ᠬᠤᠶᠠᠷ᠂ ᠦᠬᠡᠶᠢᠭᠦᠤ ᠠᠩᠬᠢ ᠶᠢᠨ ᠰᠤᠶᠤᠯ ᠤᠨ ᠬᠤᠪᠢᠰᠬᠠᠯ ᠤᠨ ᠤᠷᠤᠭ᠎ᠠ ᠪᠤᠰᠤᠭ᠎ᠠ ᠣᠨ ᠵᠢᠯ ᠳᠤ | | ᠠ᠊᠂ ᠬᠤᠳᠤᠷᠠᠩᠭ᠎ᠠ ᠪᠠᠭᠰᠢ ᠤᠷᠬᠢᠯᠤᠭᠰᠠᠨ ᠬᠠᠯᠠᠭᠤᠨ ᠰᠡᠳᠬᠢᠯᠭᠡ ᠪᠠᠷ ᠠᠵᠢᠯ ᠤᠶᠢᠯᠡᠰ ᠲᠡᠭᠡᠨ | ᠰᠢᠭᠤᠷᠬᠠᠶᠢᠯᠠᠵᠦ᠂ ᠦᠵᠡᠯ ᠰᠠᠨᠠᠭ᠎ᠠ ᠬᠦᠭᠵᠢᠩᠭᠦᠢ᠂ ᠤᠢ ᠤᠬᠠᠭᠠᠨ ᠰᠠᠷᠠᠭᠤᠯ᠂ ᠤᠭᠤᠷᠠᠭ ᠲᠠᠷᠢᠬᠢ ᠪᠠᠨ ᠰᠢᠪᠬᠠᠨ | ᠤᠷᠠᠨ ᠦᠵᠦᠭ ᠢ ᠵᠢᠷᠪᠡᠯᠵᠢᠭᠦᠯᠦᠨ ᠨᠢᠭᠡᠯᠡ ᠰᠡᠳᠬᠢᠯ ᠢᠶᠠᠷ ᠨᠠᠮ᠂ ᠠᠷᠠᠳ ᠲᠦᠮᠡᠨ ᠤ ᠪᠠᠨ ᠲᠦᠯᠦᠭᠡ ᠮᠡᠷᠡᠶᠢᠨ | ᠴᠠᠷᠮᠠᠶᠢᠨ ᠠᠵᠢᠯᠯᠠᠵᠦ ᠪᠠᠶᠢᠬᠤ ᠳᠤ ᠬᠤᠰᠢᠭᠤᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠴᠠ ᠲᠡᠭᠦᠨ ᠢ | ᠪᠠᠷᠠᠭᠤᠨ ᠪᠠᠭᠠᠷᠢᠨ ᠬᠤᠰᠢᠭᠤᠨ ᠳᠤ ︽ᠲᠦᠷᠪᠡ ᠶᠢ ᠴᠡᠪᠡᠷᠯᠡᠬᠦ ᠬᠦᠳᠡᠯᠭᠡᠭᠡᠨ︾ ᠳᠤ ᠤᠷᠤᠯᠴᠠᠭᠤᠯᠬᠤ ᠪᠠᠷ | ᠶᠠᠪᠤᠭᠤᠯᠪᠠ᠃ ᠠᠷᠤ ᠬᠤᠷᠴᠢᠨ ᠰᠤᠨᠢᠨ ᠡᠭᠦᠳᠡ ᠪᠠᠨ ᠬᠠᠭᠠᠭᠰᠠᠨ ᠤ ᠰᠡᠭᠦᠯᠡᠷ ᠨᠢ ᠲᠡᠭᠦᠨ ᠢ ᠬᠤᠰᠢᠭᠤᠨ ᠠᠯᠪᠠᠨ | ᠭᠡᠷ ᠲᠤ ᠲᠡᠳ᠋ ᠡᠷᠬᠢᠯᠡᠭᠴᠢ ᠪᠠᠷ ᠲᠡᠪᠰᠢᠭᠦᠯᠤᠨ ᠬᠡᠷᠡᠭᠯᠡᠪᠡ᠃ ᠡᠬᠢᠯᠡᠮᠡᠭᠴᠡ ᠵᠦᠪᠬᠡᠨ ᠨᠢᠭᠡᠨ ᠤᠷᠴᠢᠭᠤᠯᠤᠭᠴᠢ | ᠪᠠᠶᠢᠭᠰᠠᠨ ᠠᠴᠠ ᠲᠠᠪᠤᠨ ᠨᠡᠷ᠎ᠡ ᠤᠷᠴᠢᠭᠤᠯᠤᠭᠴᠢ ᠲᠠᠢ ᠪᠤᠯᠵᠦ᠂ ᠰᠡᠷᠡᠩᠪᠠᠯᠵᠤᠤᠷ ︵ᠬᠤᠵᠢᠮ ᠨᠢ ᠲᠤᠰᠬᠠᠢ ᠨᠡᠷᠡᠳᠤ | ᠤᠷᠴᠢᠭᠤᠯᠤᠭᠴᠢ᠂ ᠬᠡᠪᠯᠡᠯ ᠤᠨ ᠬᠤᠷᠢᠶᠡᠨ ᠤ ᠬᠠᠷᠢᠭᠤᠴᠠᠯᠭᠠᠳᠠᠨ ᠪᠤᠯᠪᠠ︶᠂ ᠲ᠊᠂ ᠪᠦᠬᠡᠳᠡᠮᠤᠷ ︵ᠲᠤᠰᠬᠠᠢ ᠤᠯᠤᠰ | ᠤᠨ ᠲᠡᠰ ᠤᠨ ᠤᠷᠴᠢᠭᠤᠯᠤᠭᠴᠢ᠂ ᠨᠠᠶᠢᠷᠠᠭᠤᠯᠤᠭᠴᠢ᠂ ᠵᠤᠬᠢᠶᠠᠯᠴᠢ ᠪᠤᠯᠪᠠ︶᠂ ᠲᠡᠭᠦᠰᠪᠠᠶᠠᠷ ︵ᠬᠤᠵᠢᠮ ᠨᠢ ᠵᠡᠭᠦᠨ | ᠬᠤᠶᠢᠳᠤ ᠶᠢᠨ ᠡᠷᠤᠬᠡ ᠶᠢᠨ ᠴᠡᠷᠢᠭ ᠰᠡᠳᠬᠦᠯ ᠤᠨ ᠤᠷᠴᠢᠭᠤᠯᠤᠭᠴᠢ ᠨᠠᠶᠢᠷᠠᠭᠤᠯᠤᠭᠴᠢ᠂ ᠠᠷᠤ ᠬᠤᠷᠴᠢᠨ | ᠬᠤᠰᠢᠭᠤᠨ ᠤ ᠲᠠᠷᠤᠭ᠎ᠠ ᠪᠤᠯᠪᠠ︶᠂ ᠹ᠊᠂ ᠪᠦᠬᠡ ︵ᠲᠤᠰᠬᠠᠢ ᠤᠷᠴᠢᠭᠤᠯᠤᠭᠴᠢ᠂ ᠵᠤᠬᠢᠶᠠᠯᠴᠢ ᠪᠤᠯᠵᠦ᠂ | ᠬᠤᠰᠢᠭᠤᠨ ᠠᠯᠪᠠᠨ ᠭᠡᠷ ᠤᠨ ᠤᠷᠴᠢᠭᠤᠯᠬᠤ ᠭᠡᠷ ᠤᠨ ᠲᠠᠷᠤᠭ᠎ᠠ ᠪᠠᠷ ᠠᠵᠢᠯᠯᠠᠪᠠ︶᠂ ᠪᠠᠳᠤ ︵ᠬᠤᠵᠢᠮ ᠨᠢ | ᠪᠠᠶ᠋ᠬᠠᠦ᠋ᠨᠳᠤᠷ ᠭᠦᠩᠱᠧ ᠶᠢᠨ ᠡᠳ᠋ ᠤᠨ ᠵᠠᠰᠠᠭ ᠤᠨ ᠲᠤᠰᠠᠯᠠᠭᠴᠢ ᠪᠠᠷ ᠠᠵᠢᠯᠯᠠᠪᠠ︶ ᠨᠠᠷ ᠪᠤᠯᠤᠨ᠎ᠠ᠃ | ᠲᠡᠷᠡ ᠦᠶ᠎ᠡ ᠳᠤ ᠬᠤᠰᠢᠭᠤᠨ ᠵᠠᠰᠠᠭ ᠤᠨ ᠤᠷᠳᠤᠨ ᠤ ᠠᠯᠪᠠᠨ ᠭᠡᠷ ᠨᠢ ᠲᠡᠭᠦᠨ ᠤ ᠰᠠᠨᠠᠭᠠᠴᠢᠯᠭ᠎ᠠ ᠪᠠᠷ | ᠬᠤᠰᠢᠭᠤᠨ ᠲᠠᠷᠤᠭ᠎ᠠ ᠶᠢᠨ ᠵᠦᠪᠰᠢᠶᠡᠷᠡᠯ ᠢᠶᠠᠷ ᠮᠠᠯᠵᠢᠬᠤ ᠤᠷᠤᠨ ᠳᠤ ᠪᠠᠭᠤᠯᠭᠠᠬᠤ ︽ᠪᠢᠴᠢᠭ ᠮᠠᠲ᠋ᠧᠷᠢᠶᠠᠯ ᠢ | ᠮᠤᠩᠭᠤᠯᠴᠢᠯᠠᠭᠰᠠᠨ ᠦᠬᠡᠢ ᠪᠤᠯ ᠠᠯᠪᠠᠨ ᠲᠠᠮᠠᠭ᠎ᠠ ᠲᠠᠷᠤᠵᠦ ᠦᠭᠬᠦ ᠦᠬᠡᠢ︔ ᠭᠠᠷ ᠤᠨ ᠦᠰᠦᠭ ᠵᠢᠷᠤᠵᠦ ᠦᠭᠬᠦ | ᠦᠬᠡᠢ︔ ᠲᠤᠷᠤᠭᠰᠢ ᠪᠠᠭᠤᠯᠭᠠᠬᠤ ᠦᠬᠡᠢ︾ ᠭᠤᠷᠪᠠᠨ ᠦᠬᠡᠢ ᠶᠢ ᠪᠠᠷᠢᠮᠳᠠᠯᠠᠨ ᠲᠦᠷᠢᠮᠵᠢᠭᠦᠯᠵᠦ᠂ ᠪᠦᠬᠦ | ᠬᠤᠰᠢᠭᠤᠨ ᠤ ᠪᠢᠴᠢᠭ ᠮᠠᠲ᠋ᠧᠷᠢᠶᠠᠯ ᠢ ᠵᠠᠪᠠᠯ ᠮᠤᠩᠭᠤᠯ ᠢᠶᠠᠷ ᠭᠤᠤᠯ ᠪᠤᠯᠭᠠᠵᠦ᠂ ᠡᠰᠡᠬᠦᠯ᠎ᠡ ᠪᠦᠷ ᠮᠤᠩᠭᠤᠯ ᠬᠢᠳᠠᠳ | ᠢᠶᠠᠷ ᠡᠯ᠎ᠡ ᠭᠦᠩᠱᠧ ᠳᠤ ᠵᠡᠷᠭᠡᠪᠡᠷ ᠪᠠᠭᠤᠯᠭᠠᠵᠦ᠂ ᠨᠠᠮ ᠤᠨ ᠦᠨᠳᠤᠰᠤᠳᠡᠨ ᠤ ᠲᠦᠷᠦ ᠶᠢᠨ ᠪᠤᠳᠤᠯᠭ᠎ᠠ ᠪᠠᠷ | ᠮᠠᠯᠵᠢᠬᠤ ᠲᠠᠷᠢᠶᠠᠯᠠᠬᠤ ᠤᠷᠤᠨ ᠤ ᠠᠵᠢᠯ ᠢ ᠦᠷᠨᠢᠭᠦᠯᠬᠦ ᠳᠤ ᠨᠠᠮ ᠤᠨ ᠴᠢᠭᠯᠡᠯᠳᠡ᠂ ᠱᠤᠭᠤᠮ᠂ ᠲᠦᠷᠦ ᠶᠢᠨ | ᠪᠤᠳᠤᠯᠭ᠎ᠠ ᠶᠢ ᠴᠠᠭ ᠲᠤᠬᠠᠢ ᠳᠤᠨᠢ ᠦᠨᠳᠤᠰᠤᠨ ᠱᠠᠳᠤᠨ ᠳᠤ ᠬᠦᠷᠭᠡᠵᠦ᠂ ᠬᠦᠳᠡᠭᠡ ᠶᠢᠨ ᠠᠵᠢᠯ ᠤᠶᠢᠯᠡᠳᠪᠤᠷᠢᠯᠡᠯ | ᠢ ᠬᠦᠴᠦᠳᠠᠢ ᠡᠷᠴᠢᠮᠳᠠᠢ ᠲᠦᠯᠬᠢᠨ ᠠᠬᠢᠭᠤᠯᠵᠦ ᠪᠠᠶᠢᠭᠰᠠᠨ ᠶᠤᠮ᠃ ᠶᠠᠭ ᠢᠩᠬᠢᠵᠦ ᠬᠤᠰᠢᠭᠤᠨ ᠤ ᠵᠠᠰᠠᠭ ᠤᠨ | ᠤᠷᠳᠤᠨ ᠤ ᠭᠤᠤᠯ ᠠᠵᠢᠯ ᠳᠤ ᠰᠢᠮᠳᠡᠵᠦ᠂ ᠬᠤᠪᠢᠰᠬᠠᠯ ᠤᠶᠢᠯᠡᠳᠪᠤᠷᠢᠯᠡᠯ ᠢ ᠠᠬᠢᠭᠤᠯᠵᠦ᠂ ᠬᠤᠰᠢᠭᠤᠨ ᠵᠠᠬ᠎ᠠ | ᠬᠢᠴᠠ ᠶᠢ ᠵᠢᠷᠤᠭᠯᠠᠬᠤ ᠤᠯᠠᠨ ᠵᠤᠶᠢᠯ ᠤᠨ ᠠᠵᠢᠯ ᠳᠤ ᠢᠳᠡᠪᠬᠢᠯᠡᠨ ᠤᠷᠤᠯᠴᠠᠵᠦ ᠪᠠᠶᠢᠳᠠᠯ᠎ᠠ᠂ ᠦᠬᠡᠶᠢᠭᠦᠤ ᠠᠩᠬᠢ | ᠶᠢᠨ ᠰᠤᠶᠤᠯ ᠤᠨ ᠶᠡᠭᠡ ᠬᠤᠪᠢᠰᠬᠠᠯ ᠡᠬᠢᠯᠡᠵᠦ᠂ ᠠᠷᠪᠠᠨ ᠵᠢᠯ ᠤᠨ ᠰᠠᠮᠠᠭᠤᠷᠠᠯ ᠪᠤᠯᠵᠦ᠂ ︽ᠶᠡᠬᠡᠪᠡᠷ ᠡᠪᠳᠡᠪᠡᠯ | ᠰᠠᠶ᠋ᠢ ᠶᠡᠬᠡᠪᠡᠷ ᠪᠠᠶᠢᠭᠤᠯᠵᠦ ᠴᠢᠳᠠᠨ᠎ᠠ︾ ᠭᠡᠰᠡᠨ ᠤᠷᠢᠶ᠎ᠠ ᠶᠢᠨ ᠲᠤᠤᠷ᠎ᠠ᠂ ᠲᠡᠤᠬᠡ ᠶᠢᠨ ᠨᠤᠮ ᠪᠢᠴᠢᠭ ᠢ ᠭᠠᠯᠳᠠᠵᠦ᠂ | ᠠᠷᠠᠳ ᠤᠨ ᠲᠠᠭᠤᠤ ᠶᠢ ᠲᠠᠭᠤᠯᠠᠵᠦ ᠪᠤᠯᠬᠤ ᠦᠬᠡᠢ ᠭᠡᠵᠦ ᠴᠠᠭᠠᠵᠢᠯᠠᠨ᠂ ᠭᠠᠭᠴᠠᠬᠦ ᠮᠠᠤ ᠲᠡᠷᠢᠭᠦᠯᠡᠭᠴᠢ ᠶᠢᠨ ᠦᠭᠡ | ᠶᠢᠨ ᠲᠡᠭᠦᠪᠤᠷᠢ ᠶᠢᠨ ᠲᠠᠭᠤᠤ᠂ ᠮᠡᠤ ᠲᠡᠷᠢᠭᠦᠯᠡᠭᠴᠢ ᠶᠢᠨ ᠰᠢᠯᠦᠭ ᠲᠠᠭᠤᠯᠠᠯ ᠤᠨ ᠲᠠᠭᠤᠤ᠂ ᠨᠢᠢᠮᠠᠬᠠᠨ ᠪᠡᠭᠡᠵᠢᠩ ᠤᠨ | ᠦᠯᠢᠭᠡᠷ ᠵᠢᠱᠢᠶ᠎ᠡ ᠱᠢ ᠵᠡᠷᠭᠡ ᠦᠯᠡᠳᠡᠵᠦ᠂ ᠤᠯᠠᠭᠠᠨᠮᠦ᠋ᠴᠢᠷ ᠨᠢ ᠲᠠᠮᠪᠠᠷᠠᠵᠦ᠂ ᠬᠤᠭᠤᠷ ᠤᠨ ᠦᠯᠢᠭᠡᠷ ᠢ ᠬᠤᠷᠢᠭ᠎ᠠ | ᠲᠠᠢ ᠪᠤᠯᠭᠠᠵᠦ᠂ ᠭᠠᠵᠠᠷ ᠤᠷᠤᠨ ᠤ ᠲᠠᠭᠤᠤ ᠪᠦᠵᠢᠭ᠂ ᠱᠢ ᠵᠦᠴᠦᠭᠡ ᠶᠢ ᠴᠢᠳᠬᠦᠷ ᠱᠤᠯᠤᠮ ᠢ ᠲᠠᠭᠤᠯᠠᠵᠦ᠂ | ᠬᠠᠭᠠᠨ ᠡᠵᠡᠨ ᠸᠠᠩ ᠨᠤᠶᠠᠳ ᠢ ᠮᠠᠭᠳᠠᠭᠰᠠᠨ ︽ᠬᠤᠤᠷᠳᠤ ᠡᠪᠡᠰᠤ︾ ᠭᠡᠵᠦ ᠪᠦᠬᠦᠨ ᠢ ᠪᠤᠷᠤᠭᠤᠰᠢᠶᠠᠨ | ᠰᠢᠭᠦᠮᠵᠢᠯᠡᠵᠦ᠂ ︽ᠲᠦᠷᠪᠡᠨ ᠬᠠᠭᠤᠴᠢᠨ ᠢ ᠡᠪᠳᠡᠨ᠎ᠡ︾ ᠭᠡᠵᠦ ᠰᠦᠮ᠎ᠡ ᠬᠡᠶᠢᠳ ᠢ ᠨᠤᠷᠠᠭᠠᠨ ᠡᠪᠳᠡᠵᠦ᠂ ᠰᠤᠳᠤᠷ | ᠨᠤᠮ ᠢ ᠨᠢ ᠰᠢᠳᠠᠭᠠᠵᠦ᠂ ᠯᠠᠮᠠ ᠬᠤᠸᠠᠷᠠᠭ ᠲᠡᠷᠡᠴᠢᠯᠡᠨ ᠭᠡᠭᠡᠨ ᠬᠤᠪᠢᠯᠭᠠᠳ ᠢ ᠪᠦᠷ ᠬᠦᠳᠡᠭᠡ ᠨᠤᠳᠤᠭ ᠲᠤᠨᠢ | ᠬᠦᠬᠡᠭᠡᠨ ᠶᠠᠪᠤᠭᠤᠯᠵᠦ᠂ ᠵᠠᠷᠢᠮ ᠢ ᠨᠢ ᠰᠠᠬᠢᠯ ᠰᠠᠨᠸᠠᠷ ᠢᠶᠠᠨ ᠡᠪᠳᠡᠵᠦ᠂ ᠪᠡᠷᠢ ᠪᠠᠭᠤᠯᠭᠠᠨ ︽ᠬᠠᠷ᠎ᠠ ᠬᠦᠮᠤᠨ︾ | ᠪᠤᠯᠭᠠᠵᠦ᠂ ᠨᠡᠩ ᠴᠦ ᠵᠠᠷᠢᠮ ᠬᠡᠳᠤ ᠵᠡᠭᠦᠨ ᠤ ᠬᠤᠪᠢᠰᠬᠠᠯ ᠤᠨ ᠢᠳᠡᠪᠬᠢᠳᠡᠨ᠂ ᠤᠷᠪᠠᠯᠭ᠎ᠠ ᠭᠠᠷᠭᠠᠭᠴᠢᠳ ᠨᠢ | ᠰᠦᠮ᠎ᠡ ᠬᠡᠶᠢᠳ ᠢ ᠡᠪᠳᠡᠯᠡᠨ ᠨᠤᠷᠠᠭᠠᠵᠦ ᠪᠠᠶᠢᠭᠠᠳ᠂ ᠬᠦᠯ ᠠᠯᠳᠠᠨ ᠬᠦᠰᠡᠷ ᠤᠨᠠᠭᠠᠳ᠂ ᠡᠰᠡᠯ᠎ᠡ ᠠᠮᠢ ᠪᠠᠨ | ᠠᠯᠳᠠᠭᠰᠠᠨ ᠶᠠᠪᠤᠳᠠᠯ ᠤᠴᠢᠷ ᠤᠳ ᠴᠦ ᠭᠠᠷᠴᠦ ᠦᠩᠭᠡᠷᠡᠭᠰᠡᠨ ᠪᠢᠯᠠ᠃ ᠬᠤᠰᠢᠭᠤᠨ ᠤᠳᠤᠷᠢᠳᠤᠯᠭ᠎ᠠ ᠨᠠᠷ ᠢ | ᠬᠦᠷᠦᠩᠭᠡᠳᠡᠨ ᠶᠤᠰᠤᠨ ᠤ ᠵᠠᠮ ᠢᠶᠠᠷ ᠵᠠᠮᠨᠠᠭᠴᠢ᠂ ᠬᠦᠷᠤᠩᠭᠡᠳᠤ ᠶᠤᠰᠤᠨ ᠤ ᠡᠷᠬᠡ ᠪᠠᠷᠢᠭᠴᠢ᠂ ᠵᠠᠰᠠᠪᠤᠷᠢᠯᠠᠬᠤ | ᠦᠵᠡᠯᠳᠡᠨ᠂ ᠤᠯᠠᠭᠠᠨᠬᠦᠤ ᠶᠢ ᠲᠠᠭᠠᠵᠦ ᠤᠯᠤᠰ ᠠᠴᠠ ᠤᠷᠪᠠᠭ᠋ᠤ ᠡᠳᠡᠭᠡᠳ᠂ ᠲᠠᠩᠨᠠᠭᠤᠯ᠂ ᠵᠠᠪᠰᠢᠭᠴᠢ᠂ ᠦᠪᠤᠷ | ᠠᠷᠠᠳ ᠤᠨ ᠨᠠᠮ ᠤᠨ ᠬᠡᠰᠢᠭᠦᠨ ︵ᠡᠪᠯᠡᠯ ᠤᠨ ᠬᠡᠰᠢᠭᠦᠨ︶᠂ ᠬᠦᠷᠤᠩᠭᠡᠳᠡᠨ ᠠᠩᠬᠢ ᠶᠢᠨ ᠦᠮᠡᠬᠡᠢ ᠶᠢᠰᠤᠳᠤᠭᠡᠷ | ᠭᠡᠬᠦ ᠡᠯᠳᠡᠪ ᠵᠤᠶᠢᠯ ᠤᠨ ᠬᠢᠯᠢᠰ ᠨᠡᠷ᠎ᠡ ᠵᠡᠭᠦᠯᠭᠡᠵᠦ᠂ ᠡᠳᠤᠷ ᠰᠦᠨᠢ ᠦᠬᠡᠢ ᠪᠤᠷᠤᠭᠤᠰᠢᠶᠠᠨ ᠲᠡᠮᠡᠴᠡᠵᠦ᠂ ᠴᠠᠭᠠᠰᠤᠨ | ᠲᠡᠮᠳᠡᠭ ᠴᠠᠭᠠᠰᠤᠨ ᠮᠠᠯᠠᠭᠠᠢ ᠵᠡᠭᠦᠯᠭᠡᠵᠦ᠂ ᠦᠨᠳᠤᠷ ᠰᠠᠨᠳᠠᠯᠢ ᠲᠡᠭᠡᠷ᠎ᠡ ᠵᠤᠭᠰᠤᠭᠠᠵᠦ᠂ ᠬᠤᠭᠤᠯᠠ ᠪᠤᠳᠠᠭ᠎ᠠ | ᠢᠳᠡᠭᠦᠯᠬᠦ ᠦᠬᠡᠢ ᠮᠦᠷᠳᠡᠭᠡᠨ ᠬᠦᠮᠤᠨ ᠴᠢᠨᠠᠷ ᠦᠬᠡᠢ ᠤᠷᠪᠠᠯᠭ᠎ᠠ ᠭᠠᠷᠭᠠᠭᠴᠢᠳ ᠨᠠᠷ ᠪᠠᠰᠠ᠂ ᠨᠤᠬᠠᠢ ᠭᠠᠭ᠋ᠠᠢ | ᠢᠳᠡᠬᠦ ᠦᠬᠡᠢ ︽ᠶᠠᠭᠤᠮ᠎ᠠ︾ ᠶᠢ ᠬᠠᠷ᠎ᠠ ᠠᠯᠪᠠ ᠪᠠᠷ ᠲᠡᠮᠡᠴᠡᠭᠳᠡᠵᠦ ᠪᠠᠶᠢᠭ᠎ᠠ ᠡᠳᠡᠭᠡᠳ ᠲᠤ ᠢᠳᠡᠭᠦᠯᠵᠦ᠂ | ᠲᠤᠯᠤᠭᠠᠢ ᠶᠢ ᠨᠢ ᠲᠠᠷᠤᠵᠦ᠂ ᠮᠦᠴᠡ ᠶᠢ ᠨᠢ ᠲᠡᠭᠡᠭᠰᠢ ᠲᠠᠳᠠᠨ ︽ᠨᠢᠰᠭᠡᠯ ᠳᠤ ᠰᠠᠭᠤᠯᠭᠠᠵᠦ︾᠂ ᠵᠠᠷᠢᠮ ᠢ ᠨᠢ | ᠬᠠᠭᠠᠰ ᠪᠤᠯᠠᠰᠢᠯᠠᠵᠦ᠂ ᠶᠠᠩᠵᠦ ᠵᠤᠶᠢᠯ ᠢᠶᠠᠷ ᠲᠠᠷᠴᠢᠯᠭᠠᠨ ᠵᠤᠪᠠᠭᠠᠵᠦ ᠪᠠᠶᠢᠪᠠ᠃ | ᠠ᠊᠂ ᠬᠤᠳᠤᠷᠠᠩᠭ᠎ᠠ ᠪᠠᠭᠰᠢ ᠴᠦ ᠲᠡᠭᠡᠷ᠎ᠡ ᠲᠤᠷᠠᠳᠤᠭᠰᠠᠨ ᠡᠯᠳᠡᠪ ᠵᠤᠶᠢᠯ ᠤᠨ ᠬᠢᠯᠢᠰ ᠨᠡᠷ᠎ᠡ ᠭᠦᠳᠭᠡᠯ ᠢ | ᠡᠭᠦᠷᠴᠦ᠂ 23 ᠵᠤᠶᠢᠯ ᠤᠨ ᠡᠷᠡᠭᠦᠤ ᠲᠠᠮᠤᠯᠤᠯ ᠢ ᠠᠮᠰᠠᠵᠦ 800 ᠢᠯᠡᠭᠦᠤ ᠤᠳᠠᠭ᠎ᠠ ᠲᠡᠮᠡᠴᠡᠭᠳᠡᠨ | ᠪᠤᠷᠤᠭᠤᠰᠢᠶᠠᠭᠳᠠᠵᠦ᠂ ᠠᠵᠢᠯ ᠢᠶᠠᠨ ᠬᠢᠵᠦ ᠲᠡᠶᠢᠯᠬᠦ ᠦᠬᠡᠢ ᠪᠤᠯᠤᠭᠠᠳ᠂ ᠠᠮᠢ ᠪᠠᠨ ᠬᠠᠮᠠᠭᠠᠯᠠᠬᠤ ᠳᠤ ᠴᠦ | ᠬᠦᠴᠢᠷᠳᠠᠢ ᠪᠣᠯᠵᠤ᠂ ᠴᠢᠬᠢ ᠲᠥᠯᠡᠶᠢᠷᠡᠮᠡ ᠤᠷᠠᠢ ᠯᠤᠽᠦᠩ ᠤᠨ ᠬᠠᠰᠬᠢᠷᠤᠯᠳᠠ ᠶᠢᠨ ᠲᠤᠮᠳᠠ ᠲᠡᠮᠡᠴᠡᠭᠳᠡᠵᠦ᠂ | ᠪᠤᠷᠤᠭᠤᠰᠢᠶᠠᠨ ᠰᠢᠭᠦᠮᠵᠢᠯᠡᠭᠳᠡᠵᠦ᠂ ᠪᠡᠶ᠎ᠡ ᠰᠡᠳᠬᠢᠯ ᠳᠤᠨᠢ ᠡᠳᠡᠭᠡᠷᠡᠰᠢ ᠦᠬᠡᠢ ︽ᠶᠠᠷ᠎ᠠ ᠰᠢᠷᠬ᠎ᠠ︾ ᠶᠢ | ᠰᠠᠭᠤᠯᠭᠠᠭᠰᠠᠨ ᠶᠤᠮ᠃ ᠭᠡᠬᠦ ᠳᠤ ᠠ᠊᠂ ᠬᠤᠳᠤᠷᠠᠩᠭ᠎ᠠ ᠪᠠᠭᠰᠢ ᠮᠠᠨᠢ ᠨᠠᠮ᠂ ᠠᠷᠠᠳ ᠲᠦᠮᠡᠨ ᠳᠡᠭᠡᠨ ᠭᠤᠮᠤᠳᠠᠭᠰᠠᠨ | ᠦᠬᠡᠢ᠂ ᠬᠤᠪᠢᠰᠬᠠᠯ ᠤᠨ ᠬᠦᠳᠡᠯᠭᠡᠭᠡᠨ ᠳᠤ ᠵᠦᠪ ᠢᠶᠠᠷ ᠬᠠᠨᠳᠤᠵᠦ᠂ ᠬᠠᠮᠳᠤ ᠠᠵᠢᠯᠯᠠᠵᠦ ᠪᠠᠶᠢᠭᠰᠠᠨ ᠲᠠᠶᠢᠴᠢᠨ | ᠨᠦᠬᠦᠳ ᠢᠶᠠᠨ ᠴᠢᠷᠦᠭᠳᠡᠭᠦᠯᠦᠭᠰᠡᠨ ᠦᠬᠡᠢ᠂ ᠪᠤᠰᠤᠳ ᠲᠤ ᠮᠠᠭᠤ ᠦᠬᠡ ᠬᠡᠯᠵᠦ᠂ ᠬᠤᠤᠷ ᠶᠤᠷᠤ ᠱᠠᠭᠠᠵᠦ | ᠬᠠᠪᠴᠢᠭᠤᠯᠤᠭᠰᠠᠨ ᠦᠬᠡᠢ ᠪᠢᠯᠠ᠃ ᠦᠭᠡᠶᠢᠭᠦᠤ ᠠᠩᠬᠢ ᠶᠢᠨ ᠰᠤᠶᠤᠯ ᠤᠨ ᠶᠡᠭᠡ ᠬᠤᠪᠢᠰᠬᠠᠯ ᠤᠨ ᠠᠷᠪᠠᠨ ᠵᠢᠯ | ᠤᠨ ᠰᠠᠮᠠᠭᠤᠷᠠᠯ ᠤᠨ ᠤᠶᠢᠮᠡᠭᠡᠨ ᠲᠡᠪᠵᠢᠶᠡᠨ ᠤ ᠲᠤᠮᠳᠠ ᠪᠤᠰᠤᠭ᠎ᠠ ᠪᠠᠷ ᠲᠤᠭᠤᠯᠠᠭᠰᠠᠨ ᠲᠦᠷᠪᠡᠨ ᠰᠠᠶᠢᠨ ᠡᠷ᠎ᠡ ᠶᠢ | ᠲᠤᠷᠠᠳᠪᠠᠯ᠄ ᠤᠤᠯ ᠤᠨ ᠬᠤᠰᠢᠭᠤᠨ ᠲᠠᠷᠤᠭ᠎ᠠ ᠬᠠᠷᠪᠠᠷᠰ᠂ ᠪᠠᠶᠠᠨᠳᠠᠯ᠎ᠠ ᠭᠦᠩᠱᠧ ᠶᠢᠨ ᠱᠦᠵᠢ ᠪᠠᠶᠢᠭᠰᠠᠨ | ᠵᠢᠭ᠍ᠰᠢᠵᠠᠪ᠂ ᠱᠤᠤ ᠶᠢᠨ ᠲᠠᠷᠤᠭ᠎ᠠ ᠪᠤᠶᠠᠨ ︵ᠬᠠᠯᠬ᠎ᠠ ᠳᠤ ᠶᠠᠪᠤᠭᠰᠠᠨ︶ ᠪᠤᠯᠤᠨ ᠠ᠊᠂ ᠬᠤᠳᠤᠷᠠᠩᠭ᠎ᠠ ᠲᠦᠷᠪᠡᠨ | ᠬᠦᠮᠤᠨ ᠢ ᠲᠤᠷᠠᠳᠴᠦ ᠪᠤᠯᠬᠤ ᠶᠤᠮ᠃ ᠨᠠᠮ ᠤᠨ ᠵᠢᠭᠠᠪᠤᠷᠢ᠂ ᠤᠳᠤᠷᠢᠳᠤᠯᠭ᠎ᠠ ᠶᠢᠨ ᠦᠭᠡ ᠪᠠᠷ ᠠᠷᠪᠠᠨ ᠵᠢᠯ ᠤᠨ | ᠰᠠᠮᠠᠭᠤᠷᠠᠯ ᠢ ᠡᠷᠡᠯᠬᠡᠭ ᠢᠶᠠᠷ ᠲᠤᠭᠤᠯᠠᠭᠰᠠᠨ ᠪᠦᠭᠡᠳ 1945 ᠤᠨ ᠤ ᠡᠪᠤᠯ ᠠᠴᠠ ᠬᠤᠪᠢᠰᠬᠠᠯ ᠳᠤ ᠤᠷᠤᠯᠴᠠᠵᠦ᠂ | 1992 ᠤᠨ ᠪᠤᠯᠳᠠᠯ᠎ᠠ ᠪᠦᠬᠦᠯᠢ 48 ᠵᠢᠯ ᠠᠵᠢᠯᠯᠠᠬᠤ ᠳᠠᠭᠠᠨ᠂ ᠰᠢᠳᠭᠡᠯ ᠲᠤᠩᠭᠤᠳᠤᠯᠭᠠ ᠤᠯᠤᠭᠰᠠᠨ ᠤᠳᠠᠭ᠎ᠠ | ᠭᠡᠵᠦ ᠨᠢᠭᠡᠴᠦ ᠦᠬᠡᠢ ᠠᠷᠢᠭᠤᠨ ᠴᠢᠭᠴᠢ ᠲᠦᠪ ᠰᠢᠯᠤᠭᠤᠨ ᠢᠶᠠᠷ ᠠᠵᠢᠯᠯᠠᠵᠦ᠂ ︽ᠨᠠᠮ ᠤᠨ ᠰᠠᠶᠢᠨ ᠺᠠᠳ᠋ᠷ︾᠂ ︽ | ᠰᠢᠯᠢᠳᠡᠭ ᠨᠠᠮ ᠤᠨ ᠬᠡᠰᠢᠭᠦᠨ︾ ᠢᠶᠠᠷ ᠤᠯᠠᠨᠳᠠ ᠱᠠᠩᠨᠠᠭᠳᠠᠨ ᠬᠦᠬᠢᠭᠦᠯᠦᠭᠳᠡᠵᠦ ᠦᠩᠭᠡᠷᠡᠭᠰᠡᠨ ᠶᠤᠮ᠃ ᠭᠡᠬᠦ ᠳᠤ | ᠤᠯᠠᠭᠠᠨ ᠢᠶᠠᠷ ᠤᠯᠠᠶᠢᠵᠦ᠂ ᠤᠷᠪᠠᠯᠭ᠎ᠠ ᠪᠠᠷ ᠲᠤᠩᠰᠤᠯᠠᠭᠰᠠᠨ ᠲᠡᠷᠡ ᠦᠶ᠎ᠡ ᠳᠤ ᠦᠨᠡᠨ ᠬᠤᠳᠠᠯ ᠢ ᠢᠯᠭᠠᠬᠤ ᠦᠬᠡᠢ | ᠪᠠᠷ ᠠ᠊᠂ ᠬᠤᠳᠤᠷᠠᠩᠭ᠎ᠠ ᠶᠢ ︽ᠠᠩᠬᠢ ᠨᠠᠶᠢᠷᠠᠭ ᠢᠶᠠᠨ ᠨᠢᠭᠤᠵᠦ᠂ ᠠᠵᠢᠯ ᠳᠤ ᠤᠷᠤᠵᠦ ᠨᠠᠮ ᠳᠤ ᠰᠢᠷᠭᠤᠪᠠ︾ | ᠭᠡᠵᠦ᠂ ︽ᠨᠠᠮ ᠠᠴᠠ ᠬᠦᠭᠡᠭᠡᠵᠦ᠂ ᠠᠵᠢᠯ ᠠᠴᠠ ᠨᠢ ᠬᠦᠭᠡᠭᠡᠬᠦ︾ ᠭᠡᠵᠦ ᠲᠡᠭᠡᠭᠰᠢ ᠮᠡᠳᠡᠭᠦᠯᠦᠯᠳᠡ ᠪᠢᠴᠢᠵᠦ᠂ | ᠡᠴᠤᠰ ᠲᠡᠭᠡᠨ ᠨᠠᠮ ᠤᠨ ᠲᠤᠳᠤᠷ᠎ᠠ ᠬᠤᠶᠠᠷ ᠵᠢᠯ ᠢᠶᠠᠷ ᠬᠢᠨᠠᠵᠦ᠂ ᠲᠤᠰᠢᠶᠠᠯ ᠢ ᠨᠢ ᠬᠠᠰᠤᠵᠦ᠂ ᠴᠠᠯᠢᠩ ᠢ ᠨᠢ | ᠪᠠᠭᠤᠷᠠᠭᠤᠯᠵᠦ᠂ ᠭᠤᠷᠪᠠᠨ ᠠᠶᠢᠮᠠᠭ ᠲᠠᠪᠤᠨ ᠬᠤᠰᠢᠭᠤᠨ ᠤ ᠬᠡᠷᠡᠭᠦᠯ ᠮᠠᠷᠭᠤᠭᠠᠨ ᠲᠠᠢ ᠬᠠᠨ ᠠᠭᠤᠯᠠ ᠶᠢᠨ ᠠᠷᠤ | ᠤᠳᠤᠷ ᠤᠨ ᠠᠯᠪᠠᠨ ᠭᠡᠷ ᠲᠤ ᠴᠦᠯᠡᠯᠭᠡᠨ ᠳᠤ ᠶᠠᠪᠤᠭᠤᠯᠪᠠ᠃ ᠲᠡᠭᠦᠨ ᠤ ᠦᠪᠡᠷ ᠤᠨ ᠬᠡᠯᠡᠬᠦ ᠪᠠᠷ ︽ᠡᠨᠡ ᠨᠢ | ᠬᠠᠷᠢᠨ ᠠ᠊᠂ ᠬᠤᠳᠤᠷᠠᠩᠭ᠎ᠠ ᠳᠤ ᠠᠰᠢᠳᠠ ᠶᠢᠨ ᠰᠠᠶᠢᠨ ᠠᠵᠠ ᠲᠤᠬᠢᠶᠠᠯ ᠪᠤᠯᠵᠦ᠂ ᠠᠷᠠᠳ ᠤᠯᠠᠨ ᠲᠠᠢ | ᠤᠶᠢᠷᠠᠳᠤᠵᠦ᠂ ᠠᠷᠢᠭᠤᠨ ᠲᠠᠷᠬᠠᠨ ᠪᠠᠶᠢᠭᠠᠯᠢ ᠶᠢᠨ ᠵᠢᠮ᠎ᠡ ᠶᠤᠰᠤ᠂ ᠠᠷᠠᠳ ᠮᠠᠯᠴᠢᠳ ᠤᠨ ᠠᠮᠢᠳᠤᠷᠠᠯ | ᠤᠶᠢᠯᠡᠳᠪᠤᠷᠢᠯᠡᠯ ᠤᠨ ᠵᠠᠩ ᠵᠠᠩᠰᠢᠯ᠂ ᠤᠷᠴᠢᠨ ᠠᠬᠤᠢ ᠪᠠᠶᠢᠭᠠᠯᠢ ᠶᠢᠷᠳᠢᠨᠴᠦ ᠶᠢᠨ ᠡᠶ᠎ᠡ ᠵᠤᠬᠢᠴᠡᠯ ᠵᠡᠷᠭᠡ ᠤᠯᠠᠨ | ᠲᠠᠯ᠎ᠠ ᠶᠢᠨ ᠵᠢᠮ᠎ᠡ ᠶᠤᠰᠤ ᠶᠢ ᠤᠶᠢᠯᠠᠭᠠᠨ ᠮᠡᠳᠡᠵᠦ᠂ ᠬᠤᠵᠢᠮ ᠤᠨ ᠵᠤᠬᠢᠶᠠᠯ ᠨᠠᠶᠢᠷᠠᠭᠤᠯᠤᠯᠭᠠ᠂ ᠲᠡᠤᠬᠡ ᠰᠤᠳᠤᠷ | ᠪᠢᠴᠢᠬᠦ ᠳᠤᠨᠢ ᠮᠠᠰᠢ ᠰᠠᠶᠢᠨ ᠰᠠᠭᠤᠷᠢ ᠶᠢ ᠲᠠᠯᠪᠢᠪᠠ︾ ᠭᠡᠵᠦ ᠬᠡᠯᠡᠵᠦ ᠪᠢᠯᠠ᠃ | 1976 ᠤᠨ ᠳᠤ ︽ᠲᠦᠷᠪᠡᠨ ᠬᠦᠮᠤᠨ ᠤ ᠪᠦᠯᠦᠭ︾ ᠢ ᠴᠤᠬᠢᠨ ᠤᠨᠠᠭᠠᠭᠰᠠᠨ ᠤ ᠰᠡᠭᠦᠯᠡᠷ᠂ ᠠ᠊᠂ | ᠬᠤᠳᠤᠷᠠᠩᠭ᠎ᠠ ᠶᠢᠨ ᠰᠢᠳᠭᠡᠯ ᠰᠢᠭᠦᠮᠵᠢᠯᠡᠯ ᠢ ᠪᠦᠷᠢᠮᠤᠰᠤᠨ ᠬᠦᠴᠦᠨ ᠦᠬᠡᠢ ᠪᠤᠯᠭᠠᠵᠦ᠂ ᠠᠯᠢᠪᠠ ᠬᠢᠯᠢᠰ ᠭᠦᠳᠬᠡᠯ | ᠢ ᠨᠢ ᠴᠠᠭᠠᠳᠬᠠᠨ ᠦᠭᠪᠡ᠃ ᠲᠡᠭᠡᠭᠡᠳ ᠰᠤᠶᠤᠯ ᠤᠨ ᠬᠤᠪᠢᠰᠬᠠᠯ ᠠᠴᠠ ᠪᠤᠯᠵᠦ᠂ ᠬᠤᠰᠢᠭᠤᠨ ᠤᠶᠢᠯᠡᠳᠪᠤᠷᠢᠯᠡᠯ | ᠤᠨ ᠠᠯᠪᠠᠨ ᠭᠡᠷ ᠲᠤ ᠡᠩ ᠤᠨ ᠠᠵᠢᠯᠳᠠᠨ ᠢᠶᠠᠷ ᠠᠵᠢᠯᠯᠠᠵᠦ᠂ ᠲᠤᠬᠠᠢ ᠶᠢᠨ ᠦᠶ᠎ᠡ ᠳᠤ ᠵᠤᠤ ᠤᠳᠠ ᠠᠶᠢᠮᠠᠭ ᠲᠤ | ᠠᠵᠢᠯᠯᠠᠭᠤᠯᠬᠤ ᠪᠠᠷ ᠠᠪᠤᠭᠠᠴᠠᠭᠰᠠᠨ ᠬᠤᠳᠤᠷᠠᠩᠭ᠎ᠠ ᠶᠢ ᠲᠠᠬᠢᠨ ᠠᠷᠤ ᠬᠤᠷᠴᠢᠨ ᠬᠤᠰᠢᠭᠤᠨ ᠤ ᠠᠷᠠᠳ ᠵᠠᠰᠠᠭ ᠤᠨ | ᠲᠤᠪᠴᠢᠶᠠᠨ ᠳᠤ ᠲᠤᠪᠴᠢᠶᠠᠨ ᠲᠠᠷᠤᠭ᠎ᠠ ᠪᠠᠷ ᠲᠤᠮᠢᠯᠠᠨ ᠠᠵᠢᠯᠯᠠᠭᠤᠯᠪᠠ᠃ | ᠦᠪᠡᠷ ᠢᠶᠠᠨ ᠬᠢᠯᠢᠰ ᠭᠦᠵᠢᠷ ᠢᠶᠠᠷ ᠲᠡᠮᠡᠴᠡᠭᠳᠡᠨ ᠪᠤᠷᠤᠭᠤᠰᠢᠶᠠᠭᠳᠠᠭᠰᠠᠨ ᠲᠤᠯᠠ ᠲᠡᠷᠡ ᠪᠤᠰᠤᠳ ᠢ ᠨᠡᠩ | ᠬᠦᠨ ᠤᠶᠢᠯᠠᠭᠠᠬᠤ ᠪᠤᠯᠵᠠᠢ᠃ ᠲᠡᠭᠡᠭᠡᠳ ᠲᠡᠷᠡ ᠤᠯᠤᠰ ᠲᠦᠷᠦ ᠶᠢᠨ ᠴᠢᠯᠦᠭᠡᠯᠡᠯᠳᠡ ᠪᠠᠨ ᠤᠯᠵᠦ᠂ ᠠᠵᠢᠯ ᠢᠶᠠᠨ | ᠲᠠᠬᠢᠨ ᠰᠡᠷᠭᠦᠭᠡᠭᠰᠡᠨ ᠤ ᠲᠠᠷᠠᠭ᠎ᠠ᠂1978 ᠤᠨ ᠤ 5 ᠰᠠᠷ᠎ᠠ ᠳᠤ ᠬᠤᠰᠢᠭᠤᠨ ᠤ ︽ᠲᠦᠷᠦ ᠶᠢᠨ ᠪᠤᠳᠤᠯᠭ᠎ᠠ ᠶᠢ | ᠨᠠᠶᠢᠳᠠᠪᠤᠷᠢᠵᠢᠭᠤᠯᠬᠤ ᠠᠯᠪᠠᠨ ᠭᠡᠷ︾ ᠲᠤ ᠪᠠᠶᠢᠩᠭᠤ ᠶᠢᠨ ᠲᠡᠳ᠋ ᠡᠷᠬᠢᠯᠡᠭᠴᠢ ᠪᠠᠷ ᠠᠵᠢᠯᠯᠠᠵᠦ᠂ ᠦᠬᠡᠶᠢᠭᠦᠤ ᠠᠩᠬᠢ | ᠶᠢᠨ ᠰᠤᠶᠤᠯ ᠤᠨ ᠶᠡᠭᠡ ᠬᠤᠪᠢᠰᠬᠠᠯ ᠤᠨ ᠲᠤᠮᠳᠠ ᠬᠢᠯᠢᠰ ᠬᠦᠵᠢᠷ ᠢᠶᠠᠷ ᠪᠤᠷᠤᠭᠤᠰᠢᠶᠠᠨ ᠲᠡᠮᠡᠴᠡᠭᠳᠡᠵᠦ᠂ ᠵᠤᠶᠢᠯ | ᠤᠨ ᠮᠠᠭᠤ ᠨᠡᠷ᠎ᠡ ᠵᠡᠭᠦᠯᠭᠡᠭᠰᠡᠨ ᠬᠦᠮᠤᠰ ᠲᠤ᠂ ᠨᠡᠷ᠎ᠡ ᠲᠦᠷᠦ ᠶᠢ ᠨᠢ ᠴᠠᠭᠠᠳᠬᠠᠨ ᠰᠡᠷᠭᠦᠭᠡᠵᠦ᠂ ᠵᠤᠬᠢᠬᠤ ᠠᠵᠢᠯ ᠢ | ᠨᠢ ᠰᠡᠷᠭᠦᠭᠡᠬᠦ ᠳᠤ ᠬᠤᠪᠢ ᠬᠦᠮᠤᠨ ᠤ ᠬᠦᠴᠦᠨ ᠨᠡᠮᠡᠭᠦᠷᠢ ᠪᠠᠨ ᠡᠷᠭᠦᠵᠦ᠂ ᠲᠦᠷᠦ ᠶᠢᠨ ᠪᠤᠳᠤᠯᠭ᠎ᠠ ᠶᠢ ᠲᠦᠪ | ᠭᠤᠤᠯᠴᠢ ᠪᠠᠷ ᠬᠡᠷᠡᠭᠵᠢᠭᠦᠯᠦᠨ ᠨᠠᠶᠢᠳᠠᠪᠤᠷᠢᠵᠢᠭᠦᠯᠦᠭᠰᠡᠨ ᠢᠶᠠᠷ ᠰᠠᠨᠠᠯ ᠭᠤᠮᠤᠳᠠᠯ ᠲᠠᠢ ᠬᠦᠮᠤᠨ ᠨᠢᠭᠡᠴᠦ ᠭᠠᠷᠤᠭᠰᠠᠨ | ᠦᠬᠡᠢ ᠪᠢᠯᠠ᠃ ᠡᠨᠡ ᠨᠢ ᠠ᠊᠂ ᠬᠤᠳᠤᠷᠠᠩᠭ᠎ᠠ ᠨᠠᠰᠤᠳᠠᠨ ᠤ ᠬᠦᠮᠤᠨ ᠴᠢᠨᠠᠷ ᠤᠨ ᠬᠢᠨᠢ ᠦᠨᠡᠯᠡᠯᠳᠡ ᠨᠤᠳᠠᠯᠠᠯᠳᠠ | ᠪᠤᠯᠬᠤ ᠶᠤᠮ᠃ ᠲᠦᠪ ᠭᠤᠤᠯᠴᠢ ᠪᠠᠷ ᠠᠵᠢᠯᠯᠠᠭᠰᠠᠨ ᠤ ᠬᠢᠨᠢ ᠦᠷ᠎ᠡ ᠳ᠋ᠦᠩ ᠪᠤᠯᠬᠤ ᠶᠤᠮ᠃ 1981 ᠤᠨ ᠳᠤ | ᠲᠡᠭᠦᠨ ᠢ ᠤᠯᠤᠰ ᠲᠦᠷᠦ ᠶᠢᠨ ᠵᠦᠪᠯᠡᠯᠭᠡᠨ ᠤ ᠠᠷᠤ ᠬᠤᠷᠴᠢᠨ ᠬᠤᠰᠢᠭᠤᠨ ᠬᠤᠷᠢᠶ᠎ᠠ ᠶᠢᠨ ᠨᠠᠷᠢᠨ ᠪᠢᠴᠢᠭ ᠤᠨ | ᠲᠠᠷᠤᠭ᠎ᠠ ᠪᠠᠷ ᠲᠡᠪᠰᠢᠭᠦᠯᠤᠨ ᠬᠡᠷᠡᠭᠯᠡᠪᠡ᠃ | | ᠪ᠊ · ᠲᠡᠮᠦᠷᠭᠤᠤᠯᠲᠤ ᠵᠤᠬᠢᠶᠠᠪᠠ | |