ᠨᠤᠳᠤᠭ ᠤᠰᠤᠨ ᠤ ᠲᠡᠤᠭᠡ ᠶᠢ ᠪᠢᠴᠢᠭᠯᠡᠵᠦ ᠴᠠᠳᠢᠭᠯᠠᠭᠰᠠᠨ ᠪᠦᠰᠡᠬᠦᠢ
ᠨᠡᠶᠢᠲᠡᠯᠡᠭᠰᠡᠨ ᠴᠠᠭ᠄
2017/12/1
ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠡᠨ 70 ᠵᠢᠯ ᠤᠨ ᠤᠢ ᠶᠢᠨ ᠪᠠᠶᠠᠷ ᠢ ᠪᠡᠯᠭᠡᠯᠡᠬᠦ ︽ᠡᠷᠡᠨ ᠵᠠᠭᠤᠨ ᠤ ᠬᠤᠰᠢᠭᠤᠴᠢ︾ ᠰᠡᠳᠦᠪᠳᠤ ᠵᠤᠬᠢᠶᠠᠯ ᠤᠨ ᠱᠠᠩᠨᠠᠯᠳᠤ ᠤᠷᠤᠯᠳᠤᠭᠠᠨ ᠤ ᠵᠤᠬᠢᠶᠠᠯ        2017 ᠤᠨ ᠤ 8 ᠰᠠᠷ᠎ᠠ ᠶᠢᠨ 16 ᠤ ᠨᠠᠮᠤᠷ ᠤᠨ ᠨᠠᠯᠠᠭᠠᠷ ᠡᠳᠤᠷ ᠢᠶᠠᠷ ᠬᠠᠨᠰᠦ᠋ᠮ᠎ᠡ ᠰᠤᠮᠤ ᠶᠢᠨ ᠵᠢᠷᠦᠭᠡ ᠭᠠᠴᠠᠭᠠᠨ ᠤ ᠨᠠᠭᠠᠳᠤᠮ ᠤᠨ ᠬᠤᠷᠠᠯ ᠤᠨ ᠰᠤᠷᠠᠭ ᠢ ᠲᠤᠭᠤᠯᠵᠦ ᠤᠤᠯ ᠠᠴᠠ ᠪᠠᠨ ᠨᠠᠶᠢᠷ ᠨᠠᠭᠠᠳᠤᠮ ᠤᠯᠠᠨ ᠬᠦᠮᠦᠨ ᠤ ᠬᠦᠯ ᠦᠢᠮᠡᠭᠡᠨ ᠳᠤ ᠤᠴᠢᠬᠤ ᠲᠤᠷ᠎ᠠ ᠦᠭᠡᠢ ᠪᠠᠶᠢᠳᠠᠭ ᠪᠢ ᠴᠦ ᠦᠨᠦᠳᠤᠷ ᠶᠡᠷᠦ ᠨᠢ ᠪᠤᠯᠵᠤᠭ᠎ᠠ  ᠲᠠᠢ ᠶᠤᠮᠰᠢᠭ ᠬᠦᠯ ᠬᠦᠭᠡᠷᠴᠡᠭ ᠪᠤᠯᠵᠦ ᠨᠠᠭᠠᠳᠤᠮ ᠤᠨ ᠬᠤᠷᠠᠯ ᠳᠤ ᠤᠴᠢᠬᠤ ᠵᠠᠮ ᠢ ᠡᠯᠬᠦᠵᠦ ᠪᠢᠯᠨ᠃        ᠨᠠᠶᠢᠷ ᠤᠨ ᠲᠠᠯᠠᠪᠠᠢ ᠳᠤ ᠬᠦᠷᠬᠦ ᠪᠠᠷ ︽ᠵᠢᠷᠦᠭᠡ ᠭᠠᠴᠠᠭᠠᠨ ᠤ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠡᠨ 70 ᠵᠢᠯ ᠤᠨ ᠠᠬᠤᠢ ᠶᠢ ᠪᠡᠯᠭᠡᠯᠡᠬᠦ ᠠᠩᠬᠠᠳᠤᠭᠴᠢ ᠮᠠᠯᠴᠢᠳ ᠤᠨ ᠨᠠᠶᠢᠷ ᠵᠢᠴᠢ ᠭᠠᠴᠠᠭᠠᠨ ᠦᠢᠯᠠᠯᠭ᠎ᠠ ᠲᠠᠷᠬᠠᠭᠠᠬᠤ ᠶᠤᠰᠤᠯᠠᠯ︾ ᠭᠡᠬᠦ ᠲᠠᠶᠢᠰᠨ ᠶᠢᠨ ᠢᠯᠡᠷᠭᠡᠶᠢᠯᠡᠯ ᠬᠠᠷᠠᠭᠠᠨ ᠳᠤ ᠲᠤᠳᠤᠷᠠᠬᠤ ᠪᠠᠷ ᠡᠨᠡᠬᠦ ᠵᠢᠷᠤᠭ ᠮᠡᠳᠤ ᠰᠠᠶᠢᠬᠠᠨ ᠠᠭᠤᠯᠨ ᠤᠰᠤ ᠲᠠᠢ ᠨᠤᠳᠤᠭ ᠤᠨ ᠢᠶᠠᠨ ᠴᠠᠳᠢᠭ ᠲᠡᠤᠭᠡ ᠶᠢ ᠪᠢᠴᠢᠭᠰᠡᠨ ︽ᠵᠢᠷᠦᠬᠡ ᠨᠤᠲᠤᠭ︾ ᠭᠡᠬᠦ ᠨᠤᠮ ᠤᠨ ᠵᠤᠬᠢᠶᠠᠭᠴᠢ ᠲᠠᠢ ᠦᠨᠦᠳᠤᠷ ᠤᠴᠠᠷᠠᠬᠤ ᠶᠤᠮᠰᠠᠨ ᠭᠡᠵᠤ ᠰᠡᠳᠬᠢᠯ ᠬᠦᠪᠬᠢᠨ ᠪᠠᠶᠠᠷᠯᠠᠵᠦ ᠠᠮᠵᠢᠯ᠎ᠠ᠃        ᠨᠤᠮ ᠲᠠᠷᠬᠠᠭᠠᠬᠤ ᠶᠤᠰᠤᠯᠠᠯ ᠶᠠᠪᠤᠬᠳᠠᠬᠤ ᠭᠱᠠᠨ᠎ᠠ ᠵᠢᠷᠦᠭᠡ ᠨᠤᠳᠤᠭ ᠤᠨ ᠠᠭᠤᠯᠨ ᠬᠠᠶᠢᠷᠬᠠᠨ ᠢᠶᠠᠨ ᠰᠢᠭ ᠲᠦᠪᠯᠡᠬᠦᠨ ᠡᠷᠬᠢᠮᠰᠦᠭ᠂ ᠤᠷᠤᠰᠬᠠᠯ ᠲᠤᠩᠭᠠᠯᠠᠭ ᠤᠰᠤ ᠭᠤᠤᠯ ᠢᠶᠠᠨ ᠰᠢᠭ ᠬᠦᠮᠦᠨ ᠤ ᠰᠡᠳᠬᠢᠯ ᠢ ᠨᠠᠪᠳᠡ ᠤᠩᠰᠢᠴᠢᠬᠠᠮᠠᠷ ᠤᠰᠬᠠᠯ ᠲᠦᠯᠭᠡᠭᠡᠨ ᠬᠠᠷᠠᠴᠨ ᠲᠠᠢ᠂ ᠬᠠᠷ᠎ᠠ ᠨᠢᠳᠤᠨ ᠪᠦᠰᠡᠬᠦᠢ ᠤᠯᠠᠨ ᠤ ᠬᠠᠷᠠᠭᠠᠨ ᠳᠤ ᠲᠤᠳᠤᠷᠠᠵᠦ ᠲᠡᠷᠡ ᠪᠢᠴᠢᠭᠰᠡᠨ ᠨᠤᠮ ᠤᠨ ᠢᠶᠠᠨ ᠲᠤᠬᠠᠢ ᠦᠵᠡᠭᠴᠢ ᠤᠯᠠᠨ ᠳᠤ ᠲᠠᠨᠢᠯᠴᠠᠭᠤᠯᠵᠦ ᠲᠠᠶᠢᠯᠪᠦᠷᠢᠯᠠᠬᠤ  ᠪᠠᠷ ᠬᠦᠰᠡᠨ ᠬᠦᠯᠢᠶᠡᠵᠦ ᠪᠠᠶᠢᠭᠰᠠᠨ‌‍ᠰᠡᠳᠬᠢᠯ ᠮᠢᠨᠢ ᠬᠦᠪᠬᠢᠬᠦ‍ ᠰᠢᠭ ᠪᠤᠯᠵᠦ᠂ ᠭᠠᠷᠴᠠᠭ᠎ᠠ ᠦᠭᠡᠢ ᠨᠤᠮ ᠤᠨ ᠡᠭᠡᠴᠢ ᠰᠡᠴᠡᠩᠭᠤᠸ᠎ᠠ ᠪᠤᠯᠬᠤ ᠶᠢ ᠲᠠᠨᠢᠵᠦ ᠪᠢᠯᠨ᠃ ᠮᠥᠨ ᠡᠨᠡ ᠬᠤᠷᠤᠮ ᠢᠶᠠᠷ ᠡᠨᠡᠬᠦ ᠨᠦᠷᠢ ᠶᠡᠭᠡ ᠤᠶᠤᠨ ᠤ ᠬᠦᠳᠡᠯᠮᠤᠷᠢ  ᠪᠠᠷ ᠦᠨᠦᠳᠤᠷ ᠤᠨ ᠰᠡᠳᠬᠢᠯ ᠲᠤᠭᠳᠤᠯᠤᠮ᠎ᠠ ᠮᠦᠴᠨ ᠶᠢ ᠤᠭᠳᠤᠨ ᠠᠪᠴᠢᠷᠠᠵᠦ᠂ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠢ ᠲᠤᠬᠢᠶᠠᠯᠳᠣᠭᠤᠯᠣᠨ ᠨᠤᠳᠤᠭ ᠤᠰᠤᠨ ᠤ ᠪᠠᠨ ᠲᠡᠤᠭᠡ ᠴᠠᠳᠢᠭ ᠢ ᠪᠢᠴᠢᠭᠯᠡᠵᠦ ᠲᠡᠪᠳᠡᠷᠯᠡᠭᠰᠡᠨ ᠲᠡᠬᠦᠨ ᠤ ᠡᠮᠦᠨ᠎ᠡ ᠠᠴᠠ ᠦᠪᠡᠷ ᠤᠨ ᠡᠷᠭᠡ ᠦᠭᠡᠢ ᠪᠢᠰᠢᠷᠡᠨ ᠲᠤᠭᠳᠤᠯᠵᠦ ᠪᠢᠯᠨ᠃            ᠬᠦᠮᠦᠨ ᠪᠤᠯᠬᠤ ᠪᠠᠭ᠎ᠠ ᠠᠴᠠ ᠪᠠᠨ            ᠬᠦᠯᠦᠭ ᠪᠤᠯᠬᠤ ᠤᠨᠠᠭᠠᠨ ᠠᠴᠠ ᠪᠠᠨ
         ᠰᠡᠴᠡᠩᠭᠤᠸ᠎ᠠ                ᠰᠡᠴᠡᠩᠭᠤᠸ᠎ᠠ 1975 ᠤᠨ ᠤ 10 ᠰᠠᠷ᠎ᠠ ᠶᠢᠨ 26 ᠳᠤ ᠠᠷᠤ ᠬᠤᠷᠴᠢᠨ ᠬᠤᠰᠢᠭᠤᠨ ᠤ ᠤᠤᠯ ᠤᠨ ᠪᠠᠶᠠᠨᠪᠤᠯᠠᠭ ᠰᠤᠮᠤ ᠶᠢᠨ ᠠᠮᠰᠠᠷ ᠭᠠᠴᠠᠭᠠᠨ ᠳᠤ ᠲᠠᠷᠬᠠᠨ ᠬᠤᠰᠢᠭᠤ ᠪᠤᠷᠵᠢᠬᠢᠨ ᠤᠪᠤᠭᠳᠤ ᠭᠠᠨᠵᠣᠣᠷᠵᠠᠪ ᠪᠠ ᠦᠷᠡᠴᠡᠴᠡᠭ ᠤᠨ ᠤᠤᠭᠠᠨ ᠭᠡᠤᠭᠡᠨ ᠨᠢ ᠪᠤᠯᠤᠨ ᠵᠠᠶᠠᠭᠠᠵᠠᠢ᠃ ᠲᠤᠬᠠᠢ ᠶᠢᠨ ᠦᠶ᠎ᠡ ᠠᠪᠤ ᠡᠵᠢ ᠨᠢ ᠠᠷᠠᠳ ᠤᠨ ᠪᠠᠭᠰᠢ ᠶᠢᠨ ᠠᠯᠪᠠᠨ ᠳᠤ ᠶᠠᠭᠠᠷᠠᠵᠦ ᠪᠠᠶᠢᠭᠰᠡᠨ ᠤᠴᠢᠷ ᠠᠴᠠ ᠲᠡᠷᠨ ᠪᠠᠭ᠎ᠠ ᠨᠠᠰᠤᠨ ᠠᠴᠠ ᠪᠠᠨ ᠬᠠᠨᠰᠦ᠋ᠮ᠎ᠡ ᠰᠤᠮᠤ  ᠶᠢᠨ ᠵᠢᠷᠦᠭᠡ ᠭᠠᠴᠠᠭᠠᠨ ᠳᠤ ᠪᠠᠶᠢᠭ᠎ᠠ ᠨᠠᠭᠠᠴᠤ ᠡᠪᠦᠭᠡ ᠡᠮᠡᠭᠡ ᠶᠢᠨ ᠢᠶᠠᠨ ᠡᠩᠬᠦᠷᠡᠶᠢᠯᠡᠯ ᠲᠤᠮᠳᠠ ᠦᠰᠤᠨ ᠪᠤᠶᠢᠵᠢᠵᠦ ᠭᠡᠳᠦᠶᠢᠪᠠᠷ ᠨᠠᠭᠠᠴᠤ ᠡᠪᠦᠭᠡ ᠡᠮᠡᠭᠡ ᠶᠢᠨ ᠢᠶᠠᠨ ︽ᠠᠯᠠᠭᠠᠨ ᠲᠡᠭᠡᠷ᠎ᠡ ᠪᠠᠨ ᠲᠠᠯᠪᠢᠪᠠᠯ ᠪᠦᠮᠪᠦᠷᠢᠮᠡᠷ ᠠᠮᠠᠨ  ᠳᠠᠭᠠᠨ ᠬᠢᠪᠡᠯ ᠬᠠᠶᠢᠯᠤᠮᠠᠷ︾ ᠡᠩᠬᠦᠷᠠᠢ ᠪᠦᠪᠠᠢ ᠪᠠᠶᠢᠭᠰᠠᠨ ᠴᠦ ᠴᠢᠩᠭ᠎ᠠ ᠨᠢᠮᠪᠠᠢ ᠰᠤᠷᠳᠠᠯ ᠰᠤᠷᠭᠠᠯ᠂ ᠵᠦᠪ ᠲᠦᠪ ᠶᠤᠰᠤ ᠵᠦᠢ ᠲᠠᠢ ᠬᠦᠮᠦᠵᠢᠭᠳᠡᠭᠰᠡᠨ ᠪᠢᠯᠨ᠃       ᠲᠡᠷᠨ ᠠᠪᠤ ᠡᠵᠢ ᠶᠢᠨ ᠢᠶᠠᠨ ᠨᠦᠯᠦᠭᠡ ᠪᠠᠷ ᠨᠤᠮ ᠲᠡᠪᠳᠡᠷ ᠲᠠᠢ ᠤᠶᠢᠷᠠᠬᠠᠨ ᠦᠰᠴᠤ ᠪᠠᠭ᠎ᠠ ᠰᠤᠷᠭᠠᠭᠤᠯᠢ  ᠠᠴᠠ ᠪᠠᠨ ᠡᠬᠢᠯᠡᠨ ᠬᠢᠴᠢᠶᠡᠯ ᠰᠤᠷᠤᠯᠭ᠎ᠠ ᠳᠠᠭᠠᠨ ᠰᠢᠮᠳᠠᠯ ᠲᠠᠢ ᠰᠠᠶᠢᠨ ᠰᠤᠷᠳᠠᠭ ᠪᠦᠭᠡᠳ ᠲᠡᠭᠡᠳᠤ ᠲᠤᠮᠳᠠᠳᠤ ᠳᠤ ᠰᠤᠷᠤᠯᠴᠠᠵᠦ ᠪᠠᠶᠢᠬᠤ ᠬᠤᠭᠤᠴᠠᠭᠠᠨ ᠳᠤ ᠪᠠᠨ ᠰᠤᠷᠭᠠᠭᠤᠯᠢ ᠶᠢᠨ ︽ᠰᠠᠮᠪᠠᠷ᠎ᠠ ᠶᠢᠨ ᠰᠤᠨᠢᠨ ᠢ ᠡᠷᠬᠢᠯᠡᠬᠦ︾ ᠰᠤᠷᠭᠠᠭᠤᠯᠢ ᠶᠢᠨ ᠬᠦᠷᠢᠶᠡᠨ ᠤ ᠵᠤᠬᠢᠶᠠᠨ ᠪᠢᠴᠢᠯᠭᠡ ᠶᠢᠨ ᠤᠷᠤᠯᠳᠤᠭᠠᠨ ᠳᠤ ᠤᠷᠤᠯᠴᠡᠨ ᠬᠦᠬᠢᠬᠦᠯᠦᠯ ᠵᠤᠷᠢᠭᠵᠢᠭᠤᠯᠤᠯ ᠬᠦᠷᠳᠡᠵᠦ ᠪᠢᠴᠢᠵᠦ ᠤᠷᠤᠯᠳᠤᠬᠤ ᠠᠩᠬᠠᠨ ᠤ ᠭᠠᠷᠤᠭ᠎ᠠ ᠪᠠᠨ ᠡᠬᠢᠯᠡᠵᠦ ᠪᠢᠯᠨ᠃ ᠤᠯᠤᠰ ᠤᠨ ᠰᠢᠯᠭᠠᠯᠳᠠ ᠳᠤ ᠲᠤᠭᠠᠳᠠᠶᠢᠬᠠᠨ ᠭᠡᠳᠦᠨ ᠬᠦᠮᠦᠨ ᠡᠯᠰᠡᠭᠳᠡᠵᠦ ᠪᠠᠶᠢᠭᠰᠠᠨ ᠲᠤᠬᠠᠢ ᠶᠢᠨ ᠦᠶ᠎ᠡ ᠲᠡᠷᠨ ᠭᠡᠳᠦᠶᠢᠪᠡᠷ ᠶᠡᠭᠡ ᠰᠤᠷᠭᠠᠭᠤᠯᠢ ᠳᠤ ᠡᠯᠰᠡᠭᠳᠡᠵᠦ ᠲᠡᠶᠢᠯᠦᠭᠰᠡᠨ ᠦᠭᠡᠢ ᠪᠤᠯᠪᠠᠴᠤ 1999 ᠤᠨ ᠠᠴᠠ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠭᠡᠯᠨ ᠤᠳᠬ᠎ᠠ ᠵᠤᠬᠢᠶᠠᠯ ᠤᠨ ᠰᠠᠯᠪᠦᠷᠢ ᠶᠢᠨ ᠦᠪᠡᠷᠳᠡᠭᠡᠨ ᠰᠤᠷᠴᠤ ᠰᠢᠯᠭᠠᠭᠤᠯᠬᠤ ᠠᠩᠬᠢ ᠳᠤ ᠰᠤᠷᠤᠯᠴᠡᠨ ᠲᠤᠷ᠎ᠠ ᠪᠠᠭ᠋ᠠᠳᠠᠢ ᠵᠦᠢᠯ ᠪᠤᠯᠬᠤ ᠭᠡᠯᠨ ᠤᠳᠬ᠎ᠠ ᠵᠤᠬᠢᠶᠠᠯ ᠤᠨ ᠲᠤᠬᠠᠢ ᠮᠡᠳᠡᠯᠭᠡ ᠪᠠᠨ ᠲᠡᠭᠡᠭᠰᠢᠯᠡᠬᠦᠯᠦᠭᠰᠡᠨ ᠶᠤᠮ᠃             ᠵᠠᠯᠠᠭᠤ ᠨᠠᠰᠤᠨ ᠤ ᠵᠤᠯᠪᠤᠭᠠᠳᠤ ᠠᠮᠢᠳᠤᠷᠠᠯ
        ᠰᠡᠴᠡᠩᠭᠤᠸ᠎ᠠ ᠭᠡᠷ ᠪᠦᠯᠢ ᠪᠠᠷ ᠢᠶᠠᠨ        ᠰᠡᠴᠡᠩᠭᠤᠸ᠎ᠠ 2000 ᠤᠨ ᠳᠤ ᠴᠢᠪᠠᠭ᠎ᠠ ᠪᠠᠯᠭᠠᠰᠤᠨ ᠳᠤ ᠬᠠᠯᠠᠭᠤᠨ ᠲᠤᠯᠠᠭᠠᠨ ᠭᠡᠷ ᠪᠦᠯᠢ ᠪᠠᠨ ᠪᠠᠶᠢᠭᠤᠯᠵᠦ᠂ ᠲᠤᠯᠭ᠎ᠠ ᠶᠢᠨ ᠭᠠᠯ ᠲᠦᠷᠡᠯᠵᠡᠭᠰᠡᠨ ᠮᠤᠩᠭᠤᠯ ᠪᠦᠯᠢ ᠶᠢᠨ ᠦᠷᠬᠦᠭᠡ ᠰᠡᠬᠦᠵᠦ ᠠᠮᠢᠳᠤᠷᠠᠯ ᠢᠶᠠᠨ ᠡᠬᠢᠯᠡᠭᠰᠡᠨ ᠪᠢᠯᠨ᠃ ᠲᠤᠬᠠᠢ ᠶᠢᠨ ᠦᠶ᠎ᠡ ᠲᠡᠷᠨ ᠭᠡᠳᠦᠶᠢᠪᠡᠷ ᠦᠪᠡᠷ ᠤᠨ ᠭᠡᠰᠡᠨ ᠠᠵᠢᠯ ᠦᠢᠯᠡᠰ ᠲᠠᠢ ᠵᠠᠯᠠᠭᠤ ᠬᠠᠯᠠᠭᠤᠨ ᠨᠠᠰᠤᠨ ᠤ ᠭᠠᠩᠭᠠᠩ ᠲᠦᠷᠦᠭᠡᠨ ᠲᠡᠭᠡᠷ᠎ᠡ ᠬᠢᠯᠠᠷᠠᠭᠤᠯᠵᠦ ᠶᠠᠪᠤᠬᠤ ᠪᠤᠯᠤᠮᠵᠢ ᠲᠠᠢ ᠪᠠᠶᠢᠭᠰᠡᠨ ᠴᠦ ᠬᠦᠳᠡᠭᠡ ᠭᠡᠷ ᠲᠡᠭᠡᠨ ᠲᠡᠩᠭᠡᠯᠡᠬᠦᠨ ᠠᠮᠢᠳᠤᠷᠠᠯ ᠲᠠᠢ ᠨᠠᠭᠠᠴᠤ ᠡᠪᠦᠭᠡ ᠡᠮᠡᠭᠡ ᠨᠢ ᠨᠠᠰᠤ ᠠᠬᠢᠭᠰᠠᠨ ᠠᠴᠠ ᠮᠠᠯ ᠠᠬᠤᠢ  ᠪᠠᠨ ᠲᠤᠳᠤᠮᠳᠠᠬᠤ ᠠᠴᠠ ᠡᠬᠢᠯᠡᠨ ᠠᠯᠢ ᠤᠯᠠᠨ ᠠᠵᠢᠯ ᠬᠢᠳᠡᠯ ᠳᠤ ᠬᠦᠳᠡᠯᠮᠤᠷᠢ ᠬᠦᠴᠦ ᠬᠦᠷᠦᠯᠴᠡᠬᠦ ᠦᠭᠡᠢ ᠠᠴᠠ ᠰᠢᠯᠳᠠᠭᠠᠯᠠᠵᠦ᠂ ᠬᠦᠳᠡᠭᠡ ᠠᠮᠢᠳᠤᠷᠠᠯ ᠤᠨ ᠢᠶᠠᠨ ᠶᠠᠭᠤ ᠪᠦᠬᠦᠨ ᠳᠤ ᠡᠭᠡᠨᠡᠭᠰᠢᠨ ᠬᠤᠷᠭᠤᠳᠠᠳᠠᠭ ᠲᠡᠷᠨ ᠲᠠᠬᠢᠨ ᠵᠢᠷᠦᠭᠡ ᠨᠤᠳᠤᠭ ᠲᠤ ᠪᠠᠨ ᠤᠴᠢᠵᠤ ᠮᠠᠯᠴᠢᠨ ᠠᠮᠢᠳᠤᠷᠠᠯ ᠢᠶᠠᠨ ᠡᠬᠢᠯᠡᠬᠦᠯᠦᠯ᠎ᠡ᠃ ᠬᠠᠷᠢ ᠨᠤᠳᠤᠭ ᠲᠤ ᠲᠡᠬᠦᠨ ᠢ ᠤᠭᠳᠤᠨ ᠠᠪᠤᠭᠰᠡᠨ ᠨᠢ 1998 ᠤᠨ ᠤ ᠶᠡᠭᠡ ᠦᠶᠡᠷ ᠤᠰᠤᠳᠤᠯ ᠤᠨ ᠳᠠᠷᠠᠭᠠᠬᠢ ᠴᠠᠬᠢᠯᠭᠠᠨ ᠲᠠᠰᠤᠷᠠᠭᠰᠡᠨ᠂ ᠵᠠᠮ ᠬᠠᠷᠢᠯᠴᠠᠭ᠎ᠠ ᠲᠦᠬᠦᠮ ᠦᠭᠡᠢ᠂ ᠭᠡᠷ ᠪᠠᠷᠢᠯᠭ᠎ᠠ᠂ ᠮᠠᠯ ᠤᠨ ᠬᠠᠰᠢᠶ᠎ᠠ ᠰᠠᠷᠠᠪᠴᠢ ᠶᠢ ᠲᠠᠬᠢᠨ ᠰᠢᠨ᠎ᠡ ᠪᠠᠷ ᠪᠦᠳᠦᠭᠡᠨ ᠪᠠᠶᠢᠭᠤᠯᠬᠤ ᠵᠡᠷᠭᠡ ᠪᠡᠷᠭᠡ ᠬᠠᠳᠠᠭᠤ ᠠᠮᠢᠳᠤᠷᠠᠯ ᠤᠨ ᠤᠷᠴᠢᠨ ᠪᠠᠶᠢᠯ᠎ᠠ᠃ ᠲᠡᠷᠨ ᠨᠠᠰᠤᠳᠠᠢ ᠨᠢᠯᠬ᠎ᠠ ᠪᠠᠨ ᠬᠠᠷᠠᠭᠠᠯᠵᠠᠨ ᠲᠤᠳᠤᠮᠳᠠᠬᠤ ᠶᠢᠨ ᠲᠠᠭᠠᠤ ᠭᠡᠷ ᠤᠨ ᠲᠤᠳᠤᠨ᠎ᠡ ᠭᠠᠳᠠᠨᠠᠬᠢ ᠠᠵᠢᠯ ᠬᠦᠳᠡᠯᠮᠤᠷᠢ ᠳᠤ ᠪᠠᠨ ᠡᠷᠳᠡᠯᠡᠵᠦ ᠤᠷᠤᠶᠢᠯᠠᠨ᠂ ᠬᠠᠷ᠎ᠠ ᠪᠤᠷᠤ ᠠᠵᠢᠯ ᠳᠤ ᠴᠠᠭᠠᠷᠠᠭ᠎ᠠ ᠦᠭᠡᠢ ᠨᠦᠬᠦᠷ ᠲᠠᠢ ᠪᠠᠨ ᠬᠠᠮᠲᠤ ᠴᠢᠷᠮᠠᠶᠢᠨ ᠠᠵᠢᠯᠯᠠᠵᠦ᠂ ᠭᠡᠷ ᠰᠠᠭᠤᠴᠨ ᠠᠴᠠ ᠮᠠᠯ ᠤᠨ ᠬᠠᠰᠢᠶ᠎ᠠ ᠰᠠᠷᠠᠪᠴᠢ ᠬᠦᠷᠳᠡᠯ᠎ᠡ ᠲᠠᠬᠢᠨ ᠰᠢᠨ᠎ᠡ ᠪᠠᠷ ᠪᠦᠳᠦᠭᠡᠨ ᠪᠠᠶᠢᠭᠤᠯᠵᠦ᠂ ᠮᠠᠯ ᠲᠠᠷᠢᠶᠠᠯᠠᠩ ᠤᠨ ᠦᠢᠯᠡᠳᠪᠦᠷᠢᠯᠡᠯ ᠳᠤ ᠪᠠᠨ ᠤᠷᠤᠨ ᠨᠤᠳᠤᠭ ᠤᠨ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠤᠨ ᠡᠵᠡᠩᠨᠡᠵᠦ ᠨᠢᠭᠡ ᠭᠡᠷ ᠤᠨ ᠲᠦᠷᠪᠡᠨ ᠦᠶ᠎ᠡ ᠪᠠᠷ ᠢᠶᠠᠨ ᠡᠶ᠎ᠡ ᠨᠠᠶᠢᠷᠰᠠᠭ ᠲᠡᠨᠢᠬᠦᠨ ᠲᠠᠪᠠᠳᠠᠢ᠂ ᠴᠢᠨᠡᠭᠡᠯᠢᠭ ᠠᠮᠢᠳᠤᠷᠠᠯ  ᠢᠶᠠᠨ ᠪᠠᠶᠢᠭᠤᠯᠤᠭᠰᠡᠨ ᠪᠢᠯᠨ᠃        ᠬᠤᠷᠸ᠎ᠠ ᠶᠢᠨ ᠵᠢᠮ᠎ᠠ ᠭᠡᠵᠤ ᠠᠯᠠᠭ ᠲᠠᠢ ᠪᠠᠶᠢᠳᠠᠭ ᠤᠨ ᠬᠠᠷᠠᠭ᠎ᠠ ᠪᠠᠷ 2012 ᠤᠨ ᠳᠤ ᠰᠡᠴᠡᠩᠭᠤᠸ᠎ᠠ ᠶᠢ ᠦᠷᠦ ᠵᠢᠷᠦᠭᠡ ᠮᠢᠨᠢ ᠭᠡᠵᠤ ᠬᠠᠶᠢᠷᠠᠯᠠᠵᠦ ᠰᠠᠨᠠᠳᠠᠭ ᠠᠴᠢᠳᠤ ᠨᠠᠭᠠᠴᠤ ᠡᠮᠡᠭᠡ ᠨᠢ ᠴᠢᠰᠤᠨ ᠲᠠᠷᠤᠯᠳᠠ ᠦᠨᠳᠤᠷ ᠡᠪᠡᠳᠴᠢᠨ ᠢᠶᠠᠷ ᠪᠤᠷᠬᠠᠨ ᠪᠤᠯᠵᠦ᠂ ᠭᠡᠨᠡᠳᠳᠡ ᠪᠠᠷ ᠬᠦᠷᠴᠤ ᠢᠷᠡᠭᠰᠡᠨ ᠡᠨᠡᠬᠦ ᠭᠠᠰᠢᠭᠤᠳᠠᠯ ᠡᠮᠭᠡᠨᠢᠯ ᠳᠤ ᠨᠢᠯᠪᠤᠰᠤᠷᠠᠨ ᠪᠠᠶᠢᠬᠤ ᠳᠤ ᠭᠡᠳᠦᠭᠡᠨ ᠡᠳᠤᠷ ᠤᠨ ᠵᠠᠢ ᠵᠠᠪᠰᠠᠷᠯᠠᠵᠦ ᠨᠠᠭᠠᠴᠤ ᠡᠪᠦᠭᠡ ᠨᠢ ᠴᠦ ᠰᠠᠨᠠᠮᠰᠠᠷ ᠦᠭᠡᠢ ᠱᠠᠯᠨ ᠲᠡᠭᠡᠷ᠎ᠡ ᠪᠠᠨ ᠤᠶᠢᠴᠢᠵᠦ ᠰᠡᠬᠦᠵᠢ ᠶᠢᠨ ᠶᠠᠰᠤ ᠨᠢ ᠪᠠᠷᠳᠠᠨ ᠡᠮᠨᠡᠯᠭᠡ ᠳᠤ ᠤᠷᠤᠴᠢᠬᠠᠯ᠎ᠠ᠃ ᠦᠴᠦᠭᠡᠨ ᠲᠡᠳᠦᠢ ᠴᠦ ᠬᠦᠳᠡᠯᠵᠦ ᠲᠡᠶᠢᠯᠬᠦ ᠦᠭᠡᠢ ᠭᠡᠪᠳᠡᠷᠢ ᠳᠤ ᠤᠷᠤᠭᠰᠡᠨ ᠨᠠᠰᠤᠳᠠᠨ ᠡᠪᠦᠭᠡ ᠨᠢ ᠡᠮᠴᠢ ᠶᠢᠨ ᠨᠠᠷᠢᠯᠢᠭ ᠵᠠᠰᠠᠯᠭ᠎ᠠ᠂ ᠰᠡᠴᠡᠩᠭᠤᠸ᠎ᠠ ᠨᠦᠬᠦᠷ ᠲᠠᠢ ᠪᠠᠨ ᠬᠤᠶᠠᠭᠤᠯᠨ ᠨᠢᠮᠪᠠᠢ ᠠᠷᠠᠴᠢᠯᠠᠵᠦ ᠰᠤᠪᠢᠯᠠᠭᠰᠡᠨ ᠢᠶᠠᠷ ᠬᠦᠯ ᠨᠢ ᠪᠦᠷᠢᠮᠤᠰᠤᠨ ᠡᠳᠡᠭᠡᠷᠡᠵᠦ ᠦᠨᠤ ᠪᠤᠯᠬᠤ ᠳᠤ ᠨᠠᠶᠠᠨ ᠨᠠᠢᠮᠠᠨ ᠨᠠᠰᠤᠨ ᠤ ᠦᠨᠳᠤᠷ ᠪᠤᠶᠡᠨ ᠢ ᠡᠳ᠋ᠯᠡᠵᠦ ᠶᠠᠪᠤᠬᠤ ᠪᠠᠷ ᠠᠶᠢᠯ ᠠᠶᠢᠮᠠᠭ ᠂ ᠤᠶᠢᠷ᠎ᠠ ᠰᠠᠳᠤᠨ ᠤ ᠬᠦᠮᠦᠰ ᠨᠢ ︽ᠠᠴᠢᠯᠠᠯ ᠲᠠᠢ ᠤᠮᠪᠤᠯᠤ ᠭᠡᠤᠭᠡᠨ ᠡ︕ ᠰᠠᠨᠠᠭ᠎ᠠ ᠰᠠᠶᠢᠳᠤ ᠶᠢᠨ ᠵᠠᠮ ᠴᠠᠭᠠᠨ ᠶᠤᠮ︾ ᠭᠡᠵᠤ ᠢᠷᠦᠭᠡᠯ ᠵᠦᠩᠨᠠᠯ ᠢᠶᠠᠨ ᠬᠠᠶᠢᠷᠠᠯᠠᠨ᠎ᠠ᠃        ᠰᠡᠴᠡᠩᠭᠤᠸ᠎ᠠ 2012 ᠤᠨ ᠳᠤ ᠦᠩᠭᠡ ᠭᠡᠷᠡᠯᠳᠡᠢ ᠪᠠᠷ ᠲᠤᠮᠳᠠᠳᠤ ᠤᠯᠤᠰ ᠤᠨ ᠡᠪ ᠬᠠᠮᠳᠤ ᠨᠠᠮ ᠳᠤ ᠡᠯᠰᠡᠭᠳᠡᠵᠦ ᠮᠠᠯᠴᠢᠨ ᠲᠦᠮᠡᠨ ᠤ ᠪᠠᠨ ᠲᠤᠮᠳᠠ ᠨᠠᠮ ᠤᠨ ᠭᠡᠰᠢᠬᠦᠨ ᠤ ᠲᠠᠶᠢᠴᠢᠯᠠᠬᠤ ᠵᠢᠱᠢᠶᠡᠴᠢ ᠦᠢᠯᠡᠳᠦᠯ ᠢᠶᠠᠨ ᠪᠠᠳᠠᠷᠠᠭᠤᠯᠵᠦ ᠶᠠᠪᠤᠬᠤ ᠮᠦᠷᠳᠡᠭᠡᠨ ᠤᠷᠢᠳ ᠬᠤᠵᠢᠳ ᠠᠷᠤ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ ︽ᠨᠠᠰᠤᠳᠠᠨ ᠢᠶᠠᠨ ᠠᠰᠠᠷᠠᠭᠰᠡᠨ ᠠᠴᠢᠯᠠᠯᠳᠤ ᠤᠳᠤᠨ︾᠂ ᠬᠤᠰᠢᠭᠤᠨ ᠤ ᠡᠮᠡᠭᠳᠠᠶᠢᠴᠤᠳ ᠤᠨ ᠬᠤᠯᠪᠤᠭᠠᠳᠤ ᠬᠤᠷᠠᠯ  ᠤᠨ ︽ᠲᠠᠪᠤᠨ ᠰᠠᠶᠢᠨᠳᠠᠢ ᠵᠢᠱᠢᠶᠡᠴᠢ ᠭᠡᠷ ᠪᠦᠯᠢ ᠶᠢᠨ ᠲᠠᠭᠠᠭᠤᠯᠤᠭᠴᠢ︾᠂ ᠬᠠᠨᠰᠦ᠋ᠮ᠎ᠡ ᠰᠤᠮᠤ ᠶᠢᠨ ᠨᠠᠮ ᠤᠨ ᠬᠤᠷᠢᠶ᠎ᠡ ᠵᠠᠰᠠᠭ ᠤᠨ ᠤᠷᠳᠤᠨ ᠤ ︽ᠰᠢᠯᠢᠳᠡᠭ ᠨᠠᠮ ᠤᠨ ᠭᠡᠰᠢᠬᠦᠨ︾ ᠵᠡᠷᠭᠡ ᠬᠦᠬᠢᠬᠦᠯᠦᠯ ᠵᠤᠷᠢᠭᠵᠢᠭᠤᠯᠤᠯ ᠢ ᠲᠤᠰᠴᠤ᠂ ᠡᠭᠡᠯ ᠵᠢᠷ ᠤᠨ ᠠᠮᠢᠳᠤᠷᠠᠯ ᠤᠨ ᠵᠠᠮ ᠳᠠᠭᠠᠨ᠂ ᠭᠡᠷ ᠪᠦᠯᠢ ᠳᠡᠭᠡᠨ᠂ ᠨᠠᠶᠢᠭᠡᠮ ᠨᠠᠶᠢᠳᠠ ᠳᠡᠭᠡᠨ ᠬᠠᠶᠢᠷ᠎ᠠ ᠬᠠᠷᠢᠭᠤᠴᠠᠯᠭ᠎ᠠ ᠪᠠᠨ ᠬᠦᠢᠴᠡᠳᠭᠡᠵᠦ ᠶᠠᠪᠤᠨ᠎ᠠ᠃             ᠵᠢᠳᠬᠦᠯ ᠢᠶᠠᠷ ᠲᠡᠯᠭᠡᠷᠡᠭᠰᠡᠨ ᠢᠷᠠᠭᠤ ᠠᠯᠳᠠᠷ ᠤᠨ ᠴᠡᠴᠡᠭ        ᠠᠭᠤᠯᠨ ᠪᠤᠯᠭᠠᠨ ᠳᠤᠨᠢ ᠦᠯᠢᠭᠡᠷ ᠲᠠᠢ᠂ ᠤᠰᠤ ᠪᠤᠯᠭᠠᠨ ᠳᠤᠨᠢ ᠲᠤᠮᠤᠭ ᠲᠠᠢ ᠵᠢᠷᠦᠭᠡ ᠨᠤᠳᠤᠭ ᠭᠡᠵᠤ ᠮᠠᠯᠴᠢᠨ ᠤᠳᠣᠮ ᠤᠨ ᠭᠡᠶᠢᠮᠦᠷᠢ ᠶᠢ ᠡᠷᠬᠦᠵᠦ᠂ ᠮᠤᠩᠭᠤᠯ ᠬᠦᠮᠦᠨ ᠤ ᠭᠡᠰᠢᠭ ᠪᠤᠶᠠᠨ ᠬᠤᠷᠠᠭᠰᠡᠨ ᠦᠯᠵᠡᠢ ᠲᠠᠢ ᠰᠠᠶᠢᠬᠠᠨ ᠨᠤᠳᠤᠭ ᠶᠤᠮ᠃ ᠦᠨᠳᠤᠷ ᠰᠦᠷᠯᠢᠭ ᠠᠭᠤᠯᠨ ᠨᠢᠷᠤᠭᠤᠳ ᠤᠨ ᠲᠤᠮᠳᠠ ᠰᠦᠯᠳᠠ ᠬᠠᠶᠢᠷᠬᠠᠨ ᠪᠤᠯᠬᠤ ᠰᠦᠷᠯᠢᠭ ᠴᠤᠭᠳᠤ ᠠᠭᠤᠯᠨ ᠶᠢᠨ ᠨᠦᠮᠦᠷᠢ ᠳᠤ ᠬᠤᠪᠤᠷ ᠨᠠᠨᠳᠢᠨ ᠲᠡᠤᠭᠡ ᠶᠢᠨ ᠲᠤᠷᠠᠰᠬᠠᠯᠳᠤ ᠵᠦᠢᠯᠡᠰ ᠪᠤᠯᠬᠤ ᠯᠢᠶᠤᠤ ᠤᠯᠤᠰ ᠤᠨ ᠬᠠᠭᠤᠴᠢ ᠪᠠᠭᠤᠷᠢ ᠲᠡᠤᠭᠡ ᠬᠠᠭᠤᠴᠢᠯᠠᠵᠦ᠂ ᠦᠨᠢᠷ ᠰᠢᠮᠡᠵᠢᠯᠳᠤ ᠬᠠᠬᠢᠷ ᠤᠨ ᠭᠤᠤᠯ ᠤᠨ ᠲᠠᠨᠵᠢᠨ ᠳᠤ ᠦᠩ ᠰᠢᠮᠡᠯᠢᠭ ᠬᠠᠳᠤᠯᠠᠩ ᠪᠡᠯᠴᠢᠭᠡᠷ ᠬᠠᠯᠢᠭᠤᠷᠠᠨ ᠲᠠᠪᠤᠨ ᠬᠤᠰᠢᠭᠤ ᠮᠠᠯ ᠤᠨ ᠲᠠᠩᠰᠤᠭ ᠪᠠᠶᠠᠨ ᠬᠦᠷᠦᠩᠭᠡ ᠲᠠᠢ᠂ ᠬᠠᠷᠠᠭ᠎ᠠ ᠠᠯᠳᠠᠮ᠎ᠠ ᠬᠠᠨᠠᠭᠠᠷ ᠲᠠᠯ᠎ᠠ᠂ ᠠᠯᠳᠠᠨ ᠰᠢᠷᠭᠠᠯ ᠡᠯᠡᠰᠤ ᠮᠠᠩᠬ᠎ᠠ ᠦᠷᠬᠦᠯᠵᠢᠯᠡᠨ ᠠᠬᠤᠢ ᠪᠠᠶᠢᠭᠠᠯᠢ ᠶᠢᠨ ᠦᠵᠡᠮᠵᠢ ᠲᠡᠬᠦᠰ ᠪᠠᠶᠢᠳᠠᠭ᠃        ᠡᠴᠢᠭᠡ ᠶᠢᠨ ᠭᠤᠯᠤᠮᠳᠠ ᠳᠤ ᠴᠤᠭ ᠨᠡᠮᠡᠬᠦ ᠦᠭᠡᠢ ᠭᠡᠤᠭᠡᠨ ᠵᠠᠶᠠᠭ᠎ᠠ ᠡᠵᠢ ᠶᠢᠨ ᠨᠤᠳᠤᠭ ᠲᠤ ᠪᠠᠨ ᠭᠠᠯ ᠮᠠᠨᠠᠵᠦ ᠡᠶᠢᠮᠤ ᠰᠠᠶᠢᠬᠠᠨ ᠨᠤᠳᠤᠭ ᠤᠨ ᠠᠷᠢᠭᠤᠨ ᠠᠭᠠᠷ ᠶᠢ ᠠᠮᠢᠰᠬᠤᠨ ᠲᠤᠮᠤᠭᠠᠵᠢᠵᠦ᠂ ᠤᠤᠭᠠᠯ ᠰᠢᠮ᠎ᠡ᠂ ᠭᠡᠰᠢᠭ ᠬᠠᠶᠢᠷ᠎ᠠ ᠶᠢ ᠨᠢ ᠬᠦᠷᠳᠡᠵᠦ ᠲᠦᠷᠦᠭᠡ ᠰᠡᠴᠡᠩᠭᠤᠸ᠎ᠠ ᠳᠤ ᠨᠤᠳᠤᠭ ᠤᠰᠤᠨ ᠳᠤ ᠪᠠᠨ ᠬᠠᠨᠳᠢᠪᠯᠠᠬᠤ ᠶᠠᠭᠤ ᠨᠢᠭᠡ ᠶᠢ ᠪᠦᠳᠦᠭᠡᠬᠦ ᠡᠷᠢᠯ ᠬᠦᠰᠡᠯ᠂ ᠲᠡᠪᠵᠢᠶᠡᠷᠢ ᠲᠠᠮᠢᠷ ᠰᠡᠯᠪᠢᠬᠦᠯᠵᠦ ᠵᠢᠳᠬᠦᠬᠦᠯᠦᠭᠰᠡᠨ ᠨᠢ ᠦᠨᠡᠨᠳᠡᠢ᠃ ᠡᠶᠢᠨᠬᠦ ᠤᠳᠠᠭᠠᠨ ᠡᠳᠤᠷ ᠤᠨ ᠪᠤᠳᠤᠯ ᠳᠤ ᠪᠠᠨ ᠮᠠᠨᠠᠵᠦ ᠠᠰᠠᠭᠠᠭᠰᠡᠨ ᠨᠤᠳᠤᠭ ᠤᠰᠤᠨ ᠤ ᠪᠠᠨ ᠤᠶᠢᠯᠠᠯᠭ᠎ᠠ ᠲᠠᠤᠭᠡ ᠶᠢ ᠪᠢᠴᠢᠵᠦ ᠲᠤᠭᠤᠷᠪᠢᠬᠤ ᠲᠤᠬᠠᠢ ᠪᠤᠳᠤᠯ ᠢᠶᠠᠨ ᠦᠨᠳᠤᠷ ᠨᠠᠰᠤᠳᠠᠢ ᠨᠠᠭᠠᠴᠤ ᠡᠪᠦᠭᠡ ᠵᠢᠴᠢ ᠠᠶᠢᠯ ᠠᠶᠢᠮᠠᠭ ᠤᠨ ᠠᠬᠠᠮᠠᠳ ᠪᠤᠭᠤᠷᠤᠯᠴᠤᠳ᠂ ᠦᠶ᠎ᠡ ᠶᠢᠨ ᠨᠠᠶᠢᠵᠢ ᠨᠦᠬᠦᠳ ᠲᠤ ᠪᠠᠨ ᠴᠤᠬᠤᠶᠢᠯᠠᠭᠠᠬᠤ ᠪᠠᠷ ᠲᠠᠳᠠᠨᠠᠷ ᠨᠢ ᠴᠦ ᠪᠤᠯᠵᠤᠭ᠎ᠠ ᠲᠠᠢ ᠶᠠᠷᠢᠶ᠎ᠠ ᠶᠤᠮᠰᠢᠭ ᠡᠨᠡᠬᠦ ᠠᠵᠢᠯ ᠢ ᠬᠢᠵᠦ ᠪᠦᠳᠦᠭᠡᠬᠦ ᠶᠢ ᠲᠡᠬᠦᠨ ᠳᠤ ᠨᠠᠶᠢᠳᠠᠯ᠎ᠠ᠃
        ᠰᠡᠴᠡᠩᠭᠤᠸ᠎ᠠ ᠣᠶᠢᠯᠠᠯᠭ᠎ᠠ ᠨᠠᠶᠢᠷᠠᠭᠤᠯᠣᠨ ᠪᠢᠴᠢᠵᠦ ᠪᠠᠶᠢᠭ᠎ᠠ ᠨᠢ        2016 ᠤᠨ ᠤ ᠲᠦᠯᠵᠢᠬᠦ ᠬᠠᠪᠤᠷ ᠢᠶᠠᠷ ᠵᠢᠷᠦᠭᠡ ᠭᠠᠴᠠᠭᠠᠨ ᠤ ᠨᠠᠮ ᠤᠨ ᠡᠬᠦᠷ᠂ ᠭᠠᠴᠠᠭᠠᠨ ᠵᠦᠪᠯᠡᠯ᠂ ᠦᠷᠭᠡᠨ ᠤᠯᠠᠨ ᠮᠠᠯᠴᠢᠨ ᠲᠦᠮᠡᠨ ᠤ ᠨᠠᠶᠢᠳᠠᠯᠭ᠎ᠠ ᠪᠠᠷ ᠵᠢᠷᠦᠭᠡ ᠨᠤᠳᠤᠭ ᠤᠨ ᠪᠠᠶᠢᠭᠠᠯᠢ ᠠᠬᠤᠢ᠂ ᠲᠡᠤᠭᠡ ᠰᠤᠶᠤᠯ᠂ ᠬᠦᠮᠦᠨ ᠠᠷᠠᠳ ᠤᠨ ᠠᠮᠢᠳᠤᠷᠠᠯ ᠠᠬᠤᠢ᠂ ᠵᠠᠩ ᠦᠢᠯᠨ ᠶᠢ ᠲᠡᠮᠳᠡᠭᠯᠡᠨ ᠦᠯᠡᠳᠡᠭᠡᠬᠦ ᠵᠤᠷᠢᠯᠭ᠎ᠠ ᠪᠠᠷ ︽ᠵᠢᠷᠦᠭᠡ ᠭᠠᠴᠠᠭ᠎ᠠ ᠶᠢᠨ ᠤᠶᠢᠯᠠᠯᠭ᠎ᠠ︾ ᠶᠢ ᠨᠠᠶᠢᠷᠠᠭᠤᠯᠤᠨ ᠪᠢᠴᠢᠬᠦ ᠬᠦᠨᠳᠤ ᠡᠬᠦᠷᠭᠡ ᠶᠢ ᠬᠦᠯᠢᠶᠡᠨ ᠠᠪᠤᠯ᠎ᠠ᠃ ᠶᠠᠮᠠᠷᠪᠠ ᠠᠵᠢᠯ ᠴᠦᠮ ᠭᠡᠯᠡᠬᠦ ᠳᠤ ᠬᠢᠯᠪᠠᠷ᠂ ᠬᠢᠬᠦ ᠳᠤ ᠬᠦᠴᠢᠷ ᠪᠠᠶᠢᠳᠠᠭ᠃ ᠵᠠᠯᠠᠭᠤ ᠬᠠᠯᠠᠭᠤᠨ ᠨᠠᠰᠤᠨ ᠤ ᠪᠠᠨ ᠭᠡᠨᠡᠨ ᠴᠦᠯᠢᠰ᠂ ᠤᠷᠮ᠎ᠠ ᠵᠤᠷᠢᠭ ᠲᠤ ᠪᠠᠨ ᠬᠦᠳᠦᠯᠦᠭᠳᠡᠵᠦ ᠡᠶᠢᠮᠦᠷᠬᠦᠦ ᠬᠦᠨᠳᠤ ᠠᠵᠢᠯ ᠢ ᠬᠦᠯᠢᠶᠡᠨ ᠠᠪᠤᠭᠰᠡᠨ ᠰᠡᠴᠡᠩᠭᠤᠸ᠎ᠠ ᠳᠤ ᠠᠪᠴᠤ ᠭᠡᠯᠡᠪᠡᠯ ᠡᠬᠦᠷᠭᠡ ᠲᠠᠷᠤᠭᠠᠰᠤ ᠭᠡᠵᠤ ᠲᠡᠭᠡᠷᠮ᠎ᠡ ᠶᠢᠨ ᠴᠢᠯᠠᠭᠤ ᠰᠢᠭ᠋ ᠬᠦᠨᠳᠤ ᠰᠠᠨᠠᠭᠳᠠᠨ᠎ᠠ᠃ ᠭᠡᠪᠡᠴᠤ ᠵᠤᠷᠢᠭᠰᠠᠨ ᠳᠠᠭᠠᠨ ᠬᠦᠷᠬᠦ ᠭᠡᠵᠤ ᠵᠢᠳᠬᠦᠳᠡᠭ ᠲᠡᠬᠦᠨ ᠤ ᠲᠦᠷᠦᠯᠬᠢ ᠠᠷᠠᠠᠰᠢᠨ᠂ ᠠᠭᠤᠵᠢᠭᠤ ᠪᠠᠭᠳᠠᠭᠠᠮᠵᠢᠳᠠᠢ ᠮᠦᠷᠳᠡᠭᠡᠨ ᠨᠠᠷᠢᠨ ᠬᠢᠨᠠᠭᠤᠷ ᠵᠠᠩ ᠠᠭᠠᠯᠢ ᠨᠢ ᠲᠡᠬᠦᠨ ᠳᠤ ᠬᠦᠴᠦ ᠵᠤᠷᠢᠭ ᠨᠡᠮᠡᠵᠦ ᠠᠵᠢᠯ ᠢᠶᠠᠨ ᠡᠬᠢᠯᠡᠬᠦᠯᠦᠯ᠎ᠠ᠃        ᠪᠤᠷᠤ ᠮᠠᠲ᠋ᠧᠷᠢᠶᠠᠯ ᠴᠤᠭᠯᠠᠭᠤᠯᠬᠤ᠂ ᠠᠬᠠᠮᠠᠳ ᠲᠤᠮᠤᠭᠠᠳᠠᠳ ᠠᠴᠠ ᠠᠰᠠᠭᠤᠨ ᠰᠤᠷᠪᠤᠯᠵᠢᠯᠠᠬᠤ᠂ ᠲᠠᠩᠰᠠ ᠡᠪᠭᠡᠮᠡᠯ ᠱᠦᠬᠦᠨ ᠯᠠᠪᠯᠠᠬᠤ ᠵᠡᠷᠭᠡ ᠠᠯᠢ ᠤᠯᠠᠨ ᠠᠵᠢᠯ ᠢᠶᠠᠨ ᠲᠡᠰ ᠲᠠᠷᠠᠭ᠎ᠠ ᠲᠠᠢ ᠡᠮᠬᠢ ᠴᠡᠭᠴᠡᠳᠡᠢ ᠪᠠᠶᠢᠷᠢᠰᠢᠭᠤᠯᠵᠦ᠂ ᠪᠤᠰᠤᠳ ᠨᠤᠮ ᠲᠡᠪᠳᠡᠷ ᠢᠶᠠᠷ ᠯᠠᠪᠯᠠᠯᠳᠠ ᠪᠤᠯᠭᠠᠬᠤ᠂ ᠬᠠᠮᠢᠶᠠᠳᠠᠢ ᠪᠠᠭᠰᠢᠨᠠᠷ ᠢᠶᠠᠷ ᠬᠢᠨᠠᠭᠤᠯᠬᠤ᠂ ᠰᠤᠮᠤ ᠭᠠᠴᠠᠭᠠᠨ ᠤ ᠤᠳᠤᠷᠢᠳᠤᠯᠭ᠎ᠠ ᠨᠠᠷ ᠤᠨ ᠬᠠᠯᠠᠮᠵᠢᠯᠠᠯ ᠲᠡᠮᠵᠢᠯᠭᠡ᠂ ᠨᠠᠶᠢᠵᠢ ᠨᠦᠬᠦᠳ ᠤᠨ ᠬᠠᠯᠠᠭᠤᠨ ᠬᠠᠪᠰᠤᠷᠤᠯᠭ᠎ᠠ ᠳᠣᠣᠷ᠎ᠠ ᠵᠢᠯ ᠬᠠᠭᠠᠰ ᠤᠨ ᠬᠠᠳᠠᠭᠤᠵᠢᠯᠳᠠᠢ ᠤᠶᠤᠨ ᠤ ᠬᠦᠳᠡᠯᠮᠤᠷᠢ ᠶᠢ ᠲᠡᠮᠵᠢᠨ᠂ ᠭᠡᠳᠦᠨ ᠬᠦᠮᠦᠨ  ᠤ ᠬᠠᠮᠵᠢᠵᠦ ᠬᠢᠵᠦ ᠪᠦᠳᠦᠭᠡᠳᠡᠭ ᠡᠨᠡᠬᠦ ᠶᠠᠷᠰᠢᠭ ᠲᠦᠪᠡᠭ ᠲᠠᠢ ᠰᠲ᠋ᠢᠯᠢ ᠶᠢᠨ ᠨᠤᠮ ᠤᠨ ᠡᠭᠡ ᠨᠤᠤᠷᠠᠭ ᠢᠶᠠᠨ ᠭᠠᠷᠭᠠᠯ᠎ᠠ᠃ ᠵᠢᠷᠤᠭ ᠰᠡᠬᠦᠳᠡᠷ ᠬᠠᠪᠰᠤᠷᠭᠠᠬᠤ᠂ ᠦᠰᠦᠭ ᠮᠠᠰᠢᠨᠳᠠᠬᠤ᠂ ᠭᠡᠪ ᠲᠤ ᠵᠤᠬᠢᠴᠠᠭᠤᠯᠬᠤ ᠵᠡᠷᠭᠡ ᠠᠯᠢ ᠤᠯᠠᠨ ᠨᠤᠮ ᠭᠡᠪᠯᠡᠬᠦ ᠳᠤ ᠡᠷᠭᠡᠪᠰᠢ ᠲᠤᠭᠤᠯᠬᠤ ᠨᠠᠷᠢᠨ ᠨᠢᠮᠪᠠᠢ ᠶᠠᠪᠤᠴᠨ ᠪᠦᠬᠦᠨ ᠢ ᠪᠠᠶᠡᠯᠡᠬᠦᠯᠵᠦ 2017 ᠤᠨ ᠤ 7 ᠰᠠᠷ᠎ᠠ ᠳᠤ ᠭᠡᠪᠯᠡᠯ ᠳᠤ ᠲᠡᠪᠰᠢᠬᠦᠯᠦᠯ᠎ᠡ᠃
        ᠰᠡᠴᠡᠩᠭᠤᠸ᠎ᠠ ᠶᠢᠨ ᠨᠠᠶᠢᠷᠠᠭᠤᠯᠣᠨ ᠪᠢᠴᠢᠭᠰᠡᠨ ︽ᠵᠢᠷᠦᠭᠡ ᠨᠤᠲᠤᠭ︾ ᠭᠡᠬᠦ ᠨᠤᠮ        ︽ᠬᠦᠳᠡᠯᠮᠤᠷᠢ ᠬᠦᠮᠦᠨ ᠢ ᠭᠤᠮᠤᠳᠠᠭᠠᠳᠠᠭ ᠦᠭᠡᠢ︾ ᠭᠡᠳᠡᠭ ᠢᠶᠠᠷ ᠲᠡᠬᠦᠨ ᠤ ᠭᠡᠴᠢᠨᠡᠨ ᠡᠳᠤᠷ ᠤᠨ ᠨᠤᠶᠢᠷ ᠬᠤᠭᠤᠯᠨ ᠦᠭᠡᠢ ᠴᠢᠷᠮᠠᠶᠢᠨ ᠠᠵᠢᠯᠯᠠᠵᠦ ᠨᠠᠷᠢᠨ ᠬᠢᠨᠠᠮᠠᠭᠠᠢ ᠮᠦᠷᠳᠡᠭᠡᠨ ᠰᠢᠷᠭᠠᠭᠤ ᠬᠦᠳᠡᠯᠮᠤᠷᠢ ᠪᠠᠷ ᠬᠢᠵᠦ ᠪᠦᠳᠦᠭᠡᠭᠰᠡᠨ ᠡᠨᠡᠬᠦ ᠤᠶᠤᠨ ᠤ ᠬᠦᠳᠡᠯᠮᠤᠷᠢ ᠶᠢᠨ ᠪᠦᠳᠦᠭᠡᠯ ᠨᠢ ᠭᠡᠪᠯᠡᠭᠳᠡᠨ ᠭᠠᠷᠤᠭᠰᠡᠨ ᠬᠠᠯᠠᠭᠤᠨ ᠰᠤᠷᠠᠭ ᠲᠤᠭᠤᠯᠵᠦ᠂ ᠰᠡᠴᠡᠩᠭᠤᠸ᠎ᠠ ᠪᠠᠶᠠᠷ ᠲᠤᠭᠳᠤᠯᠤᠯ ᠤᠨ ᠨᠢᠯᠪᠤᠰᠤ ᠮᠡᠯᠳᠡᠭᠡᠨᠡᠬᠦᠯᠦᠨ ᠵᠢᠳᠬᠦᠯ ᠤᠨ ᠴᠡᠴᠡᠭ ᠢᠶᠠᠨ ᠠᠯᠠᠭᠠᠨ ᠲᠡᠭᠡᠷ᠎ᠡ ᠪᠠᠨ ᠲᠤᠰᠤᠯ᠎ᠠ᠃        ᠪᠢ ᠰᠡᠴᠡᠩᠭᠤᠸ᠎ᠠ ᠶᠢᠨ ᠪᠡᠯᠡᠭᠯᠡᠭᠰᠡᠨ ᠨᠤᠮ ᠢ ᠤᠯᠵᠠᠷᠬᠠᠨ ᠲᠤᠰᠬᠤ ᠭᠱᠠᠨ᠎ᠠ ᠵᠢᠷᠦᠭᠡ ᠨᠤᠳᠤᠭ ᠤᠨ ᠬᠤᠷᠢᠶᠠᠩᠭᠤᠢ ᠲᠦᠷᠰᠤ ᠪᠤᠯᠤᠮᠠᠷ᠂ ᠮᠥᠨ ᠴᠦ ᠤᠩᠰᠢᠭᠴᠢ ᠲᠦᠮᠡᠨ ᠤ ᠬᠠᠯᠠᠭᠤᠨ ᠦᠨᠡᠯᠡᠯᠳᠡ ᠶᠢ ᠤᠯᠤᠭᠰᠡᠨ ᠡᠨᠡᠬᠦ ᠤᠶᠢᠯᠠᠯᠭ᠎ᠠ ᠶᠢᠨ ᠨᠤᠮ ᠠᠴᠠ ᠪᠦᠰᠡᠬᠦᠢ ᠬᠦᠮᠦᠨ ᠤ ᠬᠦᠯᠦᠰᠤᠨ ᠦᠨᠦᠷ ᠬᠠᠮᠠᠷ ᠴᠤᠷᠬᠢᠨ ᠠᠩᠭᠢᠯᠬᠤ ᠰᠢᠭ ᠰᠠᠨᠠᠭᠳᠠᠯ᠎ᠠ᠃         ᠵᠤᠬᠢᠶᠠᠭᠴᠢ᠄ ᠰ᠊ · ᠰᠣᠳᠣᠨ         ᠵᠤᠬᠢᠶᠠᠭᠴᠢ ᠶᠢᠨ ᠬᠠᠶ᠋ᠢᠭ᠄ ᠬᠠᠨᠰᠦ᠋ᠮ᠎ᠡ ᠰᠤᠮᠤ ᠶᠢᠨ ᠤᠷᠳᠤᠬᠦ᠋ᠪ ᠭᠠᠴᠠᠭ᠎ᠠ         ᠬᠠᠷᠢᠯᠴᠠᠬᠤ ᠣᠳᠠᠰᠣ᠄  13847684033
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号