ᠤᠷᠲᠤ ᠶᠢᠨ ᠳᠠᠭᠤᠤ ᠪᠠᠷ ᠳᠠᠭᠤᠷᠢᠰᠬᠤ ︽ᠠᠷᠠᠳ ᠤᠨ ᠳᠠᠭᠤᠴᠢᠨ︾ ᠤ ᠠᠯᠳᠠᠷ
ᠨᠡᠶᠢᠲᠡᠯᠡᠭᠰᠡᠨ ᠴᠠᠭ᠄
2017/8/14
           ᠤᠷᠲᠤ ᠶᠢᠨ ᠳᠠᠭᠤᠤ ᠪᠠᠷ ᠳᠠᠭᠤᠷᠢᠰᠬᠤ            ︽ᠠᠷᠠᠳ ᠤᠨ ᠳᠠᠭᠤᠴᠢᠨ︾ ᠤ ᠠᠯᠳᠠᠷ                     ᠲᠡᠷᠡ ᠶᠠᠮᠠᠷ ᠴᠦ ᠲᠤᠰᠬᠠᠢ ᠮᠡᠷᠭᠡᠵᠢᠯ ᠰᠤᠷᠤᠭᠰᠠᠨ ᠦᠭᠡᠢ                     ᠶᠠᠮᠠᠷ ᠨᠢᠭᠡᠨ ᠰᠤᠷᠤᠯᠭ᠎ᠠ ᠶᠢᠨ ᠵᠠᠮ ᠢᠶᠠᠷ ᠶᠠᠪᠤᠭᠰᠠᠨ ᠦᠭᠡᠢ                     ᠬᠦᠳᠡᠭᠡ ᠲᠠᠯ᠎ᠠ ᠪᠠᠷ ᠢᠶᠠᠨ ᠤᠷᠠᠯᠢᠭ ᠤᠨ ᠲᠠᠪᠴᠠᠩ ᠪᠤᠯᠭᠠᠵᠤ                     ᠤᠷᠲᠤ ᠶᠢᠨ ᠳᠠᠭᠤᠤ ᠶᠢᠨ ᠢᠷᠠᠭᠤ ᠡᠭᠡᠰᠢᠭ ᠢᠶᠠᠷ ᠢᠶᠠᠨ                     ᠤᠯᠠᠨ ᠤᠯᠤᠰ ᠤᠨ ᠤᠷᠤᠯᠳᠤᠭᠠᠨ ᠳᠤ ᠲᠡᠷᠢᠭᠦᠯᠡᠪᠡ᠃                                    — ᠳᠠᠭᠤᠴᠢᠨ ᠮᠦᠩᠬᠡᠵᠢᠷᠭᠠᠯ ᠤᠨ ᠲᠤᠬᠠᠢ ᠲᠦᠷᠦᠭᠳᠡᠯ                                                                  ᠨᠠ᠊ · ᠵᠢᠷᠭᠠᠯ
     ᠵᠠᠩ ᠮᠦᠷᠡᠨ ᠤ ᠪᠠᠨ ᠤᠰᠤ ᠶᠢ      ᠵᠠᠶᠢᠷ ᠢ ᠨᠢ ᠦᠵᠡᠮᠡᠨ ᠲᠤᠭᠤᠯᠤᠶ᠎ᠠ      ᠵᠠᠯᠠᠭᠤ ᠪᠠᠭ᠎ᠠ ᠨᠠᠰᠤᠨ ᠳᠤ ᠪᠠᠨ      ᠵᠠᠪᠠᠯ ᠰᠠᠨᠠᠭᠰᠠᠨ ᠢᠶᠠᠨ ᠭᠦᠢᠴᠡᠳᠬᠡᠶ᠎ᠡ ᠁ ᠭᠡᠬᠦ ᠠᠷᠤ ᠬᠤᠷᠴᠢᠨ ᠨᠤᠲᠤᠭ ᠤᠨ ᠤᠵᠠᠭᠤᠷ ᠲᠡᠤᠬᠡ ᠶᠢᠨ ᠤᠷᠲᠤ ᠶᠢᠨ ᠳᠠᠭᠤᠤ ᠶᠢᠨ ᠢᠷᠠᠭᠤ ᠡᠭᠡᠰᠢᠭ ᠦᠩ ᠦᠷᠭᠡᠨ ᠬᠦᠳᠡᠭᠡ ᠲᠠᠯ᠎ᠠ ᠳᠤ ᠦᠶ᠎ᠡ ᠤᠯᠠᠷᠢᠨ ᠳᠠᠭᠤᠯᠠᠭᠳᠠᠵᠤ᠂ ᠪᠢᠰᠢᠭᠦᠢ ᠤᠯᠠᠨ ᠬᠦᠮᠦᠰ ᠤᠨ ᠪᠢᠯᠢᠭ ᠵᠤᠷᠢᠭ ᠢ ᠬᠤᠷᠴᠠᠯᠠᠵᠤ᠂ ᠦᠢᠯᠡᠰ ᠤᠨ ᠠᠶᠠᠨ ᠳᠤ ᠨᠢ ᠤᠷᠮ᠎ᠠ ᠬᠦᠴᠦᠨ ᠢᠪᠡᠭᠡᠭᠰᠡᠭᠡᠷ ᠪᠢᠯᠡ᠃      ᠤᠷᠲᠤ ᠶᠢᠨ ᠳᠠᠭᠤᠤ ᠶᠢᠨ ᠠᠷᠢᠭᠤᠨ ᠰᠢᠮ᠎ᠡ ᠳᠤ ᠦᠢᠯᠡᠰ ᠤᠨ ᠵᠠᠮ ᠢ ᠡᠯᠭᠦᠭᠰᠡᠨ ᠬᠦᠮᠦᠨ ᠪᠤᠯ ᠮᠦᠩᠬᠡᠵᠢᠷᠭᠠᠯ ᠶᠤᠮ᠃ ᠲᠡᠷᠡ ᠪᠠᠷ ᠠᠳᠤᠭᠤ ᠮᠠᠯ ᠢᠶᠠᠨ ᠬᠠᠷᠢᠭᠤᠯᠳᠠᠭ ᠬᠦᠳᠡᠭᠡ ᠨᠤᠲᠤᠭ ᠠᠴᠠ ᠪᠠᠨ ᠤᠷᠲᠤ ᠶᠢᠨ ᠳᠠᠭᠤᠤ ᠶᠢᠨ ᠠᠭᠤᠳᠠᠮ ᠤᠭᠲᠠᠷᠭᠤᠢ ᠳᠤ ᠳᠡᠭᠦᠯᠢᠨ ᠰᠢᠭᠤᠷᠬᠠᠶᠢᠯᠠᠵᠤ᠂ ᠤᠷᠠᠨ ᠲᠤᠩᠭᠠᠯᠠᠭ ᠬᠤᠭᠤᠯᠠᠢ ᠦᠷᠦ ᠵᠢᠷᠦᠬᠡᠨ ᠤ ᠡᠭᠡᠰᠢᠭᠯᠡᠯ ᠢᠶᠠᠷ ᠢᠶᠠᠨ ︽ᠠᠷᠠᠳ ᠤᠨ ᠳᠠᠭᠤᠴᠢᠨ︾ ᠤ ᠠᠯᠳᠠᠷ ᠨᠡᠷ᠎ᠡ ᠶᠢ ᠳᠡᠯᠡᠬᠡᠢ ᠶᠢᠨ ᠰᠣᠨᠣᠷ ᠲᠤ ᠳᠠᠭᠤᠷᠢᠰᠤᠭᠤᠯᠤᠭᠰᠠᠨ ᠶᠤᠮ᠃      — ᠲᠡᠷᠡ ᠪᠤᠯ ᠤᠷᠲᠤ ᠶᠢᠨ ᠳᠠᠭᠤᠤ ᠶᠢ ᠠᠭᠤᠵᠢᠷᠠᠲᠠᠯ᠎ᠠ ᠰᠠᠶᠢᠬᠠᠨ ᠳᠠᠭᠤᠯᠠᠳᠠᠭ ᠳᠠᠭᠤᠴᠢᠨ᠂ ᠤᠶᠠᠩᠭ᠎ᠠ ᠳᠠᠭᠤᠤ ᠶᠢᠨ ᠤᠶᠠᠬᠠᠨ ᠡᠭᠡᠰᠢᠭ᠂ ᠤᠷᠠᠨ ᠲᠤᠩᠭᠠᠯᠠᠭ ᠬᠤᠭᠤᠯᠠᠢ ᠪᠠᠷ ᠢᠶᠠᠨ ᠤᠷ᠎ᠠ ᠠᠪᠢᠶᠠᠰ ᠢᠶᠠᠨ ᠭᠠᠶᠢᠬᠠᠭᠤᠯᠵᠤ ᠶᠠᠪᠤᠭᠰᠠᠨ ᠰᠤᠳᠤᠨ ᠳᠠᠭᠤᠴᠢᠨ ᠭᠡᠵᠦ ᠡᠪᠦᠭᠡᠳ ᠨᠠᠰᠤᠲᠠᠳ᠂ ᠦᠨᠡᠯᠡᠨ ᠬᠢᠨᠠᠭᠴᠢ ᠪᠠᠭᠰᠢ ᠨᠠᠷ ᠪᠠᠭ᠋ᠠᠷᠬᠠᠨ ᠶᠠᠷᠢᠳᠠᠭ      ᠨᠠᠷᠠ ᠬᠤᠷ᠎ᠠ ᠵᠤᠬᠢᠴᠠᠭᠰᠠᠨ ᠨᠠᠯᠠᠭᠠᠷ ᠵᠤᠨ ᠤ ᠰᠠᠶᠢᠬᠠᠨ ᠴᠠᠭ ᠲᠤ ᠦᠯᠦᠭᠡᠢ ᠨᠤᠲᠤᠭ ᠤᠨ ᠢᠶᠠᠨ ᠠᠭᠤᠳᠠᠮ ᠲᠠᠯ᠎ᠠ ᠳᠤ ᠤᠷᠲᠤ ᠶᠢᠨ ᠳᠠᠭᠤᠤ ᠶᠢ ᠨᠢ ᠪᠠᠭ᠋ᠠᠷᠬᠠᠨ᠂ ᠤᠶᠠᠷᠠᠲᠠᠯ᠎ᠠ ᠳᠠᠭᠤᠯᠠᠬᠤ ᠤᠷᠠᠨ ᠬᠤᠭᠤᠯᠠᠢ ᠡᠭᠡᠰᠢᠭ ᠠᠶᠢᠵᠠᠮ  ᠳᠤ ᠨᠢ ᠰᠤᠭᠲᠤᠭᠤᠷᠠᠨ ︽ᠠᠷᠠᠳ ᠤᠨ ᠳᠠᠭᠤᠴᠢᠨ︾ ᠲᠠᠢ ᠪᠠᠨ ᠵᠤᠭᠤᠭᠳᠠᠭᠰᠠᠨ ᠪᠢᠯᠡ᠃      ᠠᠩᠭᠠᠬᠠᠢ ᠨᠠᠰᠤ      ᠮᠦᠩᠬᠡᠵᠢᠷᠭᠠᠯ ᠤᠨᠠᠭᠰᠠᠨ ᠰᠢᠷᠤᠢ ᠣᠤᠭᠤᠭᠰᠠᠨ ᠤᠰᠤᠨ ᠳᠤ ᠪᠠᠨ ᠬᠢᠵᠠᠭᠠᠷ ᠦᠭᠡᠢ ᠬᠠᠶᠢᠷᠠᠲᠠᠢ ᠬᠦᠮᠦᠨ᠃ ᠲᠡᠭᠦᠨ ᠤ ᠦᠷᠭᠦᠯᠵᠢ ᠳᠠᠭᠤᠯᠠᠳᠠᠭ ︽ᠵᠢᠭᠠᠬᠠᠨ ᠰᠢᠷᠭ᠎ᠠ︾᠂ ︽ᠨᠠᠮᠤᠭ ᠴᠡᠭᠡᠯ ᠤᠨ ᠪᠤᠷᠭᠠᠰᠤ︾᠂ ︽ᠪᠦᠮᠪᠡᠢ  ᠶᠢᠨ ᠰᠢᠯᠢ︾᠂ ︽ᠯᠠᠮᠠ ᠶᠢᠨ ᠳᠠᠷᠬᠠᠨ︾ ᠵᠡᠷᠭᠡ ᠢᠷᠠᠭᠤ ᠤᠶᠠᠩᠭ᠎ᠠ ᠲᠠᠢ ᠤᠷᠲᠤ ᠶᠢᠨ ᠳᠠᠭᠤᠤ ᠶᠢ ᠨᠢ ᠠᠮᠲᠠᠷᠬᠠᠨ ᠰᠣᠨᠣᠰᠬᠤ ᠳᠤ ᠦᠰᠴᠦ ᠲᠦᠷᠦᠭᠰᠡᠨ ᠦᠯᠦᠭᠡᠢ ᠨᠤᠲᠤᠭ ᠤᠨ ᠦᠵᠡᠰᠭᠦᠯᠡᠩᠲᠦ ᠰᠠᠶᠢᠬᠠᠨ ᠠᠭᠤᠯᠠ ᠤᠰᠤ ᠬᠠᠷᠠᠭᠠᠨ  ᠳᠤ ᠲᠤᠳᠤᠷᠠᠨ᠂ ᠤᠷᠤᠰᠬᠠᠯ ᠲᠤᠩᠭᠠᠯᠠᠭ ᠭᠤᠤᠯ ᠭᠤᠷᠤᠬ᠎ᠠ ᠰᠡᠳᠬᠢᠯ ᠢ ᠠᠷᠭᠠᠮᠵᠢᠨ ᠠᠯᠠᠤᠰ ᠤᠨ ᠬᠤᠯᠠ ᠠᠴᠠ ᠲᠡᠮᠡᠤᠯᠦᠭᠡᠳ ᠬᠦᠷᠦᠮᠡᠷ ᠰᠠᠨᠠᠭᠳᠠᠳᠠᠭ᠃      ᠲᠡᠭᠦᠨ ᠤ ᠴᠡᠭᠡᠯᠬᠡᠨ ᠭᠠᠩᠭᠠᠩ ᠳᠠᠭᠤᠯᠠᠬᠤ ᠶᠢ ᠨᠢ ᠰᠣᠨᠣᠰᠴᠤ᠂ ᠤᠷᠲᠤ ᠶᠢᠨ ᠳᠠᠭᠤᠤ ᠶᠢᠨ ᠤᠶᠠᠩᠭ᠎ᠠ ᠡᠭᠡᠰᠢᠭ ᠲᠤ ᠨᠢ ᠤᠶᠠᠰᠤᠨ ᠵᠢᠷᠭᠠᠭᠰᠠᠨ ᠪᠦᠬᠦᠨ᠄ ︽ᠮᠠᠨ ᠤ ᠳᠠᠭᠤᠴᠢᠨ ᠮᠢᠨᠢ︾ ᠭᠡᠵᠦ ᠪᠢᠰᠢᠷᠡᠨ᠂ ᠡᠷᠳᠡᠮᠲᠡᠨ ᠪᠠᠭᠰᠢ ᠨᠠᠷ ᠴᠦ᠄ ︽ ᠬᠦᠮᠦᠨ   ᠢ  ᠬᠠᠨᠤᠲᠠᠯ᠎ᠠ  ᠳᠠᠭᠤᠯᠠᠳᠠᠭ  ᠠᠷᠠᠳ   ᠤᠨ  ᠳᠠᠭᠤᠴᠢᠨ  ︾ ᠭᠡᠵᠦ ᠦᠨᠳᠦᠷ ᠦᠨᠡᠯᠡᠳᠡᠭ᠃      — ᠦᠨᠦᠳᠦᠷ ᠳᠠᠭᠤᠴᠢᠨ ᠮᠢᠨᠢ ᠨᠤᠲᠤᠭ ᠲᠤ ᠪᠠᠨ ᠢᠷᠡᠭᠡᠳ ᠭᠤᠴᠢᠨ ᠨᠢᠭᠡᠨ ᠤᠷᠲᠤ ᠶᠢᠨ ᠳᠠᠭᠤᠤ ᠳᠠᠭᠤᠯᠠᠭᠰᠠᠨ ᠰᠢᠦ ᠭᠡᠵᠤ ᠬᠠᠮᠲᠤ ᠶᠠᠪᠤᠭ᠎ᠠ ᠡᠷᠳᠡᠨᠢᠳᠠᠯᠠᠢ ᠭᠠᠷ ᠤᠳᠠᠰᠤ ᠪᠠᠨ ᠨᠡᠬᠡᠭᠡᠨ ᠭᠠᠶᠢᠬᠠᠨ ᠬᠡᠯᠡᠨ᠎ᠡ᠃      ᠦᠷᠭᠡᠨ ᠠᠭᠤᠳᠠᠮ ᠬᠦᠳᠡᠭᠡ ᠲᠠᠯ᠎ᠠ ᠪᠤᠯ ᠲᠡᠭᠦᠨ ᠤ ᠤᠷᠠᠯᠢᠭ ᠤᠨ ᠲᠠᠪᠴᠠᠩ᠂ ᠦᠵᠡᠭᠴᠢ ᠲᠦᠮᠡᠨ ᠪᠤᠯ ᠲᠡᠭᠦᠨ ᠤ ᠰᠢᠲᠦᠭᠡᠨ ᠲᠡᠭᠷᠢ ᠶᠤᠮ᠃ ᠡᠬᠡ ᠨᠤᠲᠤᠭ ᠠᠴᠠ ᠪᠠᠨ ᠤᠷᠠᠯᠢᠭ ᠤᠨ ᠰᠢᠮ᠎ᠡ ᠬᠦᠷᠲᠡᠵᠦ᠂ ᠠᠷᠠᠳ ᠲᠦᠮᠡᠨ  ᠠᠴᠠ ᠪᠠᠨ ᠤᠷᠲᠤ ᠶᠢᠨ ᠳᠠᠭᠤᠤ ᠶᠢᠨ ᠰᠢᠳᠢ ᠶᠢ ᠤᠯᠤᠭᠰᠠᠨ ᠢᠶᠠᠷ ᠬᠢᠵᠠᠭᠠᠷ ᠦᠭᠡᠢ ᠤᠷᠠᠯᠢᠭ ᠤᠨ ᠤᠭᠲᠠᠷᠭᠤᠢ ᠳᠤ ᠬᠠᠷᠰᠢ ᠰᠠᠭᠠᠳ ᠪᠦᠬᠦᠨ ᠢ ᠢᠯᠠᠨ ᠳᠡᠭᠦᠯᠢᠭᠰᠡᠨ ᠨᠢ ᠦᠨᠡᠨ ᠠᠵᠢ᠃ᠮᠦᠩᠬᠡᠵᠢᠷᠭᠠᠯ ᠤᠨ ᠲᠦᠷᠦᠭᠰᠡᠨ ᠨᠤᠲᠤᠭ ᠭᠡᠭᠴᠢ ᠠᠷᠤ ᠬᠤᠷᠴᠢᠨ ᠬᠤᠰᠢᠭᠤᠨ ᠤ ᠬᠤᠨᠲᠤ ᠪᠠᠯᠭᠠᠰᠤ ᠶᠢᠨ ᠶᠠᠩᠽᠢ  ᠶᠢᠨ ᠠᠶᠢᠯ ᠶᠤᠮ᠃ ᠠᠳᠡ ᠠᠷᠤ ᠬᠤᠷᠴᠢᠨ ᠤ ᠲᠡᠤᠬᠡᠨ ᠳᠠᠬᠢ ᠠᠭᠯᠠᠭ ᠰᠦᠷᠯᠢᠭ ᠦᠵᠡᠮᠵᠢ ᠲᠠᠢ ᠰᠢᠷ᠎ᠠ ᠦᠨᠳᠦᠷ ᠬᠠᠨ ᠠᠭᠤᠯᠠ ᠰᠡᠬᠦᠶᠢᠨ ᠰᠦᠨᠳᠡᠷᠯᠡᠵᠦ᠂ ᠣᠤ ᠮᠦᠷᠡᠨ ᠤ ᠡᠬᠢ ᠪᠤᠯᠤᠭᠰᠠᠨ ᠪᠠᠶᠢᠴᠠ ᠶᠢᠨ ᠭᠤᠤᠯ ᠠᠭᠤᠯᠠ ᠲᠠᠯ᠎ᠠ  ᠶᠢᠨ ᠳᠤᠮᠳᠠᠭᠤᠷ ᠣᠭᠠᠯᠵᠠᠯᠠᠨ ᠤᠷᠤᠰᠴᠤ᠂ ᠠᠭᠤᠯᠠᠰ ᠨᠢ ᠴᠣᠤᠷᠢᠶ᠎ᠠ ᠬᠠᠩᠭᠢᠨᠠᠨ ᠤᠰᠤ ᠨᠢ ᠡᠭᠡᠰᠢᠭᠯᠡᠨ᠂ ᠠᠷᠢᠶᠠᠲᠠᠨ ᠰᠢᠪᠠᠭᠤᠳ ᠨᠢ ᠵᠢᠷᠭᠢᠨ ᠳᠠᠭᠤᠯᠠᠳᠠᠭ ᠠᠡᠰᠢ ᠶᠢᠨ ᠤᠷᠤᠨ ᠶᠤᠮ᠃ ᠮᠦᠩᠬᠡᠵᠢᠷᠭᠠᠯ ᠡᠨᠡ ᠰᠠᠶᠢᠬᠠᠨ ᠨᠤᠲᠤᠭ ᠲᠤ ᠪᠤᠷᠵᠢᠭᠢᠨ ᠤᠪᠤᠭᠲᠤ ᠷᠠᠰᠢᠰᠡᠷᠡᠩ᠂ ᠠᠯᠲᠠᠨᠴᠢᠮᠡᠭ ᠤᠨ ᠣᠤᠭᠠᠨ ᠬᠦᠦ ᠪᠤᠯᠤᠨ ᠵᠠᠶᠠᠭᠠᠵᠠᠢ᠃ ᠡᠪᠦᠭᠡ ᠡᠮᠡᠭᠡ᠂ ᠠᠵᠠᠢ ᠡᠮ᠎ᠡ ᠨᠢ ᠬᠦᠦ ᠪᠠᠨ ᠦᠵᠡᠨ ᠪᠠᠶᠠᠰᠴᠤ᠂ ᠤᠶᠠᠷᠠᠮ᠎ᠠ ᠵᠦᠭᠡᠯᠡᠨ ᠪᠦᠪᠡᠢ ᠶᠢᠨ ᠳᠠᠭᠤᠤ ᠪᠠᠷ ᠨᠢᠯᠬ᠎ᠠ ᠰᠣᠨᠣᠷ ᠢ ᠨᠢ ᠢᠯᠪᠢᠵᠦ᠂ ᠮᠤᠩᠭᠤᠯ ᠤᠨ ᠤᠯᠠᠮᠵᠢᠯᠠᠯ ᠰᠤᠷᠭᠠᠯ ᠢᠶᠠᠷ ᠦᠯᠦᠭᠡᠶᠢᠳᠡᠨ ᠠᠷᠭᠠᠳᠠᠵᠤ ᠠᠩᠬᠠᠨ ᠤ ᠳᠤᠬᠢᠶ᠎ᠠ ᠶᠢ ᠦᠭᠴᠦ᠂ ᠤᠶᠠᠩᠭ᠎ᠠ ᠶᠢᠨ ᠰᠡᠷᠡᠯ ᠢ ᠨᠢ ᠮᠢᠯᠢᠶᠠᠨ ᠢᠪᠡᠭᠡᠵᠡᠢ᠃      ᠲᠡᠷᠡ ᠦᠭᠡ ᠬᠡᠯᠡᠵᠦ ᠴᠢᠳᠠᠮᠠᠭᠴᠠ ᠡᠮᠡᠭᠡ ᠶᠢᠨ ᠢᠶᠠᠨ ᠪᠦᠪᠡᠶᠢᠯᠡᠬᠦ ᠤᠶᠠᠷᠠᠮ᠎ᠠ ᠰᠠᠶᠢᠬᠠᠨ ᠤᠷᠲᠤ ᠶᠢᠨ ᠳᠠᠭᠤᠤ ᠳᠤ ᠤᠶᠠᠰᠤᠨ ᠰᠤᠭᠲᠤᠭᠤᠷᠠᠵᠤ᠂ ᠬᠠᠶᠠ ᠳᠤ ᠪᠠᠨ ᠤᠭᠢᠯᠠᠵᠤ ᠲᠤᠭᠯᠠᠬᠤ ᠪᠠᠨ ᠮᠠᠷᠲᠠᠨ ᠠᠷᠠᠳ ᠤᠨ ᠳᠠᠭᠤᠤ ᠶᠢ ᠨᠢ ᠠᠮᠲᠠᠷᠬᠠᠨ ᠰᠣᠨᠣᠰᠴᠤ᠂ ᠵᠠᠷᠢᠮ ᠳᠠᠭᠤᠤ ᠶᠢ ᠨᠢ ᠨᠢᠷᠠᠢ ᠬᠤᠭᠤᠯᠠᠢ ᠪᠠᠷ ᠢᠶᠠᠨ ᠲᠠᠭᠠᠨ ᠳᠠᠭᠤᠯᠠᠵᠤ ᠪᠠᠶᠢᠪᠠ᠃ ᠪᠠᠭ᠎ᠠ ᠶᠢᠨ ᠦᠶ᠎ᠡ ᠳᠤ ᠨᠢ ᠲᠡᠭᠷᠢ ᠶᠢᠨ ᠳᠠᠭᠤᠤ ᠶᠢ ᠬᠦᠳᠡᠭᠡ ᠨᠤᠲᠤᠭ ᠲᠤ ᠦᠷᠭᠡᠨ ᠢᠶᠠᠷ ᠰᠣᠨᠣᠰᠴᠤ᠂ ︽ᠠᠯᠤᠰ ᠲᠤ ᠰᠠᠭᠤᠭ᠎ᠠ ᠡᠵᠢ︾ ᠭᠡᠬᠦ ᠳᠠᠭᠤᠤ ᠶᠢ ᠶᠡᠬᠡᠲᠡ ᠪᠠᠭ᠋ᠠᠷᠬᠠᠳᠠᠭ᠃      ᠲᠡᠷᠡ ᠦᠶ᠎ᠡ ᠳᠤ ᠠᠪᠠᠭ᠎ᠠ ᠠᠭ᠎ᠠ ᠠᠴᠠ ᠪᠠᠨ ︽ᠠᠯᠤᠰ ᠲᠤ ᠰᠠᠭᠤᠭ᠎ᠠ ᠡᠵᠢ︾ ᠭᠡᠬᠦ ᠳᠠᠭᠤᠤ ᠶᠢ ᠰᠤᠷᠤᠭᠠᠳ ᠡᠳᠦᠷᠵᠢᠨ ᠪᠠᠶᠠᠰᠤᠨ ᠲᠤᠭᠯᠠᠵᠤ᠂ ᠰᠤᠷᠭᠠᠭᠤᠯᠢ ᠶᠢᠨ ᠬᠡᠤᠬᠡᠳ ᠲᠠᠢ ᠬᠦᠭᠡᠷᠦᠯᠳᠦᠨ ᠨᠠᠷᠭᠢᠵᠤ᠂ ᠤᠷᠠᠨ ᠲᠤᠩᠭᠠᠯᠠᠭ ᠳᠠᠭᠤ ᠪᠠᠷ ᠢᠶᠠᠨ ᠦᠶ᠎ᠡ ᠶᠢᠨ ᠤᠯᠠᠨ ᠢ ᠪᠠᠨ ᠪᠠᠶᠠᠰᠬᠠᠵᠤ᠂ ᠬᠠᠶᠠ ᠬᠠᠶᠠ ᠬᠤᠷᠠᠯ ᠴᠤᠭᠯᠠᠭ᠎ᠠ ᠳᠤ ᠳᠠᠭᠤᠯᠠᠨ ᠰᠤᠨᠢᠷᠬᠠᠭᠤᠯᠵᠤ ᠠᠪᠢᠶᠠᠰ ᠳᠡᠮ ᠢᠶᠠᠨ ᠭᠠᠶᠢᠬᠠᠭᠤᠯᠬᠤ ᠵᠠᠪᠰᠢᠶᠠᠨ ᠬᠦᠷᠲᠡᠳᠡᠭ᠃      ᠰᠣᠷᠭᠠᠭᠤᠯᠢ ᠶᠢᠨ ᠤᠯᠠᠨ ᠵᠦᠢᠯ ᠤᠨ ᠬᠦᠳᠡᠯᠭᠡᠭᠡᠨ ᠳᠤ ᠰᠤᠶᠤᠯ ᠤᠨ ᠠᠵᠢᠯᠯᠠᠭ᠎ᠠ ᠳᠤ ᠤᠷᠤᠯᠴᠠᠬᠤ ᠳᠤ  ᠪᠠᠨ ᠰᠤᠷᠤᠭᠰᠠᠨ ᠳᠠᠭᠤᠤ ᠪᠠᠨ ᠬᠠᠩᠭᠢᠨᠠᠭᠤᠯᠤᠨ ᠰᠤᠷᠤᠭᠴᠢᠳ ᠤᠨ ᠪᠠᠭ᠋ᠠᠳᠤᠯ ᠪᠠᠭᠰᠢ ᠶᠢᠨ ᠢᠶᠠᠨ ᠦᠨᠡᠯᠡᠯᠲᠡ ᠶᠢ ᠬᠦᠷᠲᠡᠵᠦ᠂ ᠠᠯᠲᠠᠨ ᠱᠠᠩᠨᠠᠯ ᠲᠤᠰᠤᠭᠰᠠᠨ ᠮᠡᠲᠦ ᠠᠯᠠᠰᠭᠢᠨ ᠪᠠᠶᠠᠷᠯᠠᠵᠤ ᠶᠠᠪᠤᠳᠠᠭ᠃      ᠠᠶᠢᠯ ᠤᠰᠤ᠂ ᠰᠤᠷᠭᠠᠭᠤᠯᠢ ᠶᠢᠨ ᠠᠯᠢ ᠨᠢᠭᠡᠨ ᠬᠦᠳᠡᠯᠭᠡᠭᠡᠨ ᠲᠤᠬᠢᠶᠠᠯᠳᠤᠬᠤ ᠳᠤ ᠮᠦᠩᠬᠡᠵᠢᠷᠭᠠᠯ ᠬᠦᠷᠦᠭᠡᠳ ᠯᠡ ᠤᠴᠢᠪᠠᠯ ᠨᠠᠷᠭᠢᠶᠠᠨ ᠬᠦᠭᠵᠢᠭᠡᠨ ᠪᠢᠯᠬᠠᠵᠤ᠂ ᠡᠭᠡᠰᠢᠭ ᠳᠠᠭᠤᠤ ᠶᠢᠨ ᠤᠶᠠᠩᠭ᠎ᠠ ᠲᠠᠰᠤᠷᠠᠰᠢ ᠦᠭᠡᠢ ᠦᠷᠭᠦᠯᠵᠢᠯᠡᠨ᠂ ᠦᠭᠡᠷ᠎ᠡ ᠨᠢᠭᠡᠨ ᠠᠮᠢᠰᠬᠤᠯ ᠢᠶᠠᠷ ᠪᠢᠯᠬᠠᠭᠠᠳ ᠬᠤᠷᠠᠭᠰᠠᠨ ᠤᠯᠠᠨ ᠤ ᠮᠠᠩᠨᠠᠢ ᠲᠡᠨᠢᠢᠵᠦ ᠬᠦᠷᠢᠶᠡᠯᠡᠭᠰᠡᠨ ᠬᠦᠮᠦᠰ ᠤᠨ ᠰᠡᠳᠬᠢᠯ ᠠᠭᠤᠵᠢᠷᠠᠨ᠎ᠠ᠃      — ᠮᠠᠨ ᠤ ᠬᠦᠦ ᠭᠤᠶᠤ ᠳᠠᠭᠤᠯᠠᠨ᠎ᠠ᠃      — ᠨᠤᠲᠤᠭ ᠤᠰᠤᠨ ᠤ ᠨᠠᠪᠳᠠᠭ ᠰᠠᠪᠳᠠᠭ ᠲᠤ ᠢᠪᠡᠭᠡᠭᠳᠡᠬᠦ ᠪᠤᠯᠳᠤᠭᠠᠢ ᠭᠡᠵᠦ ᠵᠦᠭ ᠪᠦᠬᠦᠨ ᠠᠴᠠ ᠢᠷᠦᠭᠡᠨ ᠵᠦᠩᠨᠡᠨ᠎ᠡ᠃      ᠲᠡᠭᠦᠨ ᠲᠠᠢ ᠵᠤᠭᠤᠭᠳᠠᠨ ᠰᠠᠭᠤᠬᠤ ᠳᠤ ᠪᠠᠭ᠎ᠠ ᠶᠢᠨ ᠨᠠᠰᠤ ᠪᠠᠨ ᠳᠤᠷᠠᠰᠤᠨ ᠰᠠᠨᠠᠭᠠᠯᠵᠠᠭᠰᠠᠨ ᠲᠡᠷᠡ ᠮᠢᠨᠢ᠄ ︽ᠠᠯᠤᠰ ᠲᠤ ᠰᠠᠭᠤᠭ᠎ᠠ ᠡᠵᠢ︾ ᠭᠡᠬᠦ ᠳᠠᠭᠤᠤ ᠶᠢ ᠰᠡᠳᠬᠢᠯ ᠬᠦᠳᠡᠯᠦᠨ ᠳᠠᠭᠤᠯᠠᠬᠤ ᠨᠢ ᠦᠷᠦ ᠵᠢᠷᠦᠬᠡ ᠶᠢ ᠳᠤᠭᠳᠤᠯᠵᠠᠭᠤᠯᠤᠨ ᠬᠠᠷᠠᠬᠤ ᠨᠢᠳᠦ ᠶᠢ ᠪᠦᠷᠲᠦᠯᠵᠡᠭᠦᠯᠵᠦ ᠡᠮᠧ ᠳᠤ ᠪᠠᠨ ᠭᠦᠶᠦᠭᠡᠳ ᠤᠴᠢᠮᠠᠷ ᠪᠤᠳᠤᠭᠳᠠᠨ᠎ᠠ ᠭᠡᠵᠦ ᠬᠤᠭᠤᠯᠠᠢ ᠨᠢ ᠪᠡᠭᠳᠡᠷᠡᠨ᠎ᠡ᠃ ᠲᠡᠭᠦᠨ ᠤ ᠲᠡᠷᠡ ᠬᠦ᠄      ᠰᠦᠮᠡᠶᠢᠬᠦ ᠵᠡᠷᠭᠡᠯᠭᠡᠨ ᠳᠤ ᠭᠡᠭᠡ ᠠᠨᠢᠷᠯᠠᠭᠠᠳ      ᠰᠦᠰᠭᠯᠡᠬᠦ ᠶᠢᠨ ᠡᠷᠬᠡᠨ ᠳᠤ ᠡᠵᠢ ᠮᠢᠨᠢ ᠪᠤᠳᠤᠭᠳᠠᠨ᠎ᠠ      ᠬᠦᠦ ᠪᠠᠨ ᠢᠷᠡᠨ᠎ᠡ ᠭᠡᠳ ᠰᠦ ᠪᠠᠨ ᠡᠷᠭᠦᠭᠡᠳ      ᠬᠦᠰᠡᠯ ᠢᠶᠠᠨ ᠴᠢᠯᠡᠲᠡᠯ᠎ᠡ ᠠᠯᠤᠰ ᠢ ᠰᠢᠷᠲᠡᠭᠡ ᠳ᠋ᠧ ᠁ ᠭᠡᠬᠦ ᠤᠶᠠᠬᠠᠨ ᠵᠦᠭᠡᠯᠡᠨ ᠳᠠᠭᠤᠤ ᠨᠢ ᠰᠤᠨᠤᠷ  ᠲᠤ ᠬᠠᠩᠭᠢᠨᠠᠨ ᠰᠡᠳᠬᠢᠯ ᠢ ᠲᠠᠲᠠᠭᠰᠠᠭᠠᠷ ᠪᠢᠯᠡ᠃      ᠠᠩᠬᠠᠨ ᠤ ᠪᠠᠭᠰᠢ      ᠮᠦᠩᠬᠡᠵᠢᠷᠭᠠᠯ ᠳᠤ ᠠᠩᠬᠠᠨ ᠤ ᠨᠦᠯᠦᠭᠡ ᠦᠭᠭᠦᠭᠰᠡᠨ ᠬᠦᠮᠦᠨ ᠪᠤᠯ ᠡᠮᠡᠭᠡ ᠨᠢ ᠶᠤᠮ᠃ ᠲᠡᠭᠦᠨ ᠲᠠᠢ ᠵᠤᠭᠤᠭᠳᠠᠬᠤ ᠳᠤ ︽ᠡᠮᠡᠭᠡ᠂ ᠷᠠᠳᠢᠤ᠋ ᠪᠤᠯ ᠮᠢᠨᠤ ᠠᠩᠬᠠᠨ ᠤ ᠪᠠᠭᠰᠢ ᠡ︾ ᠭᠡᠵᠦ ᠪᠠᠶᠢᠨ ᠳᠠᠬᠢᠨ ᠬᠡᠯᠡᠳᠡᠭ᠃      ᠲᠡᠷᠡ ᠡᠮᠡᠭᠡ ᠠᠴᠠ ᠪᠠᠨ ᠤᠯᠠᠨ ᠰᠠᠶᠢᠬᠠᠨ ᠳᠠᠭᠤᠤ ᠰᠤᠷᠴᠤ᠂ ᠦᠯᠢᠭᠡᠷ ᠳᠤᠮᠤᠭ ᠰᠤᠨᠤᠰᠴᠤ᠂ ᠤᠵᠠᠭᠤᠷ ᠲᠡᠤᠬᠡ ᠶᠢᠨ ᠤᠷᠲᠤ ᠶᠢᠨ ᠳᠠᠭᠤᠤ ᠶᠢᠨ ᠰᠢᠮ᠎ᠡ ᠶᠢ ᠬᠦᠷᠲᠡᠵᠡᠢ᠃      ᠮᠦᠩᠬᠡᠵᠢᠷᠭᠠᠯ ᠬᠦᠮᠦᠨ ᠤ ᠬᠤᠷᠸ᠎ᠠ ᠳᠤ ᠠᠩᠬᠠᠨ ᠤ ᠳᠠᠭᠤ ᠪᠠᠨ ᠲᠤᠩᠬᠠᠭᠯᠠᠨ ᠬᠡᠳᠦᠬᠡᠨ ᠰᠠᠷ᠎ᠠ ᠪᠤᠯᠤᠮᠠᠭᠴᠠ ᠡᠮᠡᠭᠡ ᠨᠢ ᠡᠩᠬᠦᠷᠡᠶᠢᠯᠡᠨ ᠦᠰᠭᠡᠵᠦ ᠡᠬᠢᠯᠡᠵᠡᠢ᠃ ᠨᠢᠯᠬ᠎ᠠ ᠦᠷ᠎ᠡ ᠪᠠᠨ ᠪᠦᠪᠡᠶᠢᠯᠡᠨ ᠰᠠᠭᠤᠬᠤ ᠳᠤ ᠪᠠᠨ ︽ᠮᠢᠨᠤ ᠬᠦᠦ ᠦᠭᠡᠳᠡ ᠬᠡᠢ ᠮᠤᠷᠢ ᠲᠠᠢ ᠶᠠᠪᠤᠭᠠᠷᠠᠢ︾ ᠭᠡᠵᠦ ᠬᠠᠶᠢᠷᠠᠯᠠᠨ ᠦᠬᠦᠭᠡᠷᠳᠦᠳᠡᠭ᠃      ᠡᠮᠡᠭᠡ ᠨᠢ ᠭᠡᠵᠦ ᠤᠷᠲᠤ ᠶᠢᠨ ᠳᠠᠭᠤᠤ ᠶᠢ ᠬᠠᠩᠭᠢᠨᠠᠲᠠᠯ᠎ᠠ ᠰᠠᠶᠢᠬᠠᠨ ᠳᠠᠭᠤᠯᠠᠳᠠᠭ ᠠᠶᠢᠯ ᠭᠤᠤᠯ ᠳᠤ ᠪᠠᠨ ᠨᠡᠷᠡᠲᠡᠢ ᠳᠠᠭᠤᠴᠢᠨ ᠪᠢᠯᠡ᠃ ᠡᠮᠡᠭᠡ ᠨᠢ ᠠᠳᠠᠯ ᠣᠨᠳᠤᠷᠤᠯᠭ᠎ᠠ ᠪᠠᠨ ᠬᠢᠵᠦ᠂ ᠮᠠᠯ ᠠᠬᠤᠢ ᠪᠠᠨ ᠳᠤᠳᠤᠮᠳᠠᠬᠤ ᠳᠤ  ᠪᠠᠨ ᠨᠢᠯᠬ᠎ᠠ ᠪᠠᠭ᠎ᠠ ᠮᠦᠩᠬᠡᠵᠢᠷᠭᠠᠯ ᠢ ᠠᠷᠤ ᠳᠤ ᠪᠠᠨ ᠡᠭᠦᠷᠴᠦ᠂ ︽ᠪᠤᠭᠳᠠ ᠴᠢᠩᠭᠢᠰ︾᠂ ︽ᠠᠯᠲᠠᠨ ᠪᠤᠭᠳᠠ  ᠶᠢᠨ ᠰᠢᠯᠢ︾᠂ ︽ᠲᠡᠭᠷᠢ ᠮᠡᠲᠦ ᠡᠵᠡᠨ ᠬᠠᠭᠠᠨ︾᠂ ︽ᠢᠯᠭᠤᠭᠰᠠᠨ ᠡᠷᠬᠡᠲᠦ︾᠂ ︽ᠰᠠᠴᠤᠷᠠᠨ᠎ᠠ ᠭᠡᠶᠢᠭᠦᠯᠦᠨ᠎ᠡ︾ ᠵᠡᠷᠭᠡ ᠤᠯᠠᠮᠵᠢᠯᠠᠯᠲᠦ ᠤᠷᠲᠤ ᠶᠢᠨ ᠳᠠᠭᠤᠤ ᠶᠢ ᠤᠶᠠᠷᠠᠲᠠᠯ᠎ᠠ ᠪᠠᠨ ᠳᠠᠭᠤᠯᠠᠵᠤ᠂ ᠡᠭᠡᠰᠢᠭ ᠳᠠᠭᠤ ᠪᠠᠷ ᠢᠶᠠᠨ ᠡᠷᠪᠡᠢ ᠬᠦᠦ ᠪᠠᠨ ᠪᠠᠶᠠᠰᠬᠠᠨ ᠶᠠᠪᠤᠳᠠᠭ᠃      ᠡᠮᠡᠭᠡ ᠶᠢᠨ ᠢᠶᠠᠨ ᠢᠷᠠᠭᠤ ᠲᠤᠩᠭᠠᠯᠠᠭ ᠬᠤᠭᠤᠯᠠᠢ᠂ ᠤᠷᠠᠨ ᠭᠤᠶᠤᠬᠠᠨ ᠳᠠᠭᠤ ᠶᠢᠨ ᠠᠶᠢᠵᠠᠮ ᠳᠤ ᠦᠯᠦᠭᠡᠶᠢᠳᠡᠭᠳᠡᠨ ᠦᠰᠦᠭᠰᠡᠨ ᠮᠦᠩᠬᠡᠵᠢᠷᠭᠠᠯ ᠮᠡᠳᠡᠭᠡ ᠤᠷᠤᠬᠤ ᠦᠶ᠎ᠡ ᠠᠴᠠ ᠪᠠᠨ ᠤᠷᠲᠤ ᠶᠢᠨ ᠳᠠᠭᠤᠤ ᠶᠢᠨ ᠷᠠᠰᠢᠶᠠᠨ ᠰᠢᠮ᠎ᠡ ᠶᠢ ᠠᠳᠢᠰᠯᠠᠪᠠ᠃      ᠡᠮᠡᠭᠡ ᠶᠢ ᠨᠢ ᠠᠶᠢᠯ ᠭᠤᠤᠯ ᠤᠨ ᠬᠤᠷᠢᠮ ᠨᠠᠶᠢᠷ ᠲᠤ ᠲᠦᠷᠦ ᠶᠢᠨ ᠳᠠᠭᠤᠴᠢᠨ ᠢᠶᠠᠷ ᠵᠠᠯᠠᠬᠤ ᠳᠤ ᠮᠦᠩᠬᠡᠵᠢᠷᠭᠠᠯ ᠶᠢ ᠮᠦᠯᠲᠡᠷ ᠲᠡᠯᠲᠡᠷ ᠠᠯᠬᠤᠵᠤ ᠳᠠᠭᠠᠭᠠᠳ ᠬᠦᠷᠦᠨ᠎ᠡ᠃ ᠠᠶᠢᠯ ᠤᠰᠤᠨ ᠤ ᠡᠪᠦᠭᠡᠳ ᠲᠤᠮᠤᠭᠠᠲᠠᠳ  ᠤᠨ ᠢᠷᠦᠭᠡᠯ ᠵᠦᠩᠨᠡᠯ ᠳᠤ ᠵᠢᠷᠭᠠᠨ ᠪᠠᠶᠠᠰᠤᠨ᠎ᠠ᠃      ᠡᠮᠡᠭᠡ ᠨᠢ ᠬᠤᠷᠠᠭᠰᠠᠨ ᠤᠯᠠᠨ ᠳᠤ ᠲᠦᠷᠦ ᠶᠢᠨ ᠳᠠᠭᠤᠤ ᠪᠠᠨ ᠡᠷᠭᠦᠵᠦ᠂ ᠬᠤᠯᠠ ᠤᠶᠢᠷ᠎ᠠ ᠶᠢᠨ ᠵᠤᠴᠢᠳ ᠢ ᠨᠠᠷᠭᠢᠭᠤᠯᠤᠨ ᠤᠴᠢᠷ ᠶᠤᠰᠤ ᠪᠠᠨ ᠤᠯᠠᠮᠵᠢᠯᠠᠨ ᠰᠤᠷᠭᠠᠨ᠎ᠠ᠃ ᠬᠡᠤᠬᠡᠳ ᠵᠠᠯᠠᠭᠤᠴᠤᠳ ᠨᠢ ᠬᠠᠵᠠᠭᠤ ᠳᠤ ᠨᠢ ᠵᠤᠭᠰᠤᠭᠠᠳ ᠬᠤᠭᠤᠯᠠᠢ ᠨᠡᠶᠢᠯᠡᠭᠦᠯᠦᠨ ᠠᠶᠢᠵᠠᠮ ᠡᠷᠭᠦᠨ ᠤᠶᠠᠩᠭᠠᠯᠠᠬᠤ ᠨᠢ ᠪᠠᠯ ᠪᠤᠷᠠᠮ ᠠᠮᠲᠠᠯᠠᠭᠰᠠᠨ ᠮᠡᠲᠦ ᠬᠠᠮᠤᠭ  ᠤᠨ ᠬᠠᠪᠤ ᠴᠡᠩᠭᠡᠯ ᠲᠠᠢ ᠰᠠᠨᠠᠭᠳᠠᠨ᠎ᠠ᠃      — ᠲᠦᠷᠦ ᠶᠢᠨ ᠳᠠᠭᠤᠤ ᠶᠢ ᠶᠤᠰᠤᠲᠠᠢ ᠬᠦᠭ ᠠᠶᠢᠵᠠᠮ ᠲᠠᠢ ᠳᠠᠭᠤᠯᠠᠯ᠎ᠠ᠃      — ᠡᠮᠧ ᠶᠢᠨ ᠳᠠᠭᠤᠤ ᠶᠢ ᠰᠣᠨᠣᠰᠬᠤ ᠲᠤᠲᠤᠮ ᠰᠡᠳᠬᠢᠯ ᠲᠠᠲᠠᠭᠳᠠᠨ ᠰᠤᠭᠲᠤᠭᠤᠷᠠᠭᠠᠳ ᠪᠤᠢ᠃      — ᠬᠤᠷᠢᠮ ᠨᠠᠶᠢᠷ ᠤᠨ ᠳᠠᠭᠤᠤ ᠶᠢ ᠢᠩᠭᠢᠵᠦ ᠯᠡ ᠳᠠᠭᠤᠯᠠᠬᠤ ᠶᠤᠮ᠂ ᠬᠡᠤᠬᠡᠳ ᠮᠢᠨᠢ ᠰᠤᠷᠴᠤ ᠠᠪ᠃      — ᠶᠠᠮᠠᠷ ᠴᠦ ᠶᠠᠭᠤᠮᠠᠨ ᠳᠤ ᠶᠤᠰᠤ ᠵᠢᠷᠦᠮ ᠲᠠᠢ᠃      ᠡᠮᠡᠭᠡ ᠪᠠᠨ ᠲᠠᠭᠠᠨ ᠬᠦᠷᠦᠭᠰᠡᠨ ᠮᠦᠩᠬᠡᠵᠢᠷᠭᠠᠯ ᠬᠤᠷᠢᠮ ᠲᠦᠷᠦ ᠶᠢᠨ ᠳᠠᠭᠤᠤ ᠶᠢ ᠪᠠᠭ᠋ᠠᠷᠬᠠᠨ ᠰᠣᠨᠣᠰᠳᠠᠭ  ᠨᠢ ᠪᠠᠯᠴᠢᠷ ᠤᠶᠤᠨ ᠳᠤ ᠨᠢ ᠭᠦᠨ ᠰᠠᠭᠤᠭᠳᠠᠯ ᠦᠭᠴᠦ᠂ ᠬᠠᠶᠠ ᠵᠠᠷᠢᠮ ᠳᠤ ᠪᠠᠨ ᠳᠠᠭᠤᠤ ᠶᠢᠨ ᠦᠭᠡ ᠶᠢ ᠤᠷᠤᠰᠤᠮ᠎ᠠ ᠲᠤᠳᠤᠬᠠᠨ ᠴᠡᠭᠡᠵᠢᠯᠡᠵᠦ᠂ ᠭᠡᠷ ᠤᠨ ᠨᠦᠮᠦᠷᠢ ᠲᠤᠭᠯᠠᠨ ᠨᠠᠭᠠᠳᠬᠤ᠂ ᠢᠰᠢᠭᠡ ᠬᠤᠷᠠᠭ᠎ᠠ ᠪᠠᠨ ᠬᠤᠮᠢᠵᠤ ᠭᠦᠶᠦᠬᠦ ᠳᠤ ᠪᠠᠨ ᠬᠠᠩᠭᠢᠨᠠᠲᠠᠯ᠎ᠠ ᠳᠠᠭᠤᠯᠠᠨ ᠳᠡᠪᠬᠡᠷᠡᠳᠡᠭ᠃ ᠲᠡᠭᠦᠨ ᠢ ᠬᠠᠷᠠᠭᠰᠠᠨ ᠡᠮᠡᠭᠡ ᠨᠢ᠄      — ᠮᠢᠨᠤ ᠬᠦᠦ ᠳᠠᠭᠤᠴᠢᠨ ᠪᠤᠯᠬᠤ ᠶᠤᠮ ᠪᠠᠶᠢᠨ᠎ᠠ᠂ ᠬᠤᠵᠢᠮ ᠬᠤᠯᠠ ᠶᠠᠪᠤᠵᠤ ᠤᠯᠠᠨ ᠢ ᠦᠵᠡᠬᠦ ᠶᠤᠮ ᠰᠢᠦ ᠭᠡᠵᠦ ᠲᠤᠯᠤᠭᠠᠢ ᠶᠢ ᠨᠢ ᠢᠯᠪᠢᠨ ᠫᠤᠭᠰᠢᠳᠠᠭ ᠶᠤᠮ᠃      ᠵᠢᠯ ᠴᠠᠭᠠᠨ ᠰᠠᠷ᠎ᠠ ᠭᠡᠵᠦ ᠬᠦᠳᠡᠭᠡ ᠠᠶᠢᠯ ᠤᠨ ᠬᠠᠮᠤᠭ ᠤᠨ ᠬᠦᠭᠵᠢᠭᠡᠨ ᠨᠠᠷᠭᠢᠶᠠᠨ ᠲᠠᠢ ᠭᠡᠳᠡᠭ ᠢ ᠬᠡᠨ ᠴᠦ ᠪᠦᠷ ᠮᠡᠳᠡᠨ᠎ᠡ᠃ ᠡᠮᠡᠭᠡ ᠨᠢ ᠵᠢᠯ ᠴᠠᠭᠠᠨ ᠰᠠᠷ᠎ᠠ ᠪᠤᠯᠬᠤ ᠪᠦᠷᠢ ᠰᠢᠨᠡᠯᠡᠨ ᠵᠤᠯᠭᠠᠬᠤ ᠪᠠᠷ ᠢᠷᠡᠭᠰᠡᠨ ᠵᠤᠴᠢᠨ ᠳᠤ ᠪᠠᠨ ︽ᠢᠯᠭᠤᠭᠰᠠᠨ ᠡᠷᠬᠡᠲᠦ︾ ᠭᠡᠬᠦ ᠤᠵᠠᠭᠤᠷ ᠤᠨ ᠳᠠᠭᠤᠤ ᠶᠢ ᠪᠦᠲᠦᠨ ᠰᠠᠶᠢᠬᠠᠨ ᠳᠠᠭᠤᠯᠠᠵᠤ᠂ ᠰᠡᠳᠬᠢᠯ ᠤᠶᠠᠷᠠᠭᠤᠯᠳᠠᠭ ᠤᠶᠠᠩᠭ᠎ᠠ ᠠᠶᠢᠵᠠᠮ ᠨᠢ ᠤᠢ ᠤᠶᠤᠨ ᠳᠤ ᠨᠢ ᠬᠠᠳᠠᠩᠰᠢᠵᠤ᠂ ᠤᠷᠠᠯᠢᠭ ᠤᠨ ᠬᠦᠷᠦᠰᠦᠨ ᠳᠤ ᠦᠨᠳᠦᠰᠦ ᠬᠠᠳᠬᠤᠬᠤ ᠷᠠᠰᠢᠶᠠᠨ ᠬᠠᠶᠢᠷᠠᠯᠠᠵᠠᠢ᠃      ᠮᠦᠩᠬᠡᠵᠢᠷᠭᠠᠯ ᠠᠷᠪᠠ ᠬᠦᠷᠦᠮᠡᠭᠴᠡ ᠰᠤᠷᠴᠤ ᠴᠡᠭᠡᠵᠢᠯᠡᠭᠰᠡᠨ ᠳᠠᠭᠤᠤ ᠪᠠᠨ ᠳᠠᠭᠤᠯᠠᠬᠤ ᠳᠤ ᠡᠮᠡᠭᠡ ᠨᠢ ᠪᠠᠭ᠋ᠠᠷᠬᠠᠨ ᠴᠢᠩᠨᠠᠵᠤ᠂ ᠤᠷᠲᠤ ᠶᠢᠨ ᠳᠠᠭᠤᠤ ᠶᠢᠨ ᠤᠴᠢᠷ ᠶᠤᠰᠤ ᠶᠢ ᠲᠠᠶᠢᠯᠪᠤᠷᠢᠯᠠᠨ ᠤᠯᠠᠨ ᠠᠷᠪᠢᠨ ᠠᠶ᠎ᠠ ᠳᠠᠭᠤᠤ  ᠶᠢ ᠬᠠᠯᠠᠰᠢᠷᠠᠯ ᠦᠭᠡᠢ ᠵᠢᠭᠠᠳᠠᠭ᠃ ᠲᠡᠷᠡ ᠨᠠᠳᠠᠳᠤ᠄      — ᠡᠮᠡᠭᠡ ᠮᠢᠨᠢ ᠨᠠᠳᠠᠳᠤ ᠤᠯᠠᠨ ᠳᠠᠭᠤᠤ ᠶᠢ ᠳᠠᠭᠤᠯᠠᠵᠦ ᠦᠭᠳᠡᠭ᠂ ᠲᠡᠷᠡ ᠦᠶ᠎ᠡ ᠠᠴᠠ ᠯᠡ ᠤᠷᠲᠤ  ᠶᠢᠨ ᠳᠠᠭᠤᠤ ᠶᠢᠨ ᠰᠢᠮ᠎ᠡ ᠶᠢ ᠬᠦᠷᠲᠡᠵᠦ ᠪᠠᠬ᠎ᠠ ᠳᠤ ᠨᠢ ᠤᠷᠤᠭᠰᠠᠨ ᠶᠤᠮ᠃ ᠡᠮᠡᠭᠡ ᠪᠤᠯ ᠨᠠᠮᠠᠢᠢ ᠤᠷᠲᠤ ᠶᠢᠨ ᠳᠠᠭᠤᠤ ᠶᠢᠨ ᠵᠠᠮ ᠳᠤ ᠬᠦᠲᠦᠯᠦᠭᠰᠡᠨ ᠠᠴᠢᠲᠦ ᠬᠦᠮᠦᠨ ᠶᠤᠮ ᠡ ᠭᠡᠵᠦ ᠪᠠᠭ᠎ᠠ ᠶᠢᠨ ᠤᠴᠢᠷ ᠢᠶᠠᠨ ᠡᠷᠭᠢᠴᠡᠭᠦᠯᠦᠨ᠎ᠡ      ᠠᠷᠠᠳ ᠤᠨ ᠤᠷᠠᠯᠢᠭᠴᠢᠨ ᠡᠮᠡᠭᠡ ᠠᠴᠠ ᠪᠠᠨ ᠤᠷᠲᠤ ᠶᠢᠨ ᠳᠠᠭᠤᠤ ᠪᠠᠨ ᠰᠤᠷᠤᠭᠰᠠᠨ ᠲᠡᠷᠡ ᠮᠢᠨᠢ ᠦᠷᠦ ᠵᠢᠷᠦᠬᠡᠨ ᠤ ᠡᠭᠡᠰᠢᠭ ᠴᠤᠬᠢᠯᠭ᠎ᠠ ᠪᠠᠷ ᠰᠣᠨᠣᠰᠣᠭᠴᠢ ᠲᠦᠮᠡᠨ ᠢᠶᠠᠨ ᠪᠠᠶᠠᠰᠬᠠᠨ᠎ᠠ᠃ ᠮᠠᠨᠤᠰ ᠵᠤᠭᠤᠭᠳᠠᠨ ᠰᠠᠭᠤᠬᠤ  ᠳᠤ ᠲᠡᠷᠡ ᠮᠢᠨᠢ ᠦᠨᠳᠡᠶᠢᠨ ᠪᠤᠰᠴᠤ᠄      ᠢᠯᠭᠤᠭᠰᠠᠨ ᠡᠷᠬᠡᠲᠦ ᠳᠠᠯᠠᠢ ᠪᠯᠠᠮ᠎ᠠ      ᠢᠯᠡᠳᠲᠡ ᠳᠤᠭᠤᠯᠤᠭᠰᠠᠨ ᠮᠢᠯᠠ ᠪᠤᠭᠳᠠ      ᠢᠯᠭᠠᠯ ᠦᠭᠡᠢ ᠪᠠᠽᠠᠷᠳᠠᠷ᠎ᠠ      ᠢᠮᠠᠭᠲᠠ ᠮᠠᠨ ᠢ ᠪᠠᠨ ᠦᠷᠦᠰᠢᠶᠡ ᠳ᠋ᠠ ᠁ ᠭᠡᠵᠦ ᠡᠮᠡᠭᠡ ᠶᠢᠨ ᠢᠶᠠᠨ ᠳᠠᠭᠤᠯᠠᠳᠠᠭ ︽ᠢᠯᠭᠤᠭᠰᠠᠨ ᠡᠷᠬᠡᠲᠦ︾ ᠶᠢ ᠤᠶᠠᠷᠠᠲᠠᠯ᠎ᠠ ᠰᠠᠶᠢᠬᠠᠨ ᠬᠠᠩᠭᠢᠨᠠᠭᠤᠯᠤᠨ᠎ᠠ᠃      ᠠᠪᠤ ᠡᠵᠢ ᠶᠢᠨ ᠬᠠᠶᠢᠷ᠎ᠠ      ᠮᠦᠩᠬᠡᠵᠢᠷᠭᠠᠯ ᠤᠨ ᠭᠡᠷ ᠪᠦᠯᠢ ᠭᠡᠭᠴᠢ ᠬᠡᠳᠦᠨ ᠦᠶ᠎ᠡ ᠪᠠᠷ ᠢᠶᠠᠨ ᠡᠶ᠎ᠡ ᠨᠠᠶᠢᠷ ᠲᠠᠢ᠂ ᠤᠷᠠᠯᠢᠭ ᠰᠤᠶᠤᠯ ᠤᠨ ᠬᠠᠯᠠᠭᠤᠨ ᠠᠮᠢᠰᠬᠤᠯ ᠪᠢᠯᠬᠠᠭᠰᠠᠨ ᠣᠤᠭᠠᠯ ᠨᠤᠲᠤᠭ ᠤᠨ ᠢᠶᠠᠨ ᠰᠠᠭᠤᠭᠠᠯᠢ ᠠᠶᠢᠯ ᠶᠤᠮ᠃      ᠲᠡᠭᠦᠨ ᠤ ᠡᠪᠦᠭᠡ ᠭᠡᠭᠴᠢ ᠳᠠᠯᠠ ᠭᠠᠷᠲᠠᠯ᠎ᠠ ᠪᠠᠨ ᠤᠷᠲᠤ ᠶᠢᠨ ᠳᠠᠭᠤᠤ ᠪᠠᠨ ᠳᠠᠭᠤᠯᠠᠭᠰᠠᠨ ᠳᠠᠭᠤᠴᠢᠨ ᠬᠦᠮᠦᠨ᠂ ᠠᠶᠢᠯ ᠭᠤᠤᠯ ᠳᠤ ᠪᠠᠨ ᠴᠣᠤᠲᠠᠢ ᠠᠷᠠᠳ ᠤᠨ ᠤᠷᠠᠯᠢᠭᠴᠢᠨ᠃ ᠠᠵᠠᠢ ᠨᠢ ᠭᠡᠵᠦ ᠳᠦᠷᠪᠡᠨ ᠤᠳᠠᠰᠤᠲᠤ ᠬᠤᠭᠤᠷ ᠢ ᠬᠦᠩᠭᠢᠨᠡᠲᠡᠯ᠎ᠡ ᠲᠠᠲᠠᠵᠤ᠂ ᠯᠢᠩᠪᠤ ᠶᠢ ᠳᠠᠭᠤᠯᠠᠵᠤ ᠶᠠᠷᠢᠲᠠᠯ᠎ᠠ ᠦᠯᠢᠶᠡᠳᠡᠭ ᠠᠪᠢᠶᠠᠰ ᠲᠠᠢ᠃ ᠡᠮᠧ ᠪᠤᠯᠤᠨ ᠠᠪᠠᠭ᠎ᠠ ᠠᠭ᠎ᠠ ᠨᠢ ᠤᠵᠠᠭᠤᠷ ᠤᠷᠲᠤ ᠶᠢᠨ ᠳᠠᠭᠤᠤ ᠶᠢ ᠰᠠᠶᠢᠬᠠᠨ ᠳᠠᠭᠤᠯᠠᠳᠠᠭ ᠬᠦᠮᠦᠰ᠃ ᠮᠦᠩᠬᠡᠵᠢᠷᠭᠠᠯ ᠨᠢᠷᠠᠢ ᠪᠠᠭ᠎ᠠ ᠨᠠᠰᠤᠨ ᠠᠴᠠ ᠪᠠᠨ ᠤᠷᠲᠤ ᠶᠢᠨ ᠳᠠᠭᠤᠤ ᠶᠢᠨ ᠠᠶᠠᠰ ᠤᠨ ᠳᠤᠮᠳᠠ ᠪᠦᠪᠡᠶᠢᠯᠡᠭᠳᠡᠨ ᠲᠤᠷᠨᠢᠭᠰᠠᠨ ᠠᠵᠠ ᠵᠠᠶᠠᠭ᠎ᠠ ᠲᠠᠢ ᠬᠡᠤᠬᠡᠳ ᠶᠤᠮ᠃      ᠠᠵᠠᠢ ᠡᠮᠧ ᠨᠢ ᠲᠡᠭᠦᠨ ᠤ ᠳᠠᠭᠤᠤ ᠤᠷᠠᠯᠢᠭ ᠲᠤ ᠪᠠᠬ᠎ᠠ ᠲᠠᠢ᠂ ᠤᠷᠲᠤ ᠶᠢᠨ ᠳᠠᠭᠤᠤ ᠪᠠᠨ ᠤᠷᠠᠨ ᠲᠤᠳᠤᠬᠠᠨ ᠳᠠᠭᠤᠯᠠᠬᠤ ᠳᠤ ᠨᠢ ᠵᠦᠳᠡᠷᠡᠭᠡ ᠶᠠᠳᠠᠷᠠᠭ᠎ᠠ ᠪᠠᠨ ᠲᠠᠶᠢᠯᠤᠨ ᠪᠠᠶᠠᠰᠳᠠᠭ᠃ ᠲᠤᠬᠠᠢ ᠶᠢᠨ ᠦᠶᠡᠰ ᠠᠵᠤ ᠠᠬᠤᠢ ᠶᠢᠨ ᠨᠦᠬᠦᠴᠡᠯ ᠪᠠᠷᠤᠭᠲᠠᠢ᠂ ᠵᠠᠮ ᠬᠠᠷᠢᠯᠴᠠᠭ᠎ᠠ ᠳᠦᠭᠦᠮ ᠦᠭᠡᠢ ᠴᠦ ᠠᠷᠪᠢᠯᠠᠵᠤ ᠭᠠᠮᠨᠠᠭᠰᠠᠨ ᠵᠤᠭᠤᠰ ᠢᠶᠠᠨ ᠬᠤᠶᠠᠷ ᠵᠠᠭᠤᠨ ᠲᠦᠭᠦᠷᠢᠭ ᠴᠣᠭᠯᠠᠭᠤᠯᠤᠨ ᠬᠦᠦ ᠳᠤ ᠪᠠᠨ ᠷᠠᠳᠢᠤ᠋ ᠬᠤᠳᠠᠯᠳᠤᠨ ᠠᠪᠴᠤ ᠦᠭᠬᠦ ᠪᠠᠷ ᠪᠡᠯᠡᠳᠬᠡᠵᠡᠢ᠃      — ᠲᠡᠷᠡ ᠦᠶ᠎ᠡ ᠳᠤ ᠰᠣᠮᠣ ᠤᠷᠤᠬᠤ ᠬᠦᠮᠦᠨ ᠴᠦ ᠴᠦᠬᠡᠨ᠃      — ᠠᠶᠠᠨᠴᠢᠳ ᠤᠨ ᠮᠠᠰᠢᠨ ᠴᠦ ᠠᠯᠤᠰ ᠤᠨ ᠵᠠᠮ ᠤᠨ ᠵᠠᠶᠢᠲᠠᠢ ᠶᠠᠪᠤᠴᠢᠬᠠᠨ᠎ᠠ᠃      — ᠪᠠᠭ᠎ᠠ ᠳᠡᠯᠭᠡᠭᠦᠷ ᠢᠶᠠᠷ ᠷᠠᠳᠢᠤ᠋ ᠬᠠᠷᠠᠭᠳᠠᠬᠤ ᠦᠭᠡᠢ᠃      ᠮᠦᠩᠬᠡᠵᠢᠷᠭᠠᠯ ᠤᠨ ᠠᠷᠪᠠᠨ ᠭᠤᠷᠪᠠᠲᠠᠢ ᠵᠢᠯ ᠳᠤ ᠭᠤᠷᠪᠠᠳᠤᠭᠠᠷ ᠠᠪᠠᠭ᠎ᠠ ᠨᠢ ᠴᠢᠪᠠᠭ᠎ᠠ ᠵᠡᠭᠡᠯᠢ ᠳᠤ ᠵᠢᠯ ᠤᠨ ᠪᠠᠷᠠᠭ᠎ᠠ ᠪᠠᠨ ᠠᠪᠬᠤ ᠪᠠᠷ ᠶᠠᠪᠤᠬᠤ ᠳᠤ ᠠᠵᠠᠢ ᠨᠢ ᠵᠢᠵᠢᠭᠬᠡᠨ ᠰᠢᠩᠭᠡᠭᠡᠯᠲᠡ ᠶᠢᠨ ᠮᠠᠰᠢᠨ ᠵᠠᠬᠢᠶᠠᠯᠠᠪᠠ᠃ ᠠᠪᠠᠭ᠎ᠠ ᠨᠢ ᠰᠢᠩᠭᠡᠭᠡᠯᠲᠡ ᠶᠢᠨ ᠮᠠᠰᠢᠨ᠂ ᠯᠾᠠᠵᠠᠪ ᠤᠨ ᠳᠠᠭᠤᠤ ᠶᠢᠨ ᠪᠦᠰᠡ ᠲᠠᠢ ᠠᠪᠴᠢᠷᠠᠨ ᠦᠭᠪᠡ᠃ ᠡᠨᠡ ᠨᠢ ᠪᠠᠰᠠᠴᠤ ᠠᠵᠠᠢ ᠶᠢᠨ ᠬᠢᠨᠢ ᠱᠠᠩᠨᠠᠭᠰᠠᠨ ᠵᠢᠯ ᠤᠨ ᠪᠡᠯᠡᠭ ᠪᠢᠯᠡ᠃      ᠲᠡᠷᠡ ᠦᠶ᠎ᠡ ᠶᠢᠨ ᠬᠤᠶᠠᠷ ᠵᠠᠭᠤᠨ ᠲᠦᠭᠦᠷᠢᠭ ᠤᠨ ᠡᠳ᠋ ᠭᠡᠵᠦ ᠶᠤᠰᠤᠲᠠᠢ ᠦᠨ᠎ᠡ ᠴᠠᠨ᠎ᠠ ᠲᠠᠢ᠃ ᠮᠦᠩᠬᠡᠵᠢᠷᠭᠠᠯ ᠰᠢᠩᠭᠡᠭᠡᠯᠲᠡ ᠶᠢᠨ ᠮᠠᠰᠢᠨ ᠤᠯᠤᠭᠰᠠᠨ ᠳᠤ ᠪᠠᠨ ᠬᠦᠯ ᠭᠠᠵᠠᠷ ᠬᠦᠷᠬᠦ ᠦᠭᠡᠢ ᠪᠠᠶᠠᠷᠯᠠᠨ᠂ ᠠᠵᠠᠢ ᠡᠮᠧ ᠶᠢᠨ ᠢᠶᠠᠨ ︽ᠤᠷᠲᠤ ᠶᠢᠨ ᠳᠠᠭᠤᠤ ᠪᠠᠨ ᠰᠠᠶᠢᠬᠠᠨ ᠰᠤᠷᠴᠤ ᠰᠠᠶᠢᠨ ᠳᠠᠭᠤᠴᠢᠨ ᠪᠤᠯᠤᠭᠠᠷᠠᠢ︾ ᠭᠡᠬᠦ ᠢᠷᠦᠭᠡᠯ  ᠳᠤ ᠨᠢ ᠵᠤᠷᠢᠭᠵᠢᠨ ᠢᠲᠡᠭᠡᠯ ᠬᠦᠴᠦᠨ ᠨᠡᠮᠡᠭᠳᠡᠭᠰᠡᠨ ᠨᠢ ᠦᠨᠡᠨ ᠲᠠᠢ᠃      ᠰᠢᠩᠭᠡᠭᠡᠯᠲᠡ ᠶᠢᠨ ᠮᠠᠰᠢᠨ ᠠᠴᠠ ᠪᠠᠨ ᠯᠾᠠᠵᠠᠪ᠂ ᠲᠡᠭᠷᠢ ᠮᠡᠲᠦ ᠶᠢᠨ ᠳᠠᠭᠤᠴᠢᠳ ᠤᠨ ᠳᠠᠭᠤᠤ ᠶᠢ ᠠᠮᠲᠠᠷᠬᠠᠨ ᠰᠣᠨᠣᠰᠬᠤ ᠳᠤ ᠪᠠᠨ ᠬᠠᠵᠠᠭᠤ ᠳᠤ ᠨᠢ ᠬᠦᠷᠦᠭᠰᠡᠨ ᠰᠢᠭ ᠪᠤᠳᠤᠭᠳᠠᠨ᠎ᠠ᠃ ᠣᠨᠴᠠᠭᠠᠶᠢᠯᠠᠨ ᠯᠾᠠᠵᠠᠪ ᠤᠨ ᠳᠠᠭᠤᠯᠠᠭᠰᠠᠨ ︽ᠵᠢᠷᠤᠭ᠎ᠠ ᠶᠢᠨ ᠵᠢᠷᠤᠭ᠎ᠠ︾ ᠭᠡᠬᠦ ᠰᠢᠩᠭᠡᠭᠡᠯᠲᠡ ᠳᠤ ᠶᠠᠭᠠᠬᠢᠬᠤ ᠶᠢᠨ ᠠᠷᠭ᠎ᠠ ᠦᠭᠡᠢ ᠰᠡᠳᠬᠢᠯ ᠲᠠᠲᠠᠭᠳᠠᠵᠤ᠂ ᠵᠠᠪ ᠴᠢᠯᠦᠭᠡ ᠯᠡ ᠭᠠᠷᠪᠠᠯ ᠳᠠᠭᠤᠤ ᠶᠢ ᠨᠢ ᠰᠣᠨᠣᠰᠴᠤ ᠠᠶ᠎ᠠ ᠠᠶᠢᠵᠠᠮ ᠢ ᠨᠢ ᠲᠠᠭᠠᠨ ᠳᠠᠭᠤᠯᠠᠨ᠎ᠠ᠃ ᠲᠡᠷᠡ ᠰᠠᠶᠢᠬᠠᠨ ᠤᠷᠲᠤ ᠶᠢᠨ ᠳᠠᠭᠤᠤ ᠶᠢᠨ ᠤᠶᠠᠷᠠᠭᠤᠨ ᠴᠣᠪᠣᠭᠤᠯᠢᠭ ᠠᠶ᠎ᠠ ᠳᠤ ᠦᠷᠦ ᠵᠢᠷᠦᠬᠡ ᠨᠢ ᠤᠪᠤᠯᠵᠠᠨ ᠪᠠᠶᠢᠨ ᠪᠠᠶᠢᠨ ᠱᠠᠭᠰᠢᠨ ᠬᠠᠩᠭᠢᠨᠠᠭᠤᠯᠵᠤ᠂ ᠦᠷᠯᠦᠭᠡ ᠡᠷᠲᠡ ᠪᠠᠷ ᠳᠠᠭᠤᠯᠠᠵᠤ ᠠᠬᠠᠮᠠᠳ ᠨᠠᠰᠤᠲᠠᠳ ᠲᠤ ᠪᠠᠨ ᠠᠭᠤᠷᠯᠠᠭᠳᠠᠵᠤ ᠪᠠᠶᠢᠭᠰᠠᠨ ᠨᠢ ᠨᠢᠳᠦᠨ ᠳᠤ ᠲᠤᠳᠤᠷᠠᠨ᠎ᠠ᠃      — ᠬᠠᠷ᠎ᠠ ᠦᠷᠯᠦᠭᠡ ᠪᠠᠷ ᠭᠢᠩᠰᠢᠬᠦ ᠦᠭᠡᠢ ᠶᠤᠮ ᠭᠡᠵᠦ ᠤᠴᠢᠷ ᠶᠤᠰᠤ ᠶᠢ ᠲᠠᠶᠢᠯᠪᠤᠷᠢᠯᠠᠵᠤ ᠶᠠᠷᠢᠳᠠᠭ ᠨᠢ ᠴᠢᠬᠢᠨ ᠳᠤ ᠰᠣᠨᠣᠰᠳᠠᠭᠠᠳ ᠪᠤᠢ ᠭᠡᠵᠦ ᠲᠤᠯᠤᠭᠠᠢ ᠰᠠᠵᠢᠨ᠎ᠠ᠃      ᠮᠦᠩᠬᠡᠵᠢᠷᠭᠠᠯ ᠰᠢᠩᠭᠡᠭᠡᠯᠲᠡ ᠶᠢᠨ ᠪᠦᠰᠡ ᠠᠴᠠ ᠤᠯᠠᠨ ᠰᠠᠶᠢᠬᠠᠨ ᠠᠶ᠎ᠠ ᠳᠠᠭᠤᠤ ᠰᠤᠷᠴᠤ᠂ ᠤᠷᠤᠰᠤᠲᠠᠯ᠎ᠠ ᠳᠠᠭᠤᠯᠠᠳᠠᠭ ᠢᠶᠠᠷ ᠢᠶᠠᠨ ᠠᠶᠢᠯ ᠤᠯᠠᠨ ᠳᠤ ᠪᠠᠨ ᠤᠯᠠᠮ ᠢᠶᠠᠷ ᠨᠡᠷ᠎ᠡ ᠭᠠᠷᠴᠤ ︽ᠪᠢᠴᠢᠬᠠᠨ ᠳᠠᠭᠤᠴᠢᠨ︾ ᠴᠤᠯᠠ  ᠲᠠᠢ ᠪᠤᠯᠵᠤ᠂ ᠨᠠᠶᠢᠷ ᠬᠤᠷᠢᠮ ᠪᠤᠯᠪᠠᠯ ᠳᠠᠭᠤᠴᠢᠨ ᠢᠶᠠᠷ ᠵᠠᠯᠠᠭᠳᠠᠵᠤ᠂ ᠷᠠᠳᠢᠤ᠋ ᠠᠴᠠ ᠰᠤᠷᠤᠭᠰᠠᠨ᠂ ᠠᠪᠠᠭ᠎ᠠ ᠠᠭ᠎ᠠ  ᠠᠴᠠ ᠪᠠᠨ ᠴᠡᠭᠡᠵᠢᠯᠡᠭᠰᠡᠨ ᠬᠡᠤᠬᠡᠳ ᠤᠨ ᠳᠠᠭᠤᠤ ᠨᠤᠭᠤᠳ ᠢᠶᠠᠷ ᠤᠯᠠᠨ ᠢᠶᠠᠨ ᠪᠠᠶᠠᠰᠬᠠᠵᠤ ᠪᠠᠭ᠋ᠠᠷᠬᠠᠯ ᠲᠠᠭᠠᠰᠢᠶᠠᠯ ᠢ  ᠨᠢ ᠬᠦᠷᠲᠡᠳᠡᠭ ᠪᠢᠯᠡ᠃      ᠤᠯᠠᠨ ᠤ ᠡᠮᠦᠨ᠎ᠡ ᠠᠶ᠎ᠠ ᠳᠠᠭᠤᠤ ᠪᠠᠨ ᠦᠷᠭᠦᠯᠵᠢ ᠳᠠᠭᠤᠯᠠᠨ ᠨᠠᠷᠭᠢᠭᠤᠯᠳᠠᠭ ᠢᠶᠠᠷ ᠤᠢ ᠪᠢᠯᠢᠭ ᠨᠢ ᠴᠤᠭᠤᠷᠠᠵᠤ᠂ ︽ᠪᠤᠭᠳᠠ ᠴᠢᠩᠭᠢᠰ︾᠂ ︽ᠵᠠᠩ ᠮᠦᠷᠡᠨ ᠤ ᠤᠰᠤ︾᠂ ︽ᠪᠦᠮᠪᠡᠢ ᠶᠢᠨ ᠰᠢᠯᠢ︾ ᠵᠡᠷᠭᠡ ᠤᠷᠲᠤ  ᠶᠢᠨ ᠳᠠᠭᠤᠤ ᠶᠢ ᠳᠠᠭᠤᠯᠠᠨ᠂ ᠡᠮᠡᠭᠡ ᠪᠠᠨ ᠰᠢᠭ ᠠᠶᠢᠯ ᠭᠤᠤᠯ ᠤᠨ ᠬᠤᠷᠢᠮ ᠲᠦᠷᠦ ᠳᠤ ᠤᠷᠢᠭᠳᠠᠨ ᠬᠦᠷᠳᠡᠭ ︽ᠠᠷᠠᠳ ᠤᠨ ᠳᠠᠭᠤᠴᠢᠨ︾ ᠪᠤᠯᠪᠠ᠃      — ᠬᠦᠦ ᠶᠢᠨ ᠬᠤᠭᠤᠯᠠᠢ ᠬᠤᠪᠢ ᠲᠠᠢ ᠰᠣᠨᠣᠰᠳᠠᠨ᠎ᠠ᠃      — ᠤᠷᠲᠤ ᠶᠢᠨ ᠳᠠᠭᠤᠤ ᠭᠡᠭᠴᠢ ᠤᠷᠤᠰᠬᠠᠯ ᠤᠰᠤ ᠰᠢᠭ᠋ ᠤᠨᠳᠤᠷᠬᠤ ᠯᠡ ᠤᠴᠢᠷ ᠲᠠᠢ᠃      — ᠬᠡᠨ ᠪᠦᠬᠦᠨ ᠳᠠᠭᠤᠯᠠᠵᠤ ᠴᠢᠳᠠᠬᠤ ᠪᠢᠰᠢ ᠰᠢᠦ᠃      — ᠰᠤᠨᠤᠰᠬᠤ ᠳᠤ ᠵᠢᠷᠦᠭᠡ ᠶᠢ ᠲᠠᠲᠠᠵᠤ ᠰᠡᠳᠬᠢᠯ ᠢ ᠠᠷᠭᠠᠮᠵᠢᠨ᠎ᠠ᠃      ᠲᠡᠷᠡ ᠮᠠᠯ ᠰᠦᠷᠦᠭ ᠢᠶᠠᠨ ᠬᠠᠷᠢᠭᠤᠯᠤᠨ ᠬᠡᠭᠡᠷ᠎ᠡ ᠭᠠᠳᠠᠨ᠎ᠠ ᠶᠠᠪᠤᠬᠤ ᠳᠤ ᠪᠠᠨ ᠰᠢᠩᠭᠡᠭᠡᠯᠲᠡ ᠶᠢᠨ ᠪᠦᠰᠡ  ᠪᠠᠨ ᠰᠣᠨᠣᠰᠴᠤ᠂ ᠪᠠᠭ᠋ᠠᠷᠬᠠᠨ ᠪᠢᠰᠢᠷᠡᠭᠰᠡᠨ ᠳᠠᠭᠤᠤ ᠪᠠᠨ ᠪᠤᠯᠪᠠᠰᠤᠷᠠᠵᠤ᠂ ᠠᠶ᠎ᠠ ᠴᠤᠬᠢᠯᠭ᠎ᠠ ᠶᠢ ᠨᠢ ᠴᠡᠭᠡᠵᠢᠯᠡᠳᠡᠭ᠃ ᠬᠠᠶᠠ ᠳᠤ ᠪᠠᠨ ᠬᠤᠨᠲᠤ ᠪᠠᠯᠭᠠᠰᠤ᠂ ᠬᠦᠨᠳᠡᠯᠡᠨ ᠰᠣᠮᠣ ᠶᠢᠨ ᠳᠠᠭᠤᠤ ᠶᠢᠨ ᠮᠦᠷᠦᠶᠢᠴᠡᠭᠡᠨ ᠳᠤ ᠤᠷᠤᠯᠴᠠᠨ ᠲᠡᠷᠢᠭᠦᠨ ᠱᠠᠩ ᠬᠦᠷᠲᠡᠵᠦ ᠢᠷᠦᠭᠡᠯ ᠮᠠᠭᠲᠠᠭᠠᠯ ᠳᠤ ᠵᠤᠷᠢᠭᠵᠢᠵᠤ ᠶᠠᠪᠤᠳᠠᠭ᠃     — ᠠᠵᠠᠢ ᠡᠮᠧ ᠶᠢᠨ ᠱᠠᠩᠨᠠᠭᠰᠠᠨ ᠰᠢᠩᠭᠡᠭᠡᠯᠲᠡ ᠶᠢᠨ ᠮᠠᠰᠢᠨ ᠨᠠᠳᠠᠳᠤ ᠤᠷᠠᠯᠢᠭ ᠤᠨ ᠵᠠᠮ ᠢ ᠵᠢᠭᠠᠵᠤ᠂ ᠦᠨᠦᠳᠦᠷ ᠤᠨ ᠬᠡᠮᠵᠢᠶᠡᠨ ᠳᠤ ᠬᠦᠷᠭᠡᠭᠰᠡᠨ ᠰᠢᠦ᠃ ᠡᠮᠡᠭᠡ ᠶᠢᠨ ᠮᠢᠨᠢ ᠵᠢᠭᠠᠭᠰᠠᠨ ᠤᠷᠲᠤ ᠶᠢᠨ ᠳᠠᠭᠤᠤ᠂ ᠰᠢᠩᠭᠡᠭᠡᠯᠲᠡ ᠶᠢᠨ ᠪᠦᠰᠡ ᠠᠴᠠ ᠰᠤᠷᠤᠭᠰᠠᠨ ᠡᠭᠡᠰᠢᠭ ᠮᠢᠨᠢ ᠡᠨᠡ ᠨᠠᠰᠤᠨ ᠤ ᠬᠠᠮᠤᠭ ᠤᠨ ᠶᠡᠭᠡ ᠦᠪ ᠪᠤᠯᠵᠠᠢ ᠭᠡᠵᠦ ᠠᠴᠢᠯᠠᠯ ᠬᠠᠶᠢᠷ᠎ᠠ ᠶᠢ ᠨᠢ ᠳᠤᠷᠠᠰᠤᠨ ᠠᠯᠠᠭ ᠨᠢᠳᠦ ᠨᠢ ᠵᠠᠶᠢᠷᠲᠤᠨ᠎ᠠ᠃      ᠠᠮᠢᠳᠤᠷᠠᠯ ᠤᠨ ᠡᠯᠡ ᠬᠠᠯᠠ      ᠠᠮᠢᠳᠤᠷᠠᠯ ᠭᠡᠵᠦ ᠤᠯᠠᠨ ᠳᠠᠪᠠᠭ᠎ᠠ ᠲᠠᠢ᠂ ᠬᠦᠮᠦᠨ ᠪᠦᠬᠦᠨ ᠳᠤ ᠬᠡᠰᠢᠭ ᠪᠤᠶᠠᠨ ᠢᠪᠡᠭᠡᠬᠦ ᠪᠢᠰᠢ᠂ ᠦᠨᠡᠨᠴᠢ ᠭᠤᠤᠯᠴᠢ ᠪᠠᠷ ᠶᠠᠪᠤᠭᠰᠠᠨ ᠢ ᠨᠡᠶᠢᠭᠡᠮ ᠴᠦ ᠵᠦᠪ ᠢᠶᠠᠷ ᠦᠨᠡᠯᠡᠬᠦ ᠪᠢᠰᠢ᠂ ᠬᠦᠴᠢᠷ ᠪᠡᠷᠬᠡ ᠵᠤᠪᠠᠯ ᠵᠦᠳᠡᠭᠦᠷᠢ ᠲᠤᠬᠢᠶᠠᠯᠳᠤᠬᠤ ᠨᠢ ᠶᠠᠰᠤ ᠰᠦᠰᠦ ᠶᠢ ᠰᠢᠯᠭᠠᠨ᠎ᠠ᠃ ᠮᠦᠩᠬᠡᠵᠢᠷᠭᠠᠯ ᠣᠷᠲᠣ ᠶᠢᠨ ᠳᠠᠭᠤᠤ ᠪᠠᠨ ᠰᠠᠶᠢᠬᠠᠨ ᠳᠠᠭᠤᠯᠠᠵᠤ᠂ ᠠᠷᠠᠳ ᠤᠨ ᠳᠠᠭᠤᠤ ᠪᠠᠷ ᠪᠠᠶᠠᠰᠴᠤ ᠶᠠᠪᠤᠭᠰᠠᠨ ᠴᠦ ᠠᠮᠢᠳᠤᠷᠠᠯ ᠬᠠᠷᠢᠨ ᠠᠯᠠᠭ᠎ᠠ ᠪᠠᠨ ᠳᠡᠯᠭᠡᠨ ᠤᠭᠲᠤᠭᠰᠠᠨ ᠦᠭᠡᠢ ᠶᠤᠮ᠃      ᠲᠡᠭᠦᠨ ᠢ ᠲᠦᠬᠦᠭᠡ ᠤᠷᠤᠭᠰᠠᠨ ᠴᠠᠭ ᠡᠮᠧ ᠨᠢ ᠡᠪᠡᠳᠴᠢᠨ ᠠᠷᠬᠠᠭ ᠲᠤ ᠨᠡᠷᠪᠡᠭᠳᠡᠨ ᠭᠡᠷ ᠵᠠᠭᠤᠷ᠎ᠠ ᠶᠢᠨ ᠠᠵᠢᠯ ᠢᠶᠠᠨ ᠬᠢᠬᠦ ᠳᠤ ᠲᠦᠪᠡᠭᠳᠡᠨ᠂ ᠠᠵᠠᠢ ᠨᠢ ᠴᠦ ᠵᠢᠷᠦᠬᠡᠨ ᠡᠪᠡᠳᠴᠢᠨ ᠤ ᠵᠤᠪᠠᠭᠤᠷᠢ ᠠᠴᠠ ᠬᠦᠨᠳᠦ ᠠᠵᠢᠯ ᠬᠢᠬᠦ ᠳᠤ ᠬᠦᠴᠦ ᠮᠡᠬᠦᠰᠳᠡᠬᠦ ᠪᠤᠯᠪᠠ᠃ ᠲᠤᠯᠭᠠᠷᠠᠵᠤ ᠢᠷᠡᠭᠰᠡᠨ ᠭᠠᠴᠢᠭᠳᠠᠯ ᠲᠡᠭᠰᠢ ᠪᠤᠰᠤ ᠨᠡᠶᠢᠭᠡᠮ ᠤᠨ ᠬᠠᠶᠢᠷ᠎ᠠ ᠨᠠᠶᠢᠷ ᠦᠭᠡᠢ ᠲᠦᠪᠡᠭᠳᠡᠯ ᠠᠴᠠ ᠪᠤᠯᠵᠤ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠨᠢᠭᠡᠳᠦᠭᠡᠷ ᠤᠨ ᠢᠶᠠᠨ ᠴᠦ ᠪᠦᠲᠦᠨ ᠦᠵᠡᠵᠦ ᠴᠢᠳᠠᠭᠰᠠᠨ ᠦᠭᠡᠢ᠂ ᠠᠵᠠᠢ ᠡᠮᠧ ᠳᠤ ᠪᠠᠨ ᠲᠤᠰᠠ ᠳᠡᠮᠵᠢᠯᠭᠡ ᠪᠤᠯᠬᠤ ᠪᠠᠷ ᠠᠷᠤ ᠭᠡᠷ ᠲᠤ  ᠪᠠᠨ ᠪᠤᠴᠠᠨ ᠰᠤᠷᠤᠯᠭ᠎ᠠ ᠪᠠᠨ ᠳᠤᠷᠭᠤᠨ ᠵᠤᠭᠰᠤᠵᠠᠢ᠃      ᠲᠡᠷᠡ ᠡᠳᠦᠷ ᠠᠴᠠ ᠬᠤᠶᠢᠰᠢ ᠡᠷᠦᠬᠡ ᠭᠡᠷ ᠤᠨ ᠢᠶᠠᠨ ᠬᠦᠨᠳᠦ ᠨᠦᠰᠡᠷ ᠠᠵᠢᠯ ᠳᠤ ᠨᠢᠷᠤᠭᠤ ᠭᠡᠳᠡᠶᠢᠯ ᠦᠭᠡᠢ ᠵᠦᠳᠡᠷᠡᠵᠦ᠂ ᠮᠠᠯ ᠠᠬᠤᠢ ᠪᠠᠨ ᠬᠠᠷᠢᠭᠤᠯᠬᠤ᠂ ᠪᠤᠳᠠᠭ᠎ᠠ ᠴᠠᠢ ᠪᠠᠵᠠᠭᠠᠬᠤ ᠶᠢ ᠴᠦ ᠦᠶ᠎ᠡ ᠬᠤᠷᠠᠭ ᠤᠨ ᠬᠡᠤᠬᠡᠳ  ᠠᠴᠠ ᠤᠷᠢᠳ ᠰᠤᠷᠴᠤ᠂ ᠨᠢᠷᠠᠢ ᠪᠠᠭ᠎ᠠ ᠠᠴᠠ ᠪᠠᠨ ᠠᠷᠤ ᠭᠡᠷ ᠤᠨ ᠢᠶᠠᠨ ᠭᠤᠤᠯ ᠬᠦᠴᠦᠨ ᠪᠤᠯᠵᠠᠢ᠃      ᠮᠦᠩᠬᠡᠵᠢᠷᠭᠠᠯ ᠠᠷᠠᠢ ᠠᠷᠪᠠᠨ ᠬᠤᠶᠠᠷ ᠬᠦᠷᠦᠮᠡᠭᠴᠡ ᠡᠪᠡᠰᠦ ᠬᠠᠳᠤᠬᠤ ᠶᠢ ᠰᠤᠷᠴᠤ᠂ ᠠᠶᠢᠯ ᠤᠰᠤᠨ ᠤ ᠲᠤᠮᠤᠴᠣᠤᠯ ᠲᠠᠢ ᠠᠳᠠᠯᠢᠬᠠᠨ ᠬᠤᠪᠢᠳᠠᠵᠤ ᠤᠯᠤᠭᠰᠠᠨ ᠬᠠᠳᠤᠯᠠᠩ ᠢᠶᠠᠨ ᠭᠡᠭᠡᠭᠳᠡᠭᠦᠯᠦᠯ ᠦᠭᠡᠢ ᠬᠠᠳᠤᠵᠤ ᠬᠤᠷᠢᠶᠠᠨ ᠂ ᠬᠤᠲᠠ ᠲᠠᠢ ᠮᠠᠯ ᠳᠤ ᠪᠠᠨ ᠬᠤᠭᠤᠯᠠ ᠡᠪᠡᠰᠦ ᠭᠦᠢᠴᠡᠳ ᠨᠦᠭᠡᠴᠡᠯᠡᠨ ᠡᠪᠦᠯ ᠬᠠᠪᠤᠷ ᠤᠨ ᠵᠤᠳ ᠲᠤ ᠡᠪᠦᠳᠦᠭ ᠰᠢᠷᠤᠶᠢᠳᠠᠯ ᠦᠭᠡᠢ ᠰᠠᠨᠠᠭ᠎ᠠ ᠲᠡᠨᠢᠭᠦᠬᠡᠨ ᠭᠡᠳᠦᠯᠵᠦ ᠶᠠᠪᠤᠳᠠᠭ᠃      — ᠡᠷᠲᠡ ᠤᠬᠠᠭᠠᠷᠠᠭᠰᠠᠨ ᠬᠡᠤᠬᠡᠳ ᠡ᠃      — ᠠᠵᠠᠢ ᠡᠮᠧ ᠳᠤ ᠪᠠᠨ ᠠᠴᠢᠯᠠᠯ ᠲᠠᠢ ᠬᠦᠦ᠃      — ᠠᠷᠤ ᠭᠡᠷ ᠤᠨ ᠠᠯᠢ ᠪᠦᠬᠦᠨ ᠢ ᠳᠠᠭᠠᠭᠠᠬᠤ ᠭᠡᠭᠴᠢ ᠬᠡᠴᠡᠭᠦᠦ ᠠᠯᠪᠠ ᠰᠢᠦ᠃      — ᠪᠤᠶᠠᠨ ᠢᠶᠠᠨ ᠤᠯᠬᠤ ᠶᠤᠮ᠃      ᠲᠡᠭᠦᠨ ᠤ ᠠᠵᠢᠯᠴᠢ ᠬᠦᠳᠡᠯᠮᠦᠷᠢᠴᠢ᠂ ᠡᠷᠲᠡᠯᠡᠵᠦ ᠤᠷᠤᠶᠢᠯᠠᠨ ᠶᠠᠪᠤᠬᠤ ᠶᠢ ᠬᠠᠷᠠᠭᠰᠠᠨ ᠠᠶᠢᠯ ᠤᠰᠤᠨ ᠤ ᠠᠬᠠᠮᠠᠳ ᠪᠤᠭᠤᠷᠤᠯᠴᠣᠤᠯ ᠦᠷᠦ ᠡᠪᠡᠳᠦᠨ ᠪᠢᠰᠢᠷᠡᠵᠦ᠂  ᠠᠬ᠎ᠠ  ᠳᠡᠭᠦᠦ ᠰᠠᠳᠤᠨ   ᠨᠢ  ᠬᠦᠭᠡᠷᠦᠬᠦᠶᠢᠯᠡᠨ  ᠪᠠᠭ᠋ᠠᠷᠬᠠᠨ᠎ᠠ᠃      ᠲᠡᠷᠡ ᠡᠵᠡᠭᠦᠢ ᠬᠡᠭᠡᠷ᠎ᠡ ᠰᠦᠷᠦᠭ ᠢᠶᠠᠨ ᠬᠠᠷᠢᠭᠤᠯᠤᠨ ᠶᠠᠪᠤᠬᠤ ᠳᠤ ᠪᠠᠨ ᠤᠷᠲᠤ ᠶᠢᠨ ᠳᠠᠭᠤᠤ ᠪᠠᠨ ᠬᠠᠩᠭᠢᠨᠠᠭᠤᠯᠤᠨ ᠠᠭᠤᠯᠠ ᠶᠢᠨ ᠴᠣᠤᠷᠢᠶ᠎ᠠ ᠶᠢ ᠴᠢᠩᠨᠠᠨ᠎ᠠ᠂ ᠤᠰᠤᠨ ᠤ ᠤᠷᠤᠰᠬᠠᠯ ᠢ ᠳᠠᠭᠠᠵᠤ ᠠᠶᠢᠵᠠᠮ ᠨᠤᠭᠤᠯᠤᠭ᠎ᠠ ᠶᠢ ᠨᠢ ᠵᠤᠬᠢᠴᠠᠭᠤᠯᠤᠨ᠎ᠠ᠂ ᠲᠠᠪᠠᠲᠠᠶᠢᠬᠠᠨ ᠪᠡᠯᠴᠢᠬᠦ ᠰᠦᠷᠦᠭ ᠢᠶᠠᠨ ᠬᠠᠷᠠᠭᠠᠳ ᠠᠭᠤᠵᠢᠷᠠᠲᠠᠯ᠎ᠠ ᠪᠠᠨ ᠳᠠᠭᠤᠯᠠᠨ᠎ᠠ᠃ ᠨᠤᠲᠤᠭ ᠤᠨ ᠲᠡᠭᠷᠢ ᠪᠠᠨ ᠤᠲᠠᠲᠠᠯ᠎ᠠ ᠪᠠᠷᠠᠯᠠᠨ᠄ ︽ᠪᠢ ᠪᠠᠰᠠ ᠪᠢᠴᠢᠭ ᠦᠵᠡᠵᠦ᠂ ᠤᠷᠠᠯᠢᠭ ᠤᠨ ᠲᠠᠶᠢᠰᠠᠨ ᠳᠤ ᠭᠠᠷᠤᠭᠰᠠᠨ ᠪᠤᠯ︖︾ ᠭᠡᠵᠦ ᠪᠡᠶ᠎ᠡ ᠳᠤ ᠪᠠᠨ ᠰᠢᠪᠡᠨᠡᠨ ᠨᠢᠯᠪᠤᠰᠤ ᠪᠠᠨ ᠵᠠᠯᠭᠢᠵᠤ ᠪᠠᠶᠢᠪᠠ᠃      ᠠᠷᠪᠠᠨ ᠵᠢᠷᠭᠤᠭᠠᠨ ᠨᠠᠰᠤᠨ ᠠᠴᠠ ᠪᠠᠨ ᠠᠭᠤᠯᠠᠨ ᠳᠤ ᠭᠠᠷᠴᠤ ᠴᠢᠯᠠᠭᠤ ᠭᠠᠷᠭᠠᠬᠤ ᠶᠢ ᠰᠤᠷᠴᠤ᠂ ᠠᠶᠢᠯ ᠤᠰᠤᠨ ᠤ ᠬᠡᠷᠡᠭᠴᠡᠭᠡ ᠲᠠᠢ ᠬᠦᠮᠦᠰ ᠲᠤ ᠪᠠᠨ ᠬᠤᠳᠠᠯᠳᠤᠨ ᠵᠤᠭᠤᠰ ᠮᠦᠩᠭᠦ ᠤᠯᠳᠠᠭ ᠶᠤᠮ᠃      — ᠲᠡᠷᠡ ᠦᠶ᠎ᠡ ᠳᠤ ᠨᠢᠭᠡ ᠭᠤᠷᠪᠠᠨ ᠬᠦᠷᠳᠦᠲᠦ ᠲᠷᠡᠺᠠᠲ᠋ᠤᠷ ᠴᠢᠯᠠᠭᠤ ᠬᠡᠳᠦᠢ ᠵᠤᠭᠤᠰ ᠬᠦᠷᠳᠡᠭ ᠪᠤᠢ ᠭᠡᠬᠦ ᠳᠤ ᠴᠠᠢ ᠪᠠᠨ ᠤᠭᠤᠴᠢᠬᠤ ᠲᠡᠷᠡ ᠮᠠᠨᠢ᠄      — ᠡᠭᠦᠳᠡᠨ ᠳᠤ ᠨᠢ ᠬᠦᠷᠭᠡᠵᠦ ᠦᠭᠭᠦᠭᠡᠳ ᠠᠷᠪᠠᠨ ᠳᠤᠯᠤᠭᠠᠨ ᠲᠦᠭᠦᠷᠢᠭ ᠣᠯᠳᠠᠭ ᠭᠡᠵᠦ ᠨᠠᠮᠵᠢᠭᠤᠨ ᠬᠡᠯᠡᠨ᠎ᠡ᠃      — ᠲᠡᠷᠡ ᠦᠶ᠎ᠡ ᠳᠤ ᠨᠠᠰᠤ ᠪᠠᠭ᠎ᠠ ᠠᠵᠢᠯ ᠬᠢᠬᠦ ᠳᠤ ᠲᠦᠪᠡᠭᠳᠡᠵᠦ ᠪᠠᠶᠢᠪᠠ ᠦᠦ ᠭᠡᠪᠡᠯ᠂      — ᠠᠢ᠂ ᠶᠠᠭᠤ ᠶᠢ ᠨᠢ ᠬᠡᠯᠡᠨ᠎ᠡ ᠳ᠋ᠠ᠂ ᠲᠤᠮᠤ ᠴᠢᠯᠠᠭᠤ ᠶᠢ ᠨᠢ ᠡᠷᠭᠦᠵᠦ ᠳᠡᠶᠢᠯᠬᠦ ᠦᠭᠡᠢ ᠭᠠᠴᠢᠭᠳᠠᠨ᠎ᠠ᠂ ᠡᠭᠦᠷᠴᠦ ᠳᠡᠶᠢᠯᠬᠦ ᠦᠭᠡᠢ ᠪᠤᠬᠢᠨᠢᠳᠤᠨ᠎ᠠ᠂ ᠨᠠᠰᠤ ᠪᠠᠭ᠎ᠠ ᠴᠢᠨᠢ ᠠᠷᠭ᠎ᠠ ᠦᠭᠡᠢ ᠭᠡᠵᠦ ᠦᠩᠭᠡᠷᠡᠭᠰᠡᠨ ᠤ ᠤᠴᠢᠷ ᠢᠶᠠᠨ ᠡᠷᠭᠢᠴᠡᠭᠦᠯᠦᠨ᠎ᠡ᠃      ᠠᠮᠢᠳᠤᠷᠠᠯ ᠤᠨ ᠡᠷᠬᠡ ᠪᠠᠷ ᠶᠠᠩᠵᠤ ᠶᠢᠨ ᠬᠦᠳᠡᠯᠮᠦᠷᠢ ᠳᠤ ᠤᠷᠤᠯᠴᠠᠵᠤ᠂ ᠵᠦᠢᠯ ᠤᠨ ᠪᠡᠷᠬᠡ ᠶᠢ ᠲᠤᠭᠤᠯᠵᠤ ᠶᠠᠪᠤᠵᠠᠢ᠃ ᠤᠯᠠᠨ ᠨᠡᠶᠢᠲᠡ ᠶᠢᠨ ᠡᠪᠡᠰᠦᠨ ᠬᠠᠳᠤᠯᠠᠩ ᠤᠨ ᠪᠢᠲᠡᠭᠦᠮᠵᠢᠯᠡᠯᠲᠡ ᠶᠢ ᠬᠠᠷᠠᠵᠤ ᠬᠦᠴᠦ ᠶᠠᠪᠤᠯ᠎ᠠ᠃ ᠮᠦᠭᠳᠡᠨ᠂ ᠪᠡᠭᠡᠵᠢᠩ ᠳᠤ ᠬᠦᠷᠴᠦ ᠡᠭᠦᠳᠡ ᠴᠣᠩᠬᠤ ᠬᠢᠬᠦ᠂ ᠪᠠᠷᠢᠯᠭ᠎ᠠ ᠶᠢᠨ ᠭᠠᠵᠠᠷ ᠲᠤ ᠬᠦᠳᠡᠯᠮᠦᠷᠢᠯᠡᠬᠦ ᠶᠢ ᠴᠦ ᠬᠢᠷᠢ ᠪᠠᠷ ᠢᠶᠠᠨ ᠬᠢᠵᠦ᠂ ᠶᠤᠰᠤᠲᠠᠢ ᠬᠠᠯᠠᠭᠤᠨ ᠴᠢᠯᠠᠭᠤ ᠳᠤᠯᠢᠶᠠᠨ ᠬᠡᠲᠡ ᠳᠡᠷᠡᠯᠡᠵᠦ ᠵᠦᠳᠡᠷᠡᠵᠡᠢ᠃      — ᠬᠠᠮᠲᠤ ᠰᠤᠷᠤᠯᠭᠠᠲᠠᠳ ᠮᠠᠨᠢ ᠪᠢᠴᠢᠭ ᠰᠤᠶᠤᠯ ᠤᠨ ᠮᠦᠷ ᠬᠦᠭᠡᠭᠡᠵᠦ᠂ ᠠᠯᠤᠰ ᠲᠤ ᠶᠠᠪᠤᠬᠤ ᠶᠢ ᠦᠵᠡᠭᠡᠳ ᠳᠤᠲᠤᠷ᠎ᠠ ᠪᠠᠨ ᠭᠤᠲᠤᠷᠠᠵᠤ ᠦᠩᠭᠡᠷᠡᠪᠡ᠃ ᠭᠡᠶ᠎ᠡ ᠬᠦᠮᠦᠨ ᠭᠡᠵᠦ ᠡᠨᠡ ᠶᠢᠷᠲᠢᠨᠴᠦ ᠳᠤ ᠢᠷᠡᠭᠰᠡᠨ ᠬᠤᠶᠢᠨ᠎ᠠ ᠬᠦᠴᠢᠷ ᠵᠤᠪᠠᠭᠤᠷᠢ ᠶᠢᠨ ᠡᠯᠡ ᠬᠠᠯᠠ ᠲᠠᠢ ᠨᠤᠭᠤᠴᠠᠭ᠎ᠠ ᠶᠢ ᠲᠤᠭᠤᠯᠵᠤ ᠭᠠᠷᠬᠤ ᠤᠴᠢᠷᠲᠠᠢ᠂ ᠪᠢ ᠮᠠᠯ ᠤᠨᠤᠭ᠎ᠠ ᠬᠠᠷᠢᠭᠤᠯᠬᠤ᠂ ᠴᠢᠯᠠᠭᠤ ᠲᠡᠭᠡᠭᠡᠬᠦ᠂ ᠲᠠᠷᠢᠶ᠎ᠠ ᠲᠠᠷᠢᠬᠤ ᠮᠡᠲᠦ ᠶᠢᠨ ᠶᠠᠩᠵᠤ ᠶᠢᠨ ᠭᠠᠴᠢᠭᠳᠠᠯ ᠳᠤ ᠵᠦᠳᠡᠷᠡᠭᠰᠡᠨ ᠴᠦ ᠡᠷᠦᠬᠡ ᠭᠡᠷ ᠤᠨ ᠲᠤᠯᠭᠠᠭᠤᠷᠢ ᠪᠤᠯᠤᠭᠰᠠᠨ ᠳᠤ ᠪᠠᠨ ᠤᠮᠤᠭᠰᠢᠳᠠᠭ ᠭᠡᠵᠦ ᠤᠴᠢᠷᠯᠠᠨ᠎ᠠ᠃      ᠠᠩᠬᠠᠨ ᠤ ᠤᠷᠤᠯᠳᠤᠭᠠᠨ      ᠮᠦᠩᠬᠡᠵᠢᠷᠭᠠᠯ ᠠᠵᠠᠢ ᠡᠮᠧ ᠳᠤ ᠪᠠᠨ ᠳᠡᠮ ᠪᠤᠯᠵᠤ᠂ ᠠᠷᠤ ᠭᠡᠷ ᠤᠨ ᠢᠶᠠᠨ ᠬᠦᠴᠢᠷ ᠢ ᠬᠦᠩᠭᠡᠷᠡᠭᠦᠯᠬᠦ ᠪᠠᠷ ᠪᠤᠰᠤᠳ ᠠᠴᠠ ᠰᠤᠷᠠᠭ ᠴᠢᠮᠡᠭᠡ ᠰᠣᠨᠣᠰᠴᠤ ᠮᠦᠭᠳᠡᠨ ᠳᠤ ᠬᠦᠷᠦᠭᠡᠳ ᠬᠡᠳᠦᠨ ᠰᠠᠷ᠎ᠠ ᠬᠦᠴᠦᠨ ᠤ ᠠᠵᠢᠯ ᠳᠤ ᠵᠦᠳᠡᠷᠡᠪᠡ᠃ ᠬᠡᠳᠦᠶᠢᠪᠡᠷ ᠰᠠᠷ᠎ᠠ ᠪᠦᠷᠢ ᠬᠤᠶᠠᠷ ᠮᠢᠩᠭ᠎ᠠ ᠭᠠᠷᠤᠢ ᠲᠦᠭᠦᠷᠢᠭ ᠤᠯᠤᠭᠰᠠᠨ ᠴᠦ ᠤᠷᠴᠢᠨ ᠲᠤᠭᠤᠷᠢᠨ  ᠤ ᠨᠦᠬᠦᠴᠡᠯ ᠳᠤ ᠳᠠᠳᠬᠤ ᠦᠭᠡᠢ᠂ ᠠᠷᠤ ᠭᠡᠷ ᠢᠶᠠᠨ ᠰᠠᠨᠠᠬᠤ ᠨᠢ ᠬᠡᠴᠡᠭᠦᠦ ᠪᠤᠯᠬᠤᠷ ᠬᠠᠪᠤᠷ ᠤᠨ ᠲᠠᠷᠢᠶᠠᠯᠠᠭ᠎ᠠ  ᠶᠢᠨ ᠦᠶ᠎ᠡ ᠳᠤ ᠪᠤᠴᠠᠨ ᠢᠷᠡᠪᠡ᠃      ᠲᠡᠷᠡ ᠨᠠᠳᠠᠳᠤ᠄ ︽ᠬᠦᠴᠦᠨ ᠤ ᠠᠵᠢᠯ ᠬᠢᠬᠦ ᠨᠢ ᠬᠦᠯᠦᠰᠦ ᠮᠦᠩᠭᠦ ᠤᠯᠬᠤ ᠨᠢ ᠳᠠᠪᠠᠭᠤ᠂ ᠭᠡᠪᠡᠴᠦ ᠭᠡᠷ ᠨᠤᠲᠤᠭ ᠢᠶᠠᠨ ᠰᠠᠨᠠᠵᠤ ᠰᠡᠳᠬᠢᠯ ᠲᠠᠲᠠᠭᠳᠠᠭᠠᠳ ᠪᠤᠢ︾ ᠭᠡᠵᠦ ᠤᠴᠢᠷᠲᠠᠶᠢᠬᠡᠨ ᠬᠡᠯᠡᠨ᠎ᠡ᠃      ᠮᠦᠩᠬᠡᠵᠢᠷᠭᠠᠯ ᠮᠦᠭᠳᠡᠨ ᠠᠴᠠ ᠪᠤᠴᠠᠵᠤ ᠢᠷᠡᠭᠡᠳ ᠡᠷᠲᠡ ᠶᠢᠨ ᠲᠠᠷᠢᠶ᠎ᠠ ᠪᠠᠨ ᠱᠠᠯᠠᠪᠳᠠᠨ ᠲᠠᠷᠢᠵᠤ ᠴᠠᠭ ᠢ ᠠᠮᠵᠢᠪᠠ᠃ ᠬᠤᠪᠢᠨ ᠤ ᠢᠯᠡᠭᠦᠴᠡ ᠭᠠᠵᠠᠷ ᠢᠶᠠᠨ ᠭᠤᠤᠯ ᠤᠨ ᠤᠰᠤ ᠪᠠᠷ ᠤᠰᠤᠯᠠᠵᠤ ᠪᠠᠶᠢᠲᠠᠯ᠎ᠠ ᠠᠶᠢᠯ ᠤᠨ ᠠᠬᠠᠮᠠᠳ ᠲᠧᠯᠸᠢᠰ ᠤᠨ ᠵᠠᠷ ᠢ ᠳᠠᠮᠵᠢᠭᠤᠯᠪᠠ᠃      — ᠬᠡᠤᠬᠡᠨ ᠡ᠂ ᠤᠷᠴᠢᠮ ᠬᠦᠬᠡᠬᠤᠲᠠ ᠳᠤ ᠳᠠᠭᠤᠤ ᠶᠢᠨ ᠮᠦᠷᠦᠶᠢᠴᠡᠭᠡᠨ ᠲᠠᠢ ᠭᠡᠨ᠎ᠡ᠂ ᠤᠯᠠᠨ ᠤ ᠭᠠᠵᠠᠷ ᠤᠴᠢᠵᠤ ᠤᠷᠲᠤ ᠶᠢᠨ ᠳᠠᠭᠤᠤ ᠪᠠᠨ ᠳᠠᠭᠤᠯᠠᠵᠤ ᠦᠵᠡᠨ᠎ᠡ ᠪᠢᠵᠠ ᠭᠡᠪᠡ᠃      ᠳᠠᠭᠤᠤ ᠶᠢᠨ ᠮᠦᠷᠦᠶᠢᠴᠡᠭᠡᠨ ᠤ ᠴᠢᠮᠡᠭᠡ ᠶᠢ ᠰᠣᠨᠣᠰᠣᠭᠰᠠᠨ ᠲᠡᠷᠡ ᠬᠠᠮᠢᠶ᠎ᠠ ᠲᠠᠢ ᠬᠦᠮᠦᠰ ᠠᠴᠠ ᠠᠰᠠᠭᠤᠨ ᠰᠤᠷᠠᠭᠯᠠᠵᠤ᠂ ᠵᠠᠮ ᠤᠨ ᠵᠠᠷᠤᠳᠠᠯ ᠪᠡᠯᠡᠳᠬᠡᠨ ᠦᠪᠡᠷ ᠤᠨ ᠤᠷ᠎ᠠ ᠲᠠᠮᠢᠷ ᠢᠶᠠᠨ ᠰᠢᠯᠭᠠᠨ ᠦᠵᠡᠬᠦ ᠪᠠᠷ ᠬᠦᠬᠡᠬᠤᠲᠠ  ᠶᠢ ᠴᠢᠭᠯᠡᠪᠡ᠃      ᠠᠶᠠᠨᠴᠢᠳ ᠤᠨ ᠲᠠᠷᠭᠡᠨ ᠳᠤ ᠰᠠᠭᠤᠵᠤ ᠴᠢᠪᠠᠭ᠎ᠠ ᠳᠤ ᠬᠦᠷᠦᠭᠡᠳ ᠳᠠᠬᠢᠨ ᠭᠠᠯᠲᠦ ᠲᠡᠷᠭᠡᠨ ᠳᠤ ᠭᠠᠷᠪᠠ᠃      — ᠬᠦᠦ ᠮᠢᠨᠢ ᠴᠢᠷᠮᠠᠢ᠂ ᠤᠯᠠᠨ ᠤ ᠭᠠᠵᠠᠷ ᠶᠡᠭᠡ ᠶᠢ ᠦᠵᠡᠨ᠎ᠡ ᠰᠢᠦ ᠭᠡᠵᠦ ᠠᠷᠤ ᠠᠴᠠ ᠨᠢ ᠰᠠᠴᠤᠯᠢ ᠡᠷᠭᠦᠨ ᠬᠤᠴᠤᠷᠠᠭᠰᠠᠨ ᠨᠠᠰᠤᠲᠠᠳ ᠤᠨ ᠦᠭᠡ ᠴᠢᠬᠢᠨ ᠳᠤ ᠨᠢ ᠬᠠᠩᠭᠢᠨᠠᠨ᠎ᠠ᠃      — ᠠᠮᠢᠳᠤ ᠶᠠᠪᠤᠪᠠᠯ ᠠᠯᠲᠠᠨ ᠠᠶᠠᠭᠠᠨ ᠠᠴᠠ ᠤᠰᠤ ᠣᠤᠭᠤᠬᠤ ᠶᠤᠮ ᠭᠡᠵᠦ ᠢᠷᠦᠭᠡᠨ ᠵᠦᠩᠨᠡᠭᠰᠡᠨ ᠦᠭᠡ ᠵᠤᠷᠢᠭ ᠢ ᠨᠢ ᠬᠦᠪᠴᠢᠯᠡᠨ ᠢᠲᠡᠭᠡᠯ ᠢ ᠨᠢ ᠴᠢᠩᠭᠠᠯᠠᠨ᠎ᠠ᠃      ᠲᠡᠷᠡ ᠬᠦᠬᠡᠬᠤᠲᠠ ᠳᠤ ᠬᠦᠷᠴᠦ ᠢᠷᠡᠪᠡ᠃ ᠲᠦᠮᠡᠨ ᠬᠦᠮᠦᠨ ᠤ ᠦᠢᠮᠡᠭᠡᠨ ᠳᠦᠷᠭᠢᠯᠳᠦᠭᠰᠡᠨ ᠤᠷᠤᠨ ᠤ ᠲᠦᠪ ᠢ ᠬᠠᠷᠠᠭᠠᠳ ᠤᠯᠠᠨ ᠤᠴᠢᠷ ᠪᠤᠳᠤᠭᠳᠠᠪᠠ᠃ ᠬᠠᠮᠢᠭᠠᠰᠢ ᠪᠠᠨ ᠬᠠᠷᠠᠭᠰᠠᠨ ᠴᠦ ᠦᠯᠦ ᠲᠠᠨᠢᠬᠤ ᠤᠷᠤᠨ ᠪᠠᠭᠤᠴᠠ᠂ ᠬᠡᠨ ᠲᠠᠢ ᠤᠴᠠᠷᠠᠪᠠᠴᠤ ᠣᠤᠯ ᠠᠴᠠ ᠪᠠᠨ ᠲᠠᠨᠢᠯ ᠪᠤᠰᠤ ᠠᠵᠢ᠃      ᠮᠦᠩᠬᠡᠵᠢᠷᠭᠠᠯ ᠤᠷᠤᠯᠳᠤᠭᠠᠨ ᠳᠤ ᠢᠷᠡᠬᠦ ᠠᠴᠠ ᠤᠷᠢᠳ ᠬᠦᠬᠡᠬᠤᠲᠠ ᠳᠤ ᠠᠵᠢᠯ ᠠᠯᠪᠠ ᠲᠠᠢ ᠠᠶᠢᠯ ᠤᠨ ᠠᠬ᠎ᠠ ᠬᠠᠰᠪᠢᠯᠢᠭ᠌ ᠲᠠᠢ ᠤᠳᠠᠰᠤ ᠨᠡᠪᠲᠡᠷᠡᠪᠡ᠃ ᠲᠡᠷᠡ ᠬᠠᠮᠤᠭ ᠤᠨ ᠲᠠᠨᠢᠯ ᠳᠠᠰᠤᠯ ᠠᠶᠢᠯ ᠤᠨ ᠠᠬ᠎ᠠ ᠲᠠᠢ ᠪᠠᠨ ᠤᠴᠠᠷᠠᠭᠠᠳ ᠳᠤᠲᠤᠷ᠎ᠠ ᠨᠢ ᠣᠩᠭᠤᠶᠢᠨ ᠰᠠᠨᠠᠭ᠎ᠠ ᠠᠮᠠᠷᠠᠪᠠ᠃ ᠵᠠᠮ ᠲᠤᠵᠢ ᠶᠢᠨ ᠪᠠᠴᠢᠮᠳᠠᠯ ᠠᠶᠤᠳᠠᠰᠤ ᠨᠢ ᠤᠷᠤ ᠲᠠᠰᠤ ᠠᠷᠢᠯᠤᠨ ᠤᠷᠮ᠎ᠠ ᠲᠠᠢ ᠵᠤᠭᠤᠭᠳᠠᠪᠠ᠃      ᠳᠦᠷᠪᠡᠨ ᠵᠦᠭ ᠠᠴᠠ ᠴᠤᠭᠯᠠᠷᠠᠭᠰᠠᠨ ᠤᠷᠠᠯᠢᠭ ᠤᠨ ᠤᠳᠤᠳ ᠲᠠᠢ ᠮᠦᠴᠡᠭᠡᠷᠭᠡᠬᠦ ᠪᠠᠷ ᠤᠷᠤᠯᠳᠤᠭᠠᠨ ᠳᠤ ᠤᠷᠤᠯᠴᠠᠪᠠ᠃ ᠦᠪᠡᠷ ᠤᠨ ᠳᠠᠭᠤᠯᠠᠨ ᠪᠤᠯᠪᠠᠰᠤᠷᠠᠭᠰᠠᠨ ᠳᠠᠭᠤᠤ ᠪᠠᠨ ᠠᠭᠤᠵᠢᠭᠤ ᠲᠠᠯᠪᠢᠭᠤ ᠴᠢᠳᠠᠯ ᠢᠶᠠᠷ ᠢᠶᠠᠨ ᠰᠠᠶᠢᠬᠠᠨ ᠳᠠᠭᠤᠯᠠᠵᠤ ᠦᠵᠡᠭᠴᠢᠳ ᠢ ᠪᠠᠨ ᠤᠷᠮ᠎ᠠ ᠬᠦᠭᠵᠢᠭᠡᠨ ᠪᠠᠶᠠᠰᠬᠠᠯ᠎ᠠ᠃      — ᠡᠨᠡ ᠬᠦᠦ ᠰᠠᠶᠢᠬᠠᠨ ᠳᠠᠭᠤᠯᠠᠵᠤ ᠪᠤᠢ᠂ ᠤᠷ᠎ᠠ ᠠᠪᠢᠶᠠᠰ ᠨᠢ ᠤᠨᠴᠠᠭᠠᠢ ᠳ᠋ᠠ᠃      — ᠨᠠᠰᠤ ᠪᠠᠭ᠎ᠠ ᠴᠦ ᠨᠠᠮᠪᠠ ᠲᠠᠢ᠂ ᠴᠤᠭᠯᠢᠭ ᠯᠡ ᠳᠠᠭᠤᠯᠠᠭᠰᠠᠨ ᠶᠤᠮ᠃      — ᠰᠣᠨᠣᠰᠬᠤ ᠳᠤ ᠰᠡᠳᠬᠢᠯ ᠬᠦᠳᠡᠯᠦᠨ ᠰᠤᠨᠤᠷ ᠪᠠᠶᠠᠰᠴᠤ ᠯᠡ ᠪᠠᠶᠢᠬᠤ ᠨᠢ ᠪᠠᠰᠠ ᠨᠢᠭᠡᠨ ᠠᠪᠢᠶᠠᠰ ᠡ᠃      ᠲᠡᠷᠡ ᠳᠠᠭᠤᠤ ᠪᠠᠨ ᠳᠠᠭᠤᠯᠠᠭᠠᠳ ᠤᠷᠲᠤᠬᠠᠨ ᠠᠮᠢᠰᠬᠤᠵᠤ᠂ ᠦᠵᠡᠭᠴᠢᠳ ᠤᠨ ᠠᠯᠠᠭ᠎ᠠ ᠲᠠᠰᠢᠯᠲᠠ ᠳᠤ ᠬᠢᠵᠠᠭᠠᠯᠠᠰᠢ ᠦᠭᠡᠢ ᠤᠷᠮᠠᠰᠢᠨ ᠵᠤᠷᠢᠭᠵᠢᠪᠠ᠃      ᠮᠦᠩᠬᠡᠵᠢᠷᠭᠠᠯ ᠬᠦᠳᠡᠭᠡ ᠲᠠᠯ᠎ᠠ ᠳᠤ ᠪᠠᠨ ᠳᠠᠭᠤᠤ ᠪᠠᠨ ᠪᠤᠯᠪᠠᠰᠤᠷᠠᠨ ᠲᠤᠭᠤᠯ ᠤᠨ ᠪᠡᠯᠴᠢᠭᠡᠷ ᠠᠴᠠ ᠪᠠᠨ ᠵᠠᠶᠢᠳᠠᠭᠰᠠᠨ ᠦᠭᠡᠢ ᠶᠢᠨ ᠤᠴᠢᠷ ᠲᠠᠨᠢᠬᠤ ᠬᠦᠮᠦᠨ ᠦᠭᠡᠢ᠂ ᠲᠠᠨᠢᠭᠳᠠᠬᠤ ᠵᠠᠪᠰᠢᠶᠠᠨ ᠬᠤᠮᠰᠠᠬᠠᠨ ᠠᠴᠠ ᠪᠤᠰᠤᠳ  ᠲᠠᠢ ᠬᠠᠷᠢᠴᠠᠭᠤᠯᠪᠠᠯ ᠦᠪᠡᠷ ᠢᠶᠠᠨ ᠭᠠᠭᠴᠠᠭᠠᠷ ᠪᠢᠯᠡ᠃      ᠤᠷᠤᠯᠳᠤᠭᠠᠨ ᠤ ᠳ᠋ᠦᠩ ᠢ ᠨᠡᠶᠢᠲᠡᠯᠡᠬᠦ ᠳᠤ ᠤᠷᠮ᠎ᠠ ᠬᠠᠷᠢᠪᠠ᠃ ᠤᠷᠤᠯᠴᠠᠭᠰᠠᠨ ᠳᠠᠭᠤᠤ ᠪᠠᠨ ᠡᠪᠲᠡᠶᠢᠬᠡᠨ ᠳᠠᠭᠤᠯᠠᠭᠰᠠᠨ ᠴᠦ ᠱᠠᠩ ᠤᠨ ᠦᠵᠦᠭᠦᠷ ᠰᠢᠬᠠᠭᠳᠠᠨ ᠬᠤᠴᠤᠷᠠᠪᠠ᠃      ︽ᠮᠢᠩᠭᠠᠨ ᠭᠠᠵᠠᠷ ᠤᠨ ᠠᠯᠤᠰ ᠠᠴᠠ ᠲᠡᠮᠡᠤᠯᠦᠨ ᠢᠷᠡᠭᠰᠡᠨ ᠮᠢᠨᠢ ᠡᠶᠢᠮᠦ ᠯᠡ ᠦᠷ᠎ᠡ ᠳᠦᠩ ᠲᠠᠢ ᠪᠤᠯᠤᠯ᠎ᠠ ︾ ᠭᠡᠬᠦ ᠠᠴᠠ ᠬᠡᠤᠬᠡᠳ ᠨᠠᠰᠤᠨ ᠤ ᠬᠤᠶᠠᠷ ᠨᠢᠳᠦ ᠨᠢ ᠡᠷᠬᠡ ᠦᠭᠡᠢ ᠪᠦᠷᠲᠦᠯᠵᠡᠨ ᠨᠤᠲᠤᠭ ᠵᠦᠭ ᠢᠶᠠᠨ ᠬᠠᠷᠢᠬᠤ  ᠶᠢ ᠰᠠᠨᠠᠭᠰᠠᠨ ᠨᠢ ᠰᠡᠳᠬᠢᠯ ᠵᠢᠷᠦᠬᠡᠨ ᠤ ᠬᠢᠨᠢ ᠴᠤᠬᠢᠯᠭ᠎ᠠ ᠠᠵᠢ᠃      ᠲᠡᠭᠦᠨ ᠤ ᠤᠷᠤᠯᠳᠤᠭᠠᠨ ᠤ ᠳ᠋ᠦᠩ ᠢ ᠰᠣᠨᠣᠰᠣᠭᠰᠠᠨ ᠠᠬ᠎ᠠ ᠳᠡᠭᠦᠦ ᠨᠠᠷ ᠨᠢ᠄ ︽ᠪᠢᠲᠡᠭᠡᠢ ᠵᠤᠪᠠ᠂ ᠤᠶᠢᠴᠢᠭᠰᠠᠨ ᠭᠠᠵᠠᠷ ᠠᠴᠠ ᠪᠠᠨ ᠦᠨᠳᠡᠶᠢᠨ ᠪᠤᠰᠬᠤ ᠨᠢ ᠬᠠᠮᠤᠭ ᠤᠨ ᠶᠡᠭᠡ ᠵᠤᠷᠢᠭ ᠬᠦᠴᠦ ᠰᠢᠦ᠂ ᠵᠠᠯᠠᠭᠤ ᠬᠦᠮᠦᠨ ᠤ ᠵᠠᠮ ᠤᠨ ᠬᠦᠵᠦᠭᠦᠦ ᠤᠷᠲᠤ ᠶᠤᠮ︾ ᠭᠡᠵᠦ ᠵᠤᠷᠢᠭᠵᠢᠭᠤᠯᠪᠠ᠃        ᠮᠦᠩᠬᠡᠵᠢᠷᠭᠠᠯ ᠠᠩᠬᠠᠨ ᠤ ᠤᠷᠤᠯᠳᠤᠭᠠᠨ ᠳᠤ ᠰᠢᠷᠤᠶᠢᠳᠠᠭᠰᠠᠨ ᠴᠦ ᠤᠬᠠᠭᠠᠨ ᠵᠤᠷᠢᠭ ᠴᠢᠩᠭᠠᠷᠠᠵᠤ᠂ ᠤᠯᠠᠨ ᠤ ᠲᠠᠪᠴᠠᠩ ᠠᠴᠠ ᠤᠷᠲᠤ ᠶᠢᠨ ᠳᠠᠭᠤᠤ ᠶᠢᠨ ᠰᠢᠳᠢ ᠬᠦᠴᠦᠨ ᠳᠤ ᠠᠯᠤᠰ ᠢ ᠵᠤᠷᠢᠬᠤ ᠶᠤᠰᠤ ᠤᠴᠢᠷ ᠢ ᠤᠶᠢᠯᠠᠭᠠᠭᠰᠠᠨ ᠨᠢ ᠬᠠᠮᠤᠭ ᠤᠨ ᠶᠡᠭᠡ ᠤᠯᠤᠯᠲᠠ ᠪᠤᠯᠵᠠᠢ᠃      ᠠᠵᠠ ᠵᠠᠪᠰᠢᠶᠠᠨ      ᠮᠦᠩᠬᠡᠵᠢᠷᠭᠠᠯ ᠳᠠᠭᠤᠤ ᠶᠢᠨ ᠤᠷᠤᠯᠳᠤᠭᠠᠨ ᠠᠴᠠ ᠠᠶᠠᠷᠯᠠᠨ ᠰᠠᠶᠢᠬᠠᠨ ᠲᠤᠭᠤᠷᠢᠭ ᠤᠨ ᠨᠢᠭᠡᠨ ᠬᠤᠭᠤᠯᠠᠨ ᠭᠡᠷ ᠲᠤ ᠳᠠᠭᠤᠤ ᠳᠠᠭᠤᠯᠠᠬᠤ ᠪᠠᠷ ᠵᠦᠪᠳᠡᠯᠴᠡᠪᠡ᠃ ᠲᠡᠷᠡ ︽ᠶᠡᠭᠡ ᠬᠤᠲᠠ ᠳᠤ ᠢᠷᠡᠭᠰᠡᠨ ᠢᠶᠠᠷ ᠢᠶᠠᠨ ᠵᠠᠬ᠎ᠠ ᠶᠢᠨ ᠪᠠᠶᠢᠳᠠᠯ᠂ ᠤᠯᠠᠨ ᠤ ᠬᠦᠭ ᠠᠶᠢᠵᠠᠮ ᠢ ᠤᠶᠢᠯᠠᠭᠠᠵᠤ ᠮᠡᠳᠡᠶ᠎ᠡ︾ ᠭᠡᠵᠦ ᠳᠤᠲᠤᠷ᠎ᠠ ᠪᠠᠨ ᠪᠤᠳᠤᠭᠰᠠᠨ ᠠᠵᠢ᠃      ᠨᠢᠭᠡᠨ ᠡᠳᠦᠷ ᠲᠠᠨᠢᠯ ᠤᠨ ᠢᠶᠠᠨ ᠤᠳᠠᠰᠤ ᠠᠴᠠ᠄ ︽ᠦᠪᠦᠷ ᠮᠤᠩᠭᠤᠯ ᠤᠨ ᠠᠷᠠᠳ ᠤᠨ ᠷᠠᠳᠢᠤ᠋ ᠬᠤᠷᠢᠶ᠎ᠠ  ᠨᠢ ᠰᠤᠳᠤᠨ ᠵᠠᠯᠠᠭᠤ ᠳᠠᠭᠤᠴᠢᠨ ᠤ ᠵᠢᠭᠰᠠᠭᠠᠯᠲᠠ ᠬᠢᠬᠦ ᠪᠠᠷ ᠦᠳᠡᠰᠢ ᠪᠦᠷᠢ ᠳᠠᠭᠤᠤ ᠶᠢ ᠨᠢ ᠨᠡᠪᠲᠡᠷᠡᠭᠦᠯᠦᠨ ᠰᠣᠨᠣᠰᠤᠭᠴᠢᠳ ᠤᠨ ᠦᠨᠡᠯᠡᠯᠲᠡ ᠶᠢ ᠠᠪᠴᠤ ᠪᠤᠢ︾ ᠭᠡᠬᠦ ᠴᠢᠮᠡᠭᠡ ᠳᠤᠭᠤᠯᠪᠠ᠃      ᠤᠷᠠᠯᠢᠭ ᠤᠨ ᠪᠠᠬ᠎ᠠ ᠳᠠᠭᠤᠤ ᠶᠢᠨ ᠰᠤᠨᠢᠷᠬᠠᠯ ᠲᠠᠢ ᠲᠡᠷᠡ ᠨᠠᠷᠢᠨ ᠤᠴᠢᠷ ᠢ ᠯᠠᠪᠯᠠᠨ᠂ ︽ᠵᠢᠷᠤᠭ᠎ᠠ ᠶᠢᠨ ᠵᠢᠷᠤᠭ᠎ᠠ︾᠂ ︽ᠠᠯᠤᠰ ᠲᠤ ᠰᠠᠭᠤᠭ᠎ᠠ ᠡᠵᠢ︾ ᠭᠡᠬᠦ ᠬᠤᠶᠠᠷ ᠳᠠᠭᠤᠤ ᠪᠠᠨ ᠰᠢᠩᠭᠡᠭᠡᠵᠦ ᠷᠠᠳᠢᠤ᠋ ᠬᠤᠷᠢᠶ᠎ᠠ ᠶᠢᠨ ᠣᠳᠬ᠎ᠠ ᠤᠷᠠᠯᠢᠭ ᠤᠨ ᠬᠡᠯᠳᠡᠰ ᠲᠤ ᠬᠦᠷᠭᠡᠨ ᠤᠴᠢᠵᠠᠢ᠃      ᠳᠠᠭᠤᠤ ᠶᠢᠨ ᠰᠢᠩᠭᠡᠭᠡᠯᠲᠡ ᠶᠢ ᠲᠤᠰᠤᠨ ᠠᠪᠤᠭᠰᠠᠨ ᠷᠠᠳᠢᠤ᠋ ᠬᠤᠷᠢᠶ᠎ᠠ ᠶᠢᠨ ᠨᠠᠶᠢᠷᠠᠭᠤᠯᠤᠭᠴᠢ ᠭᠤᠸᠠᠢ᠄      — ᠦᠨᠦ ᠤᠷᠤᠢ ᠠᠴᠠ ᠲᠠᠨ ᠤ ᠳᠠᠭᠤᠤ ᠶᠢ ᠤᠯᠠᠨ ᠳᠤ ᠰᠤᠨᠢᠷᠬᠠᠭᠤᠯᠤᠨ᠎ᠠ᠂ ᠵᠠᠯᠠᠭᠤ ᠬᠦᠮᠦᠨ ᠴᠢᠷᠮᠠᠢ ᠭᠡᠵᠦ ᠤᠷᠮᠠᠰᠢᠭᠤᠯᠪᠠ᠃      ᠮᠦᠩᠬᠡᠵᠢᠷᠭᠠᠯ ᠳᠠᠭᠤᠤ ᠪᠠᠨ ᠳᠠᠭᠤᠯᠠᠨ ᠤᠨᠠᠭᠰᠠᠨ ᠮᠠᠯᠠᠭᠠᠢ ᠠᠪᠬᠤ ᠵᠠᠪ ᠦᠭᠡᠢ ᠠᠵᠢᠯ ᠳᠤ ᠪᠠᠨ ᠶᠠᠭᠠᠷᠠᠬᠤ  ᠳᠤ ᠷᠠᠳᠢᠤ᠋ ᠨᠡᠪᠲᠡᠷᠡᠭᠦᠯᠭᠡ ᠶᠢᠨ ᠬᠤᠷᠢᠶ᠎ᠠ ᠴᠦ ᠠᠶ᠎ᠠ ᠳᠠᠭᠤᠤ ᠶᠢ ᠨᠢ ᠳᠠᠶᠠᠭᠠᠷ ᠲᠤ ᠰᠣᠨᠣᠷᠳᠠᠭᠤᠯᠤᠨ ᠠᠷᠠᠳ ᠤᠯᠠᠨ  ᠤ ᠦᠨᠡᠯᠡᠯᠲᠡ ᠶᠢ ᠬᠦᠷᠲᠡᠵᠦ ᠪᠠᠶᠢᠪᠠ᠃      ᠨᠢᠭᠡ ᠭᠠᠷᠠᠭ ᠦᠩᠭᠡᠷᠡᠪᠡ᠃ ᠰᠣᠨᠣᠰᠣᠭᠴᠢᠳ ᠠᠴᠠ ᠮᠦᠩᠬᠡᠵᠢᠷᠭᠠᠯ ᠤᠨ ᠳᠠᠭᠤᠤ ᠶᠢ ᠪᠠᠭ᠋ᠠᠷᠬᠠᠨ ᠰᠣᠨᠣᠰᠴᠤ ᠡᠳᠦᠷ ᠪᠦᠷᠢ ᠦᠨᠡᠯᠡᠵᠦ᠂ ︽ᠭᠠᠷᠠᠭ ᠤᠨ ᠮᠠᠩᠯᠠᠢ︾ ᠪᠠᠷ ᠲᠤᠳᠤᠷᠠᠵᠠᠢ᠃ ᠡᠨᠡ ᠬᠦ ᠴᠢᠮᠡᠭᠡ ᠶᠢ ᠰᠣᠨᠣᠰᠣᠭᠠᠳ ᠮᠠᠰᠢ ᠪᠠᠶᠠᠷᠯᠠᠨ ᠰᠡᠳᠬᠢᠯ ᠳᠤᠭᠳᠤᠯᠪᠠ᠃      — ︽ᠵᠢᠷᠤᠭ᠎ᠠ ᠶᠢᠨ ᠵᠢᠷᠤᠭ᠎ᠠ︾ ᠶᠢ ᠭᠤᠶᠤ ᠰᠠᠶᠢᠬᠠᠨ ᠳᠠᠭᠤᠯᠠᠪᠠ᠃ ᠶᠤᠰᠤᠲᠠᠢ ᠠᠷᠠᠳ ᠤᠨ ᠰᠡᠳᠬᠢᠯ  ᠢ ᠬᠦᠨᠳᠡᠬᠦ ᠳᠠᠭᠤᠴᠢᠨ ᠤ ᠬᠤᠭᠤᠯᠠᠢ ᠭᠡᠵᠦ ᠮᠡᠳᠡ᠃      — ᠮᠦᠩᠬᠡᠵᠢᠷᠭᠠᠯ ᠤᠨ ︽ᠵᠢᠷᠤᠭ᠎ᠠ ᠶᠢᠨ ᠵᠢᠷᠤᠭ᠎ᠠ︾ ᠶᠢ ᠰᠣᠨᠣᠰᠬᠤ ᠳᠤ ᠠᠯᠳᠠᠷᠲᠦ ᠳᠠᠭᠤᠴᠢᠨ ᠯᠾᠠᠵᠠᠪ ᠤᠨ ᠳᠠᠭᠤᠤ ᠰᠠᠨᠠᠭᠳᠠᠭᠠᠳ ᠪᠤᠢ᠃      — ᠵᠠᠯᠠᠭᠤ ᠶᠢᠨ ᠬᠤᠭᠤᠯᠠᠢ ᠠᠭᠤᠳᠠᠮ ᠲᠠᠯ᠎ᠠ ᠪᠠᠨ ᠰᠢᠭ᠋ ᠲᠡᠨᠢᠭᠦᠬᠡᠨ ᠠᠭᠤᠵᠢᠮ ᠰᠣᠨᠣᠰᠳᠠᠨ᠎ᠠ᠃ᠷᠠᠳᠢᠤ᠋ ᠬᠤᠷᠢᠶ᠎ᠠ ᠶᠢᠨ ᠡᠭᠡᠰᠢᠭ ᠳᠠᠭᠤᠤ ᠦᠳᠡᠰᠢ ᠪᠦᠷᠢ ᠦᠷᠭᠦᠯᠵᠢᠯᠡᠨ᠎ᠡ᠂ ᠦᠵᠡᠭᠴᠢ ᠰᠣᠨᠣᠰᠣᠭᠴᠢᠳ ᠤᠨ ᠦᠨᠡᠯᠡᠯᠲᠡ ᠵᠦᠭ ᠵᠦᠭ ᠠᠴᠠ ᠶᠠᠷᠢᠭᠳᠠᠨ᠎ᠠ᠃ ᠮᠦᠩᠬᠡᠵᠢᠷᠭᠠᠯ ᠴᠦ ᠷᠠᠳᠢᠤ᠋ ᠪᠠᠨ ᠰᠣᠨᠣᠰᠴᠤ᠂ ᠠᠵᠢᠯ ᠳᠤ ᠪᠠᠨ ᠶᠠᠭᠠᠷᠠᠨ ᠬᠦᠯᠦᠰᠦ ᠬᠦᠳᠡᠯᠮᠦᠷᠢ ᠪᠠᠨ ᠬᠠᠷᠠᠮ ᠦᠭᠡᠢ ᠤᠷᠤᠰᠬᠠᠨ᠎ᠠ᠃      ᠰᠠᠷ᠎ᠠ ᠶᠢᠨ ᠬᠤᠭᠤᠴᠠᠭ᠎ᠠ ᠬᠠᠷᠠᠵᠤ ᠪᠠᠶᠢᠲᠠᠯ᠎ᠠ ᠦᠩᠭᠡᠷᠡᠨ ᠤᠳᠴᠤ᠂ ᠷᠠᠳᠢᠤ᠋ ᠬᠤᠷᠢᠶ᠎ᠠ ᠰᠤᠳᠤᠨ ᠳᠠᠭᠤᠴᠢᠨ  ᠤ ᠵᠢᠭᠰᠠᠭᠠᠯᠲᠠ ᠶᠢ ᠨᠡᠶᠢᠲᠡᠯᠡᠬᠦ ᠳᠤ ᠮᠦᠩᠬᠡᠵᠢᠷᠭᠠᠯ ︽ᠵᠢᠷᠤᠭ᠎ᠠ ᠶᠢᠨ ᠵᠢᠷᠤᠭ᠎ᠠ︾ ᠭᠡᠬᠦ ᠳᠠᠭᠤᠤ ᠪᠠᠷ ᠢᠶᠠᠨ ᠰᠠᠷ᠎ᠠ  ᠶᠢᠨ ᠮᠠᠩᠯᠠᠢ ᠪᠠᠷ ᠲᠤᠳᠤᠷᠠᠪᠠ᠃      — ᠵᠠᠯᠠᠭᠤ ᠶᠢᠨ ᠬᠤᠭᠤᠯᠠᠢ ᠲᠤᠳᠤᠬᠠᠨ ᠤᠶᠠᠩᠭᠠᠯᠢᠭ᠃      — ᠴᠡᠭᠡᠵᠢ ᠨᠢ ᠲᠠᠯ᠎ᠠ ᠰᠢᠭ᠋ ᠠᠭᠤᠳᠠᠮ᠃      — ᠰᠠᠶᠢᠨ ᠴᠢᠷᠮᠠᠶᠢᠪᠠᠯ ᠯᠾᠠᠵᠠᠪ ᠰᠢᠭ᠋ ᠯᠡ ᠳᠠᠭᠤᠯᠠᠨ᠎ᠠ᠃      — ᠵᠠᠯᠠᠭᠤ ᠬᠦᠮᠦᠨ ᠴᠢᠷᠮᠠᠢ᠃ ᠤᠷᠤᠭᠰᠢ ᠪᠠᠨ ᠬᠠᠷᠠᠵᠤ ᠶᠡᠭᠡ ᠶᠢ ᠰᠡᠳᠬᠢᠵᠦ ᠶᠠᠪᠤᠭᠠᠷᠠᠢ᠃ᠮᠦᠩᠬᠡᠵᠢᠷᠭᠠᠯ ᠳᠠᠭᠤᠤ ᠶᠢᠨ ᠵᠢᠭᠰᠠᠭᠠᠯᠲᠠ᠂ ᠰᠣᠨᠣᠰᠣᠭᠴᠢᠳ ᠤᠨ ᠦᠨᠡᠯᠡᠯᠲᠡ ᠳᠤ ᠤᠷᠮᠠᠰᠢᠨ ᠵᠤᠷᠢᠭᠵᠢᠵᠤ᠂ ᠢᠲᠡᠭᠡᠯ ᠬᠦᠴᠦᠨ ᠨᠡᠮᠡᠭᠳᠡᠪᠡ᠃ ︽ᠠᠷᠠᠳ ᠤᠨ ᠳᠠᠭᠤᠤ ᠶᠢᠨ ᠲᠡᠭᠷᠢ ᠢᠪᠡᠭᠡᠬᠦ ᠪᠤᠯᠲᠤᠭᠠᠢ︾ ᠭᠡᠵᠦ ᠦᠷᠦ ᠵᠢᠷᠦᠬᠡᠨ ᠠᠴᠠ ᠪᠠᠨ ᠳᠠᠭᠠᠳᠬᠠᠪᠠ᠃      ᠲᠡᠷᠡ ᠬᠦᠬᠡᠬᠤᠲᠠ ᠳᠤ ᠬᠤᠶᠠᠷ ᠰᠠᠷ᠎ᠠ ᠭᠠᠷᠤᠢ ᠳᠠᠭᠤᠤ ᠳᠠᠭᠤᠯᠠᠵᠤ᠂ ᠠᠷᠤ ᠭᠡᠷ ᠢᠶᠠᠨ ᠰᠠᠨᠠᠬᠤ ᠨᠢ ᠬᠡᠴᠡᠭᠦᠦ ᠪᠤᠯᠬᠤᠷ ᠪᠤᠴᠠᠨ ᠢᠷᠡᠪᠡ᠃ ᠠᠷᠤ ᠭᠡᠷ ᠤᠨ ᠠᠳᠠᠯ ᠤᠨᠳᠤᠷᠤᠯᠭ᠎ᠠ ᠳᠤ ᠪᠠᠨ ᠵᠦᠳᠡᠷᠡᠨ ᠶᠠᠭᠠᠷᠠᠵᠤ ᠪᠠᠰᠠ ᠰᠠᠷ᠎ᠠ ᠦᠩᠭᠡᠷᠡᠪᠡ᠃ ᠨᠢᠭᠡᠨ ᠡᠳᠦᠷ ᠬᠦᠬᠡᠬᠤᠲᠠ ᠳᠠᠬᠢ ᠠᠶᠢᠯ ᠤᠨ ᠠᠬ᠎ᠠ ᠬᠠᠰᠪᠢᠯᠢᠭ᠌ ᠠᠴᠠ ᠤᠳᠠᠰᠤ ᠢᠷᠡᠵᠦ᠄      — ᠳᠡᠭᠦᠦ ᠮᠢᠨᠢ ᠬᠦᠬᠡᠬᠤᠲᠠ ᠳᠤ ᠪᠤᠰᠢᠭᠤ ᠢᠷᠡᠭᠡᠷᠡᠢ᠂ ᠲᠠᠨ ᠢ ᠬᠦᠷᠢᠶ᠎ᠡ ᠬᠤᠰᠢᠭᠤᠨ ᠤ ᠤᠯᠠᠭᠠᠨᠮᠦ᠋ᠴᠢᠷ ᠤᠷᠲᠤ ᠶᠢᠨ ᠳᠠᠭᠤᠴᠢᠨ ᠢᠶᠠᠷ ᠡᠯᠰᠡᠬᠦ ᠭᠡᠵᠦ ᠪᠤᠢ ᠭᠡᠰᠡᠨ ᠴᠢᠮᠡᠭᠡ ᠶᠢ ᠳᠠᠮᠵᠢᠭᠤᠯᠪᠠ᠃      ᠤᠳᠠᠰᠤ ᠶᠢ ᠲᠤᠰᠤᠭᠰᠠᠨ ᠲᠡᠷᠡ ᠴᠢᠬᠢ ᠪᠠᠨ ᠢᠲᠡᠭᠡᠵᠦ ᠶᠠᠳᠠᠨ᠄      — ᠬᠠᠮᠢᠭ᠎ᠠ ᠪᠠᠶᠢᠭᠰᠠᠨ ᠲᠡᠶᠢᠮᠦ ᠤᠴᠢᠷ ᠪᠤᠢ ᠭᠡᠬᠦ ᠳᠤ ᠴᠠᠭᠠᠨ᠎ᠠ ᠠᠴᠠ ᠨᠢ᠄      — ᠦᠨᠦ ᠤᠷᠤᠢ ᠳᠤ ᠪᠠᠨ ᠭᠠᠯᠲᠦ ᠲᠡᠷᠭᠡᠨ ᠳᠤ ᠭᠠᠷᠴᠤ ᠬᠦᠬᠡᠬᠤᠲᠠ ᠳᠤ ᠢᠷᠡᠭᠡᠷᠡᠢ᠂ ᠤᠯᠠᠭᠠᠨᠮᠦ᠋ᠴᠢᠷ  ᠤᠨ ᠳᠠᠷᠤᠭ᠎ᠠ ᠨᠢ ᠲᠠᠨ ᠢ ᠦᠵᠡᠬᠦ ᠭᠡᠵᠦ ᠪᠤᠢ ᠭᠡᠪᠡ᠃      ᠲᠡᠷᠡ ᠴᠠᠭ ᠮᠦᠴᠡ ᠳᠤ ᠮᠦᠩᠬᠡᠵᠢᠷᠭᠠᠯ ᠳᠤ ᠪᠠᠶᠠᠷᠯᠠᠬᠤ᠂ ᠵᠤᠷᠢᠭᠵᠢᠬᠤ᠂ ᠢᠲᠡᠭᠡᠨ ᠶᠠᠳᠠᠬᠤ ᠪᠤᠳᠤᠯ ᠵᠡᠷᠭᠡ  ᠪᠠᠷ ᠲᠦᠷᠦᠭᠳᠡᠪᠡ᠃      ᠣᠤᠯ ᠨᠢ ᠬᠦᠷᠢᠶ᠎ᠡ ᠬᠤᠰᠢᠭᠤᠨ ᠤ ᠤᠯᠠᠭᠠᠨᠮᠦᠴᠢᠷ ᠤᠨ ᠳᠠᠷᠤᠭ᠎ᠠ ᠣᠤᠭᠠᠨᠪᠠᠶᠠᠷ ᠬᠦᠬᠡᠬᠤᠲᠠ ᠳᠤ ᠬᠦᠷᠴᠦ᠂ ᠤᠷᠲᠤ ᠶᠢᠨ ᠳᠠᠭᠤᠴᠢᠨ ᠡᠯᠰᠡᠬᠦ ᠰᠤᠷᠠᠭ ᠬᠠᠶᠢᠵᠤ ᠶᠠᠪᠤᠵᠠᠢ᠃ ᠦᠪᠦᠷ ᠮᠤᠩᠭᠤᠯ ᠤᠨ ᠷᠠᠳᠢᠤ᠋ ᠬᠤᠷᠢᠶ᠎ᠠ ᠶᠢᠨ ᠤᠳᠬ᠎ᠠ ᠤᠷᠠᠯᠢᠭ ᠤᠨ ᠬᠡᠯᠲᠡᠰ ᠤᠨ ᠦᠬᠡᠷᠴᠢᠨᠬᠦᠦ ᠭᠤᠸᠠᠢ ᠡᠭᠦᠨ ᠢ ᠰᠣᠨᠣᠰᠣᠭᠠᠳ᠄      — ᠠᠷᠤ ᠬᠤᠷᠴᠢᠨ ᠤ ᠵᠠᠯᠠᠭᠤ ᠤᠷᠲᠤ ᠶᠢᠨ ᠳᠠᠭᠤᠤ ᠶᠢ ᠰᠠᠶᠢᠬᠠᠨ ᠳᠠᠭᠤᠯᠠᠵᠤ ᠪᠤᠢ᠂ ᠲᠠ ᠰᠢᠩᠭᠡᠭᠡᠯᠲᠡ  ᠶᠢ ᠨᠢ ᠰᠣᠨᠣᠰᠴᠤ ᠦᠵᠡᠭᠡᠷᠡᠢ ᠭᠡᠵᠦ ᠲᠦᠷᠦᠭᠦᠴᠢ ᠶᠢᠨ ᠬᠤᠶᠠᠷ ᠳᠠᠭᠤᠤ ᠶᠢᠨ ᠰᠢᠩᠭᠡᠭᠡᠯᠲᠡ ᠶᠢ ᠦᠭᠴᠡᠢ᠃      ᠣᠤᠭᠠᠨᠪᠠᠶᠠᠷ ᠭᠤᠸᠠᠢ ᠳᠠᠭᠤᠤ ᠶᠢᠨ ᠰᠢᠩᠭᠡᠭᠡᠯᠲᠡ ᠶᠢ ᠰᠣᠨᠣᠰᠣᠭᠠᠳ ᠳᠠᠭᠤᠨ ᠤ ᠦᠩᠭᠡ᠂ ᠦᠭᠡ ᠬᠡᠯᠡᠯᠭᠡ ᠂ ᠳᠠᠭᠤᠯᠠᠬᠤ ᠬᠡᠪ ᠨᠠᠮᠪᠠ ᠶᠢ ᠲᠤᠭᠤᠵᠤ ᠳᠤᠲᠤᠷ᠎ᠠ ᠪᠠᠨ ᠲᠤᠭ᠎ᠠ ᠲᠠᠢ ᠪᠤᠯᠵᠤ᠂ ᠮᠦᠩᠬᠡᠵᠢᠷᠭᠠᠯ ᠢ ᠨᠢᠭᠤᠷᠳᠠᠨ ᠦᠵᠡᠬᠦ ᠪᠠᠷ ᠪᠤᠯᠤᠭᠰᠠᠨ ᠠᠵᠢ᠃      ᠮᠦᠩᠬᠡᠵᠢᠷᠭᠠᠯ ᠲᠡᠷᠡ ᠤᠷᠤᠢ ᠳᠤ ᠪᠠᠨ ᠭᠠᠯᠲᠦ ᠲᠡᠷᠭᠡᠨ ᠳᠤ ᠭᠠᠷᠴᠤ ᠠᠷᠪᠠᠭᠠᠳ ᠴᠠᠭ ᠠᠶᠠᠯᠠᠨ ᠬᠦᠬᠡᠬᠤᠲᠠ ᠳᠤ ᠬᠦᠷᠪᠡ᠃ ᠷᠠᠳᠢᠤ ᠬᠤᠷᠢᠶ᠎ᠠ ᠶᠢᠨ ᠨᠠᠶᠢᠷᠠᠭᠤᠯᠤᠭᠴᠢ ᠶᠢᠨ ᠵᠠᠮᠴᠢᠯᠠᠯ ᠢᠶᠠᠷ ᠣᠤᠭᠠᠨᠪᠠᠶᠠᠷ ᠭᠤᠸᠠᠢ  ᠲᠠᠢ ᠤᠴᠠᠷᠠᠵᠤ᠂ ᠦᠪᠡᠷ ᠤᠨ ᠠᠬᠤᠢ ᠨᠦᠬᠦᠴᠡᠯ ᠢᠶᠠᠨ ᠦᠨᠡᠨᠴᠢ ᠪᠠᠷ ᠶᠠᠷᠢᠵᠤ᠂ ᠤᠷᠲᠤ ᠶᠢᠨ ᠳᠠᠭᠤᠤ ᠪᠠᠨ ᠡᠷᠭᠦᠪᠡ᠃      ᠣᠤᠭᠠᠨᠪᠠᠶᠠᠷ ᠭᠤᠸᠠᠢ ᠲᠡᠭᠦᠨ ᠤ ᠰᠢᠩᠭᠡᠭᠡᠯᠲᠡ ᠶᠢ ᠰᠣᠨᠣᠰᠴᠤ᠂ ᠨᠢᠭᠤᠷᠳᠠᠨ ᠳᠠᠭᠤᠯᠠᠬᠤ ᠶᠢ ᠦᠵᠡᠭᠡᠳ ᠤᠯᠠᠭᠠᠨᠮᠦᠴᠢᠷ ᠲᠤ ᠪᠠᠨ ᠠᠪᠬᠤ ᠪᠠᠷ ᠪᠤᠯᠪᠠ᠃ ᠢᠩᠭᠢᠭᠡᠳ ᠯᠡ ᠬᠦᠳᠡᠭᠡ ᠨᠤᠲᠤᠭ ᠲᠤ ᠪᠠᠨ ᠲᠡᠮᠡᠤᠯᠦᠵᠦ ᠶᠠᠪᠤᠭᠰᠠᠨ ᠮᠠᠯᠴᠢᠨ ᠬᠦᠦ ᠠᠵᠠ ᠶᠢᠨ ᠲᠡᠭᠷᠢ ᠳᠤ ᠢᠪᠡᠭᠡᠭᠳᠡᠨ ᠬᠦᠷᠢᠶ᠎ᠡ ᠬᠤᠰᠢᠭᠤᠨ ᠤ ᠤᠯᠠᠭᠠᠨᠮᠦ᠋ᠴᠢᠷ ᠤᠨ ᠤᠷᠲᠤ  ᠶᠢᠨ ᠳᠠᠭᠤᠴᠢᠨ ᠢᠶᠠᠷ ᠡᠯᠰᠡᠭᠳᠡᠪᠡ᠃ ᠡᠨᠡ ᠪᠤᠯ 2007 ᠣᠨ ᠤ 8 ᠰᠠᠷ᠎ᠠ ᠶᠢᠨ ᠤᠴᠢᠷ ᠪᠢᠯᠡ᠃      ᠲᠡᠷᠡ ᠨᠠᠳᠠᠳᠤ ᠦᠪᠡᠷ ᠤᠨ ᠤᠴᠠᠷᠠᠯ ᠢᠶᠠᠨ ᠲᠤᠭᠠᠴᠢᠵᠤ᠄      ᠵᠢᠷᠤᠭ᠎ᠠ ᠶᠢᠨ ᠵᠢᠷᠤᠭ᠎ᠠ ᠤᠯᠠᠭᠠᠨ ᠢ ᠪᠠᠨ      ᠵᠢᠯᠤᠭᠤ ᠶᠢ ᠨᠢ ᠲᠠᠲᠠᠰᠭᠢᠭᠠᠳ ᠲᠡᠮᠡᠤᠯᠦᠭᠡᠷᠡᠢ      ᠵᠤᠷᠢᠭᠰᠠᠨ ᠮᠢᠨᠤ ᠭᠠᠵᠠᠷ ᠬᠤᠯᠠ ᠰᠢᠦ ᠳ᠋ᠠ      ᠵᠤᠷᠢᠭ ᠢᠶᠠᠨ ᠪᠢᠲᠡᠭᠡᠢ ᠮᠤᠬᠤᠭᠠᠷᠠᠢ ᠭᠡᠵᠦ ᠤᠶᠠᠷᠠᠲᠠᠯ᠎ᠠ ᠪᠠᠨ ᠳᠠᠭᠤᠯᠠᠬᠤ ᠳᠤ ᠢᠲᠡᠭᠡᠯ ᠵᠤᠷᠢᠭ᠂ ᠤᠷᠮ᠎ᠠ ᠪᠠᠭ᠋ᠠᠳᠤᠯ ᠤᠨ ᠤᠮᠤᠭ ᠵᠢᠪᠬᠤᠭ᠎ᠠ ᠪᠠᠳᠠᠷᠠᠨ᠎ᠠ᠃      ᠦᠢᠯᠡᠰ ᠤᠨ ᠠᠶᠠᠨ      ᠮᠦᠩᠬᠡᠵᠢᠷᠭᠠᠯ ᠬᠦᠷᠢᠶ᠎ᠡ ᠬᠤᠰᠢᠭᠤᠨ ᠤ ᠤᠯᠠᠭᠠᠨᠮᠦ᠋ᠴᠢᠷ ᠲᠤ ᠡᠯᠰᠡᠭᠳᠡᠭᠡᠳ ᠬᠦᠯ ᠭᠠᠵᠠᠷ ᠬᠦᠷᠬᠦ ᠦᠭᠡᠢ ᠪᠠᠶᠠᠷᠯᠠᠵᠤ ᠤᠭᠤᠷᠠᠭ ᠲᠠᠷᠢᠬᠢᠨ ᠳᠤ ᠨᠢ ᠤᠯᠠᠨ ᠤᠴᠢᠷ ᠪᠤᠳᠤᠭᠳᠠᠵᠤ᠂ ᠦᠷᠦ ᠵᠢᠷᠦᠬᠡᠨ ᠳᠤ ᠨᠢ ᠬᠡᠯᠡᠭᠡᠳ ᠪᠠᠷᠠᠰᠢ ᠦᠭᠡᠢ ᠪᠠᠶᠠᠷ ᠪᠠᠭ᠋ᠠᠳᠤᠯ ᠲᠦᠷᠦᠭᠳᠡᠨ᠎ᠡ᠃      — ᠨᠠᠳᠠ ᠰᠢᠭ᠋ ᠬᠠᠷ᠎ᠠ ᠪᠠᠭ᠎ᠠ ᠠᠴᠠ ᠪᠠᠨ ᠬᠠᠲᠠᠭᠤ ᠵᠦᠳᠡᠭᠦᠷᠢ ᠲᠠᠢ ᠬᠦᠳᠡᠭᠡ ᠶᠢᠨ ᠠᠵᠢᠯ ᠳᠤ ᠶᠠᠪᠤᠵᠤ᠂ ᠨᠠᠭᠠᠲᠤ ᠵᠠᠬ᠎ᠠ ᠨᠢ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠪᠢᠴᠢᠭ ᠴᠦ ᠦᠵᠡᠭᠰᠡᠨ ᠦᠭᠡᠢ᠂ ᠠᠷᠠᠳ  ᠤᠨ ᠳᠠᠭᠤᠤ ᠶᠢᠨ ᠢᠶᠠᠨ ᠢᠪᠡᠭᠡᠯ ᠢᠶᠠᠷ ᠦᠨᠦᠳᠦᠷ ᠤᠨ ᠲᠤᠬᠢᠶᠠᠯ ᠢ ᠤᠯᠵᠠᠢ᠃ ᠬᠤᠵᠢᠮ ᠢᠯᠡᠭᠦᠬᠡᠨ ᠴᠢᠷᠮᠠᠶᠢᠵᠤ᠂ ᠠᠴᠢᠲᠦ ᠬᠦᠮᠦᠰ ᠲᠤ ᠪᠠᠨ ᠪᠣᠤ ᠯᠡ ᠣᠰᠣᠯᠳᠠᠶ᠎ᠠ ᠭᠡᠵᠦ ᠵᠢᠷᠦᠬᠡᠨ ᠳᠤ ᠪᠠᠨ ᠰᠡᠮᠡᠭᠡᠷ ᠲᠠᠩᠭᠠᠷᠢᠭᠯᠠᠵᠠᠢ᠃      ᠣᠤᠭᠠᠨᠪᠠᠶᠠᠷ ᠭᠤᠸᠠᠢ ᠴᠦ ᠠᠬᠠᠮᠠᠳ ᠤᠨ ᠶᠤᠰᠤ ᠪᠠᠷ ᠲᠡᠭᠦᠨ ᠲᠠᠢ ᠶᠠᠷᠢᠬᠤ ᠳᠤ ᠪᠠᠨ ᠤᠯᠠᠨ ᠠᠷᠪᠢᠨ ᠦᠭᠡ ᠬᠡᠯᠡᠭᠰᠡᠨ ᠦᠭᠡᠢ᠂ ᠬᠡᠤᠬᠡᠳ ᠰᠢᠭ ᠢᠶᠠᠨ ᠳᠠᠭᠠᠭᠤᠯᠤᠨ ᠢᠷᠡᠭᠡᠳ ᠬᠦᠮᠦᠨ ᠪᠤᠯᠬᠤ ᠶᠢᠨ ᠦᠢᠯᠡᠰ ᠤᠨ ᠵᠠᠮ  ᠢᠶᠠᠷ ᠬᠦᠲᠦᠯᠦᠨ ᠤᠷᠠᠯᠢᠭ ᠤᠨ ᠪᠤᠱᠤᠭ᠎ᠠ ᠶᠢ ᠠᠯᠬᠤᠭᠤᠯᠵᠠᠢ᠃      ᠮᠦᠩᠬᠡᠵᠢᠷᠭᠠᠯ ᠬᠦᠷᠢᠶ᠎ᠡ ᠬᠤᠰᠢᠭᠤᠨ ᠤ ᠤᠯᠠᠭᠠᠨᠮᠦ᠋ᠴᠢᠷ ᠲᠤ ᠢᠷᠡᠭᠰᠡᠨ ᠴᠠᠭ ᠠᠴᠠ ᠪᠠᠨ ᠢᠮᠠᠭᠲᠠ ᠪᠡᠶ᠎ᠡ  ᠪᠠᠨ ᠱᠠᠭᠠᠷᠳᠠᠵᠤ᠂ ᠡᠷᠲᠡᠯᠡᠵᠦ ᠤᠷᠤᠶᠢᠯᠠᠨ ᠬᠠᠲᠠᠭᠤᠵᠢᠯᠲᠠᠢ ᠴᠢᠷᠮᠠᠶᠢᠵᠤ᠂ ᠬᠠᠮᠲᠤ ᠨᠦᠬᠦᠳ ᠠᠬᠠᠮᠠᠳ ᠪᠠᠭᠰᠢ ᠨᠠᠷ  ᠠᠴᠠ ᠳᠠᠷᠣᠤ ᠬᠢᠴᠢᠶᠡᠩᠭᠦᠢ ᠰᠤᠷᠤᠯᠴᠠᠵᠤ᠂ ᠳᠠᠭᠤᠤ ᠶᠢᠨ ᠠᠶ᠎ᠠ ᠨᠤᠲ᠂ ᠳᠠᠭᠤᠯᠠᠬᠤ ᠠᠷᠭ᠎ᠠ ᠪᠠᠷᠢᠯ᠂ ᠬᠦᠭᠵᠢᠮ ᠡᠭᠡᠰᠢᠭ᠂ ᠬᠡᠪ ᠨᠠᠮᠪᠠ ᠶᠢ ᠨᠢᠮᠪᠠᠢ ᠰᠤᠷᠴᠤ᠂ ᠠᠯᠢ ᠤᠯᠠᠨ ᠤᠷᠠᠯᠢᠭ ᠤᠨ ᠡᠷᠳᠡᠮ ᠲᠤᠭᠯᠠᠯᠲᠠ ᠶᠢᠨ ᠱᠠᠭᠠᠷᠳᠠᠯᠭ᠎ᠠ  ᠶᠢ ᠤᠬᠤᠷᠬᠠᠨ ᠬᠤᠭᠤᠴᠠᠭᠠᠨ ᠳᠤ ᠡᠵᠡᠮᠰᠢᠵᠦ᠂ ︽ᠪᠤᠰᠤᠳ ᠬᠦᠮᠦᠨ ᠲᠠᠪᠤᠨ ᠬᠤᠪᠢ ᠶᠢᠨ ᠴᠢᠷᠮᠠᠶᠢᠯᠭ᠎ᠠ ᠭᠠᠷᠭᠠᠪᠠᠯ ᠪᠢ ᠠᠷᠪᠠᠨ ᠬᠤᠪᠢ ᠶᠢᠨ ᠬᠦᠳᠡᠯᠮᠦᠷᠢ ᠵᠠᠷᠤᠴᠠᠭᠤᠯᠤᠨ᠎ᠠ︾ ᠭᠡᠵᠦ ᠰᠢᠳᠦ ᠵᠠᠭᠤᠨ ᠵᠢᠳᠬᠦᠵᠡᠢ᠃      ᠲᠡᠷᠡ ᠪᠠᠷ ︽ᠵᠢᠭᠠᠬᠠᠨ ᠰᠢᠷᠭ᠎ᠠ︾᠂ ︽ᠵᠢᠷᠤᠭ᠎ᠠ ᠶᠢᠨ ᠵᠢᠷᠤᠭ᠎ᠠ︾᠂ ︽ᠠᠯᠲᠠᠨ ᠪᠤᠭᠳᠠ ᠶᠢᠨ ᠰᠢᠯᠢ︾᠂ ︽ᠵᠠᠩ ᠮᠦᠷᠡᠨ ᠤ ᠤᠰᠤ︾ ᠵᠡᠷᠭᠡ ᠠᠷᠤ ᠬᠤᠷᠴᠢᠨ ᠠᠷᠠᠳ ᠤᠨ ᠤᠷᠲᠤ ᠶᠢᠨ ᠳᠠᠭᠤᠤ ᠶᠢ ᠬᠤᠷᠢᠭᠠᠳ ᠡᠵᠡᠮᠰᠢᠵᠦ ᠂ ᠤᠷᠠᠯᠢᠭ ᠤᠨ ᠲᠤᠭᠯᠠᠯᠲᠠ ᠳᠤ ᠪᠠᠨ ᠰᠠᠭᠤᠷᠢ ᠲᠠᠯᠪᠢᠭᠰᠠᠨ ᠶᠤᠮ᠃
     ᠤᠯᠠᠭᠠᠨᠮᠦ᠋ᠴᠢᠷ ᠨᠢ ᠵᠢᠯ ᠪᠦᠷᠢ ᠵᠠᠭᠤ ᠭᠠᠷᠤᠢ ᠲᠠᠯᠠᠪᠠᠢ ᠲᠤᠭᠯᠠᠯᠲᠠ ᠭᠠᠷᠭᠠᠬᠤ ᠡᠭᠦᠷᠭᠡ ᠲᠠᠢ᠂ 2016 ᠤᠨ ᠠᠴᠠ ᠵᠢᠯ ᠪᠦᠷᠢ 120 ᠲᠠᠯᠠᠪᠠᠢ ᠲᠤᠭᠯᠠᠯᠲᠠ ᠭᠠᠷᠭᠠᠬᠤ ᠱᠠᠭᠠᠷᠳᠠᠯᠭ᠎ᠠ ᠲᠠᠢ ᠪᠤᠯᠪᠠ᠃ ᠲᠡᠷᠡ ᠬᠦᠳᠡᠭᠡ ᠨᠤᠲᠤᠭ ᠲᠤ ᠪᠠᠨ ᠲᠤᠭᠤᠷᠢᠨ ᠲᠤᠭᠯᠠᠬᠤ ᠳᠤ ᠪᠠᠨ ᠠᠷᠠᠳ ᠲᠦᠮᠡᠨ ᠳᠤ ᠪᠠᠨ ᠤᠷᠲᠤ ᠶᠢᠨ ᠳᠠᠭᠤᠤ ᠪᠠᠨ ᠡᠷᠭᠦᠵᠦ᠂ ᠤᠷᠮ᠎ᠠ ᠶᠢ ᠨᠢ ᠬᠦᠭᠵᠢᠭᠡᠨ ᠪᠠᠶᠠᠰᠬᠠᠨ᠎ᠠ᠃ ᠨᠢᠭᠡ ᠲᠠᠯᠠᠪᠠᠢ ᠲᠤᠭᠯᠠᠯᠲᠠ ᠳᠤ ᠬᠤᠶᠠᠷ ᠳᠠᠭᠤᠤ ᠳᠠᠭᠤᠯᠠᠬᠤ ᠡᠭᠦᠷᠭᠡ  ᠲᠠᠢ ᠴᠦ ᠦᠵᠡᠭᠴᠢᠳ ᠨᠢᠵᠢᠭᠢᠨᠡᠲᠡᠯ᠎ᠡ ᠠᠯᠠᠭ᠎ᠠ ᠲᠠᠰᠢᠨ ᠣᠤᠬᠠᠶᠢᠯᠠᠬᠤ ᠳᠤ ᠲᠠᠶᠢᠰᠠᠨ ᠠᠴᠠ ᠪᠠᠨ ᠪᠠᠭᠤᠵᠤ ᠴᠢᠳᠠᠯ ᠦᠭᠡᠢ ᠦᠷᠭᠦᠯᠵᠢᠯᠡᠨ ᠳᠠᠭᠤᠯᠠᠨ᠎ᠠ᠃      ᠳᠠᠭᠤᠤ ᠶᠢᠨ ᠠᠶᠠᠰ ᠠᠷᠠᠢ ᠨᠠᠮᠳᠠᠬᠤ ᠲᠠᠢ ᠵᠡᠷᠭᠡ ᠦᠵᠡᠭᠴᠢᠳ ᠤᠨ ᠠᠯᠠᠭ᠎ᠠ ᠲᠠᠰᠢᠯᠲᠠ ᠨᠢᠵᠢᠭᠢᠨᠡᠨ᠎ᠡ᠃ ᠳᠠᠯᠠ ᠨᠠᠶᠠ ᠬᠦᠷᠦᠭᠰᠡᠨ ᠨᠠᠰᠤᠲᠠᠳ ᠮᠠᠩᠨᠠᠢ ᠪᠠᠨ ᠢᠯᠪᠢᠨ ᠪᠠᠶᠠᠷᠯᠠᠨ᠎ᠠ᠃ ᠰᠠᠨᠴᠢᠭ ᠪᠤᠭᠤᠷᠤᠯ ᠡᠮᠡᠭᠡᠳ ᠨᠢᠳᠦ ᠪᠠᠨ ᠨᠤᠬᠤᠯᠬᠢᠯᠠᠨ ᠪᠠᠷᠠᠯᠠᠨ᠎ᠠ᠃ ᠦᠶ᠎ᠡ ᠶᠢᠨ ᠤᠯᠠᠨ ᠬᠦᠮᠦᠰ ᠨᠠᠷᠭᠢᠯᠳᠤᠨ᠎ᠠ᠃ ᠲᠡᠷᠡ ᠨᠢᠭᠡ ᠳᠠᠭᠤᠤ᠂ ᠬᠤᠶᠠᠷ ᠳᠠᠭᠤᠤ ᠁ ᠳᠤᠯᠤᠭ᠎ᠠ ᠨᠠᠢᠮᠠᠨ ᠳᠠᠭᠤᠤ ᠶᠢ ᠵᠠᠯᠭᠠᠭ᠎ᠠ ᠪᠠᠷ ᠳᠠᠭᠤᠯᠠᠨ᠎ᠠ᠃ ᠵᠠᠷᠢᠮ ᠳᠤ ᠪᠠᠨ ᠠᠷᠪᠠᠨ ᠬᠤᠶᠠᠷ ᠳᠠᠭᠤᠤ ᠳᠠᠭᠤᠯᠠᠭᠰᠠᠨ ᠤᠴᠢᠷ ᠴᠦ ᠪᠤᠢ᠃ ᠤᠷᠲᠤ ᠶᠢᠨ ᠳᠠᠭᠤᠤ ᠶᠢᠨ ᠤᠶᠠᠩᠭ᠎ᠠ ᠡᠭᠡᠰᠢᠭ ᠲᠤ ᠨᠢ ᠰᠤᠭᠲᠤᠭᠤᠷᠠᠭᠰᠠᠨ ᠦᠵᠡᠭᠴᠢᠳ᠄      — ᠮᠠᠨ ᠤ ᠳᠠᠭᠤᠴᠢᠨ᠂ ᠮᠢᠨᠤ ᠬᠦᠦ ᠰᠠᠶᠢᠬᠠᠨ ᠳᠠᠭᠤᠯᠠᠵᠤ ᠪᠤᠢ᠂ ᠬᠤᠰᠢᠭᠤ ᠨᠤᠲᠤᠭ ᠤᠨ ᠨᠡᠷ᠎ᠡ ᠲᠦᠷᠦ ᠶᠢ ᠡᠷᠭᠦᠵᠦ ᠪᠤᠢ᠂ ᠦᠷᠭᠦᠯᠵᠢᠯᠡᠨ ᠴᠢᠷᠮᠠᠢ︕ ᠭᠡᠵᠦ ᠡᠷᠡᠬᠡᠢ ᠭᠤᠵᠤᠶᠢᠯᠭᠠᠨ ᠲᠠᠩᠨᠠᠢ ᠱᠠᠭᠰᠢᠳᠠᠭ᠃      — ᠡᠨᠡ ᠬᠦᠦ ᠤᠷᠲᠤ ᠶᠢᠨ ᠳᠠᠭᠤᠤ ᠶᠢ ᠤᠶᠠᠷᠠᠭᠤᠨ ᠰᠠᠶᠢᠬᠠᠨ ᠳᠠᠭᠤᠯᠠᠵᠤ ᠪᠤᠢ᠂ ᠰᠣᠨᠣᠰᠬᠤ ᠳᠤᠲᠤᠮ ᠤᠯᠠᠮ ᠰᠠᠶᠢᠬᠠᠨ ᠰᠣᠨᠣᠰᠳᠠᠭᠠᠳ ᠪᠤᠢ ᠭᠡᠵᠦ ᠨᠤᠲᠤᠭ ᠤᠨ ᠪᠤᠭᠤᠷᠤᠯ ᠨᠠᠰᠤᠲᠠᠳ ︽ᠨᠠᠮᠤᠭ ᠴᠡᠭᠡᠯ ᠤᠨ ᠪᠤᠷᠭᠠᠰᠤ︾ ᠶᠢ ᠨᠢ ᠰᠣᠨᠣᠰᠬᠤ ᠳᠤ ᠪᠠᠨ ᠨᠢᠯᠪᠤᠰᠤ ᠪᠠᠨ ᠠᠷᠴᠢᠨ ᠪᠠᠭ᠋ᠠᠷᠬᠠᠵᠤ ᠪᠠᠶᠢᠪᠠ᠃      ᠮᠦᠩᠬᠡᠵᠢᠷᠭᠠᠯ ᠲᠠᠢ ᠤᠷᠠᠯᠢᠭ ᠤᠨ ᠠᠶᠠᠨ ᠤ ᠬᠢᠨᠢ ᠲᠤᠬᠠᠢ ᠵᠤᠭᠤᠭᠳᠠᠬᠤ ᠳᠤ᠄      — ᠣᠤᠭᠠᠨᠪᠠᠶᠠᠷ ᠪᠠᠭᠰᠢ ᠮᠢᠨᠢ ᠨᠠᠮᠠᠢᠢ ᠶᠠᠭ ᠯᠡ ᠭᠡᠷ ᠤᠨ ᠠᠬᠠᠮᠠᠳ ᠲᠠᠢ ᠠᠳᠠᠯᠢᠬᠠᠨ ᠬᠠᠯᠠᠮᠵᠢᠯᠠᠵᠤ᠂ ᠴᠠᠭ ᠦᠷᠭᠦᠯᠵᠢ ᠵᠢᠭᠠᠵᠤ ᠳᠤᠬᠢᠨ ᠬᠦᠮᠦᠨ ᠪᠤᠯᠭᠠᠭᠰᠠᠨ ᠠᠴᠢᠲᠠᠨ ᠰᠢᠦ᠃ ᠲᠡᠭᠦᠨ ᠤ ᠢᠲᠡᠭᠡᠯ ᠬᠠᠶᠢᠷ᠎ᠠ ᠳᠤ ᠲᠦᠰᠢᠵᠦ ᠦᠨᠦᠳᠦᠷ ᠲᠤ ᠬᠦᠷᠴᠦ ᠢᠷᠡᠪᠡ᠃ ᠪᠢ ᠬᠦᠷᠢᠶ᠎ᠡ ᠤᠯᠠᠭᠠᠨᠮᠦ᠋ᠴᠢᠷ ᠤᠨ ᠠᠯᠳᠠᠷ ᠢ ᠡᠷᠭᠦᠵᠦ ᠠᠯᠠᠭ ᠦᠭᠡᠢ ᠰᠡᠳᠬᠢᠯ ᠢᠶᠠᠷ ᠵᠢᠳᠬᠦᠵᠦ ᠢᠷᠡᠭᠰᠡᠨ ᠤ ᠤᠴᠢᠷ ᠤᠳᠬ᠎ᠠ ᠨᠢ ᠡᠭᠦᠨ ᠳᠤ ᠪᠤᠢ᠃ ᠬᠡᠷᠪᠡ ᠣᠤᠭᠠᠨᠪᠠᠶᠠᠷ ᠪᠠᠭᠰᠢ ᠨᠠᠮᠠᠢᠢ ᠳᠠᠭᠤᠴᠢᠨ ᠢᠶᠠᠷ ᠡᠯᠰᠡᠭᠰᠡᠨ ᠦᠭᠡᠢ ᠪᠤᠯ ᠪᠢ ᠠᠯᠢ ᠨᠢᠭᠡ ᠭᠠᠵᠠᠷ ᠮᠠᠯ ᠢᠶᠠᠨ ᠬᠠᠷᠢᠭᠤᠯᠤᠨ ᠲᠠᠷᠢᠶ᠎ᠠ  ᠪᠠᠨ ᠲᠠᠷᠢᠭᠠᠳ ᠶᠠᠪᠤᠵᠤ ᠪᠠᠶᠢᠬ᠎ᠠ᠂ ᠡᠰᠡᠭᠦᠯ᠎ᠡ ᠬᠦᠴᠦᠨ ᠤ ᠠᠵᠢᠯ ᠳᠤ ᠵᠦᠳᠡᠷᠡᠵᠦ ᠴᠦ ᠪᠠᠶᠢᠬ᠎ᠠ ᠭᠡᠵᠦ ᠨᠢᠳᠦ ᠨᠢ ᠵᠠᠶᠢᠷᠳᠤᠨ᠎ᠠ᠃      ᠲᠡᠷᠡ ᠤᠷᠲᠤ ᠶᠢᠨ ᠳᠠᠭᠤᠤ ᠶᠢᠨ ᠰᠢᠳᠢ ᠪᠠᠷ ᠠᠴᠢᠯᠠᠯ ᠤᠨ ᠲᠡᠭᠷᠢ ᠪᠠᠨ ᠪᠠᠶᠠᠰᠬᠠᠵᠤ᠂ ᠬᠦᠮᠦᠨ ᠴᠢᠨᠠᠷ ᠤᠨ ᠢᠲᠡᠭᠡᠯ ᠳᠤ ᠦᠢᠯᠡᠰ ᠤᠨ ᠠᠶᠠᠨ ᠳᠤ ᠰᠢᠭᠤᠷᠬᠠᠶᠢᠯᠠᠨ᠎ᠠ᠃      ᠮᠦᠩᠬᠡᠵᠢᠷᠭᠠᠯ ᠤᠷᠲᠤ ᠶᠢᠨ ᠳᠠᠭᠤᠤ ᠪᠠᠷ ᠢᠶᠠᠨ ᠦᠵᠡᠭᠴᠢ ᠰᠣᠨᠣᠰᠣᠭᠴᠢ ᠪᠠᠨ ᠪᠠᠶᠠᠰᠬᠠᠨ᠂ ᠤᠶᠠᠬᠠᠨ ᠲᠤᠩᠭᠠᠯᠠᠭ ᠬᠤᠭᠤᠯᠠᠢ ᠪᠠᠷ ᠢᠶᠠᠨ ᠤᠷᠲᠤ ᠶᠢᠨ ᠳᠠᠭᠤᠤ ᠪᠠᠨ ᠨᠠᠷᠭᠢᠭᠤᠯᠵᠤ ᠶᠠᠪᠤᠭᠰᠠᠨ ᠢᠶᠠᠷ ᠠᠯᠳᠠᠷ ᠨᠡᠷ᠎ᠡ ᠴᠦ ᠬᠦᠮᠦᠰ ᠤᠨ ᠴᠡᠭᠡᠵᠢᠨ ᠳᠤ ᠬᠠᠳᠠᠩᠰᠢᠵᠤ᠂ ᠠᠷᠠᠳ ᠲᠦᠮᠡᠨ ᠤ ᠪᠠᠨ ᠤᠷᠠᠯᠢᠭ ᠤᠨ ᠲᠠᠶᠢᠰᠠᠨ ᠳᠤ ᠢᠷᠠᠭᠤ ᠡᠭᠡᠰᠢᠭ  ᠢᠶᠠᠨ ᠳᠠᠭᠤᠷᠢᠰᠤᠭᠤᠯᠪᠠ᠃      — ᠤᠷᠲᠤ ᠶᠢᠨ ᠳᠠᠭᠤᠤ ᠶᠢ ᠠᠪᠢᠶᠠᠰᠤᠯᠢᠭ ᠳᠠᠭᠤᠯᠠᠨ᠎ᠠ᠃      — ᠳᠠᠷᠬᠠᠨ ᠳᠠᠭᠤᠴᠢᠨ ᠯᠾᠠᠵᠠᠪ ᠤ ᠬᠤᠭᠤᠯᠠᠢ ᠰᠢᠭ᠋ ᠪᠤᠳᠤᠭᠳᠠᠭᠠᠳ ᠪᠤᠢ᠃      — ᠲᠡᠭᠦᠨ ᠤ ᠳᠠᠭᠤᠤ ᠶᠢ ᠰᠣᠨᠣᠰᠪᠠᠯ ᠳᠤᠲᠤᠷ᠎ᠠ ᠠᠭᠤᠵᠢᠷᠠᠭᠠᠳ ᠯᠡ ᠶᠠᠪᠤᠴᠢᠬᠠᠨ᠎ᠠ᠃      — ᠰᠡᠳᠬᠢᠯ ᠵᠢᠷᠦᠬᠡ ᠪᠠᠷ ᠢᠶᠠᠨ ᠳᠠᠭᠤᠯᠠᠵᠤ ᠪᠤᠢ ᠰᠢᠦ᠃      ᠲᠡᠷᠡ ᠪᠠᠷ ᠲᠦᠩᠯᠢᠶᠣᠤ ᠬᠤᠲᠠ ᠶᠢᠨ ᠴᠠᠭᠠᠨ ᠰᠠᠷ᠎ᠠ ᠶᠢᠨ ᠦᠳᠡᠰᠢᠯᠡᠭᠡ ᠳᠤ ᠤᠳᠠᠭ᠎ᠠ ᠳᠠᠷᠠᠭ᠎ᠠ ᠪᠠᠷ ᠰᠣᠩᠭᠤᠭᠳᠠᠨ ᠤᠷᠤᠯᠴᠠᠵᠤ᠂ ᠤᠷᠲᠤ ᠶᠢᠨ ᠳᠠᠭᠤᠤ ᠪᠠᠨ ᠦᠵᠡᠭᠴᠢᠳ ᠲᠤ ᠪᠠᠨ ᠬᠠᠨᠤᠲᠠᠯ᠎ᠠ ᠰᠤᠨᠢᠷᠬᠠᠭᠤᠯᠪᠠ᠃      2014 ᠣᠨ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠬᠡᠯᠡᠨ ᠤ ᠰᠦᠯᠵᠢᠶ᠎ᠡ  ᠶᠢᠨ ᠴᠠᠭᠠᠨ ᠰᠠᠷ᠎ᠠ ᠶᠢᠨ ᠦᠳᠡᠰᠢᠯᠡᠭᠡ ᠳᠤ ᠤᠷᠤᠯᠴᠠᠵᠤ᠂ ︽ᠬᠠᠪᠤᠲᠤ ᠬᠠᠰᠠᠷ︾ ᠭᠡᠬᠦ ᠤᠷᠲᠤ ᠶᠢᠨ ᠳᠠᠭᠤᠤ ᠪᠠᠨ ᠳᠠᠭᠤᠯᠠᠵᠤ ᠬᠤᠷᠠᠭᠰᠠᠨ ᠤᠯᠠᠨ ᠢ ᠲᠠᠩᠨᠠᠢ ᠱᠠᠭᠰᠢᠭᠤᠯᠪᠠ᠃      2015 ᠣᠨ ᠳᠤ ᠳᠤᠮᠳᠠᠳᠤ ᠮᠤᠩᠭᠤᠯ ᠤᠨ ᠰᠤᠶᠤᠯ ᠤᠨ ᠰᠤᠯᠢᠯᠴᠠᠭ᠎ᠠ ᠶᠢᠨ ᠠᠵᠢᠯᠯᠠᠭ᠎ᠠ ᠳᠤ ᠤᠷᠢᠭᠳᠠᠨ ᠤᠷᠤᠯᠴᠠᠵᠤ᠂ ᠮᠤᠩᠭᠤᠯ ᠤᠯᠤᠰ ᠲᠤ ᠠᠶᠢᠯᠴᠢᠯᠠᠨ ︽ᠵᠢᠭᠠᠬᠠᠨ ᠰᠢᠷᠭ᠎ᠠ︾᠂ ︽ᠠᠯᠤᠰ ᠲᠤ ᠰᠠᠭᠤᠭ᠎ᠠ ᠡᠵᠢ︾ ᠭᠡᠬᠦ ᠳᠠᠭᠤᠤ ᠪᠠᠨ ᠲᠦᠷᠦ ᠶᠢᠨ ᠲᠠᠶᠢᠰᠠᠨ ᠳᠤ ᠬᠠᠩᠭᠢᠨᠠᠭᠤᠯᠤᠨ ᠦᠵᠡᠭᠴᠢᠳ ᠤᠨ ᠰᠣᠨᠣᠷ ᠢ ᠮᠢᠯᠢᠶᠠᠵᠤ᠂ ᠦᠳᠡᠰᠢᠯᠡᠭᠡ ᠶᠢ ᠨᠠᠷᠭᠢᠭᠤᠯᠤᠭᠰᠠᠨ ᠪᠢᠯᠡ᠃      — ᠲᠠ ᠲᠠᠶᠢᠰᠠᠨ ᠳᠤ ᠭᠠᠷᠴᠤ ᠤᠷᠲᠤ ᠶᠢᠨ ᠳᠠᠭᠤᠤ ᠪᠠᠨ ᠳᠠᠭᠤᠯᠠᠬᠤ ᠳᠤ ᠶᠠᠭᠤ ᠪᠤᠳᠤᠳᠠᠭ ᠪᠢᠯᠡ ᠭᠡᠬᠦ  ᠳᠤ ᠲᠡᠷᠡ ᠮᠠᠨᠢ᠄      — ᠤᠯᠠᠭᠠᠨᠮᠦ᠋ᠴᠢᠷ ᠤᠨ ᠲᠤᠭᠯᠠᠭᠴᠢ ᠪᠤᠯᠤᠨ᠎ᠠ ᠭᠡᠭᠴᠢ ᠨᠠᠳᠠᠳᠤ ᠬᠡᠯᠡᠪᠡᠯ ᠰᠠᠨᠠᠭ᠎ᠠ ᠵᠡᠭᠦᠳᠦᠨ ᠳᠤ ᠴᠦ ᠦᠭᠡᠢ ᠤᠴᠢᠷ᠃ ᠪᠢ ᠠᠳᠡ ᠢᠷᠡᠭᠡᠳ ᠪᠦᠬᠦᠯᠢ ᠠᠷᠪᠠᠨ ᠵᠢᠯ ᠪᠤᠯᠵᠤ ᠪᠤᠢ᠃ ᠤᠷᠠᠯᠢᠭ ᠤᠨ ᠢᠶᠠᠨ ᠲᠦᠯᠦᠭᠡ ᠵᠢᠳᠬᠦᠨ ᠴᠢᠷᠮᠠᠶᠢᠯ᠎ᠠ᠃ ᠤᠷᠲᠤ ᠶᠢᠨ ᠳᠠᠭᠤᠤ ᠪᠠᠨ ᠰᠠᠶᠢᠬᠠᠨ ᠳᠠᠭᠤᠯᠠᠶ᠎ᠠ ᠭᠡᠵᠦ ᠴᠢᠳᠠᠯ ᠢᠶᠠᠷ ᠢᠶᠠᠨ ᠲᠡᠮᠡᠴᠡᠵᠦ ᠪᠤᠯᠪᠠᠰᠤᠷᠠᠯ᠎ᠠ᠃ ᠬᠦᠮᠦᠨ ᠤ ᠠᠴᠢ ᠲᠤᠰᠠ ᠶᠢ ᠬᠦᠰᠡᠷᠳᠡᠭᠦᠯᠵᠦ ᠪᠤᠯᠬᠤ ᠦᠭᠡᠢ᠂ ᠨᠢᠩᠵᠢᠨ ᠰᠡᠳᠬᠢᠯ ᠢᠶᠠᠨ ᠭᠦᠢᠴᠡᠳᠬᠡᠬᠦ ᠬᠡᠷᠡᠭᠲᠡᠢ ᠭᠡᠵᠦ ᠨᠠᠮᠵᠢᠭᠤᠨ ᠬᠡᠯᠡᠨ᠎ᠡ᠃      ᠲᠡᠭᠦᠨ ᠤ ᠲᠤᠬᠠᠢ ᠬᠦᠮᠦᠰ ᠤᠨ ᠦᠨᠡᠯᠡᠬᠦ ᠶᠢ ᠣᠯᠠᠨᠲᠠ ᠰᠣᠨᠣᠰᠪᠠ᠃ ᠲᠡᠭᠦᠨ ᠤ ᠠᠯᠳᠠᠷ ᠨᠡᠷ᠎ᠡ ᠬᠤᠷᠴᠢᠨ  ᠤ ᠲᠠᠯ᠎ᠠ ᠨᠤᠲᠤᠭ ᠠᠴᠠ ᠬᠠᠷᠢ ᠭᠦᠷᠦᠨ ᠳᠤ ᠬᠦᠷᠲᠡᠯ᠎ᠡ ᠳᠠᠭᠤᠷᠢᠰᠴᠤ ᠪᠤᠢ᠃      — ᠲᠠᠨ ᠤ ᠳᠠᠭᠤᠯᠠᠬᠤ ᠶᠢ ᠰᠣᠨᠣᠰᠣᠭᠰᠠᠨ ᠦᠵᠡᠭᠴᠢᠳ ᠶᠠᠭᠠᠬᠢᠬᠤ ᠳᠤ ᠪᠠᠨ ᠲᠡᠭᠡᠵᠦ ᠠᠯᠠᠭ᠎ᠠ ᠲᠠᠰᠢᠳᠠᠭ ᠪᠤᠢ ᠭᠡᠪᠡᠯ᠂      — ᠪᠢ ᠲᠠᠶᠢᠰᠠᠨ ᠳᠤ ᠭᠠᠷᠴᠤ ᠦᠵᠡᠭᠴᠢᠳ ᠤᠨ ᠢᠶᠠᠨ ᠬᠠᠯᠠᠭᠤᠨ ᠴᠢᠷᠠᠢ ᠶᠢ ᠬᠠᠷᠠᠬᠤ ᠪᠦᠷᠢ ᠦᠪᠡᠷ  ᠤᠨ ᠡᠷᠬᠡ ᠦᠭᠡᠢ ᠰᠡᠳᠬᠢᠯ ᠳᠤᠭᠳᠤᠯᠤᠨ᠎ᠠ᠃ ᠲᠡᠳᠡᠨᠠᠷ ᠲᠤ ᠳᠠᠭᠤᠤ ᠪᠠᠨ ᠳᠠᠭᠤᠯᠠᠬᠤ ᠪᠢᠰᠢ᠂ ᠵᠢᠷᠦᠬᠡᠨ ᠡᠭᠡᠰᠢᠭᠯᠡᠯ  ᠢᠶᠠᠨ ᠬᠦᠷᠭᠡᠵᠦ ᠪᠠᠶᠢᠨ᠎ᠠ ᠬᠡᠮᠡᠨ ᠪᠡᠶ᠎ᠡ ᠪᠠᠨ ᠤᠷᠮᠠᠰᠢᠭᠤᠯᠳᠠᠭ ᠠᠴᠠ ᠦᠵᠡᠭᠴᠢᠳ ᠤᠨ ᠰᠣᠨᠣᠷ ᠢ ᠪᠠᠶᠠᠰᠬᠠᠨ ᠰᠡᠳᠬᠢᠯ ᠢ ᠨᠢ ᠡᠵᠡᠮᠳᠡᠳᠡᠭ᠃ ᠦᠵᠡᠭᠴᠢᠳ ᠤᠨ ᠬᠠᠯᠠᠭᠤᠨ ᠠᠯᠠᠭ᠎ᠠ ᠲᠠᠰᠢᠯᠲᠠ ᠳᠤ ᠠᠭᠤᠰᠣᠨ ᠪᠠᠶᠠᠰᠴᠤ᠂ ᠳᠠᠭᠤᠤ ᠪᠠᠨ ᠡᠷᠭᠦᠬᠦ ᠨᠢ ᠬᠠᠮᠤᠭ ᠤᠨ ᠵᠤᠯ ᠵᠢᠷᠭᠠᠯ ᠲᠠᠢ᠂ ᠤᠷᠮ᠎ᠠ ᠢᠲᠡᠭᠡᠯ ᠲᠠᠢ ᠰᠠᠨᠠᠭᠳᠠᠨ᠎ᠠ ᠭᠡᠵᠦ ᠪᠠᠶᠠᠷ ᠲᠠᠢ ᠬᠡᠯᠡᠳᠡᠭ᠃      ᠲᠡᠷᠡ ᠡᠪᠦᠭᠡ ᠳᠡᠭᠡᠳᠦᠰ ᠠᠴᠠ ᠢᠪᠡᠭᠡᠭᠰᠡᠨ ᠦᠪ ᠳᠠᠭᠤᠤ᠂ ᠠᠵᠠᠢ ᠡᠮᠧ ᠠᠴᠠ ᠪᠠᠨ ᠤᠯᠭᠤᠭᠰᠠᠨ ᠤᠷᠠᠨ ᠬᠤᠭᠤᠯᠠᠢ ᠪᠠᠷ ᠠᠷᠠᠳ ᠲᠦᠮᠡᠨ ᠢᠶᠠᠨ ᠤᠷᠮᠠᠰᠢᠭᠤᠯᠤᠨ ᠠᠶᠠᠨ ᠵᠠᠮ ᠢᠶᠠᠨ ᠮᠢᠯᠢᠶᠠᠨ᠎ᠠ᠃      ︽ᠠᠷᠠᠳ ᠤᠨ ᠳᠠᠭᠤᠴᠢᠨ︾      ᠮᠦᠩᠬᠡᠵᠢᠷᠭᠠᠯ ᠠᠷᠠᠳ ᠤᠨ ᠳᠠᠭᠤᠴᠢᠨ᠃ ᠦᠷᠭᠡᠨ ᠠᠭᠤᠳᠠᠮ ᠲᠠᠯ᠎ᠠ ᠨᠤᠲᠤᠭ ᠢᠶᠠᠷ ᠤᠷᠠᠯᠢᠭ ᠤᠨ ᠲᠠᠪᠴᠠᠩ ᠪᠤᠯᠭᠠᠵᠤ᠂ ᠦᠷᠭᠡᠨ ᠤᠯᠠᠨ ᠮᠠᠯᠴᠢᠨ ᠲᠠᠷᠢᠶᠠᠴᠢᠨ ᠢᠶᠠᠨ ᠬᠦᠰᠡᠯ ᠤᠨ ᠰᠢᠲᠦᠭᠡᠨ ᠰᠡᠳᠬᠢᠯ ᠤᠨ ᠪᠤᠷᠬᠠᠨ ᠭᠡᠵᠦ ᠳᠡᠭᠡᠵᠢᠯᠡᠵᠦ ᠶᠠᠪᠤᠭᠰᠠᠨ ᠤᠷᠲᠤ ᠶᠢᠨ ᠳᠠᠭᠤᠴᠢᠨ᠃      — ᠠᠷᠠᠳ ᠲᠦᠮᠡᠨ ᠤ ᠰᠡᠳᠬᠢᠯ ᠢ ᠪᠠᠶᠠᠰᠬᠠᠨ ᠰᠣᠨᠣᠷ ᠢ ᠮᠢᠯᠢᠶᠠᠬᠤ ᠭᠠᠭᠴᠠ ᠪᠤᠳᠤᠯ ᠢ ᠡᠪᠦᠷᠯᠡᠨ ᠳᠠᠭᠤᠤ ᠤᠷᠠᠯᠢᠭ ᠤᠨ ᠦᠢᠯᠡᠰ ᠲᠤ ᠤᠯᠠᠨ ᠴᠠᠭ ᠢ ᠵᠠᠷᠤᠴᠠᠭᠤᠯᠤᠨ᠂ ᠤᠯᠠᠨ ᠠᠷᠪᠢᠨ ᠬᠦᠳᠡᠯᠮᠦᠷᠢ ᠪᠠᠨ ᠵᠤᠷᠢᠭᠤᠯᠵᠤ᠂ ᠬᠤᠰᠢᠭᠤ ᠨᠤᠲᠤᠭ ᠤᠨ ᠢᠶᠠᠨ ᠠᠯᠳᠠᠷ ᠨᠡᠷ᠎ᠡ ᠶᠢ ᠡᠷᠭᠦᠵᠦ ᠢᠷᠡᠯ᠎ᠡ᠃ ᠦᠵᠡᠭᠴᠢᠳ ᠤᠨ ᠤᠷᠮ᠎ᠠ ᠪᠠᠶᠠᠰᠣᠨ ᠠᠯᠠᠭ᠎ᠠ ᠲᠠᠰᠢᠬᠤ ᠳᠤ ᠬᠠᠮᠤᠭ ᠤᠨ ᠭᠤᠶᠤ ᠬᠠᠮᠤᠭ ᠤᠨ ᠰᠠᠶᠢᠬᠠᠨ ᠠᠬᠤᠢ ᠪᠠᠶᠢᠳᠠᠯ ᠳᠤ ᠰᠤᠭᠳᠤᠭᠤᠷᠠᠨ ᠵᠤᠷᠢᠭ ᠪᠠᠳᠠᠷᠠᠨ ᠵᠤᠯ ᠵᠢᠷᠭᠠᠯ ᠳᠤ ᠱᠤᠩᠪᠠᠳᠠᠭ ᠬᠡᠮᠡᠨ ᠨᠠᠳᠠᠳᠤ ᠲᠤᠭᠠᠴᠢᠨ᠎ᠠ᠃      ᠲᠡᠷᠡ ᠡᠳᠡᠭᠡᠷ ᠵᠢᠯ ᠳᠤ ᠤᠯᠠᠨ ᠤᠷᠤᠯᠳᠤᠭᠠᠨ ᠳᠤ ᠤᠷᠤᠯᠴᠠᠨ ᠠᠷᠠᠳ ᠤᠨ ᠳᠠᠭᠤᠤ ᠪᠠᠷ ᠢᠶᠠᠨ ᠬᠡᠰᠢᠭ ᠬᠦᠷᠲᠡᠵᠦ᠂ ᠤᠷᠲᠤ ᠶᠢᠨ ᠳᠠᠭᠤᠨ ᠳᠤ ᠪᠠᠨ ᠰᠤᠭᠲᠤᠭᠤᠷᠠᠵᠤ᠂ ᠠᠷᠠᠳ ᠲᠦᠮᠡᠨ ᠤ ᠪᠠᠨ ᠦᠨᠡᠯᠡᠯᠲᠡ ᠳᠤ ᠵᠤᠷᠢᠭᠵᠢᠵᠤ ᠶᠠᠪᠤᠵᠠᠢ᠃       ᠪᠦᠬᠦ ᠤᠯᠤᠰ ᠤᠨ ᠨᠠᠢᠮᠠᠨ ᠮᠤᠵᠢ ᠤᠷᠤᠨ ᠤ ᠠᠩᠬᠠᠳᠤᠭᠠᠷ ᠬᠤᠭᠤᠴᠠᠭᠠᠨ ᠤ ︽ᠵᠠᠭᠤᠨᠠᠰᠤᠲᠤ︾ ᠨᠡᠷᠡᠮᠵᠢᠲᠦ ᠤᠷᠲᠤ ᠶᠢᠨ ᠳᠠᠭᠤᠤ ᠶᠢᠨ ᠤᠷᠤᠯᠳᠤᠭᠠᠨ ᠳᠤ ᠤᠷᠤᠯᠴᠠᠭᠰᠠᠨ ᠨᠢ ᠭᠦᠨ ᠰᠠᠭᠤᠭᠳᠠᠯ ᠦᠯᠡᠳᠡᠭᠡᠭᠰᠡᠨ ᠠᠵᠢ᠃      ᠲᠤᠰ ᠤᠷᠤᠯᠳᠤᠭᠠᠨ ᠳᠤ ᠤᠷᠲᠤ ᠶᠢᠨ ᠳᠠᠭᠤᠤ ᠪᠠᠷ ᠠᠯᠳᠠᠷ ᠮᠠᠨᠳᠤᠵᠤ ᠶᠠᠪᠤᠭ᠎ᠠ ᠡᠯ᠎ᠡ ᠭᠠᠵᠠᠷ ᠤᠨ ᠳᠠᠭᠤᠴᠢᠳ ᠴᠣᠭᠯᠠᠷᠠᠵᠤ᠂ ᠬᠤᠪᠢ ᠬᠤᠪᠢᠨ ᠤ ᠤᠷ᠎ᠠ ᠲᠠᠮᠢᠷ ᠢᠶᠠᠨ ᠭᠠᠶᠢᠬᠠᠭᠤᠯᠵᠠᠢ᠃ ᠠᠩᠬ᠎ᠠ ᠤᠳᠠᠭ᠎ᠠ ᠠᠯᠤᠰ ᠭᠠᠵᠠᠷ ᠬᠦᠨᠳᠡᠯᠡᠨ ᠠᠶᠢᠮᠠᠭ ᠲᠤ ᠤᠷᠤᠯᠳᠤᠭᠠᠨ ᠳᠤ ᠤᠷᠤᠯᠴᠠᠭᠰᠠᠨ ᠲᠡᠭᠦᠨ ᠳᠤ ᠤᠯᠠᠨ ᠵᠦᠢᠯ ᠤᠨ ᠳᠠᠷᠤᠭᠠᠰᠤ  ᠲᠠᠢ ᠪᠤᠯᠪᠠ᠃ ᠭᠡᠪᠡᠴᠦ ︽ᠤᠷᠲᠤ ᠶᠢᠨ ᠳᠠᠭᠤᠤ ᠪᠠᠨ ᠳᠠᠭᠤᠯᠠᠵᠤ ᠤᠷ᠎ᠠ ᠠᠪᠢᠶᠠᠰ ᠢᠶᠠᠨ ᠰᠢᠯᠭᠠᠵᠤ ᠦᠵᠡᠶ᠎ᠡ︾ ᠭᠡᠬᠦ ᠪᠤᠳᠤᠯ ᠢ ᠡᠪᠦᠷᠯᠡᠭᠰᠡᠨ ᠲᠡᠷᠡ ᠮᠠᠨᠢ ᠤᠷᠤᠯᠳᠤᠭᠠᠨ ᠤ ᠳᠠᠪᠠᠭ᠎ᠠ ᠶᠢ ᠢᠲᠡᠭᠡᠯ ᠢᠶᠠᠷ ᠳᠠᠪᠠᠵᠤ᠂ ︽ᠨᠠᠮᠤᠭ ᠴᠡᠭᠡᠯ  ᠤᠨ ᠪᠤᠷᠭᠠᠰᠤ︾᠂ ︽ᠯᠠᠮᠠ ᠶᠢᠨ ᠳᠠᠷᠬᠠᠨ︾ ᠳᠠᠭᠤᠤ ᠪᠠᠷ ᠢᠶᠠᠨ ᠨᠤᠭᠤᠯᠤᠭ᠎ᠠ ᠪᠠᠷᠲᠠᠭ᠎ᠠ ᠶᠢ ᠲᠤᠭᠤᠯᠤᠨ ᠭᠤᠷᠪᠠᠳᠤᠭᠠᠷ ᠨᠡᠷ᠎ᠡ ᠳᠤ ᠲᠤᠳᠤᠷᠠᠵᠠᠢ᠃      — ᠤᠷᠤᠯᠳᠤᠭᠠᠨ ᠳᠤ ᠶᠠᠮᠠᠷ ᠤᠯᠤᠯᠲᠠ ᠲᠠᠢ ᠪᠤᠴᠠᠪᠠ ᠭᠡᠬᠦ ᠳᠤ ᠴᠠᠢ ᠪᠠᠨ ᠤᠭᠤᠴᠢᠭᠰᠠᠨ ᠲᠡᠷᠡ ᠮᠠᠨᠢ᠄      — ᠬᠠᠮᠤᠭ ᠤᠨ ᠶᠡᠭᠡ ᠤᠯᠤᠯᠲᠠ ᠭᠡᠪᠡᠯ ᠤᠷᠲᠤ ᠶᠢᠨ ᠳᠠᠭᠤᠤ ᠶᠢᠨ ᠠᠪᠤᠷᠭᠤ ᠮᠧᠳᠡᠭ ᠨᠠᠰᠰᠤᠲᠠᠨ ᠠᠴᠠ ᠨᠠᠮᠠᠢᠢ᠄ ︽ᠬᠤᠭᠤᠯᠠᠢ ᠰᠠᠶᠢᠨ ᠬᠦᠦ ᠪᠠᠶᠢᠨ᠎ᠠ᠂ ᠤᠷᠲᠤ ᠶᠢᠨ ᠳᠠᠭᠤᠤ ᠶᠢ ᠰᠠᠶᠢᠬᠠᠨ ᠳᠠᠭᠤᠯᠠᠵᠤ ᠪᠠᠶᠢᠨ᠎ᠠ︾ ᠭᠡᠵᠦ ᠦᠨᠡᠯᠡᠭᠰᠡᠨ ᠨᠢ ᠠᠯᠲᠠ ᠠᠴᠠ ᠦᠨ᠎ᠡ ᠲᠠᠢ ᠬᠦᠨᠳᠦ ᠱᠠᠩᠨᠠᠯ ᠮᠡᠲᠦ ᠰᠠᠨᠠᠭᠳᠠᠭᠰᠠᠨ ᠡ ᠭᠡᠵᠦ ᠤᠯᠠᠭ᠎ᠠ ᠪᠤᠲᠠᠷᠠᠭᠰᠠᠨ ᠴᠢᠷᠠᠢ ᠪᠠᠨ ᠢᠯᠪᠢᠨ᠎ᠡ᠃ 2016 ᠣᠨ ᠳᠤ ᠶᠠᠪᠤᠭᠳᠠᠭᠰᠠᠨ ︽ᠵᠢᠷᠢᠮ ᠤᠨ ᠠᠯᠲᠠᠨ ᠤ ᠳᠡᠯᠭᠡᠭᠦᠷ︾ ᠬᠤᠨᠳᠠᠭᠠᠲᠦ ᠳᠤᠮᠳᠠᠳᠤ ᠶᠢᠨ ᠬᠤᠷᠴᠢᠨ᠂ ᠤᠯᠠᠨ ᠤᠯᠤᠰ ᠤᠨ ᠮᠠᠩᠯᠠᠢ ᠳᠠᠭᠤᠴᠢᠨ ᠰᠢᠯᠭᠠᠷᠠᠭᠤᠯᠬᠤ ᠲᠧᠯᠸᠢᠰ ᠲᠡᠮᠡᠴᠡᠭᠡᠨ ᠤ ᠰᠢᠢᠳᠪᠦᠷᠢᠲᠦ ᠤᠷᠤᠯᠳᠤᠭᠠᠨ ᠳᠤ ᠤᠷᠲᠤ ᠶᠢᠨ ᠳᠠᠭᠤᠤ ᠶᠢᠨ ᠷᠢᠳᠢ ᠰᠢᠳᠢ ᠶᠢ ᠳᠠᠶᠠᠩ ᠳᠤ ᠭᠠᠶᠢᠬᠠᠭᠤᠯᠤᠭᠰᠠᠨ ᠶᠤᠮ᠃      ᠲᠡᠷᠡ ᠪᠠᠷ ᠤᠷᠠᠨ ᠬᠤᠭᠤᠯᠠᠢ ᠪᠠᠨ ᠰᠢᠯᠭᠠᠵᠤ ᠤᠷ᠎ᠠ ᠠᠪᠢᠶᠠᠰ ᠢᠶᠠᠨ ᠪᠠᠳᠠᠷᠠᠭᠤᠯᠬᠤ ᠠᠵᠠ ᠲᠠᠢ ᠳᠤᠬᠢᠶᠠᠯ ᠤᠯᠤᠯ᠎ᠠ ᠬᠡᠮᠡᠨ ᠤᠷᠮᠠᠰᠢᠨ ᠵᠤᠷᠢᠭᠵᠢᠵᠤ᠂ ᠤᠳᠠᠭᠠᠨ ᠵᠢᠯ ᠤᠨ ᠬᠤᠷᠠᠮᠳᠤᠭᠤᠯᠤᠭᠰᠠᠨ ᠢᠳᠡ ᠲᠠᠮᠢᠷ ᠢᠶᠠᠨ ᠦᠵᠡᠭᠦᠯᠬᠦ  ᠪᠠᠷ ᠬᠦᠯᠦᠭ ᠤᠨᠤᠭ᠎ᠠ ᠪᠠᠨ ᠰᠤᠶᠢᠵᠠᠢ᠃      ︽ᠪᠦᠮᠪᠡᠢ ᠶᠢᠨ ᠰᠢᠯᠢ︾ ᠭᠡᠬᠦ ᠤᠷᠲᠤ ᠶᠢᠨ ᠳᠠᠭᠤᠤ ᠪᠠᠷ ᠢᠶᠠᠨ ᠭᠠᠷᠠᠭ ᠤᠨ ᠮᠠᠩᠯᠠᠢ ᠳᠤ ᠲᠤᠳᠤᠷᠠᠵᠤ᠂ ︽ᠨᠠᠮᠤᠭ ᠴᠡᠭᠡᠯ ᠤᠨ ᠪᠤᠷᠭᠠᠰᠤ︾ ᠭᠡᠬᠦ ᠤᠷᠲᠤ ᠶᠢᠨ ᠳᠠᠭᠤᠤ ᠪᠠᠷ ᠢᠶᠠᠨ ᠰᠠᠷ᠎ᠠ ᠶᠢᠨ ᠮᠠᠩᠯᠠᠢ ᠳᠤ ᠲᠤᠳᠤᠷᠠᠨ ᠰᠢᠢᠳᠪᠦᠷᠢᠲᠦ ᠲᠡᠮᠡᠴᠡᠭᠡᠨ ᠤ ᠡᠷᠬᠡ ᠶᠢ ᠤᠯᠪᠠ᠃      ᠲᠡᠷᠡ ᠦᠳᠡᠰᠢ ᠶᠢᠨ ᠤᠷᠤᠯᠳᠤᠭᠠᠨ ᠳᠡᠯᠡᠬᠡᠢ ᠶᠢᠨ ᠬᠦᠮᠦᠨ ᠤ ᠨᠢᠳᠤᠨ ᠳᠣᠤᠷ᠎ᠠ ᠮᠠᠰᠢ ᠪᠠᠴᠢᠮ ᠰᠢᠷᠦᠭᠦᠨ ᠶᠠᠪᠤᠭᠳᠠᠵᠠᠢ᠃ ᠳᠦᠷᠪᠡᠨ ᠵᠦᠭ ᠤᠨ ᠦᠵᠡᠭᠴᠢᠳ ᠲᠧᠯᠸᠢᠰ ᠢᠶᠠᠨ ᠱᠠᠭᠠᠶᠢᠵᠤ᠂ ︽ᠴᠣᠬᠤᠮ ᠬᠡᠨ ᠨᠢ ᠶᠠᠮᠠᠷ ᠳᠠᠭᠤᠤ ᠪᠠᠷ ᠢᠶᠠᠨ ᠲᠡᠷᠢᠭᠦᠨ ᠪᠠᠶᠢᠷᠢ ᠳᠤ ᠲᠤᠳᠤᠷᠠᠬᠤ︾ ᠶᠢ ᠳᠠᠭᠤᠴᠢᠳ ᠠᠴᠠ ᠴᠦ ᠢᠯᠡᠭᠦᠦ ᠪᠠᠴᠢᠮᠳᠠᠨ ᠬᠦᠯᠢᠶᠡᠨ᠎ᠡ᠃      ᠤᠯᠠᠨ ᠭᠠᠵᠠᠷ ᠤᠨ ᠳᠠᠭᠤᠴᠢᠳ ᠦᠪᠡᠷ ᠦᠪᠡᠷ ᠤᠨ ᠤᠷ᠎ᠠ ᠠᠪᠢᠶᠠᠰ ᠢᠶᠠᠨ ᠭᠠᠶᠢᠬᠠᠭᠤᠯᠤᠨ᠎ᠠ᠃ ᠬᠦᠮᠦᠰ ᠨᠢᠳᠦ ᠰᠠᠯᠭᠠᠯ ᠦᠭᠡᠢ ᠠᠵᠢᠶᠠᠷᠠᠨ᠂ ᠬᠢᠨᠩᠴᠢ ᠶᠢᠨ ᠦᠨᠡᠯᠡᠯᠲᠡ᠂ ᠤᠯᠤᠭᠰᠠᠨ ᠬᠤᠪᠢ ᠶᠢ ᠨᠢ ᠲᠡᠮᠳᠡᠭᠯᠡᠨ᠎ᠡ᠃      — ᠬᠡᠨ ᠠᠯᠢᠨ ᠳᠤ ᠪᠠᠨ ᠳᠤᠯᠢᠳᠠᠬᠤ ᠦᠭᠡᠢ ᠤᠷ᠎ᠠ ᠠᠪᠢᠶᠠᠰ ᠲᠠᠢ᠃      — ᠠᠯᠢ ᠶᠢ ᠨᠢ ᠰᠣᠨᠣᠰᠣᠭᠰᠠᠨ ᠴᠦ ᠬᠤᠪᠢ ᠬᠤᠪᠢᠨ ᠤ ᠤᠨᠴᠠᠯᠢᠭ ᠲᠠᠢ᠃      — ᠰᠤᠷᠢᠨᠵᠢᠨ ᠰᠢᠭ᠋ ᠲᠠᠲᠠᠬᠤ ᠠᠷᠠᠳ ᠤᠨ ᠳᠠᠭᠤᠤ ᠶᠢᠨ ᠰᠢᠳᠢ ᠬᠦᠴᠦ ᠶᠢ ᠪᠢᠰᠢᠷᠡᠬᠦ ᠶᠤᠰᠤᠲᠠᠢ᠃      ᠮᠦᠩᠬᠡᠵᠢᠷᠭᠠᠯ ᠤᠨ ᠡᠭᠡᠯᠵᠢ ᠬᠦᠷᠦᠭᠡᠳ ᠢᠷᠡᠪᠡ᠃ ᠬᠦᠮᠦᠰ ᠠᠮᠢᠰᠬᠤᠯ ᠢᠶᠠᠨ ᠳᠠᠷᠤᠵᠤ ᠶᠠᠳᠠᠨ ᠬᠦᠯᠢᠶᠡᠨ᠎ᠡ ᠃ ᠨᠤᠲᠤᠭ ᠤᠰᠤᠨ ᠤ ᠪᠤᠭᠤᠷᠤᠯᠴᠤᠳ ᠰᠠᠴᠤᠯᠢ ᠡᠷᠭᠦᠨ ᠮᠢᠯᠢᠶᠠᠨ᠎ᠠ᠃ ︽ᠬᠦᠦ ᠮᠢᠨᠢ ᠬᠡᠢ ᠮᠤᠷᠢ ᠮᠠᠨᠳᠤᠬᠤ ᠪᠤᠯᠲᠤᠭᠠᠢ︾ ᠭᠡᠵᠦ ᠵᠦᠩᠨᠡᠨ ᠢᠷᠦᠭᠡᠨ᠎ᠡ᠃      ᠲᠡᠷᠡ ︽ᠵᠢᠤᠢ ᠬᠤᠸᠠᠷ︾᠂ ︽ᠯᠠᠮᠠ ᠶᠢᠨ ᠳᠠᠷᠬᠠᠨ︾᠂ ︽ᠵᠢᠷᠤᠭ᠎ᠠ ᠶᠢᠨ ᠵᠢᠷᠤᠭ᠎ᠠ︾ ᠭᠡᠬᠦ ᠭᠤᠷᠪᠠᠨ ᠳᠠᠭᠤᠤ ᠪᠠᠨ ᠤᠷᠤᠯᠳᠤᠭᠠᠨ ᠤ ᠲᠤᠭᠲᠠᠭᠠᠯ ᠢᠶᠠᠷ ᠳᠠᠭᠤᠯᠠᠬᠤ ᠳᠤ ᠦᠵᠡᠭᠴᠢ ᠤᠯᠠᠨ ᠠᠮᠢᠰᠬᠤᠯ ᠢᠶᠠᠨ ᠳᠠᠷᠤᠨ ᠰᠠᠭᠤᠵᠤ᠂ ᠲᠧᠯᠸᠢᠰ ᠤᠨ ᠡᠮᠦᠨᠡᠬᠢ ᠦᠵᠡᠭᠴᠢᠳ ᠴᠦ ᠵᠡᠭᠦᠦ ᠤᠨᠠᠭᠰᠠᠨ ᠴᠦ ᠰᠣᠨᠣᠰᠳᠠᠮᠠᠷ ᠨᠠᠮ ᠵᠢᠮ ᠴᠢᠩᠨᠠᠵᠤ᠂ ᠠᠯᠠᠭ ᠬᠤᠶᠠᠷ ᠨᠢᠳᠦ ᠨᠢ ᠮᠡᠯᠡᠰ ᠮᠡᠯᠡᠰ ᠲᠤᠨᠤᠯᠵᠠᠨ᠎ᠠ᠃      ᠭᠡᠨᠡᠳᠲᠡ ᠠᠯᠠᠭ᠎ᠠ ᠲᠠᠰᠢᠯᠲᠠ ᠶᠢᠨ ᠳᠠᠭᠤᠨ ᠨᠢᠵᠢᠭᠢᠨᠡᠵᠦ᠂ ᠬᠠᠰᠢᠯᠭ᠎ᠠ ᠪᠠᠨ ᠳᠠᠪᠠᠭᠰᠠᠨ ᠦᠶᠡᠷ ᠤᠨ ᠤᠷᠤᠰᠬᠠᠯ ᠮᠡᠲᠦ ᠤᠳᠠᠲᠠᠯ᠎ᠠ ᠱᠣᠤᠭᠢᠯᠳᠤᠨ᠎ᠠ᠃      — ᠰᠠᠶᠢᠬᠠᠨ ᠳᠠᠭᠤᠯᠠᠯ᠎ᠠ᠂ ᠨᠤᠲᠤᠭ ᠤᠨ ᠳᠠᠭᠤᠤ ᠪᠠᠨ ᠭᠤᠶᠤ ᠳᠠᠭᠤᠯᠠᠭᠰᠠᠨ ᠰᠢᠦ᠃        — ᠰᠢᠳᠢ ᠤᠷᠤᠰᠢᠭᠰᠠᠨ ᠮᠡᠲᠦ ᠰᠠᠶᠢᠬᠠᠨ ᠳᠠᠭᠤᠯᠠᠯ᠎ᠠ᠂ ᠮᠤᠬᠤᠰᠢ ᠦᠭᠡᠢ ᠬᠤᠭᠤᠯᠠᠢ ᠭᠡᠵᠦ ᠡᠭᠦᠨ ᠢ ᠬᠡᠯᠡᠨ᠎ᠡ᠃      ᠬᠦᠮᠦᠰ ᠳᠦᠷᠭᠢᠲᠡᠯ᠎ᠡ ᠶᠠᠷᠢᠯᠳᠤᠵᠤ ᠠᠯᠠᠭ᠎ᠠ ᠲᠠᠰᠢᠨ᠎ᠠ᠃ ᠠᠷᠠᠳ ᠤᠨ ᠳᠠᠭᠤᠤ ᠪᠠᠨ ᠤᠪᠠᠳᠢᠰ ᠲᠠᠢ ᠳᠠᠭᠤᠯᠠᠭᠰᠠᠨ ᠲᠡᠭᠦᠨ ᠢ ᠪᠢᠰᠢᠷᠡᠨ ᠪᠠᠭ᠋ᠠᠷᠬᠠᠨ᠎ᠠ᠃ ᠤᠷᠲᠤ ᠶᠢᠨ ᠳᠠᠭᠤᠤ ᠶᠢᠨ ᠢᠳᠡ ᠬᠦᠴᠦᠨ ᠢ ᠰᠢᠲᠦᠨ ᠦᠨᠡᠮᠰᠢᠨ᠎ᠡ᠃      ᠤᠷᠤᠯᠳᠤᠭᠠᠨ ᠤ ᠦᠷ᠎ᠡ ᠳ᠋ᠦᠩ ᠢ ᠨᠡᠶᠢᠲᠡᠯᠡᠬᠦ ᠳᠤ ᠤᠯᠠᠨ ᠤ ᠬᠠᠷᠠᠴᠠ ᠮᠦᠩᠬᠡᠵᠢᠷᠭᠠᠯ ᠵᠦᠭ ᠲᠦᠪᠯᠡᠷᠡᠨ᠎ᠡ᠃ ᠠᠯᠠᠭ᠎ᠠ ᠲᠠᠰᠢᠯᠲᠠ ᠶᠢᠨ ᠳᠠᠭᠤᠨ ᠠᠯᠢ ᠪᠦᠬᠦᠨ ᠢ ᠲᠤᠩᠬᠠᠭᠯᠠᠨ᠎ᠠ᠃      ᠮᠦᠩᠬᠡᠵᠢᠷᠭᠠᠯ ᠲᠡᠷᠢᠭᠦᠯᠡᠯ᠎ᠡ᠃ ᠤᠷᠲᠤ ᠶᠢᠨ ᠳᠠᠭᠤᠤ ᠪᠠᠷ ᠢᠶᠠᠨ ᠤᠯᠠᠨ ᠤᠯᠤᠰ ᠤᠨ ᠲᠡᠮᠡᠴᠡᠭᠡᠨ ᠳᠤ ᠦᠵᠦᠭᠦᠷ ᠮᠠᠩᠯᠠᠢ ᠳᠤ ᠲᠤᠳᠤᠷᠠᠯ᠎ᠠ᠃ ᠬᠦᠮᠦᠰ ᠪᠠᠶᠢᠨ ᠳᠠᠬᠢᠨ ᠪᠠᠶᠠᠷ ᠲᠠᠯᠠᠷᠬᠠᠯ᠂ ᠪᠠᠭ᠋ᠠᠳᠤᠯ ᠬᠦᠰᠡᠯ ᠢᠶᠠᠨ ᠳᠡᠪᠰᠢᠭᠦᠯᠦᠨ᠎ᠡ᠃ ᠬᠦᠯᠦᠨ ᠪᠤᠶᠢᠷ ᠬᠤᠲᠠ ᠶᠢᠨ ᠨᠢᠭᠡᠨ ᠨᠠᠰᠤᠲᠠᠨ ᠤᠷᠤᠯᠳᠤᠭᠠᠨ ᠤ ᠬᠦᠲᠦᠯᠦᠭᠴᠢ ᠠᠴᠠ ᠮᠦᠩᠬᠡᠵᠢᠷᠭᠠᠯ ᠤᠨ ᠤᠳᠠᠰᠤ ᠶᠢ ᠤᠯᠤᠭᠠᠳ ᠪᠠᠷᠢᠨ ᠤᠳᠠᠰᠤ ᠢᠷᠡᠭᠦᠯᠵᠦ᠄      — ᠬᠦᠦ ᠮᠢᠨᠢ ᠰᠠᠶᠢᠬᠠᠨ ᠳᠠᠭᠤᠯᠠᠯ᠎ᠠ᠃ ᠡᠵᠢ ᠨᠢ ᠪᠠᠰᠠ ᠤᠷᠲᠤ ᠶᠢᠨ ᠳᠠᠭᠤᠤ ᠪᠠᠨ ᠳᠠᠭᠤᠯᠠᠳᠠᠭ᠃ ᠱᠠᠩᠨᠠᠯ ᠤᠯᠬᠤ ᠭᠡᠭᠴᠢ ᠵᠤᠷᠢᠭᠵᠢᠯ ᠰᠢᠦ᠃ ᠬᠤᠵᠢᠮ ᠨᠡᠩ ᠦᠨᠳᠦᠷ ᠲᠦᠪᠰᠢᠨ ᠳᠤ ᠬᠦᠷᠬᠦ ᠪᠠᠷ ᠴᠢᠷᠮᠠᠶᠢᠬᠤ ᠬᠡᠷᠡᠭᠲᠡᠢ᠂ ᠨᠢᠭᠡᠳᠦᠭᠡᠷ ᠳᠡᠰ ᠲᠤ ᠲᠤᠳᠤᠷᠠᠭᠰᠠᠨ ᠴᠦ ᠵᠤᠭᠰᠤᠩᠭᠤᠶᠢᠷᠠᠵᠤ ᠪᠤᠯᠬᠤ ᠦᠭᠡᠢ᠂ ᠤᠯᠠᠮ ᠰᠠᠶᠢᠨ ᠴᠢᠷᠮᠠᠶᠢᠬᠤ ᠨᠢ ᠵᠦᠪ ᠭᠡᠵᠦ ᠡᠷᠡᠭᠡᠯᠡᠯ ᠦᠭᠡᠢ ᠬᠡᠯᠡᠨ᠎ᠡ᠃     ᠤᠷᠤᠯᠳᠤᠭᠠᠨ ᠤ ᠬᠢᠨᠠᠭᠴᠢ ᠳ᠋ᠤᠺᠲ᠋ᠤᠷ ᠨᠠᠷᠠᠡᠲᠤᠶᠠᠭ᠎ᠠ᠄      — ᠬᠦᠮᠦᠨ ᠢ ᠬᠠᠨᠤᠲᠠᠯ᠎ᠠ ᠳᠠᠭᠤᠯᠠᠬᠤ ᠳᠠᠭᠤᠴᠢᠨ ᠭᠡᠵᠦ ᠪᠠᠶᠢᠳᠠᠭ᠂ ᠠᠳᠡ ᠪᠢ ᠮᠦᠩᠬᠡᠵᠢᠷᠭᠠᠯ ᠢ ᠪᠤᠳᠤᠵᠤ ᠪᠠᠶᠢᠨ᠎ᠠ ᠭᠡᠵᠦ ᠦᠨᠳᠦᠷ ᠦᠨᠡᠯᠡᠨ᠎ᠡ᠃      ᠮᠤᠩᠭᠤᠯ ᠤᠯᠤᠰ ᠠᠴᠠ ᠢᠷᠡᠭᠰᠡᠨ ᠬᠢᠨᠠᠭᠴᠢ ᠪᠠᠭᠰᠢ ᠡᠩᠬᠡᠴᠡᠴᠡᠭ ᠠᠴᠠ᠄      — ᠮᠦᠩᠬᠡᠵᠢᠷᠭᠠᠯ ᠳᠠᠭᠤᠤ ᠶᠢ ᠭᠠᠩᠭᠠᠩ ᠳᠠᠭᠤᠯᠠᠳᠠᠭ ᠳᠠᠭᠤᠴᠢᠨ ᠪᠠᠶᠢᠨ᠎ᠠ ᠭᠡᠵᠦ ᠪᠠᠭ᠋ᠠᠷᠬᠠᠯ ᠮᠠᠭᠲᠠᠭᠠᠯ  ᠢᠶᠠᠨ ᠬᠠᠶᠢᠷᠠᠯᠠᠨ᠎ᠠ᠃      ᠳ᠋ᠤᠺᠲ᠋ᠤᠷ ᠭᠡᠷᠡᠯᠲᠦ ᠪᠠᠭᠰᠢ ᠠᠴᠠ᠄      — ᠮᠦᠩᠬᠡᠵᠢᠷᠭᠠᠯ ᠤᠷᠲᠤ ᠶᠢᠨ ᠳᠠᠭᠤᠤ ᠶᠢ ᠠᠭᠤᠵᠢᠷᠠᠲᠠᠯ᠎ᠠ ᠰᠠᠶᠢᠬᠠᠨ᠂ ᠪᠦᠷᠢᠨ ᠭᠦᠢᠴᠡᠳ ᠳᠠᠭᠤᠯᠠᠵᠤ ᠪᠠᠶᠢᠨ᠎ᠠ᠃ ᠤᠷᠲᠤ ᠶᠢᠨ ᠳᠠᠭᠤᠤ ᠶᠢᠨ ᠡᠭᠡᠰᠢᠭ ᠨᠤᠭᠤᠯᠤᠭ᠎ᠠ ᠶᠢ ᠰᠠᠶᠢᠬᠠᠨ ᠭᠠᠷᠭᠠᠵᠤ᠂ ᠮᠠᠰᠢ ᠤᠶᠠᠩᠭ᠎ᠠ ᠲᠠᠢ᠂ ᠳᠠᠭᠤᠯᠠᠬᠤ ᠳᠤ ᠪᠠᠨ ᠲᠡᠨᠢᠭᠦᠬᠡᠨ ᠪᠠᠶᠢᠵᠤ᠂ ᠵᠠᠷᠢᠮ ᠳᠤ ᠪᠠᠨ ᠵᠦᠭᠡᠯᠡᠷᠡᠵᠦ᠂ ᠵᠠᠷᠢᠮ ᠳᠤ ᠪᠠᠨ ᠲᠠᠯᠪᠢᠵᠤ ᠪᠠᠶᠢᠨ᠎ᠠ ᠭᠡᠵᠦ ᠦᠨᠡᠯᠡᠨ ᠪᠢᠰᠢᠷᠡᠭᠰᠡᠨ ᠶᠤᠮ᠃      ᠦᠵᠡᠭᠴᠢ ᠰᠣᠨᠣᠰᠣᠭᠴᠢᠳ ᠳᠠᠭᠤᠤ ᠶᠢ ᠨᠢ ᠪᠠᠭ᠋ᠠᠷᠬᠠᠨ ᠤᠶᠠᠷᠠᠵᠤ᠂ ᠰᠡᠳᠬᠢᠯᠭᠡ ᠶᠢ ᠨᠢ ᠲᠠᠭᠠᠨ ᠳᠤᠭᠳᠤᠯᠤᠨ ᠪᠠᠶᠠᠰᠴᠤ᠂ ᠠᠶ᠎ᠠ ᠡᠭᠡᠰᠢᠭ ᠲᠤ ᠨᠢ ᠠᠭᠤᠵᠢᠷᠠᠨ ᠲᠠᠶᠢᠪᠤᠰᠢᠷᠠᠨ᠎ᠠ᠃ ᠲᠡᠷᠡ ᠨᠢ ᠶᠠᠭ ᠯᠡ ᠦᠩ ᠦᠷᠭᠡᠨ ᠬᠦᠳᠡᠭᠡ ᠲᠠᠯ᠎ᠠ ᠳᠤ ᠪᠠᠨ ᠮᠤᠷᠢ ᠪᠠᠨ ᠤᠨᠤᠭᠠᠳ ᠰᠠᠨᠠᠭ᠎ᠠ ᠲᠡᠨᠢᠭᠦᠬᠡᠨ ᠳᠠᠪᠬᠢᠭᠤᠯᠬᠤ ᠰᠢᠭ᠋ ᠪᠤᠳᠤᠯ ᠢ ᠬᠦᠲᠦᠯᠦᠨ᠎ᠡ᠃ ᠲᠠᠩᠰᠤᠭ ᠰᠦᠷᠦᠭ ᠤᠨ ᠢᠶᠠᠨ ᠵᠠᠬ᠎ᠠ ᠳᠤ ᠬᠠᠰᠠᠭ ᠢᠶᠠᠨ ᠬᠦᠲᠦᠯᠦᠭᠡᠳ ᠠᠯᠬᠤᠬᠤ ᠮᠡᠲᠦ ᠰᠡᠳᠬᠢᠯ ᠠᠭᠤᠵᠢᠷᠠᠨ᠎ᠠ᠂ ᠦᠩᠭᠡ ᠶᠢᠨ ᠴᠡᠴᠡᠭ ᠳᠡᠯᠭᠡᠷᠡᠭᠰᠡᠨ ᠠᠭᠤᠳᠠᠮ ᠲᠠᠯ᠎ᠠ ᠳᠤ ᠦᠵᠡᠰᠭᠦᠯᠡᠩ ᠤᠨ ᠰᠠᠶᠢᠬᠠᠨ ᠢ ᠪᠠᠭ᠋ᠠᠳᠤᠨ ᠲᠤᠭᠯᠠᠬᠤ ᠰᠢᠤᠬᠠᠨ ᠤᠷᠮ᠎ᠠ ᠲᠠᠢ ᠰᠠᠨᠠᠭᠳᠠᠨ᠎ᠠ᠃ᠤᠷᠲᠤ ᠶᠢᠨ ᠳᠠᠭᠤᠤ ᠶᠢᠨ ᠡᠭᠡᠰᠢᠭ ᠭᠡᠭᠴᠢ ᠡᠶᠢᠮᠦ ᠯᠡ ᠰᠢᠳᠢ ᠲᠠᠢ᠃      ᠢᠷᠠᠭᠤ ᠠᠯᠳᠠᠷ ᠤᠨ ᠰᠠᠮᠪᠠᠷ᠎ᠠ      2005 ᠣᠨ ᠤ 8 ᠰᠠᠷ᠎ᠠ ᠳᠤ ᠠᠷᠤ ᠬᠤᠷᠴᠢᠨ ᠬᠤᠰᠢᠭᠤᠨ ᠤ ᠠᠩᠬᠠᠳᠤᠭᠠᠷ ᠣᠳᠠᠭᠠᠨ ᠤ ᠤᠷᠲᠤ ᠶᠢᠨ ᠳᠠᠭᠤᠤ᠂ ᠮᠤᠩᠭᠤᠯ ᠬᠤᠪᠴᠠᠰᠤ ᠵᠠᠰᠠᠯ ᠤᠨ ᠦᠵᠡᠭᠦᠯᠦᠯᠭᠡ ᠶᠢᠨ ᠤᠷᠤᠯᠳᠤᠭᠠᠨ ᠤ ᠤᠷᠲᠤ ᠶᠢᠨ ᠳᠠᠭᠤᠤ ᠶᠢᠨ ᠨᠢᠭᠡᠳᠦᠭᠡᠷ ᠳᠡᠰ ᠤᠨ ᠱᠠᠩᠨᠠᠯ      2006 ᠣᠨ ᠳᠤ ᠬᠤᠨᠲᠤ ᠪᠠᠯᠭᠠᠰᠣ ᠶᠢᠨ ᠡᠷᠬᠢᠯᠡᠭᠰᠡᠨ ᠠᠷᠠᠳ ᠤᠨ ᠳᠠᠭᠤᠤ ᠶᠢᠨ ᠮᠦᠷᠦᠶᠢᠴᠡᠭᠡᠨ ᠤ ᠲᠡᠷᠢᠭᠦᠨ ᠱᠠᠩᠨᠠᠯ      2007 ᠤᠨ ᠳᠤ ᠤᠯᠠᠭᠠᠨᠬᠠᠳᠠ ᠶᠢᠨ ᠠᠷᠠᠳ ᠤᠨ ᠷᠠᠳᠢᠤ᠋ ᠨᠡᠪᠲᠡᠷᠡᠭᠦᠯᠭᠡ ᠶᠢᠨ ᠬᠤᠷᠢᠶ᠎ᠠ ᠶᠢᠨ ᠡᠷᠬᠢᠯᠡᠭᠰᠡᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠵᠢᠷᠠᠨ ᠵᠢᠯ ᠤᠨ ᠤᠢ ᠶᠢ ᠪᠡᠯᠭᠡᠯᠡᠬᠦ ᠷᠠᠳᠢᠤ᠋ ᠰᠢᠭᠤᠳ ᠨᠡᠪᠲᠡᠷᠡᠭᠦᠯᠭᠡ ᠶᠢᠨ ᠤᠷᠤᠯᠳᠤᠭᠠᠨ ᠳᠤ ᠲᠡᠷᠢᠭᠦᠨ ᠱᠠᠩᠨᠠᠯ      2007 ᠣᠨ ᠳᠤ ᠬᠤᠷᠴᠢᠨ ᠤᠷᠠᠯᠢᠭ ᠤᠨ ᠨᠠᠶᠢᠷ ᠤᠨ ᠦᠵᠡᠭᠦᠯᠦᠯᠭᠡ ᠶᠢᠨ ᠲᠤᠭᠯᠠᠯᠲᠠ ᠶᠢᠨ ᠭᠤᠷᠪᠠᠳᠣᠭᠠᠷ ᠳᠡᠰ ᠤᠨ ᠱᠠᠩᠨᠠᠯ      2009 ᠣᠨ ᠳᠤ ᠲᠦᠩᠯᠢᠶᠣᠤ ᠬᠤᠲᠠ ᠶᠢᠨ ᠠᠩᠬᠠᠳᠤᠭᠠᠷ ᠬᠤᠭᠤᠴᠠᠭᠠᠨ ᠤ ︽ᠸᠧᠢ ᠯᠢᠨ ᠬᠤᠨᠳᠠᠭᠠᠲᠤ︾ ᠬᠤᠷᠴᠢᠨ ᠠᠷᠠᠳ ᠤᠨ ᠳᠠᠭᠤᠤ ᠶᠢᠨ ᠤᠷᠲᠤ ᠶᠢᠨ ᠳᠠᠭᠤᠤ ᠶᠢᠨ ᠤᠷᠤᠯᠳᠤᠭᠠᠨ ᠳᠤ ᠭᠤᠷᠪᠠᠳᠤᠭᠠᠷ ᠳᠡᠰ ᠤᠨ ᠱᠠᠩᠨᠠᠯ      2009 ᠣᠨ ᠳᠤ ᠤᠯᠤᠰ ᠪᠠᠶᠢᠭᠤᠯᠤᠭᠳᠠᠭᠰᠠᠨ ᠵᠢᠷᠠᠨ ᠵᠢᠯ ᠤᠨ ᠤᠢ ᠶᠢ ᠪᠡᠯᠭᠡᠯᠡᠬᠦ ᠵᠠᠯᠠᠭᠤᠴᠤᠳ ᠤᠨ ᠳᠠᠭᠤᠤ ᠶᠢᠨ ᠤᠷᠤᠯᠳᠤᠭᠠᠨ ᠤ ᠭᠤᠷᠪᠠᠳᠤᠭᠠᠷ ᠳᠡᠰ ᠤᠨ ᠱᠠᠩᠨᠠᠯ      2009 ᠣᠨ ᠳᠤ ᠲᠦᠩᠯᠢᠶᠣᠤ ᠬᠤᠲᠠ ᠶᠢᠨ ︽ᠦᠨᠳᠦᠰᠦᠲᠡᠨ ᠤ ᠪᠦᠯᠬᠦᠮᠳᠡᠯ ᠬᠤᠨᠳᠠᠭᠠᠲᠤ︾ ᠬᠤᠷᠴᠢᠨ ᠠᠷᠠᠳ ᠤᠨ ᠳᠠᠭᠤᠤ ᠶᠢᠨ ᠤᠷᠤᠯᠳᠤᠭᠠᠨ ᠤ ᠨᠢᠭᠡᠳᠦᠭᠡᠷ ᠳᠡᠰ ᠤᠨ ᠱᠠᠩᠨᠠᠯ      2010 ᠣᠨ ᠤ 10 ᠰᠠᠷ᠎ᠠ ᠳᠤ ᠲᠦᠩᠯᠢᠶᠣᠤ ᠬᠤᠲᠠ ᠶᠢᠨ ᠬᠤᠷᠴᠢᠨ ᠠᠷᠠᠳ ᠤᠨ ᠳᠠᠭᠤᠤ ᠶᠢᠨ ᠵᠠᠯᠠᠭᠤ ᠳᠠᠭᠤᠴᠢᠳ ᠤᠨ ᠲᠧᠯᠸᠢᠰ ᠱᠠᠩᠨᠠᠯᠲᠦ ᠤᠷᠤᠯᠳᠤᠭᠠᠨ ᠤ ᠨᠢᠭᠡᠳᠦᠭᠡᠷ ᠳᠡᠰ ᠤᠨ ᠱᠠᠩᠨᠠᠯ      2012 ᠣᠨ ᠳᠤ ᠬᠤᠷᠴᠢᠨ ᠤᠷᠠᠯᠢᠭ ᠤᠨ ᠨᠠᠶᠢᠷ ᠤᠨ ᠤᠷᠲᠤ ᠶᠢᠨ ᠳᠠᠭᠤᠤ ᠶᠢᠨ ᠤᠷᠤᠯᠳᠤᠭᠠᠨ ᠳᠤ ︽ᠵᠠᠩ ᠮᠦᠷᠡᠨ ᠤ ᠤᠰᠤ︾ ᠭᠡᠬᠦ ᠳᠠᠭᠤᠤ ᠪᠠᠷ ᠢᠶᠠᠨ ᠬᠤᠶᠠᠳᠤᠭᠠᠷ ᠳᠡᠰ ᠤᠨ ᠱᠠᠩᠨᠠᠯ      2014 ᠣᠨ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠠᠭᠠᠨᠮᠦ᠋ᠴᠢᠷ ᠤᠨ ᠤᠷᠠᠯᠢᠭ  ᠤᠨ ᠨᠠᠶᠢᠷ ᠤᠨ ᠲᠤᠭᠯᠠᠯᠲᠠ ᠳᠤ ︽ᠨᠠᠮᠤᠭ ᠴᠡᠭᠡᠯ ᠤᠨ ᠪᠤᠷᠭᠠᠰᠤ︾ ᠭᠡᠬᠦ ᠳᠠᠭᠤᠤ ᠪᠠᠷ ᠢᠶᠠᠨ ᠬᠤᠶᠠᠳᠤᠭᠠᠷ ᠳᠡᠰ  ᠤᠨ ᠱᠠᠩᠨᠠᠯ      2015 ᠣᠨ ᠳᠤ ᠨᠠᠢᠮᠠᠨ ᠮᠤᠵᠢ ᠤᠷᠤᠨ ᠤ ︽ᠵᠠᠭᠤᠨᠠᠰᠤᠲᠤ︾ ᠨᠡᠷᠡᠮᠵᠢᠲᠦ ᠤᠷᠲᠤ ᠶᠢᠨ ᠳᠠᠭᠤᠤ ᠶᠢᠨ ᠤᠷᠤᠯᠳᠤᠭᠠᠨ ᠳᠤ ᠬᠤᠶᠠᠳᠤᠭᠠᠷ ᠳᠡᠰ ᠤᠨ ᠱᠠᠩᠨᠠᠯ      2016 ᠣᠨ ᠳᠤ ︽ᠦᠵᠡᠰᠭᠦᠯᠡᠩᠲᠦ ᠰᠠᠶᠢᠬᠠᠨ ᠦᠪᠦᠷ ᠮᠤᠩᠭᠤᠯ︾ ᠪᠦᠬᠦ ᠤᠷᠤᠨ ᠤ ᠳᠠᠭᠤᠨ ᠤ ᠤᠷᠤᠯᠳᠤᠭᠠᠨ ᠳᠤ ᠤᠷᠲᠤ ᠶᠢᠨ ᠳᠠᠭᠤᠤ ᠶᠢᠨ ᠬᠤᠶᠠᠳᠤᠭᠠᠷ ᠳᠡᠰ ᠤᠨ ᠱᠠᠩᠨᠠᠯ      2017 ᠣᠨ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠠᠭᠠᠨᠮᠦ᠋ᠴᠢᠷ ᠤᠨ ᠤᠷᠠᠯᠢᠭ  ᠤᠨ ᠨᠠᠶᠢᠷ ᠤᠨ ᠲᠤᠭᠯᠠᠯᠲᠠ ᠶᠢᠨ ᠲᠡᠷᠢᠭᠦᠨ ᠱᠠᠩᠨᠠᠯ ᠢ ᠤᠳᠠᠭ᠎ᠠ ᠳᠠᠷᠠᠭ᠎ᠠ ᠪᠠᠷ ᠬᠦᠷᠲᠡᠪᠡ᠃ᠲᠡᠷᠡ ᠪᠠᠰᠠ ᠬᠦᠷᠢᠶ᠎ᠡ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ᠳᠡᠯᠭᠡᠷᠡᠭᠦᠯᠦᠭᠴᠢ ᠴᠢᠨᠠᠷᠲᠠᠢ ᠲᠦᠷᠦᠯ ᠵᠦᠢᠯ ︽ᠬᠦᠷᠢᠶ᠎ᠡ ᠤᠷᠲᠤ ᠶᠢᠨ ᠳᠠᠭᠤᠤ︾ ᠶᠢᠨ ᠤᠯᠠᠮᠵᠢᠯᠠᠭᠴᠢ ᠪᠠᠷ ᠴᠤᠯᠠᠯᠠᠭᠳᠠᠪᠠ᠃      ᠠᠷᠢᠭᠤᠨ ᠬᠦᠰᠡᠯ      ᠮᠦᠩᠬᠡᠵᠢᠷᠭᠠᠯ ᠭᠡᠭᠴᠢ ᠨᠤᠲᠤᠭ ᠤᠨ ᠬᠠᠯᠠᠭᠤᠨ ᠰᠢᠷᠤᠢ ᠳᠤ ᠪᠠᠨ ᠤᠷᠲᠤ ᠶᠢᠨ ᠳᠠᠭᠤᠤ ᠪᠠᠷ ᠲᠤᠷᠨᠢᠨ ᠪᠤᠶᠢᠵᠢᠭᠰᠠᠨ ᠠᠷᠠᠳ ᠤᠨ ᠳᠠᠭᠤᠴᠢᠨ᠃ ᠡᠪᠦᠭᠡ ᠳᠡᠭᠡᠳᠦᠰ ᠠᠴᠠ ᠦᠪᠯᠡᠭᠰᠡᠨ ᠤᠵᠠᠭᠤᠷ ᠤᠷᠠᠯᠢᠭ ᠤᠨ ᠠᠯᠲᠠᠨ ᠰᠢᠮ᠎ᠡ ᠶᠢ ᠬᠦᠷᠲᠡᠵᠦ᠂ ᠤᠷᠲᠤ ᠶᠢᠨ ᠳᠠᠭᠤᠤ ᠶᠢᠨ ᠤᠶᠠᠩᠭ᠎ᠠ  ᠡᠭᠡᠰᠢᠭ  ᠠᠯᠳᠠᠷ  ᠨᠡᠷ᠎ᠡ   ᠶᠢ   ᠨᠢ  ᠡᠷᠭᠦᠭᠰᠡᠨ  ᠬᠦᠮᠦᠨ᠃      ᠠᠷᠪᠠᠨ ᠵᠢᠯ ᠤᠨ ᠤᠷᠠᠯᠢᠭ ᠤᠨ ᠠᠶᠠᠨ ᠳᠤ ᠪᠠᠨ ᠤᠶᠢᠭ᠎ᠠ ᠦᠭᠡᠢ ᠤᠢ ᠲᠠᠮᠢᠷ ᠢᠶᠠᠨ ᠵᠤᠷᠢᠭᠤᠯᠤᠨ᠂ ᠪᠠᠭᠰᠢ  ᠶᠢᠨ ᠰᠤᠷᠭᠠᠯ ᠢᠶᠠᠷ ᠪᠢᠯᠢᠭ ᠲᠠᠮᠢᠷ ᠢᠶᠠᠨ ᠳᠠᠪᠲᠠᠵᠤ᠂ ︽ᠪᠢ ᠪᠠᠰᠠ ᠳᠠᠭᠤᠴᠢᠨ ᠪᠤᠯᠤᠭᠰᠠᠨ ᠪᠤᠯ ᠬᠡᠴᠢᠨᠡᠭᠡᠨ ᠰᠠᠶᠢᠬᠠᠨ ᠪᠤᠢ︾ ᠭᠡᠵᠦ ᠪᠠᠶᠢᠴᠠ ᠶᠢᠨ ᠭᠤᠤᠯ ᠤᠨ ᠬᠦᠪᠡᠭᠡᠨ ᠳᠤ ᠰᠦᠷᠦᠭ ᠢᠶᠠᠨ ᠬᠠᠷᠢᠭᠤᠯᠤᠨ ᠬᠦᠰᠡᠵᠦ ᠪᠠᠶᠢᠭᠰᠠᠨ ᠠᠴᠠ ᠤᠯᠠᠨ ᠤᠯᠤᠰ ᠤᠨ ᠤᠷᠲᠤ ᠶᠢᠨ ᠳᠠᠭᠤᠤ ᠶᠢᠨ ᠮᠠᠩᠯᠠᠢ ᠳᠠᠭᠤᠴᠢᠨ ᠢᠶᠠᠷ ᠲᠤᠳᠤᠷᠠᠭᠰᠠᠨ ᠨᠢ ᠶᠤᠰᠤᠲᠠᠢ ᠭᠠᠶᠢᠬᠠᠮᠰᠢᠭ ᠶᠤᠮ᠃ ᠲᠡᠭᠦᠨ ᠤ ᠤᠷᠠᠯᠢᠭ ᠤᠨ ᠠᠶᠠᠨ ᠢ ᠬᠠᠷᠠᠬᠤ ᠳᠤ ᠣᠤᠭᠠᠨᠪᠠᠶᠠᠷ ᠪᠠᠭᠰᠢ ᠭᠡᠭᠴᠢ ︽ᠪᠢᠯᠢᠭ ᠤᠨ ᠬᠡᠭᠡᠷ ᠢ ᠲᠠᠨᠢᠭᠰᠠᠨ ᠪᠧ ᠯᠧ︾ ᠭᠡᠳᠡᠭ ᠢ ᠡᠷᠬᠡ ᠦᠭᠡᠢ ᠦᠨᠡᠮᠰᠢᠨ᠎ᠡ᠃ ᠬᠡᠷᠪᠡ ᠣᠤᠭᠠᠨᠪᠠᠶᠠᠷ ᠪᠠᠭᠰᠢ  ᠶᠢᠨ ᠠᠯᠠᠭ ᠦᠭᠡᠢ ᠰᠡᠳᠬᠢᠯ ᠠᠯᠵᠢᠶᠠᠯ ᠦᠭᠡᠢ ᠵᠢᠭᠠᠨ ᠵᠢᠯᠤᠭᠤᠳᠤᠯᠭ᠎ᠠ ᠦᠭᠡᠢ ᠪᠤᠯ ᠤᠷᠲᠤ ᠶᠢᠨ ᠳᠠᠭᠤᠤ ᠶᠢᠨ ᠪᠠᠰᠠ ᠨᠢᠭᠡᠨ ᠰᠣᠳᠣᠨ ᠳᠠᠭᠤᠴᠢᠨ ᠬᠠᠮᠢᠭ᠎ᠠ ᠶᠠᠭᠤ ᠬᠢᠳᠡᠭ ᠢ ᠪᠣᠤ ᠮᠡᠳᠡ᠃      ᠮᠦᠩᠬᠡᠵᠢᠷᠭᠠᠯ ᠠᠴᠢᠲᠦ ᠪᠠᠭᠰᠢ ᠶᠢᠨ ᠢᠶᠠᠨ ᠬᠦᠰᠡᠯ ᠢ ᠤᠷᠠᠨ ᠬᠤᠭᠤᠯᠠᠢ ᠪᠠᠷ ᠢᠶᠠᠨ ᠭᠦᠢᠴᠡᠳᠬᠡᠵᠦ᠂ ᠠᠯᠠᠭ ᠦᠭᠡᠢ ᠰᠠᠶᠢᠬᠠᠨ ᠰᠡᠳᠬᠢᠯ ᠢ ᠨᠢ ᠤᠷᠲᠤ ᠶᠢᠨ ᠳᠠᠭᠤᠤ ᠪᠠᠷ ᠬᠠᠷᠢᠭᠤᠯᠤᠨ ᠮᠢᠯᠢᠶᠠᠵᠠᠢ᠃ ᠲᠡᠭᠦᠨ ᠤ ᠦᠯᠢᠭᠡᠷ ᠰᠢᠭ ᠤᠴᠠᠷᠠᠯ ᠲᠤᠬᠢᠶᠠᠯᠳᠤᠯ ᠢ ᠰᠣᠨᠣᠰᠬᠤ ᠳᠤ᠄      — ᠠᠴᠢᠲᠦ ᠪᠠᠭᠰᠢ ᠨᠠᠷ ᠮᠢᠨᠢ ᠲᠦᠰᠢᠭ ᠨᠦᠮᠦᠷᠢ ᠪᠤᠯᠤᠭᠰᠠᠨ ᠢᠶᠠᠷ ᠡᠭᠡᠯ ᠨᠢᠭᠡᠨ ᠮᠠᠯᠴᠢᠨ ᠪᠢ ᠠᠯᠪᠠᠨ ᠭᠠᠵᠠᠷ ᠬᠦᠯ ᠲᠤᠭᠲᠠᠨ ᠤᠯᠠᠨ ᠠᠷᠪᠢᠨ ᠱᠠᠩᠨᠠᠯ ᠬᠦᠷᠲᠡᠵᠡᠢ ᠭᠡᠵᠦ ᠤᠷᠲᠤᠬᠠᠨ ᠠᠮᠢᠰᠬᠤᠵᠤ ᠨᠢᠳᠦ ᠪᠠᠨ ᠵᠦᠯᠭᠦᠨ᠎ᠡ      ᠲᠡᠭᠦᠨ ᠤᠨ ᠣᠯᠣᠰ ᠤᠷᠤᠨ ᠤ ᠤᠷᠤᠯᠳᠤᠭᠠᠨ ᠳᠤ ᠬᠦᠷᠲᠡᠭᠰᠡᠨ ᠦᠨᠡᠮᠯᠡᠯ ᠢ ᠭᠠᠶᠢᠬᠠᠨ ᠦᠵᠡᠬᠦ ᠳᠤ ᠬᠠᠵᠠᠭᠤ ᠳᠤ ᠰᠠᠭᠤᠭᠰᠠᠨ ᠮᠦᠩᠬᠡᠵᠢᠷᠭᠠᠯ᠄      — ᠱᠠᠩᠨᠠᠯ ᠮᠧᠳᠠᠯ ᠭᠡᠭᠴᠢ ᠵᠦᠪᠬᠡᠨ ᠦᠩᠭᠡᠷᠡᠭᠰᠡᠨ ᠤ ᠭᠡᠷᠡᠴᠢ ᠲᠡᠮᠳᠡᠭ ᠲᠡᠳᠦᠢ᠂ ᠵᠠᠪ ᠴᠢᠯᠦᠭᠡ ᠤᠯᠳᠠᠪᠠᠯ ᠤᠷᠲᠤ ᠶᠢᠨ ᠳᠠᠭᠤᠤ ᠶᠢᠨ ᠨᠡᠷᠡᠲᠦ ᠪᠠᠭᠰᠢ ᠳᠤ ᠱᠠᠪᠢᠯᠠᠵᠤ᠂ ᠤᠷᠲᠤ ᠶᠢᠨ ᠳᠠᠭᠤᠤ ᠳᠠᠭᠤᠯᠠᠬᠤ ᠮᠡᠷᠭᠡᠵᠢᠯ  ᠢ ᠴᠠᠭᠠᠰᠢᠲᠠ ᠰᠤᠷᠤᠯᠴᠠᠬᠤ ᠰᠠᠨᠠᠭ᠎ᠠ ᠲᠠᠢ᠃ ᠤᠷᠲᠤ ᠶᠢᠨ ᠳᠠᠭᠤᠤ ᠪᠠᠷ ᠢᠶᠠᠨ ᠦᠷᠭᠦᠯᠵᠢᠯᠡᠨ ᠰᠤᠳᠤᠯᠤᠨ ᠴᠢᠷᠮᠠᠶᠢᠵᠤ᠂ ᠠᠷᠠᠳ ᠲᠦᠮᠡᠨ ᠤ ᠪᠠᠨ ᠬᠦᠨᠳᠦ ᠬᠦᠰᠡᠯ ᠢ ᠬᠦᠰᠡᠷᠳᠡᠭᠦᠯᠬᠦ ᠦᠭᠡᠢ ᠪᠠᠷ ᠴᠢᠷᠮᠠᠶᠢᠨ᠎ᠠ ᠭᠡᠵᠦ ᠪᠤᠳᠤᠯ  ᠢᠶᠠᠨ ᠳᠡᠯᠭᠡᠨ᠎ᠡ᠃      ᠲᠡᠶᠢᠮᠦ ᠡ᠂ ᠵᠤᠷᠢᠭ ᠰᠦᠰᠦ ᠲᠠᠢ ᠬᠦᠮᠦᠨ ᠳᠤ ᠳᠠᠪᠠᠵᠤ ᠳᠡᠶᠢᠯᠦᠰᠢ ᠦᠭᠡᠢ ᠪᠡᠷᠬᠡ ᠠᠯᠠᠭ᠎ᠠ᠃ ᠲᠡᠷᠡ ᠪᠤᠯ ᠠᠷᠤ ᠬᠤᠷᠴᠢᠨ ᠠᠴᠠ ᠳᠡᠭᠦᠯᠢᠭᠰᠡᠨ ᠠᠷᠠᠳ ᠤᠨ ᠳᠠᠭᠤᠴᠢᠨ᠃ ᠣᠷᠲᠣ ᠶᠢᠨ ᠳᠠᠭᠤᠤ ᠪᠠᠷ ᠬᠦᠷᠢᠶ᠎ᠡ ᠨᠤᠲᠤᠭ ᠤᠨ ᠠᠯᠳᠠᠷ ᠢ ᠡᠷᠭᠦᠭᠰᠡᠨ ᠤᠷᠠᠯᠢᠭᠴᠢᠨ᠃ ᠲᠡᠷᠡ ᠮᠠᠨᠢ᠄      ᠣᠤ ᠮᠦᠷᠡᠨ ᠤ ᠪᠠᠨ ᠤᠰᠤ ᠶᠢ      ᠤᠯᠤᠮ ᠢ ᠨᠢ ᠦᠵᠡᠮᠡᠨ ᠲᠤᠭᠤᠯᠤᠶ᠎ᠠ      ᠤᠷᠢ ᠵᠠᠯᠠᠭᠤ ᠨᠠᠰᠤᠨ ᠳᠤ ᠪᠠᠨ      ᠶᠠᠭᠠᠬᠢᠪᠠᠴᠤ ᠰᠠᠨᠠᠭᠰᠠᠨ ᠢᠶᠠᠨ ᠭᠦᠢᠴᠡᠳᠬᠡᠶ᠎ᠡ ᠁ ᠭᠡᠵᠦ ᠤᠶᠠᠷᠠᠲᠠᠯ᠎ᠠ ᠳᠠᠭᠤᠯᠠᠨ᠎ᠠ᠃︽ᠤᠷᠢ ᠵᠠᠯᠠᠭᠤ ᠶᠢᠨ ᠴᠠᠭ ᠲᠤ ᠪᠠᠨ ᠤᠷᠲᠤ ᠶᠢᠨ ᠳᠠᠭᠤᠤ ᠶᠢᠨ ᠡᠭᠡᠰᠢᠭ ᠢᠶᠠᠷ ᠤᠷᠠᠯᠢᠭ ᠤᠨ ᠤᠭᠲᠠᠷᠭᠤᠢ ᠳᠤ ᠰᠠᠨᠠᠭ᠎ᠠ ᠪᠠᠷ ᠢᠶᠠᠨ ᠳᠡᠭᠦᠯᠢᠭᠡᠷᠡᠢ︾ ᠭᠡᠬᠦ ᠵᠦᠩᠨᠡᠯ ᠢᠶᠠᠷ ᠠᠷᠢᠭᠤᠨ ᠬᠦᠰᠡᠯ ᠢ ᠴᠢᠨᠢ ᠮᠢᠯᠢᠶᠠᠨᠠᠮ᠃      ᠣᠷᠲᠣ ᠶᠢᠨ ᠳᠠᠭᠤᠤ ᠮᠦᠩᠬᠡ ᠶᠢᠨ ᠰᠢᠲᠦᠭᠡᠨ      ᠠᠷᠠᠳ ᠤᠨ ᠤᠷᠠᠯᠢᠭ ᠬᠦᠰᠡᠯ ᠤᠨ ᠵᠢᠭᠦᠷ᠃
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号