ᠮᠠᠯᠴᠢᠨ ᠵᠠᠶᠠᠭ᠎ᠠ ᠲᠦᠰᠢᠭᠰᠡᠨ  ᠮᠠᠩᠬᠠᠨ ᠨᠤᠳᠤᠭ ᠤᠨ ᠨᠤᠭᠤᠭᠠᠷᠠᠭᠤᠯᠤᠭᠴᠢ — ᠮᠢᠨᠤ ᠠᠪᠤ
ᠨᠡᠶᠢᠲᠡᠯᠡᠭᠰᠡᠨ ᠴᠠᠭ᠄
2018/9/21
       ︽ᠬᠦᠭᠡᠮᠳᠦᠭ ᠨᠤᠭᠤᠭᠠᠨ ᠠᠭᠤᠯᠠ ᠤᠰᠤ ᠪᠤᠯ ᠦᠨᠡᠲᠦ ᠨᠠᠨᠳᠢᠨ ᠦᠪ ᠬᠦᠷᠦᠩᠬᠡ︾ ᠭᠡᠵᠤ 2005 ᠤᠨ ᠳᠤ ᠰᠢ ᠶᠢᠨ ᠫᠢᠩ ᠶᠠᠷᠤᠩᠭᠡᠢ ᠱᠦᠵᠢ ᠵᠧᠵᠢᠶᠠᠩ ᠮᠤᠵᠢ ᠶᠢᠨ ᠨᠠᠮ ᠤᠨ ᠬᠤᠷᠢᠶᠠᠨ ᠤ ᠱᠦᠵᠢ ᠪᠠᠶᠢᠬᠰᠠᠨ ᠦᠶ᠎ᠠ ᠠᠩᠬ᠎ᠠ ᠲᠤᠷᠠᠳᠴᠤ᠂ ᠤᠷᠴᠢᠨ ᠲᠤᠭᠤᠷᠢᠨ ᠢ ᠦᠷᠡᠭᠳᠡᠬᠦᠯᠵᠤ ᠪᠠᠶᠢᠭᠠᠳ ᠠᠵᠤ ᠠᠬᠤᠢ ᠶᠢᠨ ᠨᠠᠮᠡᠭᠳᠡᠯ ᠢ ᠲᠦᠷᠭᠡᠳᠭᠡᠵᠤ ᠪᠤᠯᠬᠤ ᠦᠭᠡᠢ ᠭᠡᠵᠤ ᠴᠢᠬᠤᠯᠠᠴᠢᠯᠠᠪᠠ᠃        ᠢᠯᠠᠩᠭᠤᠶ᠎ᠠ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠪᠠᠳᠤᠯᠠᠭᠰᠠᠨ ︽ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠷᠢᠮ ︵ᠵᠠᠰᠠᠪᠤᠷᠢ ᠤᠷᠤᠭᠤᠯᠤᠭᠰᠠᠨ ᠲᠦᠰᠦᠯ︶︾ ᠳᠤ ︽ᠲᠤᠮᠳᠠᠳᠤ ᠤᠯᠤᠰ ᠤᠨ ᠡᠪ ᠬᠠᠮᠳᠤ ᠨᠠᠮ ᠠᠷᠠᠳ ᠲᠦᠮᠡᠨ ᠢ ᠤᠳᠤᠷᠢᠳᠤᠨ ᠨᠠᠶᠢᠭᠡᠮ ᠵᠢᠷᠤᠮ ᠤᠨ ᠠᠮᠢ ᠠᠬᠤᠢ ᠶᠢᠨ ᠪᠤᠯᠪᠠᠰᠤᠨ ᠢ ᠪᠠᠶᠢᠭᠤᠯᠤᠨ᠎ᠠ︾ ᠭᠡᠳᠡᠭ ᠢ ᠨᠠᠮ ᠤᠨ ᠲᠦᠷᠢᠮ ᠳᠤ ᠪᠢᠴᠢᠵᠤ ᠤᠷᠤᠭᠤᠯᠪᠠ᠃ ᠡᠶᠢᠨᠬᠦ  ︽ᠲᠦᠭ ᠲᠦᠮᠡᠨ ᠠᠷᠠᠳ ᠲᠦᠮᠡᠨ ᠤ ᠠᠵᠠ ᠵᠢᠷᠭᠠᠯ ᠲᠠᠢ ᠬᠤᠯᠪᠤᠭᠳᠠᠭᠰᠠᠨ᠂ ᠲᠤᠮᠳᠠᠳᠤ ᠶᠢᠨ ᠦᠨᠳᠤᠰᠤᠳᠠᠨ ᠤ ᠦᠨᠢᠳᠠ ᠶᠢᠨ ᠬᠦᠭᠵᠢᠯᠳᠠ ᠲᠠᠢ ᠬᠤᠯᠪᠤᠭᠳᠠᠭᠰᠠᠨ ᠨᠤᠭᠤᠭᠠᠨ ᠬᠤᠪᠢᠰᠬᠠᠯ ᠨᠢᠭᠡᠨᠳᠠ ᠡᠬᠢᠯᠡᠯ᠎ᠠ᠃︾          ᠮᠠᠨ ᠤ ᠤᠶᠢᠷ᠎ᠠ ᠬᠠᠪᠢ ᠳᠤ ᠠᠮᠢ ᠠᠬᠤᠢ ᠶᠢ ᠬᠠᠮᠠᠭᠠᠯᠠᠵᠤ ᠨᠠᠶᠢᠳᠠ ᠤᠯᠠᠨ ᠳᠤ ᠲᠠᠭᠤᠷᠢᠶᠠᠯ ᠲᠠᠢ ᠬᠤᠰᠢᠭᠤᠴᠢ ᠵᠢᠱᠢᠶᠠᠴᠢ ᠮᠠᠰᠢ ᠤᠯᠠᠨ ᠪᠠᠶᠢᠪᠠᠴᠤ ᠠᠯᠢ ᠡᠷᠳᠠ  ᠨᠤᠭᠤᠭᠠᠨ ᠬᠤᠪᠢᠰᠬᠠᠯ ᠢ ᠵᠤᠷᠢᠯᠭ᠎ᠠ ᠲᠠᠢ ᠡᠬᠢᠯᠡᠬᠦᠯᠵᠤ᠂ ᠵᠤᠷᠢᠭ ᠲᠠᠢ ᠲᠡᠮᠡᠴᠠᠵᠤ ᠢᠷᠡᠭᠰᠡᠨ ᠡᠭᠡᠯ ᠬᠦᠮᠤᠨ ᠤ ᠨᠢᠭᠡ ᠨᠢ ᠠᠪᠤ ᠮᠢᠨᠢ ᠪᠠᠶᠢᠬᠤ ᠤᠴᠢᠷᠳᠠᠢ᠃        ᠮᠠᠨᠠᠶᠢᠬᠢᠨ ᠪᠤᠯ ᠮᠠᠯ ᠢᠶᠠᠨ ᠭᠡᠵᠤ ᠮᠠᠩᠬᠠᠨ ᠬᠤᠳᠤᠭᠤᠷ ᠠᠴᠠ ᠪᠠᠨ ᠬᠤᠯᠠᠳᠠᠭ᠎ᠠ ᠦᠭᠡᠢ ᠮᠠᠯᠴᠢᠨ ᠠᠶᠢᠯ᠃ ᠶᠤᠰᠤᠳᠠᠢ ᠨᠤᠭᠤᠯᠤᠭᠤᠷ ᠢᠶᠠᠨ ᠢᠳᠡᠵᠤ ᠨᠤᠳᠤᠭ ᠢᠶᠠᠨ ᠴᠤᠭᠤᠷᠠᠳᠠᠯ᠎ᠠ ᠰᠠᠭᠤᠭᠰᠠᠨ ᠮᠠᠨᠵᠤ ᠶᠢᠨ ᠮᠠᠩᠬ᠎ᠠ ᠶᠢᠨ ᠤᠤᠭᠠᠯ ᠢᠷᠭᠡᠳ ᠤᠨ ᠨᠢᠭᠡᠨ ᠪᠢᠯᠡ᠃        ᠮᠠᠨᠵᠤ ᠶᠢᠨ ᠮᠠᠩᠬ᠎ᠠ ᠪᠤᠯ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠵᠡᠬᠦᠨ ᠪᠠᠶ᠎ᠠ ᠬᠠᠬᠢᠷ ᠤᠨ ᠭᠤᠤᠯ ᠤᠨ ᠪᠠᠷᠠᠭᠤᠨ ᠪᠠᠶ᠎ᠠ᠂ ᠵᠢᠭᠠᠰᠤᠳᠠᠢ ᠪᠠᠯᠭᠠᠰᠤ ᠶᠢᠨ ᠵᠡᠬᠦᠨ ᠬᠤᠶᠢᠳᠤ ᠭᠡᠰᠡᠭ ᠲᠤ ᠪᠠᠶᠢᠷᠢᠰᠢᠵᠤ ᠪᠠᠶᠢᠭ᠎ᠠ ᠮᠠᠨᠵᠤ ᠮᠤᠩᠭᠤᠯ ᠬᠤᠶᠠᠷ ᠦᠨᠳᠤᠰᠤᠳᠠᠨ ᠲᠠᠷᠬᠠᠨ ᠰᠠᠭᠤᠷᠢᠰᠢᠵᠤ ᠪᠦᠬᠦᠢ ᠴᠤᠯ ᠮᠠᠯᠵᠢᠬᠤ ᠭᠠᠵᠠᠷ ᠪᠤᠯᠤᠨ᠎ᠠ ᠃ ᠮᠠᠨ ᠤ ᠬᠢ ᠮᠠᠨᠵᠤ ᠶᠢᠨ ᠮᠠᠩᠬ᠎ᠠ ᠶᠢᠨ ᠵᠡᠬᠦᠨ ᠬᠦᠪᠡᠭᠡ ᠬᠠᠪᠢᠳᠠᠭᠰᠠᠨ ᠬᠤᠸᠠᠬᠢᠨᠳᠠᠯ᠎ᠠ ᠭᠠᠴᠠᠭ᠎ᠠ ᠶᠢᠨ ᠪᠠᠶ᠋ᠬᠠᠠᠭᠤᠯᠠ ᠲᠤᠭᠤᠶᠢᠯᠠᠩ ᠳᠤ ᠬᠠᠷᠢᠶᠠᠯᠠᠭᠳᠠᠨ᠎ᠠ᠃
       ᠮᠠᠨ ᠤ ᠬᠢᠨ ᠤᠳᠤ ᠶᠢᠨ ᠡᠨᠡᠬᠦ ᠰᠠᠭᠤᠷᠢᠰᠢᠯ ᠳᠤ ᠡᠵᠢ ᠮᠢᠨᠢ ᠨᠠᠮᠠᠢᠢ ᠬᠦᠩᠭᠡᠵᠢᠬᠦ ᠲᠠᠷᠠ ᠵᠢᠯ ᠨᠡᠬᠦᠵᠤ ᠢᠷᠡᠭᠰᠡᠨ ᠭᠡᠳᠡᠭ᠃ ᠲᠡᠭᠡᠵᠤ ᠬᠦᠭᠡᠭᠡᠵᠤ ᠪᠤᠳᠤᠪᠠᠯ ᠠᠳᠠ ᠨᠤᠳᠤᠭᠰᠢᠭᠠᠳ ᠶᠠᠭ ᠰᠠᠶᠢᠬᠠᠨ ᠲᠦᠴᠢᠨ ᠲᠠᠪᠤᠨ ᠬᠠᠪᠤᠷ ᠨᠠᠮᠤᠷ ᠢ ᠡᠯᠡᠭᠡᠵᠤ ᠪᠠᠶᠢᠭ᠎ᠠ ᠶᠤᠮ᠃ ᠮᠠᠨᠵᠤ ᠶᠢᠨ ᠮᠠᠩᠬᠠᠨ ᠤ ᠵᠦᠭᠡᠯᠡᠨ ᠡᠯᠠᠰᠤ ᠪᠠᠷ ᠦᠯᠦᠭᠡᠶᠢᠳᠡᠬᠦᠯᠤᠨ᠂ ᠮᠦᠩᠬᠦᠨ ᠴᠠᠭᠠᠨ ᠮᠠᠩᠬᠠᠨ ᠲᠡᠭᠡᠷ᠎ᠠ ᠮᠦᠯᠬᠦᠵᠤ ᠦᠰᠦᠭᠰᠡᠨ ᠪᠠᠭ᠎ᠠ ᠨᠠᠰᠤ ᠪᠠᠯᠴᠢᠷ ᠦᠶ᠎ᠠ ᠶᠢᠨ ᠤᠯᠠᠨ ᠰᠠᠶᠢᠬᠠᠨ ᠲᠤᠷᠠᠳᠬᠠᠯ᠂ ᠢᠯᠠᠩᠭᠤᠶ᠎ᠠ ᠠᠪᠤ ᠶᠢᠨ ᠲᠠᠭᠠᠭᠤᠯᠭ᠎ᠠ ᠪᠠᠷ ᠠᠬ᠎ᠠ ᠲᠡᠬᠦᠤ ᠭᠡᠳᠤᠬᠦᠯᠡ ᠪᠠᠨ ᠡᠯᠠᠰᠤ ᠶᠢ ᠵᠠᠰᠠᠬᠤ ᠭᠡᠮᠡᠨ ︽ᠡᠷᠡᠯᠭᠡᠭᠯᠡᠨ ᠲᠡᠮᠡᠴᠡᠵᠤ︾  ᠶᠠᠪᠤᠭᠰᠠᠨ ᠡᠳᠤᠷ ᠬᠤᠨᠤᠭ ᠤᠳ ᠦᠴᠦᠭᠡᠳᠤᠷᠭᠡᠨ ᠭᠡᠮᠡᠷ ᠰᠡᠳᠬᠢᠯ ᠳᠤ ᠲᠠᠩᠳᠠ ᠪᠠᠨ ᠪᠠᠭᠤᠨ᠎ᠠ᠃ ᠦᠪᠠᠷ ᠤᠨ ᠭᠡᠰᠡᠨ ᠮᠠᠯ ᠤᠨᠤᠭ᠎ᠠ᠂ ᠪᠡᠯᠴᠢᠭᠡᠷ ᠬᠠᠳᠤᠯᠠᠩ ᠬᠤᠪᠢᠳᠠᠨ ᠤᠯᠤᠭᠰᠠᠨ ᠲᠡᠭᠡᠷ᠎ᠠ ᠵᠠᠭᠤᠨ ᠤ ᠨᠠᠶᠠᠭᠠᠳ ᠤᠨ ᠤ ᠡᠬᠢᠨ ᠤ ᠦᠶ᠎ᠠ ᠶᠢᠨ ᠮᠠᠯᠴᠢᠳ ᠤᠨ ᠠᠮᠢᠳᠤᠷᠠᠯ ᠤᠶᠢᠯᠠᠰ ᠢᠶᠠᠨ ᠰᠢᠨ᠎ᠠ ᠪᠠᠷ ᠪᠤᠰᠬᠠᠬᠤ ᠭᠡᠰᠡᠨ ᠤᠷᠬᠢᠯᠤᠮ᠎ᠠ ᠬᠠᠯᠠᠭᠤᠨ ᠰᠡᠳᠬᠢᠯᠭᠡ ᠬᠢᠭᠡᠳ ᠠᠷᠢᠭᠤᠨ ᠬᠦᠳᠠᠯᠮᠦᠷᠢ ᠪᠠᠷ ᠢᠶᠠᠨ ᠦᠭᠡᠳᠡᠯᠡᠨ ᠲᠡᠭᠵᠢᠷᠠᠵᠤ ᠢᠷᠡᠭᠰᠡᠨ ᠤᠯᠠ ᠮᠦᠷ ᠨᠢ ᠡᠭᠡ ᠤᠯᠤᠰ ᠤᠨ ᠮᠢᠨᠢ ᠦᠭᠡᠷᠡᠴᠢᠯᠠᠯᠳᠠ ᠬᠢᠵᠤ ᠴᠢᠯᠦᠭᠡᠳᠠᠢ ᠶᠠᠪᠤᠯᠴᠠᠭᠰᠠᠨ ᠴᠠᠭ ᠦᠶ᠎ᠠ ᠶᠢᠨ ᠦᠨᠠᠨ ᠲᠡᠤᠭᠡ ᠶᠢᠨ ᠴᠣᠮᠬᠠᠳᠬᠠᠯ ᠪᠠᠶᠢᠵᠤ ᠲᠠᠭᠠᠷᠠᠨ᠎ᠠ᠃ ᠡᠨᠡ ᠰᠠᠶᠢᠬᠠᠨ ᠲᠦᠷᠤ ᠶᠢᠨ ᠪᠤᠳᠤᠯᠭ᠎ᠠ ᠶᠢᠨ ᠲᠤᠶᠠᠭᠠᠯᠠᠯ  ᠢᠶᠠᠷ ᠦᠪᠠᠷ ᠤᠨ ᠬᠦᠴᠤ ᠪᠠᠷ ᠢᠶᠠᠨ ᠲᠡᠭᠵᠢᠷᠠᠨ ᠦᠩᠭᠡ ᠲᠠᠢ ᠦᠭᠡᠳᠠ ᠲᠠᠢ ᠠᠮᠢᠳᠤᠷᠠᠵᠤ ᠢᠷᠡᠭᠰᠡᠨ ᠡᠭᠡᠯ ᠬᠦᠮᠤᠰ  ᠤᠨ ᠲᠤᠳᠤᠷᠠᠬᠢ ᠬᠠᠮᠤᠭ ᠤᠨ ᠡᠭᠡᠯ ᠶᠠᠷᠤᠮᠳᠡᠭ ᠤᠨ ᠨᠢᠭᠡᠨ ᠨᠢ ᠠᠪᠤ ᠮᠢᠨᠢ ᠪᠠᠶᠢᠬᠤ ᠶᠤᠰᠤᠳᠠᠢ ᠭᠡᠮᠡᠨ ᠪᠤᠳᠤᠳᠠᠭ ᠪᠢᠯᠡ᠃
       1981 ᠤᠨ ᠳᠤ ᠮᠠᠨ ᠤ ᠨᠤᠳᠤᠭ ᠲᠤ ᠮᠠᠯ ᠰᠦᠷᠦᠭ ᠢ ᠬᠤᠪᠢᠶᠠᠨ ᠡᠷᠦᠭᠡ ᠳᠤ ᠲᠠᠭᠠᠭᠠᠴᠢᠯᠠᠭᠤᠯᠤᠭᠰᠠᠨ ᠢᠶᠠᠷ ᠬᠦᠮᠤᠰ ᠤᠨ ᠠᠮᠢᠳᠤᠷᠠᠯ ᠤᠨ ᠤᠷᠮ᠎ᠠ ᠶᠢ ᠰᠠᠷᠬᠦᠭᠡᠨ ᠵᠤᠷᠢᠭ ᠢ ᠬᠦᠪᠴᠢᠯᠡᠨ ᠮᠠᠯ ᠤᠨᠤᠭ᠎ᠠ ᠶᠢᠨ ᠲᠤᠭ᠎ᠠ ᠲᠤᠯᠤᠭᠠᠢ ᠦᠳᠳᠠᠷ ᠲᠦᠷᠭᠡᠨ ᠦᠰᠴᠤ᠂ ᠠᠳᠠᠯ ᠠᠮᠢᠳᠤᠷᠠᠯ ᠴᠦ  ᠦᠭᠡᠳᠡᠯᠠᠨ ᠴᠢᠨᠡᠭᠡᠯᠢᠭᠵᠢᠵᠤ ᠢᠷᠡᠭᠰᠡᠨ ᠶᠤᠮ᠃ ᠡᠬᠦᠨ ᠤ ᠬᠠᠷᠢᠭᠤ ᠳᠤ ᠡᠪᠠᠰᠤ ᠪᠠᠯᠴᠢᠭᠡᠷ ᠲᠠᠴᠢᠷᠳᠠᠨ᠂ ᠠᠮᠢ ᠠᠬᠤᠢ ᠡᠪᠳᠡᠭᠳᠡᠨ᠂ ᠲᠡᠭᠡᠷ᠎ᠠ ᠨᠢ ᠪᠠᠶᠢᠭᠠᠯᠢ ᠶᠢᠨ ᠭᠠᠮᠰᠢᠭ ᠲᠠᠭᠠᠯᠳᠤᠨ᠂ ᠬᠦᠮᠤᠰ ᠤᠨ ᠦᠵᠡᠯ ᠤᠬᠠᠮᠰᠠᠷ ᠤᠨ ᠲᠠᠨᠢᠯᠳᠠ ᠲᠤᠤᠷ᠎ᠠ ᠪᠠᠶᠢᠬᠰᠠᠨ ᠢᠶᠠᠷ ᠪᠠᠶᠢᠭᠠᠯᠢ ᠠᠴᠠ ᠪᠠᠨ ᠠᠪᠬᠤ ᠶᠢ ᠮᠡᠳᠡᠭᠡᠳ ᠬᠠᠮᠠᠭᠠᠯᠠᠬᠤ ᠶᠢ ᠤᠮᠳᠤᠭᠠᠶᠢᠯᠠᠵᠦ ᠠᠮᠢ ᠠᠬᠤᠢ  ᠶᠢᠨ ᠡᠪᠳᠡᠭᠳᠡᠯ ᠡᠳᠤᠷ ᠠᠴᠠ ᠡᠳᠤᠷ ᠰᠢᠷᠦᠬᠦᠰᠦᠭᠰᠡᠨ ᠪᠠᠶᠢᠪᠠ᠃ ᠤᠳᠤ ᠶᠢᠨ ᠦᠭᠡ ᠪᠠᠷ ᠭᠡᠯᠡᠪᠠᠯ ᠮᠠᠯ ᠰᠦᠷᠦᠭ  ᠤᠨ ᠲᠤᠭ᠎ᠠ ᠨᠢ ᠪᠠᠯᠴᠢᠭᠡᠷ ᠤᠨ ᠲᠠᠭᠠᠭᠠᠴᠠ ᠠᠴᠠ ᠭᠡᠳᠤᠷᠡᠭᠰᠡᠨ ᠶᠠᠪᠤᠳᠠᠯ ᠪᠤᠯᠤᠨ᠎ᠠ᠃ ᠢᠯᠠᠩᠭᠤᠶ᠎ᠠ ︽ᠶᠠᠭᠠᠷᠠᠭᠰᠠᠨ ᠬᠦᠮᠤᠨ ᠳᠤ ᠢᠮᠠᠭ᠎ᠠ︾ ᠭᠡᠳᠡᠭ ᠢᠶᠠᠷ ᠢᠮᠠᠭ᠎ᠠ ᠦᠰᠬᠦ ᠳᠤ ᠲᠦᠷᠭᠡᠨ ᠮᠦᠷᠳᠡᠭᠡᠨ ᠲᠤᠬᠠᠢ ᠶᠢᠨ ᠦᠶ᠎ᠠ ᠳᠤ ᠢᠮᠠᠭᠠᠨ ᠨᠤᠯᠤᠤᠷ ᠦᠨ᠎ᠠ ᠳᠤ ᠭᠠᠷᠴᠤ ᠪᠠᠶᠢᠬᠰᠠᠨ ᠢᠶᠠᠷ ᠮᠠᠨ ᠤ ᠨᠤᠳᠤᠭ ᠲᠤ ᠠᠶᠢᠯ ᠪᠤᠯᠭᠠᠨ ᠰᠦᠷᠦᠭ ᠢᠮᠠᠭ᠎ᠠ ᠲᠠᠢ ᠪᠠᠶᠢᠬᠤ ᠨᠢ ᠡᠩ ᠤᠨ ᠤᠴᠢᠷ ᠪᠤᠯᠵᠠᠢ᠃        ᠮᠠᠨᠵᠤ ᠶᠢᠨ ᠮᠠᠩᠬ᠎ᠠ ᠪᠤᠯ ᠦᠩ ᠰᠢᠮᠡᠯᠢᠭ ᠭᠠᠵᠠᠷ ᠤᠰᠤᠨ ᠶᠤᠮ᠃ ᠠᠭᠤᠯᠠ ᠲᠠᠢ᠂ ᠤᠰᠤ ᠲᠠᠢ᠂ ᠲᠠᠯ᠎ᠠ  ᠲᠠᠢ᠂ ᠮᠠᠩᠬ᠎ᠠ ᠲᠠᠢ᠂ ᠡᠪᠠᠰᠤ ᠪᠡᠯᠴᠢᠭᠡᠷ ᠢᠭ᠌ᠴᠢ ᠰᠠᠬᠤᠯᠢᠭ᠂ ᠡᠯᠳᠡᠪ ᠠᠮᠢᠳᠠᠨ ᠠᠷᠢᠶᠠᠳᠠᠨ ᠤᠷᠤᠩᠨᠠᠭᠰᠠᠨ ᠶᠤᠰᠤᠳᠠᠢ ᠪᠠᠶᠢᠭᠠᠯᠢ ᠶᠢᠨ ᠭᠤᠶᠢᠳᠠ ᠦᠵᠡᠮᠵᠢ ᠪᠤᠯᠭᠠᠨ ᠢ ᠴᠤᠮᠬᠠᠳᠬᠠᠨ ᠲᠦᠪᠯᠡᠷᠡᠬᠦᠯᠦᠭᠰᠡᠨ ᠮᠠᠯᠵᠢᠬᠤ ᠳᠤ ᠵᠤᠬᠢᠷᠠᠭᠰᠠᠨ ᠰᠠᠶᠢᠬᠠᠨ ᠤᠷᠤᠨ ᠪᠠᠶᠢᠬᠰᠠᠨ ᠶᠤᠮ᠃ ᠭᠡᠳᠡᠯ᠎ᠠ ᠦᠶ᠎ᠠ ᠲᠠᠮᠵᠢᠨ ᠡᠭᠡ ᠪᠠᠶᠢᠭᠠᠯᠢ ᠶᠢᠨ ᠦᠭᠭᠢᠶᠡᠮᠦᠷ ᠬᠠᠶᠢᠷ᠎ᠠ ᠳᠤ ᠢᠪᠡᠭᠡᠭᠳᠡᠨ᠂ ᠦᠪᠠᠷ ᠤᠨ ᠪᠠᠶ᠎ᠠ ᠪᠠᠷ ᠮᠠᠨᠵᠤ ᠶᠢᠨ ᠮᠠᠩᠬ᠎ᠠ ᠶᠢᠨ ᠦᠭᠯᠢᠭᠡ ᠪᠤᠶᠠᠨ ᠳᠤ ᠲᠦᠰᠢᠵᠤ ᠮᠠᠯ ᠰᠦᠷᠦᠭ ᠤᠨ ᠢᠶᠠᠨ ᠦᠨᠢᠷ ᠦᠰᠦᠯᠳᠠ ᠳᠤ ᠦᠭᠡᠳᠡᠯᠡᠨ ᠴᠢᠨᠡᠭᠡᠯᠢᠭᠵᠢᠵᠤ ᠢᠷᠡᠭᠰᠡᠨ ᠮᠠᠯᠴᠢᠳ ᠮᠠᠨᠢ ᠨᠤᠳᠤᠭ ᠤᠰᠤ  ᠨᠢ ᠦᠵᠡᠵᠤ ᠪᠠᠶᠢᠳᠠᠯ᠎ᠠ ᠡᠯᠡᠰᠦᠷᠭᠡᠭᠵᠢᠨ ᠲᠠᠴᠢᠷᠳᠠᠵᠤ᠂ ᠤᠷᠤᠨ ᠭᠡᠷ ᠨᠢ ᠡᠯᠡᠰᠤᠨ ᠰᠢᠭᠤᠷᠭᠠᠨ ᠳᠤ ᠲᠠᠷᠤᠭᠳᠠᠵᠤ ᠡᠬᠢᠯᠡᠬᠦ ᠪᠠᠷ ᠨᠢ ᠵᠠᠷᠢᠮ ᠠᠶᠢᠯ ᠨᠢ ᠭᠡᠷ ᠤᠷᠤᠨ ᠢᠶᠠᠨ ᠤᠷᠬᠢᠨ ᠦᠭᠡᠷ᠎ᠠ ᠭᠠᠵᠠᠷ ᠨᠡᠬᠦᠨ᠎ᠠ᠃ ᠶᠠᠷᠤ ᠠᠴᠠ ᠬᠦᠷᠦᠰᠤ ᠨᠢᠮᠭᠡᠨ ᠭᠠᠵᠠᠷ ᠨᠢᠭᠡ ᠠᠶᠢᠯ ᠤᠯᠠᠨ ᠮᠠᠯ ᠤᠨᠤᠭ᠎ᠠ ᠪᠠᠷ ᠤᠷᠤᠩᠨᠠᠨ ᠰᠠᠭᠤᠷᠢᠰᠢᠬᠤ ᠳᠤ ᠬᠤᠶᠠᠷ ᠭᠤᠷᠪᠠᠨ ᠵᠢᠯ ᠪᠤᠯᠤᠯ ᠦᠭᠡᠢ ᠲᠠᠬᠢᠨ ᠡᠯᠡᠰᠤᠨ ᠳᠤ ᠲᠠᠷᠤᠭᠳᠠᠨ᠎ᠠ᠂ ᠲᠡᠭᠡᠪᠠᠯ ᠲᠠᠬᠢᠨ ᠦᠭᠡᠷ᠎ᠠ ᠭᠠᠵᠠᠷ ᠨᠡᠬᠦᠨ᠎ᠠ᠃ ᠭᠡᠳᠡᠯ᠎ᠠ ᠮᠠᠨ ᠤ  ᠬᠢᠨ ᠲᠤᠬᠠᠢ ᠶᠢᠨ ᠦᠶ᠎ᠠ ᠳᠤ ᠲᠠᠷᠠ ᠨᠤᠳᠤᠭ ᠠᠴᠠ ᠪᠠᠨ ᠨᠡᠬᠦᠭᠡ ᠦᠭᠡᠢ ᠮᠦᠷᠳᠡᠭᠡᠨ ᠨᠤᠳᠤᠭ ᠢᠶᠠᠨ ᠤᠷᠬᠢᠨ ᠨᠡᠬᠦᠬᠦ ᠪᠤᠳᠤᠯ ᠴᠦ ᠤᠷᠭᠤᠭᠰᠠᠨ ᠦᠭᠡᠢ᠂ ᠠᠪᠤ ᠮᠢᠨᠢ ᠡᠷᠪᠡᠢ ᠭᠡᠳᠤᠨ ᠭᠡᠤᠭᠡᠳ ᠢᠶᠠᠨ ᠲᠠᠭᠠᠭᠤᠯᠤᠨ ᠨᠤᠷ᠎ᠠ ᠡᠯᠠᠰᠤ  ᠶᠢ ᠨᠤᠭᠳᠤᠯᠤᠨ ᠨᠤᠳᠤᠭ ᠰᠠᠭᠤᠷᠢᠰᠢᠯ ᠢᠶᠠᠨ ᠬᠠᠮᠠᠭᠠᠯᠠᠬᠤ ᠪᠠᠷ ᠨᠢᠭᠡ ᠶᠢ ᠰᠡᠳᠬᠢᠵᠤ ᠨᠢᠭᠡᠮᠤᠰᠤᠨ ᠵᠤᠷᠢᠭ ᠰᠢᠭᠤᠳᠤᠭᠰᠠᠨ ᠪᠠᠶᠢᠪᠠ᠃
       ᠪᠢ ᠠᠪᠤ ᠶᠢ ᠪᠠᠨ ᠶᠠᠷᠤᠨᠢ ᠰᠤᠶᠤᠯ ᠮᠡᠳᠡᠯᠭᠡ ᠲᠠᠢ ᠰᠤᠳᠤᠨ ᠮᠠᠯᠴᠢᠨ ᠭᠡᠵᠤ ᠪᠤᠳᠤᠳᠠᠭ᠃ ᠠᠪᠤ ᠮᠢᠨᠢ ᠲᠠᠷᠡᠬᠦ ᠶᠠᠳᠠᠭᠤ ᠬᠤᠭᠤᠰᠤᠨ ᠬᠦᠴᠢᠷ ᠪᠠᠷᠭᠡ ᠲᠠᠢ ᠲᠤᠬᠠᠢ ᠶᠢᠨ ᠤᠨ ᠵᠢᠯ ᠳᠤ ᠠᠷᠪᠠᠳᠠᠢ ᠳᠠᠭᠠᠨ ᠠᠶᠢᠯ ᠤᠨ ᠪᠠᠭ᠎ᠠ ᠰᠤᠷᠭᠠᠭᠤᠯᠢ ᠳᠤ ᠪᠠᠨ ᠪᠢᠴᠢᠭ ᠡᠬᠢᠯᠠᠨ ᠨᠢᠳᠤᠯᠠᠵᠤ᠂ ᠬᠤᠶᠠᠷ ᠵᠢᠯ ᠰᠤᠷᠤᠯᠴᠠᠭᠠᠳ ᠠᠳᠠᠯ ᠠᠮᠢᠳᠤᠷᠠᠯ ᠳᠤ ᠪᠠᠨ ᠲᠡᠮ ᠲᠤᠰᠠ ᠪᠤᠯᠬᠤ ᠪᠠᠷ ᠰᠤᠷᠤᠯᠭ᠎ᠠ ᠪᠠᠨ ᠲᠤᠷᠭᠤᠨ ᠵᠤᠭᠰᠤᠵᠤ᠂ ᠠᠷᠤ ᠭᠡᠷ ᠲᠡᠭᠡᠨ ᠪᠤᠴᠠᠨ ᠮᠠᠯᠴᠢᠨ ᠵᠠᠶᠠᠭ᠎ᠠ  ᠪᠠᠨ ᠡᠬᠢᠯᠡᠬᠦᠯᠦᠭᠰᠡᠨ ᠪᠠᠶᠢᠯ᠎ᠠ᠃ ᠠᠪᠤ ᠮᠢᠨᠢ ᠬᠠᠷᠠᠬᠠᠨ ᠪᠠᠭ᠎ᠠ ᠠᠴᠠ ᠠᠴᠠ ᠠᠵᠢᠯᠴᠢ ᠬᠦᠳᠡᠯᠮᠦᠷᠢᠴᠢ ᠮᠦᠷᠳᠡᠭᠡᠨ ᠤᠯᠠᠨ ᠵᠤᠶᠢᠯ ᠳᠤ ᠲᠤᠷ᠎ᠠ ᠪᠠᠬ᠎ᠠ ᠲᠠᠢ᠂ ᠤᠷᠤᠯᠳᠤᠯᠭ᠎ᠠ ᠰᠠᠶᠢᠨ᠂ ᠲᠠᠷᠢᠬᠢ ᠬᠤᠷᠴᠠ᠂ ᠭᠠᠷ ᠤᠷᠠᠨ ᠪᠠᠶᠢᠳᠠᠭ ᠢᠶᠠᠷ ᠲᠤᠬᠠᠢ ᠶᠢᠨ ᠦᠶ᠎ᠠ ᠶᠢᠨ ᠠᠮᠢᠳᠤᠷᠠᠯ ᠤᠨ ᠨᠦᠬᠦᠴᠡᠯ ᠪᠠᠭᠤᠷᠠᠢ ᠪᠠᠶᠢᠳᠠᠯ ᠲᠤᠤᠷ᠎ᠠ ᠭᠡᠷ ᠪᠠᠷᠢᠬᠤ᠂ ᠦᠭᠡᠷ ᠲᠡᠷᠭᠡ ᠬᠢᠬᠦ ᠠᠴᠠ ᠡᠬᠢᠯᠡᠨ ᠡᠳᠤᠷ ᠲᠤᠳᠤᠮ ᠤᠨ ᠦᠢᠯᠡᠳᠪᠤᠷᠢᠯᠡᠯ ᠠᠮᠢᠳᠤᠷᠠᠯ ᠤᠨ ᠭᠡᠷᠡᠭᠰᠡᠯ ︵ᠲᠤᠬᠠᠶᠢᠯᠠᠪᠠᠯ᠂ ᠪᠤᠷᠭᠠᠰᠤ  ᠪᠠᠷ ᠠᠷᠤᠭ ᠰᠠᠭᠰᠤ᠂ ᠵᠠᠮᠪᠠ ᠬᠦᠷᠦᠬᠦ᠂ ᠵᠢᠮ ᠵᠦᠰᠦᠬᠦ᠂ ᠪᠤᠷᠭᠠᠰᠤ ᠬᠤᠯᠤᠰᠤ ᠪᠠᠷ ᠰᠢᠪᠡᠭᠡ ᠬᠠᠰᠢᠶ᠎ᠠ ᠰᠡᠯᠪᠢᠬᠦ᠂ ᠤᠭᠤᠷ ᠨᠦᠳᠤᠬᠦᠷ ᠬᠢᠬᠦ᠂ ᠠᠷᠠᠰᠤ ᠡᠯᠳᠡᠬᠦ᠂ ᠰᠤᠷ ᠡᠳ᠋ᠯᠡᠯ ᠬᠢᠬᠦ᠂ ᠲᠡᠭᠡᠰᠤ ᠡᠷᠦᠬᠦ᠂ ᠡᠮᠡᠭᠡᠯ ᠬᠠᠵᠠᠭᠠᠷ ᠬᠢᠬᠦ  ᠁︶  ᠪᠦᠬᠦᠨ ᠢᠶᠠᠨ ᠪᠦᠷ ᠦᠪᠠᠷᠳᠡᠭᠡᠨ ᠭᠠᠷᠳᠠᠨ ᠬᠢᠵᠤ ᠢᠷᠡᠵᠠᠢ᠃ 1957 ᠤᠨ ᠳᠤ ᠠᠪᠤ ᠮᠢᠨᠢ ᠬᠤᠷᠢᠳᠠᠢ ᠳᠤ  ᠪᠠᠨ ᠨᠤᠶᠠᠨ ᠰᠦᠮ᠎ᠠ ︵ᠤᠳᠤ ᠶᠢᠨ ᠠᠷᠤ ᠬᠤᠷᠴᠢᠨ ᠬᠤᠰᠢᠭᠤᠨ ᠤ ᠬᠤᠨᠳᠤ ᠪᠠᠯᠭᠠᠰᠤ︶ ᠶᠢᠨ ᠮᠠᠯ ᠡᠮᠨᠡᠯᠭᠡ ᠶᠢᠨ ᠰᠤᠷᠭᠠᠭᠤᠯᠢ ᠳᠤ ᠨᠢᠭᠡ ᠵᠢᠯ ᠰᠤᠷᠤᠯᠴᠠᠨ᠂ ᠮᠠᠯ ᠡᠮᠨᠡᠯᠭᠡ ᠶᠢᠨ ᠮᠡᠷᠭᠡᠵᠢᠯ ᠢᠶᠠᠷ ᠠᠮᠵᠢᠯᠳᠠ ᠲᠠᠢ ᠲᠡᠬᠦᠰᠴᠤ᠂ ᠠᠷᠤ ᠭᠡᠷ ᠲᠡᠭᠡᠨ ᠬᠠᠷᠢᠵᠤ ᠮᠡᠯ ᠤᠨ ᠡᠮᠴᠢ ᠶᠢᠨ ᠠᠵᠢᠯ ᠬᠢᠭᠰᠡᠨ ᠪᠠ ᠵᠢᠭᠠᠰᠤᠳᠠᠢ ᠰᠤᠮᠤ ᠶᠢᠨ ᠮᠡᠯ ᠡᠮᠨᠡᠯᠭᠡ ᠶᠢᠨ ᠦᠷᠳᠡᠭᠡᠨ ᠳᠤ ᠬᠤᠶᠠᠷ ᠵᠢᠯ ᠠᠵᠢᠯᠯᠠᠭᠰᠠᠨ ᠤ ᠲᠠᠷᠠᠭ᠎ᠠ᠂ ᠨᠠᠰᠤᠳᠠᠢ ᠨᠢᠯᠬ᠎ᠠ ᠪᠠᠨ ᠬᠠᠷᠠᠭᠠᠯᠵᠠᠬᠤ ᠪᠠᠷ ᠠᠷᠤ ᠭᠡᠷ  ᠲᠡᠭᠡᠨ ᠪᠤᠴᠠᠨ ᠡᠭᠡᠯ ᠪᠤᠷᠤᠭᠵᠢᠭᠤᠨ ᠮᠠᠯᠴᠢᠨ ᠠᠮᠢᠳᠤᠷᠠᠯ ᠢᠶᠠᠨ ᠦᠷᠬᠦᠯᠵᠢᠯᠡᠬᠦᠯᠵᠤ ᠪᠢᠯᠡ᠃ ᠶᠠᠳᠠᠭᠤ ᠠᠮᠢᠳᠤᠷᠠᠯ ᠵᠦᠳᠡᠬᠦᠷᠢᠳᠤ ᠤᠷᠴᠢᠨ ᠳᠤ ᠠᠪᠤ ᠮᠢᠨᠢ ᠪᠢᠷ᠎ᠠ ᠴᠢᠳᠠᠯ ᠪᠢᠯᠢᠭ ᠤᠬᠠᠭᠠᠨ ᠢᠶᠠᠨ ᠰᠤᠷᠢᠵᠤ ᠢᠷᠡᠭᠰᠡᠨ ᠢᠶᠠᠷ ᠵᠠᠯᠠᠭᠤ ᠽᠠᠨᠳᠠᠨ ᠨᠠᠰᠤᠨ ᠳᠠᠭᠠᠨ ᠠᠩᠴᠢᠨ᠂ ᠠᠳᠤᠭᠤᠴᠢᠨ᠂ ᠪᠦᠭᠡᠴᠢᠨ ᠢᠶᠠᠷ ᠤᠷᠤᠨ ᠨᠤᠳᠤᠭ ᠲᠠᠭᠠᠨ ᠬᠢᠯᠠᠷᠠᠭᠤᠯᠵᠤ ᠶᠠᠪᠤᠭᠰᠠᠨ ᠮᠦᠷᠳᠡᠭᠡᠨ ᠠᠮᠢᠳᠤᠷᠠᠯ ᠭᠡᠰᠡᠨ ᠬᠠᠳᠠᠭᠤ ᠬᠢᠴᠢᠶᠠᠯ ᠪᠤᠯᠪᠠᠰᠤᠷᠠᠯ   ᠳᠤ ᠲᠠᠪᠳᠠᠭᠳᠠᠨ ᠤᠯᠠᠨ ᠵᠤᠶᠢᠯ ᠳᠤ ᠮᠡᠷᠭᠡᠰᠢᠨ ᠴᠠᠭᠠᠷᠠᠵᠤ᠂ ᠵᠢᠯ ᠲᠠᠷᠠᠭᠠᠯᠠᠨ ᠵᠢᠱᠢᠶᠠᠴᠢ ᠮᠠᠯᠴᠢᠨ ᠤ ᠠᠯᠳᠠᠷ ᠢ ᠡᠷᠬᠦᠵᠤ ᠢᠷᠡᠭᠰᠡᠨ ᠢᠷᠠᠭᠤ ᠲᠡᠤᠭᠡ ᠲᠠᠢ ᠶᠤᠮ᠃        ᠠᠪᠤ ᠶᠢᠨ ᠮᠢᠨᠢ ᠪᠢᠳᠠᠨ ᠳᠤ ᠦᠭᠬᠦᠭᠰᠡᠨ ᠬᠠᠮᠤᠭ ᠶᠡᠭᠡ ᠨᠦᠯᠦᠭᠡ ᠪᠤᠯ ᠠᠮᠢ ᠠᠬᠤᠢ ᠶᠢ ᠵᠤᠷᠢᠯᠭ᠎ᠠ ᠲᠠᠢ  ᠪᠠᠷ ᠠᠩᠬ᠎ᠠ ᠡᠬᠢᠯᠠᠵᠤ ᠬᠠᠮᠠᠭᠠᠯᠠᠬᠤ ᠦᠶ᠎ᠠ ᠶᠢᠨ ᠶᠠᠪᠤᠳᠠᠯ ᠪᠤᠯᠤᠨ᠎ᠠ᠃ ᠴᠡᠭᠡᠵᠢᠯᠡᠵᠤ ᠪᠠᠶᠢᠬᠤ ᠪᠠᠷ ᠨᠠᠮᠠᠢᠢ ᠲᠤᠯᠤᠭ᠎ᠠ ᠨᠠᠢᠮᠠᠳᠠᠢ ᠦᠶ᠎ᠠ᠂ ᠪᠤᠳᠠᠳᠠᠢ ᠪᠠᠷ ᠭᠡᠯᠡᠪᠠᠯ ᠮᠠᠯ ᠪᠡᠯᠴᠢᠭᠡᠷ ᠢ ᠡᠷᠦᠭᠡ ᠳᠤ ᠲᠠᠭᠠᠭᠠᠴᠢᠯᠠᠭᠤᠯᠤᠭᠰᠠᠨ ᠨᠠᠶᠠᠭᠠᠳ ᠤᠨ ᠤ ᠡᠬᠢ ᠪᠠᠷ ᠮᠠᠨ ᠤ ᠬᠢᠨ ᠭᠡᠷ ᠬᠦᠷᠢᠶ᠎ᠠ ᠶᠢᠨ ᠢᠶᠠᠨ ᠠᠷᠤ ᠲᠠᠯ᠎ᠠ ᠪᠠᠷ ᠡᠯᠡᠰᠤ ᠮᠠᠩᠬ᠎ᠠ ᠶᠢ ᠬᠠᠰᠢᠨ ᠲᠤᠭᠳᠠᠭᠠᠬᠤ ᠵᠤᠷᠢᠯᠭ᠎ᠠ ᠪᠠᠷ ᠰᠠᠯᠬᠢᠨ ᠰᠢᠪᠡᠭᠡ ᠲᠠᠷᠤᠭᠰᠠᠨ ᠪᠠ ᠠᠷᠤ ᠶᠢᠨ ᠬᠤᠷᠢ ᠭᠤᠴᠢᠭᠠᠳ ᠮᠤ᠋ ᠪᠡᠯᠴᠢᠭᠡᠷ ᠡᠪᠠᠰᠤ ᠪᠠᠨ ᠬᠠᠮᠠᠭᠠᠯᠠᠬᠤ ᠠᠴᠠ ᠡᠬᠢᠯᠡᠭᠰᠡᠨ ᠶᠤᠮ᠃ ᠠᠪᠤ ᠡᠵᠢ ᠶᠢᠨ ᠢᠳᠡᠭᠡᠯ ᠵᠤᠷᠢᠭᠵᠢᠭᠤᠯᠤᠯ ᠵᠢᠴᠢ ᠠᠪᠤ ᠶᠢᠨ ᠲᠠᠭᠠᠭᠤᠯᠭ᠎ᠠ  ᠪᠠᠷ ᠮᠠᠨ ᠤ ᠠᠬ᠎ᠠ ᠡᠭᠡᠴᠢ ᠲᠡᠬᠦᠤ ᠵᠢᠷᠭᠤᠭᠤᠯᠠ ᠴᠢᠳᠠᠯ ᠴᠢᠳᠠᠯ ᠤᠨ ᠴᠢᠨᠡᠭᠡ ᠪᠠᠷ ᠢᠶᠠᠨ ᠡᠪᠠᠰᠤ᠂ ᠬᠤᠯᠤᠰᠤ᠂ ᠤᠳᠤᠯ᠂ ᠰᠢᠪᠠᠭ᠂ ᠪᠤᠷᠭᠠᠰᠤ ᠶᠢ ᠪᠤᠭᠤᠵᠢᠯᠠᠨ ᠡᠬᠦᠷᠬᠦ ᠨᠢ ᠡᠬᠦᠷᠴᠤ᠂ ᠲᠡᠪᠡᠷᠢᠬᠦ ᠨᠢ ᠲᠠᠪᠡᠷᠢᠵᠤ᠂ ᠭᠡᠳᠤᠨ ᠭᠠᠵᠠᠷ  ᠤᠨ ᠬᠤᠯᠠ ᠠᠴᠠ ᠵᠦᠭᠡᠭᠡᠨ ᠭᠡᠷ ᠤᠨ ᠠᠷᠤ ᠪᠠᠷ ᠰᠠᠯᠬᠢᠨ ᠰᠢᠪᠡᠭᠡ ᠲᠠᠷᠤᠵᠤ ᠡᠯᠡᠰᠤ ᠮᠠᠩᠬ᠎ᠠ ᠶᠢ ᠲᠤᠭᠳᠠᠪᠤᠷᠢᠵᠢᠭᠤᠯᠬᠤ ᠠᠩᠬᠠᠨ ᠤ ᠭᠠᠷᠤᠭ᠎ᠠ ᠪᠠᠨ ᠡᠯᠬᠦᠭᠰᠡᠨ ᠶᠤᠮ᠃ ᠭᠡᠶ᠎ᠠ ᠲᠤᠬᠠᠢ ᠶᠢᠨ ᠦᠶ᠎ᠠ ᠳᠤ ᠡᠨᠡᠬᠦ ᠠᠵᠢᠯᠯᠠᠭ᠎ᠠ ᠨᠢ ᠠᠮᠢ ᠠᠬᠤᠢ ᠶᠢ ᠬᠠᠮᠠᠭᠠᠯᠠᠵᠤ ᠭᠡᠷ ᠤᠷᠤᠨ ᠢᠶᠠᠨ ᠪᠦᠳᠦᠭᠡᠨ ᠪᠠᠶᠢᠭᠤᠯᠬᠤ ᠭᠡᠰᠡᠨ ᠠᠪᠤ ᠶᠢᠨ ᠲᠤᠳᠤᠷ ᠤᠬᠠᠭᠠᠨ ᠢ ᠭᠡᠨ ᠨᠢ ᠴᠦ ᠤᠬᠠᠮᠵᠢᠯᠠᠨ ᠤᠶᠢᠯᠠᠭᠠᠭ᠎ᠠ ᠦᠭᠡᠢ ᠨᠢ ᠮᠡᠳᠡᠭᠡᠵᠢ᠃ ᠤᠴᠢᠷ ᠨᠢ ᠲᠠᠷᠠ ᠦᠶ᠎ᠠ ᠳᠤ ᠪᠢᠳᠠᠨᠠᠷ ᠤᠨ ᠨᠠᠰᠤ ᠪᠠᠭ᠎ᠠ ᠮᠦᠷᠳᠡᠭᠡᠨ ᠤᠶᠢᠷ᠎ᠠ ᠤᠷᠴᠢᠮ ᠡᠯᠠᠰᠤ ᠮᠠᠩᠬ᠎ᠠ ᠶᠢ  ᠵᠠᠰᠠᠭᠰᠠᠨ ᠦᠯᠢᠭᠡᠷ ᠵᠢᠱᠢᠶ᠎ᠠ ᠶᠢ ᠬᠠᠷᠠᠬᠤ ᠪᠠᠶᠢᠳᠤᠭᠠᠢ ᠰᠤᠨᠤᠰᠤᠭ᠎ᠠ ᠴᠦ ᠦᠭᠡᠢ ᠪᠠᠶᠢᠬᠰᠠᠨ ᠶᠤᠮ᠃        ︽ᠡᠭᠡ ᠪᠠᠶᠢᠭᠠᠯᠢ ᠶᠢ ᠬᠠᠮᠠᠭᠠᠯᠠᠨ ᠬᠦᠭᠵᠢᠬᠦᠯᠬᠦ ᠪᠤᠯ ᠡᠷᠭᠡᠳᠤ ᠠᠷᠠᠳ ᠪᠢᠳᠠᠨ ᠤ ᠲᠠᠷᠬᠠᠨ ᠡᠬᠦᠷᠭᠡ᠂ ᠠᠮᠢ ᠠᠬᠤᠢ ᠰᠠᠶᠢᠵᠢᠷᠠᠪᠠᠯ ᠠᠮᠢᠳᠤᠷᠠᠯ ᠪᠠᠶᠠᠨ ᠴᠢᠨᠡᠭᠡᠯᠢᠭ ᠪᠤᠯᠤᠨ᠎ᠠ᠂ ᠤᠷᠴᠢᠨ ᠲᠤᠭᠤᠷᠢᠨ ᠬᠦᠭᠵᠢᠪᠠᠯ ᠤᠷᠤᠰᠢᠨ ᠲᠤᠭᠳᠠᠨᠢᠵᠤ ᠴᠢᠳᠠᠨ᠎ᠠ︾ — ᠡᠨᠡ ᠪᠤᠯ ᠠᠪᠤ ᠶᠢᠨ ᠮᠢᠨᠢ ᠪᠠᠷᠢᠮᠳᠠᠯᠠᠵᠤ ᠢᠷᠡᠭᠰᠡᠨ ᠮᠦᠷᠳᠡᠭᠡᠨ ᠪᠤᠳᠠᠳᠤ ᠠᠮᠢᠳᠤᠷᠠᠯ ᠲᠠᠮᠠᠴᠠᠯ ᠤᠨ ᠬᠢᠨᠢ ᠪᠡᠶᠡᠯᠡᠯ ᠪᠤᠯᠤᠨ᠎ᠠ᠃        1981 ᠤᠨ ᠳᠤ᠂ ᠰᠠᠯᠬᠢᠨ ᠰᠢᠪᠡᠭᠡ ᠲᠠᠷᠤᠵᠤ ᠮᠠᠩᠬ᠎ᠠ ᠶᠢ ᠲᠤᠭᠳᠠᠪᠤᠷᠢᠵᠢᠭᠤᠯᠬᠤ ᠠᠵᠢᠯ ᠢᠶᠠᠨ ᠵᠢᠯ ᠪᠤᠯᠭᠠᠨ ᠤ ᠬᠠᠪᠤᠷ ᠨᠠᠮᠤᠷ ᠡᠪᠤᠯ ᠭᠤᠷᠪᠠᠨ ᠤᠯᠠᠷᠢᠯ ᠳᠤ ᠲᠠᠰᠤᠷᠠᠯ ᠦᠭᠡᠢ ᠶᠠᠪᠤᠭᠳᠠᠭᠤᠯᠳᠠᠭ ᠮᠦᠷᠳᠡᠭᠡᠨ ᠭᠡᠷ ᠤᠨ ᠠᠷᠤ ᠶᠢᠨ ᠭᠠᠵᠠᠷ ᠢᠶᠠᠨ ᠢᠳᠡᠭ ᠢᠳᠡᠭ ᠢᠶᠠᠷ ᠶᠡᠭᠡᠰᠭᠡᠨ᠂ 100 ᠢᠯᠡᠬᠦᠤ ᠮᠤ᠋ ᠭᠠᠵᠠᠷ ᠮᠤᠳᠤ ᠪᠤᠷᠭᠠᠰᠤ ᠲᠠᠷᠢᠵᠤ ᠦᠷᠭᠡᠰᠤ ᠲᠠᠢ ᠲᠤᠤᠷ ᠲᠠᠳᠠᠵᠤ ᠬᠦᠷᠢᠶᠠᠯᠠᠪᠠ᠃ ᠭᠡᠶ᠎ᠠ ᠨᠠᠶᠢᠳᠠᠮ ᠡᠪᠠᠰᠤ ᠪᠡᠯᠴᠢᠭᠡᠷ ᠮᠠᠭᠤ᠂ ᠪᠤᠷᠭᠠᠰᠤ ᠰᠢᠪᠠᠭ ᠦᠭᠡᠢ ᠤᠴᠢᠷ ᠠᠴᠠ ᠡᠳᠤᠷ ᠡᠳᠦᠷ ᠰᠠᠯᠬᠢ ᠭᠠᠷᠴᠤ᠂ ᠲᠠᠳᠠᠭᠰᠠᠨ ᠲᠤᠤᠷ ᠲᠠᠷᠢᠭᠰᠠᠨ ᠪᠤᠷᠭᠠᠰᠤ ᠮᠤᠳᠤ ᠡᠯᠡᠰᠤᠨ  ᠳᠤ ᠲᠠᠷᠤᠭᠳᠠᠵᠤ ᠡᠳᠤᠷ ᠪᠤᠯᠭᠠᠨ ᠲᠡᠬᠦᠨ ᠢᠶᠠᠨ ᠤᠬᠤᠵᠤ ᠮᠠᠯᠳᠠᠨ᠎ᠠ᠃        1983 ᠤᠨ ᠳᠤ᠂ ᠨᠢᠭᠡᠳᠤᠭᠡᠷ ᠤᠳᠠᠭᠠᠨ ᠤ ᠨᠤᠳᠤᠭ ᠪᠡᠯᠴᠢᠭᠡᠷ ᠬᠤᠪᠢᠶᠠᠬᠤ ᠦᠶᠠᠰ ᠮᠠᠨ ᠤ ᠨᠠᠢᠮᠠᠨ ᠠᠮᠠ ᠪᠦᠯᠢ ᠵᠦᠪᠭᠡᠨ 20 ᠮᠤ᠋ ᠯᠠ ᠬᠠᠳᠤᠯᠠᠩ ᠤᠨ ᠭᠠᠵᠠᠷ ᠠᠪᠴᠤ᠂ ᠲᠤᠬᠠᠢ ᠶᠢᠨ ᠦᠶ᠎ᠠ ᠳᠤ ᠮᠠᠩᠬ᠎ᠠ ᠢᠯᠡᠬᠦᠤ ᠦᠭᠴᠤ ᠮᠠᠩᠬ᠎ᠠ ᠶᠢ ᠦᠭᠡᠷᠡᠴᠢᠯᠡᠬᠦ ᠶᠢ ᠵᠤᠷᠢᠭᠵᠢᠭᠤᠯᠪᠠ᠃ ᠲᠡᠭᠡᠬᠦ ᠪᠠᠷ ᠨᠢ ᠠᠪᠤ ᠮᠢᠨᠢ ᠦᠯᠡᠳᠡᠭᠰᠡᠨ ᠬᠠᠳᠤᠯᠠᠩ ᠤᠨ ᠭᠠᠵᠠᠷ ᠤᠨ ᠢᠶᠠᠨ ᠤᠷᠤᠨ ᠳᠤ ᠲᠤᠬᠠᠢ ᠶᠢᠨ ᠦᠶ᠎ᠠ ᠳᠤ 1 ᠮᠤ᠋ ᠬᠠᠳᠤᠯᠠᠩ ᠤᠨ ᠭᠠᠵᠠᠷ ᠲᠤ 3 ᠮᠤ᠋ ᠮᠠᠩᠬ᠎ᠠ ᠦᠭᠬᠦᠨ᠎ᠠ ᠭᠡᠰᠡᠨ ᠵᠠᠷᠴᠢᠮ ᠢᠶᠠᠷ ᠴᠠᠭᠠᠨ ᠮᠠᠩᠬ᠎ᠠ ᠠᠪᠬᠤ ᠶᠢ ᠵᠦᠪᠰᠢᠶᠡᠷᠡᠪᠠ᠃ ᠲᠡᠭᠡᠬᠦ ᠳᠤ ᠠᠶᠢᠯ ᠠᠶᠢᠮᠠᠭ ᠤᠨ  ᠬᠢᠨ ᠠᠪᠤ ᠶᠢ ᠮᠢᠨᠢ ᠲᠡᠨᠡᠭᠳᠡᠵᠤ ᠪᠠᠶᠢᠨ᠎ᠠ᠂ ᠮᠠᠩᠬ᠎ᠠ ᠠᠪᠤᠭᠠᠳ ᠶᠠᠭᠤ ᠬᠢᠬᠦ ᠪᠤᠢ︖ ᠭᠡᠵᠤ ᠭᠠᠶᠢᠬᠠᠬᠤ ᠨᠢᠭᠡ ᠪᠠᠶᠢᠬᠤ ᠳᠤ ᠰᠠᠶᠢᠨ ᠰᠠᠨᠠᠭ᠎ᠠ ᠠᠴᠠ ᠢᠳᠬᠠᠨ ᠬᠤᠷᠢᠭᠯᠠᠵᠤ ᠪᠠᠶᠢᠬᠰᠠᠨ ᠬᠦᠮᠤᠰ ᠴᠦ ᠪᠠᠶᠢᠯ᠎ᠠ᠃ ᠭᠡᠳᠡᠯ᠎ᠠ ᠠᠪᠤ ᠮᠢᠨᠢ ︽ᠰᠢᠷᠤᠢ ᠪᠠᠶᠢᠪᠠᠯ ᠡᠪᠠᠰᠤ ᠤᠷᠭᠤᠨ᠎ᠠ︾  ᠭᠡᠰᠡᠨ ᠬᠠᠳᠠᠭᠤ ᠵᠤᠷᠢᠭ ᠢ ᠡᠷᠳᠠ ᠠᠴᠠ ᠰᠢᠢᠳᠦᠭᠰᠡᠨ ᠪᠠᠶᠢᠵᠠᠢ᠃
       ᠮᠠᠨ ᠤ ᠬᠢᠨ ᠳᠤ ᠪᠡᠯᠴᠢᠭᠡᠷ ᠤᠨ ᠭᠠᠵᠠᠷ 2800 ᠮᠤ᠋᠂ ᠲᠡᠭᠡᠷ᠎ᠠ ᠨᠢ ᠬᠠᠳᠤᠯᠠᠩ ᠤᠨ ᠭᠠᠵᠠᠷ ᠲᠠᠢ ᠢᠯᠡᠬᠦᠤ ᠮᠠᠩᠬ᠎ᠠ ᠤᠷᠤᠭᠤᠯᠵᠤ 1000 ᠢᠯᠡᠬᠦᠤ ᠮᠤ᠋ ᠭᠠᠵᠠᠷ ᠦᠭᠪᠠ᠃ ᠦᠪᠠᠷ ᠤᠨ ᠭᠡᠰᠡᠨ ᠨᠤᠳᠤᠭ ᠪᠠᠯᠴᠢᠭᠡᠷ  ᠲᠠᠢ ᠪᠤᠯᠤᠭᠰᠠᠨ ᠢᠶᠠᠷ ᠲᠡᠬᠦᠨ ᠢᠶᠠᠨ ᠬᠠᠮᠠᠭᠠᠯᠠᠵᠤ  ᠨᠤᠭᠤᠭᠠᠷᠠᠭᠤᠯᠬᠤ ᠨᠢ ᠬᠠᠮᠤᠭ ᠴᠢᠬᠤᠯᠠ ᠶᠠᠪᠤᠳᠠᠯ ᠪᠤᠯᠪᠠ᠃ 1983 ᠤᠨ ᠠᠴᠠ ᠡᠬᠢᠯᠡᠨ ᠲᠤᠤᠷ ᠢᠶᠠᠨ ᠪᠠᠭ᠎ᠠ ᠪᠠᠭ᠎ᠠ ᠪᠠᠷ ᠶᠡᠭᠡᠰᠭᠡᠵᠤ᠂ ᠲᠠᠭᠠᠭᠠᠴᠢᠯᠠᠭᠰᠠᠨ ᠭᠠᠵᠠᠷ ᠪᠦᠬᠦᠨ ᠢ ᠦᠷᠭᠡᠰᠤ ᠲᠠᠢ ᠲᠤᠤᠷ᠂  ᠰᠠᠶᠢᠵᠢᠨ ᠲᠤᠤᠷ ᠢᠶᠠᠷ ᠪᠦᠬᠦᠳᠠ ᠪᠢᠳᠡᠬᠦᠮᠵᠢᠯᠠᠨ ᠲᠠᠳᠠᠵᠤ᠂ ᠬᠠᠮᠠᠭᠠᠯᠠᠬᠤ ᠪᠤᠯᠤᠨ ᠲᠠᠷᠢᠵᠤ ᠤᠷᠭᠤᠭᠤᠯᠬᠤ ᠶᠢ ᠵᠡᠷᠭᠡ ᠳᠤᠨᠢ ᠴᠢᠩᠭᠠᠳᠬᠠᠵᠤ ᠢᠷᠡᠭᠰᠡᠨ ᠶᠤᠮ᠃        1987 ᠤᠨ ᠠᠴᠠ ᠡᠬᠢᠯᠡᠨ ᠠᠪᠤ ᠮᠢᠨᠢ ᠬᠤᠨᠢ ᠢᠮᠠᠭ᠎ᠠ ᠠᠳᠤᠭᠤ ᠡᠯᠵᠢᠭᠡ ︵ᠤᠨᠤᠭᠤᠷᠢ  ᠬᠦᠯᠦᠯᠭᠡ  ᠶᠢᠨ ᠮᠤᠷᠢ ᠡᠯᠵᠢᠭᠡ ᠭᠡᠳᠤ ᠶᠢ ᠦᠯᠡᠳᠡᠭᠡᠪᠠ︶ ᠶᠢ ᠪᠦᠬᠦᠳᠠ ᠰᠢᠢᠳᠪᠤᠷᠢᠯᠡᠨ᠂  ᠲᠠᠷᠠ ᠵᠤᠭᠤᠰ ᠢᠶᠠᠨ ᠪᠦᠬᠦᠨ ᠢ ᠡᠪᠠᠰᠤ ᠪᠠᠯᠴᠢᠭᠡᠷ ᠬᠠᠮᠠᠭᠠᠯᠠᠬᠤ ᠳᠤ ᠵᠠᠷᠤᠴᠠᠭᠤᠯᠪᠠ᠃ ᠦᠨᠡᠨ ᠢ ᠭᠡᠯᠡᠪᠠᠯ᠂ ᠦᠭᠡᠷᠡᠴᠢᠯᠠᠯᠳᠠ ᠨᠡᠭᠡᠭᠡᠯᠳᠠ ᠶᠢᠨ ᠡᠮᠤᠨ᠎ᠠ ᠠᠷᠪᠠᠨ ᠵᠢᠯ ᠳᠤ ᠮᠠᠯᠵᠢᠬᠤ ᠤᠷᠤᠨ ᠤ ᠠᠮᠢᠳᠤᠷᠠᠯ ᠤᠨ ᠲᠦᠪᠰᠢᠨ ᠨᠢᠰᠬᠦ ᠮᠡᠳᠤ ᠲᠦᠷᠭᠡᠨ ᠲᠡᠭᠡᠭᠰᠢᠯᠡᠵᠤ᠂ ᠵᠠᠷᠢᠮ ᠠᠶᠢᠯ ᠨᠢ ᠮᠠᠯ ᠰᠦᠷᠦᠭ ᠢᠶᠠᠨ ᠤᠯᠠᠮ ᠦᠷᠡᠵᠢᠬᠦᠯᠤᠨ᠂ ᠵᠠᠷᠢᠮ ᠨᠢ ᠭᠡᠷ ᠤᠷᠤᠨ ᠢᠶᠠᠨ ᠵᠠᠰᠠᠵᠤ ᠰᠢᠨᠡᠳᠭᠡᠬᠦ᠂ ᠵᠠᠷᠢᠮ ᠨᠢ ᠮᠤᠲ᠋ᠤᠷ ᠪᠤᠶᠤ ᠮᠠᠰᠢᠨ ᠲᠷᠡᠺᠲ᠋ᠤᠷ ᠠᠪᠴᠤ  ᠁ ᠠᠶᠢᠯ ᠭᠡᠷ ᠤᠨ ᠠᠮᠢᠳᠤᠷᠠᠯ ᠢᠶᠠᠨ ᠤᠯᠠᠮ ᠴᠢᠨᠡᠭᠡᠯᠢᠭᠵᠢᠬᠦᠯᠤᠨ ᠪᠠᠶᠠᠵᠢᠭᠤᠯᠬᠤ ᠪᠠᠷ ᠴᠢᠷᠮᠠᠶᠢᠨ ᠲᠡᠮᠡᠴᠡᠵᠡᠭᠡᠵᠤ ᠪᠠᠶᠢᠬᠰᠠᠨ ᠶᠤᠮ᠃ ᠭᠡᠳᠡᠯ᠎ᠠ ᠮᠠᠨ ᠤ ᠬᠢᠨ ᠲᠤᠬᠠᠢ ᠶᠢᠨ ᠦᠶ᠎ᠠ ᠳᠤ ᠪᠤᠰᠤᠳ ᠠᠶᠢᠯ ᠠᠴᠠ ᠲᠤᠤᠷᠠᠳᠠᠮᠠᠷ ᠦᠭᠡᠢ ᠴᠢᠨᠡᠭᠡᠯᠢᠭ ᠠᠮᠢᠳᠤᠷᠠᠯ ᠲᠠᠢ ᠪᠠᠶᠢᠬᠰᠠᠨ ᠴᠦ᠂ ᠤᠯᠠᠩᠬᠢ ᠤᠷᠤᠯᠭ᠎ᠠ ᠪᠠᠨ ᠪᠦᠷ ᠠᠮᠢ ᠠᠬᠤᠢ ᠶᠢ ᠬᠠᠮᠠᠭᠠᠯᠠᠬᠤ ᠳᠤ ᠤᠷᠤᠭᠤᠯᠵᠤ᠂ ᠵᠦᠪᠭᠡᠨ ᠬᠠᠮᠠᠭᠠᠯᠠᠯᠳᠠ ᠶᠢᠨ ᠲᠤᠤᠷ ᠠᠪᠬᠤ ᠳᠤ ᠠᠷᠪᠠᠨ ᠲᠦᠮᠡ ᠰᠢᠬᠠᠮ ᠵᠤᠭᠤᠰ ᠵᠠᠷᠤᠴᠠᠭᠤᠯᠵᠠᠢ᠃        ᠨᠠᠮ ᠲᠦᠷᠤ ᠶᠢᠨ ᠪᠤᠳᠤᠯᠭ᠎ᠠ ᠶᠢᠨ ᠰᠠᠶᠢᠨ ᠢᠶᠠᠷ ᠠᠮᠢᠳᠤᠷᠠᠯ ᠡᠳᠤᠷ ᠠᠴᠠ ᠡᠳᠤᠷ ᠰᠠᠶᠢᠵᠢᠷᠠᠬᠤ ᠶᠢ ᠲᠠᠭᠠᠯᠳᠤᠨ ᠮᠠᠨ ᠤ ᠬᠢᠨ ᠲᠠᠭᠠᠭᠠᠴᠢᠯᠠᠭᠰᠠᠨ ᠭᠠᠵᠠᠷ ᠢᠶᠠᠨ ᠪᠦᠬᠦᠨ ᠢ ᠲᠤᠤᠷ ᠲᠠᠳᠠᠵᠤ ᠬᠠᠮᠠᠭᠠᠯᠠᠭᠰᠠᠨ ᠢᠶᠠᠷ ᠨᠤᠳᠤᠭ ᠪᠡᠯᠴᠢᠭᠡᠷ ᠰᠠᠷᠬᠦᠵᠤ ᠢᠯᠠᠩᠭᠤᠶ᠎ᠠ ᠪᠤᠭ ᠮᠠᠯ ᠪᠤᠯᠤᠨ ᠠᠳᠤᠭᠤ ᠶᠢ ᠰᠢᠢᠳᠪᠤᠷᠢᠯᠡᠨ ᠡᠪᠠᠰᠤ ᠪᠠᠯᠴᠢᠭᠡᠷ ᠤᠨ ᠲᠠᠭᠠᠭᠠᠴᠠ ᠶᠢ ᠬᠦᠩᠭᠡᠯᠡᠭᠰᠡᠨ ᠪᠠ ᠪᠤᠳᠠ ᠮᠠᠯ ᠤᠨ ᠲᠤᠭ᠎ᠠ ᠶᠢ ᠴᠦᠭᠡᠳᠭᠡᠨ᠂ ᠡᠬᠦᠯᠳᠠᠷ ᠴᠢᠨᠠᠷ ᠴᠢᠨᠰᠠᠭ᠎ᠠ ᠶᠢ ᠰᠠᠶᠢᠵᠢᠷᠠᠭᠤᠯᠤᠭᠰᠠᠨ ᠢᠶᠠᠷ ᠪᠠᠯᠴᠢᠭᠡᠷ ᠤᠰᠤ ᠮᠠᠯ ᠰᠦᠷᠦᠭ ᠲᠡᠩᠴᠡᠬᠦᠷᠢ ᠪᠠᠨ ᠤᠯᠵᠤ᠂ ᠠᠪᠤ ᠶᠢᠨ ᠮᠢᠨᠢ ᠠᠯᠵᠢᠶᠠᠯ ᠦᠭᠡᠢ ᠵᠢᠳᠬᠦᠭᠰᠡᠨ ᠠᠷᠢᠭᠤᠨ ᠬᠦᠳᠠᠯᠮᠤᠷᠢ ᠤᠶᠤᠨ ᠤᠬᠠᠭᠠᠨ ᠤ ᠦᠷ᠎ᠠ ᠪᠦᠳᠦᠭᠡᠯ ᠢ ᠡᠭᠡ ᠪᠠᠶᠢᠭᠠᠯᠢ ᠮᠠᠨᠢ ᠠᠮᠢ ᠠᠬᠤᠢ ᠶᠢᠨ ᠰᠡᠷᠬᠦᠯᠳᠠ ᠪᠠᠷ ᠭᠡᠷᠡᠴᠢᠯᠡᠨ ᠦᠵᠡᠬᠦᠯᠤᠨ᠎ᠠ᠃
       ᠠᠩᠬ᠎ᠠ ᠠᠮᠢ ᠠᠬᠤᠢ ᠶᠢᠨ ᠬᠠᠮᠠᠭᠠᠯᠠᠯᠳᠠ ᠬᠢᠬᠦ ᠠᠴᠠ ᠡᠮᠤᠨ᠎ᠠ᠂ ᠮᠠᠨ ᠤ ᠭᠡᠷ ᠬᠦᠷᠢᠶ᠎ᠠ ᠶᠢᠨ ᠰᠠᠭᠤᠷᠢᠰᠢᠯ  ᠤᠨ ᠡᠮᠤᠨᠡᠬᠦᠷᠭᠢ ᠠᠯᠠᠭᠠᠨ ᠴᠢᠨᠡᠭᠡᠨ ᠵᠦᠯᠭᠡ ᠲᠠᠢ ᠲᠠᠯ᠎ᠠ ᠶᠢ ᠭᠠᠷᠭᠠᠪᠠᠯ  ᠪᠠᠷᠠᠭᠤᠨ᠂ ᠵᠡᠬᠦᠨ᠂ ᠬᠤᠶᠢᠨ᠎ᠠ ᠭᠤᠷᠪᠠᠨ ᠲᠠᠯ᠎ᠠ ᠪᠠᠷ ᠢᠶᠠᠨ ᠴᠦᠮ ᠬᠦᠯᠢᠭᠡᠷ ᠴᠠᠭᠠᠨ ᠮᠠᠩᠬᠠᠨ ᠳᠤ ᠬᠤᠴᠢᠬᠳᠠᠵᠤ ᠪᠠᠶᠢᠬᠰᠠᠨ ᠶᠤᠮ᠃ ᠲᠠᠶᠢᠨᠬᠦ ᠪᠢᠳᠠ ᠭᠡᠷ ᠤᠷᠤᠨ ᠢᠶᠠᠨ ᠡᠯᠡᠰᠤ ᠮᠠᠩᠬ᠎ᠠ ᠠᠴᠠ ᠰᠠᠷᠭᠡᠶᠢᠯᠡᠨ ᠬᠠᠮᠠᠭᠠᠯᠠᠬᠤ ᠶᠢᠨ ᠲᠤᠯᠠᠳᠠ ᠬᠤᠨᠢ ᠢᠮᠠᠭ᠎ᠠ ᠪᠠᠨ ᠬᠠᠮᠠᠭᠠᠯᠠᠯᠳᠠ  ᠶᠢᠨ ᠭᠠᠵᠠᠷ ᠲᠠᠭᠠᠨ ᠤᠷᠤᠭᠤᠯᠬᠤ ᠦᠭᠡᠢ ᠭᠡᠵᠤ ᠡᠭᠡᠯᠵᠢᠯᠡᠨ ᠬᠠᠷᠠᠵᠤ ᠰᠠᠬᠢᠳᠠᠭ ᠪᠠᠶᠢᠪᠠ᠃ ᠭᠡᠳᠡᠯ᠎ᠠ ᠢᠮᠠᠭ᠎ᠠ ᠭᠡᠳᠡᠭ ᠠᠮᠢᠳᠠᠨ ᠰᠦᠷᠡᠭᠡᠢ ᠰᠠᠷᠬᠦᠯᠡᠭ ᠠᠮᠢᠳᠠᠨ᠂ ᠪᠢᠳᠠᠨ ᠤ ᠬᠠᠯᠳᠤ ᠰᠡᠯᠳᠦᠭᠰᠡᠨ ᠬᠤᠭᠤᠷᠤᠨᠳᠤ ᠬᠤᠷᠢᠭᠠᠳᠤ ᠤᠷᠤᠨ ᠳᠤ ᠤᠷᠤᠵᠤ ᠬᠠᠷᠠᠵᠤ ᠬᠠᠮᠠᠭᠠᠯᠠᠭᠰᠠᠨ ᠡᠪᠠᠰᠤ ᠮᠤᠳᠤ ᠶᠢ ᠲᠠᠰᠤᠳᠠᠵᠤ ᠢᠳᠡᠳᠡᠭ᠃ ᠠᠪᠤ ᠮᠢᠨᠢ ᠤᠶᠢᠯᠡ ᠪᠠᠨ ᠦᠵᠡᠵᠤ ᠦᠰᠤ ᠪᠠᠨ ᠲᠡᠬᠦᠵᠤ ᠪᠠᠶᠢᠭᠠᠳ ᠤᠷᠭᠤᠭᠤᠯᠵᠤ ᠬᠠᠮᠠᠭᠠᠯᠠᠭᠰᠠᠨ ᠢ ᠨᠢ ᠪᠢᠳᠠᠨ ᠤ ᠨᠢᠭᠡ ᠴᠠᠭ ᠤᠨ ᠤᠰᠤᠯ ᠴᠠᠯᠠᠭᠠᠶᠢᠳᠠᠯ ᠠᠴᠠ ᠪᠤᠯᠵᠤ ᠡᠪᠳᠠᠨ ᠰᠦᠢᠳᠭᠡᠳᠡᠭ᠃ ᠢᠩᠭᠬᠢᠬᠦ ᠳᠤ ᠠᠪᠤ ᠮᠢᠨᠢ ᠪᠠᠴᠢᠮᠳᠠᠨ ᠵᠤᠪᠠᠵᠤ᠂ ᠪᠤᠳᠠᠭ᠎ᠠ ᠴᠦ ᠢᠳᠡᠬᠦ ᠦᠭᠡᠢ ᠴᠠᠢ ᠴᠦ ᠤᠤᠭᠤᠬᠤ ᠦᠭᠡᠢ ᠪᠠᠷ ᠨᠠᠯᠢᠶᠠᠳ ᠡᠳᠤᠷ ︽ᠦᠯᠪᠠᠷᠤᠯ ᠵᠠᠷᠯᠠᠵᠤ︾ ᠵᠤᠪᠠᠯ ᠢᠶᠠᠨ ᠢᠯᠡᠷᠭᠡᠶᠢᠯᠡᠳᠡᠭ ᠪᠠᠶᠢᠪᠠ᠃ ᠪᠢᠳᠠ ᠠᠪᠤ ᠶᠢᠨ ᠪᠠᠷᠤᠶᠢᠭᠰᠠᠨ ᠴᠢᠷᠠᠢ ᠬᠢᠭᠡᠳ ︽ᠦᠯᠪᠠᠷᠠᠯ ᠵᠠᠷᠯᠠᠬᠤ︾ ᠠᠴᠠ ᠨᠢ ᠬᠠᠮᠤᠭ ᠠᠶᠤᠳᠠᠭ ᠪᠤᠯᠬᠤᠷ ᠴᠢᠳᠠᠯ ᠤᠨ ᠴᠢᠨᠡᠭᠡ ᠪᠠᠷ ᠢᠶᠠᠨ ᠮᠠᠯ ᠤᠨᠤᠭ᠎ᠠ᠂ ᠬᠤᠨᠢ ᠢᠮᠠᠭ᠎ᠠ ᠬᠠᠮᠠᠭᠠᠯᠠᠯᠳᠠ ᠶᠢᠨ ᠭᠠᠵᠠᠷ ᠤᠷᠤᠵᠤ ᠰᠤᠶᠢᠳᠭᠡᠬᠦ ᠠᠴᠠ ᠵᠢᠷᠦᠭᠡ ᠪᠠᠨ ᠭᠠᠷ ᠲᠠᠭᠠᠨ ᠪᠠᠷᠢᠵᠤ ᠬᠢᠴᠢᠶᠠᠨ ᠴᠢᠷᠮᠠᠶᠢᠳᠠᠭ ᠪᠠᠶᠢᠪᠠ᠃ ᠲᠤᠬᠠᠢ  ᠶᠢᠨ ᠦᠶ᠎ᠠ ᠳᠤ ᠨᠠᠰᠤ ᠪᠠᠭ᠎ᠠ ᠪᠠᠶᠢᠬᠰᠠᠨ ᠪᠠ ᠠᠪᠤ ᠶᠢᠨ ᠮᠠᠨᠢ ᠠᠮᠢ ᠠᠬᠤᠢ ᠶᠢ ᠬᠠᠮᠠᠭᠠᠯᠠᠬᠤ ᠭᠡᠰᠡᠨ ᠬᠠᠳᠠᠭᠤ ᠰᠢᠢᠳᠤᠯ ᠨᠢ ᠪᠠᠯᠴᠢᠷ ᠤᠶᠤᠨ ᠳᠤ ᠬᠠᠳᠠᠩᠰᠢᠵᠤ᠂ ᠪᠢ ᠤᠳᠤ ᠲᠦᠴᠢ ᠭᠠᠷᠤᠭᠰᠠᠨ ᠴᠦ ᠬᠠᠮᠠᠭᠠᠯᠠᠯᠳᠠ ᠶᠢᠨ ᠭᠠᠵᠠᠷ  ᠲᠤ ᠬᠤᠨᠢ ᠢᠮᠠᠭ᠎ᠠ ᠤᠷᠤᠴᠢᠬᠠᠯ᠎ᠠ ᠭᠡᠵᠤ ᠬᠠᠶᠠ ᠬᠠᠶᠠ ᠬᠠᠷ᠎ᠠ ᠲᠠᠷᠤᠨ ᠵᠡᠬᠦᠳᠤᠯᠡᠳᠡᠭ ᠮᠠᠨᠢ ᠦᠨᠠᠨ᠃ ᠤᠳᠤ ᠡᠬᠦᠨ  ᠢ ᠭᠡᠯᠡᠬᠦ ᠳᠤ ᠠᠮᠠᠷ ᠪᠤᠶᠤ ᠪᠤᠰᠤᠳ ᠲᠤ ᠢᠨᠢᠶᠠᠳᠤᠮᠳᠠᠢ ᠰᠢᠭ ᠰᠠᠨᠠᠭᠳᠠᠪᠠᠴᠤ ᠠᠮᠢ ᠠᠬᠤᠢ ᠶᠢ ᠬᠠᠮᠠᠭᠠᠯᠠᠬᠤ ᠶᠢᠨ ᠲᠦᠯᠦᠭᠡ ᠮᠠᠨ ᠤ ᠭᠡᠷ ᠤᠨ ᠬᠤᠶᠠᠷ ᠦᠶ᠎ᠠ ᠶᠢᠨ ᠬᠦᠮᠤᠨ ᠤ ᠴᠢᠰᠤ ᠮᠢᠬ᠎ᠠ ᠤᠶᠤᠨ ᠰᠠᠨᠠᠭᠠᠨ ᠳᠤ ᠰᠢᠩᠭᠡᠭᠰᠡᠨ ᠬᠠᠳᠠᠭᠤᠵᠢᠯᠳᠤ ᠲᠡᠮᠡᠴᠠᠯ ᠭᠡᠵᠤ ᠭᠡᠯᠡᠬᠦ ᠳᠤ ᠢᠯᠡᠬᠦᠳᠡᠬᠦ ᠦᠭᠡᠢ᠃
       ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 40 ᠵᠢᠯ ᠤᠨ ᠤᠢ ᠶᠢᠨ ᠦᠪᠡᠳᠡᠭᠰᠢ ᠪᠠᠶᠠᠷ ᠢ ᠲᠤᠬᠢᠶᠠᠯᠳᠤᠭᠤᠯᠤᠨ 1987 ᠤᠨ ᠤ 7 ᠰᠠᠷ᠎ᠠ ᠳᠤ ᠶᠠᠪᠤᠭᠳᠠᠭᠰᠠᠨ ᠠᠷᠤ ᠬᠤᠷᠴᠢᠨ ᠬᠤᠰᠢᠭᠤᠨ ᠤ ᠠᠷᠪᠠ ᠶᠢᠰᠦᠳᠦᠭᠡᠷ ᠤᠳᠠᠭᠠᠨ ᠤ ᠨᠠᠭᠠᠳᠤᠮ ᠤᠨ ᠬᠤᠷᠠᠯ ᠳᠤ ᠠᠪᠤ ᠮᠢᠨᠢ ᠮᠠᠯ ᠢᠶᠠᠨ ᠦᠰᠭᠡᠵᠤ᠂ ᠡᠬᠦᠯᠳᠠᠷ ᠰᠠᠶᠢᠵᠢᠷᠠᠭᠤᠯᠤᠭᠰᠠᠨ ᠵᠢᠱᠢᠶᠠᠴᠢ — ᠪᠦᠬᠦ ᠬᠤᠰᠢᠭᠤᠨ ᠤ 100 ᠰᠠᠩᠰᠠᠨ ᠪᠠᠶᠠᠨ ᠤ ᠨᠢᠭᠡ ᠪᠤᠯᠵᠤ᠂ ᠨᠠᠶᠠᠭᠠᠳ ᠤᠨ ᠤ ᠦᠶ᠎ᠠ ᠶᠢᠨ ᠵᠢᠩᠭᠢᠨᠢ ᠠᠵᠢᠯᠴᠢ ᠬᠦᠳᠠᠯᠮᠦᠷᠢᠴᠢ ᠰᠠᠶᠢᠨ ᠮᠠᠯᠴᠢᠨ ᠤ ᠠᠯᠳᠠᠷ ᠢ ᠡᠷᠬᠦᠵᠤ ᠶᠠᠪᠤᠭᠰᠠᠨ ᠤ ᠬᠢᠨᠢ ᠨᠢᠭᠡᠨ ᠢᠯᠡᠷᠭᠡᠶᠢᠯᠡᠯ ᠪᠤᠯᠵᠤ ᠳᠤᠷᠠᠶᠢᠯ᠎ᠠ᠃
       ᠲᠦᠮᠠᠨ ᠠᠯᠬᠤᠮ ᠤᠨ ᠲᠦᠷᠤᠬᠦᠤ ᠠᠯᠬᠤᠮ ᠴᠢᠬᠤᠯᠠ ᠭᠡᠳᠡᠭ ᠢᠶᠠᠷ ᠠᠷᠪᠠᠨ ᠵᠢᠯ ᠤᠨ ᠠᠮᠢ ᠠᠬᠤᠢ ᠶᠢᠨ ᠬᠠᠮᠠᠭᠠᠯᠠᠯᠳᠠ ᠪᠠᠷ ᠡᠪᠠᠰᠤ ᠤᠷᠭᠤᠮᠠᠯ ᠤᠨ ᠪᠦᠷᠬᠦᠴᠠ ᠰᠠᠶᠢᠵᠢᠷᠠᠨ᠂  ᠬᠦᠯᠢᠭᠡᠷ ᠴᠠᠭᠠᠨ ᠮᠠᠩᠬ᠎ᠠ ᠨᠤᠭᠤᠳ ᠪᠤᠷᠤ ᠵᠢᠯᠠᠭ᠎ᠠ ᠪᠤᠯᠤᠨ ᠬᠤᠪᠢᠷᠠᠵᠤ᠂ ᠮᠠᠯ ᠰᠦᠷᠦᠭ ᠴᠦ ᠵᠢᠯ ᠪᠤᠯᠭᠠᠨ ᠲᠠᠷᠭᠤ ᠬᠦᠴᠤ ᠰᠠᠶᠢᠳᠠᠢ᠂ ᠠᠵᠤ ᠠᠮᠢᠳᠤᠷᠠᠯ ᠴᠦ ᠤᠯᠠᠮ ᠢᠶᠠᠷ ᠴᠢᠨᠡᠭᠡᠯᠢᠭᠵᠢᠨ ᠬᠦᠭᠵᠢᠵᠤ ᠢᠷᠡᠯ᠎ᠠ᠃        1990 ᠭᠡᠳ ᠤᠨ ᠳᠤ᠂ ᠠᠪᠤ ᠮᠢᠨᠢ ᠮᠥᠨ ᠯᠠ ᠠᠮᠢ ᠠᠬᠤᠢ ᠶᠢ ᠬᠠᠮᠠᠭᠠᠯᠠᠨ ᠬᠦᠭᠵᠢᠬᠦᠯᠬᠦ ᠶᠢ ᠮᠠᠨ ᠤ ᠭᠡᠷ ᠪᠦᠯᠢ ᠶᠢᠨ ᠲᠠᠷᠢᠬᠦᠨ ᠴᠢᠬᠤᠯᠠ ᠶᠠᠪᠤᠳᠠᠯ ᠪᠤᠯᠭᠠᠨ᠂ ᠦᠷᠬᠦᠯᠵᠢᠯᠡᠨ ᠦᠭᠡᠷᠡᠴᠢᠯᠠᠨ ᠰᠠᠶᠢᠵᠢᠷᠠᠭᠤᠯᠵᠤ ᠢᠷᠡᠭᠰᠡᠨ ᠶᠤᠮ᠃ 1990 —2000 ᠤᠨ ᠬᠦᠷᠳᠡᠯᠡᠭᠢ ᠠᠷᠪᠠᠨ ᠵᠢᠯ ᠳᠤ ᠤᠤᠯ ᠤᠨ ᠬᠠᠮᠠᠭᠠᠯᠠᠯᠳᠠ ᠪᠠᠨ ᠤᠯᠠᠮ ᠪᠠᠬᠢᠵᠢᠬᠦᠯᠤᠨ ᠲᠡᠬᠦᠯᠳᠠᠷᠵᠢᠬᠦᠯᠬᠦ ᠶᠢᠨ ᠬᠠᠮᠳᠤ ᠮᠤᠳᠤ ᠲᠠᠷᠢᠵᠤ ᠤᠷᠭᠤᠭᠤᠯᠬᠤ ᠲᠠᠯ᠎ᠠ ᠪᠠᠷ ᠭᠤᠤᠯ ᠬᠦᠴᠤᠨ ᠢᠶᠠᠨ ᠲᠠᠯᠪᠢᠪᠠ᠃ 1997 ᠤᠨ ᠳᠤ᠂ ᠬᠦᠳᠡᠭᠡ ᠲᠤᠰᠬᠤᠨ ᠤ ᠬᠤᠶᠠᠳᠤᠭᠠᠷ ᠤᠳᠠᠭᠠᠨ ᠤ ᠭᠠᠵᠠᠷ ᠰᠢᠷᠤᠢ ᠶᠢᠨ ᠦᠭᠡᠷᠡᠴᠢᠯᠠᠯᠳᠠ ᠶᠢᠨ ᠦᠶ᠎ᠠ ᠳᠤ ᠮᠠᠨ ᠤ ᠬᠢᠨ ᠤ ᠠᠮᠠ ᠪᠦᠯᠢ ᠴᠦ ᠨᠠᠮᠡᠭᠳᠡᠭᠰᠡᠨ ᠪᠤᠯᠬᠤᠷ ᠢᠯᠡᠬᠦᠤ ᠭᠠᠵᠠᠷ ᠬᠤᠪᠢᠳᠠᠨ ᠤᠯᠤᠭᠰᠠᠨ ᠮᠦᠷᠳᠡᠭᠡᠨ ᠬᠤᠰᠢᠭᠤ ᠰᠤᠮᠤ ᠪᠠᠷᠢᠭᠠᠳᠠ ᠠᠴᠠ ᠭᠡᠷ ᠤᠨ ᠠᠷᠤ ᠶᠢᠨ ᠵᠠᠭᠤ ᠢᠯᠡᠬᠦᠤ ᠮᠤ᠋ ᠭᠠᠵᠠᠷ ᠢ ᠪᠠᠯᠴᠢᠭᠡᠷ ᠤᠨ ᠭᠠᠵᠠᠷ ᠲᠤ ᠤᠷᠤᠭᠤᠯᠤᠭᠰᠠᠨ ᠦᠭᠡᠢ ᠪᠠᠷ ᠠᠮᠢ ᠠᠬᠤᠢ ᠶᠢᠨ ᠵᠢᠱᠢᠶ᠎ᠠ ᠦᠵᠡᠬᠦᠯᠬᠦ ᠰᠠᠭᠤᠷᠢᠨ ᠪᠤᠯᠭᠠᠪᠠ᠃ ᠡᠶᠢᠨᠬᠦ ᠡᠴᠢᠨᠠᠨ ᠵᠢᠯ ᠠᠮᠢ ᠠᠬᠤᠢ ᠶᠢ ᠬᠠᠮᠠᠭᠠᠯᠠᠬᠤ ᠭᠡᠰᠡᠨ ᠴᠢᠷᠮᠠᠶᠢᠯᠭ᠎ᠠ ᠵᠢᠳᠬᠦᠯ ᠢ ᠨᠢ ᠤᠶᠢᠯᠠᠭᠠᠨ ᠮᠡᠳᠡᠷᠡᠬᠦ ᠠᠵᠠ ᠲᠤᠬᠢᠶᠠᠯ ᠢᠷᠡᠭᠰᠡᠨ ᠢᠶᠠᠷ ᠠᠪᠤ ᠶᠢᠨ ᠮᠢᠨᠢ ᠢᠳᠡᠭᠡᠯ ᠵᠤᠷᠢᠭ ᠨᠠᠩ ᠬᠦᠪᠴᠢᠯᠡᠭᠳᠡᠨ᠂ ᠢᠯᠠᠩᠭᠤᠶ᠎ᠠ ᠲᠤᠰ ᠤᠳᠠᠭᠠᠨ ᠤ ᠭᠠᠵᠠᠷ ᠰᠢᠷᠤᠢ ᠶᠢᠨ ᠲᠠᠭᠠᠭᠠᠴᠢᠯᠠᠬᠤ ᠬᠤᠭᠤᠴᠠᠭ᠎ᠠ ᠶᠢ 30 ᠵᠢᠯ ᠪᠤᠯᠭᠠᠨ ᠤᠷᠳᠤᠳᠬᠠᠭᠰᠠᠨ ᠨᠢ ᠮᠠᠯᠴᠢᠨ ᠲᠠᠷᠢᠶᠠᠴᠢᠳ ᠤᠨ ᠢᠳᠡᠪᠬᠢᠵᠢᠯ ᠢ ᠨᠠᠩᠳᠠ ᠬᠦᠭᠵᠢᠭᠡᠭᠰᠡᠨ ᠶᠤᠮ᠃        ︽ᠪᠤᠳᠤᠵᠤ ᠤᠯᠬᠤ ᠦᠭᠡᠢ ᠠᠴᠠ ᠠᠶᠤᠬᠤ ᠠᠴᠠ ᠪᠢᠰᠢ᠂ ᠬᠢᠵᠤ ᠲᠠᠶᠢᠯᠬᠦ ᠦᠭᠡᠢ ᠠᠴᠠ ᠠᠶᠤᠬᠤ ᠦᠭᠡᠢ ︾ ᠭᠡᠳᠡᠭᠴᠢᠯᠠᠨ᠂ ᠠᠪᠤ ᠮᠢᠨᠢ ᠪᠠᠶᠢᠭᠠᠯᠢ ᠠᠬᠤᠢ ᠶᠢᠨ ᠵᠢᠮ᠎ᠠ ᠬᠠᠤᠯᠢ᠂ ᠬᠦᠮᠤᠨ ᠨᠠᠶᠢᠭᠡᠮ ᠤᠨ ᠬᠤᠪᠢᠷᠠᠯ ᠬᠦᠭᠵᠢᠯ  ᠤᠨ ᠪᠠᠶᠢᠳᠠᠯ ᠢ ᠤᠷᠢᠳᠴᠢᠯᠠᠨ ᠤᠶᠢᠯᠠᠭᠠᠨ ᠰᠤᠪᠢᠵᠤ᠂ ᠶᠠᠭᠤ ᠬᠢᠬᠦ᠂ ᠶᠠᠭᠠᠬᠢᠵᠤ ᠬᠢᠬᠦ ᠬᠠᠷᠠᠯᠳᠠ ᠵᠤᠷᠢᠯᠳᠠ ᠲᠤᠳᠤᠷᠬᠠᠢ ᠪᠠᠶᠢᠵᠤ᠂ ᠦᠨᠡᠭᠡᠷ ᠪᠤᠳᠤᠯ ᠤᠬᠠᠭᠠᠨ ᠬᠢᠭᠡᠳ ᠪᠤᠳᠠᠳᠠᠢ ᠤᠶᠢᠯᠡᠳᠦᠯᠭᠡ ᠬᠤᠶᠠᠷ ᠢᠶᠠᠨ ᠬᠦᠢᠴᠡᠭᠡᠵᠤ ᠶᠠᠪᠤᠭᠰᠠᠨ ᠰᠠᠶᠢᠨ ᠡᠷ᠎ᠠ ᠶᠢᠨ ᠨᠢᠭᠡᠨ ᠪᠢᠯᠡ᠃ ᠠᠪᠤ ᠶᠢᠨ ᠶᠠᠷᠤᠳᠠᠭᠡᠨ ᠭᠡᠯᠡᠳᠡᠭ ︽ᠪᠤᠳᠤᠭᠠᠳ ᠭᠠᠷᠪᠠᠯ ᠢᠳᠡᠭᠡᠳ ᠪᠠᠷᠠᠬᠤ ᠦᠭᠡᠢ︾ ᠭᠡᠬᠦ ᠦᠭᠡᠨ ᠤ ᠤᠬᠠᠭᠠᠨ ᠢ ᠤᠳᠤ ᠶᠠᠷᠤᠨᠢ ᠦᠨᠴᠦᠭ ᠪᠤᠯᠤᠩ ᠠᠴᠠ ᠨᠢ ᠤᠶᠢᠯᠭᠠᠨ ᠤᠬᠠᠮᠵᠢᠯᠠᠬᠤ ᠰᠢᠤᠬᠠᠨ ᠰᠠᠨᠠᠭᠳᠠᠬᠤ ᠶᠤᠮ᠃
       ︽ᠠᠮᠢᠳᠤᠷᠠᠯ ᠠᠵᠢᠯᠴᠢ ᠬᠦᠮᠤᠨ ᠢ ᠢᠪᠡᠭᠡᠨ᠎ᠠ︾ ᠭᠡᠭᠴᠢ ᠶᠤᠰᠤᠳᠠᠢ ᠦᠭᠡ᠃ ᠠᠪᠤ ᠮᠢᠨᠢ ᠦᠷᠯᠦᠭᠡ ᠦᠳᠠᠰᠢ ᠲᠠᠢ ᠲᠠᠮᠠᠴᠠᠨ ᠮᠤᠳᠤ ᠲᠠᠷᠢᠵᠤ ᠤᠶᠢᠵᠢᠭᠤᠯᠬᠤ ᠭᠡᠮᠡᠨ ᠬᠦᠢᠳᠠᠨ ᠳᠤ ᠬᠦᠷᠤᠵᠤ ᠬᠠᠯᠠᠭᠤᠨ ᠳᠤ ᠬᠠᠯᠠᠨ᠂ ᠲᠠᠭᠠᠭᠠᠴᠢᠯᠠᠭᠰᠠᠨ ᠭᠠᠵᠠᠷ ᠲᠤ ᠪᠠᠨ ᠤᠳᠠ᠂ ᠤᠯᠢᠶᠠᠰᠤ᠂ ᠬᠤᠨᠳᠠᠷ᠂ ᠬᠠᠶᠢᠯᠠᠰᠤ  ᠁ ᠵᠡᠷᠭᠡ ᠤᠯᠠᠨ ᠲᠦᠷᠤᠯ  ᠤᠨ ᠮᠤᠳᠤ ᠶᠢ ᠲᠠᠷᠢᠬᠤ ᠳᠠᠭᠠᠨ ᠭᠡᠳᠤᠨ ᠭᠠᠵᠠᠷ ᠤᠨ ᠦᠵᠦᠬᠦᠷ ᠠᠴᠠ ᠰᠠᠭᠤᠯᠠᠭ᠎ᠠ ᠰᠠᠪᠠ᠂ ᠲᠤᠮᠤ ᠰᠦᠯᠢᠶᠤᠤ ᠯᠤᠩᠬᠤ ᠪᠠᠷ ᠤᠰᠤ ᠵᠦᠭᠡᠭᠡᠨ ᠤᠰᠤᠯᠠᠵᠤ᠂ ᠶᠤᠰᠤᠳᠠᠢ ᠤᠶᠢᠯᠠ ᠪᠠᠨ ᠦᠵᠡᠵᠤ ᠦᠰᠤ ᠪᠠᠨ ᠲᠡᠬᠦᠵᠤ ᠪᠠᠶᠢᠮᠠᠨ ᠤᠷᠭᠤᠭᠤᠯᠤᠨ ᠪᠤᠶᠢᠵᠢᠭᠤᠯᠵᠤ᠂ ᠠᠷᠠᠴᠢᠯᠠᠨ ᠬᠠᠮᠠᠭᠠᠯᠠᠭᠰᠠᠨ ᠤ ᠳ᠋ᠦᠩ ᠳᠤ ᠬᠦᠨᠳᠠᠢ ᠵᠢᠯᠠᠭ᠎ᠠ ᠲᠦᠬᠦᠷᠡᠩ ᠲᠡᠪᠡᠷᠢ ᠪᠦᠳᠦᠬᠦᠨ ᠮᠤᠳᠤᠳ ᠬᠦᠷᠤᠰᠤ ᠰᠢᠷᠤᠢ ᠪᠠᠨ ᠬᠠᠮᠠᠭᠠᠯᠠᠨ᠂ ᠬᠦᠮᠤᠨ ᠮᠠᠯ ᠳᠤ ᠰᠢᠮ᠎ᠠ ᠪᠠᠨ ᠬᠦᠷᠳᠡᠭᠡᠨ ᠰᠦᠭᠯᠦᠶᠢᠨ᠎ᠠ ᠃ ᠡᠪᠠᠰᠤ ᠮᠤᠳᠤ ᠦᠳᠭᠡᠷᠡᠨ ᠬᠦᠷᠤᠰᠤ ᠰᠢᠷᠤᠢ ᠲᠤᠭᠳᠠᠪᠤᠷᠢᠵᠤ ᠢᠷᠡᠬᠦ ᠪᠠᠷ ᠨᠢ ᠡᠭᠡ ᠪᠠᠶᠢᠭᠠᠯᠢ ᠴᠦ ᠵᠢᠮ᠎ᠠ ᠪᠠᠷ  ᠢᠶᠠᠨ ᠰᠡᠷᠬᠦᠨ᠂ ᠤᠯᠠᠨ ᠵᠢᠯ ᠢᠶᠠᠷ ᠦᠨᠳᠤᠰᠤ ᠲᠠᠰᠤᠷᠠᠭᠰᠠᠨ ᠡᠪᠠᠰᠤ ᠤᠷᠭᠤᠮᠠᠯ ᠠᠮᠢᠯᠠᠨ ᠴᠢᠨᠠᠭᠰᠢᠯᠠᠭᠠᠳ ᠠᠮᠢᠳᠠᠨ ᠠᠷᠢᠶᠠᠳᠠᠨ ᠵᠢᠬᠦᠷᠳᠠᠨ ᠰᠢᠪᠠᠭᠤᠳ ᠬᠦᠷᠳᠠᠯ᠎ᠠ ᠦᠷᠠᠵᠢᠵᠤ ᠲᠦᠯᠵᠢᠨ ᠴᠤᠭᠯᠠᠷᠠᠵᠤ᠂ ᠠᠮᠢ ᠠᠬᠤᠢ ᠶᠢᠨ ᠲᠤᠤᠷᠵᠢᠯ  ᠤᠨ ᠭᠡᠯᠬᠢᠶ᠎ᠠ ᠪᠦᠷᠢᠨᠰᠢᠭᠡᠳ ᠢᠷᠡᠳᠡᠭ ᠶᠤᠮ ᠪᠠᠶᠢᠨ᠎ᠠ᠃        ᠰᠢᠨ᠎ᠠ ᠵᠠᠭᠤᠨ ᠤ ᠪᠤᠱᠤᠭ᠎ᠠ ᠶᠢ ᠠᠯᠬᠤᠭᠰᠠᠨ ᠢᠶᠠᠷ ᠬᠦᠮᠤᠰ ᠤᠨ ᠠᠮᠢᠳᠤᠷᠠᠯ᠂ ᠦᠵᠡᠯ ᠤᠬᠠᠮᠰᠠᠷ ᠲᠤ ᠲᠤᠩ ᠶᠡᠭᠡ ᠬᠤᠪᠢᠷᠠᠯᠳᠠ ᠭᠠᠷᠴᠤ᠂ ᠰᠢᠨ᠎ᠠ ᠶᠢ ᠡᠷᠢᠯᠬᠢᠭᠯᠡᠨ᠂ ᠰᠢᠨ᠎ᠠ ᠶᠢ ᠪᠦᠳᠦᠭᠡᠬᠦ᠂ ᠰᠢᠨᠵᠢᠯᠡᠬᠦ ᠤᠬᠭᠠᠨᠴᠢ ᠪᠠᠷ ᠠᠮᠢᠳᠤᠷᠠᠬᠤ ᠭᠡᠰᠡᠨ ᠬᠦᠰᠡᠯ ᠬᠦᠭᠡᠭᠡᠴᠡᠯᠳᠤᠯ ᠢᠶᠠᠨ ᠪᠡᠶᠡᠯᠡᠬᠦᠯᠬᠦ ᠪᠠᠷ ᠡᠯ᠎ᠠ ᠠᠵᠢᠯ ᠤᠨ ᠹᠷᠤᠨᠲ ᠲᠡᠭᠡᠷ᠎ᠠ ᠪᠠᠨ ᠭᠠᠷᠮᠠᠭᠠᠶᠢᠯᠠᠵᠤ ᠡᠬᠢᠯᠡᠵᠡᠢ᠃  ᠡᠬᠦᠨ ᠳᠤ ᠬᠦᠳᠡᠭᠡ ᠨᠤᠳᠤᠭ ᠤᠨ ᠨᠢᠭᠡ ᠪᠦᠯᠦᠭ ᠬᠦᠮᠤᠰ ᠠᠵᠢᠯ ᠤᠶᠢᠯᠠᠰ ᠪᠤᠰᠬᠠᠬᠤ ᠪᠤᠶᠤ ᠦᠷ᠎ᠠ ᠭᠡᠤᠭᠡᠳ ᠢᠶᠠᠨ ᠪᠢᠴᠢᠭ ᠦᠵᠡᠬᠦᠯᠬᠦ ᠭᠡᠬᠦ ᠮᠡᠳᠤ ᠶᠢᠨ ᠤᠯᠠᠨ ᠵᠤᠶᠢᠯ ᠤᠨ ᠰᠢᠯᠳᠠᠭᠠᠨ   ᠢᠶᠠᠷ ᠬᠤᠳᠠ ᠤᠷᠤᠭᠤ ᠨᠡᠬᠦᠵᠡᠭᠡᠭᠰᠡᠨ ᠶᠤᠮ᠃ ᠢᠯᠠᠩᠭᠤᠶ᠎ᠠ ᠰᠡᠬᠦᠯ ᠤᠨ ᠦᠶ᠎ᠠ ᠶᠢᠨ ᠬᠤᠳᠠᠵᠢᠯᠠᠯᠳᠠ ᠶᠢᠨ ᠲᠦᠷᠤ ᠶᠢᠨ ᠪᠤᠳᠤᠯᠭ᠎ᠠ ᠪᠠᠷ ᠨᠠᠩ ᠤᠯᠠᠨ ᠬᠦᠮᠤᠰ ᠬᠦᠳᠡᠭᠡ ᠨᠤᠳᠤᠭ ᠢᠶᠠᠨ ᠤᠷᠬᠢᠨ ᠬᠤᠳᠠ ᠶᠢᠨ ᠬᠦᠮᠤᠰ ᠪᠤᠯᠪᠠ᠃  ᠭᠡᠳᠡᠯ᠎ᠠ ᠡᠨᠡᠬᠦ ᠨᠠᠶᠢᠭᠡᠮ ᠴᠠᠭ ᠦᠶ᠎ᠠ ᠶᠢᠨ ᠤᠷᠤᠰᠬᠠᠯ ᠳᠤ ᠮᠠᠨ ᠤ ᠠᠬ᠎ᠠ ᠡᠭᠡᠴᠢ ᠨᠠᠷ ᠤᠨ ᠠᠯᠢ ᠨᠢ ᠴᠦ ᠭᠡᠳ ᠮᠠᠯ ᠢᠶᠠᠨ ᠬᠠᠷᠢᠭᠤᠯᠤᠨ ᠨᠤᠳᠤᠭ ᠢᠶᠠᠨ ᠰᠠᠬᠢᠭᠰᠠᠭᠠᠷ ᠬᠤᠴᠤᠷᠴᠠᠢ᠃        ︽ᠡᠵᠡᠨ ᠲᠠᠢ ᠭᠠᠵᠠᠷ ᠢ ᠨᠤᠳᠤᠭ ᠭᠡᠳᠡᠭ᠂ ᠨᠤᠳᠤᠭ ᠲᠠᠢ ᠬᠦᠮᠤᠨ ᠢ ᠡᠵᠡᠨ ᠭᠡᠳᠡᠭ︾ ᠢᠶᠠᠷ ᠨᠠᠰᠤ ᠪᠠᠷ  ᠢᠶᠠᠨ ᠨᠤᠳᠤᠭ ᠢᠶᠠᠨ ᠰᠠᠬᠢᠭᠰᠠᠨ ᠠᠪᠤ ᠮᠢᠨᠢ ᠡᠵᠡᠨ ᠬᠦᠮᠤᠨ ᠤ ᠡᠬᠦᠷᠭᠡ ᠬᠠᠷᠢᠭᠤᠴᠠᠯᠭ᠎ᠠ ᠶᠢᠨ ᠬᠦᠨᠳᠤ ᠴᠢᠬᠤᠯᠠ ᠪᠠᠶᠢᠷᠢ ᠰᠠᠭᠤᠷᠢ ᠶᠢ ᠨᠠᠩ ᠬᠦᠨᠵᠡᠭᠡᠢ ᠲᠠᠨᠢᠵᠤ᠂ ᠨᠤᠳᠤᠭ ᠤᠰᠤ ᠪᠠᠨ ᠬᠠᠮᠠᠭᠠᠯᠠᠵᠤ ᠨᠤᠭᠤᠭᠠᠷᠠᠭᠤᠯᠬᠤ ᠠᠵᠢᠯ ᠢᠶᠠᠨ ᠨᠢᠭᠡ ᠡᠳᠤᠷ ᠴᠦ ᠤᠷᠬᠢᠯ ᠦᠭᠡᠢ ᠪᠠᠷᠢᠮᠳᠠᠯᠠᠵᠤ ᠢᠷᠡᠭᠰᠡᠨ ᠶᠤᠮ᠃ 2000 ᠤᠨ ᠠᠴᠠ ᠨᠠᠰᠢ᠂ ᠠᠪᠤ ᠮᠢᠨᠢ ᠬᠤᠷᠢᠨ ᠵᠢᠯ ᠠᠮᠢ ᠠᠬᠤᠢ ᠶᠢ ᠬᠠᠮᠠᠭᠠᠯᠠᠵᠤ ᠬᠦᠭᠵᠢᠬᠦᠯᠦᠭᠰᠡᠨ ᠤᠶᠢᠯᠡᠳᠦᠯᠭᠡ ᠠᠴᠠ ᠪᠠᠨ ᠨᠠᠩ ᠶᠡᠭᠡ  ᠲᠤᠷᠰᠢᠯᠭ᠎ᠠ ᠬᠤᠷᠠᠮᠳᠤᠭᠤᠯᠬᠤ ᠶᠢᠨ ᠬᠠᠮᠳᠤ ᠬᠤᠪᠢ ᠶᠢᠨ ᠭᠡᠰᠡᠨ ᠭᠠᠵᠠᠷ ᠢᠶᠠᠨ ᠪᠦᠬᠦᠨ ᠢ ᠬᠠᠮᠠᠭᠠᠯᠠᠨ ᠲᠤᠤᠷᠯᠠᠵᠤ᠂ ᠮᠠᠯ ᠤᠨ ᠲᠤᠭ᠎ᠠ ᠲᠤᠯᠤᠭᠠᠢ ᠶᠢ ᠤᠯᠠᠮ ᠢᠶᠠᠷ ᠴᠦᠭᠡᠳᠭᠡᠨ ᠦᠨᠳᠤᠰᠤᠨ ᠳᠡᠭᠡᠨ100 ᠦᠭᠡᠷ ᠢᠶᠠᠷ ᠬᠢᠵᠠᠭᠠᠷᠯᠠᠨ ᠪᠦᠬᠦᠨ ᠢ ᠰᠢᠮᠧᠨ᠋ᠲᠷ ᠡᠬᠦᠯᠳᠠᠷ ᠤᠨ ᠰᠢᠷ᠎ᠠ ᠲᠠᠯᠠᠨ ᠦᠭᠡᠷ ᠢᠶᠠᠷ ᠦᠭᠡᠷᠡᠴᠢᠯᠡᠭᠰᠡᠨ ᠪᠠ ᠡᠪᠠᠰᠤ ᠪᠠᠯᠴᠢᠭᠡᠷ ᠰᠠᠶᠢᠨ᠂ ᠮᠠᠯ ᠰᠦᠷᠦᠭ ᠤᠨ ᠲᠠᠷᠭᠤ ᠬᠦᠴᠤ ᠰᠠᠶᠢᠳᠠᠢ ᠪᠤᠯᠬᠤᠷ ᠡᠷ᠎ᠠ ᠲᠤᠭᠤᠯ ᠢ ᠲᠤᠬᠠᠢ ᠶᠢᠨ ᠵᠢᠯ ᠳᠤᠨᠢ ᠵᠠᠬ᠎ᠠ ᠳᠤ ᠭᠠᠷᠭᠠᠳᠠᠭ  ᠠᠴᠠ ᠡᠷᠬᠢᠯᠳᠠ ᠲᠦᠷᠭᠡᠨ ᠤᠷᠤᠯᠭ᠎ᠠ ᠴᠦ ᠦᠨᠳᠤᠷ ᠪᠠᠶᠢᠵᠤ᠂ ᠡᠴᠢᠨᠡᠭᠡᠨ ᠵᠢᠯ ᠶᠠᠷᠤᠨᠢ ᠠᠶᠢᠯ ᠠᠶᠢᠮᠠᠭ ᠤᠨ ᠢᠶᠠᠨ ᠲᠤᠮᠳᠠ ᠦᠩᠭᠡ ᠲᠠᠢ ᠦᠭᠡᠳᠠ ᠲᠠᠢ ᠤᠨᠳᠤᠷᠴᠤ ᠢᠷᠡᠭᠰᠡᠨ ᠪᠢᠯᠡ᠃        ᠬᠠᠨ ᠠᠭᠤᠯᠠ ᠶᠢ ᠴᠠᠰᠤ ᠲᠠᠷᠤᠵᠤ ᠬᠠᠶᠢᠷᠠᠨ ᠪᠠᠶ᠎ᠠ ᠶᠢ ᠨᠠᠰᠤ ᠲᠠᠷᠤᠳᠠᠭ ᠤᠨ ᠵᠢᠮ᠎ᠠ ᠪᠠᠷ ᠠᠪᠤ ᠮᠢᠨᠢ ᠤᠶᠢᠷ᠎ᠠ ᠶᠢᠨ ᠠᠷᠪᠠᠨ ᠵᠢᠯ ᠳᠤ ᠨᠠᠰᠤ ᠠᠭᠰᠢᠷᠠᠭᠰᠠᠨ ᠤ ᠲᠡᠭᠡᠷ᠎ᠠ ᠦᠶ᠎ᠠ ᠭᠡᠰᠢᠬᠦᠤ ᠶᠢᠨ ᠬᠤᠶᠠᠩ ᠰᠢᠷ᠎ᠠ ᠤᠰᠤᠨ ᠤ ᠠᠷᠬᠠᠭ ᠲᠠᠢ ᠠᠴᠠ ᠪᠤᠯᠵᠤ ᠠᠮᠢ ᠠᠬᠤᠢ ᠶᠢ ᠬᠠᠮᠠᠭᠠᠯᠠᠬᠤ ᠪᠠᠷ ᠪᠠᠶᠠᠳᠠᠨ ᠤᠷᠤᠯᠴᠠᠬᠤ ᠨᠢ ᠴᠦᠭᠡᠷᠡᠭᠰᠡᠨ ᠴᠦ ᠠᠪᠤ  ᠶᠢᠨ ᠭᠠᠷ ᠤᠨ ᠲᠤᠬᠢ ᠶᠢ ᠤᠯᠤᠭᠰᠠᠨ ᠠᠬ᠎ᠠ ᠪᠠᠷᠭᠡᠨ ᠮᠠᠨᠢ ᠦᠷᠬᠦᠯᠵᠢᠯᠡᠨ ᠠᠮᠢ ᠠᠬᠤᠢ ᠪᠠᠨ ᠬᠠᠮᠠᠭᠠᠯᠠᠨ  ᠡᠷᠦᠭᠡ ᠭᠡᠷ ᠢᠶᠠᠨ ᠦᠭᠡᠳᠠ ᠲᠠᠳᠠᠵᠤ ᠶᠠᠪᠤᠭ᠎ᠠ ᠶᠤᠮ᠃        ︽ᠨᠠᠶᠠᠨ ᠨᠠᠰᠤ ᠶᠢ ᠲᠠᠪᠠᠭᠰᠠᠨ ᠪᠤᠯᠪᠠᠴᠤ ᠬᠠᠳᠠ ᠠᠭᠤᠯᠠ ᠰᠢᠭ᠋ ᠬᠠᠨᠠᠶᠢᠬᠰᠠᠨ ᠲᠤᠮᠤ ᠪᠠᠶ᠎ᠠ᠂ ᠡᠪᠴᠢᠬᠦᠤ ᠲᠦᠬᠦᠷᠡᠩ ᠪᠢᠳᠡᠬᠦᠤ ᠴᠠᠭᠠᠨ ᠰᠠᠬᠠᠯ ᠭᠡᠶᠢᠰᠭᠡᠵᠤ᠂ ᠪᠠᠶ᠎ᠠ ᠲᠡᠩᠭᠡᠭᠡ ᠰᠠᠶᠢᠨ᠂ ᠪᠢᠯᠢᠭ ᠤᠬᠠᠭᠠᠨ ᠰᠠᠷᠠᠭᠤᠯ ᠤᠳᠬᠤᠨᠪᠠᠶᠠᠷ ᠨᠠᠰᠤᠳᠠᠨ ᠲᠠᠢ ᠵᠤᠭᠤᠭᠳᠠᠵᠤ ᠰᠠᠭᠤᠬᠤ ᠳᠤ ᠦᠨᠡᠭᠡᠷ ᠰᠤᠳᠤᠷ ᠲᠡᠤᠭᠡᠨ ᠤ ᠵᠤᠵᠠᠭᠠᠨ ᠬᠠᠭᠤᠳᠠᠰᠤ ᠨᠢᠳᠤᠨ ᠡᠮᠤᠨ᠎ᠠ ᠲᠡᠯᠭᠡᠭᠳᠡᠬᠦ ᠮᠡᠳᠤ ᠠᠵᠢ︾ ᠭᠡᠵᠤ ᠨᠤᠳᠤᠭ ᠤᠨ ᠨᠢᠭᠡᠨ ᠮᠠᠯᠴᠢᠨ ᠵᠤᠬᠢᠶᠠᠯᠴᠢ ᠭᠤᠸᠠᠢ ᠠᠪᠤ ᠶᠢᠨ ᠮᠢᠨᠢ ᠲᠤᠬᠠᠢ ᠲᠦᠬᠦᠮ ᠰᠤᠷᠪᠤᠯᠵᠢᠯᠠᠭ᠎ᠠ ᠳᠤ ᠪᠠᠨ ᠢᠩᠬᠢᠵᠤ ᠤᠨᠤᠪᠴᠢᠳᠠᠢ ᠰᠠᠶᠢᠬᠠᠨ ᠢᠯᠡᠳᠭᠡᠭᠰᠡᠨ ᠨᠢ ᠰᠡᠳᠬᠢᠯ  ᠳᠤ ᠶᠡᠭᠡ ᠰᠠᠭᠤᠭᠳᠠᠭᠰᠠᠨ ᠪᠠᠶᠢᠯ᠎ᠠ᠃ ᠮᠠᠯᠴᠢᠨ ᠬᠦᠮᠤᠨ ᠢ ᠮᠢᠩᠭᠠᠨ ᠮᠡᠷᠭᠡᠵᠢᠯ ᠤᠨ ᠡᠵᠡᠨ ᠭᠡᠵᠤ ᠦᠨᠠᠯᠡᠳᠡᠭ ᠰᠢᠭ  ᠢᠶᠠᠷ ᠠᠪᠤ ᠳᠤ ᠮᠢᠨᠢ ᠮᠢᠩᠭᠠᠨ ᠮᠠᠷᠭᠡᠵᠢᠯ ᠪᠠᠶᠢᠬᠤ ᠦᠭᠡᠢ ᠴᠦ ᠦᠷ᠎ᠠ ᠠᠴᠢᠨᠠᠷ ᠪᠢᠳᠠᠨ ᠳᠤ ᠪᠠᠨ ᠦᠨᠡᠭᠡᠷ ᠰᠤᠷᠤᠭᠠᠳ ᠪᠠᠷᠠᠬᠤ ᠦᠭᠡᠢ ᠡᠷᠳᠠᠮ ᠲᠠᠢ᠂ ᠰᠤᠳᠤᠯᠤᠭᠠᠳ ᠪᠠᠷᠠᠬᠤ ᠦᠭᠡᠢ ᠤᠬᠠᠭᠠᠨ ᠲᠠᠢ᠂ ᠰᠤᠨᠤᠰᠤᠭᠠᠳ ᠪᠠᠷᠠᠬᠤ ᠦᠭᠡᠢ ᠦᠯᠢᠭᠡᠷ ᠲᠠᠢ ᠪᠤᠭᠤᠷᠤᠯ ᠪᠤᠷᠬᠠᠨ ᠪᠠᠶᠢᠭ᠎ᠠ ᠶᠤᠮ᠃
       ᠠᠪᠤ ᠡᠵᠢ ᠬᠤᠶᠠᠷ ᠮᠢᠨᠢ ᠤᠳᠤ ᠴᠤᠬᠤᠮ ᠬᠦ ᠡᠬᠦᠯᠠᠨ ᠰᠠᠬᠦᠳᠠᠷ ᠲᠠᠭᠠᠷᠢᠬᠤ ᠳᠤ ᠲᠠᠭᠠᠷᠠᠳᠠᠭ ᠪᠤᠯᠵᠤ᠂ ᠦᠳᠠ ᠶᠢᠨ ᠴᠠᠢ ᠬᠤᠯᠠᠳᠠᠬᠤ ᠶᠢ ᠲᠠᠭᠠᠭᠠᠬᠤ ᠦᠭᠡᠢ ᠪᠤᠯᠤᠯ᠎ᠠ᠃ ᠬᠦᠮᠤᠨ ᠦᠳᠡᠯᠪᠠᠯ ᠭᠡᠤᠭᠡᠳ ᠰᠢᠭ ᠪᠤᠯᠤᠨ᠎ᠠ ᠭᠡᠳᠡᠭ ᠦᠨᠠᠨ᠃ ᠬᠤᠶᠠᠷ ᠪᠤᠭᠤᠷᠤᠯ  ᠮᠨᠠᠢ ᠵᠢᠵᠢᠭ ᠶᠠᠪᠤᠳᠠᠯ ᠳᠤ ᠠᠮᠠᠷᠬᠠᠨ ᠪᠠᠶᠠᠰᠴᠤ ᠵᠢᠭᠠᠬᠠᠨ ᠤᠴᠢᠷ ᠲᠤ ᠲᠦᠷᠭᠡᠨ ᠭᠤᠮᠤᠳᠠᠳᠠᠭ ᠪᠤᠯᠤᠭᠰᠠᠨ ᠴᠦ᠂ ᠵᠢᠷᠠᠨ ᠵᠢᠯ ᠤᠨ ᠰᠠᠯᠬᠢ ᠪᠤᠷᠤᠭᠠᠨ ᠢ ᠬᠠᠮᠳᠤ ᠳᠤ ᠪᠠᠨ ᠲᠤᠭᠤᠯᠤᠨ‌ᠦᠷ᠎ᠠ  ᠢᠶᠠᠷ ᠪᠠᠶᠠᠨ᠂ ᠡᠷᠡᠬᠦᠯ ᠲᠡᠩᠭᠡᠯᠡᠬᠦᠨ ᠢᠶᠠᠷ ᠦᠳᠡᠯᠦᠭᠡ ᠨᠠᠰᠤ ᠪᠠᠨ ᠦᠨᠢᠷ ᠵᠢᠷᠭᠠᠯ ᠲᠠᠢ ᠦᠩᠭᠡᠷᠡᠬᠦᠯᠵᠤ ᠶᠠᠪᠤᠭ᠎ᠠ  ᠪᠠᠨ ︽ᠨᠠᠮ ᠤᠨ ᠰᠠᠶᠢᠨ ᠨᠠᠶᠢᠭᠡᠮ ᠤᠨ ᠰᠠᠶᠢᠨ︾ ᠭᠡᠵᠤ ᠴᠢᠩ ᠰᠡᠳᠬᠢᠯ ᠠᠴᠠ ᠲᠠᠯᠠᠷᠬᠠᠨ ᠶᠠᠷᠢᠳᠠᠭ ᠢᠶᠠᠨ ᠮᠠᠷᠳᠠᠳᠠᠭ ᠦᠭᠡᠢ᠃ ︽ᠠᠮᠢᠳᠤᠷᠠᠯ ᠳᠤ ᠪᠠᠯᠠᠨ ᠶᠠᠭᠤᠮ᠎ᠠ ᠪᠠᠶᠢᠬᠤ ᠦᠭᠡᠢ᠂ ᠴᠦᠮ ᠢ ᠬᠦᠴᠦᠯᠠᠵᠤ ᠲᠠᠮᠠᠴᠡᠵᠤ ᠪᠠᠶᠢᠵᠤ ᠤᠯᠬᠤ ᠶᠤᠰᠤᠳᠠᠢ᠃ ᠴᠤᠬᠤᠮ ᠡᠬᠦᠨ ᠳᠤ ᠠᠮᠢᠳᠤ ᠶᠠᠪᠤᠬᠤ ᠶᠢᠨ ᠰᠠᠶᠢᠬᠠᠨ᠂ ᠠᠮᠢᠳᠤᠷᠠᠯ ᠤᠨ ᠰᠠᠶᠢᠬᠠᠨ ᠤᠷᠤᠰᠢᠳᠠᠭ︾ ᠭᠡᠳᠡᠭ ᠢ ᠦᠳᠡᠯᠦᠭᠡ ᠬᠤᠶᠠᠷ ᠨᠠᠰᠤᠳᠠᠨ ᠮᠠᠨᠢ ᠦᠩᠭᠡᠷᠡᠯᠳᠠ ᠪᠠᠷ ᠢᠶᠠᠨ ᠪᠢᠳᠠᠨ ᠳᠤ ᠲᠡᠤᠭᠡ ᠬᠦᠤᠷᠨᠢᠨ᠂ ᠤᠷᠤᠭᠰᠢᠯᠠᠨ ᠲᠠᠪᠰᠢᠬᠤ ᠠᠮᠢᠳᠤᠷᠠᠯ ᠳᠤ ᠮᠢᠨᠢ ᠡᠷᠴᠢᠮ ᠬᠦᠴᠤ  ᠤᠯᠭᠤᠭᠰᠠᠭᠠᠷ ᠢᠷᠡᠭᠰᠡᠨ ᠶᠤᠮ᠃               ᠵᠣᠬᠢᠶᠠᠭᠴᠢ᠄ ᠨᠠᠷᠠᠨᠳᠤᠶᠠᠭ᠎ᠠ               ᠬᠠᠶ᠋ᠢᠭ᠄ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠰᠤᠨᠢᠨ ᠤ ᠬᠤᠷᠢᠶ᠎ᠠ               ᠬᠠᠷᠢᠯᠴᠠᠬᠤ ᠤᠳᠠᠰᠤ᠄ 15047608286
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号