ᠤᠬᠠᠭᠠᠨ ᠤ ᠬᠡ ᠲᠠᠢ ᠤᠷᠠᠨ ᠲᠠᠷᠬᠠᠨ — ᠸᠠᠩᠵᠢᠯ | ᠰ᠊᠂ ᠵᠠᠮᠢᠶᠠᠨ | | ᠵᠤᠭᠠᠴᠢᠨ ᠸᠠᠩᠵᠢᠯ ᠡᠨᠡ ᠵᠢᠯ 62 ᠨᠠᠰᠤᠳᠠᠢ᠂ 1956 ᠣᠨ ᠤ 3 ᠳ᠋ᠤᠭᠠᠷ ᠰᠠᠷ᠎ᠠ ᠳᠤ ᠠᠷᠤ ᠬᠤᠷᠴᠢᠨ | ᠬᠤᠰᠢᠭᠤᠨ ᠤ ᠪᠠᠶ᠋ᠬᠠᠦ᠋ᠨᠳᠤᠷ ᠰᠤᠮᠤ ᠶᠢᠨ ᠮᠠᠨᠢᠳᠤ ᠭᠠᠴᠠᠭ᠎ᠠ ᠶᠢᠨ ᠨᠢᠮᠠᠳᠤᠷᠵᠢ᠂ ᠴᠠᠭᠰᠤᠯᠮᠠ ᠬᠤᠶᠠᠷ ᠤᠨ ᠶᠡᠭᠡ | ᠬᠦᠪᠡᠭᠦᠨ ᠨᠢ ᠪᠤᠯᠵᠤ ᠵᠠᠶᠠᠭᠠᠵᠠᠢ᠃ ᠲᠡᠷᠡ ᠬᠠᠷᠠᠬᠠᠨ ᠪᠠᠭ᠎ᠠ ᠠᠴᠠ ᠪᠠᠨ ᠲᠠᠷᠢᠬᠢ ᠬᠤᠷᠴᠠ᠂ ᠭᠠᠷ ᠤᠷᠠᠨ ᠪᠠᠶᠢᠵᠤ | ᠮᠤᠳᠤᠨ ᠲᠠᠷᠬᠠᠨ ᠠᠪᠤ ᠶᠢᠨ ᠢᠶᠠᠨ ᠨᠦᠯᠦᠭᠡᠯᠡᠯ ᠲᠤᠤᠷ᠎ᠠ᠂ ᠦᠵᠡᠵᠤ ᠬᠠᠷᠠᠭᠰᠠᠨ ᠪᠤᠯᠭᠠᠨ ᠢᠶᠠᠨ ᠤᠷᠠᠨ ᠢᠶᠠᠷ | ᠰᠡᠳᠬᠢᠵᠤ᠂ ᠵᠢᠷᠤᠵᠤ ᠤᠷᠠᠯᠠᠬᠤ᠂ ᠵᠤᠷᠭᠤᠵᠤ ᠰᠡᠶᠢᠯᠬᠦ ᠳᠤ ᠪᠠᠭ᠋ᠠᠳᠠᠢ ᠬᠡᠤᠬᠡᠳ ᠪᠠᠶᠢᠯ᠎ᠠ᠃ ᠤᠴᠢᠷ ᠨᠢ ᠸᠠᠩᠵᠢᠯ | ᠤᠨ ᠬᠢᠨ ᠡᠯᠤᠨᠴᠡ ᠶᠢᠨ ᠦᠶ᠎ᠡ ᠠᠴᠠ ᠪᠠᠨ ᠠᠪᠤᠭᠠᠳ ᠦᠶ᠎ᠡ ᠤᠯᠠᠮᠵᠢᠯᠠᠵᠤ ᠢᠷᠡᠭᠰᠡᠨ ᠮᠤᠳᠤᠨ ᠲᠠᠷᠬᠠᠨ | ᠭᠠᠷᠤᠭᠰᠠᠨ ᠠᠶᠢᠯ ᠶᠤᠮ᠃ ᠲᠡᠭᠦᠨ ᠤ ᠡᠯᠤᠨᠴᠡ ᠡᠪᠦᠭᠡ ᠨᠢ ᠲᠦᠭᠦᠷᠡᠩ ᠭᠡᠵᠤ ᠨᠤᠲᠤᠭ ᠤᠰᠤᠨ ᠳᠤ ᠪᠠᠨ ᠨᠡᠷᠡᠳᠡᠢ | ᠮᠤᠳᠤᠨ ᠲᠠᠷᠬᠠᠨ᠂ ᠡᠪᠦᠭᠡ ᠨᠢ ᠭᠠᠸᠠ᠂ ᠡᠴᠢᠭᠡ ᠨᠢ ᠨᠢᠮᠠᠳᠤᠷᠵᠢ ᠭᠡᠵᠤ ᠪᠦᠷ ᠯᠠ ᠨᠤᠲᠤᠭ ᠤᠰᠤᠨ ᠳᠤ ᠪᠠᠨ | ᠨᠡᠷᠡᠳᠡᠢ ᠮᠤᠳᠤᠨ ᠲᠠᠷᠬᠠᠨ ᠪᠠᠶᠢᠭᠰᠠᠨ᠂ ᠭᠤᠤᠯᠳᠠᠭᠤ ᠮᠤᠩᠭᠤᠯ ᠭᠡᠷ ᠬᠢᠬᠦ᠂ ᠠᠪᠳᠠᠷ᠎ᠠ ᠬᠤᠷᠭᠤ᠂ ᠡᠷᠬᠢᠨᠡᠭ ᠵᠡᠷᠭᠡ | ᠪᠤᠢ ᠪᠦᠬᠦᠢ ᠭᠡᠷ ᠤᠨ ᠬᠡᠷᠡᠭᠰᠡᠯ ᠤᠳ ᠢ ᠬᠢᠬᠦ ᠪᠠᠷ ᠪᠠᠷᠠᠬᠤ ᠦᠭᠡᠢ᠂ ᠦᠭᠡᠷ ᠲᠡᠷᠭᠡ ᠱᠠᠭᠠᠬᠤ᠂ ᠮᠤᠷᠢᠨ ᠡᠮᠡᠭᠡᠯ ᠬᠢᠬᠦ | ᠵᠡᠷᠭᠡ ᠳᠤ ᠪᠦᠷ ᠨᠡᠷᠡᠳᠡᠢ ᠤᠷᠠᠨ ᠲᠠᠷᠬᠠᠨ ᠪᠠᠶᠢᠭᠰᠠᠨ ᠶᠤᠮ᠃ ᠸᠠᠩᠵᠢᠯ ᠤᠨ ᠦᠶ᠎ᠡ ᠬᠦᠷᠴᠤ ᠢᠷᠡᠳᠡᠯ᠎ᠡ ᠮᠡᠳᠡᠵᠤ | ᠪᠠᠶᠢᠬᠤ ᠨᠢ ᠨᠢᠭᠡᠨᠳᠡ ᠲᠠᠪᠤᠨ ᠦᠶ᠎ᠡ ᠶᠢᠨ ᠮᠤᠳᠤᠨ ᠲᠠᠷᠬᠠᠨ ᠤ ᠤᠯᠠᠮᠵᠢᠯᠠᠯ ᠲᠠᠢ ᠪᠤᠯᠵᠠᠢ᠃ | ᠸᠠᠩᠵᠢᠯ ᠭᠤᠸᠠᠢ 17 ᠨᠠᠰᠤᠨ ᠠᠴᠠ ᠪᠠᠨ ᠡᠬᠢᠯᠡᠭᠡᠳ ᠬᠢᠴᠢᠶᠡᠯ ᠰᠤᠷᠤᠯᠭ᠎ᠠ ᠵᠢᠨᠰᠡᠯᠡᠭᠦᠤ ᠪᠠᠷ ᠢᠶᠠᠨ ᠠᠪᠤ | ᠪᠠᠨ ᠲᠠᠭᠠᠵᠤ ᠮᠤᠳᠤᠨ ᠲᠠᠷᠬᠠᠨ ᠤ ᠠᠵᠢᠯ ᠢ ᠵᠢᠩᠭᠢᠨᠢ ᠪᠠᠷ ᠰᠤᠷᠴᠤ ᠬᠢᠵᠤ ᠡᠬᠢᠯᠡᠭᠰᠡᠨ ᠪᠤᠯᠪᠠᠴᠤ᠂ 1974 ᠤᠨ | ᠳᠤ ᠦᠨᠳᠤᠷ ᠲᠤᠮᠳᠠᠳᠤ ᠶᠢᠨ ᠨᠢᠭᠡᠳᠦᠭᠡᠷ ᠤᠨ ᠳᠤ ᠪᠠᠶᠢᠬᠤ ᠳᠤ ᠪᠠᠨ ᠲᠤᠮᠳᠠᠳᠤ ᠤᠯᠤᠰ ᠤᠨ ᠠᠷᠠᠳ ᠤᠨ | ᠴᠢᠯᠦᠭᠡᠯᠡᠭᠦ ᠴᠡᠷᠢᠭ ᠲᠤ ᠡᠯᠰᠡᠭᠳᠡᠵᠤ᠂ 1980 ᠤᠨ ᠳᠤ ᠴᠡᠷᠢᠭ ᠠᠴᠠ ᠪᠠᠨ ᠬᠠᠯᠠᠭᠳᠠᠵᠤ ᠢᠷᠡᠭᠡᠳ ᠠᠷᠣ | ᠬᠤᠷᠴᠢᠨ ᠬᠤᠰᠢᠭᠤᠨ ᠤ ᠪᠠᠶ᠋ᠬᠠᠦ᠋ᠨᠳᠤᠷ ᠨᠢᠭᠡᠳᠤᠯ ᠤᠨ ᠶᠡᠷᠦᠩᠭᠡᠢ ᠦᠢᠯᠡᠳᠪᠤᠷᠢ ᠳᠤ ᠮᠤᠳᠤᠴᠢᠨ᠂ ᠪᠡᠯᠡ ᠮᠦᠩᠭᠦ | ᠬᠠᠮᠢᠶᠠᠷᠤᠭᠴᠢ ᠪᠠᠷ ᠠᠵᠢᠯᠯᠠᠵᠤ᠂ 1985 ᠤᠨ ᠳᠤ ᠶᠡᠷᠦᠩᠭᠡᠢ ᠦᠢᠯᠡᠳᠪᠤᠷᠢ ᠶᠢᠨ ᠲᠠᠷᠤᠭ᠎ᠠ ᠶᠢᠨ ᠲᠤᠰᠢᠶᠠᠯ ᠢ | ᠬᠠᠷᠢᠭᠤᠴᠠᠵᠤ᠂ 1989 ᠤᠨ ᠳᠤ ᠶᠡᠷᠦᠩᠭᠡᠢ ᠦᠢᠯᠡᠳᠪᠤᠷᠢ ᠶᠢ ᠲᠠᠷᠬᠠᠭᠠᠭᠰᠠᠨ ᠤ ᠲᠠᠷᠠᠭ᠎ᠠ᠂ ᠪᠠᠶ᠋ᠬᠠᠦ᠋ᠨᠳᠤᠷ | ᠰᠤᠮᠤᠨ ᠤ ᠨᠤᠲᠤᠭ ᠪᠡᠯᠴᠢᠭᠡᠷ ᠤᠨ ᠦᠷᠳᠡᠭᠡᠨ ᠲᠠᠷᠤᠭ᠎ᠠ ᠪᠠᠷ ᠠᠵᠢᠯᠯᠠᠵᠤ᠂ 1995 ᠤᠨ ᠠᠴᠠ ᠪᠠᠶ᠋ᠬᠠᠦ᠋ᠨᠳᠤᠷ | ᠰᠤᠮᠤᠨ ᠤ ᠠᠵᠤ ᠠᠬᠤᠢ ᠶᠢᠨ ᠬᠠᠮᠢᠶᠠᠷᠤᠯᠳᠠ ᠶᠢᠨ ᠦᠷᠳᠡᠭᠡᠨ ᠲᠠᠷᠤᠭ᠎ᠠ ᠶᠢᠨ ᠠᠵᠢᠯ ᠢ ᠬᠠᠷᠢᠭᠤᠴᠠᠵᠤ ᠪᠠᠶᠢᠭᠰᠠᠨ | ᠢᠶᠠᠨ 2016 ᠤᠨ ᠳᠤ ᠠᠵᠢᠯ ᠠᠴᠠ ᠪᠠᠨ ᠠᠮᠠᠷᠠᠭᠰᠠᠨ ᠪᠠᠶᠢᠨ᠎ᠠ᠃ | ᠸᠠᠩᠵᠢᠯ᠂ ᠲᠡᠭᠡᠳᠤᠰ ᠠᠴᠠ ᠪᠠᠨ ᠤᠯᠠᠮᠵᠢᠯᠠᠵᠤ ᠢᠷᠡᠭᠰᠡᠨ ᠮᠤᠳᠤᠨ ᠲᠠᠷᠬᠠᠨ ᠤ ᠮᠡᠷᠭᠡᠵᠢᠯ ᠢ ᠵᠠᠯᠭᠠᠮᠵᠢᠯᠠᠨ | ᠰᠤᠷᠤᠭᠰᠠᠨ ᠲᠡᠭᠡᠷ᠎ᠡ ᠪᠠᠨ ᠰᠠᠭᠤᠷᠢᠯᠠᠨ᠂ ᠠᠵᠢᠯ ᠤᠨ ᠪᠠᠶᠢᠷᠢ ᠳᠤ ᠭᠠᠷᠤᠭᠰᠠᠨ ᠤ ᠲᠠᠷᠠᠭ᠎ᠠ᠂ ᠶᠡᠷᠦᠩᠭᠡᠢ | ᠦᠢᠯᠡᠳᠪᠤᠷᠢ ᠶᠢᠨ ᠠᠵᠢᠯ ᠤᠨ ᠤᠨᠴᠠᠯᠢᠭ ᠲᠠᠢ ᠪᠠᠨ ᠵᠤᠬᠢᠴᠠᠭᠤᠯᠤᠨ ᠤᠯᠠᠮ ᠨᠢᠭᠡ ᠠᠯᠬᠤᠮ ᠰᠤᠷᠴᠤ ᠰᠤᠳᠤᠯᠤᠨ | ᠮᠡᠳᠡᠯᠭᠡ ᠮᠡᠷᠭᠡᠵᠢᠯ ᠢᠶᠠᠨ ᠲᠡᠭᠡᠭᠰᠢᠯᠡᠭᠦᠯᠦᠨ ᠮᠤᠩᠭᠤᠯᠴᠤᠳ ᠤᠨ ᠡᠳᠤᠷ ᠲᠤᠳᠤᠮ ᠤᠨ ᠦᠢᠯᠡᠳᠪᠤᠷᠢᠯᠡᠯ ᠠᠮᠢᠳᠤᠷᠠᠯ | ᠤᠨ ᠬᠡᠷᠡᠭᠴᠡᠭᠡᠨ ᠳᠤ ᠲᠤᠬᠢᠷᠠᠭᠰᠠᠨ ᠬᠦᠳᠡᠭᠡ ᠠᠵᠤ ᠠᠬᠤᠢ ᠶᠢᠨ ᠡᠳ᠋ᠯᠡᠯ ᠭᠡᠷᠡᠭᠰᠡᠯ᠂ ᠦᠢᠯᠡᠳᠪᠤᠷᠢᠯᠡᠯ ᠤᠨ ᠪᠠᠭᠠᠵᠢ | ᠵᠡᠪᠰᠡᠭ ᠵᠡᠷᠭᠡ ᠶᠢ ᠦᠢᠯᠡᠳᠴᠤ ᠪᠦᠳᠦᠭᠡᠬᠦ ᠮᠡᠷᠭᠡᠵᠢᠯ ᠢ ᠦᠨᠳᠤᠰᠤᠨ ᠳᠤ ᠨᠢ ᠡᠵᠡᠮᠰᠢᠵᠤ ᠴᠢᠳᠠᠵᠠᠢ᠃ | ᠲᠤᠬᠠᠶᠢᠯᠠᠪᠠᠯ ᠮᠤᠩᠭᠤᠯ ᠭᠡᠷ ᠢ ᠬᠢᠬᠦ ᠳᠤ ᠱᠠᠭᠠᠷᠳᠠᠭᠳᠠᠬᠤ ᠮᠤᠳᠤᠨ ᠮᠡᠷᠭᠡᠵᠢᠯ᠂ ᠠᠷᠠᠰᠤ ᠰᠢᠷᠢ ᠶᠢ ᠡᠳ᠋ᠰᠢᠭᠦᠯᠵᠤ | ᠪᠤᠯᠪᠠᠰᠤᠷᠠᠭᠤᠯᠬᠤ᠂ ᠤᠩᠭᠠᠰᠤ ᠭᠢᠯᠭᠠᠰᠤ ᠶᠢ ᠬᠡᠷᠡᠭᠯᠡᠬᠦ ᠮᠡᠷᠬᠡᠵᠢᠯ᠂ ᠵᠢᠴᠢ ᠮᠤᠩᠭᠤᠯ ᠭᠡᠷ ᠲᠤ ᠬᠡᠷᠡᠭᠯᠡᠬᠦ ᠮᠤᠳᠤᠨ | ᠤᠷᠤ᠂ ᠠᠪᠳᠠᠷ᠎ᠠ ᠬᠤᠷᠭᠤ᠂ ᠰᠢᠷᠡᠭᠡ ᠰᠠᠨᠳᠠᠯᠢ᠂ ᠮᠤᠳᠤᠨ ᠰᠠᠭᠤᠯᠠᠭ᠎ᠠ ᠰᠠᠪᠠ᠂ ᠵᠢᠴᠢ ᠦᠭᠡᠷ ᠲᠡᠷᠭᠡ᠂ ᠬᠠᠮ | ᠲᠡᠷᠭᠡ᠂ ᠠᠪᠳᠠᠷᠠᠳᠤ ᠲᠡᠷᠭᠡ᠂ ᠬᠡᠤᠬᠡᠳ ᠤᠨ ᠦᠯᠦᠭᠡᠢ ᠵᠡᠷᠭᠡ ᠶᠢ ᠦᠢᠯᠡᠳᠬᠦ᠂ ᠠᠪᠳᠠᠷ᠎ᠠ ᠬᠤᠷᠭᠤ ᠶᠢᠨ ᠭᠡ | ᠤᠭᠠᠯᠵᠠ᠂ ᠬᠠᠰ ᠲᠠᠮᠠᠭ᠎ᠠ ᠵᠡᠷᠭᠡ ᠵᠢᠷᠤᠭ ᠤᠷᠠᠯᠠᠯ ᠢ ᠰᠡᠶᠢᠯᠬᠦ᠂ ᠵᠢᠷᠤᠬᠤ᠂ ᠬᠠᠭᠠᠷᠢᠬᠤ ᠵᠡᠷᠭᠡ ᠮᠡᠷᠭᠡᠵᠢᠯ ᠠᠴᠠ | ᠭᠠᠳᠠᠨ᠎ᠠ ᠪᠠᠰᠠ ᠲᠠᠷᠢᠶᠠᠯᠠᠩ ᠮᠠᠯᠵᠢᠯ ᠤᠨ ᠮᠠᠰᠢᠨ ᠭᠡᠷᠡᠭᠰᠡᠯ ᠢ ᠰᠡᠯᠪᠢᠨ ᠵᠠᠰᠠᠬᠤ᠂ ᠴᠠᠬᠢᠯᠭᠠᠨ ᠬᠡᠷᠡᠭᠰᠡᠯ ᠢ ᠰᠡᠯᠪᠢᠨ | ᠵᠠᠰᠠᠬᠤ᠂ ᠮᠤᠷᠢ ᠲᠠᠬᠠᠯᠠᠬᠤ᠂ ᠡᠳᠤᠷ ᠲᠤᠳᠤᠮ ᠤᠨ ᠬᠡᠷᠡᠭᠰᠡᠯ᠂ ᠦᠢᠯᠡᠳᠪᠤᠷᠢᠯᠡᠯ ᠤᠨ ᠪᠠᠭᠠᠵᠢ ᠶᠢ ᠲᠡᠮᠤᠷ ᠢᠶᠠᠷ ᠬᠢᠭᠦ | ᠂ ᠦᠭᠡᠷ ᠤᠨ ᠠᠷᠠᠰᠤ ᠶᠢ ᠪᠤᠯᠪᠠᠰᠤᠷᠠᠭᠤᠯᠤᠨ ᠡᠳ᠋ᠰᠢᠭᠦᠯᠵᠤ ᠰᠤᠷ ᠡᠳ᠋ᠯᠡᠯ ᠪᠤᠯᠭᠠᠨ ᠨᠤᠭᠳᠤ ᠴᠢᠳᠤᠷ᠂ ᠡᠮᠡᠭᠡᠯ ᠤᠨ | ᠰᠤᠷ ᠡᠳ᠋ᠯᠡᠯ ᠬᠢᠭᠦ ᠪᠠ ᠢᠮᠠᠭᠠᠨ ᠠᠷᠠᠰᠤ ᠶᠢ ᠱᠤᠤᠯᠠᠵᠤ ᠡᠯᠳᠡᠭᠡᠳ ᠴᠠᠭᠠᠮᠠᠯ ᠠᠷᠠᠰᠤ᠂ ᠤᠳᠤᠮᠠᠯ ᠠᠷᠠᠰᠤ᠂ ᠢᠯᠭᠢᠨ | ᠠᠷᠠᠰᠤ ᠪᠤᠯᠭᠠᠵᠤ ᠲᠡᠪᠡᠯ ᠬᠤᠪᠴᠠᠰᠤᠨ ᠤ ᠮᠠᠲ᠋ᠧᠷᠢᠶᠠᠯ ᠪᠤᠯᠭᠠᠳᠠᠭ ᠪᠦᠭᠡᠳ ᠲᠤᠭᠤᠯ ᠪᠢᠷᠠᠭᠤ ᠶᠢᠨ ᠠᠷᠠᠰᠤ ᠶᠢ | ᠪᠢᠳᠡᠭᠦᠤ ᠪᠠᠷ ᠦᠪᠴᠢᠵᠤ᠂ ᠱᠤᠤᠯᠠᠵᠤ ᠡᠯᠳᠡᠭᠡᠳ ᠠᠷᠠᠰᠤᠨ ᠲᠤᠯᠤᠮ ᠬᠢᠵᠤ ᠤᠳᠤ ᠶᠢᠨ ᠵᠠᠯᠠᠭᠤ ᠪᠠᠭᠠᠴᠤᠳ ᠲᠤ | ᠤᠤᠭᠠᠯ ᠰᠤᠶᠤᠯ ᠤᠨ ᠭᠠᠶᠢᠬᠠᠮᠰᠢᠭ ᠢ ᠤᠯᠠᠮᠵᠢᠯᠠᠨ ᠮᠡᠳᠡᠭᠦᠯᠵᠤ ᠪᠠᠶᠢᠳᠠᠭ᠃ | ᠶᠠᠮᠠᠷ ᠴᠦ ᠶᠠᠭᠤᠮᠠᠨ ᠤ ᠲᠤᠨᠤ ᠶᠢ ᠤᠯᠬᠤ ᠳᠤ ᠬᠦᠴᠢᠷ ᠪᠠᠶᠢᠳᠠᠭ᠂ ᠨᠡᠩ ᠴᠦ ᠮᠡᠷᠭᠡᠵᠢᠯ ᠤᠨ ᠠᠵᠢᠯ ᠭᠡᠭᠴᠢ | ᠬᠦᠴᠢᠷ ᠠᠴᠠ ᠬᠦᠴᠢᠷ ᠪᠠᠶᠢᠳᠠᠭ ᠠᠵᠢ᠃ ᠭᠡᠪᠡᠴᠤ ᠨᠢᠭᠡᠨ ᠵᠦᠢᠯ ᠤᠨ ᠤᠷ᠎ᠠ ᠮᠡᠷᠭᠡᠵᠢᠯ ᠢ ᠡᠵᠡᠮᠰᠢᠭᠡᠳ ᠠᠪᠤᠭᠰᠠᠨ | ᠤ ᠰᠡᠭᠦᠯᠡᠷ ᠠᠰᠳᠠᠭᠠᠨ ᠶᠠᠮᠠᠷᠴᠤ ᠮᠡᠷᠭᠡᠵᠢᠯ ᠢ ᠡᠵᠡᠮᠰᠢᠬᠦ ᠳᠤ ᠠᠮᠠᠷᠬᠠᠨ ᠪᠤᠯᠳᠠᠭ ᠭᠡᠰᠡᠨ ᠢ ᠸᠠᠩᠵᠢᠯ ᠤᠨ | ᠦᠢᠯᠡᠳᠦᠯᠭᠡ ᠭᠡᠷᠡᠴᠢᠯᠡᠵᠤ ᠪᠠᠶᠢᠨ᠎ᠠ᠃ ᠲᠡᠷᠡ ᠲᠡᠭᠡᠷᠡᠬᠢ ᠮᠡᠷᠭᠡᠵᠢᠯ ᠢ ᠪᠤᠯᠪᠠᠰᠤᠷᠠᠩᠭᠤᠢ ᠡᠵᠡᠮᠰᠢᠭᠰᠡᠨ ᠮᠦᠷᠳᠡᠭᠡᠨ | ᠪᠠᠰᠠ ᠡᠨᠡᠭᠦ ᠰᠠᠭᠤᠷᠢᠨ ᠲᠡᠭᠡᠷ᠎ᠡ ᠪᠠᠨ ᠮᠦᠩᠭᠦᠨ ᠲᠠᠷᠬᠠᠨ ᠤ ᠮᠡᠷᠭᠡᠵᠢᠯ ᠢ ᠰᠤᠷᠴᠤ ᠡᠵᠡᠮᠰᠢᠨ ᠡᠮᠡᠭᠡᠯ ᠬᠠᠵᠠᠭᠠᠷ | ᠵᠠᠰᠠᠬᠤ᠂ ᠪᠦᠭᠡᠵᠢ᠂ ᠪᠠᠭᠤᠤ᠂ ᠡᠭᠡᠮᠤᠭ᠌ ᠵᠡᠷᠬᠡ ᠪᠦᠰᠡᠭᠦᠶᠢᠴᠤᠤᠯ ᠤᠨ ᠵᠠᠰᠠᠯ ᠵᠡᠮᠰᠡᠭ ᠢ ᠬᠢᠭᠦ ᠳᠤ ᠨᠡᠩ ᠴᠦ | ᠨᠠᠷᠢᠯᠢᠭ ᠮᠦᠷᠲᠡᠭᠡᠨ ᠤᠷᠠᠨ ᠲᠡᠮᠳᠡᠢ ᠪᠤᠯᠵᠠᠢ᠃ | ᠲᠡᠷᠡ ᠪᠠᠰᠠ ᠰᠢᠪᠠᠷ ᠰᠢᠷᠤᠢ ᠶᠢᠨ ᠭᠡᠷ ᠪᠠᠷᠢᠬᠤ᠂ ᠴᠢᠯᠠᠭᠤ ᠲᠤᠭᠤᠰᠬᠠᠨ ᠭᠡᠷ ᠪᠠᠷᠢᠬᠤ ᠮᠡᠷᠭᠡᠵᠢᠯ ᠳᠤ ᠴᠦ | ᠴᠠᠭᠠᠷᠠᠭᠰᠠᠨ ᠮᠦᠷᠲᠡᠭᠡᠨ ᠴᠢᠯᠠᠭᠤᠨ ᠲᠡᠭᠡᠷᠮ᠎ᠡ ᠶᠢ ᠠᠷᠯᠠᠨ ᠵᠠᠰᠠᠬᠤ᠂ ᠴᠢᠯᠠᠭᠤᠨ ᠪᠤᠯᠠᠭ᠎ᠠ ᠴᠠᠪᠴᠢᠬᠤ᠂ ᠢᠨᠳᠡᠷ ᠤᠨ | ᠴᠢᠯᠠᠭᠤ ᠴᠠᠪᠴᠢᠬᠤ᠂ ᠰᠠᠭᠤᠷᠢ ᠴᠢᠯᠠᠭᠤ ᠦᠢᠯᠡᠳᠬᠦ ᠵᠡᠷᠭᠡ ᠶᠢᠨ ᠮᠡᠷᠭᠡᠵᠢᠯ ᠤᠳ ᠢ ᠴᠦ ᠡᠵᠡᠮᠰᠢᠭᠰᠡᠨ ᠪᠠᠶᠢᠯ᠎ᠠ᠃ | ᠢᠩᠭᠢᠭᠰᠡᠨ ᠢᠶᠠᠷ ᠨᠤᠲᠤᠭ ᠤᠰᠤᠨ ᠤ ᠬᠢᠨ ᠲᠡᠭᠦᠨ ᠢ ᠪᠦᠷᠢᠨ ᠴᠢᠳᠠᠪᠤᠷᠢ ᠲᠠᠢ ᠤᠷᠠᠨ ᠲᠠᠷᠬᠠᠨ ᠭᠡᠵᠤ ᠲᠠᠭᠤᠳᠠᠬᠤ | ᠪᠤᠯᠤᠭᠰᠠᠨ ᠶᠤᠮ᠃ ᠤᠴᠢᠷ ᠨᠢ ᠲᠡᠷᠡ ᠮᠤᠳᠤ᠂ ᠴᠢᠯᠠᠭᠤ᠂ ᠮᠦᠩᠭᠦ ᠲᠡᠮᠤᠷ᠂ ᠠᠷᠠᠰᠤ ᠰᠢᠷᠢ᠂ ᠤᠩᠭᠠᠰᠤ ᠬᠢᠯᠭᠠᠰᠤ | ᠶᠢ ᠬᠦᠷᠳᠡᠯ᠎ᠡ ᠤᠷᠠᠨ ᠭᠠᠷ ᠤᠨ ᠡᠷᠳᠡᠮ ᠢᠶᠠᠷ ᠠᠮᠢᠯᠠᠭᠤᠯᠳᠠᠭ ᠪᠤᠯᠤᠭᠰᠠᠨ ᠤ ᠬᠢ ᠶᠤᠮ᠃ | ᠠᠵᠢᠯ ᠤᠨ ᠠᠮᠠᠷᠠᠯᠳᠠ ᠪᠠᠨ ᠠᠪᠤᠭᠰᠠᠨ ᠤ ᠲᠠᠷᠠᠭ᠎ᠠ ᠲᠡᠭᠦᠨ ᠳᠤ ᠨᠡᠩ ᠢᠯᠡᠭᠦᠤ ᠴᠠᠭ ᠲᠠᠢ ᠵᠠᠪ ᠲᠠᠢ | ᠪᠤᠯᠤᠭᠰᠠᠨ ᠢᠶᠠᠷ ᠲᠡᠭᠦᠨ ᠤ ᠡᠪᠦᠭᠡ ᠶᠢᠨ ᠦᠶ᠎ᠡ ᠠᠴᠠ ᠨᠢ ᠭᠡᠷᠡᠭᠯᠡᠵᠤ ᠪᠠᠶᠢᠭᠰᠠᠨ ᠨᠢᠭᠡᠯᠡ ᠮᠤᠳᠤ ᠪᠠᠷ ᠤᠷᠠᠯᠠᠨ | ᠰᠡᠶᠢᠯᠵᠤ ᠬᠢᠳᠡᠭ ᠡᠪᠬᠡᠮᠡᠯ ᠮᠤᠳᠤᠨ ᠲᠡᠷᠡ ᠳᠤ ᠮᠡᠷᠭᠡᠵᠢᠯ ᠤᠨ ᠲᠠᠯ᠎ᠠ ᠪᠠᠷ ᠦᠭᠡᠷᠡᠴᠢᠯᠡᠯᠳᠡ ᠰᠢᠨᠡᠴᠢᠯᠡᠯᠳᠡ ᠬᠢᠵᠤ᠂ | ᠬᠡᠯᠪᠡᠷᠢ ᠮᠠᠶ᠋ᠢᠭ ᠨᠢ ᠭᠤᠶᠤᠮᠰᠤᠭ᠂ ᠲᠡᠷᠡᠯᠡᠬᠦ ᠳᠤ ᠡᠪᠳᠡᠢ᠂ ᠬᠤᠷᠢᠶᠠᠵᠤ ᠬᠠᠳᠠᠭᠠᠯᠠᠬᠤ ᠳᠤ ᠲᠦᠭᠦᠮ᠂ ᠭᠠᠳᠠᠭᠰᠢ | ᠠᠪᠴᠤ ᠶᠠᠪᠤᠬᠤ ᠳᠤ ᠴᠡᠪᠡᠷ᠂ ᠴᠢᠨᠠᠷ ᠰᠠᠶᠢᠳᠠᠢ᠂ ᠨᠡᠭᠦᠳᠡᠯ ᠪᠠᠭᠤᠳᠠᠯ ᠤᠨ ᠬᠡᠷᠡᠭᠴᠡᠭᠡᠨ ᠳᠤ ᠲᠤᠬᠢᠷᠠᠭᠰᠠᠨ | ᠤᠯᠠᠮᠵᠢᠯᠠᠯ ᠰᠢᠨᠡᠴᠢᠯᠡᠯ ᠢ ᠤᠶᠠᠯᠳᠤᠭᠤᠯᠤᠭᠰᠠᠨ ᠡᠪᠬᠡᠮᠡᠯ ᠮᠤᠳᠤᠨ ᠲᠡᠷᠡ ᠪᠤᠯᠭᠠᠨ ᠰᠤᠳᠤᠯᠤᠨ ᠭᠠᠷᠭᠠᠭᠰᠠᠨ ᠪᠠᠶᠢᠨ᠎ᠠ | ᠃ ᠡᠨᠡᠬᠦ ᠲᠡᠷᠡ ᠮᠤᠳᠤ ᠶᠢ ᠬᠢᠭᠦ ᠳᠤ ᠴᠢᠨᠠᠷ ᠰᠠᠶᠢᠳᠠᠢ ᠴᠠᠭᠠᠨ ᠬᠤᠰᠤ᠂ ᠲᠤᠮᠤᠨ ᠮᠤᠳᠤ᠂ ᠦᠷᠢᠯ ᠤᠨ ᠮᠤᠳᠤ᠂ | ᠬᠠᠳᠠᠭᠤ ᠴᠠᠭᠠᠨ᠂ ᠰᠧᠨᠳᠡᠨ ᠮᠤᠳᠤ᠂ ᠬᠠᠶᠢᠯᠠᠰᠤᠨ ᠮᠤᠳᠤ ᠵᠡᠷᠭᠡ ᠶᠢ ᠬᠡᠷᠡᠭᠯᠡᠵᠤ᠂ ᠲᠠᠪᠬᠤᠷ ᠬᠡᠳᠡ ᠲᠡᠷᠡ᠂ ᠳ᠋ᠠᠩ | ᠬᠡᠳᠡ ᠲᠡᠷᠡ ᠭᠡᠬᠦ ᠮᠡᠳᠤ ᠪᠠᠷ ᠬᠡᠳᠤᠨ ᠶᠠᠩᠵᠤ ᠶᠢᠨ ᠤᠷ᠎ᠠ ᠮᠡᠷᠭᠡᠵᠢᠯ ᠢᠶᠠᠷ ᠬᠢᠳᠡᠭ᠃ ᠡᠭᠦᠨ ᠤ ᠪᠠᠨ ᠲᠠᠭᠠᠤ ᠳᠤ | ᠡᠷᠡᠭᠳᠡᠶᠢᠴᠤᠤᠯ ᠤᠨ ᠬᠡᠷᠡᠭᠯᠡᠳᠡᠭ ᠬᠦᠯ ᠲᠠᠢ ᠲᠦᠰᠢᠨ ᠲᠡᠷᠡ᠂ ᠬᠢᠳᠤᠭᠠᠨ ᠬᠤᠢ ︵ᠰᠢᠷᠭᠤᠭᠤᠯ ᠲᠠᠢ︶ ᠲᠠᠢ | ᠲᠦᠰᠢᠨ ᠲᠡᠷᠡ᠂ ᠡᠮᠡᠭᠳᠡᠶᠢᠴᠤᠳ ᠤᠨ ᠬᠡᠷᠡᠭᠯᠡᠳᠡᠭ ᠵᠢᠷᠤᠭ ᠰᠡᠶᠢᠯᠤᠮᠡᠯ ᠲᠠᠢ ᠬᠦᠨᠳᠡᠢ ᠲᠠᠢ ᠲᠦᠰᠢᠨ ᠲᠡᠷᠡ᠂ | ᠤᠨᠤᠭᠤ ᠲᠠᠢ ᠲᠦᠰᠢᠨ ᠲᠡᠷᠡ ᠭᠡᠬᠦ ᠮᠡᠳᠤ ᠶᠢᠨ ᠤᠯᠠᠨ ᠶᠠᠩᠵᠤ ᠶᠢᠨ ᠮᠤᠳᠤᠨ ᠲᠡᠷᠡ ᠶᠢ ᠰᠤᠳᠤᠯᠤᠨ ᠦᠢᠯᠡᠳᠴᠤ | ᠪᠠᠶᠢᠨ᠎ᠠ᠃ | ᠲᠡᠭᠡᠷᠡᠬᠢ ᠮᠡᠳᠤ ᠶᠢᠨ ᠡᠭᠦᠳᠤᠨ ᠪᠦᠳᠦᠭᠡᠯᠳᠡ ᠶᠢᠨ ᠰᠠᠭᠤᠷᠢᠨ ᠲᠡᠭᠡᠷ᠎ᠡ ᠪᠠᠨ ᠲᠡᠷᠡ ᠪᠠᠰᠠ 2016 ᠤᠨ | ᠳᠤ ᠨᠢᠭᠡ ᠪᠦᠬᠦᠯᠢ ᠪᠦᠮᠪᠦᠷᠢᠭᠡᠨ ᠮᠤᠳᠤ ᠪᠠᠷ ᠰᠡᠶᠢᠯᠪᠤᠷᠢᠯᠡᠵᠤ ᠭᠠᠷᠭᠠᠭᠰᠠᠨ ᠪᠤᠷᠬᠠᠨ ᠤ ᠲᠠᠬᠢᠯ ᠤᠨ ᠰᠢᠷᠡᠭᠡᠨ | ᠲᠡᠭᠡᠷ᠎ᠡ ᠲᠠᠯᠪᠢᠬᠤ ᠴᠡᠴᠡᠭ ᠤᠨ ᠲᠡᠯᠪᠢᠳᠤ ᠲᠠᠯᠪᠢᠭᠤᠷ ᠪᠠ ᠵᠤᠴᠢᠨ ᠤ ᠦᠷᠦᠭᠡᠨ ᠳᠤ ᠴᠡᠴᠡᠭ ᠲᠠᠯᠪᠢᠬᠤ | ᠰᠦᠯᠵᠢᠶᠡᠳᠤ ᠲᠠᠯᠪᠢᠭᠤᠷ ᠵᠡᠷᠭᠡ ᠶᠢ ᠰᠤᠳᠤᠯᠤᠨ ᠪᠦᠳᠦᠭᠡᠭᠰᠡᠨ ᠪᠠᠶᠢᠨ᠎ᠠ᠃ ᠤᠨᠴᠠᠭᠠᠶᠢᠯᠠᠨ ᠲᠡᠭᠦᠨ ᠤ ᠦᠢᠯᠡᠳᠤᠯᠭᠡ | ᠶᠢᠨ ᠲᠤᠮᠳᠠ ᠪᠠᠨ ᠰᠤᠳᠤᠯᠤᠨ ᠪᠦᠳᠦᠭᠡᠭᠰᠡᠨ ᠨᠠᠷᠢᠯᠢᠭ ᠶᠠᠭᠤᠮ᠎ᠠ ᠬᠢᠬᠦ ᠳᠤ ᠬᠡᠷᠡᠭᠯᠡᠬᠦ ᠨᠢᠭᠡᠨ ᠲᠦᠭᠦᠷ ᠪᠠᠭᠠᠵᠢ | ᠵᠡᠪᠰᠡᠭ᠂ ᠲᠠᠷᠤᠢ ᠵᠢᠵᠢᠭ ᠬᠢᠷᠤᠭᠡ ᠪᠠ ᠰᠤᠳᠠᠯ ᠤᠨ ᠬᠠᠷᠤᠭᠤᠯ ᠬᠤᠰᠤᠭᠤᠷ᠂ ᠪᠦᠮᠪᠦᠷᠢᠭᠡᠨ ᠮᠤᠳᠤᠨ ᠲᠡᠭᠡᠷ᠎ᠡ ᠦᠶ᠎ᠡ | ᠭᠠᠷᠭᠠᠬᠤ ᠬᠢᠳᠤᠭ᠎ᠠ᠂ ᠦᠷᠬᠡᠨ ᠬᠤᠪᠢᠬᠤᠨ ᠬᠠᠷᠠᠭᠤᠯ᠂ ᠪᠦᠮᠪᠦᠷᠢᠶᠡᠯᠡᠬᠦ ᠪᠠ ᠰᠤᠳᠠᠯ ᠭᠠᠷᠭᠠᠬᠤ ᠵᠢᠷᠦᠭᠡᠨ ᠠᠷᠠᠭᠠᠳᠤ | ᠬᠢᠳᠤᠭ᠎ᠠ᠂ ᠲᠦᠷᠪᠡᠨ ᠲᠠᠯᠠᠳᠠᠢ ᠰᠢᠪᠦᠭᠡ ᠵᠡᠷᠭᠡ ᠨᠢ ᠤᠯᠤᠰ ᠤᠨ ᠲᠤᠰᠬᠠᠢ ᠠᠰᠢᠭ ᠤᠨ ᠡᠷᠭᠡ ᠶᠢ ᠤᠯᠵᠠᠢ᠃ | ᠨᠤᠭᠤᠷᠠᠰᠢ ᠦᠭᠡᠢ ᠵᠤᠷᠢᠭ᠂ ᠴᠦᠭᠦᠷᠡᠰᠢ ᠦᠭᠡᠢ ᠴᠢᠷᠮᠠᠶᠢᠯᠭ᠎ᠠ ᠳᠤ ᠶᠡᠷᠤᠨᠢ ᠵᠠᠶᠢᠯᠠᠰᠢ ᠦᠭᠡᠢ ᠢᠷᠡᠬᠦ ᠠᠴᠢ | ᠬᠠᠷᠢᠭᠤᠯᠳᠠ ᠲᠠᠢ ᠪᠠᠶᠢᠳᠠᠭ᠃ ᠲᠠᠷᠠ ᠠᠷᠠᠳ ᠤᠨ ᠴᠡᠷᠢᠭ ᠲᠤ ᠪᠠᠶᠢᠬᠤ ᠳᠤ ᠪᠠᠨ ᠭᠤᠷᠪᠠᠳᠤᠭᠠᠷ ᠲᠡᠰ ᠤᠨ | ᠭᠠᠪᠢᠶᠠᠨ ᠲᠡᠮᠳᠡᠭ ᠢ ᠡᠩᠭᠡᠷ ᠲᠡᠭᠡᠷ᠎ᠡ ᠪᠠᠨ ᠭᠢᠯᠠᠯᠵᠠᠭᠤᠯᠵᠤ ᠪᠠᠶᠢᠭᠰᠠᠨ ᠪᠤᠯ ᠠᠵᠢᠯ ᠤᠨ ᠪᠠᠶᠢᠷᠢᠨ ᠳᠤ ᠪᠠᠶᠢᠬᠤ ᠳᠤ | ᠪᠠᠨ ᠬᠤᠰᠢᠭᠤ ᠰᠤᠮᠤᠨ ᠤ ᠱᠠᠩᠨᠠᠯ ᠬᠦᠬᠢᠭᠦᠯᠦᠯ ᠢ ᠤᠯᠠᠨᠳᠠ ᠬᠦᠷᠳᠡᠵᠤ᠂ ᠬᠠᠶᠠᠭᠠᠨ ᠲᠡᠭᠡᠷ᠎ᠡ ᠪᠠᠨ ᠳᠤᠯᠠᠯᠵᠠᠭᠤᠯᠵᠤ | ᠪᠠᠶᠢᠭᠰᠠᠨ᠃ 2003 ᠤᠨ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠤᠰᠬᠠᠢ ᠮᠡᠷᠭᠡᠵᠢᠯ ᠤᠨ | ᠬᠢᠷᠢ ᠭᠡᠮ ᠤᠨ ᠲᠤᠰᠠᠯᠠᠭᠴᠢ ᠢᠨᠵᠧᠨᠧᠷ ᠤᠨ ᠦᠨᠡᠮᠯᠡᠯ ᠢ ᠬᠦᠷᠳᠡᠵᠤ᠂ ᠮᠡᠷᠭᠡᠵᠢᠯᠳᠡᠨ ᠤ ᠲᠠᠩᠰᠠᠨ ᠳᠤ ᠨᠡᠷ᠎ᠡ ᠪᠠᠨ | ᠲᠡᠮᠳᠡᠭᠯᠡᠭᠦᠯᠵᠤ ᠪᠠᠶᠢᠭᠰᠠᠨ ᠪᠤᠯ 2017 ᠤᠨ ᠤ 8 ᠰᠠᠷ᠎ᠠ ᠳᠤ ᠤᠯᠠᠭᠠᠨᠬᠠᠳᠠ ᠬᠤᠳᠠ ᠶᠢᠨ ᠮᠤᠩᠭᠤᠯ | ᠦᠨᠳᠤᠰᠤᠳᠡᠨ ᠤ ᠪᠤᠳᠠᠰ ᠤᠨ ᠪᠤᠰᠤ ᠰᠤᠶᠤᠯ ᠤᠨ ᠦᠪ ᠤᠨ ᠲᠡᠯᠭᠡᠨ ᠦᠵᠡᠭᠦᠯᠭᠡ ᠳᠤ ᠮᠤᠩᠭᠤᠯ ᠭᠠᠷ ᠤᠷᠠᠯᠠᠯ | ᠤᠨ ᠪᠦᠳᠦᠭᠡᠭᠳᠡᠭᠦᠨ ᠤ ᠬᠤᠶᠠᠳᠤᠭᠠᠷ ᠲᠡᠰ ᠤᠨ ᠱᠠᠩᠨᠠᠯ ᠢ ᠲᠤᠰᠴᠤ ᠠᠯᠳᠠᠷ ᠨᠡᠷ᠎ᠡ ᠪᠠᠨ ᠲᠤᠳᠤᠷᠠᠭᠤᠯᠤᠭᠰᠠᠨ ᠶᠤᠮ | ᠃ ᠲᠡᠷᠡ ᠤᠳᠤ ᠠᠷᠤ ᠬᠤᠷᠴᠢᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ᠨᠡᠭᠦᠳᠡᠯ ᠰᠤᠶᠤᠯ ᠤᠨ | ᠤᠯᠠᠮᠵᠢᠯᠠᠯᠳᠤ ᠡᠪᠬᠡᠮᠡᠯ ᠮᠤᠳᠤᠨ ᠲᠡᠷᠡ ᠶᠢᠨ ᠤᠯᠠᠮᠵᠢᠯᠠᠭᠴᠢ ᠪᠠᠷ ᠤᠷᠮ᠎ᠠ ᠲᠠᠢ ᠵᠤᠷᠢᠭ ᠲᠠᠢ ᠡᠷᠳᠡᠮ ᠮᠡᠳᠡᠯᠭᠡ ᠪᠠᠨ | ᠤᠯᠠᠮᠵᠢᠯᠠᠵᠤ ᠪᠠᠶᠢᠨ᠎ᠠ᠃ ᠲᠡᠭᠦᠨ ᠤ ᠱᠠᠪᠢ ᠨᠠᠷ ᠠᠴᠠ ᠬᠡᠳᠤ ᠶᠢ ᠲᠤᠷᠠᠳᠪᠠᠯ ᠲᠡᠭᠦᠤ ᠪᠠᠳᠤᠪᠠᠶᠠᠷ᠂ ᠠᠴᠢ ᠭᠦᠤ | ᠴᠤᠭᠳᠤ ᠬᠤᠶᠠᠷ ᠨᠢ ᠪᠠᠶ᠋ᠬᠠᠦ᠋ᠨᠳᠦᠷ ᠰᠤᠮᠤᠨ ᠤ ᠮᠠᠨᠢᠳᠤ ᠭᠠᠴᠠᠭᠠᠨ ᠳᠤ ᠮᠤᠳᠤᠨ ᠲᠠᠷᠬᠠᠨ ᠤ ᠠᠵᠢᠯ ᠬᠢᠵᠤ᠂ | ᠪᠠᠶ᠋ᠬᠠᠦ᠋ᠨᠳᠤᠷ ᠰᠤᠮᠤᠨ ᠤ ᠰᠢᠪᠠᠷᠲᠠᠢ ᠭᠠᠴᠠᠭᠠᠨ ᠤ ᠱᠤᠸᠠᠩᠰᠢ᠂ ᠬᠤᠨᠳᠤ ᠪᠠᠯᠭᠠᠰᠤᠨ ᠤ ᠪᠠᠳᠤᠪᠠᠶᠠᠷ ᠨᠠᠷ ᠪᠦᠷ | ᠮᠤᠳᠤᠨ ᠲᠠᠷᠬᠠᠨ ᠤ ᠮᠡᠷᠭᠡᠵᠢᠯ ᠳᠤ ᠪᠠᠨ ᠨᠡᠯᠢᠶᠡᠳ ᠴᠠᠭᠠᠷᠠᠵᠤ᠂ ᠤᠷᠤᠨ ᠨᠤᠲᠤᠭ ᠲᠤ ᠪᠠᠨ ᠮᠡᠳᠡᠷᠡᠭᠳᠡᠭᠰᠡᠨ | ᠮᠤᠳᠤᠴᠢᠨ ᠪᠤᠯᠵᠠᠢ᠃ | ᠠᠮᠵᠢᠯᠳᠠ ᠪᠦᠳᠦᠭᠡᠯ ᠲᠠᠢ ᠬᠦᠮᠤᠨ ᠤ ᠠᠷᠤ ᠳᠤ ᠠᠯᠢ ᠤᠯᠠᠨ ᠦᠯᠢᠭᠡᠷ ᠪᠠᠶᠢᠳᠠᠭ ᠪᠤᠯᠪᠠᠴᠤ᠂ ᠠᠳᠡ | ᠲᠤᠷᠠᠳᠬᠤ ᠦᠭᠡᠢ ᠪᠠᠶᠢᠬᠤ ᠶᠢᠨ ᠠᠷᠭ᠎ᠠ ᠦᠭᠡᠢ ᠨᠢᠭᠡᠨ ᠬᠦᠮᠤᠨ ᠪᠤᠯ ᠲᠡᠭᠦᠨ ᠤ ᠬᠠᠶᠢᠷᠠᠳᠤ ᠪᠦᠰᠡᠭᠦᠢ | ᠠᠷᠢᠭᠤᠨᠴᠡᠴᠡᠭ ᠶᠤᠮ᠃ ᠲᠡᠷᠡ 1956 ᠤᠨ ᠳᠤ ᠪᠠᠶ᠋ᠬᠠᠦ᠋ᠨᠳᠦᠷ ᠰᠤᠮᠤᠨ ᠤ ᠮᠠᠨᠢᠳᠤ ᠭᠠᠴᠠᠭᠠᠨ ᠳᠤ ᠲᠦᠷᠤᠵᠠᠢ᠃ | ᠲᠤᠮᠳᠠᠳᠤ ᠵᠡᠷᠭᠡ ᠶᠢᠨ ᠲᠤᠰᠬᠠᠢ ᠮᠡᠷᠭᠡᠵᠢᠯ ᠤᠨ ᠰᠤᠷᠤᠯᠭ᠎ᠠ ᠶᠢᠨ ᠨᠠᠮᠳᠠᠷ ᠲᠠᠢ᠃ 1975 ᠤᠨ ᠳᠤ ᠪᠠᠶ᠋ᠬᠠᠦ᠋ᠨᠳᠤᠷ | ᠰᠤᠮᠤᠨ ᠳᠤ ᠠᠵᠢᠯ ᠤᠨ ᠭᠠᠷᠤᠭ᠎ᠠ ᠪᠠᠨ ᠠᠪᠴᠤ᠂ ᠤᠷᠢᠳ ᠬᠤᠵᠢᠳ ᠰᠤᠮᠤᠨ ᠤ ᠡᠪᠯᠡᠯ ᠤᠨ ᠬᠤᠷᠢᠶᠠᠨ ᠤ ᠱᠦᠵᠢ | ᠂ ᠡᠮᠡᠭᠳᠡᠶᠢᠴᠤᠳ ᠤᠨ ᠬᠤᠯᠪᠤᠭᠠᠳᠤ ᠬᠤᠷᠠᠯ ᠤᠨ ᠡᠷᠬᠢᠯᠡᠭᠴᠢ᠂ ᠰᠤᠷᠭᠠᠨ ᠬᠦᠮᠦᠵᠢᠯ ᠡᠷᠡᠭᠦᠯ ᠬᠠᠮᠠᠭᠠᠯᠠᠯ ᠤᠨ | ᠲᠤᠰᠠᠯᠠᠭᠴᠢ᠂ ᠨᠠᠮ ᠤᠨ ᠬᠤᠷᠢᠶᠠᠨ ᠤ ᠰᠠᠬᠢᠯᠭ᠎ᠠ ᠪᠠᠳᠤ ᠪᠠᠶᠢᠴᠠᠭᠠᠬᠤ ᠭᠡᠰᠢᠭᠦᠨ ᠵᠡᠷᠭᠡ ᠲᠤᠰᠢᠶᠠᠯ ᠡᠭᠦᠷᠭᠡᠯᠡᠵᠤ᠂ | 2011 ᠤᠨ ᠳᠤ ᠠᠵᠢᠯ ᠠᠴᠠ ᠪᠠᠨ ᠠᠮᠠᠷᠠᠭᠰᠠᠨ ᠶᠤᠮ᠃ ᠶᠠᠭᠤᠨ ᠳᠤ ᠵᠠᠪᠠᠯ ᠲᠤᠷᠠᠳᠬᠤ ᠪᠤᠢ ᠭᠡᠪᠡᠯ ᠡᠨᠡ | ᠬᠤᠶᠠᠷ ᠪᠤᠯ ᠡᠩ ᠤᠨ ᠬᠤᠶᠠᠷ ᠪᠢᠰᠢ᠂ ᠤᠬᠠᠭᠠᠨ ᠰᠠᠨᠠᠭ᠎ᠠ ᠬᠤᠤᠰᠯᠠᠵᠤ᠂ ᠤᠷ᠎ᠠ ᠮᠡᠷᠭᠡᠵᠢᠯ ᠲᠡᠩᠴᠡᠭᠰᠡᠨ ᠳᠤ ᠨᠢ | ᠪᠠᠶᠢᠭ᠎ᠠ᠃ ᠠᠷᠢᠭᠤᠨᠴᠡᠴᠡᠭ ᠬᠠᠷᠠᠬᠠᠨ ᠪᠠᠭ᠎ᠠ ᠠᠴᠠ ᠪᠠᠨ ᠦᠢᠯᠡ ᠤᠶᠤᠳᠠᠯ ᠳᠤ ᠤᠷᠠᠨ ᠪᠠᠶᠢᠵᠤ᠂ ᠠᠵᠢᠯ | ᠠᠮᠢᠳᠤᠷᠠᠯ ᠤᠨ ᠴᠢᠯᠦᠭᠡ ᠵᠠᠪ ᠢᠶᠠᠷ ᠢᠶᠠᠨ ᠲᠤᠷ᠎ᠠ ᠪᠠᠬ᠎ᠠ ᠲᠠᠢ ᠤᠶᠤᠳᠠᠯ ᠪᠠᠷᠢᠳᠠᠯ ᠢᠶᠠᠨ ᠶᠡᠷᠤᠨᠢ ᠬᠠᠶᠠᠭᠰᠠᠨ ᠦᠭᠡᠢ᠂ | ᠤᠨᠴᠠᠭᠠᠶᠢᠯᠠᠨ ᠠᠷᠤ ᠬᠤᠷᠴᠢᠨ ᠤ ᠠᠷᠪᠠᠨ ᠰᠤᠮᠤ ᠭᠤᠷᠪᠠᠨ ᠭᠤᠤᠯ ᠤᠨ ᠤᠯᠠᠮᠵᠢᠯᠠᠯᠳᠤ ᠮᠤᠩᠭᠤᠯ ᠬᠤᠪᠴᠠᠰᠤ | ᠵᠠᠰᠠᠯ ᠢ ᠤᠷᠠᠯᠠᠨ ᠤᠶᠤᠬᠤ ᠳᠤ ᠪᠠᠨ ᠨᠡᠷᠡᠳᠡᠢ ᠪᠠᠶᠢᠳᠠᠭ᠃ ᠲᠡᠭᠦᠨ ᠤ ᠤᠷᠠᠯᠠᠨ ᠤᠶᠤᠭᠰᠠᠨ ᠮᠤᠩᠭᠤᠯ ᠭᠤᠳᠤᠯ ᠨᠢ | ᠤᠯᠠᠭᠠᠨᠬᠠᠳᠠ ᠬᠤᠳᠠ ᠶᠢᠨ ᠪᠤᠳᠠᠰ ᠤᠨ ᠪᠤᠰᠤ ᠰᠤᠶᠤᠯ ᠤᠨ ᠦᠪ ᠤᠨ ᠦᠵᠡᠭᠦᠯᠦᠯᠭᠡ ᠳᠤ ᠮᠦᠨ ᠬᠤᠶᠠᠳᠤᠭᠠᠷ | ᠲᠡᠰ ᠤᠨ ᠱᠠᠩᠨᠠᠯ ᠢ ᠲᠤᠰᠤᠭᠰᠠᠨ ᠪᠠᠶᠢᠳᠠᠭ᠃ ᠡᠶᠢᠮᠤ ᠪᠠᠷ ᠢᠶᠠᠨ ᠸᠠᠩᠵᠢᠯ ᠤᠨ ᠤᠯᠤᠭᠰᠠᠨ ᠠᠮᠵᠢᠯᠳᠠ ᠪᠦᠳᠦᠭᠡᠯ | ᠨᠢ ᠲᠤᠷ᠎ᠠ ᠰᠤᠨᠢᠷᠬᠠᠯ ᠨᠢᠭᠡᠳᠡᠢ ᠠᠷᠢᠭᠤᠨᠴᠡᠴᠡᠭ ᠤᠨ ᠬᠢᠨᠢ ᠲᠤᠰᠠ ᠲᠡᠮ ᠲᠠᠢ ᠰᠢᠭᠤᠳ ᠬᠤᠯᠪᠤᠭ᠎ᠠ ᠲᠠᠢ ᠪᠠᠶᠢᠭ᠎ᠠ | ᠶᠢ ᠲᠤᠷᠠᠳᠬᠤ ᠦᠭᠡᠢ ᠪᠠᠶᠢᠬᠤ ᠶᠢᠨ ᠠᠷᠭ᠎ᠠ ᠦᠭᠡᠢ᠃ | |