ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢᠨ ᠪᠠᠶᠠᠷ ᠢ ᠪᠡᠯᠭᠡᠯᠡᠬᠦ | ︽ᠡᠷᠢᠨ ᠵᠠᠭᠤᠨ ᠤ ᠬᠤᠰᠢᠭᠤᠴᠢ︾ ᠰᠡᠳᠦᠪᠲᠦ ᠵᠤᠬᠢᠶᠠᠯ ᠤᠨ ᠱᠠᠩᠨᠠᠯᠲᠣ ᠣᠷᠣᠯᠳᠣᠭᠠᠨ ᠤ ᠵᠤᠬᠢᠶᠠᠯ | | | ᠨᠠᠷᠠ ᠬᠤᠷ᠎ᠠ ᠲᠡᠩᠴᠡᠵᠦ᠂ ᠨᠠᠪᠴᠢ ᠴᠡᠴᠡᠭ ᠲᠡᠯᠭᠡᠷᠡᠭᠰᠡᠨ ᠵᠤᠨ ᠤ ᠲᠤᠯᠤᠭᠠᠨ ᠰᠠᠷᠠᠶᠢᠨ ᠬᠤᠷᠢᠨ ᠤ | ᠡᠳᠤᠷ ᠪᠢ ᠴᠢᠪᠠᠭ᠎ᠠ ᠪᠠᠯᠭᠠᠰᠤ ᠶᠢᠨ ᠬᠠᠭᠤᠴᠢᠨ ᠬᠤᠳᠠ ᠲᠤᠭᠤᠷᠢᠭ ᠤᠨ ᠠᠭᠤᠳᠠᠮ ᠲᠠᠯᠠᠪᠠᠢ ᠳᠤ ᠭᠡᠤᠭᠡᠨ ᠢᠶᠠᠨ | ᠲᠠᠭᠠᠭᠤᠯᠵᠦ ᠰᠡᠯᠡᠬᠦᠴᠡᠬᠦ ᠵᠠᠭᠤᠷ᠎ᠠ ᠮᠤᠳᠤᠨ ᠰᠡᠬᠦᠳᠡᠷ ᠲᠤ ᠬᠦᠵᠦᠷ ᠨᠠᠭᠠᠳᠴᠤ ᠪᠠᠶᠢᠭ᠎ᠠ ᠭᠡᠳᠦᠨ ᠡᠪᠦᠭᠡᠳ ᠤᠨ | ᠶᠠᠷᠢᠯᠴᠠᠭᠠᠨ ᠲᠤᠮᠳᠠ ᠠᠴᠠ ᠤᠮᠪᠤᠯᠤ ᠪᠠᠨ ᠬᠠᠷᠠᠵᠦ ᠰᠠᠭᠤᠭ᠎ᠠ ᠮᠠᠶ᠋ᠢᠭᠳᠠᠢ ᠬᠦᠳᠡᠭᠡᠯᠢᠭ ᠠᠷᠠᠠᠰᠢᠨ ᠲᠠᠢ ᠨᠢᠭᠡ | ᠨᠠᠰᠤᠳᠠᠨ ᠬᠠᠷᠠᠭᠠᠨ ᠰᠢᠯ ᠢᠶᠠᠨ ᠵᠦᠯᠬᠦᠨ ᠠᠷᠴᠢᠬᠰᠠᠨ ᠦᠶ᠎ᠡ ᠬᠤᠷᠠᠭ ᠭᠡᠮᠡᠷ ᠨᠦᠬᠦᠭᠡ ᠡᠪᠦᠭᠡᠨ ᠳᠡᠭᠡᠨ ᠭᠤᠳᠤᠯᠢ | ᠲᠠᠮᠠᠬᠢ ᠦᠭᠬᠦ ᠵᠠᠭᠤᠷ᠎ᠠ᠄ ︽ᠬᠦᠢ︕ ᠴᠢᠨᠤ ᠭᠡᠯᠡᠵᠦ ᠦᠭᠬᠦᠭᠰᠡᠨ ᠲᠡᠷᠨ ᠠᠯᠳᠠᠷᠳᠤ ᠬᠦᠤ ᠬᠠᠰᠢᠯᠨ ᠨᠠᠷ᠎ᠡ ᠨᠢᠳᠡᠷ | ᠲᠡᠭᠡᠨ ᠬᠦᠷᠦᠭᠰᠡᠨ ᠡᠮᠴᠢ ᠪᠠᠶᠢᠨ᠎ᠠ᠂ ᠮᠠᠨ ᠤ ᠬᠦᠭᠰᠢᠨ ᠨᠢᠭᠡ ᠭᠠᠷᠠᠭ ᠡᠮ ᠤᠤᠭᠤᠵᠦ᠂ ᠮᠦᠩᠬᠦᠨ ᠵᠡᠬᠦᠤ | ᠲᠠᠯᠪᠢᠭᠤᠯᠤᠭᠰᠡᠨ ᠴᠢᠨᠢ ᠬᠤᠭ ᠦᠭᠡᠢ ᠰᠠᠶᠢᠬᠠᠨ ᠡᠳᠡᠭᠡᠵᠦ ᠬᠦᠯ ᠨᠢᠷᠤᠭᠤ ᠡᠪᠡᠳᠬᠦ ᠶᠢ ᠪᠤᠤ ᠭᠡᠯᠨ︕ ᠲᠠᠶᠠᠭ | ᠢᠶᠠᠨ ᠪᠠᠰᠠ ᠤᠷᠬᠢᠴᠢᠬᠠᠭᠰᠡᠨ ᠰᠡᠶᠢᠬᠦᠯᠵᠦ ᠪᠠᠶᠢᠨ᠎ᠡ ᠰᠢᠤ ᠁︾ ᠭᠡᠵᠤ ᠦᠬᠦᠯᠡᠬᠦ ᠲᠡᠷᠡᠬᠦ ᠡᠪᠦᠭᠡᠨ ᠤ ᠶᠠᠷᠢᠶᠠᠨ | ᠠᠴᠠ ᠤᠤᠯ ᠠᠴᠠ ᠤᠯᠠᠨ ᠰᠠᠶᠢᠬᠠᠨ ᠮᠠᠭᠳᠠᠭᠠᠯ ᠰᠠᠶᠢᠰᠢᠶᠠᠯ ᠢ ᠤᠯᠵᠦ ᠳᠣᠭᠤᠯᠣᠭᠰᠠᠭᠠᠷ ᠢᠷᠡᠭᠰᠡᠨ ᠪᠢ ︽ | ᠠᠯᠳᠠᠷᠳᠤ︾ ᠭᠡᠳᠡᠭ ᠬᠦᠮᠦᠨ ᠴᠤᠬᠤᠮ ᠶᠠᠮᠠᠷ ᠵᠡᠷᠭᠡ ᠡᠮᠴᠢ ᠪᠢᠯᠨ ᠭᠡᠵᠤ ᠰᠤᠨᠢᠭᠤᠴᠢ ᠪᠤᠳᠤᠯ ᠡᠪᠦᠷᠯᠡᠵᠦ ᠂ ᠠᠷᠤ | ᠬᠤᠷᠴᠢᠨ ᠬᠤᠰᠢᠭᠤᠨ ᠤ ᠰᠢᠨ᠎ᠡ ᠬᠤᠳᠠ ᠲᠤᠭᠤᠷᠢᠭ ᠲᠤ ᠪᠠᠶᠢᠭ᠎ᠠ ᠮᠤᠩᠭᠤᠯ ᠡᠮᠨᠡᠯᠭᠡ ᠶᠢᠨ ᠬᠤᠷᠢᠶᠡᠨ ᠳᠤ ᠡᠷᠢᠨ | ᠣᠴᠢᠵᠦ ᠰᠠᠨᠠᠭ᠎ᠠ ᠪᠤᠳᠤᠯ ᠳᠤ ᠤᠷᠤᠮᠡ ᠦᠭᠡᠢ ᠵᠠᠯᠠᠭᠤᠬᠠᠨ ᠡᠮᠴᠢ ᠳᠤ ᠭᠠᠶᠢᠬᠠᠰᠢ ᠲᠦᠷᠦᠵᠦ ᠡᠨᠡᠷᠢᠩᠬᠦᠢ | ᠵᠦᠭᠡᠯᠡᠨ ᠰᠡᠳᠬᠢᠯ ᠲᠠᠢ᠂ ᠬᠢᠷᠠᠬᠠᠢ ᠯᠠᠪᠳᠠᠭᠤᠨ ᠬᠦᠯ ᠬᠦᠩᠬᠡᠨ᠂ ᠤᠪᠤᠷ ᠰᠠᠶᠢᠨ ᠤᠯᠠᠨ ᠤ ᠲᠠᠭᠠᠰᠢᠶᠠᠯ ᠢ | ᠤᠯᠤᠭᠰᠡᠨ ᠲᠡᠬᠦᠨ ᠲᠠᠢ ᠲᠠᠨᠢᠯᠴᠠᠵᠦ ᠵᠤᠭᠤᠭᠳᠠᠭᠰᠡᠨ ᠪᠢᠯᠨ ᠁ | | | ᠠᠯᠳᠠᠷᠲᠣ ᠡᠮᠴᠢ | | ᠮᠦᠷᠦ ᠦᠷᠭᠡᠨ᠂ ᠪᠡᠶ᠎ᠡ ᠦᠨᠳᠤᠷ ᠬᠦᠷᠡᠩ ᠪᠤᠷᠤ ᠴᠢᠷᠠᠢ ᠲᠠᠢ ᠲᠡᠷᠨ ᠲᠡᠭᠡᠷ᠎ᠡ ᠵᠠᠭᠤᠨ ᠤ ᠨᠠᠶᠠᠨ ᠨᠠᠢᠮᠡᠨ | ᠤᠨ ᠤ ᠪᠢᠯᠢᠭ ᠤᠨ ᠤᠯᠠᠷᠢᠯ ᠤᠨ ᠭᠤᠷᠪᠠᠨ ᠰᠠᠷᠠᠶᠢᠨ ᠠᠷᠪᠠᠨ ᠶᠢᠰᠤᠨ ᠤ ᠡᠳᠤᠷ ᠠᠷᠤ ᠬᠤᠷᠴᠢᠨ ᠬᠤᠰᠢᠭᠤᠨ ᠤ | ᠤᠤᠯ ᠤᠨ ᠴᠠᠭᠠᠨᠨᠠᠭᠤᠷ ᠰᠤᠮᠤ ᠶᠢᠨ ᠲᠤᠮᠳᠠᠨᠠᠭᠤᠷ ᠭᠠᠴᠠᠭ᠎ᠠ ᠳᠤ ᠪᠤᠷᠵᠢᠬᠢᠨ ᠤᠪᠤᠭᠳᠠᠨ ᠤ ᠤᠭᠰᠠᠭ᠎ᠠ ᠪᠤᠯᠬᠤ | ᠮᠠᠯᠴᠢᠨ ᠬᠦᠷᠡᠯᠪᠠᠭᠠᠳᠤᠷ ᠪᠤᠯᠤᠨ ᠪᠠᠯᠴᠢᠷᠤᠳ ᠠᠶᠢᠮᠠᠭ ᠤᠨ ᠬᠤᠶᠢᠴᠢᠰ ᠲᠡᠬᠦᠤᠳᠠᠭᠤᠯ ᠶᠢᠨ ᠭᠠᠭᠴᠨ ᠬᠦᠤ ᠪᠤᠯᠤᠨ | ᠭᠤᠯᠤᠮᠳᠠ ᠪᠠᠳᠠᠷᠠᠭᠠᠵᠦ ᠵᠠᠶᠠᠭᠠᠭᠰᠡᠨ ᠪᠢᠯᠨ ᠁ ᠲᠡᠷᠨ ᠬᠠᠷᠠᠬᠠᠨ ᠪᠠᠭ᠎ᠠ ᠠᠴᠠ ᠪᠠᠨ ᠰᠤᠷᠭᠠᠭᠤᠯᠢ ᠰᠤᠶᠤᠯ ᠤᠨ | ᠮᠦᠷ ᠢ ᠬᠦᠭᠡᠭᠡᠵᠦ ᠶᠠᠪᠤᠬᠤ ᠳᠠᠭᠠᠨ ᠬᠤᠵᠢᠮ ᠢᠷᠡᠭᠡᠳᠦᠢ ᠳᠤ ᠨᠠᠶᠢᠭᠡᠮ ᠨᠠᠶᠢᠳᠠ ᠳᠤ ᠶᠠᠭᠤ ᠨᠢᠭᠡ ᠬᠢᠵᠦ | ᠰᠤᠷᠤᠭᠰᠡᠨ ᠮᠡᠳᠡᠯᠭᠡ ᠪᠠᠨ ᠬᠦᠮᠦᠨ ᠨᠠᠶᠢᠭᠡᠮ ᠠᠯᠤᠰ ᠵᠠᠭᠤᠨ ᠳᠤ ᠲᠠᠨᠢᠭᠤᠯᠵᠦ ᠦᠷ᠎ᠡ ᠬᠤᠶᠢᠴᠢᠰ ᠲᠠᠭᠠᠨ | ᠤᠯᠠᠮᠵᠢᠯᠠᠵᠦ ᠮᠥᠨ ᠡᠪᠦᠭᠡ ᠲᠡᠭᠡᠳᠦᠰ᠂ ᠡᠴᠢᠭᠡ ᠡᠭᠡ᠂ ᠠᠴᠢᠳᠤ ᠤᠯᠠᠨ ᠪᠠᠭᠰᠢ ᠨᠠᠷ ᠤᠨ ᠢᠶᠠᠨ ᠭᠦᠰᠡᠯ ᠵᠦᠩᠨᠡᠯ | ᠳᠤ ᠪᠤᠤ ᠤᠰᠤᠯᠳᠤᠶᠠ ᠭᠡᠵᠤ ᠨᠢᠯᠵᠠᠷᠠᠢ ᠪᠠᠭ᠎ᠠ ᠨᠠᠰᠤᠨ ᠤ ᠠᠷᠢᠭᠤᠨ ᠴᠠᠭᠠᠨ ᠪᠤᠳᠤᠯ᠂ ᠬᠦᠰᠡᠯ ᠮᠦᠷᠦᠭᠡᠳᠦᠯ ᠤᠨ | ᠢᠶᠠᠨ ᠲᠦᠯᠦᠭᠡ ᠠᠵᠢᠯᠯᠠᠬᠤ ᠳᠠᠭᠠᠨ ᠨᠡᠩ ᠦᠨᠳᠤᠷ ᠠᠮᠵᠢᠯᠳᠠ ᠤᠯᠬᠤ ᠪᠠᠷ ᠴᠢᠷᠮᠠᠶᠢᠵᠦ᠂ ᠰᠤᠷᠤᠯᠴᠡᠨ ᠰᠤᠳᠤᠯᠵᠦ | ᠶᠠᠪᠤᠯ᠎ᠠ᠃ ᠲᠡᠷᠠ ᠠᠯᠢᠪᠠ ᠵᠦᠳᠡᠷᠡᠯ ᠢᠶᠠᠨ ᠠᠷᠤ ᠳᠠᠭᠠᠨ ᠬᠠᠶᠠᠵᠦ ᠮᠠᠷᠳᠠᠨ ᠦᠢ ᠤᠯᠠᠨ ᠡᠪᠡᠳᠴᠢᠨ ᠵᠣᠪᠠᠯᠠᠩᠳᠠᠨ | ᠲᠠᠢ ᠵᠢᠷᠭᠠᠯ ᠵᠤᠪᠠᠯᠠᠩ ᠢᠶᠠᠨ ᠬᠤᠪᠢᠶᠠᠯᠴᠠᠳᠠᠭ ᠡᠮᠴᠢ ᠬᠦᠮᠦᠨ ᠤ ᠭᠡᠴᠡᠬᠦᠤ ᠠᠵᠢᠯ ᠳᠤ ᠶᠡᠷᠦ ᠠᠴᠠ ᠬᠠᠯᠠᠰᠢᠷᠠᠯ | ᠦᠭᠡᠢ ᠴᠢᠷᠮᠠᠶᠢᠨ ᠠᠵᠢᠯᠯᠠᠭᠰᠠᠭᠠᠷ ᠢᠷᠡᠵᠡᠢ᠃ | ᠲᠡᠷᠨ ᠬᠤᠶᠠᠷ ᠮᠢᠩᠭ᠎ᠠ ᠪᠦᠭᠡᠳ ᠲᠠᠪᠤᠨ ᠤᠨ ᠠᠴᠠ ᠬᠤᠶᠠᠷ ᠮᠢᠩᠭ᠎ᠠ ᠪᠦᠭᠡᠳ ᠨᠠᠢᠮᠡᠨ ᠤᠨ ᠪᠤᠯᠳᠠᠯ᠎ᠠ | ᠶᠡᠭᠡ ᠵᠤᠤ ᠠᠶᠢᠮᠠᠭ ᠤᠨ ᠤᠷᠳᠤᠰ ᠬᠤᠳᠠᠨ ᠳᠤ ᠭᠤᠷᠪᠠᠨ ᠵᠢᠯ ᠡᠮᠨᠡᠯᠭᠡ ᠶᠢᠨ ᠤᠬᠠᠭᠠᠨ ᠤ ᠰᠤᠷᠭᠠᠭᠤᠯᠢ ᠳᠤ | ᠰᠤᠷᠤᠯᠴᠠᠵᠦ᠂ ᠰᠤᠷᠤᠯᠭ᠎ᠠ ᠪᠠᠨ ᠦᠨᠳᠤᠷ ᠠᠮᠵᠢᠯᠳᠠ ᠲᠠᠢ ᠲᠡᠬᠦᠰᠭᠡᠵᠦ ᠨᠤᠳᠤᠭ ᠲᠠᠭᠠᠨ ᠪᠤᠴᠠᠨ ᠢᠷᠡᠵᠦ ᠬᠤᠶᠠᠷ | ᠮᠢᠩᠭ᠎ᠠ ᠪᠦᠭᠡᠳ ᠶᠢᠰᠤᠨ ᠤᠨ ᠠᠴᠠ ᠬᠤᠶᠠᠷ ᠮᠢᠩᠭ᠎ᠠ ᠪᠦᠭᠡᠳ ᠠᠷᠪᠠᠨ ᠬᠤᠶᠠᠷ ᠤᠨ ᠪᠤᠯᠳᠠᠯ᠎ᠠ ᠬᠤᠰᠢᠭᠤᠨ ᠲᠦᠪ | ᠴᠢᠪᠠᠭ᠎ᠠ ᠪᠠᠯᠭᠠᠰᠤ ᠳᠤ ᠬᠤᠪᠢ ᠶᠢᠨ ᠵᠤᠭᠤᠰ ᠮᠦᠩᠬᠦ ᠪᠠᠷ ᠢᠶᠠᠨ ᠭᠤᠷᠪᠡᠨ ᠲᠦᠮᠨ ᠢᠯᠡᠬᠦᠤ ᠲᠦᠬᠦᠷᠢᠭ | ᠵᠠᠷᠤᠴᠠᠭᠤᠯᠵᠦ ︽ᠠ︾ ᠦᠰᠦᠭᠳᠤ ᠡᠷᠡᠬᠦᠯᠵᠢᠯᠡᠯ ᠤᠨ ᠲᠠᠰᠤᠭ ᠪᠠᠶᠢᠭᠤᠯᠵᠦ ᠭᠤᠤᠯᠳᠠᠭᠤ ︽ᠬᠠᠳᠬᠤᠬᠤ᠂ | ᠬᠠᠨᠠᠬᠤ᠂ ᠰᠤᠷᠤᠭᠤᠯᠳᠤᠬᠤ᠂ ᠲᠦᠭᠡᠨᠡᠬᠦ᠂ ᠢᠯᠢᠵᠦ ᠨᠤᠬᠤᠯᠠᠬᠤ᠂ ᠭᠠᠯ ᠬᠠᠨᠠᠭᠤᠷ︾ ᠵᠡᠷᠭᠡ ᠪᠠᠷ ᠲᠤᠯᠠᠢ᠂ ᠬᠡᠷᠡᠬᠦ | ᠡᠪᠡᠳᠴᠢᠨ᠂ ᠬᠦᠵᠦᠬᠦᠤ ᠨᠢᠷᠤᠭᠤᠨ ᠤ ᠬᠤᠶᠠᠩ ᠡᠪᠡᠳᠴᠢᠨ᠂ ᠦᠶ᠎ᠡ ᠭᠡᠰᠢᠬᠦᠨ ᠤ ᠬᠤᠶᠠᠩ ᠰᠢᠷ᠎ᠠ ᠤᠰᠤᠨ | ᠡᠪᠡᠳᠴᠢᠨ᠂ ᠰᠠ ᠡᠪᠡᠳᠴᠢᠨ᠂ ᠨᠢᠭᠤᠷ ᠤᠨ ᠰᠠ᠂ ᠴᠢᠰᠤᠨ ᠲᠠᠷᠤᠯᠳᠠ ᠦᠨᠳᠦᠷᠵᠢᠭᠰᠡᠨ ᠡᠪᠡᠳᠴᠢᠨ᠂ ᠲᠤᠯᠤᠭᠠᠢ | ᠡᠪᠡᠳᠬᠦ ᠵᠡᠷᠭᠡ ᠶᠢ ᠭᠤᠤᠯᠯᠠᠨ ᠵᠠᠰᠠᠵᠦ᠂ ᠬᠤᠯᠨ ᠤᠶᠢᠷ᠎ᠠ ᠶᠢᠨ ᠡᠪᠡᠳᠴᠢᠳᠡᠨ ᠳᠤ ᠬᠦᠷᠢᠶᠡᠯᠡᠯ ᠲᠠᠢ ᠶᠠᠪᠤᠭᠰᠡᠨ | ᠠᠴᠠ ᠬᠤᠶᠠᠷ ᠮᠢᠩᠭ᠎ᠠ ᠪᠦᠭᠡᠳ ᠠᠷᠪᠠᠨ ᠬᠤᠶᠠᠷ ᠤᠨ ᠤ ᠨᠠᠢᠮᠡᠨ ᠰᠠᠷ᠎ᠠ ᠳᠤ ᠬᠤᠰᠢᠭᠤᠨ ᠮᠤᠩᠭᠤᠯ ᠡᠮᠨᠡᠯᠭᠡ ᠶᠢᠨ | ᠬᠤᠷᠢᠶᠡᠨ ᠳᠤ ᠤᠷᠢᠭᠳᠠᠨ ᠢᠷᠡᠵᠦ ︽ᠲᠠᠪᠤᠨ ᠵᠠᠰᠠᠯ︾ ᠤᠨ ᠰᠠᠯᠠᠭᠠᠨ ᠳᠤ ᠠᠵᠢᠯᠯᠠᠵᠦ ᠶᠠᠪᠤᠬᠤ ᠳᠠᠭᠠᠨ ᠵᠢᠯ ᠳᠤ | ᠪᠠᠷᠤᠭ ᠭᠤᠷᠪᠠᠨ ᠮᠢᠩᠭ᠎ᠠ ᠭᠠᠷᠤᠢ ᠬᠦᠨᠳᠤ ᠡᠪᠡᠳᠴᠢᠳᠠᠨ ᠢ ᠦᠵᠡᠵᠦ᠂ ᠬᠦᠳᠡᠭᠡ ᠨᠤᠳᠤᠭ ᠠᠴᠠ ᠪᠤᠶᠤ ᠠᠯᠤᠰ | ᠬᠤᠯᠨ ᠠᠴᠠ ᠢᠷᠡᠭᠰᠡᠨ ᠡᠪᠡᠳᠴᠢᠳᠠᠨ ᠳᠤ ᠵᠤᠭᠤᠰ ᠮᠦᠩᠬᠦ ᠪᠠᠷ ᠪᠠᠭ᠎ᠠ ᠦᠭᠡᠢ ᠲᠤᠰᠠᠯᠠᠵᠦ᠂ ᠵᠠᠷᠢᠮ ᠬᠦᠨᠳᠤ | ᠡᠪᠡᠳᠴᠢᠳᠠᠨ ᠢ ᠭᠠᠳᠠᠨ᠎ᠠ ᠮᠤᠵᠢ ᠬᠤᠳᠠ ᠶᠢᠨ ᠡᠮᠨᠡᠯᠭᠡ ᠶᠢᠨ ᠬᠤᠷᠢᠶᠡᠨ ᠳᠤ ᠲᠠᠨᠢᠯᠴᠠᠭᠤᠯᠵᠦ ᠲᠠᠭᠠᠭᠤᠯᠵᠦ | ᠠᠪᠠᠴᠢᠨ ᠪᠤᠶᠠᠨ ᠬᠢᠵᠦ ᠲᠤᠰᠠᠯᠠᠵᠦ ᠶᠠᠪᠤᠳᠠᠭ ᠃ | ᠲᠡᠷᠨ ᠨᠠᠳᠠᠳᠤ ᠦᠪᠡᠷ ᠤᠨ ᠶᠠᠭᠠᠬᠢᠭᠠᠳ ᠡᠮᠴᠢ ᠪᠤᠯᠤᠭᠰᠡᠨ ᠲᠤᠬᠠᠢ ᠲᠦᠬᠦᠮ ᠲᠠᠨᠢᠯᠴᠠᠭᠤᠯᠵᠦ ᠭᠡᠯᠡᠬᠦ | ᠳᠡᠭᠡᠨ᠄ ︽ᠪᠠᠭ᠎ᠠ ᠰᠤᠷᠭᠠᠭᠤᠯᠢ ᠳᠤ ᠪᠠᠶᠢᠭ᠎ᠠ ᠦᠶ᠎ᠡ ᠳᠤ ᠠᠪᠤ ᠡᠵᠢ ᠮᠢᠨᠢ ᠵᠠᠷᠢᠮ ᠳᠠᠭᠠᠨ ᠭᠡᠨ᠂ ᠭᠡᠨ ᠶᠠᠮᠠᠷ ᠶᠠᠮᠠᠷ | ᠡᠪᠡᠳᠴᠢᠨ ᠤᠯᠵᠦ ᠬᠠᠮᠢᠭ᠎ᠠ ᠶᠠᠮᠠᠷ ᠭᠠᠵᠠᠷ ᠦᠵᠡᠬᠦᠯᠬᠦ ᠪᠠᠷ ᠶᠠᠪᠤᠭᠰᠡᠨ︕ ᠬᠤᠵᠢᠮ ᠶᠠᠪᠤᠬᠤ ᠲᠤᠳᠤᠮ ᠡᠯᠳᠡᠪ | ᠶᠠᠩᠵᠦ ᠶᠢᠨ ᠡᠪᠡᠳᠴᠢᠨ ᠲᠡᠯᠭᠡᠷᠡᠬᠦ ᠨᠢ ᠲᠠᠮᠵᠢᠭ ᠦᠭᠡᠢ᠂ ᠮᠠᠨ ᠤ ᠪᠠᠭ᠎ᠠ ᠶᠢᠨ ᠦᠶ᠎ᠡ ᠶᠢᠨ ᠴᠠᠭ ᠲᠠᠢ ᠦᠰᠦᠳ | ᠦᠭᠡᠷ᠎ᠡ ᠪᠤᠯᠤᠭᠰᠡᠨ︕ ᠤᠳᠤ ᠪᠦᠷ ᠬᠢᠮᠢ ᠶᠢᠨ ᠪᠤᠷᠳᠤᠭᠤᠷ ᠬᠢᠵᠦ ᠤᠷᠭᠤᠭᠤᠯᠤᠭᠰᠡᠨ ᠪᠤᠳᠠᠭ᠎ᠠ ᠢᠳᠡᠵᠦ ᠪᠠᠶᠢᠬᠤ | ᠠᠴᠠ᠂ ᠠᠢ᠂ ᠠᠮᠤᠷ ᠴᠦ ᠦᠭᠡᠢ ᠁ ᠭᠡᠵᠤ ᠬᠡᠯᠡᠬᠦ ᠶᠢ ᠦᠷᠬᠦᠯᠵᠢ ᠰᠤᠨᠤᠰᠳᠠᠭ ᠠᠴᠠ ᠬᠤᠵᠢᠮ ᠪᠢᠴᠢᠭ | ᠰᠠᠶᠢᠨ ᠰᠤᠷᠴᠤ ᠡᠮᠴᠢ ᠪᠤᠯᠵᠦ ᠂ ᠲᠡᠳᠡᠭᠡᠷ ᠤᠯᠠᠨ ᠡᠪᠡᠳᠴᠢᠨ ᠵᠤᠪᠠᠯᠠᠩᠳᠠᠢ ᠬᠦᠮᠦᠰ ᠢ ᠵᠠᠰᠠᠵᠦ ᠡᠳᠡᠭᠡᠵᠦ᠂ | ᠡᠷᠡᠬᠦᠯ ᠡᠩᠭᠡ ᠵᠤᠯ ᠵᠢᠷᠭᠠᠯ ᠲᠠᠢ ᠠᠮᠢᠳᠤᠷᠠᠭᠤᠯᠤᠨ᠎ᠠ ᠭᠡᠵᠤ ᠲᠠᠩᠭᠠᠷᠢᠭᠯᠠᠵᠦ ᠶᠠᠪᠤᠭᠰᠡᠨ︾ ᠭᠡᠯᠡ᠃ ᠲᠡᠭᠦᠨ ᠤ | ᠬᠡᠯᠡᠬᠦ ᠶᠢ ᠰᠤᠨᠤᠰᠤᠭᠠᠳ᠂ ᠠᠵᠢᠯ ᠦᠢᠯᠡᠰ ᠲᠡᠭᠡᠨ ᠠᠯᠢᠪᠠ ᠪᠦᠬᠦᠨ ᠢᠶᠠᠨ ᠵᠤᠷᠢᠭᠤᠯᠵᠦ ᠶᠠᠪᠤᠭᠰᠡᠨ ᠡᠷᠬᠢᠮ ᠨᠠᠨᠳᠢᠨ | ᠰᠤᠷᠳᠠᠯ ᠲᠠᠢ᠂ ᠡᠪᠡᠳᠴᠢᠳᠠᠨ ᠪᠦᠬᠦᠨ ᠳᠤ ᠠᠳᠠᠯᠢᠬᠠᠨ ᠬᠠᠨᠳᠤᠵᠤ ᠰᠠᠳᠬᠢᠯ ᠵᠦᠳᠡᠵᠦ ᠨᠤᠶᠢᠷ ᠬᠤᠭᠤᠯᠨ ᠪᠠᠨ | ᠮᠠᠷᠳᠠᠵᠦ ᠶᠠᠪᠤᠳᠠᠭ ᠡᠮᠴᠢ ᠬᠦᠮᠦᠨ ᠢ ᠪᠢ᠂ ︽ᠡᠮᠴᠢ ᠬᠦᠮᠦᠨ ᠡᠷᠡᠬᠦᠯ ᠡᠩᠭᠡ ᠶᠢᠨ ᠡᠯᠴᠢ︾ ᠭᠡᠳᠡᠭ ᠢ ᠠᠩᠬ᠎ᠠ | ᠮᠡᠳᠡᠷᠡᠵᠦ ᠪᠢᠰᠢᠷᠡᠵᠦ ᠶᠠᠪᠤᠭᠰᠡᠨ ᠪᠢᠯᠨ ᠁ | | ᠵᠤᠬᠢᠶᠠᠭᠴᠢ᠄ ᠰᠠᠶᠢ᠊ · ᠰᠢᠷᠠᠪᠠᠷᠰ | ᠵᠤᠬᠢᠶᠠᠭᠴᠢ ᠶᠢᠨ ᠬᠠᠶ᠋ᠢᠭ᠄ ᠴᠢᠪᠠᠭ᠎ᠠ ᠪᠠᠯᠭᠠᠰᠤ ᠶᠢᠨ ᠬᠠᠭᠤᠴᠢᠨ ᠬᠤᠳᠠ | ᠲᠤᠭᠤᠷᠢᠭ ᠤᠨ ᠱᠧᠩ ᠱᠢ ᠰᠠᠭᠤᠭᠠᠯᠢ ᠲᠤᠭᠤᠷᠢᠭ | ᠬᠠᠷᠢᠯᠴᠠᠬᠤ ᠤᠳᠠᠰᠤ᠄ 15147334272 | |