ᠳᠥᠷᠪᠡ᠂ ᠦᠳᠡᠯᠦᠭᠡ ᠨᠠᠰᠤᠳᠠᠨ ᠤ ᠮᠠᠨᠢ ᠦᠨᠳᠤᠰᠤᠳᠡᠨ ᠤ ᠪᠠᠨ ᠲᠦᠯᠦᠭᠡ | ᠵ᠊ᠵᠳᠬᠦᠭᠰᠡᠨ ᠦᠨᠡᠨ ᠪᠤᠳᠠᠳᠠᠢ ᠬᠡᠳᠤᠨ ᠤᠴᠢᠷ ᠶᠠᠪᠤᠳᠠᠯ | | ᠪᠢᠴᠢᠭᠴᠢ ᠪᠢ ᠠ᠊᠂ ᠬᠤᠳᠤᠷᠠᠩᠭ᠎ᠠ ᠨᠠᠰᠤᠳᠠᠨ ᠲᠠᠢ ᠠᠭᠤᠯᠵᠠᠵᠦ ᠶᠠᠷᠢᠯᠴᠠᠬᠤ ᠳᠤ᠂ ᠨᠠᠰᠤᠳᠠᠨ ᠮᠠᠨᠢ ᠲᠤᠩ | ᠪᠠᠶᠠᠷ ᠪᠠᠶᠠᠰᠤᠯ ᠲᠠᠢ ᠪᠦᠭᠡᠳ ᠤᠯᠤᠰ ᠦᠨᠳᠤᠰᠤᠳᠡᠨ ᠤ ᠪᠠᠨ ᠲᠦᠯᠦᠭᠡ ᠰᠠᠨᠠᠭᠠᠰᠢᠷᠠᠨ ᠪᠤᠳᠤᠯᠬᠢᠯᠠᠵᠦ ᠬᠡᠳᠤᠨ | ᠠᠷᠪᠠᠨ ᠵᠢᠯ ᠴᠢᠷᠮᠠᠶᠢᠭᠠᠳ ᠢᠷᠡᠭᠰᠡᠨ ᠤᠴᠢᠷ ᠶᠠᠪᠤᠳᠠᠯ ᠢᠶᠠᠨ ᠨᠠᠳᠠ ᠳᠤ ᠶᠠᠷᠢᠵᠦ ᠦᠭᠭᠦᠭᠰᠡᠨ ᠶᠤᠮ᠃ ᠨᠠᠰᠤᠳᠠᠨ | ᠨᠠᠳᠠ ᠳᠤ ᠪᠢ ᠠᠷᠪᠠᠨ ᠲᠠᠪᠤᠨ ᠨᠠᠰᠤᠨ ᠠᠴᠠ ᠪᠠᠨ ᠠᠭᠳᠠ ᠶᠢᠨ ᠨᠢᠷᠤᠭᠤᠨ ᠳᠤ ᠭᠠᠷᠴᠦ ᠴᠢᠳᠠᠬᠤ ᠦᠬᠡᠢ | ᠪᠠᠶᠢᠭᠰᠠᠨ ᠴᠦ᠂ ᠠᠬᠠᠮᠠᠠᠳ ᠨᠦᠬᠦᠳ ᠢ ᠲᠠᠭᠠᠵᠦ ᠠᠷᠠᠳᠴᠢᠯᠡᠯ ᠤᠨ ᠬᠤᠪᠢᠰᠬᠠᠯ ᠳᠤ ᠤᠷᠤᠯᠴᠠᠭᠰᠠᠨ ᠠᠴᠠ | ᠨᠠᠭᠠᠰᠢ 48 ᠵᠢᠯ ᠨᠠᠮ ᠵᠠᠰᠠᠭ᠂ ᠵᠤᠬᠢᠶᠠᠨ ᠪᠠᠶᠢᠭᠤᠯᠤᠯᠳᠠ ᠶᠢᠨ ᠲᠤᠬᠢᠷᠠᠭᠤᠯᠤᠯᠭ᠎ᠠ᠂ ᠵᠢᠭᠠᠪᠤᠷᠢ ᠪᠠᠷ ᠨᠢᠭᠡᠨ | ᠰᠡᠳᠬᠢᠯ ᠭᠠᠭᠴᠠ ᠵᠤᠷᠢᠭ ᠢᠶᠠᠷ ᠠᠵᠢᠯᠯᠠᠪᠠ᠃ ᠦᠳᠡᠯᠤᠭᠡ ᠨᠠᠰᠤᠯᠠᠳᠠᠯ᠎ᠠ ᠦᠪᠡᠷ ᠤᠨ ᠰᠠᠶᠢᠨ ᠲᠤᠷ᠎ᠠ ᠠᠴᠠ ᠪᠠᠨ | ᠭᠤᠷᠪᠠᠨ ᠵᠤᠶᠢᠯ ᠢ ᠰᠠᠨᠠᠭᠠᠴᠢᠯᠠᠵᠦ᠂ ᠴᠠᠷᠮᠠᠶᠢᠵᠦ᠂ ᠤᠷᠤᠯᠳᠤᠵᠦ ᠢᠷᠡᠭᠰᠡᠨ ᠳᠡᠭᠡᠨ ᠪᠢ ᠲᠤᠩ ᠪᠠᠶᠠᠷ ᠪᠠᠶᠠᠰᠤᠯ ᠲᠠᠢ | ᠪᠠᠶᠢᠨ᠎ᠠ ᠭᠡᠵᠦ ᠶᠠᠷᠢᠭᠰᠠᠨ ᠪᠢᠯᠠ᠃ ᠡᠨᠡᠬᠦ ᠶᠠᠷᠢᠯᠴᠠᠭ᠎ᠠ ᠠᠴᠠ ᠪᠢᠴᠢᠭᠴᠢ ᠪᠢ ᠨᠠᠰᠤᠳᠠᠨ ᠤ ᠦᠨᠳᠤᠰᠤᠳᠡᠨ ᠤ ᠪᠠᠨ | ᠲᠦᠯᠦᠭᠡ ᠭᠡᠰᠡᠨ ᠦᠭᠶᠠᠮᠤᠷ ᠰᠠᠳᠬᠢᠯ ᠢ ᠨᠢ ᠤᠶᠢᠯᠠᠭᠠᠨ ᠮᠡᠳᠡᠵᠦ᠂ ᠦᠷᠤᠴᠡ ᠵᠢᠷᠤᠬᠡᠨ ᠠᠴᠠ ᠪᠠᠨ ᠪᠢᠰᠢᠷᠡᠭᠰᠡᠨ | ᠶᠤᠮ᠃ ᠡᠳᠡᠭᠡᠷ ᠤᠴᠢᠷ ᠶᠠᠪᠤᠳᠠᠯ ᠢ ᠨᠢ ᠲᠤᠤᠷ᠎ᠠ ᠰᠡᠶᠢᠷᠡᠭᠦᠯᠪᠡᠯ᠄ | ︵ᠨᠢᠭᠡ︶᠂ ᠨᠠᠮ ᠲᠦᠷᠦ ᠶᠢᠨ ᠤᠳᠤᠷᠢᠳᠤᠯᠭ᠎ᠠ ᠳᠤ ᠤᠷᠤᠨ ᠨᠤᠳᠤᠭ ᠤᠨ ᠪᠠᠶᠢᠳᠠᠯ ᠢᠶᠠᠨ ᠦᠨᠠᠨᠴᠢ | ᠰᠢᠳᠤᠷᠭᠤ ᠪᠠᠷ ᠬᠠᠷᠢᠭᠤ ᠮᠡᠳᠡᠭᠦᠯᠦᠭᠰᠡᠨ ᠨᠢ | ᠨᠠᠮ ᠤᠨ ᠲᠦᠪ ᠬᠤᠷᠢᠶᠠᠨ ᠠᠴᠠ ᠲᠦᠷᠦ ᠶᠢ ᠲᠤᠶᠢᠪᠡᠭᠡᠵᠦ ᠲᠦᠮᠡᠨ ᠢ ᠭᠠᠰᠠᠯᠭᠠᠭᠰᠠᠨ ︽ᠲᠦᠷᠪᠡᠨ | ᠬᠦᠮᠤᠨ ᠤ ᠪᠦᠯᠦᠭ︾ ᠢ ᠪᠤᠳᠠ ᠨᠢᠷᠭᠡᠭᠰᠡᠨ ᠤ ᠲᠠᠷᠠᠭ᠎ᠠ᠂ 1976 ᠤᠨ ᠳᠤ ᠤᠯᠤᠰ ᠲᠦᠷᠦ ᠶᠢᠨ ᠴᠢᠯᠤᠭᠡᠯᠡᠯᠳᠡ | ᠪᠠᠨ ᠤᠯᠤᠭᠰᠠᠨ ᠠ᠊᠂ ᠬᠤᠳᠤᠷᠠᠩᠭ᠎ᠠ ᠨᠠᠮ ᠢᠶᠠᠨ ᠬᠠᠶᠢᠷᠠᠯᠠᠵᠦ ᠦᠨᠳᠤᠰᠤᠳᠡᠨ ᠢᠶᠠᠨ ᠬᠠᠶᠢᠷᠠᠯᠠᠬᠤ ᠰᠡᠳᠬᠢᠯᠭᠡ ᠪᠠᠷ | ᠬᠤᠸᠠ ᠭᠦᠸᠧ ᠹᠧᠩ᠂ ᠤᠯᠠᠭᠠᠨᠬᠦᠤ ᠵᠡᠷᠭᠡ ᠲᠤᠬᠠᠢ ᠶᠢᠨ ᠦᠶ᠎ᠡ ᠶᠢᠨ ᠨᠠᠮ ᠲᠦᠷᠦ ᠶᠢᠨ ᠤᠳᠤᠷᠢᠳᠤᠯᠭ᠎ᠠ ᠳᠤ ︽ | ᠨᠠᠮ ᠤᠨ ᠦᠨᠳᠤᠰᠤᠳᠡᠨ ᠤ ᠲᠦᠷᠦ ᠶᠢᠨ ᠪᠤᠳᠤᠯᠭ᠎ᠠ ᠶᠢᠨ ᠲᠤᠬᠠᠢ ᠬᠡᠳᠤᠨ ᠠᠰᠠᠭᠤᠳᠠᠯ︾ ᠭᠡᠰᠡᠨ ᠬᠠᠷᠢᠭᠤ | ᠮᠡᠳᠡᠭᠦᠯᠦᠯᠳᠡ ᠪᠢᠴᠢᠵᠦ᠂ ᠪᠤᠳᠠᠳᠠᠢ ᠪᠠᠶᠢᠳᠠᠯ ᠢᠶᠠᠨ ᠲᠤᠰᠬᠠᠪᠠ᠃ ᠡᠨᠡ ᠨᠢ᠄ | 1. ᠪᠦᠬᠦᠳᠡ ᠨᠠᠠᠶᠢᠷᠠᠮᠳᠠᠬᠤ ᠲᠤᠮᠳᠠᠳᠤ ᠠᠷᠠᠳ ᠤᠯᠤᠰ ᠤᠨ ᠦᠨᠳᠤᠰᠤᠨ ᠬᠠᠤᠯᠢ ᠪᠠ ᠤᠷᠤᠨ ᠨᠤᠳᠤᠭ ᠤᠨ | ᠦᠪᠡᠷᠳᠡᠭᠡᠨ ᠵᠠᠰᠠᠬᠤ ᠬᠠᠤᠯᠢ ᠶᠢ ᠦᠨᠳᠤᠰᠤᠯᠠᠵᠦ᠂ ᠦᠨᠳᠤᠰᠤᠳᠡᠨ ᠤ ᠤᠷᠤᠨ ᠤ ᠺᠠᠳ᠋ᠷ ᠢᠶᠠᠷ ᠲᠤᠰ ᠭᠠᠵᠠᠷ ᠤᠷᠤᠨ | ᠳᠠᠭᠠᠨ ᠡᠵᠡᠨ ᠮᠡᠳᠡᠵᠦ ᠡᠷᠬᠡ ᠪᠠᠷᠢᠬᠤ ᠰᠠᠨᠠᠭᠠᠭᠤᠯᠭᠠ ᠶᠢ ᠰᠢᠭᠤᠳ ᠰᠢᠯᠤᠭᠤᠨ ᠢᠶᠠᠷ ᠲᠤᠷᠠᠳᠤᠭᠰᠠᠨ ᠪᠠᠶᠢᠳᠠᠭ᠃ | 2. ᠦᠨᠳᠤᠰᠤᠳᠡᠨ ᠤ ᠭᠠᠵᠠᠷ ᠤᠷᠤᠨ ᠳᠤ ᠲᠤᠰ ᠦᠨᠳᠤᠰᠤᠳᠡᠨ ᠤ ᠤᠷᠤᠨ ᠨᠤᠳᠤᠭ ᠤᠨ ᠺᠠᠳ᠋ᠷ ᠢ | ᠦᠯᠡᠮᠵᠢᠬᠡᠨ ᠬᠦᠮᠤᠵᠢᠭᠦᠯᠵᠦ ᠲᠡᠪᠰᠢᠭᠦᠯᠦᠨ ᠬᠡᠷᠡᠭᠯᠡᠬᠦ ᠶᠢ ᠲᠡᠤᠬᠡ ᠶᠢᠨ ᠴᠢᠬᠤᠯᠠ ᠡᠭᠦᠷᠭᠡ ᠪᠤᠯᠭᠠᠨ ᠠᠳᠬᠤᠬᠤ ᠶᠢ | ᠪᠠᠴᠢᠮ ᠲᠤᠯᠭᠠᠮ᠎ᠠ ᠡᠭᠦᠷᠭᠡ ᠪᠤᠯᠭᠠᠨ ᠬᠡᠷᠡᠭᠵᠢᠭᠦᠯᠬᠦ ᠬᠡᠷᠡᠭᠳᠠᠢ ᠪᠠᠶᠢᠨ᠎ᠠ ᠭᠡᠪᠡ᠃ | 3. ᠦᠨᠳᠤᠰᠤᠳᠡᠨ ᠤ ᠭᠠᠵᠠᠷ ᠤᠷᠤᠨ ᠤ ᠰᠤᠶᠤᠯ ᠰᠤᠷᠭᠠᠨ ᠬᠦᠮᠤᠵᠢᠯ ᠢ ᠶᠡᠬᠡᠪᠡᠷ ᠬᠦᠭᠵᠢᠭᠦᠯᠦᠨ᠂ | ᠭᠠᠴᠠᠭ᠎ᠠ ᠪᠠᠷᠢᠭᠠᠳᠠ ᠰᠤᠮᠤ ᠨᠢᠭᠡᠳᠤᠯ ᠤᠨ ᠦᠨᠳᠤᠰᠤᠨ ᠱᠠᠳᠤᠨ ᠠᠴᠠ ᠡᠬᠢᠯᠡᠨ ᠬᠡᠤᠬᠡᠳ ᠤᠨ ᠴᠡᠴᠡᠷᠯᠢᠭ᠂ ᠪᠠᠭ᠎ᠠ | ᠰᠤᠷᠭᠠᠭᠤᠯᠢ᠂ ᠠᠩᠬ᠎ᠠ ᠲᠤᠮᠳᠠᠳᠤ᠂ ᠦᠨᠳᠤᠷ ᠵᠡᠷᠭᠡ ᠶᠢᠨ ᠲᠤᠮᠳᠠᠳᠤ ᠰᠤᠷᠭᠠᠭᠤᠯᠢ ᠶᠢ ᠬᠡᠯᠬᠢᠶᠡᠵᠢᠭᠦᠯᠦᠨ | ᠪᠠᠶᠢᠭᠤᠯᠵᠦ᠂ ᠰᠤᠶᠤᠯ ᠤᠨ ᠭᠡᠷ ᠤᠨ ᠲᠠᠪᠴᠠᠩ ᠢ ᠠᠰᠢᠭᠯᠠᠵᠦ᠂ ᠤᠷᠠᠨ ᠰᠠᠶᠢᠬᠠᠨ ᠤ ᠠᠩᠬᠢ ᠪᠦᠯᠬᠦᠮ ᠪᠠᠶᠢᠭᠤᠯᠵᠦ | ᠂ ᠦᠨᠳᠤᠰᠤᠳᠡᠨ ᠤ ᠪᠠᠨ ᠤᠷᠠᠯᠢᠭ ᠰᠠᠶᠢᠬᠠᠨ ᠲᠤᠭᠯᠠᠯᠳᠠ ᠪᠠᠷ ᠢᠶᠠᠨ ᠤᠯᠠᠨ ᠲᠦᠮᠡᠨ ᠢ ᠲᠠᠶᠢᠴᠢᠯᠠᠨ ᠰᠠᠩᠬᠡᠷᠡᠬᠦᠯᠵᠦ | ᠂ ᠦᠵᠡᠯ ᠤᠬᠠᠮᠰᠠᠷ ᠢ ᠨᠢ ᠲᠡᠭᠡᠭᠰᠢᠯᠡᠭᠦᠯᠦᠨ᠂ ᠬᠤᠵᠢᠮ ᠤᠨ ᠤᠯᠤᠰ ᠦᠨᠳᠤᠰᠤᠳᠡᠨ ᠤ ᠠᠯᠤᠰ ᠭᠡᠳᠤ ᠶᠢᠨ | ᠬᠦᠭᠵᠢᠯ ᠮᠠᠨᠳᠤᠯ ᠳᠤ ᠪᠠᠳᠤ ᠰᠠᠭᠤᠷᠢ ᠶᠢ ᠲᠠᠯᠪᠢᠪᠠᠯ ᠵᠤᠬᠢᠨ᠎ᠠ ᠭᠡᠪᠡ᠃ | 4. ᠦᠨᠳᠤᠰᠤᠳᠡᠨ ᠤ ᠭᠠᠵᠠᠷ ᠤᠷᠤᠨ ᠳᠤ ᠵᠤᠬᠢᠴᠠᠭᠰᠠᠨ ᠮᠠᠯ ᠲᠠᠷᠢᠶᠠᠯᠠᠩ᠂ ᠤᠢ ᠰᠢᠭᠤᠢ᠂ ᠠᠵᠦ | ᠤᠶᠢᠯᠡᠳᠪᠤᠷᠢ᠂ ᠭᠠᠷ ᠤᠷᠠᠯᠠᠯ ᠵᠡᠷᠭᠡ ᠦᠨᠳᠤᠰᠤᠳᠡᠨ ᠤ ᠤᠷᠤᠨ ᠤ ᠤᠨᠴᠠᠯᠢᠭ ᠢ ᠬᠦᠨᠳᠤᠳᠭᠡᠨ᠂ ᠠᠵᠦ ᠠᠬᠤᠢ | ᠪᠠᠨ ᠬᠦᠭᠵᠢᠭᠦᠯᠵᠦ᠂ ᠲᠤᠬᠠᠢ ᠶᠢᠨ ᠤᠷᠤᠨ ᠤ ᠦᠨᠳᠤᠰᠤᠳᠡᠨ ᠤ ᠠᠷᠠᠳ ᠲᠦᠮᠡᠨ ᠤ ᠬᠦᠰᠡᠯ ᠱᠠᠭᠠᠷᠳᠠᠯᠭ᠎ᠠ ᠶᠢ | ᠦᠨᠳᠤᠰᠤᠯᠡᠵᠦ᠂ ᠠᠷᠠᠳ ᠤᠨ ᠠᠮᠢᠳᠤᠷᠠᠯ ᠤᠨ ᠬᠢᠷᠢ ᠲᠦᠪᠰᠢᠨ ᠢ ᠦᠳᠳᠤᠷ ᠲᠦᠷᠭᠡᠨ ᠲᠡᠭᠡᠭᠰᠢᠯᠡᠭᠦᠯᠪᠡᠯ ᠵᠤᠬᠢᠨ᠎ᠠ | ᠭᠡᠵᠦ ᠰᠠᠨᠠᠭᠤᠯᠭ᠎ᠠ ᠪᠠᠨ ᠲᠡᠪᠰᠢᠭᠦᠯᠪᠡ᠃ | 5. ᠴᠦᠬᠡᠨ ᠲᠤᠭᠠᠳᠤ ᠦᠨᠳᠤᠰᠤᠳᠡᠨ ᠤ ᠲᠦᠯᠤᠪᠯᠡᠯᠭᠡᠳᠤ ᠦᠷᠡᠵᠢᠯ ᠤᠨ ᠲᠦᠷᠦ ᠶᠢᠨ ᠪᠤᠳᠤᠯᠭ᠎ᠠ ᠶᠢ ᠶᠠᠭ | ᠬᠢᠳᠠᠳ ᠦᠨᠳᠤᠰᠤᠳᠡᠨ ᠲᠠᠢ ᠠᠳᠠᠯᠢ ᠱᠠᠭᠠᠷᠳᠠᠬᠤ ᠦᠬᠡᠢ ᠪᠠᠶᠢᠵᠦ᠂ ᠬᠤᠶᠠᠷ ᠬᠡᠤᠬᠡᠳ ᠠᠪᠴᠦ ᠪᠤᠯᠬᠤ ᠠᠭᠤᠳᠠᠮᠴᠢ | ᠪᠤᠳᠤᠯᠭ᠎ᠠ ᠶᠢ ᠬᠡᠷᠡᠭᠵᠢᠭᠦᠯᠬᠦ ᠶᠢ ᠭᠤᠶᠤᠴᠢᠯᠠᠪᠠ᠃ ᠮᠡᠳᠡᠭᠦᠯᠦᠯᠳᠡ ᠪᠠᠨ ᠬᠤᠰᠢᠭᠤᠨ ᠤ ᠵᠤᠬᠢᠶᠠᠨ ᠪᠠᠶᠢᠭᠤᠯᠬᠤ | ᠬᠡᠯᠳᠡᠰ ᠤᠨ ᠲᠠᠷᠤᠭ᠎ᠠ ᠬᠤᠳᠠᠯᠠ︔ ᠨᠢᠭᠡᠳᠤᠮᠡᠯ ᠹᠷᠤᠨᠲ ᠶᠢᠨ ᠬᠡᠯᠳᠡᠰ ᠤᠨ ᠲᠠᠷᠤᠭ᠎ᠠ ᠰᠧᠷᠡᠩᠳᠤᠷᠵᠢ ᠲᠠᠢ ᠨᠡᠷ᠎ᠡ | ᠬᠤᠯᠪᠤᠵᠦ᠂ ᠭᠤᠷᠪᠠᠭᠤᠯᠠ ᠶᠢᠨ ᠨᠡᠷ᠎ᠡ ᠶᠢᠨ ᠡᠬᠢᠨ ᠤ ᠦᠰᠦᠭ ᠢᠶᠠᠷ ︽ᠬᠤᠤᠰᠬᠦᠤ︾ ᠭᠡᠵᠦ ᠨᠡᠷᠡᠯᠡᠨ ᠮᠡᠳᠡᠭᠦᠯᠪᠡ᠃ | ᠮᠡᠳᠡᠭᠦᠯᠦᠯᠳᠡ ᠶᠢ ᠯᠢᠶᠤᠤᠨᠢᠩ ᠮᠤᠵᠢ ᠶᠢᠨ ᠨᠠᠮ ᠤᠨ ᠬᠤᠷᠢᠶ᠎ᠠ ᠳᠤ ᠲᠠᠮᠵᠢᠭᠤᠯᠵᠦ᠂ ᠮᠤᠵᠢ ᠠᠴᠠ ᠬᠤᠶᠠᠷ | ᠠᠵᠢᠯᠯᠠᠬᠤ ᠲᠤᠭᠤᠶᠢᠯᠠᠩ ᠲᠤᠮᠢᠯᠠᠨ ᠢᠷᠡᠭᠦᠯᠵᠦ᠂ ᠪᠤᠳᠠᠳᠠᠢ ᠪᠠᠶᠢᠳᠠᠯ ᠢ ᠪᠠᠶᠢᠴᠠᠭᠠᠨ ᠦᠵᠡᠭᠰᠡᠨ ᠤ ᠦᠷ᠎ᠡ ᠳ᠋ᠦᠩ | ᠳᠤ᠄ | 1978 ᠤᠨ ᠳᠤ ᠤᠯᠤᠰ ᠤᠨ ᠶᠠᠪᠤᠳᠠᠯ ᠤᠨ ᠬᠤᠷᠢᠶ᠎ᠠ᠂ ᠰᠤᠷᠭᠠᠨ ᠬᠦᠮᠤᠵᠢᠯ ᠤᠨ ᠶᠠᠮᠤᠨ ᠤ ᠵᠦᠪᠰᠢᠶᠡᠷᠡᠯ | ᠢᠶᠠᠷ ︽ᠵᠤᠤ ᠤᠳᠠ ᠮᠤᠩᠭᠤᠯ ᠦᠨᠳᠤᠰᠤᠳᠡᠨ ᠤ ᠲᠤᠰᠬᠠᠢ ᠮᠡᠷᠭᠡᠵᠢᠯ ᠤᠨ ᠰᠤᠷᠭᠠᠭᠤᠯᠢ ᠪᠠᠶᠢᠭᠤᠯᠤᠭᠳᠠᠵᠦ᠂ | ᠮᠤᠩᠭᠤᠯ ᠤᠶᠤᠳᠠᠨ ᠢ ᠵᠢᠯ ᠪᠦᠷᠢ 200 ᠨᠡᠷ᠎ᠡ ᠡᠯᠰᠡᠬᠦ ᠬᠡᠷᠡᠭᠳᠠᠢ ᠭᠡᠵᠦ ᠵᠢᠭᠠᠪᠤᠷᠢᠯᠠᠪᠠ᠃ | ᠵᠤᠤ ᠤᠳᠠ ᠠᠶᠢᠮᠠᠭ ᠲᠤᠰᠬᠠᠶᠢᠯᠠᠨ 180 ᠨᠡᠷ᠎ᠡ ᠮᠤᠩᠭᠤᠯ ᠺᠠᠳ᠋ᠷ ᠢ ᠡᠯᠰᠡᠵᠦ᠂ ᠦᠨᠳᠤᠰᠤᠳᠡᠨ ᠤ ᠺᠠᠳ᠋ᠷ | ᠤᠨ ᠬᠠᠷᠢᠴᠠᠯ ᠢ ᠲᠡᠭᠡᠭᠰᠢᠯᠡᠭᠦᠯᠪᠡ᠃ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ | ᠪᠠᠶᠢᠩᠭᠤ ᠶᠢᠨ ᠬᠤᠷᠢᠶ᠎ᠠ ᠶᠢᠨ ᠡᠷᠬᠢᠯᠡᠭᠴᠢ ᠪᠠᠶᠢᠭᠰᠠᠨ ᠳ᠋᠊᠂ ᠵᠢᠷᠭᠠᠯ︔ ᠠᠷᠤ ᠬᠤᠷᠴᠢᠨ ᠤ ᠲᠦᠮᠡᠨ ᠵᠤᠬᠢᠶᠠᠯ ᠲᠠᠢ | ᠵᠠᠯᠠᠭᠤ ᠵᠤᠬᠢᠶᠠᠯᠴᠢ ᠨᠠ᠊᠂ ᠵᠢᠷᠭᠠᠯ ᠪᠤᠯ ᠲᠠᠷᠤᠢ ᠲᠡᠷᠡ ᠤᠳᠠᠭ᠎ᠠ ᠡᠯᠰᠡᠭᠳᠡᠭᠰᠡᠨ ᠺᠠᠳ᠋ᠷ ᠤᠳ ᠤᠨ ᠨᠢᠭᠡ ᠨᠢ | ᠪᠤᠯᠤᠨ᠎ᠠ᠃ | ᠮᠤᠩᠭᠤᠯ ᠦᠨᠳᠤᠰᠤᠳᠡᠨ ᠢ ᠪᠠᠭᠳᠠᠭᠠᠭᠰᠠᠨ ᠴᠦᠬᠡᠨ ᠲᠤᠭᠠᠳᠤ ᠦᠨᠳᠤᠰᠤᠳᠡᠨ᠂ ᠬᠤᠶᠠᠷ ᠬᠡᠤᠬᠡᠳ ᠠᠪᠴᠦ | ᠪᠤᠯᠬᠤ ᠲᠦᠷᠦ ᠶᠢᠨ ᠪᠤᠳᠤᠯᠭ᠎ᠠ ᠶᠢ ᠨᠠᠮ ᠵᠠᠰᠠᠭ ᠠᠴᠠ ᠵᠦᠪᠰᠢᠶᠡᠷᠡᠵᠦ᠂ ᠲᠡᠷᠡ ᠦᠶ᠎ᠡ ᠠᠴᠠ ᠡᠬᠢᠯᠡᠨ | ᠬᠡᠷᠡᠭᠵᠢᠭᠦᠯᠦᠭᠰᠡᠨ ᠶᠤᠮ᠃ | ︵ᠬᠤᠶᠡᠷ︶᠂ ᠵᠤᠤ ᠤᠳᠠ ᠠᠶᠢᠮᠠᠭ ᠤᠨ ᠮᠤᠩᠭᠤᠯ ᠦᠨᠳᠤᠰᠤᠳᠡᠨ ᠤ ᠪᠠᠭᠰᠢ ᠶᠢᠨ ᠲᠤᠰᠬᠠᠢ ᠮᠡᠷᠭᠡᠵᠢᠯ ᠤᠨ | ᠰᠤᠷᠭᠠᠭᠤᠯᠢ ᠪᠠᠶᠢᠭᠤᠯᠤᠭᠳᠠᠵᠦ᠂ ᠮᠤᠩᠭᠤᠯ ᠤᠶᠤᠳᠠᠨ ᠢ ᠵᠢᠯ ᠪᠦᠷᠢ 200 ᠨᠡᠷ᠎ᠡ ᠡᠯᠰᠡᠬᠦ ᠬᠡᠷᠡᠭᠳᠠᠢ ᠭᠡᠵᠦ ᠤᠯᠤᠰ | ᠤᠨ ᠶᠠᠪᠤᠳᠠᠯ ᠤᠨ ᠬᠤᠷᠢᠶ᠎ᠠ ᠬᠢᠭᠡᠳ ᠰᠤᠷᠭᠠᠨ ᠬᠦᠮᠤᠵᠢᠯ ᠤᠨ ᠶᠠᠮᠤᠨ ᠠᠴᠠ ᠵᠢᠭᠠᠪᠤᠷᠢ ᠲᠠᠢ ᠪᠠᠶᠢᠳᠠᠯ᠎ᠠ᠂ 1979 | ᠤᠨ ᠳᠤ ᠯᠢᠶᠤᠤᠨᠢᠩ ᠮᠤᠵᠢ ᠶᠢᠨ ᠰᠤᠷᠭᠠᠨ ᠬᠦᠮᠤᠵᠢᠯ ᠤᠨ ᠲᠢᠩᠬᠢᠮ ᠠᠴᠠ 100 ᠨᠡᠷ᠎ᠡ ᠯᠡ ᠮᠤᠩᠭᠤᠯ ᠤᠶᠤᠳᠠᠨ | ᠢ ᠡᠯᠰᠡᠬᠦ ᠬᠡᠷᠡᠭᠳᠠᠢ ᠭᠡᠵᠦ ᠲᠤᠭᠳᠠᠭᠠᠪᠠ᠃ ᠡᠨᠡ ᠨᠠᠷᠢᠨ ᠴᠢᠮᠡᠭᠡ ᠶᠢ ᠠ᠊᠂ ᠬᠤᠳᠤᠷᠠᠩᠭ᠎ᠠ ᠪᠠᠭᠰᠢ ᠤᠯᠵᠦ ᠮᠡᠳᠡᠭᠰᠡᠨ | ᠤ ᠲᠠᠷᠤᠢ ᠳᠤᠨᠢ ᠬᠠᠮᠢᠶᠠᠳᠠᠢ ᠰᠠᠯᠠᠭ᠎ᠠ ᠮᠦᠴᠢᠷ ᠲᠠᠢ ᠨᠡᠷ᠎ᠡ ᠬᠤᠯᠪᠤᠵᠦ᠂ ᠯᠢᠶᠤᠤᠨᠢᠩ ᠮᠤᠵᠢ ᠶᠢᠨ ᠨᠠᠮ ᠤᠨ | ᠬᠤᠷᠢᠶᠠᠨ ᠳᠤ ︿ᠲᠦᠷᠭᠡᠨ ᠴᠠᠬᠢᠯᠭᠠᠨ﹀ ᠮᠡᠳᠡᠭᠡ ᠢᠯᠡᠭᠡᠵᠦ ᠡᠰᠡᠷᠭᠦᠴᠡᠭᠰᠡᠨ ᠳᠤ᠂ ᠯᠢᠶᠤᠤᠨᠢᠩ ᠮᠤᠵᠢ ᠶᠢᠨ ᠨᠠᠮ | ᠤᠨ ᠬᠤᠷᠢᠶᠠᠨ ᠠᠴᠠ ᠮᠤᠵᠢ ᠶᠢᠨ ᠰᠤᠷᠭᠠᠨ ᠬᠦᠮᠤᠵᠢᠯ ᠤᠨ ᠲᠢᠩᠬᠢᠮ ᠢ ᠴᠢᠩᠭ᠎ᠠ ᠰᠢᠭᠦᠮᠵᠢᠯᠡᠵᠦ᠂ ᠤᠯᠤᠰ ᠤᠨ | ᠶᠠᠪᠤᠳᠠᠯ ᠤᠨ ᠬᠤᠷᠢᠶ᠎ᠠ ᠠᠴᠠ ᠲᠤᠭᠳᠠᠭᠠᠭᠰᠠᠨ ᠶᠤᠰᠤᠭᠠᠷ 200 ᠮᠤᠩᠭᠤᠯ ᠤᠶᠤᠳᠠᠨ ᠡᠯᠰᠡᠬᠦ ᠭᠡᠷᠡᠭᠳᠠᠢ ᠭᠡᠪᠡ᠃ | ︵ᠭᠤᠷᠪᠠ︶᠂ ᠠᠪᠤ ᠶᠢᠨ ᠰᠤᠷᠭᠠᠯ ︵ᠭᠡᠷᠢᠶᠡᠰᠤ︶ ᠢᠶᠠᠷ ᠠᠷᠤ ᠬᠤᠷᠴᠢᠨ ᠢᠶᠠᠨ ᠪᠢᠴᠢᠭᠯᠡᠭᠰᠡᠨ ᠨᠢ | ᠠ᠊᠂ ᠬᠤᠳᠤᠷᠠᠩᠭ᠎ᠠ ᠨᠠᠰᠤᠳᠠᠨ ᠤ ᠠᠪᠤ ᠠᠰᠠᠷ ᠬᠡᠳᠤᠶᠢᠪᠡᠷ ᠪᠢᠴᠢᠭ ᠰᠤᠶᠤᠯ ᠦᠬᠡᠢ ᠡᠩ ᠤᠨ ᠠᠷᠠᠳ | ᠪᠤᠯᠪᠠᠴᠦ ᠬᠦᠤ ᠪᠠᠨ ᠦᠷᠭᠦᠯᠵᠢ ︿ᠴᠢᠨᠤ ᠵᠠᠩ ᠲᠦᠷᠭᠡᠨ᠂ ᠡᠷᠡᠤ ᠬᠠᠳᠠᠭᠤ᠂ ᠦᠭᠡ ᠰᠢᠷᠤᠭᠦᠨ᠂ ᠭᠡᠪᠡᠴᠦ ᠴᠢ | ᠠᠴᠢᠯᠠᠯ ᠵᠢᠷᠤᠮ ᠢ ᠪᠤᠳᠤᠵᠦ᠂ ᠠᠷᠤ ᠬᠤᠷᠴᠢᠨ ᠳᠤ ᠤᠰᠤᠯᠳᠤᠵᠦ ᠪᠤᠯᠬᠤ ᠦᠬᠡᠢ᠂ ᠴᠢᠳᠠᠯ ᠲᠡᠩᠬᠡ ᠶᠢᠨ ᠲᠤᠳᠤᠷ᠎ᠠ | ᠪᠠᠨ ᠠᠷᠤ ᠬᠤᠷᠴᠢᠨ ᠳᠤ ᠲᠤᠰᠠ ᠬᠢᠭᠳᠦᠨ᠃ ᠪᠢᠳᠠ 1891 ᠤᠨ ᠳᠤ ᠪᠤᠯᠤᠭᠰᠠᠨ ᠠᠤᠬᠠᠨ ᠬᠤᠰᠢᠭᠤᠨ ᠤ | ᠤᠯᠠᠭᠠᠨ ᠮᠠᠯᠠᠭᠠᠶᠢᠳᠤ ᠶᠢᠨ ᠤᠷᠪᠠᠯᠭᠠᠨ ᠲᠤᠶᠢᠪᠡᠭᠡᠨ ᠳᠤ ᠨᠢᠭᠡ ᠭᠡᠷ ᠤᠨ ᠠᠶᠢᠮᠠᠭ ᠤᠭᠰᠠᠭ᠎ᠠ ᠶᠢᠨ 81 ᠬᠦᠮᠤᠨ | ᠢᠶᠠᠨ ᠰᠤᠶᠢᠳᠴᠦ᠂ ᠪᠡᠭᠡᠵᠢᠩ ᠤᠨ ᠨᠠᠶᠢᠷᠠᠮᠳᠠᠯ ᠨᠠᠶᠢᠷᠠᠮᠳᠠᠭᠤ ᠰᠦᠮ᠎ᠡ ᠳᠤ ᠨᠤᠮ ᠪᠢᠰᠢᠯᠭᠠᠯ ᠬᠢᠵᠦ ᠪᠠᠶᠢᠭᠰᠠᠨ | ᠵᠢᠷᠭᠤᠳᠤᠭᠠᠷ ᠡᠪᠦᠭᠡ ᠴᠢᠨᠢ ᠮᠠᠨ ᠳᠤ ᠬᠦᠳᠡᠭᠡᠯᠡᠨ ᠠᠮᠢᠳᠤᠷᠠᠬᠤ ᠵᠠᠮ ᠮᠦᠷ ᠢ ᠵᠢᠭᠠᠵᠦ᠂ ᠡᠪᠦᠭᠡ ᠴᠢᠨᠢ ᠤᠨᠳᠤᠷᠬᠤ | ︵ᠲᠠᠷᠤᠢ ᠠ᠊᠂ ᠬᠤᠳᠤᠷᠠᠩᠭ᠎ᠠ ᠪᠠᠭᠰᠢ ᠶᠢᠨ ᠡᠪᠦᠭᠡ︶ ᠭᠠᠯ ᠭᠤᠯᠤᠮᠳᠠ ᠶᠢ ᠵᠠᠯᠭᠠᠯᠭᠤᠯᠤᠭᠰᠠᠨ ᠢᠶᠠᠷ ᠪᠢᠳᠠ ᠰᠠᠶ᠋ᠢ | ᠦᠨᠤ ᠡᠳᠤᠷ ᠬᠦᠷᠴᠦ ᠢᠷᠡᠪᠡ᠃ ᠴᠡᠷᠢᠭ ᠲᠠᠶᠢᠨ ᠤ ᠬᠦᠯ ᠲᠡᠪᠵᠢᠶᠡᠨ ᠠᠴᠠ ᠵᠠᠶᠢᠯᠠᠵᠦ᠂ ᠠᠷᠤ ᠭᠠᠵᠠᠷ ᠠᠷᠤ | ᠬᠤᠷᠴᠢᠨ ᠬᠤᠰᠢᠭᠤᠨ ᠳᠤ ᠨᠤᠳᠤᠭᠰᠢᠬᠤ ᠪᠠᠷ ᠬᠤᠰᠢᠭᠤᠨ ᠵᠠᠰᠠᠭ ᠨᠤᠶᠠᠨ ᠸᠠᠩᠴᠢᠨᠫᠧᠷᠯᠠᠢ ᠠᠴᠠ ᠨᠤᠳᠤᠭ | ᠭᠤᠶᠤᠭᠰᠠᠨ᠎ᠠ᠂ ᠸᠠᠩ ᠨᠤᠶᠠᠨ ᠦᠭᠶᠠᠮᠤᠷ ᠰᠡᠳᠬᠢᠯᠭᠡ ᠢᠶᠠᠷ ᠦᠷᠭᠡᠨ ᠪᠤᠶᠠᠨ ᠢ ᠬᠦᠷᠳᠡᠭᠡᠵᠦ᠂ ᠦᠪᠡᠷ ᠤᠨ | ᠲᠠᠬᠢᠯᠭ᠎ᠠ ᠲᠠᠢ ᠪᠠᠶᠠᠨᠪᠤᠷᠤᠯᠵᠢ ᠬᠠᠨ ᠬᠠᠶᠢᠷᠬᠠᠨ ᠤ ᠲᠤᠷᠭᠠᠨ ᠬᠤᠷᠮᠤᠢ ᠳᠤ ᠪᠠᠨ ᠬᠤᠷᠮᠤᠶᠢᠯᠠᠭᠰᠠᠨ ᠶᠤᠮ᠃ ᠡᠨᠡᠬᠦ | ᠠᠴᠢ ᠡᠨᠡᠷᠢᠯ ᠢ ᠦᠨᠢᠳᠡ ᠮᠠᠷᠳᠠᠵᠦ ᠪᠤᠯᠬᠤ ᠦᠬᠡᠢ᠃ ᠬᠤᠳᠠᠴᠢ ᠨᠤᠬᠠᠢ ᠴᠦ ᠬᠤᠳᠠ ᠬᠠᠰᠢᠶ᠎ᠠ᠂ ᠡᠵᠡᠨ ᠰᠦᠷᠦᠭ | ᠢᠶᠠᠨ ᠰᠠᠬᠢᠨ ᠬᠠᠮᠠᠭᠠᠯᠳᠠᠭ ᠶᠤᠮ᠃ ᠠᠯᠢ ᠭᠡᠷ ᠤᠨ ᠤᠬᠢᠶᠠᠳᠠᠰᠤ ᠶᠢ ᠲᠤᠯᠢᠶᠠᠭᠰᠠᠨ ᠨᠤᠬᠠᠢ᠂ ᠲᠡᠷᠡ ᠭᠡᠷ ᠤᠨ | ᠡᠭᠦᠳᠡ ᠶᠢ ᠰᠠᠬᠢᠳᠠᠭ ᠪᠢᠰᠢᠤ︖ ᠨᠤᠬᠠᠢ ᠶᠢ ᠭᠦᠢᠴᠡᠬᠦ ᠦᠬᠡᠢ ᠬᠦᠮᠤᠨ ᠴᠢᠨᠠᠷ ᠦᠬᠡᠢ ᠶᠠᠪᠤᠵᠦ ᠪᠤᠯᠬᠤ ᠦᠬᠡᠢ﹀ | ᠭᠡᠵᠦ ᠰᠤᠷᠭᠠᠭᠰᠠᠭᠠᠷ ᠢᠷᠡᠪᠡ᠃ ᠢᠩᠬᠢᠭᠡᠳ ᠪᠢ ᠴᠠᠭ ᠴᠢᠯᠦᠭᠡ ᠭᠠᠷᠪᠠᠯ ᠠᠷᠤ ᠬᠤᠷᠴᠢᠨ ᠤ ᠬᠤᠪᠢᠷᠠᠯᠳᠠ | ᠬᠦᠭᠵᠢᠯᠳᠡ ᠶᠢ ᠪᠢᠴᠢᠵᠦ᠂ ᠤᠨᠴᠠᠭᠠᠶᠢᠯᠠᠨ ᠠᠵᠢᠯ ᠤᠨ ᠲᠠᠷᠬᠠᠨ ᠠᠮᠠᠷᠠᠯᠳᠠ ᠪᠠᠨ ᠠᠪᠤᠭᠰᠠᠨ ᠠᠴᠠ ᠬᠤᠶᠢᠨ᠎ᠠ᠂ | ᠠᠪᠤ ᠶᠢᠨ ᠰᠤᠷᠭᠠᠯ ︵ᠭᠡᠷᠢᠶᠡᠰᠤ︶ ᠪᠠᠷ ᠠᠶᠢᠯ ᠨᠤᠳᠤᠭ ᠤᠯᠭᠤᠵᠦ ᠦᠭᠭᠦᠭᠰᠡᠨ᠂ ᠠᠵᠢᠯ ᠠᠮᠢᠳᠤᠷᠠᠯ ᠢ ᠢᠪᠡᠭᠡᠨ | ᠲᠡᠳᠬᠦᠭᠰᠡᠨ ᠬᠤᠶᠠᠳᠤᠭᠠᠷ ᠨᠤᠳᠤᠭ᠂ ᠮᠢᠨᠤ ᠦᠯᠦᠭᠡᠢ ᠪᠤᠯᠤᠭᠰᠠᠨ ᠠᠷᠤ ᠬᠤᠷᠴᠢᠨ ᠢᠶᠠᠨ ᠪᠢᠴᠢᠭᠯᠡᠭᠰᠡᠭᠡᠷ ᠢᠷᠡᠭᠰᠡᠨ | ᠶᠤᠮ᠃ | ᠪᠢᠴᠢᠨ ᠪᠢᠴᠢᠭᠰᠡᠭᠡᠷ ᠪᠠᠬ᠎ᠠ ᠲᠠᠢ ᠪᠤᠯᠵᠦ᠂ ᠴᠢᠨᠠᠭᠰᠢᠯᠠᠭᠠᠳ ᠮᠤᠩᠭᠤᠯ ᠤᠨ ᠢᠶᠠᠨ ᠲᠡᠤᠬᠡ ᠶᠢ ᠪᠠᠭ᠋ᠠᠷᠬᠠᠨ | ᠰᠣᠳᠣᠯᠵᠣ᠂ ᠮᠤᠩᠭᠤᠯ ᠤᠨ ᠲᠡᠤᠬᠡᠨ ᠨᠤᠮ ᠢ ᠡᠷᠢᠨ ᠤᠷᠪᠠᠭᠤᠯᠬᠤ ᠳᠤ᠂ ᠴᠢᠩᠬᠢᠰ ᠬᠠᠭᠠᠨ ᠢ ᠬᠠᠷ᠎ᠠ ᠮᠠᠩᠭᠤᠰ | ᠠᠴᠠ ᠴᠠᠰᠢ ᠬᠠᠷᠢᠶᠠᠨ ᠪᠢᠴᠢᠭᠰᠡᠨ ᠤᠷᠤᠰ ᠤᠨ ᠵᠤᠬᠢᠶᠠᠯᠴᠢ ᠪᠠ ᠮᠤᠩᠭᠤᠯ ᠤᠨ ᠡᠷᠳᠡᠨ ᠤ ᠰᠤᠳᠤᠷ ᠪᠢᠴᠢᠭ ᠲᠤ | ᠴᠢᠩᠬᠢᠰ ᠬᠠᠭᠠᠨ ᠢ ᠭᠦᠷᠪᠡᠯᠵᠢᠨ ᠭᠤᠸ᠎ᠠ ᠬᠤᠤᠷᠯᠠᠪᠠ ᠭᠡᠰᠡᠨ ᠬᠠᠷᠢᠶᠠᠯ ᠵᠦᠬᠡᠯ ᠢ ᠴᠠᠭᠠᠳᠬᠠᠨ ᠵᠠᠯᠠᠷᠠᠭᠤᠯᠬᠤ ᠶᠢᠨ | ᠲᠦᠯᠦᠭᠡ᠂ ᠠ᠊᠂ ᠬᠤᠳᠤᠷᠠᠩᠭ᠎ᠠ ᠤᠷᠳᠤᠰ ᠤᠨ ᠴᠢᠩᠬᠢᠰ ᠬᠠᠭᠠᠨ ᠤ ᠤᠩᠭᠤᠨ ᠰᠢᠳᠤᠭᠡᠨ ᠤ ᠭᠠᠵᠠᠷ ᠲᠤ | ᠭᠦᠷᠪᠡᠯᠵᠢᠨ ᠭᠤᠸ᠎ᠠ ᠶᠢ ᠪᠤᠭᠳᠠ ᠴᠢᠩᠬᠢᠰ ᠬᠠᠭᠠᠨ ᠲᠠᠢ ᠬᠤᠶᠠᠭᠤᠯᠠ ᠶᠢ ᠵᠡᠷᠭᠡᠴᠡᠬᠦᠯᠦᠨ ᠲᠠᠬᠢᠵᠦ ᠪᠤᠯᠬᠤ ᠦᠬᠡᠢ | ᠭᠡᠵᠦ᠂ ᠡᠳᠡᠭᠡᠷ ᠲᠡᠤᠬᠡ ᠶᠢᠨ ᠦᠨᠡᠨ ᠢ ᠲᠤᠩᠭᠤᠷᠠᠭᠤᠯᠤᠭᠰᠠᠨ ᠶᠠᠪᠤᠳᠠᠯ ᠤᠴᠢᠷ ᠢ ᠪᠤᠷᠤᠭᠤᠰᠢᠶᠠᠨ ᠰᠢᠭᠦᠮᠵᠢᠯᠡᠵᠦ᠂ | ᠭᠦᠷᠪᠡᠯᠵᠢᠨ ᠭᠤᠸ᠎ᠠ ᠶᠢ ᠴᠢᠩᠬᠢᠰ ᠬᠠᠭᠠᠨ ᠤ ᠤᠩᠭᠤᠨ ᠰᠢᠳᠤᠭᠡᠨ ᠤᠷᠳᠤᠨ ᠴᠤᠮᠴᠤᠭ ᠠᠴᠠ ᠴᠡᠪᠡᠷᠯᠡᠨ | ᠵᠠᠶᠢᠯᠠᠭᠤᠯᠵᠦ᠂ ᠶᠢᠰᠤᠢ ᠬᠠᠳᠤᠨ ᠢ ᠵᠠᠯᠠᠵᠦ ᠰᠢᠳᠤᠬᠦ ᠪᠤᠯᠭᠠᠭᠰᠠᠨ ᠳᠠᠭᠠᠨ ᠦᠳᠡᠯᠤᠭᠡ ᠨᠠᠰᠤᠳᠠᠨ ᠮᠠᠨᠢ᠂ ᠤᠯᠤᠰ | ᠦᠨᠳᠤᠰᠤᠳᠡᠨ ᠳᠡᠭᠡᠨ ᠠᠰᠢᠭ ᠲᠤᠰᠠ ᠲᠠᠢ ᠠᠵᠢᠯ ᠬᠢᠯ᠎ᠡ ᠭᠡᠵᠦ ᠮᠠᠰᠢ ᠪᠠᠶᠠᠷ ᠪᠠᠶᠠᠰᠤᠯ ᠲᠠᠢ ᠶᠠᠪᠤᠨ᠎ᠠ ᠭᠡᠵᠦ ᠨᠠᠳᠠ | ᠳᠤ ᠰᠡᠳᠬᠢᠯ ᠲᠦᠭᠦᠷᠠᠩ ᠶᠠᠷᠢᠵᠦ ᠪᠠᠶᠢᠯ᠎ᠠ᠃ ᠨᠠᠰᠤᠳᠠᠨ ᠪᠤᠭᠤᠷᠤᠯ ᠮᠢᠨᠢ ᠦᠨᠤᠳᠤᠷ ᠬᠡᠳᠤᠶᠢᠪᠡᠷ ᠶᠢᠷᠡ ᠶᠢᠨ ᠨᠠᠰᠤᠨ | ᠬᠤᠳᠤᠭ ᠢ ᠵᠤᠭᠤᠯᠠᠵᠦ ᠪᠠᠶᠢᠪᠠᠴᠦ᠂ ᠤᠯᠤᠰ ᠦᠨᠳᠤᠰᠤᠳᠡᠨ ᠡᠪᠦᠭᠡ ᠲᠡᠭᠡᠳᠤᠰ ᠤᠨ ᠠᠭᠤᠤ ᠤᠶᠢᠯᠡᠰ᠂ ᠤᠷᠤᠨ | ᠨᠤᠳᠤᠭ ᠤᠨ ᠰᠤᠶᠤᠯ ᠲᠡᠤᠬᠡ ᠪᠠᠨ ᠬᠦᠮᠤᠨ ᠠᠷᠠᠳ ᠲᠤ ᠪᠠᠨ ᠲᠠᠨᠢᠭᠤᠯᠵᠦ ᠦᠯᠡᠳᠡᠭᠡᠬᠦ ᠭᠡᠳ | ᠮᠡᠷᠡᠶᠢᠨᠴᠢᠷᠮᠠᠶᠢᠭᠰᠠᠭᠠᠷ ᠪᠠᠶᠢᠭ᠎ᠠ᠂ ᠤᠳᠤ ︽ᠬᠦᠮᠤᠨ ᠨᠠᠶᠢᠭᠡᠮ ᠤᠨ ᠬᠦᠭᠵᠢᠯ ᠤᠨ ᠵᠠᠭᠪᠤᠷᠢᠯᠠᠭᠴᠢ ᠴᠢᠩᠬᠢᠰ ᠬᠠᠭᠠᠨ | ︾ ᠭᠡᠰᠡᠨ ᠲᠤᠷᠪᠢᠳᠠᠢ ᠪᠦᠳᠤᠭᠡᠯ ᠢᠶᠠᠨ ᠬᠢᠳᠠᠳᠴᠢᠯᠡᠵᠦ ᠬᠡᠪᠯᠡᠭᠦᠯᠬᠦ ᠪᠠᠷ ᠭᠦᠶᠤᠨ ᠵᠢᠳᠭᠦᠵᠦ ᠪᠠᠶᠢᠨ᠎ᠠ᠃ ᠡᠭᠦᠨ | ᠠᠴᠠ ᠭᠠᠳᠠᠨ᠎ᠠ ᠪᠠᠰᠠ ᠨᠤᠳᠤᠭ ᠤᠨ ᠪᠠᠭᠠᠳᠤᠷ ᠲᠡᠮᠤᠷᠠ ᠭᠡᠰᠡᠨ ᠬᠤᠭᠤᠷ ᠤᠨ ᠦᠯᠢᠭᠡᠷ ᠢᠶᠠᠨ ᠦᠭᠦᠯᠡᠯᠭᠡ ᠪᠤᠯᠭᠠᠨ | ᠦᠭᠡᠷᠡᠴᠢᠯᠡᠭᠡᠳ᠂ ᠬᠡᠪᠯᠡᠨ ᠲᠠᠷᠬᠠᠬᠤ ᠪᠠᠷ ᠬᠡᠪᠯᠡᠯ ᠳᠤ ᠲᠤᠰᠢᠶᠠᠭᠠᠳ ᠪᠠᠶᠢᠨᠠᠮ᠃ | ᠠ᠊᠂ ᠬᠤᠳᠤᠷᠠᠩᠭ᠎ᠠ ᠨᠠᠰᠤᠳᠠᠨ ᠪᠤᠯ ᠮᠠᠨ ᠤ ᠮᠤᠩᠭᠤᠯ ᠦᠨᠳᠤᠰᠤᠳᠡᠨ ᠤ ᠲᠡᠤᠬᠡᠴᠢᠨ᠂ ᠤᠳᠬ᠎ᠠ ᠵᠤᠬᠢᠶᠠᠯᠴᠢ | ᠂ ᠰᠤᠶᠤᠯ ᠤᠨ ᠵᠢᠳᠬᠦᠯᠳᠡᠨ ᠪᠤᠯᠤᠨ᠎ᠠ᠃ ᠮᠡᠬᠦᠰ ᠪᠢ ᠠ᠊᠂ ᠬᠤᠳᠤᠷᠠᠩᠭ᠎ᠠ ᠨᠠᠰᠤᠳᠠᠨ ᠤ ᠨᠤᠮ ᠲᠡᠪᠳᠡᠷ᠂ ᠵᠤᠬᠢᠶᠠᠯ | ᠦᠭᠦᠯᠡᠯ ᠢ ᠣᠩᠰᠢᠨ᠂ ᠲᠡᠬᠦᠨ ᠤ ᠤᠶᠢᠯᠡ ᠠᠵᠢᠯᠯᠠᠭ᠎ᠠ ᠶᠢ ᠨᠢᠳᠦ ᠪᠠᠷ ᠬᠠᠷᠠᠭᠠᠳ ᠪᠢᠰᠢᠷᠠᠨ ᠬᠦᠠᠳᠤᠳᠬᠡᠬᠦ ᠶᠢᠨ | ᠡᠷᠬᠢᠨ ᠳᠤ ᠲᠤᠰ ᠵᠣᠬᠢᠶᠠᠯ ᠢ ᠪᠢᠴᠢᠭᠰᠡᠨ ᠶᠤᠮ᠃ | ᠠ᠊᠂ ᠬᠤᠳᠤᠷᠠᠩᠭ᠎ᠠ ᠨᠠᠰᠤᠳᠠᠨ ᠤ ᠪᠡᠶ᠎ᠡ ᠶᠢᠨ ᠡᠷᠡᠭᠦᠯ ᠲᠡᠩᠬᠡᠯᠡᠭᠦᠨ᠂ ᠦᠨᠳᠤᠷ ᠨᠠᠰᠤᠨ ᠤ ᠦᠷᠭᠡᠨ ᠪᠤᠶᠠᠨ ᠢ | ᠡᠳ᠋ᠯᠡᠬᠦ ᠶᠢ ᠪᠡᠯᠭᠡᠳᠡᠶ᠎ᠡ︕ | | ᠵᠡᠭᠦᠯᠳᠡ᠄ | ① 2018 ᠤᠨ ᠤ 1 ᠰᠠᠷ᠎ᠠ ᠶᠢᠨ ᠡᠬᠢᠨ ᠳᠤ ᠠ᠊᠂ ᠬᠤᠳᠤᠷᠠᠩᠭ᠎ᠠ ᠪᠠᠭᠰᠢ ᠶᠢ ᠰᠤᠷᠪᠤᠯᠵᠢᠯᠠᠪᠠ᠃ | ② ︽ᠮᠠᠨᠵᠤᠴᠤᠳ ᠤᠨ ᠨᠤᠶᠠᠷᠬᠠᠯ ᠲᠤᠤᠷᠠᠬᠢ ᠮᠤᠩᠭᠤᠯᠴᠤᠳ︾ ᠭᠡᠬᠦ ᠨᠤᠮ ᠠᠴᠠ ᠡᠰᠢᠯᠡᠪᠡ᠃ | ③ ︽ᠠ᠊᠂ ᠬᠤᠳᠤᠷᠠᠩᠭ᠎ᠠ ᠶᠢᠨ ᠵᠤᠬᠢᠶᠠᠯ ᠤᠨ ᠰᠤᠩᠭᠤᠮᠠᠯ︾ ᠤᠨ 327 ᠨᠢᠭᠤᠷ ᠲᠤ | ④ ︽ᠠᠷᠤ ᠬᠤᠷᠴᠢᠨ ᠬᠤᠰᠢᠭᠤᠨ ᠤ ᠪᠠᠯᠴᠢᠷᠤᠳ ᠤᠨ ᠰᠤᠷᠭᠠᠨ ᠬᠦᠮᠤᠵᠢᠯ ᠤᠨ ᠬᠦᠭᠵᠢᠯᠳᠡ ᠶᠢᠨ ᠲᠡᠤᠬᠡ | ︾ ᠬᠡᠭᠦ ᠨᠤᠮ ᠠᠴᠠ ᠠᠪᠤᠪᠠ᠃ | ⑤ ᠠ᠊᠂ ᠬᠤᠳᠤᠷᠠᠩᠭ᠎ᠠ ᠶᠢᠨ ︽ᠴᠢᠩᠬᠢᠰ ᠬᠠᠭᠠᠨ ᠬᠢᠭᠡᠳ ᠶᠢᠰᠤᠢ ᠬᠠᠳᠤᠨ︾ ᠭᠡᠰᠡᠨ ᠨᠤᠮ ᠤᠨ ᠤᠷᠤᠰᠢᠯ | ᠠᠴᠠ | ⑥ ᠠ᠊᠂ ᠬᠤᠳᠤᠷᠠᠩᠭ᠎ᠠ ᠶᠢᠨ ︽ᠴᠢᠩᠬᠢᠰ ᠬᠠᠭᠠᠨ ᠬᠢᠭᠡᠳ ᠶᠢᠰᠤᠢ ᠬᠠᠳᠤᠨ︾ ᠭᠡᠰᠡᠨ ᠨᠤᠮ ᠠᠴᠠ ᠠᠪᠤᠪᠠ᠃ | | | ᠪ᠊ · ᠲᠡᠮᠦᠷᠭᠤᠣᠯᠲᠣ ᠵᠣᠬᠢᠶᠠᠪᠠ | |