ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢᠨ ᠪᠠᠶᠠᠷ ᠢ ᠪᠡᠯᠭᠡᠯᠡᠬᠦ | ︽ ᠡᠷᠢᠨ ᠵᠠᠭᠤᠨ ᠤ ᠬᠤᠰᠢᠭᠤᠴᠢ︾ ᠰᠡᠳᠦᠪᠲᠦ ᠵᠤᠬᠢᠶᠠᠯ ᠤᠨ ᠱᠠᠩᠨᠠᠯᠲᠣ ᠣᠷᠣᠯᠳᠣᠭᠠᠨ ᠤ ᠵᠤᠬᠢᠶᠠᠯ | | | ᠡᠪᠡᠰᠤᠨ ᠲᠤᠯᠤᠭᠠᠢ ᠬᠠᠯᠢᠭᠤᠷᠠᠵᠦ᠂ ᠮᠤᠳᠤᠨ ᠨᠠᠪᠴᠢᠰ ᠰᠢᠷᠭᠠᠯᠳᠤᠨ ᠭᠡᠶᠢᠰᠦᠭᠰᠡᠨ ᠨᠠᠮᠤᠷ ᠤᠨ ᠰᠡᠬᠦᠯᠴᠢ | ᠰᠠᠷᠠᠶᠢᠨ ᠨᠠᠢᠮᠡᠨ ᠳᠤ ᠪᠢ ᠴᠢᠪᠠᠭ᠎ᠠ ᠪᠠᠯᠭᠠᠰᠤ ᠠᠴᠠ ᠬᠤᠶᠠᠷ ᠵᠠᠭᠤ ᠢᠯᠡᠬᠦᠤ ᠭᠠᠵᠠᠷ ᠵᠠᠶᠢᠳᠠᠢ ᠪᠠᠶᠢᠭ᠎ᠠ ᠡᠩᠬᠡ | ᠭᠤᠸᠠᠢ ᠶᠢᠨ ᠨᠤᠳᠤᠭ ᠪᠤᠯᠬᠤ ᠪᠠᠶᠠᠯᠢᠭ ᠰᠠᠶᠢᠬᠠᠨ ᠪᠠᠭ᠋ᠠᠷᠤᠯᠳᠤ ᠤᠷᠤᠨ ᠲᠠᠩᠰᠤᠭ ᠰᠠᠶᠢᠬᠠᠨ ᠪᠠᠶᠢᠭᠠᠯᠢ ᠶᠢᠨ ᠦᠩᠭᠡ | ᠦᠵᠡᠮᠵᠢ ᠲᠠᠢ ᠪᠠᠶ᠋ᠬᠠᠦ᠋ᠨᠳᠤᠷ ᠲᠤ ᠬᠦᠷᠦᠭᠰᠡᠨ ᠪᠢᠯᠨ ᠁ ᠬᠤᠯᠨ ᠤᠶᠢᠷ᠎ᠠ ᠶᠢᠨ ᠵᠤᠭᠠᠴᠠᠯ ᠪᠤᠯᠤᠭᠰᠡᠨ | ᠭᠤᠭᠤᠰᠣᠲᠠᠢ ᠬᠠᠨ ᠠᠭᠤᠯᠨ ᠭᠡᠬᠦ ᠠᠴᠠ ᠬᠠᠷᠢ ᠶᠢᠨ ᠬᠦᠮᠦᠰ ᠤᠨ ᠰᠦᠨᠡᠰᠤ ᠬᠤᠷᠭᠤᠳᠠᠮᠠᠷ ᠡᠷᠬᠢ ᠪᠠᠨ ᠲᠠᠯᠡᠵᠦ | ᠤᠷᠤᠰᠤᠭᠰᠡᠨ ᠬᠠᠬᠢᠷ ᠰᠦᠵᠢ ᠶᠢᠨ ᠭᠤᠤᠯ ᠤᠨ ᠬᠦᠪᠡᠭᠡ ᠪᠠᠷ ᠠᠳᠤᠭᠤ ᠮᠠᠯ ᠢᠷᠠᠶᠢᠨ ᠪᠡᠯᠴᠢᠵᠦ᠂ ᠮᠠᠯᠴᠢᠳ | ᠡᠪᠦᠯᠵᠢᠶᠡᠨ ᠳᠡᠭᠡᠨ ᠮᠤᠩᠬᠢᠨᠠᠵᠦ ᠪᠠᠶᠢᠭ᠎ᠠ ᠮᠦᠴᠨ ᠳᠤ ᠪᠢ ᠠᠷᠤᠬᠦ᠋ᠪ ᠭᠠᠴᠠᠭᠠᠨ ᠠᠴᠠ ᠰᠤᠮᠤᠨ ᠲᠦᠪ ᠲᠤ | ᠰᠢᠯᠵᠢᠵᠦ ᠬᠤᠪᠢ ᠪᠠᠷ ᠢᠶᠠᠨ ᠡᠬᠦᠳᠡ ᠴᠤᠩᠬᠤ ᠬᠢᠵᠦ᠂ ᠭᠡᠷ ᠵᠠᠰᠠᠨ ᠴᠢᠮᠡᠭᠯᠡᠨ ᠦᠢ ᠤᠯᠠᠨ ᠮᠠᠯᠴᠢᠨ ᠲᠦᠮᠡᠨ | ᠳᠡᠭᠡᠨ ᠲᠦᠬᠦᠮ ᠦᠵᠡᠬᠦᠯᠵᠦ ᠤᠷ᠎ᠠ ᠠᠪᠢᠶᠠᠰ ᠢᠶᠠᠨ ᠭᠠᠶᠢᠬᠠᠭᠤᠯᠵᠦ ᠠᠵᠢᠯᠰᠠᠭ ᠬᠤᠶᠠᠷ ᠭᠠᠷ ᠢᠶᠠᠷ ᠢᠶᠠᠨ ᠠᠵᠦ | ᠠᠮᠢᠳᠤᠷᠠᠯ ᠢᠶᠠᠨ ᠬᠦᠭᠵᠢᠬᠦᠯᠵᠦ ᠠᠯᠤᠰ ᠬᠤᠯᠨ ᠶᠢᠨ ᠬᠠᠷᠠᠯᠳᠠᠢ ᠶᠠᠪᠤᠭ᠎ᠠ ︽ᠡᠩᠭᠡ ᠡᠬᠦᠳᠡ ᠴᠤᠩᠬᠤ ᠶᠢᠨ ᠲᠤᠰᠬᠠᠢ | ᠬᠤᠳᠠᠯᠳᠤᠭ᠎ᠠ︾ ᠭᠡᠬᠦ ᠴᠡᠩᠭᠡᠷ ᠬᠦᠭᠡ ᠫᠠᠶᠢᠰᠠ ᠲᠠᠢ ᠡᠩᠭᠡ ᠭᠤᠸᠠᠢ ᠶᠢᠨ ᠳᠤ ᠰᠤᠷᠪᠤᠯᠵᠢᠯᠠᠭ᠎ᠠ ᠠᠪᠬᠤ ᠪᠠᠷ | ᠬᠦᠷᠴᠦ ᠪᠢᠯᠡ᠃ | | | ᠡᠩᠬᠡ ᠭᠤᠸᠠᠢ ᠳᠡᠯᠭᠡᠭᠦᠷ ᠲᠡᠭᠡᠨ ᠪᠠᠶᠢᠭ᠎ᠠ ᠨᠢ | | ᠬᠦᠷᠦᠰᠦᠯᠢᠭ ᠪᠤᠷᠤ ᠬᠠᠷ᠎ᠠ ᠴᠢᠷᠠᠢ ᠲᠠᠢ ᠪᠡᠶ᠎ᠡ ᠪᠠᠭ᠎ᠠ ᠦᠭᠡ ᠲᠠᠭᠤᠨ ᠴᠦᠭᠡᠨ ᠡᠩᠭᠡ ᠭᠤᠸᠠᠢ ᠲᠡᠭᠡᠷ᠎ᠡ | ᠵᠠᠭᠤᠨ ᠤ ᠨᠠᠶ᠋ᠨ ᠶᠢᠰᠤᠨ ᠤᠨ ᠤ ᠪᠢᠯᠢᠭ ᠤᠨ ᠤᠯᠠᠷᠢᠯ ᠤᠨ ᠶᠢᠰᠤᠨ ᠰᠠᠷᠠᠶᠢᠨ ᠠᠷᠪᠠᠨ ᠨᠢᠭᠡᠨ ᠤ ᠡᠳᠤᠷ ᠤᠤᠯ ᠤᠨ | ᠵᠤᠤ ᠤᠳᠠ ᠠᠶᠢᠮᠠᠭ ᠤᠨ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠤᠷ ᠰᠤᠮᠤ ᠶᠢᠨ ᠠᠷᠤᠬᠦ᠋ᠪ ᠭᠠᠴᠠᠭ᠎ᠠ ᠳᠤ | ᠪᠤᠷᠵᠢᠬᠢᠨ ᠠᠶᠢᠮᠠᠭ ᠤᠨ ᠡᠷᠳᠡᠨᠢᠪᠤᠯᠤ ᠪᠤᠯᠤᠨ ᠤᠯᠠᠭᠠᠡᠭᠡᠷᠡᠯ ᠤᠨ ᠤᠳᠬᠤᠨ ᠬᠦᠪᠡᠬᠦᠨ ᠪᠤᠯᠵᠦ ᠵᠠᠶᠠᠭᠠᠭᠰᠡᠨ ᠪᠢᠯᠨ᠃ | ᠲᠡᠷᠨ ᠬᠠᠷᠠᠬᠠᠨ ᠪᠠᠭ᠎ᠠ ᠠᠴᠠ ᠪᠠᠨ ᠮᠤᠳᠤᠴᠢᠨ ᠠᠪᠤ ᠶᠢᠨ ᠢᠶᠠᠨ ᠬᠠᠵᠠᠭᠤ ᠬᠠᠪᠢ ᠠᠴᠠ ᠤᠷ᠎ᠠ ᠠᠪᠢᠶᠠᠰ ᠢ ᠨᠢ | ᠱᠣᠬᠤᠭᠤᠷᠬᠠᠵᠣ᠂ ᠠᠯᠳᠠᠭᠠᠨ᠎ᠠ ᠪᠤᠷᠭᠠᠰᠤ ᠪᠠᠷ ᠠᠷᠤᠭ ᠰᠠᠭᠰᠣ ᠬᠦᠷᠦᠵᠦ᠂ ᠠᠯᠤᠬ᠎ᠠ ᠴᠦᠴᠠ ᠡᠷᠬᠢᠯᠳᠤᠬᠦᠯᠦᠨ᠂ | ᠮᠦᠩᠬᠦᠨ ᠲᠠᠷᠬᠠᠨ ᠠᠪᠠᠭ᠎ᠠ ᠨᠠᠷ ᠤᠨ ᠢᠶᠠᠨ ᠨᠦᠯᠦᠭᠡ ᠪᠠᠷ ᠠᠷᠪᠠᠨ ᠬᠤᠷᠤᠭᠤᠨ ᠳᠠᠭᠠᠨ ᠲᠠᠮᠳᠠᠢ ᠶᠠᠪᠤᠭᠰᠡᠨ ᠲᠡᠷᠨ | ᠪᠠᠷ ᠠᠵᠦ ᠠᠮᠢᠳᠤᠷᠠᠯ ᠤᠨ ᠤᠯᠠᠨ ᠰᠢᠯᠳᠠᠭᠠᠨ ᠢᠶᠠᠷ ᠰᠤᠶᠤᠯ ᠡᠷᠳᠡᠮ ᠤᠨ ᠵᠠᠮ ᠢ ᠲᠤᠷᠭᠤᠨ ᠵᠤᠭᠰᠤᠵᠦ᠂ ᠬᠤᠶᠠᠷ | ᠮᠢᠩᠭ᠎ᠠ ᠪᠦᠭᠡᠳ ᠨᠠᠢᠮᠠᠨ ᠤᠨ ᠳᠤ ᠬᠦᠭᠡᠬᠤᠳᠠ ᠶᠢᠨ ᠬᠤᠷᠢᠡᠭᠡᠷ ᠰᠢᠶᠠᠨ ᠤ ᠰᠦ ᠶᠢᠨ ᠦᠢᠯᠡᠳᠪᠦᠷᠢ ᠳᠤ ᠬᠤᠶᠠᠷ | ᠵᠢᠯ ᠠᠵᠢᠯᠯᠠᠨ᠂ ᠢᠳᠡᠵᠦ ᠡᠮᠦᠰᠬᠦ ᠪᠠᠨ ᠠᠷᠪᠢᠯᠠᠨ ᠮᠦᠩᠬᠦ ᠬᠤᠷᠠᠮᠳᠤᠭᠤᠯᠵᠦ ᠶᠠᠭᠤ ᠨᠢᠭᠡ ᠬᠢᠶ᠎ᠡ ᠭᠡᠰᠡᠨ ᠬᠠᠳᠠᠭᠤ | ᠪᠤᠳᠤᠯ ᠳᠤ ᠵᠢᠳᠬᠦᠵᠦ ᠮᠠᠷᠡᠶᠢᠭᠰᠡᠨ ᠲᠡᠬᠦᠨ ᠳᠤ ᠰᠠᠨᠠᠭ᠎ᠠ ᠵᠠᠶᠠᠭ᠎ᠠ ᠨᠡᠶᠢᠯᠡᠳᠡᠭ ᠦᠭᠡᠢ ᠬᠦᠮᠦᠨ ᠤ ᠠᠮᠢᠳᠤᠷᠠᠯ ᠳᠤ ︽ | ᠭᠠᠢ ᠭᠠᠵᠠᠷ ᠲᠤᠤᠷ᠎ᠠ ᠠᠴᠠ︾ ᠭᠡᠳᠡᠭᠴᠢᠯᠡᠨ ᠬᠤᠶᠠᠷ ᠮᠢᠩᠭ᠎ᠠ ᠪᠦᠭᠡᠳ ᠠᠷᠪᠠᠨ ᠤᠨ ᠳᠤ ᠬᠠᠶᠢᠷᠠᠳᠤ ᠠᠪᠤ ᠨᠢ | ᠡᠰᠡ ᠮᠦᠩᠭᠡᠷᠡᠬᠦ ᠬᠦᠮᠦᠨ ᠤ ᠶᠢᠷᠳᠢᠨᠴᠤ ᠠᠴᠠ ᠡᠳᠡᠭᠡᠷᠡᠰᠢ ᠦᠭᠡᠢ ᠡᠪᠡᠳᠴᠢᠨ ᠢᠶᠠᠷ ᠪᠤᠷᠬᠠᠨ ᠪᠤᠯᠤᠭᠰᠡᠨ ᠳᠤ | ᠨᠤᠳᠤᠭ ᠲᠠᠭᠠᠨ ᠪᠤᠴᠡᠨ ᠢᠷᠡᠵᠦ ᠨᠠᠰᠤᠳᠠᠢ ᠡᠵᠢ ᠪᠠᠨ ᠬᠠᠮᠵᠢᠨ ᠴᠦᠭᠡᠪᠦᠷᠢ ᠭᠡᠳᠦᠨ ᠮᠠᠯ ᠢᠶᠠᠨ ᠠᠷᠠᠴᠢᠯᠠᠵᠦ | ᠶᠠᠪᠤᠬᠤ ᠶᠢᠨ ᠲᠠᠭᠠᠤ ᠵᠢᠵᠢᠭ ᠲᠡᠯᠭᠡᠬᠦᠷ ᠡᠷᠬᠢᠯᠡᠵᠦ ᠶᠡᠭᠡ ᠰᠤᠷᠭᠠᠭᠤᠯᠢ ᠳᠤ ᠪᠠᠶᠢᠭ᠎ᠠ ᠡᠭᠡᠴᠢ ᠪᠤᠯᠤᠨ ᠠᠬ᠎ᠠ ᠶᠢᠨ | ᠢᠶᠠᠨ ᠰᠤᠷᠤᠯᠭ᠎ᠠ ᠶᠢᠨ ᠰᠦᠢᠳᠬᠡᠯ ᠢ ᠲᠤᠳᠠᠭᠠᠭᠠ ᠦᠭᠡᠢ ᠪᠠᠷ ᠦᠷᠢ ᠰᠢᠷᠢ ᠦᠭᠡᠢ ᠠᠮᠢᠳᠤᠷᠠᠯ ᠢᠶᠠᠨ ᠨᠦᠭᠡᠴᠡᠯᠡᠵᠦ | ᠶᠠᠪᠤᠯ᠎ᠠ᠃ ᠠᠴᠢᠳᠤ ᠠᠪᠤ ᠶᠢᠨ ᠢᠶᠠᠨ ᠮᠡᠷᠭᠡᠵᠢᠯ ᠢ ᠤᠯᠠᠮᠵᠢᠯᠠᠵᠦ᠂ ᠬᠤᠶᠠᠷ ᠮᠢᠩᠭ᠎ᠠ ᠪᠦᠭᠡᠳ ᠠᠷᠪᠠᠨ ᠭᠤᠷᠪᠡᠨ ᠤᠨ | ᠳᠤ ᠬᠤᠷᠢᠮᠯᠠᠵᠦ ᠠᠶᠢᠯ ᠭᠡᠷ ᠪᠤᠯᠤᠭᠰᠡᠨ ᠲᠡᠷᠨ ᠪᠡᠯᠴᠢᠭᠡᠷ ᠤᠨ ᠲᠠᠭᠠᠭᠠᠴᠠ ᠪᠠᠨ ᠵᠤᠬᠢᠴᠠᠭᠤᠯᠵᠦ ᠮᠠᠯ ᠤᠨ ᠲᠤᠭ᠎ᠠ | ᠲᠤᠯᠤᠭᠠᠢ ᠢ ᠴᠦᠭᠡᠳᠭᠡᠨ ᠡᠬᠦᠯᠳᠡᠷ ᠰᠠᠶᠢᠵᠢᠷᠠᠭᠤᠯᠤᠨ ᠦᠨᠳᠤᠷ ᠠᠰᠢᠭ ᠬᠦᠷᠳᠡᠵᠦ ᠬᠦᠳᠡᠯᠮᠤᠷᠢ ᠬᠦᠯᠦᠰᠤ ᠪᠠᠨ | ᠠᠷᠪᠢᠯᠠᠵᠦ ᠶᠠᠪᠤᠬᠤ ᠶᠢᠨ ᠲᠠᠭᠠᠤ ᠭᠡᠷᠭᠡᠢ ᠨᠤᠭᠤᠨᠵᠠᠶᠠᠭ᠎ᠠ ᠲᠠᠢ ᠪᠠᠨ ᠵᠦᠪᠳᠡᠨ ᠰᠤᠮᠤᠨ ᠲᠦᠪ ᠪᠠᠶ᠋ᠬᠠᠦ᠋ᠨᠳᠤᠷ ᠲᠡᠭᠡᠨ | ᠠᠷᠪᠠᠨ ᠲᠠᠪᠤᠨ ᠲᠦᠮᠡᠨ ᠲᠦᠬᠦᠷᠢᠭ ᠤᠨ ᠪᠡᠯᠨ ᠵᠠᠷᠤᠴᠠᠭᠤᠯᠵᠦ ︽ᠡᠩᠭᠡ ᠡᠬᠦᠳᠡ ᠴᠤᠩᠬᠤ ᠶᠢᠨ ᠲᠤᠰᠬᠠᠢ | ᠲᠡᠯᠭᠡᠬᠦᠷ︾ ᠡᠷᠬᠢᠯᠡᠵᠦ᠂ ᠠᠯᠢ ᠡᠷᠳᠡ ᠪᠤᠳᠤᠵᠦ ᠢᠷᠡᠭᠰᠡᠨ ᠬᠦᠰᠡᠯ ᠮᠦᠷᠦᠭᠡᠳᠦᠯ ᠢᠶᠠᠨ ᠪᠡᠶᠡᠯᠡᠬᠦᠯᠵᠦ ᠶᠠᠪᠤᠬᠤ ᠳᠤ | ᠠᠬ᠎ᠠ᠂ ᠡᠭᠡᠴᠢ ᠬᠤᠶᠠᠷ ᠨᠢ ᠴᠦ ᠡᠩᠬᠦᠷᠠᠢ ᠭᠠᠭᠴᠨ ᠲᠡᠬᠦᠤ ᠶᠢᠨ ᠢᠶᠠᠨ ᠬᠠᠶᠢᠷ᠎ᠠ ᠬᠠᠯᠠᠮᠵᠢ ᠳᠤ ᠰᠡᠳᠬᠢᠯ ᠢ ᠨᠢ | ᠬᠦᠰᠡᠷᠳᠡᠬᠦᠯᠦᠭᠰᠡᠨ ᠦᠭᠡᠢ ᠶᠡᠭᠡ ᠰᠤᠷᠭᠠᠭᠤᠯᠢ ᠪᠠᠨ ᠦᠨᠳᠤᠷ ᠠᠮᠵᠢᠯᠳᠠ ᠲᠠᠢ ᠲᠡᠬᠦᠰᠭᠡᠵᠦ ᠠᠵᠢᠯ ᠠᠯᠪᠠ ᠠᠰᠠᠷ | ᠲᠡᠷᠭᠡ ᠲᠠᠢ ᠦᠶᠦᠭ ᠲᠤᠯᠠᠭᠠᠨ ᠠᠮᠢᠳᠤᠷᠠᠬᠤ ᠳᠠᠭᠠᠨ ᠠᠮᠢᠳᠣᠷᠠᠯ ᠠᠬᠤᠢ ᠳᠤ ᠨᠢ ᠲᠤᠰᠠᠯᠠᠵᠦ ᠢᠷᠡᠭᠰᠡᠨ ᠠᠴᠠ | ᠠᠷᠠᠯᠵᠢᠶ᠎ᠠ ᠮᠠᠶᠢᠮᠠᠢ ᠨᠢ ᠦᠭᠡᠳᠡᠷᠭᠡᠭ ᠡᠳᠤᠷ ᠠᠴᠠ ᠡᠳᠤᠷ ᠬᠦᠭᠵᠢᠨ ᠠᠷᠠᠳ ᠤᠯᠠᠨ ᠳᠠᠭᠠᠨ ᠢᠳᠡᠭᠡᠯ ᠲᠠᠢ᠂ ᠴᠢᠨᠠᠷ | ᠴᠢᠨᠰᠠᠭ᠎ᠠ ᠰᠠᠶᠢᠨ ᠪᠠᠷᠠᠭ᠎ᠠ ᠬᠦᠷᠭᠡᠨ ᠦᠢᠯᠡᠴᠢᠯᠡᠵᠦ᠂ ᠮᠥᠨ ᠦᠨ᠎ᠡ ᠬᠠᠩᠰᠢ ᠵᠤᠬᠢᠷᠠᠮᠵᠢᠳᠠᠢ ᠵᠤᠭᠤᠰ ᠮᠦᠩᠬᠦ | ᠬᠦᠷᠦᠯᠴᠡᠬᠦ ᠦᠭᠡᠢ ᠮᠦᠴᠨ ᠳᠤ ᠤᠷᠢᠳᠠᠪᠠᠷ ᠬᠢᠵᠦ ᠰᠡᠬᠦᠯᠡᠷ ᠲᠠᠩᠰᠠ ᠴᠠᠶᠢᠷᠠᠭᠤᠯᠳᠠᠭ ᠠᠴᠠ ᠬᠤᠯᠨ ᠤᠶᠢᠷ᠎ᠠ ᠶᠢᠨ | ᠬᠢᠨᠢ ᠲᠤᠷᠠᠳᠠᠢ ᠡᠷᠢᠵᠦ ᠵᠠᠷᠤᠳᠠᠭ ᠠᠴᠠ ᠲᠡᠬᠦᠨ ᠤ ᠠᠮᠢᠳᠤᠷᠠᠯ ᠮᠡᠳᠡᠭᠳᠡᠮ᠎ᠡ ᠰᠠᠶᠢᠵᠢᠷᠠᠵᠦ᠂ ᠵᠢᠯ ᠤᠨ ᠤᠷᠤᠯᠭ᠎ᠠ ᠨᠢ | ᠬᠤᠷᠢᠨ ᠲᠦᠮᠨ ᠬᠦᠷᠴᠡᠢ᠃ ᠵᠢᠯ ᠠᠴᠠ ᠵᠢᠯ ᠭᠠᠩᠳᠠᠵᠦ ᠳᠠᠴᠢᠷᠲᠠᠨ ᠪᠠᠶᠢᠭᠠᠯᠢ ᠣᠷᠴᠢᠨ ᠡᠪᠳᠡᠭᠳᠡᠵᠦ᠂ ᠵᠦᠪᠬᠡᠨ | ᠮᠠᠯ ᠲᠦᠰᠢᠭᠯᠡᠵᠦ ᠠᠮᠢᠳᠤᠷᠠᠯ ᠢᠶᠠᠨ ᠠᠷᠭᠠᠴᠠᠭᠠᠬᠤ ᠬᠦᠴᠢᠷ ᠪᠤᠯᠤᠭᠰᠠᠨ ᠦᠨᠦᠳᠦᠷ᠂ ᠵᠠᠬ᠎ᠠ ᠲᠡᠯᠭᠡᠬᠦᠷ ᠲᠤ ᠤᠷᠤᠵᠦ | ᠦᠢᠯᠡᠳᠪᠦᠷᠢ ᠬᠤᠳᠠᠯᠳᠤᠭ᠎ᠠ ᠡᠷᠬᠢᠯᠡᠵᠦ ᠬᠤᠤᠰ ᠠᠮᠵᠢᠯᠳᠠ ᠲᠠᠢ ᠶᠠᠪᠤᠭᠰᠡᠨ ᠲᠡᠷᠨ ᠬᠦᠮᠦᠨ ᠨᠠᠶᠢᠭᠡᠮ ᠤᠨ | ᠠᠩᠬᠠᠷᠤᠯ ᠢ ᠶᠠᠭᠠᠬᠢᠬᠤ ᠶᠢᠨ ᠠᠷᠭ᠎ᠠ ᠦᠭᠡᠢ ᠲᠠᠳᠠᠵᠦ ᠪᠠᠭ᠋ᠠᠷᠤᠯ ᠲᠠᠭᠤᠷᠢᠶᠠᠯ ᠪᠤᠯᠵᠠᠢ᠃ | | | | | | | ᠡᠩᠬᠡ ᠭᠤᠸᠠᠢ ᠶᠢᠨ ᠭᠠᠷ ᠦᠢᠯᠡᠳᠬᠡᠯ ᠤᠨ ᠭᠠᠵᠠᠷ | | ᠴᠠᠭ ᠤᠨ ᠤᠷᠤᠰᠬᠠᠯ ᠢ ᠲᠠᠭᠠᠵᠦ ᠰᠡᠭᠡᠭᠡᠷᠡᠨ᠂ ᠭᠠᠷ ᠤᠨ ᠣᠷᠠᠨ ᠡᠷᠳᠡᠮ ᠢᠶᠠᠷ ᠢᠶᠠᠨ ᠠᠮᠢᠳᠣᠷᠠᠯ ᠢᠶᠠᠨ | ᠳᠡᠭᠡᠭᠰᠢ ᠳᠡᠳᠡᠵᠦ ᠶᠠᠪᠤᠭ᠎ᠠ ᠡᠩᠬᠡ ᠭᠤᠸᠠᠢ ᠠᠶᠢᠯ ᠠᠶᠢᠮᠠᠭ ᠢᠶᠠᠨ ᠮᠠᠷᠳᠠᠭᠰᠡᠨ ᠦᠭᠡᠢ᠂ ᠬᠡᠨ ᠨᠢᠭᠡ ᠨᠢ ᠬᠦᠴᠢᠷ | ᠵᠤᠪᠠᠯᠠᠩ ᠲᠠᠢ ᠦᠶ᠎ᠡ ᠳᠤ ᠬᠦᠦ ᠮᠦᠩᠬᠦ ᠪᠤᠳᠣᠬᠤ ᠦᠭᠡᠢ ᠪᠠᠷ ᠵᠤᠭᠤᠰ ᠵᠤᠭ᠎ᠠ ᠵᠢᠭᠡᠯᠡᠬᠦᠯᠵᠦ ᠳᠣᠰᠠ ᠳᠡᠮᠵᠢᠯᠭᠡ | ᠦᠵᠡᠬᠦᠯᠵᠦ᠂ ᠠᠵᠢᠯ ᠤᠨ ᠶᠠᠭᠠᠷᠡᠤ ᠦᠶ᠎ᠡ ᠳᠤ ᠨᠢ ᠲᠡᠷᠭᠡ ᠮᠠᠰᠢᠨ ᠢᠶᠠᠷ ᠢᠶᠠᠨ ᠬᠠᠪᠰᠤᠷᠴᠤ ᠲᠤᠰᠠᠯᠠᠨ ᠶᠠᠪᠣᠳᠠᠭ | ᠠᠴᠠ ᠲᠡᠬᠦᠨ ᠤ ᠡᠷᠬᠢᠮ ᠨᠠᠨᠳᠢᠨ ᠰᠤᠷᠳᠠᠯ ᠨᠢ ᠠᠶᠢᠯ ᠠᠶᠢᠮᠠᠭ ᠤᠨ ᠢᠶᠠᠨ ᠦᠯᠢᠭᠡᠷ ᠳᠠᠭᠤᠷᠢᠶᠠᠯ ᠪᠤᠯᠵᠤ᠂ ᠨᠤᠲᠤᠭ | ᠣᠰᠣᠨ ᠤ ᠬᠢᠨ ᠱᠠᠭᠰᠢᠨ ᠮᠠᠭᠲᠠᠵᠠᠭᠠᠨ᠎ᠠ᠃ ᠠᠵᠢᠯᠴᠢ ᠬᠤᠶᠠᠷ ᠭᠠᠷ ᠢᠶᠠᠷ ᠢᠶᠠᠨ ᠠᠮᠢᠳᠣᠷᠠᠯ ᠢᠶᠠᠨ ᠦᠭᠡᠳᠡ | ᠳᠠᠳᠠᠵᠣ᠂ ᠠᠶᠢᠯ ᠤᠨ ᠣᠯᠠᠨ ᠢᠶᠠᠨ ᠦᠨᠡᠨ ᠰᠡᠳᠬᠢᠯ ᠠᠴᠠ ᠪᠠᠨ ᠬᠠᠯᠠᠮᠵᠢᠯᠠᠨ ᠬᠠᠪᠰᠣᠷᠴᠣ ᠶᠠᠪᠤᠭ᠎ᠠ ᠡᠩᠬᠡ ᠭᠤᠸᠠᠢ | ᠶᠢᠨ ᠦᠢᠯᠡᠰ ᠤᠨ ᠬᠠᠷᠭᠤᠢ ᠨᠢ ᠨᠡᠩ ᠳᠠᠷᠳᠠᠩ ᠪᠠᠶᠢᠬᠤ ᠨᠢ ᠳᠠᠮᠵᠢᠭ ᠦᠭᠡᠢ᠃ | | ᠵᠤᠬᠢᠶᠠᠭᠴᠢ᠄ ᠠᠯᠢᠮ᠎ᠠ | ᠵᠤᠬᠢᠶᠠᠭᠴᠢ ᠶᠢᠨ ᠬᠠᠶ᠋ᠢᠭ᠄ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭᠤᠯ | ᠲᠤᠮᠳᠠᠳᠤ ᠰᠤᠷᠭᠠᠭᠤᠯᠢ ᠶᠢᠨ 8.7 ᠳ᠋ᠣᠭᠠᠷ ᠠᠩᠬᠢ | ᠬᠠᠷᠢᠯᠴᠠᠬᠤ ᠤᠳᠠᠰᠤ᠄ 18686209747 | | |