ᠬᠥᠩᠬᠦᠷ ᠤᠨ ᠲᠠᠯ᠎ᠠ ᠳᠠᠬᠢ ᠭᠦᠨ ᠵᠤᠵᠠᠭᠠᠨ ᠤᠯᠠ ᠮᠥᠷ
ᠨᠡᠶᠢᠲᠡᠯᠡᠭᠰᠡᠨ ᠴᠠᠭ᠄
2018/8/28
          ᠬᠥᠩᠬᠦᠷ ᠤᠨ ᠲᠠᠯ᠎ᠠ ᠳᠠᠬᠢ ᠭᠦᠨ ᠵᠤᠵᠠᠭᠠᠨ ᠤᠯᠠ ᠮᠥᠷ                                                   — ᠦᠨᠳᠦᠰᠦᠨ ᠱᠠᠳᠣᠨ ᠤ ᠨᠠᠮ ᠤᠨ ᠺᠠᠳ᠋ᠷ                                  ᠰᠢᠷᠠᠮᠣ ᠨᠦᠬᠦᠷ ᠢ ᠲᠣᠷᠠᠳᠬᠠᠬᠤ ᠨᠢ                                                                                                                 ᠠᠯᠳᠠᠨᠰᠠᠩ                    ᠰᠢᠷᠠᠮᠣ ᠨᠦᠬᠦᠷ ᠮᠠᠨ ᠠᠴᠠ ᠠᠶᠠᠷᠯᠠᠨ ᠰᠠᠯᠣᠭᠠᠳ ᠬᠠᠭᠠᠰ ᠵᠢᠯ ᠢᠯᠡᠬᠦᠣ ᠪᠣᠯᠴᠢᠬᠠᠯ᠎ᠠ᠃ ᠣᠷᠣᠰᠣᠨ ᠣᠳᠬᠤ ᠴᠠᠭ ᠣᠷᠣᠰᠬᠠᠯ ᠦᠩᠭᠡᠷᠡᠭᠰᠡᠨ ᠤ ᠣᠴᠢᠷ ᠢ ᠮᠠᠷᠳᠠᠭᠤᠯᠳᠠᠭ ᠴᠣ᠋ ᠰᠢᠷᠠᠮᠣ ᠨᠦᠬᠦᠷ ᠤᠨ ᠠᠮᠢᠳᠣ ᠰᠡᠷᠡᠬᠦᠨ ᠪᠠᠶᠢᠬᠤ ᠦᠶ᠎ᠠ ᠶᠢᠨ ᠪᠠᠶᠢᠳᠠᠯ ᠦᠷᠬᠦᠯᠵᠢ ᠣᠶᠣᠨ ᠲᠡᠷᠢᠬᠢᠨ ᠳᠤ ᠪᠣᠳᠣᠭᠳᠠᠵᠣ᠂ ᠨᠢᠭᠡᠨ ᠦᠨᠳᠦᠰᠦᠨ ᠱᠠᠳᠣᠨ ᠤ ᠨᠠᠮ ᠤᠨ ᠰᠠᠶᠢᠨ ᠺᠠᠳ᠋ᠷ ᠲᠠᠩᠴᠢ ᠡᠷᠳᠡ ᠡᠨᠡ ᠶᠢᠷᠳᠢᠨᠴᠦ ᠠᠴᠠ ᠬᠠᠯᠢᠵᠦ ᠣᠳᠣᠭᠰᠠᠨ ᠳᠤ ᠦᠪᠡᠷ ᠤᠨ ᠡᠷᠬᠡ ᠦᠬᠡᠢ ᠡᠮᠬᠡᠨᠢᠨ ᠭᠠᠰᠢᠭᠤᠳᠠᠨ᠎ᠠ᠃      ᠦᠩᠭᠡᠷᠡᠭᠰᠡᠨ ᠤ ᠦᠯᠢᠬᠡᠷ ᠲᠡᠣᠬᠡᠨ ᠳᠤ  ᠮᠠᠰᠢ ᠣᠯᠠᠨ  ᠢᠳᠡᠳᠡᠨ ᠪᠠᠭᠠᠳᠣᠷ ᠣᠯᠠᠨ ᠲᠦᠮᠡᠨ   ᠳᠤ ᠠᠴᠢ ᠲᠣᠰᠠᠳᠠᠢ ᠠᠵᠢᠯ ᠬᠢᠵᠦ  ᠠᠯᠳᠠᠷ ᠨᠡᠷ᠎ᠡ ᠪᠠᠨ ᠲᠣᠷᠠᠰᠣᠭᠤᠯᠣᠨ ᠬᠦᠮᠦᠰ ᠤᠨ ᠰᠡᠳᠬᠢᠯ ᠵᠢᠷᠦᠬᠡᠨ ᠳᠤ ᠮᠦᠩᠭᠡᠷᠡᠭᠰᠡᠨ ᠪᠠᠶᠢᠳᠠᠭ᠃ ᠡᠳᠡᠭᠡᠷ ᠨᠢ ᠪᠦᠷ ᠦᠨᠡᠨ ᠪᠣᠳᠠᠳᠠᠢ ᠳᠦᠷᠢ ᠲᠡᠭᠡᠷ᠎ᠡ ᠬᠦᠮᠦᠨ ᠤ ᠠᠮᠠᠨ ᠶᠠᠷᠢᠶ᠎ᠠ ᠪᠠ ᠣᠷᠠᠨ ᠵᠣᠬᠢᠶᠠᠯ ᠢᠶᠠᠷ ᠲᠦᠷᠢ ᠪᠦᠳᠦᠬᠡᠭᠳᠡᠭᠰᠡᠨ ᠤ ᠦᠷ᠎ᠠ ᠳ᠋ᠦᠩ  ᠪᠣᠯᠬᠤ ᠶᠣᠮ᠃ ᠦᠨᠡᠨᠳᠡᠬᠡᠨ ᠪᠠᠭᠠᠳᠣᠷ ᠢᠳᠡᠳᠡᠨ ᠪᠣᠯ ᠣᠯᠠᠨ ᠲᠦᠮᠡᠨ ᠤ ᠲᠣᠮᠳᠠ ᠪᠠᠶᠢᠵᠦ᠂ ᠵᠠᠷᠢᠮ ᠳᠠᠭᠠᠨ ᠴᠢᠨᠦ ᠲᠡᠷᠬᠡᠳᠡ ᠳᠤ ᠴᠢᠨᠢ ᠪᠠᠶᠢᠳᠠᠭ ᠡᠭᠡᠯ  ᠵᠢᠷ ᠤᠨ ᠬᠦᠮᠦᠨ ᠪᠣᠯᠬᠤ ᠶᠤᠮ᠃ ᠰᠢᠷᠠᠮᠣ ᠨᠦᠬᠦᠷ ᠪᠣᠯ ᠶᠠᠭ ᠲᠡᠭᠦᠨ ᠤ ᠳᠣᠲᠣᠷᠠᠬᠢ ᠨᠢᠭᠡ ᠨᠢ ᠪᠣᠯᠣᠨ᠎ᠠ᠃      2011 ᠣᠨ ᠤ 5 ᠰᠠᠷ᠎ᠠ ᠳᠤ᠂ ᠪᠢ ᠬᠡᠰᠢᠭᠳᠡᠨ ᠬᠤᠰᠢᠭᠤᠨ ᠳᠤ ᠠᠵᠢᠯ ᠰᠢᠯᠵᠢᠵᠦ ᠣᠴᠢᠭᠰᠠᠨ ᠤ ᠲᠠᠷᠠᠭᠠᠬᠠᠨ ᠨᠢᠬᠡ ᠵᠠᠯᠠᠭᠤ ᠪᠠᠶ᠎ᠠ ᠠᠴᠠ ᠨᠢ ᠰᠠᠯᠬᠢᠨ ᠲᠠᠳᠠᠵᠣ ᠪᠠᠶᠢᠭ᠎ᠠ ᠰᠢᠭ᠋ ᠬᠡᠶᠢᠮᠣᠷᠢᠳᠠᠢ ᠠᠯᠬᠤᠵᠣ ᠢᠷᠡᠭᠡᠳ᠄ ︽ᠪᠢ ᠰᠢᠷᠠᠮᠣ︾  ᠬᠡᠵᠦ  ᠬᠡᠯᠡᠬᠦ ᠶᠢᠨ ᠲᠠᠭᠠᠣ ᠮᠢᠨᠤ ᠡᠮᠣᠨ᠎ᠠ ᠰᠠᠨᠳᠠᠯᠢ ᠲᠡᠭᠡᠷ᠎ᠡ ᠰᠠᠭᠤᠵᠣ ᠪᠢᠯᠠ᠃ ᠬᠡᠵᠢᠬᠡ ᠪᠠᠨ ᠬᠤᠶᠢᠰᠢ ᠪᠠᠨ ᠰᠠᠮᠨᠠᠵᠣ ᠬᠡᠳᠡᠶᠢᠭᠰᠡᠨ ᠨᠢᠷᠤᠭᠤ ᠲᠠᠢ ᠡᠨᠡ ᠵᠠᠯᠠᠭᠤ ᠳᠤ ᠲᠠᠯ᠎ᠠ ᠨᠣᠳᠤᠭ ᠤᠨ ᠮᠣᠩᠭᠤᠯ ᠡᠷ᠎ᠡ ᠶᠢᠨ  ᠣᠮᠣᠭᠯᠠᠩ ᠰᠢᠨᠵᠢ ᠬᠠᠳᠠᠭᠠᠯᠠᠭᠳᠠᠵᠣ ᠪᠠᠶ᠎ᠠ ᠰᠡᠳᠬᠢᠯ ᠠᠴᠠ ᠨᠢ ᠪᠠᠳᠣ ᠬᠠᠳᠠᠨ ᠢᠳᠡ ᠬᠦᠴᠦ ᠣᠷᠭᠢᠯᠵᠤ ᠪᠠᠶᠢᠭ᠎ᠠ  ᠨᠢ ᠢᠯᠡᠬᠡᠨ ᠪᠢᠯᠠ᠃ ᠲᠣᠬᠠᠢ ᠶᠢᠨ ᠦᠶ᠎ᠠ ᠳᠤ ᠰᠢᠷᠠᠮᠣ  ᠨᠦᠬᠦᠷ ᠬᠡᠰᠢᠭᠳᠡᠨ ᠬᠤᠰᠢᠭᠤᠨ ᠤ ᠲᠠᠷᠬᠠᠠᠭᠤᠯᠠ ᠰᠣᠮᠣᠨ  ᠤ ᠨᠠᠮ ᠤᠨ ᠬᠤᠷᠢᠶ᠎ᠠ ᠶᠢᠨ ᠱᠦᠵᠢ ᠶᠢᠨ ᠲᠣᠰᠢᠶᠠᠯ ᠢ ᠬᠠᠷᠢᠭᠤᠴᠠᠵᠣ ᠪᠠᠶᠢᠭᠰᠠᠨ ᠵᠠᠯᠠᠭᠤ ᠺᠠᠳ᠋ᠷ ᠪᠠᠶᠢᠵᠠᠢ  ᠃      ᠬᠡᠰᠢᠭᠳᠡᠨ ᠬᠤᠰᠢᠭᠤ ᠭᠡᠵᠦ ᠨᠣᠮᠢᠨ ᠲᠠᠯ᠎ᠠ ᠨᠢ ᠬᠡᠪᠢᠰ ᠰᠢᠭ᠂ ᠨᠠᠭᠤᠷ ᠪᠦᠷᠢᠳᠦ ᠨᠢ ᠲᠣᠯᠢ ᠰᠢᠭ᠋᠂ ᠣᠢ ᠮᠣᠳᠣ ᠨᠢ ᠲᠠᠯᠠᠢ ᠰᠢᠭ᠋᠂ ᠤᠰᠤ ᠮᠥᠷᠡᠨ ᠨᠢ ᠬᠠᠳᠠᠭ ᠰᠢᠭ᠋᠂ ᠮᠠᠯ ᠰᠦᠷᠦᠭ ᠨᠢ ᠰᠣᠪᠣᠳ  ᠰᠢᠭ᠋᠂ ᠮᠠᠩᠬ᠎ᠠ ᠪᠦᠷᠢᠳᠦ ᠨᠢ ᠵᠢᠷᠤᠭ ᠰᠢᠭ᠋᠂ ᠬᠦᠬᠡᠮᠳᠦᠭ ᠠᠭᠤᠯᠠ ᠨᠢᠷᠤᠭᠤᠳ ᠨᠢ ᠬᠥᠬᠡ ᠲᠡᠭᠷᠢ ᠶᠢᠨ ᠳᠣᠣᠷ᠎ᠠ ᠰᠦᠨᠳᠡᠷᠯᠡᠵᠦ᠂ ᠦᠩᠬᠡ ᠦᠩᠬᠡ ᠶᠢᠨ ᠴᠡᠴᠡᠭ ᠨᠢ ᠠᠭᠤᠳᠠᠮ ᠲᠠᠯ᠎ᠠ ᠳᠠᠭᠠᠨ ᠠᠯᠠᠭᠯᠠᠨ ᠳᠡᠯᠭᠡᠷᠡᠭᠰᠡᠨ ᠮᠠᠭᠳᠠᠭᠠᠳ ᠪᠠᠷᠠᠰᠢ ᠦᠬᠡᠢ ᠦᠵᠡᠰᠬᠦᠯᠡᠩᠲᠦ ᠰᠠᠶᠢᠬᠠᠨ ᠨᠣᠳᠤᠭ ᠪᠢᠯᠡ᠃ ᠰᠢᠷᠠᠮᠣ ᠨᠦᠬᠦᠷ ᠲᠠᠷᠬᠠᠠᠭᠤᠯᠠ ᠰᠣᠮᠣᠨ ᠳᠤ ᠠᠵᠢᠯᠯᠠᠵᠣ ᠪᠠᠶᠢᠭᠰᠠᠨ ᠦᠶ᠎ᠠ ᠳᠤ ᠬᠡᠰᠢᠭᠳᠡᠨ ᠬᠤᠰᠢᠭᠤᠨ ᠤ ᠠᠵᠣ ᠠᠬᠤᠢ ᠨᠡᠶᠢᠭᠡᠮ ᠤᠨ ᠬᠥᠭᠵᠢᠯᠲᠡ ᠦᠰᠦᠷᠦᠩᠬᠦᠢ ᠲᠠᠪᠰᠢᠯᠳᠠ ᠲᠠᠢ ᠪᠠᠶᠢᠭᠰᠠᠨ ᠴᠠᠭ ᠦᠶ᠎ᠠ ᠪᠣᠯᠬᠤ ᠪᠦᠭᠡᠳ ᠰᠢᠷᠠᠮᠣ ᠨᠦᠬᠦᠷ ᠬᠤᠰᠢᠭᠤᠨ ᠤ ᠠᠵᠢᠯ ᠤᠨ ᠲᠣᠬᠢᠷᠠᠭᠤᠯᠣᠯᠳᠠ ᠶᠢ ᠣᠷᠣᠨ ᠨᠣᠳᠤᠭ ᠤᠨ ᠪᠣᠳᠠᠳᠣ ᠪᠠᠶᠢᠳᠠᠯ ᠲᠠᠢ ᠪᠠᠨ ᠣᠷᠭᠠᠨᠢᠭ ᠢᠶᠠᠷ ᠣᠶᠠᠯᠳᠣᠭᠤᠯᠣᠨ᠂ ᠪᠦᠬᠦ ᠰᠣᠮᠣ ᠶᠢᠨ ᠮᠠᠯᠴᠢᠨ ᠲᠦᠮᠡᠨ ᠢᠶᠠᠨ ᠲᠠᠶᠢᠴᠢᠯᠠᠨ ᠲᠠᠭᠠᠭᠤᠯᠵᠣ᠂ ᠠᠰᠢᠭᠳᠠᠢ ᠠᠵᠠ ᠲᠣᠬᠢᠶᠠᠯ ᠢ ᠡᠵᠡᠮᠳᠡᠨ ᠲᠠᠷᠬᠠᠠᠭᠤᠯᠠ ᠰᠣᠮᠣᠨ ᠤ ᠪᠦᠬᠦ ᠲᠠᠯ᠎ᠠ ᠶᠢᠨ ᠬᠦᠭᠵᠢᠯᠳᠡ ᠳᠤ  ᠪᠠᠯᠠᠷᠠᠰᠢ ᠦᠬᠡᠢ ᠬᠤᠪᠢ ᠨᠡᠮᠡᠷᠢ ᠦᠵᠡᠬᠦᠯᠵᠡᠢ᠃      ᠨᠢᠭᠡ      ︽ᠮᠦᠩᠬᠦᠨ ᠡᠪᠣᠯ ᠤᠨ ᠲᠡᠮᠡᠬᠡᠨ ᠰᠣᠶᠣᠯ ᠤᠨ ᠨᠠᠶᠢᠷ︾ ᠪᠣᠯ ᠰᠢᠷᠠᠮᠣ ᠨᠦᠬᠦᠷ ᠤᠨ ᠪᠦᠳᠦᠬᠡᠯ ᠪᠣᠯᠣᠨ᠎ᠠ᠃ ᠰᠢᠷᠠᠮᠤ ᠨᠥᠬᠦᠷ 2010 ᠣᠨ ᠳᠤ ᠰᠡᠳᠦᠵᠦ ᠬᠢᠭᠰᠡᠨ ᠠᠴᠠ ᠣᠳᠣ ᠪᠣᠯᠲᠠᠯ᠎ᠠ 8 ᠵᠢᠯ ᠤᠨ ᠨᠢᠭᠤᠷ ᠦᠵᠡᠵᠦ ᠪᠠᠶᠢᠨ᠎ᠠ᠃ ᠲᠣᠰ ᠨᠠᠶᠢᠷ ᠨᠢ ᠵᠢᠯ ᠪᠣᠯᠭᠠᠨ ᠤ ᠡᠪᠣᠯ ᠤᠨ ᠲᠣᠮᠳᠠᠴᠢ ᠪᠠᠷ ᠦᠪᠡᠳᠡᠭᠰᠢ ᠶᠡᠭᠡ ᠪᠠᠷ ᠶᠠᠪᠣᠭᠳᠠᠳᠠᠭ᠃      ᠮᠦᠩᠬᠦᠨ ᠴᠠᠰᠣᠨ ᠳᠤ ᠬᠤᠴᠢᠭᠳᠠᠭᠰᠠᠨ ᠡᠪᠣᠯ ᠤᠨ ᠨᠠᠭᠠᠳᠣᠮ ᠳᠤ ᠮᠣᠩᠭᠤᠯ ᠢᠶᠠᠷ ᠴᠢᠮᠡᠭᠰᠡᠨ ᠨᠠᠭᠠᠳᠣᠮᠴᠢᠳ ᠶᠠᠭ ᠯᠠ ᠴᠠᠰᠣᠨ ᠲᠡᠭᠡᠷ᠎ᠡ ᠲᠡᠯᠭᠡᠷᠡᠭᠰᠡᠨ ᠦᠩᠬᠡ ᠶᠢᠨ ᠴᠡᠴᠡᠭ ᠰᠢᠭ ᠭᠤᠶᠣᠬᠠᠨ ᠬᠠᠷᠠᠭᠳᠠᠵᠣ ᠭᠤᠳᠣᠯ ᠵᠣᠳᠤᠭ ᠲᠠᠢ ᠪᠦᠬᠡᠴᠢᠳ᠂   ᠭᠤᠶᠣ ᠲᠣᠷᠠᠨ   ᠲᠠᠢ ᠰᠡᠬᠦᠳᠡᠷᠯᠡᠭᠴᠢᠳ᠂  ᠦᠨᠳᠦᠷ ᠪᠦᠬᠦ ᠲᠠᠢ ᠲᠡᠮᠡᠬᠡᠳ ᠂  ᠦᠩᠬᠡ ᠶᠢᠨ ᠲᠡᠪᠡᠯ ᠲᠠᠢ ᠮᠠᠯᠴᠢᠳ ᠡᠪᠣᠯ ᠤᠨ ᠨᠠᠭᠠᠳᠣᠮ ᠤᠨ  ᠭᠤᠣᠯ ᠲᠣᠭᠯᠠᠭᠴᠢ ᠪᠣᠯᠳᠠᠭ  ᠪᠢᠯᠠ᠃      ᠵᠢᠯ ᠪᠦᠷᠢ ᠶᠢᠨ ᠨᠠᠶᠢᠷ ᠲᠡᠭᠡᠷ᠎ᠡ ᠰᠢᠷᠠᠮᠣ ᠨᠦᠬᠦᠷ ᠶᠡᠷᠦ ᠨᠢ ᠣᠯᠠᠨ ᠤ ᠡᠮᠣᠨ᠎ᠠ ᠭᠠᠷᠴᠣ ᠶᠠᠷᠢᠶ᠎ᠠ ᠢᠯᠡᠳᠬᠡᠯ ᠬᠢᠬᠦ ᠠᠵᠢᠯ ᠢ ᠪᠤᠰᠤᠳ ᠨᠥᠬᠦᠳ ᠲᠡᠭᠡᠨ ᠲᠤᠰᠢᠶᠠᠵᠤ᠂ ᠥᠪᠡᠷ ᠢᠶᠠᠨ ᠬᠠᠷᠢᠨ ᠠᠷᠣ ᠲᠠᠯ᠎ᠠ ᠶᠢᠨ ᠠᠵᠢᠯ ᠭᠡᠲᠡᠯ᠎ᠡ ᠠᠮᠣᠷ ᠢ ᠬᠠᠮᠠᠭᠠᠯᠠᠬᠤ ᠠᠵᠢᠯ ᠭᠡᠵᠦ ᠭᠠᠳᠠᠷ ᠲᠠᠯ᠎ᠠ ᠪᠠᠷ ᠶᠠᠭᠠᠷᠠᠵᠣ ᠪᠠᠶᠢᠳᠠᠭ᠃ ᠪᠢ ᠣᠯᠠᠨ ᠭᠠᠵᠠᠷ ᠤᠨ ᠨᠠᠶᠢᠷ ᠨᠠᠭᠠᠳᠣᠮ ᠢ ᠬᠠᠷᠠᠵᠣ ᠦᠪᠡᠷ ᠢᠶᠠᠨ ᠴᠣ᠋ ᠣᠯᠠᠨ ᠣᠳᠠᠭ᠎ᠠ ᠨᠠᠶᠢᠷ ᠨᠠᠭᠠᠳᠣᠮ ᠵᠣᠬᠢᠶᠠᠨ ᠪᠠᠶᠢᠭᠤᠯᠵᠣ ᠪᠠᠶᠢᠭᠰᠠᠨ  ᠂  ᠬᠡᠪᠡᠴᠦ ᠬᠡᠰᠢᠭᠳᠡᠨ ᠨᠣᠳᠤᠭ ᠤᠨ ᠮᠦᠩᠬᠦᠨ ᠡᠪᠣᠯ ᠤᠨ ᠲᠡᠮᠡᠬᠡᠨ ᠰᠣᠶᠣᠯ ᠤᠨ ᠨᠠᠶᠢᠷ ᠨᠠᠳᠠ ᠳᠤ ᠨᠠᠶᠢᠷ ᠤᠨ ᠲᠣᠳᠣᠷᠠᠬᠢ ᠨᠠᠷᠭᠢᠶᠠᠨ᠂ ᠨᠠᠭᠠᠳᠣᠮ ᠤᠨ ᠲᠣᠳᠣᠷᠠᠬᠢ ᠣᠷᠬᠢᠯ ᠬᠡᠵᠦ ᠪᠣᠳᠣᠭᠳᠠᠳᠠᠭ᠃      ᠲᠡᠮᠡᠭᠡᠨ ᠰᠣᠶᠣᠯ ᠤᠨ ᠨᠠᠶᠢᠷ ᠭᠡᠵᠦ ᠶᠣᠰᠣᠲᠠᠢ ᠮᠣᠩᠭᠤᠯ ᠦᠨᠳᠦᠰᠦᠲᠡᠨ ᠤ ᠬᠤᠪᠴᠠᠰᠤᠨ ᠤ ᠭᠠᠶᠢᠬᠠᠮᠰᠢᠭ᠂ ᠰᠣᠶᠣᠯ ᠤᠨ ᠭᠠᠶᠢᠬᠠᠮᠰᠢᠭ᠂ ᠨᠤᠲᠤᠭ ᠤᠨ ᠭᠠᠶᠢᠬᠠᠮᠰᠢᠭ ᠢ ᠳᠡᠯᠭᠡᠨ ᠦᠵᠡᠭᠦᠯᠦᠭᠰᠡᠨ ᠦᠵᠡᠰᠬᠦᠯᠡᠩ ᠪᠣᠯᠵᠠᠢ᠃ ᠡᠳᠡᠭᠡᠷ ᠪᠦᠬᠦᠨ ᠨᠢ ᠰᠢᠷᠠᠮᠣ ᠨᠦᠬᠦᠷ ᠤᠨ ᠮᠣᠩᠭᠤᠯ ᠰᠣᠶᠣᠯ ᠳᠠᠭᠠᠨ ᠡᠷᠬᠦᠭᠰᠡᠨ ᠭᠠᠪᠢᠶ᠎ᠠ  ᠵᠢᠳᠬᠦᠯ ᠪᠣᠯᠣᠨ᠎ᠠ᠃      ᠬᠤᠶᠠᠷ      ᠰᠢᠷᠠᠮᠣ ᠨᠦᠬᠦᠷ ︽ᠠᠷᠪᠠ ᠶᠢ ᠨᠠᠶᠢᠳᠠᠮ ᠪᠦᠷᠬᠦᠬᠦᠯᠬᠦ  ︾ ᠠᠵᠢᠯ ᠤᠨ ᠠᠵᠠ ᠲᠣᠬᠢᠶᠠᠯ ᠢ ᠠᠮᠵᠢᠵᠦ ᠪᠦᠬᠦ ᠰᠣᠮᠣᠨ ᠤ ᠪᠠᠨ ᠦᠨᠳᠦᠰᠦᠨ ᠪᠦᠳᠦᠬᠡᠨ ᠪᠠᠶᠢᠭᠤᠯᠣᠯᠳᠠ ᠶᠢ ᠴᠢᠩᠭᠠᠳᠬᠠᠵᠣ ᠣᠯᠠᠨ ᠲᠦᠮᠡᠨ ᠳᠤ ᠮᠠᠰᠢ ᠰᠠᠶᠢᠨ ᠠᠴᠢ ᠲᠣᠰᠠ ᠲᠠᠢ ᠠᠵᠢᠯ ᠬᠢᠭᠰᠡᠨ ᠶᠣᠮ᠃ ︽ᠠᠷᠪᠠ ᠶᠢ ᠨᠠᠶᠢᠳᠠᠮ ᠪᠦᠷᠬᠦᠬᠦᠯᠬᠦ ᠠᠵᠢᠯ︾ ᠳᠤ ᠬᠤᠰᠢᠭᠤᠨ ᠠᠴᠠ ᠭᠤᠣᠯ ᠨᠢ ᠦᠨᠳᠦᠰᠦᠨ ᠱᠠᠳᠣᠨ ᠤ ᠺᠠᠳ᠋ᠷᠴᠣᠳ ᠤᠨ ᠦᠪᠡᠷ ᠤᠨ ᠢᠳᠡᠪᠬᠢᠵᠠᠯ ᠪᠠ ᠭᠤᠣᠯᠯᠠᠭᠴᠢ ᠣᠶᠢᠯᠡᠳᠦᠯ ᠢ ᠲᠦᠰᠢᠳᠡᠭ ᠣᠴᠢᠷ ᠠᠴᠠ ᠰᠢᠷᠠᠮᠣ ᠨᠦᠬᠦᠷ ᠡᠷᠴᠢ ᠵᠣᠷᠢᠭ ᠢᠶᠠᠨ ᠬᠦᠪᠴᠢᠯᠠᠨ ᠰᠣᠮᠣᠨ ᠤ ᠬᠦᠭᠵᠢᠯᠳᠡ ᠪᠠᠨ ᠰᠢᠨᠵᠢᠯᠡᠬᠦ ᠣᠬᠠᠭᠠᠨᠴᠢ ᠪᠠᠷ ᠲᠦᠯᠦᠪᠵᠢᠬᠦᠯᠵᠦ ᠰᠤᠮᠤ ᠪᠠᠨ ᠪᠦᠬᠦ ᠲᠠᠯ᠎ᠠ ᠪᠠᠷ ᠵᠠᠰᠠᠵᠣ ᠭᠤᠶᠣᠵᠢᠭᠤᠯᠣᠭᠰᠠᠨ ᠪᠠᠶᠢᠨ᠎ᠠ      ᠪᠠᠶᠠᠨᠮᠡᠨᠳᠦ ᠭᠠᠴᠠᠭ᠎ᠠ ᠵᠡᠷᠭᠡ ᠡᠷᠳᠡᠨ ᠤ ᠬᠤᠳᠠ ᠶᠢᠨ ᠲᠡᠣᠬᠡ  ᠰᠣᠶᠣᠯ ᠤᠨ ᠲᠣᠭᠤᠷᠢᠭ  ᠂  ᠲᠠᠯᠣ ᠭᠠᠴᠠᠭ᠎ᠠ ᠵᠡᠷᠭᠡ ᠮᠠᠯᠵᠢᠯ ᠤᠨ ᠲᠠᠯᠠᠪᠠᠢ ᠶᠢᠨ ᠲᠣᠭᠤᠷᠢᠭ᠂  ᠪᠠᠶᠠᠨᠰᠢᠯᠢ ᠭᠠᠴᠠᠭ᠎ᠠ ᠵᠡᠷᠭᠡ ᠬᠡᠷᠡᠯ ᠵᠢᠷᠤᠭ ᠤᠨ ᠰᠠᠭᠤᠷᠢᠨ ᠤ ᠲᠣᠭᠤᠷᠢᠭ᠂  ᠲᠠᠪᠣᠨ ᠬᠤᠷᠣᠭᠤ ᠭᠠᠴᠠᠭ᠎ᠠ ᠵᠡᠷᠭᠡ ᠲᠠᠷᠢᠶᠠᠯᠠᠬᠤ ᠲᠣᠰᠬᠤᠨ ᠤ ᠲᠣᠭᠤᠷᠢᠭ ᠢ ᠪᠦᠲᠦᠭᠡᠨ ᠪᠠᠶᠢᠭᠤᠯᠵᠤ᠂ ᠪᠦᠬᠦ ᠰᠣᠮᠣᠨ ᠤ ᠰᠢᠷᠦᠢ ᠶᠢᠨ ᠵᠠᠮ᠂ ᠰᠢᠷᠦᠢ ᠶᠢᠨ ᠬᠡᠷ᠂ ᠰᠢᠷᠦᠢ ᠶᠢᠨ ᠭᠡᠷᠡᠮ ᠢ ᠪᠦᠬᠦᠨ ᠢ ᠥᠭᠡᠷᠡᠴᠢᠯᠡᠨ ᠰᠢᠨᠡᠳᠬᠡᠵᠦ᠂ ᠬᠠᠳᠣᠯᠠᠩ ᠤᠨ ᠲᠣᠣᠷ ᠢ ᠪᠠᠬᠢᠵᠢᠬᠦᠯᠦᠨ᠂ ᠭᠠᠴᠠᠭᠠᠨ ᠬᠡᠷ᠂  ᠡᠮᠨᠡᠯᠬᠡ ᠶᠢᠨ ᠲᠠᠰᠤᠭ᠂  ᠲᠡᠯᠬᠡᠬᠦᠷ ᠬᠤᠷᠰᠢᠶ᠎ᠠ ᠶᠢ ᠢᠵᠢ ᠪᠦᠷᠢᠳᠦᠬᠦᠯᠵᠦ᠂ ᠣᠨᠠᠬᠤ ᠠᠶᠣᠯᠳᠠᠢ ᠬᠡᠷ ᠪᠠᠶᠢᠰᠢᠩ ᠢ ᠪᠦᠬᠦᠨ ᠢ ᠦᠭᠡᠷᠡᠴᠢᠯᠠᠨ ᠵᠠᠰᠠᠵᠣ᠂ ᠲᠠᠷᠬᠠᠠᠭᠤᠯᠠ ᠰᠣᠮᠣ ᠪᠠᠨ ᠬᠦᠩᠬᠡᠷ ᠤᠨ ᠲᠠᠯ᠎ᠠ ᠳᠤ ᠴᠡᠴᠡᠭᠯᠡᠨ ᠬᠦᠭᠵᠢᠭᠰᠡᠨ ᠦᠵᠡᠰᠬᠦᠯᠠᠩᠳᠣ ᠰᠠᠶᠢᠬᠠᠨ ᠮᠠᠯᠵᠢᠬᠤ ᠰᠣᠮᠣ ᠪᠣᠯᠭᠠᠨ ᠪᠦᠲᠦᠭᠡᠨ ᠪᠠᠶᠢᠭᠤᠯᠵᠠᠢ᠃     ᠲᠠᠷᠬᠠᠠᠭᠤᠯᠠ ᠰᠤᠮᠤ ᠨᠢ ᠳᠤᠭᠤᠶᠢᠯᠠᠩ ᠣᠯᠠᠨᠲᠠᠢ᠂ ᠣᠷᠣᠨ ᠰᠠᠭᠤᠴᠠ ᠲᠠᠷᠠᠬᠠᠢ ᠪᠤᠲᠠᠷᠬᠠᠢ ᠳᠡᠭᠡᠷ᠎ᠡ ᠦᠨᠳᠦᠰᠦᠨ ᠰᠠᠭᠤᠷᠢ ᠪᠠᠷᠤᠭᠲᠠᠢ  ᠪᠣᠯᠬᠤᠷ ᠰᠢᠷᠠᠮᠤ ᠨᠥᠬᠦᠷ ᠡᠳᠦᠷ ᠲᠤᠵᠢ ᠬᠥᠳᠡᠭᠡ ᠪᠠᠭᠤᠵᠤ᠂ ᠰᠥᠨᠢᠵᠢᠨ ᠬᠤᠷᠠᠯ ᠴᠤᠭᠯᠠᠭ᠎ᠠ ᠬᠢᠵᠦ ᠠᠷᠭ᠎ᠠ ᠪᠣᠳᠣᠯᠭ᠎ᠠ ᠲᠣᠭᠲᠠᠭᠠᠨ᠂ ᠡᠳᠦᠷᠵᠢᠨ ᠰᠥᠨᠢᠵᠢᠨ ᠠᠵᠢᠯᠯᠠᠵᠤ ᠪᠠᠶᠢᠵᠠᠢ᠃ ᠶᠡᠷᠦ ᠳᠡᠭᠡᠨ ᠬᠤᠰᠢᠭᠤᠨ ᠠᠴᠠ ᠲᠤᠰᠢᠶᠠᠭᠰᠠᠨ ᠡᠭᠦᠷᠭᠡ ᠨᠢ ᠬᠡᠴᠢᠨᠡᠨ ᠬᠦᠨᠳᠦ᠂ ᠬᠡᠳᠦᠢ ᠪᠠᠴᠢᠮ ᠪᠣᠯᠪᠠᠴᠤ ᠳᠠᠷᠬᠠᠨ᠋ᠠ᠋ᠭᠤᠯᠠ ᠰᠤᠮᠤᠨ ᠤ ᠰᠢᠷᠡᠮᠦ ᠨᠦᠬᠦᠷ ᠤᠨ ᠭᠠᠷ ᠲᠤ ᠣᠷᠣᠪᠠᠯ ᠤᠳᠠᠯ ᠦᠭᠡᠢ ᠠᠮᠵᠢᠯᠳᠠᠳᠠᠢ ᠪᠡᠶᠡᠯᠡᠭᠳᠡᠳᠡᠭ ᠪᠠᠶᠢᠵᠠᠢ᠃      2015 ᠣᠨ ᠤ ᠵᠣᠨ᠂ ᠰᠢᠷᠠᠮᠣ ᠨᠦᠬᠦᠷ ᠨᠠᠳᠠ ᠲᠠᠢ ᠬᠠᠮᠲᠤ ᠮᠠᠨᠳᠣᠯ ᠠᠭᠤᠯᠠᠨ ᠤ ᠣᠷᠣᠢ ᠲᠡᠭᠡᠷ᠎ᠡ  ᠭᠠᠷᠤᠭᠠᠳ᠄ ︽ᠲᠠ ᠬᠠᠷᠠᠯ ᠳ᠋ᠠ᠂  ᠮᠠᠨ ᠤ ᠲᠠᠷᠬᠠᠠᠭᠤᠯᠠ ᠨᠣᠳᠤᠭ ᠬᠡᠳᠦᠢ ᠰᠠᠶᠢᠬᠠᠨ ᠪᠣᠢ︖ ᠪᠠᠷᠠᠭᠤᠨᠰᠢ ᠬᠠᠷᠠᠪᠠᠯ ᠬᠤᠯᠠᠨ ᠰᠢᠷᠭ᠎ᠠ ᠶᠢᠨ ᠡᠯᠡᠰᠦᠨ ᠲᠠᠯᠠᠢ᠂  ᠬᠤᠶᠢᠰᠢ ᠪᠠᠨ ᠬᠠᠷᠠᠪᠠᠯ ᠲᠠᠯᠠᠶᠢᠨᠠᠭᠤᠷ ᠤᠨ ᠣᠰᠣᠨ ᠲᠠᠯᠠᠢ᠂ ᠵᠡᠬᠦᠨᠰᠢ ᠪᠠᠨ ᠬᠠᠷᠠᠪᠠᠯ ᠬᠦᠩᠬᠡᠷ ᠤᠨ ᠲᠠᠯ᠎ᠠ ᠶᠢᠨ ᠡᠪᠡᠰᠦᠨ ᠲᠠᠯᠠᠢ︾ ᠬᠡᠵᠦ ᠰᠡᠳᠬᠢᠯ ᠪᠠᠭ᠋ᠠᠳᠣᠨ ᠶᠠᠷᠢᠵᠣ ᠪᠠᠶᠢᠭᠰᠠᠨ ᠃ ᠣᠳᠣ ᠪᠣᠳᠣᠪᠠᠯ ᠰᠢᠷᠠᠮᠣ ᠨᠦᠬᠦᠷ ᠠᠷᠪᠠ ᠭᠠᠷᠣᠢ ᠵᠢᠯ  ᠲᠠᠷᠬᠠᠠᠭᠤᠯᠠ  ᠰᠣᠮᠣᠨ   ᠳᠤ  ᠠᠵᠢᠯᠯᠠᠵᠣ ᠠᠮᠢᠳᠣᠷᠠᠬᠤ  ᠳᠠᠭᠠᠨ ᠡᠨᠡ ᠨᠣᠳᠤᠭ ᠤᠨ ᠭᠠᠵᠠᠷ ᠰᠢᠷᠦᠢ ᠬᠦᠮᠦᠨ ᠠᠷᠠᠳ ᠲᠤ ᠰᠡᠳᠬᠢᠯ ᠵᠢᠷᠦᠬᠡ ᠪᠠᠷ ᠠᠭᠤᠰᠴᠣ  ᠪᠢᠯᠬᠠᠮ᠎ᠠ ᠬᠠᠯᠠᠭᠤᠨ ᠬᠠᠶᠢᠷ᠎ᠠ ᠰᠡᠳᠬᠢᠯᠬᠡ ᠲᠠᠢ ᠪᠣᠯᠣᠭᠰᠠᠨ ᠪᠠᠶᠢᠨ᠎ᠠ  ᠃      ᠭᠤᠷᠪᠠ      ᠲᠠᠷᠬᠠᠠᠭᠤᠯᠠ ᠰᠣᠮᠣ ᠶᠢᠨ 6 ᠭᠠᠴᠠᠭ᠎ᠠ ᠨᠢ ᠲᠠᠯᠠᠶᠢᠨᠠᠭᠤᠷ ᠤᠨ ᠵᠢᠭᠠᠰᠣᠨ ᠲᠠᠯᠠᠪᠠᠢ ᠶᠢᠨ ᠡᠷᠬᠢᠨ ᠲᠣᠭᠤᠷᠢᠨ  ᠳᠤ ᠪᠠᠶᠢᠷᠢᠯᠠᠵᠣ ᠪᠠᠶᠢᠳᠠᠭ ᠪᠣᠯᠬᠤᠷ ᠮᠠᠯᠴᠢᠨ ᠡᠷᠦᠬᠡ ᠬᠢᠬᠡᠳ ᠵᠢᠭᠠᠰᠣᠨ ᠲᠠᠯᠠᠪᠠᠢ ᠶᠢᠨ ᠬᠤᠭᠤᠷᠣᠨᠳᠣ ᠵᠠᠭᠠᠭ ᠬᠡᠴᠡ  ᠶᠢᠨ ᠠᠰᠠᠭᠤᠳᠠᠯ ᠲᠡᠭᠡᠷ᠎ᠡ ᠦᠷᠬᠦᠯᠵᠢ ᠮᠠᠷᠭᠤᠭᠠᠨ ᠵᠢᠭᠤᠷᠭᠠᠨ ᠡᠬᠦᠰᠳᠡᠭ᠃ ᠣᠳᠠᠭ᠎ᠠ ᠪᠣᠯᠭᠠᠨ ᠤ ᠮᠠᠷᠭᠤᠭᠠᠨ ᠵᠢᠭᠤᠷᠭᠠᠨ ᠳᠤ ᠰᠢᠷᠠᠮᠣ ᠨᠦᠬᠦᠷ ᠦᠪᠡᠷ ᠤᠨ ᠪᠠᠶ᠎ᠠ ᠪᠠᠷ ᠢᠶᠠᠨ ᠲᠣᠬᠠᠢ ᠶᠢᠨ ᠲᠠᠯᠠᠪᠠᠢ ᠳᠤ ᠬᠦᠷᠴᠦ ᠴᠠᠭ ᠲᠣᠬᠠᠢ  ᠳᠤᠨᠢ ᠰᠢᠢᠳᠪᠦᠷᠢᠯᠡᠳᠡᠭ᠃      ᠰᠢᠯᠢ ᠶᠢᠨ ᠭᠤᠣᠯ ᠳᠤ ᠭᠠᠷᠣᠭᠰᠠᠨ ︽5.11︾ ᠤᠨ ᠶᠠᠪᠣᠳᠠᠯ ᠤᠨ ᠲᠠᠷᠠᠭ᠎ᠠ᠂ ᠡᠶᠢᠮᠣᠷᠬᠦ ᠮᠠᠷᠭᠤᠭᠠᠨ ᠵᠢᠭᠤᠷᠭᠠᠨ ᠨᠡᠩ ᠪᠣᠳᠣᠯᠢᠶᠠᠨᠳᠠᠢ ᠪᠣᠯᠵᠣ᠂ ᠰᠢᠷᠠᠮᠣ ᠨᠦᠬᠦᠷ ᠤᠨ ᠠᠵᠢᠯ ᠳᠤ ᠪᠠᠭ᠎ᠠ ᠪᠣᠰᠣ ᠲᠠᠷᠣᠭᠠᠰᠣ ᠠᠪᠴᠢᠷᠠᠭᠰᠠᠨ ᠶᠤᠮ᠃ 2014 ᠣᠨ ᠤ ᠬᠠᠪᠣᠷ ᠲᠠᠯᠠᠢ ᠨᠠᠭᠤᠷ ᠤᠨ ᠵᠢᠭᠠᠰᠣᠨ ᠲᠠᠯᠠᠪᠠᠢ ᠬᠢᠬᠡᠳ ᠮᠠᠯᠴᠢᠳ ᠤᠨ ᠬᠤᠭᠤᠷᠣᠨᠳᠣ ᠲᠠᠬᠢᠨ ᠭᠠᠵᠠᠷ ᠨᠣᠳᠤᠭ ᠤᠨ ᠵᠢᠭᠤᠷᠭᠠᠨ ᠭᠠᠷᠴᠣ ᠬᠤᠶᠠᠷ ᠲᠠᠯ᠎ᠠ ᠪᠠᠷ ᠢᠶᠠᠨ ᠵᠣᠳᠣᠯᠳᠠᠨ᠂  ᠲᠠᠷᠬᠠᠠᠭᠤᠯᠠ ᠰᠣᠮᠣ ᠶᠢᠨ ᠨᠠᠮ ᠤᠨ ᠬᠤᠷᠢᠶ᠎ᠠ ᠶᠢᠨ ᠱᠦᠵᠢ  ᠰᠢᠷᠠᠮᠣ ᠶᠢᠨ  ᠮᠠᠰᠢᠨ ᠪᠠᠯᠪᠠᠴᠢᠭᠳᠠᠪᠠ᠃  ᠪᠢ ᠬᠡᠷᠡᠭ ᠤᠨ ᠪᠣᠳᠠᠳᠠᠢ ᠲᠠᠯᠠᠪᠠᠢ ᠥᠭᠡᠳᠡ ᠶᠠᠪᠣᠬᠤ ᠳᠠᠭᠠᠨ᠄ ︽ᠮᠠᠰᠢᠨ ᠢᠶᠠᠨ ᠪᠠᠯᠪᠠᠴᠢᠭᠤᠯᠤᠭᠰᠠᠨ ᠰᠢᠷᠠᠮᠣ ᠠᠭᠤᠷᠯᠠᠵᠣ ᠣᠨᠳᠣᠭᠤᠴᠠᠭᠠᠳ᠂ ᠨᠢᠬᠡ ᠣᠪᠣᠭ᠎ᠠ ᠭᠤᠮᠣᠳᠠᠯ ᠣᠴᠠᠭᠠᠷ ᠢᠶᠠᠨ ᠲᠣᠭᠠᠴᠢᠬᠤ ᠪᠠᠶᠢᠬ᠎ᠠ︕︾ ᠬᠡᠵᠦ ᠳᠣᠲᠣᠷ᠎ᠠ ᠪᠠᠨ ᠪᠣᠳᠣᠵᠣ ᠶᠠᠪᠣᠭᠰᠠᠨ ᠶᠣᠮ᠃ ᠲᠡᠭᠡᠭᠡᠳ ᠲᠠᠷᠬᠠᠠᠭᠤᠯᠠ ᠰᠣᠮᠣᠨ ᠲᠡᠭᠡᠷ᠎ᠡ ᠬᠦᠷᠬᠦ ᠦᠶ᠎ᠠ ᠳᠤ ᠰᠢᠷᠠᠮᠣ ᠨᠦᠬᠦᠷ ᠤᠨ ᠴᠢᠷᠠᠢ ᠲᠡᠭᠡᠷ᠎ᠡ ᠬᠠᠷᠢᠨ ᠠᠵᠢᠭ ᠴᠣ᠋ ᠦᠬᠡᠢ ᠪᠠᠶᠢᠳᠠᠯ ᠲᠠᠢ ᠪᠠᠶᠢᠭᠰᠠᠨ ᠪᠢᠯᠠ᠃ ᠡᠨᠡ   ᠨᠢ ᠲᠡᠭᠡᠷ᠎ᠡ ᠱᠠᠳᠣᠨ ᠤ ᠵᠠᠰᠠᠭ ᠤᠨ ᠣᠷᠳᠣᠨ ᠳᠤ ᠢᠳᠡᠬᠡᠭᠰᠡᠨ ᠴᠤ ᠪᠠᠶᠢᠵᠤ ᠮᠡᠳᠡᠨ᠎ᠡ᠂ ᠭᠡᠪᠡᠴᠦ ᠭᠤᠣᠯ ᠨᠢ ᠣᠳᠠᠭᠠᠨ ᠵᠢᠯ ᠦᠨᠳᠦᠰᠦᠨ ᠱᠠᠳᠣᠨ ᠤ ᠠᠵᠢᠯ ᠤᠨ ᠲᠣᠮᠳᠠ ᠲᠠᠪᠳᠠᠭᠳᠠᠨ ᠪᠣᠯᠪᠠᠰᠣᠷᠠᠭᠰᠠᠨ ᠤ ᠤᠴᠢᠷ ᠪᠤᠯᠠᠬᠤ ᠶᠤᠮ᠃      ᠨᠢᠬᠡ ᠰᠣᠮᠣ ᠪᠠᠯᠭᠠᠰᠣᠨ ᠤ ᠣᠳᠣᠷᠢᠳᠬᠤ ᠺᠠᠳ᠋ᠷ ᠲᠤ ᠠᠪᠴᠣ ᠬᠡᠯᠡᠪᠡᠯ ᠰᠡᠳᠬᠢᠯ ᠰᠠᠨᠠᠭᠠᠨ ᠤ ᠪᠠᠭᠳᠠᠭᠠᠮᠵᠢ᠂ ᠰᠡᠳᠬᠢᠯ ᠰᠠᠨᠠᠭᠠᠨ ᠤ ᠲᠡᠰᠪᠦᠷᠢ ᠲᠡᠪᠴᠢᠶᠡᠷᠢ ᠭᠡᠳᠡᠭ ᠨᠢ ᠲᠤᠶᠢᠯ ᠤᠨ ᠴᠢᠬᠤᠯᠠ ᠶᠤᠮ᠃ ᠬᠤᠵᠢᠮ ᠨᠢ ᠬᠤᠰᠢᠭᠤᠨ  ᠤ ᠣᠳᠣᠷᠢᠳᠬᠤ ᠪᠠᠭ ᠲᠣᠰ ᠣᠳᠠᠭᠠᠨ ᠤ ᠵᠢᠭᠠᠰᠣᠨ ᠲᠠᠯᠠᠪᠠᠢ ᠬᠢᠬᠡᠳ ᠮᠠᠯᠴᠢᠳ ᠤᠨ ᠬᠤᠭᠤᠷᠣᠨᠳᠤᠬᠢ ᠵᠢᠭᠤᠷᠭᠠᠨ  ᠢ ᠰᠢᠢᠳᠪᠦᠷᠢᠯᠡᠬᠦ ᠳᠤ ᠰᠢᠷᠠᠮᠣ ᠨᠦᠬᠦᠷ ᠤᠨ ᠲᠣᠷᠠᠳᠣᠭᠰᠠᠨ ᠠᠷᠭ᠎ᠠ   ᠶᠢ  ᠮᠠᠰᠢ ᠬᠦᠨᠳᠦᠳᠬᠡᠨ ᠦᠵᠡᠭᠰᠡᠨ ᠶᠣᠮ᠃      ᠳᠥᠷᠪᠡ      ᠰᠢᠷᠠᠮᠣ ᠨᠦᠬᠦᠷ ᠶᠠᠳᠠᠭᠤ ᠶᠢ ᠲᠡᠳᠬᠦᠬᠦ ᠠᠵᠢᠯ ᠢ ᠮᠠᠰᠢ ᠬᠦᠨᠳᠦᠳᠬᠡᠨ  ᠦᠵᠡᠳᠡᠭ᠃ ᠨᠢᠬᠡ ᠣᠳᠠᠭ᠎ᠠ ᠮᠢᠨᠦ ᠠᠯᠪᠠᠨ ᠬᠡᠷ ᠲᠤ ᠢᠷᠡᠭᠡᠳ᠄ ︽ᠦᠩᠭᠡᠷᠡᠭᠰᠡᠨ ᠤ ᠨᠢᠬᠡᠨᠳᠡ ᠶᠠᠳᠠᠭᠤ ᠠᠴᠠ ᠠᠩᠬᠢᠵᠢᠷᠠᠭᠰᠠᠨ ᠡᠷᠦᠬᠡ ᠶᠢᠨ ᠦᠵᠡᠯ ᠰᠠᠨᠠᠭᠠᠨ ᠤ ᠬᠦᠮᠦᠵᠢᠯ ᠢ ᠰᠠᠶᠢᠳᠣᠷ ᠬᠢᠬᠦ ᠦᠬᠡᠢ ᠪᠣᠯ ᠣᠳᠣ ᠶᠢᠨ ᠶᠠᠳᠠᠭᠤ ᠡᠷᠦᠬᠡ ᠲᠠᠢ ᠠᠳᠠᠯᠢᠳᠬᠠᠵᠣ᠂ ᠣᠯᠠᠨ ᠲᠦᠮᠡᠨ ᠤ ᠲᠣᠮᠳᠠ ᠲᠡᠩᠴᠡᠬᠦᠷᠢ ᠦᠬᠡᠢ ᠪᠣᠯᠵᠣ ᠰᠠᠨᠠᠯ ᠶᠡᠭᠡ ᠪᠣᠯᠣᠨ᠎ᠠ︾ ᠬᠡᠵᠦ ᠬᠡᠯᠡᠭᠡᠳ ᠠᠯᠢ ᠣᠯᠠᠨ ᠪᠣᠳᠠᠳᠠᠢ ᠠᠷᠭ᠎ᠠ ᠪᠣᠳᠣᠯᠭ᠎ᠠ ᠪᠠᠨ ᠲᠣᠷᠠᠳᠴᠣ ᠪᠠᠶᠢᠯ᠎ᠠ᠃      ᠲᠦᠷᠦᠬᠦᠬᠡᠨ᠂ ᠰᠣᠨᠢᠨ ᠲᠡᠭᠡᠷ᠎ᠡ ᠠᠴᠠ ᠪᠢ ᠰᠢᠷᠠᠮᠣ ᠨᠦᠬᠦᠷ ᠤᠨ ᠲᠣᠬᠠᠢ ᠶᠢᠨ ᠦᠶ᠎ᠠ ᠶᠠᠳᠠᠭᠤ ᠶᠢ ᠲᠡᠳᠬᠦᠬᠦ ᠠᠵᠢᠯ ᠢ ᠬᠡᠷᠬᠢᠨ ᠬᠢᠵᠦ ᠪᠠᠶᠢᠭᠰᠠᠨ ᠮᠡᠳᠡᠬᠡᠯᠡᠯ ᠢ ᠣᠯᠵᠣ ᠬᠠᠷᠠᠯ᠎ᠠ᠃ ᠰᠢᠷᠠᠮᠣ ᠨᠦᠬᠦᠷ ᠢᠶᠠᠷ ᠲᠡᠳᠬᠦᠬᠦᠯᠵᠦ ᠪᠠᠶᠢᠭᠰᠠᠨ ᠮᠠᠯᠴᠢᠨ ᠡᠷᠦᠬᠡ ᠶᠢᠨ ᠨᠠᠰᠣᠳᠠᠨ᠄ ︽ᠰᠢᠷᠠᠮᠣ ᠱᠦᠵᠢ ᠶᠢᠨ ᠠᠵᠢᠯ ᠶᠠᠭᠠᠷᠠᠤ ᠪᠠᠶᠢᠬ᠎ᠠ ᠡ᠂ ᠮᠠᠨᠠᠶᠢᠬᠢᠨ ᠳᠤ ᠢᠷᠡᠭᠡ ᠦᠬᠡᠢ ᠶᠡᠭᠡ ᠣᠳᠠᠵᠣ ᠪᠠᠶᠢᠨ᠎ᠠ ᠡ︕︾ ᠬᠡᠵᠦ ᠶᠠᠷᠢᠵᠣ ᠪᠠᠶᠢᠭᠰᠠᠨ ᠨᠢ ᠰᠡᠳᠬᠢᠯ ᠵᠢᠷᠦᠬᠡ  ᠶᠢ ᠡᠮᠳᠡᠷᠡᠬᠦᠯᠦᠨ᠎ᠠ᠃      ᠰᠢᠷᠠᠮᠣ ᠨᠦᠬᠦᠷ ᠨᠠᠮ ᠤᠨ ᠠᠵᠢᠯ ᠳᠤ ᠵᠢᠳᠬᠦᠵᠦ ᠶᠠᠪᠣᠬᠤ ᠳᠠᠭᠠᠨ ᠨᠠᠮ ᠤᠨ ᠣᠶᠢᠯᠡᠰ ᠲᠤ ᠣᠰᠣᠯᠳᠠᠭᠰᠠᠨ ᠦᠬᠡᠢ᠂ ᠲᠣᠬᠠᠶᠢᠯᠠᠭᠰᠠᠨ ᠠᠵᠢᠯ ᠳᠠᠭᠠᠨ ᠣᠰᠣᠯᠳᠠᠭᠰᠠᠨ ᠦᠬᠡᠢ᠂ ᠮᠠᠯᠴᠢᠨ ᠲᠦᠮᠡᠨ ᠳᠡᠭᠡᠨ ᠣᠰᠣᠯᠳᠠᠭᠰᠠᠨ ᠦᠬᠡᠢ ᠂  ᠨᠠᠶᠢᠵᠠ ᠨᠦᠬᠦᠳ ᠲᠡᠭᠡᠨ ᠣᠰᠣᠯᠳᠠᠭᠰᠠᠨ ᠦᠬᠡᠢ᠃      ᠲᠠᠪᠤ      ᠰᠢᠷᠠᠮᠣ ᠨᠦᠬᠦᠷ ᠰᠣᠶᠣᠯ ᠵᠤᠭᠠᠴᠠᠯ ᠤᠨ ᠠᠵᠢᠯ ᠳᠤ ᠲᠣᠷ᠎ᠠ ᠪᠠᠭ᠋ᠠᠳᠠᠢ ᠪᠠᠶᠢᠳᠠᠭ᠃ ᠡᠨᠡ ᠨᠢ ᠮᠦᠨᠴᠦ ᠲᠠᠷᠬᠠᠠᠭᠤᠯᠠ ᠰᠣᠮᠣ ᠪᠣᠯ ᠬᠡᠰᠢᠭᠳᠡᠨ ᠬᠤᠰᠢᠭᠤᠨ ᠤ ᠰᠣᠶᠣᠯ ᠲᠡᠣᠬᠡ ᠶᠢᠨ ᠦᠯᠦᠬᠡᠢ ᠪᠣᠯᠣᠭᠰᠠᠨ ᠲᠠᠢ ᠬᠤᠯᠪᠣᠭᠳᠠᠨ᠎ᠠ᠃ ᠲᠣᠰ ᠰᠣᠮᠣᠨ ᠳᠤ ᠪᠠᠷᠰ ᠬᠤᠳᠠ᠂ ᠪᠣᠷᠣ ᠬᠡᠷᠡᠮ᠂ ᠠᠭᠤᠢ ᠶᠢᠨ ᠰᠦᠮ᠎ᠠ᠂ ᠣᠷᠳᠣᠨ ᠰᠣᠪᠣᠷᠭ᠎ᠠ ᠂ ᠲᠦᠰᠢ ᠬᠠᠶᠢᠷᠠᠬᠠᠨ᠂ ᠲᠠᠯᠠᠶᠢᠨᠠᠭᠤᠷ᠂ ᠲᠦᠷᠦᠬᠡᠨᠠᠭᠤᠷ᠂ ᠲᠡᠮᠡᠬᠡᠨ ᠬᠠᠳᠠ᠂ ᠬᠤᠭᠤᠯᠠᠢ ᠶᠢᠨ ᠭᠤᠣᠯ  ᠬᠥᠩᠬᠦᠷ ᠤᠨ ᠭᠤᠣᠯ᠂ ᠯᠢᠶᠠᠩᠰᠦ ᠶᠢᠨ ᠭᠤᠣᠯ᠂ ᠰᠢᠷ᠎ᠠ ᠶᠢᠨ ᠭᠤᠣᠯ᠂ ᠭᠠᠰᠢᠭᠤᠨ ᠬᠠᠶᠢᠷᠬᠠᠨ ᠵᠡᠷᠬᠡ ᠬᠠᠴᠢᠨ ᠭᠠᠶᠢᠬᠠᠮᠰᠢᠭᠳᠣ ᠲᠡᠣᠬᠡ ᠰᠣᠶᠣᠯ ᠤᠨ  ᠦᠯᠡᠳᠡᠭᠳᠡᠯ᠂ ᠪᠠᠶᠢᠭᠠᠯᠢ ᠶᠢᠨ ᠡᠳᠡᠭᠡᠳ ᠭᠤᠶᠣ ᠦᠩᠬᠡ ᠦᠵᠡᠮᠵᠢ ᠪᠠᠶᠢᠳᠠᠭ      2014 ᠣᠨ ᠳᠤ ᠰᠢᠷᠠᠮᠣ ᠨᠦᠬᠦᠷ ᠲᠡᠯᠡᠬᠡᠢ ᠶᠢᠨ ᠬᠡᠪᠴᠢᠶᠠᠨ ᠤ ᠲᠡᠣᠬᠡ ᠰᠣᠶᠣᠯ ᠤᠨ ᠰᠣᠳᠣᠯᠭᠠᠨ ᠤ ᠬᠤᠷᠠᠯ— ︽ᠬᠤᠩᠬᠢᠷᠠᠳ ᠪᠠᠷᠰ ᠬᠤᠲᠠ ᠶᠢᠨ ᠰᠣᠳᠣᠯᠭᠠᠨ ᠤ ᠬᠤᠷᠠᠯ︾ ᠢ ᠬᠦᠩᠬᠡᠷ ᠤᠨ ᠲᠠᠯ᠎ᠠ ᠳᠤ ᠡᠷᠬᠢᠯᠡᠨ ᠬᠢᠵᠦ ᠶᠡᠭᠡ ᠰᠠᠶᠢᠨ ᠨᠦᠯᠦᠬᠡ ᠲᠣᠰᠬᠠᠯ ᠭᠠᠷᠭᠠᠭᠰᠠᠨ ᠶᠣᠮ᠃ ᠡᠨᠡ ᠬᠤᠷᠠᠯ ᠳᠡᠭᠡᠷ᠎ᠡ ᠠᠮᠧᠷᠢᠺᠠ ᠺᠠᠨᠠᠳᠠ ᠠᠴᠠ ᠣᠯᠠᠨ ᠡᠷᠳᠡᠮᠲᠡᠨ ᠢᠷᠡᠵᠦ᠂ ᠢᠯᠡᠳᠬᠡᠯ ᠢᠶᠠᠨ ᠪᠦᠷ ᠮᠣᠩᠭᠤᠯ ᠢᠶᠠᠷ ᠬᠢᠭᠰᠡᠨ ᠨᠢ ᠨᠠᠳᠠᠳᠤ ᠰᠣᠨᠢᠨ ᠬᠠᠴᠢᠨ ᠰᠠᠨᠠᠭᠳᠠᠵᠤ᠂ ᠮᠣᠩᠭᠤᠯ ᠰᠣᠶᠣᠯ ᠢ ᠳᠡᠯᠡᠬᠡᠢ ᠳᠠᠬᠢᠨ ᠬᠦᠷᠲᠡᠯ᠎ᠡ ᠰᠤᠳᠤᠯᠵᠤ ᠪᠠᠶᠢᠬᠤ ᠳᠤ ᠪᠢᠳᠡ ᠥᠪᠡᠷᠲᠡᠭᠡᠨ ᠰᠤᠳᠤᠯᠵᠤ ᠬᠦᠨᠳᠦᠯᠡᠬᠦ ᠪᠠᠷ ᠪᠠᠷᠤᠭᠲᠠᠢ ᠪᠠᠶᠢᠨ᠎ᠠ ᠭᠡᠵᠦ ᠪᠤᠳᠤᠵᠤ ᠪᠠᠶᠢᠭᠰᠠᠨ ᠶᠤᠮ᠃ ᠡᠨᠡ ᠬᠤᠷᠠᠯ ᠤᠨ ᠥᠭᠦᠯᠡᠯ ᠤᠨ ᠲᠡᠭᠦᠪᠦᠷᠢ ᠨᠢ ᠬᠤᠷᠤᠭᠤ ᠵᠤᠵᠠᠭᠠᠨ ᠰᠠᠶᠢᠬᠠᠨ ᠬᠡᠪᠯᠡᠭᠳᠡᠵᠦ ᠮᠣᠩᠭᠤᠯ ᠰᠣᠶᠣᠯ ᠤᠨ ᠦᠨᠡᠲᠦ ᠥᠪ ᠬᠥᠷᠥᠩᠭᠡ ᠪᠣᠯᠣᠭᠰᠠᠨ ᠪᠠᠶᠢᠨ᠎ᠠ᠃     ᠲᠡᠷᠡ ᠪᠠᠷᠰ ᠬᠤᠳᠠ ᠶᠢᠨ ᠪᠠᠭᠤᠷᠢ ᠶᠢᠨ ᠬᠠᠮᠠᠭᠠᠯᠠᠯᠳᠠ ᠶᠢ ᠴᠢᠩᠭᠠᠳᠬᠠᠵᠣ ᠲᠡᠣᠬᠡᠨ ᠮᠦᠽᠧᠢ ᠪᠠᠶᠢᠭᠤᠯᠵᠣ ᠰᠣᠶᠣᠯ ᠲᠡᠣᠬᠡ ᠶᠢ ᠠᠪᠣᠷᠠᠨ ᠬᠠᠮᠠᠭᠠᠯᠠᠬᠤ ᠳᠤ ᠴᠢᠬᠤᠯᠠ ᠣᠶᠢᠯᠡᠳᠦᠯ ᠦᠵᠡᠬᠦᠯᠪᠡ᠃ ᠳᠥᠰᠢ ᠠᠭᠤᠯᠠ ᠶᠢᠨ ᠵᠣᠭᠠᠴᠠᠯ ᠤᠨ ᠲᠣᠭᠤᠷᠢᠭ ᠤᠨ ᠲᠥᠷᠥᠯ ᠵᠦᠢᠯ ᠢ ᠭᠤᠶᠤᠴᠢᠯᠠᠨ ᠬᠢᠵᠦ᠂ ᠲᠠᠯᠠᠶᠢᠨᠠᠭᠤᠷ ᠤᠨ ᠡᠷᠬᠢᠨ ᠲᠣᠭᠤᠷᠢᠨ ᠤ ᠮᠠᠯᠴᠢᠳ ᠤᠨ ᠵᠣᠭᠠᠴᠠᠯ ᠤᠨ ᠣᠶᠢᠯᠡᠰ ᠢ ᠦᠷᠨᠢᠬᠦᠯᠪᠠ᠃      ᠣᠨᠴᠠᠭᠠᠶᠢᠯᠠᠨ ᠮᠠᠨᠳᠣᠯ ᠠᠭᠤᠯᠠᠨ ᠤ ᠵᠣᠭᠠᠴᠠᠯ ᠤᠨ ᠴᠡᠭ ᠢ ᠪᠦᠳᠦᠬᠡᠨ ᠪᠠᠶᠢᠭᠤᠯᠬᠤ ᠳᠤ ᠮᠠᠯᠴᠢᠨ ᠡᠷᠦᠬᠡ ᠬᠢᠬᠡᠳ ᠵᠢᠭᠠᠰᠣᠨ ᠲᠠᠯᠠᠪᠠᠢ ᠶᠢᠨ ᠵᠦᠷᠢᠴᠡᠯ ᠤᠨ ᠰᠢᠯᠳᠠᠭᠠᠨ ᠠᠴᠠ ᠪᠣᠯᠵᠣ᠂ ᠮᠠᠰᠢ ᠣᠯᠠᠨ ᠬᠦᠴᠢᠷᠳᠡᠯ ᠳᠤ ᠲᠣᠯᠭᠠᠷᠠᠭᠰᠠᠨ ᠪᠣᠯᠪᠠᠴᠣ ᠰᠢᠨᠵᠢᠯᠡᠬᠦ ᠣᠬᠠᠭᠠᠨᠴᠢ ᠪᠠᠷ ᠠᠵᠢᠯᠯᠠᠨ ᠬᠠᠣᠯᠢ ᠲᠣᠭᠳᠠᠭᠠᠯ ᠢ ᠵᠢᠷᠣᠮᠯᠠᠨ᠂ ᠪᠦᠳᠦᠮᠵᠢᠳᠡᠢ ᠠᠷᠭ᠎ᠠ ᠪᠠᠷ ᠠᠵᠢᠯᠯᠠᠭᠰᠠᠨ ᠠᠴᠠ ᠬᠡᠳᠦ ᠣᠳᠠᠭᠠᠨ ᠤ ᠬᠦᠨᠳᠦ ᠨᠣᠴᠢᠳᠠᠢ ᠵᠦᠷᠢᠴᠡᠯ ᠢ ᠲᠦᠪ ᠭᠤᠣᠯᠴᠢ ᠪᠠᠷ ᠰᠢᠢᠳᠪᠦᠷᠢᠯᠡᠵᠦ᠂ ᠮᠠᠨᠳᠣᠯ ᠠᠭᠤᠯᠠᠨ ᠤ ᠵᠣᠭᠠᠴᠠᠯ ᠤᠨ ᠴᠡᠭ ᠤᠨ ᠪᠦᠳᠦᠬᠡᠨ ᠪᠠᠶᠢᠭᠤᠯᠣᠯᠳᠠ ᠶᠢ ᠠᠮᠵᠢᠯᠳᠠ ᠲᠠᠢ ᠬᠢᠵᠦ᠂ ᠲᠠᠯᠠᠶᠢᠨᠠᠭᠤᠷ ᠢ ᠲᠣᠭᠤᠷᠢᠭᠰᠠᠨ ᠵᠣᠭᠠᠴᠠᠯ ᠤᠨ ᠲᠣᠭᠤᠷᠢᠭ ᠢ ᠰᠢᠰᠲ᠋ᠧᠮᠵᠢᠭᠦᠯᠵᠦ ᠬᠤᠯᠠ ᠣᠶᠢᠷ᠎ᠠ ᠶᠢᠨ ᠵᠢᠭᠤᠯᠴᠢᠯᠠᠭᠰᠠᠳ ᠤᠨ ᠪᠠᠭ᠋ᠠᠷᠬᠠᠯ ᠲᠠᠭᠠᠰᠢᠶᠠᠯ ᠢ ᠣᠯᠣᠭᠰᠠᠨ ᠪᠠᠶᠢᠨ᠎ᠠ᠃      ᠰᠢᠷᠠᠮᠣ ᠨᠦᠬᠦᠷ ᠵᠣᠴᠢᠨᠰᠠᠭ ᠮᠦᠷᠳᠡᠬᠡᠨ ᠶᠦᠮᠦᠷᠯᠢᠭ ᠪᠠᠶᠢᠳᠠᠭ᠃ ᠲᠡᠭᠡᠷ᠎ᠡ ᠱᠠᠲᠤᠨ ᠠᠴᠠ ᠵᠣᠴᠢᠨ ᠪᠣᠶᠣ ᠨᠠᠶᠢᠵᠠ ᠨᠦᠬᠦᠳ ᠨᠢ ᠣᠴᠢᠪᠠᠯ ᠮᠠᠯᠴᠢᠳ ᠤᠨ ᠬᠡᠷ ᠲᠤ ᠲᠠᠭᠠᠭᠤᠯᠣᠨ ᠬᠦᠷᠴᠦ ᠲᠡᠳᠡᠨ ᠲᠠᠢ ᠬᠠᠮᠳᠣ ᠨᠠᠶᠢᠷᠯᠠᠨ ᠬᠥᠭᠡᠷᠦᠯᠳᠦᠬᠦ ᠲᠣᠷᠠᠳᠠᠢ᠃ ᠬᠡᠰᠢᠭᠳᠡᠨ ᠨᠣᠳᠤᠭ ᠤᠨ ᠨᠣᠳᠤᠭ ᠤᠨ ᠭᠠᠷᠣᠯᠳᠠ ᠪᠣᠯᠬᠤ ᠦᠬᠡᠷ ᠤᠨ ᠮᠢᠬᠠᠨ ᠭᠤᠰᠢᠮᠠᠯ ᠂ ᠰᠠᠭᠠᠯᠢ ᠶᠢᠨ ᠠᠷᠢᠬᠢ᠂ ᠬᠤᠨᠢᠨ ᠮᠢᠬ᠎ᠠ᠂ ᠲᠡᠮᠡᠭᠡᠨ ᠪᠣᠷᠴᠠ᠂ ᠬᠤᠷᠣᠳ ᠲᠣᠰᠣ ᠪᠠᠨ ᠲᠦᠬᠦᠷᠡᠩ ᠦᠷᠦᠵᠦ ᠵᠣᠭᠤᠭ ᠳᠡᠯᠭᠡᠳᠡᠭ᠃      ᠰᠢᠷᠠᠮᠣ ᠨᠦᠬᠦᠷ ᠲᠡᠷᠢᠬᠢ ᠬᠤᠷᠴᠡ᠂ ᠬᠡᠯᠡ ᠶᠠᠷᠢᠶ᠎ᠠ ᠳᠠᠭᠠᠨ ᠰᠠᠶᠢᠨ᠂ ᠪᠣᠰᠣᠳ ᠤᠨ ᠦᠬᠡᠨ ᠳᠤ ᠠᠮᠠᠷᠬᠠᠨ ᠬᠤᠨᠵᠢᠭᠳᠠᠳᠠᠭ ᠦᠬᠡᠢ᠂  ᠬᠡᠵᠢᠶᠡᠳᠡ ᠶᠦᠮᠦᠷᠯᠢᠭ ᠲᠣᠳᠣᠨᠣ ᠦᠬᠡ ᠵᠣᠭᠤᠭ ᠢᠶᠠᠷ ᠪᠣᠰᠣᠳ ᠢ ᠪᠠᠶᠠᠷᠯᠠᠭᠤᠯᠵᠣ ᠪᠠᠶᠢᠳᠠᠭ᠃ ᠲᠡᠷᠡ ᠨᠠᠷᠠᠰᠣ ᠭᠠᠴᠠᠭ᠎ᠠ ᠪᠠᠷ ᠭᠤᠣᠯᠯᠠᠭᠤᠯᠵᠤ ᠮᠠᠯᠵᠢᠯ ᠤᠨ ᠬᠤᠷᠰᠢᠶ᠎ᠠ ᠪᠠᠶᠢᠭᠤᠯᠵᠣ ᠮᠠᠯᠴᠢᠳ ᠤᠨ ᠮᠢᠬ᠎ᠠ ᠰᠦ ᠶᠢᠨ ᠪᠦᠳᠦᠬᠡᠭᠳᠡᠬᠦᠨ ᠢ ᠭᠠᠳᠠᠭᠰᠢ ᠪᠣᠷᠣᠯᠠᠭᠤᠯᠬᠤ ᠠᠵᠢᠯ ᠢ ᠰᠡᠳᠦᠨ ᠬᠢᠵᠦ ᠣᠲᠣ ᠬᠥᠭᠵᠢᠯᠲᠡ ᠶᠢᠨ ᠵᠠᠮ ᠳᠠᠭᠠᠨ ᠣᠷᠣᠭᠰᠠᠨ ᠪᠠᠶᠢᠨ᠎ᠠ᠃      ᠵᠢᠷᠭᠤᠭ᠎ᠠ      ᠰᠢᠷᠠᠮᠣ ᠨᠦᠬᠦᠷ ᠦᠪᠡᠷ ᠤᠨ ᠪᠠᠶ᠎ᠠ ᠳᠡᠭᠡᠨ ᠮᠠᠰᠢ ᠦᠨᠳᠦᠷ ᠱᠠᠭᠠᠷᠳᠠᠯᠭ᠎ᠠ ᠲᠠᠢ ᠶᠣᠮ᠃ ᠠᠷᠪᠠᠨ ᠵᠢᠯ ᠨᠢᠭᠡᠯᠡ ᠭᠠᠵᠠᠷ ᠨᠢᠭᠡᠯᠡ ᠲᠤᠰᠢᠶᠠᠯ ᠳᠤ ᠪᠠᠶᠢᠭᠰᠠᠨ ᠴᠤ ᠣᠯᠠᠨ ᠲᠦᠮᠡᠨ ᠤ ᠬᠦᠷᠢᠶᠡᠯᠡᠯ ᠨᠢ ᠬᠡᠵᠢᠶᠡᠳᠡ ᠰᠠᠶᠢᠨ᠃ ᠲᠡᠷᠡ ᠠᠯᠪᠠᠨ ᠬᠤᠪᠢᠨ ᠤ ᠬᠢ ᠶᠢ ᠲᠣᠳᠣᠷᠬᠠᠢ ᠪᠠᠶᠢᠯᠭᠠᠵᠤ᠂ ᠡᠩ ᠤᠨ ᠦᠶ᠎ᠡ ᠳᠤ ᠬᠢᠬᠦ ᠪᠠ ᠶᠠᠷᠢᠬᠤ ᠨᠢ ᠪᠦᠷ ᠠᠯᠪᠠᠨ ᠤ ᠣᠴᠢᠷ᠂ ᠠᠵᠢᠯ ᠤᠨ ᠤᠴᠢᠷ ᠪᠠᠶᠢᠵᠤ ᠬᠤᠪᠢᠨ ᠤ ᠬᠠᠷᠢᠴᠠᠭ᠎ᠠ ᠪᠠᠷ ᠪᠡᠯᠡ ᠮᠥᠩᠭᠦ ᠭᠤᠶᠣᠴᠢᠯᠠᠬᠤ᠂ ᠺᠠᠳ᠋ᠷ ᠲᠣᠬᠢᠷᠠᠭᠤᠯᠬᠤ᠂ ᠺᠠᠳ᠋ᠷ ᠰᠢᠯᠵᠢᠭᠦᠯᠬᠦ ᠭᠡᠵᠦ ᠡᠷᠢᠵᠦ ᠰᠤᠷᠠᠳᠠᠭ ᠦᠬᠡᠢ᠂ ᠣᠨᠴᠠᠭᠠᠶᠢᠯᠠᠨ ᠠᠵᠢᠯ ᠳᠡᠭᠡᠷ᠎ᠡ ᠬᠡᠳᠦᠢ ᠳᠠᠷᠤᠭᠠᠰᠤ ᠲᠠᠢ ᠪᠠᠶᠢᠭᠰᠠᠨ ᠴᠤ ᠭᠤᠮᠣᠳᠠᠯ ᠤᠴᠠᠭᠠᠷ ᠲᠠᠢ ᠦᠭᠡ ᠶᠠᠷᠢᠳᠠᠭ ᠦᠭᠡᠢ᠂ ᠠᠷᠠᠯ ᠤᠨ ᠱᠠᠷ ᠰᠢᠭ᠋ ᠭᠠᠭᠴᠠ ᠰᠡᠳᠬᠢᠯ ᠢ ᠪᠠᠷᠢᠵᠣ ᠠᠵᠢᠯᠯᠠᠭᠰᠠᠭᠠᠷ ᠢᠷᠡᠵᠡᠢ᠃      ᠣᠨᠴᠠᠭᠠᠶᠢᠯᠠᠨ ᠰᠢᠷᠠᠮᠣ ᠨᠦᠬᠦᠷ ᠲᠠᠷᠬᠠᠠᠭᠤᠯᠠ ᠰᠣᠮᠣ ᠳᠤ ᠣᠳᠣᠷᠢᠳᠣᠯᠭ᠎ᠠ ᠶᠢᠨ ᠲᠣᠰᠢᠶᠠᠯ ᠡᠬᠦᠷᠬᠡᠯᠡᠭᠰᠡᠨ ᠠᠷᠪᠠᠨ ᠵᠢᠯ ᠳᠤ ᠬᠡᠳᠦᠨ ᠰᠣᠮᠣᠨ ᠲᠠᠷᠤᠭ᠎ᠠ ᠰᠣᠯᠢᠭᠳᠠᠭᠰᠠᠨ ᠪᠣᠯᠬᠤᠷ ᠲᠡᠬᠦᠨ ᠤ ᠮᠦᠷᠦ ᠲᠡᠭᠡᠷᠡᠬᠢ ᠠᠴᠢᠶ᠎ᠠ ᠶᠡᠷᠦᠨᠢ ᠰᠣᠯᠠᠷᠠᠵᠣ ᠲᠡᠶᠢᠯᠦᠬᠡ ᠦᠬᠡᠢ᠂ ᠡᠬᠦᠨ ᠤ ᠬᠠᠮᠳᠣ ᠡᠳᠡᠭᠡᠷ ᠵᠢᠯ ᠤᠳ ᠲᠤ ︽ᠠᠷᠪᠠ ᠶᠢ ᠨᠠᠶᠢᠳᠠᠮ ᠪᠦᠷᠬᠦᠬᠦᠯᠬᠦ︾᠂ ︽ᠶᠠᠳᠠᠭᠤ ᠶᠢ ᠲᠡᠳᠬᠦᠬᠦ︾᠂ ︽ᠨᠣᠳᠤᠭ ᠪᠡᠯᠴᠢᠭᠡᠷ ᠤᠨ ᠥᠮᠴᠢᠯᠡᠬᠦ ᠡᠷᠬᠡ ᠶᠢ ᠨᠣᠳᠠᠯᠠᠬᠤ︾ ᠵᠡᠷᠭᠡ ᠬᠠᠳᠠᠭᠤ ᠲᠣᠯᠭᠠᠮ᠎ᠠ ᠡᠬᠦᠷᠬᠡ ᠲᠣᠬᠢᠶᠠᠯᠳᠣᠭᠰᠠᠨ ᠠᠴᠠ ᠪᠠᠶ᠎ᠠ ᠰᠡᠳᠬᠢᠯ ᠤᠨ ᠲᠠᠷᠣᠭᠠᠰᠣ ᠲᠣᠶᠢᠯ ᠤᠨ ᠶᠡᠭᠡ ᠪᠣᠯᠣᠭᠰᠠᠨ ᠨᠢ ᠭᠠᠷᠴᠠᠭ᠎ᠠ ᠦᠬᠡᠢ᠃ ᠣᠳᠣ ᠪᠣᠳᠣᠬᠤ ᠳᠤ ᠬᠦᠴᠢᠷᠳᠡᠢ ᠠᠵᠢᠯ ᠤᠨ ᠲᠣᠮᠳᠠ ᠲᠡᠭᠡᠳᠦ ᠱᠠᠳᠣᠨ   ᠤ ᠬᠠᠷᠠᠭᠠᠯᠵᠠᠯ ᠬᠠᠯᠠᠮᠵᠢᠯᠠᠯ ᠲᠣᠳᠠᠭᠳᠠᠭᠰᠠᠨ ᠪᠣᠯᠪᠠ ᠦᠦ ᠬᠡᠵᠦ ᠪᠢ ᠬᠠᠷᠠᠮᠰᠠᠨ ᠪᠣᠳᠣᠳᠠᠭ᠃        ᠰᠢᠷᠠᠮᠣ ᠨᠦᠬᠦᠷ ᠬᠠᠷᠠᠴᠣ ᠠᠷᠠᠳ ᠲᠤ ᠬᠠᠳᠠᠭᠤ ᠬᠠᠨᠳᠣᠵᠣ ᠡᠬᠡᠯ ᠮᠠᠯᠴᠢᠳ ᠲᠤ ᠡᠯᠳᠡᠪ ᠶᠠᠩᠵᠣ ᠪᠠᠷ ᠵᠠᠩᠨᠠᠳᠠᠭ ᠦᠬᠡᠢ᠃ ᠬᠡᠯᠡ ᠠᠮᠠᠨ ᠳᠠᠭᠠᠨ ᠬᠤᠷᠴᠡ ᠬᠡᠳ ᠬᠡᠨ ᠬᠥᠮᠥᠨ ᠢ ᠬᠤᠶᠢᠨ᠎ᠠ ᠨᠢ ᠮᠠᠭᠤᠯᠠᠳᠠᠭ ᠦᠬᠡᠢ᠂ ᠬᠡᠳᠦᠢ ᠠᠷᠢᠬᠢ ᠣᠣᠭᠤᠭᠰᠠᠨ ᠴᠣ᠋ ᠬᠡᠪ ᠤᠨ ᠪᠠᠶᠢᠳᠠᠯ ᠢᠶᠠᠨ ᠠᠯᠳᠠᠳᠠᠭ ᠦᠬᠡᠢ᠂ ᠪᠡᠶ᠎ᠡ ᠪᠠᠭᠠᠲᠤᠷ ᠭᠡᠵᠦ ᠪᠠᠯᠠᠮᠠᠳ ᠬᠡᠷᠴᠡᠬᠡᠢ ᠠᠭᠠᠰᠢᠯᠠᠳᠠᠭ ᠦᠬᠡᠢ᠂ ᠪᠢᠯᠢᠭ ᠪᠠᠭᠠᠲᠤᠷ ᠭᠡᠵᠦ ᠪᠠᠷᠳᠠᠮ ᠰᠠᠭᠰᠠᠭᠤ ᠶᠠᠪᠤᠳᠠᠭ ᠦᠭᠡᠢ᠂ ᠬᠦᠮᠦᠨ ᠤ ᠡᠮᠣᠨ᠎ᠠ ᠬᠤᠶᠢᠨ᠎ᠠ ᠨᠢᠬᠡ ᠯᠠ ᠵᠠᠩ ᠲᠠᠢ ᠪᠠᠶᠢᠵᠦ᠂ ᠬᠢᠳᠡᠳ ᠮᠣᠩᠭᠤᠯ ᠬᠡᠵᠦ ᠢᠯᠭᠠᠳᠠᠭ ᠦᠬᠡᠢ᠂ ᠲᠠᠷᠤᠭ᠎ᠠ ᠪᠠᠶᠢᠯᠳᠣᠭᠴᠢ ᠬᠡᠵᠦ ᠰᠠᠯᠭᠠᠳᠠᠭ ᠦᠬᠡᠢ ᠡᠷᠬᠢᠮ ᠳᠡᠭᠡᠳᠦ ᠵᠠᠩ ᠴᠢᠨᠠᠷ ᠲᠠᠢ ᠨᠥᠬᠦᠷ ᠪᠢᠯᠡ᠃      ᠰᠢᠷᠠᠮᠣ ᠨᠦᠬᠦᠷ ᠤᠨ ᠬᠡᠨᠡᠳᠳᠡ ᠪᠠᠷ ᠨᠠᠰᠤ ᠪᠠᠷᠠᠭᠰᠠᠨ ᠰᠢᠯᠳᠠᠭᠠᠨ ᠢ ᠡᠷᠬᠢᠴᠡᠬᠦᠯᠦᠨ ᠰᠠᠨᠠᠪᠠᠯ᠂  ᠲᠡᠬᠦᠨ ᠤ ᠠᠯᠪᠠᠨ ᠠᠵᠢᠯ ᠢ ᠲᠦᠷᠦᠬᠦᠨ ᠳᠤ ᠲᠠᠯᠪᠢᠵᠦ ᠠᠮᠢ ᠬᠤᠪᠢᠨ ᠤ ᠡᠷᠡᠬᠦᠯ ᠮᠡᠨᠳᠦ ᠪᠠᠨ ᠬᠠᠶᠢᠬᠤᠷᠠᠭᠰᠠᠨ ᠦᠬᠡᠢ᠂ ᠰᠠᠨᠠᠭᠠᠨ ᠳᠤ ᠦᠬᠡᠢ ᠦᠶ᠎ᠠ ᠳᠤ ᠬᠤᠣᠷᠳᠣ ᠡᠪᠡᠳᠴᠢᠨ ᠤ ᠪᠠᠺᠲ᠋ᠧᠷᠢ ᠪᠠᠶ᠎ᠠ ᠴᠣᠭᠴᠠᠰ ᠳᠤᠨᠢ ᠬᠠᠯᠳᠠᠪᠣᠷᠢᠯᠠᠭᠰᠠᠨ ᠤ  ᠬᠢ ᠪᠠᠶᠢᠬ᠎ᠠ᠂ ᠡᠨᠡ ᠨᠢ ᠶᠠᠭ ᠯᠠ ᠠᠷᠠᠳ ᠤᠨ ᠲᠠᠭᠤᠣ ᠳᠤ ᠭᠠᠷᠳᠠᠭ᠄ ︽ᠬᠠᠳᠠ ᠠᠭᠤᠯᠠᠨ ᠳᠤ ᠠᠳᠠᠯᠢ ᠬᠠᠳᠠᠭᠤᠵᠢᠵᠦ ᠶᠠᠪᠤ ᠳ᠋ᠠ᠂ ᠬᠠᠷᠪᠣᠭᠠᠳ ᠢᠷᠡᠬᠦ ᠬᠤᠯᠠᠭᠠᠢ ᠰᠣᠮᠣᠨ ᠠᠴᠠ ᠵᠠᠶᠢᠯᠠᠵᠣ ᠶᠠᠪᠤ ᠳ᠋ᠠ︾ ᠰᠢᠭ᠋ ᠢᠶᠠᠷ ᠰᠢᠷᠠᠮᠣ ᠨᠦᠬᠦᠷ ᠭᠠᠯ ᠢᠳᠡ ᠲᠠᠢ ᠨᠠᠰᠣᠨ ᠳᠠᠭᠠᠨ ᠢᠩᠬᠢᠵᠦ ᠬᠤᠯᠠᠭᠠᠢ ᠰᠣᠮᠣᠨ ᠳᠤ ᠠᠳᠡᠭᠰᠡᠨ ᠶᠣᠮ᠂ ᠰᠠᠶᠢᠨ ᠡᠷ᠎ᠡ ᠬᠦᠮᠦᠨ᠂ ᠣᠷᠢᠳᠦ ᠠᠴᠠ ᠢᠷᠡᠬᠦ ᠲᠠᠶᠢᠰᠣᠨ   ᠠᠴᠠ ᠶᠡᠷᠦ ᠠᠶᠣᠬᠤ ᠦᠬᠡᠢ᠂  ᠬᠠᠷᠢᠨ ᠬᠤᠯᠠᠭᠠᠢ ᠲᠠᠯᠳᠠᠭᠤᠷ ᠢᠷᠡᠬᠦ ᠵᠣᠶᠢᠯ ᠠᠴᠠ ᠰᠡᠷᠬᠡᠶᠢᠯᠡᠵᠦ ᠶᠠᠪᠣᠬᠤ ᠳᠠᠭᠠᠨ ᠲᠠᠭᠠᠷᠠᠨ᠎ᠠ᠃      ᠳᠣᠯᠤᠭ᠎ᠠ      ᠣᠳᠣ ᠮᠠᠯᠵᠢᠬᠤ ᠣᠷᠣᠨ ᠤ ᠠᠵᠣ ᠠᠬᠤᠢ ᠲᠣᠶᠢᠯ ᠤᠨ ᠪᠣᠳᠣᠯᠢᠶᠠᠨᠳᠠᠢ ᠴᠠᠭ ᠦᠶ᠎ᠠ ᠳᠤ ᠣᠷᠣᠵᠣ ᠮᠠᠯ ᠠᠵᠣ ᠠᠬᠤᠢ ᠶᠢᠨ ᠦᠷ᠎ᠠ ᠠᠰᠢᠭ ᠲᠣᠷᠣᠭᠰᠢᠯᠠᠵᠣ᠂ ᠮᠠᠯᠴᠢᠳ ᠦᠷᠢ ᠦᠭᠴᠢᠬᠡᠨ ᠳᠤ ᠣᠨᠠᠵᠣ᠂ ᠮᠠᠯᠵᠢᠬᠤ ᠣᠷᠣᠨ  ᠤ ᠬᠦᠭᠵᠢᠯᠳᠡ ᠬᠠᠳᠠᠭᠤ ᠰᠢᠯᠭᠠᠯᠳᠠ ᠳᠤ ᠣᠴᠠᠷᠠᠭᠠᠳ ᠪᠠᠶᠢᠨ᠎ᠠ᠃ ᠲᠡᠯᠡᠬᠡᠢ ᠶᠢᠷᠳᠢᠨᠴᠦ ᠶᠢᠨ ᠬᠦᠭᠵᠢᠯᠳᠡ ᠨᠢ ᠲᠠᠷᠢᠶᠠᠯᠠᠩ ᠠᠴᠠ ᠠᠵᠤ ᠦᠢᠯᠡᠳᠪᠦᠷᠢ ᠳᠤ᠂ ᠠᠵᠤ ᠦᠢᠯᠡᠳᠪᠦᠷᠢ ᠠᠴᠠ ᠰᠤᠷᠠᠭ ᠴᠢᠮᠡᠭᠡᠨ ᠤ ᠠᠵᠤ ᠠᠬᠤᠢ ᠳᠤ ᠰᠢᠯᠵᠢᠭᠰᠡᠨ ᠪᠠᠶᠢᠨ᠎ᠠ᠃ ᠭᠡᠳᠡᠯ᠎ᠡ ᠮᠠᠨ ᠤ ᠮᠠᠯᠵᠢᠬᠤ ᠣᠷᠣᠨ ᠮᠦᠨ ᠯᠠ ᠣᠯᠠᠮᠵᠢᠯᠠᠯᠳᠣ ᠠᠷᠭ᠎ᠠ ᠬᠡᠯᠪᠡᠷᠢ ᠳᠡᠭᠡᠨ ᠬᠦᠯᠢᠶᠡᠰᠦᠯᠡᠭᠳᠡᠵᠦ᠂  ᠴᠠᠭ ᠦᠶ᠎ᠠ ᠶᠢᠨ ᠬᠦᠨᠳᠦ  ᠰᠢᠯᠭᠠᠯᠳᠠ   ᠶᠢᠨ  ᠡᠮᠣᠨ᠎ᠠ  ᠭᠠᠷ  ᠨᠤᠬᠤᠯᠠᠨ  ᠭᠠᠴᠢᠭᠳᠠᠵᠤ  ᠪᠠᠶᠢᠨ᠎ᠠ᠃      ᠡᠨᠡ ᠬᠦ ᠪᠠᠶᠢᠳᠠᠯ ᠳᠣᠣᠷ᠎ᠠ᠂ ᠦᠨᠳᠦᠰᠦᠨ ᠱᠠᠲᠤᠨ ᠳᠤ ᠰᠢᠷᠠᠮᠤ ᠰᠢᠭ ᠺᠠᠳ᠋ᠷ ᠢ ᠢᠯᠡᠭᠦᠬᠡᠨ ᠬᠥᠮᠥᠵᠢᠭᠦᠯᠬᠦ ᠴᠢᠬᠤᠯᠠᠲᠠᠢ ᠪᠠᠶᠢᠨ᠎ᠠ᠃ ᠲᠦᠷᠦᠭᠦᠦ ᠨᠢ ᠬᠠᠮᠢᠭᠠᠰᠢ ᠪᠣᠯ ᠲᠤᠷᠤᠭᠤ ᠨᠢ ᠲᠡᠰᠢ ᠪᠠᠨ ᠭᠡᠳᠡᠭ ᠢᠶᠠᠷ ᠲᠦᠷᠦᠭᠦᠴᠢ ᠭᠠᠯᠠᠭᠤ ᠶᠢᠨ ᠦᠢᠯᠡᠳᠦᠯ ᠲᠤᠶᠢᠯ ᠤᠨ ᠴᠢᠬᠤᠯᠠ ᠪᠠᠶᠢᠳᠠᠭ᠂ ᠴᠢᠨ᠋ᠸ᠎ᠠ ᠪᠠᠷ ᠲᠦᠷᠦᠭᠦᠴᠢ ᠪᠣᠯᠭᠠᠭᠰᠠᠨ ᠬᠤᠨᠢ ᠴᠢᠨ᠋ᠸ᠎ᠠ ᠰᠢᠭ᠋᠂ ᠬᠤᠨᠢ ᠪᠠᠷ ᠲᠦᠷᠦᠭᠦᠴᠢ ᠪᠣᠯᠭᠠᠭᠰᠠᠨ ᠴᠢᠨ᠋ᠸ᠎ᠠ ᠬᠤᠨᠢ ᠰᠢᠭ᠋ ᠪᠠᠶᠢᠳᠠᠭ᠃ ᠮᠣᠩᠭᠤᠯ ᠤᠨ ᠳᠠᠭᠤᠤ ᠶᠢᠨ ᠦᠭᠡᠨ ᠳᠤ ᠪᠠᠶᠢᠳᠠᠭ ︽ᠨᠢᠭᠡ ᠶᠢ ᠪᠠᠨ ᠡᠷᠭᠦᠵᠦ ᠶᠠᠪᠤᠶ᠎ᠠ︾ ᠭᠡᠳᠡᠭ ᠨᠢ ᠳᠠᠷᠤᠢ ᠤᠯᠠᠨ ᠲᠦᠮᠡᠨ ᠤ ᠳᠣᠲᠣᠷᠠᠬᠢ ᠰᠡᠴᠡᠨ ᠮᠡᠷᠭᠡᠨ ᠬᠥᠮᠥᠨ ᠢᠶᠠᠨ ᠳᠡᠭᠡᠳᠦᠯᠡᠵᠦ ᠮᠥᠷᠳᠡᠨ ᠳᠠᠭᠠᠵᠤ ᠶᠠᠪᠤᠬᠤ ᠶᠢ ᠬᠦᠰᠡᠭᠰᠡᠨ ᠤᠳᠬ᠎ᠠ ᠲᠠᠢ᠃ ᠬᠠᠷᠢᠨ ᠨᠢᠭᠡ ᠲᠣᠰᠬᠤᠨ ᠳᠤ ᠬᠡᠳᠦᠨ ᠪᠦᠯᠦᠭ ᠪᠣᠯᠵᠤ ᠬᠠᠷᠢᠯᠴᠠᠨ ᠥᠰᠢᠶᠡᠷᠬᠡᠵᠦ ᠬᠠᠷᠢᠯᠴᠠᠨ ᠭᠦᠳᠬᠡᠬᠦ ᠶᠢ ᠵᠢᠭᠠᠵᠤ ᠪᠠᠶᠢᠬᠤ ᠪᠢᠰᠢ ᠶᠤᠮ᠃      ᠠᠨᠾᠦ᠋ᠢ ᠶᠢᠨ ᠰᠢᠶᠤᠤ ᠭᠠᠩ ᠲᠣᠰᠬᠤᠨ ᠤ ᠲᠠᠷᠢᠶᠠᠴᠢᠳ ᠢᠳᠡᠬᠦ ᠠᠮᠤ ᠪᠠᠨ ᠠᠷᠭᠠᠴᠠᠬᠤ ᠶᠢᠨ ᠲᠥᠯᠥᠭᠡ ᠨᠢᠭᠤᠴᠠ ᠪᠠᠷ ᠲᠠᠷᠢᠶᠠᠨ ᠭᠠᠵᠠᠷ ᠢᠶᠠᠨ ᠬᠤᠪᠢᠶᠠᠯᠴᠠᠨ ᠰᠡᠭᠦᠯᠡᠷ ᠲᠥᠪ ᠶᠢᠨ ᠲᠥᠷᠥ ᠶᠢᠨ ᠪᠣᠳᠣᠯᠭ᠎ᠠ ᠪᠣᠯᠣᠭᠰᠠᠨ ᠪᠠᠶᠢᠨ᠎ᠠ᠃ ᠠᠯᠢᠪᠠ ᠦᠨᠡᠨ ᠶᠣᠰᠣ ᠨᠢ ᠪᠦᠷ ᠦᠢᠯᠡᠳᠦᠯᠭᠡ ᠠᠴᠠ ᠢᠷᠡᠳᠡᠭ᠃ ᠣᠲᠣ ᠮᠠᠯᠴᠢᠳ ᠤᠨ ᠣᠷᠣᠯᠭ᠎ᠠ ᠶᠢ ᠶᠠᠭᠠᠬᠢᠨ ᠨᠡᠮᠡᠭᠳᠡᠭᠦᠯᠬᠦ ᠪᠣᠢ︖  ᠥᠷᠢ ᠰᠢᠷᠢ ᠠᠴᠠ ᠪᠠᠨ ᠶᠠᠭᠠᠬᠢᠨ ᠠᠩᠭᠢᠵᠢᠷᠠᠬᠤ ᠪᠢᠯᠡ︖ ᠭᠡᠳᠡᠭ ᠢ ᠮᠠᠨ ᠤ ᠦᠨᠳᠦᠰᠦᠨ ᠱᠠᠲᠤᠨ ᠤ ᠺᠠᠳ᠋ᠷ ᠭᠠᠭᠴᠠ ᠬᠦ ᠳᠡᠭᠡᠳᠦ ᠱᠠᠲᠤ ᠶᠢ ᠬᠠᠷᠠᠵᠤ ᠪᠣᠯᠬᠤ ᠦᠭᠡᠢ᠂ ᠲᠡᠭᠷᠢ ᠳᠡᠭᠡᠷ᠎ᠡ ᠠᠴᠠ ᠱᠠᠯᠪᠢᠩ ᠤᠨᠠᠬᠤ ᠶᠢ ᠬᠦᠯᠢᠶᠡᠵᠦ ᠪᠣᠯᠬᠤ ᠦᠭᠡᠢ᠂ ᠬᠠᠷᠢᠨ ᠦᠢᠯᠡᠳᠦᠯᠭᠡ ᠶᠢᠨ ᠪᠦᠲᠦᠭᠡᠯᠴᠢ ᠴᠢᠨᠠᠷ ᠢ ᠪᠠᠳᠠᠷᠠᠭᠤᠯᠵᠤ ᠂ ᠦᠢᠯᠡᠳᠦᠯᠭᠡ ᠶᠢᠨ ᠳᠤᠮᠳᠠ ᠠᠴᠠ ᠦᠨᠡᠨ ᠶᠣᠰᠣ ᠶᠢ ᠡᠷᠢᠵᠦ᠂ ᠦᠢᠯᠡᠳᠪᠦᠷᠢᠯᠡᠯ ᠤᠨ ᠳᠤᠮᠳᠠ ᠠᠴᠠ ᠠᠷᠭ᠎ᠠ ᠤᠬᠠᠭᠠᠨ ᠢ ᠰᠦᠪᠡᠭᠴᠢᠯᠡᠵᠦ᠂ ᠥᠪᠡᠷ ᠢ ᠪᠠᠨ ᠠᠪᠤᠷᠠᠬᠤ ᠴᠢᠬᠤᠯᠠᠲᠠᠢ ᠪᠠᠶᠢᠨ᠎ᠠ᠃ ᠠᠯᠢᠪᠠ ᠭᠡᠷᠡᠭ ᠪᠣᠳᠠᠰ ᠪᠦᠷ ᠴᠠᠭ ᠦᠶ᠎ᠠ ᠶᠢ ᠲᠠᠭᠠᠵᠣ ᠣᠯᠠᠷᠢᠵᠣ ᠬᠤᠪᠢᠷᠠᠵᠣ ᠪᠠᠶᠢᠳᠠᠭ᠃ ᠪᠢᠳᠠ ᠡᠨᠡ ᠬᠤᠪᠢᠷᠠᠯᠳᠠ ᠶᠢ ᠲᠠᠭᠠᠵᠣ ᠦᠪᠡᠷ ᠤᠨ ᠦᠵᠡᠯ ᠪᠣᠳᠣᠯ ᠠᠵᠢᠯᠯᠠᠬᠤ ᠠᠷᠭ᠎ᠠ ᠬᠡᠯᠪᠡᠷᠢ ᠪᠠᠨ ᠦᠭᠡᠷᠡᠴᠢᠯᠡᠵᠦ ᠰᠢᠨᠡᠴᠢᠯᠡᠬᠦ ᠭᠡᠷᠡᠭᠳᠡᠢ᠃      ᠪᠥᠬᠡ ᠮᠣᠷᠢᠨ ᠤ ᠱᠠᠩᠨᠠᠯ ᠰᠢᠭ᠋ ᠮᠣᠩᠭᠤᠯ ᠠᠵᠤ ᠠᠬᠤᠶᠢᠯᠠᠯᠲᠠᠨ ᠢ ᠱᠠᠩᠨᠠᠵᠤ᠂ ᠨᠠᠶᠢᠷ ᠨᠠᠭᠠᠳᠤᠮ ᠬᠢᠬᠦ ᠰᠢᠭ᠋ ᠡᠯ᠎ᠡ ᠵᠦᠢᠯ ᠤᠨ ᠠᠵᠤ ᠠᠬᠤᠢ ᠶᠢᠨ ᠬᠥᠳᠡᠯᠭᠡᠭᠡᠨ ᠢ ᠵᠣᠬᠢᠶᠠᠨ ᠪᠠᠶᠢᠭᠤᠯᠵᠤ᠂ ᠮᠠᠯᠴᠢᠨ ᠲᠦᠮᠡᠨ ᠤ ᠶᠢᠷᠲᠢᠨᠴᠦ ᠶᠢᠨ ᠦᠵᠡᠯᠲᠡ ᠶᠢ ᠬᠤᠪᠢᠰᠬᠠᠵᠤ᠂ ᠠᠵᠤ ᠠᠬᠤᠢ ᠪᠠᠨ ᠬᠥᠭᠵᠢᠭᠦᠯᠬᠦ ᠶᠢ ᠴᠢᠬᠤᠯᠠ ᠪᠠᠶᠢᠷᠢᠨ ᠳᠤ ᠲᠠᠯᠪᠢᠬᠤ ᠴᠢᠬᠤᠯᠠᠲᠠᠢ ᠪᠠᠶᠢᠨ᠎ᠠ᠃      ᠰᠢᠷᠠᠮᠤ ᠨᠥᠬᠦᠷ ᠬᠦᠨᠳᠦ ᠬᠡᠴᠡᠭᠦᠦ ᠠᠵᠢᠯ ᠤᠨ ᠡᠭᠦᠷᠭᠡ ᠶᠢ ᠡᠭᠦᠷᠭᠡᠯᠡᠭᠰᠡᠨ ᠬᠡᠪ ᠢᠶᠠᠷ ᠢᠶᠠᠨ᠂ ᠡᠮᠦᠨ᠎ᠡ ᠹᠷᠣᠨᠲ ᠲᠤ ᠪᠠᠶᠢᠯᠳᠤᠵᠤ ᠶᠠᠪᠤᠭᠰᠠᠨ ᠴᠢᠭ ᠢᠶᠠᠷ ᠢᠶᠠᠨ ᠥᠪᠡᠷ ᠢᠶᠠᠨ ᠴᠦ ᠮᠡᠳᠡᠯ ᠦᠭᠡᠢ ᠪᠠᠷ ᠬᠥᠮᠥᠨ ᠤ ᠶᠢᠷᠲᠢᠨᠴᠦ ᠠᠴᠠ ᠠᠩᠭᠢᠵᠢᠷᠠᠯ᠎ᠠ᠃ ᠲᠡᠭᠦᠨ ᠤ ᠣᠯᠠᠨ ᠲᠦᠮᠡᠨ ᠳᠤ ᠬᠢᠭᠰᠡᠨ ᠠᠵᠢᠯ ᠨᠢ ᠵᠢᠵᠢᠭ ᠰᠠᠵᠢᠭ ᠪᠣᠯᠪᠠᠴᠤ ᠦᠨᠡᠨ ᠪᠣᠳᠠᠲᠠᠢ᠂ ᠠᠷᠰᠠᠷ ᠪᠣᠯᠪᠠᠴᠤ ᠡᠷᠬᠢᠮ ᠳᠡᠭᠡᠳᠦ᠂ ᠡᠭᠦᠨ ᠢ ᠬᠡᠳᠦᠨ ᠬᠠᠭᠤᠳᠠᠰᠤ ᠴᠠᠭᠠᠰᠤᠨ ᠳᠤ ᠬᠡᠷᠬᠢᠨ ᠪᠠᠭᠲᠠᠭᠠᠵᠤ ᠳᠡᠶᠢᠯᠬᠦ ᠠᠵᠠᠢ︕ ᠮᠠᠤ ᠲᠡᠷᠢᠭᠦᠯᠡᠭᠴᠢ ᠶᠢᠨ ᠬᠡᠯᠡᠭᠰᠡᠨ ᠢᠶᠠᠷ ︽ᠣᠯᠠᠨ ᠲᠦᠮᠡᠨ ᠤ ᠠᠰᠢᠭ ᠲᠤᠰᠠ ᠶᠢᠨ ᠲᠥᠯᠥᠭᠡ ᠴᠢᠷᠮᠠᠶᠢᠵᠤ ᠦᠷᠡᠭᠳᠡᠭᠰᠡᠨ ᠪᠣᠯ ᠲᠠᠶᠢᠱᠠᠨ ᠠᠭᠤᠯᠠ ᠠᠴᠠ ᠴᠦ ᠬᠦᠨᠳᠦ ᠶᠤᠮ︾᠃ ᠰᠢᠷᠡᠮᠦ ᠨᠥᠬᠦᠷ ᠬᠡᠳᠦᠶᠢᠪᠡᠷ ᠥᠪᠡᠷ ᠤᠨ ᠠᠯᠪᠠᠨ ᠭᠡᠷ ᠲᠡᠭᠡᠨ ᠠᠵᠢᠯᠯᠠᠬᠤ ᠲᠠᠯᠠᠪᠠᠢ ᠳᠤ ᠨᠠᠰᠤ ᠪᠠᠷᠠᠭᠰᠠᠨ ᠦᠭᠡᠢ ᠴᠦ᠂ ᠥᠪᠡᠷ ᠢᠶᠠᠨ ᠲᠠᠭᠰᠢᠭᠤᠷ ᠬᠦᠷᠴᠦ ᠡᠮᠨᠡᠨ ᠵᠠᠰᠠᠵᠤ ᠪᠠᠶᠢᠬᠤ ᠦᠶ᠎ᠡ ᠳᠡᠭᠡᠨ ᠬᠡᠳᠦ ᠤᠳᠠᠭ᠎ᠠ ᠰᠤᠮᠤᠨ ᠳᠠᠭᠠᠨ ᠬᠦᠷᠴᠦ ᠠᠵᠢᠯ ᠢᠶᠠᠨ ᠲᠣᠬᠢᠷᠠᠭᠤᠯᠵᠤ ᠬᠤᠷᠠᠯ ᠢᠶᠠᠨ ᠲᠡᠭᠦᠰᠬᠡᠭᠡᠳ ᠪᠤᠴᠠᠬᠤ ᠳᠤ ᠠᠰᠠᠷ ᠤᠨ ᠱᠠᠲᠤ ᠮᠠᠴᠤᠬᠤ ᠳᠤ ᠬᠦᠴᠢᠷᠳᠡᠵᠦ ᠪᠠᠶᠢᠯ᠎ᠠ᠃ ᠪᠠᠰᠠ ᠡᠮᠨᠡᠯᠭᠡ ᠶᠢᠨ ᠬᠤᠷᠢᠶ᠎ᠠ ᠳᠤ ᠰᠠᠭᠤᠵᠤ ᠪᠠᠶᠢᠬᠤ ᠳᠠᠭᠠᠨ ᠲᠡᠰᠬᠡᠯ ᠦᠭᠡᠢ ᠤᠲᠠᠰᠤ ᠲᠤᠰᠴᠤ ᠶᠠᠳᠠᠭᠤ ᠶᠢ ᠲᠡᠳᠬᠦᠬᠦ ᠠᠵᠢᠯ ᠢᠶᠠᠨ ᠵᠢᠯᠣᠭᠤᠳᠴᠤ ᠪᠠᠶᠢᠭᠰᠠᠨ ᠶᠤᠮ᠃ ᠡᠭᠦᠨ ᠢᠶᠠᠷ ᠦᠵᠡᠬᠦ ᠳᠤ ᠰᠢᠷᠠᠮᠤ ᠨᠥᠬᠦᠷ ᠴᠦ ᠰᠢᠨ᠎ᠡ ᠴᠠᠭ ᠦᠶ᠎ᠡ ᠶᠢᠨ ᠦᠷᠡᠭᠳᠡᠭᠰᠡᠨ ᠪᠠᠭᠠᠲᠤᠷ᠂ ᠲᠡᠭᠦᠨ ᠤ ᠦᠷᠡᠭᠳᠡᠭᠰᠡᠨ ᠨᠢ ᠲᠥᠰᠢ ᠠᠭᠤᠯᠠ ᠠᠴᠠ ᠬᠦᠨᠳᠦ᠂ ᠭᠠᠰᠢᠭᠤᠨ ᠬᠠᠶᠢᠷᠬᠠᠨ ᠠᠴᠠ ᠭᠠᠰᠢᠭᠤᠨ ᠶᠤᠮ᠃      ᠰᠢᠷᠠᠮᠤ ᠨᠥᠬᠦᠷ ᠬᠡᠳᠦᠶᠢᠪᠡᠷ ᠮᠠᠨ ᠠᠴᠠ ᠰᠠᠯᠤᠨ ᠣᠳᠣᠭᠰᠠᠨ ᠪᠣᠯᠪᠠᠴᠤ ᠲᠡᠭᠦᠨ ᠤ ᠳᠦᠷᠢ ᠳᠦᠷᠰᠦ ᠨᠢ ᠪᠢᠴᠢᠭᠲᠦ ᠠᠭᠤᠯᠠ ᠤ ᠬᠠᠲᠠᠨ ᠵᠢᠷᠤᠭ ᠰᠢᠭ᠋ ᠣᠯᠠᠨ ᠤ ᠰᠡᠳᠬᠢᠯ ᠳᠤ ᠵᠢᠷᠤᠭᠯᠠᠨ ᠦᠯᠡᠳᠡᠯ᠎ᠡ᠃ ᠲᠡᠭᠦᠨ ᠤ ᠡᠷᠬᠢᠮ ᠳᠡᠭᠡᠳᠦ ᠵᠣᠷᠢᠭ ᠰᠠᠨᠠᠭ᠎ᠠ ᠨᠢ ᠬᠤᠩᠭᠤ ᠶᠢᠨ ᠳᠠᠪᠠᠭᠠᠨ ᠤ ᠴᠠᠷᠠᠰᠤ ᠰᠢᠭ᠋ ᠣᠯᠠᠨ ᠤ ᠵᠢᠷᠦᠬᠡᠨ ᠳᠤ ᠤᠷᠭᠤᠵᠤ ᠬᠤᠴᠣᠷᠤᠯ᠎ᠠ︕      ᠲᠡᠷᠡ ᠪᠣᠯ ᠨᠠᠮ ᠤᠨ ᠰᠠᠶᠢᠨ ᠺᠠᠳ᠋ᠷ᠂ ᠠᠷᠠᠳ ᠲᠦᠮᠡᠨ ᠤ ᠪᠠᠨ ᠰᠠᠶᠢᠨ ᠳᠠᠭᠠᠭᠤᠯᠤᠭᠴᠢ᠂ ᠠᠨᠳᠠ ᠨᠥᠬᠦᠳ ᠤᠨ ᠢᠶᠠᠨ ᠰᠠᠶᠢᠨ ᠲᠦᠰᠢᠭ᠂ ᠠᠵᠢᠯ ᠦᠢᠯᠡᠰ ᠤᠨ ᠢᠶᠠᠨ ᠰᠠᠶᠢᠨ ᠲᠤᠯᠭᠠᠭᠤᠷᠢ᠂ ᠠᠷᠢᠭᠤᠨ ᠴᠢᠭᠴᠢ ᠶᠢᠨ ᠦᠯᠢᠭᠡᠷ ᠳᠠᠭᠤᠷᠢᠶᠠᠯ ᠶᠤᠮ᠃      ᠰᠢᠷᠡᠮᠦ ᠨᠥᠬᠦᠷ ᠠᠮᠤᠭᠤᠯᠠᠩ ᠨᠣᠶᠢᠷᠰᠤᠭᠠᠷᠠᠢ      ᠮᠣᠩᠭᠤᠯ ᠳᠠᠭᠠᠨ ᠳᠠᠬᠢᠵᠤ ᠵᠠᠶᠠᠭᠠᠭᠠᠷᠠᠢ︕                                                                      2018 ᠣᠨ ᠤ 8 ᠰᠠᠷ᠎ᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号