ᠠᠬᠠᠮᠠᠳ ᠪᠠᠭᠰᠢ ᠶᠢᠨ ᠤᠯᠠ ᠮᠦᠷ ᠠᠴᠠ ᠠᠶᠢᠯ ᠤᠨ | ᠰᠤᠷᠭᠠᠭᠤᠯᠢ ᠶᠢᠨ ᠲᠡᠦᠬᠡ ᠲᠤᠷᠠᠰᠤᠭᠳᠠᠨᠠ | — ᠯᠠᠮᠠᠵᠠᠪ ᠪᠠᠭᠰᠢ ᠶᠢᠨ ᠲᠤᠬᠠᠢ ᠲᠦᠬᠦᠮ ᠰᠤᠷᠪᠤᠯᠵᠢᠯᠠᠭ᠎ᠠ | | ᠬᠦᠯ ᠳᠤ ᠤᠷᠤᠵᠤ ᠬᠦᠮᠦᠨ ᠪᠤᠯᠤᠨ᠎ᠠ᠂ ᠬᠡᠯᠡ ᠳᠤ ᠤᠷᠤᠵᠤ ᠬᠡᠪᠰᠢᠨ ᠲᠦᠷᠢᠵᠢᠨᠡ᠃ ᠬᠦᠯ ᠳᠤ | ᠤᠷᠤᠭᠤᠯᠬᠤ ᠳᠤ ᠠᠪᠤ ᠡᠵᠢ ᠭᠤᠤᠯ ᠬᠠᠷᠢᠭᠤᠴᠠᠯᠭ᠎ᠠ ᠭᠦᠢᠴᠡᠳᠭᠡᠳᠡᠭ ᠪᠤᠯ ᠬᠡᠯᠡ ᠳᠤ ᠬᠦᠳᠦᠯᠬᠦ ᠳᠤ ᠪᠠᠭᠰᠢ ᠶᠢᠨ | ᠬᠦᠮᠦᠵᠢᠯ ᠠᠴᠠ ᠰᠠᠯᠵᠤ ᠴᠢᠳᠠᠬᠤ ᠦᠬᠡᠢ᠃ ︽ᠮᠤᠩᠭᠤᠯ ᠰᠤᠶᠤᠯ ᠤᠨ ᠮᠦᠩᠬᠡ ᠲᠤᠯᠭ᠎ᠠ ᠳᠤ ᠴᠤᠭ ᠨᠢᠬᠡ ᠶᠢ | ᠨᠡᠮᠡᠷᠢᠯᠡᠶᠦ᠂ ᠮᠤᠩᠭᠤᠯ ᠰᠤᠶᠤᠯ ᠤᠨ ᠮᠦᠩᠬᠦᠨ ᠴᠦᠬᠦᠴᠨ ᠳᠤ ᠲᠤᠰᠤ ᠨᠢᠬᠡ ᠶᠢ ᠲᠤᠰᠤᠭᠠᠶᠤ︾ ᠬᠡᠮᠡᠨ | ᠵᠢᠳᠬᠦᠭᠰᠡᠨ ᠦᠶ᠎ᠡ ᠦᠶ᠎ᠡ ᠶᠢᠨ ᠴᠡᠴᠡᠷᠯᠢᠭᠴᠢᠳ ᠤᠨ ᠢᠶᠠᠨ ᠦᠶ᠎ᠡ ᠦᠶ᠎ᠡ ᠶᠢᠨ ᠦᠷ᠎ᠡ ᠬᠤᠶᠢᠴᠢᠰ ᠢᠶᠠᠨ ᠰᠤᠶᠤᠨ | ᠬᠡᠬᠡᠷᠡᠯ ᠳᠤ ᠬᠦᠳᠦᠯᠦᠨ ᠦᠳᠦ ᠰᠤᠳᠤ ᠶᠢ ᠨᠢ ᠪᠦᠷᠢᠳᠦᠬᠦᠯᠵᠦ ᠦᠨᠳᠦᠷ ᠲᠤ ᠲᠡᠬᠦᠯᠢᠬᠦᠯᠦᠭᠰᠡᠨ ᠠᠴᠢ ᠭᠠᠪᠢᠶ᠎ᠠ | ᠶᠢ ᠡᠷᠬᠢᠨ ᠰᠠᠨᠠᠵᠤ ᠦᠨᠡᠯᠡᠨ ᠲᠡᠮᠳᠡᠭᠯᠡᠭᠦᠰᠢᠳᠡᠢ᠃ | ᠰᠤᠷᠪᠤᠯᠵᠢᠯᠠᠬᠴᠢ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ ᠤᠶᠢᠯᠠᠭᠠᠬᠤ ᠪᠠᠷ ᠬᠦᠳᠡᠭᠡ | ᠪᠠᠭᠤᠨ ᠰᠤᠷᠪᠤᠯᠵᠢᠯᠠᠬᠤ ᠲᠤᠮᠳᠠ ᠤᠤᠯ ᠤᠨ ᠪᠠᠶᠠᠨᠪᠤᠯᠠᠭ ᠰᠤᠮᠤ ᠶᠢᠨ ᠠᠯᠳ᠋ᠬᠠᠦ᠋ᠨᠳᠦᠷ ᠭᠠᠴᠠᠭ᠎ᠠ ᠳᠤ ᠬᠦᠷᠦᠭᠰᠡᠨ | ᠶᠤᠮ᠃ | ᠴᠢᠨᠡᠭᠡᠯᠢᠭ ᠠᠮᠢᠳᠤᠷᠠᠯ ᠲᠠᠢ ᠮᠠᠯᠴᠢᠨ ᠤ ᠭᠡᠷ ᠲᠤ ᠪᠠᠶᠢᠬᠰᠠᠨ ︽ᠰᠤᠳᠤᠨ ᠲᠠᠭᠠᠭᠤᠯᠤᠬᠴᠢ︾ ᠬᠡᠬᠦ | ᠬᠤᠰᠢᠭᠤᠨ ᠰᠤᠨᠢᠨ ᠤ ᠬᠤᠷᠢᠶ᠎ᠠ ᠠᠴᠠ ᠬᠡᠪᠯᠡᠬᠦᠯᠦᠭᠰᠡᠨ ᠨᠤᠮ ᠨᠢᠳᠤᠨ ᠳᠤ ᠦᠷᠳᠦᠬᠦ ᠪᠠᠷ ᠭᠠᠷ ᠤᠨ ᠠᠶ᠎ᠠ ᠪᠠᠷ | ᠠᠪᠴᠦ ᠬᠦᠷᠪᠡᠬᠦᠯᠬᠦ ᠳᠤ ︽ᠯᠠᠮᠠᠵᠠᠪ ᠁ 1982 ᠤᠨ ᠠᠴᠠ 1999 ᠤᠨ ᠪᠤᠯᠳᠠᠯ᠎ᠠ ᠪᠠᠶᠠᠨᠪᠤᠯᠠᠭ ᠰᠤᠮᠤ | ᠶᠢᠨ ᠠᠯᠳ᠋ᠬᠠᠦ᠋ᠨᠳᠦᠷ ᠭᠠᠴᠠᠭᠠᠨ ᠤ ᠤᠳᠤᠷᠢᠳᠬᠤ ᠪᠠᠭ ᠲᠤ ᠤᠶᠠᠯᠳᠤᠵᠤ᠂ ᠨᠠᠮ ᠤᠨ ᠡᠬᠦᠷ ᠤᠨ ᠤᠬᠠᠭᠤᠯᠬᠤ | ᠬᠡᠰᠢᠬᠦᠨ᠂ ᠭᠠᠴᠠᠭᠠᠨ ᠤ ᠨᠠᠮ ᠤᠨ ᠰᠤᠷᠭᠠᠭᠤᠯᠢ ᠶᠢᠨ ᠪᠠᠭᠰᠢ ᠶᠢᠨ ᠲᠤᠰᠢᠶᠠᠯ ᠢ ᠡᠭᠦᠷᠭᠡᠯᠡᠵᠡᠢ᠃ ᠲᠤᠰᠢᠶᠠᠯ ᠳᠤ | ᠪᠠᠶᠢᠬᠤ ᠳᠠᠭᠠᠨ ᠨᠢᠬᠡ ᠳᠤ᠂ 1986 ᠤᠨ ᠳᠤ ᠰᠤᠷᠭᠠᠨ ᠬᠦᠮᠦᠵᠢᠯ ᠤᠨ ᠠᠵᠢᠯ ᠢ ᠲᠡᠷᠢᠬᠦᠨ ᠪᠠᠶᠢᠷᠢᠨ ᠳᠤ | ᠲᠠᠯᠪᠢᠵᠤ᠂ ᠭᠠᠴᠠᠭᠠᠨ ᠰᠤᠷᠭᠠᠭᠤᠯᠢ ᠪᠠᠨ ᠬᠤᠳᠠ ᠶᠢᠨ ᠲᠡᠰ ᠤᠨ ᠴᠡᠴᠡᠷᠯᠢᠭᠵᠢᠭᠰᠡᠨ ᠰᠤᠷᠭᠠᠭᠤᠯᠢ ᠶᠢᠨ ᠪᠠᠷᠢᠮᠵᠢᠶ᠎ᠠ | ᠳᠤ ᠬᠦᠷᠭᠡᠪᠡ᠃ ᠬᠤᠶᠠᠷ ᠲᠤ᠂ ᠮᠠᠯᠴᠢᠳ ᠤᠨ ᠦᠷ᠎ᠡ ᠬᠡᠦᠬᠡᠳ ᠤᠨ ᠰᠤᠶᠤᠯ ᠰᠤᠷᠭᠠᠨ ᠬᠦᠮᠦᠵᠢᠯ ᠬᠦᠷᠳᠡᠬᠦ ᠶᠢ | ᠴᠢᠬᠤᠯᠠᠴᠢᠯᠠᠨ ᠦᠵᠡᠵᠦ᠂ ᠰᠤᠷᠬᠤ ᠨᠠᠰᠤᠨ ᠤ ᠬᠡᠦᠬᠡᠳ ᠤᠨ 100% ᠪᠠᠷ ᠰᠤᠷᠭᠠᠭᠤᠯᠢ ᠳᠤ ᠤᠷᠤᠬᠤ ᠶᠢ | ᠪᠠᠳᠤᠯᠠᠪᠠ᠃ ᠭᠤᠷᠪᠠ ᠳᠤ᠂ ᠭᠠᠴᠠᠭᠠᠨ ᠤ ᠨᠠᠮ ᠤᠨ ᠰᠤᠷᠭᠠᠭᠤᠯᠢ ᠶᠢᠨ ᠠᠵᠢᠯ ᠢ ᠪᠡᠶᠡᠳᠡᠨ ᠠᠳᠬᠤᠵᠤ᠂ ᠮᠠᠯᠵᠢᠬᠤ | ᠤᠷᠤᠨ ᠳᠤ ︿ᠤᠳᠤᠷ ᠤᠨ ᠨᠠᠮ ᠤᠨ ᠰᠤᠷᠭᠠᠭᠤᠯᠢ﹀ ᠡᠷᠬᠢᠯᠡᠬᠦ ᠰᠢᠨ᠎ᠡ ᠡᠬᠦᠳᠦᠯᠳᠡ ᠶᠢ ᠨᠡᠬᠡᠬᠡᠵᠡᠢ᠃ ᠲᠡᠬᠦᠨ ᠤ | ᠲᠠᠭᠠᠭᠤᠯᠭ᠎ᠠ ᠪᠠᠷ ᠲᠤᠰ ᠭᠠᠴᠠᠭ᠎ᠠ ᠨᠢ ᠬᠤᠳᠠ ᠶᠢᠨ ︿ᠰᠤᠷᠭᠠᠨ ᠬᠦᠮᠦᠵᠢᠯ ᠢ ᠠᠳᠬᠤᠨ ᠰᠤᠷᠭᠠᠭᠤᠯᠢ ᠪᠠᠨ | ᠴᠡᠴᠡᠷᠯᠢᠭᠵᠢᠬᠦᠯᠦᠭᠰᠡᠨ ᠵᠢᠱᠢᠶᠡᠴᠢ ᠭᠠᠴᠠᠭ᠎ᠠ﹀᠂ ᠬᠤᠰᠢᠭᠤ ᠰᠤᠮᠤᠨ ᠤ ︿ᠠᠵᠢᠯᠴᠢ ᠠᠷᠪᠢᠴᠢ ᠪᠠᠷ ᠰᠤᠷᠭᠠᠭᠤᠯᠢ | ᠡᠷᠬᠢᠯᠡᠭᠰᠡᠨ ᠲᠡᠷᠢᠬᠦᠨ ᠤ ᠨᠢᠬᠡᠴᠡ﹀ ᠶᠢᠨ ᠢᠷᠠᠭᠤ ᠠᠯᠳᠠᠷ ᠢ ᠬᠦᠷᠳᠡᠵᠦ᠂ ᠲᠡᠷᠡ ᠦᠪᠡᠷᠳᠡᠭᠡᠨ ᠤᠯᠤᠰ ᠤᠨ ᠲᠡᠰ | ᠤᠨ ︿ᠰᠢᠯᠢᠳᠡᠭ ᠪᠠᠭᠰᠢ﹀᠂ ᠬᠤᠳᠠ ᠶᠢᠨ ︿ᠰᠤᠷᠭᠠᠨ ᠬᠦᠮᠦᠵᠢᠯ ᠤᠨ ᠲᠡᠷᠢᠬᠦᠨ ᠤ ᠠᠵᠢᠯᠳᠠᠨ﹀᠂ ᠬᠤᠰᠢᠭᠤ | ᠰᠤᠮᠤᠨ ᠤ ︿ᠭᠠᠪᠢᠶ᠎ᠠ ᠲᠡᠮᠳᠡᠭᠯᠡᠬᠦ ᠱᠠᠩᠨᠠᠯ﹀᠂ ︿ᠰᠤᠷᠭᠠᠨ ᠬᠦᠮᠦᠵᠢᠯ ᠤᠨ ᠲᠡᠷᠢᠬᠦᠨ ᠤ ᠠᠵᠢᠯᠳᠠᠨ﹀᠂ ︿ | ᠵᠢᠱᠢᠶᠡᠴᠢ ᠪᠠᠭᠰᠢ﹀ ᠶᠢᠨ ᠱᠠᠩᠨᠠᠯ ᠬᠦᠬᠢᠬᠦᠯᠦᠯ ᠢ ᠤᠯᠠᠨᠳᠠ ᠬᠦᠷᠳᠡᠵᠦ ᠦᠩᠬᠡᠷᠡᠭᠰᠡᠨ ᠪᠠᠶᠢᠨ᠎ᠠ᠃︾ ᠬᠡᠬᠦ | ᠲᠦᠬᠦᠮᠬᠡᠨ ᠲᠠᠨᠢᠯᠴᠠᠭᠤᠯᠭ᠎ᠠ ᠤᠩᠰᠢᠬᠳᠠᠯᠠ ᠁ | ᠁ ︽ᠬᠤᠳᠠ ᠶᠢᠨ ᠲᠡᠰ ᠤᠨ ᠴᠡᠴᠡᠷᠯᠢᠭᠵᠢᠭᠰᠡᠨ ᠭᠠᠴᠠᠭᠠᠨ ᠰᠤᠷᠭᠠᠭᠤᠯᠢ︾ ᠬᠡᠬᠦ ᠦᠬᠡ ᠠᠩᠬᠠᠷᠤᠯ | ᠢ ᠤᠨᠴᠠ ᠲᠠᠳᠠᠵᠤ᠂ ︽ᠠ ᠡ ᠢ ᠤ ᠤ ᠦ ᠦ︾ ᠬᠡᠬᠦ ᠠᠶ᠎ᠠ ᠳ᠋ᠠᠩ ᠲᠠᠢ ᠡᠬᠡᠰᠢᠭᠯᠢᠭ ᠢᠷᠠᠭᠤ ᠠᠶᠠᠯᠭᠤ ᠠᠯᠤᠰ | ᠠᠴᠠ ᠨᠠᠰᠢᠯᠠᠨ ᠴᠤᠤᠷᠢᠶᠠᠯᠠᠬᠤ ᠰᠢᠤᠬᠠᠨ᠂ ᠠᠩᠭᠢᠷ ᠪᠠᠭ᠎ᠠ ᠶᠢᠨ ᠠᠶᠢᠯ ᠤᠨ ᠰᠤᠷᠭᠠᠭᠤᠯᠢ ᠶᠢᠨ ᠮᠢᠨᠢ ᠬᠤᠩᠬᠤᠨ | ᠲᠠᠭᠤᠨ ᠬᠠᠩᠬᠢᠨᠠᠨ ᠬᠠᠩᠬᠢᠨᠠᠨ᠂ ᠤᠯᠠᠭ᠎ᠠ ᠪᠤᠳᠠᠷᠠᠭᠰᠠᠨ ᠴᠢᠷᠠᠢ ᠲᠠᠢ ᠠᠯᠢᠶ᠎ᠠ ᠬᠦᠬᠡᠷᠦᠬᠦᠨ ᠬᠠᠮᠳᠤ ᠨᠦᠬᠦᠳ᠂ | ᠤᠬᠠᠭᠠᠯᠢᠭ ᠬᠠᠷᠠᠴᠠ ᠦᠷᠭᠡᠨ ᠮᠡᠳᠡᠯᠭᠡ ᠲᠠᠢ ᠬᠦᠨᠳᠦᠳᠦ ᠪᠠᠭᠰᠢ ᠨᠠᠷ ᠤᠨ ᠮᠠᠨᠢ ᠲᠦᠷᠢ ᠲᠦᠷᠬᠦ ᠬᠠᠷᠠᠭᠠᠨ᠎ᠠ | ᠲᠤᠳᠤᠷᠠᠬᠤ ᠰᠢᠤᠬᠠᠨ ᠪᠤᠯᠬᠤ ᠪᠠᠷ᠂ ᠡᠷᠬᠢᠴᠡᠬᠦᠯᠦᠯ ᠠᠴᠠ ᠪᠠᠨ ᠪᠤᠴᠠᠵᠤ ᠢᠷᠡᠨ᠂ ᠠᠬᠠᠮᠠᠳ ᠪᠠᠭᠰᠢ ᠶᠢ | ᠰᠤᠷᠪᠤᠯᠵᠢᠯᠠᠬᠤ ᠰᠠᠨᠠᠭ᠎ᠠ ᠲᠠᠢ ᠶᠠᠪ ᠴᠠᠪ ᠨᠡᠶᠢᠴᠡᠭᠰᠡᠨ ᠰᠡᠳᠦᠪ ᠤᠯᠤᠬᠰᠠᠨ ᠳᠠᠭᠠᠨ ᠤᠯᠵᠠᠭᠤᠷᠬᠠᠭᠰᠠᠨ ᠪᠢ᠂ ᠡᠨᠡ | ᠠᠶᠢᠯ ᠤᠨ ᠰᠤᠷᠭᠠᠭᠤᠯᠢ ᠶᠢᠨ ᠯᠠᠮᠠᠵᠠᠪ ᠪᠠᠭᠰᠢ ᠶᠢᠨ ᠲᠤᠬᠠᠢ ᠤᠶᠢᠯᠠᠭᠠᠬᠤ ᠪᠠᠷ ᠪᠤᠯᠤᠯ᠎ᠠ᠃ | ᠠᠶᠢᠯ ᠤᠨ ᠬᠦᠮᠦᠰ ᠠᠴᠠ ᠨᠢ ᠰᠤᠷᠠᠭᠯᠠᠭᠠᠳ ᠬᠤᠰᠢᠭᠤᠨ ᠲᠦᠪ ᠴᠢᠪᠠᠭ᠎ᠠ ᠪᠠᠯᠭᠠᠰᠤ ᠳᠤ ᠪᠠᠶᠢᠭ᠎ᠠ ᠶᠢ ᠨᠢ | ᠮᠡᠳᠡᠵᠦ ᠠᠪᠤᠭᠰᠠᠨ ᠶᠤᠮ᠃ ᠁ | | | | ᠡᠪᠡᠳᠴᠢᠨ ᠤ ᠬᠠᠷᠠᠭ᠎ᠠ ᠠᠴᠠ ᠨᠠᠰᠤᠳᠠᠨ ᠤ ᠪᠡᠶ᠎ᠡ ᠮᠠᠭᠤ ᠪᠤᠯᠬᠤᠷ ᠶᠡᠭᠡ ᠤᠷᠳᠤ ᠴᠠᠭ ᠢᠶᠠᠷ ᠨᠠᠷᠢᠯᠢᠭ | ᠶᠠᠷᠢᠭᠤᠯᠬᠤ ᠠᠴᠠ ᠬᠢᠴᠢᠶᠡᠨ᠂ ᠠᠰᠠᠭᠤᠬᠤ ᠴᠢᠬᠤᠯᠠᠳᠠᠢ ᠵᠦᠢᠯᠡᠰ ᠢᠶᠠᠨ ᠲᠦᠬᠦᠮᠬᠡᠨ ᠠᠰᠠᠭᠤᠨ᠂ ᠬᠤᠷᠭᠤ ᠶᠢᠨ | ᠢᠷᠤᠭᠠᠷ ᠲᠠᠭᠠᠨ ᠬᠤᠷᠢᠶᠠᠭᠠᠰᠤᠳᠠᠢ ︽ᠰᠤᠷᠭᠠᠭᠤᠯᠢ ᠶᠢᠨ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠠᠵᠢᠯ ᠤᠨ | ᠬᠠᠷᠢᠭᠤ ᠮᠡᠳᠡᠬᠦᠯᠦᠯᠳᠡ︾᠂ ︽ᠠᠯᠳ᠋ᠬᠠᠦ᠋ᠨᠳᠦᠷ ᠪᠠᠭ᠎ᠠ ᠰᠤᠷᠭᠠᠭᠤᠯᠢ ᠶᠢᠨ ᠰᠤᠷᠬᠤ ᠨᠠᠰᠤᠨ ᠠᠴᠠ ᠡᠮᠦᠨᠡᠬᠢ | ᠬᠡᠦᠬᠡᠳ ᠤᠨ ᠵᠢᠭᠠᠨ ᠰᠤᠷᠭᠠᠯᠳᠠ ᠶᠢᠨ ᠠᠵᠢᠯ ᠤᠨ ᠲᠤᠬᠠᠢ︾᠂ ︽ᠪᠦᠬᠦ ᠤᠯᠤᠰ ᠤᠨ ᠰᠢᠯᠢᠳᠡᠭ ᠪᠠᠭᠰᠢ ᠶᠢᠨ | ᠠᠵᠢᠯᠯᠠᠭᠠᠨ ᠤ ᠬᠤᠷᠠᠯ ᠳᠤ ᠤᠷᠤᠯᠴᠠᠭᠰᠠᠨ ᠬᠠᠷᠢᠭᠤ ᠮᠡᠳᠡᠭᠦᠯᠦᠯᠳᠡ︾᠂ ︽ᠬᠤᠪᠢ ᠬᠦᠮᠦᠨ ᠤ ᠠᠵᠢᠯ ᠤᠨ | ᠳ᠋ᠦᠩᠨᠡᠯᠳᠡ︾᠂ ᠦᠯᠡᠳᠡᠭᠳᠡᠵᠦ ᠪᠠᠶᠢᠬᠰᠠᠨ ᠱᠠᠩᠨᠠᠯ ᠤᠨ ᠲᠡᠮᠳᠡᠭ᠂ ᠤᠷᠠᠯᠢᠭ ᠦᠰᠦᠭ᠂ ᠦᠪᠡᠷ ᠢᠶᠠᠨ | ᠵᠤᠬᠢᠶᠠᠬᠰᠠᠨ ᠲᠠᠭᠤᠤ ᠵᠡᠷᠭᠡ ᠪᠤᠷᠤ ᠮᠠᠲ᠋ᠧᠷᠢᠶᠠᠯ ᠢ ᠨᠢ ᠵᠢᠷᠣᠬᠯᠠᠨ ᠠᠪᠴᠤ᠂ ᠬᠡᠦᠬᠡᠳ ᠪᠠᠭ᠎ᠠ ᠶᠢᠨ ᠨᠠᠰᠤᠨ ᠠᠴᠠ | ᠪᠠᠨ ᠬᠦᠭᠯᠡᠬᠦᠯᠦᠨ ᠠᠶᠠᠯᠠᠭᠤᠯᠵᠤ ᠢᠷᠡᠭᠰᠡᠨ ᠲᠦᠷᠪᠡᠨ ᠤᠳᠠᠰᠣᠳᠤ ᠬᠤᠭᠤᠷ᠂ ᠮᠤᠷᠢᠨ ᠬᠤᠭᠤᠷ ᠢᠶᠠᠨ ᠠᠳᠬᠤᠬᠤ | ᠪᠠᠷ ᠮᠠᠩᠨᠠᠢ ᠨᠢ ᠲᠡᠨᠡᠶᠢᠭᠰᠡᠨ ᠨᠠᠰᠤᠳᠠᠨ ᠭᠤᠸᠠᠢ ᠳᠤ ᠵᠢᠷᠤᠭ ᠰᠡᠬᠦᠳᠡᠷ ᠲᠠᠳᠠᠵᠤ ᠦᠭᠬᠦᠬᠡᠳ ᠲᠤᠬᠠᠢ ᠶᠢᠨ | ᠰᠤᠷᠪᠤᠯᠵᠢᠯᠠᠭ᠎ᠠ ᠪᠠᠨ ᠦᠨᠳᠦᠷᠯᠡᠬᠦᠯᠦᠭᠰᠡᠨ ᠶᠤᠮ ᠁ | 1942 ᠤᠨ ᠳᠤ ᠤᠤᠯ ᠤᠨ ᠪᠠᠶᠠᠨᠪᠤᠯᠠᠭ ᠨᠢᠬᠡᠳᠦᠯ ᠤᠨ ᠠᠯᠳ᠋ᠬᠠᠦ᠋ᠨᠳᠦᠷ ᠭᠠᠴᠠᠭ᠎ᠠ ᠳᠤ ᠷᠠᠰᠢᠰᠠᠪᠬᠠ᠂ | ᠭᠠᠵᠢᠳᠮᠠ ᠶᠢᠨ ᠶᠡᠭᠡ ᠬᠡᠦᠬᠡᠳ᠂ ᠭᠠᠭᠴᠠ ᠬᠦᠦ ᠨᠢ ᠪᠤᠯᠵᠤ ᠵᠠᠶᠠᠭᠠᠬᠰᠠᠨ ᠯᠠᠮᠠᠵᠠᠪ᠂ 1947 ᠤᠨ ᠠᠴᠠ | ᠰᠤᠶᠤᠯ ᠰᠤᠷᠭᠠᠨ ᠬᠦᠮᠦᠵᠢᠯ ᠬᠦᠷᠳᠡᠵᠦ᠂ 1960 ᠤᠨ ᠳᠤ ᠮᠠᠯᠵᠢᠬᠤ ᠮᠡᠷᠭᠡᠵᠢᠯ ᠤᠨ ᠲᠤᠮᠳᠠᠳᠤ ᠰᠤᠷᠭᠠᠭᠤᠯᠢ | ᠲᠡᠭᠦᠰᠦᠨ ᠲᠤᠰ ᠵᠢᠯ ᠳᠡᠭᠡᠨ ᠠᠯᠪᠠᠨ ᠠᠵᠢᠯ ᠤᠨ ᠭᠠᠷᠤᠭ᠎ᠠ ᠠᠪᠴᠤ ᠪᠠᠭ᠎ᠠ ᠰᠤᠷᠭᠠᠭᠤᠯᠢ᠂ ᠲᠤᠮᠳᠠᠳᠤ ᠰᠤᠷᠭᠠᠭᠤᠯᠢ | ᠳᠤ ᠠᠷᠠᠳ ᠤᠨ ᠪᠠᠭᠰᠢ᠂ ᠵᠠᠬᠢᠷᠤᠯ ᠢᠶᠠᠷ ᠠᠵᠢᠯᠯᠠᠵᠤ᠂ 1991 ᠤᠨ ᠳᠤ ᠠᠵᠢᠯ ᠠᠴᠠ ᠪᠠᠨ ᠲᠠᠷᠬᠠᠯᠠᠬᠳᠠᠭᠰᠠᠨ | ᠰᠤᠷᠭᠠᠨ ᠬᠦᠮᠦᠵᠢᠯ ᠤᠨ ᠠᠬᠠᠮᠠᠳ ᠵᠢᠳᠭᠦᠯᠳᠡᠨ ᠪᠠᠶᠢᠭ᠎ᠠ᠃ | ᠯᠠᠮᠠᠵᠠᠪ ᠪᠠᠭᠰᠢ ᠶᠢᠨ ᠠᠵᠢᠯᠯᠠᠵᠤ ᠢᠷᠡᠭᠰᠡᠨ ᠢᠶᠠᠨ ᠤᠨ ᠰᠠᠷ᠎ᠠ ᠲᠠᠷᠠᠭᠠᠯᠠᠬᠰᠠᠨ᠄ ︽1960 ᠤᠨ ᠤ 7 | ᠰᠠᠷ᠎ᠠ ᠠᠴᠠ 1961 ᠤᠨ ᠤ 3 ᠰᠠᠷ᠎ᠠ ᠪᠤᠯᠳᠠᠯ᠎ᠠ ᠬᠤᠨᠳᠤ ᠳᠠᠬᠢ ᠮᠠᠯᠵᠢᠬᠤ ᠲᠤᠮᠳᠠᠳᠤ ᠰᠤᠷᠭᠠᠭᠤᠯᠢ᠂ 1961 | ᠤᠨ ᠤ 10 ᠰᠠᠷ᠎ᠠ ᠠᠴᠠ 1965 ᠤᠨ ᠤ 3 ᠰᠠᠷ᠎ᠠ ᠪᠤᠯᠳᠠᠯ᠎ᠠ ᠠᠮᠠᠰᠠᠷ ᠪᠠᠭ᠎ᠠ ᠰᠤᠷᠭᠠᠭᠤᠯᠢ᠂ 1965 ᠤᠨ ᠤ | 3 ᠰᠠᠷ᠎ᠠ ᠠᠴᠠ 1970 ᠤᠨ ᠪᠤᠯᠳᠠᠯ᠎ᠠ ᠠᠯᠳ᠋ᠬᠠᠦ᠋ᠨᠳᠦᠷ ᠪᠠᠭ᠎ᠠ ᠰᠤᠷᠭᠠᠭᠤᠯᠢ᠂ ᠪᠠᠶᠠᠨᠪᠤᠯᠠᠭ ᠭᠤᠤᠯ ᠰᠤᠷᠭᠠᠭᠤᠯᠢ᠂ | ᠨᠠᠵᠠᠢ ᠪᠠᠭ᠎ᠠ ᠰᠤᠷᠭᠠᠭᠤᠯᠢ᠂ 1970 ᠤᠨ ᠠᠴᠠ 1987 ᠤᠨ ᠪᠤᠯᠳᠠᠯ᠎ᠠ ᠵᠢᠪᠳᠦ ᠪᠠᠭ᠎ᠠ ᠰᠤᠷᠭᠠᠭᠤᠯᠢ᠂ | ᠠᠯᠳ᠋ᠬᠠᠦ᠋ᠨᠳᠦᠷ ᠪᠠᠭ᠎ᠠ ᠰᠤᠷᠭᠠᠭᠤᠯᠢ᠂ ᠪᠠᠶᠠᠨᠪᠤᠯᠠᠭ ᠲᠤᠮᠳᠠᠳᠤ ᠰᠤᠷᠭᠠᠭᠤᠯᠢ᠂ ᠠᠮᠠᠰᠠᠷ ᠪᠠᠭ᠎ᠠ ᠰᠤᠷᠭᠠᠭᠤᠯᠢ ᠁︾ | ᠬᠡᠬᠦ ᠲᠤᠳᠤᠷᠬᠠᠢ ᠪᠠᠷᠢᠮᠳᠠ ᠪᠠ 1961 ᠤᠨ ᠠᠴᠠ 1965 ᠤᠨ ᠪᠤᠯᠳᠠᠯ᠎ᠠ 1— 4 ᠳ᠋ᠤᠬᠡᠷ ᠤᠨ ᠤ ᠪᠦᠬᠦ | ᠬᠢᠴᠢᠶᠡᠯ ᠲᠦᠷᠦᠯ ᠢ ᠭᠠᠭᠴᠠᠭᠠᠷ ᠢᠶᠠᠨ ᠵᠢᠭᠠᠵᠤ ᠪᠠᠶᠢᠬᠰᠠᠨ ᠵᠢᠴᠢ 1965 ᠤᠨ ᠠᠴᠠ 1987 ᠤᠨ ᠬᠦᠷᠳᠡᠯ᠎ᠡ | ᠪᠠᠭ᠎ᠠ ᠰᠤᠷᠭᠠᠭᠤᠯᠢ ᠶᠢᠨ 1— 5 ᠳ᠋ᠤᠭᠠᠷ ᠤᠨ ᠤ ᠬᠡᠯᠡ ᠪᠢᠴᠢᠭ ᠲᠤᠭᠠᠨ ᠤ ᠤᠬᠠᠭᠠᠨ ᠪᠠ ᠰᠤᠯᠠ ᠬᠢᠴᠢᠶᠡᠯ᠂ | ᠲᠤᠮᠳᠠᠳᠤ ᠰᠤᠷᠭᠠᠭᠤᠯᠢ ᠶᠢᠨ ᠮᠤᠩᠭᠤᠯ ᠬᠡᠯᠡ ᠵᠡᠷᠭᠡ ᠶᠢ ᠵᠢᠭᠠᠬᠤ ᠶᠢᠨ ᠲᠠᠭᠠᠤ ᠠᠩᠬᠢ ᠡᠷᠬᠢᠯᠡᠵᠦ ᠪᠠᠶᠢᠬᠰᠠᠨ ᠠᠵᠢᠯ | ᠤᠨ ᠲᠦᠬᠦᠮ ᠳ᠋ᠦᠩᠨᠡᠯᠳᠡ ᠨᠢ ᠨᠢᠬᠡᠨ ᠠᠷᠠᠳ ᠤᠨ ᠪᠠᠭᠰᠢ ᠶᠢᠨ ᠠᠯᠬᠤᠵᠤ ᠢᠷᠡᠭᠰᠡᠨ ᠤᠯᠠ ᠮᠦᠷ᠂ ᠠᠵᠢᠯ | ᠦᠢᠯᠡᠰ ᠤᠨ ᠬᠢᠨᠢ ᠬᠦᠰᠡᠯ ᠲᠡᠮᠡᠦᠯᠦᠯ᠂ ᠠᠮᠵᠢᠯᠳᠠ ᠵᠢᠳᠬᠦᠯ ᠤᠨ ᠬᠢᠨᠢ ᠲᠡᠮᠳᠡᠭᠯᠡᠬᠡᠰᠦ ᠬᠠᠭᠤᠳᠠᠰᠤ ᠪᠤᠯᠵᠤ | ᠤᠴᠢᠷᠯᠠᠨ ᠬᠠᠷᠠᠭᠳᠠᠨ᠎ᠠ᠃ | | | | | | ᠪᠠᠰᠠᠯᠠ ᠨᠢᠬᠡ ᠲᠡᠮᠳᠡᠭᠯᠡᠯ ᠢ ᠬᠠᠷᠠᠶ᠎ᠠ ᠳ᠋ᠠ᠄ ︽1966 ᠤᠨ ᠤ ᠠᠩᠬᠢ ᠶᠢᠨ ᠰᠤᠷᠤᠭᠴᠢ 45᠂ | 1967 ᠤᠨ ᠤ 60 ᠰᠤᠷᠤᠭᠴᠢ᠂ ᠁ 1970 ᠤᠨ— 1972 ᠤᠨ ᠤ ᠰᠤᠷᠤᠭᠴᠢ 38᠂ ᠁ | 1983 ᠤᠨ ᠤ 13 ᠰᠤᠷᠤᠭᠴᠢ᠂ ᠁ 1987 ᠤᠨ ᠤ 30 ᠰᠤᠷᠤᠭᠴᠢ ᠁︾ ᠬᠡᠳ ᠨᠢᠬᠡ ᠨᠢᠬᠡ | ᠠᠩᠬᠢ ᠪᠠᠷ ᠨᠢᠬᠡ ᠨᠢᠬᠡ ᠰᠤᠷᠤᠭᠴᠢ ᠪᠠᠷ ᠬᠡᠳᠦᠨ ᠲᠦᠷᠦᠯ ᠤᠨ ᠬᠢᠴᠢᠶᠡᠯ ᠵᠢᠭᠠᠵᠤ ᠪᠠᠶᠢᠬᠰᠠᠨ ᠲᠤᠬᠠᠢ ᠲᠤᠶᠢᠯ ᠤᠨ | ᠨᠠᠷᠢᠯᠢᠭ ᠡᠨᠡ ᠲᠡᠮᠳᠡᠭᠯᠡᠯ ᠠᠴᠠ ᠯᠠᠮᠠᠵᠠᠪ ᠪᠠᠭᠰᠢ ᠶᠢᠨ ᠵᠢᠭᠠᠨ ᠰᠤᠷᠭᠠᠯᠳᠠ ᠶᠢᠨ ᠠᠵᠢᠯ ᠳᠠᠭᠠᠨ ᠶᠠᠭᠠᠬᠢᠬᠤ ᠶᠢᠨ | ᠠᠷᠭ᠎ᠠ ᠦᠬᠡᠢ ᠬᠠᠷᠢᠭᠤᠴᠠᠯᠭ᠎ᠠ ᠲᠠᠢ᠂ ᠰᠤᠷᠤᠭᠴᠢᠳ ᠤᠨ ᠢᠶᠠᠨ ᠨᠡᠷ᠎ᠡ ᠵᠢᠰᠦ ᠵᠠᠩ ᠠᠷᠠᠨᠰᠢᠨ ᠤᠨᠴᠠᠯᠢᠭ ᠰᠢᠨᠵᠢ | ᠰᠤᠷᠤᠯᠭ᠎ᠠ ᠶᠢᠨ ᠬᠢᠷᠢ ᠬᠡᠮᠵᠢᠶ᠎ᠡ ᠬᠡᠳ ᠠᠯᠢᠪᠠ ᠲᠠᠯ᠎ᠠ ᠪᠠᠷ ᠠᠯᠠᠭᠠᠨ ᠵᠢᠷᠤᠭᠠᠰᠤ ᠪᠠᠨ ᠰᠢᠭ᠋ ᠮᠡᠳᠡᠳᠡᠭ ᠲᠡᠭᠡᠨ ᠲᠡᠭᠦᠨ | ᠤ ᠡᠷᠬᠢᠯᠡᠭᠰᠡᠨ ᠬᠢᠴᠢᠶᠡᠯ ᠵᠢᠭᠠᠬᠰᠠᠨ ᠠᠩᠬᠢ ᠶᠢᠨ ᠰᠤᠷᠤᠭᠴᠢᠳ ᠤᠨ ᠰᠤᠷᠤᠯᠭ᠎ᠠ ᠶᠢᠨ ᠬᠢᠷᠢ ᠪᠦᠳᠦᠮᠵᠢ ᠶᠡᠷᠦᠨᠢ | ᠲᠡᠭᠡᠭᠦᠷ ᠪᠠᠶᠢᠷᠢᠨ ᠳᠤ ᠶᠠᠪᠤᠵᠤ ᠪᠠᠶᠢᠬᠰᠠᠨ ᠢ ᠨᠢ ᠦᠨᠡᠯᠡᠵᠦ ᠦᠭᠬᠦ ᠲᠤᠰ ᠵᠤᠬᠢᠶᠠᠯ ᠤᠨ ᠡᠬᠢᠨ ᠳᠤ | ᠰᠤᠷᠪᠤᠯᠵᠢᠯᠠᠬᠴᠢ ᠳᠤ ᠤᠩᠰᠢᠭᠳᠠᠭᠰᠠᠨ ᠲᠦᠬᠦᠮ ᠲᠠᠨᠢᠯᠴᠠᠭᠤᠯᠭ᠎ᠠ ᠭᠠᠷᠴᠤ ᠢᠷᠡᠨ᠎ᠡ᠃ ᠠᠳᠡ ᠤᠨᠴᠠᠭᠠᠶᠢᠯᠠᠨ | ᠲᠤᠷᠠᠳᠬᠤ ᠠᠴᠠ 1989 ᠤᠨ ᠳᠤ ᠤᠯᠤᠰ ᠤᠨ ᠲᠡᠰ ᠤᠨ ︽ᠰᠢᠯᠢᠳᠡᠭ ᠪᠠᠭᠰᠢ︾ ᠶᠢᠨ ᠦᠨᠡᠮᠯᠡᠯ ᠭᠠᠷᠳᠠᠵᠤ᠂ | 1990 ᠤᠨ ᠳᠤ ᠦᠪᠦᠷ ᠮᠤᠩᠭᠤᠯ ᠤᠷᠤᠨ ᠤ ᠰᠢᠯᠢᠳᠡᠭ ᠪᠠᠭᠰᠢ ᠶᠢᠨ ᠲᠦᠯᠦᠬᠡᠯᠡᠭᠴᠢ ᠪᠠᠷ ᠪᠸᠢ ᠳ᠋ᠠᠢ ᠾᠧ ᠳᠤ | ᠪᠤᠯᠤᠬᠰᠠᠨ ᠤᠯᠤᠰ ᠤᠨ ᠰᠤᠷᠭᠠᠨ ᠬᠦᠮᠦᠵᠢᠯ ᠤᠨ ᠵᠦᠪᠯᠡᠯ ᠠᠴᠠ ᠵᠤᠬᠢᠶᠠᠨ ᠪᠠᠶᠢᠭᠤᠯᠤᠬᠰᠠᠨ ᠬᠤᠷᠠᠯ ᠳᠤ | ᠤᠷᠤᠯᠴᠠᠬᠰᠠᠨ ᠪᠦᠬᠡᠳ ᠤᠯᠤᠰ ᠤᠨ ᠲᠡᠳ᠋ ᠲᠡᠷᠢᠬᠦᠯᠡᠭᠴᠢ ᠪᠠᠶᠢᠬᠰᠠᠨ ᠸᠠᠩ ᠵᠧᠨ ᠢᠷᠡᠵᠦ ᠪᠠᠭᠰᠢ ᠨᠠᠷ ᠲᠤ ᠪᠠᠶᠠᠷ | ᠲᠠᠯᠠᠷᠬᠠᠯ ᠢᠶᠠᠨ ᠢᠯᠡᠷᠬᠡᠶᠢᠯᠡᠭᠰᠡᠨ ᠪᠠᠶᠢᠪᠠ᠃ | ᠲᠡᠭᠡᠷ᠎ᠡ ᠵᠠᠭᠤᠨ ᠤ ᠵᠢᠷᠠ ᠲᠠᠯᠠᠭᠠᠳ ᠤᠨ ᠤ ᠦᠶ᠎ᠡ ᠳᠤ ᠬᠡᠳᠦᠨ ᠠᠩᠬᠢ ᠶᠢᠨ ᠰᠤᠷᠤᠭᠴᠢᠳ ᠲᠠᠭᠠᠨ | ᠨᠢᠬᠡᠯᠡ ᠪᠠᠭᠰᠢ ᠬᠡᠯᠡ᠂ ᠲᠤᠭ᠎ᠠ᠂ ᠵᠢᠷᠤᠭ᠂ ᠲᠠᠭᠤᠤ᠂ ᠲᠠᠮᠢᠷ᠂ ᠪᠠᠶᠢᠭᠠᠯᠢ ᠶᠢᠨ ᠬᠢᠴᠢᠶᠡᠯ ᠢ ᠪᠦᠷ ᠭᠠᠭᠴᠠᠭᠠᠷ | ᠵᠢᠭᠠᠵᠤ ᠪᠠᠶᠢᠬᠰᠠᠨ ᠦᠵᠡᠭᠳᠡᠯ ᠠᠶᠢᠯ ᠤᠨ ᠰᠤᠷᠭᠠᠭᠤᠯᠢ ᠳᠤ ᠨᠡᠶᠢᠳᠡᠮ ᠤᠷᠤᠰᠢᠵᠤ ᠪᠠᠶᠢᠬᠰᠠᠨ᠃ ᠯᠠᠮᠠᠵᠠᠪ ᠪᠠᠭᠰᠢ | ᠴᠤ ᠶᠠᠭ ᠡᠨᠡ ᠦᠶ᠎ᠡ ᠶᠢᠨ ᠪᠠᠭᠰᠢ ᠪᠤᠯᠬᠤᠷ ᠡᠶᠢᠮᠦᠷᠬᠦ ᠤᠷᠴᠢᠨ ᠳᠤ ᠡᠶᠢᠮᠦᠷᠬᠦ ᠶᠠᠩᠵᠤ ᠪᠠᠷ ︽ᠰᠤᠷᠭᠠᠭᠤᠯᠢ | ᠰᠤᠷᠭᠠᠭᠤᠯᠢ᠂ ᠰᠤᠷᠤᠭᠴᠢ ᠰᠤᠷᠤᠭᠴᠢ︾ ᠬᠡᠵᠦ ᠨᠠᠷᠬᠢᠮ᠎ᠠ ᠵᠠᠯᠠᠭᠤ ᠨᠠᠰᠤᠨ ᠠᠴᠠ ᠪᠠᠨ ᠮᠠᠬᠠᠷᠠᠨ ᠵᠢᠳᠬᠦᠭᠰᠡᠨ | ᠨᠢᠬᠡᠨ᠃ | | | | 77 ᠨᠠᠰᠣ ᠲᠠᠢ ᠯᠠᠮᠠᠵᠠᠪ ᠨᠠᠰᠤᠳᠠᠨ᠂ ᠲᠤᠯᠤᠭᠠᠨ ᠨᠠᠰᠤᠨ ᠠᠴᠠ ᠪᠠᠨ ᠲᠦᠷᠪᠡᠨ ᠤᠳᠠᠰᠤᠳᠤ ᠬᠤᠭᠤᠷ | ᠬᠤᠭᠤᠷᠳᠠᠨ᠂ ᠡᠮᠡᠭᠡ ᠠᠴᠠ ᠪᠠᠨ ᠠᠶ᠎ᠠ ᠰᠤᠷᠴᠤ ᠡᠬᠢᠯᠡᠭᠰᠡᠨ ᠭᠡᠵᠦ ᠬᠠᠭᠤᠴᠢ ᠶᠠᠷᠢᠵᠤ ᠬᠠᠷᠠᠬᠠᠨ ᠪᠠᠭ᠎ᠠ ᠶᠢᠨ ᠦᠶ᠎ᠡ | ᠪᠠᠨ ᠲᠤᠷᠠᠰᠴᠤ ᠪᠠᠶᠢᠪᠠ᠃ ᠨᠠᠰᠤᠳᠠᠨ ᠭᠤᠸᠠᠢ ᠲᠠᠭᠠᠤ ᠳᠤᠨᠢ ᠪᠠᠰᠠ ᠲᠤᠬᠠᠢ ᠶᠢᠨ ᠦᠶ᠎ᠡ ᠳᠤ ᠰᠤᠷᠭᠠᠭᠤᠯᠢ ᠳᠠᠭᠠᠨ | ︽ᠰᠤᠷᠬᠤ ᠨᠠᠰᠤᠨ ᠠᠴᠠ ᠡᠮᠦᠨᠡᠬᠢ ᠬᠡᠦᠬᠡᠳ ᠤᠨ ᠠᠩᠬᠢ︾ ᠲᠠᠢ ᠪᠤᠯᠬᠤᠷ ᠤᠶᠢᠷ᠎ᠠ ᠤᠷᠴᠢᠮ ᠤᠨ ᠠᠶᠢᠯ ᠭᠠᠴᠠᠭ᠎ᠠ | ᠠᠴᠠ ᠴᠤ ᠨᠠᠰᠤᠨ ᠳᠤ ᠬᠦᠷᠦᠬᠡᠳᠦᠢ ᠬᠡᠦᠬᠡᠳ ᠢᠷᠡᠳᠡᠭ ᠪᠦᠬᠡᠳ ᠲᠤᠰᠬᠠᠢ ᠪᠠᠭᠰᠢ ᠲᠤᠬᠢᠷᠠᠭᠤᠯᠵᠤ᠂ ᠬᠡᠦᠬᠡᠳ | ᠤᠳ ᠲᠤ ᠲᠠᠭᠤᠤ ᠪᠦᠵᠢᠭ᠂ ᠰᠢᠯᠦᠭ ᠴᠡᠭᠡᠵᠢᠯᠡᠬᠦ᠂ ᠦᠯᠢᠬᠡᠷ ᠶᠠᠷᠢᠬᠤ᠂ ᠵᠢᠷᠤᠭ ᠵᠢᠷᠤᠬᠤ᠂ ᠭᠠᠷ ᠤᠷᠠᠯᠠᠯ ᠵᠡᠷᠭᠡ | ᠶᠢ ᠨᠠᠭᠠᠳᠤᠮ ᠲᠤᠭᠯᠠᠭᠠᠮ ᠤᠨ ᠲᠤᠮᠳᠠ ᠰᠤᠷᠭᠠᠨ ᠤᠷᠮ᠎ᠠ ᠪᠠᠬ᠎ᠠ ᠶᠢ ᠨᠢ ᠬᠦᠮᠦᠵᠢᠬᠦᠯᠵᠦ ᠪᠠᠶᠢᠭᠰᠠᠨ᠃ ᠠᠶᠢᠯ ᠤᠨ | ᠰᠤᠷᠭᠠᠭᠤᠯᠢ ᠪᠠᠶᠢᠬᠰᠠᠨ ᠠᠴᠠ ᠮᠠᠯᠴᠢᠨ ᠲᠦᠮᠡᠨ ᠳᠤ ᠲᠤᠶᠢᠯ ᠤᠨ ᠲᠦᠬᠦᠮ ᠪᠠᠶᠢᠪᠠ ᠬᠡᠵᠦ ᠶᠠᠷᠢᠯ᠎ᠠ᠃ | ᠯᠠᠮᠠᠵᠠᠪ ᠪᠠᠭᠰᠢ ᠵᠦᠪᠬᠡᠨ ᠬᠢᠴᠢᠶᠡᠯ ᠵᠢᠭᠠᠭᠠᠳ ᠯᠡ ᠵᠤᠭᠰᠤᠳᠠᠭ ᠪᠢᠰᠢ ᠲᠡᠷᠡ ᠪᠠᠷ ᠲᠦᠷᠪᠡᠨ ᠤᠳᠠᠰᠣᠳᠤ | ᠬᠤᠭᠤᠷ᠂ ᠮᠤᠷᠢᠨ ᠬᠤᠭᠤᠷ᠂ ᠪᠠᠶᠠᠨ ᠬᠤᠭᠤᠷ ᠰᠠᠶᠢᠬᠠᠨ ᠲᠠᠷᠤᠳᠠᠭ᠂ ᠲᠠᠭᠤᠤ ᠪᠠᠰᠠ ᠵᠤᠬᠢᠶᠠᠴᠢᠬᠠᠳᠠᠭ ᠤᠯᠠᠨ | ᠲᠠᠯ᠎ᠠ ᠶᠢᠨ ᠤᠷ᠎ᠠ ᠠᠪᠢᠶᠠᠰ ᠲᠠᠢ ᠪᠠᠷ ᠢᠶᠠᠨ ᠰᠤᠷᠭᠠᠭᠤᠯᠢ᠂ ᠭᠠᠴᠠᠭ᠎ᠠ ᠶᠢᠨ ᠤᠷᠠᠨ ᠰᠠᠶᠢᠬᠠᠨ ᠤ ᠲᠤᠬᠯᠠᠯᠳᠠ ᠶᠢ | ᠪᠡᠶ᠎ᠡ ᠲᠠᠭᠠᠭᠠᠨ ᠵᠤᠬᠢᠶᠠᠨ ᠪᠠᠶᠢᠭᠤᠯᠤᠨ ᠪᠠᠶᠠᠷ ᠲᠤᠷᠠᠰᠬᠠᠯ᠂ ᠵᠢᠯ ᠴᠠᠭᠠᠨ ᠰᠠᠷ᠎ᠠ ᠪᠠᠷ ᠨᠤᠳᠤᠭ ᠤᠰᠤᠨ ᠤ ᠬᠢᠨ | ᠳᠠᠭᠠᠨ ᠰᠤᠨᠢᠷᠬᠠᠭᠤᠯᠵᠤ᠂ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠵᠤ ᠪᠠᠶᠢᠬᠰᠠᠨ ᠨᠢᠬᠡᠨ ᠪᠦᠬᠡᠳ ᠭᠠᠴᠠᠭᠠᠨ ᠤ | ᠤᠷᠠᠨ ᠰᠠᠶᠢᠬᠠᠨ ᠤ ᠪᠦᠯᠬᠦᠮ ᠢᠶᠠᠨ ᠲᠠᠭᠠᠭᠤᠯᠤᠨ᠂ ᠪᠦᠬᠦ ᠬᠤᠰᠢᠭᠤᠨ ᠤ ᠭᠤᠷᠪᠠᠨ ᠱᠠᠳᠤᠨ ᠤ ᠬᠤᠷᠠᠯ ᠳᠤ | ᠢᠷᠡᠵᠦ᠂ ᠰᠤᠮᠤ ᠪᠠᠨ ᠲᠦᠯᠦᠬᠡᠯᠡᠨ ᠲᠤᠰᠬᠠᠢ ᠲᠤᠬᠯᠠᠯᠳᠠ ᠭᠠᠷᠭᠠᠵᠤ ᠪᠠᠶᠢᠵᠠᠢ᠃ | | | | ᠮᠡᠳᠡᠭᠡ ᠴᠢᠮᠡᠬᠡᠯᠡᠯ ᠪᠢᠴᠢᠵᠦ ᠰᠤᠨᠢᠨ ᠰᠡᠳᠬᠦᠯ ᠢᠶᠠᠷ ᠨᠡᠶᠢᠳᠡᠯᠡᠬᠦᠯᠵᠦ ᠪᠠᠶᠢᠬᠰᠠᠨ ᠯᠠᠮᠠᠵᠠᠪ ᠪᠠᠭᠰᠢ ᠡᠳᠡᠭᠡᠷ | ᠠᠵᠢᠯ ᠤᠨ ᠢᠶᠠᠨ ᠲᠤᠬᠠᠢ ᠮᠡᠳᠡᠭᠡᠯᠡᠭᠰᠡᠨ ᠡᠬᠡ ᠨᠤᠤᠷᠠᠭ ᠢᠶᠠᠨ ᠡᠳᠦᠬᠡ ᠪᠤᠯᠳᠠᠯ᠎ᠠ ᠬᠠᠳᠠᠭᠠᠯᠠᠵᠤ ᠪᠠᠶᠢᠭ᠎ᠠ᠃ | ᠯᠠᠮᠠᠵᠠᠪ ᠪᠠᠭᠰᠢ ᠶᠢᠨ 1989 ᠤᠨ ᠳᠤ ︽ᠦᠪᠦᠷ ᠮᠤᠩᠭᠤᠯ ᠤᠨ ᠡᠳᠦᠷ ᠤᠨ ᠰᠤᠨᠢᠨ︾ ᠳᠤ | ᠢᠯᠡᠭᠡᠭᠰᠡᠨ ᠡᠬᠡ ᠨᠤᠤᠷᠠᠭ ᠠᠴᠠ ᠬᠡᠰᠡᠭ ᠠᠭᠤᠯᠭ᠎ᠠ ᠶᠢ ᠰᠡᠶᠢᠷᠡᠬᠦᠯᠪᠡᠯ᠄ ︽ᠠᠯᠳ᠋ᠬᠠᠦ᠋ᠨᠳᠦᠷ ᠪᠠᠭ᠎ᠠ ᠰᠤᠷᠭᠠᠭᠤᠯᠢ ᠨᠢ | ᠲᠤᠬᠢᠯᠢᠭ ᠰᠠᠶᠢᠬᠠᠨ ᠴᠢᠯᠠᠭᠤ ᠲᠤᠭᠤᠰᠬᠠᠨ ᠪᠦᠳᠦᠴᠡ ᠲᠠᠢ ᠭᠡᠷ ᠪᠠᠷᠢᠯᠭ᠎ᠠ ᠲᠠᠢ᠂ ᠲᠤᠭᠤᠰᠬ᠎ᠠ ᠰᠢᠷᠤᠢ ᠶᠢᠨ ᠬᠡᠷᠡᠮ | ᠢᠶᠠᠷ ᠬᠦᠷᠢᠶᠡᠯᠡᠭᠰᠡᠨ 13000 ᠬᠠᠪᠳᠠᠭᠠᠢ ᠲᠦᠷᠪᠡᠯᠵᠢᠨ ᠮᠧᠲᠷ ᠲᠠᠯᠠᠪᠠᠢ ᠪᠦᠬᠦᠢ ᠬᠦᠷᠢᠶᠡᠨ ᠳᠡᠭᠡᠨ ᠬᠡᠷᠡᠭᠯᠡᠬᠡᠨ ᠤ | ᠮᠤᠳᠤ᠂ ᠦᠵᠡᠮᠵᠢ ᠶᠢᠨ ᠮᠤᠳᠤ᠂ ᠵᠢᠮᠢᠰ ᠤᠨ ᠮᠤᠳᠤ᠂ ᠵᠦᠢᠯ ᠤᠨ ᠴᠡᠴᠡᠭ ᠬᠤᠸᠠᠷ ᠢᠶᠠᠷ ᠨᠤᠭᠤᠭᠠᠷᠠᠭᠤᠯᠤᠨ | ᠴᠢᠮᠡᠭᠯᠡᠭᠰᠡᠨ ᠬᠤᠰᠢᠭᠤᠨ ᠵᠠᠰᠠᠭ ᠤᠨ ᠤᠷᠳᠤᠨ ᠤ ︿ᠴᠡᠴᠡᠷᠯᠢᠭᠵᠢᠭᠰᠡᠨ ᠰᠤᠷᠭᠠᠭᠤᠯᠢ﹀ ︿ᠪᠤᠯᠪᠠᠰᠤᠨ ᠰᠤᠷᠭᠠᠭᠤᠯᠢ﹀ | ᠪᠠᠷ ᠴᠤᠯᠠᠯᠠᠭᠳᠠᠭᠰᠠᠨ ᠁ ︾ ᠬᠡᠵᠦ ᠮᠡᠳᠡᠭᠡᠯᠡᠭᠰᠡᠨ ᠪᠠᠶᠢᠯ᠎ᠠ᠃ | ᠁ ᠯᠠᠮᠠᠵᠠᠪ ᠨᠠᠰᠤᠳᠠᠨ ᠤ ᠲᠤᠬᠠᠢ ᠶᠢᠨ ᠦᠶ᠎ᠡ ᠳᠤ ᠪᠤᠰᠬᠠᠭᠰᠠᠨ ︽ᠬᠦᠮᠦᠨ ᠪᠤᠯᠬᠤ ᠪᠠᠭ᠎ᠠ ᠠᠴᠠ | ᠪᠠᠨ ᠬᠦᠯᠦᠭ ᠪᠤᠯᠬᠤ ᠤᠨᠠᠭᠠᠨ ᠠᠴᠠ ᠪᠠᠨ︾ ᠬᠡᠰᠡᠨ ᠪᠢᠴᠢᠭᠡᠰᠦ ᠲᠠᠢ ᠬᠦᠰᠢᠶ᠎ᠡ ᠬᠢᠬᠡᠳ ᠲᠡᠭᠡᠷ᠎ᠡ ᠵᠠᠭᠤᠨ ᠤ | ᠨᠠᠶᠠᠭᠠᠳ ᠤᠨ ᠤ ᠦᠶᠡᠰ ᠮᠦᠨ ᠯᠠᠮᠠᠵᠠᠪ ᠪᠠᠭᠰᠢ ᠶᠢᠨ ᠠᠷᠦ ᠶᠢᠨ ᠠᠭᠤᠯᠠᠨ ᠠᠴᠠ ᠭᠤᠴᠢᠭᠠᠳ ᠲᠦᠷᠦᠯ ᠤᠨ | ᠮᠤᠳᠤᠨ ᠴᠢᠬᠢ ᠠᠪᠴᠢᠷᠠᠨ ᠠᠷᠠᠴᠢᠯᠠᠨ ᠭᠠᠮᠨᠠᠵᠤ ᠨᠤᠭᠤᠭᠠᠷᠠᠭᠤᠯᠤᠭᠰᠠᠨ ᠠᠯᠳ᠋ᠬᠠᠦ᠋ᠨᠳᠦᠷ ᠪᠠᠭ᠎ᠠ ᠰᠤᠷᠭᠠᠭᠤᠯᠢ ᠶᠢᠨ | ᠬᠦᠷᠢᠶᠡᠨ ᠳᠠᠬᠢ ᠡᠪᠦᠬᠡᠨ ᠪᠤᠭᠤᠷᠤᠯ ᠮᠤᠳᠤᠳ ᠤᠨ ᠨᠠᠪᠴᠢ ᠨᠠᠮᠠᠭᠠᠨ ᠤ ᠰᠠᠵᠢᠯᠠᠭᠠᠨ ᠬᠦᠮᠦᠵᠢᠯ ᠰᠡᠭᠡᠭᠡᠷᠡᠯ ᠤᠨ | ᠬᠡᠮᠵᠢᠶᠡᠯᠡᠰᠢ ᠦᠬᠡᠢ ᠶᠡᠭᠡ ᠶᠤᠰᠤᠨ ᠢ ᠦᠬᠦᠯᠡᠨ ᠦᠬᠦᠯᠡᠬᠦ ᠮᠡᠳᠦ ᠤᠢ ᠲᠤᠷᠠᠰᠤᠮᠵᠢ ᠶᠢ ᠠᠶᠠᠯᠤᠨ ᠠᠯᠤᠰ ᠤᠨ | ᠠᠯᠤᠰ ᠲᠤ ᠴᠤᠤᠷᠢᠶᠠᠯᠠᠨ᠎ᠠ ᠁ | | ᠵᠤᠬᠢᠶᠠᠭᠴᠢ᠄ ᠤᠷᠠᠨᠲ᠋ᠠᠨᠠ | ᠬᠠᠶ᠋ᠢᠭ᠄ ᠤᠯᠠᠭᠠᠨᠬᠠᠳᠠ ᠬᠤᠳᠠ ᠶᠢᠨ ᠠᠷᠦ ᠬᠤᠷᠴᠢᠨ ᠰᠤᠨᠢᠨ ᠤ ᠬᠤᠷᠢᠶ᠎ᠡ | |