ᠠᠬᠠᠮᠠᠳ ᠪᠠᠭᠰᠢ ᠶᠢᠨ ᠵᠢᠳᠬᠦᠯ ᠤᠨ ᠬᠢᠯᠪᠠᠭ᠎ᠠ
ᠨᠡᠶᠢᠲᠡᠯᠡᠭᠰᠡᠨ ᠴᠠᠭ᠄
2018/1/24
       ᠡᠵᠢ ᠬᠦᠮᠦᠨ ᠤ ᠡᠨᠡᠷᠢᠯ ᠬᠠᠶᠢᠷ᠎ᠠ ᠶᠢᠨ ᠶᠡᠭᠡ ᠭᠡᠰᠢᠭ ᠢ ᠠᠬᠤᠭᠤᠯᠵᠤ᠂ ᠦᠷ᠎ᠡ ᠳᠡᠭᠡᠨ ᠭᠡᠵᠤ ᠲᠡᠮᠡᠤᠯᠡᠬᠦ ᠰᠡᠳᠬᠢᠯ ᠵᠤᠷᠢᠭ ᠤᠨ ᠬᠠᠳᠠᠭᠤ ᠴᠢᠩᠭ᠎ᠠ ᠡᠷᠢᠯ ᠨᠡᠭᠡᠯ ᠢᠶᠠᠷ ᠭᠠᠷᠪᠤᠤ ᠪᠠᠭᠰᠢ ᠲᠠᠨᠢᠬᠤ ᠦᠭᠡᠢ ᠭᠡᠯᠨ ᠪᠠᠷ ᠲᠠᠷᠨᠢ ᠶᠢᠨ ᠦᠰᠦᠭ ᠤᠩᠰᠢᠳᠠᠭ ᠲᠤᠬᠠᠢ ᠦᠶ᠎ᠡ ᠶᠢᠨ ᠨᠤᠳᠤᠭ ᠤᠨ ᠢᠶᠠᠨ ᠮᠤᠩᠭᠤᠯᠴᠤᠳ ᠤᠨ ᠭᠡᠤᠭᠡᠳ ᠠᠴᠢᠷ ᠢ ᠤᠬᠠᠭᠠᠷᠠᠭᠤᠯᠤᠨ ᠲᠠᠭᠤᠳᠠᠵᠦ᠂ ᠦᠨᠳᠤᠰᠤᠳᠡᠨ ᠤ ᠦᠰᠦᠭ ᠪᠢᠴᠢᠭ ᠢ ᠨᠢ ᠲᠠᠨᠢᠭᠤᠯᠤᠨ᠂ ᠦᠭᠡᠳᠡᠯᠡᠨ ᠲᠠᠪᠰᠢᠬᠤ ᠵᠠᠮ ᠮᠦᠷ ᠢᠶᠠᠷ ᠴᠢᠨᠠᠭᠰᠢ ᠬᠦᠳᠦᠯᠦᠭᠰᠡᠨ ᠭᠠᠪᠢᠶᠠᠳᠤ ᠬᠦᠮᠦᠨ ᠪᠢᠯᠨ᠃ ᠭᠠᠷᠪᠤᠤ ᠪᠠᠭᠰᠢ ᠠᠵᠢᠯ ᠠᠮᠢᠳᠤᠷᠠᠯ ᠤᠨ  ᠢᠶᠠᠨ ᠡᠬᠢ ᠪᠤᠯᠠᠭ ᠢ ᠤᠨᠳᠤᠷᠤᠭᠤᠯᠤᠭᠰᠡᠨ ᠵᠠᠯᠠᠭᠤ ᠬᠠᠯᠠᠭᠤᠨ ᠨᠠᠰᠤᠨ ᠠᠴᠠ ᠪᠠᠨ ᠠᠷᠠᠳ ᠤᠨ ᠪᠠᠭᠰᠢ ᠶᠢᠨ ᠲᠡᠷᠨ ᠰᠠᠶᠢᠬᠠᠨ ᠠᠵᠢᠯ ᠳᠤ ᠭᠤᠴᠢᠨ ᠲᠤᠯᠤᠭᠠᠨ ᠵᠢᠯ ᠰᠡᠳᠬᠢᠯ ᠢᠶᠠᠷ ᠤᠶᠠᠭᠠᠰᠤᠳᠠᠢ ᠶᠠᠪᠤᠭᠰᠡᠨ ᠠᠴᠠ ᠦᠪᠡᠷ ᠤᠨ ᠦᠳᠡᠯᠦᠭᠰᠡᠨ ᠢᠶᠠᠨ ᠴᠦ ᠤᠭᠳᠤ ᠠᠩᠵᠠᠭᠠᠷᠠᠭᠰᠡᠨ ᠦᠭᠡᠢ ᠬᠦᠪᠬᠢᠵᠦ ᠪᠠᠶᠠᠷᠯᠠᠵᠦ ᠪᠠᠶᠢᠳᠠᠭ ᠰᠠᠨ᠃ ᠨᠠᠶᠠᠨ ᠬᠤᠶᠠᠷ ᠵᠢᠯ ᠤᠨ ᠨᠠᠷᠨ ᠰᠠᠷᠨ ᠶᠢᠨ ᠭᠡᠷᠡᠯ ᠢ ᠮᠦᠷᠦᠨ ᠳᠡᠭᠡᠨ ᠲᠤᠰᠤᠵᠦ ᠢᠷᠡᠭᠰᠡᠨ ᠦᠨᠤᠳᠤᠷ ᠲᠡᠬᠦᠨ ᠤ ᠴᠢᠷᠮᠠᠶᠢᠨ ᠵᠢᠳᠬᠦᠭᠰᠡᠨ ᠵᠤᠷᠢᠭ ᠰᠠᠨᠠᠭᠠᠨ ᠤ ᠲᠠᠷᠳᠠᠩ ᠴᠠᠭᠠᠨ ᠵᠠᠮ ᠢᠶᠠᠷ ᠨᠤᠳᠤᠭ ᠤᠰᠤᠨ ᠤ ᠬᠦᠪᠡᠬᠦᠳ ᠦᠬᠢᠳ ᠲᠠᠪᠰᠢᠨ ᠦᠭᠡᠳᠡᠯᠡᠵᠦ᠂ ᠲᠠᠩᠳᠠ ᠴᠤᠯᠭᠤᠷᠠᠨ ᠬᠢᠯᠠᠯᠵᠠᠨᠠᠮ ᠪᠢᠯᠨ᠃        ᠭᠠᠷᠪᠤᠤ ᠪᠠᠭᠰᠢ 1937 ᠤᠨ ᠤ 5 ᠰᠠᠷ᠎ᠠ ᠶᠢᠨ 16 ᠤ ᠡᠳᠤᠷ ᠵᠤᠤ ᠤᠳᠠ ᠶᠢᠨ ᠴᠢᠭᠤᠯᠭᠠᠨ ᠤ ᠠᠷᠤ ᠬᠤᠷᠴᠢᠨ ᠬᠤᠰᠢᠭᠤ ᠶᠢᠨ ᠪᠠᠶᠠᠨᠳᠠᠯ᠎ᠠ ᠨᠤᠳᠤᠭ ᠤᠨ ᠮᠠᠯᠴᠢᠨ ᠰᠠᠭᠯᠤ᠂ ᠶᠦᠮᠪᠤᠽᠧ ᠶᠢᠨ ᠭᠤᠷᠪᠠᠳᠤᠭᠠᠷ ᠦᠬᠢᠨ ᠨᠢ ᠪᠤᠯᠵᠦ ᠵᠠᠶᠠᠭᠠᠭᠰᠡᠨ ᠶᠤᠮ᠃ ᠭᠠᠷᠪᠤᠤ ᠪᠤᠯ ᠲᠦᠪᠡᠳ ᠦᠭᠡ᠂ ᠮᠤᠩᠭᠤᠯ ᠢᠶᠠᠷ ᠴᠠᠭᠠᠨ ᠭᠡᠳᠡᠭ᠃ ᠵᠢᠭᠠᠬᠠᠨ ᠭᠡᠤᠭᠡᠨ ᠰᠠᠷ᠎ᠠ ᠲᠦᠬᠦᠷᠡᠬᠦ ᠤᠶᠢᠷᠠᠳᠤᠬᠤ ᠪᠠᠷ ᠠᠪᠤ ᠨᠢ ᠰᠠᠭᠯᠤ ᠡᠷᠳᠡᠮ ᠪᠤᠶᠠᠨ ᠲᠠᠢ ᠨᠡᠷ᠎ᠡ ᠶᠢᠨ ᠠᠪᠰᠢᠭ ᠬᠦᠷᠳᠡᠬᠦ  ᠪᠠᠷ ᠤᠪᠤᠬᠠᠢ ᠶᠢᠨ ᠰᠦᠮ᠎ᠡ ᠶᠢᠨ ᠭᠡᠭᠡᠨ ᠳᠤ ᠬᠦᠷᠴᠤ ᠪᠠᠷᠠᠭᠠᠳᠠᠨ᠂ ᠭᠡᠤᠭᠡᠨ ᠲᠠᠢ ᠪᠤᠯᠤᠭᠰᠡᠨ ᠢᠶᠠᠨ ᠠᠶᠢᠯᠠᠳᠬᠠᠨ᠂ ᠨᠡᠷ᠎ᠡ ᠭᠤᠶᠤᠭᠰᠡᠨ ᠪᠠᠶᠢᠵᠠᠢ᠃ ᠰᠠᠭᠤᠭ᠎ᠠ ᠪᠡᠶ᠎ᠡ ᠲᠠᠢ ᠪᠠᠨ ᠰᠠᠴᠠᠭᠤ ᠬᠠᠨ᠎ᠠ ᠲᠠᠭᠠᠭᠤᠯᠤᠨ ᠰᠤᠯᠨ ᠵᠡᠷᠭᠡᠯᠡᠭᠰᠡᠨ ᠮᠤᠩᠭᠤᠯ ᠲᠦᠪᠡᠳ ᠨᠤᠮ ᠰᠤᠳᠤᠷ ᠤᠨ ᠬᠠᠵᠠᠭᠤ ᠳᠤ ᠵᠠᠪᠢᠯᠠᠨ ᠰᠠᠭᠤᠭᠰᠡᠨ ᠭᠡᠭᠡᠨᠳᠡᠨ ᠽᠠᠨᠳᠠᠨ ᠡᠷᠢᠭᠡ ᠪᠠᠨ ᠭᠠᠷ  ᠤᠨ ᠠᠯᠠᠭᠠᠨ ᠳᠠᠭᠠᠨ ᠪᠦᠭᠡᠮᠯᠡᠨ ᠪᠢᠳᠡᠬᠦᠯᠡᠵᠦ᠂ ᠨᠤᠬᠤᠯᠠᠨ ᠱᠠᠭᠵᠠᠯᠠᠭᠰᠡᠨ ᠢᠶᠠᠨ ᠬᠠᠭᠠᠰ ᠰᠢᠪᠳᠤᠷᠴᠤ᠂ ᠡᠷᠢᠭᠡ ᠶᠢᠨ ᠲᠤᠯᠤᠭᠠᠢ ᠠᠴᠠ ᠭᠡᠳᠦᠨ ᠲᠤᠭ᠎ᠠ ᠠᠪᠤᠭᠠᠳ ᠲᠠᠬᠢᠨ ᠪᠠᠷᠠᠭᠤᠨ ᠭᠠᠷ ᠤᠨ ᠠᠯᠠᠭ᠎ᠠ ᠪᠠᠨ ᠲᠡᠭᠡᠭᠰᠢ ᠲᠡᠯᠭᠡᠵᠦ᠂ ᠲᠤᠯᠤᠪᠤᠷ ᠲᠤᠮᠳᠠ ᠭᠤᠷᠪᠠᠨ ᠬᠤᠷᠤᠭᠤ ᠶᠢᠨ ᠦᠶ᠎ᠡ ᠳᠤ ᠡᠷᠡᠭᠡᠢ ᠬᠤᠷᠤᠭᠤ ᠲᠤᠰᠬᠠᠨ ᠲᠤᠯᠭᠠᠭᠠᠳ᠄ ︽ᠭᠠᠷᠪᠤᠤ︕︾ ᠭᠡᠵᠤ ᠠᠶᠢᠯᠠᠳᠤᠪᠠ᠃ ᠨᠠᠭᠠᠨ᠎ᠠ ᠨᠢ ᠬᠢᠴᠢᠶᠡᠨ ᠰᠦᠬᠦᠳᠴᠤ᠂ ᠨᠠᠮᠬᠠᠨ ᠢᠶᠠᠷ ᠠᠮᠢᠰᠬᠤᠯᠯᠠᠨ ᠰᠦᠬᠦᠷᠴᠤ ᠪᠠᠶᠢᠭᠰᠡᠨ ᠰᠠᠭᠯᠤ ᠭᠤᠸᠠᠢ᠄ ︽ᠵᠦᠭᠡᠷ ᠭᠠᠷᠪᠤᠤ ᠶᠤᠮ ᠤᠤ ᠳ᠋ᠠ︖︾ ᠭᠡᠵᠤ ᠲᠤᠤᠷ᠎ᠠ ᠲᠠᠭᠤᠨ ᠢᠶᠠᠷ ᠯᠠᠪᠯᠠᠬᠤ  ᠳᠤ ᠭᠡᠭᠡᠨᠳᠡᠨ ᠠᠴᠠ᠄ ︽ᠡᠨᠡ ᠭᠡᠤᠭᠡᠨ ᠤ ᠲᠦᠷᠦᠭᠰᠡᠨ ᠵᠢᠯ ᠰᠠᠷ᠎ᠠ ᠡᠳᠤᠷ ᠴᠠᠭ ᠤᠨ ᠬᠠᠷᠠᠭᠠᠯᠵᠠᠯ ᠢᠶᠠᠷ ᠪᠤᠳᠤᠵᠦ ᠦᠵᠡᠪᠡᠯ᠂ ᠰᠡᠩᠭᠡᠷᠡᠬᠦᠯᠦᠭᠴᠢ ᠶᠢᠨ ᠴᠠᠭᠠᠨ ᠮᠦᠷ ᠲᠡᠭᠡᠷ᠎ᠡ ᠲᠤᠭᠳᠠᠵᠦ ᠲᠦᠷᠦᠵᠡᠢ᠃ ᠬᠤᠵᠢᠮ ᠭᠠᠷᠪᠤᠤ ᠭᠡᠳ ᠲᠠᠭᠤᠳᠠᠪᠠᠯ ᠪᠤᠯᠴᠢᠬᠠᠨ᠎ᠠ᠂ ᠤᠯᠠᠨ ᠬᠦᠮᠦᠨ ᠳᠤ ᠬᠦᠨᠳᠤᠳᠭᠡᠭᠳᠡᠨ ᠲᠠᠭᠤᠳᠠᠭᠳᠠᠵᠦ ᠶᠠᠪᠤᠬᠤ ᠬᠦᠮᠦᠨ ᠡ᠂ ᠵᠢᠷᠭᠤᠭᠠᠨ ᠴᠠᠭᠠᠨ ᠮᠡᠩᠭᠡ ᠲᠠᠢ ᠰᠢᠤ ᠬᠦᠭᠡᠷᠦᠬᠦᠢ︕︾ ᠭᠡᠵᠤ ᠠᠶᠢᠯᠠᠳᠤᠭᠰᠡᠨ ᠭᠡᠳᠡᠭ᠃        ᠭᠠᠷᠪᠤᠤ ᠶᠠᠳᠠᠭᠤ ᠠᠶᠢᠯ ᠤᠨ ᠭᠡᠤᠭᠡᠳ ᠪᠤᠯᠬᠤᠷ ᠪᠠᠭ᠎ᠠ ᠨᠠᠰᠤ ᠪᠠᠨ ᠪᠡᠷᠭᠡ ᠬᠠᠳᠠᠭᠤᠵᠢᠯᠳᠠᠢ ᠠᠮᠢᠳᠤᠷᠠᠯ  ᠤᠨ ᠤᠷᠴᠢᠨ ᠲᠤᠭᠤᠷᠢᠨ ᠳᠤ ᠦᠩᠭᠡᠷᠡᠬᠦᠯᠵᠦ᠂ 1945 ᠤᠨ ᠳᠤ ᠠᠷᠤ ᠬᠤᠷᠴᠢᠨ ᠬᠤᠰᠢᠭᠤ ᠴᠢᠯᠦᠭᠡᠯᠡᠭᠳᠡᠭᠰᠡᠨ  ᠠᠴᠠ 1947 ᠤᠨ ᠤ ᠨᠠᠯᠠᠭᠠᠷ ᠨᠠᠮᠤᠷ ᠤᠨ ᠤᠯᠠᠷᠢᠯ ᠳᠤ ᠪᠠᠶᠠᠨᠳᠠᠯ᠎ᠠ ᠨᠤᠳᠤᠭ ᠤᠨ ᠵᠠᠯ᠎ᠠ ᠶᠢᠨ ᠰᠦᠮ᠎ᠡ ᠳᠤ ᠪᠠᠶᠢᠭᠤᠯᠤᠭᠰᠡᠨ ᠠᠩᠬᠠᠳᠠᠭᠴᠢ ᠠᠷᠠᠳ ᠤᠨ ᠰᠤᠷᠭᠠᠭᠤᠯᠢ ᠶᠢᠨ ᠠᠯᠳᠠᠨ ᠪᠤᠱᠤᠭ᠎ᠠ ᠶᠢ ᠲᠠᠪᠠᠵᠦ᠂ ᠡᠨᠡᠬᠦ ᠡᠷᠳᠡᠨ ᠤ ᠰᠦᠮ᠎ᠡ ᠶᠢᠨ ᠬᠤᠩᠬᠤᠨ ᠲᠠᠭᠤᠨ ᠢᠶᠠᠷ ᠡᠷᠭᠡ ᠴᠢᠯᠦᠭᠡ ᠪᠠᠨ ᠤᠯᠤᠭᠰᠡᠨ ᠮᠠᠯᠴᠢᠳ ᠤᠨ ᠭᠡᠤᠭᠡᠳ ᠴᠤᠭᠯᠠᠷᠡᠨ᠂ ᠦᠪᠡᠷ ᠤᠨ ᠲᠦᠷᠦᠯᠬᠢ ᠭᠡᠯᠨ ᠪᠠᠷ ᠢᠶᠠᠨ ᠡᠷᠳᠡᠮ ᠰᠤᠷᠬᠤ ᠰᠢᠨ᠎ᠡ ᠴᠠᠭ ᠦᠶ᠎ᠡ ᠳᠤ ᠠᠯᠬᠤᠨ ᠤᠷᠤᠭᠰᠡᠨ ᠪᠠᠶᠢᠯ᠎ᠠ᠃ ᠭᠠᠷᠪᠤᠤ ᠬᠤᠶᠠᠷ ᠵᠢᠯ ᠤᠨ ᠲᠠᠷᠠᠭ᠎ᠠ ᠤᠤᠯ ᠤᠨ ᠬᠤᠰᠢᠭᠤᠨ ᠵᠠᠬᠢᠷᠭ᠎ᠠ ᠪᠠᠶᠢᠭᠰᠡᠨ ᠬᠤᠨᠳᠤ ᠳᠠᠬᠢ ᠪᠦᠷᠢᠨ ᠪᠠᠭ᠎ᠠ ᠰᠤᠷᠭᠠᠭᠤᠯᠢ ᠳᠤ ᠲᠠᠪᠰᠢᠨ ᠰᠤᠷᠤᠯᠴᠠᠵᠦ᠂ ᠠᠷᠪᠠᠨ ᠲᠦᠷᠪᠡᠨ ᠨᠠᠰᠤᠨ ᠳᠤ ᠵᠤᠤ ᠤᠳᠠ ᠠᠶᠢᠮᠠᠭ ᠤᠨ ᠲᠦᠪ ᠲᠠᠬᠢ ᠯᠢᠨᠳᠦ᠋ᠩ ᠤᠨ ᠪᠠᠭᠰᠢ ᠶᠢᠨ ᠰᠤᠷᠭᠠᠭᠤᠯᠢ ᠳᠤ ᠲᠠᠪᠰᠢᠨ ᠰᠤᠷᠤᠯᠴᠠᠪᠠ᠃ ᠤᠯᠠᠮᠵᠢᠯᠠᠯᠳᠤ ᠤᠬᠠᠭᠳᠠᠬᠤᠨ ᠤᠳᠠᠭᠠᠨ ᠤᠨ ᠵᠢᠯ ᠢᠶᠠᠷ ᠬᠦᠮᠦᠰ ᠤᠨ ᠤᠬᠠᠭᠠᠨ ᠪᠤᠳᠤᠯ ᠢ ᠪᠢᠳᠡᠬᠦᠮᠵᠢᠯᠡᠭᠰᠡᠨ ᠲᠡᠷᠡᠬᠦ ᠴᠠᠭ ᠦᠶ᠎ᠡ ᠳᠤ ᠦᠬᠢᠨ ᠬᠦᠮᠦᠨ ᠪᠢᠴᠢᠭ ᠦᠵᠡᠬᠦ ᠨᠢ ᠤᠨᠴᠨ ᠴᠦᠭᠡᠨ ᠮᠦᠷᠳᠡᠭᠡᠨ ᠭᠡᠷ ᠨᠤᠳᠤᠭ ᠠᠴᠠ ᠪᠠᠨ ᠭᠡᠳᠦᠨ ᠵᠠᠭᠤᠨ ᠤ ᠭᠠᠵᠠᠷ ᠤᠨ ᠬᠤᠯᠨ ᠬᠢᠳᠡᠳ ᠤᠨ ᠤᠷᠤᠨ ᠳᠤ ᠶᠠᠪᠤᠬᠤ ᠪᠤᠯᠤᠭᠰᠡᠨ ᠳᠤ ᠰᠠᠨᠠᠵᠦ ᠬᠠᠶᠢᠷᠠᠯᠠᠭᠰᠡᠨ ᠡᠵᠢ ᠨᠢ ᠰᠠᠨᠠᠭ᠎ᠠ ᠠᠯᠭᠠᠰᠠᠨ ᠤᠬᠢᠯᠠᠵᠦ ᠭᠠᠷᠤᠭᠰᠡᠨ ᠴᠦ ᠬᠤᠯᠨ ᠶᠢᠨ ᠰᠢᠪᠠᠭᠤ ᠨᠢᠰᠤᠭᠡᠳ ᠬᠦᠷᠬᠦ ᠦᠭᠡᠢ ᠭᠠᠵᠠᠷ ᠠᠴᠠ ᠬᠦᠮᠦᠨ ᠤ ᠭᠡᠤᠭᠡᠨ ᠡᠷᠳᠡᠮ ᠡᠪᠦᠷᠳᠦᠯᠡᠵᠦ ᠢᠷᠡᠬᠦ ᠪᠠᠷ ᠰᠢᠢᠳᠦᠭᠰᠡᠨ ᠭᠠᠷᠪᠤᠤ ᠠᠷᠤ ᠬᠤᠷᠴᠢᠨ ᠬᠤᠰᠢᠭᠤᠨ ᠤ ᠠᠷᠪᠠᠨ ᠭᠤᠷᠪᠠᠭ᠋ᠠᠨ ᠰᠤᠷᠤᠭᠴᠢ  ᠶᠢᠨ ᠲᠤᠳᠤᠷᠠᠬᠢ ᠴᠤᠷ ᠤᠨ ᠭᠠᠭᠴᠨ ᠦᠬᠢᠨ ᠰᠤᠷᠤᠭᠴᠢ ᠪᠠᠷ ᠯᠢᠨᠳᠦ᠋ᠩ ᠤᠨ ᠪᠠᠭᠰᠢ ᠶᠢᠨ ᠰᠤᠷᠭᠠᠭᠤᠯᠢ ᠳᠤ ᠭᠤᠷᠪᠠᠨ ᠵᠢᠯ ᠰᠤᠷᠤᠯᠴᠠᠵᠦ᠂ 1955 ᠤᠨ ᠤ ᠡᠪᠡᠰᠤ ᠤᠷᠭᠤᠮᠡᠯ ᠦᠷᠡᠯᠡᠨ ᠪᠤᠯᠪᠠᠰᠤᠷᠠᠭᠰᠡᠨ ᠪᠠᠶᠠᠨ ᠲᠠᠩᠰᠤᠭ ᠨᠠᠮᠤᠷ ᠰᠢᠯᠢᠳᠡᠭ ᠪᠦᠳᠤᠮᠵᠢ ᠪᠠᠷ ᠰᠤᠷᠭᠠᠭᠤᠯᠢ ᠪᠠᠨ ᠲᠡᠬᠦᠰᠭᠡᠨ᠂ ᠭᠠᠩᠬᠤᠭᠰᠡᠨ ᠰᠠᠶᠢᠬᠠᠨ ᠴᠡᠴᠡᠭ ᠨᠠᠶᠢᠯᠵᠠᠭᠤᠷ ᠮᠡᠳᠤ ᠭᠠᠯ ᠵᠠᠯᠠᠭᠤ ᠠᠷᠪᠠᠨ ᠨᠠᠢᠮᠡᠨ ᠨᠠᠰᠤᠨ ᠳᠤ ᠪᠠᠨ ᠠᠷᠢᠭᠤᠨ ᠴᠡᠴᠡᠷᠯᠢᠭᠴᠢ ᠠᠷᠠᠳ ᠤᠨ ᠪᠠᠭᠰᠢ ᠶᠢᠨ ᠰᠤᠳᠤᠨ ᠡᠩᠨᠡᠭᠡ ᠶᠢᠨ ᠨᠢᠭᠡᠨ ᠭᠠᠪᠰᠢᠭᠠᠶᠢᠯᠠᠭᠴᠢ ᠪᠤᠯᠤᠭᠰᠡᠨ ᠶᠤᠮ᠃        ᠭᠠᠷᠪᠤᠤ ᠠᠷᠤ ᠬᠤᠷᠴᠢᠨ ᠬᠤᠰᠢᠭᠤᠨ ᠤ ᠬᠤᠨᠳᠤ ᠪᠦᠷᠢᠨ ᠪᠠᠭ᠎ᠠ ᠰᠤᠷᠭᠠᠭᠤᠯᠢ ᠳᠤ ᠠᠩᠬᠠᠯᠠᠨ ᠠᠵᠢᠯ ᠤᠨ ᠭᠠᠷᠤᠭ᠎ᠠ ᠠᠪᠬᠤ ᠳᠠᠭᠠᠨ ᠦᠪᠡᠷ ᠢᠶᠠᠨ ᠬᠢᠴᠢᠶᠡᠯ ᠵᠢᠭᠠᠬᠤ ᠲᠤᠷᠰᠢᠯᠭ᠎ᠠ ᠦᠭᠡᠢ ᠮᠦᠷᠳᠡᠭᠡᠨ ᠰᠤᠷᠤᠭᠴᠢᠳ ᠤᠨ ᠤᠯᠠᠩᠬᠢ ᠨᠢ ᠲᠡᠬᠦᠨ ᠠᠴᠠ ᠨᠠᠰᠤ ᠪᠠᠷ ᠠᠬ᠎ᠠ ᠪᠤᠯᠬᠤᠷ ᠨᠡᠩ ᠴᠦ ᠦᠬᠢᠨ ᠰᠤᠷᠤᠭᠴᠢᠳ ᠲᠤ ᠹᠢᠽᠢᠤᠯᠤᠬᠢ ᠡᠷᠡᠬᠦᠯ ᠬᠠᠮᠠᠭᠠᠯᠠᠯ ᠤᠨ ᠬᠢᠴᠢᠶᠡᠯ ᠨᠢ ᠭᠡᠬᠦ ᠠᠴᠠ ᠤᠯᠠᠨ ᠤ ᠲᠤᠮᠳᠠ ᠤᠭᠤᠭᠠᠳᠠ ᠶᠠᠷᠢᠵᠦ ᠭᠡᠯᠡᠵᠦ ᠪᠤᠯᠤᠰᠢ ᠦᠭᠡᠢ ᠢᠴᠢᠬᠦᠷᠢᠳᠡᠢ ᠵᠤᠭᠤᠭ ᠪᠠᠶᠢᠭᠰᠡᠨ ᠲᠡᠷᠨ ᠦᠶ᠎ᠡ ᠶᠢᠨ ᠦᠵᠡᠯ ᠤᠬᠠᠮᠰᠠᠷ ᠤᠨ ᠨᠦᠯᠦᠭᠡ ᠪᠠᠷ ᠬᠢᠴᠢᠶᠡᠯᠯᠡᠬᠦ ᠳᠤ ᠬᠦᠴᠢᠷ᠂ ᠭᠡᠯᠡᠬᠦ ᠳᠤ ᠬᠦᠴᠢᠷ᠂ ᠰᠤᠷᠬᠤ ᠳᠤ ᠬᠦᠴᠢᠷ᠂ ᠰᠤᠨᠤᠰᠬᠤ ᠳᠤ ᠬᠦᠴᠢᠷ ᠤᠴᠢᠷ ᠪᠤᠯᠤᠭᠰᠡᠨ ᠪᠦᠭᠡᠳ ᠡᠩ ᠤᠨ ᠭᠡᠯᠨ ᠪᠢᠴᠢᠭ᠂ ᠲᠤᠭ᠎ᠠ ᠪᠤᠳᠤᠯᠭ᠎ᠠ ᠶᠢᠨ ᠬᠢᠴᠢᠶᠡᠯ ᠢᠶᠠᠨ ᠴᠦ ᠦᠪᠡᠰᠦᠪᠡᠨ ᠪᠡᠯᠡᠳᠭᠡᠵᠦ ᠴᠢᠳᠠᠬᠤ ᠦᠭᠡᠢ ᠭᠠᠴᠢᠭᠳᠠᠨ ᠨᠢᠯᠪᠤᠰᠤ ᠤᠨᠠᠭᠠᠵᠦ ᠦᠩᠭᠡᠷᠡᠭᠰᠡᠨ ᠨᠢ ᠦᠨᠡᠨ ᠶᠤᠮ᠃ ᠲᠡᠭᠡᠯ᠎ᠡ ᠭᠡᠳ ᠦᠪᠡᠷ ᠤᠨ ᠪᠡᠶ᠎ᠡ ᠨᠢ ᠡᠨᠡᠬᠦ ᠬᠢᠴᠢᠶ᠋ᠯᠯᠡᠬᠦ ᠲᠢᠩᠬᠢᠮ ᠤᠨ ᠡᠵᠡᠨ ᠪᠠᠶᠢᠬᠤ ᠶᠤᠰᠤᠳᠠᠢ ᠭᠡᠵᠤ ᠪᠤᠳᠤᠬᠤ ᠠᠴᠠ ᠲᠢᠩᠬᠢᠮ ᠲᠦᠬᠦᠷᠡᠩ ᠲᠡᠷᠨ ᠤᠯᠠᠨ ᠰᠤᠷᠤᠭᠴᠢ ᠪᠠᠨ ᠬᠠᠷᠠᠬᠤ ᠠᠴᠠ ᠭᠠᠭᠴᠠᠬᠦ ᠲᠡᠳᠡ ᠪᠤᠯ ᠰᠠᠶ᠋ᠢ ᠲᠡᠬᠦᠨ ᠤ ᠠᠵᠢᠯ ᠦᠢᠯᠡᠰ᠂ ᠠᠮᠢ ᠨᠠᠰᠤ᠂ ᠠᠯᠢᠪᠠ ᠪᠦᠬᠦᠨ᠂ ᠲᠠᠳᠠᠨᠠᠷ ᠲᠠᠢ ᠬᠠᠮᠳᠤ ᠪᠠᠶᠢᠬᠤ ᠳᠤ ᠯᠨ ᠠᠮᠢᠳᠤᠷᠠᠯ᠂ ᠠᠵᠢᠯ ᠦᠢᠯᠡᠰ ᠨᠢ ᠰᠠᠶ᠋ᠢ ᠤᠳᠬ᠎ᠠ ᠠᠭᠤᠯᠭ᠎ᠠ ᠪᠢᠯᠬᠠᠮ᠎ᠠ ᠰᠠᠨᠠᠭᠳᠠᠳᠠᠭ ᠠᠵᠢ᠃ ᠢᠩᠬᠢᠬᠦᠯᠡᠷ ᠦᠪᠡᠷ ᠢ ᠪᠠᠨ ᠡᠭᠡ ᠶᠢᠨ ᠬᠠᠶᠢᠷ᠎ᠠ ᠶᠢ ᠢᠪᠢᠯᠭᠡᠭᠰᠡᠨ ᠠᠷᠢᠭᠤᠨ ᠴᠡᠴᠡᠷᠯᠢᠭᠴᠢ ᠪᠤᠯᠤᠭᠰᠡᠨ ᠬᠤᠪᠢ ᠳᠤ ᠤᠬᠠᠭᠠᠨ ᠰᠡᠳᠬᠢᠯ ᠤᠨ ᠠᠭᠤᠳᠠᠮ ᠬᠠᠩᠭᠠᠢ ᠳᠤ ᠰᠦᠮᠪᠦᠷᠯᠡᠭᠰᠡᠨ ᠡᠶᠢᠮᠦᠷᠬᠦ ᠬᠠᠶᠢᠷ᠎ᠠ ᠪᠠᠨ ᠲᠦᠰᠢᠵᠦ᠂ ᠡᠨᠡ ᠶᠡᠭᠡ ᠬᠠᠶᠢᠷ᠎ᠠ ᠶᠢᠨ ᠢᠳᠡᠭᠡᠯ ᠯᠨ ᠲᠡᠬᠦᠨ ᠢ ᠭᠤᠴᠢᠭᠠᠳ ᠢᠯᠡᠬᠦᠤ ᠵᠢᠯ ᠲᠤᠷᠰᠢ  ᠳᠤ ᠶᠠᠮᠠᠷ ᠵᠡᠷᠭᠡ ᠶᠢᠨ ᠬᠦᠴᠢᠷ ᠪᠡᠷᠭᠡᠰᠢᠶᠡᠯ᠂ ᠭᠡᠳᠦᠢ ᠤᠯᠠᠨ ᠨᠤᠭᠤᠷᠠᠯ ᠪᠦᠳᠦᠷᠢᠯ ᠲᠤᠯᠭᠠᠷᠠᠭᠰᠡᠨ ᠭᠡᠯ᠎ᠡ ᠴᠦ ᠤᠭᠳᠤ ᠴᠤᠴᠠᠷᠠᠵᠦ ᠭᠤᠶᠢᠪᠢᠰᠢ ᠦᠭᠡᠢ ᠡᠷᠡᠰ ᠬᠠᠳᠠᠨ ᠵᠤᠷᠢᠭ ᠢᠶᠠᠷ ᠦᠪᠡᠷ ᠢ ᠪᠠᠨ ᠬᠠᠷ᠎ᠠ ᠰᠠᠮᠪᠠᠷ᠎ᠠ ᠶᠢᠨ ᠡᠮᠦᠨᠡᠬᠢ ᠬᠢᠴᠢᠶᠡᠯᠯᠡᠬᠦ ᠲᠠᠶᠢᠵᠠᠨ ᠠᠴᠠ ᠨᠤᠳᠠ ᠰᠢᠯᠵᠢᠰᠢ ᠦᠭᠡᠢ ᠪᠠᠳᠤ ᠪᠠᠶᠢᠯᠭᠠᠭᠰᠠᠭᠠᠷ ᠶᠠᠪᠤᠭᠰᠡᠨ ᠪᠠᠶᠢᠵᠦ ᠯᠨ ᠳ᠋ᠠᠭ ᠡ᠃ ᠰᠤᠷᠭᠠᠭᠤᠯᠢ ᠶᠢᠨ ᠤᠳᠤᠷᠢᠳᠤᠯᠭ᠎ᠠ ᠪᠤᠯᠤᠨ ᠠᠬᠠᠮᠠᠳ ᠪᠠᠭᠰᠢ ᠨᠠᠷ ᠤᠨ ᠬᠠᠪᠰᠤᠷᠤᠯᠭ᠎ᠠ ᠲᠡᠮᠵᠢᠯᠭᠡ ᠲᠤᠤᠷ᠎ᠠ ᠠᠶᠠᠨᠳᠠᠭᠠᠨ ᠠᠵᠢᠯ ᠠᠯᠪᠠ ᠳᠠᠭᠠᠨ ᠴᠠᠭᠠᠷᠠᠵᠦ᠂ ᠮᠤᠳᠤ᠂ ᠴᠠᠭᠠᠰᠤ ᠪᠠᠷ ᠲᠤᠭ᠎ᠠ ᠵᠢᠭᠠᠬᠤ ᠪᠠᠭᠠᠵᠢ ᠪᠠ ᠭᠡᠯᠨ ᠪᠢᠴᠢᠭ ᠵᠢᠭᠠᠬᠤ ᠺᠠᠷᠲ ᠬᠢᠵᠦ᠂ ᠵᠢᠭᠠᠨ ᠰᠤᠷᠭᠠᠬᠤ ᠠᠷᠭ᠎ᠠ ᠶᠢᠨ ᠲᠠᠯ᠎ᠠ ᠪᠠᠷ ᠦᠷᠬᠦᠯᠵᠢ ᠰᠢᠨ᠎ᠡ ᠶᠢ ᠰᠦᠪᠡᠭᠴᠢᠯᠡᠨ ᠡᠬᠦᠳᠴᠤ ᠪᠠᠶᠢᠪᠠ᠃ ᠠᠮᠢᠳᠤᠷᠠᠯ ᠨᠢ ᠬᠦᠴᠢᠷᠳᠠᠢ ᠰᠤᠷᠤᠭᠴᠢᠳ ᠲᠤ ᠦᠪᠡᠷ ᠤᠨ ᠵᠤᠭᠤᠰ ᠢᠶᠠᠷ ᠢᠶᠠᠨ ᠪᠢᠷ ᠪᠤᠳᠤᠭ ᠪᠠ ᠲᠠᠰᠬᠠᠯ ᠤᠨ ᠲᠡᠪᠳᠡᠷ ᠠᠪᠴᠤ ᠦᠭᠬᠦ᠂ ᠬᠤᠪᠴᠠᠰᠤ ᠬᠤᠨᠠᠷ ᠢ ᠨᠢ ᠤᠶᠤᠵᠦ ᠲᠤᠪᠬᠢᠵᠤ ᠦᠭᠳᠡᠭ ᠪᠦᠭᠡᠳ ᠵᠠᠷᠢᠮ ᠰᠤᠷᠤᠭᠴᠢ ᠨᠢ ᠬᠠᠷᠢᠯᠴᠡᠨ ᠨᠠᠰᠤᠨ ᠤ ᠵᠦᠷᠢᠶ᠎ᠡ ᠶᠡᠭᠡ ᠮᠦᠷᠳᠡᠭᠡᠨ ᠭᠡᠷ ᠪᠦᠯᠢ ᠳᠡᠭᠡᠨ ᠭᠤᠤᠯ ᠬᠦᠳᠡᠯᠮᠤᠷᠢ ᠪᠤᠯᠤᠭᠰᠡᠨ ᠠᠴᠠ ᠭᠡᠷ ᠤᠨ ᠠᠬᠠᠮᠠᠳ ᠨᠢ ᠰᠤᠷᠭᠠᠭᠤᠯᠢ ᠳᠤ ᠰᠠᠭᠤᠯᠭᠠᠬᠤ ᠲᠤᠷ᠎ᠠ ᠦᠭᠡᠢ ᠭᠡᠷ ᠲᠡᠭᠡᠨ ᠬᠠᠷᠢᠭᠰᠡᠨ  ᠳᠤ ᠭᠠᠷᠪᠤᠤ ᠪᠠᠭᠰᠢ ᠶᠠᠪᠠᠭᠠᠯᠠᠨ ᠰᠤᠷᠤᠭᠴᠢᠳ ᠤᠨ ᠭᠡᠷ ᠢᠶᠠᠷ ᠤᠳᠠᠭ᠎ᠠ ᠲᠠᠷᠠᠭᠠᠯᠠᠨ ᠬᠦᠷᠴᠤ᠂ ᠭᠡᠷ ᠤᠨ ᠠᠬᠠᠮᠠᠳ ᠪᠤᠯᠤᠨ ᠰᠤᠷᠤᠭᠴᠢᠳ ᠲᠤ ᠤᠯᠠᠨ ᠰᠠᠶᠢᠬᠠᠨ ᠦᠵᠡᠯ ᠰᠠᠨᠠᠭᠠᠨ ᠤ ᠠᠵᠢᠯ ᠬᠢᠵᠦ᠂ ᠲᠠᠬᠢᠨ ᠰᠤᠷᠤᠯᠴᠠᠬᠤ ᠪᠤᠯᠭᠠᠭᠰᠡᠨ  ᠠᠴᠠ ᠰᠤᠷᠤᠭᠴᠢᠳ ᠤᠨ ᠰᠤᠷᠤᠯᠭ᠎ᠠ ᠶᠢᠨ ᠰᠠᠭᠠᠳᠤᠯ ᠢ ᠪᠠᠭᠠᠰᠬᠠᠭᠰᠡᠨ ᠪᠠᠶᠢᠪᠠ᠃        ᠭᠠᠷᠪᠤᠤ ᠪᠠᠭᠰᠢ ᠡᠬᠢᠯᠡᠩᠬᠦᠳᠡ ᠭᠤᠷᠪᠠᠳᠤᠭᠠᠷ ᠤᠨ ᠤ ᠬᠢᠴᠢᠶᠡᠯ ᠢ ᠵᠢᠭᠠᠵᠦ ᠪᠠᠶᠢᠭᠰᠡᠨ ᠢᠶᠠᠨ ᠰᠡᠬᠦᠯᠡᠷ ᠨᠢ ᠲᠦᠷᠪᠡᠳᠦᠭᠡᠷ ᠤᠨ᠂ ᠲᠠᠪᠤᠳᠤᠭᠠᠷ ᠤᠨ ᠳᠤ ᠴᠤ ᠬᠢᠴᠢᠶᠡᠯ ᠵᠢᠭᠠᠵᠦ᠂ ᠪᠠᠰᠠ ᠰᠤᠷᠭᠠᠭᠤᠯᠢ ᠶᠢᠨ ᠬᠤᠰᠢᠭᠤᠴᠢ ᠠᠩᠬᠢ ᠶᠢᠨ ᠬᠠᠪᠰᠤᠷᠤᠨ ᠵᠢᠯᠤᠭᠤᠳᠤᠭᠴᠢ ᠶᠢᠨ ᠠᠵᠢᠯ ᠢ ᠬᠠᠪᠰᠤᠷᠭᠠᠨ ᠬᠢᠬᠦ ᠪᠤᠯᠤᠭᠰᠡᠨ ᠠᠴᠠ ᠶᠤᠰᠤᠳᠠᠢ ᠯᠨ ᠡᠳᠤᠷᠵᠢᠨ ᠪᠤᠷᠪᠢ ᠪᠤᠬᠢᠰᠭᠡᠯ ᠦᠭᠡᠢ ᠶᠠᠭᠠᠷᠠᠬᠤ ᠪᠤᠯᠪᠠ᠃ ᠰᠤᠷᠭᠠᠭᠤᠯᠢ ᠨᠢ ᠶᠠᠮᠠᠷ ᠲᠦᠷᠢᠮ ᠲᠤᠭᠳᠠᠭᠠᠯ ᠲᠠᠢ ᠪᠠᠶᠢᠭᠰᠡᠨ ᠪᠤᠯ ᠲᠡᠷᠨ ᠶᠤᠰᠤᠭᠠᠷ ᠰᠤᠷᠤᠭᠴᠢ ᠪᠠᠨ᠂ ᠲᠡᠷᠡᠴᠢᠯᠡᠨ ᠦᠪᠡᠷ ᠢ ᠪᠠᠨ ᠴᠢᠩᠭ᠎ᠠ ᠱᠠᠭᠠᠷᠳᠠᠵᠦ᠂ ᠰᠤᠷᠤᠭᠴᠢᠳ ᠤᠨ ᠰᠤᠷᠤᠯᠭ᠎ᠠ ᠪᠠ ᠶᠤᠰᠤ ᠮᠤᠷᠠᠯ ᠢ ᠵᠡᠷᠭᠡ ᠳᠤᠨᠢ ᠴᠢᠩᠭ᠎ᠠ ᠠᠳᠬᠤᠭᠰᠡᠨ ᠠᠴᠠ ᠲᠤᠪᠤᠶᠢᠮ᠎ᠡ ᠠᠮᠵᠢᠯᠳᠠ ᠤᠯᠤᠭᠰᠡᠨ ᠪᠠᠶᠢᠵᠦ᠂ ᠵᠦᠪ ᠪᠤᠳᠤᠵᠦ᠂ ᠪᠤᠳᠤᠭᠰᠡᠨ ᠶᠤᠰᠤᠭᠠᠷ ᠢᠶᠠᠨ ᠬᠢᠵᠦ᠂ ᠬᠢᠭᠰᠡᠨ ᠶᠤᠰᠤᠭᠠᠷ ᠪᠡᠶᠡᠯᠡᠭᠳᠡᠬᠦ ᠬᠡᠳᠡᠭ ᠬᠦᠰᠡᠯ ᠢᠳᠡᠭᠡᠯ ᠤᠨ ᠪᠠᠶᠡᠯᠡᠯ ᠲᠡᠷᠨ ᠪᠤᠶᠤ᠃        ᠭᠠᠷᠪᠤᠤ ᠪᠠᠭᠰᠢ ᠳᠤ ᠲᠡᠬᠦᠨ ᠤ ᠲᠡᠷᠨ ᠤᠯᠠᠨ ᠰᠤᠷᠤᠭᠴᠢᠳ ᠨᠢ ᠰᠢᠪᠠᠭᠤᠨ ᠤ ᠨᠢᠯᠬ᠎ᠠ ᠲᠡᠭᠳᠡᠭᠡᠭᠡᠢ ᠰᠢᠤᠬᠠᠨ ᠪᠠᠶᠢᠭᠰᠡᠨ ᠢᠶᠠᠨ ᠰᠢᠪᠠᠭᠤᠨ ᠤ ᠨᠢᠯᠬ᠎ᠠ ᠲᠡᠭᠳᠡᠭᠡᠭᠡᠢ ᠦᠳᠤ ᠨᠤᠤᠯᠤᠷ ᠨᠢ ᠤᠷᠭᠤᠵᠦ᠂ ᠲᠡᠯᠪᠢ ᠵᠢᠬᠦᠷ ᠨᠢ ᠪᠠᠬᠢᠵᠢᠨ ᠢᠷᠡᠬᠦ ᠶᠢᠨ ᠴᠠᠭ ᠲᠤ ᠡᠭᠡ ᠪᠠᠨ ᠲᠠᠭᠠᠭᠠᠳ ᠨᠠᠭᠤᠷ ᠨᠤᠭᠤ ᠪᠠᠷ ᠲᠡᠷᠪᠡᠨ ᠨᠢᠰᠴᠤ᠂ ᠵᠢᠷᠬᠢᠨ ᠪᠠᠶᠠᠰᠤᠨ᠎ᠠ᠃ ᠲᠡᠳᠡᠭᠡᠷ ᠰᠤᠷᠤᠭᠴᠢ ᠭᠡᠤᠭᠡᠳ ᠢᠶᠠᠨ ᠡᠶᠢᠨ ᠬᠦ ᠡᠷᠪᠡᠩ ᠲᠡᠷᠪᠡᠩ ᠪᠠᠶᠠᠰᠤᠨ ᠴᠡᠩᠭᠡᠨ᠂ ᠦᠰᠴᠤ ᠲᠤᠮᠤᠭᠠᠵᠢᠬᠤ ᠶᠢ ᠨᠢᠳᠤ ᠲᠦᠬᠦᠷᠡᠩ ᠬᠠᠷᠠᠵᠦ᠂ ᠨᠡᠩ ᠴᠢᠨᠠᠭᠰᠢ ᠵᠢᠳᠬᠦᠨ ᠲᠡᠮᠡᠤᠯᠡᠭᠰᠡᠨ ᠲᠡᠬᠦᠨ ᠤ ᠴᠢᠷᠮᠠᠶᠢᠯᠠᠭ᠎ᠠ ᠲᠠᠩᠳᠠ ᠠᠮᠵᠢᠯᠳᠠ᠂ ᠦᠷ᠎ᠡ ᠳ᠋ᠦᠩ ᠢᠶᠠᠷ ᠦᠭᠡᠳᠡᠷᠭᠡᠭ ᠪᠠᠶᠢᠯ᠎ᠠ᠃ ᠭᠠᠷᠪᠤᠤ 1960 ᠤᠨ ᠳᠤ ᠬᠤᠩᠭᠤᠷᠬᠠᠨ ᠬᠤᠷᠢᠨ ᠲᠦᠷᠪᠡᠨ ᠨᠠᠰᠤᠨ ᠳᠤ ᠬᠠᠨᠰᠦ᠋ᠮ᠎ᠡ ᠭᠤᠤᠯ ᠪᠠᠭ᠎ᠠ ᠰᠤᠷᠭᠠᠭᠤᠯᠢ ᠶᠢᠨ ᠵᠠᠬᠢᠷᠤᠯ ᠢᠶᠠᠷ ᠲᠡᠪᠰᠢᠬᠦᠯᠦᠭᠳᠡᠭᠰᠡᠨ ᠠᠴᠠ ᠤᠤᠯ ᠤᠨ ᠠᠩᠬᠢ ᠡᠷᠬᠢᠯᠡᠭᠴᠢ ᠯᠨ ᠪᠠᠶᠢᠭᠰᠡᠨ ᠢᠶᠠᠨ ᠤᠳᠤ ᠬᠠᠷᠢᠨ ᠤᠳᠤᠷᠢᠳᠬᠤ ᠪᠠᠶᠢᠷᠢᠨ ᠳᠤ ᠭᠠᠷᠤᠭᠰᠡᠨ ᠠᠴᠠ ᠦᠪᠡᠷ  ᠤᠨ ᠡᠬᠦᠷᠭᠡ ᠬᠠᠷᠢᠭᠤᠴᠠᠯᠭ᠎ᠠ ᠪᠠᠨ ᠤᠯᠠᠮ ᠦᠨᠳᠤᠷ ᠲᠦᠪᠰᠢᠨ ᠠᠴᠠ ᠤᠶᠢᠯᠠᠭᠠᠵᠦ᠂ ᠤᠬᠭᠠᠷᠠᠵᠦ᠂ ᠠᠵᠢᠯᠯᠠᠵᠦ ᠶᠠᠪᠤᠭᠰᠡᠨ ᠪᠢᠯᠨ᠃ ᠰᠤᠷᠭᠠᠭᠤᠯᠢ ᠶᠢᠨ ᠨᠦᠬᠦᠴᠡᠯ ᠠᠨᠠᠢ ᠪᠤᠯᠬᠤᠷ ᠵᠠᠬᠢᠷᠤᠯ ᠤᠨ ᠰᠠᠭᠤᠬᠤ ᠭᠡᠷ ᠴᠦ ᠦᠭᠡᠢ ᠪᠠᠶᠢᠭᠰᠡᠨ ᠳᠤ ᠦᠪᠡᠷ ᠤᠨ ᠨᠠᠰᠤᠳᠠᠢ ᠡᠵᠢ ᠪᠤᠯᠤᠨ ᠨᠢᠯᠬ᠎ᠠ ᠭᠡᠤᠭᠡᠳ ᠲᠠᠢ ᠪᠠᠨ ᠦᠬᠢᠨ ᠰᠤᠷᠤᠭᠴᠢᠳ ᠤᠨ ᠪᠠᠶᠢᠷᠢ  ᠶᠢᠨ ᠭᠡᠷ ᠤᠨ ᠶᠡᠭᠡ ᠬᠠᠨᠵᠤᠨ ᠳᠤ ᠰᠢᠬᠠᠴᠠᠯᠳᠤᠨ ᠰᠠᠭᠤᠵᠦ᠂ ᠰᠡᠬᠦᠯᠡᠷ ᠨᠢ ᠰᠦᠮ᠎ᠡ ᠶᠢᠨ ᠮᠠᠭᠤ ᠭᠡᠷ ᠢ ᠵᠠᠰᠠᠵᠦ ᠡᠪᠯᠡᠬᠦᠯᠦᠨ ᠰᠠᠭᠤᠭᠰᠡᠨ ᠪᠠᠶᠢᠪᠠ᠃ ᠬᠠᠷᠢᠭᠤᠴᠠᠭᠰᠡᠨ ᠠᠵᠢᠯ ᠳᠠᠭᠠᠨ ᠬᠤᠶᠢᠰᠢ ᠦᠭᠡᠢ ᠵᠢᠳᠬᠦᠵᠦ ᠶᠠᠪᠤᠭᠰᠡᠨ ᠲᠠᠷᠨ ᠮᠠᠨᠢ ᠠᠵᠢᠯ ᠠᠮᠢᠳᠤᠷᠠᠯ ᠤᠨ ᠬᠦᠨᠳᠤ ᠪᠡᠷᠭᠡ ᠬᠦᠴᠢᠷ ᠵᠤᠪᠠᠭᠤᠷᠢ ᠶᠢ ᠬᠦᠯ ᠳᠤ ᠬᠠᠳᠬᠤᠭᠰᠡᠨ ᠦᠷᠭᠡᠰᠤ ᠲᠡᠳᠦᠢ ᠦᠵᠡᠭᠰᠡᠨ ᠦᠭᠡᠢ ᠪᠠᠶᠢᠵᠦ᠂ ᠰᠤᠷᠭᠠᠭᠤᠯᠢ ᠶᠢᠨ ᠪᠦᠬᠦ ᠲᠠᠯ᠎ᠠ ᠶᠢᠨ ᠪᠦᠳᠦᠭᠡᠨ ᠪᠠᠶᠢᠭᠤᠯᠤᠯᠳᠠ ᠠᠴᠠ ᠭᠠᠷᠳᠠᠵᠦ᠂ ᠪᠠᠭᠰᠢ ᠨᠠᠷ ᠲᠠᠭᠠᠨ ᠲᠠᠭᠤᠷᠢᠶᠠᠯ ᠪᠤᠯᠤᠨ ᠲᠠᠭᠠᠭᠤᠯᠬᠤ ᠶᠢᠨ ᠵᠡᠷᠭᠡᠴᠡᠭᠡ ᠪᠤᠶᠢᠳᠠ ᠪᠦᠭᠯᠡᠬᠦᠤ ᠡᠨᠡᠬᠦ ᠮᠠᠯᠵᠢᠬᠤ ᠤᠷᠤᠨ  ᠤ ᠮᠠᠯᠴᠢᠳ ᠤᠨ ᠦᠷ᠎ᠡ ᠭᠡᠤᠭᠡᠳ ᠢ ᠦᠰᠦᠭ ᠪᠢᠴᠢᠭ ᠲᠠᠢ ᠪᠤᠯᠭᠠᠨ ᠬᠦᠮᠦᠵᠢᠬᠦᠯᠬᠦ ᠶᠠᠪᠤᠳᠠᠯ ᠢ ᠲᠡᠷᠢᠬᠦᠨ ᠴᠢᠬᠤᠯᠨ ᠶᠠᠪᠤᠳᠠᠯ ᠪᠤᠯᠭᠠᠨ ᠠᠳᠬᠤᠪᠠ᠃ ᠡᠩ ᠲᠡᠷᠢᠬᠦᠨ ᠳᠤ ᠰᠤᠷᠤᠭᠴᠢ ᠶᠢᠨ ᠢᠷᠡᠯᠳᠡ ᠶᠢ ᠨᠡᠮᠡᠭᠳᠡᠬᠦᠯᠬᠦ ᠪᠠᠷ ᠡᠯ᠎ᠡ ᠭᠠᠴᠠᠭ᠎ᠠ ᠶᠢᠨ ᠠᠶᠢᠯ ᠡᠷᠦᠭᠡ ᠪᠠᠷ ᠤᠯᠠᠨ ᠤᠳᠠᠭ᠎ᠠ ᠬᠦᠷᠴᠤ ᠤᠴᠢᠭᠠᠳ ᠰᠤᠷᠳᠠᠯ ᠤᠬᠠᠭᠤᠯᠤᠯ ᠬᠢᠵᠦ ᠶᠠᠪᠤᠭᠰᠡᠨ ᠳ᠋ᠦᠩ ᠳᠤ ᠰᠤᠷᠬᠤ ᠨᠠᠰᠤᠨ ᠤ ᠭᠡᠤᠭᠡᠳ ᠤᠨ ᠰᠤᠷᠭᠠᠭᠤᠯᠢ ᠳᠤ ᠤᠷᠤᠭᠰᠡᠨ ᠨᠤᠷᠮ᠎ᠡ ᠤᠤᠯ ᠤᠨ 40% ᠪᠠᠶᠢᠭᠰᠡᠨ ᠢ 80% ᠠᠴᠠ ᠲᠡᠭᠡᠭᠰᠢ ᠳᠤ ᠬᠦᠷᠭᠡᠪᠡ᠃ ᠡᠨᠡᠬᠦ ᠬᠤᠭᠤᠴᠠᠭᠠᠨ ᠳᠤ ᠲᠡᠬᠦᠨ ᠤ ᠲᠦᠷᠪᠡᠨ ᠨᠠᠰᠤᠳᠠᠢ ᠦᠬᠢᠨ ᠨᠢ ᠤᠯᠠᠭᠠᠨ ᠨᠤᠳ ᠡᠪᠡᠳᠴᠢᠨ ᠢᠶᠠᠷ ᠭᠡᠭᠡᠭᠳᠡᠵᠦ᠂ ᠡᠷᠦᠭᠡ ᠭᠡᠷ᠂ ᠦᠷ᠎ᠡ ᠭᠡᠤᠭᠡᠳ ᠢ ᠨᠢ ᠡᠷᠬᠦᠨ ᠲᠦᠪᠬᠢᠨᠡᠬᠦᠯᠵᠦ ᠪᠠᠶᠢᠭᠰᠡᠨ ᠦᠳᠡᠯᠦᠭᠡ ᠡᠵᠢ ᠨᠢ ᠴᠦ ᠨᠠᠰᠤ ᠪᠠᠷᠠᠪᠠ᠃ ᠡᠯᠢᠭᠡᠨ ᠠᠴᠠ ᠨᠢ ᠡᠮᠳᠡᠷᠡᠨ ᠤᠨᠠᠭᠰᠡᠨ ᠡᠩᠬᠦᠷᠡᠢ ᠦᠷ᠎ᠡ ᠪᠡ ᠠᠴᠢ ᠡᠨᠡᠷᠢᠯ ᠤᠨ ᠠᠮᠢᠳᠤ ᠪᠤᠷᠬᠠᠨ ᠡᠵᠢ ᠪᠠᠨ ᠠᠯᠳᠠᠭᠰᠡᠨ ᠳᠤ ᠠᠵᠢᠯ ᠠᠯᠪᠠ ᠪᠠᠨ ᠬᠡᠬᠦ  ᠠᠴᠠ ᠠᠮᠢᠨ ᠤ ᠭᠡᠷ ᠪᠦᠯᠢ᠂ ᠦᠷ᠎ᠡ ᠭᠡᠤᠭᠡᠳ ᠢᠶᠠᠨ ᠠᠰᠠᠷᠠᠵᠦ ᠠᠪᠴᠤ ᠶᠠᠪᠤᠵᠦ ᠲᠡᠶᠢᠯᠦᠭᠰᠡᠨ ᠦᠭᠡᠢ ᠳᠡᠭᠡᠨ ᠭᠠᠷᠪᠤᠤ ᠪᠠᠭᠰᠢ ᠴᠢᠰᠤ ᠪᠠᠷ ᠤᠬᠢᠯᠠᠵᠦ᠂ ᠡᠨᠡᠬᠦ ᠨᠢᠯᠪᠤᠰᠤ ᠪᠠᠨ ᠲᠤᠳᠤᠭᠰᠢ ᠵᠢᠷᠦᠭᠡ ᠤᠷᠤᠭᠤ ᠪᠠᠨ ᠤᠷᠤᠰᠬᠠᠨ᠂ ᠲᠦᠢᠯ ᠢᠶᠠᠷ ᠭᠠᠴᠢᠭᠳᠠᠵᠦ ᠭᠡᠮᠰᠢᠭᠰᠡᠨ ᠭᠡᠯ᠎ᠡ ᠴᠦ ᠲᠡᠳᠡᠭᠡᠷ ᠤᠯᠠᠨ ᠰᠤᠷᠤᠭᠴᠢ ᠭᠡᠤᠭᠡᠳ ᠤᠳ ᠨᠢ ᠲᠢᠩᠬᠢᠮ ᠲᠦᠬᠦᠷᠭᠡᠨ ᠬᠢᠴᠢᠶᠡᠯᠯᠡᠵᠦ ᠰᠠᠭᠤᠬᠤ ᠶᠢ ᠬᠠᠷᠠᠭᠰᠡᠨ ᠠᠴᠠ ᠰᠢᠨᠠᠯᠤᠨ ᠰᠢᠮᠰᠢᠷᠡᠭᠰᠡᠨ ᠵᠢᠷᠦᠭᠡ ᠰᠡᠳᠬᠢᠯ ᠨᠢ ᠰᠡᠷᠬᠦᠨ ᠲᠠᠶᠢᠪᠦᠰᠢᠷᠠᠬᠤ ᠰᠢᠤᠬᠠᠨ ᠰᠠᠨᠠᠭᠳᠠᠵᠦ᠂ ᠡᠳᠡᠭᠡᠷ ᠭᠡᠤᠭᠡᠳ ᠢᠶᠠᠨ ᠡᠭᠡ ᠤᠷᠤᠨ᠂ ᠨᠠᠮ ᠵᠠᠰᠠᠭ᠂ ᠡᠯᠢᠭᠡᠨ ᠲᠦᠮᠡᠨ ᠠᠷᠠᠳ ᠤᠨ ᠤᠨ ᠢᠶᠠᠨ ᠤᠶᠢᠯᠨ ᠭᠡᠷᠡᠭ ᠲᠤ ᠰᠠᠨᠠᠭ᠎ᠠ ᠵᠦᠪ᠂ ᠰᠡᠳᠬᠢᠯ ᠲᠤᠯᠠᠭᠠᠨ᠂ ᠵᠤᠷᠢᠭ ᠰᠢᠯᠤᠭᠤᠨ ᠬᠦᠮᠦᠰ ᠪᠤᠯᠭᠠᠨ ᠦᠰᠭᠡᠨ ᠪᠤᠶᠢᠵᠢᠭᠤᠯᠴᠢᠬᠠᠪᠠᠯ ᠡᠨᠡ ᠨᠠᠰᠤᠨ ᠤ ᠬᠦᠰᠡᠯ ᠵᠤᠷᠢᠯᠭ᠎ᠠ ᠪᠡᠶᠡᠯᠡᠭᠳᠡᠬᠦ ᠲᠡᠷᠨ ᠪᠢᠯᠨ ᠭᠡᠮᠡᠨ ᠦᠪᠡᠷ  ᠢ ᠪᠠᠨ ᠦᠷᠬᠦᠢ ᠢᠳᠡᠭᠡᠨ ᠲᠠᠶᠢᠳᠬᠤᠷᠠᠭᠤᠯᠵᠦ ᠶᠠᠪᠤᠭᠰᠡᠨ ᠪᠠᠶᠢᠵᠦ ᠯᠨ ᠳ᠋ᠠ᠃        ᠭᠠᠷᠪᠤᠤ ᠪᠠᠭᠰᠢ 1965 ᠤᠨ ᠳᠤ ᠠᠷᠤ ᠬᠤᠷᠴᠢᠨ ᠬᠤᠰᠢᠭᠤᠨ ᠤ ᠲᠦᠪ ᠴᠢᠪᠠᠭ᠎ᠠ ᠪᠠᠯᠭᠠᠰᠤ ᠶᠢᠨ ᠮᠤᠩᠭᠤᠯ ᠪᠠᠭ᠎ᠠ ᠰᠤᠷᠭᠠᠭᠤᠯᠢ ᠶᠢᠨ ᠵᠠᠬᠢᠷᠤᠯ ᠢᠶᠠᠷ ᠲᠤᠮᠢᠯᠠᠭᠳᠠᠪᠠ᠃ ᠴᠢᠪᠠᠭ᠎ᠠ ᠪᠠᠯᠭᠠᠰᠤ ᠳᠤ ᠲᠤᠬᠠᠢ ᠦᠶ᠎ᠡ ᠮᠤᠩᠭᠤᠯᠴᠤᠳ ᠴᠦᠭᠡᠨ᠂ ᠮᠤᠩᠭᠤᠯ ᠭᠡᠤᠭᠡᠳ ᠤᠨ ᠮᠤᠩᠭᠤᠯ ᠦᠭᠡ ᠭᠡᠯᠨ᠂ ᠦᠰᠦᠭ ᠪᠢᠴᠢᠭ ᠢᠶᠠᠨ ᠰᠤᠷᠬᠤ ᠳᠤ ᠤᠷᠴᠢᠨ ᠲᠤᠭᠤᠷᠢᠨ ᠤᠭᠤᠭᠠᠳᠠ ᠢᠪᠴᠤᠷᠠᠭᠰᠡᠨ ᠪᠤᠯᠬᠤᠷ ᠠᠵᠢᠯ ᠳᠠᠭᠠᠨ ᠭᠤᠶᠠᠴᠢ ᠦᠭᠡᠢ ᠵᠢᠳᠬᠦᠳᠡᠭ ᠲᠡᠬᠦᠨ ᠢ ᠤᠨᠴᠠᠯᠠᠨ ᠲᠤᠬᠢᠷᠠᠭᠤᠯᠤᠭᠰᠡᠨ ᠲᠡᠷᠨ ᠪᠠᠶᠢᠯ᠎ᠠ᠃ ᠭᠠᠷᠪᠤᠤ ᠲᠤᠰᠢᠶᠠᠯ ᠳᠠᠭᠠᠨ ᠭᠠᠷᠤᠭᠰᠡᠨ ᠤ ᠰᠡᠬᠦᠯᠡᠷ ᠪᠠᠭᠰᠢ ᠨᠠᠷ  ᠢᠶᠠᠨ ᠤᠳᠤᠷᠢᠳᠤᠨ ᠲᠠᠶᠢᠴᠢᠯᠠᠵᠦ᠂ ᠰᠤᠷᠤᠭᠴᠢ ᠶᠢᠨ ᠢᠷᠡᠯᠳᠡ ᠶᠢ ᠨᠡᠮᠡᠭᠳᠡᠬᠦᠯᠬᠦ ᠶᠢ ᠤᠷᠢᠳᠠᠪᠠᠷ ᠠᠳᠬᠤᠵᠦ᠂ ᠮᠤᠩᠭᠤᠯ ᠺᠠᠳ᠋ᠷ ᠠᠵᠢᠯᠳᠠᠨ ᠤ ᠭᠡᠷ ᠪᠦᠯᠢ ᠪᠠᠷ ᠬᠦᠨᠵᠡᠭᠡᠶᠢᠷᠡᠨ᠂ ᠦᠷ᠎ᠡ ᠭᠡᠤᠭᠡᠳ ᠢ ᠨᠢ ᠦᠪᠡᠷ ᠤᠨ ᠢᠶᠠᠨ ᠦᠭᠡ ᠭᠡᠯᠨ᠂ ᠦᠰᠦᠭ ᠪᠢᠴᠢᠭ ᠲᠠᠢ ᠪᠤᠯᠭᠠᠬᠤ ᠢᠷᠡᠭᠡᠳᠦᠢ ᠶᠢᠨ ᠬᠠᠷᠠᠯᠳᠠ ᠲᠡᠰᠢ ᠤᠬᠠᠭᠤᠯᠤᠨ ᠲᠠᠭᠠᠭᠤᠯᠬᠤ ᠶᠢᠨ ᠲᠠᠭᠠᠤ ᠰᠤᠷᠭᠠᠭᠤᠯᠢ ᠳᠤ ᠪᠠᠶᠢᠬᠤ ᠰᠤᠷᠤᠭᠴᠢᠳ ᠲᠠᠭᠠᠨ ᠮᠤᠩᠭᠤᠯ ᠦᠭᠡ ᠭᠡᠯᠨ᠂ ᠦᠰᠦᠭ ᠪᠢᠴᠢᠭ ᠢ ᠬᠠᠮᠳᠤ ᠳᠤᠨᠢ ᠵᠢᠭᠠᠨ ᠰᠤᠷᠭᠠᠵᠦ᠂ ᠡᠳᠡᠭᠡᠷ ᠭᠡᠤᠭᠡᠳ ᠢ ᠡᠭᠡ ᠭᠡᠯᠨ ᠲᠠᠢ ᠨᠢ ᠵᠤᠯᠭᠠᠭᠤᠯᠬᠤ ᠪᠠᠷ ᠠᠷᠭ᠎ᠠ ᠪᠦᠬᠦᠨ ᠢ ᠰᠦᠪᠡᠭᠴᠢᠯᠡᠨ ᠴᠢᠷᠮᠠᠶᠢᠵᠦ ᠶᠠᠪᠤᠭᠰᠡᠨ ᠳ᠋ᠦᠩ ᠳᠤ ᠰᠤᠷᠤᠭᠴᠢᠳ ᠤᠨ ᠰᠤᠷᠤᠯᠭ᠎ᠠ ᠶᠢᠨ ᠬᠢᠷᠢ ᠪᠦᠳᠤᠮᠵᠢ ᠮᠡᠳᠡᠭᠳᠡᠬᠦᠶᠢᠴᠡ ᠲᠡᠭᠡᠭᠰᠢᠯᠡᠵᠦ᠂ ᠰᠤᠷᠤᠭᠴᠢ ᠶᠢᠨ ᠢᠷᠡᠯᠳᠡ ᠴᠦ ᠰᠠᠶᠢᠵᠢᠷᠠᠭᠰᠡᠨ ᠠᠴᠠ ᠬᠤᠳᠠ ᠶᠢᠨ ᠮᠤᠩᠭᠤᠯᠴᠤᠳ ᠤᠨ ᠭᠡᠤᠭᠡᠳ  ᠲᠤ ᠡᠭᠡ ᠭᠡᠯᠨ ᠦᠰᠦᠭ ᠢ ᠨᠢ ᠰᠤᠷᠭᠠᠬᠤ ᠬᠦᠴᠢᠷ ᠤᠨ ᠲᠠᠪᠠᠭ᠎ᠠ ᠶᠢ ᠦᠨᠳᠤᠰᠤᠳᠡᠨ ᠤ ᠢᠷᠡᠭᠡᠳᠦᠢ ᠳᠡᠭᠡᠨ ᠬᠠᠷᠢᠭᠤᠴᠠᠬᠤ ᠪᠠᠳᠤ ᠴᠢᠩᠭ᠎ᠠ ᠢᠳᠡᠭᠡᠯ ᠵᠤᠷᠢᠭ᠂ ᠴᠦᠬᠦᠷᠡᠰᠢ ᠦᠭᠡᠢ ᠴᠢᠷᠮᠠᠶᠢᠯᠠᠭ᠎ᠠ ᠪᠠ ᠴᠤᠴᠠᠯᠳᠠ ᠦᠭᠡᠢ ᠵᠢᠳᠬᠦᠯ ᠢᠶᠠᠷ ᠲᠡᠪᠠᠨ ᠭᠠᠷᠴᠤ ᠲᠡᠶᠢᠯᠦᠭᠰᠡᠨ ᠶᠤᠮ᠃ 1969 ᠤᠨ ᠳᠤ ᠭᠠᠷᠪᠤᠤ ᠶᠢ ᠠᠷᠤ ᠬᠤᠷᠴᠢᠨ ᠬᠤᠰᠢᠭᠤᠨ  ᠤ ᠠᠷᠤ ᠭᠡᠰᠡᠭ ᠳᠠᠬᠢ ᠬᠠᠮᠤᠭ ᠤᠨ ᠪᠤᠶᠢᠳᠠ ᠪᠦᠭᠯᠡᠬᠦᠤ ᠪᠠᠶᠠᠨᠪᠤᠯᠠᠭ ᠠᠷᠠᠳ ᠤᠨ ᠨᠢᠭᠡᠳᠦᠯ ᠤᠨ ᠴᠠᠭᠠᠬᠤᠪᠤᠭ᠎ᠠ ᠠᠶᠢᠯ ᠤᠨ ᠪᠠᠭ᠎ᠠ ᠰᠤᠷᠭᠠᠭᠤᠯᠢ ᠳᠤ ᠰᠢᠯᠵᠢᠬᠦᠯᠦᠨ ᠪᠠᠭᠰᠢᠯᠠᠭᠤᠯᠪᠠ᠃ ᠵᠤᠬᠢᠶᠠᠨ ᠪᠠᠶᠢᠭᠤᠯᠤᠯᠳᠠ ᠶᠢᠨ ᠲᠤᠬᠢᠷᠠᠭᠤᠯᠤᠯᠳᠠ ᠶᠢ ᠵᠦᠷᠢᠵᠦ ᠬᠠᠵᠠᠶᠢᠯᠭᠠᠯ ᠦᠭᠡᠢ ᠲᠤᠰᠴᠤ ᠶᠠᠪᠤᠳᠠᠭ ᠭᠠᠷᠪᠤᠤ ᠪᠠᠭᠰᠢ ᠦᠪᠡᠷ ᠤᠨ ᠡᠷᠦᠭᠡ ᠭᠡᠷ  ᠢᠶᠠᠨ ᠴᠠᠭᠠᠬᠤᠪᠤᠭ᠎ᠠ ᠶᠡᠭᠡ ᠪᠠᠷᠢᠭᠠᠳᠠ ᠶᠢᠨ ᠬᠠᠭᠤᠴᠢᠨ ᠭᠡᠷ ᠲᠤ ᠲᠤᠬᠢᠷᠠᠭᠤᠯᠵᠤ᠂ ᠠᠳᠡᠬᠢ ᠮᠠᠯᠴᠢᠳ ᠤᠨ ᠦᠷ᠎ᠡ ᠭᠡᠤᠭᠡᠳ ᠢ ᠰᠤᠶᠤᠯ ᠮᠡᠳᠡᠯᠭᠡ ᠲᠠᠢ ᠪᠤᠯᠭᠠᠨ ᠬᠦᠮᠦᠵᠢᠬᠦᠯᠬᠦ ᠰᠢᠨ᠎ᠡ ᠠᠶᠠᠨ ᠤ ᠵᠠᠮ ᠢ ᠡᠬᠢᠯᠡᠨ ᠡᠯᠬᠦᠨ ᠠᠪᠤᠭᠰᠡᠨ ᠪᠢᠯᠨ᠃ ᠲᠡᠭᠡᠬᠦ ᠳᠡᠭᠡᠨ ᠰᠤᠷᠭᠠᠭᠤᠯᠢ ᠶᠢᠨ ᠵᠠᠬᠢᠷᠤᠯ᠂ ᠠᠩᠬᠢ ᠡᠷᠬᠢᠯᠡᠭᠴᠢ᠂ ᠬᠢᠴᠢᠶᠡᠯ ᠤᠨ ᠪᠠᠭᠰᠢ ᠶᠢᠨ ᠠᠵᠢᠯ ᠢ ᠵᠡᠷᠭᠡ ᠳᠤᠨᠢ ᠡᠬᠦᠷᠭᠡᠯᠡᠨ ᠲᠠᠭᠠᠭᠠᠵᠦ᠂ ᠰᠤᠷᠭᠠᠭᠤᠯᠢ ᠶᠢᠨ ᠬᠠᠮᠢᠶᠠᠷᠤᠯᠳᠠ ᠪᠤᠯᠤᠨ ᠪᠠᠭᠰᠢ ᠨᠠᠷ ᠤᠨ ᠭᠡᠪ ᠪᠤᠯᠪᠠᠰᠤᠷᠠᠯ  ᠢ ᠴᠢᠩᠭᠠᠳᠬᠠᠵᠦ᠂ ᠰᠤᠷᠤᠭᠴᠢᠳ ᠤᠨ ᠭᠡᠷ ᠤᠨ ᠠᠬᠠᠮᠠᠳ ᠲᠠᠢ ᠬᠠᠷᠢᠴᠠᠬᠤ᠂ ᠠᠮᠢᠳᠤᠷᠠᠯ ᠬᠦᠴᠢᠷᠳᠡᠯ ᠲᠠᠢ ᠰᠤᠷᠤᠭᠴᠢ ᠶᠢ ᠬᠠᠪᠰᠤᠷᠴᠤ ᠲᠡᠮᠵᠢᠬᠦ ᠵᠡᠷᠭᠡ ᠳᠤ ᠪᠡᠶᠡᠳᠡᠨ ᠭᠡᠪ ᠲᠠᠭᠤᠷᠢᠶᠠᠯ ᠦᠵᠡᠬᠦᠯᠵᠦ᠂ ᠲᠠᠭᠠᠭᠤᠯᠤᠭᠴᠢ ᠶᠢᠨ ᠦᠢᠯᠡᠳᠦᠯ ᠢᠶᠠᠨ ᠪᠠᠳᠠᠷᠠᠭᠤᠯᠤᠭᠰᠡᠨ ᠶᠤᠮ᠃ ᠴᠠᠭᠠᠬᠤᠪᠤᠭ᠎ᠠ ᠠᠶᠢᠯ ᠤᠨ ᠮᠠᠯᠴᠢᠳ ᠤᠨ ᠰᠠᠭᠤᠷᠢᠰᠢᠯ ᠲᠠᠷᠬᠠᠢ ᠪᠤᠳᠠᠷᠬᠠᠢ ᠪᠤᠯᠬᠤᠷ ᠭᠠᠷᠪᠤᠤ ᠪᠠᠭᠰᠢ ᠪᠡᠶ᠎ᠡ ᠨᠢ ᠵᠡᠮᠳᠡᠭ ᠰᠤᠷᠤᠭᠴᠢ ᠪᠤᠶᠤ ᠡᠪᠡᠳᠴᠢᠯᠡᠭᠰᠡᠨ ᠰᠤᠷᠤᠭᠴᠢ ᠶᠢ ᠦᠷᠬᠦᠯᠵᠢ ᠨᠠᠰᠢ ᠴᠠᠰᠢ ᠲᠤᠰᠴᠤ ᠬᠦᠷᠭᠡᠵᠦ ᠪᠠᠶᠢᠪᠠ᠃        ᠭᠠᠷᠪᠤᠤ ᠪᠠᠭᠰᠢ ᠤᠷᠳᠤ ᠬᠤᠭᠤᠴᠠᠭᠠᠨ ᠤ ᠪᠠᠭᠰᠢ ᠶᠢᠨ ᠠᠵᠢᠯ ᠳᠠᠭᠠᠨ ᠤᠷᠤᠭᠰᠢ ᠵᠢᠳᠬᠦᠬᠦ ᠶᠢ ᠯᠨ ᠮᠡᠳᠡᠭᠡᠳ ᠦᠪᠡᠷ ᠤᠨ ᠪᠡᠶ᠎ᠡ ᠶᠢᠨ ᠡᠪᠡᠳᠴᠢᠨ ᠠᠷᠬᠠᠭ ᠢᠶᠠᠨ ᠤᠭᠳᠤ ᠤᠶᠢᠰᠢᠶᠠᠯ ᠦᠭᠡᠢ ᠠᠵᠢᠯᠯᠠᠵᠦ ᠲᠡᠮᠡᠴᠡᠵᠦ ᠶᠠᠪᠤᠭᠰᠡᠨ ᠠᠴᠠ ᠦᠶ᠎ᠡ ᠭᠡᠰᠢᠬᠦᠤ ᠶᠢᠨ ᠡᠪᠡᠳᠴᠢᠨ ᠤᠯᠵᠦ᠂ ᠰᠤᠭᠤ ᠲᠠᠶ᠋ᠢᠭ ᠢᠶᠠᠷ ᠶᠠᠪᠤᠵᠦ ᠰᠠᠭᠤᠳᠠᠭ ᠪᠤᠯᠤᠭᠰᠡᠨ ᠭᠡᠯ᠎ᠡ ᠴᠦ ᠰᠤᠷᠤᠭᠴᠢᠳ ᠳᠠᠭᠠᠨ ᠰᠠᠭᠠᠳᠤᠯ ᠦᠭᠡᠢ ᠴᠠᠭ ᠢᠶᠠᠷ ᠬᠢᠴᠢᠶᠡᠯ ᠤᠷᠤᠵᠦ᠂ ᠰᠤᠷᠭᠠᠭᠤᠯᠢ ᠶᠢᠨ ᠡᠯ᠎ᠡ ᠲᠠᠯ᠎ᠠ  ᠶᠢᠨ ᠠᠵᠢᠯ ᠢᠶᠠᠨ ᠤᠭᠳᠤ ᠲᠠᠰᠤᠯᠳᠠᠭᠤᠯᠤᠯ ᠦᠭᠡᠢ ᠠᠳᠬᠤᠵᠦ ᠪᠠᠷᠢᠮᠳᠠᠯᠠᠵᠦ ᠢᠷᠡᠭᠰᠡᠨ ᠶᠤᠮ᠃ ᠲᠤᠬᠠᠢ ᠦᠶ᠎ᠡ  ᠶᠢᠨ ︽ᠠᠵᠢᠯᠴᠢ ᠠᠷᠪᠢᠴᠢ ᠪᠠᠷ ᠰᠤᠷᠭᠠᠭᠤᠯᠢ ᠪᠠᠨ ᠡᠷᠬᠢᠯᠡᠬᠦ︾ ᠤᠷᠢᠶᠠᠯᠠᠭ᠎ᠠ ᠶᠢ ᠴᠤᠤᠷᠢᠶᠠᠳᠤᠨ᠂ ᠰᠤᠷᠭᠠᠭᠤᠯᠢ  ᠳᠠᠭᠠᠨ ᠬᠤᠨᠢ ᠲᠡᠵᠢᠭᠡᠬᠦ᠂ ᠲᠠᠷᠢᠶ᠎ᠠ ᠲᠠᠷᠢᠬᠤ᠂ ᠰᠤᠷᠤᠭᠴᠢᠳ ᠢᠶᠠᠨ ᠲᠠᠭᠠᠭᠤᠯᠤᠨ ᠠᠷᠭᠠᠯ ᠲᠡᠬᠦᠬᠦ ᠵᠡᠷᠭᠡ ᠪᠠᠷ ᠰᠤᠷᠭᠠᠭᠤᠯᠢ ᠶᠢᠨ ᠤᠷᠤᠯᠭ᠎ᠠ ᠪᠠᠨ ᠨᠡᠮᠡᠭᠳᠡᠬᠦᠯᠦᠨ᠂ ᠲᠦᠯᠡᠰᠢ ᠲᠦᠯᠡᠭᠡ ᠪᠠᠨ ᠰᠢᠢᠳᠪᠦᠷᠢᠯᠡᠪᠡ᠃ ᠰᠤᠷᠭᠠᠭᠤᠯᠢ ᠶᠢᠨ ᠤᠷᠴᠢᠨ ᠲᠤᠭᠤᠷᠢᠨ ᠢᠶᠠᠨ ᠴᠡᠴᠡᠷᠯᠢᠭᠵᠢᠬᠦᠯᠦᠨ ᠰᠠᠶᠢᠵᠢᠷᠠᠭᠤᠯᠬᠤ ᠪᠠᠷ ᠰᠤᠷᠭᠠᠭᠤᠯᠢ ᠶᠢᠨ ᠬᠦᠷᠢᠶᠡᠨ ᠳᠡᠭᠡᠨ ᠴᠡᠴᠡᠭ ᠬᠤᠸᠠᠷ ᠲᠠᠷᠢᠵᠦ ᠤᠷᠭᠤᠭᠤᠯᠬᠤ ᠶᠢᠨ ᠵᠡᠷᠭᠡᠴᠡᠭᠡ ᠠᠷᠪᠠᠭᠠᠳ ᠢᠯᠡᠬᠦᠤ ᠮᠤ᠋ ᠮᠤᠳᠤ ᠲᠠᠷᠢᠵᠦ᠂ ᠰᠤᠷᠤᠭᠴᠢᠳ ᠢᠶᠠᠨ ᠲᠠᠭᠠᠭᠤᠯᠤᠨ ᠤᠰᠤ ᠲᠠᠮᠨᠠᠨ ᠤᠰᠤᠯᠠᠵᠦ ᠪᠠᠶᠢᠭᠠᠳ ᠡᠳᠡᠭᠡᠷᠡᠬᠦᠯᠪᠠ᠃ ︽ᠠᠷᠠᠳ ᠠᠴᠠ ᠡᠷᠬᠢᠯᠡᠭᠰᠡᠨ ᠰᠤᠷᠭᠠᠭᠤᠯᠢ  ᠶᠢ ᠠᠷᠠᠳ ᠲᠦᠮᠡᠨ ᠬᠠᠮᠢᠶᠠᠷᠴᠤ᠂ ᠪᠠᠷᠢᠭᠠᠳᠠ ᠲᠤᠰᠬᠤᠨ ᠠᠴᠠ ᠬᠠᠮᠢᠶᠠᠷᠬᠤ︾᠂ ︽ᠬᠤᠶᠠᠷ ᠬᠠᠮᠢᠶᠠᠷᠤᠯᠳᠠ ᠶᠢᠨ ᠲᠦᠷᠢᠮ︾ ᠢ ᠵᠢᠷᠤᠮᠯᠠᠨ᠂ ᠲᠡᠭᠡᠳᠤ ᠱᠠᠳᠤ ᠪᠠ ᠪᠠᠷᠢᠭᠠᠳᠠ ᠲᠠᠢ ᠪᠠᠨ ᠬᠠᠷᠢᠴᠠᠵᠦ ᠪᠠᠶᠢᠭᠠᠳ ᠴᠢᠯᠠᠭᠤ ᠲᠤᠭᠤᠰᠬ᠎ᠠ  ᠶᠢᠨ ᠪᠦᠳᠦᠴᠡᠳᠤ 12 ᠲᠠᠰᠤᠯᠭ᠎ᠠ ᠪᠠᠷᠢᠮᠵᠢᠶ᠎ᠡ ᠳᠤ ᠨᠡᠶᠢᠴᠡᠭᠰᠡᠨ ᠬᠢᠴᠢᠶᠡᠯᠯᠡᠬᠦ ᠭᠡᠷ ᠢ ᠰᠢᠨ᠎ᠡ ᠪᠠᠷ ᠪᠠᠷᠢᠭᠰᠡᠨ ᠪᠦᠭᠡᠳ 260 ᠭᠠᠷᠤᠢ ᠬᠤᠤᠰ ᠠᠯᠳ᠋ᠨ ᠬᠦᠷᠢᠶᠡᠨ ᠭᠡᠷᠡᠮ ᠪᠠᠷᠢᠪᠠ᠃ ᠭᠠᠷᠪᠤᠤ ᠪᠠᠭᠰᠢ ᠶᠢ ᠠᠵᠢᠯᠯᠠᠵᠦ ᠪᠠᠶᠢᠭᠰᠡᠨ ᠬᠤᠭᠤᠴᠠᠭᠠᠨ ᠳᠤ ᠴᠠᠭᠠᠬᠤᠪᠤᠭ᠎ᠠ ᠪᠠᠭ᠎ᠠ ᠰᠤᠷᠭᠠᠭᠤᠯᠢ ᠨᠢ ᠵᠢᠭᠠᠨ ᠰᠤᠷᠭᠠᠯᠳᠠ᠂ ᠪᠡᠶ᠎ᠡ ᠲᠠᠮᠢᠷ᠂ ᠰᠤᠶᠤᠯ ᠤᠷᠠᠯᠢᠭ ᠵᠡᠷᠭᠡ ᠡᠯ᠎ᠡ ᠲᠠᠯ᠎ᠠ ᠪᠠᠷ ᠰᠤᠷᠬᠤ ᠲᠤᠭᠤᠷᠢᠭ ᠲᠠᠭᠠᠨ ᠤᠷᠤᠶᠢᠯᠠᠭᠰᠡᠨ ᠪᠦᠭᠡᠳ ᠬᠤᠰᠢᠭᠤᠨ ᠲᠡᠰ ᠤᠨ ︽ᠵᠢᠱᠢᠶᠡᠴᠢ ᠴᠢᠭ ᠰᠤᠷᠭᠠᠭᠤᠯᠢ︾ ᠪᠤᠯᠤᠭᠰᠡᠨ ᠪᠠᠶᠢᠯ᠎ᠠ᠃        ᠴᠠᠭ ᠦᠶ᠎ᠡ ᠤᠯᠠᠷᠢᠨ ᠤᠳᠤᠭᠰᠠᠭᠠᠷ ᠪᠠᠶᠢᠪᠠ᠃ ᠰᠤᠷᠭᠠᠨ ᠬᠦᠮᠦᠵᠢᠯ ᠴᠦ ᠦᠭᠡᠳᠡᠯᠡᠬᠦ ᠱᠠᠳᠤ ᠪᠠᠷ ᠠᠬᠢᠭᠰᠠᠭᠠᠷ ᠪᠠᠶᠢᠪᠠ᠃ ᠡᠭᠡ ᠶᠢᠨ ᠬᠠᠶᠢᠷ᠎ᠠ ᠶᠢ ᠢᠪᠢᠯᠭᠡᠭᠰᠡᠨ ᠭᠠᠷᠪᠤᠤ ᠪᠠᠭᠰᠢ ᠲᠡᠳᠡᠭᠡᠷ ᠵᠢᠯ ᠤᠳ ᠲᠤ ᠪᠠᠭᠰᠢ ᠶᠢᠨ ᠠᠵᠢᠯ ᠢᠶᠠᠨ ᠬᠠᠮᠤᠭ ᠤᠨ ᠰᠠᠶᠢᠨ ᠮᠡᠳᠡᠳᠡᠭ᠂ ᠬᠠᠮᠤᠭ ᠤᠨ ᠰᠠᠶᠢᠨ ᠡᠵᠡᠮᠰᠢᠳᠡᠭ ᠠᠴᠠ ᠲᠡᠬᠦᠨ ᠤ ᠡᠷᠢᠯ ᠬᠦᠰᠡᠯ ᠦᠪᠡᠷ ᠲᠤᠨᠢ ᠠᠵᠢᠭᠯᠠᠭᠳᠠᠮ᠎ᠠ ᠦᠭᠡᠢ ᠪᠡᠶᠡᠯᠡᠭᠳᠡᠭᠰᠡᠭᠡᠷ ᠯᠨ ᠢᠷᠡᠭᠰᠡᠨ ᠪᠠᠶᠢᠵᠦ ᠯᠨ ᠳ᠋ᠠᠭ ᠡ᠃ ᠪᠠᠭᠰᠢ ᠬᠦᠮᠦᠨ ᠭᠡᠬᠦ ᠪᠠᠷ ᠶᠤᠰᠤᠳᠠᠢ ᠯᠨ ᠬᠠᠶᠢᠷ᠎ᠠ ᠰᠡᠳᠬᠢᠯ ᠢᠶᠠᠨ᠂ ᠬᠠᠷᠠᠭ᠎ᠠ ᠤᠬᠠᠭᠠᠨ ᠢᠶᠠᠨ ᠬᠠᠮᠳᠤ ᠳᠤᠨᠢ ᠨᠡᠶᠢᠯᠡᠬᠦᠯᠦᠨ ᠠᠵᠢᠯᠯᠠᠵᠦ ᠴᠢᠳᠠᠪᠠᠯ ᠠᠮᠵᠢᠯᠳᠠ ᠤᠯᠳᠠᠭ ᠶᠤᠰᠤᠳᠠᠢ ᠲᠡᠷᠨ ᠠᠵᠢ᠃ ᠭᠠᠷᠪᠤᠤ ᠪᠠᠭᠰᠢ ᠪᠦᠬᠦᠯᠢ ᠭᠤᠴᠢᠨ ᠲᠤᠯᠤᠭᠠᠨ ᠵᠢᠯ ᠪᠠᠭᠰᠢᠯᠠᠵᠦ᠂ ᠭᠤᠴᠢᠨ ᠨᠢᠭᠡᠨ ᠵᠢᠯ ᠪᠠᠭ᠎ᠠ ᠰᠤᠷᠭᠠᠭᠤᠯᠢ ᠶᠢᠨ ᠵᠠᠬᠢᠷᠤᠯ ᠶᠠᠪᠤᠵᠦ᠂ ᠲᠤᠯᠤᠭ᠎ᠠ ᠤᠳᠠᠭ᠎ᠠ ᠠᠵᠢᠯ ᠰᠢᠯᠵᠢᠨ᠂ ᠠᠵᠢᠯ ᠠᠮᠢᠳᠤᠷᠠᠯ ᠤᠨ ᠴᠦᠷᠬᠦᠯᠡᠭᠡ ᠠᠶᠠᠨ ᠢᠶᠠᠷ ᠠᠷᠪᠠᠨ ᠲᠦᠷᠪᠡ ᠤᠳᠠᠭ᠎ᠠ ᠪᠠᠭᠤᠵᠦ ᠨᠡᠬᠦᠬᠦ ᠳᠡᠭᠡᠨ ᠡᠭᠡ ᠶᠢᠨ ᠰᠡᠳᠬᠢᠯ ᠲᠠᠩᠳᠠ ᠦᠷ᠎ᠡ ᠶᠢᠨ ᠲᠦᠯᠦᠭᠡ ᠢᠪᠢᠯᠳᠡᠭ ᠪᠠᠶᠢᠬᠤᠯᠠᠷ ᠲᠡᠷᠨ ᠤᠯᠠᠨ ᠭᠡᠤᠭᠡᠳ ᠢᠶᠠᠨ ᠠᠩᠬ᠎ᠠ ᠡᠬᠢᠯᠡᠬᠦ ᠪᠠᠷ ᠭᠠᠷ ᠢ ᠨᠢ ᠶᠠᠭᠠᠬᠢᠵᠦ ᠭᠠᠨᠵᠤᠭᠠᠨ ᠳᠤ ᠬᠦᠷᠭᠡᠬᠦ ᠪᠢᠯᠢᠤ ᠭᠡᠵᠤ ᠰᠡᠳᠬᠢᠯ ᠬᠦᠨᠳᠤ ᠪᠠᠶᠢᠭᠰᠡᠨ ᠴᠠᠭ ᠭᠡᠳᠦᠶᠢᠨ ᠦᠩᠭᠡᠷᠡᠵᠦ᠂ ᠬᠦᠮᠦᠵᠢᠬᠦᠯᠦᠭᠰᠡᠨ ᠭᠡᠤᠭᠡᠳ ᠤᠨ ᠬᠢᠨᠢ ᠭᠠᠷ ᠬᠦᠯᠦᠭ ᠤᠨ ᠭᠠᠨᠵᠤᠭᠠᠨ ᠳᠤ ᠨᠢᠭᠡᠨᠳᠡ ᠬᠦᠷᠴᠤ᠂ ᠡᠭᠡ ᠤᠯᠤᠰ ᠤᠨ ᠤᠯᠠᠨ ᠭᠠᠵᠠᠷ ᠢᠶᠠᠷ ᠲᠦᠭᠡᠵᠦ᠂ ᠡᠯ᠎ᠡ ᠠᠵᠢᠯ ᠲᠦᠷᠦᠯ ᠤᠨ ᠹᠷᠤᠨᠲ ᠲᠤ ᠵᠢᠳᠬᠦᠯ ᠬᠠᠨᠳᠢᠪ ᠢᠶᠠᠨ ᠡᠷᠬᠦᠵᠦ ᠶᠠᠪᠤᠨ᠎ᠡ᠃ ᠲᠡᠷᠨ ᠰᠤᠷᠭᠠᠨ ᠬᠦᠮᠦᠵᠢᠯ ᠤᠨ ᠲᠦᠯᠦᠭᠡ ᠵᠢᠳᠬᠦᠭᠰᠡᠨ ᠲᠥᠴᠢ ᠰᠢᠬᠠᠮ ᠵᠢᠯ ᠤᠨ ᠬᠤᠭᠤᠷᠤᠠᠳᠤ ᠠᠷᠤ ᠬᠤᠷᠴᠢᠨ ᠬᠤᠰᠢᠭᠤᠨ ᠤ ︽ᠬᠤᠰᠢᠭᠤᠴᠢ ᠠᠩᠬᠢ ᠶᠢᠨ ᠰᠢᠯᠢᠳᠡᠭ ᠬᠠᠪᠰᠤᠷᠤᠨ ᠵᠢᠯᠤᠭᠤᠳᠤᠭᠴᠢ︾᠂ ᠵᠤᠤ ᠤᠳᠠ ᠠᠶᠢᠮᠠᠭ ᠤᠨ ︽3.8︾ ᠶᠢᠨ ᠤᠯᠠᠭᠠᠨ ᠲᠤᠭᠴᠢ  ᠂ ᠬᠤᠰᠢᠭᠤ ᠠᠶᠢᠮᠠᠭ ᠤᠨ ᠲᠡᠰ ᠤᠨ ︽ᠬᠦᠳᠡᠯᠮᠤᠷᠢ ᠶᠢᠨ ᠵᠢᠱᠢᠶᠡᠴᠢ︾᠂ ᠤᠯᠤᠰ ᠤᠨ ᠲᠡᠰ ᠤᠨ ︽ᠴᠡᠴᠡᠷᠯᠢᠭᠴᠢ︾᠂ ᠤᠷᠤᠨ ᠤ ᠲᠡᠰ ᠤᠨ ︽ᠦᠩᠭᠡ ᠭᠡᠷᠡᠯ ᠲᠠᠢ ᠠᠷᠠᠳ ᠤᠨ ᠪᠠᠭᠰᠢ︾᠂ ᠬᠤᠰᠢᠭᠤ  ᠠᠶᠢᠮᠠᠭ ᠤᠨ ᠤᠯᠤᠰ ᠲᠥᠷᠦ ᠶᠢᠨ ᠵᠦᠪᠯᠡᠯᠭᠡᠨ ᠤ ᠭᠡᠰᠢᠭᠦᠨ᠂ ᠠᠷᠠᠳ ᠤᠨ ᠲᠥᠯᠦᠭᠡᠯᠡᠭᠴᠢ ᠪᠤᠯᠵᠦ ᠦᠩᠭᠡᠷᠡᠭᠰᠡᠨ ᠪᠦᠭᠡᠳ 1978 ᠤᠨ ᠳᠤ ᠪᠦᠬᠦ ᠤᠯᠤᠰ ᠤᠨ ᠴᠦᠭᠡᠨ ᠲᠤᠭᠠᠳᠤ ᠦᠨᠳᠤᠰᠤᠳᠡᠨ ᠤ ᠵᠢᠱᠢᠶᠡᠴᠢ ᠲᠦᠯᠦᠭᠡᠯᠡᠭᠴᠢᠳ ᠤᠨ ᠲᠤᠭᠤᠷᠢᠨ ᠦᠵᠡᠬᠦ ᠪᠦᠯᠬᠦᠮ ᠤᠨ ᠭᠡᠰᠢᠬᠦᠨ ᠢᠶᠠᠷ ᠰᠤᠩᠭᠤᠭᠳᠠᠨ᠂ ᠪᠦᠬᠦ ᠤᠯᠤᠰ ᠤᠨ ᠬᠤᠷᠢᠭᠠᠳ ᠮᠤᠵᠢ ᠬᠤᠳᠠ ᠤᠷᠤᠨ ᠢᠶᠠᠷ ᠲᠤᠭᠤᠷᠢᠨ ᠰᠤᠷᠤᠯᠴᠠᠵᠦ᠂ ᠮᠥᠨ ᠪᠡᠭᠡᠵᠢᠩ ᠬᠤᠳᠠ ᠳᠤ ᠤᠯᠤᠰ ᠤᠨ ᠪᠠᠶᠠᠷ ᠤᠨ ᠲᠠᠶᠢᠯᠠᠯᠭ᠎ᠠ ᠳᠤ ᠤᠷᠤᠯᠴᠡᠨ᠂ ᠨᠠᠮ ᠲᠦᠷᠦ  ᠶᠢᠨ ᠤᠳᠤᠷᠢᠳᠤᠯᠭ᠎ᠠ ᠬᠤᠸ᠋ᠨ ᠬᠦᠸᠧ ᠹᠧᠩ᠂ ᠳ᠋ᠧᠩ ᠰᠢᠶᠤᠤ ᠫᠢᠩ᠂ ᠤᠯᠭᠠᠨᠬᠦᠤ ᠨᠠᠷ ᠲᠠᠢ ᠠᠭᠤᠯᠵᠠᠵᠦ᠂ ᠬᠠᠮᠳᠤ  ᠶᠢᠨ ᠵᠢᠷᠤᠭ ᠰᠡᠬᠦᠳᠡᠷ ᠠᠪᠤᠭᠤᠯᠤᠭᠰᠡᠨ ᠪᠠᠶᠢᠯ᠎ᠠ᠃ ᠭᠠᠷᠪᠤᠤ ᠪᠠᠭᠰᠢ ᠪᠤᠯ ᠠᠷᠤ ᠬᠤᠷᠴᠢᠨ ᠬᠤᠰᠢᠭᠤᠨ ᠤ ᠪᠠᠭᠰᠢ  ᠶᠢᠨ ᠰᠤᠷᠭᠠᠭᠤᠯᠢ ᠠᠴᠠ ᠲᠡᠬᠦᠰᠦᠭᠰᠡᠨ ᠠᠩᠬᠠᠳᠠᠭᠴᠢ ᠡᠮᠡᠭᠳᠡᠢ ᠪᠠᠭᠰᠢ᠂ ᠪᠠᠭ᠎ᠠ ᠰᠤᠷᠭᠠᠭᠤᠯᠢ ᠶᠢᠨ ᠠᠩᠬᠠᠳᠠᠭᠴᠢ ᠡᠮᠡᠭᠳᠡᠢ ᠵᠠᠬᠢᠷᠤᠯ᠂ ᠨᠠᠮ ᠲᠦᠷᠦ ᠶᠢᠨ ᠤᠳᠤᠷᠢᠳᠤᠯᠭ᠎ᠠ ᠲᠠᠢ ᠠᠭᠤᠯᠵᠠᠭᠰᠡᠨ ᠠᠩᠬᠠᠳᠠᠭᠴᠢ ᠮᠤᠩᠭᠤᠯ ᠡᠮᠡᠭᠳᠠᠢ ᠪᠠᠭᠰᠢ ᠶᠤᠮ᠃        ᠭᠠᠷᠪᠤᠤ ᠪᠠᠭᠰᠢ ᠶᠢᠨ ᠠᠵᠢᠯᠯᠠᠵᠦ ᠬᠢᠯᠠᠷᠠᠭᠤᠯᠤᠭᠰᠡᠨ ᠴᠠᠭ ᠡᠷᠡᠨ ᠪᠤᠯ ᠰᠤᠶᠤᠯ ᠵᠠᠭᠤᠴᠢᠯᠠᠭᠤᠷ ᠬᠦᠭᠵᠢᠭᠡ ᠦᠭᠡᠢ ᠪᠦᠭᠯᠡᠬᠦᠤ ᠴᠠᠭ ᠦᠶ᠎ᠡ ᠲᠠᠭᠠᠷᠠᠭᠰᠡᠨ ᠪᠠᠶᠢᠵᠦ᠂ ᠦᠨᠤ ᠶᠢᠨ ᠰᠢᠭ ᠪᠤᠯᠤᠭᠰᠡᠨ ᠰᠠᠨ ᠪᠤᠯ ᠤᠤᠯ ᠤᠨ ᠬᠢ  ᠠᠴᠠ ᠬᠤᠪᠢ ᠲᠠᠬᠢᠨ ᠠᠯᠳᠠᠷ ᠨᠡᠷ᠎ᠡ ᠲᠠᠭᠤᠷᠢᠰᠬᠤ ᠶᠤᠮ ᠡ᠃ ᠭᠠᠷᠪᠤᠤ ᠪᠠᠭᠰᠢ ᠨᠡᠷ᠎ᠡ ᠲᠠᠢ ᠪᠠᠨ ᠠᠳᠠᠯᠢᠬᠠᠨ ᠢᠶᠠᠷ ᠰᠤᠶᠤᠯ ᠮᠡᠳᠡᠯᠭᠡ ᠰᠡᠩᠭᠡᠷᠡᠬᠦᠯᠦᠭᠴᠢ ᠴᠠᠭᠠᠨ ᠮᠦᠷ ᠢᠶᠠᠷ ᠨᠤᠳᠤᠭ ᠤᠨ ᠢᠶᠠᠨ ᠮᠤᠩᠭᠤᠯᠴᠤᠳ ᠤᠨ ᠦᠷ᠎ᠡ ᠭᠡᠤᠭᠡᠳ ᠢ ᠤᠬᠠᠭᠠᠷᠠᠭᠤᠯᠤᠨ ᠰᠤᠷᠭᠠᠨ ᠬᠦᠮᠦᠵᠢᠬᠦᠯᠵᠦ᠂ ᠦᠷᠦᠭᠡᠯ ᠪᠤᠰᠤᠳ ᠤᠨ ᠲᠦᠯᠦᠭᠡ ᠭᠡᠵᠤ ᠦᠷᠬᠦᠯᠵᠢ ᠵᠢᠳᠬᠦᠨ ᠲᠡᠮᠡᠦᠯᠵᠦ ᠶᠠᠪᠤᠭᠰᠡᠨ ᠠᠴᠠ ᠦᠨᠳᠤᠷ ᠦᠨᠡᠯᠡᠵᠦ ᠬᠦᠨᠳᠤᠳᠭᠡᠭᠳᠡᠬᠦ ᠶᠤᠰᠤᠨ ᠲᠡᠷᠨ ᠶᠤᠮᠰᠠᠨ᠃         ᠵᠤᠬᠢᠶᠠᠭᠴᠢ᠄ ᠨᠠᠮᠵᠢᠯ         ᠵᠤᠬᠢᠶᠠᠭᠴᠢ ᠶᠢᠨ ᠬᠠᠶ᠋ᠢᠭ᠄ ᠠᠷᠤ ᠬᠤᠷᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号