ᠨᠢᠭᠡ᠂ ᠬᠠᠯᠢᠮᠠᠭ ᠮᠤᠩᠭᠤᠯ ᠭᠡᠵᠦ ᠰᠣᠨᠤᠰᠴᠤ ᠭᠠᠷ ᠪᠠᠷᠢᠯᠴᠠᠭᠰᠠᠨ | | ᠭᠠᠯ ᠵᠠᠯᠠᠭᠤ ᠽᠠᠨᠳᠠᠨ ᠰᠠᠶᠢᠬᠠᠨ ᠨᠠᠰᠤᠨ᠎ᠠ ᠬᠠᠯᠢᠮᠠᠭ ᠮᠤᠩᠭᠤᠯ ᠭᠡᠰᠡᠨ ᠨᠡᠷ᠎ᠡ ᠶᠢ ᠰᠠᠶ᠋ᠢ ᠤᠯᠵᠤ ᠰᠤᠨᠤᠰᠴᠤ | ᠬᠠᠯᠢᠮᠠᠭᠴᠣᠳ ᠣᠶᠢᠷᠠᠳ ᠮᠤᠩᠭᠤᠯ ᠪᠤᠯᠬᠤ ᠶᠢ ᠠᠩᠬ᠎ᠠ ᠤᠯᠵᠤ ᠮᠡᠳᠡᠭᠰᠡᠨ ᠶᠤᠮᠰᠠᠨ᠃ ᠬᠠᠯᠢᠮᠠᠭ ᠡᠮᠡᠭᠳᠠᠢ ᠶᠢᠨ | ᠬᠠᠯᠠᠭᠤᠨ ᠭᠠᠷ ᠢ ᠠᠳᠬᠤᠵᠤ ᠳᠠᠨᠢᠯᠴᠠᠭᠰᠠᠨ ᠢ ᠬᠤᠷᠤᠭᠤ ᠳᠠᠷᠤᠨ ᠡᠷᠭᠢᠴᠡᠭᠦᠯᠦᠨ ᠪᠤᠳᠤᠪᠠᠰᠤ ᠵᠢᠷᠠ ᠰᠢᠬᠠᠮ ᠵᠢᠯ | ᠤᠨ ᠡᠮᠦᠨᠡᠬᠢ ᠤᠴᠠᠷᠠᠯ᠃ ᠮᠡᠬᠦᠰ ᠪᠢ 1956 ᠤᠨ ᠳᠤ ᠠᠶᠢᠮᠠᠭ ᠬᠤᠰᠢᠭᠤᠨ ᠤ ᠭᠤᠤᠯᠳᠠᠯᠭ᠎ᠠ ᠲᠠᠢ ᠪᠦᠷᠢᠨ | ᠪᠠᠭ᠎ᠠ ᠰᠤᠷᠭᠠᠠᠭᠤᠯᠢ ᠪᠤᠯᠬᠤ ᠠᠷᠤ ᠬᠤᠷᠴᠢᠨ ᠬᠤᠰᠢᠭᠤᠨ ᠤ ᠬᠤᠨᠳᠤ ᠪᠦᠷᠢᠨ ᠪᠠᠭ᠎ᠠ ᠰᠤᠷᠭᠠᠠᠭᠤᠯᠢ ᠳᠤ | ᠳᠠᠷᠤᠭᠠᠯᠠᠵᠤ ᠪᠠᠶᠢᠭᠰᠠᠨ ᠦᠶ᠎ᠡ ᠳᠤ᠂ ᠬᠤᠰᠢᠭᠤᠨ ᠤ ᠵᠠᠰᠠᠭ ᠤᠨ ᠭᠠᠵᠠᠷ ᠠᠴᠠ ᠤᠳᠠᠰᠤ ᠢᠷᠡᠭᠦᠯᠵᠦ ᠨᠠᠮᠠᠢᠢ×× | ᠤ ᠡᠳᠦᠷ ᠠᠶᠢᠮᠠᠭ ᠤᠨ ᠵᠠᠰᠠᠭ ᠤᠨ ᠭᠠᠵᠠᠷ — ᠤᠯᠠᠭᠠᠨᠬᠠᠳᠠ ᠳᠤ ᠨᠡᠷ᠎ᠡ ᠮᠡᠳᠡᠭᠦᠯᠦᠨ ︽ᠬᠦᠬᠡᠬᠤᠳᠠᠨ᠎ᠠ ᠪᠦᠬᠦ | ᠤᠯᠤᠰ ᠤᠨ ᠮᠤᠩᠭᠤᠯ ᠦᠬᠡ ᠬᠡᠯᠡ᠂ ᠦᠰᠦᠭ ᠪᠢᠴᠢᠭ ᠤᠨ ᠡᠷᠳᠡᠮ ᠰᠢᠨᠵᠢᠯᠡᠭᠡᠨ ᠤ ᠰᠣᠳᠤᠯᠤᠨ ᠶᠠᠷᠢᠯᠴᠠᠬᠤ | ᠬᠤᠷᠠᠯ ᠳᠤ ᠤᠷᠤᠯᠴᠠᠳᠤᠭᠠᠢ︾ ᠭᠡᠪᠡ᠃ ᠡᠷᠳᠡᠮ ᠰᠢᠨᠵᠢᠯᠡᠭᠡ ᠭᠡᠵᠦ ᠶᠠᠭᠤ ᠶᠢ ᠴᠦ ᠮᠡᠳᠡᠬᠦ ᠦᠭᠡᠢ᠃ ᠢᠯᠠᠩᠭᠤᠶ᠎ᠠ | ︽ᠪᠦᠬᠦ ᠤᠯᠤᠰ ᠤᠨ︾ ᠭᠡᠰᠡᠨ ᠢ ᠰᠣᠨᠤᠰᠤᠭᠠᠳ ᠪᠠᠶᠠᠷᠯᠠᠬᠤ᠂ ᠬᠡᠯᠮᠡᠭᠳᠡᠬᠦ ᠵᠡᠷᠭᠡᠴᠡᠨ ᠲᠤᠩ ᠠᠯᠮᠠᠶᠢᠷᠠᠪᠠ᠃ | ᠭᠡᠪᠡᠴᠦ 25 ᠨᠠᠰᠤᠨ ᠤ ᠡᠮᠨᠢᠭ ᠤᠷᠤᠭ᠎ᠠ ᠳᠤ ᠤᠮᠤᠭᠳᠠᠶᠢᠬᠠᠨ ᠭᠠᠷ ᠰᠠᠵᠢᠵᠦ ᠠᠶᠢᠮᠠᠭ ᠤᠨ ᠲᠦᠪ ᠲᠤ ᠳᠠᠯᠪᠢᠭᠠᠳ | ᠬᠦᠷᠬᠦ ᠳᠤ᠂ ᠤᠷᠤᠨ ᠠᠶᠢᠮᠠᠭ ᠤᠨ ᠭᠤᠤᠯᠳᠠᠯᠭ᠎ᠠ ᠲᠠᠢ ᠮᠤᠩᠭᠤᠯ ᠠᠩᠬ᠎ᠠ ᠳᠤᠮᠳᠠᠳᠤ ᠰᠤᠷᠭᠠᠭᠤᠯᠢ ᠶᠢᠨ ᠬᠢᠴᠢᠶᠡᠯ | ᠬᠦᠮᠦᠵᠢᠯ ᠤᠨ ᠡᠷᠬᠢᠯᠡᠭᠴᠢ ᠮᠢᠨᠤ ᠪᠠᠭᠰᠢ ᠲᠡᠭᠦᠰᠪᠢᠯᠢᠭ ᠬᠢᠭᠡᠳ ᠪᠠᠭᠠᠷᠢᠨ ᠪᠠᠷᠠᠭᠤᠨ ᠬᠤᠰᠢᠭᠤᠨ ᠤ ᠡᠪ ᠬᠠᠮᠳᠤ | ᠵᠠᠯᠠᠭᠤᠴᠤᠳ ᠤᠨ ᠡᠪᠯᠡᠯ ᠤᠨ ᠬᠤᠷᠢᠶᠠᠨ ᠳᠠᠷᠤᠭ᠎ᠠ ᠦᠯᠵᠡᠢ ᠨᠠᠷ ᠲᠠᠢ ᠭᠠᠯ ᠨᠡᠶᠢᠯᠡᠵᠦ ᠬᠦᠬᠡᠬᠤᠳᠠ ᠶᠢ ᠴᠢᠭᠯᠡᠯ᠎ᠡ᠃ | ᠡᠨᠡ ᠬᠤᠷᠠᠯ ᠳᠤ ᠬᠤᠶᠠᠷ ᠵᠠᠭᠤᠭᠠᠳ ᠬᠦᠮᠦᠨ ᠤᠷᠤᠯᠴᠠᠵᠠᠢ᠃ ᠲᠦᠪ ᠠᠴᠠ ᠤᠷᠤᠯᠴᠠᠭᠰᠠᠳ ᠢ | ᠳᠠᠨᠢᠯᠴᠠᠭᠤᠯᠬᠤ ᠳᠤ ᠮᠠᠤ ᠵᠦᠰᠢ ᠶᠢᠨ ᠪᠠᠭᠰᠢ᠂ ᠨᠠᠮ ᠤᠨ ᠬᠡᠳᠦᠨ ᠨᠠᠰᠣᠳᠠᠨ ᠤ ᠨᠢᠭᠡ᠂ ᠪᠦᠬᠦ ᠤᠯᠤᠰ ᠤᠨ | ᠦᠰᠦᠭ ᠪᠢᠴᠢᠭ ᠢ ᠦᠭᠡᠷᠡᠴᠢᠯᠡᠬᠦ ᠵᠦᠪᠯᠡᠯ ᠤᠨ ᠳᠠᠷᠤᠭ᠎ᠠ ᠡᠦ ᠢᠦᠢ ᠵᠠᠩ ᠭᠡᠵᠦ ᠳᠠᠨᠢᠯᠴᠠᠭᠤᠯᠬᠤ ᠳᠤ ᠤᠷᠤᠨ ᠤ | ᠨᠠᠮ ᠤᠨ ᠬᠤᠷᠢᠶ᠎ᠠ ᠶᠢᠨ ᠱᠦᠵᠢ ᠸᠠᠩ ᠳ᠋ᠥᠸᠧ ᠳᠠᠶᠠᠭ ᠢ ᠨᠢ ᠪᠠᠷᠢᠵᠤ ᠡᠮᠦᠨ᠎ᠡ ᠬᠤᠶᠢᠨ᠎ᠠ ᠨᠢ ᠪᠠᠷ᠎ᠠ ᠪᠤᠯᠵᠤ | ᠪᠠᠶᠢᠭᠰᠠᠨ᠃ | ᠬᠤᠷᠠᠯ ᠳᠤ ᠪᠦᠬᠦ ᠤᠯᠤᠰ ᠤᠨ ᠮᠤᠩᠭᠤᠯ ᠬᠡᠯᠡᠨ ᠤ ᠲᠦᠯᠦᠭᠡᠯᠡᠭᠴᠢᠳ ᠮᠤᠩᠭᠤᠯ ᠦᠭᠡ ᠬᠡᠯᠡ᠂ ᠦᠰᠦᠭ | ᠪᠢᠴᠢᠭ ᠢᠶᠠᠨ ᠬᠡᠷᠡᠭᠯᠡᠵᠦ ᠪᠠᠶᠢᠭ᠎ᠠ ᠮᠤᠵᠢ᠂ ᠬᠤᠳᠠ᠂ ᠦᠪᠡᠷᠳᠡᠭᠡᠨ ᠵᠠᠰᠠᠬᠤ ᠤᠷᠤᠨ᠂ ᠵᠸᠦ᠂ ᠰᠢᠶᠠᠨ ᠤ | ᠮᠤᠩᠭᠤᠯᠴᠢ ᠡᠷᠳᠡᠮᠳᠡᠳ ᠰᠣᠳᠤᠯᠭᠠᠳᠠᠳ ᠠᠴᠠ ᠭᠠᠳᠠᠨ᠎ᠠ ᠵᠦᠪᠯᠡᠯᠳᠦ ᠬᠤᠯᠪᠤᠭᠠᠳᠤ ᠤᠯᠤᠰ ᠤᠨ ᠮᠤᠩᠭᠤᠯᠴᠢ | ᠡᠷᠳᠡᠮᠳᠡᠨ ᠳᠠᠳᠠᠶᠠᠸᠠ᠂ ᠴᠤᠷᠴᠤᠽᠤᠩᠬᠸᠠ ᠤᠷᠤᠯᠴᠠᠪᠠ᠃ ᠬᠤᠷᠠᠯ ᠳᠤ ᠦᠪᠦᠷ ᠮᠤᠩᠭᠤᠯ ᠤᠨ ᠬᠡᠯᠡᠨ ᠤ ᠠᠯᠳᠠᠷᠳᠤ | ᠡᠷᠳᠡᠮᠳᠡᠨ ᠴᠡᠩᠬᠡᠯᠳᠠᠢ᠂ ᠡᠷᠳᠡᠨᠢᠳᠤᠭᠳᠠᠬᠤ ᠪᠠᠭᠰᠢ ᠴᠦ ᠨᠠᠭᠠᠰᠢ ᠴᠠᠭᠠᠰᠢ ᠬᠦᠯ ᠪᠤᠯᠵᠤ ᠯᠡ ᠪᠠᠶᠢᠭᠰᠠᠨ᠃ | ᠬᠤᠷᠠᠯ ᠤᠨ ᠭᠤᠤᠯ ᠠᠭᠤᠯᠭ᠎ᠠ ᠨᠢ ᠪᠤᠰᠤᠭ᠎ᠠ ᠮᠤᠩᠭᠤᠯ ᠦᠰᠦᠭ ᠢ ᠦᠭᠡᠷᠡᠴᠢᠯᠡᠵᠦ ᠺᠢᠷᠢᠯ ᠦᠰᠦᠭ ᠢ | ᠬᠡᠷᠡᠭᠯᠡᠬᠦ ᠪᠠ ᠡᠰᠡᠬᠦ ᠶᠢ ᠰᠣᠳᠤᠯᠤᠨ ᠶᠠᠷᠢᠯᠴᠠᠪᠠ᠃ ᠤᠷᠤᠰ ᠬᠦᠮᠦᠨ ᠲᠠᠢ ᠬᠤᠷᠠᠯ ᠳᠤ ᠬᠠᠮᠳᠤ ᠰᠠᠭᠤᠭᠰᠠᠨ ᠢᠶᠠᠨ | ᠶᠡᠭᠡ ᠭᠠᠶᠢᠬᠠᠯ ᠪᠤᠯᠭᠠᠵᠤ᠂ ᠬᠤᠷᠠᠯ ᠤᠨ ᠵᠠᠪᠰᠠᠷ ᠲᠤ ᠬᠠᠯᠢᠮᠠᠭ ᠮᠤᠩᠭᠤᠯ ᠳᠠᠳᠠᠶᠠᠸᠠ ᠲᠠᠢ ᠳᠠᠨᠢᠯᠴᠠᠬᠤ ᠪᠠᠷ ᠵᠠᠯᠠᠭᠤ | ᠨᠠᠰᠤᠨ ᠤ ᠰᠤᠨᠢᠭᠤᠴᠢ ᠬᠡᠬᠦ ᠦᠦ︖ ᠮᠤᠩᠭᠤᠯ ᠭᠡᠰᠡᠨ ᠳᠤ᠂ ᠡᠯᠢᠭᠡ ᠳᠠᠳᠠᠭᠳᠠᠭᠰᠠᠨ ᠤ ᠦᠦ︖ ᠡᠷᠢᠨ ᠬᠦᠷᠬᠦ | ᠳᠤ ᠳᠠᠳᠠᠶᠠᠸᠠ ᠲᠤᠩ ᠬᠠᠯᠠᠭᠤᠮᠰᠤᠭ ᠢᠶᠠᠷ ᠬᠦᠯᠢᠶᠡᠨ ᠠᠪᠴᠤ᠄ ︽ᠪᠢ ᠬᠠᠯᠢᠮᠠᠭ ᠮᠤᠩᠭᠤᠯ᠂ ᠮᠢᠨᠤ ᠡᠷᠡᠭᠳᠠᠢ | ᠴᠤᠷᠴᠤᠽᠤᠩᠬᠸᠠ ᠪᠤᠯ ᠤᠷᠤᠰ ᠬᠦᠮᠦᠨ᠃ ᠪᠢᠳᠡ ᠬᠠᠮᠳᠤ ᠪᠠᠷ ᠮᠤᠩᠭᠤᠯ ᠦᠰᠦᠭ ᠪᠢᠴᠢᠭ ᠲᠤ ᠰᠣᠳᠤᠯᠭᠠᠨ ᠬᠢᠵᠦ | ᠪᠠᠶᠢᠨ᠎ᠠ︾ ᠭᠡᠵᠦ ᠭᠠᠷ ᠠᠳᠬᠤᠯᠴᠠᠪᠠ᠃ ᠨᠠᠳᠠ ᠶᠢ ᠬᠠᠮᠢᠭᠠᠬᠢ ᠶᠢ ᠰᠣᠨᠤᠰᠤᠭᠠᠳ ᠲᠡᠷᠡ᠄ ︽ᠤᠤᠬᠠᠢ︕ ᠠᠷᠤ | ᠬᠤᠷᠴᠢᠨ ᠬᠤᠰᠢᠭᠤᠨ ᠤ ᠬᠢ ᠦᠦ︖ ᠪᠢ ᠡᠨᠡ ᠬᠠᠪᠤᠷ ᠯᠢᠨᠳᠦ᠋ᠩ ᠳᠤ ᠬᠦᠷᠦᠭᠰᠡᠨ ᠳᠤ ᠪᠠᠨ ᠳᠠᠨ ᠤ ᠬᠤᠰᠢᠭᠤᠨ | ᠤ ᠮᠠᠨᠢᠵᠠᠪ ᠲᠠᠢ ᠠᠭᠤᠯᠵᠠᠨ ᠶᠠᠷᠢᠯᠴᠠᠭᠰᠠᠨ ᠰᠢᠦ︾ ᠭᠡᠪᠡ᠃ ᠡᠨᠡ ᠪᠤᠯ ᠮᠢᠨᠤ ᠬᠠᠯᠢᠮᠠᠭ ᠬᠦᠮᠦᠨ ᠲᠠᠢ ᠬᠠᠮᠤᠭ | ᠠᠩᠬᠠᠳᠤᠭᠴᠢ ᠤᠳᠠᠭ᠎ᠠ ᠶᠢᠨ ᠠᠭᠤᠯᠵᠠᠯᠳᠠ᠂ ᠮᠦᠨ ᠴᠦ ᠬᠠᠯᠢᠮᠠᠭ ᠡᠮᠡᠭᠳᠠᠢ ᠶᠢᠨ ᠬᠠᠯᠠᠭᠤᠨ ᠭᠠᠷ ᠢ ᠪᠠᠷᠢᠭᠰᠠᠨ | ᠠᠩᠬ᠎ᠠ ᠤᠳᠠᠭ᠎ᠠ᠃ ᠳᠠᠳᠠᠶᠠᠸᠠ ᠨᠠᠮ ᠭᠡᠰᠡᠨ ᠪᠡᠶ᠎ᠡ ᠲᠠᠢ᠂ ᠴᠡᠪᠡᠷ ᠴᠡᠮᠴᠡᠭᠡᠷ ᠠᠰᠤᠷᠤ ᠭᠤᠸ᠎ᠠ ᠭᠡᠭᠡᠨᠴᠢᠷ ᠬᠦᠮᠦᠨ᠃ | ᠤᠷᠴᠢᠮ ᠮᠢᠨᠤ ᠨᠢᠭᠡᠨ ᠨᠠᠶᠢᠵᠠ ᠲᠧᠯᠸᠢᠰ ᠠᠴᠠ ᠡᠯᠡᠰᠦᠳᠠᠢ ᠬᠤᠳᠠ ᠭᠡᠰᠡᠨ ᠢ ᠦᠵᠡᠭᠡᠳ ᠬᠠᠮᠢᠭᠠᠬᠢ ᠶᠢ ᠯᠠᠪᠯᠠᠭᠰᠠᠨ | ᠳᠤ ᠠᠯᠳᠠᠨ ᠶᠠᠰᠤᠨ ᠤ ᠬᠡᠯᠬᠢᠶ᠎ᠡ᠂ ᠠᠯᠠᠭ ᠮᠢᠬᠠᠨ ᠤ ᠳᠠᠰᠤᠷᠬᠠᠢ ᠭᠡᠵᠦ ᠠᠮᠳᠠᠷᠬᠠᠨ ᠤᠩᠰᠢᠵᠤ ᠳᠡᠮᠳᠡᠭᠯᠡᠭᠰᠡᠨ ᠢᠶᠠᠷ | ᠢᠶᠠᠨ ᠡᠯᠡᠰᠦᠳᠠᠢ ᠬᠤᠳᠠ ᠬᠠᠯᠢᠮᠠᠭ ᠤᠨ ᠲᠤᠬᠠᠢ ᠪᠦᠦᠷ ᠲᠦᠦᠷ ᠳᠠᠨᠢᠯᠴᠠᠭᠤᠯᠤᠭᠰᠠᠨ ᠶᠤᠮ᠃ | | ᠬᠤᠶᠠᠷ᠂ ᠬᠠᠯᠢᠮᠠᠭ ᠮᠤᠩᠭᠤᠯ ᠤᠨ ᠡᠬᠢ ᠡᠭᠦᠰᠦᠯ | | ᠬᠠᠯᠢᠮᠠᠭ ᠮᠤᠩᠭᠤᠯ ᠤᠳᠤ ᠤᠷᠤᠰ ᠤᠨ ᠬᠤᠯᠪᠤᠭᠠᠨ ᠤ ᠪᠦᠭᠦᠳᠡ ᠨᠠᠶᠢᠷᠠᠮᠳᠠᠬᠤ ᠬᠠᠯᠢᠮᠠᠭ ᠤᠯᠤᠰ᠃ | ᠨᠡᠶᠢᠰᠯᠡᠯ ᠨᠢ ᠡᠯᠡᠰᠦᠳᠠᠢ ᠬᠤᠳᠠ᠃ ᠬᠠᠯᠢᠮᠠᠭ ᠨᠡᠷ᠎ᠡ ᠶᠢᠨ ᠡᠬᠢ ᠡᠭᠦᠰᠦᠯ ᠢ ᠯᠠᠪᠯᠠᠬᠤ ᠳᠤ 17 ᠳ᠋ᠤᠭᠠᠷ ᠵᠠᠭᠤᠨ ᠤ | ᠡᠬᠢ ᠪᠠᠷ ᠡᠷᠴᠢᠰ ᠮᠦᠷᠡᠨ ᠳᠠᠭᠠᠤ ᠨᠤᠳᠤᠭᠰᠢᠨ ᠮᠠᠯᠵᠢᠵᠤ ᠪᠠᠶᠢᠭᠰᠠᠨ ᠣᠶᠢᠷᠠᠳ ᠮᠤᠩᠭᠤᠯᠴᠤᠳ ᠦᠷᠦᠨᠡᠰᠢᠯᠡᠵᠦ | ᠸᠤᠯᠭ᠎ᠠ ᠮᠦᠷᠡᠨ ᠬᠦᠷᠴᠦ ᠨᠤᠳᠤᠭᠰᠢᠨ ᠳᠠᠬᠢᠨ ᠳᠤᠷᠤᠨᠠᠰᠢ ᠪᠤᠴᠠᠬᠤ ᠳᠤ ᠦᠯᠡᠳᠡᠵᠦ ᠬᠤᠴᠤᠷᠤᠭᠰᠠᠨ ᠤᠶᠢᠷᠠᠳ | ᠮᠤᠩᠭᠤᠯ ᠠᠶᠢᠮᠠᠭ ᠪᠤᠯᠤᠨ᠎ᠠ᠃ ᠲᠦᠷᠺ ᠬᠡᠯᠡ ᠪᠠᠷ ᠳᠡᠳᠡᠨ ᠢ ︽ᠬᠠᠯᠢᠮᠠᠭ︾ ᠭᠡᠵᠦ ᠳᠠᠭᠤᠳᠠᠳᠠᠭ ᠠᠴᠠ ᠡᠶᠢᠮᠦ | ᠨᠡᠷ᠎ᠡ ᠲᠠᠢ ᠪᠤᠯᠪᠠ᠃ ︽ᠤᠶᠢᠷᠠᠳ︾ ᠭᠡᠰᠡᠨ ᠨᠡᠷ᠎ᠡ ᠶᠢ ᠰᠣᠳᠤᠯᠵᠤ ᠰᠢᠨᠵᠢᠬᠦ ᠳᠤ ︽ᠮᠤᠩᠭᠤᠯ ᠤᠨ ᠨᠢᠭᠤᠴᠠ | ᠲᠤᠪᠴᠢᠶᠠᠨ︾ ᠳᠤ᠄ ︽ᠳᠠᠬᠢᠶ᠎ᠠ ᠵᠢᠯ ︵1201 ᠤᠨ︶ ᠳᠤ ᠡᠷᠭᠦᠨ᠎ᠡ ᠮᠦᠷᠡᠨ ᠳᠤ ᠴᠢᠳᠬᠤᠬᠤ ᠭᠡᠭᠡᠨ ᠮᠦᠷᠡᠨ | ᠤ ᠰᠢᠨ᠎ᠡ ᠶᠢᠨ ᠠᠭᠤ ᠨᠤᠭᠤ ᠳᠤ ᠵᠠᠮᠤᠬ᠎ᠠ ᠶᠢ ᠬᠠᠨ ᠡᠷᠭᠦᠮᠵᠢᠯᠡᠬᠦ ᠳᠤ ︿ᠤᠶᠢᠷᠠᠳ ᠤᠨ ᠬᠤᠳᠤᠭ᠎ᠠ ᠪᠠᠬᠢ ᠁﹀ | ︾ ᠭᠡᠰᠡᠨ ᠠᠩᠬᠠᠨ ᠤ ᠳᠡᠮᠳᠡᠭᠯᠡᠯ ᠪᠤᠢ︹1︺᠂ ᠳᠠᠬᠢᠪᠠᠯ ︽ᠳᠠᠤᠯᠠᠢ ᠵᠢᠯ ︵1207︶ ᠵᠦᠴᠢ ᠶᠢ ᠪᠠᠷᠠᠭᠤᠨ ᠭᠠᠷ | ᠤᠨ ᠴᠡᠷᠢᠭ ᠢ ᠳᠠᠶᠢᠴᠢᠯᠠᠭᠤᠯᠵᠤ ᠤᠢ ᠶᠢᠨ ᠢᠷᠭᠡᠳ ᠲᠤ ᠮᠤᠷᠳᠠᠭᠤᠯᠬᠤ ᠳᠤ ᠣᠶᠢᠷᠠᠳ ︵ᠣᠢ ᠶᠢᠨ ᠢᠷᠭᠡᠳ︶ | ᠤᠨ ᠬᠤᠳᠤᠭ᠎ᠠ ᠪᠠᠬᠢ ᠲᠦᠮᠡᠨ ᠣᠶᠢᠷᠠᠳ ᠢᠶᠠᠨ ᠠᠪᠴᠤ ᠳᠠᠭᠠᠷ᠎ᠠ ᠢᠷᠡᠪᠡ᠃ ᠁ ᠬᠤᠳᠤᠭ᠎ᠠ ᠪᠠᠬᠢ ᠢᠷᠡᠭᠡᠳ | ᠵᠦᠴᠢ ᠶᠢ ᠤᠳᠤᠷᠢᠳᠴᠤ ᠲᠦᠮᠡᠨ ᠣᠶᠢᠷᠠᠳ ᠤᠨ ᠨᠤᠳᠤᠭ ᠢᠶᠠᠷ ᠭᠠᠵᠠᠷᠴᠢᠯᠠᠨ ᠁ ᠤᠶᠢᠷᠠᠳ᠂ ᠪᠤᠷᠢᠶᠠᠳ᠂ | ᠪᠠᠷᠭᠤᠳ᠂ ᠲᠤᠷᠰᠤᠳ᠂ ᠬᠠᠪᠠᠭ᠋ᠠᠨᠤᠨ᠂ ᠬᠠᠩᠭᠢᠨᠠᠭ᠂ ᠲᠤᠪᠰ ᠠᠶᠢᠮᠠᠭ ᠢ ᠤᠷᠤᠭᠤᠯᠵᠤ ᠁ ᠴᠢᠩᠭᠢᠰ ᠬᠠᠭᠠᠨ | ᠳᠤ ᠵᠤᠯᠭᠠᠭᠰᠠᠨᠠ ᠬᠠᠭᠠᠨ ᠤᠶᠢᠷᠠᠳ ᠤᠨ ᠬᠤᠳᠤᠭ᠎ᠠ ᠪᠠᠬᠢ ᠶᠢ ᠲᠦᠮᠡᠨ ᠣᠶᠢᠷᠠᠳ ᠢᠶᠠᠨ ᠳᠠᠭᠠᠭᠤᠯᠵᠤ | ᠲᠦᠷᠦᠭᠦᠯᠦᠨ ᠢᠷᠡᠪᠡ ᠭᠡᠵᠦ ᠁ ᠳᠡᠭᠦᠨ ᠤ ᠬᠦᠪᠡᠭᠦᠨ ᠢᠨᠠᠯᠴᠢ ᠳᠤ ᠴᠢᠴᠡᠶᠢᠬᠡᠨ ᠢ ᠦᠭᠴᠦ ᠢᠨᠠᠯᠴᠢ ᠶᠢᠨ | ᠠᠬ᠎ᠠ ᠲᠦᠷᠦᠯᠴᠢ ᠳᠤ᠂ ᠵᠦᠴᠢ ᠶᠢᠨ ᠦᠬᠢᠨ ᠬᠤᠯᠤᠶᠢᠬᠠᠨ ᠢ ᠦᠭᠪᠡ ᠁︾ ︹2︺᠃ ᠢᠩᠭᠢᠭᠡᠳ | ᠤᠶᠢᠷᠠᠳ ᠴᠢᠩᠭᠢᠰ ᠬᠠᠭᠠᠨ ᠲᠠᠢ ᠠᠯᠳᠠᠨ ᠶᠠᠰᠤ᠂ ᠬᠠᠰ ᠤᠨ ᠰᠠᠯᠠᠭ᠎ᠠ ᠶᠢᠨ ᠶᠠᠰᠤ ᠮᠢᠬ᠎ᠠ ᠶᠢᠨ ᠨᠢᠭᠳᠠ ᠬᠠᠷᠢᠴᠠᠭ᠎ᠠ | ᠲᠠᠢ ᠪᠤᠯᠪᠠ᠃ | ᠣᠶᠢᠷᠠᠳ ᠠᠶᠢᠮᠠᠭ ᠨᠢ ᠵᠦᠪᠬᠡᠨ ᠴᠢᠩᠭᠢᠰ ᠬᠠᠭᠠᠨ ᠤ ᠠᠯᠳᠠᠨ ᠤᠷᠤᠭ ᠪᠤᠯᠤᠭᠰᠠᠨ ᠳᠡᠳᠦᠢ ᠪᠢᠰᠢ᠂ ᠴᠡᠷᠢᠭ | ᠤᠨ ᠬᠢᠨᠢ ᠭᠤᠤᠯ ᠬᠦᠴᠦᠨ ᠤ ᠨᠢᠭᠡ ᠪᠤᠯᠵᠤ ᠮᠤᠩᠭᠤᠯ ᠬᠠᠭᠠᠨᠳᠤ ᠲᠦᠷᠦ ᠶᠢᠨ ᠬᠦᠭᠵᠢᠯ ᠮᠠᠨᠳᠤᠯ ᠳᠤ ᠪᠠᠯᠠᠷᠠᠰᠢ | ᠦᠭᠡᠢ ᠶᠡᠭᠡ ᠭᠠᠪᠢᠶ᠎ᠠ ᠵᠢᠳᠬᠦᠯ ᠭᠠᠷᠭᠠᠵᠠᠢ᠃ | ᠤᠶᠢᠷᠠᠳᠴᠤᠳ ᠢ ᠪᠠᠰᠠ ︽ᠲᠤᠷᠭᠤᠳ︾ ᠭᠡᠳᠡᠭ᠂ ᠤᠴᠢᠷ ᠨᠢ ᠠᠷᠪᠠᠨ ᠳᠠᠪᠤᠳᠤᠭᠠᠷ ᠵᠠᠭᠤᠨ ᠤ ᠦᠶᠡᠰ | ᠢᠶᠠᠷ ᠲᠤᠷᠭᠤᠳ ᠲᠤᠭᠤᠨ ᠳᠠᠶᠢᠱᠢ ᠶᠢ ᠲᠦᠰᠢᠬᠦ ᠳᠤ᠂ ᠲᠤᠭᠤᠨ ᠳᠠᠶᠢᠱᠢ᠄ ︽ᠨᠤᠳᠤᠭ ᠠᠴᠠ ᠰᠠᠯᠤᠭᠰᠠᠨ ᠨᠤᠶᠠᠨ᠂ | ᠡᠭᠦᠷ ᠠᠴᠠ ᠰᠠᠯᠤᠭᠰᠠᠨ ᠰᠢᠪᠠᠭᠤᠳ ᠲᠤᠷᠤᠭ ᠭᠦᠷᠦᠭᠡᠰᠦ ᠰᠢᠭ ᠦᠩᠭᠡ ᠴᠢᠷᠠᠢ ᠰᠠᠶᠢᠬᠠᠨ ᠁︾ ᠭᠡᠰᠡᠨ | ᠠᠴᠠ ︽ᠲᠤᠷᠭᠤᠳ︾ ᠭᠡᠵᠦ ᠨᠡᠷᠡᠯᠡᠪᠡ ᠭᠡᠳᠡᠭ ᠰᠠᠨ᠃ | ᠤᠷᠤᠰ ᠠᠴᠠ ᠠᠯᠳᠠᠷᠳᠤ ᠮᠤᠩᠭᠤᠯ ᠡᠷᠳᠡᠮᠳᠡᠨ ᠸᠯᠠᠳᠢᠮᠢᠷᠼᠤᠸ᠋ ᠠᠴᠠ ᠤᠶᠢᠷᠠᠳ ᠤᠨ ᠲᠤᠬᠠᠢ ᠳᠡᠮᠳᠡᠭᠯᠡᠭᠰᠡᠨ | ᠨᠢ᠄ ︽ᠲᠦᠷᠪᠡᠨ ᠤᠶᠢᠷᠠᠳ ᠨᠢ ᠴᠢᠩᠭᠢᠰ ᠬᠠᠭᠠᠨ ᠤ ᠤᠶᠢᠷᠠᠳ ᠤᠨ ᠲᠦᠷᠪᠡᠨ ᠲᠦᠮᠡᠨ ᠠᠴᠠ ᠡᠭᠦᠰᠦᠯᠳᠠᠢ︾ | ᠭᠡᠰᠡᠨ ᠪᠠ ᠲᠤᠳᠤ ᠦᠰᠦᠭ ᠤᠨ ᠲᠤᠯᠭᠤᠷ ᠪᠢᠴᠢᠭ ︽ᠮᠤᠩᠭᠤᠯ ᠤᠨ ᠤᠭ ᠡᠬᠢᠨ ᠲᠤᠭᠤᠵᠢ︾ ᠳᠤ᠄ ︽ | ᠬᠤᠱᠤᠳ᠂ ᠲᠤᠷᠭᠤᠳ᠂ ᠳᠦᠷᠪᠡᠳ᠂ ᠵᠡᠭᠦᠠᠭᠠᠷ ᠨᠡᠶᠢᠯᠡᠭᠡᠳ ᠨᠢᠭᠡ ᠤᠶᠢᠷᠠᠳ᠂ ᠲᠦᠮᠡᠳ᠂ ᠬᠤᠶᠢᠳ᠂ ᠪᠠᠳᠤᠳ | ᠨᠡᠶᠢᠯᠡᠭᠡᠳ ᠨᠢᠭᠡ ᠤᠶᠢᠷᠠᠳ᠂ ᠪᠠᠷᠭᠤ᠂ ᠪᠤᠷᠢᠶᠠᠳ ᠮᠦᠨ ᠨᠢᠭᠡ ᠣᠶᠢᠷᠠᠳ᠂ ᠪᠦᠬᠦ ᠮᠤᠩᠭᠤᠯ ᠨᠡᠶᠢᠯᠡᠭᠡᠳ ᠪᠠᠰᠠ | ᠨᠢᠭᠡᠨ ᠣᠶᠢᠷᠠᠳ ᠭᠡᠵᠦ ᠳᠦᠷᠪᠡᠨ ᠤᠶᠢᠷᠠᠳ ᠢ ᠦᠭᠦᠯᠡᠵᠠᠢ︾︹3︺᠃ | ᠮᠤᠩᠭᠤᠯ ᠬᠠᠭᠠᠨᠳᠤ ᠤᠯᠤᠰ ᠤᠨ ᠰᠡᠭᠦᠯᠴᠢ ᠦᠶ᠎ᠡ ᠪᠠᠷ ᠤᠶᠢᠷᠠᠳ ᠮᠤᠩᠭᠤᠯ ᠢ ᠬᠤᠱᠤᠳ᠂ ᠵᠡᠭᠦᠠᠭᠠᠷ᠂ | ᠳᠦᠷᠪᠡᠳ᠂ ᠲᠤᠷᠭᠤᠳ ᠭᠡᠬᠦ ᠪᠤᠯᠤᠭᠰᠠᠨ ᠪᠠᠶᠢᠨ᠎ᠠ᠃ ᠡᠷᠳᠡᠨ ᠤ ᠳᠦᠷᠪᠡᠳ ᠤᠶᠢᠷᠠᠳ ᠤᠨ ᠨᠤᠳᠤᠭ ᠭᠡᠪᠡᠯ᠂ | ᠪᠠᠯᠺᠠᠨ ᠬᠤᠶᠢᠭ ᠤᠨ ᠵᠡᠭᠦᠨ ᠳᠠᠯ᠎ᠠ ᠪᠤᠯᠤᠨ ᠡᠮᠦᠨ᠎ᠡ ᠳᠠᠯ᠎ᠠ᠂ ᠢᠯᠢ ᠭᠤᠤᠯ ᠤᠨ ᠰᠠᠪᠠ ᠭᠠᠵᠠᠷ ᠨᠢ ᠵᠦᠩᠭᠠᠷ ᠤᠨ | ᠨᠤᠳᠤᠭ︔ ᠡᠷᠴᠢᠰ ᠮᠦᠷᠡᠨ ᠤ ᠬᠤᠶᠠᠷ ᠬᠦᠪᠡᠭᠡ ᠨᠢ ᠳᠦᠷᠪᠡᠳ ᠤᠨ ᠨᠤᠳᠤᠭ︔ ᠦᠷᠦᠮᠴᠢ ᠤᠷᠴᠢᠮ ᠨᠢ | ᠬᠤᠱᠤᠳ ᠤᠨ ᠨᠤᠳᠤᠭ︔ ᠳᠠᠷᠪᠠᠭᠠᠳᠠᠢ ᠬᠠᠪᠢ ᠶᠢᠨ ᠬᠢᠨᠢ ᠲᠤᠷᠭᠤᠳ ᠤᠨ ᠨᠤᠳᠤᠭ ᠪᠠᠶᠢᠵᠠᠢ᠃ | ᠤᠶᠢᠷᠠᠳ ᠤᠨ ᠳᠡᠦᠬᠡᠨ ᠳᠠᠬᠢ ᠬᠠᠮᠤᠭ ᠬᠦᠭᠵᠢᠯ ᠲᠠᠢ ᠦᠶ᠎ᠡ ᠭᠡᠪᠡᠯ ᠳᠡᠳᠡ ᠳᠡᠭᠷᠢ ᠠᠭᠤᠯᠠ ᠶᠢᠨ ᠠᠷᠤ | ᠦᠪᠦᠷ᠂ ᠬᠦᠬᠡᠨᠠᠭᠤᠷ᠂ ᠦᠪᠦᠷ ᠮᠤᠩᠭᠤᠯ ᠪᠤᠯᠤᠨ ᠬᠠᠯᠬ᠎ᠠ ᠶᠢᠨ ᠬᠡᠰᠡᠭ ᠭᠠᠵᠠᠷ᠂ ᠴᠢᠨᠠᠭᠰᠢᠯᠠᠭᠠᠳ ᠡᠮᠦᠨ᠎ᠡ | ᠰᠢᠪᠧᠷᠢᠶ᠎ᠠ᠂ ᠳᠤᠮᠳᠠ ᠠᠽᠢᠶ᠎ᠠ᠂ ᠢᠵᠢᠯ ᠮᠦᠷᠡᠨ ᠤ ᠳᠤᠤᠷᠠᠳᠤ ᠰᠠᠪᠠ ᠭᠠᠵᠠᠷ ᠬᠦᠷᠳᠡᠯ᠎ᠡ ᠦᠷᠭᠡᠵᠢᠨ ᠴᠢᠩ ᠤᠯᠤᠰ | ᠤᠨ ᠬᠠᠷᠢᠶᠠᠳᠤ ᠭᠠᠵᠠᠷ ᠠᠴᠠ ᠦᠷᠭᠡᠨ ᠮᠦᠷᠳᠡᠭᠡᠨ ᠴᠢᠩ ᠤᠯᠤᠰ ᠳᠤ ᠬᠠᠷᠢᠶᠠᠯᠠᠭᠳᠠᠭᠰᠠᠨ ᠦᠭᠡᠢ᠂ ᠡᠷᠬᠡ ᠳᠡᠭᠰᠢ | ᠤᠷᠤᠰᠢᠵᠤ ᠪᠠᠶᠢᠪᠠ᠃ | ᠮᠤᠩᠭᠤᠯ ᠤᠨ ᠬᠠᠭᠠᠨ ᠲᠦᠷᠦ ᠪᠡᠭᠡᠵᠢᠩ ᠠᠴᠠ ᠤᠬᠤᠷᠢᠨ ᠮᠤᠩᠭᠤᠯ ᠤᠨ ᠦᠯᠦᠭᠡᠢ ᠨᠤᠳᠤᠭ ᠲᠤ ᠪᠠᠨ | ᠪᠤᠴᠠᠵᠤ ︽ᠤᠮᠠᠷᠠᠳᠤ ᠶᠤᠸᠠᠨ ᠤᠯᠤᠰ︾ ᠭᠡᠵᠦ ᠮᠢᠩ ᠤᠯᠤᠰ ᠲᠠᠢ ᠵᠡᠷᠭᠡᠴᠡᠨ ᠲᠤᠭᠳᠠᠨᠢᠭᠰᠠᠨ ᠴᠦ ᠤᠮᠠᠷᠠᠳᠤ | ᠲᠦᠷᠦ ᠶᠢᠨ ᠹᠸᠤᠳᠠᠯ ᠢᠵᠠᠭᠤᠷᠳᠠᠨ ᠬᠤᠭᠤᠷᠤ ᠬᠤᠭᠤᠷᠤᠨᠳᠤ ᠪᠠᠨ ᠡᠷᠬᠡ ᠠᠰᠢᠭ ᠪᠤᠯᠢᠶᠠᠯᠳᠤᠨ ᠵᠦᠷᠢᠴᠡᠯ ᠳᠡᠮᠡᠴᠡᠯ | ᠬᠤᠷᠴᠠᠳᠤᠭᠰᠠᠨ ᠠᠴᠠ ᠤᠮᠠᠷᠠᠳᠤ ᠲᠦᠷᠦ ᠠᠴᠠ ᠪᠠᠷᠠᠭᠤᠨ ᠬᠤᠶᠢᠨᠠᠬᠢ ᠣᠶᠢᠷᠠᠳ ᠢ ᠵᠠᠬᠢᠷᠬᠤ ᠬᠦᠴᠦᠨ ᠮᠡᠭᠦᠰᠳᠡᠵᠦ᠂ | ᠣᠶᠢᠷᠠᠳᠴᠤᠳ ᠨᠢᠭᠡ ᠦᠶ᠎ᠡ ᠬᠦᠴᠦᠷᠬᠡᠭᠵᠢᠨ ᠮᠠᠨᠳᠤᠵᠤ ᠲᠤᠭᠤᠨ ᠳᠠᠶᠢᠱᠢ ᠬᠢᠭᠡᠳ ᠡᠰᠡᠨ ᠬᠠᠨ ᠨᠢᠭᠡ ᠦᠶ᠎ᠡ | ᠲᠦᠷᠦ ᠪᠠᠷᠢᠨ ᠵᠡᠭᠦᠨ᠂ ᠪᠠᠷᠠᠭᠤᠨ ᠮᠤᠩᠭᠤᠯ ᠢ ᠨᠢᠭᠡᠳᠬᠡᠨ ᠵᠠᠬᠢᠷᠴᠤ᠂ ᠮᠢᠩ ᠤᠯᠤᠰ ᠤᠨ 50 ᠲᠦᠮᠡᠨ ᠴᠡᠷᠢᠭ ᠢ | ᠬᠢᠶᠠᠷᠠᠳᠠᠯ᠎ᠠ ᠴᠤᠬᠢᠵᠤ ᠮᠢᠩ ᠤᠯᠤᠰ ᠤᠨ ᠢᠩᠽᠦ᠋ᠩ ᠬᠠᠭᠠᠨ ᠢ ᠠᠮᠢᠳᠤ ᠪᠠᠷ ᠪᠠᠷᠢᠪᠴᠢᠯᠠᠭᠰᠠᠨ ᠲᠡᠦᠬᠡ ᠲᠠᠢ ᠪᠢᠯᠡ᠃ | | ᠭᠤᠷᠪᠠ᠂ ᠤᠶᠢᠷᠠᠳ ᠤᠨ ᠦᠷᠦᠨᠡᠰᠢᠯ ᠪᠠ ᠲᠤᠷᠤᠨᠠᠰᠢᠯ | | 17 ᠳ᠋ᠤᠭᠠᠷ ᠵᠠᠭᠤᠨ ᠤ ᠡᠬᠢ ᠪᠠᠷ ᠮᠢᠩ ᠤᠯᠤᠰ᠂ ᠤᠮᠠᠷᠠᠳᠤ ᠶᠤᠸᠠᠨ ᠤᠯᠤᠰ ᠤᠨ ᠲᠦᠷᠦ ᠬᠢᠭᠡᠳ ᠴᠢᠩ | ᠤᠯᠤᠰ ᠨᠢᠭᠡᠨ ᠬᠤᠭᠤᠴᠠᠭ᠎ᠠ ᠲᠤᠯᠭ᠎ᠠ ᠶᠢᠨ ᠭᠤᠷᠪᠠᠨ ᠴᠢᠯᠠᠭᠤ ᠮᠡᠳᠦ ᠵᠡᠷᠭᠡᠴᠡᠨ ᠤᠷᠤᠰᠢᠵᠤ ᠬᠤᠭᠤᠷᠤᠨᠳᠤ ᠪᠠᠨ | ᠰᠢᠷᠦᠭᠦᠨ ᠢᠶᠠᠷ ᠲᠡᠮᠡᠴᠡᠯᠳᠦᠨ ᠪᠠᠶᠢᠭᠰᠠᠨ ᠵᠠᠪᠰᠠᠷ ᠤᠨ ᠬᠤᠭᠤᠴᠠᠭ᠎ᠠ ᠳᠤ᠂ ᠲᠤᠷᠭᠤᠳ ᠤᠨ ᠲᠦᠷᠦᠭᠦᠦ ᠬᠤ᠂ | ᠦᠷᠯᠦᠭ 1628 ᠤᠨ ᠳᠤ ᠦᠪᠡᠷ ᠤᠨ ᠬᠠᠷᠢᠶᠠᠳᠤ ᠠᠶᠢᠮᠠᠭ ᠪᠠ ᠳᠡᠭᠦᠨ ᠢ ᠳᠤᠷᠠᠳᠠᠶ᠎ᠠ ᠳᠠᠭᠠᠵᠤ ᠨᠡᠭᠦᠳᠡᠯᠯᠡᠬᠦ | ᠬᠤᠱᠤᠳ᠂ ᠳᠦᠷᠪᠡᠳ᠂ ᠬᠤᠶᠢᠳ ᠤᠨ ᠳᠠᠪᠤᠨ ᠲᠦᠮᠡ ᠢᠯᠡᠭᠦᠦ ᠡᠷᠦᠬᠡ ᠢᠷᠭᠡᠳ ᠢ ᠳᠠᠭᠠᠭᠤᠯᠤᠨ ᠲᠦᠷᠦᠭᠰᠡᠨ | ᠨᠤᠳᠤᠭ ᠳᠠᠷᠪᠠᠭᠠᠳᠠᠢ ᠠᠴᠠ ᠪᠠᠨ ᠰᠠᠯᠵᠤ ᠨᠠᠷᠠᠨ ᠰᠢᠩᠭᠡᠬᠦ ᠵᠦᠭ ᠢ ᠴᠢᠭᠯᠡᠨ ᠦᠷᠦᠨᠡᠰᠢᠯᠡᠵᠦ᠂ 1631 ᠤᠨ ᠳᠤ | ᠢᠵᠢᠯ ᠵᠠᠢ ᠶᠢᠨ ᠦᠷᠭᠡᠨ ᠠᠭᠤᠳᠠᠮ ᠦᠩᠭᠡ ᠰᠢᠮᠡᠯᠢᠭ ᠳᠠᠯ᠎ᠠ ᠨᠤᠳᠤᠭ ᠢ ᠡᠷᠭᠡᠰᠢᠶᠡᠪᠡ᠃ ᠵᠡᠭᠦᠨ ᠳᠠᠯ᠎ᠠ ᠨᠢ ᠵᠠᠢ | ᠭᠤᠤᠯ ︵ᠦᠷᠡᠯ︶᠂ ᠪᠠᠷᠠᠭᠤᠨᠰᠢ ᠢᠵᠢᠯ ᠭᠤᠤᠯ ︵ᠸᠤᠯᠭ᠎ᠠ ᠮᠦᠷᠡᠨ︶᠂ ᠡᠮᠦᠨᠡᠰᠢ ᠪᠠᠨ ᠠᠰᠲ᠋ᠠᠷᠬᠠᠨ ᠠᠴᠠ | ᠬᠤᠶᠢᠰᠢ ᠰᠠᠮᠠᠯᠠ ᠬᠦᠷᠴᠠᠢ᠃ ᠤᠷᠤᠰᠴᠤᠳ ᠡᠨᠡ ᠭᠠᠵᠠᠷ ᠮᠠᠨ ᠤ ᠬᠢ ᠬᠡᠵᠦ ᠳᠡᠳᠡᠨ ᠢ ᠬᠦᠭᠡᠭᠡᠭᠰᠡᠨ ᠳᠤ ᠬᠤ᠂ | ᠦᠷᠯᠦᠭ᠄ ︽ᠡᠨᠡ ᠪᠤᠯ ᠮᠠᠨ ᠤ ᠡᠪᠦᠭᠡ ᠳᠡᠭᠡᠳᠦᠰ — ᠴᠢᠩᠭᠢᠰ ᠬᠠᠭᠠᠨ ᠤ ᠨᠤᠳᠤᠭ︾ ᠭᠡᠵᠦ ᠠᠰ ᠲᠤᠯᠵᠤ | ᠠᠪᠤᠨ ᠬᠠᠷᠢᠭᠤᠴᠠᠵᠤ ᠪᠠᠶᠢᠪᠠ᠃ | 1641 ᠤᠨ ᠳᠤ ᠬᠤ᠂ ᠦᠷᠯᠦᠭ ᠠᠰᠲ᠋ᠠᠷᠬᠠᠴᠤᠳ ᠲᠠᠢ ᠪᠠᠶᠢᠯᠳᠤᠵᠤ ᠪᠠᠶᠢᠭᠠᠳ ᠪᠠᠭᠠᠳᠤᠷᠯᠢᠭ ᠪᠠᠷ ᠪᠡᠶ᠎ᠡ | ᠦᠷᠡᠭᠳᠠᠵᠠᠢ᠃ ᠳᠡᠭᠦᠨ ᠤ ᠠᠬᠠᠮᠠᠳ ᠬᠦᠦ ᠱᠦᠬᠦᠷ ᠳᠠᠶᠢᠴᠢᠩ ᠬᠠᠨ ᠣᠷᠤ ᠶᠢ ᠵᠠᠯᠭᠠᠮᠵᠢᠯᠠᠵᠤ ᠲᠤᠰᠠᠭᠠᠷ | ᠲᠤᠭᠳᠠᠨᠢᠭᠰᠠᠨ ᠤᠯᠤᠰ ᠢ ᠪᠠᠶᠢᠭᠤᠯᠪᠠ᠃ ᠳᠡᠭᠦᠨ ᠤ ᠬᠦᠦ ᠠᠶᠤᠰᠢ 1690 ᠤᠨ ᠳᠤ ᠳᠠᠯᠠᠢ ᠯᠠᠮᠠ ᠠᠴᠠ ᠬᠠᠨ | ᠡᠷᠭᠦᠮᠵᠢᠯᠡᠭᠰᠡᠨ ᠠᠴᠠ ᠨᠠᠭᠠᠰᠢ ᠲᠤᠷᠭᠤᠳ ᠤᠨ ᠲᠦᠷᠦᠭᠦᠦ ᠶᠢ ᠬᠠᠨ ᠭᠡᠬᠦ ᠪᠤᠯᠵᠠᠢ᠃ ᠠᠶᠤᠰᠢ 55 ᠵᠢᠯ ᠬᠠᠨ | ᠰᠠᠭᠤᠷᠢᠨ ᠳᠤ ᠰᠠᠭᠤᠵᠤ ᠸᠤᠯᠭ᠎ᠠ ᠮᠦᠷᠡᠨ᠂ ᠳ᠋ᠤᠨ ᠮᠦᠷᠡᠨ ᠤ ᠬᠤᠭᠤᠷᠤᠨᠳᠤ ᠦᠷᠭᠡᠨ ᠰᠠᠷᠠᠭᠤᠯ ᠨᠤᠳᠤᠭ ᠢ | ᠡᠵᠡᠮᠰᠢᠨ᠂ ᠤᠷᠤᠰ ᠤᠨ ᠴᠠᠭᠠᠨ ᠬᠠᠨ ᠲᠠᠢ ᠨᠠᠶᠢᠷᠠᠮᠳᠠᠯ ᠢᠶᠠᠷ ᠣᠷᠤᠰᠢᠵᠤ᠂ ᠠᠳᠡᠬᠢ ᠨᠤᠳᠤᠭ ᠤᠰᠤᠨ ᠳᠤ ᠭᠦᠨ | ᠵᠤᠵᠠᠭᠠᠨ ᠬᠠᠶᠢᠷ᠎ᠠ ᠰᠡᠳᠬᠢᠯᠭᠡ ᠲᠠᠢ ᠪᠤᠯᠵᠤ᠂ ᠸᠤᠯᠭ᠎ᠠ ᠮᠦᠷᠡᠨ ᠢ ︽ᠡᠬᠡ ᠭᠤᠤᠯ︾᠂ ᠺᠠᠰᠫᠢ ᠳᠠᠩᠭᠢᠰ ᠢ ︽ | ᠬᠦᠬᠡ ᠨᠠᠭᠤᠷ︾ ᠡᠮᠡᠬᠦ ᠰᠠᠶᠢᠬᠠᠨ ᠮᠤᠩᠭᠤᠯ ᠨᠡᠷ᠎ᠡ ᠦᠭᠴᠦ᠂ ᠵᠤᠨ ᠳᠤ ᠪᠠᠨ ᠭᠤᠤᠯ ᠤᠨ ᠵᠡᠭᠦᠨ᠎ᠡ ᠵᠤᠰᠠᠵᠤ᠂ | ᠡᠪᠦᠯ ᠳᠤ ᠪᠠᠨ ᠮᠦᠷᠡᠨ ᠤ ᠪᠠᠷᠠᠭᠤᠨ ᠡᠷᠭᠢ ᠳᠤ ᠨᠡᠭᠦᠳᠡᠯᠯᠡᠨ ᠲᠤᠬᠢᠳᠠᠢ ᠰᠠᠶᠢᠬᠠᠨ ᠠᠮᠢᠳᠤᠷᠠᠵᠤ ᠪᠠᠶᠢᠪᠠ᠃ ᠭᠡᠳᠡᠯ᠎ᠡ | ᠤᠷᠤᠰ ᠤᠨ ᠴᠠᠭᠠᠨ ᠬᠠᠭᠠᠨ ᠭᠠᠳᠠᠭᠰᠢ ᠲᠦᠷᠢᠨ ᠲᠤᠪᠳᠤᠯᠬᠤ ᠳᠠᠶᠢᠨ ᠳᠤ ᠤᠶᠢᠷᠠᠳᠴᠤᠳ ᠢ ᠡᠮᠦᠨ᠎ᠡ ᠪᠠᠨ | ᠲᠦᠯᠬᠢᠨ ᠠᠯᠪᠠᠳᠠᠨ ᠭᠠᠴᠢᠵᠤ ᠳᠠᠶᠢᠨ ᠤ ᠦᠷᠡᠭᠳᠡᠯ ᠪᠤᠯᠭᠠᠵᠤ ᠪᠠᠶᠢᠪᠠ᠃ ᠵᠢᠱᠢᠶᠡᠯᠡᠪᠡᠯ᠂ 1767 —1799 | ᠤᠨ ᠤ ᠬᠤᠭᠤᠷᠤᠨᠳᠤ 32 ᠤᠳᠠᠭ᠎ᠠ ᠴᠡᠷᠢᠭ ᠡᠯᠰᠡᠬᠦ ᠳᠤ 125 ᠲᠦᠮᠡᠨ ᠬᠦᠮᠦᠨ ᠢ ᠡᠯᠰᠡᠵᠠᠢ᠃ ᠨᠢᠭᠡᠨ ᠤᠳᠠᠭ᠎ᠠ | ᠶᠢᠨ ᠳᠠᠶᠢᠨ ᠳᠤ 7 —8 ᠲᠦᠮᠡᠨ ᠣᠶᠢᠷᠠᠳᠴᠤᠳ ᠪᠡᠶ᠎ᠡ ᠦᠷᠡᠭᠳᠡᠭᠰᠡᠨ ᠪᠠᠶᠢᠪᠠ᠃ ᠢᠩᠭᠢᠵᠦ ᠬᠦᠮᠦᠨ ᠤ ᠭᠠᠷ | ᠢᠶᠠᠷ ᠲᠤᠷᠭᠤᠳ ᠢ ᠬᠢᠳᠤᠨ ᠰᠦᠨᠦᠭᠡᠵᠦ᠂ ᠦᠷᠦᠨᠡᠳᠠᠬᠢᠨ ᠤ ᠬᠢᠨ ᠤ ︽ᠳᠠᠶᠢᠨ ᠤ ᠰᠠᠬᠢᠭᠤᠯᠰᠤᠨ︾ ᠭᠡᠮᠡᠭᠴᠢ | ᠨᠠᠫᠣᠯᠢᠶᠣᠨ ᠲᠠᠢ ᠳᠠᠶᠢᠳᠤᠬᠤ ᠳᠤ ᠴᠦ ᠮᠦᠨ ᠬᠤᠰᠢᠭᠤᠴᠢ ᠪᠤᠯᠭᠠᠨ ᠴᠦᠯᠡᠵᠦ ᠪᠠᠶᠢᠪᠠ︹4︺᠃ ᠬᠦᠮᠦᠨ | ᠠᠷᠠᠳ ᠨᠢ ᠳᠠᠶᠢᠨ ᠳᠤ ᠶᠡᠭᠡ ᠤᠯᠠᠨ ᠬᠤᠬᠢᠷᠠᠨ ᠠᠮᠢᠳᠤᠷᠠᠯ ᠨᠢ ᠴᠦ ᠳᠤᠷᠤᠶᠢᠳᠠᠪᠠ᠃ ᠶᠠᠭ ᠡᠨᠡ ᠦᠶ᠎ᠡ ᠳᠤ ᠡᠬᠡ | ᠦᠯᠦᠭᠡᠢ ᠨᠤᠳᠤᠭ ᠲᠤᠨᠢ ᠴᠢᠩ ᠤᠯᠤᠰ ᠤᠨ ᠨᠤᠶᠠᠷᠬᠠᠯ ᠢ ᠡᠰᠡᠷᠭᠦᠴᠡᠭᠰᠡᠨ ᠦᠨᠳᠦᠰᠦᠳᠡᠨ ᠤ ᠪᠠᠭᠠᠳᠤᠷ ᠭᠠᠯᠳᠠᠨ | ᠪᠤᠱᠤᠭᠳᠤ᠂ ᠠᠮᠤᠷᠰᠠᠨᠠᠭ᠎ᠠ ᠨᠠᠷ ᠤᠨ ᠤᠳᠤᠷᠢᠳᠤᠭᠰᠠᠨ ᠠᠷᠠᠳ ᠤᠨ ᠪᠤᠰᠤᠯᠭ᠎ᠠ ᠶᠢ ᠳᠠᠷᠤᠩᠭᠤᠶᠢᠯᠠᠭᠰᠠᠨ ᠴᠢᠩ | ᠤᠯᠤᠰ ᠤᠨ ᠴᠡᠷᠢᠭ 1758 —1760 ᠤᠨ ᠳᠤ ᠬᠡᠳᠦᠨ ᠵᠠᠮ ᠢᠶᠠᠷ ᠵᠦᠩᠭᠠᠷ ᠤᠨ ᠨᠤᠳᠤᠭ ᠲᠤ ᠲᠦᠷᠢᠨ | ᠤᠷᠤᠵᠤ ᠡᠷᠳᠡ ᠡᠳᠦᠭᠡᠬᠢ ᠳᠡᠦᠬᠡ ᠳᠤ ᠶᠡᠷᠦ ᠭᠠᠷᠤᠭ᠎ᠠ ᠦᠭᠡᠢ ᠴᠢᠰᠤᠳᠤ ᠬᠢᠳᠤᠯᠭ᠎ᠠ ᠶᠠᠪᠤᠭᠤᠯᠵᠠᠢ᠃ ᠲᠤᠬᠠᠢ ᠶᠢᠨ | ᠦᠶ᠎ᠡ ᠳᠤ ᠵᠦᠩᠭᠠᠷᠴᠤᠳ 62 ᠲᠦᠮᠡᠨ ᠬᠦᠮᠦᠨ ᠲᠠᠢ ᠭᠡᠳᠡᠭ ᠰᠠᠨ᠃ ︽ᠴᠢᠩ ᠤᠯᠤᠰ ᠤᠨ ᠭᠤᠤᠽᠦ᠋ᠩ ︵ | ᠲᠡᠭᠷᠢ ᠳᠡᠳᠭᠦᠭᠴᠢ︶ ᠬᠠᠭᠠᠨ ᠤ ᠮᠠᠭᠠᠳ ᠬᠠᠤᠯᠢᠳᠦ ᠪᠢᠴᠢᠭ︾ ᠵᠡᠷᠭᠡ ᠬᠢᠳᠠᠳ᠂ ᠮᠠᠨᠵᠤ ᠰᠤᠳᠤᠷ ᠲᠤ ︽᠁ | ᠠᠭᠤᠯᠠ ᠭᠠᠩᠭ᠎ᠠ ᠠᠯᠢ ᠪᠤᠶᠢᠳᠠ ᠭᠠᠵᠠᠷ ᠪᠠ ᠤᠰᠤ ᠮᠦᠷᠡᠨ ᠤ ᠬᠦᠪᠡᠭᠡ ᠳᠠᠭᠠᠤ ᠵᠢᠭᠠᠰᠤ ᠠᠩᠨᠠᠨ ᠠᠮᠢ | ᠵᠢᠭᠤᠳᠠᠭᠰᠠᠨ ᠭᠠᠵᠠᠷ ᠢ ᠴᠦ ᠦᠯᠡᠳᠡᠭᠡᠯ ᠦᠭᠡᠢ ᠨᠠᠩᠵᠢᠨ ᠠᠯᠠᠵᠠᠢ︾ ᠭᠡᠰᠡᠨ ᠶᠤᠮ᠃ | ᠠᠯᠳᠠᠷᠳᠤ ᠮᠤᠩᠭᠤᠯ ᠳᠡᠦᠬᠡᠴᠢᠨ ᠬᠤᠸᠠᠩ ᠵᠢᠩ ᠲᠤᠤ ︵ᠲᠤᠭᠳᠠᠬᠤ︶ ᠠᠴᠠ᠄ ︽ᠵᠦᠩᠭᠠᠷ ᠠᠶᠢᠮᠠᠭ ᠤᠨ | ᠠᠯᠠᠭᠳᠠᠭᠰᠠᠨ ᠬᠦᠮᠦᠨ ᠤ ᠲᠤᠭ᠎ᠠ 40 ᠭᠠᠷᠤᠢ ᠲᠦᠮᠡ ᠳᠤ ᠬᠦᠷᠴᠠᠢ︾ ᠭᠡᠰᠡᠨ ᠪᠠ ᠵᠠᠷᠢᠮ ᠳᠡᠦᠬᠡ ᠳᠤ ᠪᠠᠰᠠ ︽ | ᠳᠠᠶᠢᠴᠢᠩ ᠬᠦᠷᠦᠨ ᠤ ᠨᠤᠶᠠᠷᠬᠠᠭᠴᠢᠳ ᠵᠦᠩᠭᠠᠷ ᠤᠨ ᠠᠷᠠᠳ ᠲᠦᠮᠡᠨ ᠤ ᠭᠤᠯᠤᠮᠳᠠ ᠶᠢ ᠨᠢ ᠬᠠᠷᠠᠯᠠᠭᠤᠯᠵᠤ᠂ | ᠦᠨᠡᠰᠦ ᠶᠢ ᠨᠢ ᠬᠡᠶᠢᠰᠬᠡᠵᠦ ᠤᠭ ᠢ ᠨᠢ ᠳᠠᠰᠤᠯᠬᠤ ᠪᠠᠷ ᠬᠡᠷᠴᠡᠭᠡᠶᠢᠯᠡᠪᠡ︾ ᠭᠡᠰᠡᠨ᠃ ᠢᠩᠭᠢᠭᠡᠳ ᠵᠦᠩᠭᠠᠷ ᠤᠨ | ᠨᠤᠳᠤᠭ ᠢ ︽ᠰᠢᠨ᠎ᠡ ᠬᠢᠵᠠᠭᠠᠷ︾ ᠰᠢᠨᠵᠢᠶᠠᠩ ᠭᠡᠵᠦ 1760 ᠤᠨ ᠳᠤ ᠳᠠᠶᠢᠴᠢᠩ ᠤᠯᠤᠰ ᠤᠨ ᠵᠢᠩᠭᠢᠨᠢ ᠨᠤᠳᠤᠭ | ᠢᠶᠠᠨ ᠪᠤᠯᠭᠠᠪᠠ᠃ | ᠤᠶᠢᠷᠠᠳ ᠨᠤᠳᠤᠭ ᠬᠦᠮᠦᠨ ᠠᠮᠠ ᠴᠦᠬᠡᠷᠡᠵᠦ ᠡᠵᠡᠭᠦᠢ ᠵᠠᠯᠢᠭᠦᠳ ᠪᠤᠯᠤᠭᠰᠠᠨ ᠪᠠ ᠳᠡᠳᠡᠨ ᠤ ᠦᠯᠦᠭᠡᠢ | ᠨᠤᠳᠤᠭ᠂ ᠤᠳᠤᠮ ᠭᠠᠷᠤᠯ ᠢᠶᠠᠨ ᠰᠠᠨᠠᠵᠤ ᠮᠦᠷᠦᠭᠡᠳᠬᠦ ᠬᠠᠶᠢᠷ᠎ᠠ ᠰᠡᠳᠬᠢᠯᠭᠡ ᠵᠢᠴᠢ ᠣᠷᠤᠰ ᠤᠨ ᠬᠠᠪᠴᠢᠯ | ᠳᠤᠷᠤᠮᠵᠢᠯᠠᠯ ᠢ ᠳᠡᠰᠴᠦ ᠶᠠᠳᠠᠬᠤ ᠳᠤ ᠪᠠᠨ ᠠᠶᠤᠰᠢ ᠬᠠᠨ ᠤ ᠤᠮᠪᠤᠯ ᠤᠪᠰᠢ ᠬᠠᠨ ᠪᠠᠷ 1771 ᠤᠨ ᠤ 1 | ᠰᠠᠷ᠎ᠠ ᠶᠢᠨ 5 ᠤ ᠡᠳᠦᠷ᠂ ᠤᠷᠤᠰ ᠤᠨ ᠨᠤᠳᠤᠭ ᠠᠴᠠ ᠰᠠᠯᠵᠤ ᠬᠠᠷᠢᠶᠠᠳᠤ ᠠᠷᠠᠳ 17 ᠲᠦᠮᠡᠨ ᠢᠶᠠᠨ ᠳᠠᠶᠢᠴᠢᠯᠠᠨ | ᠲᠤᠷᠤᠨᠠᠰᠢ ᠪᠤᠴᠠᠬᠤ ᠵᠠᠮ ᠢ ᠡᠯᠭᠦᠪᠡ᠃ ᠮᠦᠷᠡᠨ ᠤ ᠪᠠᠷᠠᠭᠤᠨ ᠳᠠᠬᠢ ᠨᠢ ᠶᠠᠮᠠᠷ ᠨᠢᠭᠡᠨ ᠰᠢᠯᠳᠠᠭᠠᠨ ᠢᠶᠠᠷ | ᠬᠦᠳᠡᠯᠦᠭᠰᠡᠨ ᠦᠭᠡᠢ ᠦᠯᠡᠳᠡᠪᠡ᠃ ᠡᠳᠡᠨᠦᠰ ᠢ ︽ᠬᠠᠯᠢᠮᠠᠭ︾ ᠭᠡᠵᠦ ᠲᠦᠷᠺ ᠬᠡᠯᠡ ᠪᠠᠷ ︽ᠬᠤᠴᠤᠷᠴᠤ | ᠦᠯᠡᠳᠡᠭᠰᠡᠳ︾ ᠭᠡᠰᠡᠨ ᠨᠢ ᠡᠨᠡ ᠪᠦᠯᠦᠭᠡ᠃ | ᠤᠪᠰᠢ ᠬᠠᠨ ᠤ ᠲᠤᠷᠤᠨᠠᠰᠢ ᠪᠤᠴᠠᠬᠤ ᠡᠩᠨᠡᠭᠡ ᠵᠠᠮ ᠮᠦᠷ ᠲᠤ ᠪᠠᠨ ᠳᠠᠶᠢᠨ ᠲᠤᠯᠤᠯᠳᠤᠭᠠᠨ᠂ ᠤᠷᠤᠰ᠂ | ᠺᠠᠽᠠᠭᠴᠤᠳ ᠤᠨ ᠬᠤᠷᠢᠭᠯᠠᠯ ᠳᠡᠮᠡᠴᠡᠯ ᠵᠢᠴᠢ ᠤᠯᠠᠨ ᠵᠦᠢᠯ ᠤᠨ ᠭᠠᠢ ᠭᠠᠮᠰᠢᠭ ᠤᠨ ᠦᠷᠡᠭᠳᠡᠯ ᠰᠦᠢᠳᠦᠯ ᠳᠤ | ᠲᠤᠯᠭᠠᠷᠠᠵᠤ 7 ᠲᠦᠮᠡᠨ ᠬᠦᠮᠦᠨ ᠨᠢ ᠡᠷᠡᠭᠦᠯ ᠰᠠᠷᠠᠭᠤᠯ ᠢᠶᠠᠷ ᠡᠬᠡ ᠨᠤᠳᠤᠭ ᠲᠠᠭᠠᠨ ᠡᠭᠡᠵᠦ ᠢᠷᠡᠵᠠᠢ᠃ ᠤᠪᠰᠢ | ᠬᠠᠨ ᠤ ᠲᠤᠷᠤᠨᠠᠰᠢᠯᠠᠭᠰᠠᠨ ᠢ ᠴᠢᠩ ᠤᠯᠤᠰ ᠰᠣᠷᠠᠭ ᠠᠪᠴᠤ ᠰᠤᠴᠢᠨ ᠬᠡᠯᠮᠡᠭᠳᠡᠨ ᠢᠯᠢ᠂ ᠳᠠᠷᠪᠠᠭᠠᠳᠤ᠂ ᠦᠷᠦᠮᠴᠢ | ᠳᠤ ᠴᠡᠷᠢᠭ ᠳᠠᠳᠠᠵᠤ ᠰᠡᠷᠭᠡᠶᠢᠯᠡᠪᠡ᠃ ᠤᠪᠠᠰᠢ ᠬᠠᠨ ᠡᠨᠡ ᠪᠠᠶᠢᠳᠠᠯ ᠳᠤᠤᠷ᠎ᠠ ᠴᠢᠩ ᠤᠯᠤᠰ ᠢ ᠳᠠᠭᠠᠪᠠ᠃ ᠡᠭᠦᠨ | ᠳᠤ ᠡᠩᠭᠡ ᠠᠮᠤᠭᠤᠯᠠᠩ ᠬᠠᠭᠠᠨ ᠬᠤᠪᠢ ᠶᠢᠨ ᠭᠠᠳᠠᠨ᠎ᠠ ᠪᠠᠶᠠᠰᠤᠨ ᠬᠠᠯᠠᠭᠤᠨ ᠢᠶᠠᠷ ᠬᠦᠯᠢᠶᠡᠨ ᠠᠪᠴᠤ ᠠᠭᠤᠯᠵᠠᠨ | ᠳᠡᠳᠡ ᠨᠠᠷ ᠢ ᠲᠦᠪᠬᠢᠨᠡᠭᠦᠯᠦᠨ᠎ᠡ ᠭᠡᠵᠦ ᠠᠮᠠᠯᠠᠪᠠ᠃ ᠢᠩᠭᠢᠭᠡᠳ ᠴᠢᠩ ᠤᠯᠤᠰ ᠤᠨ ᠢᠮᠠᠭᠳᠠ ᠶᠢᠨ ᠬᠡᠷᠡᠭᠯᠡᠳᠡᠭ | ᠠᠷᠭ᠎ᠠ ᠪᠠᠰᠢᠷ ᠢᠶᠠᠷ ᠢᠶᠠᠨ ︽ᠬᠡᠰᠡᠭᠯᠡᠨ ᠵᠠᠬᠢᠷᠬᠤ︾ ᠲᠦᠷᠦ ᠶᠢᠨ ᠪᠤᠳᠤᠯᠭ᠎ᠠ ᠪᠠᠨ ᠤᠯᠠᠷᠢᠭᠤᠯᠤᠨ ᠬᠡᠷᠡᠭᠯᠡᠵᠦ | ᠲᠤᠯᠤᠭᠠᠨ ᠲᠦᠮᠡᠨ ᠤᠶᠢᠷᠠᠳ ᠢ ᠤᠯᠠᠨ ᠤᠪᠤᠭ ᠠᠶᠢᠮᠠᠭ ᠲᠠᠢ ᠬᠤᠳᠬᠤᠨ ᠬᠤᠯᠢᠯᠳᠤᠭᠤᠯᠵᠤ᠂ ᠦᠨᠡᠨ ᠰᠦᠵᠦᠭᠳᠦ | ᠴᠢᠭᠤᠯᠭᠠᠨ᠂ ᠴᠢᠩ ᠰᠡᠳᠬᠢᠯᠳᠦ ᠴᠢᠭᠤᠯᠭᠠᠨ᠂ ᠪᠠᠳᠤ ᠰᠡᠳᠬᠢᠯᠳᠦ ᠦᠨᠡᠨ ᠴᠢᠭᠤᠯᠭᠠᠨ ᠭᠡᠰᠡᠨ ᠰᠤᠨᠤᠰᠪᠤᠷᠢ ᠲᠠᠢ | ᠰᠠᠶᠢᠬᠠᠨ ᠨᠡᠷ᠎ᠡ ᠲᠠᠢ ᠭᠤᠷᠪᠠᠨ ᠴᠢᠭᠤᠯᠭᠠᠨ 16 ᠬᠤᠰᠢᠭᠤ᠂ 94 ᠰᠤᠮᠤ ᠬᠤᠪᠢᠶᠠᠨ ᠤᠷᠬᠢᠭᠰᠠᠨ ᠠᠮᠤ ᠮᠡᠳᠦ | ᠪᠤᠳᠠᠷᠭᠠᠨ ᠰᠠᠷᠨᠢᠭᠤᠯᠵᠠᠢ᠃ ᠬᠤᠶᠠᠷ ᠵᠢᠯ ᠤᠨ ᠳᠠᠷᠠᠭ᠎ᠠ ᠲᠤᠷᠤᠨᠠᠰᠢ ᠪᠤᠴᠠᠭᠰᠠᠨ ᠪᠠᠭᠠᠳᠤᠷ ᠤᠪᠠᠰᠢ ᠬᠠᠨ ᠬᠢᠭᠡᠳ | ᠪᠠᠮᠪᠠᠷ ᠨᠤᠶᠠᠨᠳᠠᠨ ᠭᠡᠨᠡᠳᠳᠡ ᠨᠠᠰᠤ ᠪᠠᠷᠠᠭᠰᠠᠨ ᠪᠠᠶᠢᠨ᠎ᠠ︹5︺᠃ ︵ᠦᠷᠭᠦᠯᠵᠢᠯᠡᠯ ᠪᠤᠢ︶ | | | ᠬᠤᠳᠤᠷᠠᠩᠭ᠎ᠠ ᠵᠤᠬᠢᠶᠠᠪᠠ᠃ | | ︽ᠳᠤᠷᠠᠰᠤᠯ ᠳᠤ ᠮᠦᠩᠬᠡᠷᠡᠬᠦ ᠬᠤᠷᠸ᠎ᠠ︾ ︵ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ | ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ 2014 ᠤᠨ ᠤ 3 ᠰᠠᠷ᠎ᠠ ᠶᠢᠨ ᠠᠩᠬᠠᠳᠤᠭᠠᠷ ᠬᠡᠪ︶ | ᠭᠡᠬᠦ ᠨᠤᠮ ᠠᠴᠠ ᠰᠤᠩᠭᠤᠪᠠ᠃ | | | |