ᠤᠯᠤᠰ  ᠤᠨ  ᠠᠷᠢᠬᠢ  ᠭᠡᠵᠦ  ᠠᠯᠳᠠᠷᠰᠢᠭᠰᠠᠨ  ᠮᠤᠤ  ᠲᠠᠢ  ᠠᠷᠢᠬᠢ  ᠪᠠ ︽  ᠮᠤᠭᠠᠶᠢᠳᠤ  ᠶᠢᠨ  ᠲᠠᠷᠠᠰᠤ ︾
ᠨᠡᠶᠢᠲᠡᠯᠡᠭᠰᠡᠨ ᠴᠠᠭ᠄
2019/1/10
     ᠭᠦᠢᠵᠸᠤ ᠶᠢᠨ ᠦᠨᠳᠦᠷᠯᠢᠭ ᠤᠨ ᠪᠠᠷᠠᠭᠤᠨ ᠬᠤᠶᠢᠨᠠᠬᠢ ‍ᠤᠤᠢ ᠱᠦᠢ ᠭᠤᠤᠯ ᠤᠨ ᠬᠦᠪᠡᠭᠡᠨ ᠳᠤ ᠲᠤᠮᠳᠠᠳᠤ ᠤᠯᠤᠰ ᠤᠨ ᠠᠯᠳᠠᠷᠳᠤ ᠮᠤᠤᠲᠠᠢ ᠠᠷᠢᠬᠢ ︵ᠮᠤᠭᠠᠶᠢᠳᠤ ᠶᠢᠨ ᠲᠠᠷᠠᠰᠤ︶ ᠨᠡᠷᠡᠳᠡᠭ ᠮᠤᠤᠲᠠᠢ ᠪᠠᠯᠭᠠᠰᠤ ᠪᠠᠶᠢᠳᠠᠭ᠃ ᠬᠤᠶᠠᠷ ᠵᠠᠭᠤᠨ ᠵᠢᠯ ᠤᠨ ᠡᠮᠤᠨ᠎ᠡ ᠠᠳᠡ ᠠᠷᠢᠬᠢᠨ ᠤ ᠤᠶᠢᠯᠡᠰ ᠬᠦᠭᠵᠢᠵᠦ ᠪᠠᠶᠢᠭᠰᠠᠨ ᠪᠢᠰᠢ᠂ ᠬᠠᠷᠢᠨ ᠲᠠᠪᠤᠰᠤᠨ  ᠤ ᠤᠶᠢᠯᠡᠰ ᠲᠤᠶᠢᠯ ᠤᠨ ᠬᠦᠭᠵᠢᠶᠡᠨ ᠲᠠᠢ ᠪᠠᠶᠢᠵᠠᠢ᠃      ᠴᠢᠩ ᠤᠯᠤᠰ ᠤᠨ ᠲᠡᠭᠷᠢ ᠲᠡᠳᠬᠦᠭᠴᠢ ᠬᠠᠭᠠᠨ ᠤ ᠠᠷᠪᠠᠳᠤᠭᠠᠷ ᠣᠨ ᠳᠤ ᠡᠨᠡᠬᠦ ᠭᠠᠵᠠᠷ ᠤᠨ ᠸᠠᠩ ᠲᠢᠶᠠᠨ ᠡᠾᠧ ᠭᠡᠰᠡᠨ ᠬᠤᠳᠠᠯᠳᠤᠭᠠᠴᠢᠨ ᠲᠠᠪᠤᠰᠤ ᠠᠷᠠᠯᠵᠢᠶᠠᠯᠠᠨ ᠪᠠᠶᠠᠵᠢᠭᠠᠳ ︽ᠸᠠᠩ ᠲᠢᠶᠠᠨ ᠡᠾᠧ ᠲᠠᠪᠤᠰᠤᠨ ᠤ ᠫᠦᠰᠡ ︾ ᠭᠠᠷᠭᠠᠵᠦ ᠲᠡᠭᠦᠨ ᠤ ᠤᠶᠢᠯᠡᠰ ᠨᠢ ᠬᠦᠭᠵᠢᠨ ᠮᠠᠨᠳᠤᠭᠠᠳ ᠮᠤᠤᠲᠠᠢ ᠪᠠᠯᠭᠠᠰᠤᠨ ᠤ ᠲᠤᠮᠤ ᠪᠠᠶᠠᠨ ᠪᠤᠯᠤᠭᠰᠠᠨ ᠪᠠᠶᠢᠵᠠᠢ᠃ ᠲᠡᠷᠡ ᠭᠡᠷ ᠪᠦᠯᠢ ᠶᠢᠨ ᠢᠶᠠᠨ ᠶᠤᠰᠤ ᠵᠢᠷᠤᠮ ᠢ ᠲᠤᠭᠳᠠᠭᠠᠵᠦ᠂ ᠠᠷᠠᠯᠵᠢᠶ᠎ᠠ ᠮᠠᠶᠢᠮᠠᠢ ᠬᠢᠬᠦ ᠳᠡᠭᠡᠨ ᠬᠦᠮᠤᠨ ᠢ ᠮᠡᠬᠡᠯᠡᠨ ᠬᠠᠭᠤᠷᠴᠦ ᠪᠤᠯᠬᠤ ᠦᠬᠡᠢ᠂ ᠬᠦᠮᠤᠨ ᠠᠷᠠᠳ ᠲᠠᠢ ᠶᠠᠪᠤᠯᠴᠠᠬᠤ ᠳᠠᠭᠠᠨ ᠦᠨᠠᠨᠴᠢ ᠢᠳᠡᠭᠡᠯᠳᠠᠢ ᠪᠠᠶᠢᠬᠤ ᠬᠡᠷᠡᠭᠳᠠᠢ᠂ ᠰᠠᠶᠢᠨ ᠰᠠᠶᠢᠬᠠᠨ ᠢ ᠲᠡᠭᠡᠵᠢᠯᠡᠵᠦ ᠬᠦᠮᠤᠰ ᠲᠤ ᠦᠭᠯᠢᠭᠡ ᠦᠭᠴᠦ ᠪᠤᠶᠠᠨ ᠤᠶᠢᠯᠡᠳᠬᠦ ᠬᠡᠷᠡᠭᠳᠠᠢ ᠭᠡᠵᠦ ᠤᠯᠠᠨ ᠲᠠᠯ᠎ᠠ ᠪᠠᠷ ᠦᠷ᠎ᠡ ᠬᠤᠶᠢᠴᠢᠰ ᠢᠶᠠᠨ ᠰᠤᠷᠭᠠᠵᠦ ᠪᠠᠶᠢᠪᠠ᠃ ᠲᠠᠪᠤᠰᠤᠨ ᠤ ᠫᠦᠰᠡ ᠨᠢ ᠸᠠᠩ ᠲᠢᠶᠠᠨ ᠡᠾᠧ ᠶᠢᠨ ᠬᠦᠤ ᠸᠠᠩ ᠶᠦᠩ ᠪᠢᠩ ᠤᠨ ᠦᠶ᠎ᠡ ᠬᠦᠷᠴᠦ ᠢᠷᠡᠬᠦ ᠳᠤ ᠸᠠᠩ ᠤᠪᠤᠭᠳᠠᠨ ᠤ ᠠᠷᠠᠯᠵᠢᠶ᠎ᠠ ᠬᠤᠳᠠᠯᠳᠤᠭ᠎ᠠ ᠨᠢ ᠤᠷᠬᠢᠯ ᠳᠠᠭᠠᠨ ᠲᠤᠯᠪᠠ᠃ 1858 ᠤᠨ ᠳᠤ ᠸᠠᠩ ᠶᠦᠩ ᠪᠢᠩ ᠤᠨ ᠦᠷ᠎ᠡ ᠶᠢᠨ ᠭᠠᠭᠴᠠ ᠬᠦᠤ ᠨᠢ ᠮᠡᠨᠳᠤᠯᠡᠵᠦ᠂ ᠬᠤᠵᠢᠮ ᠨᠢ ᠭᠡᠷ ᠤᠨ ᠲᠤᠯᠭᠠᠭᠤᠷᠢ ᠡᠵᠡᠨ ᠪᠤᠯᠵᠦ᠂ ᠲᠡᠤᠬᠡᠨ ᠲᠡᠭᠡᠷ᠎ᠡ ᠮᠤᠤᠲᠠᠢ ᠠᠷᠢᠬᠢ  ᠶᠢ ᠡᠭᠦᠳᠤᠨ ᠨᠡᠷᠡᠭᠰᠡᠨ ᠠᠩᠬᠠᠨ ᠤ ᠬᠦᠮᠤᠨ ᠪᠤᠯᠪᠠ᠃ ᠡᠨᠡ ᠬᠦᠮᠤᠨ ᠪᠤᠯ ᠲᠠᠷᠤᠢ ᠸᠠᠩ ᠯᠢ ᠹᠦ᠋ ᠪᠤᠯᠠᠢ᠃ ᠲᠠᠪᠤᠰᠤᠨ ᠤ ᠫᠦᠰᠡ ᠶᠢᠨ ᠠᠷᠠᠯᠵᠢᠶ᠎ᠠ ᠬᠤᠳᠠᠯᠳᠤᠭ᠎ᠠ ᠨᠢ ᠸᠠᠩ ᠯᠢ ᠹᠦ᠋ ᠶᠢᠨ ᠦᠶ᠎ᠡ ᠪᠤᠯᠬᠤ ᠳᠤ ᠤᠭ ᠤᠨ ᠢᠶᠠᠨ ᠰᠢᠭ᠋ ᠬᠦᠭᠵᠢᠶᠡᠨ ᠦᠬᠡᠢ ᠪᠤᠯᠵᠦ᠂ ᠲᠦᠷᠦ ᠭᠡᠷᠡᠯᠳᠤ ᠬᠠᠭᠠᠨ ᠤ ᠦᠶ᠎ᠡ ᠳᠤ ᠲᠠᠪᠤᠰᠤᠨ ᠤᠶᠢᠯᠡᠰ ᠨᠢ ᠤᠯᠠᠮ ᠤᠷᠤᠭᠤᠳᠠᠪᠠ᠃ ᠮᠤᠤᠲᠠᠢ ᠶᠢᠨ ᠠᠷᠢᠬᠢᠨ ᠤᠶᠢᠯᠡᠰ ᠬᠠᠷᠢᠨ ᠬᠦᠭᠵᠢᠶᠡᠨ ᠲᠠᠢ ᠪᠤᠯᠪᠠ᠃ ᠮᠤᠤᠲᠠᠢ ᠪᠠᠯᠭᠠᠰᠤᠨ ᠳᠤ ᠨᠡᠷᠡᠭᠰᠡᠨ ᠠᠷᠢᠬᠢ ᠶᠢ ᠤᠤᠭᠤᠭᠰᠠᠨ ᠲᠦᠷᠪᠡᠨ ᠵᠦᠭ  ᠨᠠᠢᠮᠠᠨ ᠵᠤᠪᠬᠢᠰ ᠤᠨ ᠵᠤᠴᠢᠳ ᠪᠦᠷ ᠡᠨᠡᠬᠦ ᠠᠷᠢᠬᠢ ᠶᠢ ᠮᠠᠭᠳᠠᠨ ᠰᠠᠶᠢᠰᠢᠶᠠᠵᠦ᠂ ᠭᠡᠷ ᠨᠤᠳᠤᠭ ᠲᠠᠭᠠᠨ ᠬᠠᠷᠢᠬᠤ ᠳᠠᠭᠠᠨ ᠤᠶᠢᠷ᠎ᠠ ᠲᠦᠷᠦᠯ ᠨᠠᠶᠢᠵᠢ ᠨᠦᠬᠦᠳ ᠲᠡᠭᠡᠨ ᠠᠳᠡᠬᠢ ᠠᠷᠢᠬᠢ ᠶᠢ ᠪᠡᠯᠡᠭ ᠪᠤᠯᠭᠠᠨ ᠬᠦᠷᠭᠡᠬᠦ ᠪᠤᠯᠵᠠᠢ᠃ ᠬᠠᠷᠬᠠᠨ ᠪᠠᠭ᠎ᠠ ᠠᠴᠠ ᠪᠠᠨ ᠠᠷᠠᠯᠵᠢᠶ᠎ᠠ ᠮᠠᠶᠢᠮᠠᠢ ᠳᠤ ᠴᠠᠭᠠᠷᠠᠭᠰᠠᠨ ᠸᠠᠩ ᠯᠢ ᠹᠦ᠋ ᠠᠷᠠᠯᠵᠢᠶ᠎ᠠ ᠬᠤᠳᠠᠯᠳᠤᠭᠠᠨ ᠤ ᠠᠵᠠ ᠵᠠᠪᠰᠢᠶᠠᠨ ᠬᠦᠷᠴᠦ ᠢᠷᠡᠭᠰᠡᠨ ᠢ ᠦᠵᠡᠵᠦ ᠭᠠᠷᠤᠭᠠᠳ᠂ ᠲᠠᠪᠤᠰᠣᠨ ᠤ ᠮᠠᠶᠢᠮᠠᠢ ᠬᠢᠬᠦ ᠪᠠᠨ ᠵᠤᠭᠰᠤᠵᠦ᠂ ᠠᠷᠢᠬᠢ ᠨᠡᠷᠡᠬᠦ ᠶᠢ ᠲᠤᠷᠰᠢᠨ ᠬᠢᠪᠡ᠃ ᠭᠡᠬᠦ ᠳᠤ ᠲᠡᠭᠦᠨ ᠤ ᠲᠡᠭᠡᠳᠤᠰ ᠠᠴᠠ ᠨᠢ ᠤᠯᠠᠮᠵᠢᠯᠠᠵᠦ ᠢᠷᠡᠭᠰᠡᠨ ᠪᠦᠷᠢᠨ ᠪᠦᠳᠤᠨ ᠪᠤᠰᠤ ︽ᠲᠢᠶᠠᠨ ᠡᠾᠧ ᠨᠠᠷᠠᠮᠵᠢᠳᠤ  ︾ ᠠᠷᠢᠬᠢᠨ ᠨᠡᠷᠡᠮᠡᠯ ᠤᠨ ᠲᠠᠰᠤᠭ ᠯᠠ ᠪᠠᠶᠢᠵᠦ᠂ ᠦᠭᠡᠷ᠎ᠡ ᠲᠡᠮᠡᠢ ︽ᠨᠢᠭᠤᠴᠠ ᠵᠤᠷ︾ ᠮᠡᠳᠤ ᠶᠢᠨ ᠶᠠᠭᠤᠮ᠎ᠠ ᠪᠠᠶᠢᠬᠤ ᠦᠬᠡᠢ᠃ ᠡᠶᠢᠮᠤ ᠠᠴᠠ ᠲᠡᠷᠡ ᠪᠠᠭ᠎ᠠ ᠬᠡᠮᠵᠢᠶᠡᠨ ᠤ ᠠᠷᠢᠬᠢ ᠨᠡᠷᠡᠵᠦ᠂ ᠦᠪᠡᠷ ᠤᠨ ᠭᠡᠷ ᠤᠨ ᠲᠠᠶᠢᠯᠠᠯᠭ᠎ᠠ ᠳᠤ ᠬᠡᠷᠡᠭᠰᠡᠬᠦ ᠪᠤᠶᠤ ᠪᠤᠰᠤᠳ ᠲᠤ ᠪᠡᠯᠡᠭ ᠬᠦᠷᠭᠡᠬᠦ ᠪᠠᠷ ᠲᠤᠷᠰᠢᠨ ᠨᠡᠷᠡᠵᠦ ᠪᠠᠶᠢᠵᠠᠢ᠃      1879 ᠤᠨ ᠳᠤ᠂ ᠸᠠᠩ ᠯᠢ ᠹᠦ᠋᠂ ᠰᠦᠨ ᠴᠢᠤᠸᠠᠨ ᠲᠠᠢ᠂ ᠱᠾᠢ ᠿᠦᠩ ᠰᠢᠶᠤᠤ ᠭᠤᠷᠪᠡᠨ ᠬᠦᠮᠤᠨ ᠬᠤᠷᠰᠢᠵᠦ᠂ ᠲᠤᠰ ᠪᠠᠯᠭᠠᠰᠤᠨ ᠤ ᠬᠠᠮᠤᠭ ᠤᠨ ᠶᠡᠭᠡ ᠠᠷᠢᠬᠢ ᠨᠡᠷᠡᠬᠦ ᠠᠵᠤ ᠠᠬᠤᠶᠢᠯᠠᠯ  ︽ᠿᠦᠩ ᠲᠠᠢ ᠡᠾᠧ  ︾ ᠨᠡᠷᠡᠮᠵᠢᠳᠤ ᠠᠷᠢᠬᠢᠨ ᠤᠶᠢᠯᠡᠳᠪᠤᠷᠢ ᠪᠠᠶᠢᠭᠤᠯᠵᠦ᠂ ᠬᠤᠵᠢᠮ ᠨᠢ ᠰᠦᠨ ᠴᠢᠤᠸᠠᠨ ᠲᠠᠢ ᠤᠬᠤᠷᠢᠨ ᠭᠠᠷᠤᠭᠰᠠᠨ  ᠠᠴᠠ ᠪᠤᠯᠵᠦ᠂ ᠤᠤᠯ ᠤᠨ ᠠᠷᠢᠬᠢᠨ ᠤᠶᠢᠯᠡᠳᠪᠤᠷᠢ ᠪᠠᠨ  ︽ᠿᠦᠩ ᠡᠾᠧ︾ ᠨᠡᠷᠡᠮᠵᠢᠳᠤ ᠠᠷᠢᠬᠢᠨ ᠤᠶᠢᠯᠡᠳᠪᠤᠷᠢ ᠪᠤᠯᠭᠠᠪᠠ᠃ ᠲᠡᠳᠡᠨ ᠤ ᠨᠡᠷᠡᠭᠰᠡᠨ ᠠᠷᠢᠬᠢ ᠶᠢ ᠨᠢ ᠤᠷᠤᠨ ᠤ ᠬᠦᠮᠤᠰ  ︽ᠸᠠᠩ ᠮᠤᠤ︾ ᠠᠷᠢᠬᠢ ᠭᠡᠵᠦ ᠬᠡᠯᠡᠵᠦ ᠪᠠᠶᠢᠪᠠ᠃ ᠸᠠᠩ ᠯᠢ ᠹᠦ᠋ ᠦᠪᠡᠷ ᠤᠨ ᠬᠡᠷ ᠤᠨ ᠠᠷᠢᠬᠢᠨ ᠤ ᠬᠦᠷᠤᠩᠭᠡ ᠪᠠᠨ ᠦᠨ᠎ᠡ ᠬᠠᠩᠰᠢᠯᠠᠵᠦ ᠪᠠᠯᠡ ᠤᠷᠤᠭᠤᠯᠤᠭᠰᠠᠨ ᠮᠦᠩᠭᠦ ᠪᠤᠯᠭᠠᠵᠦ᠂ ᠲᠡᠷᠡ ᠪᠡᠶ᠎ᠡ ᠪᠠᠷ ᠢᠶᠠᠨ ᠤᠶᠢᠯᠡᠳᠪᠤᠷᠢᠯᠡᠯ ᠢ ᠬᠠᠷᠢᠭᠤᠴᠠᠵᠦ᠂  ︽ᠸᠠᠩ ᠮᠤᠤ ︾ ᠠᠷᠢᠬᠢ ᠪᠠᠨ ᠰᠧᠴᠤᠸᠠᠨ ᠤᠷᠤᠨ ᠤᠷᠤᠭᠤ ᠪᠤᠷᠤᠯᠠᠭᠤᠯᠤᠭᠰᠠᠨ ᠠᠴᠠ ᠮᠤᠤᠲᠠᠢ ᠪᠠᠯᠭᠠᠰᠤᠨ ᠤ ᠠᠷᠢᠬᠢᠨ ᠤ ᠤᠶᠢᠯᠡᠰ ᠬᠦᠭᠵᠢᠨ ᠮᠠᠨᠳᠤᠵᠦ ᠢᠷᠡᠪᠡ᠃ ᠸᠠᠩ ᠯᠢ ᠹᠦ᠋ ᠡᠪᠦᠭᠡ ᠲᠡᠭᠡᠳᠤᠰ ᠸᠠᠩ ᠲᠢᠶᠠᠨ ᠡᠾᠧ ᠶᠢᠨ ᠲᠤᠭᠳᠠᠭᠠᠭᠰᠠᠨ ᠭᠡᠷ ᠤᠨ ᠶᠤᠰᠤ ᠵᠢᠷᠤᠮ ᠢ ᠬᠢᠴᠢᠶᠡᠩᠭᠦᠶᠢᠯᠡᠨ ᠪᠠᠷᠢᠮᠳᠠᠯᠠᠵᠦ᠂ ᠠᠷᠢᠬᠢ ᠨᠡᠷᠡᠬᠦ ᠲᠦᠭᠦᠬᠡᠢ ᠮᠠᠲ᠋ᠧᠷᠢᠶᠠᠯ  ᠠᠴᠠ ᠭᠠᠷᠳᠠᠵᠦ᠂ ᠤᠯᠠᠷᠢᠯ ᠤᠨ ᠴᠠᠭ ᠠᠭᠤᠷ ᠤᠨ ᠬᠤᠪᠢᠷᠠᠯᠳᠠ ᠶᠢ ᠦᠨᠳᠤᠰᠤᠯᠡᠵᠦ᠂ ᠲᠦᠭᠦᠬᠡᠢ ᠮᠠᠲ᠋ᠧᠷᠢᠶᠠᠯ ᠢᠶᠠᠨ ᠶᠢᠰᠤ ᠤᠳᠠᠭ᠎ᠠ ᠵᠢᠩᠨᠡᠵᠦ᠂ ᠲᠡᠰ ᠲᠠᠷᠠᠭᠠᠯᠠᠨ ᠬᠦᠷᠤᠩᠭᠡ ᠨᠡᠮᠡᠵᠦ᠂ ᠨᠠᠢᠮᠠ ᠤᠳᠠᠭ᠎ᠠ ᠢᠰᠭᠡᠬᠦ᠂ ᠲᠤᠯᠤᠭᠠᠨ ᠤᠳᠠᠭ᠎ᠠ ᠠᠷᠢᠬᠢ ᠪᠠᠨ ᠠᠪᠴᠦ᠂ ᠲᠡᠰ ᠬᠤᠪᠢᠶᠠᠨ ᠬᠦᠮᠤᠷᠭᠡ ᠳᠤ ᠤᠷᠤᠭᠤᠯᠬᠤ᠂ ᠬᠠᠷᠢᠴᠠᠯ ᠶᠤᠰᠤᠭᠠᠷ ᠬᠦᠷᠤᠩᠭᠡ ᠤᠰᠤ ᠬᠤᠯᠢᠬᠤ᠂ ᠤᠷᠳᠤ ᠬᠤᠭᠤᠴᠠᠭ᠎ᠠ ᠪᠠᠷ ᠬᠠᠳᠠᠭᠠᠯᠠᠬᠤ ᠵᠡᠷᠭᠡ ︽ᠭᠡᠷ ᠤᠨ ᠤᠳᠤᠮᠰᠢᠯᠳᠤ ᠵᠤᠷ︾ ᠢ ᠡᠭᠦᠳᠴᠦ᠂ ᠤᠳᠤᠮᠰᠢᠯᠳᠤ ᠭᠠᠷ ᠤᠷᠠᠯᠠᠯ ᠢ ᠬᠡᠷᠡᠭᠵᠢᠭᠦᠯᠦᠭᠰᠡᠨ ᠪᠢᠯᠠ᠃ ᠸᠠᠩ ᠯᠢ ᠹᠦ᠋ ᠬᠤᠷᠳᠤᠨ ᠤᠶᠢᠯᠡᠳᠪᠤᠷᠢᠯᠡᠨ ᠠᠰᠢᠭ ᠬᠤᠨᠵᠢᠪᠤᠷᠢ ᠤᠯᠬᠤ ᠶᠢ ᠬᠦᠭᠡᠭᠡᠴᠡᠯᠳᠦᠭᠰᠡᠨ ᠦᠬᠡᠢ᠂ ᠯᠠᠪᠳᠠᠭᠤᠨ ᠲᠤᠭᠳᠠᠭᠤᠨ ᠠᠯᠬᠤᠮ ᠲᠠᠷᠠᠭ᠎ᠠ ᠲᠠᠢ ᠪᠠᠷ ᠤᠳᠤᠮᠰᠢᠯᠳᠤ ᠠᠷᠭ᠎ᠠ ᠪᠠᠷᠢᠯ ᠢᠶᠠᠷ᠂ ᠭᠠᠷ ᠤᠷᠠᠯᠠᠯ ᠮᠡᠷᠭᠡᠵᠢᠯ ᠤᠨ ᠶᠤᠰᠤᠭᠠᠷ᠂ ᠠᠷᠢᠬᠢ ᠨᠡᠷᠡᠬᠦ ᠡᠯ᠎ᠡ ᠵᠠᠩᠬᠢᠯᠭ᠎ᠠ ᠭᠤᠭᠴᠤᠭ᠎ᠠ᠂ ᠠᠯᠬᠤᠮ ᠲᠠᠷᠠᠭ᠎ᠠ᠂ ᠱᠠᠭᠠᠷᠳᠠᠯᠭ᠎ᠠ ᠶᠢ ᠨᠠᠷᠢᠨ ᠬᠢᠨᠠᠮᠠᠭᠠᠢ ᠵᠢᠷᠤᠮᠯᠡᠭᠰᠡᠨ ᠠᠴᠠ ︽ᠸᠠᠩ ᠮᠤᠤ ᠠᠷᠢᠬᠢ︾ ᠤᠳᠤ ᠪᠤᠯᠳᠠᠯ᠎ᠠ ᠰᠢᠯᠢᠳᠡᠭ ᠨᠡᠷ᠎ᠡ ᠪᠠᠨ ᠬᠠᠮᠠᠭᠠᠯᠠᠵᠦ᠂ ᠬᠡᠳᠤᠨ ᠵᠠᠭᠤᠨ ᠵᠢᠯ ᠠᠯᠳᠠᠷᠰᠢᠭᠰᠠᠨ ᠪᠠᠶᠢᠨ᠎ᠠ᠃      ᠲᠡᠭᠦᠨ ᠤ ᠠᠷᠢᠬᠢᠨ ᠤ ᠠᠷᠠᠯᠵᠢᠶ᠎ᠠ ᠬᠤᠳᠠᠯᠳᠤᠭ᠎ᠠ ᠡᠳᠤᠷ ᠠᠴᠠ ᠡᠳᠤᠷ ᠲᠡᠭᠡᠭᠰᠢᠯᠡᠵᠦ᠂ ᠬᠦᠬᠡ ᠲᠡᠰ ᠤᠨ ᠠᠷᠢᠬᠢᠨ ᠫᠦᠰᠡ ᠪᠤᠯᠪᠠ᠃ ᠠᠳᠠᠯᠢ ᠪᠤᠰᠤ ᠦᠶ᠎ᠡ ᠶᠢᠨ ᠪᠠᠶᠠᠳ ᠨᠤᠶᠠᠳ ᠪᠦᠷ ᠠᠷᠠᠳ ᠢᠷᠭᠡᠳ ᠢ ᠠᠳᠠᠯᠢ ᠪᠤᠰᠤ  ᠪᠠᠷ ᠬᠢᠬᠠᠨ ᠲᠠᠷᠴᠢᠯᠭᠠᠳᠠᠭ ᠪᠠᠶᠢᠭᠰᠠᠨ᠂ ᠭᠡᠪᠡᠴᠦ ᠸᠠᠩ ᠯᠢ ᠹᠦ᠋ ᠠᠷᠠᠳ ᠤᠯᠠᠨ ᠢ ᠬᠠᠷᠬᠢᠰᠯᠠᠳᠠᠭ ᠦᠬᠡᠢ᠂ ᠬᠠᠷᠢᠨ ᠶᠠᠳᠠᠭᠤᠴᠤᠳ ᠲᠠᠢ ᠰᠠᠶᠢᠨ ᠨᠠᠶᠢᠵᠢ ᠪᠤᠯᠤᠨ ᠶᠠᠪᠤᠯᠴᠠᠳᠠᠭ᠃ ᠸᠠᠩ ᠯᠢ ᠹᠦ᠋ ᠶᠢᠨ ᠬᠡᠷᠭᠡᠢ ᠨᠢ ᠴᠦ ᠸᠠᠩ ᠤᠪᠤᠭᠳᠠᠨ  ᠤ ᠭᠡᠷ ᠤᠨ ᠰᠤᠷᠭᠠᠯ ᠶᠤᠰᠤᠭᠠᠷ ᠨᠡᠶᠢᠭᠡᠮ ᠨᠡᠶᠢᠳᠡ ᠳᠤ ᠰᠠᠶᠢᠨ ᠶᠠᠪᠤᠳᠠᠯ ᠬᠢᠵᠦ᠂ ᠠᠶᠢᠯ ᠵᠡᠷᠭᠡᠯᠳᠡᠭᠡ ᠶᠢᠨ ᠠᠯᠢ ᠠᠶᠢᠯ ᠨᠢ ᠡᠪᠡᠳᠴᠢᠨ ᠲᠠᠢ ᠬᠦᠮᠤᠨ ᠪᠠᠶᠢᠪᠠᠯ ᠲᠡᠷᠡ ᠡᠮ ᠤᠨ ᠪᠤᠭᠴᠦ ᠪᠠᠨ ᠡᠭᠦᠷᠴᠦ ᠭᠡᠷ ᠲᠤᠨᠢ ᠬᠦᠷᠴᠦ ᠡᠮᠴᠢᠯᠡᠳᠡᠭ ᠪᠠᠶᠢᠵᠠᠢ᠃      ᠸᠠᠩ ᠤᠪᠤᠭᠳᠠᠨ ᠤ ᠬᠤᠶᠢᠴᠢᠰ ᠨᠢ ᠡᠶᠢᠨᠬᠦ ᠶᠠᠩᠵᠦ ᠪᠠᠷ ᠭᠡᠷ ᠤᠨ ᠶᠤᠰᠤ ᠵᠢᠷᠤᠮ ᠢᠶᠠᠨ ᠤᠯᠠᠮᠵᠢᠯᠠᠵᠦ᠂ ᠠᠷᠢᠬᠢ ᠨᠡᠷᠡᠬᠦ ᠰᠢᠯᠢᠳᠡᠭ ᠭᠠᠷ ᠤᠷᠠᠯᠠᠯ ᠢᠶᠠᠨ ᠪᠠᠷᠢᠮᠳᠠᠯᠠᠭᠰᠠᠨ ᠢᠶᠠᠷ ᠤᠳᠤ ᠶᠢᠨ ᠲᠡᠯᠡᠬᠡᠢ ᠳᠤ ᠠᠯᠳᠠᠷᠰᠢᠭᠰᠠᠨ ︽ᠮᠤᠤᠲᠠᠢ ᠠᠷᠢᠬᠢ︾ ᠶᠢ ᠪᠤᠢ ᠪᠤᠯᠭᠠᠭᠰᠠᠨ ᠪᠢᠯᠠ᠃      ᠮᠤᠤᠲᠠᠢ ᠪᠠᠯᠭᠠᠰᠤᠨ ᠳᠤ  ︽ᠸᠠᠩ ᠮᠤᠤ ᠠᠷᠢᠬᠢ︾ ᠲᠠᠢ ᠠᠳᠠᠯᠢ ᠪᠠᠷ᠂ ᠠᠯᠳᠠᠷ ᠨᠡᠷ᠎ᠡ ᠮᠡᠨᠳᠤᠭᠰᠠᠨ ᠨᠡᠷᠡᠮᠡᠯ ᠠᠷᠢᠬᠢ ᠪᠠᠰᠠ ᠨᠢᠭᠡ ᠪᠠᠶᠢᠳᠠᠭ᠃ ᠲᠡᠷᠡ ᠨᠢ ᠬᠤᠸᠠ ᠤᠪᠤᠭᠳᠠᠨ ᠤ ︽ᠴᠧᠩ ᠢᠤᠢ ᠨᠡᠷᠡᠮᠵᠢᠳᠤ  ︾᠂ ︽ᠬᠤᠸᠠ ᠮᠤᠤ ᠠᠷᠢᠬᠢ︾ ᠪᠤᠯᠬᠤ ᠶᠤᠮ᠃ 1915 ᠤᠨ ᠳᠤ ᠭᠦᠢᠵᠸᠤ ᠮᠤᠵᠢ ᠶᠢᠨ ᠲᠠᠷᠢᠶᠠᠯᠠᠩ ᠬᠤᠳᠠᠯᠳᠤᠭᠠᠨ ᠤ ᠬᠡᠯᠳᠡᠰ  ᠨᠢ ︽ᠸᠠᠩ ᠮᠤᠤ︾ ᠪᠤᠯᠤᠨ ︽ᠬᠤᠸᠠ ᠮᠤᠤ︾ ᠬᠤᠶᠠᠷ ᠠᠷᠢᠬᠢ ᠶᠢ ᠨᠡᠶᠢᠯᠡᠭᠦᠯᠤᠨ ︽ᠮᠤᠤᠲᠠᠢ ᠠᠷᠢᠬᠢ︾ ᠭᠡᠵᠦ᠂ ᠭᠦᠢᠵᠸᠤ ᠮᠤᠵᠢ ᠶᠢᠨ ᠵᠠᠬᠢᠷᠭ᠎ᠠ ᠶᠢᠨ ᠮᠤᠤᠲᠠᠢ ᠠᠷᠢᠬᠢᠨ ᠺᠤᠮᠫᠠᠨᠢ ᠶᠢᠨ ᠪᠠᠷᠠᠭᠠᠨ ᠤ ᠲᠡᠮᠳᠡᠭ ᠢ ᠬᠠᠳᠠᠵᠦ᠂ ᠮᠤᠤᠲᠠᠢ ᠨᠡᠷᠡᠮᠵᠢᠳᠤ ᠠᠷᠢᠬᠢ ᠨᠢ ︽ᠫᠠᠨᠠᠮᠠ ᠶᠢᠨ ᠤᠯᠠᠨ ᠤᠯᠤᠰ ᠤᠨ ᠦᠵᠡᠰᠭᠦᠯᠡᠩ︾ ᠳᠤ ᠤᠷᠤᠯᠴᠠᠭᠰᠠᠨ ᠪᠠᠶᠢᠨ᠎ᠠ᠃      ᠢᠷᠭᠡᠨ ᠤᠯᠤᠰ ᠤᠨ ᠠᠩᠬᠠᠨ ᠤ ᠦᠶ᠎ᠡ ᠳᠤ ᠲᠤᠮᠳᠠᠳᠤ ᠤᠯᠤᠰ ᠨᠢ ᠢᠯᠵᠢᠷᠡᠨ ᠲᠤᠷᠤᠶᠢᠳᠠᠵᠦ᠂ ᠲᠡᠯᠡᠬᠡᠢ ᠲᠡᠭᠡᠷ᠎ᠡ ᠲᠤᠮᠳᠠᠳᠤ ᠤᠯᠤᠰ ᠲᠡᠮᠡᠢ ᠨᠡᠷ᠎ᠡ ᠠᠯᠳᠠᠷ ᠦᠬᠡᠢ ᠪᠠᠶᠢᠭᠰᠠᠨ ᠲᠤᠯᠠ ᠮᠤᠤᠲᠠᠢ ᠠᠷᠢᠬᠢ ᠨᠢ ᠤᠯᠠᠨ ᠤᠯᠤᠰ  ᠤᠨ ᠦᠵᠡᠰᠭᠦᠯᠡᠩ ᠳᠤ ᠤᠷᠤᠯᠴᠠᠭᠰᠠᠨ ᠪᠤᠯᠪᠠᠴᠦ ᠲᠡᠮᠡᠢ ᠠᠩᠬᠠᠷᠬᠤ ᠬᠦᠮᠤᠨ ᠦᠬᠡᠢ ᠪᠠᠶᠢᠯ᠎ᠠ᠃ ᠶᠠᠭ ᠤᠯᠠᠨ ᠤᠯᠤᠰ ᠤᠨ ᠦᠵᠡᠰᠭᠦᠯᠡᠩ ᠲᠠᠷᠬᠠᠬᠤ ᠤᠶᠢᠷᠠᠳᠬᠤ ᠳᠤ ᠨᠢᠭᠡ ᠠᠵᠢᠯᠳᠠᠨ ᠰᠠᠨᠠᠮᠰᠠᠷ ᠦᠬᠡᠢ ᠪᠠᠷ ᠦᠵᠡᠭᠦᠯᠦᠯᠭᠡ ᠳᠤ ᠲᠡᠯᠭᠡᠵᠦ ᠪᠠᠶᠢᠭᠰᠠᠨ ᠨᠢᠭᠡᠨ ᠪᠤᠳᠤᠩ ᠮᠤᠤᠲᠠᠢ ᠠᠷᠢᠬᠢ ᠶᠢ ᠲᠡᠯᠭᠡᠭᠦᠷ ᠠᠴᠠ ᠤᠨᠠᠭᠠᠨ ᠬᠠᠭᠠᠯᠪᠠ᠃ ᠠᠮᠳᠠᠳᠤ ᠠᠷᠢᠬᠢ ᠪᠤᠳᠤᠩ ᠠᠴᠠ ᠠᠰᠬᠠᠷᠠᠨ ᠭᠠᠷᠴᠦ ᠢᠷᠡᠬᠦ ᠳᠤ ᠠᠩᠬᠢᠯᠤᠮ᠎ᠠ ᠰᠠᠶᠢᠬᠠᠨ ᠦᠨᠤᠷ ᠬᠦᠮᠤᠰ ᠤᠨ ᠦᠨᠤᠷ ᠤᠨ ᠰᠠᠷᠠᠯ ᠢ ᠬᠦᠨᠳᠡᠪᠠ᠃ ᠦᠵᠡᠰᠭᠦᠯᠡᠩ ᠳᠤ ᠤᠷᠤᠯᠴᠠᠭᠰᠠᠨ ᠬᠦᠮᠤᠰ ᠭᠠᠶᠢᠬᠠᠰᠢ ᠠᠯᠳᠠᠵᠦ᠂ ᠲᠤᠮᠳᠠᠳᠤ ᠤᠯᠤᠰ ᠤᠨ ᠲᠡᠯᠭᠡᠨ ᠦᠵᠡᠭᠦᠯᠦᠯᠭᠡ ᠳᠤ ᠶᠡᠷᠤ ᠢᠷᠡᠳᠡᠭ ᠦᠬᠡᠢ ᠬᠢᠨᠠᠭᠴᠢ ᠨᠠᠷ ᠬᠦᠷᠳᠡᠯ᠎ᠡ ᠮᠤᠤᠲᠠᠢ ᠠᠷᠢᠬᠢ ᠶᠢ ᠢᠷᠡᠵᠦ ᠠᠮᠳᠠᠯᠠᠵᠦ ᠦᠵᠡᠭᠡᠳ᠂ ᠰᠠᠶᠢᠨ ᠠᠷᠢᠬᠢ ᠭᠡᠵᠦ ᠪᠢᠰᠢᠷᠡᠨ ᠰᠠᠶᠢᠰᠢᠶᠠᠭᠠᠳ᠂ ᠮᠤᠤᠲᠠᠢ ᠠᠷᠢᠬᠢᠨ ᠳᠤ ᠠᠯᠳᠠᠨ ᠮᠧᠲᠯ  ᠤᠨ ᠱᠠᠩᠨᠠᠯ ᠤᠯᠭᠤᠪᠠ᠃ ᠢᠩᠬᠢᠭᠡᠳ ᠮᠤᠤᠲᠠᠢ ᠠᠷᠢᠬᠢ ᠨᠢ ᠲᠡᠯᠡᠬᠡᠢ ᠳᠤ ᠠᠯᠳᠠᠷᠰᠢᠭᠰᠠᠨ ᠰᠠᠶᠢᠨ ᠠᠷᠢᠬᠢ ᠪᠤᠯᠤᠭᠰᠠᠨ ᠪᠠᠶᠢᠨ᠎ᠠ᠃      ᠡᠨᠡ ᠪᠤᠯ ᠤᠯᠠᠨ ᠤ ᠮᠡᠳᠡᠳᠡᠭ ᠤᠯᠤᠰ ᠤᠨ ᠠᠷᠢᠬᠢ ᠭᠡᠵᠦ ᠠᠯᠳᠠᠷᠰᠢᠭᠰᠠᠨ ︽ᠮᠤᠤᠲᠠᠢ ᠠᠷᠢᠬᠢ︾ ᠪᠤᠯᠬᠤ ᠶᠤᠮ᠃ ᠭᠡᠬᠦ ᠳᠤ ᠮᠤᠤᠲᠠᠢ ᠠᠷᠢᠬᠢ ᠲᠠᠢ ᠡᠭᠡᠴᠢ ᠲᠡᠭᠦᠤ ᠬᠤᠳᠳᠤᠭ ᠤᠨ ᠤᠰᠤ ᠪᠠᠷ ᠨᠡᠷᠡᠭᠰᠡᠨ ︽ᠮᠧᠩ ᠢᠤᠢ ᠵᠢᠶᠠᠩ︾ ᠮᠤᠭᠠᠶᠢᠳᠤ ᠶᠢᠨ ᠲᠠᠷᠠᠰᠤ ᠪᠤᠯ ᠮᠤᠩᠭᠤᠯ ᠤᠨ ᠬᠤᠶᠢᠴᠢᠰ ᠢᠤᠢ ᠤᠪᠤᠭᠳᠠᠨ ᠤ ᠦᠪᠡᠷᠮᠢᠴᠡ ᠨᠡᠷᠡᠮᠡᠯ ᠠᠷᠢᠬᠢ ᠭᠡᠰᠡᠨ ᠢ ᠤᠯᠠᠩᠬᠢ ᠬᠦᠮᠤᠰ ᠦᠩᠭᠡᠷᠡᠭᠰᠡᠨ ᠳᠤ ᠮᠡᠳᠡᠬᠦ ᠦᠬᠡᠢ ᠪᠠᠶᠢᠭᠰᠠᠨ ᠪᠢᠯᠠ᠃ ᠤᠷᠴᠢᠮᠬᠠᠨ ᠪᠢ ︽ᠦᠪᠤᠷ ᠮᠤᠩᠭᠤᠯ ᠤᠨ ᠮᠧᠩ ᠢᠤᠢ ᠵᠢᠶᠠᠩ ᠠᠷᠢᠬᠢᠨ ᠤᠶᠢᠯᠡᠰ ᠤᠨ ᠬᠢᠵᠠᠭᠠᠷᠳᠤ ᠺᠤᠮᠫᠠᠨᠢ︾᠂ ︽ᠪᠡᠭᠡᠵᠢᠩ ᠤᠨ ᠶᠢᠨ ᠫᠠᠢ ᠨᠡᠷᠡᠮᠵᠢᠳᠤ ᠰᠢᠨᠵᠢᠯᠡᠭᠡ ᠮᠡᠷᠭᠡᠵᠢᠯ ᠤᠨ ᠬᠢᠵᠠᠭᠠᠷᠳᠤ ᠺᠤᠮᠫᠠᠨᠢ︾᠂ ︽ᠤᠯᠠᠭᠠᠨᠬᠠᠳᠠ ᠶᠢᠨ ᠹᠧᠩ ᠵᠢᠩ ᠨᠡᠷᠡᠮᠵᠢᠳᠤ ᠦᠨᠳᠤᠰᠤᠳᠡᠨ ᠤ ᠱᠠᠭᠠᠵᠠᠩ ᠤᠷᠠᠯᠠᠯ ᠤᠨ ᠬᠢᠵᠠᠭᠠᠷᠳᠤ ᠺᠤᠮᠫᠠᠨᠢ︾ ᠭᠤᠷᠪᠠᠨ ᠺᠤᠮᠫᠠᠨᠢ ᠠᠵᠢᠯᠯᠠᠭᠤᠯᠵᠦ ᠪᠠᠶᠢᠭ᠎ᠠ ᠠᠷᠤ ᠬᠤᠷᠴᠢᠨ ᠨᠤᠳᠤᠭ ᠲᠠᠢ ᠤᠶᠢᠯᠡᠰ ᠪᠦᠳᠤᠭᠡᠭᠴᠢ ᠮᠦᠩᠬᠡᠪᠠᠶᠠᠷ ᠠᠪᠤᠭᠠᠢ ᠶᠢᠨ ᠰᠢᠨ᠎ᠡ ᠢᠯᠡᠷᠡᠭᠦᠯᠤᠯᠳᠡ  ᠶᠢ ᠷᠠᠳᠢᠤ᠋ ᠲᠧᠯᠸᠢᠰ ᠪᠤᠶᠤ ᠰᠦᠯᠵᠢᠶ᠎ᠡ ᠮᠡᠳᠡᠭᠡᠯᠡᠯ ᠠᠴᠠ ᠤᠯᠵᠦ ᠮᠡᠳᠡᠯ᠎ᠡ᠃ ᠮᠦᠩᠬᠡᠪᠡᠶᠡᠷ ᠠᠪᠤᠭᠠᠢ ᠶᠢᠨ ᠸᠢᠴᠠᠲ ᠲᠠᠪᠴᠠᠩ ᠤᠨ ᠨᠠᠶᠢᠷᠠᠭᠤᠯᠤᠭᠴᠢ ᠠᠷᠭᠠᠮᠵᠢᠶ᠎ᠠ ᠭᠤᠸᠠᠢ ᠶᠢᠨ ᠮᠡᠳᠡᠭᠡᠯᠡᠭᠰᠡᠨ ᠢ ᠦᠨᠳᠤᠰᠤᠯᠡᠪᠡᠯ᠄ ︽ᠮᠡᠷᠭᠡᠵᠢᠯ ᠤᠨ ᠵᠢᠷᠤᠭᠠᠴᠢ᠂ ᠠᠵᠦ ᠤᠶᠢᠯᠡᠰᠳᠡᠨ ᠮᠦᠩᠬᠡᠪᠡᠶᠡᠷ᠂ ᠴᠢᠩ ᠬᠤᠸᠠ ᠶᠡᠭᠡ ᠰᠤᠷᠭᠠᠭᠤᠯᠢ ᠳᠤ ᠤᠷᠠᠨ ᠵᠢᠷᠤᠭ ᠤᠨ ᠮᠡᠷᠭᠡᠵᠢᠯ ᠲᠡᠭᠡᠭᠰᠢᠯᠡᠭᠦᠯᠬᠦ ᠠᠩᠬᠢ ᠶᠢᠨ ᠤᠨᠴᠠ ᠤᠷᠢᠭᠰᠠᠨ ᠪᠠᠭᠰᠢ ᠶᠢᠨ ᠬᠤᠪᠢ ᠪᠠᠷ ᠪᠢᠯᠢᠭ ᠤᠨ ᠭᠡᠭᠡᠨ ᠤᠭᠳᠠᠷᠭᠤᠢ ᠳᠤ ᠤᠳᠤᠳ ᠤᠨ ᠲᠤᠭ᠎ᠠ ᠶᠢ ᠨᠡᠮᠡᠵᠦ᠂ ᠪᠢᠴᠢᠭ ᠭᠡᠭᠡᠨ ᠤᠶᠢᠯᠡᠰ ᠤᠨ ᠪᠤᠶᠠᠨᠳᠤ ᠴᠠᠭᠠᠨ ᠮᠦᠷ ᠢᠶᠠᠷ ᠴᠢᠨᠳᠠᠮᠤᠨᠢ ᠬᠦᠰᠡᠯ ᠲᠡᠪᠳᠡᠷᠯᠡᠭᠦᠯᠵᠦ ᠶᠠᠪᠤᠨ᠎ᠠ᠃ ᠲᠡᠷᠡ ᠪᠠᠭᠰᠢ ᠶᠢᠨ ᠮᠡᠷᠭᠡᠨ ᠬᠠᠷᠠᠴᠠ ᠪᠠᠷ ᠬᠤᠷᠸ᠎ᠠ ᠤᠷᠴᠢᠨ ᠢ ᠰᠢᠨᠵᠢᠵᠦ᠂ ᠰᠢᠪᠳᠤᠯᠤᠨ ᠲᠠᠭᠠᠷᠢᠵᠦ ᠰᠢᠨ᠎ᠡ ᠶᠢ ᠡᠭᠦᠳᠬᠦ ᠵᠤᠷᠢᠭ ᠰᠡᠳᠬᠢᠯᠭᠡ ᠪᠠᠨ ᠪᠢᠴᠢᠭ ᠤᠨ ᠰᠤᠳᠤᠨ ᠡᠷᠳᠡᠮ  ᠳᠤ ᠨᠡᠶᠢᠯᠡᠭᠦᠯᠤᠨ ᠲᠦᠭᠦᠳᠡᠭᠯᠡᠵᠦ ᠰᠤᠷᠭᠠᠨ ᠬᠦᠮᠤᠵᠢᠯ᠂ ᠰᠤᠶᠤᠯ ᠬᠢᠭᠡᠳ ᠠᠵᠦ ᠠᠬᠤᠢ ᠶᠢ ᠭᠤᠷᠮᠤᠰᠤᠯᠠᠨ ᠵᠠᠩᠬᠢᠳᠴᠦ ᠭᠤᠷᠪᠠᠨ ᠺᠤᠮᠫᠠᠨᠢ ᠠᠵᠢᠯᠯᠠᠭᠤᠯᠵᠦ ᠪᠠᠶᠢᠭ᠎ᠠ ᠤᠶᠢᠯᠠᠰ ᠪᠦᠳᠤᠭᠡᠭᠴᠢ ︵ᠦᠪᠤᠷ ᠮᠤᠩᠭᠤᠯ ᠤᠨ ᠮᠧᠩ ᠢᠤᠢ ᠵᠢᠶᠠᠩ ᠠᠷᠢᠬᠢᠨ ᠤᠶᠢᠯᠡᠰ ᠤᠨ ᠬᠢᠵᠠᠭᠠᠷᠳᠤ ᠺᠤᠮᠫᠠᠨᠢ᠂ ᠪᠡᠭᠡᠵᠢᠩ ᠤᠨ ᠶᠢᠨ ᠫᠠᠢ ᠨᠡᠷᠡᠮᠵᠢᠳᠤ ᠰᠢᠨᠵᠢᠯᠡᠭᠡ ᠮᠡᠷᠭᠡᠵᠢᠯ ᠤᠨ ᠬᠢᠵᠠᠭᠠᠷᠳᠤ ᠺᠤᠮᠫᠠᠨᠢ᠂ ᠤᠯᠠᠭᠠᠨᠬᠠᠳᠠ ᠶᠢᠨ ᠹᠧᠩ ᠵᠢᠩ ᠨᠡᠷᠡᠮᠵᠢᠳᠤ ᠦᠨᠳᠤᠰᠤᠳᠡᠨ ᠤ ᠱᠠᠭᠠᠵᠠᠩ ᠤᠷᠠᠯᠠᠯ ᠤᠨ ᠬᠢᠵᠠᠭᠠᠷᠳᠤ ᠺᠤᠮᠫᠠᠨᠢ ᠶᠢ ᠪᠠᠭᠳᠠᠭᠠᠭᠰᠠᠨ︶ ᠪᠤᠯᠤᠭᠰᠠᠨ ᠪᠠᠶᠢᠨ᠎ᠠ᠃      ᠲᠡᠷᠡ ᠦᠵᠡᠯ ᠰᠠᠨᠠᠭ᠎ᠠ᠂ ᠰᠤᠶᠤᠯ ᠤᠬᠠᠮᠰᠠᠷ᠂ ᠬᠤᠷᠸ᠎ᠠ ᠰᠡᠳᠬᠢᠮᠵᠢ᠂ ᠦᠷᠭᠡᠨ ᠬᠠᠷᠠᠭ᠎ᠠ ᠬᠢᠭᠡᠳ ᠲᠡᠯᠭᠡᠷ ᠮᠡᠳᠡᠯᠭᠡ ᠲᠤᠰᠬᠠᠢ ᠴᠢᠳᠠᠪᠤᠷᠢ ᠶᠢ ᠪᠦᠷᠢᠯᠳᠦᠭᠦᠯᠦᠭᠰᠡᠨ ᠲᠦᠭᠡᠮᠡᠯ ᠤᠶᠤᠨᠳᠤ ᠪᠠᠭᠰᠢ ᠬᠦᠮᠤᠨ ᠤ ᠬᠤᠪᠢ ᠠᠴᠠ ᠰᠤᠶᠤᠯ ᠤᠨ ᠶᠠᠮᠤ ᠶᠢᠨ ᠲᠤᠮᠳᠠᠳᠤ ᠤᠯᠤᠰ ᠳᠠᠬᠢ ᠤᠯᠠᠨ ᠤᠯᠤᠰ ᠤᠨ ᠪᠢᠴᠢᠯᠭᠡ ᠵᠢᠷᠤᠭ ᠰᠤᠳᠤᠯᠭᠠᠨ ᠤ ᠬᠤᠷᠠᠯ  ᠠᠴᠠ ᠡᠷᠬᠢᠯᠡᠭᠰᠡᠨ ᠪᠤᠯᠪᠠᠰᠤᠷᠠᠯ ᠤᠨ ᠰᠠᠭᠤᠷᠢᠨ ᠳᠤ ᠪᠦᠬᠦ ᠤᠯᠤᠰ ᠤᠨ ᠵᠢᠷᠤᠭ ᠤᠷᠠᠯᠢᠭ ᠤᠨ ᠬᠤᠷᠢᠶᠠᠨ ᠤ ᠲᠡᠳ᠋ ᠨᠠᠷᠢᠨ ᠪᠢᠴᠢᠭ ᠤᠨ ᠲᠠᠷᠤᠭ᠎ᠠ ᠶᠢᠨ ᠲᠤᠰᠢᠶᠠᠯ ᠲᠠᠢ ᠮᠦᠷᠳᠡᠭᠡᠨ ᠦᠪᠤᠷ ᠮᠤᠩᠭᠤᠯ   ᠳᠠᠬᠢ ᠬᠠᠷᠢᠯᠴᠠᠬᠤ ᠭᠠᠵᠠᠷ ᠤᠨ ᠡᠷᠬᠢᠯᠡᠭᠴᠢ ᠵᠡᠷᠭᠡ ᠨᠡᠶᠢᠭᠡᠮ ᠤᠨ ᠲᠤᠰᠢᠶᠠᠯ ᠬᠠᠷᠢᠭᠤᠴᠠᠯᠭ᠎ᠠ ᠶᠢ ᠡᠭᠦᠷᠭᠡᠯᠡᠵᠦ ᠶᠠᠪᠤᠨ᠎ᠠ᠃ ᠲᠡᠷᠡ ᠢᠪᠴᠤᠤ ᠬᠦᠷᠢᠶ᠎ᠡ ᠂ ᠤᠶᠢᠷ᠎ᠠ ᠶᠢᠨ ᠪᠤᠳᠤᠯ᠂ ᠪᠢᠴᠢᠯ ᠮᠡᠳᠡᠯᠭᠡ ᠶᠢᠨ ᠲᠤᠭᠤᠷᠢᠭ ᠠᠴᠠ ᠦᠰᠤᠷᠤᠨ ᠭᠠᠷᠴᠦ ᠲᠡᠯᠡᠬᠡᠢ ᠶᠢᠨ ᠪᠤᠯᠪᠠᠰᠤᠨ᠂ ᠲᠡᠷᠭᠡᠳᠡ ᠶᠢᠨ ᠬᠤᠴᠤᠷᠠᠯ ᠢᠶᠠᠨ ᠰᠡᠷᠭᠡᠭ ᠢᠶᠠᠷ ᠲᠠᠨᠢᠵᠦ᠂ ᠭᠠᠵᠠᠷ ᠭᠠᠵᠠᠷ ᠤᠨ ᠤᠯᠠᠨ ᠰᠠᠶᠢᠴᠤᠤᠯ ᠲᠠᠢ ᠭᠠᠷ ᠰᠢᠯᠭᠠᠵᠦ᠂ ᠨᠤᠳᠤᠭ ᠨᠤᠳᠤᠭ ᠤᠨ ᠤᠯᠠᠨ ᠮᠤᠩᠭᠤᠯ ᠲᠠᠢ ᠪᠠᠨ ᠭᠠᠨᠵᠤᠭ᠎ᠠ ᠬᠤᠪᠢᠶᠠᠯᠴᠠᠬᠤ ᠭᠡᠵᠦ ᠪᠠᠭᠰᠢ ᠶᠢᠨ ᠰᠤᠳᠤᠨ ᠪᠢᠯᠢᠭ ᠢᠶᠠᠷ ᠤᠶᠢᠯᠡᠰ ᠪᠤᠰᠬᠠᠭᠰᠠᠨ ᠲᠤᠩᠬᠠᠭ ᠢᠶᠠᠨ ᠲᠡᠷᠯᠡᠵᠦ᠂ ᠪᠢᠴᠢᠭ ᠤᠨ ᠮᠡᠷᠭᠡᠨ ᠤᠬᠠᠭᠠᠨ ᠢᠶᠠᠷ ᠢᠷᠡᠭᠡᠳᠤᠢ ᠶᠢ ᠡᠵᠡᠮᠳᠡᠭᠰᠡᠨ ᠲᠠᠩᠭᠠᠷᠢᠭ ᠢᠶᠠᠨ ᠦᠭᠴᠦ ︽ᠮᠤᠭᠠᠶᠢᠳᠤ ᠶᠢᠨ ᠲᠠᠷᠠᠰᠤ︾ ᠶᠢ ᠠᠩᠬᠠᠯᠠᠨ ᠵᠠᠬ᠎ᠠ ᠳᠤ ᠭᠠᠷᠭᠠᠭᠴᠢ ᠁︾ ᠭᠡᠵᠦ ᠦᠨᠳᠤᠷ ᠦᠨᠡᠯᠡᠯᠳᠡ ᠦᠭᠭᠦᠭᠰᠡᠨ ᠪᠢᠯᠠ᠃      ᠷᠠᠳᠢᠤ᠋ ᠲᠧᠯᠸᠢᠰ᠂ ᠸᠢᠴᠠᠲ ᠰᠦᠯᠵᠢᠶ᠎ᠡ ᠵᠡᠷᠭᠡ ᠮᠡᠳᠡᠭᠡ ᠵᠠᠭᠤᠴᠢᠯᠠᠭᠤᠷ ᠤᠨ ᠮᠡᠳᠡᠭᠡᠯᠡᠭᠰᠡᠨ ᠢᠶᠠᠷ᠄ ᠮᠤᠤᠲᠠᠢ ᠲᠤᠰᠬᠤᠨ ᠤ ᠨᠡᠷ᠎ᠡ᠂ ᠶᠤᠸᠠᠨ ᠤᠯᠤᠰ ᠤᠨ ᠦᠶ᠎ᠡ ᠶᠢᠨ ᠠᠴᠢᠯᠠᠯ ᠢ ᠮᠦᠷᠤᠭᠡᠳᠬᠦ ᠵᠤᠷᠭᠠᠨ ᠤ ᠮᠠᠨ ᠠᠶᠢᠮᠠᠭ ᠤᠨ ᠠᠯᠳᠠᠨ ᠤᠪᠤᠭᠳᠠᠨ ᠤ ᠴᠠᠳᠢᠭ ᠲᠤ ᠠᠩᠬ᠎ᠠ ᠢᠯᠡᠷᠡᠵᠠᠢ᠃ ᠶᠤᠸᠠᠨ ᠱᠢᠽᠦ ᠬᠤᠪᠢᠯᠠᠢ ᠬᠠᠭᠠᠨ ᠤ ᠦᠶ᠎ᠡ ᠳᠤ ᠶᠦᠨᠨᠠᠨ ᠭᠦᠢᠵᠸᠤ ᠳᠤ ᠨᠦᠷᠢᠨ ᠤᠷᠤᠭᠰᠠᠨ ᠮᠤᠩᠭᠤᠯ ᠴᠡᠷᠢᠭ ᠤᠳ ‍ᠤᠤᠢ ᠱᠦᠢ ᠭᠤᠤᠯ ᠤᠨ ᠬᠦᠪᠡᠭᠡᠨ᠎ᠡ ᠨᠢᠭᠡᠨ ᠲᠦᠷᠪᠡᠯᠵᠢ ᠬᠤᠳᠳᠤᠭ ᠪᠠᠶᠢᠵᠦ᠂ ᠲᠤᠭᠤᠷᠢᠨ ᠳᠤ ᠨᠢ ᠤᠯᠠᠨ ᠠᠷᠪᠢᠨ ᠮᠤᠭᠠᠢ ᠴᠠᠭᠠᠷᠢᠭᠯᠠᠳᠠᠭ ᠢᠶᠠᠷ ᠨᠢ ᠲᠤᠰ ᠭᠠᠵᠠᠷ ᠢ ᠮᠤᠭᠠᠶᠢᠳᠤ ᠬᠡᠮᠡᠨ ᠨᠡᠷᠡᠶᠢᠳᠦᠭᠰᠡᠨ ᠪᠦᠭᠡᠳ ᠬᠤᠵᠢᠮ ᠨᠢ ᠮᠤᠭᠠᠶᠢᠳᠤ ᠶᠢᠨ ᠠᠶᠢᠯ ᠭᠡᠵᠦ ᠨᠡᠷᠡᠯᠡᠪᠡ᠃ ᠮᠢᠩ ᠤᠯᠤᠰ ᠤᠨ ᠦᠶ᠎ᠡ ᠳᠤ ᠮᠤᠭᠠᠶᠢᠳᠤ ᠶᠢᠨ ᠠᠶᠢᠯ ᠢ ᠶᠦᠨᠬᠦ᠋ ᠪᠠᠯᠭᠠᠰᠤ ᠭᠡᠵᠦ ᠪᠠᠶᠢᠭᠰᠠᠨ ᠢᠶᠠᠨ ᠴᠢᠩ ᠭᠦᠷᠤᠨ ᠳᠤ ᠬᠦᠷᠤᠭᠡᠳ ᠢᠱᠠᠩ ᠪᠠᠯᠭᠠᠰᠤ ᠬᠡᠮᠡᠨ ᠨᠡᠷᠡᠶᠢᠳᠦᠭᠰᠡᠨ ᠪᠤᠯᠪᠠᠴᠦ᠂ ᠬᠤᠵᠢᠮ ᠨᠢ ᠬᠠᠰᠢᠯᠠ ᠮᠤᠭᠠᠶᠢᠳᠤ ᠪᠠᠯᠭᠠᠰᠤ ᠭᠡᠰᠡᠨ ᠤᠤᠯ ᠨᠡᠷ᠎ᠡ ᠶᠢ ᠨᠢ ᠰᠡᠷᠭᠦᠭᠡᠵᠠᠢ᠃ ᠮᠤᠤ ᠲᠠᠢ ᠭᠡᠳᠡᠭ ᠨᠢ ︵ᠮᠤᠭᠠᠢ ᠲᠠᠢ ᠭᠡᠰᠡᠨ ᠦᠭᠡ ᠶᠢᠨ ᠬᠤᠪᠢᠷᠠᠯ᠂ ᠲᠠᠷᠤᠢ ᠮᠤᠭᠠᠶᠢᠳᠤ ᠭᠡᠰᠡᠨ ᠦᠭᠡ ᠶᠤᠮ ᠪᠠᠶᠢᠨ᠎ᠠ︶︔ ᠦᠭᠡᠷ᠎ᠡ ᠪᠠᠷ ᠬᠡᠯᠡᠪᠡᠯ ᠮᠤᠭᠠᠶᠢᠳᠤ ᠭᠡᠰᠡᠨ ᠢ ᠲᠦᠭᠦᠮᠴᠢᠯᠡᠭᠰᠡᠨ ᠨᠡᠷ᠎ᠡ ᠠᠵᠠᠢ᠃ ᠶᠡᠭᠡ ᠮᠤᠩᠭᠤᠯ ᠬᠠᠭᠠᠨᠳᠤ ᠲᠦᠷᠦ ᠶᠢᠨ ᠮᠦᠩᠬᠡ ᠬᠠᠭᠠᠨ ᠤ ᠦᠶ᠎ᠡ ᠳᠤ ᠪᠠᠷᠠᠭᠤᠨ ᠡᠮᠤᠨᠡᠳᠤ ᠶᠢ ᠲᠤᠭᠳᠠᠭᠠᠬᠤ ᠪᠠᠷ ᠴᠡᠷᠢᠭᠯᠡᠭᠰᠡᠨ ᠴᠡᠷᠢᠭ ᠲᠠᠶᠢᠨ ᠤ ᠬᠤᠶᠢᠴᠢᠰ᠂ ᠤᠮᠠᠷᠠᠳᠤ ᠶᠤᠸᠠᠨ ᠤ ᠦᠶ᠎ᠡ ᠳᠤ ᠰᠧᠴᠤᠸᠠᠨ ᠮᠤᠵᠢ ᠶᠢᠨ ᠵᠢᠶᠠ ᠯᠢᠩ ᠵᠢᠶᠠᠩ ᠮᠦᠷᠡᠨ ᠤ ᠬᠦᠪᠡᠭᠡ ᠲᠠᠭᠠᠤ ᠪᠠᠷᠠᠭᠤᠨᠰᠢᠯᠠᠨ᠂ ᠶᠦᠨᠨᠠᠨ ᠭᠦᠢᠵᠸᠤ ᠶᠢᠨ ᠦᠨᠳᠦᠷᠯᠢᠭ ᠲᠤ ᠪᠤᠷᠵᠢᠬᠢᠨ ᠤᠪᠤᠭ ᠢᠶᠠᠨ ᠲᠠᠯᠳᠠᠯᠠᠨ ᠢᠤᠢ ᠤᠪᠤᠭ ᠠᠶᠢᠮᠠᠭᠳᠠᠨ ᠪᠤᠯᠵᠦ ᠰᠠᠭᠤᠷᠢᠰᠢᠭᠰᠠᠨ ᠠᠵᠢ᠃      ᠲᠤᠯᠤᠭᠠᠨ ᠵᠠᠭᠤᠨ ᠭᠠᠷᠤᠢ ᠵᠢᠯ ᠤᠨ ᠲᠤᠷᠰᠢ ᠲᠡᠳᠡᠨᠠᠷ ᠦᠨᠳᠤᠰᠤᠳᠡᠨ ᠤ ᠠᠵᠦ ᠬᠡᠪᠰᠢᠯ ᠵᠠᠩ ᠵᠠᠩᠰᠢᠯ ᠵᠢᠴᠢ ᠰᠡᠳᠬᠢᠯ ᠰᠡᠳᠬᠢᠴᠡ ᠶᠢᠨ ᠪᠢᠯᠢᠭ ᠲᠠᠮᠢᠷ᠂ ᠰᠤᠶᠤᠯ ᠰᠤᠷᠳᠠᠯ ᠤᠨ ᠦᠩᠭᠡ ᠠᠶᠠᠰ ᠢᠶᠠᠨ ᠬᠠᠳᠠᠭᠠᠯᠠᠭᠰᠠᠭᠠᠷ ᠢᠷᠡᠵᠠᠢ᠃ ︽ᠮᠧᠩ ᠢᠤᠢ ᠵᠢᠶᠠᠩ︾ ᠮᠤᠭᠠᠶᠢᠳᠤ ᠶᠢᠨ ᠲᠠᠷᠠᠰᠤ ᠪᠤᠯ ᠮᠤᠩᠭᠤᠯ ᠤᠨ ᠬᠤᠶᠢᠴᠢᠰ ᠢᠤᠢ ᠤᠪᠤᠭᠳᠠᠨ  ᠤ ᠦᠪᠡᠷᠮᠢᠴᠡ ᠨᠡᠷᠡᠮᠡᠯ ᠠᠷᠢᠬᠢ ᠪᠠᠶᠢᠵᠦ᠂ ᠲᠡᠯᠡᠬᠡᠢ ᠶᠢᠨ ᠠᠯᠳᠠᠷᠳᠤ ᠭᠤᠷᠪᠠᠨ ᠲᠤᠭᠤᠭᠠᠨ ᠨᠡᠷᠡᠮᠡᠯ ᠠᠷᠢᠬᠢᠨ ᠤ ᠰᠠᠭᠤᠷᠢᠨ ᠬᠡᠮᠡᠨ ᠠᠯᠳᠠᠷᠰᠢᠭᠰᠠᠨ ᠮᠤᠤᠲᠠᠢ ᠪᠠᠯᠭᠠᠰᠤᠨ ᠳᠤ ᠯᠠ ᠠᠩᠬᠢᠯᠤᠮ᠎ᠠ ᠢᠰᠭᠡᠭᠦᠷᠳᠤ ᠤᠯᠠᠮᠵᠢᠯᠠᠯᠳᠤ ᠠᠷᠭ᠎ᠠ ᠪᠠᠷᠢᠯ ᠢ ᠬᠡᠷᠡᠭᠯᠡᠭᠰᠡᠨ ᠮᠦᠷᠳᠡᠭᠡᠨ ︽ᠮᠤᠤᠲᠠᠢ ᠠᠷᠢᠬᠢ︾ ᠲᠠᠢ ᠡᠭᠡᠴᠢ ᠲᠡᠭᠦᠤ ᠬᠤᠳᠳᠤᠭ ᠤᠨ ᠤᠰᠤ ᠪᠠᠷ ᠨᠡᠷᠡᠭᠰᠡᠨ ᠠᠮᠳᠠᠳᠤ ᠠᠷᠢᠬᠢ ᠪᠢᠯᠠ᠃ ᠠᠷᠢᠬᠢᠨ ᠤ ᠢᠳᠡ ᠴᠢᠳᠠᠯ ᠨᠢ ᠰᠢᠳᠠᠰᠤᠯᠢᠭ ᠮᠦᠷᠳᠡᠭᠡᠨ ᠡᠶᠡᠷᠡᠭᠦᠨ᠂ ᠦᠨᠤᠷ ᠠᠮᠳᠠ ᠨᠢ ᠠᠩᠬᠢᠯᠤᠮ᠎ᠠ ᠪᠦᠭᠡᠳ ᠰᠡᠩᠭᠢᠨᠡᠬᠦᠨ᠂ ᠬᠡᠮᠨᠡᠭᠰᠡᠨ ᠬᠤᠨᠳᠠᠭᠠᠨ ᠠᠴᠠ ᠬᠠᠩᠬᠤᠯᠤᠮ᠎ᠠ ᠦᠨᠤᠷ ᠠᠶᠠᠰᠴᠦ ᠬᠡᠮᠨᠡᠯ ᠦᠨᠳᠤᠷᠯᠡᠭᠰᠡᠨ ᠴᠦ ᠬᠤᠨᠳᠠᠭᠠᠨ᠎ᠠ ᠠᠩᠬᠢᠯᠳᠠᠭ᠃ ᠮᠤᠤ ᠲᠠᠢ ᠮᠤᠩᠭᠤᠯᠴᠤᠳ ᠲᠠᠢ ᠪᠠᠨ ᠠᠩᠬ᠎ᠠ ᠤᠳᠠᠭ᠎ᠠ ᠬᠤᠯᠪᠤᠭ᠎ᠠ ᠪᠠᠷᠢᠭᠰᠠᠨ ᠬᠦᠮᠤᠨ ᠪᠤᠯ ᠦᠪᠤᠷ ᠮᠤᠩᠭᠤᠯ ᠤᠨ ᠠᠷᠤ ᠬᠤᠷᠴᠢᠨ ᠬᠤᠰᠢᠭᠤ ᠪᠠᠷ ᠨᠤᠳᠤᠭ ᠲᠠᠢ ᠮᠦᠩᠬᠡᠪᠠᠶᠠᠷ ᠪᠠᠭᠰᠢᠳᠠᠨ ᠶᠤᠮ᠃ ᠡᠭᠦᠨ ᠤ ᠤᠯᠠᠮ ᠠᠴᠠ ᠤᠯᠠᠨ ᠮᠤᠩᠭᠤᠯ ᠮᠡᠳᠡᠭᠡ ᠵᠠᠭᠤᠴᠢᠯᠠᠭᠤᠷ ᠤᠨ ᠠᠩᠬᠠᠷᠤᠯ  ᠳᠤ ᠤᠷᠤᠵᠦ᠂ ᠡᠨᠡ ᠨᠤᠳᠤᠭ ᠤᠨ ᠮᠤᠩᠭᠤᠯᠴᠤᠳ ᠤᠨ ᠲᠤᠬᠠᠢ ᠮᠡᠳᠡᠭᠡᠯᠡᠨ ᠲᠠᠨᠢᠯᠴᠠᠭᠤᠯᠤᠭᠰᠠᠨ ᠢᠶᠠᠷ ᠪᠠᠷᠠᠬᠤ ᠦᠬᠡᠢ᠂ ᠮᠤᠤᠲᠠᠢ ᠨᠤᠳᠤᠭ ᠤᠨ ᠮᠤᠩᠭᠤᠯᠴᠤᠳ ᠴᠦ ᠦᠪᠡᠷ ᠤᠨ ᠮᠠᠷᠳᠠᠭᠳᠠᠨ ᠤᠷᠬᠢᠭᠳᠠᠭᠰᠠᠨ ᠦᠭᠡ ᠬᠡᠯᠡ ᠪᠠᠨ ᠵᠠᠬ᠎ᠠ ᠵᠤᠬ᠎ᠠ ᠠᠴᠠ ᠨᠢ ᠴᠦ ᠭᠡᠰᠡᠨ ᠰᠤᠷᠴᠦ ᠤᠶᠢᠯᠠᠭᠠᠬᠤ ᠵᠤᠷᠢᠯᠭ᠎ᠠ ᠲᠠᠢ ᠮᠤᠩᠭᠤᠯ ᠬᠡᠯᠡᠨ ᠤ ᠠᠩᠬᠢ ᠡᠷᠬᠢᠯᠡᠵᠦ ᠪᠠᠶᠢᠭ᠎ᠠ ᠮᠦᠷᠳᠡᠭᠡᠨ ᠤᠪᠤᠭ᠎ᠠ ᠲᠠᠬᠢᠯᠭ᠎ᠠ᠂ ᠨᠠᠶᠢᠷ ᠨᠠᠭᠠᠳᠤᠮ ᠤᠨ ᠰᠤᠶᠤᠯ ᠢᠶᠠᠨ ᠠᠭᠠᠵᠢᠮ ᠢᠶᠠᠷ ᠰᠡᠷᠭᠦᠭᠡᠨ ᠪᠠᠳᠠᠷᠠᠭᠤᠯᠬᠤ ᠪᠠᠷ ᠠᠵᠢᠯᠯᠠᠵᠦ ᠪᠠᠶᠢᠨ᠎ᠠ᠃ ᠲᠡᠳᠡᠨᠤᠰ ᠦᠪᠤᠷ ᠮᠤᠩᠭᠤᠯ ᠤᠨ ᠠᠯᠳᠠᠷᠳᠤ ᠠᠪᠤᠷᠭᠤ ᠪᠠᠶᠠᠷᠪᠠᠭᠠᠳᠤᠷ ᠢ ᠨᠤᠳᠤᠭ ᠲᠤ ᠪᠠᠨ ᠤᠷᠢᠨ ᠵᠤᠴᠢᠯᠠᠭᠰᠠᠨ ᠢᠶᠠᠷ ᠪᠠᠷᠠᠬᠤ ᠦᠬᠡᠢ᠂ ᠮᠤᠩᠭᠤᠯ ᠨᠤᠳᠤᠭ ᠤᠨ ᠤᠯᠠᠨ ᠨᠠᠶᠢᠵᠢ ᠪᠠᠨ ᠲᠦᠷᠦᠯ ᠰᠠᠳᠤᠨ ᠤ ᠶᠤᠰᠤ ᠪᠠᠷ ᠬᠦᠨᠳᠤᠯᠠᠨ ᠤᠭᠳᠤᠭᠰᠠᠭᠠᠷ ᠪᠠᠶᠢᠨ᠎ᠠ᠃      ᠡᠭᠦᠨ ᠠᠴᠠ ᠭᠠᠳᠠᠨ᠎ᠠ ︽ᠮᠦᠩᠬᠡᠪᠠᠶᠠᠷ ᠠᠪᠤᠭᠠᠢ ᠶᠢᠨ ᠵᠠᠭᠤᠴᠢᠯᠠᠭᠤᠷ ᠤᠨ ᠲᠦᠪ︾ ᠲᠤ ᠲᠡᠭᠦᠨ ᠤ ᠵᠢᠷᠤᠭᠰᠠᠨ ᠦᠬᠡᠳᠠᠢ ᠬᠠᠭᠠᠨ᠂ ᠬᠤᠪᠢᠯᠠᠢ ᠬᠠᠭᠠᠨ ᠤ ᠬᠦᠷᠦᠭ ᠵᠢᠷᠤᠭ᠂ ᠮᠤᠩᠭᠤᠯ ᠤᠯᠤᠰ ᠤᠨ ᠡᠷᠳᠡᠮᠳᠡᠨ ᠲᠠᠢ ᠬᠠᠮᠳᠤ ᠰᠡᠭᠦᠳᠡᠷᠯᠡᠭᠰᠡᠨ ᠰᠡᠭᠦᠳᠡᠷ᠂ ᠲᠤᠮᠳᠠᠳᠤ ᠤᠯᠤᠰ ᠤᠨ ᠤᠷᠠᠨ ᠵᠢᠷᠤᠭ ᠤᠨ ᠨᠡᠶᠢᠭᠡᠮᠯᠢᠭ ᠤᠨ ᠲᠡᠳ᠋ ᠲᠡᠷᠢᠭᠦᠯᠡᠭᠴᠢ᠂ ᠲᠤᠮᠳᠠᠳᠤ ᠤᠯᠤᠰ ᠤᠨ ᠤᠷᠠᠯᠢᠭ ᠰᠤᠳᠤᠯᠤᠯ ᠤᠨ ᠬᠦᠷᠢᠶᠡᠯᠡᠩ ᠤᠨ ᠲᠠᠷᠤᠭ᠎ᠠ ᠲᠠᠩ ᠺᠧ ᠲᠠᠢ ᠬᠠᠮᠳᠤ ᠰᠡᠭᠦᠳᠡᠷᠯᠡᠭᠰᠡᠨ ᠰᠡᠭᠦᠳᠡᠷ᠂ ᠲᠤᠮᠳᠠᠳᠤ ᠤᠯᠤᠰ ᠤᠨ ᠨᠠᠷᠢᠯᠢᠭ ᠵᠢᠷᠤᠭ ᠤᠨ ᠨᠡᠶᠢᠭᠡᠮᠯᠢᠭ ᠤᠨ ᠪᠠᠶᠢᠩᠭᠤ ᠶᠢᠨ ᠲᠡᠳ᠋ ᠲᠠᠷᠤᠭ᠎ᠠ ᠰᠢᠶᠤᠤ ᠢᠤᠢ ᠲᠢᠶᠠᠨ ᠲᠠᠢ ᠬᠠᠮᠳᠤ ᠠᠷᠤ ᠬᠤᠷᠴᠢᠨ ᠬᠤᠰᠢᠭᠤᠨ ᠤ ︿ᠭᠡᠷᠡᠯ ᠵᠢᠯ ᠤᠷᠠᠨ ᠵᠢᠷᠤᠭ  ᠤᠨ ᠬᠦᠷᠢᠶᠡᠯᠡᠩ﹀ ᠳᠤ ᠰᠡᠭᠦᠳᠡᠷᠯᠡᠭᠰᠡᠨ ᠰᠡᠭᠦᠳᠡᠷ᠂ ᠲᠡᠭᠦᠨ ᠤ ᠵᠢᠯᠤᠭᠤᠳᠤᠭᠴᠢ ᠪᠠᠭᠰᠢ ᠯᠢᠤ ᠰᠢᠤᠸᠠᠨ ᠿᠠᠩ ᠲᠠᠢ ᠬᠠᠮᠳᠤ ᠴᠢᠩ ᠬᠤᠸᠠ ᠶᠡᠭᠡ ᠰᠤᠷᠭᠠᠭᠤᠯᠢ ᠶᠢᠨ ᠵᠢᠷᠤᠭ ᠤᠨ ᠦᠷᠤᠭᠡᠨ ᠳᠤ ᠰᠡᠭᠦᠳᠡᠷᠯᠡᠭᠰᠡᠨ ᠰᠡᠭᠦᠳᠡᠷ᠂ ᠴᠢᠩ ᠬᠤᠸᠠ ᠶᠡᠭᠡ ᠰᠤᠷᠭᠠᠭᠤᠯᠢ ᠶᠢᠨ ᠬᠢᠳᠠᠳ ᠵᠢᠷᠤᠭ᠂ ᠤᠷᠠᠨ ᠪᠢᠴᠢᠯᠭᠡ ᠵᠤᠬᠢᠶᠠᠨ ᠪᠦᠳᠤᠭᠡᠬᠦ ᠰᠠᠭᠤᠷᠢᠨ ᠭᠠᠵᠠᠷ ᠤᠨ ᠡᠷᠬᠢᠯᠡᠭᠴᠢ ︿ᠳ᠋ᠠ ᠴᠢᠶᠠᠨ ᠱᠢ ᠵᠢᠶᠧ﹀ ᠶᠢ ᠡᠭᠦᠰᠭᠡᠨ ᠪᠠᠶᠢᠭᠤᠯᠤᠭᠴᠢ ᠮᠠ ᠽᠢ ᠴᠢᠶᠠᠨ ᠲᠠᠢ ᠬᠠᠮᠳᠤ ᠰᠡᠭᠦᠳᠡᠷᠯᠡᠭᠰᠡᠨ ᠰᠡᠭᠦᠳᠡᠷ᠂ ᠲᠤᠮᠳᠠᠳᠤ ᠤᠯᠤᠰ ᠤᠨ ᠤᠷᠠᠨ ᠵᠢᠷᠤᠭ ᠤᠨ ᠨᠡᠶᠢᠭᠡᠮᠯᠢᠭ ᠤᠨ ᠪᠠᠶᠢᠩᠭᠤ ᠶᠢᠨ ᠲᠡᠳ᠋ ᠲᠡᠷᠢᠭᠦᠯᠡᠭᠴᠢ᠂ ᠨᠠᠮ ᠤᠨ ᠲᠤᠭᠤᠶᠢᠯᠠᠩ ᠤᠨ ᠱᠦᠵᠢ ᠰᠢᠤᠢ ᠯᠢ᠂ ᠪᠡᠭᠡᠵᠢᠩ ᠤᠨ ᠬᠠᠭᠠᠨ ᠤᠷᠳᠤᠨ ᠤ ᠮᠦᠽᠠᠢ  ᠶᠢᠨ ᠤᠷᠠᠨ ᠵᠢᠷᠤᠭ ᠤᠨ ᠬᠢᠨᠠᠨ ᠲᠤᠭᠳᠠᠭᠠᠯᠳᠠ ᠶᠢᠨ ᠮᠡᠷᠭᠡᠵᠢᠯᠳᠡᠨ ᠶᠢᠨ ᠶᠦᠨ ᠴᠠᠩ ᠲᠠᠢ ᠬᠠᠮᠳᠤ ᠲᠦᠪ ᠤᠨ ᠲᠧᠯᠸᠢᠰ ᠤᠨ ᠫᠷᠤᠭ᠍ᠷᠠᠮ ᠳᠤ ᠤᠷᠢᠭᠳᠠᠨ ᠤᠷᠤᠯᠴᠠᠭᠰᠠᠨ ᠦᠶ᠎ᠡ ᠶᠢᠨ ᠰᠡᠭᠦᠳᠡᠷᠯᠡᠭᠰᠡᠨ ᠰᠡᠭᠦᠳᠡᠷ᠂ ᠲᠤᠮᠳᠠᠳᠤ ᠤᠯᠤᠰ  ᠤᠨ ᠪᠡᠬᠡᠨ ᠵᠢᠷᠤᠭ ᠤᠨ ᠬᠦᠷᠢᠶᠡᠯᠡᠩ ᠤᠨ ᠲᠠᠷᠤᠭ᠎ᠠ ᠮᠠᠨ ᠸᠧᠢ ᠴᠢ ᠲᠠᠢ ᠬᠠᠮᠳᠤ ᠰᠡᠭᠦᠳᠡᠷᠯᠡᠭᠰᠡᠨ ᠰᠡᠭᠦᠳᠡᠷ᠂ ᠮᠤᠩᠭᠤᠯ ᠦᠨᠳᠤᠰᠤᠳᠡᠨ ᠤ ᠨᠡᠷᠡᠳᠤ ᠵᠢᠷᠤᠭᠠᠴᠢ᠂ ᠴᠢᠩ ᠬᠤᠸᠠ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠲᠡᠭᠡᠳᠤ ᠰᠤᠷᠭᠠᠭᠤᠯᠢ ᠶᠢᠨ ᠮᠡᠷᠭᠡᠵᠢᠯ ᠲᠡᠭᠡᠭᠰᠢᠯᠡᠭᠦᠯᠬᠦ ᠠᠩᠬᠢ ᠶᠢᠨ ᠵᠢᠯᠤᠭᠤᠳᠤᠭᠴᠢ ᠪᠠᠭᠰᠢ᠂ ᠦᠪᠤᠷ ᠮᠤᠩᠭᠤᠯ  ᠤᠨ ᠤᠷᠠᠨ ᠵᠢᠷᠤᠭ ᠤᠨ ᠨᠡᠶᠢᠭᠡᠮᠯᠢᠭ ᠤᠨ ᠲᠡᠳ᠋ ᠲᠡᠷᠢᠭᠦᠯᠡᠭᠴᠢ ᠪᠤᠤ ᠹᠧᠩ ᠯᠢᠨ ᠲᠠᠢ ᠬᠠᠮᠳᠤ ᠰᠡᠬᠦᠳᠡᠷᠯᠡᠭᠰᠡᠨ ᠰᠡᠭᠦᠳᠡᠷ ᠤᠳ ᠪᠤᠯᠤᠨ ᠭᠦᠢᠵᠸᠤ ᠮᠤᠵᠢ ᠶᠢᠨ ᠷᠧᠨ ᠬᠤᠸᠠᠢ ᠬᠤᠳᠠ ᠶᠢᠨ ᠢᠤᠢ ᠵᠢᠶᠠ ᠵᠠᠢ ᠳᠠᠬᠢ ᠮᠤᠩᠭᠤᠯ ᠤᠭᠰᠠᠭᠠᠳᠠᠨ᠂ ᠮᠤᠩᠭᠤᠯ ᠤᠨ ᠬᠤᠶᠢᠴᠢᠰ᠂ ᠠᠪᠤᠭᠠᠢ᠂ ᠪᠦᠰᠡᠭᠦᠶᠢᠴᠤᠳ ᠪᠤᠯᠤᠨ ᠮᠤᠩᠭᠤᠯ ᠡᠵᠢ ᠪᠡᠷᠭᠡᠳ ᠨᠠᠷ  ᠲᠠᠢ ᠬᠠᠮᠳᠤ ᠰᠡᠭᠦᠳᠡᠷᠯᠡᠭᠰᠡᠨ ᠰᠡᠭᠦᠳᠡᠷ᠂ ︿ᠮᠧᠩ ᠢᠤᠢ ᠵᠢᠶᠠᠩ﹀ ᠠᠷᠢᠬᠢᠨ ᠬᠠᠭᠤᠴᠢᠨ ᠬᠦᠷᠦᠩᠭᠡ ᠶᠢᠨ ᠬᠠᠳᠠᠭᠠᠯᠠᠮᠵᠢ ᠶᠢᠨ ᠭᠠᠵᠠᠷ ᠰᠡᠭᠦᠳᠡᠷᠯᠡᠭᠰᠡᠨ ᠰᠡᠭᠦᠳᠡᠷ᠂ ᠵᠢᠶᠠᠩ ᠽᠧ ᠮᠢᠨ ᠨᠦᠬᠦᠷ ᠤᠨ ᠪᠢᠴᠢᠭᠰᠡᠨ ︽ᠤᠯᠠᠭᠠᠨ ᠴᠡᠷᠢᠭ ‍ᠤᠤᠢ ᠱᠦᠢ ᠭᠤᠤᠯ ᠢ ᠲᠦᠷᠪᠠᠨᠳᠡ ᠬᠡᠳᠦᠯᠦᠭᠰᠡᠨ ᠲᠤᠷᠠᠰᠬᠠᠯ ᠤᠨ ᠰᠤᠪᠤᠷᠭ᠎ᠠ︾ ᠶᠢᠨ ᠲᠡᠷᠭᠡᠳᠡ ᠠᠪᠤᠭᠰᠠᠨ ᠰᠡᠭᠦᠳᠡᠷ ᠪᠤᠯᠤᠨ ᠮᠦᠩᠬᠡᠪᠠᠶᠠᠷ ᠠᠪᠤᠭᠠᠢ ᠶᠢᠨ ︽ᠨᠢᠭᠡ ᠪᠦᠰᠡ ᠨᠢᠭᠡ ᠵᠠᠮ︾ ᠳᠤ ᠵᠤᠬᠢᠶᠠᠨ ᠪᠠᠶᠢᠭᠤᠯᠤᠭᠰᠠᠨ ᠲᠤᠷᠭᠠᠨ ᠵᠠᠮ ᠤᠨ ᠤᠷᠠᠯᠢᠭ ᠤᠨ ᠪᠠᠶᠢᠴᠠᠭᠠᠯᠳᠠ ᠳᠤ ᠤᠷᠢᠭᠳᠠᠭᠠᠳ ᠲᠠᠺᠠᠯᠠᠮᠠᠺᠠᠨ ᠡᠯᠡᠰᠤᠨ ᠴᠦᠯ ᠢᠶᠠᠷ ᠦᠩᠭᠡᠷᠡᠭᠰᠡᠨ ᠦᠶ᠎ᠡ ᠶᠢᠨ ᠰᠡᠭᠦᠳᠡᠷᠯᠡᠭᠰᠡᠨ ᠰᠡᠭᠦᠳᠡᠷ ᠤᠳ ᠢ ᠲᠡᠯᠭᠡᠨ ᠦᠵᠡᠭᠦᠯᠵᠦ ᠪᠠᠶᠢᠳᠠᠭ᠃ ᠡᠭᠦᠨ ᠠᠴᠠ ᠪᠢᠳᠠ ᠮᠦᠩᠬᠡᠪᠠᠶᠠᠷ ᠪᠠᠭᠰᠢᠳᠠᠨ ᠤ ᠤᠯᠠᠨ ᠠᠷᠪᠢᠨ ᠪᠠᠶᠢᠴᠠᠭᠠᠨ ᠰᠤᠳᠤᠯᠤᠯᠳᠠ ᠬᠢᠵᠦ᠂ ᠭᠤᠷᠪᠠᠨ ᠺᠤᠮᠫᠠᠨᠢ ᠡᠷᠬᠢᠯᠡᠨ ᠪᠦᠳᠤᠭᠡᠵᠦ᠂ ︽ᠮᠧᠩ ᠢᠤᠢ ᠵᠢᠶᠠᠩ︾ ᠮᠤᠭᠠᠶᠢᠳᠤ ᠶᠢᠨ ᠲᠠᠷᠠᠰᠤ ᠶᠢ ᠪᠦᠬᠦ ᠦᠪᠤᠷ ᠮᠤᠩᠭᠤᠯ ᠤᠷᠤᠨ᠂ ᠪᠦᠬᠦ ᠤᠯᠤᠰ᠂ ᠪᠦᠬᠦ ᠲᠡᠯᠡᠬᠡᠢ ᠲᠠᠰᠢ ᠰᠤᠷᠳᠠᠯᠴᠢᠯᠠᠨ ᠤᠬᠠᠭᠤᠯᠵᠦ᠂ ᠵᠠᠬ᠎ᠠ ᠲᠡᠯᠭᠡᠭᠦᠷ ᠨᠡᠬᠡᠭᠡᠵᠦ ᠪᠠᠶᠢᠭ᠎ᠠ ᠠᠤᠭ᠎ᠠ ᠵᠤᠷᠢᠭ ᠠᠰᠤᠷᠤ ᠬᠦᠰᠡᠯ ᠢ ᠤᠶᠢᠯᠠᠭᠠᠵᠦ ᠪᠤᠯᠤᠨ᠎ᠠ᠂ ᠮᠦᠨᠴᠦ ᠲᠡᠤᠬᠡᠨ ᠠᠴᠠ ᠡᠰᠢᠳᠠᠢ ᠮᠤᠭᠠᠶᠢᠳᠤ ᠪᠠᠯᠭᠠᠰᠤᠨ ᠤ ︽ᠭᠤᠷᠪᠠᠨ ᠬᠤᠳᠳᠤᠭ︾ ᠪᠤᠶᠤ ︽ᠭᠤᠷᠪᠠᠨ ᠲᠤᠭᠤᠭᠠᠨ︾ ᠠᠴᠠ ᠨᠡᠷᠡᠭᠰᠡᠨ ︽ᠸᠠᠩ ᠮᠤᠤ ᠠᠷᠢᠬᠢ︾᠂ ︽ᠬᠤᠸᠠ ᠮᠤᠤ ᠠᠷᠢᠬᠢ︾᠂ ︽ᠮᠧᠩ ᠢᠤᠢ ᠵᠢᠶᠠᠩ ᠠᠷᠢᠬᠢ  ︾ —  ︽ᠮᠤᠭᠠᠶᠢᠳᠤ ᠶᠢᠨ ᠲᠠᠷᠠᠰᠤ︾ ᠵᠡᠷᠭᠡ ᠨᠢᠭᠡ ᠴᠤᠭᠴᠠᠯᠠᠭᠰᠠᠨ ᠲᠡᠯᠡᠬᠡᠢ ᠳᠤ ᠠᠯᠳᠠᠷᠰᠢᠭᠰᠠᠨ ᠮᠤᠤᠲᠠᠢ ︵ᠮᠤᠭᠠᠶᠢᠳᠠᠢ — ᠲᠠᠷᠤᠢ ᠮᠤᠭᠠᠶᠢᠳᠤ︶ ᠠᠷᠢᠬᠢ ᠶᠢᠨ ᠲᠡᠤᠬᠡᠨ ᠢᠷᠡᠯᠳᠡ ᠶᠢ ᠤᠶᠢᠯᠠᠭᠠᠨ ᠮᠡᠳᠡᠵᠦ ᠪᠤᠯᠤᠨ᠎ᠠ᠃      ᠲᠤᠳᠤᠷᠬᠠᠶᠢᠯᠠᠯᠳᠠ᠄      ① ᠨᠢᠭᠡ ᠪᠦᠯᠦᠭ ᠠᠭᠤᠯᠭ᠎ᠠ ᠶᠢ ᠰᠦᠯᠵᠢᠶ᠎ᠡ ᠠᠴᠠ ᠰᠤᠩᠭᠤᠨ ᠠᠪᠤᠪᠠ᠃      ② ᠮᠦᠩᠬᠡᠪᠠᠶᠠᠷ ᠤᠨ ᠸᠢᠴᠠᠲ ᠲᠠᠪᠴᠠᠩ ᠤᠨ ᠨᠠᠶᠢᠷᠠᠭᠤᠯᠤᠭᠴᠢ ᠠᠷᠭᠠᠮᠵᠢᠶ᠎ᠠ ᠨᠦᠬᠦᠷ ᠤᠨ ᠮᠡᠳᠡᠭᠡᠯᠡᠭᠰᠡᠨ ᠵᠠᠭᠤᠴᠢᠯᠠᠭᠤᠷ ᠮᠡᠳᠡᠭᠡ ᠪᠠᠷ ᠬᠢᠨᠠᠯᠳᠠ ᠪᠤᠯᠭᠠᠪᠠ᠃      ③ ᠦᠪᠤᠷ ᠮᠤᠩᠭᠤᠯ ᠤᠨ ᠲᠧᠯᠸᠢᠰ ᠬᠤᠷᠢᠶ᠎ᠠ ᠶᠢᠨ ᠤᠬᠠᠭᠤᠯᠤᠯ ᠮᠡᠳᠡᠭᠡᠯᠡᠯ ᠢᠶᠠᠷ ᠬᠢᠨᠠᠯᠳᠠ ᠪᠤᠯᠭᠠᠪᠠ᠃                                                ᠪ᠊ · ᠲᠡᠮᠤᠷᠭᠤᠤᠯᠳᠤ ᠤᠷᠴᠢᠭᠤᠯᠤᠨ ᠨᠠᠶᠢᠷᠠᠭᠤᠯᠪᠠ                                                                    
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号