ᠳᠦᠷᠪᠡ᠂ ᠬᠠᠯᠢᠮᠠᠭᠴᠤᠳ ᠳᠤᠰᠠᠭᠠᠷ ᠳᠤᠭᠳᠠᠨᠢᠯ ᠢᠶᠠᠨ ᠳᠡᠮᠡᠴᠡᠨ ᠤᠯᠤᠭᠰᠠᠨ ᠨᠢ | | ᠤᠪᠠᠰᠢ ᠬᠠᠨ ᠢ ᠳᠠᠭᠠᠵᠤ ᠢᠷᠡᠭᠰᠡᠨ ᠦᠭᠡᠢ ᠸᠤᠯᠭ᠎ᠠ ᠮᠦᠷᠡᠨ ᠤ ᠪᠠᠷᠠᠭᠤᠨ ᠡᠷᠬᠢ ᠳᠤ ᠬᠤᠴᠤᠷᠴᠤ | ᠦᠯᠡᠳᠡᠭᠰᠡᠨ — ᠬᠠᠯᠢᠮᠠᠭᠴᠣᠳ ᠲᠤ ᠤᠷᠤᠰ ᠤᠨ ᠡᠮᠡᠭᠳᠠᠢ ᠬᠠᠭᠠᠨ ᠶᠧᠺᠲ᠋ᠧᠷᠢᠨᠠ ᠬᠤᠶᠠᠳᠤᠭᠠᠷ᠂ ᠬᠠᠯᠢᠮᠠᠭᠴᠤᠳ | ᠤᠨ ᠲᠤᠰᠠᠭᠠᠷ ᠲᠤᠭᠳᠠᠨᠢᠯ ᠤᠨ ᠡᠷᠬᠡ ᠶᠢ ᠪᠦᠷᠢᠮᠦᠰᠦᠨ ᠬᠠᠰᠤᠭᠠᠳ 1772 ᠤᠨ ᠠᠴᠠ ᠡᠬᠢᠯᠡᠨ ᠠᠰᠲ᠋ᠠᠷᠬᠠᠨ | ᠮᠤᠵᠢ ᠶᠢᠨ ᠬᠠᠮᠤᠭ ᠳᠡᠭᠡᠳᠦ ᠬᠢᠨᠠᠯᠳᠠ ᠳᠤ ᠤᠷᠤᠭᠤᠯᠪᠠ᠃ ᠤᠷᠤᠰ ᠤᠨ 10 ᠰᠠᠷ᠎ᠠ ᠶᠢᠨ ᠬᠤᠪᠢᠰᠬᠠᠯ ᠤᠨ | ᠢᠯᠠᠯᠳᠠ ᠤᠯᠳᠠᠯ᠎ᠠ ᠬᠠᠯᠢᠮᠠᠭᠴᠤᠳ 145 ᠵᠢᠯ ᠤᠷᠤᠰ ᠤᠨ ᠴᠠᠭᠠᠨ ᠬᠠᠭᠠᠨ ᠤ ᠳᠠᠷᠤᠩᠭᠤᠶᠢᠯᠠᠯ ᠳᠤ ᠤᠷᠤᠰᠢᠨ | ᠠᠮᠢᠳᠤᠷᠠᠵᠤ ᠪᠠᠶᠢᠪᠠ᠃ | ᠯᠧᠨᠢᠨ ᠤ ᠤᠳᠤᠷᠢᠳᠤᠭᠰᠠᠨ 10 ᠰᠠᠷ᠎ᠠ ᠶᠢᠨ ᠬᠤᠪᠢᠰᠬᠠᠯ ᠤᠷᠤᠰ ᠤᠨ ᠬᠠᠭᠠᠨᠳᠤ ᠲᠦᠷᠦ ᠶᠢ ᠲᠦᠯᠬᠢᠨ | ᠤᠨᠠᠭᠠᠬᠤ ᠳᠠᠶᠢᠨ ᠳᠤ ᠬᠠᠯᠢᠮᠠᠭᠴᠤᠳ᠂ ᠬᠠᠷᠴᠠᠭᠠᠢ ᠪᠦᠷᠭᠦᠳ ᠬᠠᠯᠢᠨ ᠰᠣᠮᠤᠳᠠᠬᠤ ᠰᠢᠭ᠋ ᠪᠠᠭᠠᠳᠤᠷᠯᠢᠭ ᠢᠶᠠᠷ | ᠤᠷᠤᠯᠴᠠᠵᠤ ᠦᠯᠡᠮᠵᠢ ᠤᠯᠠᠨ ᠶᠡᠭᠡ ᠭᠠᠪᠢᠶ᠎ᠠ ᠪᠠᠶᠢᠭᠤᠯᠤᠭᠰᠠᠨ ᠶᠤᠮ᠃ ᠵᠦᠪᠯᠡᠯᠳᠦ ᠶᠢᠨ ᠬᠤᠪᠢᠰᠬᠠᠯ ᠤᠨ ᠦᠶ᠎ᠡ | ᠤᠯᠤᠰ ᠠᠴᠠ ᠡᠷᠭᠦᠮᠵᠢᠯᠡᠭᠰᠡᠨ 27 ᠪᠠᠭᠠᠳᠤᠷ ᠤᠨ ᠳᠤᠮᠳᠠ ᠬᠠᠯᠢᠮᠠᠭᠴᠤᠳ ᠠᠷᠪᠠᠭᠠᠳ ᠬᠦᠮᠦᠨ ᠪᠠᠶᠢᠨ᠎ᠠ︹6︺᠃ | ᠠᠷᠪᠠᠨ ᠰᠠᠷ᠎ᠠ ᠶᠢᠨ ᠬᠤᠪᠢᠰᠬᠠᠯ ᠦᠨᠳᠦᠰᠦᠳᠡᠨ ᠨᠦᠭᠦᠳ ᠤᠨ ᠳᠤᠰᠠᠭᠠᠷ ᠲᠤᠭᠳᠠᠨᠢᠯ ᠪᠠ ᠴᠢᠯᠦᠭᠡᠯᠡᠯᠳᠡ ᠶᠢ | ᠠᠪᠴᠢᠷᠠᠨ ᠦᠭᠭᠦᠯ᠎ᠡ᠃ ᠡᠯ᠎ᠡ ᠦᠨᠳᠦᠰᠦᠳᠡᠨ ᠵᠠᠯᠭ᠎ᠠ ᠵᠠᠯᠭ᠎ᠠ ᠪᠠᠷ ᠳᠤᠰᠠᠭᠠᠷ ᠲᠤᠭᠳᠠᠨᠢᠭᠰᠠᠨ ᠪᠦᠭᠦᠳᠡ | ᠨᠠᠶᠢᠷᠠᠮᠳᠠᠬᠤ ᠤᠯᠤᠰ ᠤᠷᠤᠨ ᠢ ᠪᠠᠶᠢᠭᠤᠯᠬᠤ ᠠᠵᠠ ᠵᠠᠪᠰᠢᠶᠠᠨ ᠪᠠᠷ ᠬᠠᠯᠢᠮᠠᠭᠴᠤᠳ 1920 ᠤᠨ ᠳᠤ ︽ | ᠬᠠᠯᠢᠮᠠᠭ ᠮᠤᠩᠭᠤᠯ ᠤᠨ ᠦᠪᠡᠷᠳᠡᠭᠡᠨ ᠵᠠᠰᠠᠬᠤ ᠤᠷᠤᠨ︾ ᠢ ᠪᠠᠶᠢᠭᠤᠯᠵᠤ 1935 ᠤᠨ ᠳᠤ ︽ᠪᠦᠭᠦᠳᠡ | ᠨᠠᠶᠢᠷᠠᠮᠳᠠᠬᠤ ᠬᠠᠯᠢᠮᠠᠭ ᠮᠤᠩᠭᠤᠯ ᠤᠯᠤᠰ︾ ᠭᠡᠵᠦ ᠦᠭᠡᠷᠡᠴᠢᠯᠡᠪᠡ᠃ | ᠦᠭᠡᠭᠦᠦ ᠠᠩᠭᠢ ᠶᠢᠨ ᠬᠤᠪᠢᠰᠬᠠᠯ ᠤᠨ ᠶᠡᠭᠡ ᠪᠠᠭᠰᠢ ᠯᠧᠨᠢᠨ ᠨᠠᠰᠤ ᠪᠠᠷᠠᠭᠰᠠᠨ ᠤ ᠳᠠᠷᠠᠭ᠎ᠠ᠂ ᠰᠲ᠋ᠡᠯᠢᠨ | ᠬᠤᠪᠢᠰᠬᠠᠯ ᠢ ᠡᠰᠡᠷᠭᠦᠴᠡᠭᠴᠢᠳ ᠢ ᠴᠡᠪᠡᠷᠯᠡᠬᠦ ᠬᠦᠳᠡᠯᠭᠡᠭᠡᠨ ᠬᠡᠮᠡᠨ ᠦᠷᠨᠢᠭᠦᠯᠵᠦ ᠬᠠᠯᠢᠮᠠᠭᠴᠣᠳ ᠲᠤ ᠴᠢᠰᠣᠳᠤ | ᠳᠠᠷᠤᠩᠭᠤᠶᠢᠯᠠᠯ ᠶᠠᠪᠤᠭᠤᠯᠪᠠ᠃ ᠳᠡᠯᠡᠬᠡᠢ ᠶᠢᠨ ᠬᠤᠶᠠᠳᠤᠭᠠᠷ ᠳᠠᠶᠢᠨ ᠤ ᠬᠤᠭᠤᠴᠠᠭᠠᠨ ᠳᠤ 1943 ᠤᠨ ᠳᠤ | ᠬᠠᠯᠢᠮᠠᠭᠴᠤᠳ ᠢ ᠭᠧᠷᠮᠠᠨ ᠤ ᠹᠠᠰᠢᠰ᠂ ᠡᠾᠢᠲᠯᠧᠷ ᠲᠠᠢ ᠰᠦᠯᠪᠡᠭᠡᠯᠳᠦᠪᠡ ︽ᠢᠳᠡᠭᠡᠯ ᠦᠭᠡᠢ ᠬᠦᠮᠦᠰ︾ ᠭᠡᠵᠦ | ᠴᠦᠯᠡᠯᠭᠡ ᠬᠢᠪᠡ᠃ ᠬᠠᠯᠢᠮᠠᠭ ᠤᠨ ᠨᠡᠶᠢᠰᠯᠡᠯ — ᠡᠯᠡᠰᠦᠳᠠᠢ ᠶᠢ 12 ᠰᠠᠷ᠎ᠠ ᠶᠢᠨ 27 ᠤ ᠡᠳᠦᠷ ᠤᠨ ᠰᠦᠨᠢ ᠶᠢᠨ | ᠬᠦᠨ ᠢᠶᠠᠷ ᠬᠡᠨᠡᠳᠳᠡ 10 ᠲᠦᠮᠡᠨ ᠴᠡᠷᠢᠭ ᠪᠦᠰᠡᠯᠡᠵᠦ ᠬᠤᠶᠠᠷᠬᠠᠨ ᠡᠳᠦᠷ ᠲᠤ ᠪᠦᠬᠦᠨ ᠢ ᠮᠠᠰᠢᠨ ᠲᠡᠷᠭᠡᠨ ᠳᠤ | ᠳᠡᠭᠡᠭᠡᠵᠦ ᠫᠤᠤ ᠲᠤᠯᠭᠠᠨ ᠪᠢᠳᠡᠭᠦᠦ ᠭᠠᠯ ᠳᠡᠷᠭᠡᠨ᠎ᠡ ᠬᠦᠭᠡᠭᠡᠨ ᠭᠠᠷᠭᠠᠬᠤ ᠳᠤ ᠬᠦᠮᠦᠨ ᠪᠦᠷᠢ ᠵᠦᠪᠬᠡᠨ ᠬᠤᠷᠢᠨ | ᠺᠢᠯᠤᠭ᠍ᠷᠠᠮ ᠡᠳ᠋ ᠠᠪᠬᠤ ᠳᠤ ᠬᠢᠵᠠᠭᠠᠷᠯᠠᠵᠤ ᠪᠤᠶᠢᠳᠠ ᠪᠦᠭᠯᠡᠭᠦᠦ ᠬᠠᠬᠢᠷ ᠬᠦᠢᠳᠡᠨ ᠪᠠᠷᠠᠭᠤᠨ ᠰᠢᠪᠧᠷᠢᠶ᠎ᠠ ᠳᠤ ᠬᠠᠷᠬᠢᠰ | ᠬᠡᠷᠴᠡᠭᠡᠢ ᠪᠠᠷ ᠴᠦᠯᠡᠵᠦ ᠳᠠᠷᠤᠩᠭᠤᠶᠢᠯᠠᠪᠠ᠃ ᠵᠠᠷᠢᠮ ᠮᠠᠲ᠋ᠧᠷᠢᠶᠠᠯ ᠳᠤ᠂ ᠴᠦᠯᠡᠯᠭᠡ ᠳᠤ 20 ᠲᠦᠮᠡᠨ ᠬᠦᠮᠦᠨ ᠤ | 11 ᠲᠦᠮᠡ ᠨᠢ ᠦᠬᠦᠯ᠎ᠡ ᠬᠡᠳᠡᠭ᠃ ᠬᠠᠯᠢᠮᠠᠭᠴᠤᠳ ᠤᠨ ᠦᠪᠡᠷᠳᠡᠭᠡᠨ ᠵᠠᠰᠠᠬᠤ ᠡᠷᠬᠡ ᠢᠩᠭᠢᠵᠦ ᠬᠠᠰᠤᠭᠳᠠᠭᠰᠠᠨ | ᠢᠶᠠᠷ ᠪᠠᠷᠠᠬᠤ ᠦᠬᠡᠢ᠂ ᠬᠠᠯᠢᠮᠠᠭ ᠬᠡᠯᠡ ᠪᠠᠷ ᠢᠶᠠᠨ ᠶᠠᠷᠢᠯᠴᠠᠬᠤ᠂ ᠬᠠᠯᠢᠮᠠᠭ ᠨᠡᠷ᠎ᠡ ᠠᠪᠬᠤ ᠵᠢᠴᠢ ᠬᠠᠯᠢᠮᠠᠭ | ᠰᠤᠷᠭᠠᠭᠤᠯᠢ ᠪᠠᠶᠢᠭᠤᠯᠬᠤ ᠡᠷᠬᠡ ᠦᠭᠡᠢ ᠪᠤᠯᠭᠠᠪᠠ᠃ ᠡᠨᠡ ᠬᠦ ᠬᠡᠷᠴᠡᠭᠡᠢ ᠪᠠᠯᠠᠮᠠᠳ ᠳᠠᠷᠤᠩᠭᠤᠶᠢᠯᠠᠯ᠂ ᠦᠨᠳᠦᠰᠦᠳᠡᠨ | ᠤ ᠭᠤᠳᠤᠭᠠᠯ ᠳᠤᠷᠤᠮᠵᠢᠯᠠᠯ᠂ ᠬᠦᠮᠦᠨ ᠴᠢᠨᠠᠷ ᠦᠭᠡᠢ ᠬᠤᠤᠷ ᠬᠦᠨᠦᠭᠡᠯ ᠨᠢ 13 ᠵᠢᠯ ᠢᠯᠡᠭᠦᠦ ᠦᠷᠭᠦᠯᠵᠢᠯᠡᠵᠠᠢ᠃ | ᠳᠡᠯᠡᠬᠡᠢ ᠶᠢᠨ ᠬᠤᠶᠠᠳᠤᠭᠠᠷ ᠤᠳᠠᠭ᠎ᠠ ᠶᠢᠨ ᠳᠠᠶᠢᠨ ᠢᠯᠠᠯᠳᠠ ᠤᠯᠵᠤ ᠤᠯᠤᠰ ᠦᠨᠳᠦᠰᠦᠳᠡᠨ ᠡᠷᠬᠡ ᠴᠢᠯᠦᠭᠡ | ᠲᠤᠰᠠᠭᠠᠷ ᠳᠤᠭᠳᠠᠨᠢᠬᠤ ᠴᠠᠭ ᠡᠷᠢᠨ ᠳᠤ ᠬᠠᠯᠢᠮᠠᠭ ᠤᠨ ᠪᠠᠭᠠᠳᠤᠷᠯᠢᠭ ᠠᠷᠠᠳ ᠲᠦᠮᠡᠨ ᠤ ᠨᠤᠭᠤᠷᠠᠰᠢ ᠦᠭᠡᠢ | ᠳᠡᠮᠡᠴᠡᠯ ᠱᠠᠭᠠᠷᠳᠠᠯᠭ᠎ᠠ ᠭᠠᠷᠭᠠᠵᠤ᠂ ᠠᠮᠧᠷᠢᠺᠠ ᠳᠤ ᠪᠠᠶᠢᠭᠰᠠᠨ ᠳ᠋ᠠᠨᠵᠠᠪ᠂ ᠠᠮᠢᠨᠤᠸ᠋᠂ ᠪᠤᠷᠭᠢᠨᠤᠸ᠋ ᠵᠡᠷᠭᠡ ᠡᠬᠡ | ᠤᠷᠤᠨᠴᠤᠳ ᠪᠠ ᠡᠸᠦ᠋ᠷᠦᠫᠡ ᠳᠤ ᠵᠠᠶᠢᠯᠠᠨ ᠶᠠᠪᠤᠭᠰᠠᠨ ᠬᠠᠯᠢᠮᠠᠭᠴᠤᠳ ᠤᠨ ᠬᠠᠮᠳᠤ ᠶᠢᠨ ᠴᠢᠷᠮᠠᠶᠢᠯᠭ᠎ᠠ᠂ ᠳᠡᠯᠡᠬᠡᠢ | ᠶᠢᠨ ᠲᠦᠪ ᠶᠤᠰᠤᠨ ᠤ ᠶᠠᠷᠢᠶ᠎ᠠ ᠬᠡᠯᠡᠯᠴᠡᠭᠡ ᠶᠢᠨ ᠬᠦᠴᠦᠳᠠᠢ ᠳᠠᠷᠤᠯᠳᠠ ᠶᠢᠨ ᠳᠤᠤᠷ᠎ᠠ ᠰᠲ᠋ᠡᠯᠢᠨ ᠢ ᠦᠬᠦᠭᠰᠡᠨ ᠤ | ᠬᠤᠶᠢᠨ᠎ᠠ 1957 ᠤᠨ ᠳᠤ ᠡᠾᠧᠷᠦ᠋ᠱᠤᠸ᠋ ᠤᠨ ᠡᠷᠬᠡ ᠪᠠᠷᠢᠵᠤ ᠪᠠᠶᠢᠭᠰᠠᠨ ᠬᠤᠭᠤᠴᠠᠭᠠᠨ ᠳᠤ ᠬᠠᠯᠢᠮᠠᠭ ᠤᠨ | ᠪᠦᠬᠦᠳᠡ ᠨᠠᠶᠢᠷᠠᠮᠳᠠᠬᠤ ᠤᠯᠤᠰ ᠢ ᠳᠠᠬᠢᠨ ᠰᠡᠷᠭᠦᠭᠡᠨ ᠴᠠᠭᠠᠳᠬᠠᠨ ᠦᠭᠴᠦ ᠡᠬᠡ ᠨᠤᠳᠤᠭ ᠲᠤ ᠪᠠᠨ ᠳᠠᠬᠢᠨ | ᠪᠤᠴᠠᠬᠤ ᠶᠢ ᠵᠦᠪᠰᠢᠶᠡᠷᠡᠪᠡ᠃ ᠬᠠᠯᠢᠮᠠᠭᠴᠤᠳ ᠡᠷᠬᠡ ᠴᠢᠯᠦᠭᠡ ᠳᠤᠰᠠᠭᠠᠷ ᠳᠤᠭᠳᠠᠨᠢᠯ ᠢᠶᠠᠨ ᠳᠠᠬᠢᠨ ᠪᠤᠴᠠᠭᠠᠨ | ᠠᠪᠴᠢᠷᠠᠪᠠ᠃ 1991 ᠤᠨ ᠳᠤ ᠵᠦᠪᠯᠡᠯᠳᠦ ᠵᠠᠳᠠᠷᠠᠭᠰᠠᠨ ᠤ ᠰᠡᠭᠦᠯᠡᠷ ᠬᠠᠯᠢᠮᠠᠭ ᠪᠦᠬᠦᠳᠡ ᠨᠠᠶᠢᠷᠠᠮᠳᠠᠬᠤ ᠤᠯᠤᠰ | ᠭᠡᠬᠦ ᠨᠡᠷᠡᠶᠢᠳᠦᠯ ᠲᠠᠢ ᠪᠤᠯᠪᠠ︹7︺᠃ | ᠬᠠᠯᠢᠮᠠᠭᠴᠤᠳ ᠤᠨ ᠤᠭ ᠨᠤᠳᠤᠭ 140 ᠲᠦᠮᠡᠨ ᠳᠡᠭᠰᠢ ᠳᠦᠷᠪᠡᠯᠵᠢᠨ ᠺᠢᠯᠤᠮᠧᠲᠷ ᠪᠠᠶᠢᠭᠰᠠᠨ ᠠᠴᠠ ᠪᠠᠨ | ᠦᠨᠦ ᠵᠦᠪᠬᠡᠨ 16 ᠲᠦᠮᠡᠨ ᠳᠡᠭᠰᠢ ᠳᠦᠷᠪᠡᠯᠵᠢᠨ ᠺᠢᠯᠤᠮᠧᠲᠷ ᠪᠤᠯᠵᠤ 30 ᠭᠠᠷᠤᠢ ᠲᠦᠮᠡᠨ ᠬᠠᠯᠢᠮᠠᠭᠴᠤᠳ | ᠠᠳᠡ ᠠᠵᠤ ᠲᠦᠷᠦᠨ ᠠᠮᠢᠳᠤᠷᠠᠵᠤ ᠪᠤᠢ᠃ ᠦᠨᠦ ᠶᠢᠨ ᠨᠤᠳᠤᠭ ᠨᠢ ᠵᠡᠭᠦᠨ ᠳᠠᠯ᠎ᠠ ᠨᠢ ᠺᠠᠰᠫᠢ ᠳᠠᠩᠭᠢᠰ — | ᠬᠦᠬᠡ ᠨᠠᠭᠤᠷ ᠬᠦᠷᠴᠦ᠂ ᠡᠮᠦᠨ᠎ᠡ ᠪᠡᠶ᠎ᠡ ᠨᠢ ᠳᠠᠵᠢᠺᠰᠲ᠋ᠠᠨ ᠲᠠᠢ ᠵᠠᠯᠭᠠᠵᠤ ᠪᠠᠷᠠᠭᠤᠨ ᠡᠮᠦᠨᠡᠭᠦᠷ ᠢᠶᠠᠨ ᠸᠤᠯᠭ᠎ᠠ | ᠮᠦᠷᠡᠨ ︵ᠢᠵᠢᠯ ᠭᠤᠤᠯ︶ ᠳᠤ ᠳᠤᠯᠵᠤ ᠪᠠᠶᠢᠨ᠎ᠠ᠃ | | ᠳᠠᠪᠤ᠂ ᠬᠠᠯᠢᠮᠠᠭ ᠤᠯᠤᠰ ᠤᠨ ᠨᠡᠶᠢᠰᠯᠡᠯ — ᠡᠯᠡᠰᠦᠳᠠᠢ | | ᠡᠯᠡᠰᠦᠳᠠᠢ ᠬᠤᠳᠠ ᠪᠤᠯ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠨᠡᠶᠢᠰᠯᠡᠯ᠃ 1930 ᠤᠨ ᠳᠤ | ᠰᠢᠨ᠎ᠡ ᠪᠠᠷ ᠪᠠᠶᠢᠭᠤᠯᠤᠭᠳᠠᠨ ᠡᠸᠦ᠋ᠷᠦᠫᠡ ᠮᠠᠶ᠋ᠢᠭ ᠢᠶᠠᠷ ᠰᠦᠨᠳᠡᠷᠯᠡᠨ ᠪᠤᠰᠴᠤ ᠪᠠᠶᠢᠭ᠎ᠠ ᠵᠠᠯᠠᠭᠤᠬᠠᠨ ᠬᠤᠳᠠ ᠴᠦ | ᠵᠡᠭᠡᠯᠢ ᠭᠤᠳᠤᠮᠵᠢ ᠶᠢᠨ ᠪᠠᠷᠢᠯᠭ᠎ᠠ ᠱᠤᠭᠤᠮᠠᠯ ᠨᠢ ᠦᠨᠳᠦᠰᠦᠳᠡᠨ ᠤ ᠦᠪᠡᠷᠮᠢᠴᠡ ᠤᠨᠴᠠᠯᠢᠭ ᠪᠠ ᠤᠷᠤᠨ ᠨᠤᠳᠤᠭ | ᠤᠨ ᠤᠨᠴᠠᠯᠢᠭ ᠬᠢᠭᠡᠳ ᠴᠠᠭ ᠡᠷᠢᠨ ᠤ ᠤᠨᠴᠠᠯᠢᠭ ᠳᠤᠪᠤᠶᠢᠮ᠎ᠠ ᠪᠦᠳᠦᠭᠡᠨ ᠪᠠᠶᠢᠭᠤᠯᠵᠤ ᠪᠠᠶᠢᠨ᠎ᠠ᠃ ᠪᠦᠬᠦ ᠬᠤᠳᠠ | ᠶᠢᠨ ᠬᠦᠮᠦᠨ ᠨᠢ ᠪᠦᠬᠦ ᠣᠯᠣᠰ ᠤᠨ ᠬᠦᠮᠦᠨ ᠤ 1/3 ᠶᠢ ᠡᠵᠡᠯᠡᠨ᠎ᠡ᠃ | ᠡᠯᠡᠰᠦᠳᠠᠢ ᠪᠠᠭᠤᠳᠠᠯ ᠨᠢ ᠦᠩᠭᠡᠷᠡᠭᠰᠡᠨ ᠳᠤ ᠤᠯᠤᠰ ᠤᠨ ᠪᠠᠭᠤᠳᠠᠯ ᠭᠡᠰᠡᠨ ᠨᠡᠷᠡᠶᠢᠳᠦᠯ ᠲᠠᠢ᠃ ︽ | ᠡᠯᠡᠰᠦᠳᠠᠢ ᠪᠠᠭᠤᠳᠠᠯ︾ ᠨᠢ ᠳᠡᠯᠡᠬᠡᠢ ᠶᠢᠨ ᠳᠦᠷᠪᠡᠨ ᠵᠦᠭ ᠨᠠᠢᠮᠠᠨ ᠵᠤᠪᠬᠢᠰ ᠤᠨ ᠤᠯᠠᠨ ᠤᠯᠤᠰ ᠤᠷᠤᠨ ᠤ | ᠵᠤᠴᠢᠳ ᠪᠠ ᠵᠢᠭᠤᠴᠢᠯᠠᠭᠰᠠᠳ ᠢ ᠬᠦᠯᠢᠶᠡᠨ ᠤᠭᠳᠤᠳᠠᠭ᠃ ᠵᠤᠴᠢᠨ ᠤᠭᠳᠤᠬᠤ ᠲᠢᠩᠭᠢᠮ ᠤᠨ ᠬᠠᠨᠠᠨ ᠳᠤ | ᠴᠢᠩᠭᠢᠰ ᠬᠠᠭᠠᠨ ᠤ ᠲᠤᠮᠤ ᠬᠦᠷᠦᠭ ᠢ ᠵᠠᠯᠠᠭᠰᠠᠨ ᠪᠠᠶᠢᠳᠠᠭ᠃ ᠵᠤᠴᠢᠳ ᠤᠨ ᠲᠢᠩᠬᠢᠮ ᠤᠨ ᠪᠤᠱᠤᠭ᠎ᠠ ᠶᠢ ᠠᠯᠬᠤᠨ | ᠤᠷᠤᠭᠰᠠᠭᠠᠷ ᠨᠢᠭᠡᠨ ᠦᠶ᠎ᠡ ᠶᠢᠨ ᠳᠡᠭᠷᠢᠯᠢᠭ ᠪᠠᠭᠠᠳᠤᠷ᠂ ᠮᠤᠷᠢᠨ ᠨᠢᠷᠤᠭᠤᠨ ᠳᠤ ᠵᠢᠯᠤᠭᠤ ᠳᠠᠷᠤᠵᠤ ᠠᠽᠢᠶ᠎ᠠ | ᠡᠸᠦ᠋ᠷᠦᠫᠡ ᠬᠤᠶᠠᠷ ᠲᠢᠪ ᠢ ᠡᠪᠬᠡᠨ ᠬᠤᠷᠢᠶᠠᠵᠤ᠂ ᠳᠡᠡᠯᠡᠬᠡᠢ ᠶᠢᠨ ᠵᠠᠢ ᠶᠢ ᠤᠶᠢᠷᠠᠳᠤᠭᠤᠯᠤᠭᠰᠠᠨ ᠢ | ᠰᠡᠳᠭᠢᠭᠳᠡᠭᠦᠯᠦᠨ᠂ ᠦᠪᠡᠷ ᠤᠨ ᠡᠷᠬᠡ ᠦᠭᠡᠢ ᠬᠦᠨᠳᠦᠳᠬᠡᠯ ᠪᠢᠰᠢᠷᠡᠯ ᠢ ᠲᠦᠷᠦᠭᠳᠡᠭᠦᠯᠦᠨ᠎ᠡ᠃ ᠪᠠᠰᠠ ᠳᠡᠭᠡᠷ᠎ᠡ | ᠵᠠᠭᠤᠨ ᠤ ᠭᠤᠴᠢᠭᠠᠳ ᠤᠨ ᠤ ᠦᠶ᠎ᠡ ᠶᠢᠨ ᠬᠠᠯᠢᠮᠠᠭᠴᠤᠳ ᠤᠨ ᠨᠡᠭᠦᠳᠡᠯ ᠰᠤᠶᠤᠯ᠂ ᠮᠠᠯᠵᠢᠬᠤ ᠠᠮᠢᠳᠤᠷᠠᠯ᠂ | ᠦᠢᠯᠡᠳᠪᠦᠷᠢᠯᠡᠬᠦ ᠤᠷᠴᠢᠨ ᠢ ᠬᠠᠷᠠᠭᠤᠯᠤᠭᠰᠠᠨ ᠮᠤᠩᠭᠤᠯ ᠭᠡᠷ᠂ ᠮᠤᠩᠭᠤᠯ ᠪᠦᠰᠡᠭᠦᠢ᠂ ᠮᠤᠩᠭᠤᠯ ᠨᠤᠬᠠᠢ ᠵᠡᠷᠭᠡ | ᠪᠤᠳᠤᠭ ᠦᠭᠡᠢ ᠵᠢᠷᠤᠭ ᠤᠳ ᠨᠢ ᠠᠶᠠᠨ ᠤ ᠴᠢᠯᠡᠭᠡ ᠶᠢ ᠳᠠᠶᠢᠯᠵᠤ ᠬᠠᠯᠠᠭᠤᠮᠰᠤᠭ ᠢᠶᠠᠷ ᠵᠤᠴᠢᠳ ᠢ ᠤᠭᠳᠤᠨ᠎ᠠ᠃ | ︹8︺ | ᠡᠯᠡᠰᠦᠳᠠᠢ ᠪᠠᠭᠤᠳᠠᠯ ᠨᠢ ᠬᠤᠳᠠᠨ ᠤ ᠲᠦᠪ ᠲᠤ ᠪᠠᠶᠢᠷᠢᠰᠢᠵᠤ᠂ ᠶᠡᠷᠦᠩᠬᠡᠶᠢᠯᠡᠭᠴᠢ ᠶᠢᠨ ᠤᠷᠳᠤᠨ ᠪᠠ | ᠤᠯᠤᠰ ᠤᠨ ᠶᠡᠭᠡ ᠰᠤᠷᠭᠠᠭᠤᠯᠢ ᠠᠴᠠ ᠲᠤᠩ ᠤᠶᠢᠷᠬᠠᠨ᠃ ᠮᠠᠨ ᠤ ᠤᠯᠤᠰ ᠤᠨ ᠮᠠᠰᠢᠨ ᠳᠡᠷᠭᠡ ᠰᠤᠷᠤᠭᠴᠢᠳ ᠤᠨ | ᠳᠡᠷᠭᠡ ᠳᠤ ᠵᠠᠮ ᠵᠠᠶᠢᠯᠠᠵᠤ ᠦᠭᠳᠡᠭ ᠬᠠᠤᠯᠢ ᠲᠦᠷᠢᠮ ᠲᠠᠢ᠂ ᠡᠯᠡᠰᠦᠳᠠᠢ ᠬᠤᠳᠠᠨ ᠤ ᠮᠠᠰᠢᠨ ᠳᠡᠷᠭᠡ ᠶᠠᠪᠠᠭᠠᠨ | ᠬᠦᠮᠦᠨ ᠳᠤ ᠵᠠᠮ ᠳᠠᠯᠪᠢᠨ ᠦᠭᠳᠡᠭ ᠪᠤᠯᠪᠠᠰᠤᠨ ᠵᠠᠩ ᠮᠤᠷᠠᠯ ᠲᠠᠢ᠃ | ᠡᠯᠡᠰᠦᠳᠠᠢ ᠬᠤᠳᠠᠨ ᠳᠤ ︽ᠳᠡᠯᠡᠬᠡᠢ ᠶᠢᠨ ᠰᠢᠳᠠᠷ᠎ᠠ ᠶᠢᠨ ᠬᠤᠳᠠ︾ ᠭᠡᠵᠦ ᠪᠠᠶᠢᠳᠠᠭ ᠳᠤ ᠶᠡᠷᠦᠩᠬᠡᠶᠢᠯᠡᠭᠴᠢ | ᠷᠧᠰᠢᠨ — ᠦᠯᠠᠮᠵᠢᠨᠤᠸ᠋ ᠪᠠᠶᠢᠭᠤᠯᠵᠠᠢ᠃ ᠲᠡᠷᠡ ᠳᠡᠯᠡᠬᠡᠢ ᠶᠢᠨ ᠰᠢᠳᠠᠷ᠎ᠠ ᠶᠢᠨ ᠨᠡᠶᠢᠭᠡᠮᠯᠢᠭ ᠤᠨ ᠲᠡᠷᠢᠭᠦᠯᠡᠭᠴᠢ᠃ | ᠡᠯᠡᠰᠦᠳᠠᠢ ᠬᠤᠳᠠᠨ ᠳᠤ ᠠᠯᠢ ᠤᠯᠠᠨ ᠱᠤᠭᠤᠮᠠᠯ ᠲᠠᠢ᠂ ᠬᠤᠳᠠᠨ ᠤ ᠲᠦᠪ ᠳᠠᠯᠠᠪᠠᠢ ᠳᠠᠬᠢ ᠣᠯᠣᠰ ᠤᠨ ᠵᠠᠰᠠᠭ ᠤᠨ | ᠤᠷᠳᠤᠨ ᠤ ᠲᠤᠮᠤ ᠠᠰᠠᠷ ᠤᠨ ᠡᠮᠦᠨ᠎ᠡ ᠯᠧᠨᠢᠨ ᠤ ᠱᠤᠭᠤᠮᠠᠯ ᠰᠦᠷᠯᠢᠭ ᠰᠠᠶᠢᠬᠠᠨ ᠰᠡᠭᠦᠶᠢᠨ ᠰᠦᠨᠳᠡᠷᠯᠡᠨ᠎ᠡ | ︹9︺᠃ ᠪᠠᠰᠠ ᠳᠡᠯᠡᠬᠡᠢ ᠶᠢᠨ ᠬᠤᠶᠠᠳᠤᠭᠠᠷ ᠳᠠᠶᠢᠨ ᠳᠤ ᠪᠠᠭᠠᠳᠤᠷᠯᠢᠭ ᠢᠶᠠᠷ ᠪᠡᠶ᠎ᠡ ᠦᠷᠡᠭᠳᠡᠭᠰᠡᠨ ᠦᠨᠳᠦᠰᠦᠳᠡᠨ | ᠤ ᠪᠠᠭᠠᠳᠤᠷᠴᠤᠳ ᠤᠨ ᠬᠦᠰᠢᠶ᠎ᠡ ᠪᠠᠶᠢᠬᠤ ᠶᠢᠨ ᠵᠡᠷᠭᠡ ᠪᠠᠷ ᠬᠠᠯᠢᠮᠠᠭ ᠤᠨ ᠠᠯᠳᠠᠷᠳᠤ ᠵᠠᠩᠭᠠᠷᠴᠢ — ᠡᠯᠢᠶ᠎ᠡ ᠶᠢᠨ | ᠤᠪᠤᠯᠠ ᠶᠢᠨ ᠱᠤᠭᠤᠮᠠᠯ᠂ ᠵᠠᠩᠭᠠᠷ ᠲᠤᠤᠯᠢ ᠳᠠᠬᠢ ᠬᠤᠩᠭᠤᠷ ᠪᠠᠭᠠᠳᠤᠷ ᠤᠨ ᠱᠤᠭᠤᠮᠠᠯ᠂ ᠳᠤᠪᠰᠢᠭᠤᠷ ᠳᠠᠷᠤᠭᠰᠠᠨ | ᠬᠠᠯᠢᠮᠠᠭ ᠨᠠᠰᠤᠳᠠᠨ ᠵᠡᠷᠭᠡ ᠦᠨᠳᠦᠰᠦᠳᠡᠨ ᠪᠠ ᠤᠷᠤᠨ ᠭᠠᠵᠠᠷ ᠤᠨ ᠳᠡᠦᠬᠡ ᠰᠤᠶᠤᠯ ᠢ ᠬᠠᠷᠠᠭᠤᠯᠤᠭᠰᠠᠨ ᠤᠷᠠᠯᠢᠭ | ᠰᠠᠶᠢᠬᠠᠨ ᠱᠤᠭᠤᠮᠠᠯ ᠨᠢ ᠬᠠᠯᠢᠮᠠᠭ ᠮᠤᠩᠭᠤᠯᠴᠤᠳ ᠤᠨ ᠠᠮᠢᠳᠤᠷᠠᠯ ᠰᠣᠶᠤᠯ ᠢ ᠤᠯᠠᠨ ᠳᠠᠯ᠎ᠠ ᠪᠠᠷ ᠲᠤᠰᠬᠠᠨ᠎ᠠ | ︹10︺᠃ | | ᠵᠢᠷᠭᠤᠭ᠎ᠠ᠂ ᠬᠠᠯᠢᠮᠠᠭ ᠤᠯᠤᠰ ᠤᠨ ᠶᠡᠷᠦᠩᠬᠡᠶᠢᠯᠡᠭᠴᠢ | | ᠷᠧᠰᠢᠨ — ᠨᠢᠺᠤᠯᠢᠶ᠋ᠸᠧᠢᠴᠢ ᠦᠯᠡᠮᠵᠢᠨᠤᠸ᠋ ᠪᠤᠯ ᠤᠷᠤᠰ ᠤᠨ ᠬᠤᠯᠪᠤᠭᠠᠨ ᠤ ᠪᠦᠭᠦᠳᠠ ᠨᠠᠶᠢᠷᠠᠮᠳᠠᠬᠤ | ᠬᠠᠯᠢᠮᠠᠭ ᠤᠯᠤᠰ ᠤᠨ ᠵᠠᠯᠠᠭᠤ ᠶᠡᠷᠦᠩᠬᠡᠶᠢᠯᠡᠭᠴᠢ᠃ ᠲᠡᠷᠡ 1962 ᠤᠨ ᠶᠢᠨ 4 ᠰᠠᠷ᠎ᠠ ᠶᠢᠨ 5 ᠤ ᠡᠳᠦᠷ | ᠡᠯᠡᠰᠦᠳᠠᠢ ᠬᠤᠳᠠᠨ ᠳᠤ ᠮᠡᠨᠳᠦᠯᠡᠵᠠᠢ᠃ 1989 ᠤᠨ ᠳᠤ ᠤᠷᠤᠰ ᠤᠨ ᠮᠤᠰᠺᠸᠠ ᠶᠢᠨ ᠤᠯᠠᠨ ᠤᠯᠤᠰ ᠤᠨ | ᠬᠠᠷᠢᠯᠴᠠᠭ᠎ᠠ ᠶᠢᠨ ᠶᠡᠭᠡ ᠰᠤᠷᠭᠠᠭᠤᠯᠢ ᠠᠴᠠ ᠰᠢᠯᠢᠳᠡᠭ ᠪᠦᠳᠦᠮᠵᠢ ᠲᠠᠢ ᠳᠡᠭᠦᠰᠴᠦ ᠤᠯᠤᠰ ᠲᠤ ᠪᠠᠨ ᠪᠤᠴᠠᠨ | ᠢᠷᠡᠵᠠᠢ᠃ ᠳᠡᠭᠡᠷ᠎ᠡ ᠵᠠᠭᠤᠨ ᠤ ᠶᠡᠷᠡᠭᠡᠳ ᠤᠨ ᠳᠤ ᠪᠠᠩᠬᠢ ᠶᠢᠨ ᠳᠠᠷᠤᠭ᠎ᠠ ᠪᠠᠷ ᠠᠵᠢᠯᠯᠠᠨ CHM ᠺᠤᠮᠫᠠᠨᠢ | ᠪᠠᠶᠢᠭᠤᠯᠤᠨ ᠶᠡᠭᠡ ᠬᠦᠷᠦᠩᠭᠡᠵᠢᠵᠠᠢ᠃ 1993 ᠤᠨ ᠳᠤ ᠪᠦᠬᠦ ᠠᠷᠠᠳ ᠤᠨ ᠶᠡᠭᠡ ᠰᠤᠷᠭᠠᠭᠤᠯᠢ ᠪᠠᠷ ᠳᠠᠮᠵᠢᠨ | ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠬᠠᠮᠤᠭ ᠤᠨ ᠵᠠᠯᠠᠭᠤ ᠶᠡᠷᠦᠩᠬᠡᠶᠢᠯᠡᠭᠴᠢ ᠪᠠᠷ ᠰᠤᠩᠭᠤᠭᠳᠠᠨ ᠳᠡᠦᠬᠡ | ᠶᠢᠨ ᠰᠢᠨ᠎ᠡ ᠳᠡᠮᠳᠡᠭᠯᠡᠯ ᠢ ᠡᠭᠦᠳᠴᠦ᠂ ᠣᠳᠤ ᠪᠤᠯᠳᠠᠯ᠎ᠠ ᠮᠦᠨ ᠶᠡᠷᠦᠩᠬᠡᠶᠢᠯᠡᠭᠴᠢ ᠪᠠᠷ ᠭᠢᠯᠠᠷᠠᠭᠤᠯᠵᠤ ᠶᠠᠪᠤᠨ᠎ᠠ᠃ | ᠲᠡᠷᠡ 1997 ᠤᠨ ᠳᠤ ᠤᠷᠤᠰ ᠤᠨ ᠬᠤᠯᠪᠤᠭᠠᠨ ᠤ ᠶᠡᠷᠦᠩᠬᠡᠶᠢᠯᠡᠭᠴᠢ ᠶᠧᠯᠢᠴᠢᠨ ᠤ ᠨᠦᠬᠦᠷᠯᠡᠯ ᠤᠨ ᠭᠠᠪᠢᠶᠠᠨ | ᠳᠡᠮᠳᠡᠭ ᠢ ᠭᠠᠷᠳᠠᠵᠠᠢ᠃ | ᠷᠧᠰᠢᠨ 1978 ᠤᠨ ᠳᠤ 17 ᠨᠠᠰᠤᠳᠠᠢ ᠳᠤ ᠪᠠᠨ ᠳᠡᠯᠡᠬᠡᠢ ᠶᠢᠨ ᠰᠢᠳᠠᠷ᠎ᠠ ᠶᠢᠨ ᠤᠷᠤᠯᠳᠤᠭᠠᠨ ᠳᠤ | ᠮᠠᠩᠯᠠᠢ ᠳᠡᠷᠢᠭᠦᠨ ᠢᠶᠠᠷ ᠳᠤᠳᠤᠷᠠᠵᠤ᠂ 1995 ᠤᠨ ᠳᠤ ᠳᠡᠯᠡᠬᠡᠢ ᠶᠢᠨ ᠤᠯᠠᠨ ᠤᠯᠤᠰ ᠤᠨ ᠰᠢᠳᠠᠷ᠎ᠠ ᠶᠢᠨ | ᠨᠡᠶᠢᠭᠡᠮᠯᠢᠭ ᠤᠨ ᠲᠡᠷᠢᠭᠦᠯᠡᠭᠴᠢ ᠪᠤᠯᠵᠠᠢ᠃ ᠢᠩᠭᠢᠭᠡᠳ 2005 ᠤᠨ ᠳᠤ ᠨᠡᠶᠢᠰᠯᠡᠯ — ᠡᠯᠡᠰᠦᠳᠠᠢ ᠬᠤᠳᠠᠨ ᠳᠤ | ᠪᠠᠨ ᠳᠡᠯᠡᠬᠡᠢ ᠶᠢᠨ ᠰᠢᠳᠠᠷ᠎ᠠ ᠶᠢᠨ ᠬᠤᠳᠠ ᠭᠡᠵᠦ ᠪᠠᠶᠢᠭᠤᠯᠵᠠᠢ᠃ | ᠳᠡᠯᠡᠬᠡᠢ ᠶᠢᠨ ᠰᠢᠳᠠᠷ᠎ᠠ ᠶᠢᠨ ᠬᠤᠳᠠᠨ ᠤ ᠲᠦᠪ ᠨᠢ ᠲᠦᠷᠪᠡᠨ ᠳᠠᠪᠬᠤᠷᠯᠢᠭ ᠠᠰᠠᠷ ᠲᠠᠢ᠃ ᠨᠢᠭᠡᠳᠦᠭᠡᠷ | ᠳᠠᠪᠬᠤᠷᠯᠢᠭ ᠲᠤ ᠨᠢ ᠰᠢᠳᠠᠷ᠎ᠠ ᠶᠢᠨ ᠬᠦᠯᠦᠭ ᠵᠢᠷᠤᠵᠤ᠂ ᠭᠤᠷᠪᠠᠨ ᠨᠠᠰᠤᠳᠠᠢ ᠬᠡᠦᠬᠡᠳ ᠤᠨ ᠴᠢᠨᠡᠭᠡ ᠲᠤᠮᠤ ᠰᠢᠳᠠᠷ᠎ᠠ | ᠶᠢ ᠵᠢᠭᠰᠠᠭᠠᠵᠠᠢ᠃ ᠬᠤᠶᠠᠷ᠂ ᠭᠤᠷᠪᠠᠳᠤᠭᠠᠷ ᠠᠰᠠᠷ ᠤᠨ ᠳᠠᠪᠬᠤᠷᠯᠢᠭ ᠲᠤ ᠤᠷᠤᠯᠳᠤᠭᠠᠨ ᠤ ᠳᠠᠯᠠᠪᠠᠢ ᠪᠠ | ᠤᠷᠤᠯᠳᠤᠭᠠᠨ ᠳᠤ ᠬᠡᠷᠡᠭᠯᠡᠬᠦ ᠲᠡᠷᠡ ᠪᠦᠬᠦᠢ ᠬᠡᠷᠡᠭᠰᠡᠯ ᠢ ᠪᠡᠯᠡᠬᠡᠨ ᠪᠡᠯᠡᠳᠬᠡᠵᠦ ᠦᠷᠦᠵᠠᠢ᠃ ᠲᠦᠷᠪᠡᠳᠦᠭᠡᠷ | ᠳᠠᠪᠬᠤᠷᠯᠢᠭ ᠨᠢ ᠳᠡᠯᠡᠬᠡᠢ ᠶᠢᠨ ᠰᠢᠳᠠᠷ᠎ᠠ ᠶᠢᠨ ᠮᠦᠽᠸᠢ᠃ ᠠᠳᠡ ᠳᠡᠯᠡᠬᠡᠢ ᠶᠢᠨ ᠬᠠᠮᠤᠭ ᠳᠤᠮᠤ ᠰᠢᠳᠠᠷ᠎ᠠ ᠠᠴᠠ | ᠬᠠᠮᠤᠭ ᠤᠨ ᠵᠢᠵᠢᠭ ᠰᠢᠳᠠᠷ᠎ᠠ ᠬᠦᠷᠳᠡᠯ᠎ᠡ ᠪᠦᠷ ᠳᠡᠯᠭᠡᠵᠦ ᠪᠤᠢ᠃ ᠪᠠᠰᠠ ᠶᠡᠷᠦᠩᠬᠡᠶᠢᠯᠡᠭᠴᠢ ᠷᠧᠰᠢᠨ ᠦᠯᠠᠮᠵᠢᠨᠤᠸ᠋ | 17 ᠨᠠᠰᠤᠳᠠᠢ ᠳᠤ ᠪᠠᠨ ᠳᠡᠯᠡᠬᠡᠢ ᠶᠢᠨ ᠰᠢᠳᠠᠷ᠎ᠠ ᠶᠢᠨ ᠤᠷᠤᠯᠳᠤᠭᠠᠨ ᠳᠤ ᠤᠷᠤᠯᠴᠠᠵᠤ ᠲᠡᠷᠢᠭᠦᠯᠡᠭᠰᠡᠨ ᠳᠤ ᠪᠠᠨ | ᠬᠡᠷᠡᠭᠯᠡᠭᠰᠡᠨ ᠰᠢᠳᠠᠷ᠎ᠠ ᠶᠢᠨ ᠰᠢᠷᠡᠭᠡ ᠬᠢᠭᠡᠳ ᠤᠯᠠᠨ ᠤᠯᠤᠰ ᠠᠴᠠ ᠳᠡᠭᠦᠨ ᠳᠤ ᠪᠠᠷ ᠪᠡᠯᠭᠡᠯᠡᠭᠰᠡᠨ ᠡᠯᠳᠡᠪ ᠡᠰᠡᠨ | ᠰᠣᠨᠢᠨ ᠰᠠᠶᠢᠬᠠᠨ ᠪᠡᠯᠡᠭ ᠰᠡᠯᠳᠡ᠂ ᠱᠠᠩᠨᠠᠯ ᠤᠨ ᠬᠤᠨᠳᠠᠭ᠎ᠠ ᠮᠡᠳᠦ ᠶᠢᠨ ᠦᠵᠡᠭᠦᠯᠦᠯᠭᠡ ᠶᠢᠨ ᠪᠤᠳᠠᠰ ᠢ ᠵᠢᠭᠰᠠᠭᠠᠨ | ᠳᠡᠯᠭᠡᠵᠦ ᠪᠠᠶᠢᠳᠠᠭ᠃ | 2007 ᠤᠨ ᠤ ᠨᠠᠮᠤᠷ ᠤᠨ ᠰᠡᠭᠦᠯᠴᠢ ᠪᠠᠷ ᠡᠯᠡᠰᠦᠳᠠᠢ ᠶᠢᠨ ᠳᠡᠯᠡᠬᠡᠢ ᠶᠢᠨ ᠰᠢᠳᠠᠷ᠎ᠠ ᠶᠢᠨ ᠬᠤᠳᠠᠨ ᠳᠤ | ᠤᠯᠠᠨ ᠤᠯᠤᠰ ᠤᠨ ᠪᠠᠭᠠᠴᠤᠳ ᠤᠨ ᠰᠢᠳᠠᠷ᠎ᠠ ᠶᠢᠨ ᠤᠷᠤᠯᠳᠤᠭᠠᠨ ᠶᠠᠪᠤᠭᠳᠠᠵᠠᠢ᠃ ᠡᠨᠡ ᠦᠶ᠎ᠡ ᠳᠤ | ᠶᠡᠷᠦᠩᠬᠡᠶᠢᠯᠡᠭᠴᠢ ᠦᠯᠠᠮᠵᠢᠨᠤᠸ᠋ ᠭᠠᠳᠠᠭᠠᠳᠤ ᠳᠤ ᠠᠶᠢᠯᠴᠢᠯᠠᠨ ᠪᠠᠶᠢᠭᠰᠠᠨ ᠴᠦ ᠪᠤᠴᠠᠵᠤ ᠢᠷᠡᠭᠡᠳ ᠤᠷᠤᠯᠳᠤᠭᠠᠨ ᠤ | ᠡᠬᠢᠯᠡᠯᠳᠡ ᠶᠢᠨ ᠲᠤᠤᠵᠠ ᠬᠠᠶᠢᠴᠢᠯᠠᠭᠰᠠᠨ ᠪᠠᠶᠢᠯ᠎ᠠ᠃ | ᠬᠠᠯᠢᠮᠠᠭ ᠤᠯᠤᠰ ᠦᠨᠦᠳᠦᠷ ᠳᠡᠯᠡᠬᠡᠢ ᠶᠢᠨ ᠰᠤᠷᠭᠠᠨ ᠬᠦᠮᠦᠵᠢᠯ᠂ ᠰᠢᠳᠠᠷ᠎ᠠ ᠶᠢᠨ ᠪᠠ ᠳᠡᠦᠬᠡ ᠰᠤᠶᠤᠯ ᠤᠨ | ᠲᠦᠪ ᠪᠤᠯᠤᠭᠰᠠᠨ ᠨᠢ ᠳᠡᠯᠡᠬᠡᠢ ᠨᠡᠶᠢᠳᠡ ᠶᠢᠨ ᠠᠩᠬᠠᠷᠤᠯ ᠢ ᠶᠡᠬᠡᠬᠡᠨ ᠳᠠᠳᠠᠵᠤ ᠪᠠᠶᠢᠨ᠎ᠠ᠃ ᠳᠡᠯᠡᠬᠡᠢ ᠶᠢᠨ ᠰᠢᠳᠠᠷ᠎ᠠ | ᠨᠢ ᠠᠳᠡᠬᠢ ᠰᠤᠷᠭᠠᠭᠤᠯᠢ ᠶᠢᠨ ᠰᠤᠷᠬᠤ ᠨᠠᠰᠤᠨ ᠤ ᠬᠡᠦᠬᠡᠳ ᠤᠨ ᠵᠠᠪᠠᠯ ᠰᠤᠷᠤᠯᠴᠠᠬᠤ ᠬᠢᠴᠢᠶᠡᠯ ᠪᠤᠯᠪᠠ᠃ | ᠬᠠᠯᠢᠮᠠᠭ ᠤᠨ ᠶᠡᠷᠦᠩᠬᠡᠶᠢᠯᠡᠭᠴᠢ ᠶᠢᠨ ᠤᠷᠳᠤᠨ ᠤ ᠡᠮᠦᠨᠡᠬᠢ ᠶᠡᠭᠡ ᠳᠠᠯᠠᠪᠠᠢ ᠳᠤ ᠬᠦᠮᠦᠨ ᠤ ᠴᠡᠭᠡᠵᠢ | ᠲᠤᠯᠤᠮ᠎ᠠ ᠦᠨᠳᠦᠷ ᠰᠢᠳᠠᠷ᠎ᠠ ᠶᠢᠨ ᠱᠤᠭᠤᠮᠠᠯ ᠲᠠᠢ᠃ ᠡᠨᠡ ᠱᠤᠭᠤᠮᠠᠯ ᠢ ᠵᠠᠮ ᠢᠶᠠᠷ ᠦᠩᠭᠡᠷᠡᠭᠴᠢᠳ ᠪᠤᠶᠤ | ᠵᠤᠭᠠᠴᠠᠭᠰᠠᠳ ᠦᠪᠡᠷ ᠦᠪᠡᠷ ᠤᠨ ᠲᠤᠷᠰᠢᠯ ᠢᠶᠠᠷ ᠨᠡᠭᠦᠯᠭᠡᠨ ᠤᠷ᠎ᠠ ᠡᠷᠳᠡᠮ ᠢᠶᠠᠨ ᠭᠠᠶᠢᠬᠠᠭᠤᠯᠤᠨ ᠨᠠᠭᠠᠳᠬᠤ | ᠬᠦᠳᠡᠯᠭᠡᠭᠡᠨ ᠤ ᠠᠮᠢᠳᠤ ᠰᠢᠳᠠᠷ᠎ᠠ ᠶᠢᠨ ᠬᠦᠯᠭᠡ ᠪᠤᠯᠤᠭᠰᠠᠨ ᠨᠢ ᠡᠯᠡᠰᠦᠳᠠᠢ ᠬᠤᠳᠠ ᠶᠢᠨ ᠪᠠᠰᠠ ᠨᠢᠭᠡᠨ ᠦᠪᠡᠷᠮᠢᠴᠡ | ᠤᠴᠠᠯᠢᠭ ᠲᠠᠢ ᠦᠵᠡᠮᠵᠢ ᠪᠠ ᠭᠠᠶᠢᠬᠠᠮᠰᠢᠭ ᠪᠢᠯᠡ ︹11︺᠃ | ᠶᠡᠷᠦᠩᠬᠡᠶᠢᠯᠡᠭᠴᠢ ᠷᠧᠰᠢᠨ ᠠᠴᠠ ᠬᠠᠯᠢᠮᠠᠭᠴᠤᠳ ᠲᠤ ᠪᠠᠨ 1943 ᠣᠨ ᠤ 12 ᠰᠠᠷ᠎ᠠ ᠶᠢᠨ 28 ᠤ | ᠡᠳᠦᠷ ᠢ ᠦᠨᠢ ᠮᠠᠷᠳᠠᠭᠤᠯᠬᠤ ᠦᠭᠡᠢ ᠶᠢᠨ ᠲᠦᠯᠦᠭᠡ ᠲᠤᠰ ᠡᠳᠦᠷ ᠢ ᠬᠠᠯᠢᠮᠠᠭ ᠤᠨ ᠳᠡᠦᠬᠡᠨ ᠳᠠᠬᠢ ᠬᠠᠮᠤᠭ ᠤᠨ | ᠬᠠᠷᠠᠰᠠᠯᠳᠠᠢ ᠡᠳᠦᠷ ᠪᠤᠯᠭᠠᠬᠤ ᠪᠠᠷ ᠲᠤᠭᠳᠠᠭᠠᠨ ᠲᠤᠩᠬᠠᠭᠯᠠᠵᠠᠢ᠃ | ᠲᠦᠷᠪᠡᠨ ᠤᠶᠢᠷᠠᠳ ᠤᠨ ᠬᠤᠶᠢᠴᠢᠰ — ᠬᠠᠯᠢᠮᠠᠭᠴᠤᠳ ᠤᠷᠤᠰ ᠤᠨ ᠨᠤᠳᠤᠭ ᠲᠤ ᠲᠦᠷᠪᠡᠨ ᠵᠠᠭᠤ | ᠰᠢᠬᠠᠮ ᠵᠢᠯ ᠤᠯᠠᠨ ᠤᠯᠠᠨ ᠭᠠᠰᠠᠯᠠᠩ ᠵᠤᠪᠠᠯᠠᠩ ᠢ ᠠᠮᠰᠠᠨ ᠦᠷᠡᠭᠳᠡᠯ ᠰᠦᠢᠳᠦᠯ ᠢ ᠲᠤᠭᠤᠯᠵᠤ ᠦᠨᠦᠳᠦᠷ ᠤᠨ | ᠦᠪᠡᠷ ᠤᠨ ᠡᠰᠢ ᠭᠠᠷᠤᠯ ᠤᠨ ᠳᠡᠦᠬᠡ᠂ ᠡᠪᠦᠭᠡ ᠳᠡᠭᠡᠳᠦᠰ ᠢᠶᠠᠨ ᠴᠠᠭᠯᠠᠰᠢ ᠦᠭᠡᠢ ᠭᠦᠨ ᠵᠤᠵᠠᠭᠠᠨ ᠬᠠᠶᠢᠷ᠎ᠠ | ᠬᠦᠨᠳᠦᠳᠬᠡᠯ ᠲᠠᠢ ᠪᠠᠷ ᠰᠢᠳᠦᠭᠰᠡᠭᠡᠷ᠃ ᠳᠡᠲᠡ ︽ᠡᠯᠡᠰᠦᠳᠠᠢ ᠪᠠᠭᠤᠳᠠᠯ︾ ᠳᠤ ᠪᠠᠨ ᠡᠪᠦᠭᠡ ᠴᠢᠩᠭᠢᠰ ᠬᠠᠭᠠᠨ ᠤ | ᠬᠦᠷᠦᠭ ᠢ ᠳᠠᠬᠢᠬᠤ ᠪᠠᠷ ᠪᠠᠷᠠᠬᠤ ᠦᠬᠡᠢ᠂ 1994 ᠤᠨ ᠤ ᠨᠠᠮᠤᠷ ᠤᠨ ᠨᠢᠭᠡᠨ ᠡᠳᠦᠷ᠂ ᠦᠯᠠᠮᠵᠢᠨᠤᠸ᠋ | ᠲᠦᠷᠦᠭᠦᠯᠡᠵᠦ ᠲᠦᠷᠦ ᠶᠢᠨ ᠨᠠᠷᠢᠨ ᠪᠢᠴᠢᠭ ᠤᠨ ᠳᠠᠷᠤᠭ᠎ᠠ᠂ ᠠᠯᠳᠠᠷᠳᠤ ᠭᠡᠰᠡᠷᠴᠢ ᠴᠠᠭᠠᠵᠢᠮ ᠪᠤᠯᠤᠨ ᠬᠠᠯᠢᠮᠠᠭ | ᠤᠯᠤᠰ ᠤᠨ ᠢᠶᠠᠨ ᠴᠠᠭᠠᠨ ᠨᠤᠮ ᠬᠡᠶᠢᠳ ᠤᠨ ᠰᠢᠷᠡᠭᠡᠳᠦ ᠯᠠᠮᠠ ᠪᠠᠯᠵᠢᠨᠢᠮ᠎ᠠ ᠨᠠᠷ ᠢ ᠳᠠᠭᠠᠭᠤᠯᠤᠨ ᠮᠢᠩᠭᠠᠨ ᠤᠨ ᠤ | ᠡᠮᠦᠨᠡᠬᠢ ᠤᠶᠢᠷᠠᠳ ᠤᠨ ᠡᠪᠦᠭᠡ ᠳᠡᠭᠡᠳᠦᠰ ᠤᠨ ᠬᠢᠨᠢ ᠰᠦᠭᠦᠳᠴᠦ ᠮᠦᠷᠭᠦᠨ ᠠᠭᠰᠠᠨ ᠪᠤᠷᠬᠠᠨ ᠬᠠᠯᠳᠤᠨ ᠠᠭᠤᠯᠠᠨ | ᠤᠷᠭᠢᠯ ᠳᠤ ᠭᠠᠷᠴᠤ ᠰᠦᠭᠦᠳᠴᠦ ᠮᠦᠷᠭᠦᠨ ᠳᠡᠭᠡᠳᠦ ᠶᠢᠨ ᠤᠯᠠᠮᠵᠢᠯᠠᠯ ᠵᠠᠩ ᠵᠢᠷᠦᠮ ᠢᠶᠠᠷ ᠡᠷᠭᠦᠯᠳᠡ ᠡᠷᠭᠦᠵᠦ | ᠳᠠᠬᠢᠭᠰᠠᠨ ᠶᠤᠮ ᠭᠡᠨ᠎ᠡ ︹12︺᠃ | ᠳᠡᠶᠢᠮᠦ ᠡ︕ ᠴᠢᠩᠭᠢᠰ ᠬᠠᠭᠠᠨ ᠲᠡᠮᠦᠵᠢᠨ ᠢ ᠪᠠᠭ᠎ᠠ ᠪᠠᠯᠴᠢᠷ ᠲᠤ ᠭᠤᠷᠪᠠᠨ ᠮᠡᠷᠭᠢᠳ ᠭᠦᠨᠦᠭᠡᠬᠦ ᠪᠠᠷ | ᠭᠡᠨᠡᠳᠳᠡ ᠳᠠᠭᠠᠷᠢᠨ ᠤᠷᠤᠭᠰᠠᠨᠠ᠂ ᠳᠠᠮᠦᠵᠢᠨ ᠠᠮᠢ ᠭᠠᠷᠬᠤ ᠪᠠᠷ ᠪᠤᠷᠬᠠᠨ ᠬᠠᠯᠳᠤᠨ ᠤ ᠪᠡᠷᠬᠡ ᠳᠤ ᠰᠢᠷᠭᠤᠨ ᠡᠰᠡᠨ | ᠮᠡᠨᠳᠦ ᠠᠮᠢ ᠭᠠᠷᠤᠭᠠᠳ ᠡᠪᠴᠢᠭᠦᠦ ᠪᠠᠨ ᠳᠡᠯᠡᠳᠴᠦ ᠵᠠᠯᠪᠠᠷᠢᠨ᠄ | ᠦᠨᠦᠴᠢᠨ ᠪᠢᠳᠡᠨ ᠤ | ᠤᠮᠤᠭ ᠪᠤᠯᠤᠭᠰᠠᠨ | ᠦᠨᠳᠦᠷ ᠳᠡᠭᠡᠳᠦ ᠪᠤᠷᠬᠠᠨ ᠬᠠᠯᠳᠤᠨ ᠴᠢᠮ᠎ᠠ ᠶᠢ | ᠡᠳᠦᠷ ᠪᠦᠷᠢ ᠮᠢᠯᠢᠶᠠᠵᠤ ᠪᠠᠶᠢᠶ᠎ᠠ | ᠦᠳᠡᠰᠢ ᠪᠦᠷ ᠳᠠᠬᠢᠵᠤ ᠪᠠᠶᠢᠶ᠎ᠠ︕ | ᠦᠶ᠎ᠡ ᠶᠢᠨ ᠦᠶ᠎ᠡ | ᠡᠭᠦᠷᠢᠳᠡ ᠳᠠᠬᠢᠵᠤ | ᠦᠶ᠎ᠡ ᠳᠤᠳᠤᠮ ᠦᠷᠭᠦᠯᠵᠢ ᠰᠢᠳᠦᠶᠡ︹13︺ ᠭᠡᠰᠡᠨ ᠶᠤᠮ᠃ | ᠦᠯᠠᠮᠵᠢᠨᠤᠸ᠋ ᠮᠤᠩᠭᠤᠯ ᠬᠦᠦ ᠶᠢᠨ ᠶᠤᠰᠤᠭᠠᠷ ᠴᠢᠩᠭᠢᠰ ᠬᠠᠭᠠᠨ ᠲᠡᠮᠦᠵᠢᠨ ᠤ 800 ᠵᠢᠯ ᠤᠨ ᠡᠮᠦᠨᠡᠬᠢ | ᠵᠠᠯᠪᠠᠷᠢᠯ ᠳᠠᠭᠠᠳᠬᠠᠯ ᠢ ᠵᠢᠷᠤᠮᠯᠠᠨ ᠪᠤᠷᠬᠠᠨ ᠬᠠᠯᠳᠤᠨ ᠠᠭᠤᠯᠠᠨ ᠳᠤ ᠳᠠᠪᠠᠵᠤ ᠰᠦᠭᠦᠳᠴᠦ ᠮᠦᠷᠭᠦᠨ ᠳᠠᠬᠢᠯᠭ᠎ᠠ | ᠡᠷᠭᠦᠨ ᠰᠠᠴᠤᠯᠢ ᠰᠠᠴᠤᠯᠠᠭᠰᠠᠨ ᠨᠢ ᠪᠦᠬᠦ ᠮᠤᠩᠭᠤᠯ ᠡᠯᠢᠭᠡᠳᠡᠨ ᠴᠢᠰᠤᠳᠠᠨ ᠤ ᠦᠯᠢᠭᠡᠷ ᠳᠠᠭᠤᠷᠢᠶᠠᠯ ᠪᠢᠯᠡ᠃ | ᠪᠤᠷᠬᠠᠨ ᠬᠠᠯᠳᠤᠨ ᠬᠠᠨ ᠬᠠᠶᠢᠷᠬᠠᠨ ᠪᠦᠬᠦ ᠮᠤᠩᠭᠤᠯ ᠲᠤᠭᠠᠳᠠᠨ ᠤ ᠰᠢᠳᠦᠭᠡᠨ ᠠᠭᠤᠯᠠᠨ᠃ ᠪᠤᠷᠬᠠᠨ | ᠬᠠᠯᠳᠤᠨ ᠠᠭᠤᠯᠠᠨ ᠤ ᠳᠤᠮᠳᠠᠳᠤ ᠤᠪᠤᠭ᠎ᠠ ᠶᠢᠨ ᠳᠡᠷᠭᠡᠳᠡ ᠭᠤᠷᠪᠠᠨ ᠮᠧᠲᠷ ᠤᠨ ᠭᠤᠤᠯ ᠲᠠᠢ ᠲᠤᠮᠤ ᠬᠦᠷᠡᠯ | ᠳᠤᠭᠤᠭ᠎ᠠ ᠪᠠᠶᠢᠳᠠᠭ ᠭᠡᠨ᠎ᠡ᠃ ᠬᠡᠨ᠂ ᠬᠡᠵᠢᠶ᠎ᠡ ᠶᠠᠮᠠᠷ ᠠᠷᠭ᠎ᠠ ᠤᠬᠠᠭᠠᠨ ᠢᠶᠠᠷ ᠠᠳᠡ ᠵᠠᠯᠠᠭᠰᠠᠨ ᠨᠢ ᠣᠳᠤ ᠴᠦ | ᠳᠠᠶᠢᠯᠤᠭᠳᠠᠭᠠᠳᠤᠢ ᠤᠨᠢᠰᠤᠭ᠎ᠠ᠃ ᠡᠨᠡ ᠤᠷᠴᠢᠮ ᠤᠨ ᠨᠤᠳᠤᠭ ᠤᠰᠤ ᠨᠢ ᠴᠢᠩᠭᠢᠰ ᠬᠠᠭᠠᠨ ᠤ ᠡᠪᠦᠭᠡ ᠳᠡᠭᠡᠳᠦᠰ | ᠤᠨ ᠤᠯᠠᠨ ᠤᠯᠠᠨ ᠦᠶ᠎ᠡ ᠶᠢᠨ ᠨᠡᠷ᠎ᠡ᠂ ᠳᠡᠦᠬᠡ ᠳᠤ ᠨᠢᠭᠳᠠ ᠬᠤᠯᠪᠤᠭ᠎ᠠ ᠲᠠᠢ᠃ ᠤᠳᠤ ᠮᠤᠩᠭᠤᠯ ᠤᠯᠤᠰ ᠤᠨ | ᠲᠦᠷᠦ ᠶᠢᠨ ᠳᠠᠬᠢᠯᠭ᠎ᠠ ᠨᠢ ᠡᠨᠡ ᠶᠡᠭᠡ ᠤᠪᠤᠭ᠎ᠠ ᠳᠤ ᠶᠠᠪᠤᠭᠳᠠᠨ᠎ᠠ᠃ 1992 ᠤᠨ ᠠᠴᠠ ᠡᠬᠢᠯᠡᠨ ᠪᠤᠷᠬᠠᠨ | ᠬᠠᠯᠳᠤᠨ — ᠬᠡᠨᠳᠠᠢ ᠠᠭᠤᠯᠠ ᠶᠢ ᠳᠠᠬᠢᠬᠤ ᠤᠯᠠᠮᠵᠢᠯᠠᠯ ᠳᠡᠦᠬᠡ ᠰᠡᠷᠭᠦᠭᠡᠭᠳᠡᠪᠡ᠃ 1995 ᠤᠨ ᠳᠤ ᠮᠤᠩᠭᠤᠯ | ᠤᠯᠤᠰ ᠤᠨ ᠶᠡᠷᠦᠩᠬᠡᠶᠢᠯᠡᠭᠴᠢ ᠨᠠ᠊᠂ ᠪᠠᠭᠠᠪᠠᠨᠳᠢ ᠶᠢᠨ ᠵᠠᠷᠯᠢᠭ ᠢᠶᠠᠷ ᠠᠯᠪᠠᠨ ᠶᠤᠰᠤᠭᠠᠷ ᠲᠦᠷᠦ ᠶᠢᠨ ᠳᠠᠬᠢᠯᠭ᠎ᠠ ᠲᠠᠢ | ᠠᠭᠤᠯᠠ ᠪᠤᠯᠭᠠᠪᠠ᠃ | ᠤᠷᠴᠢᠮ ᠮᠤᠩᠭᠤᠯ ᠤᠯᠤᠰ᠂ ᠪᠤᠷᠬᠠᠨ ᠬᠠᠯᠳᠤᠨ — ᠭᠡᠨᠳᠠᠢ ᠠᠭᠤᠯᠠ ᠶᠢ ᠳᠡᠯᠡᠬᠡᠢ ᠶᠢᠨ ᠪᠤᠳᠠᠰ ᠤᠨ ᠪᠤᠰᠤ | ᠰᠤᠶᠤᠯ ᠳᠤ ᠳᠡᠮᠳᠡᠭᠯᠡᠭᠦᠯᠬᠦ ᠪᠠᠷ ᠪᠡᠯᠡᠳᠬᠡᠵᠦ ᠪᠠᠶᠢᠨ᠎ᠠ ᠭᠡᠰᠡᠨ ᠰᠤᠷᠠᠭ ᠲᠠᠢ᠃ ︵ᠦᠷᠭᠦᠯᠵᠢᠯᠡᠯ ᠪᠤᠢ︶ | | | ᠬᠤᠳᠤᠷᠠᠩᠭ᠎ᠠ ᠵᠤᠬᠢᠶᠠᠪᠠ᠃ | | ︽ᠳᠤᠷᠠᠰᠤᠯ ᠳᠤ ᠮᠦᠩᠬᠡᠷᠡᠬᠦ ᠬᠤᠷᠸ᠎ᠠ︾ ︵ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ | ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ 2014 ᠤᠨ ᠤ 3 ᠰᠠᠷ᠎ᠠ ᠶᠢᠨ ᠠᠩᠬᠠᠳᠤᠭᠠᠷ ᠬᠡᠪ︶ | ᠭᠡᠬᠦ ᠨᠤᠮ ᠠᠴᠠ ᠰᠤᠩᠭᠤᠪᠠ᠃ |