ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢᠨ ᠪᠠᠶᠠᠷ ᠢ ᠪᠡᠯᠭᠡᠯᠡᠬᠦ | ︽ᠡᠷᠢᠨ ᠵᠠᠭᠤᠨ ᠤ ᠬᠤᠰᠢᠭᠤᠴᠢ︾ ᠰᠡᠳᠦᠪᠲᠦ ᠵᠤᠬᠢᠶᠠᠯ ᠤᠨ ᠱᠠᠩᠨᠠᠯᠲᠣ ᠣᠷᠣᠯᠳᠣᠭᠠᠨ ᠤ ᠵᠤᠬᠢᠶᠠᠯ | | | ᠠᠵᠢᠯ ᠦᠢᠯᠡᠰ ᠤᠨ ᠢᠶᠠᠨ ᠲᠦᠯᠦᠭᠡ ᠠᠯᠢᠪᠠ ᠪᠠᠨ ᠵᠤᠷᠢᠭᠤᠯᠵᠤ᠂ ᠠᠷᠠᠳ ᠤᠯᠠᠨ ᠤ ᠦᠷ᠎ᠡ ᠬᠡᠤᠬᠡᠳ | ᠲᠤ ᠡᠬᠡ ᠰᠣᠶᠤᠯ ᠤᠨ ᠰᠢᠮ᠎ᠡ ᠬᠦᠷᠳᠡᠭᠡᠭᠰᠡᠨ ᠠᠭᠤᠳᠠᠮᠴᠢ ᠰᠡᠳᠬᠢᠯ ᠲᠠᠢ᠂ ᠴᠠᠶᠢᠯᠭᠠᠨ ᠵᠠᠩ ᠲᠠᠢ ᠭᠠᠷᠪᠤᠤ | ᠨᠠᠰᠤᠳᠠᠨ ᠪᠣᠯ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠦᠷ ᠰᠤᠮᠤᠨ ᠤ ᠴᠠᠭᠠᠠᠣᠪᠤᠭᠠ ᠪᠠᠭ᠎ᠠ ᠰᠤᠷᠭᠠᠭᠤᠯᠢ ᠠᠴᠠ | ᠨᠠᠰᠤᠨ ᠤ ᠠᠮᠠᠷᠠᠯᠳᠠ ᠪᠠᠨ ᠠᠪᠤᠭᠰᠠᠨ ᠠᠯᠳᠠᠷ ᠬᠦᠠᠳᠤᠳᠤ ᠪᠠᠭᠰᠢ ᠪᠣᠯᠬᠤ ᠶᠤᠮ᠃ | | | ᠭᠠᠷᠪᠤᠤ ᠪᠠᠭᠰᠢ | | ᠭᠠᠷᠪᠤᠤ ᠨᠠᠰᠤᠳᠠᠨ ᠠᠷᠤ ᠬᠤᠷᠴᠢᠨ ᠬᠤᠰᠢᠭᠤᠨ ᠤ ᠪᠠᠶᠠᠠᠳᠠᠯ᠎ᠠ ᠨᠤᠲᠤᠭ ᠤᠨ ᠮᠠᠯᠴᠢᠨ ᠤ ᠭᠡᠷ ᠲᠤ | ᠲᠦᠷᠦᠨ ᠦᠰᠴᠤ᠂ 1947 ᠣᠨ ᠳᠤ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ | ᠤ ᠲᠠᠷᠠᠭ᠎ᠠ ᠪᠢᠴᠢᠭ ᠦᠵᠡᠬᠦ ᠵᠠᠪᠰᠢᠶᠡᠨ ᠲᠠᠢ ᠪᠣᠯᠵᠤ᠂ ᠲᠤᠬᠠᠢ ᠶᠢᠨ ᠦᠶ᠎ᠡ ᠶᠢᠨ ᠪᠡᠷᠬᠡ ᠬᠠᠳᠠᠭᠤᠵᠢᠯᠳᠠᠢ ᠨᠦᠬᠦᠴᠠᠯ | ᠳᠤ ᠬᠠᠯᠠᠰᠢᠷᠠᠯ ᠦᠭᠡᠢ ᠰᠤᠷᠤᠯᠴᠠᠭᠰᠠᠭᠠᠷ 1955 ᠤᠨ ᠳᠤ ᠯᠢᠨᠳᠦ᠋ᠩ ᠤᠨ ᠪᠠᠭᠰᠢ ᠶᠢᠨ ᠰᠤᠷᠭᠠᠭᠤᠯᠢ ᠪᠠᠨ | ᠰᠢᠯᠢᠳᠡᠭ ᠠᠮᠵᠢᠯᠳᠠ ᠲᠠᠢ ᠪᠠᠷ ᠲᠡᠭᠦᠰᠴᠦ᠂ ᠠᠷᠪᠠᠨ ᠨᠠᠢᠮᠠᠳᠠᠢ ᠠᠷᠠᠳ ᠤᠨ ᠪᠠᠭᠰᠢ ᠶᠢᠨ ᠠᠯᠳᠠᠷ ᠢ ᠬᠦᠷᠳᠡᠵᠦ᠂ | ᠬᠤᠨᠳᠤ ᠳᠠᠬᠢ ᠪᠦᠷᠢᠨ ᠪᠠᠭ᠎ᠠ ᠰᠤᠷᠭᠠᠭᠤᠯᠢ ᠳᠤ ᠪᠠᠭᠰᠢ ᠪᠣᠯᠵᠠᠢ᠃ | ᠪᠠᠭᠰᠢ ᠪᠤᠯᠤᠶ᠎ᠡ ᠭᠡᠰᠡᠨ ᠦᠪᠡᠷ ᠤᠨ ᠬᠢᠨᠢ ᠬᠦᠰᠡᠯ ᠲᠠᠮᠠᠤᠯᠠᠯ ᠤᠨ ᠬᠢᠨᠢ ᠵᠢᠷᠭᠠᠯ ᠤᠨ ᠨᠠᠷᠠᠨ ᠮᠦᠰᠢᠶᠡᠵᠤ᠂ | ᠨᠢᠭᠡ ᠰᠡᠳᠬᠢᠯ ᠨᠢᠭᠡ ᠵᠣᠷᠢᠭ ᠢᠶᠠᠷ ᠰᠤᠷᠭᠠᠭᠤᠯᠢ ᠪᠠ ᠰᠤᠷᠤᠭᠴᠢ ᠶᠢᠨ ᠢᠶᠠᠨ ᠲᠦᠯᠥᠭᠡ ᠵᠢᠳᠬᠦᠵᠤ᠂ ᠵᠢᠭᠠᠨ | ᠰᠤᠷᠭᠠᠬᠤ ᠠᠵᠢᠯ ᠳᠤ ᠪᠠᠨ ᠲᠤᠪᠤᠶᠢᠮ᠎ᠠ ᠬᠢᠷᠢ ᠪᠦᠳᠦᠮᠵᠢ ᠭᠠᠷᠭᠠᠭᠰᠠᠨ ᠢᠶᠠᠷ ᠪᠠᠷᠠᠬᠤ ᠦᠭᠡᠢ᠂ ᠰᠤᠷᠤᠭᠴᠢᠳ ᠢᠶᠠᠨ | ᠢᠯᠡᠭᠦᠭᠡᠨ ᠦᠢᠯᠡᠭᠠᠵᠤ᠂ ᠬᠦᠴᠢᠷ ᠲᠠᠢ ᠰᠤᠷᠤᠭᠴᠢ ᠳᠤ ᠦᠪᠡᠷ ᠤᠨ ᠵᠤᠭᠤᠰ ᠮᠦᠩᠭᠦ ᠪᠠᠷ ᠢᠶᠠᠨ ᠲᠠᠰᠬᠠᠯ ᠲᠡᠪᠳᠡᠷ | ᠠᠪᠴᠤ ᠦᠭᠬᠦ ᠪᠤᠶᠤ ᠬᠤᠪᠴᠠᠰᠤ ᠬᠤᠨᠠᠷ ᠢ ᠨᠢ ᠨᠦᠬᠦᠵᠤ ᠤᠶᠤᠬᠤ᠂ ᠭᠡᠵᠢᠭᠡ ᠦᠰᠦ ᠶᠢ ᠨᠢ ᠤᠬᠢᠶᠠᠵᠤ ᠪᠦᠭᠡᠰᠤ | ᠬᠢᠭᠤᠷᠠᠰᠤ ᠶᠢ ᠨᠢ ᠠᠷᠢᠯᠭᠠᠬᠤ᠂ ᠴᠠᠰᠤ ᠪᠤᠷᠤᠭᠠᠨ ᠳᠤ ᠪᠡᠶ᠎ᠡ ᠲᠤᠷᠤᠢ ᠰᠤᠷᠤᠭᠴᠢᠳ ᠢᠶᠠᠨ ᠲᠤᠰᠤᠵᠤ ᠬᠦᠷᠭᠡᠬᠦ | ᠵᠡᠷᠭᠡ ᠠᠵᠢᠯ ᠢ ᠴᠦ ᠪᠡᠶ᠎ᠡ ᠪᠠᠷ ᠢᠶᠠᠨ ᠭᠦᠢᠴᠡᠳᠭᠡᠳᠡᠭ ᠶᠤᠮ᠃ ᠲᠡᠷᠨ ᠪᠠᠭᠰᠢ ᠪᠤᠯᠤᠭᠰᠠᠨ ᠠᠴᠠ ᠪᠠᠨ ᠠᠪᠤᠭᠠᠳ | ᠮᠠᠨ ᠤ ᠬᠤᠰᠢᠭᠤᠨ ᠤ ᠬᠤᠨᠳᠤ᠂ ᠪᠠᠯᠴᠢᠷᠤᠳ᠂ ᠴᠢᠪᠠᠭ᠎ᠠ᠂ ᠬᠠᠨᠰᠦ᠋ᠮ᠎ᠡ᠂ ᠪᠠᠶᠠᠠᠪᠤᠯᠠᠭ ᠵᠡᠷᠭᠡ ᠤᠯᠠᠨ ᠭᠠᠵᠡᠷ ᠢᠶᠠᠷ | ᠪᠠᠭᠰᠢᠯᠠᠵᠤ᠂ 24 ᠨᠠᠰᠤᠳᠠᠢ ᠰᠤᠷᠭᠠᠭᠤᠯᠢ ᠶᠢᠨ ᠵᠠᠬᠢᠷᠤᠯ ᠤᠨ ᠠᠵᠢᠯ ᠡᠭᠦᠷᠬᠡᠯᠡᠭᠰᠡᠨ ᠠᠴᠠ ᠪᠠᠨ ᠠᠪᠤᠭᠠᠳ 31 | ᠵᠢᠯ ᠵᠠᠬᠢᠷᠤᠯ ᠤᠨ ᠠᠵᠢᠯ ᠬᠢᠵᠤ᠂ ᠨᠢᠭᠡ ᠨᠠᠰᠤᠨ ᠤ ᠢᠳᠠ ᠬᠦᠴᠤ᠂ ᠤᠶᠤᠨ ᠲᠠᠮᠢᠷ ᠢᠶᠠᠨ ᠰᠤᠷᠭᠠᠨ ᠬᠦᠮᠦᠵᠢᠯ | ᠤᠨ ᠦᠢᠯᠡᠰ ᠲᠤ ᠵᠣᠷᠢᠭᠤᠯᠵᠠᠢ᠃ | ︽ᠵᠢᠳᠬᠦᠯ ᠤᠨ ᠬᠦᠴᠦᠨ ᠳᠤ ᠢᠷᠠᠭᠤ ᠦᠢᠯᠡᠰ ᠲᠡᠯᠭᠡᠷᠡᠨ᠎ᠡ︾ ᠭᠡᠳᠡᠭᠴᠢᠯᠡᠨ ᠲᠡᠭᠦᠨ ᠤ ᠰᠢᠷᠭᠠᠭᠤ | ᠬᠦᠳᠠᠯᠮᠤᠷᠢ ᠵᠢᠳᠬᠦᠯ ᠤᠨ ᠬᠠᠷᠢᠭᠤ ᠳᠤ ᠬᠤᠰᠢᠭᠤᠨ ᠤ ︽ᠬᠦᠳᠡᠯᠮᠦᠷᠢ ᠶᠢᠨ ᠵᠢᠱᠢᠶᠡᠴᠢ︾ ᠂ ᠠᠶᠢᠮᠠᠭ ᠤᠨ ︽3. | 8 ᠶᠢᠨ ᠤᠯᠠᠭᠠᠨ ᠲᠤᠭᠴᠢ︾᠂ ᠤᠯᠤᠰ ᠤᠨ ᠲᠡᠰ ᠤᠨ ︽ᠴᠡᠴᠡᠷᠯᠢᠭᠴᠢ︾ ᠢᠶᠠᠷ ᠴᠤᠯᠠᠯᠠᠭᠳᠠᠨ᠂ 1978 ᠣᠨ | ᠳᠤ ᠪᠦᠬᠦ ᠤᠯᠤᠰ ᠤᠨ ᠴᠦᠬᠡᠨ ᠲᠤᠭᠠᠳᠤ ᠦᠠᠳᠦᠰᠦᠳᠠᠨ ᠤ ᠵᠢᠱᠢᠶᠠᠴᠢ ᠰᠠᠶᠢᠴᠤᠤᠯ ᠤᠨ ᠲᠤᠭᠤᠷᠢᠨ ᠦᠵᠡᠬᠦ | ᠪᠦᠯᠭᠦᠮ ᠳᠤ ᠤᠷᠤᠯᠴᠠᠵᠤ᠂ ᠤᠯᠤᠰ ᠤᠨ ᠨᠠᠮ ᠵᠠᠰᠠᠭ ᠤᠨ ᠤᠳᠤᠷᠢᠳᠤᠯᠭ᠎ᠠ ᠲᠠᠢ ᠠᠭᠤᠯᠵᠠᠭᠰᠠᠨ ᠶᠤᠮ᠃ 1999 | ᠣᠨ ᠳᠤ ᠤᠯᠤᠰ ᠪᠠᠶᠢᠭᠤᠯᠤᠭᠳᠠᠭᠰᠠᠨ ᠲᠠᠪᠢᠨ ᠵᠢᠯ ᠤᠨ ᠤᠢ ᠳᠤ ᠵᠣᠷᠢᠭᠤᠯᠤᠭᠰᠠᠨ ᠤᠯᠠᠭᠠᠠᠬᠳᠠ ᠬᠤᠳᠠ ᠶᠢᠨ | ᠭᠠᠪᠢᠶ᠎ᠡ ᠵᠢᠳᠬᠦᠯᠳᠠᠨ ᠤ ᠨᠡᠷᠡᠰ ᠲᠤ ᠵᠢᠬᠰᠠᠭᠠᠭᠳᠠᠨ᠂ ᠲᠥᠪ ᠤᠷᠤᠨ ᠬᠤᠳᠠ ᠶᠢᠨ ᠰᠤᠨᠢᠨ ᠮᠡᠳᠡᠭᠡᠨ ᠤ | ᠵᠠᠭᠤᠴᠢᠯᠠᠭᠤᠷ ᠢᠶᠠᠷ ᠲᠡᠷᠢᠭᠦᠨ ᠤ ᠦᠢᠯᠡ ᠠᠵᠢᠯᠯᠠᠭ᠎ᠠ ᠶᠢ ᠨᠢ ᠮᠡᠳᠡᠭᠡᠯᠡᠵᠦ ᠦᠩᠭᠡᠷᠡᠪᠠ᠃ 2008 ᠤᠨ ᠳᠤ | ᠴᠢᠪᠠᠭ᠎ᠠ ᠮᠣᠩᠭᠤᠯ ᠪᠠᠭ᠎ᠠ ᠰᠤᠷᠭᠠᠭᠠᠤᠯᠢ ᠪᠠᠶᠢᠭᠤᠯᠤᠭᠳᠠᠭᠰᠠᠨ ᠲᠠᠪᠢᠨ ᠵᠢᠯ ᠤᠨ ᠤᠢ ᠶᠢᠨ ᠲᠠᠰᠢᠷᠠᠮ ᠢᠶᠠᠷ ︽ | ᠭᠠᠪᠢᠶᠠᠳᠦ ᠵᠠᠬᠢᠷᠤᠯ︾ ᠤᠨ ᠢᠷᠠᠭᠤ ᠠᠯᠳᠠᠷ ᠲᠤᠰᠴᠤ᠂ 2016 ᠤᠨ ᠳᠤ ᠬᠠᠨᠰᠦ᠋ᠮ᠎ᠠ ᠰᠤᠷᠭᠠᠭᠤᠯᠢ | ᠪᠠᠶᠢᠭᠤᠯᠤᠭᠳᠠᠭᠰᠠᠨ ᠵᠢᠷᠠᠨ ᠵᠢᠯ ᠤᠨ ᠤᠢ ᠳᠤ ︽ᠠᠯᠳᠠᠷ ᠬᠦᠠᠳᠤᠳᠤ ᠵᠠᠬᠢᠷᠤᠯ︾ ᠤᠨ ᠠᠯᠳᠠᠷ ᠬᠦᠨᠳᠦ ᠲᠤᠰᠴᠠᠢ᠃ | 2017 ᠤᠨ ᠳᠤ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ ᠲᠠᠯᠠᠨ ᠵᠢᠯ ᠤᠨ | ᠤᠢ ᠶᠢ ᠪᠡᠯᠭᠡᠯᠡᠬᠦ ᠲᠠᠰᠢᠷᠠᠮ ᠳᠤ ᠲᠡᠬᠦᠨ ᠤ ᠠᠯᠳᠠᠷ ᠭᠠᠪᠢᠶ᠎ᠡ ᠶᠢ ᠬᠤᠳᠠ ᠬᠤᠰᠢᠭᠤᠨ ᠤ ᠷᠠᠳᠢᠣ᠋ ᠲᠧᠯᠸᠢᠰ | ᠰᠤᠨᠢᠨ ᠰᠦᠯᠵᠢᠶ᠎ᠡ ᠪᠠᠷ ᠤᠬᠠᠭᠤᠯᠤᠭᠰᠠᠨ ᠶᠣᠮ᠃ | ᠭᠠᠷᠪᠤᠤ ᠨᠠᠰᠤᠳᠠᠨ ᠠᠵᠢᠯ ᠤᠨ ᠠᠮᠠᠷᠠᠯᠳᠠ ᠪᠠᠨ ᠠᠪᠤᠭᠰᠠᠨ ᠴᠦ ᠨᠤᠲᠤᠭ ᠤᠰᠤᠨ᠂ ᠮᠠᠯᠵᠢᠬᠤ ᠠᠮᠢᠳᠤᠷᠠᠯ | ᠠᠴᠠ ᠪᠠᠨ ᠰᠠᠯᠤᠭ᠎ᠠ ᠦᠭᠡᠢ᠂ ᠠᠵᠢᠯ ᠠᠮᠢᠳᠤᠷᠠᠯ ᠳᠤ ᠪᠠᠨ ᠬᠠᠷᠢᠭᠤᠴᠠᠯᠭ᠎ᠠ ᠨᠢᠮᠪᠠᠢ ᠠᠴᠠ ᠮᠠᠯ ᠨᠢ ᠦᠨᠢᠷ ᠦᠰᠴᠤ | ᠬᠤᠰᠢᠭᠤ ᠰᠤᠮᠤᠨ ᠤ ᠨᠠᠮ ᠤᠨ ᠭᠡᠰᠢᠬᠦᠨ ᠲᠡᠷᠢᠭᠦᠯᠡᠨ ᠪᠠᠶᠠᠵᠢᠬᠤ ᠲᠠᠶᠢᠴᠢᠯᠠᠯᠳᠠ ᠲᠤᠤᠷ᠎ᠡ ᠦᠪᠡᠷ ᠤᠨ ᠰᠠᠶᠢᠨ | ᠲᠤᠷ᠎ᠠ ᠠᠴᠠ ᠪᠠᠨ ᠶᠠᠳᠠᠭᠤ ᠬᠦᠴᠢᠷᠳᠡᠢ ᠡᠷᠦᠬᠡ ᠶᠢ ᠲᠠᠭᠠᠭᠠᠨ ᠠᠪᠴᠤ᠂ ᠬᠤᠨᠢ ᠮᠠᠯ ᠢᠶᠠᠨ ᠦᠨ᠎ᠡ ᠲᠦᠯᠦᠪᠤᠷᠢ | ᠦᠭᠡᠢ ᠪᠠᠷ ᠬᠦᠷᠭᠡᠵᠤ᠂ ᠮᠦᠩᠭᠦ ᠵᠤᠭᠤᠰ ᠢᠶᠠᠷ ᠲᠤᠰᠠᠯᠠᠵᠦ᠂ ᠲᠠᠭᠠᠭᠠᠴᠢᠯᠠᠭᠰᠠᠨ ᠡᠷᠦᠬᠡ ᠪᠠᠨ ᠶᠠᠳᠠᠭᠤ ᠠᠴᠠ | ᠠᠩᠭᠢᠵᠢᠷᠠᠭᠤᠯᠤᠨ ᠴᠢᠨᠡᠭᠡᠯᠢᠭ ᠶᠢ ᠵᠣᠷᠢᠬᠤ ᠠᠵᠢᠯ ᠳᠤ ᠲᠦᠯᠬᠢᠴᠠ ᠦᠢᠯᠡᠳᠤᠯ ᠦᠵᠡᠭᠦᠯᠵᠡᠢ᠃ ᠲᠡᠷᠨ ︽ᠮᠠᠯ ᠢᠶᠠᠨ | ᠦᠰᠭᠡᠭᠰᠡᠨ ᠵᠢᠱᠢᠶᠠᠴᠢ︾᠂ ︽ᠵᠢᠱᠢᠶᠠᠴᠢ ᠨᠠᠮ ᠤᠨ ᠭᠡᠰᠢᠭᠦᠨ︾ ᠪᠣᠯᠵᠤ᠂ ᠦᠷᠭᠡᠨ ᠤᠯᠠᠨ ᠮᠠᠯᠴᠢᠨ ᠲᠦᠮᠡᠨ ᠤ | ᠮᠠᠭᠳᠠᠭᠠᠯ ᠰᠠᠶᠢᠰᠢᠶᠠᠯ ᠢ ᠤᠯᠵᠤ᠂ ᠠᠶᠢᠯ ᠤᠰᠤᠨ ᠤ ᠮᠠᠯᠴᠢᠳ ᠤᠨ ᠢᠶᠠᠨ ᠴᠢᠨᠡᠭᠡᠯᠢᠭ ᠤᠨ ᠲᠠᠭᠠᠭᠠᠤᠯᠤᠭᠴᠢ | ᠪᠤᠯᠤᠭᠰᠠᠨ ᠶᠣᠮ᠃ | ᠭᠠᠷᠪᠤᠤ ᠪᠠᠭᠰᠢ ᠪᠣᠯ ᠠᠷᠤ ᠬᠤᠷᠴᠢᠨ ᠬᠤᠰᠢᠭᠤᠨ ᠤ ᠪᠠᠭᠰᠢ ᠶᠢᠨ ᠰᠤᠷᠭᠠᠭᠤᠯᠢ ᠠᠴᠠ ᠲᠡᠬᠦᠰᠦᠭᠰᠡᠨ | ᠠᠩᠬᠠᠳᠠᠭᠴᠢ ᠮᠣᠩᠭᠤᠯ ᠡᠮᠡᠭᠳᠡᠢ ᠪᠠᠭᠰᠢ᠂ ᠠᠩᠬᠠᠳᠠᠭᠴᠢ ᠮᠤᠩᠭᠤᠯ ᠡᠮᠡᠭᠳᠡᠢ ᠵᠠᠬᠢᠷᠤᠯ᠂ ᠤᠯᠤᠰ ᠤᠨ ᠲᠡᠷᠢᠭᠦᠯᠡᠭᠴᠢ | ᠲᠠᠢ ᠠᠭᠤᠯᠵᠠᠭᠰᠠᠨ ᠠᠩᠬᠠᠳᠠᠭᠴᠢ ᠮᠣᠩᠭᠤᠯ ᠪᠠᠭᠰᠢ ᠪᠠᠶᠢᠵᠤ ᠰᠤᠷᠭᠠᠨ ᠬᠦᠮᠦᠵᠢᠯ ᠤᠨ ᠹᠷᠦᠨᠲ ᠤᠨ ᠬᠡᠳᠤᠨ | ᠠᠩᠬ᠎ᠠ ᠶᠢ ᠡᠬᠦᠳᠦᠭᠰᠡᠨ ᠵᠢᠳᠬᠦᠯᠳᠦ ᠠᠬᠠᠮᠠᠳ ᠪᠣᠯᠬᠤ ᠶᠤᠮ᠃ | | ᠵᠤᠬᠢᠶᠠᠭᠴᠢ᠄ ᠣᠳᠣᠩᠭᠤᠸ᠎ᠠ | ᠵᠤᠬᠢᠶᠠᠭᠴᠢ ᠶᠢᠨ ᠬᠠᠶ᠋ᠢᠭ᠄ ᠪᠠᠶ᠋ᠬᠠᠦ᠋ᠨᠳᠦᠷ ᠰᠤᠮᠤᠨ ᠤ ᠴᠠᠭᠠᠬᠤᠪᠤᠭ᠎ᠠ ᠭᠠᠴᠠᠭ᠎ᠠ | ᠬᠠᠷᠢᠯᠴᠠᠬᠤ ᠤᠳᠠᠰᠤ᠄ 18747637515 | |