ᠠᠳᠡ ᠶᠠᠷᠢᠬᠤ ᠭᠡᠵᠤ ᠪᠠᠶᠢᠭ᠎ᠠ ᠮᠡᠯᠡᠭᠡᠢ ᠴᠢᠯᠠᠭᠤ ᠨᠢ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠤᠷ ᠰᠤᠮᠤᠨ | ᠤ ᠮᠠᠨᠢᠳᠤ ᠭᠠᠴᠠᠭ᠎ᠠ ᠶᠢᠨ ᠡᠮᠤᠨ᠎ᠡ ᠵᠠᠬ᠎ᠠ᠂ ᠡᠷᠳᠡᠨᠢ ᠠᠭᠤᠯᠠ ᠠᠴᠠ ᠪᠠᠷᠠᠭᠤᠨ ᠬᠤᠶᠢᠨ᠎ᠠ᠂ ᠠᠪᠠᠭ᠎ᠠ ᠬᠠᠷ᠎ᠠ ᠠᠭᠤᠯᠠ | ᠶᠢᠨ ᠵᠡᠭᠦᠨ ᠰᠤᠭᠤ ᠶᠢᠨ ᠲᠠᠯ᠎ᠠ ᠲᠤᠮᠳᠠ᠂ ᠤᠳᠤ ᠶᠢᠨ ᠴᠢᠪᠠᠭ᠎ᠠ ᠠᠴᠠ ᠪᠠᠶ᠋ᠬᠠᠦ᠋ᠨᠳᠤᠷ ᠰᠤᠮᠤ ᠬᠦᠷᠬᠦ ᠵᠠᠰᠠᠮᠠᠯ ᠵᠠᠮ | ᠠᠴᠠ ᠵᠡᠭᠦᠨᠰᠢ ᠬᠤᠶᠠᠷ ᠵᠠᠭᠤ ᠰᠢᠬᠠᠮ ᠮᠧᠲᠷ ᠲᠤ ᠪᠠᠶᠢᠵᠤ᠂ ᠬᠠᠨᠰᠦ᠋ᠮ᠎ᠡ ᠰᠤᠮᠤᠨ ᠤ ᠪᠠᠶᠠᠨᠬᠤᠰᠢᠭᠤ ᠭᠠᠴᠠᠭ᠎ᠠ ᠶᠢᠨ | ᠪᠠᠷᠠᠭᠤᠨ ᠡᠮᠤᠨ᠎ᠡ ᠪᠠᠶᠢᠬᠤ ᠬᠦᠬᠡ ᠱᠤᠷᠤᠩ ᠠᠭᠤᠯᠠ ᠶᠢᠨ ᠱᠤᠪᠬᠤ ᠤᠷᠭᠢᠯ ᠵᠦᠭ ᠵᠡᠭᠦᠨ ᠬᠤᠶᠢᠨ᠎ᠠ ᠠᠴᠠ | ᠪᠠᠷᠠᠭᠤᠨ ᠡᠮᠤᠨᠡᠰᠢ ᠪᠠᠨ ᠬᠠᠨᠳᠤᠨ ᠬᠡᠪᠳᠡᠭᠰᠡᠨ ᠮᠤᠷᠢᠨ ᠮᠡᠯᠡᠬᠡᠢ ᠲᠠᠢ ᠠᠪ ᠠᠳᠠᠯᠢᠬᠠᠨ ᠲᠤᠮᠤ ᠴᠢᠯᠠᠭᠤ ᠶᠤᠮ᠃ | ᠲᠡᠷᠡ ᠨᠢ ᠨᠤᠭᠤᠭᠠᠨ ᠦᠩᠭᠡ ᠲᠠᠢ ᠪᠦᠭᠡᠳ ᠬᠦᠨᠳᠤ ᠨᠢ ᠬᠤᠶᠠᠷ ᠲᠤᠨ ᠢᠯᠡᠭᠦᠤ ᠪᠠᠶᠢᠵᠤ᠂ ᠨᠢᠷᠤᠭᠤᠨ ᠤ ᠬᠡᠰᠡᠭ | ᠲᠤ ᠨᠢ ᠬᠠᠳᠠᠨ ᠤ ᠨᠤᠭᠤᠭᠠᠨ ᠬᠠᠭ ᠰᠠᠭᠤᠭᠰᠠᠨ ᠢᠶᠠᠷ ᠦᠵᠡᠬᠦ ᠳᠤ ᠤᠳᠠᠭᠠᠨ ᠤᠨ ᠤ ᠴᠢᠯᠠᠭᠤ ᠪᠤᠯᠬᠤ ᠨᠢ | ᠲᠠᠮᠵᠢᠭ ᠦᠭᠡᠢ᠃ ᠡᠨᠡ ᠬᠦ ᠴᠢᠯᠠᠭᠤ ᠶᠢ ᠤᠤᠭᠠᠯ ᠰᠠᠭᠤᠭᠠᠯᠢ ᠮᠠᠯᠴᠢᠳ ᠨᠤᠲᠤᠭ ᠤᠰᠤᠨ ᠤ ᠪᠠᠨ ᠰᠢᠳᠦᠭᠡᠨ ᠭᠡᠵᠤ | ᠦᠵᠡᠳᠡᠭ ᠠᠴᠠ ᠮᠡᠯᠡᠬᠡᠢ ᠴᠢᠯᠠᠭᠤ ᠭᠡᠵᠤ ᠲᠠᠬᠢᠯ ᠲᠠᠪᠢᠭ ᠡᠷᠭᠦᠳᠡᠭ ᠵᠠᠩᠰᠢᠯ ᠲᠠᠢ ᠪᠠᠶᠢᠵᠠᠢ᠃ | ᠡᠨᠡ ᠬᠦ ᠴᠢᠯᠠᠭᠤ ᠨᠢ ᠮᠠᠨᠢᠳᠤ ᠭᠠᠴᠠᠭᠠᠨ ᠤ ᠤᠤᠯ ᠤᠨ ᠵᠤᠰᠠᠯᠠᠩ ᠤᠨ ᠭᠠᠵᠠᠷ ᠪᠠᠶᠢᠬᠤ ᠲᠤᠯᠠ ᠮᠠᠯᠴᠢᠳ | ᠴᠠᠭᠠᠨ ᠪᠠᠯᠢᠩ ᠡᠷᠭᠦᠵᠤ ᠰᠢᠳᠦᠳᠡᠭ ᠪᠠᠶᠢᠭᠰᠠᠨ ᠪᠠ ᠤᠶᠢᠷ᠎ᠠ ᠤᠷᠴᠢᠮ ᠳᠤ ᠨᠢ ᠪᠤᠵᠠᠷ ᠪᠤᠷᠳᠠᠭ ᠬᠤᠭ ᠨᠤᠪᠰᠢ ᠪᠠᠨ | ᠬᠠᠶᠠᠬᠤ ᠦᠭᠡᠢ ᠪᠦᠭᠡᠳ ᠬᠡᠤᠬᠡᠳ ᠪᠠᠭᠠᠴᠤᠳ ᠢᠶᠠᠨ ᠡᠨᠡ ᠴᠢᠯᠠᠭᠤᠨ ᠤ ᠬᠠᠪᠢ ᠪᠠᠷ ᠨᠠᠭᠠᠳᠤᠭᠤᠯᠳᠠᠭ ᠦᠭᠡᠢ ᠭᠡᠨ᠎ᠡ | ᠃ ᠬᠡᠷᠪᠡ ᠪᠠᠭ᠎ᠠ ᠨᠠᠰᠤᠨ ᠤ ᠭᠡᠤᠭᠡᠳ ᠬᠠᠵᠠᠭᠤ ᠬᠠᠪᠢ ᠪᠠᠷ ᠨᠢ ᠨᠠᠭᠠᠳᠴᠤ ᠲᠤᠭᠯᠠᠬᠤ᠂ ᠲᠡᠭᠡᠷ᠎ᠡ ᠨᠢ ᠶᠠᠭᠤᠮ᠎ᠠ | ᠬᠡᠤᠮ᠎ᠡ ᠤᠷᠬᠢᠬᠤ᠂ ᠰᠢᠭᠡᠵᠤ ᠪᠠᠭᠠᠬᠤ ᠳᠤ ᠬᠦᠷᠪᠡᠯ ᠲᠡᠷᠡ ᠲᠤᠤᠷ᠎ᠠ ᠪᠠᠨ ᠬᠠᠭᠰᠢᠭᠤᠷ ᠬᠠᠨᠢᠶᠠᠳᠤ ᠬᠦᠷᠴᠦ ᠬᠠᠯᠠᠭᠤ | ᠪᠦᠯᠢᠶᠡᠨ ᠤᠷᠬᠢᠳᠠᠭ ᠠᠴᠠ ᠭᠡᠷ ᠤᠨ ᠠᠬᠠᠮᠠᠳ ᠪᠠ ᠨᠠᠰᠤᠳᠠᠨ ᠪᠤᠭᠤᠷᠤᠯᠴᠤᠳ ᠨᠢ ᠬᠡᠤᠭᠡᠳ ᠲᠡᠭᠡᠨ ᠡᠨᠡ ᠬᠦ ᠴᠡᠭᠡᠷ | ᠶᠤᠰᠤ ᠶᠢ ᠤᠯᠠᠮᠵᠢᠯᠠᠨ ᠰᠤᠷᠭᠠᠳᠠᠭ ᠰᠠᠨ᠃ | ᠡᠷᠳᠡ ᠤᠷᠢᠳᠤ ᠶᠢᠨ ᠴᠠᠭ ᠲᠤ ᠡᠷᠳᠡᠨᠢ ᠠᠭᠤᠯᠠ ᠪᠠ ᠬᠦᠬᠡ ᠱᠤᠷᠤᠩ ᠤᠨ ᠬᠤᠭᠤᠷᠤᠨᠳᠤ ᠨᠢᠭᠡ ᠠᠯᠳᠠᠨ | ᠢᠯᠠᠭ᠎ᠠ ᠨᠢᠰᠴᠤ ᠤᠶᠢᠷ᠎ᠠ ᠤᠷᠴᠢᠨ ᠤ ᠮᠠᠯᠴᠢᠨ ᠠᠷᠠᠳ ᠲᠤ ᠭᠠᠢ ᠭᠠᠮᠰᠢᠭ ᠲᠠᠷᠢᠵᠤ ᠰᠦᠢᠳ ᠪᠤᠯᠵᠤ ᠵᠤᠪᠠᠭᠠᠵᠤ | ᠪᠠᠶᠢᠭᠰᠠᠨ ᠲᠤᠯᠠ ᠲᠡᠭᠡᠳᠤ ᠦᠶ᠎ᠡ ᠶᠢᠨ ᠠᠬᠠᠮᠠᠳ ᠲᠤᠮᠤᠭᠠᠳᠠᠳ ᠬᠤᠪᠢᠯᠭᠠᠨ ᠭᠡᠭᠡᠨ ᠢ ᠵᠠᠯᠠᠵᠤ᠂ ᠡᠨᠡ ᠬᠦ᠋ ᠮᠡᠯᠡᠬᠡᠢ | ᠴᠢᠯᠠᠭᠤᠨ ᠳᠤ ᠱᠦᠩ ᠲᠠᠷᠤᠵᠤ ᠲᠠᠷᠨᠢ ᠨᠤᠮ ᠤᠩᠰᠢᠭᠤᠯᠤᠨ ᠠᠮᠢᠯᠠᠭᠤᠯᠤᠭᠰᠠᠨ ᠠᠴᠠ ᠰᠠᠢᠢ ᠦᠨᠦᠬᠢ ᠭᠠᠢ | ᠲᠠᠷᠢᠵᠤ ᠪᠠᠶᠢᠭᠰᠠᠨ ᠠᠯᠳᠠᠨ ᠢᠯᠠᠭ᠎ᠠ ᠲᠠᠷᠤᠭᠳᠠᠵᠤ᠂ ᠠᠮᠤᠷ ᠲᠦᠪᠰᠢᠨ ᠪᠤᠯᠵᠤ ᠠᠷᠠᠳ ᠤᠯᠠᠨ ᠤ ᠵᠤᠪᠠᠯᠠᠩ | ᠠᠷᠢᠯᠤᠭᠰᠠ ᠠᠴᠠ ᠠᠳᠡᠬᠢ ᠮᠠᠯᠴᠢᠳ ᠲᠤᠰ ᠮᠡᠯᠡᠭᠡᠢ ᠴᠢᠯᠠᠭᠤ ᠶᠢ ᠨᠤᠲᠤᠭ ᠤᠨ ᠰᠠᠬᠢᠭᠤᠰᠤ ᠰᠢᠭ᠋ ᠢᠶᠠᠨ ᠰᠢᠳᠦᠨ | ᠲᠠᠬᠢᠳᠠᠭ ᠪᠤᠯᠤᠭᠰᠠᠨ ᠭᠡᠨ᠎ᠡ᠃ | ᠬᠤᠶᠠᠷ ᠮᠢᠩᠭᠠᠨ ᠤᠨ ᠤ ᠡᠬᠢᠨ ᠢᠶᠠᠷ ᠠᠷᠤ ᠬᠤᠷᠴᠢᠨ ᠬᠤᠰᠢᠭᠤᠨ ᠲᠦᠪ ᠠᠴᠠ ᠪᠠᠶ᠋ᠬᠠᠦ᠋ᠨᠳᠤᠷ ᠬᠦᠷᠬᠦ | ᠵᠠᠰᠠᠮᠠᠯ ᠵᠠᠮ ᠢ ᠵᠠᠰᠠᠬᠤ ᠶᠠᠪᠤᠴᠠ ᠳᠤ ᠰᠢᠷᠤᠢ ᠮᠠᠯᠳᠠᠬᠤ ᠲᠤᠮᠤ ᠮᠠᠰᠢᠨ ᠲᠡᠷᠭᠡᠨ ᠤ ᠵᠢᠯᠤᠭᠤᠴᠢ ᠨᠠᠷ ᠮᠡᠯᠡᠭᠡᠢ | ᠴᠢᠯᠠᠭᠤᠨ ᠤ ᠲᠤᠤᠷ᠎ᠠ ᠯᠠᠪ ᠡᠷᠳᠡᠨᠢᠰ ᠤᠨ ᠵᠦᠢᠯ ᠪᠠᠶᠢᠨ᠎ᠠ ᠭᠡᠵᠤ ᠪᠤᠳᠤᠭᠰᠠᠨ ᠶᠤᠮ ᠤᠤ ᠪᠤᠤ ᠮᠡᠳᠡ᠂ ᠤᠭ ᠤᠷᠤᠨ | ᠠᠴᠠ ᠨᠢ ᠬᠡᠳᠤᠨ ᠠᠷᠪᠠᠨ ᠮᠧᠲᠷ ᠲᠦᠯᠬᠢᠵᠤ᠂ ᠡᠯᠢᠭᠡ ᠶᠢ ᠨᠢ ᠲᠡᠭᠡᠭᠰᠢ ᠪᠠᠨ ᠬᠠᠨᠳᠤᠭᠤᠯᠵᠤ ᠬᠠᠶᠠᠭᠠᠳ᠂ ᠮᠡᠯᠡᠬᠡᠢ | ᠴᠢᠯᠠᠭᠤᠨ ᠤ ᠲᠦᠷᠪᠡᠨ ᠬᠦᠯ ᠲᠤᠤᠷ᠎ᠠ ᠨᠢ ᠲᠠᠯᠪᠢᠵᠤ ᠪᠠᠶᠢᠭᠰᠠᠨ ᠯᠤᠤ ᠲᠠᠢ ᠠᠶᠠᠭᠠᠨ ᠤ ᠲᠤᠳᠤᠷᠠᠬᠢ ᠶᠠᠭᠤᠮ᠎ᠠ ᠲᠠᠢ | ᠨᠢ ᠠᠪᠤᠭᠠᠳ ᠵᠤᠭᠰᠤᠭᠰᠠᠨ ᠦᠭᠡᠢ᠂ ᠪᠠᠰᠠ ᠲᠤᠭᠤᠭᠰᠢ ᠪᠠᠨ ᠮᠠᠯᠳᠠᠵᠤ ᠭᠤᠷᠪᠠᠨ ᠮᠧᠲᠷ ᠭᠦᠨ᠂ ᠬᠤᠶᠠᠷ ᠮᠧᠲᠷ | ᠢᠯᠡᠭᠦᠤ ᠦᠷᠭᠡᠨ᠂ ᠭᠤᠷᠪᠠᠨ ᠮᠧᠲᠷ ᠤᠷᠳᠤ ᠲᠤᠮᠤ ᠨᠦᠬᠡ ᠭᠠᠷᠭᠠᠵᠠᠢ᠃ ᠬᠤᠵᠢᠮ ᠨᠢ ᠡᠨᠡ ᠬᠦ ᠨᠦᠭᠡᠨ ᠳᠤ | ᠬᠦᠮᠤᠰ ᠮᠠᠭᠤ ᠰᠠᠶᠢᠨ ᠬᠤᠭ ᠨᠤᠪᠰᠢ ᠬᠠᠶᠠᠭᠳᠠᠮᠠᠯ ᠵᠦᠢᠯ ᠡᠯᠳᠡᠪ ᠵᠦᠢᠯ ᠤᠨ ᠱᠠᠬᠠᠢ ᠭᠤᠳᠤᠯ᠂ ᠬᠤᠪᠴᠠᠰᠤ | ᠬᠤᠨᠠᠷ ᠵᠡᠷᠭᠡ ᠶᠠᠭᠤᠮᠠᠰ ᠢᠶᠠᠨ ᠬᠠᠶᠠᠭᠰᠠᠭᠠᠷ ᠲᠦᠭᠦᠷᠬᠦ ᠰᠢᠬᠠᠵᠠᠢ᠃ | ᠳᠡᠭᠦᠨ ᠠᠴᠠ ᠠᠪᠤᠭᠠᠳ ᠮᠠᠨᠢᠳᠤ ᠶᠢᠨ ᠠᠶᠢᠯ ᠪᠠ ᠪᠠᠶᠠᠨ ᠬᠤᠰᠢᠭᠤ ᠠᠶᠢᠯ ᠤᠨ ᠨᠠᠰᠤᠳᠠᠨ ᠲᠤᠮᠤᠭᠠᠳᠠᠳ᠂ | ᠠᠭᠤᠯᠠ ᠤᠰᠤᠨ ᠤ ᠰᠢᠳᠦᠬᠡᠨ ᠪᠤᠯᠵᠤ᠂ ᠮᠠᠭᠤ ᠶᠠᠭᠤᠮᠠᠰ ᠤᠨ ᠲᠠᠷᠤᠯᠭ᠎ᠠ ᠪᠤᠯᠵᠤ ᠪᠠᠶᠢᠭᠰᠠᠨ ᠮᠡᠯᠡᠬᠡᠢ ᠴᠢᠯᠠᠭᠤ ᠶᠢ | ᠰᠢᠯᠵᠢᠭᠦᠯᠤᠨ ᠤᠷᠪᠠᠭᠤᠯᠵᠤ ᠬᠠᠶᠠᠭᠠᠳ ᠤᠷᠤᠨ ᠳᠤ ᠨᠢ ᠮᠠᠭᠤ ᠬᠠᠶᠠᠭᠳᠠᠮᠠᠯ ᠢᠶᠠᠷ ᠲᠦᠭᠦᠷᠭᠡᠵᠤ | ᠪᠤᠬᠢᠷᠳᠤᠭᠤᠯᠤᠭᠰᠠᠨ ᠠᠴᠠ ᠪᠤᠯᠵᠤ ᠠᠳᠡ ᠬᠤᠷ᠎ᠠ ᠪᠤᠷᠤᠭᠠᠨ ᠤᠷᠤᠬᠤ ᠨᠢ ᠡᠳᠤᠷ ᠠᠴᠠ ᠡᠳᠤᠷ ᠪᠠᠭᠠᠰᠴᠤ ᠭᠠᠩ | ᠭᠠᠴᠢᠭ ᠪᠤᠯᠵᠤ ᠤᠷᠴᠢᠨ ᠲᠤᠭᠤᠷᠢᠨ ᠮᠠᠭᠤᠳᠠᠯ᠎ᠠ ᠭᠡᠵᠤ ᠭᠠᠴᠢᠭᠳᠠᠨ ᠶᠠᠷᠢᠯᠴᠠᠬᠤ ᠪᠤᠯᠵᠠᠢ᠃ | ᠬᠤᠶᠠᠷ ᠮᠢᠩᠭ᠎ᠠ ᠪᠦᠭᠡᠳ ᠲᠤᠯᠤᠭᠠᠨ ᠤᠨ ᠤ ᠵᠤᠨ ᠪᠢ ᠨᠢᠭᠡ ᠨᠠᠶᠢᠵᠠ ᠶᠢᠨ ᠢᠶᠠᠨ ᠨᠠᠶᠢᠳᠠᠯᠭ᠎ᠠ ᠪᠠᠷ ᠲᠡᠭᠦᠨ | ᠤ ᠮᠠᠨᠢᠳᠤ ᠭᠠᠴᠠᠭᠠᠨ ᠠᠴᠠ ᠲᠠᠭᠠᠭᠠᠴᠢᠯᠠᠨ ᠠᠪᠤᠭᠰᠠᠨ ᠬᠠᠶᠢᠷ ᠴᠢᠯᠠᠭᠤ ᠶᠢᠨ ᠲᠠᠯᠠᠪᠠᠢ ᠶᠢ ᠬᠠᠷᠠᠵᠤ ᠰᠠᠭᠤᠭᠰᠠᠨ | ᠶᠤᠮ᠃ ᠮᠢᠨᠤ ᠰᠠᠭᠤᠭᠰᠠᠨ ᠮᠠᠶᠢᠬᠠᠨ ᠨᠢ ᠮᠡᠯᠡᠬᠡᠢ ᠴᠢᠯᠠᠭᠤᠨ ᠠᠴᠠ ᠪᠠᠷᠠᠭᠤᠨᠰᠢ ᠪᠠᠷᠤᠭ ᠬᠤᠶᠠᠷ ᠭᠠᠵᠠᠷ ᠵᠠᠢ ᠲᠠᠢ | ᠵᠠᠰᠠᠮᠠᠯ ᠵᠠᠮ ᠤᠨ ᠪᠠᠷᠠᠭᠤᠨ ᠲᠠᠯ᠎ᠠ ᠳᠤ ᠪᠠᠶᠢᠪᠠ᠃ ᠨᠢᠭᠡ ᠡᠳᠤᠷ ᠬᠠᠨᠰᠦ᠋ᠮ᠎ᠡ ᠰᠤᠮᠤᠨ ᠤ ᠠᠵᠢᠯ ᠠᠴᠠ ᠪᠠᠨ | ᠠᠮᠠᠷᠠᠭᠰᠠᠨ ᠠᠬᠠᠮᠠᠳ ᠪᠠᠭᠰᠢ ᠳ᠋ᠠᠭᠳᠠᠨ ᠮᠠᠯ ᠳᠤ ᠪᠠᠨ ᠶᠠᠪᠤᠵᠤ ᠪᠠᠶᠢᠭᠠᠳ ᠮᠢᠨᠤ ᠲᠡᠷᠭᠡᠳᠡ ᠬᠦᠷᠴᠦ ᠢᠷᠡᠭᠡᠳ | ᠬᠠᠭᠤᠴᠢ ᠲᠡᠯᠭᠡᠬᠦ ᠵᠠᠪᠰᠠᠷ ᠲᠠᠭᠠᠨ ᠬᠤᠶᠠᠭᠤᠯᠠ ᠪᠠᠨ ᠤᠯᠠᠨ ᠲᠦᠮᠡᠨ ᠳᠤ ᠨᠢᠭᠡ ᠰᠠᠶᠢᠨ ᠶᠠᠪᠤᠳᠠᠯ ᠬᠢᠶ᠎ᠡ ᠭᠡᠯᠡ᠃ | ᠲᠡᠭᠡᠭᠡᠳ ᠲᠡᠷᠡ ᠮᠡᠯᠡᠬᠡᠢ ᠴᠢᠯᠠᠭᠤ ᠶᠢ ᠬᠡᠨ ᠬᠦᠮᠤᠨ ᠶᠠᠭᠠᠬᠢᠵᠤ ᠬᠦᠷᠪᠡᠭᠦᠯᠦᠨ ᠬᠠᠶᠠᠭᠰᠠᠨ ᠪᠠ ᠶᠠᠭᠠᠬᠢᠵᠤ ᠤᠤᠯ | ᠤᠷᠤᠨ ᠳᠤ ᠨᠢ ᠤᠷᠤᠭᠤᠯᠵᠤ ᠲᠠᠯᠪᠢᠬᠤ ᠲᠤᠬᠠᠢ ᠶᠠᠷᠢᠭᠰᠠᠨ ᠪᠦᠬᠡᠳ ᠪᠠᠷᠤᠭ ᠬᠦᠮᠤᠨ ᠤ ᠬᠦᠴᠦ ᠪᠠᠷ ᠰᠢᠯᠵᠢᠭᠦᠯᠵᠤ | ᠲᠡᠶᠢᠯᠬᠦ ᠦᠬᠡᠢ᠂ ᠴᠢᠨᠤ ᠠᠳᠡ ᠬᠠᠶᠢᠷ ᠴᠢᠯᠠᠭᠤ ᠤᠳᠬᠤᠬᠤ ᠲᠤᠮᠤ ᠮᠠᠰᠢᠨ ᠲᠡᠷᠭᠡ ᠴᠢᠨᠢ ᠢᠷᠡᠪᠡᠯ ᠲᠠ ᠨᠢᠭᠡ | ᠬᠡᠯᠡᠵᠤ ᠦᠵᠡᠬᠦ ᠦᠭᠡᠢ ᠤᠤ ᠭᠡᠯᠡ᠃ ᠪᠢ ᠪᠠᠶᠠᠷ ᠲᠠᠢ ᠬᠦᠯᠢᠶᠡᠨ ᠠᠪᠤᠯ᠎ᠠ᠃ | ᠬᠤᠶᠠᠷ ᠡᠳᠤᠷ ᠤᠨ ᠲᠠᠷᠠᠭ᠎ᠠ ᠦᠨᠡᠭᠡᠷ ᠲᠤᠮᠤ ᠮᠠᠰᠢᠨ ᠲᠠᠢ ᠬᠤᠶᠠᠷ ᠵᠢᠯᠤᠭᠤᠴᠢ ᠢᠷᠡᠭᠰᠡᠨ ᠳᠤ ᠪᠢ ᠲᠡᠷᠡ | ᠬᠤᠶᠠᠷ ᠲᠤ ᠮᠤᠩᠭᠤᠯ ᠠᠶᠠᠯᠭᠤ ᠲᠠᠢ ᠬᠢᠳᠠᠳ ᠦᠭᠡ ᠪᠠᠷ ᠡᠪᠯᠡᠭᠦᠯᠤᠨ ᠬᠡᠯᠡᠵᠤ ᠭᠤᠶᠤᠵᠤ ᠦᠵᠡᠭᠰᠡᠨ ᠳᠤ ᠲᠡᠳᠡ | ᠬᠠᠷᠢᠨ ᠵᠦᠪᠰᠢᠶᠡᠷᠡᠴᠢᠬᠡᠯᠡ᠃ ᠪᠢ ᠲᠡᠷᠡ ᠲᠠᠷᠤᠢ ᠳᠤ ᠨᠢ ᠳ᠋ᠠᠭᠳᠠᠨ ᠪᠠᠭᠰᠢ ᠳᠤ ᠤᠳᠠᠰᠤᠳᠠᠵᠤ᠂ ᠮᠡᠯᠡᠬᠡᠢ ᠴᠢᠯᠠᠭᠤ | ᠶᠢ ᠲᠤᠰ ᠡᠳᠤᠷ ᠲᠡᠭᠡᠨ ᠪᠤᠰᠬᠠᠬᠤ ᠶᠢ ᠮᠡᠳᠡᠭᠳᠡᠪᠡ᠃ ᠡᠨᠡ ᠡᠳᠤᠷ ᠨᠢ ᠶᠠᠭ ᠬᠤᠶᠠᠷ ᠮᠢᠩᠭ᠎ᠠ ᠪᠦᠭᠡᠳ ᠲᠤᠯᠤᠭᠠᠨ | ᠤᠨ ᠤ ᠨᠠᠢᠮᠠᠨ ᠰᠠᠷ᠎ᠠ ᠶᠢᠨ ᠲᠦᠷᠪᠡᠨ ᠤ ᠡᠳᠤᠷ᠂ ᠪᠢᠯᠢᠭ ᠤᠨ ᠤᠯᠠᠷᠢᠯ ᠤᠨ ᠤᠯᠠᠭᠴᠢᠨ ᠭᠠᠭ᠋ᠠᠢ ᠵᠢᠯ ᠤᠨ | ᠵᠢᠷᠭᠤᠭᠠᠨ ᠰᠠᠷ᠎ᠠ ᠶᠢᠨ ᠬᠤᠷᠢᠨ ᠬᠤᠶᠠᠷ ᠤᠨ ᠴᠠᠭᠠᠨ ᠮᠤᠭᠠᠢ ᠡᠳᠤᠷ ᠪᠠᠶᠢᠪᠠ᠃ ᠳ᠋ᠠᠭᠳᠠᠨ ᠪᠠᠭᠰᠢ ᠪᠢᠳᠡ | ᠬᠤᠶᠠᠭᠤᠯᠠ ᠶᠠᠭᠤ ᠴᠦ ᠪᠤᠯᠤᠭ ᠪᠡᠯᠭᠡ ᠶᠢ ᠪᠤᠳᠤᠵᠤ᠂ ᠲᠤᠰ ᠡᠳᠤᠷ ᠤᠨ ᠭᠤᠤᠯ ᠦᠳᠡ ᠶᠢᠨ ᠮᠤᠷᠢᠨ ᠴᠠᠭ ᠲᠤ | ᠮᠡᠯᠡᠬᠡᠢ ᠴᠢᠯᠠᠭᠤ ᠪᠠᠨ ᠤᠤᠯ ᠤᠷᠤᠨ ᠳᠤ ᠨᠢ ᠵᠠᠯᠠᠬᠤ ᠪᠠᠷ ᠲᠤᠭᠳᠠᠵᠤ᠂ ᠬᠤᠶᠠᠷ ᠵᠢᠯᠤᠭᠤᠴᠢ ᠲᠠᠢ ᠨᠦᠭᠡᠨ ᠤ | ᠬᠠᠵᠠᠭᠤ ᠳᠤ ᠬᠦᠷᠦᠭᠡᠳ ᠶᠠᠭᠤᠨ ᠤ ᠤᠷᠢᠳᠠ ᠨᠦᠭᠡᠨ ᠲᠤᠳᠤᠷᠠᠬᠢ ᠬᠤᠭ ᠨᠤᠪᠰᠢ ᠶᠢ ᠮᠠᠰᠢᠨ ᠢᠶᠠᠷ ᠨᠢ | ᠮᠠᠯᠳᠠᠭᠤᠯᠤᠨ ᠭᠠᠷᠭᠠᠵᠤ᠂ ᠨᠦᠭᠡᠨ ᠤ ᠢᠷᠤᠭᠠᠷ ᠤᠨ ᠴᠡᠪᠡᠷ ᠰᠢᠷᠦᠢ ᠶᠢ ᠨᠢ ᠭᠠᠷᠭᠠᠭᠠᠳ᠂ ᠮᠤᠩᠭᠤᠯ ᠤᠨ ᠠᠷᠢᠭᠤᠨ | ᠵᠠᠩᠰᠢᠯ ᠢᠶᠠᠷ ᠢᠶᠠᠨ ᠰᠠᠩ ᠲᠠᠯᠪᠢᠨ ᠠᠷᠢᠭᠤᠳᠬᠠᠭᠰᠠᠨ ᠤ ᠲᠠᠷᠠᠭ᠎ᠠ ᠮᠠᠰᠢᠨ ᠢᠶᠠᠷ ᠤᠤᠯ ᠤᠨ ᠤᠪᠤᠭᠠᠯᠠᠵᠤ | ᠬᠠᠶᠠᠭᠰᠠᠨ ᠰᠢᠷᠤᠢ ᠶᠢ ᠨᠢ ᠤᠷᠤᠭᠤᠯᠵᠤ ᠲᠡᠭᠰᠢᠯᠡᠭᠡᠳ᠂ ᠰᠢᠷᠤᠢ ᠲᠡᠭᠡᠭᠡᠬᠦ ᠮᠠᠰᠢᠨ ᠤ ᠤᠤᠬᠤᠭᠤᠷ ᠢᠶᠠᠷ | ᠲᠦᠯᠬᠢᠭᠦᠯᠦᠨ ᠠᠪᠴᠢᠷᠠᠵᠤ ᠤᠤᠯ ᠤᠷᠤᠨ ᠳᠤ ᠨᠢ ᠵᠠᠯᠠᠪᠠ᠃ ᠲᠡᠭᠡᠭᠡᠳ ᠳ᠋ᠠᠭᠳᠠᠨ ᠪᠠᠭᠰᠢ ᠪᠢᠳᠡ ᠬᠤᠶᠠᠷ ᠮᠡᠯᠡᠬᠡᠢ | ᠴᠢᠯᠠᠭᠤᠨ ᠤ ᠡᠯᠢᠭᠡᠨ ᠲᠤᠤᠷ᠎ᠠ ᠨᠢ ᠲᠡᠮᠦᠷᠯᠢᠭ ᠵᠤᠭᠤᠰ ᠪᠠ ᠴᠠᠭᠠᠰᠤᠨ ᠵᠤᠭᠤᠰ᠂ ᠬᠠᠭᠤᠷᠤᠭᠰᠠᠨ ᠪᠤᠳᠠᠭ᠎ᠠ᠂ | ᠲᠤᠳᠤᠷᠭ᠎ᠠ ᠵᠡᠷᠭᠡ ᠪᠠᠷ ᠲᠠᠪᠤᠨ ᠲᠠᠷᠢᠶ᠎ᠠ ᠶᠢᠨ ᠦᠷ᠎ᠡ ᠵᠡᠷᠭᠡ ᠶᠢ ᠤᠷᠤᠯᠠᠭᠤᠯᠤᠨ ᠲᠠᠷᠤᠵᠤ ᠲᠠᠯᠪᠢᠭᠠᠳ ᠲᠠᠬᠢᠨ ᠰᠠᠩ | ᠲᠠᠯᠪᠢᠵᠤ ᠠᠷᠢᠭᠤᠯᠠᠭᠠᠳ ᠠᠷᠢᠬᠢ ᠰᠡᠷᠵᠢᠮᠯᠡᠨ᠂ ᠭᠤᠷᠪᠠᠨ ᠮᠤᠳᠤ ᠪᠠᠷ ᠴᠢᠭ ᠲᠠᠳᠠᠵᠤ᠂ ᠤᠤᠯ ᠤᠨ ᠬᠠᠷᠠᠭ᠎ᠠ ᠶᠢ ᠨᠢ | ᠲᠠᠭᠠᠷᠠᠭᠤᠯᠤᠨ ᠬᠦᠬᠡ ᠱᠤᠷᠤᠩ ᠠᠭᠤᠯᠠ ᠶᠢᠨ ᠵᠦᠭ ᠬᠠᠨᠳᠤᠭᠤᠯᠤᠨ ᠲᠠᠯᠪᠢᠪᠠ᠃ | ᠮᠠᠨ ᠢ ᠮᠡᠯᠡᠬᠡᠢ ᠴᠢᠯᠠᠭᠤ ᠶᠢ ᠵᠠᠯᠠᠵᠤ ᠲᠠᠭᠤᠰᠬᠤ ᠶᠢᠨ ᠵᠡᠷᠭᠡ ᠪᠠᠷ ᠤᠶᠢᠷ᠎ᠠ ᠬᠠᠪᠢ ᠶᠢᠨ ᠮᠠᠯᠴᠢᠳ ᠠᠷᠪᠠ | ᠭᠠᠷᠤᠢ ᠬᠦᠮᠤᠨ ᠭᠤᠷᠪᠠᠨ ᠬᠦᠷᠳᠦᠳᠦ ᠲᠡᠷᠭᠡ᠂ ᠮᠤᠲ᠋ᠤᠷ ᠪᠤᠶᠤ ᠮᠤᠷᠢ ᠪᠠᠷ ᠬᠦᠷᠦᠯᠴᠡᠨ ᠢᠷᠡᠵᠡᠭᠡᠵᠤ᠂ ᠴᠠᠭᠠᠨ | ᠢᠳᠡᠭᠡ᠂ ᠠᠷᠢᠬᠢ ᠰᠠᠷᠬᠤᠳ ᠵᠡᠷᠭᠡ ᠶᠢ ᠡᠷᠭᠦᠵᠤ ᠪᠠᠶᠢᠪᠠ᠃ ᠲᠡᠭᠡᠭᠡᠳ ᠪᠢᠳᠡ ᠬᠤᠵᠢᠮᠳᠠᠵᠤ ᠢᠷᠡᠭᠰᠡᠨ ᠲᠡᠭᠦᠤ ᠨᠡᠷ | ᠮᠢᠨᠢ ᠡ᠂ ᠲᠠ ᠨᠠᠷ ᠬᠡᠷᠪᠡ ᠬᠤᠶᠠᠷ ᠡᠪᠤᠭᠡᠨ ᠤ ᠡᠨᠡ ᠡᠳᠤᠷ ᠤᠨ ᠬᠢᠭᠰᠡᠨ ᠦᠢᠯᠡ ᠠᠵᠢᠯᠯᠠᠭ᠎ᠠ ᠶᠢ ᠲᠡᠮᠵᠢᠳᠡᠭ ᠲᠤ | ᠬᠦᠷᠪᠡᠯ᠂ ᠡᠨᠡ ᠨᠦᠭᠡᠨ ᠠᠴᠠ ᠮᠠᠯᠳᠠᠵᠤ ᠭᠠᠷᠭᠠᠭᠰᠠᠨ ᠬᠤᠭ ᠨᠤᠪᠰᠢ ᠶᠢ ᠬᠤᠯᠠᠬᠠᠨ ᠰᠢᠭ᠋ ᠨᠢᠳᠤᠨ ᠲᠠᠯᠳᠠ ᠭᠠᠵᠠᠷ | ᠠᠪᠠᠴᠢᠵᠤ ᠬᠠᠶᠠᠭᠠᠳ ᠦᠭᠪᠡᠯ ᠮᠠᠨᠤᠰ ᠤᠨ ᠠᠵᠢᠯ ᠳᠤ ᠶᠡᠭᠡ ᠲᠤᠰᠠ ᠪᠤᠯᠬᠤ ᠮᠦᠷᠲᠡᠭᠡᠨ ᠪᠤᠶᠠᠨ ᠪᠤᠯᠤᠨ᠎ᠠ ᠰᠢᠤ | ᠭᠡᠰᠡᠨ ᠳᠤ ᠲᠡᠳᠡᠨᠡᠷ ᠪᠠᠶᠠᠷᠲᠠᠢ ᠪᠠᠷ ᠬᠦᠯᠢᠶᠡᠨ ᠠᠪᠴᠤ ᠲᠡᠷᠡ ᠬᠦ ᠬᠤᠭ ᠨᠤᠪᠰᠢ ᠶᠢ ᠪᠦᠬᠦᠨ ᠢ ᠴᠡᠪᠡᠷᠯᠡᠨ | ᠠᠷᠢᠯᠭᠠᠵᠠᠢ᠃ ᠳ᠋ᠠᠭᠳᠠᠨ ᠪᠠᠭᠰᠢ ᠪᠢᠳᠡ ᠬᠤᠶᠠᠭᠤᠯᠠ ᠪᠠᠨ ᠮᠠᠰᠢᠨ ᠲᠡᠷᠭᠡᠨ ᠤ ᠬᠤᠶᠠᠷ ᠵᠢᠯᠤᠭᠤᠴᠢ ᠳᠤ ᠪᠠᠭ᠎ᠠ | ᠪᠤᠯᠪᠠᠴᠤ ᠰᠡᠳᠬᠢᠯ ᠪᠤᠯᠭᠠᠵᠤ ᠲᠤᠰ ᠲᠤᠰ ᠬᠤᠶᠠᠷ ᠬᠡᠪ ᠬᠤᠷᠤᠳ᠂ ᠴᠢᠪᠠᠭ᠎ᠠ ᠶᠢᠨ ᠬᠠᠷ᠎ᠠ ᠠᠷᠢᠬᠢ ᠲᠠᠢ ᠦᠭᠭᠦᠭᠡᠳ | ᠡᠨᠡ ᠬᠦ ᠬᠦᠰᠡᠭᠰᠡᠨ ᠠᠵᠢᠯᠯᠠᠭ᠎ᠠ ᠪᠠᠨ ᠪᠡᠶᠡᠯᠡᠭᠦᠯᠦᠭᠰᠡᠨ ᠶᠤᠮ᠃ | ᠮᠦᠨ ᠡᠳᠤᠷ ᠤᠨ ᠦᠳᠡ ᠶᠢᠨ ᠬᠤᠶᠢᠨ᠎ᠠ ᠲᠡᠭᠷᠢ ᠲᠤᠤᠭᠠᠷᠴᠤ ᠠᠯᠳᠠᠨ ᠡᠮᠡᠭᠡᠯ ᠪᠠ ᠮᠠᠨᠢᠳᠤ ᠭᠠᠴᠠᠭᠠᠨ ᠳᠤ | ᠪᠤᠷᠤᠭᠠᠨ ᠤᠷᠤᠪᠠ᠃ ᠬᠤᠶᠠᠷ ᠡᠳᠤᠷ ᠤᠨ ᠲᠠᠷᠠᠭ᠎ᠠ ᠨᠢ ᠴᠤᠬᠤᠮ ᠲᠡᠭᠷᠢ ᠠᠪᠤ ᠶᠢᠨ ᠪᠤᠷᠤᠭᠠᠨ ᠤᠷᠤᠬᠤ ᠴᠠᠭ ᠨᠢ | ᠪᠤᠯᠤᠭᠰᠠᠨ ᠤ ᠶᠤᠮ ᠤᠤ᠂ ᠮᠡᠯᠡᠭᠡᠢ ᠴᠢᠯᠠᠭᠤ ᠶᠢ ᠤᠷᠤᠨ ᠳᠤ ᠨᠢ ᠵᠠᠯᠠᠭᠰᠠᠨ ᠤ ᠤᠴᠢᠷ ᠶᠤᠮ ᠤᠤ ᠪᠤᠤ ᠮᠡᠳᠡ | ᠭᠤᠷᠪᠠᠨ ᠡᠳᠤᠷ ᠤᠨ ᠦᠷᠭᠦᠯᠵᠢᠯᠡᠭᠰᠡᠨ ᠪᠤᠷᠤᠭᠠᠨ ᠤᠷᠤᠵᠤ ᠭᠠᠩ ᠲᠠᠶᠢᠯᠤᠭᠳᠠᠵᠤ᠂ ᠮᠠᠨᠢᠳᠤ ᠭᠠᠴᠠᠭ᠎ᠠ ᠪᠠ ᠪᠠᠶᠠᠨ | ᠬᠤᠰᠢᠭᠤ ᠭᠠᠴᠠᠭ᠎ᠠ ᠶᠢᠨ ᠮᠠᠯᠴᠢᠳ ᠳ᠋ᠠᠭᠳᠠᠨ ᠪᠠᠭᠰᠢ ᠪᠢᠳᠡ ᠬᠤᠶᠠᠷ ᠢ ᠤᠯᠠᠨ ᠲᠦᠮᠡᠨ ᠳᠤ ᠪᠤᠶᠠᠨ ᠦᠢᠯᠡᠳᠦᠯ᠎ᠡ | ᠭᠡᠵᠤ ᠪᠠᠶᠠᠷ ᠲᠠᠯᠠᠷᠬᠠᠯ ᠲᠡᠪᠰᠢᠭᠦᠯᠵᠤ ᠪᠠᠶᠢᠯ᠎ᠠ᠃ | ᠡᠪᠤᠭᠡᠨ ᠪᠠᠭᠰᠢ ᠳ᠋ᠠᠭᠳᠠᠨ ᠤ ᠰᠠᠨᠠᠭᠠᠴᠢᠯᠠᠨ ᠨᠠᠶᠢᠳᠠᠭᠰᠠᠨ ᠢᠶᠠᠷ | ᠡᠬᠡ ᠪᠠᠶᠢᠭᠠᠯᠢ ᠳᠤ ᠪᠠᠨ ᠤᠨᠴᠠ ᠶᠢᠨ ᠬᠠᠶᠢᠷ᠎ᠠ ᠲᠠᠢ ᠪᠢ | ᠬᠦᠮᠤᠨ ᠤ ᠬᠦᠷᠪᠡᠭᠦᠯᠦᠨ ᠬᠠᠶᠠᠭᠰᠠᠨ ᠮᠡᠯᠡᠬᠡᠢ ᠴᠢᠯᠠᠭᠤ ᠶᠢ | ᠬᠦᠬᠡ ᠱᠤᠷᠤᠩ ᠤᠨ ᠦᠭᠡᠳᠡ ᠤᠤᠯ ᠶᠠᠩᠵᠤ ᠪᠠᠷ ᠨᠢ ᠲᠠᠬᠢᠨᠳᠠ ᠵᠠᠯᠠᠪᠠᠢ᠃ | ᠬᠦᠮᠤᠰ ᠡ᠂ ᠡᠬᠡ ᠪᠠᠶᠢᠭᠠᠯᠢ ᠤᠷᠴᠢᠨ ᠠᠬᠤᠢ ᠪᠠᠨ ᠲᠡᠭᠡᠳᠦᠯᠡᠵᠤ ᠶᠠᠪᠤᠵᠠᠭᠠᠶ᠎ᠠ︕ | ᠠᠭᠤᠯᠠ ᠤᠰᠤᠨ ᠤ ᠡᠵᠡᠳ ᠰᠠᠭᠢᠭᠤᠰᠤᠨ ᠳᠤ ᠪᠠᠨ ᠰᠦᠰᠦᠭᠯᠡᠨ ᠲᠠᠭᠠᠳᠬᠠᠶ᠎ᠠ︕ | ᠤᠮ ᠰᠠᠶᠢᠨ ᠠᠮᠤᠭᠤᠯᠠᠩᠳᠠᠨ ᠪᠤᠯᠳᠤᠭᠠᠢ︕ | ᠤᠯᠠᠮ ᠰᠠᠶᠢᠨ ᠵᠢᠷᠭᠠᠯᠠᠩᠳᠠᠨ ᠪᠤᠯᠳᠤᠭᠠᠢ︕ | 2019.10.11 | ᠪᠤᠷᠵᠢᠭᠢᠨ ᠰᠠᠮᠪᠠᠯ ᠵᠤᠬᠢᠶᠠᠪᠠ |