ᠦᠨᠳᠤᠰᠤᠳᠡᠨ ᠤ ᠲᠡᠤᠬᠡ ᠰᠤᠶᠤᠯ ᠳᠠᠭᠠᠨ ᠬᠠᠶᠢᠷᠠᠳᠠᠢ ᠨᠤᠳᠤᠭ ᠤᠨ ᠨᠢᠭᠡᠨ ᠨᠠᠰᠤᠳᠠᠨ ︵ᠨᠢᠭᠡ︶
ᠨᠡᠶᠢᠲᠡᠯᠡᠭᠰᠡᠨ ᠴᠠᠭ᠄
2018/6/21
     ᠠ᠊ · ᠬᠤᠳᠤᠷᠠᠩᠭ᠎ᠠ ᠨᠠᠰᠤᠳᠠᠨ1930 ᠤᠨ ᠤ ᠴᠠᠭᠠᠨ ᠮᠤᠷᠢᠨ ᠵᠢᠯ ᠤᠨ 8 ᠰᠠᠷᠠᠶᠢᠨ 16 ᠤ ᠡᠳᠤᠷ᠂ ᠠᠷᠤ ᠬᠤᠷᠴᠢᠨ ᠬᠤᠰᠢᠭᠤᠨ ᠤ ᠪᠠᠶᠠᠨᠬᠤᠸᠠ ᠨᠤᠳᠤᠭ ᠤᠨ ᠤᠯᠠᠭᠠᠨᠰᠦ᠋ᠮ᠎ᠡ ᠠᠶᠢᠯ ᠤᠨ ᠠᠤᠬᠠᠨ ᠤ ᠵᠦᠷᠬᠢᠨ ᠠᠶᠢᠮᠠᠭ ᠤᠨ ᠭᠦᠸᠧ ᠤᠪᠤᠭᠳᠠᠨ ᠠᠰᠠᠷ᠂ ᠲᠢᠶᠠᠨᠰᠢᠶᠤᠤ ᠤᠨ ᠬᠦᠪᠡᠭᠦᠨ ᠪᠤᠯᠵᠦ ᠵᠠᠶᠠᠭᠠᠪᠠ ①᠃ ᠠ᠊᠂ ᠬᠤᠳᠤᠷᠠᠩᠭ᠎ᠠ ᠶᠢᠨ ᠤᠭ ᠨᠤᠳᠤᠭ ᠪᠤᠯ ᠤᠤᠯ ᠤᠨ ᠵᠤᠤ ᠤᠳᠠ ᠴᠢᠭᠤᠯᠭᠠᠨ ᠤ ᠠᠤᠬᠠᠨ ᠬᠤᠰᠢᠭᠤ ᠪᠤᠯᠬᠤ ᠶᠤᠮ᠃ ᠨᠡᠶᠢᠳᠡ ᠶᠢᠨ ᠤᠨ ᠲᠤᠭᠠᠯᠠᠯ ᠤᠨ 1891 ᠤᠨ ᠳᠤ ᠠᠤᠬᠠᠨ ᠬᠤᠰᠢᠭᠤᠨ ᠳᠤ ︽ᠤᠯᠠᠭᠠᠨ ᠮᠠᠯᠠᠭᠠᠶᠢᠳᠠᠨ ᠤ ᠤᠷᠪᠠᠯᠭᠠᠨ︾ ᠡᠭᠦᠰᠴᠦ᠂ ᠤᠷᠪᠠᠯᠭᠠᠨ ᠤ ᠲᠦᠷᠤᠭᠦᠤ ᠶᠠᠩ ᠶᠤᠸᠠᠢ ᠴᠦᠨ ᠭᠡᠳᠡᠭ ᠬᠦᠮᠤᠨ ︽ ᠶᠢᠨ ᠳ᠋ᠠᠨ ᠳ᠋ᠤᠤ︾᠂ ︽ᠡᠤ ᠱᠧᠩ ᠵᠢᠶᠤᠤ︾᠂ ︽ᠽᠠᠢ ᠯᠢ ᠵᠢᠶᠤᠤ︾ ᠵᠡᠷᠭᠡ ᠱᠠᠰᠢᠨ ᠤ ᠨᠢᠭᠤᠴᠠ ᠵᠤᠬᠢᠶᠠᠨ ᠪᠠᠶᠢᠭᠤᠯᠤᠯᠳᠠ ᠶᠢ ᠪᠠᠶᠢᠭᠤᠯᠵᠦ᠂ ︽ᠤᠷᠪᠠᠯᠭᠠᠨ︾ ᠭᠠᠷᠭᠠᠭᠰᠠᠨ ᠪᠠᠶᠢᠨ᠎ᠠ᠃ ᠤᠷᠪᠠᠯᠭᠠᠨ ᠳᠤ ᠤᠷᠤᠯᠴᠠᠭᠰᠠᠨ ᠬᠦᠮᠤᠰ ᠤᠯᠠᠭᠠᠨ ᠪᠦᠰ  ᠢᠶᠠᠷ ᠲᠤᠯᠤᠭᠠᠢ ᠪᠠᠨ ᠤᠷᠢᠶᠠᠳᠠᠭ ᠲᠤᠯᠠ ᠮᠤᠩᠭᠤᠯᠴᠤᠳ ᠲᠡᠷᠡᠬᠦ ᠬᠡᠷᠡᠭ ᠶᠠᠪᠤᠳᠠᠯ ᠢ ︽ᠤᠯᠠᠭᠠᠨ ᠮᠠᠯᠠᠭᠠᠶᠢᠳᠠᠨ ᠤ ᠤᠷᠪᠠᠯᠭᠠᠨ︾ ᠭᠡᠳᠡᠭ ᠶᠤᠮ ②᠃ ᠠ᠊ · ᠬᠤᠳᠤᠷᠠᠩᠭ᠎ᠠ ᠪᠠᠭᠰᠢ ᠶᠢᠨ ᠲᠡᠭᠡᠳᠤᠰ ᠪᠤᠯᠬᠤ ᠭᠦᠸᠧ ᠵᠠᠬᠢᠷᠤᠭᠴᠢ ᠵᠡᠷᠭᠡ 81 ᠬᠦᠮᠤᠨ ᠤᠷᠪᠠᠯᠭᠠᠨ ᠤ ᠲᠤᠮᠳᠠ ᠠᠶᠤᠯ ᠲᠦᠭᠰᠢᠭᠦᠷᠢ ᠳᠤ ᠤᠴᠠᠷᠠᠵᠦ᠂ ᠠᠮᠢ ᠨᠠᠰᠤ ᠪᠠᠨ ᠠᠯᠳᠠᠭᠠᠳ᠂ ᠭᠠᠯ ᠭᠤᠯᠤᠮᠳᠠ ᠨᠢ ᠬᠠᠷᠠᠯᠠᠬᠤ ᠳᠤ ᠲᠤᠯᠤᠭᠠᠳ᠂ ᠪᠡᠭᠡᠵᠢᠩ ᠤᠨ ᠨᠠᠶᠢᠷᠠᠮᠳᠠᠯ ᠨᠠᠶᠢᠷᠠᠮᠳᠠᠬᠤ ᠰᠦᠮ᠎ᠡ ᠳᠤ ᠨᠤᠮ ᠪᠢᠰᠢᠯᠭᠠᠯ ᠬᠢᠵᠦ ᠪᠠᠶᠢᠭᠰᠠᠨ ᠵᠢᠷᠭᠤᠳᠤᠭᠠᠷ ᠡᠪᠦᠭᠡ ︵ᠪᠯᠠᠮ᠎ᠠ︶ ᠪᠠᠨ ᠡᠷᠢᠵᠦ ᠠᠮᠢᠳᠤᠷᠠᠯ ᠤᠨ ᠵᠠᠮ ᠡᠷᠢᠯᠬᠢᠯᠡᠬᠦ ᠳᠤ᠂ ᠲᠤᠯᠤᠳᠤᠭᠠᠷ ᠡᠪᠦᠭᠡ ᠤᠨᠳᠤᠷᠬᠤ ᠶᠢ ᠨᠢ ︽ᠬᠦᠳᠡᠭᠡᠯᠡᠨ ᠠᠮᠢᠳᠤᠷᠠᠭᠠᠷᠠᠢ︾ ᠭᠡᠵᠦ ᠬᠡᠯᠡᠭᠰᠡᠨ ᠢᠶᠠᠷ᠂ ᠵᠠᠷᠤᠳ ᠤᠨ ᠶᠡᠭᠡ ᠲᠠᠯ᠎ᠠ ᠳᠤ ᠢᠷᠡᠵᠦ ᠠᠶᠢᠯ ᠪᠤᠯᠤᠨ ᠠᠮᠤᠷ ᠠᠮᠤᠭᠤᠯᠠᠩ ᠰᠠᠭᠤᠵᠦ ᠪᠠᠶᠢᠳᠠᠯ᠎ᠠ 1907 ᠤᠨ ᠳᠤ ᠺᠠᠶᠢᠯᠦ ᠰᠢᠶᠠᠨ ᠢ ᠪᠠᠶᠢᠭᠤᠯᠵᠦ᠂ ᠴᠡᠷᠢᠭ ᠤᠨ ᠡᠷᠬᠡᠳᠡᠨ ᠰᠠᠮᠠᠭᠤᠨ ᠴᠡᠷᠢᠭ ᠡᠳᠤᠷ ᠨᠢ ᠤᠯᠤᠰ ᠤᠨ ᠴᠡᠷᠢᠭ ᠢᠶᠠᠷ ᠠᠭᠠᠪᠤᠷᠢᠯᠠᠵᠦ᠂ ᠦᠳᠡᠰᠢ ᠰᠦᠨᠢ ᠲᠡᠭᠡᠷᠡᠮ ᠲᠤᠨᠤᠭ᠎ᠠ ᠬᠢᠵᠦ ᠲᠤᠶᠢᠪᠡᠯᠭᠡ ᠰᠠᠮᠠᠭᠤᠷᠠᠯ ᠪᠤᠯᠤᠭᠰᠠᠨ᠎ᠠ᠂ ᠠᠶᠤᠯ ᠲᠦᠭᠰᠢᠭᠦᠷᠢ ᠠᠴᠠ ᠵᠠᠶᠢᠯᠠᠵᠦ ᠠᠮᠤᠷ ᠲᠠᠶᠢᠪᠤᠩ ᠢ ᠬᠦᠰᠡᠨ᠂ 1929 ᠤᠨ ᠳᠤ ᠠᠷᠤ ᠬᠤᠷᠴᠢᠨ ᠳᠤ ᠬᠦᠷᠴᠦ ᠢᠷᠡᠭᠡᠳ᠂ ᠬᠤᠰᠢᠭᠤᠨ ᠸᠠᠩ ᠸᠠᠩᠴᠢᠨᠫᠧᠷᠯᠠᠢ ᠶᠢᠨ ᠬᠡᠰᠢᠭ ᠢ ᠬᠦᠷᠳᠡᠵᠦ᠂ ᠡᠯᠪᠡᠷᠢᠯ ᠵᠦᠪᠰᠢᠶᠡᠷᠡᠯ ᠢ ᠤᠯᠤᠭᠠᠳ᠂ ᠸᠠᠩ ᠤᠨ ᠲᠠᠬᠢᠯᠭᠠᠳᠤ ᠪᠠᠶᠠᠠᠪᠤᠷᠤᠯᠵᠢ ᠬᠠᠨ ᠠᠭᠤᠯᠠ ᠶᠢᠨ ᠡᠩᠭᠡᠷ ᠲᠠᠬᠢ ᠤᠯᠠᠭᠠᠨᠰᠦ᠋ᠮ᠎ᠡ ᠶᠢᠨ ᠠᠶᠢᠯ ᠳᠤ ᠬᠦᠯ ᠲᠤᠭᠳᠠᠨ ᠠᠮᠢᠳᠤᠷᠠᠪᠠ᠃      ᠨᠢᠭᠡ᠂ ᠠᠷᠠᠳᠴᠢᠯᠠᠯ ᠤᠨ ᠬᠤᠪᠢᠰᠬᠠᠯ ᠳᠤ ᠤᠷᠤᠯᠴᠠᠭᠰᠠᠨ ᠨᠢ      ᠠ᠊ · ᠬᠤᠳᠤᠷᠠᠩᠭ᠎ᠠ ᠪᠠᠭᠰᠢ 1945 ᠤᠨ ᠤ ᠡᠪᠤᠯ ᠬᠤᠨᠳᠤ ᠨᠤᠳᠤᠭ ᠠᠴᠠ ᠰᠠᠯᠭᠠᠵᠦ᠂ ᠰᠢᠨ᠎ᠡ ᠪᠠᠷ ᠪᠠᠶᠢᠭᠤᠯᠤᠭᠰᠠᠨ ᠪᠠᠶᠠᠨᠬᠤᠸᠠ ᠨᠤᠳᠤᠭ ᠲᠤ ᠬᠤᠪᠢᠰᠬᠠᠯ ᠤᠨ ᠠᠵᠢᠯ ᠳᠤ ᠤᠷᠤᠯᠴᠠᠵᠦ᠂ 1947 ᠤᠨ ᠳᠤ ᠠᠷᠠᠳᠴᠢᠯᠠᠭᠰᠠᠨ ᠬᠤᠪᠢᠰᠬᠠᠯ ᠳᠤ ᠤᠷᠤᠯᠴᠠᠨ᠂ ᠠᠷᠪᠠᠨ ᠬᠡᠳᠤᠨ ᠨᠠᠰᠤᠨ ᠠᠴᠠ ᠪᠠᠨ ᠠᠭᠳᠠ ᠮᠤᠷᠢ ᠤᠨᠤᠵᠦ ᠴᠢᠳᠠᠬᠤ ᠦᠬᠡᠢ ᠪᠠᠶᠢᠭᠰᠠᠨ ᠴᠦ ᠠᠬᠠᠮᠠᠳ ᠨᠠᠷ ᠢ ᠲᠠᠭᠠᠵᠦ᠂ ᠠᠶᠤᠯ ᠪᠠᠷᠳᠠᠭ᠎ᠠ ᠬᠦᠴᠢᠷ ᠪᠡᠷᠬᠡᠰᠢᠶᠡᠯ ᠢ ᠬᠠᠶᠢᠬᠤᠷᠤᠯ ᠦᠬᠡᠢ᠂ ᠠᠭᠤᠤ ᠬᠤᠪᠢᠰᠬᠠᠯ ᠤᠨ ᠲᠡᠮᠡᠴᠡᠯ ᠳᠤ ᠰᠢᠭᠤᠷᠮᠠᠬᠠᠶᠢᠯᠠᠵᠦ ᠪᠠᠶᠢᠪᠠ᠃ ᠲᠡᠷᠡ ᠦᠶ᠎ᠡ ᠳᠤ ᠭᠤᠤᠯᠳᠠᠭᠤ ᠴᠧᠩᠳᠧ ᠳᠤ ᠪᠤᠯᠤᠭᠰᠠᠨ ︽4᠂3︾ ᠶᠢᠨ ᠬᠤᠷᠠᠯ ᠤᠨ ᠵᠤᠷᠢᠭ ᠰᠠᠨᠠᠭ᠎ᠠ ᠪᠠᠷ ᠦᠪᠤᠷ ᠮᠤᠩᠭᠤᠯ ᠤᠨ ᠦᠪᠡᠷᠳᠡᠭᠡᠨ ᠵᠠᠰᠠᠬᠤ ᠬᠦᠳᠡᠯᠭᠡᠭᠡᠨ ᠤ ᠬᠤᠯᠪᠤᠭᠠᠳᠤ ᠬᠤᠷᠠᠯ ᠤᠨ ᠠᠷᠤ ᠬᠤᠷᠴᠢᠨ ᠬᠤᠰᠢᠭᠤᠨ ᠤ ᠰᠠᠯᠪᠤᠷᠢ ᠬᠤᠷᠠᠯ ᠤᠨ ᠵᠢᠯᠤᠭᠤᠳᠤᠯᠭ᠎ᠠ ᠲᠤᠤᠷ᠎ᠠ ᠬᠤᠨᠳᠤ᠂ ᠰᠢᠷᠠᠳᠠᠯ᠎ᠠ᠂ ᠤᠯᠠᠭᠠᠨᠬᠠᠳᠠ᠂ ᠪᠠᠶᠠᠨᠬᠤᠸᠠ᠂ ᠪᠠᠯᠴᠢᠷᠤᠳ᠂ ᠲᠢᠶᠠᠨᠱᠠᠨᠺᠸᠦ᠂ ᠲᠤᠤᠳᠠᠨ᠂ ᠲᠢᠪᠤᠯᠢ ᠁ᠵᠡᠷᠭᠡ ᠨᠤᠳᠤᠭ ᠴᠢᠤᠢ ᠳᠤ ᠬᠤᠪᠢᠶᠠᠷᠢ ᠬᠤᠷᠠᠯ ᠪᠠᠶᠢᠭᠤᠯᠵᠦ᠂ ᠭᠠᠵᠠᠷ ᠰᠢᠷᠤᠢ ᠶᠢᠨ ᠬᠤᠪᠢᠰᠬᠠᠯ ᠢ ᠦᠷᠨᠢᠭᠦᠯᠬᠦ᠂ ᠰᠦᠮ᠎ᠡ ᠬᠡᠶᠢᠳ ᠤᠨ ᠭᠡᠭᠡᠨ ᠰᠠᠩ ᠢ ᠴᠡᠪᠡᠷᠯᠡᠨ ᠪᠤᠳᠤᠬᠤ᠂ ᠹᠸᠤᠳᠠᠯ ᠬᠦᠷᠤᠩᠬᠡᠳᠡᠨ  ᠤ ᠮᠦᠯᠵᠢᠯ ᠤᠨ ᠪᠠᠶᠢᠭᠤᠯᠤᠯ ᠢ ᠤᠰᠠᠳᠬᠠᠵᠦ᠂ ᠬᠦᠳᠡᠯᠮᠤᠷᠢᠴᠢᠨ ᠠᠷᠠᠳ ᠲᠦᠮᠠᠨ ᠳᠤ ᠡᠷᠬᠡ ᠴᠢᠯᠦᠭᠡ ᠤᠯᠭᠤᠬᠤ ᠵᠡᠷᠭᠡ ᠬᠦᠳᠡᠯᠭᠡᠭᠡᠨ ᠢ ᠦᠷᠨᠢᠭᠦᠯᠵᠦ ᠪᠠᠶᠢᠵᠠᠢ᠃ ᠡᠶᠢᠮᠤ ᠠᠴᠠ ᠠ᠊ · ᠬᠤᠳᠤᠷᠠᠩᠭ᠎ᠠ ᠶᠢᠨ ᠲᠤᠬᠠᠢ ᠶᠢᠨ ᠦᠶ᠎ᠡ ᠶᠢᠨ ᠠᠵᠢᠯᠯᠠᠬᠤ ᠠᠩᠬᠢ ᠶᠢᠨ ᠲᠤᠬᠢᠷᠠᠭᠤᠯᠤᠭᠰᠠᠨ ᠭᠠᠵᠠᠷ ᠨᠢ ᠪᠠᠯᠴᠢᠷᠤᠳ ᠨᠤᠳᠤᠭ ᠤᠨ ᠵᠡᠭᠦᠨ ᠴᠠᠭᠠᠨᠨᠠᠭᠤᠷ ᠤᠨ ᠠᠶᠢᠯ ᠪᠤᠯᠤᠨ ᠤᠳᠤᠬᠢ ᠪᠠᠬᠢ᠂ ᠤᠷᠪᠤᠭ᠂ ᠲᠤᠮᠳᠠ ᠨᠠᠭᠤᠷ᠂ ᠲᠦᠩᠰᠢ ᠵᠡᠷᠭᠡ ᠲᠤᠯᠤᠭᠠᠨ ᠭᠠᠴᠠᠭ᠎ᠠ ᠪᠠᠭᠳᠠᠵᠦ ᠪᠠᠶᠢᠪᠠ᠃ ᠲᠤᠮᠳᠠ ᠨᠠᠭᠤᠷ ᠤᠨ ᠵᠠᠩᠭᠤᠳᠤ ᠶᠢᠨ ᠠᠶᠢᠯ ᠪᠤᠯ ᠤᠤᠯ ᠤᠨ ᠬᠠᠭᠤᠷᠮᠠᠭ ᠮᠠᠨᠵᠦ ᠶᠢᠨ ᠨᠤᠳᠤᠭ ᠤᠨ ᠲᠠᠷᠤᠭ᠎ᠠ ᠤᠳᠽᠡᠷ ᠤᠨ ᠰᠠᠭᠤᠵᠦ ᠪᠠᠶᠢᠭᠰᠠᠨ ᠠᠶᠢᠯ ᠪᠤᠯᠬᠤ ᠪᠦᠭᠡᠳ᠂ ᠤᠳᠽᠡᠷ ᠭᠡᠳᠡᠭ ᠬᠦᠮᠤᠨ ᠲᠤᠶᠢᠯ ᠤᠨ ᠬᠠᠷᠬᠢᠰ ᠬᠡᠷᠴᠡᠬᠡᠢ ᠪᠠᠶᠠᠨ᠂ ᠢᠵᠠᠭᠤᠷᠳᠠᠨ ᠪᠤᠯᠬᠤᠷ ᠦᠪᠤᠷ ᠮᠤᠩᠭᠤᠯ ᠤᠨ ᠦᠪᠡᠷᠳᠡᠭᠡᠨ ᠵᠠᠰᠠᠬᠤ ᠬᠦᠳᠡᠯᠭᠡᠭᠡᠨ ᠤ ᠬᠤᠯᠪᠤᠭᠠᠳᠤ ᠬᠤᠷᠠᠯ ᠤᠨ ᠠᠷᠤ ᠬᠤᠷᠴᠢᠨ ᠬᠤᠰᠢᠭᠤᠨ ᠤ ᠰᠠᠯᠪᠤᠷᠢ ᠬᠤᠷᠠᠯ ᠤᠨ ᠡᠷᠬᠢᠯᠡᠭᠴᠢ᠂ 35 ᠳ᠋ᠤᠭᠠᠷ ᠬᠤᠷᠢᠶ᠎ᠠ ᠶᠢᠨ ᠤᠯᠤᠰ ᠲᠦᠷᠦ ᠶᠢᠨ ᠬᠡᠰᠢᠭᠦᠨ ᠲᠤᠪᠴᠢᠨᠪᠠᠯᠵᠤᠤᠷ ᠢ ᠬᠤᠤᠷᠯᠠᠬᠤ ᠠᠵᠢᠯᠯᠠᠭᠠᠨ ᠳᠤ ᠢᠳᠡᠪᠬᠢᠳᠠᠢ ᠤᠷᠤᠯᠴᠠᠵᠦ ᠪᠠᠶᠢᠭᠰᠠᠨ ᠪᠦᠭᠡᠳ ᠠᠷᠪᠠᠩᠭ᠎ᠠ ᠶᠢ ᠲᠠᠭᠠᠵᠦ ᠤᠷᠪᠠᠭᠠᠳ 1947 ᠤᠨ ᠤ 2 ᠰᠠᠷᠠᠶᠢᠨ 26 ᠤ ᠡᠳᠤᠷ᠂ ᠲᠤᠮᠳᠠᠳᠤ ᠤᠯᠤᠰ ᠤᠨ ᠠᠷᠠᠳ ᠤᠨ ᠴᠢᠯᠤᠭᠡᠯᠡᠬᠦ ᠴᠡᠷᠢᠭ ᠺᠠᠶᠢᠯᠤ ᠶᠢ ᠴᠢᠯᠤᠭᠡᠯᠡᠬᠦ ᠳᠤ ᠦᠪᠡᠷ ᠤᠨ ᠪᠡᠶ᠎ᠡ  ᠪᠠᠨ ᠰᠧᠯᠢᠩ ᠡᠷᠭᠦᠮᠵᠢᠯᠡᠭᠰᠡᠨ ᠡᠯᠳᠡᠩᠭᠡ ᠲᠠᠢ ᠴᠤᠭ ᠨᠢᠢᠮᠠᠨ ᠵᠠᠮ ᠤᠨ ᠴᠡᠷᠢᠭ ᠤᠨ ᠤᠯᠵᠠᠯᠠᠭᠰᠡᠳ ᠪᠤᠯᠤᠭᠰᠠᠨ ᠪᠢᠯᠠ᠃ ᠡᠶᠢᠮᠤ ᠠᠴᠠ ᠪᠠᠯᠴᠢᠷᠤᠳ ᠨᠤᠳᠤᠭ ᠤᠨ ᠠᠷᠠᠳᠴᠢᠯᠠᠯᠳᠤ ᠬᠤᠪᠢᠰᠬᠠᠯ ᠤᠨ ᠭᠠᠯ ᠢ ᠠᠳᠡ ᠠᠴᠠ ᠬᠦᠭᠵᠢᠭᠡᠬᠦ ᠪᠠᠷ ᠪᠤᠯᠪᠠ᠃      ᠪᠠᠯᠴᠢᠷᠤᠳ ︵ᠴᠠᠭᠠᠨᠨᠠᠭᠤᠷ︶ ᠤᠨ ᠠᠵᠢᠯᠯᠠᠬᠤ ᠪᠦᠯᠬᠦᠮ ᠢ ᠲᠤᠬᠠᠢ ᠶᠢᠨ ᠦᠶ᠎ᠡ ᠶᠢᠨ ᠬᠤᠰᠢᠭᠤᠨ ᠲᠠᠷᠤᠭ᠎ᠠ ᠰᠤᠳᠨᠡᠮᠲᠤᠪ ᠬᠢᠭᠡᠳ ᠬᠤᠰᠢᠭᠤᠨ ᠤ ᠮᠠᠯᠴᠢᠨ ᠲᠠᠷᠢᠶᠠᠴᠢᠨ ᠤ ᠡᠪᠯᠡᠯ ᠤᠨ ᠡᠷᠬᠢᠯᠡᠭᠴᠢ ᠯᠢ ᠲᠠᠩ ᡁᠢ ᠬᠠᠷᠢᠭᠤᠴᠠᠵᠦ ᠂ ᠵᠡᠭᠦᠨ ᠨᠠᠭᠤᠷ ᠭᠠᠴᠠᠭᠠᠨ ᠳᠤ ᠱᠠᠵᠢᠨᠲᠡᠯᠭᠡᠷ᠂ ᠪᠠᠶᠠᠩᠭ᠎ᠠ᠂ ᠯᠢᠩᠬᠤᠸ᠎ᠠ᠂ ᠠ᠊ · ᠬᠤᠳᠤᠷᠠᠩᠭ᠎ᠠ ᠲᠦᠷᠪᠡᠭᠦᠯᠡ ᠶᠢ ᠲᠤᠮᠢᠯᠠᠨ ᠠᠵᠢᠯᠯᠠᠭᠤᠯᠪᠠ᠃ ᠲᠤᠰ ᠭᠠᠴᠠᠭ᠎ᠠ ᠪᠠᠷ ᠴᠢᠭ᠋ ᠪᠤᠯᠭᠠᠵᠦ᠂ ᠡᠨᠡᠬᠦ ᠠᠵᠢᠯᠯᠠᠬᠤ ᠲᠤᠭᠤᠶᠢᠯᠠᠩ ᠤᠨ ᠬᠦᠴᠦᠨ ᠮᠡᠬᠦᠰᠳᠡᠬᠦ ᠪᠤᠯᠪᠠᠤ ᠬᠡᠮᠡᠨ ᠪᠠᠷᠠᠭᠤᠨ ᠴᠠᠭᠠᠨᠨᠠᠭᠤᠷ ᠤᠨ ᠠᠵᠢᠯᠯᠠᠬᠤ ᠲᠤᠭᠤᠶᠢᠯᠠᠩ ᠤᠨ ᠲᠠᠢ ᠴᠢ ᠡᠤ᠂ ᠰᠡᠷᠭᠦᠯᠡᠩ ᠢ ᠴᠦ ᠲᠠᠳᠠᠵᠦ ᠠᠪᠤᠭᠠᠴᠢᠭᠰᠠᠨ ᠶᠤᠮ᠃ ᠤᠯᠠᠨ ᠲᠦᠮᠡᠨ ᠢ ᠲᠠᠶᠢᠴᠢᠯᠠᠬᠤ ᠠᠵᠢᠯ ᠰᠠᠷ᠎ᠠ ᠢᠯᠡᠭᠦᠤ ᠶᠠᠪᠤᠭᠳᠠᠵᠦ᠂ ᠠᠩᠬᠢ ᠶᠢᠨ ᠡᠩᠨᠡᠭᠡ ᠦᠨᠳᠤᠰᠤᠨ ᠳᠡᠭᠡᠨ ᠲᠤᠳᠤᠷᠬᠠᠢ ᠪᠤᠯᠪᠠ᠃ 1947 ᠤᠨ ᠤ ᠨᠠᠮᠤᠷ᠂ ᠪᠦᠬᠦ ᠨᠤᠳᠤᠭ ᠤᠨ ᠤᠯᠠᠨ ᠲᠦᠮᠡᠨ ᠤ ᠶᠡᠭᠡ ᠬᠤᠷᠠᠯ ᠲᠡᠭᠡᠷ᠎ᠡ ᠤᠳᠽᠡᠷ ᠤᠨ ᠦᠪ ᠬᠦᠷᠦᠩᠭᠡ ᠶᠢ ᠨᠢ ᠬᠤᠷᠢᠶᠠᠮᠵᠢᠯᠠᠵᠦ᠂ ᠲᠡᠭᠦᠨ ᠤ ᠡᠬᠡᠨᠡᠷ ᠯᠠᠰᠤᠭᠮ᠎ᠠ ᠶᠢ ᠪᠦᠬᠦ ᠨᠤᠳᠤᠭ ᠢᠶᠠᠷ ᠢᠶᠠᠨ ᠲᠡᠮᠡᠴᠡᠬᠦ ᠲᠤᠷᠰᠢᠯᠳᠠ ᠶᠢᠨ ᠶᠡᠭᠡ ᠬᠤᠷᠠᠯ ᠢ ᠵᠡᠭᠦᠨ ᠴᠠᠭᠠᠨᠨᠠᠭᠤᠷ  ᠤᠨ ᠲᠠᠯ᠎ᠠ ᠶᠢᠨ ᠠᠶᠢᠯ ᠳᠤ ᠬᠢᠬᠦ ᠪᠠᠷ ᠴᠠᠭ ᠡᠳᠤᠷ ᠪᠤᠯᠵᠤᠪᠠ᠃ ᠲᠡᠷᠡ ᠦᠶ᠎ᠡ ᠳᠤ ᠵᠡᠭᠦᠨ ᠨᠠᠭᠤᠷ ᠤᠨ ᠠᠶᠢᠯ ᠨᠢ ᠪᠠᠯᠴᠢᠷᠤᠳ ᠨᠤᠳᠤᠭ ᠤᠨ ᠴᠢᠭ ᠪᠤᠯᠭᠠᠨ ᠠᠳᠬᠤᠵᠦ ᠪᠠᠶᠢᠭᠰᠠᠨ ᠭᠠᠵᠠᠷ ᠤᠷᠤᠨ ᠪᠤᠯᠬᠤ ᠲᠤᠯᠠ 1947 ᠤᠨ ᠤ 8 ᠰᠠᠷ᠎ᠠ ᠶᠢᠨ ᠰᠡᠭᠦᠯᠴᠢ ᠪᠠᠷ ᠪᠠᠯᠴᠢᠷᠤᠳ ᠨᠤᠳᠤᠭ ᠤᠨ ᠡᠯ᠎ᠡ ᠭᠠᠴᠠᠭᠠᠨ ᠤ ᠢᠳᠡᠪᠬᠢᠳᠡᠨ ᠨᠠᠷ ᠢ ᠵᠠᠭᠦᠨ ᠴᠠᠭᠠᠨᠨᠠᠭᠤᠷ ᠤᠨ ᠠᠶᠢᠯ ᠳᠤ ᠴᠤᠭᠯᠠᠷᠠᠭᠤᠯᠪᠠ᠃ ᠲᠡᠷᠡ ᠦᠶ᠎ᠡ ᠳᠤ ᠮᠢᠨᠤ ᠡᠪᠦᠭᠡ ᠵᠤᠶᠢᠷᠠᠢ ︵ᠠᠶᠢᠯ ᠤᠨ ᠬᠦᠮᠤᠰ ᠵᠦᠷ᠎ᠠ ᠠᠪᠤ ᠭᠡᠵᠦ ᠲᠠᠭᠤᠳᠠᠳᠠᠭ︶ ᠲᠠᠢ᠂ ᠠ᠊ · ᠬᠤᠳᠤᠷᠠᠩᠭ᠎ᠠ ᠪᠠᠭᠰᠢ ᠠᠩᠬ᠎ᠠ ᠤᠳᠠᠭ᠎ᠠ ᠲᠠᠨᠢᠯᠴᠠᠭᠰᠠᠨ ᠭᠡᠨ᠎ᠡ᠃ ᠠ᠊ · ᠬᠤᠳᠤᠷᠠᠩᠭ᠎ᠠ ᠨᠠᠰᠤᠳᠠᠨ ᠤ ᠲᠠᠨᠢᠯᠴᠠᠭᠤᠯᠤᠭᠰᠠᠨ ᠢᠶᠠᠷ ︽ᠲᠡᠷᠡ ᠦᠶ᠎ᠡ ᠳᠤ ᠵᠦᠷ᠎ᠡ ᠠᠪᠤ ᠮᠤᠭᠠᠶᠢᠳᠤ ᠶᠢᠨ ᠭᠠᠴᠠᠭᠠᠨ ᠤ ᠺᠠᠳ᠋ᠷ᠂ ᠲᠦᠴᠢᠭᠡᠳ ᠨᠠᠰᠤᠳᠠᠢ᠂ ᠪᠢ ᠠᠪᠤ ᠭᠡᠵᠦ ᠲᠠᠭᠤᠳᠠᠵᠦ ᠪᠠᠶᠢᠪᠠ᠂ ᠵᠦᠷ᠎ᠡ ᠠᠪᠤ ᠨᠠᠮ᠎ᠠ ᠶᠢ ᠬᠦᠤ  ᠪᠠᠨ ᠭᠡᠵᠦ ᠦᠨᠤᠰᠴᠦ᠂ ᠰᠢᠷ᠎ᠠ ᠰᠠᠬᠠᠯ ᠢᠶᠠᠷ ᠢᠶᠠᠨ ᠮᠢᠨᠤ ᠨᠢᠭᠤᠷ ᠴᠠᠷᠠᠢ ᠶᠢ ᠱᠦᠷᠭᠦᠭᠡᠵᠦ ᠱᠤᠭᠯᠠᠵᠦ ᠪᠠᠶᠢᠭᠰᠠᠨ ᠶᠤᠮ︾ ᠭᠡᠪᠡ᠃ ᠮᠢᠨᠤ ᠡᠪᠦᠭᠡ ᠰᠢᠷ᠎ᠠ ᠰᠠᠬᠠᠯ ᠲᠠᠢ ᠪᠤᠯᠬᠤᠷ ᠠᠶᠢᠯ ᠠᠶᠢᠮᠠᠭ ᠤᠨ ᠵᠠᠯᠠᠭᠤᠴᠤᠳ ︽ᠰᠢᠷ᠎ᠠ ᠰᠠᠬᠠᠯᠳᠤ ᠠᠪᠤ︾ ᠭᠡᠵᠦ ᠲᠠᠭᠤᠳᠠᠳᠠᠭ ᠶᠤᠮ᠃ ᠲᠡᠷᠡ ᠵᠠᠯᠭᠠᠭᠠᠳ ᠲᠠᠨᠢᠯᠴᠠᠭᠤᠯᠤᠭᠰᠠᠨ ᠨᠢ ︽ᠵᠡᠭᠦᠨᠨᠠᠭᠤᠷ ᠭᠠᠴᠠᠭ᠎ᠠ ᠶᠢᠨ ᠲᠤᠷᠰᠢᠯᠳᠠ ᠶᠢᠨ ᠴᠢᠭ᠋ ᠲᠤ ᠠᠵᠢᠯᠯᠠᠬᠤ ᠠᠩᠬᠢ ᠶᠢᠨ ᠲᠠᠷᠤᠭ᠎ᠠ ᠯᠢ ᠲᠠᠩ ᡁᠢ᠂ ᠶᠠᠩ ᠹᠧᠩ ᠱᠠᠨ᠂ ᠮᠠᠨᠳᠤᠯ᠎ᠠ ᠨᠠᠷ  ᠢ ᠲᠠᠭᠠᠭᠤᠯᠵᠦ ᠢᠷᠡᠭᠡᠳ᠂ ᠨᠠᠳᠠ ᠲᠠᠢ ᠤᠯᠠᠨ ᠲᠦᠮᠡᠨ ᠢ ᠲᠠᠶᠢᠴᠢᠯᠠᠬᠤ ᠪᠠᠷ ᠲᠦᠩᠰᠢ ᠶᠢᠨ ᠠᠶᠢᠯ ᠳᠤ ᠬᠦᠷᠴᠦ᠂ ᠰᠡᠩᠭᠡ ᠡᠪᠤᠭᠡᠨ ᠤ ᠭᠡᠷ ᠲᠤ ᠬᠤᠨᠤᠭᠯᠠᠪᠠ᠃ ᠦᠤᠷ ᠤᠨ ᠭᠡᠭᠡ ᠪᠠᠷ ᠰᠡᠩᠭᠡ ᠡᠪᠤᠭᠡᠨ ᠤ ᠶᠡᠭᠡ ᠬᠦᠤ —— ᠡᠷᠤᠬᠡ ᠶᠢᠨ ᠴᠡᠷᠢᠭ ᠤᠨ ᠲᠤᠮᠳᠠ ᠠᠩᠬᠢ ᠶᠢᠨ ᠲᠠᠷᠤᠭ᠎ᠠ ᠳ᠋ᠤᠨᠤ᠂ ᠭᠠᠴᠠᠭ᠎ᠠ ᠠᠴᠠ ᠲᠠᠪᠬᠢᠭᠤᠯᠤᠨ ᠢᠷᠡᠵᠦ ᠯᠢ ᠡᠷᠬᠢᠯᠡᠭᠴᠢ ᠳᠤ ︿ᠦᠩᠭᠡᠷᠡᠭᠰᠡᠨ ᠦᠳᠡᠰᠢ ᠬᠤᠶᠠᠷ ᠮᠠᠩᠬᠠᠨ ᠤ ᠠᠶᠢᠯ ᠤᠨ ᠮᠠᠯᠴᠢᠨ ᠭᠤᠨᠴᠤᠭ ᠤᠨ ᠳᠤ ᠴᠤᠬᠤᠷ ᠰᠠᠩᠷᠤᠪ ᠭᠡᠳᠡᠭ ᠨᠢᠭᠡ ᠲᠡᠭᠡᠷᠡᠮ ᠢᠳᠡᠵᠦ ᠤᠤᠭᠤᠭᠠᠳ ᠭᠠᠷᠤᠯ᠎ᠠ﹀ ᠭᠡᠰᠡᠨ ᠴᠢᠮᠡᠭᠡ ᠬᠦᠷᠭᠡᠵᠦ ᠢᠷᠡᠪᠡ᠃ ᠬᠤᠷᠠᠯ  ᠳᠤ ᠤᠷᠤᠯᠴᠠᠬᠤ ᠪᠠᠷ ᠢᠷᠡᠭᠰᠡᠨ ᠡᠯ᠎ᠡ ᠭᠠᠴᠠᠭ᠎ᠠ᠂ ᠪᠠᠭ ᠤᠨ ᠮᠠᠶᠢᠬᠠᠨ ᠬᠦᠰᠭᠡ᠂ ᠲᠡᠷᠭᠡ ᠤᠨᠤᠭ᠎ᠠ ᠵᠡᠭᠦᠨ ᠨᠠᠭᠤᠷ  ᠤᠨ ᠲᠠᠯ᠎ᠠ ᠳᠤ ᠲᠦᠭᠦᠷᠤᠭᠡᠳ᠂ ᠬᠦᠯ ᠤᠶᠢᠮᠡᠭᠡᠨ ᠬᠦᠭᠵᠢᠶᠡᠨ ᠶᠡᠬᠡᠳᠠᠢ ᠪᠠᠶᠢᠭᠰᠠᠨ ᠺᠠᠳ᠋ᠷ᠂ ᠢᠳᠡᠪᠬᠢᠳᠡᠨ ᠨᠠᠷ ᠤᠳ᠂ ᠬᠡᠷᠡᠭ ᠮᠡᠳᠡᠭᠦᠯᠦᠭᠰᠡᠨ ᠲᠠᠷᠤᠢ ᠳᠤ ᠲᠠᠪᠢᠭᠠᠳ ᠭᠠᠵᠠᠷ ᠬᠤᠯᠠ ᠪᠠᠶᠢᠬᠤ ᠭᠡᠰᠡᠷ ᠤᠨ ᠵᠤᠤ ᠠᠴᠠ ᠰᠠᠩᠷᠤᠪ ᠢ ᠡᠷᠢᠵᠦ ᠪᠠᠷᠢᠪᠴᠢᠯᠠᠬᠤ ᠪᠠᠷ ᠮᠤᠷᠳᠠᠪᠠ᠂ ᠲᠡᠷᠡ ᠤᠳᠠᠭ᠎ᠠ ᠵᠦᠷ᠎ᠡ ᠠᠪᠤ ᠶᠢᠨ ᠲᠤᠩ ᠭᠠᠪᠰᠢᠭᠠᠢ ᠱᠠᠯᠠᠮᠠᠭᠠᠢ ᠶᠢ ᠦᠵᠡᠭᠡᠳ ᠪᠢ ᠤᠯᠠᠮ ᠢᠶᠠᠷ ᠪᠢᠰᠢᠷᠡᠨ ᠬᠦᠨᠳᠤᠳᠭᠡᠬᠦ ᠪᠤᠯᠤᠭᠰᠠᠨ ᠪᠢᠯᠠ︾ ᠭᠡᠵᠦ ᠠ᠊᠂ ᠬᠤᠳᠤᠷᠠᠩᠭ᠎ᠠ ᠪᠠᠭᠰᠢ ᠲᠤᠬᠠᠢ ᠶᠢᠨ ᠦᠶ᠎ᠡ  ᠶᠢᠨ ᠬᠡᠷᠡᠭ ᠶᠠᠪᠤᠳᠠᠯ ᠢ ᠡᠷᠬᠢᠴᠡᠭᠦᠯᠦᠨ ᠶᠠᠷᠢᠵᠦ ᠪᠠᠶᠢᠯ᠎ᠠ᠃      ᠰᠠᠩᠷᠤᠪ ︵ᠲᠡᠭᠦᠨ ᠢ ᠪᠠᠰᠠ ᠴᠤᠬᠤᠷ ᠰᠠᠩᠷᠤᠪ︶ ᠭᠡᠳᠡᠭ ᠬᠦᠮᠤᠨ ᠪᠤᠯ ᠪᠠᠯᠴᠢᠷᠤᠳ ᠨᠤᠳᠤᠭ ᠤᠨ ᠰᠦᠮᠡᠨᠳᠠᠯ᠎ᠠ ᠶᠢᠨ ᠠᠶᠢᠯ ᠤᠨ ᠡᠩ ᠤᠨ ᠨᠢᠭᠡᠨ ᠶᠠᠳᠠᠭᠤ ᠮᠠᠯᠴᠢᠨ ᠪᠠᠶᠢᠪᠠ᠃ 1946 ᠤᠨ ᠳᠤ ᠪᠠᠶᠠᠨ ᠰᠠᠩᠷᠤᠪ ︵ᠪᠠᠢ ᠰᠢᠤ ᠹᠧᠩ︶ ᠤᠨ ᠭᠡᠷ ᠤᠨ ᠴᠡᠷᠢᠭ᠂ ᠪᠡᠶ᠎ᠡ ᠬᠠᠮᠠᠭᠠᠯᠠᠭᠴᠢ ᠨᠢ ᠪᠤᠯᠵᠦ ᠫᠤᠤ ᠡᠭᠦᠷᠪᠡ᠃ ᠰᠠᠩᠷᠤᠪ ᠪᠠᠶᠠᠨ ᠡᠯᠳᠡᠩᠭᠡ᠂ ᠠᠷᠪᠠᠩᠭ᠎ᠠ ᠶᠢ ᠲᠠᠭᠠᠵᠦ ᠤᠷᠪᠠᠭ᠋ᠤ ᠦᠶ᠎ᠡ ᠳᠤ ᠲᠡᠷᠡ ᠴᠦ ᠲᠠᠭᠠᠵᠦ ᠲᠡᠷᠪᠡᠪᠡ᠃ ᠲᠡᠭᠦᠨ ᠤ ᠠᠬ᠎ᠠ ᠲᠤᠷᠵᠢ ᠨᠢ ᠲᠡᠭᠦᠨ ᠢ ᠶᠠᠪᠤᠭᠤᠯᠬᠤ ᠦᠬᠡᠢ ᠭᠡᠵᠦ ᠨᠢᠰᠤ ᠨᠢᠯᠪᠤᠰᠤ ᠪᠠᠨ ᠴᠢᠷᠴᠦ ᠬᠡᠴᠢᠨᠡᠨ ᠢᠳᠬᠠᠵᠦ ᠬᠤᠷᠢᠭᠯᠠᠭᠰᠠᠨ ᠪᠤᠯᠪᠠᠴᠦ ᠴᠤᠬᠤᠷ ᠰᠠᠩᠷᠤᠪ᠂ ᠠᠬ᠎ᠠ ᠲᠡᠭᠦᠤ ᠶᠢᠨ ᠬᠠᠯᠠᠭᠤᠨ ᠲᠤᠳᠤᠨᠤ ᠬᠠᠶᠢᠷ᠎ᠠ ᠰᠡᠳᠬᠢᠯᠭᠡ ᠶᠢ ᠦᠳᠡᠭᠡᠷᠭᠡᠵᠦ᠂ ᠠᠬ᠎ᠠ ᠲᠤᠷᠵᠢ ᠪᠠᠨ ᠨᠢᠰᠤ ᠨᠢᠯᠪᠤᠰᠤ ᠭᠤᠭᠤᠵᠢᠭᠤᠯᠤᠭᠠᠳ ᠪᠡᠯᠭᠡ ᠦᠬᠡᠢ ᠭᠡᠵᠦ᠂ ᠠᠬ᠎ᠠ ᠲᠤᠷᠵᠢ  ᠪᠠᠨ ᠠᠯᠠᠬᠤ ᠭᠡᠵᠦ ᠠᠶᠢᠯ ᠤᠨ ᠲᠤᠮᠳᠠᠭᠤᠷ ᠲᠠᠭᠤᠵᠦ ᠫᠤᠤᠳᠠᠪᠠ ᠭᠡᠨ᠎ᠡ᠃ ᠡᠶᠢᠮᠤᠷᠬᠦ ᠤᠭ ᠢᠶᠠᠨ ᠮᠠᠷᠳᠠᠭᠰᠠᠨ ᠶᠠᠳᠠᠭᠤ ᠮᠠᠯᠴᠢᠨ ᠰᠠᠩᠷᠤᠪ᠂ ᠬᠠᠷᠬᠢᠰ ᠪᠠᠶᠠᠳ ᠢ ᠤᠷᠪᠠᠵᠦ ᠲᠡᠭᠡᠷᠡᠮ ᠪᠤᠯᠤᠭᠰᠠᠨ ᠨᠢ ᠡᠨᠡ ᠪᠠᠶᠢᠵᠠᠢ᠃ ᠰᠠᠩᠷᠤᠪ ᠢ ᠠᠯᠠᠬᠤ ᠠᠴᠠ ᠡᠮᠤᠨ᠎ᠡ ᠲᠡᠭᠦᠨ ᠢ ᠠᠰᠠᠭᠤᠨ ᠦᠴᠢᠭᠯᠡᠭᠦᠯᠦᠭᠰᠡᠨ ᠢ ᠨᠢ ᠦᠨᠳᠤᠰᠤᠯᠡᠪᠡᠯ᠄ ︽ᠭᠤᠮᠢᠨᠳᠠᠩ ᠤᠨ ᠴᠡᠷᠢᠭ᠂ ᠯᠢ ᠱᠸᠤ ᠰᠢᠨ ︵ᠨᠠᠰᠤᠨᠪᠤᠶᠠᠨ︶ ᠤ ᠲᠡᠭᠡᠷᠡᠮ ᠺᠠᠶᠢᠯᠤ ᠠᠴᠠ ᠲᠤᠳᠠᠭᠠᠵᠦ᠂ ᠲᠦᠩᠯᠢᠶᠤᠤ ᠤᠷᠴᠢᠮ ᠬᠦᠷᠬᠦ ᠳᠤ ᠨᠢᠢᠮᠠᠨ ᠵᠠᠮ ᠤᠨ ᠴᠡᠷᠢᠭ ᠬᠢᠭᠡᠳ ᠦᠪᠤᠷ ᠮᠤᠩᠭᠤᠯ ᠤᠨ ᠮᠤᠷᠢᠳᠤ ᠴᠡᠷᠢᠭ ᠠᠰᠬᠠᠨ ᠵᠠᠩᠵᠤᠨ ᠤ ᠵᠢᠯᠤᠭᠤᠳᠤᠯᠭ᠎ᠠ ᠪᠠᠷ ᠲᠡᠳᠡᠨ ᠢ ᠪᠤᠳᠠᠷᠠᠳᠠᠯ᠎ᠠ ᠴᠤᠬᠢᠪᠠ᠃ ᠲᠡᠭᠡᠭᠡᠳ ᠨᠢᠭᠡ ᠪᠦᠯᠦᠭ ᠲᠡᠭᠡᠷᠡᠮ ᠰᠧ ᠫᠢᠩ ᠳᠤ ᠬᠤᠷᠭᠤᠳᠠᠵᠦ᠂ ᠨᠢᠢᠮᠠᠨ ᠵᠠᠮ ᠤᠨ ᠴᠡᠷᠢᠭ ᠲᠤ ᠴᠤᠬᠢᠭᠳᠠᠭᠠᠳ᠂ ᠰᠠᠩᠷᠤᠪ ᠤᠷᠤᠬᠤ ᠭᠠᠵᠠᠷ ᠦᠬᠡᠢ ᠪᠤᠯᠬᠤ ᠳᠠᠭᠠᠨ᠂ ᠨᠢᠢᠮᠠᠨ ᠬᠤᠰᠢᠭᠤᠨ ᠤ ᠪᠠᠶᠢᠰᠢᠩᠳᠤ ᠬᠠᠪᠢ ᠶᠢᠨ ᠨᠢᠭᠡ ᠬᠦᠮᠤᠨ ᠲᠠᠢ ᠭᠡᠷ ᠵᠦᠭ ᠢᠶᠠᠨ ᠲᠤᠳᠠᠭᠠᠵᠦ᠂ ᠵᠠᠮ ᠵᠠᠭᠤᠷ᠎ᠠ ᠲᠡᠷᠡ ᠬᠦᠮᠤᠨ ᠢ ᠠᠯᠠᠵᠦ᠂ ᠲᠡᠭᠦᠨ ᠤ ᠫᠤᠤ ᠪᠠ ᠦᠪᠡᠷ ᠤᠨ ᠫᠤᠤ ᠲᠠᠢ ᠨᠢ ᠨᠡᠶᠢᠳᠡ ᠲᠠᠪᠤᠨ ᠦᠨᠳᠤᠷ ᠤᠭᠳᠤᠷ ᠫᠤᠤ ᠲᠠᠢ ᠪᠤᠯᠵᠦ᠂ ᠡᠳᠤᠷ ᠨᠢ ᠡᠯᠡᠰᠤ ᠮᠠᠩᠬᠠᠨ ᠳᠤ ᠰᠢᠷᠭᠤᠵᠦ᠂ ᠦᠯᠦᠩ ᠡᠪᠡᠰᠤ᠂ ᠲᠠᠷᠢᠶᠠᠨ ᠳᠤ ᠲᠠᠯᠳᠠᠯᠠᠨ︔ ᠰᠦᠨᠢ ᠤᠷᠤᠢ ᠪᠤᠯᠪᠠᠯ ᠵᠠᠮᠨᠠᠵᠦ᠂ ᠨᠢᠢᠮᠠᠨ ᠬᠤᠰᠢᠭᠤᠨ ᠠᠴᠠ ᠠᠷᠤ ᠬᠤᠷᠴᠢᠨ ᠤ ᠬᠤᠶᠠᠷ ᠮᠠᠩᠬᠠᠨ ᠤ ᠠᠶᠢᠯ ᠤᠨ ᠭᠤᠨᠴᠤᠭ ᠤᠨ ᠭᠡᠷ ᠲᠤ ᠬᠦᠷᠴᠦ ᠢᠷᠡᠭᠰᠡᠨ ᠨᠢ ᠡᠨᠡ ᠪᠠᠶᠢᠵᠠᠢ᠃      ︽ᠪᠢᠳᠠ᠂ ᠡᠯ᠎ᠡ ᠭᠠᠴᠠᠭ᠎ᠠ ᠪᠠᠭ ᠤᠨ ᠢᠳᠡᠪᠬᠢᠳᠡᠨ ᠵᠭᠤᠭᠠᠳ ᠬᠦᠮᠤᠨ ᠪᠠᠬᠢ ᠶᠢᠨ ᠮᠠᠩᠬ᠎ᠠ ᠶᠢ ᠲᠠᠷᠤᠵᠦ᠂ ᠲᠡᠭᠡᠷᠡᠮ ᠰᠠᠩᠷᠤᠪ ᠢ ᠪᠠᠷᠢᠪᠴᠢᠯᠠᠬᠤ ᠪᠠᠷ ᠮᠤᠷᠳᠠᠪᠠ᠃ ᠡᠩᠬᠦᠯ ᠲᠤᠩᠬᠤᠯ ᠪᠤᠯᠤᠩ ᠤᠷᠤᠢ᠂ ᠲᠤᠬᠤᠢ ᠬᠦᠨᠳᠡᠢ ᠵᠢᠯᠠᠭ᠎ᠠ ᠬᠦᠳᠤᠯ ᠢ ᠦᠯᠡᠳᠡᠭᠡᠯ ᠦᠬᠡᠢ ᠨᠡᠩᠵᠢᠭᠰᠡᠨ ᠴᠦ ᠤᠷᠤ ᠮᠦᠷ ᠦᠬᠡᠢ᠃ ᠲᠠᠬᠢᠨ ᠬᠡᠰᠡᠷ ᠤᠨ ᠵᠤ ᠶᠢ ᠴᠢᠭᠯᠡᠳᠡᠯ᠎ᠡ ᠨᠢᠭᠡ ᠮᠠᠯᠴᠢᠨ ᠮᠠᠨ ᠤ ᠵᠠᠮ ᠢ ᠬᠡᠷᠤᠵᠦ ︿ᠰᠠᠩᠷᠤᠪ ᠦᠨᠤ ᠪᠠᠬᠢ ᠶᠢᠨ ᠶᠠᠷᠢᠮᠫᠢᠯ ᠤᠨ ᠲᠠᠷᠢᠶᠠᠨ ᠲᠤᠪᠤ ᠲᠡᠭᠡᠷ᠎ᠡ ᠪᠠᠶᠢᠨ᠎ᠠ﹀ ᠭᠡᠰᠡᠨ ᠴᠢᠮᠡᠭᠡ ᠦᠭᠪᠡ᠃ ᠢᠩᠬᠢᠭᠡᠳ ᠪᠠᠬᠢ ᠶᠢᠨ ᠠᠶᠢᠯ ᠤᠨ ᠵᠠᠯᠠᠭᠤ ᠢᠳᠡᠪᠬᠢᠳᠡᠨ ᠬᠠᠷᠬᠤᠬᠢᠨ  ᠢ ᠤᠷᠢᠳᠠᠪᠡᠷ ᠶᠠᠪᠤᠭᠤᠯᠵᠦ᠂ ᠮᠠᠨᠤᠰ ᠬᠤᠶᠢᠨ᠎ᠠ ᠠᠴᠠ ᠨᠢ ᠬᠦᠷᠴᠦ ᠪᠦᠰᠡᠯᠡᠪᠡ᠃ ᠰᠠᠩᠷᠤᠪ ᠦᠨᠳᠤᠷ ᠫᠤᠤ ᠪᠠᠨ ᠠᠷᠤ ᠳᠠᠭᠠᠨ ᠬᠡᠪᠳᠡᠭᠦᠯᠵᠦ᠂ ᠭᠠᠷ ᠫᠤᠤ ᠪᠠᠨ ᠡᠪᠤᠳᠤᠭ᠌ ᠲᠤᠤᠷ᠎ᠠ ᠪᠠᠨ ᠲᠠᠷᠤᠵᠦ᠂ ᠰᠠᠭᠤᠭᠠᠳ ᠮᠠᠰᠢ ᠰᠡᠷᠡᠮᠵᠢ ᠲᠠᠢ ᠴᠠᠢ ᠤᠤᠭᠤᠵᠦ ᠪᠠᠶᠢᠪᠠ᠃ ᠬᠠᠷᠠᠠᠦ᠋ᠬᠢᠨ ᠲᠤᠬᠢᠶᠠᠯ ᠢ ᠵᠠᠪᠰᠢᠵᠦ᠂ ᠲᠤᠩ ᠪᠤᠰᠢᠭᠤ ᠱᠠᠯᠠᠮᠠᠭᠠᠢ ᠪᠠᠷ ᠰᠠᠩᠷᠤᠪ ᠤᠨ ᠬᠦᠵᠤᠭᠦᠤ ᠶᠢ ᠨᠢ ᠪᠤᠭᠤᠮᠢᠯᠠᠨ ᠲᠠᠷᠤᠵᠦ᠂ ᠬᠠᠯᠠᠭᠤᠨ ᠴᠠᠢ ᠪᠠᠷ ᠨᠢᠭᠤᠷ ᠴᠠᠷᠠᠢ ᠶᠢ ᠨᠢ ᠬᠠᠯᠠᠭᠠᠪᠠ᠃ ᠲᠡᠷᠡ ᠡᠪᠤᠳᠤᠭ᠌ ᠲᠤᠤᠷᠠᠬᠢ ᠭᠠᠷ ᠫᠤᠤ ᠪᠠᠨ ᠠᠪᠬᠤ ᠭᠡᠳᠡᠯ᠎ᠡ ᠶᠠᠷᠢᠮᠫᠢᠯ ᠵᠠᠪᠳᠤᠵᠦ ᠭᠠᠷ ᠢ ᠨᠢ ᠬᠢᠰᠬᠢᠵᠦ᠂ ᠭᠤᠷᠪᠠᠭᠤᠯᠠ ᠵᠢᠭᠤᠷᠠᠯᠳᠤᠵᠦ ᠪᠠᠶᠢᠬᠤ ᠳᠤ ᠯᠢ ᠡᠷᠬᠢᠯᠡᠭᠴᠢ ᠲᠦᠷᠤᠭᠦᠤ ᠲᠠᠢ ᠠᠵᠢᠯᠯᠠᠬᠤ ᠠᠩᠬᠢ ᠶᠢᠨ ᠪᠠ ᠢᠳᠡᠪᠬᠢᠳᠡᠨ ᠨᠠᠷ ᠱᠠᠯᠠᠮᠠᠭᠠᠶᠢᠯᠠᠨ ᠤᠷᠤᠵᠦ᠂ ᠰᠠᠩᠷᠤᠪ ᠢ ᠪᠠᠷᠢᠪᠴᠢᠯᠠᠨ ᠪᠡᠶ᠎ᠡ ᠶᠢ ᠨᠢ ᠨᠡᠩᠵᠢᠭᠰᠡᠨ ᠳᠤ ᠦᠨᠤᠬᠢ ᠶᠢᠨ ᠦᠮᠤᠳᠤᠨ ᠲᠤᠳᠤᠷ᠎ᠠ ᠪᠠᠰᠠ ᠨᠢᠭᠡ ᠪᠢᠴᠢᠬᠠᠨ ᠤᠷᠤᠰ ᠬᠢᠴᠡᠳᠠᠢ ᠭᠠᠷ ᠫᠤᠤ ᠪᠠᠶᠢᠪᠠ᠃ ᠁ᠰᠠᠩᠷᠤᠪ ᠢ ᠰᠢᠳᠭᠡᠬᠦ ᠪᠠᠷ ᠨᠤᠳᠤᠭ ᠤᠨ ᠠᠯᠪᠠᠨ ᠭᠠᠵᠠᠷ ᠠᠴᠠ ᠪᠠᠭ᠎ᠠ ᠠᠩᠬᠢ ᠶᠢᠨ ᠲᠠᠰᠤᠭ ᠤᠨ ᠲᠠᠷᠤᠭ᠎ᠠ ᠮᠠᠷᠰᠤᠭ᠎ᠠ ᠪᠤᠯᠤᠨ ᠬᠠᠪᠴᠢᠭ ᠬᠤᠶᠠᠷ ᠢ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠳᠤ ᠢᠯᠡᠭᠡᠵᠦ ᠰᠠᠩᠷᠤᠪ ᠢ ᠪᠠᠯᠴᠢᠷᠤᠳ ᠦᠭᠡᠳᠡ ᠠᠪᠴᠢᠷᠠᠭᠤᠯᠬᠤ ᠪᠠᠷ ᠶᠠᠪᠤᠭᠤᠯᠪᠠ᠃ ᠦᠳᠡᠰᠢ ᠶᠢᠨ ᠬᠦᠨ ᠳᠤ ᠰᠠᠩᠷᠤᠪ ᠢ ᠲᠡᠳᠡᠨ ᠳᠤ ᠲᠤᠰᠢᠶᠠᠵᠦ᠂ ᠰᠠᠩᠷᠤᠪ ᠢ ᠬᠠᠪᠴᠢᠭ ᠤᠨ ᠮᠤᠷᠢᠨ ᠳᠤ ᠤᠨᠤᠭᠤᠯᠵᠦ᠂ ᠬᠠᠪᠴᠢᠭ ᠠᠷᠤ ᠳᠤᠨᠢ ᠰᠠᠩᠷᠤᠪ ᠢ ᠠᠳᠤᠷᠢᠳᠠᠯ᠎ᠠ ᠲᠡᠪᠡᠷᠢᠵᠦ ᠂ ᠲᠠᠰᠤᠭ ᠤᠨ ᠲᠠᠷᠤᠭ᠎ᠠ ᠮᠠᠷᠰᠤᠭ᠎ᠠ ᠵᠡᠷᠭᠡᠴᠡᠨ ᠶᠠᠪᠤᠵᠦ᠂ ᠲᠠᠷᠠᠭ᠎ᠠ ᠦᠷᠯᠤᠭᠡ ᠶᠢᠨ ᠭᠤᠷᠪᠠᠨ ᠴᠠᠭ ᠤᠨ ᠬᠢᠷᠢ ᠪᠠᠷ ᠨᠤᠳᠤᠭ ᠤᠨ ᠠᠯᠪᠠᠨ ᠭᠠᠵᠠᠷ — ᠪᠠᠯᠴᠢᠷᠤᠳ ᠭᠡᠭᠡᠨ ᠰᠠᠩ ᠳᠤ ᠬᠦᠷᠴᠦ ᠢᠷᠡᠪᠡ᠃ ᠲᠡᠳᠡ ᠬᠡᠴᠢᠨᠡᠨ ᠪᠠᠷᠬᠢᠷᠠᠭᠰᠠᠨ ᠴᠦ ᠡᠭᠦᠳᠡ ᠨᠡᠭᠡᠭᠡᠬᠦ ᠬᠦᠮᠤᠨ ᠦᠬᠡᠢ ᠲᠤᠯᠠ ᠮᠠᠷᠰᠤᠭ᠎ᠠ ᠮᠤᠷᠢᠨ ᠠᠴᠠ ᠪᠠᠨ ᠪᠠᠭᠤᠵᠦ᠂ ᠡᠭᠦᠳᠡ ᠶᠢ ᠬᠦᠴᠦ ᠮᠡᠳᠡᠨ ᠴᠤᠬᠢᠵᠦ ᠪᠠᠷᠬᠢᠷᠠᠵᠦ ᠪᠠᠶᠢᠯ᠎ᠠ᠃ ᠡᠨᠡ ᠵᠠᠭᠤᠷ᠎ᠠ ᠰᠠᠩᠷᠤᠪ ︽ᠱᠠᠬᠠᠢ ᠬᠦᠰᠡᠷ ᠤᠨᠠᠴᠢᠬᠠᠯ᠎ᠠ ᠪᠠᠭᠤᠵᠦ ᠠᠪᠤᠭᠠᠳ ᠦᠭᠭᠦᠨᠡᠤ︖︾ ᠭᠡᠵᠦ ᠭᠤᠶᠤᠬᠤ ᠳᠤ ᠪᠤᠷᠬᠠᠨ ᠰᠡᠳᠬᠢᠯ ᠲᠠᠢ ᠬᠠᠪᠴᠢᠭ ᠭᠤᠸᠠᠢ᠄ ︽ᠴᠢ ᠬᠦᠳᠡᠯᠵᠦ ᠪᠤᠯᠬᠤ ᠦᠬᠡᠢ︕︾ ᠭᠡᠵᠦ ᠮᠤᠷᠢᠨ ᠠᠴᠠ ᠰᠢᠪᠳᠤᠷᠠᠨ ᠪᠠᠭᠤᠵᠦ᠂ ᠨᠢᠳᠤ ᠴᠢᠴᠢᠮ᠎ᠡ ᠬᠠᠷᠠᠩᠭᠤᠢ ᠳᠤ ᠰᠠᠩᠷᠤᠪ ᠤᠨ ᠱᠠᠬᠠᠢ ᠶᠢ ᠡᠷᠢᠵᠦ ᠲᠡᠮᠳᠡᠷᠬᠢᠯᠡᠵᠦ ᠪᠠᠶᠢᠬᠤ ᠳᠤ ᠰᠠᠩᠷᠤᠪ ᠭᠡᠨᠡᠳᠳᠡ ᠲᠦᠷᠤᠭᠡ ᠬᠠᠪᠢᠷᠴᠦ ᠫᠤᠷ ᠭᠡᠳᠡᠯ᠎ᠡ ᠲᠠᠪᠬᠢᠭᠤᠯᠤᠨ ᠤᠳᠪᠠ᠃ ᠮᠠᠷᠰᠤᠭ᠎ᠠ ᠶᠡᠬᠡᠯᠡ ᠰᠠᠨᠳᠤᠷᠴᠦ ᠬᠤᠶᠢᠨ᠎ᠠ ᠠᠴᠠ ᠨᠢ ᠬᠤᠶᠠᠷᠳᠠ ᠫᠤᠤᠳᠠᠵᠦ᠂ ᠮᠤᠷᠢᠨ  ᠳᠠᠭᠠᠨ ᠮᠤᠷᠳᠠᠮᠠᠭᠴᠠ ᠠᠮᠢ ᠲᠠᠯᠪᠢᠨ ᠨᠡᠬᠡᠮᠵᠢᠯᠡᠪᠡ᠃ ᠮᠠᠷᠰᠤᠭ᠎ᠠ᠂ ᠰᠠᠩᠷᠤᠪ ᠢ ᠪᠠᠷᠠᠭᠤᠨ ᠬᠤᠳᠳᠤᠭ ᠤᠨ ᠬᠦᠷ ᠤᠨ ᠴᠠᠭᠠᠨ ᠳᠤ ᠨᠡᠬᠡᠵᠦ ᠭᠦᠢᠴᠡᠳᠡᠯ᠎ᠡ᠂ ᠰᠠᠩᠷᠤᠪ ᠮᠤᠷᠢ ᠪᠠᠨ ᠮᠤᠭ ᠡᠷᠬᠢᠭᠦᠯᠵᠦ ᠲᠠᠬᠢᠨ ᠵᠡᠭᠦᠨᠰᠢ ᠢᠷᠡᠭᠰᠡᠨ ᠮᠦᠷ ᠢᠶᠠᠷ  ᠢᠶᠠᠨ ᠪᠤᠷᠤᠭᠤᠯᠠᠪᠠ᠃ ᠮᠠᠷᠰᠤᠭ᠎ᠠ ᠨᠢᠭᠡᠨᠳᠡ ᠬᠦᠭᠡᠭᠡᠵᠦ ᠭᠦᠢᠴᠡᠪᠡ ᠭᠡᠵᠦ ᠪᠠᠷᠳᠠᠮ ᠪᠤᠳᠤᠵᠦ ᠪᠡᠯᠡᠳᠭᠡᠯ ᠦᠬᠡᠢ ᠪᠠᠶᠢᠭᠰᠠᠨ ᠲᠤᠯᠠ ᠵᠢᠯᠤᠭᠤ ᠲᠠᠳᠠᠵᠦ ᠠᠮᠵᠢᠭᠰᠠᠨ ᠦᠬᠡᠢ᠂ ᠪᠠᠷᠠᠭᠤᠨᠰᠢ ᠬᠡᠳᠤᠷᠡᠵᠦ ᠭᠠᠷᠤᠭᠠᠳ ᠮᠤᠷᠢ ᠪᠠᠨ ᠡᠷᠬᠢᠭᠦᠯᠵᠦ᠂ ᠨᠤᠳᠤᠭ ᠤᠨ ᠡᠭᠦᠳᠡᠨ ᠤ ᠡᠮᠤᠨᠡᠭᠦᠷ ᠰᠦᠮ᠎ᠡ ᠶᠢᠨ ᠵᠡᠭᠦᠨ ᠡᠷᠬᠢ ᠬᠦᠷᠬᠦ ᠳᠤ ᠬᠠᠪᠴᠢᠭ ᠤᠨ ᠮᠤᠷᠢ  ᠨᠢ ᠦᠭᠡᠳᠡ ᠠᠴᠠ ᠨᠢ ᠢᠨᠴᠠᠭᠠᠵᠦ ᠦᠤᠷᠰᠡᠨ᠎ᠡ᠃ ᠡᠨᠡ ᠬᠦᠨ ᠡᠷᠬᠢ ᠳᠤ ᠮᠠᠷᠰᠤᠭ᠎ᠠ᠂ ᠰᠠᠩᠷᠤᠪ ᠢ ᠠᠯᠳᠠᠭᠠᠳ ᠬᠠᠪᠴᠢᠭ ᠤᠨ ᠮᠤᠷᠢ ᠶᠢ ᠬᠦᠳᠤᠯᠵᠦ ᠪᠤᠴᠠᠨ ᠢᠷᠡᠬᠦ ᠳᠤ ᠨᠤᠳᠤᠭ ᠲᠡᠭᠡᠷ᠎ᠡ ᠬᠡᠩᠭᠡᠷᠭᠡ ᠬᠠᠷᠠᠩᠭ᠎ᠠ ᠴᠤᠬᠢᠵᠦ᠂ ᠰᠦᠮ᠎ᠡ ᠶᠢᠨ ᠤᠯᠠᠨ ᠢᠶᠠᠷ ᠤᠶᠢᠮᠡᠯᠳᠤᠵᠦ᠂ ᠭᠤᠷᠢᠶ᠎ᠠ ᠶᠢᠨ ᠭᠠᠳᠠᠭᠤᠷ ᠭᠠᠯ ᠮᠠᠨᠠᠭ᠎ᠠ ᠲᠠᠯᠪᠢᠵᠦ᠂ ᠬᠡᠭᠡ ᠤᠷᠤᠵᠦ ᠨᠠᠷᠠ ᠮᠠᠨᠳᠤᠳᠠᠯ᠎ᠠ ᠬᠠᠷᠠᠭᠤᠯ ᠮᠠᠨᠠᠭ᠎ᠠ ᠴᠤᠪᠤᠷᠠᠯᠳᠤᠪᠠ᠃ ᠦᠷᠯᠤᠭᠡ ᠶᠢᠨ ᠨᠠᠷᠠ ᠪᠠᠷ ᠨᠤᠳᠤᠭ ᠤᠨ ᠡᠭᠦᠳᠡᠨ ᠳᠤ ᠰᠠᠩᠷᠤᠪ ᠤᠨ ᠦᠷᠤᠭᠡᠰᠤᠨ ᠱᠠᠬᠠᠢ ᠶᠢ ᠤᠯᠵᠦ᠂ ᠰᠠᠩᠷᠤᠪ ᠤᠨ ᠮᠦᠷ ᠢ ᠬᠠᠶᠢᠵᠦ ᠦᠯᠵᠠᠶᠢᠮᠦ᠋ᠷᠡᠨ ᠤ ᠡᠭᠦᠳᠡᠨ ᠤᠯᠤᠮ ᠬᠦᠷᠴᠦ ᠵᠡᠭᠡᠰᠤᠨ ᠲᠤᠳᠤᠷ᠎ᠠ ᠠᠴᠠ ᠪᠠᠰᠠ ᠨᠢᠭᠡᠨ ᠦᠷᠤᠭᠡᠰᠤᠨ ᠱᠠᠬᠠᠢ ᠶᠢ ᠨᠢ ᠤᠯᠪᠠ᠃ ᠰᠠᠩᠷᠤᠪ᠂ ᠡᠪᠤᠯ  ᠤᠨ ᠶᠢᠰᠤ ᠶᠢᠨ ᠬᠦᠢᠳᠡᠨ ᠳᠤ ᠭᠤᠤᠯ ᠭᠠᠳᠤᠯᠵᠦ᠂ ᠬᠦᠯ ᠨᠢᠴᠤᠬᠦᠨ ᠢᠶᠠᠷ ᠲᠦᠴᠢᠭᠡᠳ ᠭᠠᠵᠠᠷ ᠭᠦᠶᠤᠵᠦ᠂ ᠪᠠᠷᠠᠭᠤᠨ ᠴᠠᠭᠠᠨᠨᠠᠭᠤᠷ ᠤᠨ ᠶᠠᠳᠤ ᠶᠢᠨ ᠠᠶᠢᠯ ᠳᠤ ᠨᠠᠭᠠᠴᠦ ᠰᠧᠷᠡᠩ ᠤᠨ ᠳᠡᠭᠡᠨ ᠲᠠᠯᠪᠢᠨ ᠬᠦᠷᠴᠦ ︽ᠨᠠᠭ᠎ᠠ ᠠᠭ᠎ᠠ ᠪᠢ ᠲᠤᠩ ᠴᠠᠩᠭᠠᠪᠠ᠂ ᠪᠡᠯᠡᠨ ᠴᠠᠢ ᠪᠠᠶᠢᠨᠡᠤ︖︾ ᠭᠡᠰᠡᠨ ᠳᠤ ᠰᠧᠷᠡᠩ ᠤᠨ ᠡᠬᠡᠨᠠᠷ᠄ ︽ᠪᠠᠶᠢᠬᠤ ᠨᠢ ᠴᠦ ᠪᠠᠶᠢᠨ᠎ᠠ᠂ ᠨᠢᠭᠡᠮᠤᠰᠤᠨ ᠬᠦᠷᠤᠴᠢᠭᠡᠭᠰᠡᠨ ᠪᠢ ᠬᠠᠯᠠᠭᠤᠯᠵᠦ ᠦᠭᠭᠦᠶ᠎ᠡ︾ ᠭᠡᠵᠦ ᠲᠤᠩ ᠬᠠᠯᠭᠤᠮᠰᠤᠭ ᠪᠠᠶᠢᠳᠠᠯ ᠭᠠᠷᠭᠠᠵᠦ᠂ ᠠᠷᠭᠠᠯ ᠠᠪᠬᠤ ᠪᠠᠷ ᠭᠠᠷᠤᠭᠠᠳ ᠭᠠᠴᠠᠭᠠᠨ ᠤ ᠲᠠᠷᠤᠭ᠎ᠠ ᠨᠠᠰᠤᠬᠤᠷᠳᠤ᠂ ᠬᠤᠸᠠᠮᠤᠬᠤᠷ ᠨᠠᠷ ᠲᠤ ᠴᠢᠮᠡᠭᠡ ᠲᠠᠮᠵᠢᠭᠤᠯᠵᠦ ᠢᠷᠡᠬᠦ ᠳᠤ᠂ ᠰᠠᠩᠷᠤᠪ ᠨᠢᠭᠡᠨᠳᠡ ᠦᠬᠡᠢ ᠪᠤᠯᠵᠦ᠂ ᠨᠤᠳᠤᠭ ᠤᠨ ᠪᠠᠭ᠎ᠠ ᠠᠩᠬᠢ ᠶᠢᠨ ᠪᠠᠶᠢᠯᠳᠤᠭᠴᠢ ᠪᠤᠯᠬᠤ ᠡᠷ᠎ᠡ ᠨᠦᠬᠦᠷ ᠰᠧᠷᠡᠩ ᠳᠡᠭᠡᠨ ᠪᠡᠯᠡᠳᠭᠡᠭᠰᠡᠨ ᠰᠢᠨ᠎ᠡ ᠭᠤᠳᠤᠯ᠂ ᠬᠡᠤᠷᠡᠭ ᠪᠤᠳᠠᠭ᠎ᠠ᠂ ᠬᠤᠶᠠᠷ ᠫᠠᠨ᠎ᠠ ᠬᠤᠷᠤᠳ ᠢ ᠨᠢ ᠬᠤᠪᠬᠤ ᠬᠠᠭᠤᠷᠠᠶᠢᠯᠠᠨ ᠠᠪᠤᠭᠠᠳ ᠶᠠᠪᠤᠭᠰᠠᠨ ᠪᠠᠶᠢᠨ᠎ᠠ᠃      ᠠᠶᠢᠯ ᠤᠨ ᠺᠠᠳ᠋ᠷ᠂ ᠡᠷᠤᠬᠡ ᠶᠢᠨ ᠴᠡᠷᠢᠭ ᠲᠠᠮ ᠲᠠᠮ ᠢᠶᠠᠷ ᠴᠢᠮᠡᠭᠡ ᠠᠪᠤᠯᠴᠠᠵᠦ᠂ ᠰᠠᠩᠷᠤᠪ ᠢ ᠪᠠᠷᠢᠪᠴᠢᠯᠠᠬᠤ  ᠪᠠᠷ ᠬᠦᠷᠤᠯᠴᠠᠨ ᠢᠷᠡᠬᠦ ᠳᠤ ᠬᠤᠭᠤᠰᠤᠨ ᠪᠤᠯᠪᠠ᠃ ᠲᠡᠭᠡᠭᠡᠳ ᠮᠦᠷ ᠮᠦᠰᠬᠢᠭᠰᠡᠨ ᠳᠤ ᠰᠠᠩᠷᠤᠪ ᠦᠨᠡᠬᠡᠷ ᠦᠨᠡᠭᠡ ᠰᠢᠭ ᠬᠤᠯᠵᠢᠨ᠂ ᠡᠯᠡᠰᠤ ᠴᠠᠰᠤᠨ ᠳᠤ ᠮᠦᠷ ᠦᠯᠡᠳᠡᠭᠡᠬᠦ ᠦᠬᠡᠢ ᠬᠡᠮᠡᠨ ᠪᠤᠳᠠ ᠪᠤᠷᠤᠯᠵᠢ ᠶᠢᠨ ᠲᠤᠮᠳᠠᠭᠤᠷ ᠦᠰᠤᠷᠬᠢᠯᠡᠨ ᠶᠠᠪᠤᠭᠰᠠᠨ ᠶᠤᠮ ᠪᠠᠶᠢᠨ᠎ᠠ᠃ ᠭᠡᠪᠡᠴᠦ ᠦᠨᠡᠭᠡ ᠬᠡᠳᠤᠢ ᠬᠤᠯᠵᠢᠨ ᠴᠦ ᠬᠠᠰᠢᠷ ᠠᠩᠴᠢᠨ ᠤ ᠬᠢᠷᠬᠠᠢ ᠨᠢᠳᠤᠨ ᠠᠴᠠ ᠶᠠᠭᠠᠬᠢᠨ ᠭᠠᠷᠴᠦ ᠴᠢᠳᠠᠬᠤ ᠠᠵᠢ᠃ ᠪᠤᠳᠠ ᠪᠤᠷᠭᠠᠰᠤᠨ ᠤ ᠨᠠᠶᠢᠭᠤᠵᠦ ᠬᠤᠭᠤᠷᠠᠭᠰᠠᠨ ᠬᠢᠭᠡᠳ ᠬᠠᠶᠠ ᠬᠠᠶᠠ ᠬᠠᠯᠳᠤᠷᠬᠢᠯᠠᠵᠦ᠂ ᠴᠦᠯᠳᠤ ᠮᠦᠯᠳᠤ ᠬᠢᠰᠬᠢᠭᠰᠡᠨ ᠮᠦᠷ ᠢ ᠨᠢ ᠠᠯᠳᠠᠯ ᠦᠬᠡᠢ ᠮᠦᠰᠬᠢᠭᠰᠡᠭᠡᠷ ᠭᠤᠰᠢᠭ  ᠤᠨ ᠮᠠᠩᠬᠠᠨ ᠪᠡᠷᠬᠡ᠂ ᠪᠦᠷᠢᠳᠤ ᠳᠤ ᠤᠷᠤᠭᠤᠯᠪᠠ᠃ ᠲᠡᠳᠡ ᠡᠷᠢᠨ ᠬᠦᠷᠬᠦ ᠳᠤ ᠦᠨᠡᠬᠡᠷ ︿ᠬᠠᠪᠬᠠᠨ ᠳᠤ ᠤᠨᠠᠭᠰᠠᠨ ᠴᠢᠨ᠋ᠸ᠎ᠠ ᠬᠦᠯ ᠢᠶᠠᠨ ᠲᠠᠰᠤ ᠬᠠᠵᠠᠨ᠎ᠠ﹀ ᠭᠡᠳᠡᠭ ᠢᠶᠠᠷ ᠰᠠᠩᠷᠤᠪ ᠡᠴᠤᠰ ᠤᠨ ᠲᠡᠯᠴᠢᠯᠡᠯᠳᠡ ᠬᠢᠵᠦ᠂ ᠪᠤᠷᠭᠠᠰᠤ ᠶᠢᠨ ᠰᠢᠯᠳᠠᠰᠤ ᠪᠠᠷ ᠮᠦᠬᠡᠷᠰᠤᠨ ᠬᠤᠭᠤᠯᠠᠢ ᠪᠠᠨ ᠬᠡᠳᠤ ᠬᠡᠳᠤ ᠴᠢᠴᠢᠵᠦ ᠴᠤᠭᠤᠯᠤᠭᠠᠳ ᠴᠢᠰᠤ ᠬᠦᠭᠡᠰᠤ ᠰᠠᠪᠢᠷᠠᠭᠤᠯᠵᠦ ᠬᠤᠭᠤᠯᠠᠢ ᠨᠢ ᠬᠤᠷᠴᠢᠬᠢᠨ᠎ᠠ᠃ ᠬᠤᠶᠠᠷ ᠪᠤᠷᠭᠠᠰᠤ ᠶᠢ ᠬᠤᠯᠪᠤᠭᠠᠳ ᠬᠦᠵᠤᠭᠦᠤ ᠪᠠᠨ ᠪᠤᠭᠤᠮᠢᠯᠠᠨ ᠦᠬᠦᠬᠦ ᠪᠠᠷ ᠨᠤᠴᠤᠯᠳᠤᠨ᠎ᠠ᠃ ᠲᠡᠷᠡ ᠠᠷᠠᠳ ᠲᠦᠮᠡᠨ ᠤ ᠭᠠᠷ ᠠᠴᠠ ᠮᠤᠯᠳᠤᠷᠴᠦ ᠴᠢᠳᠠᠭᠰᠠᠨ ᠦᠬᠡᠢ ᠬᠤᠶᠠᠷᠳᠡᠬᠢ ᠤᠳᠠᠭ᠎ᠠ ᠪᠠᠷᠢᠭᠳᠠᠪᠠ︾ ③᠃      ᠢᠩᠬᠢᠭᠡᠳ᠂ ᠪᠠᠯᠴᠢᠷᠤᠳ ᠤᠨ ᠲᠦᠷᠤᠭᠦᠤ ᠪᠠᠶᠠᠨ ᠰᠠᠩᠷᠤᠪ ᠤᠨ ᠲᠡᠭᠦᠤ᠂ ᠬᠠᠭᠤᠷᠮᠠᠭ ᠮᠠᠨᠵᠦ ᠶᠢᠨ ᠬᠠᠷᠬᠢᠰ ᠴᠠᠭᠳᠠᠭ᠎ᠠ ᠪᠠᠪᠤᠲᠤᠷᠵᠢ ᠬᠢᠭᠡᠳ ᠪᠠᠯᠴᠢᠷᠤᠳ ᠰᠦᠮ᠎ᠡ ᠶᠢᠨ ᠨᠤᠷᠪᠤ ᠯᠠᠮᠠ ᠲᠠᠢ ᠲᠡᠭᠡᠷᠡᠮ ᠰᠠᠩᠷᠤᠪ ᠢ ᠴᠤᠭᠭᠠᠷ ︽ᠠᠷᠠᠳ ᠤᠨ ᠰᠢᠭᠦᠬᠦ ᠲᠢᠩᠬᠢᠮ︾ ᠠᠴᠠ ᠰᠢᠭᠦᠨ ᠲᠠᠰᠤᠯᠠᠯᠳᠠ ᠬᠢᠵᠦ ᠲᠠᠷᠤᠩᠭᠤᠶᠢᠯᠠᠭᠰᠠᠨ ᠪᠢᠯᠠ᠃      ᠠ᠊᠂ ᠬᠤᠳᠤᠷᠠᠩᠭ᠎ᠠ᠂ ᠴᠢᠰᠤ ᠪᠠᠷ ᠬᠠᠨᠢᠶᠠᠯᠭᠠᠨ ᠲᠡᠩᠬᠡ ᠲᠠᠮᠢᠷ ᠨᠢ ᠲᠤᠶᠢᠯ ᠢᠶᠠᠷ ᠮᠠᠭᠤᠳᠠᠭᠰᠠᠨ ᠪᠤᠯᠪᠠᠴᠦ ᠠᠵᠢᠯ ᠤᠨ ᠪᠠᠶᠢᠷᠢ ᠠᠴᠠ ᠪᠠᠭᠤᠭᠰᠠᠨ ᠦᠬᠡᠢ ᠰᠠᠶᠢᠨ ᠠᠵᠢᠯᠯᠠᠯ᠎ᠠ ᠭᠡᠵᠦ ᠲᠡᠭᠦᠨ ᠢ ᠬᠠᠭᠤᠴᠢᠨ ᠬᠦᠪᠤᠩ ᠬᠦᠨᠵᠢᠯᠡ ᠱᠠᠩᠨᠠᠪᠠ᠃ ᠲᠡᠷᠡ ᠠᠷᠠᠳᠴᠢᠯᠠᠭᠰᠠᠨ ᠬᠤᠪᠢᠰᠬᠠᠯ ᠤᠨ ᠲᠤᠮᠳᠠ᠂ ᠬᠤᠪᠢᠰᠬᠠᠯ ᠤᠨ ᠶᠤᠰᠤ ᠤᠴᠢᠷ ᠢ ᠤᠶᠢᠯᠠᠭᠠᠨ ᠲᠠᠨᠢᠵᠦ᠂ ᠤᠯᠤᠰ ᠲᠦᠷᠦ ᠦᠵᠡᠯ ᠰᠠᠨᠠᠭ᠎ᠠ ᠪᠠᠨ ᠲᠡᠭᠡᠭᠰᠢᠯᠡᠭᠦᠯᠵᠦ᠂ ᠨᠢᠭᠡᠨ ᠡᠷᠡᠰ ᠴᠢᠩᠭ᠎ᠠ ᠬᠤᠪᠢᠰᠬᠠᠯᠴᠢ ᠪᠤᠯᠵᠦ ᠬᠦᠮᠤᠵᠢᠭ᠍ᠳᠡᠭᠰᠡᠨ ᠪᠦᠭᠡᠳ ᠤᠶᠤᠨ ᠪᠤᠯᠪᠠᠰᠤᠷᠠᠯ ᠲᠠᠢ ᠤᠯᠤᠰ ᠤᠨ ᠺᠠᠳ᠋ᠷ ᠠᠵᠢᠯᠳᠠᠨ ᠤ ᠨᠢᠭᠡ ᠨᠢ ᠪᠤᠯᠤᠭᠰᠠᠨ ᠪᠠᠶᠢᠨ᠎ᠠ᠃ ᠠᠵᠢᠯᠯᠠᠬᠤ ᠠᠩᠬᠢ ᠶᠢᠨ ᠲᠠᠷᠤᠭ᠎ᠠ ᠪᠠᠶᠢᠯᠳᠤᠭᠴᠢᠳ ᠨᠠᠷ᠂ ᠠᠷᠠᠳ ᠲᠦᠮᠡᠨ ᠤ ᠲᠦᠯᠦᠭᠡ᠂ ᠠᠷᠠᠳᠴᠢᠯᠠᠭᠰᠠᠨ ᠬᠤᠪᠢᠰᠬᠠᠯ ᠤᠨ ᠲᠦᠯᠦᠭᠡ ᠮᠠᠰᠢ ᠤᠯᠠᠨ ᠠᠵᠢᠯ ᠤᠳ ᠢ ᠬᠢᠪᠡ᠃ ᠠᠳᠡ ᠵᠦᠪᠬᠡᠨ ᠨᠢᠭᠡ ᠬᠤᠶᠠᠷ ᠵᠢᠱᠢᠶ᠎ᠡ ᠶᠢ ᠲᠤᠷᠠᠳᠤᠭᠰᠠᠨ ᠲᠡᠳᠤᠢ ᠯᠡ ᠪᠢᠯᠠ᠃                                                          ᠪ᠊ · ᠲᠡᠮᠦᠷᠭᠤᠣᠯᠲᠣ ᠵᠤᠬᠢᠶᠠᠪᠠ                                                              
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号