ᠬᠦᠷᠦᠰᠦᠯᠢᠭ ᠬᠠᠷ᠎ᠠ ᠴᠢᠷᠠᠢ ᠲᠠᠢ᠂ ᠬᠦᠳᠡᠷᠯᠢᠭ ᠦᠨᠳᠦᠷᠭᠡᠨ ᠪᠡᠶ᠎ᠡ ᠲᠠᠢ ᠬᠦᠳᠡᠭᠡ ᠶᠢᠨ ᠬᠠᠷ᠎ᠠ ᠪᠤᠷᠤ | ᠠᠵᠢᠯ ᠳᠤ ᠰᠢᠭᠤᠷᠬᠠᠢ ᠪᠠᠶᠢᠳᠠᠭ ᠨᠠᠰᠤᠡᠪᠠᠶᠠᠷ ᠵᠠᠯᠠᠭᠤ ᠪᠤᠯ ᠠᠷᠤ ᠬᠤᠷᠴᠢᠨ ᠬᠤᠰᠢᠭᠤᠨ ᠤ ᠱᠤᠥᠬᠢᠨ ᠪᠠᠯᠭᠠᠰᠤᠨ ᠤ | ᠤᠨᠠᠭ᠎ᠠ ᠭᠠᠴᠠᠭ᠎ᠠ ᠶᠢᠨ ᠮᠠᠯᠴᠢᠨ ᠨᠠᠮᠵᠢᠯᠳᠤᠷᠵᠢ᠂ ᠲᠠᠷᠠᠭᠠᠬᠦᠥ ᠶᠢᠨ ᠭᠤᠷᠪᠠᠳᠤᠭᠠᠷ ᠬᠦᠥ ᠪᠤᠯᠤᠨ ᠵᠠᠶᠠᠭᠠᠭᠰᠠᠨ ᠶᠤᠮ | ᠃ ᠠᠪᠤ ᠨᠢ ᠤᠨᠠᠭ᠎ᠠ ᠪᠠᠷᠢᠭᠠᠲᠠ ᠶᠢᠨ ᠬᠠᠮᠲᠦ ᠶᠢᠨ ᠬᠤᠨᠢᠨ ᠰᠦᠷᠦᠭ ᠢ ᠣᠳᠠᠭᠠᠨ ᠵᠢᠯ ᠬᠠᠷᠢᠭᠤᠯᠤᠭᠰᠠᠨ ᠬᠠᠰᠢᠷ | ᠬᠤᠨᠢᠴᠢᠨ ᠬᠦᠮᠦᠨ ᠪᠠᠶᠢᠭᠰᠠᠨ ᠠᠴᠠ ᠨᠠᠰᠤᠡᠪᠠᠶᠠᠷ ᠮᠠᠯᠴᠢᠨ ᠬᠦᠮᠦᠨ ᠳᠤ ᠯᠠ ᠪᠠᠶᠢᠳᠠᠭ ᠠᠵᠢᠯ ᠬᠦᠳᠡᠯᠮᠦᠷᠢ ᠳᠤ | ᠬᠤᠶᠢᠰᠢ ᠦᠭᠡᠢ ᠰᠢᠷᠭᠠᠭᠤ ᠬᠠᠲᠠᠭᠤᠵᠢᠯᠲᠠᠢ ᠮᠦᠷᠲᠡᠭᠡᠨ ᠲᠡᠰᠪᠦᠷᠢ ᠲᠠᠭᠠᠭᠠᠴᠢᠲᠠᠢ ᠵᠠᠩ ᠴᠢᠨᠠᠷ ᠤᠨ ᠲᠤᠮᠲᠠ | ᠦᠰᠦᠨ ᠪᠤᠶᠢᠵᠢᠭᠰᠠᠨ ᠪᠢᠯᠠ᠃ | ᠨᠠᠰᠤᠡᠪᠠᠶᠠᠷ᠂ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠪᠠᠶᠢᠭᠰᠠᠨ ᠪᠤᠯᠪᠠᠴᠦ ᠠᠷᠤ ᠭᠡᠷ ᠬᠦᠮᠦᠨ | ᠠᠮᠠ ᠤᠯᠠᠨ᠂ ᠠᠳᠠᠯ ᠠᠮᠢᠳᠤᠷᠠᠯ ᠬᠦᠴᠢᠷᠲᠡᠢ ᠠᠴᠠ ᠪᠤᠯᠵᠦ᠂ ᠠᠩᠬ᠎ᠠ ᠲᠤᠮᠲᠠᠲᠦ ᠪᠠᠨ ᠲᠦᠩᠬᠡᠵᠢ ᠲᠡᠭᠦᠰᠬᠡᠬᠡᠳ | ᠠᠷᠣ ᠭᠡᠷ ᠲᠡᠭᠡᠨ ᠬᠠᠷᠢᠵᠦ ᠮᠠᠯᠴᠢᠨ ᠪᠤᠯᠤᠭᠰᠠᠨ ᠪᠠᠶᠢᠯ᠎ᠠ᠃ ᠲᠡᠷᠡ ᠰᠤᠶᠤᠯ ᠰᠤᠷᠭᠠᠭᠤᠯᠢ ᠶᠢᠨ ᠮᠦᠷ ᠬᠦᠬᠡᠬᠡᠵᠦ | ᠡᠷᠳᠡᠮ ᠮᠡᠳᠡᠯᠬᠡ ᠶᠢᠨ ᠲᠠᠯᠠᠢ ᠳᠤ ᠱᠤᠮᠪᠠᠭ᠋ᠤ ᠪᠠᠷ ᠮᠡᠷᠡᠶᠢᠵᠦ ᠶᠠᠪᠤᠭᠰᠠᠨ ᠬᠠᠮᠲᠦ ᠰᠤᠷᠤᠯᠭᠠᠲᠠᠨ ᠨᠠᠷ ᠠᠴᠠ ᠪᠠᠨ | ᠬᠤᠴᠣᠷᠣᠨ᠂ ᠰᠤᠷᠬᠤ ᠶᠢᠨ ᠰᠠᠶᠢᠬᠠᠨ ᠠᠯᠲᠠᠨ ᠴᠠᠭ ᠢᠶᠠᠨ ᠡᠷᠬᠢᠰᠢ ᠦᠭᠡᠢ ᠠᠯᠲᠠᠵᠦ ᠶᠠᠪᠤᠭᠤᠯᠤᠭᠰᠠᠨ ᠰᠢᠯᠲᠠᠭᠠᠨ | ᠢᠶᠠᠨ ᠪᠦᠷᠢᠨ ᠤᠶᠢᠯᠭᠠᠭᠰᠠᠨ ᠲᠡᠷᠡ ᠬᠦᠳᠡᠭᠡ ᠨᠤᠲᠤᠭ ᠲᠤ ᠪᠠᠨ ᠮᠠᠯᠴᠢᠨ ᠪᠤᠯᠤᠭᠰᠠᠨ ᠴᠦ ︽ᠠᠳᠤᠭᠤᠨ ᠳᠤ ᠪᠠᠨ | ᠬᠡᠪᠡᠯ ᠠᠭᠲᠠ ᠶᠢᠨ ᠲᠤᠭᠤᠰᠤᠨ ᠳᠤ ᠪᠤᠯᠠᠭᠲᠠᠬᠤ ᠦᠭᠡᠢ᠂ ᠠᠲᠠᠭᠠᠨ ᠳᠤ ᠪᠠᠨ ᠭᠡᠪᠡᠯ ᠬᠦᠮᠦᠨ ᠤ ᠲᠤᠭᠤᠰᠤᠨ ᠳᠤ | ᠪᠤᠯᠠᠭᠲᠠᠬᠤ ᠦᠭᠡᠢ︾ ᠬᠡᠰᠡᠨ ᠵᠤᠷᠢᠭ ᠰᠠᠨᠠᠭ᠎ᠠ ᠪᠤᠶᠤ ᠡᠨᠡᠬᠦ ᠰᠠᠶᠢᠨ ᠰᠠᠶᠢᠬᠠᠨ ᠨᠡᠶᠢᠬᠡᠮ ᠳᠤ ᠰᠠᠶᠢᠨ ᠰᠠᠶᠢᠬᠠᠨ ᠢᠶᠠᠷ | ᠠᠮᠢᠳᠤᠷᠠᠪᠠᠯ ᠰᠠᠶ᠋ᠢ ᠣᠳᠬ᠎ᠠ ᠠᠭᠤᠯᠭ᠎ᠠ ᠲᠠᠢ ᠬᠡᠵᠦ ᠦᠵᠡᠭᠡᠳ ᠠᠷᠪᠠᠨ ᠵᠢᠷᠭᠤᠭᠠᠨ ᠨᠠᠰᠤᠨ ᠠᠴᠠ ᠪᠠᠨ ᠡᠬᠢᠯᠡᠨ | ᠪᠤᠰᠤᠳ ᠤᠨ ᠬᠤᠨᠢᠨ ᠰᠦᠷᠦᠭ ᠢ ᠬᠦᠴᠦ ᠪᠠᠷ ᠬᠠᠷᠢᠭᠤᠯᠤᠨ ᠪᠠᠭ᠎ᠠ ᠰᠠᠭ᠎ᠠ ᠵᠤᠭᠤᠰ ᠮᠦᠩᠬᠦ ᠤᠯᠵᠦ ᠤᠷᠤᠯᠭ᠎ᠠ | ᠪᠠᠨ ᠨᠡᠮᠡᠭᠲᠡᠬᠦᠯᠵᠦ ᠪᠠᠶᠢᠭᠰᠠᠨ ᠢᠶᠠᠨ ᠬᠤᠷᠢᠨ ᠨᠢᠬᠡᠨ ᠨᠠᠰᠤᠨ ᠠᠴᠠ ᠪᠠᠨ ᠠᠶᠢᠯ ᠠᠶᠢᠮᠠᠭ ᠤᠨ ᠬᠡᠷ ᠪᠠᠷᠢᠯᠭᠠᠴᠢᠳ | ᠢᠶᠠᠨ ᠲᠠᠭᠠᠨ ᠬᠡᠷ ᠪᠠᠷᠢᠯᠭ᠎ᠠ ᠶᠢᠨ ᠠᠵᠢᠯ ᠳᠤ ᠤᠷᠤᠯᠴᠠᠨ ᠤᠷᠤᠯᠭ᠎ᠠ ᠪᠠᠨ ᠨᠢᠬᠡ ᠠᠯᠬᠤᠮ ᠨᠡᠮᠡᠭᠲᠡᠬᠦᠯᠦᠭᠰᠡᠨ | ᠮᠦᠷᠲᠡᠭᠡᠨ ᠬᠦᠯᠦᠰᠦᠨ ᠵᠤᠭᠤᠰ ᠵᠶ᠋ᠠᠨᠢᠳᠡᠭ ᠢᠳᠡᠭ ᠢᠶᠠᠷ ᠬᠤᠷᠠᠮᠳᠤᠭᠤᠯᠵᠦ᠂ ᠠᠬ᠎ᠠ ᠲᠡᠬᠦᠥ ᠶᠢᠨ ᠢᠶᠠᠨ ᠠᠶᠢᠯ ᠬᠡᠷ | ᠪᠤᠯᠵᠦ ᠠᠮᠢᠳᠤᠷᠠᠯᠭ᠎ᠠ ᠪᠤᠰᠬᠠᠬᠤ ᠳᠤ ᠨᠢ ᠴᠢᠳᠠᠯ ᠤᠨ ᠬᠢᠷᠢ ᠪᠠᠷ ᠢᠶᠠᠨ ᠬᠠᠪᠰᠤᠷᠬᠤ ᠶᠢᠨ ᠲᠠᠭᠤ᠂ ᠠᠳᠠᠯ | ᠠᠮᠢᠳᠤᠷᠠᠯ ᠢᠶᠠᠨ ᠦᠬᠡᠳᠡ ᠲᠠᠲᠠᠬᠤ ᠶᠢᠨ ᠲᠦᠯᠦᠬᠡ ᠵᠢᠯ ᠪᠦᠷᠢ ᠬᠡᠳᠦ ᠬᠡᠳᠦᠨ ᠲᠤᠯᠤᠭᠠᠢ ᠪᠠᠷ ᠬᠤᠨᠢ ᠢᠮᠠᠭ᠎ᠠ᠂ | ᠲᠤᠭᠤᠯ ᠪᠢᠷᠠᠭᠤ ᠬᠤᠳᠠᠯᠳᠤᠨ ᠠᠪᠴᠦ ᠴᠢᠨᠡᠬᠡᠯᠢᠭᠵᠢᠯ ᠤᠨ ᠵᠠᠮ ᠢᠶᠠᠨ ᠡᠯᠬᠦᠭᠰᠡᠨ ᠪᠠᠶᠢᠨ᠎ᠠ᠃ | ︽ᠬᠦᠳᠡᠯᠮᠦᠷᠢ ᠬᠦᠮᠦᠨ ᠢ ᠭᠤᠮᠤᠲᠠᠭᠠᠲᠠᠭ ᠦᠭᠡᠢ︾ ᠬᠡᠳᠡᠭ ᠦᠬᠡ ᠶᠢᠨ ᠤᠳᠬ᠎ᠠ ᠴᠢᠨᠠᠷ ᠢ ᠬᠦᠮᠦᠨ | ᠪᠦᠬᠦᠨ ᠮᠡᠳᠡᠳᠡᠭ ᠪᠤᠯᠪᠠᠴᠦ ᠦᠢᠯᠡᠳᠦᠯᠭᠡᠵᠢᠭᠦᠯᠦᠭᠰᠡᠨ ᠨᠢ ᠬᠠᠷᠢᠨ ᠴᠦᠬᠡᠨ ᠪᠠᠶᠢᠳᠠᠭ ᠠᠵᠢ᠃ ᠬᠡᠬᠦ ᠳᠤ | ᠨᠠᠰᠤᠡᠪᠠᠶᠠᠷ ᠤᠨ ᠠᠷᠪᠠ ᠭᠠᠷᠤᠢ ᠵᠢᠯ ᠤᠨ ᠰᠢᠷᠭᠠᠭᠤ ᠬᠠᠲᠠᠭᠤᠵᠢᠯᠲᠠᠢ ᠬᠦᠴᠦ ᠬᠦᠯᠦᠰᠦ ᠤᠷᠤᠰᠬᠠᠭᠰᠠᠨ ᠤ | ᠬᠠᠷᠢᠭᠤ ᠳᠤ ᠪᠠᠶᠠᠨ ᠴᠢᠨᠡᠬᠡᠯᠢᠭ ᠠᠮᠢᠳᠤᠷᠠᠯ ᠬᠤᠶᠢᠮᠤᠷ ᠲᠤ ᠨᠢ ᠰᠠᠭᠠᠲᠠᠵᠠᠢ᠃ ᠲᠠᠷᠠ ᠮᠦᠨ ᠮᠠᠯ ᠰᠦᠷᠦᠭ | ᠵᠤᠵᠠᠭᠠᠷᠠᠨ ᠬᠦᠷᠦᠩᠵᠢᠬᠦ ᠶᠢ ᠲᠠᠭᠠᠯᠳᠤᠨ ᠰᠠᠭᠤᠷᠢ ᠪᠦᠲᠦᠬᠡᠨ ᠪᠠᠶᠢᠭᠤᠯᠤᠯᠲᠠ ᠶᠢ ᠰᠠᠶᠢᠳᠤᠷ ᠬᠢᠬᠦ ᠬᠡᠷᠡᠭᠲᠡᠢ ᠬᠡᠰᠡᠨ | ᠢ ᠰᠠᠷᠠᠵᠦ ᠮᠡᠳᠡᠭᠡᠳ᠂ ᠤᠷᠢᠳ ᠬᠤᠵᠢᠳ ᠬᠤᠶᠠᠷ ᠲᠦᠮᠡ ᠰᠢᠬᠠᠮ ᠪᠡᠯᠡ ᠵᠠᠷᠤᠴᠠᠭᠤᠯᠤᠨ ᠬᠤᠪᠢᠲᠠᠵᠦ ᠤᠯᠤᠭᠰᠠᠨ | ᠭᠠᠵᠠᠷ ᠤᠨ ᠢᠶᠠᠨ ᠵᠢᠷᠭᠤᠭᠠᠨ ᠵᠠᠭᠤ ᠢᠯᠡᠬᠦᠥ ᠮᠤ᠋ ᠪᠡᠯᠴᠢᠬᠡᠷ ᠤᠰᠤ ᠪᠠᠨ ᠲᠤᠥᠷᠯᠠᠨ ᠠᠪᠤᠭᠰᠠᠨ ᠠᠴᠠ ᠭᠠᠳᠠᠨ᠎ᠠ᠂ | ᠲᠤᠯᠤᠭᠠᠨ ᠲᠦᠮᠡᠨ ᠲᠦᠬᠦᠷᠢᠭ ᠵᠠᠷᠤᠴᠠᠭᠤᠯᠤᠨ ᠠᠷᠪᠠᠨ ᠭᠤᠷᠪᠠᠨ ᠲᠠᠰᠤᠯᠭ᠎ᠠ ᠴᠢᠨᠠᠷ ᠰᠠᠶᠢᠲᠠᠢ ᠫᠧᠩ ᠰᠠᠷᠠᠪᠴᠢ | ᠪᠠᠷᠢᠭᠰᠠᠨ ᠮᠦᠷᠲᠡᠬᠡᠨ ᠵᠢᠯ ᠪᠦᠷᠢ ᠵᠠᠭᠤ ᠢᠯᠡᠬᠦᠥ ᠮᠤ᠋ ᠡᠷᠳᠡᠨᠢ ᠰᠢᠰᠢ ᠪᠤᠯᠤᠨ ᠨᠤᠭᠤᠭᠠᠨ ᠲᠠᠷᠤᠰᠢ ᠲᠠᠷᠢᠵᠦ᠂ | ᠲᠡᠵᠢᠬᠡᠯ ᠪᠤᠷᠳᠤᠭ᠎ᠠ ᠲᠤᠲᠠᠭᠳᠠᠬᠤ ᠠᠰᠠᠭᠤᠳᠠᠯ ᠢ ᠰᠡᠶᠢᠳᠪᠤᠷᠢᠯᠡᠭᠰᠡᠨ ᠠᠴᠠ ᠮᠠᠯ ᠰᠦᠷᠦᠭ ᠤᠨ ᠢᠶᠠᠨ ᠵᠢᠯ ᠤᠨ | ᠤᠡᠳᠤᠷᠤᠯᠲᠠ ᠦᠷᠡᠵᠢᠯᠲᠡ ᠶᠢ ᠵᠠᠭᠤᠨ ᠤ ᠵᠠᠭᠤ ᠪᠠᠷ ᠪᠠᠲᠤᠯᠠᠭᠰᠠᠨ ᠪᠠᠶᠢᠨ᠎ᠠ ᠃ ᠲᠡᠷᠡ ᠤᠳᠤ ᠦᠬᠡᠷ᠂ ᠬᠤᠨᠢ | ᠢᠮᠠᠭ᠎ᠠ᠂ ᠠᠳᠤᠭᠤ ᠶᠢ ᠵᠡᠷᠭᠡ ᠳᠤ ᠨᠢ ᠮᠠᠯᠵᠢᠭᠠᠳ᠂ ᠦᠬᠡᠷ ᠨᠢ ᠬᠠᠮᠤᠭ ᠤᠯᠠᠨ ᠳᠤ ᠪᠠᠨ ᠲᠠᠯᠠᠨ ᠲᠤᠯᠤᠭᠠᠢ ᠳᠤ | ᠬᠦᠷᠴᠦ ᠬᠤᠨᠢ ᠢᠮᠠᠭ᠎ᠠ ᠨᠢ ᠭᠤᠷᠪᠠᠨ ᠵᠠᠭᠤᠨ ᠲᠤᠯᠤᠭᠠᠢ ᠶᠢ ᠲᠠᠪᠠᠨ᠂ ᠠᠳᠤᠭᠤ ᠨᠢ ᠭᠤᠷᠪᠠᠨ ᠠᠵᠢᠷᠭ᠎ᠠ ᠳᠤ | ᠬᠦᠷᠴᠦ ᠵᠢᠯ ᠤᠨ ᠴᠡᠪᠡᠷ ᠤᠷᠤᠯᠭ᠎ᠠ ᠬᠤᠷᠢᠨ ᠲᠦᠮᠡᠨ ᠲᠦᠬᠦᠷᠢᠭ ᠬᠦᠷᠦᠬᠡᠳ᠂ ᠭᠡᠷ ᠪᠦᠯᠢ ᠳᠤ ᠪᠠᠨ ᠬᠡᠷᠬᠡᠢ ᠪᠤᠥ | ᠶᠢᠨ ᠲᠠᠨ᠎ᠠ ᠪᠤᠯᠤᠨ ᠬᠡᠥᠬᠡᠨ ᠰᠤᠷᠭᠤᠭᠴᠡᠴᠡᠭ ᠲᠠᠢ ᠪᠠᠨ ᠭᠤᠷᠪᠠᠨ ᠬᠦᠮᠦᠨ ᠠᠮᠠ ᠡᠶ᠎ᠡ ᠨᠠᠶᠢᠷᠰᠠᠭ᠂ ᠵᠤᠯ ᠵᠢᠷᠭᠠᠯᠲᠦ | ᠠᠮᠢᠳᠤᠷᠠᠯ ᠢ ᠴᠤᠭᠴᠠᠯᠠᠭᠰᠠᠨ ᠠᠴᠠ ᠠᠶᠢᠯ ᠠᠶᠢᠮᠠᠭ ᠲᠤ ᠪᠠᠨ ᠦᠵᠦᠬᠦᠷᠯᠡᠬᠦ ᠪᠠᠶᠠᠨ ᠡᠷᠦᠬᠡ ᠪᠤᠯᠤᠭᠠᠳ᠂ | ᠴᠠᠶᠢᠳᠠᠮ ᠲᠤᠮᠲᠠᠲᠦ ᠰᠤᠷᠭᠠᠭᠤᠯᠢ ᠶᠢᠨ ᠨᠤᠮ ᠲᠡᠬᠦᠪᠦᠷᠢ ᠳᠤ ᠲᠠᠨᠢᠯᠴᠠᠭᠤᠯᠤᠭᠳᠠᠨ ᠤᠷᠤᠭᠰᠠᠨ ᠮᠦᠷᠲᠡᠭᠡᠨ ᠤᠨᠠᠭ᠎ᠠ | ᠭᠠᠴᠠᠭᠠᠨ ᠤ ︽ᠲᠡᠷᠢᠬᠦᠨ ᠤ ᠮᠠᠯᠴᠢᠨ︾ ᠤ ᠱᠠᠩᠨᠠᠯ ᠬᠦᠬᠢᠬᠦᠯᠦᠯ ᠢ ᠬᠦᠷᠲᠡᠭᠰᠡᠨ ᠪᠠᠶᠢᠨ᠎ᠠ᠃ | ᠠᠳᠠᠯ ᠠᠮᠢᠳᠤᠷᠠᠯ ᠨᠢ ᠪᠠᠶᠠᠨ ᠴᠢᠨᠡᠬᠡᠯᠢᠭ ᠪᠤᠯᠤᠭᠰᠠᠨ ᠨᠠᠰᠤᠡᠪᠠᠶᠠᠷ ᠮᠠᠨᠢ ᠬᠠᠷᠠᠬᠠᠨ ᠪᠠᠭ᠎ᠠ ᠠᠴᠠ ᠪᠠᠨ | ᠶᠠᠳᠠᠭᠤ ᠬᠦᠴᠢᠷᠲᠡᠢ ᠠᠮᠢᠳᠤᠷᠠᠵᠦ ᠢᠷᠡᠭᠰᠡᠨ ᠢᠶᠠᠨ ᠮᠠᠷᠳᠠᠭᠰᠠᠨ ᠦᠭᠡᠢ ᠠᠶᠢᠯ ᠠᠶᠢᠮᠠᠭ ᠤᠨ ᠢᠶᠠᠨ ᠠᠮᠢᠳᠤᠷᠠᠯ ᠨᠢ | ᠬᠦᠴᠢᠷᠲᠡᠢ ᠡᠷᠦᠬᠡ ᠪᠤᠯᠬᠤ ᠪᠠᠭ᠎ᠠ ᠨᠠᠰᠤᠡᠪᠠᠶᠠᠷ᠂ ᠰᠤᠶᠤᠯᠲᠦ ᠵᠡᠷᠭᠡ ᠬᠦᠮᠦᠰ ᠢ ᠦᠷᠬᠦᠯᠵᠢ ᠵᠤᠭᠤᠰ ᠮᠦᠩᠬᠦ ᠪᠤᠶᠤ | ᠡᠳ᠋ ᠪᠤᠳᠠᠰ ᠢᠶᠠᠷ ᠡᠷᠬᠦᠵᠦ ᠲᠡᠮᠵᠢᠳᠡᠭ ᠮᠦᠷᠲᠡᠭᠡᠨ᠂ 2017 ᠤᠨ ᠤ ᠨᠠᠮᠤᠷ ᠤᠨ ᠰᠤᠷᠭᠠᠭᠤᠯᠢ ᠶᠢᠨ ᠰᠤᠷᠤᠯᠭ᠎ᠠ | ᠡᠬᠢᠯᠡᠬᠦ ᠦᠶ᠎ᠡ ᠳᠤ᠂ ᠪᠠᠭ᠎ᠠ ᠰᠤᠷᠭᠠᠭᠤᠯᠢ ᠳᠤ ᠰᠤᠷᠤᠯᠴᠠᠵᠦ ᠪᠠᠶᠢᠭ᠎ᠠ ᠤᠨᠠᠭ᠎ᠠ ᠭᠠᠴᠠᠭᠠᠨ ᠤ ᠠᠷᠤ ᠬᠡᠷ ᠨᠢ | ᠬᠦᠴᠢᠷᠲᠡᠢ ᠲᠠᠪᠤᠨ ᠰᠤᠷᠤᠭᠴᠢ ᠶᠢ ᠪᠡᠯᠡᠨ ᠵᠤᠭᠤᠰ ᠬᠤᠶᠠᠷ ᠮᠢᠩᠭᠠᠨ ᠲᠦᠬᠦᠷᠢᠭ ᠢᠶᠠᠷ ᠲᠤᠰᠠᠯᠠᠵᠦ ᠲᠡᠮᠵᠢᠭᠰᠡᠨ | ᠤᠶᠢᠯᠡ ᠠᠵᠢᠯᠯᠠᠭ᠎ᠠ ᠨᠢ ᠨᠡᠶᠢᠬᠡᠮ ᠨᠡᠶᠢᠲᠡ ᠶᠢᠨ ᠬᠠᠯᠠᠭᠤᠨ ᠬᠦᠷᠢᠶᠡᠯᠡᠯ ᠪᠤᠯᠤᠨ ᠪᠢᠰᠢᠷᠡᠯ ᠬᠦᠨᠳᠦᠳᠬᠡᠯ ᠢ | ᠤᠯᠤᠭᠰᠠᠨ ᠪᠠᠶᠢᠨ᠎ᠠ᠃ | ᠭᠡᠬᠦ ᠳᠤ ᠨᠠᠰᠤᠡᠪᠠᠶᠠᠷ ᠵᠠᠯᠠᠭᠤ ᠮᠠᠨᠢ ᠬᠠᠷᠢᠨ᠄ ︽ᠠᠢ᠂ ᠤᠷᠢᠲᠦ ᠶᠢᠨ ᠦᠶ᠎ᠡ ᠪᠠᠨ ᠮᠠᠷᠲᠠᠪᠠᠯ ᠬᠦᠮᠦᠨ | ᠪᠢᠰᠢ᠂ ᠤᠮ ᠮᠠ ᠬᠤᠩ ᠢᠶᠠᠨ ᠮᠠᠷᠲᠠᠪᠠᠯ ᠯᠠᠮᠠ ᠪᠢᠰᠢ ᠬᠡᠳᠡᠭ ᠦᠬᠡ ᠪᠠᠶᠢᠳᠠᠭ ᠪᠢᠰᠢᠥ᠂ ᠪᠢ ᠠᠮᠢᠳᠤᠷᠠᠯ | ᠬᠦᠴᠢᠷᠲᠡᠢ ᠠᠴᠠ ᠪᠤᠯᠤᠭᠠᠳ ᠬᠠᠷᠠᠮᠰᠠᠯᠲᠠᠢ ᠪᠠᠷ ᠰᠤᠶᠤᠯ ᠮᠡᠳᠡᠯᠬᠡ ᠡᠵᠡᠮᠰᠢᠬᠦ ᠰᠠᠶᠢᠬᠠᠨ ᠴᠠᠭ ᠢᠶᠠᠨ ᠠᠯᠲᠠᠭᠰᠠᠨ᠃ | ᠲᠡᠷᠡᠬᠦ ᠬᠠᠷᠠᠮᠰᠠᠯ᠂ ᠤᠳᠤ ᠶᠢᠨ ᠬᠡᠥᠬᠡᠳ ᠤᠨ ᠪᠡᠶ᠎ᠡ ᠲᠡᠭᠡᠷ᠎ᠡ ᠲᠤᠲᠠᠭᠤ ᠨᠢᠬᠡ ᠭᠠᠷᠤᠭᠠᠰᠠᠢ ᠯᠠ ᠬᠡᠰᠡᠨ ᠪᠤᠳᠤᠯ | ᠠᠴᠠ ᠵᠢᠭᠠᠬᠠᠨ ᠲᠤᠰᠠᠯᠠᠭᠰᠠᠨ ᠲᠡᠳᠦᠢ ᠰᠢᠲᠡ︕︾ ᠬᠡᠵᠦ ᠲᠠᠷᠤᠥᠬᠠᠨ ᠦᠬᠦᠯᠡᠭᠡᠳ ᠮᠠᠯ ᠰᠦᠷᠦᠭ ᠤᠨ ᠢᠶᠠᠨ | ᠬᠤᠶᠢᠨ᠎ᠠ ᠠᠴᠠ ᠶᠠᠭᠠᠷᠠᠵᠦ ᠯᠠ ᠶᠠᠪᠤᠨ᠎ᠠ᠃ | ᠪᠤᠷᠤᠨᠤᠳ ᠵᠢ᠊ ᠠᠯᠲᠠᠡᠰᠠᠩ | |