| — ᠠᠷᠤ ᠬᠤᠷᠴᠢᠨ ᠬᠤᠰᠢᠭᠤᠨ ᠤ ᠲᠡᠤᠭᠡ ᠰᠤᠶᠤᠯ ᠤᠨ | ᠵᠢᠳᠬᠦᠯᠳᠠᠨ ᠤ · ᠪᠤᠶ᠋ᠬᠠᠦ᠋ᠯᠵᠠᠢ ᠶᠢ ᠲᠡᠮᠳᠡᠭᠯᠡᠪᠡ | | ᠮᠣᠩᠭᠤᠯ ᠲᠥᠷᠦ ᠶᠢᠨ ᠭᠤᠯᠤᠮᠳᠠ ᠶᠢ ᠰᠠᠬᠢᠨ᠂ ᠮᠣᠩᠭᠤᠯ ᠰᠤᠶᠤᠯ ᠤᠨ ᠨᠡᠷ᠎ᠡ ᠶᠢ ᠡᠷᠬᠦᠵᠦ ᠶᠠᠪᠤᠭ᠎ᠠ ᠠᠷᠤ | ᠬᠤᠷᠴᠢᠨ ᠨᠤᠲᠤᠭ ᠤᠨ ᠬᠦᠮᠦᠨ ᠠᠷᠠᠳ ᠭᠡᠵᠦ ᠬᠡᠰᠢᠭᠳᠦ ᠡᠨᠡ ᠨᠤᠳᠤᠭ ᠤᠨ ᠠᠭᠤᠯᠠ ᠤᠰᠤᠨ᠂ ᠶᠡᠬᠡᠰ | ᠲᠡᠭᠡᠳᠤᠰ ᠤᠨ ᠢᠶᠠᠨ ᠬᠡᠶᠢᠮᠣᠷᠢ ᠵᠢᠪᠬᠤᠭ᠎ᠠ ᠠᠴᠠ ᠤᠶᠤᠨ ᠤᠬᠠᠭᠠᠨ᠂ ᠢᠳᠡ ᠬᠦᠴᠤᠨ ᠢᠶᠠᠨ ᠰᠡᠯᠪᠢᠵᠤ ᠶᠠᠪᠤᠬᠤ | ᠤᠴᠢᠷᠳᠡᠢ ᠪᠠᠶᠢᠵᠠᠢ᠃ ᠨᠤᠲᠤᠭ ᠤᠨ ᠰᠦᠷ ᠢᠶᠠᠷ ᠬᠦᠮᠦᠨ ᠲᠡᠭᠵᠢᠷᠡᠵᠦ᠂ ᠬᠦᠮᠦᠨ ᠤ ᠤᠬᠠᠭᠠᠨ ᠢᠶᠠᠷ ᠨᠤᠲᠤᠭ | ᠠᠯᠳᠠᠷᠰᠢᠨ᠎ᠠ ᠭᠡᠭᠴᠢ ᠪᠠᠷ ᠦᠭᠡᠷᠡᠴᠢᠯᠡᠯᠳᠠ ᠨᠡᠭᠡᠭᠡᠯᠳᠠ ᠶᠢᠨ ᠲᠦᠴᠢᠨ ᠵᠢᠯ ᠤᠨ ᠠᠤᠭ᠎ᠠ ᠡᠷᠢᠨ ᠳᠤ ᠨᠤᠲᠤᠭ | ᠤᠷᠤᠨ ᠤ ᠰᠤᠶᠤᠯ ᠤᠷᠠᠯᠢᠭ ᠤᠨ ᠬᠥᠭᠵᠢᠯᠲᠡ ᠳᠤ ᠦᠪᠡᠷ ᠤᠨ ᠤᠶᠤᠨ ᠤᠬᠠᠭᠠᠨ᠂ ᠬᠦᠴᠤᠨ ᠲᠠᠮᠢᠷ ᠢᠶᠠᠨ | ᠡᠷᠭᠦᠵᠦ ᠶᠠᠪᠤᠭᠰᠠᠨ ᠣ · ᠪᠤᠶ᠋ᠬᠠᠦ᠋ᠯᠵᠠᠢ ᠭᠤᠸᠠᠢ᠂ ᠨᠤᠲᠤᠭ ᠤᠰᠤ ᠨᠡᠶᠢᠭᠡᠮ ᠲᠥᠷᠦ ᠠᠴᠠ ᠪᠠᠨ ᠦᠨᠡᠯᠠᠯᠳᠠ ᠪᠠᠨ | ᠣᠯᠵᠤ᠂ ᠠᠮᠵᠢᠯᠲᠠ ᠪᠦᠳᠦᠭᠡᠯ ᠤᠨ ᠠᠯᠳᠠᠨ ᠭᠠᠨᠵᠤᠭ᠎ᠠ ᠬᠢᠯᠠᠯᠵᠠᠭᠤᠯᠵᠤ ᠶᠠᠪᠤᠨ᠎ᠠ᠃ | ᠤ᠂ ᠪᠤᠶ᠋ᠬᠠᠦ᠋ᠯᠵᠡᠢ ᠭᠤᠸᠠᠢ ᠲᠤᠮᠳᠠᠳᠤ ᠤᠯᠤᠰ ᠤᠨ ᠵᠤᠬᠢᠶᠠᠯᠴᠢᠳ ᠤᠨ ᠨᠡᠶᠢᠭᠡᠮᠯᠢᠭ ᠤᠨ ᠭᠡᠰᠢᠭᠦᠨ᠂ | ᠳᠤᠮᠳᠠᠳᠤ ᠤᠯᠤᠰ ᠤᠨ ᠮᠤᠩᠭᠤᠯ ᠤᠷᠠᠨ ᠵᠤᠬᠢᠶᠠᠯ ᠰᠤᠳᠤᠯᠬᠤ ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ᠂ | ᠤᠯᠤᠰ ᠤᠨ ᠰᠤᠶᠤᠯ ᠤᠨ ᠶᠠᠮᠤᠨ ᠪᠤᠯᠤᠨ ᠤᠯᠤᠰ ᠤᠨ ᠦᠨᠳᠦᠰᠤᠳᠠᠨ ᠤ ᠵᠦᠪᠯᠡᠯ ᠠᠴᠠ ᠮᠡᠳᠡᠷᠡᠭᠰᠡᠨ ᠪᠦᠬᠦ | ᠤᠯᠤᠰ ᠤᠨ ᠥᠪ ᠰᠤᠶᠤᠯ ᠤᠨ ᠡᠮᠬᠢᠳᠬᠡᠯ ᠢ ᠪᠢᠴᠢᠵᠤ ᠨᠠᠶᠢᠷᠠᠭᠤᠯᠬᠤ ᠠᠵᠢᠯ ᠳᠤ ᠬᠤᠪᠢ ᠨᠡᠮᠡᠭᠦᠷᠢ ᠦᠵᠡᠭᠦᠯᠦᠭᠰᠡᠨ | ᠵᠢᠳᠬᠦᠯᠳᠡᠨ᠂ ᠪᠦᠬᠦ ᠤᠯᠤᠰ ᠤᠨ ︽ᠦᠪᠡᠷᠳᠡᠬᠡᠨ ᠰᠤᠷᠴᠤ ᠴᠢᠳᠠᠪᠤᠷᠢᠳᠠᠨ ᠪᠤᠯᠤᠭᠰᠠᠨ ᠲᠡᠷᠢᠭᠦᠨ ᠤ ᠵᠢᠱᠢᠶᠠᠴᠢ︾᠂ | ᠪᠦᠬᠦ ᠤᠯᠤᠰ ᠤᠨ ︽ᠬᠢᠯᠢ ᠬᠢᠵᠠᠭᠠᠷ ᠤᠷᠤᠨ ᠤ ᠰᠢᠯᠢᠳᠡᠭ ᠦᠷ᠎ᠡ ᠬᠡᠤᠬᠡᠳ︾ ᠤᠨ ᠮᠦᠩᠭᠦᠨ ᠮᠧᠳᠠᠯ ᠬᠥᠷᠲᠡᠭᠴᠢ᠂ | ᠪᠦᠬᠦ ᠤᠯᠤᠰ ᠤᠨ ᠤᠷᠠᠨ ᠵᠣᠬᠢᠶᠠᠯ ᠤᠨ ︽ᠠᠵᠢᠨᠠᠢ︾ ᠱᠠᠩᠨᠠᠯ ᠤᠨ ᠡᠵᠡᠨ᠂ ︽ᠪᠦᠬᠦ ᠤᠯᠤᠰ ᠤᠨ ᠮᠤᠩᠭᠤᠯ | ᠰᠤᠨᠢᠨ ᠰᠡᠳᠬᠦᠯ ᠤᠨ ᠰᠢᠯᠢᠳᠡᠭ ᠰᠤᠨᠢᠨ ᠮᠡᠳᠡᠭᠡᠨ ᠤ ᠱᠠᠩᠨᠠᠯ ᠬᠥᠷᠲᠡᠭᠴᠢ︾᠂ ᠦᠪᠦᠷ ᠮᠣᠩᠭᠤᠯ ᠤᠨ ᠦᠪᠡᠷᠳᠡᠭᠡᠨ | ᠵᠠᠰᠠᠬᠤ ᠤᠷᠤᠨ ᠤ ᠵᠠᠰᠠᠭ ᠤᠨ ᠤᠷᠳᠤᠨ ᠤ ︽ᠮᠣᠩᠭᠤᠯ ᠦᠭᠡ ᠬᠡᠯᠡ ᠦᠰᠦᠭ ᠪᠢᠴᠢᠭ ᠰᠤᠷᠴᠤ ᠬᠡᠷᠡᠭᠯᠡᠭᠰᠡᠨ | ᠲᠡᠷᠢᠭᠦᠨ ᠤ ᠬᠤᠪᠢ ᠬᠦᠮᠦᠨ︾᠂ ᠦᠪᠦᠷ ᠮᠣᠩᠭᠤᠯ ᠤᠨ ᠤᠷᠠᠨ ᠵᠣᠬᠢᠶᠠᠯ ᠤᠨ ︽ᠰᠣᠯᠤᠩᠭ᠎ᠠ︾ ᠱᠠᠩᠨᠠᠯ᠂ ︽ | ᠰᠦᠯᠲᠡ ᠴᠤᠮᠤ︾ ᠱᠠᠩᠨᠠᠯ᠂ ︽ᠪᠤᠷᠵᠢᠬᠢᠨ︾ ᠱᠠᠩᠨᠠᠯ᠂ ︽ᠲᠠᠪᠦ ᠨᠢᠭᠡ ᠶᠢᠨ ᠢᠨᠵᠧᠨᠧᠷᠢᠩ︾ ᠤᠨ ᠱᠠᠩᠨᠠᠯ ᠤᠨ | ᠡᠵᠡᠨ᠂ ᠦᠪᠦᠷ ᠮᠤᠩᠭᠤᠯ ᠤᠨ ᠵᠤᠬᠢᠶᠠᠯᠴᠢᠳ ᠤᠨ ᠨᠡᠶᠢᠭᠡᠮᠯᠢᠭ ᠤᠨ ᠭᠡᠰᠢᠭᠦᠨ᠂ ᠤᠯᠠᠭᠠᠨᠬᠠᠳᠠ ᠬᠤᠲᠠ ᠶᠢᠨ | ᠵᠤᠬᠢᠶᠠᠯᠴᠢᠳ ᠤᠨ ᠨᠡᠶᠢᠭᠡᠮᠯᠢᠭ ᠤᠨ ᠪᠠᠶᠢᠩᠭᠤ ᠶᠢᠨ ᠬᠡᠷᠡᠭ ᠡᠷᠬᠢᠯᠡᠭᠴᠢ᠂ ᠰᠤᠨᠢᠨ ᠮᠡᠳᠡᠭᠡᠨ ᠤ ᠳᠡᠭᠡᠳᠦ ᠳᠡᠰ ᠤᠨ | ᠨᠠᠶᠢᠷᠠᠭᠤᠯᠤᠭᠴᠢ᠂ ᠠᠷᠤ ᠬᠤᠷᠴᠢᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠥᠪ ᠢ ᠬᠢᠨᠠᠨ ᠲᠣᠭᠳᠠᠭᠠᠬᠤ | ᠵᠦᠪᠯᠡᠯ ᠤᠨ ᠡᠷᠬᠢᠯᠡᠭᠴᠢ᠂ ᠠᠷᠤ ᠬᠤᠷᠴᠢᠨ ᠬᠤᠰᠢᠭᠤᠨ ᠤ ᠤᠷᠠᠨ ᠪᠦᠲᠦᠭᠡᠯᠴᠢᠳ ᠤᠨ ᠨᠡᠶᠢᠭᠡᠮᠯᠢᠭ ᠤᠨ ᠨᠡᠷ᠎ᠠ | ᠬᠦᠠᠳᠤᠳᠤ ᠲᠡᠷᠢᠭᠦᠯᠡᠭᠴᠢ᠂ ᠠᠷᠤ ᠬᠤᠷᠴᠢᠨ ᠬᠤᠰᠢᠭᠤᠨ ᠤ ᠮᠣᠩᠭᠤᠯ ᠲᠡᠤᠬᠡ ᠶᠢᠨ ᠨᠡᠶᠢᠭᠡᠮᠯᠢᠭ ᠤᠨ ᠨᠡᠷ᠎ᠠ | ᠬᠦᠨᠳᠤᠳᠤ ᠲᠡᠷᠢᠭᠦᠯᠡᠭᠴᠢ ᠪᠣᠯᠬᠤ ᠮᠦᠷᠳᠡᠭᠡᠨ ᠲᠡᠭᠦᠨ ᠤ ᠠᠮᠵᠢᠯᠲᠠ ᠪᠦᠳᠦᠬᠡᠯ᠂ ᠦᠢᠯᠡ ᠶᠠᠪᠤᠳᠠᠯ ᠢ ︽ᠳᠤᠮᠳᠠᠳᠤ | ᠤᠯᠤᠰ ᠤᠨ ᠨᠡᠷᠡᠲᠦ ᠰᠤᠶᠤᠯ ᠤᠨ ᠵᠢᠳᠬᠦᠯᠲᠡᠨ ᠤ ᠲᠤᠯᠢ︾᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ | ᠤᠯᠤᠰ ᠤᠨ ᠰᠤᠳᠤᠴᠤᠤᠯ ᠤᠨ ᠲᠤᠯᠢ︾᠂ ︽ᠳᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ᠭᠡᠰᠢᠭᠦᠨ ᠤ | ᠳᠡᠭᠡᠵᠢ ᠪᠢᠴᠢᠭ︾ ᠵᠡᠷᠭᠡ ᠨᠤᠮ ᠳᠤ ᠲᠡᠮᠳᠡᠭᠯᠡᠵᠦ᠂ ᠲᠥᠪ ᠲᠧᠯᠸᠢᠰ ᠤᠨ ︽ᠰᠦᠪᠡᠭᠴᠢᠯᠡᠯ ᠪᠠ ᠢᠯᠡᠷᠡᠭᠦᠯᠦᠯ︾ | ᠫᠠᠷᠥᠭᠷᠡᠮ᠂ ᠦᠪᠦᠷ ᠮᠣᠩᠭᠤᠯ ᠤᠨ ᠤᠳᠤᠨ ᠲᠧᠯᠸᠢᠰ ᠤᠨ ︽ᠭᠠᠷᠠᠭ ᠤᠨ ᠪᠤᠯᠵᠤᠭ᠎ᠠ︾ ᠳᠡᠯᠭᠡᠴᠡ ᠪᠠᠷ | ᠤᠬᠠᠭᠤᠯᠤᠭᠰᠠᠨ ᠶᠤᠮ᠃ | | ᠨᠢᠭᠡ᠂ ᠠᠵᠠ ᠵᠠᠪᠰᠢᠶᠡᠨ ᠠᠯᠭᠠᠨ ᠲᠣᠲᠤᠷ᠎ᠠ ᠠᠴᠠ ᠤᠷᠭᠤᠳᠠᠭ | | ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭᠠᠬᠠᠨ᠂ 1950 ᠣᠨ ᠳᠤ ᠪᠤᠶ᠋ᠬᠠᠦ᠋ᠯᠵᠠᠢ ᠭᠤᠸᠠᠢ | ᠵᠣᠣ ᠤᠳᠠ ᠠᠶᠢᠮᠠᠭ ᠤᠨ ᠠᠷᠤ ᠬᠤᠷᠴᠢᠨ ᠬᠤᠰᠢᠭᠤᠨ ᠤ ᠪᠠᠶᠠᠨᠪᠤᠯᠠᠭ ᠨᠤᠲᠤᠭ ᠤᠨ ᠴᠠᠭᠠᠠᠤᠪᠤᠭ᠎ᠠ ᠠᠶᠢᠯ ᠤᠨ | ᠮᠠᠯᠴᠢᠨ ᠤᠨᠳᠤᠷᠠᠬᠤ᠂ ᠱᠢᠷᠦ ᠶᠢᠨ ᠦᠷ᠎ᠡ ᠶᠢᠨ ᠭᠠᠭᠴᠠ ᠬᠦᠤ ᠨᠢ ᠪᠤᠯᠤᠨ ᠵᠠᠶᠠᠭᠠᠵᠠᠢ᠃ ᠭᠤᠷᠪᠠᠨ ᠵᠠᠭᠤ ᠢᠯᠡᠭᠦᠦ | ᠵᠢᠯ ᠤᠨ ᠲᠡᠤᠬᠡ ᠲᠠᠢ ᠲᠠᠬᠢᠯᠭᠠᠳᠦ ᠣᠪᠣᠭ᠎ᠠ ᠶᠢᠨ ᠢᠶᠠᠨ ᠨᠡᠷ᠎ᠡ ᠪᠠᠷ ᠢᠶᠠᠨ ᠨᠡᠷᠡᠶᠢᠳᠦᠭᠰᠡᠨ ᠴᠠᠭᠠᠬᠤᠪᠤᠭ᠎ᠠ ᠠᠶᠢᠯ ᠪᠣᠯ | ᠮᠠᠯᠵᠢᠬᠤ ᠰᠤᠶᠤᠯ ᠤᠨ ᠭᠦᠨ ᠵᠤᠵᠠᠭᠠᠨ ᠬᠦᠷᠦᠰᠤ ᠰᠢᠷᠦᠢ ᠪᠤᠯᠤᠨ ᠱᠠᠰᠢᠨ ᠰᠤᠶᠤᠯ ᠤᠨ ᠨᠦᠯᠦᠭᠡ ᠶᠡᠭᠡ ᠲᠠᠢ | ᠨᠤᠲᠤᠭ ᠶᠤᠮ᠃ ᠠᠪᠤ ᠤᠨᠳᠤᠷᠠᠬᠤ ᠨᠢ ᠮᠠᠨᠵᠤ ᠶᠢᠨ ᠦᠶ᠎ᠡ ᠳᠤ ᠮᠣᠩᠭᠤᠯ ᠪᠢᠴᠢᠭ ᠰᠤᠷᠤᠭᠰᠠᠨ ᠨᠤᠲᠤᠭ ᠤᠨ | ᠰᠤᠶᠤᠯᠳᠠᠨ ᠪᠣᠯᠬᠤᠷ ᠨᠣᠮ ᠣᠩᠰᠢᠬᠤ ᠲᠤᠷᠠᠳᠠᠢ᠂ ᠠᠶᠠᠨ ᠵᠢᠩ ᠳᠤ ᠶᠠᠪᠤᠬᠤ᠂ ᠨᠤᠲᠤᠭ ᠠᠯᠪᠠᠨ ᠢᠶᠠᠷ ᠬᠦᠷᠬᠦ ᠳᠤ | ᠪᠠᠨ ᠶᠠᠷᠤ ᠠᠴᠠ ᠨᠣᠮ ᠳᠡᠪᠲᠠᠷ ᠢ ᠠᠩᠬᠠᠷᠴᠤ᠂ ᠭᠡᠷ ᠵᠦᠭ ᠢᠶᠠᠨ ᠨᠣᠮ ᠡᠪᠦᠷᠯᠡᠵᠤ ᠢᠷᠡᠳᠡᠭ ᠨᠢᠭᠡᠨ ᠪᠠᠶᠢᠵᠠᠢ᠃ | ᠪᠤᠶ᠋ᠬᠠᠦ᠋ᠯᠵᠠᠢ ᠮᠠᠯᠴᠢᠨ ᠠᠶᠢᠯ ᠤᠨ ᠬᠡᠤᠬᠡᠳ ᠤᠨ ᠬᠤᠪᠢ ᠪᠠᠷ ᠬᠤᠷᠠᠭ᠎ᠠ ᠲᠤᠭᠤᠯ ᠲᠠᠢ ᠪᠠᠨ ᠵᠢᠭᠤᠷᠠᠯᠳᠤᠨ | ᠬᠥᠯ ᠳᠤ ᠤᠷᠤᠵᠤ᠂ ᠱᠠᠰᠢᠨ ᠳᠤ ᠰᠦᠵᠢᠭ ᠲᠠᠢ ᠡᠮᠡᠭᠡ ᠶᠢᠨ ᠢᠶᠠᠨ ᠶᠠᠷᠢᠳᠠᠭ ᠤᠯᠠᠨ ᠰᠠᠶᠢᠬᠠᠨ ᠦᠯᠢᠭᠡᠷ ᠲᠤᠮᠤᠭ ᠢ | ᠭᠠᠶᠢᠬᠠᠵᠤ ᠰᠤᠨᠢᠭᠤᠴᠢᠯᠠᠵᠦ ᠦᠰᠦᠯ᠎ᠡ᠃ ︽ᠢᠳᠡᠭᠡᠯ ᠤᠨ ᠬᠥᠴᠥᠨ ᠪᠤᠯ ᠤᠷᠤᠰᠬᠠᠯ ᠤᠰᠤ ᠮᠡᠳᠤ᠃ ᠢᠳᠡᠭᠡᠯ ᠢ | ᠰᠥᠷᠥᠭᠴᠢ ᠬᠥᠴᠥᠨ ᠨᠢ ᠪᠤᠯ ᠢᠯᠳᠤ ᠮᠡᠳᠤ᠃ ᠢᠯᠳᠤ ᠪᠠᠷ ᠤᠷᠤᠰᠬᠠᠯ ᠢ ᠴᠠᠪᠴᠢᠬᠤ ᠳᠤ ᠲᠥᠷ ᠲᠠᠰᠤᠷᠠᠳᠠᠭ | ᠪᠤᠯᠪᠠᠴᠤ ᠢᠯᠳᠤ ᠪᠠᠨ ᠡᠷᠬᠦᠭᠡᠳ ᠠᠪᠬᠤ ᠪᠠᠷ ᠤᠰᠤ ᠮᠥᠨ ᠯᠡ ᠲᠠᠬᠢᠭᠠᠳ ᠨᠡᠶᠢᠯᠡᠵᠤ ᠤᠷᠤᠰᠤᠨ᠎ᠠ︾ ᠬᠡᠵᠤ | ᠬᠡᠯᠡᠳᠡᠭ ᠡᠮᠡᠭᠡ ᠶᠢᠨ ᠬᠢᠨᠢ ᠦᠭᠡ ᠲᠡᠭᠦᠨ ᠤ ᠪᠠᠯᠴᠢᠷ ᠪᠠᠭ᠎ᠠ ᠶᠢᠨ ᠴᠡᠭᠡᠵᠢᠨ ᠳᠤ ᠭᠦᠨ ᠬᠠᠳᠠᠩᠰᠢᠵᠤ᠂ | ᠦᠢᠯᠠᠭᠠᠭᠳᠠᠰᠢ ᠦᠭᠡᠢ ᠭᠠᠶᠢᠬᠠᠮᠰᠢᠭ ᠢ ᠬᠤᠴᠤᠷᠭᠠᠨ᠂ ᠬᠦᠰᠡᠯ ᠮᠦᠷᠦᠭᠡᠳᠦᠯ ᠤᠨ ᠬᠢᠨᠢ ᠬᠤᠯᠠᠨ ᠲᠠᠬᠢ ᠶᠢ ᠬᠤᠯᠠ | ᠶᠢᠨ ᠬᠤᠯᠠ ᠨᠢᠰᠭᠡᠵᠡᠢ᠃ ᠰᠦᠵᠢᠭ ᠪᠢᠰᠢᠷᠠᠯ ᠳᠤ ᠪᠠᠨ ᠦᠨᠠᠠᠴᠢ ᠡᠮᠡᠭᠡ᠂ ᠰᠤᠶᠤᠯ ᠢ ᠬᠦᠠᠳᠤᠳᠬᠡᠳᠡᠭ ᠠᠪᠤ ᠵᠢᠴᠢ | ᠨᠣᠲᠤᠭ ᠤᠰᠤᠨ ᠤ ᠬᠦᠮᠦᠨ ᠠᠷᠠᠳ᠂ ᠰᠤᠶᠤᠯ ᠵᠠᠩᠰᠢᠯ ᠤᠨ ᠨᠦᠯᠦᠭᠡ ᠨᠢ ᠵᠠᠯᠠᠭᠤ ᠪᠠᠭ᠎ᠠ ᠨᠠᠰᠤᠨ ᠤ ᠪᠤᠶ᠋ᠬᠠᠦ᠋ᠯᠵᠠᠢ | ᠶᠢᠨ ᠣᠢ ᠪᠤᠳᠤᠯ ᠳᠤ ᠤᠶᠤᠨ ᠲᠡᠵᠢᠭᠡᠯ ᠪᠤᠯᠤᠨ ᠰᠢᠮᠡᠵᠢᠵᠦ᠂ ᠤᠳᠠᠭᠠᠨ ᠣᠨ ᠬᠠᠳᠠᠭᠠᠯᠠᠭᠰᠠᠨ ᠠᠶᠢᠷᠠᠭ ᠴᠡᠭᠡ ᠶᠢᠨ | ᠭᠦᠷᠦᠩᠭᠡ ᠰᠢᠭ᠂ ᠬᠤᠵᠢᠮ ᠤᠨ ᠵᠣᠬᠢᠶᠠᠯ ᠪᠦᠳᠦᠬᠡᠯ ᠳᠤ ᠨᠢ ︽ᠨᠤᠲᠤᠭ ᠤᠨ ᠦᠨᠦᠷ ᠠᠮᠲᠠ︾ ᠪᠣᠯᠵᠤ | ᠢᠳᠡᠭᠡᠰᠢᠵᠦ ᠢᠷᠡᠭᠰᠡᠨ ᠠᠵᠢ᠃ | ᠲᠡᠷᠠ ᠪᠠᠭ᠎ᠠ ᠰᠤᠷᠭᠠᠭᠤᠯᠢ ᠪᠠᠨ ᠰᠢᠯᠢᠳᠡᠭ ᠪᠦᠳᠦᠮᠵᠢ ᠪᠠᠷ ᠲᠡᠭᠦᠰᠦᠭᠡᠳ᠂ ᠰᠤᠷᠬᠤ ᠶᠢᠨ ᠰᠠᠶᠢᠬᠠᠨ ᠢ | ᠡᠬᠢᠯᠡᠨ ᠮᠡᠳᠡᠷᠡᠵᠦ᠂ ᠲᠤᠮᠳᠠᠳᠤ ᠰᠤᠷᠭᠠᠭᠤᠯᠢ ᠳᠤ ᠲᠠᠪᠰᠢᠨ ᠰᠤᠷᠤᠯᠴᠠᠬᠤ ᠪᠠᠷ ᠪᠠᠶᠢᠭᠰᠠᠨ ᠨᠠᠮᠤᠷ ᠨᠢ ᠠᠪᠤ ᠨᠢ | ᠭᠡᠨᠡᠳᠳᠠ ᠡᠪᠡᠳᠴᠢᠯᠡᠭᠰᠡᠨ ᠠᠴᠠ ᠠᠷᠭ᠎ᠠ ᠦᠭᠡᠢ ᠰᠤᠷᠤᠯᠭ᠎ᠠ ᠪᠠᠨ ᠵᠤᠭᠰᠤᠵᠤ ᠠᠶᠢᠯ ᠭᠡᠷ ᠤᠨ ᠬᠠᠷ᠎ᠠ ᠪᠣᠷᠣ | ᠠᠵᠢᠯ ᠢ ᠡᠭᠦᠷᠴᠦ᠂ ᠠᠷᠪᠠᠨ ᠲᠠᠪᠤᠨ ᠨᠠᠰᠤᠨ ᠳᠠᠭᠠᠨ ᠠᠷᠠᠳ ᠮᠠᠯᠴᠢᠨ ᠪᠤᠯᠣᠯ᠎ᠠ᠃ ᠭᠡᠪᠠᠴᠤ ︽ᠮᠠᠯᠴᠢᠨ | ᠪᠤᠯᠤᠭᠰᠠᠨ ᠴᠦ ᠶᠠᠭᠠᠬᠢᠮᠤᠢ᠂ ᠰᠤᠶᠤᠯ ᠲᠠᠢ ᠮᠠᠯᠴᠢᠨ ᠪᠤᠯᠤᠶ᠎ᠡ︾ ᠭᠡᠵᠦ ᠰᠢᠢᠳᠥᠵᠦ ᠂ ᠪᠠᠷᠢᠭᠠᠳᠠ ᠶᠢᠨ ᠠᠵᠢᠯ ᠤᠨ | ᠴᠢᠯᠦᠭᠡ ᠵᠠᠪ ᠢᠶᠠᠷ ᠢᠶᠠᠨ ᠨᠣᠮ ᠳᠡᠪᠲᠡᠷ ᠴᠤᠭᠯᠠᠭᠤᠯᠤᠨ ᠣᠩᠰᠢᠵᠦ᠂ ︽ᠡᠷᠳᠠᠨᠢ ᠶᠢᠨ ᠰᠠᠩ ᠰᠤᠪᠠᠰᠢᠳᠠᠢ︾᠂ ︽ | ᠬᠥᠬᠡ ᠰᠤᠳᠦᠷ︾᠂ ︽ ᠵᠠᠩᠭᠠᠷ︾ ᠂ ᠭᠤᠷᠺᠢ ᠶᠢᠨ ︽ᠮᠢᠨᠤ ᠪᠠᠭ᠎ᠠ ᠨᠠᠰᠤ︾᠂ ︽ᠮᠢᠨᠤ ᠶᠡᠭᠡ ᠰᠤᠷᠭᠠᠭᠤᠯᠢ︾᠂ | ᠳ᠋᠊ · ᠨᠠᠴᠤᠭᠳᠤᠷᠵᠢ ᠶᠢᠨ ︽ᠬᠠᠭᠤᠴᠢᠨ ᠬᠦᠤ︾ ᠁ ᠵᠡᠷᠭᠡ ᠨᠣᠮ ᠵᠤᠬᠢᠶᠠᠯ ᠢ ᠣᠯᠵᠠᠭᠤᠷᠬᠠᠨ ᠣᠩᠰᠢᠵᠦ᠂ | ᠭᠦᠨ ᠭᠦᠨᠵᠡᠭᠡᠢ ᠶᠢ ᠭᠠᠶᠢᠬᠠᠨ ᠪᠢᠰᠢᠷᠠᠵᠤ ᠰᠡᠳᠬᠢᠯ ᠲᠠᠲᠠᠭᠳᠠᠯᠠ᠃ ᠲᠡᠷᠠ ᠪᠠᠷᠢᠭᠠᠳᠠ ᠳᠠᠭᠠᠨ ᠬᠠᠮᠤᠭ ᠰᠤᠶᠤᠯ | ᠲᠠᠢ ᠬᠦᠮᠦᠨ ᠪᠣᠯᠵᠤ᠂ ᠪᠠᠷᠢᠭᠠᠳᠠ ᠶᠢᠨ ᠤᠷᠠᠨ ᠰᠠᠶᠢᠬᠠᠨ ᠤ ᠲᠤᠭᠯᠠᠯᠳᠠ ᠶᠢᠨ ᠬᠤᠯᠪᠤᠭ᠎ᠠ ᠰᠢᠯᠦᠭ ᠵᠡᠷᠬᠡ ᠠᠴᠠ | ᠡᠬᠢᠯᠡᠵᠦ᠂ ᠪᠢᠴᠢᠵᠤ ᠵᠤᠬᠢᠶᠠᠬᠤ ᠠᠵᠢᠯ ᠢ ᠴᠦᠮ ᠬᠢᠳᠡᠭ ᠪᠣᠯᠵᠠᠢ᠃ ᠯᠠᠪᠳᠠᠭᠤᠨ ᠬᠢᠴᠢᠶᠡᠩᠭᠦᠢ᠂ ᠪᠢᠴᠢᠭ ᠰᠤᠶᠤᠯ | ᠶᠤᠰᠤ ᠪᠤᠯᠪᠠᠰᠤᠷᠠᠯ ᠲᠠᠢ ᠲᠡᠭᠦᠨ ᠢ ᠦᠢᠯᠡᠳᠪᠦᠷᠢᠯᠡᠯ ᠤᠨ ᠪᠠᠷᠢᠭᠠᠳᠠ ᠠᠴᠠ ᠦᠵᠡᠵᠤ ᠲᠣᠭᠤᠭᠠᠳ ᠨᠢᠭᠲᠠᠯᠠᠨ | ᠪᠤᠳᠤᠭᠴᠢ ᠪᠣᠯᠭᠠᠭᠰᠠᠨ ᠪᠦᠭᠡᠳ ᠬᠦᠳᠡᠭᠡ ᠲᠤᠰᠬᠤᠨ ᠳᠤ ᠬᠤᠷᠰᠢᠭᠰᠠᠨ ᠡᠮᠨᠡᠯᠭᠡ ᠲᠦᠭᠡᠮᠯᠡᠵᠢᠭᠦᠯᠬᠦ ᠦᠶ᠎ᠡ | ᠬᠤᠷᠰᠢᠭᠰᠠᠨ ᠡᠮᠨᠡᠯᠭᠡ ᠶᠢᠨ ᠲᠡᠩᠰᠠ ᠬᠠᠷ᠎ᠠ ᠲᠡᠮᠳᠡᠭᠯᠡᠭᠦᠯᠬᠦ ᠶᠢᠨ ᠬᠠᠮᠳᠦ ᠨᠣᠲᠤᠭ ᠤᠨ ᠯᠠᠮᠡ ᠡᠮᠴᠢ ᠳᠤ | ᠱᠠᠪᠢᠯᠠᠭᠤᠯᠵᠤ᠂ ᠡᠮᠴᠢ ᠰᠤᠷᠭᠠᠪᠠ᠃ ᠰᠤᠷᠬᠤ ᠶᠢᠨ ᠪᠠᠬ᠎ᠠ ᠲᠠᠢ ᠲᠡᠷᠠ ᠡᠮᠴᠢ ᠪᠠᠭᠰᠢ ᠠᠴᠠ ᠪᠠᠨ ᠮᠣᠩᠭᠤᠯ ᠡᠮᠨᠡᠯᠭᠡ | ᠰᠢᠮᠳᠡᠨ ᠰᠤᠷᠴᠤ᠂ ︽ᠠᠨᠠᠭᠠᠬᠤ ᠤᠬᠠᠭᠠᠨ ᠤ ᠳᠦᠷᠪᠠᠨ ᠦᠠᠳᠦᠰᠤ︾ ᠶᠢ ᠡᠷᠳᠡᠯᠡᠨ ᠤᠷᠤᠶᠢᠯᠠᠨ ᠴᠡᠭᠡᠵᠢᠯᠡᠵᠤ | ᠪᠠᠶᠢᠯ᠎ᠠ᠃ ᠳᠡᠮᠡᠢ ᠬᠡᠳᠤᠨ ᠵᠢᠯ ᠪᠤᠯᠤᠯ ᠦᠭᠡᠢ ᠨᠢᠭᠡᠳᠤᠯ ᠤᠨ ᠮᠦᠩᠭᠦᠨ ᠪᠠᠩᠬᠢ ᠠᠵᠢᠯᠳᠠᠨ ᠡᠯᠰᠴᠦ᠂ ᠲᠡᠩᠰᠠ ᠬᠠᠷ᠎ᠠ | ᠲᠦᠭᠦᠭᠡᠷᠡᠳᠡᠭ ᠨᠢᠭᠳᠠᠯᠠᠨ ᠪᠤᠳᠤᠭᠴᠢ ᠪᠠᠶᠢᠭᠰᠠᠨ ᠪᠤᠶ᠋ᠬᠠᠦ᠋ᠯᠵᠠᠢ ᠭᠤᠸᠠᠢ ᠨᠤᠲᠤᠭ ᠤᠨ ᠬᠢᠨ ᠤ ᠬᠡᠯᠡᠳᠡᠭ ︽ᠴᠠᠭᠠᠨ | ᠪᠤᠳᠠᠭ᠎ᠠ ᠢᠳᠡᠳᠡᠭ ᠬᠦᠮᠦᠨ︾᠂ ︽ᠤᠯᠤᠰ ᠤᠨ ᠬᠦᠮᠦᠨ︾ ᠭᠡᠳᠡᠭ ᠨᠢ ᠪᠣᠯᠵᠦ᠂ ᠪᠠᠶᠠᠨᠪᠤᠯᠠᠭ ᠨᠢᠭᠡᠳᠤᠯ ᠤᠨ | ᠪᠠᠩᠬᠢ ᠶᠢᠨ ᠭᠠᠵᠡᠷ ᠠᠵᠢᠯᠯᠠᠵᠠᠢ᠃ | ︽ᠰᠤᠷᠤᠯᠴᠠᠬᠤ ᠭᠡᠳᠡᠭ ᠪᠣᠯ ᠵᠢᠭᠠᠨ ᠰᠤᠷᠭᠠᠯᠳᠠ ᠪᠢᠰᠢ᠂ ᠬᠠᠷᠢᠨ ᠦᠪᠡᠷ ᠤᠨ ᠤᠬᠠᠮᠰᠠᠷ ᠪᠠ ᠬᠠᠲᠠᠭᠤ | ᠵᠣᠷᠢᠭ ᠲᠤ ᠪᠠᠶᠢᠳᠠᠭ︾ ᠭᠡᠵᠦ ᠹᠷᠠᠨᠼᠢ ᠶᠢᠨ ᠰᠢᠨᠵᠢᠯᠡᠬᠦ ᠤᠬᠠᠭᠠᠨᠳᠠᠨ ᠫᠠᠪᠷᠢ ᠶᠢᠨ ᠬᠡᠯᠡᠭᠰᠡᠨ ᠲᠠᠢ ᠠᠳᠠᠯᠢ ᠪᠠᠷ | ᠪᠤᠶ᠋ᠬᠠᠦ᠋ᠯᠵᠠᠢ ᠭᠤᠸᠠᠢ ᠦᠪᠡᠷ ᠢ ᠪᠠᠨ ᠳᠡᠭᠡᠭᠰᠢᠯᠡᠭᠦᠯᠵᠦ᠂ ᠦᠪᠡᠷ ᠢ ᠪᠠᠨ ᠳᠠᠪᠠᠭ᠋ᠤ ᠶᠢᠨ ᠲᠦᠯᠦᠭᠡ ᠦᠪᠡᠷᠳᠡᠭᠡᠨ | ᠰᠤᠷᠤᠯᠴᠠᠬᠤ ᠬᠠᠳᠠᠭᠤᠵᠢᠯᠳᠠᠢ ᠵᠠᠮ ᠢ ᠰᠤᠩᠭᠤᠵᠠᠢ᠃ ᠲᠡᠷᠡ ᠪᠠᠩᠭᠢ ᠶᠢᠨ ᠠᠵᠢᠯ ᠤᠨ ᠰᠤᠯᠡ ᠴᠢᠯᠦᠭᠡ ᠪᠠᠨ | ᠠᠰᠢᠭᠯᠠᠨ ᠨᠣᠮ ᠣᠩᠰᠢᠬᠤ ᠠᠴᠠ ᠭᠠᠳᠠᠨ᠎ᠠ ᠬᠢᠲᠠᠳ ᠮᠣᠩᠭᠤᠯ ᠲᠣᠯᠢ᠂ ᠰᠢᠨᠬᠤᠸ᠋ᠨ ᠲᠣᠯᠢ᠂ ᠬᠢᠳᠡᠳ ᠬᠡᠯᠡᠨ ᠤ | ᠬᠢᠴᠢᠶᠡᠯ ᠤᠨ ᠲᠡᠪᠳᠡᠷ ᠵᠡᠷᠬᠡ ᠶᠢ ᠴᠤᠭᠯᠠᠭᠤᠯᠤᠨ᠂ ᠪᠤᠰᠤᠳ ᠤᠨ ᠴᠠᠢ ᠲᠠᠮᠡᠬᠢᠨ ᠤ ᠴᠠᠭ ᠢ ᠠᠰᠢᠭᠯᠠᠵᠤ᠂ | ᠦᠪᠡᠷ ᠤᠨ ᠤᠨᠳᠠᠵᠤ ᠢᠳᠡᠬᠦ ᠠᠮᠠᠷᠠᠵᠤ ᠰᠡᠯᠡᠭᠦᠴᠡᠬᠦ ᠴᠠᠭ ᠢᠶᠠᠨ ᠬᠠᠰᠤᠵᠤ᠂ ᠰᠡᠳᠬᠢᠯ ᠲᠥᠪᠯᠡᠷᠡᠭᠦᠯᠦᠨ ᠬᠢᠲᠠᠳ | ᠪᠢᠴᠢᠭ ᠰᠣᠷᠴᠠᠢ᠃ ᠲᠤᠬᠠᠢ ᠶᠢᠨ ᠦᠶ᠎ᠡ ᠶᠢᠨ ᠬᠤᠮᠰᠠ ᠬᠤᠴᠤᠷᠤᠩᠭᠤᠢ ᠨᠦᠬᠦᠴᠠᠯ ᠢ ᠲᠡᠪᠴᠢᠨ᠂ ᠡᠳᠦᠷ ᠲᠡᠭᠡᠨ | ᠠᠯᠪᠠᠨ ᠠᠵᠢᠯ ᠶᠠᠭᠠᠷᠠᠤ ᠪᠣᠯ ᠰᠦᠨᠢ ᠳᠡᠭᠡᠨ ᠲᠤᠰᠤᠨ ᠳ᠋ᠧᠩ ᠤᠨ ᠪᠦᠳᠡᠬᠢ ᠬᠡᠷᠡᠯ ᠳᠤ ᠰᠠᠭᠤᠭᠠᠳ ᠰᠤᠷᠤᠯᠴᠠᠨ᠎ᠠ᠃ | ᠴᠢᠳᠠᠬᠤ ᠦᠭᠡᠢ ᠮᠡᠳᠡᠬᠦ ᠦᠭᠡᠢ ᠪᠠᠨ ᠪᠤᠰᠤᠳ ᠠᠴᠠ ᠠᠰᠠᠭᠤᠨ᠎ᠠ᠂ ᠢᠩᠭᠢᠵᠤ ᠭᠦᠨ ᠮᠡᠳᠡᠯᠭᠡ ᠠᠴᠠ ᠬᠠᠯᠢᠷᠠᠬᠤ | ᠦᠭᠡᠢ᠂ ᠪᠠᠭ᠎ᠠ ᠮᠡᠳᠡᠯᠭᠡ ᠶᠢ ᠴᠢᠮᠠᠯᠠᠬᠤ ᠦᠭᠡᠢ ᠰᠤᠷᠤᠯᠴᠠᠭᠰᠠᠨ ᠠᠴᠠ ᠲᠡᠭᠦᠨ ᠤ ᠤᠩᠰᠢᠭᠰᠠᠨ ᠨᠣᠮ | ᠣᠯᠠᠰᠢᠷᠠᠭᠰᠠᠨ ᠢᠶᠠᠷ ᠪᠠᠷᠠᠬᠤ ᠦᠭᠡᠢ ᠬᠢᠳᠡᠳ ᠬᠡᠯᠡᠨ ᠤ ᠬᠢᠷᠢ ᠬᠡᠮᠵᠢᠶ᠎ᠡ ᠲᠦᠷᠭᠡᠨ ᠳᠡᠭᠡᠭᠰᠢᠯᠡᠵᠦ᠂ ᠬᠢᠲᠡᠳ ᠢᠶᠠᠷ | ᠰᠣᠨᠢᠨ ᠰᠡᠳᠬᠦᠯ ᠤᠩᠰᠢᠵᠤ ᠴᠢᠲᠠᠬᠤ ᠪᠤᠯᠤᠭᠰᠠᠨ ᠠᠴᠠ ᠲᠡᠷᠨ ᠣᠣᠯ ᠤᠨ ᠵᠦᠪᠬᠡᠨ ᠮᠣᠩᠭᠤᠯ ᠨᠣᠮ ᠯᠠ | ᠣᠩᠰᠢᠳᠠᠭ ᠬᠢᠵᠠᠭᠠᠷᠳᠠᠮᠠᠯ ᠪᠠᠶᠢᠳᠠᠯ ᠢᠶᠠᠨ ᠳᠠᠪᠠᠵᠤ᠂ ᠬᠢᠳᠡᠳ ᠬᠡᠯᠡᠨ ᠳᠠᠬᠢ ᠭᠠᠳᠠᠭᠠᠳᠤ ᠶᠢᠨ ᠰᠣᠩᠭᠤᠳᠠᠭ | ᠪᠦᠳᠦᠬᠡᠯ᠂ ᠬᠢᠲᠠᠳ ᠤᠨ ᠰᠤᠩᠭᠤᠳᠠᠭ ᠪᠦᠳᠦᠬᠡᠯ ᠢ ᠰᠤᠨᠢᠷᠬᠠᠬᠤ ᠲᠤᠬᠢᠶᠠᠯ ᠲᠠᠢ ᠪᠤᠯᠵᠦ᠂ ᠡᠭᠦᠨ ᠢᠶᠠᠷ ᠬᠤᠶᠢᠰᠢᠳᠠ | ᠶᠢᠨ ᠵᠤᠬᠢᠶᠠᠵᠤ ᠪᠦᠳᠦᠬᠡᠬᠦ ᠭᠦᠨ ᠵᠣᠵᠠᠭᠠᠨ ᠰᠠᠭᠤᠷᠢ ᠪᠠᠨ ᠲᠠᠯᠪᠢᠵᠠᠢ᠃ ᠠᠵᠢᠯ ᠳᠤ ᠪᠠᠨ ᠬᠠᠷᠢᠭᠤᠴᠠᠯᠭ᠎ᠠ ᠲᠠᠢ᠂ | ᠴᠢᠳᠠᠮᠠᠭᠠᠢ᠂ ᠰᠤᠷᠴᠤ ᠰᠤᠳᠤᠯᠬᠤ ᠪᠠᠬ᠎ᠠ ᠲᠠᠢ ᠪᠤᠶ᠋ᠬᠠᠦ᠋ᠯᠵᠠᠢ ᠭᠤᠸᠠᠢ ᠤᠳᠤᠷᠢᠳᠤᠯᠭ᠎ᠠ ᠵᠣᠬᠢᠶᠠᠨ | ᠪᠠᠶᠢᠭᠤᠯᠤᠯᠳᠠ ᠠᠴᠠ ᠲᠤᠰᠢᠶᠠᠭᠰᠠᠨ ᠠᠵᠢᠯ ᠡᠭᠦᠷᠬᠡ ᠪᠠᠨ ᠬᠡᠵᠢᠶᠡᠳᠡ ᠬᠢᠯᠠᠯᠵᠠᠳᠠᠯ᠎ᠠ ᠪᠡᠶᠡᠯᠡᠭᠦᠯᠳᠡᠭ ᠪᠣᠯᠬᠤᠷ ᠬᠡᠳᠤᠨ | ᠵᠢᠯ ᠤᠨ ᠳᠠᠷᠠᠭ᠎ᠠ ᠲᠡᠭᠦᠨ ᠢ ᠬᠤᠰᠢᠭᠤᠨ ᠪᠠᠩᠭᠢ ᠳᠤ ᠠᠵᠢᠯ ᠰᠢᠯᠵᠢᠭᠦᠯᠵᠦ᠂ ᠠᠵᠢᠯ ᠤᠨ ᠤᠷᠴᠢᠨ ᠨᠢᠭᠡ ᠱᠠᠳᠤ | ᠳᠡᠭᠡᠭᠰᠢᠯᠡᠪᠡ᠃ ᠲᠡᠷᠨ ᠤᠷᠠᠨ ᠵᠣᠬᠢᠶᠠᠯ ᠳᠤ ᠳᠤᠷ᠎ᠠ ᠪᠠᠬ᠎ᠠ ᠲᠠᠢ ᠨᠢ ᠦᠨᠡᠨ᠂ ᠭᠡᠪᠠᠴᠤ ᠣᠷᠠᠨ ᠵᠣᠬᠢᠶᠠᠯ ᠲᠠᠢ | ᠦᠰᠦᠳ ᠦᠬᠡᠷ᠎ᠡ ᠠᠵᠢᠯ ᠤᠨ ᠪᠠᠶᠢᠷᠢᠨ ᠳᠤ ᠨᠢᠭᠡ ᠤᠯᠠᠨ ᠲᠤᠭ᠎ᠠ ᠨᠣᠷᠮ᠎ᠡ᠂ ᠲᠠᠩᠰᠠ ᠬᠠᠷ᠎ᠠ ᠲᠠᠢ ᠨᠤᠴᠤᠯᠳᠤᠵᠤ | ᠪᠠᠶᠢᠭᠰᠠᠨ ᠴᠤ ᠲᠤᠬᠠᠶᠢᠯᠠᠭᠰᠠᠨ ᠠᠵᠢᠯ ᠢᠶᠠᠨ ᠶᠠᠷᠤ ᠠᠴᠠ ᠭᠤᠣᠯ ᠪᠠᠶᠢᠷᠢᠨ ᠳᠤ ᠲᠠᠯᠪᠢᠵᠤ ᠴᠢᠷᠮᠠᠶᠢᠨ ᠠᠵᠢᠯᠯᠠᠭᠰᠠᠨ | ᠶᠤᠮ᠃ ︽ᠤᠷᠮ᠎ᠠ ᠪᠠᠬ᠎ᠠ ᠪᠣᠯ ᠬᠦᠮᠦᠨ ᠤ ᠪᠠᠭᠰᠢ︾ ᠭᠡᠳᠡᠭ ᠢᠶᠠᠷ ᠲᠡᠷᠠ ᠵᠣᠬᠢᠶᠠᠨ ᠪᠢᠴᠢᠬᠦ ᠲᠤᠷ᠎ᠡ ᠪᠠᠬ᠎ᠠ ᠳᠤ ᠪᠠᠨ | ᠬᠥᠳᠦᠯᠦᠭᠳᠡᠵᠦ᠂ ᠰᠤᠶᠤᠯ ᠤᠬᠠᠭᠤᠯᠭ᠎ᠠ ᠶᠢᠨ ᠠᠵᠢᠯ ᠤᠨ ᠹᠷᠤᠨᠲ ᠵᠦᠭ ᠲᠤ ᠰᠢᠯᠵᠢᠵᠦ᠂ ᠣᠯᠠᠨ ᠵᠢᠯ ᠲᠤᠷᠰᠢ | ᠤᠬᠠᠭᠤᠯᠬᠤ ᠬᠡᠯᠳᠡᠰ ᠤᠨ ᠠᠵᠢᠯᠳᠠᠨ᠂ ᠰᠤᠶᠤᠯ ᠤᠨ ᠭᠡᠷ ᠤᠨ ᠳᠠᠷᠤᠭ᠎ᠠ᠂ ᠰᠤᠨᠢᠨ ᠤ ᠬᠤᠷᠢᠶ᠎ᠡ ᠶᠢᠨ ᠶᠠᠷᠦᠩᠭᠡᠢ | ᠨᠠᠶᠢᠷᠠᠭᠤᠯᠤᠭᠴᠢ ᠶᠢᠨ ᠠᠵᠢᠯ ᠢ ᠭᠠᠷᠳᠠᠨ ᠬᠠᠷᠢᠭᠤᠴᠠᠵᠤ᠂ ᠬᠤᠰᠢᠭᠤ ᠨᠤᠲᠤᠭ ᠤᠨ ᠰᠤᠶᠤᠯ ᠤᠬᠠᠭᠤᠯᠭ᠎ᠠ ᠶᠢᠨ | ᠦᠢᠯᠡᠰ ᠲᠤ ᠵᠢᠷᠦᠬᠡᠨ ᠲᠠᠮᠢᠷ ᠢᠶᠠᠨ ᠰᠢᠪᠬᠠᠨ ᠵᠢᠳᠬᠦᠵᠡᠢ᠃ | ᠠᠵᠠ ᠵᠠᠪᠰᠢᠶᠡᠨ ᠠᠯᠠᠭᠠᠨ ᠠᠴᠠ ᠤᠷᠭᠤᠳᠠᠭ᠂ ᠠᠳᠬᠤᠵᠤ ᠠᠪᠬᠤ ᠠᠯᠳᠠᠵᠤ ᠶᠠᠪᠤᠭᠤᠯᠬᠤ ᠪᠠᠨ | ᠦᠪᠡᠷᠳᠡᠭᠡᠨ ᠰᠤᠩᠭᠤᠳᠠᠭ ᠪᠠᠶᠢᠵᠠᠢ᠃1981—1983 ᠣᠨ ᠳᠤ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ | ᠤᠳᠬ᠎ᠠ ᠵᠣᠬᠢᠶᠠᠯ ᠰᠣᠳᠤᠯᠬᠤ ᠠᠩᠭᠢ ᠳᠤ ᠰᠤᠷᠤᠯᠴᠠᠬᠤ ᠲᠤᠬᠢᠶᠠᠯ ᠣᠯᠵᠦ᠂ ᠤᠳᠬ᠎ᠠ ᠵᠣᠬᠢᠶᠠᠯ ᠤᠨ ᠤᠨᠤᠯ ᠤᠨ | ᠮᠡᠳᠡᠯᠭᠡ᠂ ᠵᠤᠬᠢᠶᠠᠨ ᠪᠢᠴᠢᠬᠦ ᠤᠷ᠎ᠡ ᠳᠡᠮ ᠵᠡᠷᠬᠡ ᠶᠢ ᠰᠢᠰᠲ᠋ᠧᠮ ᠲᠠᠢ ᠡᠵᠡᠮᠰᠢᠭᠰᠡᠨ ᠠᠴᠠ ᠶᠠᠭ ᠯᠠ ᠨᠢᠰᠬᠦ ᠭᠡᠰᠡᠨ | ᠪᠦᠷᠭᠦᠳ ᠲᠤ ᠵᠢᠭᠦᠷ ᠨᠡᠮᠡᠭᠳᠡᠭᠰᠡᠨ ᠰᠢᠭ ᠪᠣᠯᠵᠦ᠂ ᠣᠨᠣᠯ ᠦᠢᠯᠡᠳᠤᠯᠭᠡ ᠶᠢᠨ ᠤᠶᠠᠯᠳᠤᠯ᠂ ᠰᠤᠷᠤᠯᠭ᠎ᠠ | ᠦᠨᠡᠮᠯᠠᠯ ᠤᠨ ᠪᠦᠷᠢᠳᠦᠯ ᠢ ᠨᠢᠭᠡᠯᠠ ᠠᠯᠬᠤᠮ ᠳᠤ ᠪᠠᠶᠡᠯᠡᠭᠦᠯᠵᠡᠢ᠃ᠲᠡᠷᠨ ᠬᠡᠵᠢᠶ᠎ᠡ ᠬᠠᠮᠢᠭ᠎ᠠ ᠴᠦ ᠰᠤᠷᠤᠯᠴᠠᠬᠤ ᠠᠴᠠ | ᠵᠠᠯᠬᠠᠭᠤᠷᠠᠳᠠᠭ ᠦᠭᠡᠢ᠂ ᠬᠠᠮᠤᠭ ᠨᠠᠭᠠᠳᠦ ᠵᠠᠬ᠎ᠠ ᠨᠢ ᠵᠥᠪ ᠪᠢᠴᠢᠯᠭᠡ᠂ ᠪᠠᠷᠢᠮᠵᠢᠶ᠎ᠡ ᠠᠪᠢᠶ᠎ᠠ ᠶᠢ ᠴᠦ ᠠᠩᠬᠠᠷᠴᠤ᠂ | ᠵᠦᠪ ᠪᠢᠴᠢᠯᠭᠡ ᠶᠢᠨ ᠪᠣᠯᠪᠠᠰᠤᠷᠠᠯ ᠰᠢᠯᠭᠠᠯᠳᠠ ᠳᠤ ᠴᠦ ᠠᠯᠳᠠᠯ ᠦᠭᠡᠢ ᠤᠷᠤᠯᠴᠠᠵᠤ ᠪᠠᠶᠢᠵᠠᠢ᠃ ᠲᠡᠭᠦᠨ ᠤ | ᠦᠪᠡᠷᠳᠡᠬᠡᠨ ᠰᠤᠷᠴᠤ ᠴᠢᠳᠠᠪᠤᠷᠢᠳᠠᠨ ᠪᠤᠯᠤᠭᠰᠠᠨ ᠴᠢᠷᠮᠠᠶᠢᠯᠭ᠎ᠠ ᠪᠠ ᠬᠦᠯᠦᠰᠤ ᠬᠦᠴᠦ ᠨᠢ ᠨᠡᠶᠢᠭᠡᠮ ᠨᠡᠶᠢᠲᠡ ᠳᠤ | ᠮᠡᠳᠡᠷᠡᠭᠳᠡᠵᠦ᠂ 1984 ᠣᠨ ᠳᠤ ᠡᠪ ᠬᠠᠮᠳᠦ ᠵᠠᠯᠠᠭᠤᠴᠤᠳ ᠤᠨ ᠡᠪᠯᠡᠯ ᠤᠨ ᠲᠥᠪ ᠬᠤᠷᠢᠶ᠎ᠡ᠂ ᠰᠤᠷᠭᠠᠨ | ᠬᠦᠮᠦᠵᠢᠯ ᠤᠨ ᠶᠠᠮᠤᠨ᠂ ᠤᠯᠤᠰ ᠤᠨ ᠰᠢᠨᠵᠢᠯᠡᠬᠦ ᠤᠬᠠᠭᠠᠨ ᠤ ᠶᠠᠮᠣᠨ ᠠᠴᠠ ᠵᠣᠬᠢᠶᠠᠨ ᠪᠠᠶᠢᠭᠤᠯᠤᠭᠰᠠᠨ ︽ᠪᠦᠬᠦ | ᠤᠯᠤᠰ ᠤᠨ ᠦᠪᠡᠷᠳᠡᠬᠡᠨ ᠰᠤᠷᠴᠤ ᠴᠢᠳᠠᠪᠤᠷᠢᠳᠠᠨ ᠪᠤᠯᠤᠭᠰᠠᠨ ᠲᠦᠯᠦᠭᠡᠯᠡᠭᠴᠢᠳ︾ ᠤᠨ ᠶᠡᠭᠡ ᠬᠤᠷᠠᠯ ᠳᠤ ᠦᠪᠦᠷ | ᠮᠣᠩᠭᠤᠯ ᠠᠴᠠ ᠰᠣᠩᠭᠤᠭᠳᠠᠭᠰᠠᠨ ᠲᠦᠷᠪᠠᠨ ᠲᠥᠯᠦᠭᠡᠯᠡᠭᠴᠢ ᠶᠢᠨ ᠲᠤᠳᠤᠷ᠎ᠠ ᠴᠤᠷ ᠤᠨ ᠭᠠᠭᠴᠠ ᠮᠣᠩᠭᠤᠯ | ᠦᠠᠳᠦᠰᠤᠳᠠᠨ ᠤ ᠲᠦᠯᠦᠭᠡᠯᠡᠭᠴᠢ ᠶᠢᠨ ᠬᠤᠪᠢ ᠪᠠᠷ ᠪᠡᠭᠡᠵᠢᠩ ᠳᠤ ᠬᠤᠷᠠᠯ ᠳᠤ ᠣᠷᠤᠯᠴᠠᠵᠤ ᠱᠠᠩᠨᠠᠯ ᠲᠤᠰᠴᠠᠢ᠃ | | ᠬᠤᠶᠡᠷ ᠦᠢᠯᠡᠰ ᠤᠨ ᠭᠠᠨᠵᠤᠭ᠎ᠠ ᠴᠢᠷᠮᠠᠶᠢᠯ ᠤᠨ ᠠᠶᠠᠨ ᠳᠤ ᠬᠢᠯᠠᠯᠵᠠᠳᠠᠭ | | | ᠣ · ᠪᠤᠶ᠋ᠬᠠᠦ᠋ᠯᠵᠡᠢ ᠭᠤᠸᠠᠢ ᠠᠷᠤ ᠬᠤᠷᠴᠢᠨ ᠤ ᠥᠪ ᠰᠤᠶᠤᠯ ᠤᠨ ᠵᠠᠯᠭᠠᠮᠵᠢᠯᠠᠯ ᠬᠥᠭᠵᠢᠯᠲᠡ ᠳᠤ ᠨᠦᠷ ᠶᠡᠭᠡ | ᠵᠢᠳᠬᠦᠯ ᠬᠦᠴᠤᠨ ᠭᠠᠷᠭᠠᠵᠤ᠂ ᠤᠯᠤᠰ ᠤᠨ ᠰᠤᠶᠤᠯ ᠤᠨ ᠶᠠᠮᠤᠨ᠂ ᠦᠠᠳᠦᠰᠦᠳᠠᠨ ᠤ ᠵᠦᠪᠯᠡᠯ ᠠᠴᠠ ᠲᠡᠭᠦᠨ ᠳᠤ ︽ | ᠪᠦᠬᠦ ᠤᠯᠤᠰ ᠤᠨ ᠥᠪ ᠰᠤᠶᠤᠯ ᠤᠨ ᠡᠮᠬᠢᠳᠬᠡᠯ ᠢ ᠪᠢᠴᠢᠵᠦ ᠨᠠᠶᠢᠷᠠᠭᠤᠯᠬᠤ ᠠᠵᠢᠯ ᠳᠤ ᠬᠤᠪᠢ ᠨᠡᠮᠡᠭᠦᠷᠢ | ᠦᠵᠡᠭᠦᠯᠦᠭᠰᠡᠨ ᠵᠢᠳᠬᠦᠯᠳᠡᠨ︾ ᠤ ᠢᠷᠠᠭᠤ ᠠᠯᠳᠠᠷ ᠣᠯᠭᠤᠭᠰᠠᠨ ᠨᠢ ᠬᠤᠭᠤᠰᠤᠨ ᠶᠠᠪᠤᠳᠠᠯ ᠪᠢᠰᠢ᠃ ᠲᠡᠷᠡ ᠠᠷᠤ | ᠬᠤᠷᠴᠢᠨ ᠤ ᠠᠭᠤᠯᠠ ᠤᠰᠤ ᠦᠨᠴᠦᠭ ᠪᠣᠯᠣᠩ ᠪᠠᠷᠠᠳᠠᠯ᠎ᠠ ᠶᠠᠪᠤᠵᠤ ᠠᠷᠠᠳ ᠤᠨ ᠳᠠᠭᠤᠤ᠂ ᠤᠷᠤᠨ ᠨᠤᠲᠤᠭ ᠤᠨ | ᠵᠠᠩ ᠦᠢᠯᠡ᠂ ᠠᠮᠠᠨ ᠵᠣᠬᠢᠶᠠᠯ ᠡᠮᠬᠢᠳᠬᠡᠨ ᠴᠤᠭᠯᠠᠭᠤᠯᠬᠤ ᠠᠵᠢᠯ ᠳᠤ ᠭᠠᠪᠰᠢᠭᠠᠶᠢᠯᠠᠨ᠂ ᠬᠤᠷᠢᠳᠤᠭᠠᠷ ᠵᠠᠭᠤᠨ ᠤ | ᠨᠠᠶᠠᠭᠠᠳ ᠶᠡᠷᠡᠭᠡᠳ ᠣᠨ ᠠᠴᠠ ᠡᠬᠢᠯᠡᠵᠦ ᠨᠢᠭᠡ ᠪᠦᠯᠦᠭ ᠥᠪ ᠰᠣᠶᠣᠯ ᠤᠨ ᠡᠮᠬᠢᠳᠬᠡᠯ ᠪᠠ ᠲᠣᠳᠤᠭᠠᠳᠤ | ᠬᠡᠪᠯᠡᠯ ᠤᠨ ᠰᠡᠳᠬᠦᠯ ᠡᠷᠬᠢᠯᠡᠨ ᠨᠠᠶᠢᠷᠠᠭᠤᠯᠬᠤ ᠠᠵᠢᠯ ᠢ ᠬᠠᠷᠢᠭᠤᠴᠠᠨ᠂ ᠡᠬᠡ ᠪᠢᠴᠢᠭ ᠡᠮᠬᠢᠳᠬᠡᠬᠦ᠂ ᠨᠣᠮ ᠤᠨ | ᠦᠰᠦᠭ ᠢ ᠬᠢᠨᠠᠵᠤ ᠬᠡᠪᠯᠡᠭᠦᠯᠬᠦ ᠵᠡᠷᠭᠡ ᠶᠢ ᠳᠠᠭᠠᠭᠠᠨ ᠭᠦᠢᠴᠡᠳᠭᠡᠪᠡ᠃ ᠡᠭᠦᠨ ᠳᠤ ︽ᠠᠷᠤ ᠬᠤᠷᠴᠢᠨ ᠠᠷᠠᠳ ᠤᠨ | ᠳᠠᠭᠤᠤ ᠶᠢᠨ ᠲᠡᠭᠦᠪᠤᠷᠢ︾᠂ ︽ᠠᠷᠤ ᠬᠤᠷᠴᠢᠨ ᠤ ᠠᠷᠠᠳ ᠤᠨ ᠠᠮᠠᠨ ᠵᠣᠬᠢᠶᠠᠯ︾᠂ ︽ᠠᠷᠤ ᠬᠤᠷᠴᠢᠨ ᠤ | ᠳᠠᠭᠤᠤᠷᠢᠯᠢᠭ ᠤᠨ ᠴᠠᠳᠢᠭ︾ ᠵᠡᠷᠬᠡ ᠶᠢ ᠬᠡᠪᠯᠡᠭᠦᠯᠦᠭᠰᠡᠨ ᠪᠦᠭᠡᠳ ᠡᠳᠡᠭᠡᠷ ᠤᠨ ᠠᠭᠤᠯᠭ᠎ᠠ ᠳᠤ ︽ᠪᠣᠶᠠᠠᠨᠡᠮᠡᠬᠦ ᠶᠢᠨ | ᠬᠤᠯᠪᠤᠭ᠎ᠠ ᠰᠢᠯᠦᠭ ᠤᠳ︾ ᠠᠷᠪᠠᠨ ᠡᠬᠢ᠂ ᠬᠤᠰᠢᠭᠤ ᠸᠠᠩ ᠸᠠᠩᠴᠢᠨᠫᠧᠷᠯᠠᠢ ᠶᠢᠨ 1942 ᠣᠨ ᠳᠤ ᠪᠢᠴᠢᠭᠰᠡᠨ | ︽ᠠᠷᠪᠠᠨ ᠵᠦᠭ ᠤᠨ ᠳᠡᠯᠡᠬᠡᠢ︾ ᠰᠢᠯᠦᠭ᠂ ᠲᠠᠪᠤᠳᠤᠭᠠᠷ ᠲᠥᠷᠢ ᠶᠢᠨ ᠶᠥᠩᠽᠦᠩ ᠭᠡᠭᠡᠨ ᠤ ᠰᠤᠷᠭᠠᠯ ᠰᠢᠯᠦᠭ | ᠵᠢᠴᠢ ᠭᠡᠭᠡᠨ ᠤ ᠤᠷᠴᠢᠭᠤᠯᠤᠭᠰᠨ ︽ᠵᠠᠮᠢᠶᠠᠠᠳᠠᠮᠪᠢᠨᠢᠮᠠ ᠭᠡᠭᠡᠨ ᠤ ᠰᠢᠯᠦᠭ ᠤᠳ︾᠂ ᠪᠠᠯᠵᠢᠨᠢᠮ᠎ᠠ ᠶᠢᠨ ᠦᠯᠢᠭᠡᠷ | ᠬᠤᠯᠪᠤᠭ᠎ᠠ ᠵᠡᠷᠭᠡ ᠪᠠᠶᠢᠬᠤ ᠠᠴᠠ ᠭᠠᠳᠠᠨ᠎ᠠ ᠱᠠᠰᠢᠨ ᠰᠤᠶᠤᠯ ᠤᠨ ᠦᠨ᠎ᠡ ᠴᠡᠨ᠎ᠡ ᠲᠠᠢ ︽ᠠᠷᠤ ᠬᠤᠷᠴᠢᠨ ᠤ ᠰᠠᠩ ︿ | ᠦᠯᠵᠡᠢ ᠬᠤᠷ᠎ᠠ ᠪᠠᠭᠤᠯᠭᠠᠭᠴᠢ﹀︾᠂ ︽ᠡᠵᠡᠨ ᠴᠢᠩᠭᠢᠰ ᠤᠨ ᠲᠠᠬᠢᠯᠭ᠎ᠠ︾᠂ ︽ᠬᠠᠰᠠᠷ ᠤᠨ ᠲᠠᠬᠢᠯᠭ᠎ᠠ︾᠂ ︽ | ᠭᠤᠭᠤᠰᠤᠳᠠᠢ ᠶᠡᠭᠡ ᠬᠠᠨ ᠠᠭᠤᠯᠠ ᠶᠢᠨ ᠲᠠᠬᠢᠯᠭ᠎ᠠ ᠶᠢᠨ ᠰᠠᠩ︾᠂ ︽ᠭᠧᠮᠫᠢ ᠬᠡᠶᠢᠳ ᠤᠨ ᠮᠠᠭᠲᠠᠭᠠᠯ︾᠂ ︽ | ᠭᠡᠭᠡ ᠭᠥᠩᠵᠦ ᠶᠢᠨ ᠣᠩᠭᠤᠨ ᠤ ᠲᠠᠬᠢᠯᠭ᠎ᠠ ᠶᠢᠨ ᠰᠠᠩ︾ ᠵᠡᠷᠭᠡ ᠠᠷᠪᠠᠨ ᠵᠢᠷᠭᠤᠭᠠᠨ ᠡᠬᠢᠳᠠᠢ ᠮᠠᠭᠲᠠᠭᠠᠯ᠂ ᠰᠠᠩ᠂ | ᠲᠠᠬᠢᠯᠭ᠎ᠠ ᠶᠢᠨ ᠰᠢᠯᠦᠭ ᠤᠳ ᠪᠤᠯᠤᠨ ᠠᠭᠤᠯᠠ ᠤᠰᠤᠨ ᠤ ᠲᠡᠤᠬᠡ ᠶᠢᠨ ᠲᠡᠮᠳᠡᠭᠯᠡᠯ ᠪᠠ ᠠᠷᠤ | ᠬᠤᠷᠴᠢᠨ ᠬᠤᠰᠢᠭᠤᠨ ᠤ ᠨᠡᠷᠡᠲᠦ ᠬᠦᠮᠦᠰ ᠤᠨ ᠳᠣᠮᠤᠭ ᠤᠳ᠂ ᠴᠠᠭᠠᠨ ᠬᠤᠳᠠ ᠶᠢᠨ ᠪᠠᠭᠤᠷᠢ ᠶᠢᠨ ᠲᠡᠮᠳᠡᠭᠯᠡᠯ᠂ ︽ | ᠮᠣᠩᠭᠤᠯ ᠬᠠᠭᠠᠨ ᠣᠷᠳᠤᠨ ᠤ ᠳᠠᠭᠤᠤ ᠬᠥᠭᠵᠢᠮ ᠤᠨ ᠰᠢᠯᠦᠭ ᠤᠳ ᠵᠡᠷᠬᠡ ᠬᠤᠪᠤᠷ ᠴᠤᠬᠠᠭ ᠮᠠᠲ᠋ᠧᠷᠢᠶᠡᠯ ᠤᠳ ᠪᠤᠢ | ᠃ ᠡᠳᠡᠭᠡᠷ ᠥᠪ ᠰᠤᠶᠤᠯ ᠤᠨ ᠮᠠᠲ᠋ᠧᠷᠢᠶᠠᠯ ᠨᠢ ᠤᠷᠤᠨ ᠨᠤᠲᠤᠭ ᠤᠨ ᠲᠡᠤᠬᠡ ᠰᠤᠶᠤᠯ ᠤᠨ ᠰᠤᠳᠣᠯᠭᠠᠨ ᠪᠠ ᠬᠤᠪᠤᠷ | ᠴᠤᠬᠠᠭ ᠮᠠᠲ᠋ᠧᠷᠢᠶᠡᠯ ᠤᠨ ᠬᠠᠲᠠᠭᠠᠯᠠᠯᠳᠠ ᠵᠢᠴᠢ ᠲᠡᠬᠢᠨ ᠬᠡᠪᠯᠡᠬᠦᠯᠬᠦ ᠠᠵᠢᠯ ᠳᠤ ᠮᠠᠰᠢ ᠶᠡᠭᠡ ᠠᠴᠢ ᠬᠤᠯᠪᠤᠭᠳᠠᠯ ᠲᠠᠢ | ᠪᠦᠭᠡᠳ ᠵᠠᠷᠢᠮ ᠮᠠᠲ᠋ᠧᠷᠢᠶᠡᠯ ᠨᠢ ᠨᠤᠲᠤᠭ ᠤᠨ ᠬᠦᠮᠦᠰ ᠢᠶᠠᠷ ᠳᠠᠮᠵᠢᠭᠳᠠᠨ ᠤᠯᠤᠰ ᠤᠨ ᠭᠠᠳᠠᠨ᠎ᠠ ᠭᠠᠷᠴᠤ | ᠮᠣᠩᠭᠤᠯᠴᠢ ᠡᠷᠳᠠᠮᠳᠠᠳ ᠤᠨ ᠰᠤᠳᠤᠯᠭᠠᠨ ᠤ ᠮᠠᠲ᠋ᠧᠷᠢᠶᠡᠯ ᠪᠤᠯᠤᠭᠰᠠᠨ ᠪᠠᠶᠢᠨ᠎ᠠ᠃ ᠬᠤᠷᠢᠳᠤᠭᠠᠷ ᠵᠠᠭᠤᠨ ᠤ | ᠨᠠᠶᠠᠭᠠᠳ ᠣᠨ ᠳᠤ ᠡᠷᠬᠢᠯᠡᠵᠦ ᠪᠠᠶᠢᠭᠰᠠᠨ ᠲᠤᠳᠤᠭᠠᠳᠤ ᠬᠡᠪᠯᠡᠯ ᠤᠨ ᠰᠡᠳᠬᠦᠯ ᠳᠤ ︽ᠬᠤᠨᠳᠦ︾᠂ ︽ᠨᠢᠯᠬ᠎ᠠ | ᠰᠦᠶ᠎ᠡ︾ ᠵᠡᠷᠭᠡ ᠲᠤᠳᠤᠭᠠᠳᠤ ᠰᠡᠳᠬᠦᠯ ᠡᠷᠬᠢᠯᠡᠵᠤ ᠬᠤᠰᠢᠭᠤ ᠨᠤᠲᠤᠭ ᠤᠨ ᠲᠡᠤᠬᠡ ᠰᠤᠶᠤᠯ᠂ ᠤᠷᠠᠨ ᠵᠣᠬᠢᠶᠠᠯ ᠂ | ᠤᠷᠠᠯᠢᠭ ᠵᠡᠷᠭᠡ ᠶᠡᠷᠦᠩᠭᠡᠶᠢᠯᠡᠭᠰᠡᠨ ᠠᠭᠤᠯᠭ᠎ᠠ ᠶᠢ ᠨᠡᠶᠢᠳᠡᠯᠡᠵᠦ ᠪᠠᠶᠢᠵᠠᠢ᠃ ᠡᠳᠡᠭᠡᠷ ᠠᠴᠠ ᠭᠠᠳᠠᠨ᠎ᠠ ᠣᠳᠦ ᠪᠤᠯᠳᠠᠯ᠎ᠠ | ᠲᠡᠭᠦᠨ ᠤ ᠨᠠᠶᠢᠷᠠᠭᠤᠯᠤᠭᠰᠠᠨ ᠨᠣᠮ ᠮᠠᠲ᠋ᠧᠷᠢᠶᠡᠯ ᠳᠤ ︽ᠲᠠᠪᠤᠳᠤᠭᠠᠷ ᠳᠥᠷᠢ ᠶᠢᠨ ᠶᠣᠩᠽᠤᠩ ᠭᠡᠭᠡᠨ ᠤ ᠵᠣᠬᠢᠶᠠᠯ | ᠤᠷᠤᠰᠢᠪᠠᠢ︾᠂ ︽ᠠᠮᠠᠷᠠᠭ ᠤᠨ ᠵᠦᠭᠡᠯᠡᠨ ᠢᠨᠢᠶᠡᠳᠦ︾᠂ ︽ᠠᠷᠪᠠᠨ ᠰᠤᠮᠤ ᠶᠢᠨ ᠬᠤᠷᠢᠮ ᠤᠨ ᠶᠤᠰᠤᠨ︾᠂ ︽ | ᠭᠧᠮᠫᠢ ᠶᠢᠨ ᠰᠦᠮ᠎ᠡ ᠶᠢᠨ ᠱᠠᠰᠢᠨ ᠰᠤᠶᠤᠯ ᠤᠨ ᠡᠮᠬᠢᠳᠬᠡᠯ︾᠂ ︽ᠠᠷᠤ ᠬᠤᠷᠴᠢᠨ ᠤ ᠰᠤᠶᠤᠯ ᠲᠡᠣᠬᠡ︾ ︵ | ᠲᠣᠯᠤᠳᠤᠭᠠᠷ ᠡᠮᠬᠢᠳᠬᠡᠯ︶᠂ ︽ᠬᠠᠨᠰᠦ᠋ᠮ᠎ᠡ ᠶᠢᠨ ᠰᠤᠷᠭᠠᠨ ᠬᠦᠮᠦᠵᠢᠯ ᠤᠨ ᠦᠢᠯᠠᠯᠭ᠎ᠠ︾᠂ ︽ᠪᠠᠶᠠᠨᠪᠤᠯᠠᠭ | ᠶᠡᠷᠦᠩᠬᠡᠢ ᠰᠤᠷᠭᠠᠭᠤᠯᠢ ᠶᠢᠨ ᠦᠢᠯᠠᠯᠭ᠎ᠠ︾᠂ ︽ᠪᠠᠶ᠋ᠬᠠᠦ᠋ᠠᠳᠦᠷ ᠶᠡᠷᠦᠩᠬᠡᠢ ᠰᠤᠷᠭᠠᠭᠤᠯᠢ ᠶᠢᠨ ᠦᠢᠯᠠᠯᠭ᠎ᠠ︾᠂ ᠠᠷᠤ | ᠬᠤᠷᠴᠢᠨ ᠥᠪ ᠰᠤᠶᠤᠯ ᠤᠨ ᠴᠤᠪᠤᠷᠠᠯ ᠪᠢᠴᠢᠭ ᠪᠣᠯᠬᠤ ︽ᠤᠯᠠᠨ ᠰᠲ᠋ᠢᠯᠢ ᠪᠠᠷ ᠪᠢᠴᠢᠭᠳᠡᠭᠰᠡᠨ ᠥᠪ ᠰᠤᠶᠤᠯ ᠤᠨ | ᠤᠯᠳᠠᠪᠤᠷᠢ︾᠂ ︽ᠠᠷᠤ ᠬᠤᠷᠴᠢᠨ ᠠᠴᠠ ᠢᠯᠡᠷᠡᠭᠰᠡᠨ ᠮᠣᠩᠭᠤᠯ ᠬᠠᠭᠠᠨ ᠤᠷᠳᠤᠨ ᠤ ᠳᠠᠭᠤᠤ ᠬᠥᠭᠵᠢᠮ ᠤᠨ | ᠰᠤᠳᠤᠯᠭᠠᠨ ᠤ ᠡᠮᠬᠢᠳᠬᠡᠯ︾ ᠵᠡᠷᠬᠡ ᠪᠤᠢ᠃ | ᠠᠷᠤ ᠬᠤᠷᠴᠢᠨ ᠰᠤᠨᠢᠨ ᠤ ᠬᠤᠷᠢᠶ᠎ᠡ ᠶᠢᠨ ᠶᠡᠷᠦᠩᠬᠡᠢ ᠨᠠᠶᠢᠷᠠᠭᠤᠯᠤᠭᠴᠢ ᠪᠠᠶᠢᠬᠤ ᠳᠠᠭᠠᠨ ᠠᠷᠤ ᠬᠤᠷᠴᠢᠨ | ᠰᠤᠨᠢᠨ ᠤ ᠴᠢᠨᠡᠷ ᠴᠢᠨᠰᠠᠭ᠎ᠠ ᠶᠢ ᠳᠡᠭᠡᠭᠰᠢᠯᠡᠭᠦᠯᠦᠨ᠂ ᠴᠠᠭ ᠡᠷᠢᠨ ᠤ ᠭᠦᠭ ᠠᠶᠠᠰ ᠢ ᠲᠠᠭᠠᠨ ᠬᠤᠰᠢᠭᠤ ᠨᠠᠮ ᠤᠨ | ᠬᠤᠷᠢᠶ᠎ᠡ ᠵᠠᠰᠠᠭ ᠤᠨ ᠣᠷᠳᠤᠨ ᠤ ᠭᠤᠣᠯᠳᠠᠯᠭᠠᠳᠤ ᠠᠵᠢᠯ ᠤᠨ ᠲᠭᠤᠷᠢᠨ ᠳᠤ ᠠᠵᠢᠯᠯᠠᠵᠤ᠂ ᠣᠷᠤᠨ ᠨᠤᠲᠤᠭ ᠤᠨ | ᠤᠯᠤᠰ ᠲᠥᠷᠥ ᠠᠵᠤ ᠠᠬᠤᠢ ᠰᠤᠶᠤᠯ ᠤᠨ ᠤᠬᠠᠭᠤᠯᠭ᠎ᠠ ᠶᠢᠨ ᠠᠵᠢᠯ ᠤᠨ ᠲᠦᠯᠦᠭᠡ ᠬᠠᠳᠠᠭᠤᠵᠢᠯᠳᠠᠢ ᠴᠢᠷᠮᠠᠶᠢᠵᠠᠢ᠃ | ᠲᠤᠬᠠᠢ ᠶᠢᠨ ᠦᠶ᠎ᠡ ᠬᠤᠰᠢᠭᠤᠨ ᠺᠠᠳ᠋ᠷ ᠬᠦᠳᠡᠭᠡ ᠪᠠᠭᠤᠬᠤ ᠭᠡᠴᠡᠬᠦᠤ ᠠᠵᠤ᠃ ᠤᠳᠦ ᠶᠢᠨ ᠰᠢᠭ᠋ ᠵᠠᠮ ᠨᠡᠪᠳᠡᠷᠡᠯᠭᠡ | ᠳᠦᠭᠦᠮ ᠪᠢᠰᠢ ᠮᠦᠷᠳᠡᠭᠡᠨ ᠲᠤᠰᠬᠠᠢ ᠲᠡᠷᠬᠡ ᠴᠦ ᠦᠭᠡᠢ ᠪᠣᠯᠬᠤᠷ ᠠᠶᠠᠨᠴᠢᠳ ᠤᠨ ᠮᠠᠰᠢᠨ ᠲᠡᠷᠭᠡᠨ ᠳᠤ ᠰᠢᠬᠠᠯᠴᠨᠨ | ᠰᠠᠭᠤᠵᠤ ᠪᠠᠭᠤᠳᠠᠭ ᠪᠦᠭᠡᠳ ᠵᠠᠷᠢᠮ ᠳᠠᠭᠠᠨ ᠰᠠᠭᠤᠳᠠᠯ ᠣᠯᠬᠤ ᠦᠭᠡᠢ ᠬᠡᠳᠤᠠ ᠴᠠᠭ ᠵᠤᠭᠰᠤᠭ᠎ᠠ ᠪᠠᠷ ᠶᠠᠪᠤᠨ᠎ᠠ᠃ | ᠰᠤᠮᠤᠨ ᠠᠴᠠ ᠴᠢᠨᠠᠭᠰᠢ ᠭᠠᠴᠠᠭ᠎ᠠ ᠬᠦᠷᠬᠦ ᠴᠢᠬᠤᠯᠠ ᠲᠠᠢ ᠦᠶ᠎ᠡ ᠲᠤᠭᠤᠢ ᠣᠯᠵᠤ ᠤᠨᠤᠭᠠᠳ ᠬᠦᠷᠦᠨ᠎ᠡ᠃ ᠰᠡᠭᠦᠯᠡᠷ | ᠨᠢ ᠮᠣᠲ᠋ᠣᠷ ᠤᠨ ᠠᠷᠤ ᠳᠤ ᠰᠤᠨᠳᠠᠯᠠᠭᠠᠳ ᠠᠭᠤᠯᠠ ᠲᠠᠯ᠎ᠠ ᠶᠢᠨ ᠡᠩᠬᠦᠯ ᠳᠣᠩᠬᠤᠯ ᠵᠠᠮ ᠢᠶᠠᠷ ᠳᠠᠪᠬᠢᠭᠤᠯᠵᠤ | ᠶᠠᠪᠤᠳᠠᠭ ᠶᠠᠪᠤᠨ᠎ᠠ᠃ ᠣᠯᠠᠨ ᠵᠢᠯ ᠤᠨ ᠲᠤᠷᠰᠢ ᠲᠡᠷᠠ ᠦᠨᠳᠦᠰᠦᠨ ᠱᠠᠳᠤᠨ ᠳᠤ ᠭᠦᠨᠵᠡᠭᠡᠶᠢᠷᠡᠨ ᠰᠤᠷᠪᠤᠯᠵᠢᠯᠠᠭ᠎ᠠ | ᠬᠢᠵᠦ᠂ ᠡᠶᠢᠮᠦᠷᠬᠦ ᠮᠠᠲ᠋ᠧᠷᠢᠶᠡᠯ ᠴᠤᠭᠯᠠᠭᠤᠯᠬᠤ᠂ ᠰᠣᠷᠪᠤᠯᠵᠢᠯᠠᠬᠤ ᠠᠵᠢᠯ ᠳᠤ ᠬᠡᠳᠤᠢ ᠤᠳᠠᠭ᠎ᠠ ᠬᠦᠶᠦᠭᠰᠡᠨ ᠢᠶᠠᠨ | ᠦᠪᠡᠷᠳᠡᠭᠡᠨ ᠴᠦ ᠲᠤᠭ᠎ᠠ ᠦᠭᠡᠢ ᠪᠣᠯᠵᠤ᠂ ᠨᠢᠭᠡ ᠮᠡᠳᠡᠬᠦ ᠳᠤ ᠡᠨᠡᠬᠦ ᠭᠡᠴᠡᠭᠦᠤ ᠠᠵᠢᠯ ᠳᠤ ᠳᠠᠳᠤᠵᠦ ᠴᠠᠭᠠᠷᠠᠵᠡᠢ᠃ | ︽1998 ᠣᠨ ᠤ ᠦᠶᠡᠷ ᠤᠰᠤᠳᠤᠯ ᠤᠨ ᠦᠶ᠎ᠡ ᠭᠠᠮᠰᠢᠭᠳᠠᠭᠰᠠᠨ ᠣᠷᠤᠨ ᠤ ᠪᠠᠶᠢᠳᠠᠯ ᠢ ᠮᠡᠳᠡᠭᠡᠯᠡᠬᠦ ᠪᠠᠷ ᠭᠡᠳᠦᠠ | ᠮᠠᠯᠵᠢᠬᠤ ᠰᠤᠮᠤ ᠪᠠᠷ ᠶᠠᠪᠤᠯ᠎ᠠ᠃ ᠦᠶᠡᠷ ᠤᠨ ᠤᠰᠤ ᠳᠠᠪᠠᠯᠭᠠᠯᠠᠨ ᠡᠷᠬᠢᠯᠳᠦᠵᠦ ᠨᠢᠳᠦ ᠡᠷᠢᠶᠡᠯᠵᠡᠭᠦᠯᠵᠦ᠂ | ᠰᠠᠭᠤᠭᠰᠠᠨ ᠲᠡᠷᠬᠡ ᠦᠢᠷᠠᠳᠤᠬᠤ ᠶᠢᠨ ᠠᠷᠭ᠎ᠠ ᠦᠭᠡᠢ᠃ ᠭᠤᠣᠯ ᠭᠡᠳᠦᠯᠭᠦ ᠠᠷᠭ᠎ᠠ ᠬᠠᠶᠢᠵᠤ᠂ ᠵᠢᠷᠠᠨ ᠮᠣᠷᠢᠨ | ᠬᠦᠴᠤᠨ ᠤ ᠲᠣᠮᠤ ᠲᠷᠺᠠᠲ᠋ᠤᠷ ᠣᠯᠵᠦ ᠳᠦᠩᠭᠡᠵᠢ ᠭᠡᠳᠤᠯᠪᠡ᠃ ᠲᠤᠬᠠᠢ ᠶᠢᠨ ᠦᠶ᠎ᠡ ᠦᠶᠡᠷ ᠢ ᠬᠤᠷᠳᠤᠨ ᠭᠡᠳᠤᠯᠵᠦ | ᠭᠠᠮᠰᠢᠭᠳᠠᠭᠰᠠᠨ ᠣᠷᠤᠨ ᠤ ᠪᠠᠶᠢᠳᠠᠯ ᠢ ᠮᠡᠳᠡᠭᠡᠯᠡᠶ᠎ᠡ ᠭᠡᠵᠦ ᠶᠠᠭᠠᠷᠠᠭᠰᠠᠨ ᠠᠴᠠ ᠪᠢᠰᠢ ᠦᠶᠡᠷ ᠤᠰᠤᠨ ᠳᠤ | ᠦᠪᠡᠷ ᠤᠨ ᠪᠡᠶ᠎ᠡ ᠶᠢᠨ ᠠᠶᠤᠯ ᠲᠥᠭᠰᠢᠭᠦᠷᠢ ᠪᠠᠨ ᠪᠤᠳᠤᠵᠤ ᠤᠯᠤᠭᠰᠨᠨ ᠦᠭᠡᠢ ᠁︾ ᠭᠡᠵᠦ ᠰᠤᠷᠪᠤᠯᠵᠢᠯᠠᠭ᠎ᠠ | ᠶᠢᠨ ᠲᠤᠮᠳᠡ ᠲᠡᠷᠡ ᠬᠡᠯᠡᠯ᠎ᠡ᠃ ᠶᠠᠭ ᠯᠠ ᠡᠶᠢᠮᠦᠷᠬᠦ ᠬᠦᠴᠢᠷ ᠠᠴᠠ ᠬᠠᠯᠢᠷᠠᠬᠤ ᠦᠭᠡᠢ ᠵᠣᠷᠢᠭᠰᠠᠨ ᠳᠤ ᠪᠠᠨ ᠬᠦᠷᠬᠦ | ᠪᠠᠷ ᠴᠢᠷᠮᠠᠶᠢᠳᠠᠭ ᠦᠢᠯᠡᠰᠴᠢ ᠣᠪᠦᠷ ᠨᠢ ᠲᠡᠭᠦᠨ ᠳᠤ ︽ᠬᠤᠰᠢᠭᠤ ᠵᠠᠰᠠᠭ ᠤᠨ ᠤᠷᠳᠤᠨ ᠤ ᠲᠡᠷᠢᠭᠦᠨ ᠤ | ᠠᠵᠢᠯᠳᠠᠨ︾᠂ ︽ᠤᠯᠠᠭᠠᠠᠬᠳᠠ ᠬᠤᠳᠠ ᠶᠢᠨ ᠬᠦᠳᠡᠯᠮᠣᠷᠢ ᠶᠢᠨ ᠵᠢᠱᠢᠶᠡᠴᠢ︾ ᠶᠢᠨ ᠦᠩᠬᠡ ᠬᠡᠷᠡᠯ ᠢᠷᠠᠭᠤ | ᠠᠯᠳᠠᠷ ᠢ ᠵᠠᠯᠭᠠᠪᠠᠷ ᠠᠪᠴᠢᠷᠠᠭᠰᠠᠨ ᠶᠤᠮ᠃ ᠵᠠᠯᠠᠭᠤ ᠬᠠᠯᠠᠭᠤᠨ ᠨᠠᠰᠤᠨ ᠤ ᠤᠬᠠᠭᠠᠨ ᠲᠠᠮᠢᠷ ᠢᠶᠠᠨ ᠰᠤᠶᠤᠯ | ᠤᠬᠠᠭᠤᠯᠭ᠎ᠠ ᠶᠢᠨ ᠠᠵᠢᠯ ᠳᠤ ᠵᠣᠷᠢᠭᠤᠯᠤᠭᠰᠠᠨ ᠲᠡᠷᠡ ᠭᠤᠸᠠᠢ ᠦᠢᠯᠡᠰ ᠠᠳᠠᠯ ᠤᠨ ᠠᠯᠳᠠᠨ ᠭᠠᠨᠵᠤᠭ᠎ᠠ | ᠭᠢᠯᠠᠯᠵᠠᠭᠤᠯᠵᠤ᠂ 2010 ᠣᠨ ᠳᠤ ᠬᠤᠰᠢᠭᠤᠨ ᠰᠤᠨᠢᠨ ᠤ ᠬᠤᠷᠢᠶ᠎ᠡ ᠠᠴᠠ ᠠᠵᠢᠯ ᠤᠨ ᠠᠮᠠᠷᠠᠯᠳᠠ ᠪᠠᠨ ᠠᠪᠴᠠᠢ᠃ | | | ᠭᠤᠷᠪᠠ ᠴᠤᠯᠠ ᠳᠠᠭᠠᠵᠤ ᠪᠢᠷ᠎ᠠ ᠨᠡᠮᠡᠳᠡᠭ | | ︽ᠢᠷᠠᠭᠤ ᠨᠠᠶᠢᠷᠠᠭᠴᠢ ᠲᠥᠷᠦᠭᠦ ᠳᠡᠭᠡᠨ ᠨᠠᠶᠢᠷᠠᠭ ᠤᠨ ᠠᠪᠢᠶᠠᠰ ᠲᠠᠢ ᠪᠠᠨ ᠲᠥᠷᠦᠳᠡᠭ︾ ᠭᠡᠳᠡᠭ ᠦᠭᠡ | ᠦᠨᠡᠨ ᠪᠠᠶᠢᠯᠳᠠᠢ᠂ ᠪᠤᠶ᠋ᠬᠠᠦ᠋ᠯᠵᠡᠢ ᠭᠤᠸᠠᠢ ᠬᠤᠴᠤᠷᠤᠩᠭᠤᠢ ᠲᠡᠷᠨ ᠨᠡᠶᠢᠭᠡᠮ ᠤᠨ ᠨᠦᠬᠦᠴᠠᠯ ᠳᠤ ᠠᠷᠪᠠᠨ ᠭᠤᠷᠪᠠᠨ | ᠨᠠᠰᠤᠨ ᠳᠠᠭᠠᠨ ︽ᠰᠤᠷᠭᠠᠭᠤᠯᠢ ᠮᠢᠨᠢ︾ ᠭᠡᠬᠦ ᠰᠢᠯᠦᠭ ᠢᠶᠠᠨ ᠪᠠᠭ᠎ᠠ ᠰᠤᠷᠭᠠᠭᠤᠯᠢ ᠶᠢᠨ ᠰᠠᠮᠪᠠᠷ᠎ᠠ ᠶᠢᠨ ᠰᠤᠨᠢᠨ ᠳᠤ | ᠨᠡᠶᠢᠳᠡᠯᠡᠭᠦᠯᠵᠦ ᠪᠠᠶᠢᠭᠰᠠᠨ ᠨᠢ ᠨᠡᠷᠠᠳᠦ ᠨᠠᠶᠢᠷᠠᠭᠴᠢ ᠪᠣᠯᠬᠤ ᠶᠢᠨ ᠬᠢᠨᠢ ᠠᠩᠬᠠᠨ ᠤ ᠵᠦᠩ ᠪᠠᠶᠢᠭᠰᠠᠨ ᠴᠦ ᠪᠢᠯᠢᠤ᠃ | ᠥᠩᠭᠡ ᠢᠯᠭᠠᠷᠠᠭᠰᠠᠨ ᠠᠩᠬᠢᠯᠦᠮ᠎ᠠ ᠴᠡᠴᠡᠭ ᠢ ᠪᠠᠭ᠋ᠠᠳᠤᠬᠤ ᠳᠠᠭᠠᠨ ᠲᠡᠭᠦᠨ ᠢ ᠲᠠᠷᠢᠵᠤ ᠤᠷᠭᠤᠭᠤᠯᠤᠭᠰᠠᠨ | ᠴᠡᠴᠡᠷᠯᠢᠭᠴᠢ ᠶᠢ ᠮᠠᠭᠲᠠᠬᠤ ᠲᠠᠢ ᠠᠳᠠᠯᠢ ᠪᠠᠷ ᠢᠷᠠᠭᠤ ᠪᠦᠳᠦᠬᠡᠯ ᠤᠨ ᠷᠢᠳᠢ ᠰᠢᠳᠢ ᠶᠢ ᠭᠠᠶᠢᠬᠠᠨ ᠮᠡᠳᠡᠷᠡᠬᠦ ᠳᠡᠭᠡᠨ | ᠲᠡᠭᠦᠨ ᠢ ᠠᠮᠢᠯᠠᠭᠤᠯᠤᠭᠰᠠᠨ ᠵᠣᠬᠢᠶᠠᠭᠴᠢ ᠶᠢᠨ ᠨᠢᠭᠡ ᠨᠢᠭᠡ ᠦᠰᠦᠭ ᠢᠶᠠᠷ ᠪᠢᠴᠢᠭᠰᠡᠨ ᠬᠥᠳᠡᠯᠮᠦᠷᠢ᠂ ᠲᠤᠰᠤᠯ | ᠲᠤᠰᠤᠯ ᠢᠶᠠᠷ ᠤᠷᠤᠰᠬᠠᠭᠰᠠᠨ ᠬᠦᠯᠦᠰᠤ ᠶᠢ ᠲᠤᠷᠠᠰᠤᠨ ᠰᠠᠨᠠᠬᠤ ᠤᠴᠢᠷᠳᠠᠢ᠃ | 1978 ᠣᠨ ᠳᠤ ᠦᠭᠡᠷᠡᠴᠢᠯᠡᠯᠳᠠ ᠨᠡᠭᠡᠭᠡᠯᠳᠡ ᠶᠢᠨ ᠤᠷᠢᠬᠠᠨ ᠰᠠᠯᠬᠢ ᠡᠬᠡ ᠤᠷᠤᠨ ᠤ ᠡᠯ᠎ᠡ ᠭᠠᠵᠡᠷ ᠢ | ᠢᠯᠪᠢᠵᠤ᠂ ᠡᠯ᠎ᠡ ᠦᠨᠳᠦᠰᠦᠳᠠᠨ ᠤ ᠠᠷᠠᠳ ᠲᠦᠮᠡᠨ ᠦᠵᠡᠯ ᠰᠠᠨᠠᠭ᠎ᠠ ᠪᠠᠨ ᠴᠢᠯᠦᠭᠡᠯᠡᠨ᠂ ᠢᠳᠡᠬᠡᠯ ᠲᠡᠭᠦᠯᠳᠡᠷ ᠢᠶᠠᠷ | ᠦᠢᠯᠡᠰ ᠠᠮᠢᠳᠤᠷᠠᠯ ᠢᠶᠠᠨ ᠴᠤᠭᠴᠠᠯᠠᠬᠤ ᠳᠤ ︽ᠰᠣᠶᠣᠯ ᠤᠨ ᠬᠤᠪᠢᠰᠬᠠᠯ︾ ᠤᠨ ᠬᠤᠷᠢᠭ᠎ᠠ ᠴᠡᠭᠡᠷ ᠠᠴᠠ ᠪᠠᠨ | ᠰᠠᠯᠤᠭᠰᠠᠨ ᠦᠨᠳᠦᠰᠦᠳᠠᠨ ᠤ ᠰᠤᠶᠤᠯ ᠤᠷᠠᠯᠢᠭ ᠴᠦ ᠦᠬᠡᠳᠡᠯᠡᠨ ᠬᠥᠭᠵᠢᠬᠦ ᠦᠷ ᠤᠨ ᠲᠤᠶᠠᠭ᠎ᠠ ᠪᠠᠨ ᠤᠭᠳᠤᠵᠠᠢ᠃ | 1978 ᠣᠨ ᠪᠣᠯ ᠪᠤᠶ᠋ᠬᠠᠦ᠋ᠯᠵᠠᠢ ᠭᠤᠸᠠᠢ ᠳᠤ ᠠᠪᠴᠤ ᠬᠡᠯᠡᠪᠠᠯ ᠮᠦᠨ ᠴᠦ ᠣᠨᠴᠠᠭᠠᠢ ᠤᠳᠬ᠎ᠠ ᠠᠭᠤᠯᠭ᠎ᠠ ᠲᠠᠢ᠂ | ᠡᠷᠬᠢᠯᠲᠡ ᠶᠢ ᠠᠪᠴᠢᠷᠠᠭᠰᠠᠨ ᠣᠨ ᠪᠤᠯᠤᠨ᠎ᠠ᠃ ᠰᠤᠨᠢᠨ ᠰᠡᠳᠬᠦᠯ ᠢᠶᠠᠷ ᠮᠡᠳᠡᠭᠡ ᠴᠢᠮᠡᠭᠡ ᠠᠯᠳᠠᠭ ᠤᠨᠤᠭ | ᠨᠡᠶᠢᠳᠡᠯᠡᠭᠦᠯᠵᠦ ᠪᠠᠶᠢᠭᠰᠠᠨ ᠲᠡᠷᠠ 1978 ᠣᠨ ᠠᠴᠠ ᠡᠬᠢᠯᠡᠨ ᠢᠷᠡᠭᠤ ᠨᠠᠶᠢᠷᠠᠭ ᠣᠷᠤᠯᠳᠤᠵᠤ᠂ ᠨᠠᠶᠢᠷᠠᠭ ᠤᠨ | ᠤᠤᠭᠠᠨ ᠮᠦᠷ ᠢᠶᠠᠨ ᠤᠷᠠᠨ ᠵᠣᠬᠢᠶᠠᠯ ᠤᠨ ᠴᠡᠴᠡᠭᠳᠦ ᠬᠦᠷᠢᠶᠡᠯᠡᠩ ᠳᠤ ᠦᠯᠡᠳᠡᠭᠡᠵᠤ᠂ ᠨᠡᠷᠡᠲᠦ ᠵᠣᠬᠢᠶᠠᠯᠴᠢ ᠪᠣᠯᠬᠤ | ᠶᠢᠨ ᠤᠷᠳᠤ ᠶᠢᠨ ᠤᠷᠳᠤ ᠠᠶᠠᠨ ᠢᠶᠠᠨ ᠡᠬᠢᠯᠡᠭᠰᠡᠨ ᠠᠵᠢ᠃ ᠲᠡᠭᠦᠨ ᠤ ᠰᠢᠯᠦᠭ ᠨᠠᠶᠢᠷᠠᠭᠤᠯᠤᠯ ᠨᠢ ᠲᠠᠮᠠᠢ ᠤᠳᠠᠯ | ᠦᠭᠡᠢ ᠤᠷᠠᠨ ᠵᠤᠬᠢᠶᠠᠯ ᠤᠨ ᠬᠦᠷᠢᠶᠡᠨ ᠤ ᠠᠩᠬᠠᠷᠤᠯ ᠳᠤ ᠬᠦᠷᠴᠤ᠂ 1979 ᠣᠨ ᠳᠤ ᠵᠣᠣ ᠤᠳᠠ ᠠᠶᠢᠮᠠᠭ ᠤᠨ | ᠤᠳᠬ᠎ᠠ ᠤᠷᠠᠯᠢᠭ ᠤᠨ ᠬᠤᠯᠪᠤᠭᠠᠨ ᠠᠴᠠ ᠡᠷᠬᠢᠯᠡᠭᠰᠡᠨ ︽ᠰᠢᠷᠠᠮᠦ᠋ᠷᠠᠨ︾ ᠰᠡᠳᠬᠦᠯ ᠤᠨ ᠣᠨᠴᠠ ᠣᠷᠢᠭᠰᠠᠨ | ᠨᠠᠶᠢᠷᠠᠭᠤᠯᠤᠭᠴᠢ ᠪᠠᠷ ᠣᠷᠢᠭᠳᠠᠭᠰᠠᠨ ᠪᠦᠭᠡᠳ ︽ᠦᠪᠦᠷ ᠮᠣᠩᠭᠤᠯ ᠤᠨ ᠵᠠᠯᠠᠭᠤᠴᠤᠨ︾ ᠰᠡᠳᠬᠦᠯ ᠤᠨ ᠰᠢᠯᠢᠳᠡᠭ | ᠴᠢᠮᠡᠭᠡᠯᠡᠭᠴᠢ ᠪᠠᠷ ᠬᠥᠬᠢᠭᠦᠯᠦᠭᠳᠡᠵᠡᠢ᠃ ᠡᠨᠡ ᠦᠶ᠎ᠡ ᠠᠴᠠ ᠡᠬᠢᠯᠡᠵᠦ ᠲᠡᠭᠦᠨ ᠤ ᠪᠢᠴᠢᠭᠰᠡᠨ ᠰᠢᠯᠦᠭ ᠵᠣᠬᠢᠶᠠᠯ ᠨᠢ | ᠵᠣᠣ ᠤᠳᠠ ᠠᠶᠢᠮᠠᠭ ᠤᠨ ᠤᠷᠠᠨ ᠵᠣᠬᠢᠶᠠᠯ ᠤᠨ ᠲᠡᠭᠦᠪᠤᠷᠢ ᠳᠤ ᠰᠣᠩᠭᠤᠭᠳᠠᠵᠤ ᠡᠬᠢᠯᠡᠵᠡᠢ᠃ ᠬᠤᠷᠢᠳᠤᠭᠠᠷ ᠵᠠᠭᠤᠨ ᠤ | ᠨᠠᠶᠠ ᠶᠡᠷᠡᠭᠡᠳ ᠣᠨ ᠪᠣᠯ ᠲᠡᠭᠦᠨ ᠤ ᠰᠢᠯᠦᠭ ᠨᠠᠶᠢᠷᠠᠭᠤᠯᠤᠯ ᠤᠨ ᠰᠢᠵᠢᠷ ᠠᠯᠳᠠᠨ ᠴᠠᠭ ᠦᠶ᠎ᠡ ᠪᠣᠯᠬᠤ ᠪᠦᠭᠡᠳ | ᠬᠤᠶᠡᠷ ᠮᠢᠩᠭᠠᠨ ᠣᠨ ᠠᠴᠠ ᠰᠡᠬᠦᠯᠡᠷ ᠬᠠᠷᠢᠨ ᠦᠷᠬᠦᠯᠵᠢᠯᠡᠭᠰᠡᠨ ᠦᠭᠡ ᠶᠢᠨ ᠵᠣᠬᠢᠶᠠᠯ ᠤᠷᠤᠭᠤ ᠰᠢᠯᠵᠢᠭᠰᠡᠨ | ᠪᠠᠶᠢᠨ᠎ᠠ᠃ ︽ᠣᠷᠮᠡᠰ ᠬᠥᠭᠵᠢᠭᠰᠡᠨ ᠦᠶ᠎ᠡ ᠳᠤ ᠪᠠᠨ ᠢᠯᠡᠭᠦᠤ ᠲᠠᠮᠢᠷ ᠵᠠᠷᠤᠴᠠᠭᠤᠯᠵᠤ ᠪᠢᠴᠢᠳᠡᠭ ᠪᠣᠯᠬᠤᠷ ᠰᠡᠭᠦᠯᠡᠷ | ᠨᠢ ᠨᠢᠭᠡ ᠮᠡᠳᠡᠬᠦ ᠳᠤ ᠢᠯᠡᠭᠦᠤ ᠵᠦᠳᠡᠷᠡᠳᠡᠭ ᠶᠤᠮ ᠪᠠᠶᠢᠨ᠎ᠠ᠃ ᠪᠢ ᠦᠪᠡᠷ ᠢᠶᠠᠨ ᠶᠠᠭ ᠵᠣᠬᠢᠶᠠᠯ ᠤᠨ ᠣᠷᠴᠢᠨ ᠳᠤ | ᠤᠷᠤᠵᠤ᠂ ᠵᠣᠬᠢᠶᠠᠯ ᠤᠨ ᠪᠠᠭᠠᠳᠤᠷ ᠤᠨ ᠦᠢᠯᠡ ᠶᠠᠪᠤᠳᠠᠯ ᠢ ᠪᠤᠳᠠᠳᠤ ᠤᠷᠴᠢᠨ ᠳᠤ ᠪᠤᠳᠠᠳᠠᠢ ᠲᠦᠷᠰᠤᠯᠡᠬᠦ ᠶᠢ | ᠵᠣᠷᠢᠳᠠᠭ᠃ ᠵᠢᠱᠢᠶᠠᠯᠪᠠᠯ ᠦᠬᠡᠷ ᠲᠡᠷᠬᠡ ᠪᠠᠷ ᠠᠭᠤᠯᠠᠨ ᠠᠴᠠ ᠲᠦᠯᠡᠭᠡ ᠲᠡᠭᠡᠭᠡᠵᠦ ᠪᠠᠶᠢᠭ᠎ᠠ ᠬᠦᠮᠦᠨ ᠢ | ᠲᠦᠷᠰᠦᠯᠡᠬᠦ ᠳᠤ ᠦᠪᠡᠷᠳᠡᠬᠡᠨ ᠶᠠᠭ ᠯᠠ ᠦᠬᠡᠷ ᠪᠠᠨ ᠲᠠᠲᠠᠨ ᠠᠭᠤᠯᠠ ᠤᠷᠤᠭᠤ ᠶᠠᠪᠤᠵᠤ ᠪᠠᠶᠢᠬᠤ ᠰᠡᠳᠬᠢᠭᠳᠡᠯ | ᠣᠷᠤᠳᠠᠭ᠂ ᠬᠤᠷᠳᠤᠨ ᠮᠣᠷᠢ ᠤᠨᠤᠭᠰᠠᠨ ᠬᠦᠮᠦᠨ ᠢ ᠲᠦᠷᠰᠤᠯᠠᠨ ᠪᠢᠴᠢᠬᠦ ᠳᠤ ᠴᠢᠬᠢᠨ ᠤ ᠬᠠᠵᠠᠭᠤ ᠪᠠᠷ ᠰᠠᠯᠬᠢ | ᠱᠤᠤᠭᠢᠵᠤ ᠪᠠᠶᠢᠬᠤ ᠰᠢᠭ᠋ ᠁︾ ᠭᠡᠳᠡᠭ ᠪᠣᠯ ᠲᠡᠬᠦᠨ ᠤ ᠵᠣᠬᠢᠶᠠᠯ ᠪᠢᠴᠢᠬᠦ ᠲᠤᠳᠤᠭᠠᠳᠤ ᠮᠡᠳᠡᠷᠡᠮᠵᠢ᠃ ᠮᠣᠩᠭᠤᠯ | ᠠᠮᠢᠳᠤᠷᠠᠯ᠂ ᠭᠡᠷ ᠪᠦᠯᠢ᠂ ᠨᠤᠲᠤᠭ ᠤᠰᠤᠨ ᠤ ᠨᠦᠯᠦᠭᠡ ᠶᠢ ᠬᠦᠷᠳᠡᠭᠰᠡᠨ ᠲᠡᠷᠠ ᠶᠠᠭ ᠯᠠ ᠢᠩᠬᠢᠵᠤ ᠵᠣᠬᠢᠶᠠᠯ ᠤᠨ | ᠢᠶᠠᠨ ᠤᠷᠴᠢᠨ ᠳᠤ ᠤᠷᠤᠵᠤ ᠪᠢᠴᠢᠳᠡᠭ ᠪᠣᠯᠬᠤᠷ ᠲᠡᠬᠦᠨ ᠤ ᠵᠣᠬᠢᠶᠠᠯ ᠳᠤ ᠪᠠᠶᠢᠭᠠᠯᠢ ᠠᠮᠢ ᠠᠬᠤᠢ᠂ ᠨᠤᠲᠤᠭ ᠤᠰᠤ | ᠪᠠᠨ ᠳᠡᠭᠡᠳᠤᠯᠡᠬᠦ᠂ ᠬᠦᠮᠦᠨ ᠮᠦᠰᠤ ᠶᠢ ᠡᠷᠬᠢᠮᠡᠯᠬᠦ ᠦᠵᠡᠯ ᠰᠠᠨᠠᠭ᠎ᠠ ᠪᠠ ᠰᠡᠳᠬᠢᠯ ᠰᠠᠨᠠᠭ᠎ᠠ ᠪᠠᠨ ᠵᠠᠰᠠᠨ | ᠠᠷᠢᠭᠤᠰᠬᠠᠬᠤ ᠱᠠᠰᠢᠨ ᠤ ᠶᠤᠰᠤ ᠤᠴᠢᠷ ᠠᠭᠤᠰᠴᠤ᠂ ᠴᠠᠭ ᠦᠶ᠎ᠡ ᠶᠢᠨ ᠬᠤᠪᠢᠷᠠᠯᠳᠠ ᠵᠢᠴᠢ ᠡᠭᠦᠨ ᠢ ᠲᠠᠭᠠᠯᠳᠤᠨ | ᠬᠤᠪᠢᠷᠠᠭᠰᠠᠨ ᠬᠦᠮᠦᠨ ᠠᠷᠠᠳ ᠤᠨ ᠦᠵᠡᠯ ᠰᠡᠳᠬᠢᠯᠭᠡ ᠶᠢ ᠳᠡᠯᠭᠡᠬᠦ ᠶᠢ ᠵᠣᠷᠢᠳᠠᠭ᠃ ᠲᠡᠷᠨ ᠤᠷᠠᠨ ᠵᠣᠬᠢᠶᠠᠯ ᠤᠨ | ᠬᠦᠷᠢᠶᠡᠨ ᠳᠤ ᠦᠪᠡᠷ ᠤᠨ ᠬᠡᠪ ᠨᠠᠮᠪᠠ ᠪᠠᠨ ᠡᠭᠦᠳᠦᠨ᠂ ᠤᠳᠬ᠎ᠠ ᠰᠠᠨᠠᠭ᠎ᠠ ᠬᠦᠨᠵᠡᠬᠡᠢ᠂ ᠲᠦᠷᠰᠤᠯᠠᠯ ᠠᠮᠢᠳᠤᠯᠢᠭ | ᠪᠤᠳᠠᠳᠠᠢ ᠪᠠᠶᠢᠬᠤ ᠶᠢ ᠡᠷᠬᠢᠮᠯᠡᠳᠡᠭ ᠠᠴᠠ ᠦᠪᠦᠷ ᠮᠣᠩᠭᠤᠯ ᠤᠨ ᠨᠡᠷ᠎ᠠ ᠨᠦᠯᠦᠭᠡ ᠲᠠᠢ ᠵᠣᠬᠢᠶᠠᠯᠴᠢ | ᠰᠢᠭᠦᠮᠵᠢᠯᠡᠭᠴᠢ ᠳᠤ ᠲᠠᠨᠢᠭᠳᠠᠵᠤ᠂ ᠦᠨᠳᠦᠷ ᠦᠨᠡᠯᠠᠯᠳᠠ ᠠᠪᠴᠤ ᠪᠠᠶᠢᠭᠰᠠᠨ᠃ ᠠᠯᠳᠠᠷᠳᠤ ᠵᠣᠬᠢᠶᠠᠯᠴᠢ | ᠭᠡᠷᠡᠯᠴᠤᠭᠳᠤ ᠠᠴᠠ ᠲᠡᠭᠦᠨ ᠤ ︽ᠤᠷᠭ᠎ᠠ︾ ᠨᠠᠶᠢᠷᠠᠭᠤᠯᠤᠯ ᠢ ᠨᠢ ᠦᠨᠡᠯᠡᠬᠦ ᠳᠡᠭᠡᠨ ︽︿ᠤᠷᠭ᠎ᠠ﹀ ᠶᠢ ᠣᠩᠰᠢᠬᠤ | ᠵᠠᠭᠤᠷ᠎ᠠ ᠳ᠋᠊ · ᠨᠠᠴᠤᠭᠳᠤᠷᠵᠢ ᠶᠢᠨ ︿ᠦᠭᠦᠯᠡᠯᠭᠡ ᠪᠢᠰᠢ ᠦᠭᠦᠯᠡᠯᠭᠡ﹀ ᠨᠦᠭᠦᠳ ᠰᠠᠨᠠᠭᠳᠠᠨ᠎ᠠ ᠪᠢᠯᠡ᠂ ᠺᠯᠦ᠋ᠳ᠋᠂ | ᠰᠢᠮᠦᠨ ᠤ ︿ᠲᠤᠭᠤᠵᠢᠰ ᠪᠢᠰᠢ ᠲᠤᠭᠤᠵᠢᠰ﹀—︿ᠲᠠᠷᠢᠶᠠᠯᠠᠭ᠎ᠠ ᠶᠢᠨ ᠨᠠᠶᠢᠷᠠᠭᠤᠯᠤᠯ ﹀ ︵ᠨᠤᠫᠧᠯ ᠤᠨ ᠱᠠᠩᠨᠠᠯᠳᠦ | ᠪᠦᠳᠦᠬᠡᠯ︶ ᠴᠦ ᠰᠠᠨᠠᠭᠳᠠᠨ᠎ᠠ ᠪᠢᠯᠡ᠃ ᠶᠠᠷᠢᠶᠠᠨ ᠦᠭᠡᠢ ᠸᠡᠶᠢᠲᠮᠡᠨ ᠤ ︿ᠰᠢᠯᠦᠭ ᠪᠢᠰᠢ ᠰᠢᠯᠦᠭ﹀ ᠤᠳ ᠨᠡᠩ ᠴᠦ | ᠰᠠᠨᠠᠭᠳᠠᠨ᠎ᠠ ᠁︾ ᠭᠡᠵᠦ ᠬᠡᠯᠡᠭᠰᠡᠨ ᠪᠠᠶᠢᠳᠠᠭ᠃ ᠲᠡᠭᠦᠨ ᠤ ᠦᠭᠦᠯᠡᠯᠭᠡ ᠲᠤᠭᠤᠵᠢ ᠶᠢᠨ ᠵᠣᠬᠢᠶᠠᠯ ᠢ ᠨᠢ | ᠠᠯᠳᠠᠷᠳᠤ ᠵᠣᠬᠢᠶᠠᠯᠴᠢ ᠯᠢᠭᠳᠡᠨ ᠭᠤᠸᠠᠢ ᠢᠩᠭᠢᠵᠦ ᠦᠨᠡᠯᠡᠯ᠎ᠡ᠄ ︽ᠤ · ᠪᠤᠶ᠋ᠬᠠᠦ᠋ᠯᠵᠠᠢ ᠰᠢᠭ᠋ ᠢᠵᠠᠭᠤᠷ ᠮᠣᠩᠭᠤᠯ | ᠬᠦᠮᠦᠨ ᠤ ᠠᠮᠢᠳᠤᠷᠠᠯ ᠢ ᠳᠦᠷᠰᠦᠯᠡᠬᠦ ᠳᠡᠭᠡᠨ ᠬᠤᠳᠠᠯ ᠬᠡᠯᠡᠬᠦ ᠦᠭᠡᠢ᠂ ᠬᠠᠭᠤᠯᠵᠤ ᠠᠪᠬᠤ ᠦᠭᠡᠢ᠂ ᠳᠤᠷ᠎ᠠ ᠪᠠᠷ | ᠢᠶᠠᠨ ᠳᠣᠩᠭᠤᠳᠬᠤ ᠦᠭᠡᠢ ᠲᠤᠳᠤᠷᠬᠠᠢ ᠮᠡᠳᠡᠵᠤ ᠤᠨᠤᠪᠴᠢᠳᠠᠢ ᠪᠢᠴᠢᠳᠡᠭ ᠡᠶᠢᠮᠤᠷᠬᠦ ᠵᠣᠬᠢᠶᠠᠯᠴᠢ ᠮᠠᠨ ᠤ ᠦᠪᠦᠷ | ᠮᠣᠩᠭᠤᠯ ᠤᠷᠤᠨ ᠳᠤ ᠬᠤᠪᠤᠷ ᠶᠤᠮ︾ ᠭᠡᠵᠡᠢ᠃ | ᠲᠡᠭᠦᠨ ᠤ 1978 ᠣᠨ ᠠᠴᠠ ᠨᠠᠭᠠᠰᠢᠬᠢ ᠵᠤᠬᠢᠶᠠᠯ ᠪᠦᠳᠦᠬᠡᠯ ᠤᠳ ᠤᠨ ᠵᠠᠷᠢᠮ ᠨᠢ ︽ᠲᠤᠮᠳᠠᠳᠤ | ᠤᠯᠤᠰ ᠤᠨ ᠣᠳᠦ ᠦᠶ᠎ᠡ ᠶᠢᠨ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ᠤᠷᠴᠢᠭᠤᠯᠭ᠎ᠠ ᠶᠢᠨ | ᠵᠤᠬᠢᠶᠠᠯ ᠪᠦᠳᠦᠬᠡᠯ ᠤᠨ ᠰᠤᠩᠭᠤᠮᠠᠯ︾᠂ ︽ᠶᠢᠰᠤᠨ ᠵᠢᠯ ᠤᠨ ᠠᠯᠪᠠᠨ ᠵᠢᠷᠦᠮ ᠤᠨ ᠮᠤᠩᠭᠤᠯ ᠬᠡᠯᠡ ᠪᠢᠴᠢᠭ ᠤᠨ | ᠵᠢᠭᠠᠬᠤ ᠪᠢᠴᠢᠭ︾᠂ ︽ᠣᠳᠦ ᠦᠶ᠎ᠡ ᠶᠢᠨ ᠮᠣᠩᠭᠤᠯ ᠦᠠᠳᠦᠰᠦᠳᠠᠨ ᠤ ᠬᠡᠤᠬᠡᠳ ᠪᠠᠭᠠᠴᠤᠳ ᠤᠨ ᠣᠬᠢ | ᠪᠦᠳᠦᠬᠡᠯ ᠤᠨ ᠰᠢᠯᠢᠮᠡᠯ︾᠂ ︽ᠲᠤᠮᠳᠠᠳᠤ ᠤᠯᠤᠰ ᠤᠨ ᠮᠣᠩᠭᠤᠯ ᠦᠠᠳᠦᠰᠦᠳᠠᠨ ᠤ ᠦᠢᠷ᠎ᠠ ᠣᠳᠦ ᠦᠶ᠎ᠡ ᠶᠢᠨ | ᠣᠬᠢ ᠪᠦᠳᠦᠬᠡᠯ ᠤᠨ ᠰᠢᠯᠢᠮᠡᠯ︾ ᠵᠡᠷᠭᠡ ᠳᠤ ᠰᠤᠩᠭᠤᠭᠳᠠᠨ᠂ ᠲᠡᠷᠡ ᠰᠢᠯᠦᠭ ᠤᠨ ᠲᠡᠭᠦᠪᠦᠷᠢ ︽ᠰᠢᠯᠦᠭ ᠤᠨ | ᠢᠨᠢᠶᠡᠯ︾᠂ ︽ᠠᠮᠠᠷᠠᠭ ᠰᠢᠬᠦᠷ︾᠂ ︽ᠮᠠᠨᠤ ᠴᠡᠴᠡᠭ︾᠂ ᠨᠠᠶᠢᠷᠠᠭᠤᠯᠤᠯ ᠤᠨ ᠲᠡᠭᠦᠪᠦᠷᠢ ︽ᠡᠮᠦᠨ᠎ᠡ | ᠠᠭᠤᠯᠠ ᠶᠢᠨ ᠨᠠᠮᠤᠷ︾᠂ ︽ᠤᠷᠭ᠎ᠠ︾᠂ ᠦᠭᠦᠯᠯᠡᠭᠡ ᠲᠤᠭᠤᠵᠢ ᠶᠢᠨ ᠡᠮᠬᠢᠳᠬᠡᠯ ︽ᠣ · ᠪᠤᠶᠠᠠᠦ᠋ᠯᠵᠡᠢ ᠶᠢᠨ | ᠦᠭᠦᠯᠡᠯᠭᠡ ᠲᠤᠭᠤᠵᠢ ᠶᠢᠨ ᠲᠡᠭᠦᠪᠤᠷᠢ︾᠂ ᠷᠤᠮᠠᠨ ︽ᠭᠠᠯ ᠶᠡᠭᠦᠳᠬᠡᠯ︾᠂ ︽ᠦᠢᠯᠡ ᠶᠢᠨ ᠦᠷ᠎ᠡ ᠶᠢᠨ ᠵᠠᠭᠪᠤᠷ︾ | ᠂ ︽ᠢᠳᠡᠬᠡᠯᠳᠦ ᠮᠣᠳᠤᠨ ᠤ ᠦᠷ᠎ᠡ︾᠂ ᠣᠷᠴᠢᠭᠤᠯᠭ᠎ᠠ ᠶᠢᠨ ᠨᠣᠮ ︽ᠽᠠᠩᠶᠠᠠᠵᠠᠮᠰᠤ ᠶᠢᠨ ᠠᠷᠢᠭᠤᠨ ᠰᠢᠯᠦᠭ ᠤᠳ | ︾ ᠵᠡᠷᠭᠡ ᠪᠠᠨ ᠤᠷᠢᠳ ᠬᠤᠵᠢᠳ ᠬᠡᠪᠯᠡᠭᠦᠯᠪᠡ᠃ 2007 ᠤᠨ ᠳᠤ ᠦᠪᠦᠷ ᠮᠤᠩᠭᠤᠯ ᠤᠨ ᠵᠤᠬᠢᠶᠠᠯᠴᠢᠳ ᠤᠨ | ᠡᠪᠯᠡᠯ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ ︽ᠦᠨᠢᠷ ᠴᠡᠴᠡᠭ︾ ᠰᠡᠳᠬᠦᠯ ᠤᠨ ᠬᠤᠷᠢᠶ᠎ᠠ᠂ | ᠠᠷᠤ ᠬᠤᠷᠴᠢᠨ ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ ᠬᠠᠮᠲᠤᠷᠠᠵᠤ᠂ ᠠᠷᠤ ᠬᠤᠷᠴᠢᠨ | ᠬᠤᠰᠢᠭᠤᠨ ᠳᠤ ︽ᠤ᠊᠂ ᠪᠤᠶ᠋ᠬᠠᠦ᠋ᠯᠵᠡᠢ ᠶᠢᠨ ᠤᠷᠠᠨ ᠪᠦᠳᠦᠭᠡᠯ ᠤᠨ ᠰᠤᠳᠤᠯᠤᠨ ᠶᠠᠷᠢᠯᠴᠠᠬᠤ ᠬᠤᠷᠠᠯ︾ ᠢ ᠡᠷᠬᠢᠯᠡᠪᠡ | ᠃ 2008 ᠣᠨ ᠳᠤ ᠦᠪᠣᠷ ᠮᠣᠩᠭᠤᠯ ᠤᠨ ᠷᠠᠳᠢᠤ᠋ ᠲᠧᠯᠸᠢᠰ ᠬᠤᠷᠢᠶ᠎ᠡ ᠨᠢ ᠲᠡᠭᠦᠨ ᠤ ᠠᠮᠵᠢᠯᠳᠠ ᠪᠦᠳᠦᠬᠡᠯ ᠢ ︽ | ᠭᠠᠷᠠᠭ ᠤᠨ ᠪᠣᠯᠵᠤᠭ᠎ᠠ︾ ᠲᠤᠰᠬᠠᠢ ᠫᠷᠦᠭᠷᠡᠮ ᠢᠶᠠᠷ ᠲᠠᠨᠢᠯᠴᠠᠭᠤᠯᠪᠠ᠃ 2012 ᠣᠨ ᠳᠤ ᠲᠥᠪ ᠤᠨ ᠲᠧᠯᠸᠢᠰ | ᠬᠤᠷᠢᠶ᠎ᠡ ᠶᠢᠨ ︽ᠰᠦᠪᠡᠭᠴᠢᠯᠡᠯ ᠪᠠ ᠢᠯᠡᠷᠡᠭᠦᠯᠦᠯᠲᠡ︾ ᠫᠷᠦᠭᠷᠡᠮ ᠨᠢ ᠲᠡᠭᠦᠨ ᠤ ᠭᠧᠮᠫᠢ ᠶᠢᠨ ᠰᠦᠮ᠎ᠡ ᠠᠴᠠ | ᠢᠯᠡᠷᠡᠭᠦᠯᠦᠭᠰᠡᠨ ᠮᠣᠩᠭᠤᠯ ᠤᠨ ᠯᠢᠭᠳᠡᠨ ᠬᠤᠳᠤᠭᠳᠤ ᠬᠠᠭᠠᠨ ᠤ ᠬᠠᠭᠠᠨ ᠤᠷᠳᠤᠨ ᠤ ᠲᠠᠭᠤᠤ ᠬᠥᠭᠵᠢᠮ ᠤᠨ | ᠮᠠᠲ᠋ᠧᠷᠢᠶᠡᠯ ᠤᠨ ᠲᠤᠭᠤᠷᠢᠨ ᠳᠤ ᠲᠤᠰᠬᠠᠢ ᠫᠠᠷᠦᠭᠷᠡᠮ ᠦᠢᠯᠡᠳᠴᠤ᠂ ᠲᠥᠪ ᠤᠨ ᠲᠧᠯᠸᠢᠰ ᠬᠤᠷᠢᠶᠡᠨ ᠤ 9 ᠳ᠋ᠦ᠋ᠭᠡᠷ | ᠰᠤᠪᠠᠭ ᠢᠶᠠᠷ ᠨᠡᠪᠳᠡᠷᠡᠭᠦᠯᠵᠦ᠂ ᠰᠢᠶᠠᠩᠭᠠᠩ ᠤᠨ ᠹᠧᠩ ᠬᠤᠸᠠᠩ ᠲᠧᠯᠸᠢᠰ ᠬᠤᠷᠢᠶ᠎ᠡ ᠪᠠᠰᠠ ᠨᠡᠪᠳᠡᠷᠡᠭᠦᠯᠪᠡ᠃ | ᠲᠡᠭᠦᠨ ᠤ ᠵᠣᠬᠢᠶᠠᠯ ︽ᠭᠥᠭᠵᠢᠮ ᠤᠨ ᠰᠦᠩᠵᠢᠳᠮᠡ︾᠂ ︽ᠴᠢᠨ᠋ᠸ᠎ᠠ ᠣᠯᠢᠬᠤ ᠨᠢ︾ ᠵᠡᠷᠬᠡ ᠰᠢᠯᠦᠭ ᠨᠢ ᠮᠣᠩᠭᠤᠯ | ᠂ ᠶᠠᠫᠣᠨ ᠤᠯᠤᠰ ᠤᠨ ᠬᠡᠪᠯᠡᠯ ᠳᠤ ᠭᠠᠷᠪᠠ᠃ ᠲᠡᠭᠦᠨ ᠤ ᠵᠣᠬᠢᠶᠠᠯ ᠪᠦᠳᠦᠬᠡᠯ ᠢᠶᠠᠷ ᠰᠡᠳᠤᠪᠯᠠᠵᠤ᠂ ᠦᠪᠤᠷ | ᠮᠤᠩᠭᠤᠯ ᠤᠨ ᠶᠡᠭᠡ ᠰᠤᠷᠭᠠᠭᠠᠤᠯᠢ ᠶᠢᠨ ᠰᠤᠷᠤᠭᠴᠢ ᠤᠶᠤᠳᠠᠨ ᠴᠤᠯᠠ ᠬᠠᠮᠠᠭᠠᠯᠠᠬᠤ ᠦᠭᠦᠯᠡᠯ ᠪᠢᠴᠢᠭᠰᠡᠨ ᠪᠦᠭᠡᠳ | ᠦᠪᠦᠷ ᠮᠣᠩᠭᠤᠯ ᠤᠨ ᠦᠨᠳᠦᠰᠤᠳᠠᠨ ᠤ ᠶᠡᠭᠡ ᠰᠤᠷᠭᠠᠭᠤᠯᠢ ᠶᠢᠨ ᠰᠤᠷᠤᠭᠴᠢ ᠮᠠᠰᠲ᠋ᠧᠷ ᠴᠤᠯᠠ ᠬᠠᠮᠠᠭᠠᠯᠠᠬᠤ | ᠦᠭᠦᠯᠡᠯ ᠪᠢᠴᠢᠵᠡᠢ᠃ ᠣᠯᠠᠨ ᠪᠦᠳᠦᠬᠡᠯ ᠲᠤᠳᠤᠷ᠎ᠠ ᠠᠴᠠ ᠨᠢ ᠤᠨᠴᠠᠭᠠᠶᠢᠯᠠᠨ ᠲᠤᠷᠠᠳᠤᠭᠤᠰᠢᠳᠠᠢ ᠨᠢ 60 | ᠰᠢᠬᠠᠮ ᠲᠦᠮᠠᠨ ᠦᠰᠦᠭ ᠲᠠᠢ ︽ᠢᠳᠡᠬᠡᠯᠳᠦ ᠮᠤᠳᠤᠨ ᠤ ᠦᠷ᠎ᠡ︾ ᠷᠤᠮᠠᠨ ᠨᠢ 2012 ᠣᠨ ᠳᠤ ᠦᠪᠦᠷ | ᠮᠣᠩᠭᠤᠯ ᠤᠨ ᠲᠠᠯ᠎ᠠ ᠨᠤᠲᠤᠭ ᠤᠨ ᠭᠤᠤᠯᠳᠠᠯᠭ᠎ᠠ ᠲᠠᠢ ᠲᠡᠳᠬᠦᠬᠦ ᠵᠤᠬᠢᠶᠠᠯ ᠪᠦᠳᠦᠭᠡᠯ ᠤᠨ ᠢᠨᠵᠢᠨᠧᠷᠢᠩ᠂ ︽ | ᠮᠤᠩᠭᠤᠯ ᠤᠷᠠᠨ ᠵᠤᠬᠢᠶᠠᠯ ᠤᠨ ᠰᠢᠯᠢᠳᠡᠭ ᠪᠦᠲᠦᠭᠡᠯ ᠢ ᠤᠷᠴᠢᠭᠤᠯᠤᠨ ᠬᠡᠪᠯᠡᠭᠦᠯᠬᠦ ᠢᠨᠵᠢᠨᠧᠷᠢᠩ︾ ᠳᠤ | ᠰᠣᠩᠭᠤᠭᠳᠠᠪᠠ᠃ 2015 ᠣᠨ ᠤ 10 ᠰᠠᠷ᠎ᠠ ᠳᠤ ᠦᠪᠣᠷ ᠮᠣᠩᠭᠤᠯ ᠤᠨ ᠵᠣᠬᠢᠶᠠᠯᠴᠢᠳ ᠤᠨ ᠡᠪᠯᠡᠯ᠂ ᠦᠪᠣᠷ | ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ ︽ᠦᠨᠢᠷ ᠴᠡᠴᠡᠭ︾ ᠰᠡᠳᠬᠦᠯ ᠤᠨ ᠬᠤᠷᠢᠶ᠎ᠠ᠂ ᠣᠯᠠᠭᠠᠨᠬᠠᠳᠠ | ᠬᠤᠳᠠ ᠶᠢᠨ ᠣᠳᠬ᠎ᠠ ᠣᠷᠠᠯᠢᠭ ᠤᠨ ᠬᠢᠨ ᠤ ᠬᠤᠯᠪᠣᠭ᠎ᠠ᠂ ᠦᠪᠣᠷ ᠮᠣᠩᠭᠤᠯ ᠤᠨ ᠰᠢᠨ᠎ᠠ ᠣᠳᠬ᠎ᠠ ᠵᠣᠬᠢᠶᠠᠯ | ᠰᠣᠳᠣᠯᠬᠤ ᠬᠤᠷᠠᠯᠳᠠᠢ ᠠᠴᠠ ᠭᠤᠤᠯᠯᠠᠨ ᠡᠷᠬᠢᠯᠡᠵᠦ᠂ ᠠᠷᠣ ᠬᠤᠷᠴᠢᠨ ᠬᠤᠰᠢᠭᠤᠨ ᠤ ᠨᠠᠮ ᠤᠨ ᠬᠤᠷᠢᠶ᠎ᠠ ᠶᠢᠨ | ᠣᠬᠠᠭᠤᠯᠬᠤ ᠬᠡᠯᠳᠡᠰ᠂ ᠠᠷᠣ ᠬᠤᠷᠴᠢᠨ ᠬᠤᠰᠢᠭᠤᠨ ᠤ ᠰᠣᠶᠣᠯ ᠲᠠᠮᠢᠷ ᠤᠨ ᠲᠣᠪᠴᠢᠶ᠎ᠠ ᠳᠠᠭᠠᠭᠠᠴᠢᠯᠠᠨ᠂ ︽ | ᠢᠳᠡᠬᠡᠯᠳᠦ ᠮᠣᠳᠣᠨ ᠤ ᠦᠷ᠎ᠠ︾ ᠷᠣᠮᠠᠨ ᠢ ᠰᠣᠳᠣᠯᠣᠨ ᠶᠠᠷᠢᠯᠴᠠᠬᠤ ᠬᠤᠷᠠᠯ ᠡᠷᠬᠢᠯᠡᠵᠦ᠂ ᠰᠣᠳᠣᠯᠣᠨ ᠶᠠᠷᠢᠯᠴᠠᠬᠤ | ᠬᠤᠷᠠᠯ ᠳᠤ ᠤᠷᠤᠯᠴᠠᠭᠰᠠᠨ ᠣᠷᠣᠨ ᠤ ᠲᠤᠲᠤᠨ᠎ᠠ ᠭᠠᠳᠠᠨ᠎ᠠ ᠶᠢᠨ ᠰᠢᠭᠦᠮᠵᠢᠯᠡᠭᠴᠢ ᠵᠤᠬᠢᠶᠠᠯᠴᠢ ᠰᠢᠯᠦᠭᠴᠢᠳ᠂ | ᠤᠷᠠᠨ ᠵᠤᠬᠢᠶᠠᠯ ᠤᠨ ᠳᠤᠷ᠎ᠠ ᠪᠠᠭ᠋ᠠᠲᠠᠳ᠂ ︽ᠢᠳᠡᠬᠡᠯᠳᠦ ᠮᠣᠳᠣᠨ ᠤ ᠦᠷ᠎ᠠ︾ ᠷᠣᠮᠠᠨ ᠤ ᠲᠣᠭᠤᠷᠢᠨ ᠳᠤ | ᠵᠣᠬᠢᠶᠠᠯᠴᠢ ᠶᠢᠨ ᠵᠣᠬᠢᠶᠠᠨ ᠪᠢᠴᠢᠬᠦ ᠣᠷ᠎ᠠ ᠮᠡᠷᠬᠡᠵᠢᠯ ᠢ ᠦᠨᠡᠯᠡᠵᠦ ᠣᠷᠠᠨ ᠪᠦᠳᠦᠬᠡᠯᠬᠡ ᠶᠢᠨ ᠲᠠᠯ᠎ᠠ ᠪᠠᠷ ᠬᠢ | ᠣᠯᠣᠯᠳᠠ ᠠᠮᠵᠢᠯᠳᠠ ᠶᠢ ᠳ᠋ᠦᠩᠨᠡᠭᠰᠡᠨ ᠪᠠᠶᠢᠨ᠎ᠠ᠃ ᠲᠤᠰ ᠷᠤᠮᠠᠨ ᠨᠢ 2016 ᠣᠨ ᠤ 9 ᠰᠠᠷ᠎ᠠ ᠳᠤ ᠪᠡᠭᠡᠵᠢᠩ ᠳᠤ | ᠪᠤᠯᠤᠭᠰᠠᠨ ᠪᠦᠬᠦ ᠤᠯᠤᠰ ᠤᠨ ᠠᠷᠪᠠᠨ ᠨᠢᠭᠡᠳᠤᠬᠡᠷ ᠬᠤᠭᠤᠴᠠᠭᠠᠨ ᠤ ᠴᠦᠬᠡᠨ ᠲᠤᠭᠠᠳᠤ ᠦᠠᠳᠦᠰᠦᠳᠠᠨ ᠤ ᠤᠳᠬ᠎ᠠ | ᠵᠣᠬᠢᠶᠠᠯ ᠤᠨ ︽ᠠᠵᠢᠨᠠᠢ︾ ᠱᠠᠩᠨᠠᠯ ᠢᠶᠠᠷ ᠲᠤᠳᠤᠷᠠᠵᠤ᠂ ᠪᠤᠶ᠋ᠬᠠᠦ᠋ᠯᠵᠡᠢ ᠭᠤᠸᠠᠢ ᠲᠤᠮᠳᠠᠳᠤ ᠤᠯᠤᠰ ᠤᠨ | ᠵᠤᠬᠢᠶᠠᠯᠴᠢᠳ ᠤᠨ ᠨᠡᠶᠢᠭᠡᠮᠯᠢᠭ ᠤᠨ ᠲᠡᠷᠢᠭᠦᠯᠡᠭᠴᠢ ᠶᠢᠨ ᠭᠠᠷ ᠠᠴᠠ ᠠᠯᠳᠠᠨ ᠰᠢᠷᠭᠠᠯ ︽ᠠᠵᠢᠨᠠᠢ︾ ᠬᠦᠯᠦᠭ | ᠲᠤᠰᠴᠤ᠂ ᠦᠪᠡᠷ ᠤᠨ ᠬᠢᠨᠢ ᠬᠦᠴᠤ ᠬᠦᠯᠦᠰᠤ᠂ ᠤᠶᠤᠨ ᠤᠬᠠᠭᠠᠨ ᠢ ᠦᠨᠡᠯᠡᠨ ᠮᠡᠳᠡᠷᠡᠭᠰᠡᠨ ᠡᠨᠡᠬᠦ ᠲᠣᠮᠤᠬᠠᠨ | ᠠᠯᠳᠠᠷ ᠢ ᠬᠦᠷᠳᠡᠯ᠎ᠡ᠃ ᠲᠤᠮᠳᠠᠳᠤ ᠤᠯᠤᠰ ᠤᠨ ᠴᠦᠬᠡᠨ ᠲᠤᠭᠠᠳᠤ ᠦᠠᠳᠦᠰᠦᠳᠠᠨ ᠤ ᠤᠷᠠᠨ ᠵᠤᠬᠢᠶᠠᠯ ᠤᠨ ︽ | ᠠᠵᠢᠨᠠᠢ︾ ᠱᠠᠩᠨᠠᠯ ᠤᠯᠤᠭᠰᠠᠨ ᠨᠢ ᠲᠡᠭᠦᠨ ᠤ ᠲᠤᠰ ᠬᠦᠮᠦᠨ ᠳᠤ ᠠᠪᠴᠢᠷᠠᠭᠰᠠᠨ ᠢᠷᠠᠭᠤ ᠠᠯᠳᠠᠷ ᠢᠶᠠᠷ ᠪᠠᠷᠠᠬᠤ | ᠦᠭᠡᠢ ᠤᠷᠤᠨ ᠨᠣᠲᠤᠭ ᠤᠨ ᠰᠤᠶᠤᠯ ᠤᠨ ᠬᠥᠭᠵᠢᠯᠲᠡ ᠳᠠᠬᠢ ᠪᠠᠰᠠ ᠨᠢᠭᠡᠨ ᠲᠤᠮᠤ ᠶᠠᠪᠤᠳᠠᠯ ᠪᠣᠯᠬᠤ ᠶᠤᠮ᠃ ᠡᠭᠦᠨ | ᠳᠤ ᠠᠷᠤ ᠬᠤᠷᠴᠢᠨ ᠬᠤᠰᠢᠭᠤᠨ ᠤ ᠨᠠᠮ ᠤᠨ ᠬᠤᠷᠢᠶ᠎ᠡ ᠵᠠᠰᠠᠭ ᠤᠨ ᠤᠷᠳᠤᠨ ᠠᠴᠠ ᠣ · ᠪᠤᠶ᠋ᠬᠠᠦ᠋ᠯᠵᠠᠢ ᠶᠢᠨ ᠪᠦᠬᠦ | ᠤᠯᠤᠰ ᠤᠨ ᠴᠦᠬᠡᠨ ᠲᠤᠭᠠᠳᠤ ᠦᠠᠳᠦᠰᠦᠳᠠᠨ ᠤ ᠤᠳᠬ᠎ᠠ ᠵᠤᠬᠢᠶᠠᠯ ᠤᠨ ︽ᠠᠵᠢᠨᠠᠢ︾ ᠱᠠᠩᠨᠠᠯ ᠬᠦᠷᠳᠡᠭᠰᠡᠨ ᠢ | ᠪᠡᠯᠬᠡᠯᠡᠭᠦ ᠰᠠᠭᠤᠳᠠᠯ ᠤᠨ ᠬᠤᠷᠠᠯ ᠬᠤᠷᠠᠯᠳᠤᠭᠤᠯᠵᠤ᠂ ᠬᠤᠰᠢᠭᠤᠨ ᠤ ᠲᠦᠷᠪᠠᠨ ᠶᠡᠭᠡ ᠤᠳᠤᠷᠢᠳᠬᠤ ᠪᠠᠶᠢᠭᠤᠯᠭ᠎ᠠ | ᠶᠢᠨ ᠬᠠᠮᠢᠶ᠎ᠡ ᠲᠠᠢ ᠬᠠᠷᠢᠭᠤᠴᠠᠯᠭᠠᠳᠠᠨ ᠵᠢᠴᠢ ᠬᠤᠰᠢᠭᠤᠨ ᠦᠠᠳᠦᠰᠦᠳᠠᠨ ᠱᠠᠰᠢᠨ ᠰᠤᠷᠳᠠᠬᠤᠨ ᠤ ᠲᠤᠪᠴᠢᠶ᠎ᠡ᠂ | ᠰᠤᠶᠤᠯ ᠲᠠᠮᠢᠷ ᠤᠨ ᠲᠤᠪᠴᠢᠶ᠎ᠡ᠂ ᠲᠡᠩᠰᠠ ᠡᠪᠬᠡᠮᠡᠯ ᠤᠨ ᠲᠤᠪᠴᠢᠶ᠎ᠡ ᠵᠡᠷᠭᠡ ᠬᠠᠮᠢᠶ᠎ᠡ ᠲᠠᠢ ᠰᠠᠯᠠᠭ᠎ᠠ ᠮᠦᠴᠢᠷ᠂ ᠡᠯ᠎ᠡ | ᠮᠠᠯᠵᠢᠬᠤ ᠰᠤᠮᠤ᠂ ᠬᠤᠰᠢᠭᠤᠨ ᠤ ᠤᠳᠬ᠎ᠠ ᠤᠷᠠᠯᠢᠭ ᠤᠨ ᠬᠤᠯᠪᠤᠭ᠎ᠠ ᠶᠢᠨ ᠤᠷᠠᠨ ᠪᠦᠳᠦᠬᠡᠯᠴᠢᠳ ᠤᠷᠤᠯᠴᠠᠵᠤ | ᠪᠡᠯᠡᠭᠡᠯᠡᠭᠰᠡᠨ ᠪᠦᠭᠡᠳ ᠬᠤᠰᠢᠭᠤ ᠵᠠᠰᠠᠭ ᠤᠨ ᠤᠷᠳᠦᠨ ᠪᠣᠯᠤᠨ ᠲᠡᠭᠦᠨ ᠤ ᠨᠤᠲᠤᠭ ᠪᠠᠶ᠋ᠬᠠᠦ᠋ᠠᠳᠦᠷ ᠰᠤᠮᠤᠨ ᠠᠴᠠ | ᠱᠠᠩᠨᠠᠯ ᠤᠨ ᠮᠦᠩᠭᠦ ᠣᠯᠭᠤᠨ ᠵᠣᠷᠢᠭᠵᠢᠭᠤᠯᠤᠭᠰᠠᠨ ᠪᠠᠶᠢᠨ᠎ᠠ᠃ | ᠪᠤᠶ᠋ᠬᠠᠦ᠋ᠯᠵᠠᠢ ᠭᠤᠸᠠᠢ ᠡᠩ ᠤᠨ ᠨᠢᠭᠡᠨ ᠡᠭᠡᠯ ᠪᠤᠷᠤᠭᠵᠢᠭᠤᠨ ᠮᠠᠯᠴᠢᠨ ᠤ ᠬᠤᠶᠢᠴᠢᠰ᠃ ᠲᠡᠭᠦᠨ ᠳᠤ | ᠮᠥᠨᠴᠦ ᠨᠠᠰᠤᠳᠠᠨ ᠢᠶᠠᠨ ᠠᠰᠠᠷᠠᠬᠤ᠂ ᠬᠡᠤᠬᠡᠳ ᠢᠶᠠᠨ ᠦᠰᠭᠡᠬᠦ ᠠᠶᠢᠯ ᠭᠡᠷ ᠤᠨ ᠡᠭᠦᠷᠬᠡ ᠳᠠᠷᠤᠭᠠᠰᠤ᠂ | ᠠᠮᠢᠳᠤᠷᠠᠯ ᠤᠨ ᠡᠯ᠎ᠠ ᠬᠠᠯᠠ᠂ ᠪᠠᠶᠡᠷ ᠭᠤᠨᠢᠭ ᠤᠨ ᠡᠭᠡᠯᠵᠢᠯᠡᠯ ᠪᠠᠶᠢᠳᠠᠭ᠃ ᠭᠡᠪᠠᠴᠤ ᠡᠳᠡᠭᠡᠷ ᠢ ᠨᠢᠭᠡᠳ ᠨᠢᠭᠡ ᠪᠠᠷ | ᠲᠤᠭᠤᠯᠤᠨ ᠳᠠᠪᠠᠵᠤ᠂ ᠠᠮᠢᠳᠤᠷᠠᠯ ᠠᠵᠢᠯ ᠵᠣᠬᠢᠶᠠᠨ ᠪᠦᠳᠦᠭᠡᠯᠭᠡ ᠶᠢᠨ ᠬᠠᠷᠢᠴᠠᠭ᠎ᠠ ᠶᠢ ᠵᠣᠬᠢᠴᠠᠭᠤᠯᠵᠦ᠂ | ᠬᠦᠯᠢᠴᠡᠩᠭᠦᠢ᠂ ᠲᠡᠪᠴᠢᠶᠡᠷᠢ ᠪᠠᠷ ᠲᠡᠳᠡᠭᠡᠷ ᠤᠯᠠᠨ ᠲᠡᠤᠬᠡ ᠰᠤᠶᠤᠯ ᠤᠨ ᠮᠠᠲ᠋ᠧᠷᠢᠶᠠᠯ ᠢ ᠡᠮᠬᠢᠳᠬᠡᠵᠦ᠂ ᠰᠢᠯᠦᠭ | ᠨᠠᠶᠢᠷᠠᠭᠤᠯᠤᠯ ᠦᠭᠦᠯᠡᠯᠭᠡ ᠲᠤᠭᠤᠵᠢ ᠷᠤᠮᠠᠨ ᠤᠷᠴᠢᠭᠤᠯᠭ᠎ᠠ ᠵᠡᠷᠬᠡ ᠣᠯᠠᠨ ᠰᠢᠲᠯᠢ ᠶᠢᠨ ᠨᠣᠮ ᠲᠡᠪᠳᠡᠷ ᠬᠡᠪᠯᠡᠭᠦᠯᠬᠦ | ᠭᠡᠵᠦ ᠬᠦᠮᠦᠨ ᠪᠣᠯᠭᠠᠨ ᠤ ᠭᠦᠢᠴᠡᠳᠬᠡᠵᠦ ᠴᠢᠳᠠᠬᠤ ᠶᠠᠪᠤᠳᠠᠯ ᠪᠢᠰᠢ᠃ ᠲᠡᠭᠦᠨ ᠢ ᠬᠡᠵᠢᠶᠡᠳᠡ ᠤᠷᠤᠭᠰᠢ | ᠲᠡᠮᠡᠤᠯᠡᠭᠦᠯᠵᠦ ᠪᠠᠶᠢᠳᠠᠭ ᠳᠠᠯᠳᠠ ᠶᠢᠨ ᠷᠢᠳᠢ ᠰᠢᠳᠢ ᠪᠣᠶᠣ ᠢᠳᠡ ᠬᠦᠴᠤᠨ ᠶᠠᠭᠤ ᠪᠠᠶᠢᠬᠤ ᠲᠤᠬᠠᠢ ᠬᠦᠮᠦᠰ | ᠰᠣᠪᠢᠵᠤ ᠭᠠᠶᠢᠬᠠᠳᠠᠭ ᠨᠢ ᠬᠠᠴᠢᠨ ᠪᠢᠰᠢ᠃ ᠬᠡᠬᠦ ᠳᠤ ︽ᠠᠭᠤᠳᠠᠮ ᠮᠤᠩᠭᠤᠯ ᠨᠤᠳᠤᠭ ᠲᠤ ᠲᠥᠷᠥᠵᠤ | ᠥᠰᠥᠭᠰᠡᠨ ᠬᠥᠮᠥᠰ ᠤᠨ ᠪᠡᠶ᠎ᠡ ᠴᠤᠭᠴᠠᠰ ᠲᠤ ᠬᠤᠶᠠᠷ ᠥᠠᠳᠤᠰᠤᠨ ᠬᠥᠴᠥᠨ ᠰᠠᠭᠤᠷᠢᠯᠡᠵᠤ ᠪᠤᠢ ᠬᠡᠵᠤ ᠪᠢ | ᠪᠤᠳᠤᠨᠠᠮ᠃ ᠲᠡᠷᠡ ᠨᠢ᠂ ᠴᠡᠪᠡᠷ ᠪᠠᠶᠢᠭᠠᠯᠢ ᠶᠢᠨ ᠠᠷᠢᠭᠤᠨ ᠢᠳᠡᠭᠡᠨ ᠤᠮᠳᠠᠭᠠᠨ ᠠᠴᠠ ᠰᠢᠮ᠎ᠡ ᠠᠪᠤᠭᠰᠠᠨ ᠮᠠᠬᠠᠪᠤᠳ | ᠤᠨ ᠬᠥᠴᠥᠨ ᠪᠡ ᠨᠤᠳᠤᠭ ᠤᠷᠤᠨ ᠤ ᠤᠯᠠᠮᠵᠢᠯᠠᠯᠳᠤ ᠰᠤᠶᠤᠯ ᠰᠢᠳᠥᠯᠭᠡ ᠠᠴᠠ ᠥᠪᠯᠡᠵᠤ ᠤᠳᠤᠮᠯᠠᠭᠰᠠᠨ ᠢᠳᠡᠭᠡᠯ | ᠬᠥᠴᠥᠨ︾ ᠭᠡᠳᠡᠭ ᠲᠡᠭᠦᠨ ᠤ ᠦᠪᠡᠷ ᠤᠨ ᠬᠢᠨᠢ ᠦᠭᠡ ᠯᠠ ᠪᠢᠰᠢᠷᠠᠯ ᠭᠠᠶᠢᠬᠠᠰᠢᠷᠠᠯ ᠤᠨ ᠬᠠᠷᠢᠭᠤᠯᠳᠡ ᠪᠣᠯᠵᠤ | ᠲᠤᠰᠬᠤ ᠪᠠᠶᠢᠬ᠎ᠠ᠃ ᠲᠡᠶᠢᠮᠤ ᠡ᠂ ᠶᠠᠭ ᠯᠠ ᠡᠨᠡᠬᠦ ᠢᠳᠡᠬᠡᠯ ᠬᠦᠴᠤᠨ ᠢᠶᠠᠷ ᠪᠤᠶ᠋ᠬᠠᠦ᠋ᠯᠵᠡᠢ ᠭᠤᠸᠠᠢ ᠠᠰᠠᠷ ᠶᠡᠭᠡ | ᠠᠮᠵᠢᠯᠲᠠ ᠤᠨ ᠣᠷᠬᠢᠯ ᠳᠤ ᠬᠦᠷᠬᠦ ᠪᠠᠷᠳᠠᠭᠠᠳᠤ ᠵᠠᠮ ᠢ ᠨᠢᠭᠡ ᠨᠢᠭᠡ ᠠᠯᠬᠤᠮ ᠢᠶᠠᠷ ᠲᠤᠭᠤᠯᠤᠭᠰᠠᠨ ᠶᠤᠮ᠃ | ︽ᠴᠤᠯᠠ ᠳᠠᠭᠠᠵᠤ ᠪᠢᠷ᠎ᠠ ᠨᠡᠮᠡᠳᠡᠭ︾ ᠭᠡᠳᠡᠭ ᠢᠶᠠᠷ ᠵᠣᠬᠢᠶᠠᠯᠴᠢ ᠭᠤᠸᠠᠢ ᠶᠢᠨ ᠢᠷᠠᠭᠤ ᠲᠡᠭᠦᠯᠳᠡᠷ | ᠪᠦᠳᠦᠬᠡᠯ ᠤᠨ ᠶᠡᠭᠡ ᠠᠯᠳᠠᠷ ᠳᠠᠭᠤᠷᠢᠰᠤᠬᠤ ᠲᠤᠰᠤᠮ ᠨᠤᠲᠤᠭ ᠪᠠᠶᠢᠭᠠᠯᠢ ᠬᠦᠮᠦᠨ ᠠᠷᠠᠳ ᠠᠴᠠ ᠪᠠᠨ ᠦᠪᠯᠡᠭᠰᠡᠨ | ᠢᠲᠡᠭᠡᠯ ᠬᠦᠴᠤᠨ ᠨᠢ ᠤᠯᠠᠮ ᠨᠡᠮᠡᠭᠳᠡᠵᠦ᠂ ᠮᠣᠩᠭᠤᠯ ᠣᠷᠤᠨ ᠤ ᠨᠡᠩ ᠠᠭᠤᠳᠠᠮ ᠣᠷᠴᠢᠨ᠂ ᠮᠣᠩᠭᠤᠯ ᠰᠤᠶᠤᠯ ᠤᠨ | ᠨᠡᠩ ᠦᠠᠳᠦᠷ ᠲᠠᠪᠴᠠᠩ ᠳᠤ ᠪᠦᠳᠦᠭᠡᠯ ᠵᠢᠳᠬᠦᠯ ᠢᠶᠠᠷ ᠢᠶᠠᠨ ᠭᠠᠶᠢᠬᠠᠭᠳᠠᠨ᠂ ᠡᠬᠡ ᠰᠤᠶᠤᠯ ᠤᠨ ᠢᠶᠠᠨ ᠲᠦᠯᠦᠭᠡ | ᠬᠦᠴᠤᠯᠡᠨ ᠵᠢᠳᠬᠦᠭᠰᠡᠭᠡᠷ ᠁ ︵ᠴ᠂ ᠰᠠᠷᠠᠭᠤᠯ︶ | | |