠪᠠᠨ ᠪᠤᠯᠢᠭᠰᠠᠨ ᠠᠴᠠ ᠡᠭᠦᠰᠦᠯᠲᠡᠢ ᠭᠡᠳᠡᠭ ᠶᠢ ᠠᠵᠤ ᠠᠬᠤᠢ ᠶᠢᠨ ᠤᠬᠠᠭᠠᠨ ᠤ | ᠳ᠋ᠤᠺᠲ᠋ᠤᠷ ᠤᠨ ᠭᠢᠷᠬᠠᠢ ᠬᠠᠷᠠᠴᠠ ᠪᠠᠷ ᠦᠵᠡᠵᠤ ᠭᠠᠷᠤᠭᠰᠠᠨ ᠪᠠᠶᠢᠳᠠᠭ᠃ ᠲᠡᠭᠦᠨ ᠤ ᠦᠵᠡᠬᠦ ᠪᠠᠷ ᠡᠨᠡ ᠨᠢ ᠨᠤᠲᠤᠭ | ᠤᠨ ᠬᠡᠳᠦᠨ ᠮᠠᠯᠴᠢᠳ ᠤᠨ ᠠᠮᠢᠳᠤᠷᠠᠯ ᠲᠠᠢ ᠬᠤᠯᠪᠤᠭᠳᠠᠭᠰᠠᠨ ᠤᠴᠢᠷ ᠳᠡᠳᠦᠢ ᠪᠢᠰᠢ᠂ ᠬᠠᠷᠢᠨ ᠡᠨᠡᠬᠦ ᠨᠤᠲᠤᠭ | ᠤᠷᠤᠨ ᠤ ᠬᠦᠭᠵᠢᠯ᠂ ᠪᠦᠬᠦᠶᠢᠯᠡ ᠮᠠᠯ ᠠᠵᠤ ᠠᠬᠤᠢ ᠶᠢᠨ ᠰᠠᠯᠪᠤᠷᠢ ᠶᠢᠨ ᠦᠭᠡᠷᠡᠴᠢᠯᠡᠯᠲᠡ ᠲᠠᠢ ᠬᠤᠯᠪᠤᠭᠳᠠᠭᠰᠠᠨ | ᠠᠵᠤ ᠠᠬᠤᠢ᠂ ᠨᠡᠶᠢᠭᠡᠮ ᠤᠨ ᠲᠤᠮᠤᠬᠠᠨ ᠠᠰᠠᠭᠤᠳᠠᠯ ᠪᠢᠯᠡ᠃ ᠡᠭᠦᠨ ᠢ ᠦᠭᠡᠷᠡᠴᠢᠯᠡᠬᠦ ᠳᠤ ᠭᠠᠭᠴᠠ ᠨᠢᠭᠡ | ᠬᠤᠷᠰᠢᠶᠠᠵᠢᠯ ᠢ ᠲᠦᠰᠢᠭᠯᠡᠭᠡᠳ ᠪᠤᠯᠬᠤ ᠦᠭᠡᠢ᠂ ᠬᠠᠷᠢᠨ ᠡᠨᠡᠬᠦ ᠨᠢᠭᠡᠨ ᠲᠤᠮᠤ ᠰᠠᠯᠪᠤᠷᠢ ᠠᠵᠤ ᠠᠬᠤᠢ ᠶᠢᠨ ᠭᠠᠷᠬᠤ | ᠵᠠᠮ ᠢ ᠬᠠᠶᠢᠬᠤ ᠡᠷᠢᠯ ᠳᠤ ᠮᠤᠷᠳᠠᠬᠤ ᠭᠡᠷᠡᠭᠲᠡᠢ᠃ | | | | | ︽ᠬᠤᠨᠢᠴᠢᠨ︾ ᠺᠤᠮᠫᠠᠨᠢ ᠪᠤᠯᠤᠨ ᠶᠠᠫᠣᠨ ᠤ ᠠᠵᠣ ᠠᠬᠤᠶᠢᠯᠠᠯ ᠲᠠᠢ ᠬᠠᠮᠲᠤᠷᠠᠨ | ᠪᠡᠯᠡ ᠣᠷᠣᠭᠤᠯᠣᠭᠰᠠᠨ ︽ᠮᠧᠩ ᠬᠤᠩ ᠮᠠᠯᠵᠢᠯ ᠤᠨ ᠲᠠᠯᠠᠪᠠᠢ︾ | | | 2014 ᠤᠨ ᠠᠴᠠ ᠡᠬᠢᠯᠡᠨ ᠤᠶᠤᠳᠠᠳ᠂ ᠮᠠᠯᠴᠢᠳ ᠲᠠᠢ ᠪᠡᠯᠡ ᠬᠤᠷᠰᠢᠨ ︽ᠤᠯᠠᠭᠠᠨᠬᠠᠳᠠ ᠬᠤᠲᠠ | ᠶᠢᠨ ᠬᠤᠨᠢᠴᠢᠨ ᠮᠠᠯᠵᠢᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ︾ ᠶᠢ ᠪᠠᠶᠢᠭᠤᠯᠵᠤ᠂ ᠮᠠᠯ ᠠᠵᠤ ᠠᠬᠤᠢ ᠶᠢᠨ | ᠬᠦᠭᠵᠢᠯᠲᠡ ᠶᠢᠨ ᠰᠢᠨ᠎ᠡ ᠭᠠᠷᠤᠴᠠ ᠶᠢ ᠬᠠᠶᠢᠵᠤ ᠡᠬᠢᠯᠡᠪᠠ᠃ ᠠᠵᠤ ᠠᠬᠤᠢ ᠶᠢᠨ ᠤᠬᠠᠭᠠᠨ ᠡᠵᠡᠮᠰᠢᠭᠰᠡᠨ ᠲᠡᠭᠦᠨ ᠤ | ᠪᠤᠳᠤᠬᠤ ᠪᠠᠷ᠂ ᠮᠠᠯ ᠢ ᠲᠡᠵᠢᠭᠡᠵᠤ ᠠᠷᠠᠴᠢᠯᠠᠨ᠂ ᠠᠯᠠᠵᠤ ᠨᠢᠲᠤᠯᠠᠵᠤ᠂ ᠡᠳ᠋ᠰᠢᠬᠦᠯᠦᠨ ᠪᠤᠯᠪᠠᠰᠣᠷᠠᠭᠤᠯᠵᠤ ᠡᠴᠦᠰ | ᠤᠨ ᠪᠦᠲᠦᠭᠡᠭᠳᠡᠬᠦᠨ ᠪᠤᠯᠭᠠᠨ ᠵᠠᠬ᠎ᠠ ᠵᠡᠭᠡᠯᠢ ᠳᠤ ᠭᠠᠷᠭᠠᠬᠤ ᠶᠢ ᠨᠢᠭᠡ ᠴᠤᠭᠴᠠᠵᠢᠭᠤᠯᠤᠭᠰᠠᠨ ᠬᠡᠯᠬᠢᠶᠡᠵᠢᠭᠰᠡᠨ ᠮᠠᠯ | ᠠᠵᠤ ᠠᠬᠤᠢ ᠪᠤᠯᠭᠠᠨ ᠭᠦᠭᠵᠢᠬᠦᠯᠬᠦ ᠨᠢ ᠤᠳᠤ ᠦᠶ᠎ᠡ ᠶᠢᠨ ᠵᠠᠬ᠎ᠠ ᠳᠡᠯᠭᠡᠬᠦᠷ ᠤᠨ ᠠᠵᠤ ᠠᠬᠤᠢ ᠶᠢᠨ ᠨᠦᠭᠦᠴᠡᠯ | ᠳᠤ ᠦᠷᠭᠦᠯᠵᠢᠯᠡᠨ ᠭᠦᠭᠵᠢᠭᠦᠯᠬᠦ ᠦᠨᠳᠦᠰᠦᠨ ᠵᠠᠮ ᠮᠦᠨ᠃ ᠶᠠᠭ ᠡᠬᠦᠨ ᠤ ᠪᠠᠨ ᠬᠦᠷᠢᠶᠡᠨ ᠳᠤ ᠶᠠᠫᠤᠨ ᠠᠴᠠ | ᠬᠦᠷᠦᠩᠭᠡ ᠮᠦᠩᠬᠦ ᠳᠠᠳᠠᠨ᠂ 2017 ᠤᠨ ᠳᠤ ᠭᠠᠳᠠᠭᠠᠳᠤ ᠶᠢᠨ ᠬᠦᠷᠦᠩᠭᠡ ᠤᠷᠤᠭᠤᠯᠤᠯᠲᠠ ᠲᠠᠢ ︽ᠮᠧᠩ | ᠬᠤᠩ ᠮᠠᠯᠵᠢᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ︾ ᠢ ᠪᠠᠶᠢᠭᠤᠯᠵᠤ᠂ ᠴᠠᠶᠢᠳᠠᠮ ᠤᠨᠠᠭ᠎ᠠ ᠶᠢᠨ ᠲᠠᠯ᠎ᠠ ᠳᠤ | ᠡᠪᠡᠰᠦ ᠲᠡᠷᠢᠵᠤ᠂ ᠨᠠᠷᠢᠯᠢᠭ ᠪᠤᠷᠳᠤᠭ᠎ᠠ ᠦᠢᠯᠡᠳᠪᠦᠷᠢᠯᠡᠨ ᠬᠤᠨᠢ ᠲᠡᠵᠢᠭᠡᠬᠦ ᠠᠵᠢᠯ ᠢᠶᠠᠨ ᠱᠠᠯᠠᠪᠳᠠᠨ ᠡᠬᠢᠯᠡᠯ᠎ᠡ᠃ | ᠭᠤᠷᠪᠠᠨ ᠵᠢᠯ ᠤᠨ ᠭᠦᠭᠵᠢᠯᠲᠡ ᠶᠢᠨ ᠶᠠᠪᠤᠴᠠ ᠳᠤ ︽ᠬᠤᠨᠢᠴᠢᠨ︾ ᠺᠤᠮᠫᠠᠨᠢ ᠨᠢ ᠦᠪᠡᠷ ᠤᠨ ︽ᠬᠤᠨᠢᠴᠢᠨ︾ | ᠬᠡᠮᠡᠬᠦ ᠨᠡᠷᠡᠲᠤ ᠳᠡᠮᠳᠡᠭ ᠢ 2016 ᠤᠨ ᠳᠤ ᠠᠮᠵᠢᠯᠲᠠᠢ ᠳᠠᠩᠰᠠᠯᠠᠭᠤᠯᠵᠤ ᠴᠢᠳᠠᠭᠰᠠᠨ ᠢᠶᠠᠷ ᠪᠠᠷᠠᠬᠤ ᠦᠭᠡᠢ᠂ | ᠮᠢᠬᠠᠨ ᠤ ᠨᠠᠷᠢᠯᠢᠭ ᠪᠤᠯᠪᠠᠰᠤᠷᠠᠭᠤᠯᠤᠯᠲᠠ ᠵᠢᠴᠢ ᠪᠤᠷᠤᠯᠠᠭᠤᠯᠤᠯᠲᠠ ᠳᠤ ᠰᠢᠭᠤᠷᠬᠠᠶᠢᠯᠠᠨ᠂ ︽ᠬᠤᠨᠢᠴᠢᠨ︾ | ᠪᠠᠩᠰᠢᠨ ᠤ ᠦᠢᠯᠡᠳᠪᠦᠷᠢᠯᠡᠯ ᠢᠶᠠᠷ ᠢᠶᠠᠨ ᠤᠯᠠᠭᠠᠨᠬᠠᠳᠠ᠂ ᠲᠤᠩᠯᠢᠶᠤᠤ᠂ ᠰᠢᠯᠢᠩᠭᠤᠤᠯ ᠵᠡᠷᠭᠡ ᠤᠶᠢᠷ᠎ᠠ ᠵᠡᠷᠭᠡᠯᠳᠡᠭᠡ | ᠠᠶᠢᠮᠠᠭ ᠬᠤᠳᠠ ᠳᠤ ᠬᠤᠰᠢᠭᠤᠷᠠᠵᠤ ᠶᠠᠪᠤᠨ᠎ᠠ᠃ ᠡᠨᠡ ᠨᠢ ᠮᠦᠨ ᠴᠦ ᠲᠡᠭᠦᠨ ᠤ ᠪᠤᠳᠤᠵᠤ ᠶᠠᠪᠤᠭᠰᠠᠨ | ᠬᠡᠯᠬᠢᠶᠡᠵᠢᠭᠰᠡᠨ ᠮᠠᠯ ᠠᠵᠤ ᠠᠬᠤᠢ ᠶᠢ ᠬᠦᠭᠵᠢᠭᠦᠯᠬᠦ ᠶᠠᠪᠤᠴᠠ ᠶᠢᠨ ᠨᠢᠭᠡᠨ ᠦᠶ᠎ᠡ ᠱᠠᠲᠤ ᠪᠢᠯᠡ᠃ | | | | | ︽ᠬᠤᠨᠢᠴᠢᠨ︾ ᠪᠠᠩᠰᠢ᠂ ᠪᠤᠤᠵᠠ | | ᠨᠢᠭᠡ ᠮᠠᠯ ᠠᠵᠤ ᠠᠬᠤᠢ ᠶᠢ ᠦᠭᠡᠷᠡᠴᠢᠯᠡᠵᠤ ᠬᠦᠭᠵᠢᠭᠦᠯᠬᠦ ᠳᠤ ᠨᠢᠭᠡ ᠬᠦᠮᠦᠨ ᠵᠢᠳᠬᠦᠭᠡᠳ ᠪᠡᠶᠡᠯᠡᠬᠦᠯᠵᠤ | ᠴᠢᠳᠠᠬᠤ ᠦᠭᠡᠢ ᠭᠡᠳᠡᠭ ᠢ ᠰᠠᠶᠢᠨ ᠮᠡᠳᠡᠵᠤ ᠪᠠᠶᠢᠭ᠎ᠠ ᠲᠡᠭᠦᠨ ᠤ ᠬᠤᠪᠢ ᠳᠤ᠂ ᠰᠤᠷᠤᠭᠰᠠᠨ ᠮᠡᠳᠡᠭᠰᠡᠨ ᠵᠦᠢᠯ᠂ | ᠤᠯᠵᠤ ᠠᠯᠳᠠᠭᠰᠠᠨ ᠲᠤᠷᠰᠢᠯᠭ᠎ᠠ ᠪᠠᠨ ᠪᠤᠰᠤᠳ ᠲᠠᠢ ᠪᠠᠨ ᠬᠤᠪᠢᠶᠠᠯᠴᠠᠵᠤ᠂ ᠦᠪᠡᠷ ᠰᠢᠭ ᠢᠶᠠᠨ ᠤᠯᠠᠨ ᠤᠯᠠᠨ | ᠬᠦᠮᠦᠨ ᠬᠦᠮᠦᠵᠢᠭᠦᠯᠬᠦ ᠨᠢ ᠲᠡᠭᠦᠨ ᠤ ᠪᠠᠰᠠ ᠨᠢᠭᠡᠨ ᠵᠤᠷᠢᠯᠭ᠎ᠠ ᠪᠢᠯᠡ᠃ ᠡᠶᠢᠮᠤ ᠤᠴᠢᠷ ᠠᠴᠠ ᠦᠯᠵᠡᠶᠢᠰᠦ᠋ᠷᠦᠩ | ᠭᠤᠸᠠᠢ 2016 ᠤᠨ ᠳᠤ ︽ᠦᠢᠯᠡᠰ ᠤᠨ ᠵᠢᠯᠤᠭᠤ︾ ᠸᠢᠴᠠᠶᠢᠲ ᠲᠠᠪᠴᠠᠩ ᠢ ᠡᠷᠬᠢᠯᠡᠨ᠂ ᠦᠢᠯᠡᠰ ᠪᠤᠰᠬᠠᠬᠤ᠂ | ᠬᠤᠷᠰᠢᠶᠠᠵᠢᠯ ᠡᠷᠬᠢᠯᠡᠬᠦ᠂ ᠮᠠᠯ ᠠᠵᠤ ᠶᠢᠨ ᠡᠵᠡᠩᠨᠡᠯᠲᠠ ᠪᠣᠷᠣᠯᠠᠭᠤᠯᠲᠠ ᠶᠢᠨ ᠬᠦᠮᠦᠵᠢᠯ᠂ ᠵᠦᠪᠯᠡᠮᠵᠢ ᠵᠡᠷᠭᠡ ᠲᠠᠯ᠎ᠠ | ᠶᠢᠨ ᠠᠵᠢᠯ ᠢ ᠡᠷᠬᠢᠯᠡᠨ ᠶᠠᠪᠤᠭᠳᠠᠭᠤᠯᠤᠭᠰᠠᠨ ᠢᠶᠠᠷ ᠵᠤᠭᠰᠤᠬᠤ ᠦᠭᠡᠢ᠂ 2017 ᠤᠨ ᠤ 7 ᠰᠠᠷ᠎ᠠ ᠳᠤ | ᠡᠵᠡᠩᠨᠡᠯᠲᠡ ᠶᠢᠨ ᠤᠬᠠᠭᠠᠨ ᠤ ︽ᠲᠡᠭ ᠠᠴᠠ ᠡᠬᠢᠯᠡᠶ᠎ᠡ︾ ᠸᠢᠴᠠᠶᠢᠲ ᠲᠠᠪᠴᠠᠩ ᠢ ᠪᠠᠶᠢᠭᠤᠯᠵᠤ᠂ ᠡᠵᠡᠩᠨᠡᠯᠲᠡ ᠶᠢᠨ | ᠤᠬᠠᠭᠠᠨ ᠤ ᠲᠠᠯ᠎ᠠ ᠪᠠᠷ ᠰᠢᠰᠲ᠋ᠧᠮ ᠲᠠᠢ ᠲᠤᠰᠬᠠᠢ ᠬᠢᠴᠢᠶᠡᠯ ᠤᠷᠤᠵᠤ ᠡᠬᠢᠯᠡᠪᠠ᠃ ᠮᠦᠨ ᠦᠪᠦᠷ ᠮᠤᠩᠭᠤᠯ ᠤᠨ | ᠦᠨᠳᠦᠰᠦᠲᠡᠨ ᠤ ᠶᠡᠭᠡ ᠰᠤᠷᠭᠠᠭᠤᠯᠢ ᠳᠤ ᠤᠷᠢᠭᠳᠠᠨ ᠤᠴᠢᠵᠤ ᠲᠤᠰᠬᠠᠢ ᠰᠡᠳᠦᠪ ᠢᠶᠠᠷ ᠯᠧᠺᠽ ᠤᠩᠰᠢᠭᠰᠠᠨ ᠢᠶᠠᠷ | ᠪᠠᠷᠠᠬᠤ ᠦᠭᠡᠢ᠂ ᠤᠷᠳᠤᠰ᠂ ᠰᠢᠯᠢᠩᠭᠤᠤᠯ᠂ ᠰᠢᠨᠵᠢᠶᠠᠩ ᠵᠡᠷᠭᠡ ᠤᠯᠠᠨ ᠭᠠᠵᠠᠷ ᠢᠶᠠᠷ ᠬᠦᠷᠴᠦ ᠦᠢᠯᠡᠰ | ᠡᠷᠬᠢᠯᠡᠭᠴᠢᠳ᠂ ᠣᠶᠣᠲᠠᠳ ᠵᠢᠴᠢ ᠮᠠᠯᠴᠢᠳ ᠲᠤ ᠲᠤᠰ ᠤᠷᠤᠨ ᠤ ᠪᠠᠶᠢᠳᠠᠯ ᠲᠠᠢ ᠤᠶᠠᠯᠳᠤᠭᠤᠯᠵᠤ᠂ ᠡᠵᠡᠩᠨᠡᠯᠲᠡ | ᠪᠤᠷᠤᠯᠠᠭᠤᠯᠤᠯᠲᠠ ᠶᠢᠨ ᠲᠤᠬᠠᠢ ᠶᠠᠷᠢᠯᠴᠠᠭᠠᠨ ᠤ ᠬᠡᠯᠪᠡᠷᠢ ᠶᠢᠨ ᠬᠢᠴᠢᠶᠡᠯ ᠲᠠᠶᠢᠯᠤᠮᠵᠢ ᠬᠢᠪᠠ᠃ 2015 ᠤᠨ ᠠᠴᠠ | ᠡᠬᠢᠯᠡᠨ ᠦᠪᠦᠷ ᠮᠤᠩᠭᠤᠯ ᠤᠨ ᠮᠤᠩᠭᠤᠯ ᠷᠠᠳᠢᠤ᠋ ᠶᠢᠨ ︽ᠮᠠᠯᠴᠢᠨ ᠲᠠᠷᠢᠶᠠᠴᠢᠨ ᠤ ᠬᠠᠨᠢ ᠨᠡᠪᠲᠡᠷᠡᠭᠦᠯᠭᠡ︾ ᠶᠢᠨ | ᠤᠨᠴᠠ ᠤᠷᠢᠭᠰᠠᠨ ᠮᠡᠷᠭᠡᠵᠢᠯᠲᠡᠨ ᠢᠶᠠᠷ ᠤᠷᠢᠭᠳᠠᠵᠤ ᠶᠠᠷᠢᠯᠴᠠᠭ᠎ᠠ ᠬᠢᠵᠤ᠂ ᠨᠡᠶᠢᠲᠡ ᠮᠠᠯᠴᠢᠨ ᠲᠡᠷᠢᠶᠠᠴᠢᠳ ᠲᠠᠭᠠᠨ | ᠦᠨᠡᠲᠡᠢ ᠵᠦᠪᠯᠡᠮᠵᠢ ᠦᠭᠴᠦ ᠢᠷᠡᠯ᠎ᠡ᠃ ᠡᠭᠦᠨ ᠢᠶᠠᠷ ᠴᠦ ᠵᠤᠭᠰᠤᠬᠤ ᠦᠭᠡᠢ 2014 ᠤᠨ ᠳᠤ ᠦᠪᠦᠷ ᠮᠤᠩᠭᠤᠯ | ᠤᠨ ᠪᠠᠭᠰᠢ ᠶᠢᠨ ᠶᠡᠭᠡ ᠰᠤᠷᠭᠠᠭᠤᠯᠢ ᠶᠢᠨ ︽ᠢᠷᠭᠤᠢ︾ ᠰᠡᠳᠬᠦᠯ ᠢ ᠮᠢᠩᠭᠠᠨ ᠲᠦᠭᠦᠷᠢᠭ᠂ 2016 ᠤᠨ ᠤ 3 | ᠰᠠᠷ᠎ᠠ ᠳᠤ ᠪᠤᠯᠤᠭᠰᠠᠨ ᠴᠢᠩᠬᠢᠰ ᠰᠦᠯᠵᠢᠶ᠎ᠡ ᠠᠴᠠ ᠡᠷᠬᠢᠯᠡᠨ ᠶᠠᠪᠤᠭᠳᠠᠭᠤᠯᠤᠭᠰᠠᠨ ᠵᠤᠬᠢᠶᠠᠯ ᠤᠨ ᠱᠠᠩᠨᠠᠯᠲᠤ | ᠤᠷᠤᠯᠳᠤᠭᠠᠨ ᠢ ᠨᠢᠭᠡ ᠲᠦᠮᠡᠨ ᠲᠦᠭᠦᠷᠢᠭ ᠵᠡᠷᠭᠡ ᠪᠠᠷ ᠢᠪᠡᠭᠡᠨ ᠳᠡᠳᠬᠦᠵᠤ ᠢᠷᠡᠭᠰᠡᠨ ᠪᠠᠶᠢᠳᠠᠭ᠃ ᠮᠠᠯᠴᠢᠨ | ᠬᠦᠮᠦᠨ ᠤ ᠬᠢᠷᠢ ᠳᠤ ᠡᠳᠡᠭᠡᠷ ᠨᠢ ᠪᠠᠭ᠎ᠠ ᠪᠤᠰᠤ ᠮᠦᠩᠬᠦ ᠪᠠᠶᠢᠭᠰᠠᠨ ᠴᠦ ᠲᠡᠭᠦᠨ ᠤ ᠪᠤᠰᠤᠳ ᠤᠨ ᠢᠶᠠᠨ ᠲᠦᠯᠦᠭᠡ | ᠭᠡᠰᠡᠨ ᠴᠢᠩ ᠦᠨᠡᠨᠴᠢ ᠰᠡᠳᠬᠢᠯ ᠤᠨ ᠬᠢᠨᠢ ᠤᠨᠳᠤᠷᠠᠭ᠎ᠠ ᠪᠠᠶᠢᠭᠰᠠᠨ ᠪᠢᠯᠢᠤ᠃ | 2011 ᠤᠨ ᠳᠤ ᠶᠠᠫᠤᠨ ᠠᠴᠠ ᠪᠤᠴᠠᠵᠤ ᠢᠷᠡᠭᠰᠡᠨ ᠠᠴᠠ ᠤᠳᠤ ᠪᠤᠯᠲᠠᠯ᠎ᠠ ᠤᠬᠤᠷᠬᠠᠨ ᠵᠢᠷᠭᠤᠭᠠᠨ ᠵᠢᠯ | ᠤᠨ ᠳᠤᠲᠤᠷ᠎ᠠ ᠪᠤᠰᠤᠳ ᠤᠨ ᠬᠠᠷᠠᠴᠠᠨ ᠳᠤ ᠴᠢᠮᠠᠯᠠᠬᠤ ᠪᠠᠷ ᠦᠭᠡᠢ ᠵᠦᠢᠯ ᠢ ᠬᠢᠵᠤ ᠪᠦᠲᠦᠭᠡᠭᠰᠡᠨ ᠴᠦ᠂ ᠲᠡᠭᠦᠨ ᠤ | ᠬᠦᠰᠡᠵᠤ ᠵᠤᠷᠢᠵᠤ ᠵᠢᠳᠬᠦᠵᠤ ᠶᠠᠪᠤᠭ᠎ᠠ ᠪᠦᠬᠦᠨ ᠤ ᠬᠠᠵᠠᠭᠤ ᠳᠤ ᠲᠤᠩ ᠴᠦ ᠪᠠᠭ᠎ᠠ ᠵᠦᠢᠯ ᠪᠤᠯᠬᠤ ᠨᠢ ᠳᠠᠮᠵᠢᠭ | ᠦᠭᠡᠢ᠃ ᠭᠡᠪᠡᠴᠤ ᠲᠡᠭᠦᠨ ᠤ ᠬᠢᠭᠰᠡᠨ ᠪᠦᠬᠦᠨ ᠢ ᠨᠢ ᠨᠠᠮ ᠵᠠᠰᠠᠭ ᠠᠴᠠ ᠦᠨᠳᠦᠷ ᠦᠨᠡᠯᠡᠵᠤ᠂ 2017 ᠤᠨ ᠳᠤ | ᠠᠷᠤ ᠬᠤᠷᠴᠢᠨ ᠬᠤᠰᠢᠭᠤᠨ ᠤ ᠠᠷᠪᠠᠨ ᠳᠦᠷᠪᠠᠳᠦᠭᠡᠷ ᠬᠤᠭᠤᠴᠠᠭᠠᠨ ᠤ ᠤᠯᠤᠰ ᠲᠦᠷᠦ ᠶᠢᠨ ᠵᠦᠪᠯᠡᠭᠡᠨ ᠤ | ᠭᠡᠰᠢᠬᠦᠨ ᠢᠶᠠᠷ ᠰᠤᠩᠭᠤᠭᠰᠠᠨ ᠨᠢ᠂ ᠡᠨᠡ ᠬᠦᠮᠦᠨ ᠤ ᠨᠤᠲᠤᠭ ᠤᠷᠤᠨ ᠢᠶᠠᠨ᠂ ᠮᠠᠯᠴᠢᠨ ᠲᠦᠮᠡᠨ ᠢᠶᠠᠨ ᠭᠡᠰᠡᠨ | ᠰᠡᠳᠬᠢᠯ ᠤᠨ ᠬᠢᠨᠢ ᠬᠠᠷᠢᠭᠤ ᠪᠠᠷᠢᠵᠤ ᠪᠠᠶᠢᠭ᠎ᠠ ᠪᠡᠯᠡᠭ ᠪᠤᠶᠤ᠃ | | ᠵᠤᠬᠢᠶᠠᠭᠴᠢ᠄ ᠰᠧᠨᠳᠤᠤ ︵ᠴᠦᠨ ᠯᠸᠢ︶ | ᠵᠤᠬᠢᠶᠠᠭᠴᠢ ᠶᠢᠨ ᠬᠠᠶ᠋ᠢᠭ᠄ ᠠᠷᠤ ᠬᠤᠷᠴᠢᠨ ᠬᠤᠰᠢᠭᠤᠨ ᠤ ᠴᠢᠪᠠᠭ᠎ᠠ ᠪᠠᠯᠭᠠᠰᠤ | ᠬᠠᠷᠢᠯᠴᠠᠬᠤ ᠤᠲᠠᠰᠤ᠄ 13451334446 | |