ᠳᠤᠯᠤᠭ᠎ᠠ᠂ ᠦᠨᠳᠦᠰᠦᠳᠡᠨ ᠤ ᠦᠪᠡᠷᠮᠢᠴᠡ ᠤᠨᠴᠠᠯᠢᠭ ᠲᠠᠢ ᠬᠠᠯᠢᠮᠠᠭ ᠤᠯᠤᠰ ᠤᠨ ᠰᠤᠷᠭᠠᠨ ᠬᠦᠮᠦᠵᠢᠯ | | ᠡᠯᠡᠰᠦᠳᠠᠢ ᠬᠤᠳᠠᠨ ᠤ ᠲᠦᠪ ᠲᠠᠬᠢ ᠬᠠᠯᠢᠮᠠᠭ ᠶᠡᠭᠡ ᠰᠤᠷᠭᠠᠭᠤᠯᠢ 1920 ᠤᠨ ᠳᠤ ᠪᠠᠶᠢᠭᠤᠯᠤᠭᠳᠠᠵᠠᠢ᠃ | ᠳᠡᠳᠡ ᠨᠠᠷ ᠦᠪᠡᠷ ᠤᠨ ᠪᠠᠶᠢᠭᠤᠯᠤᠯᠳᠠ ᠶᠢᠨ ᠬᠡᠷᠡᠭᠴᠡᠭᠡ ᠪᠠᠷ 30 ᠮᠡᠷᠭᠡᠵᠢᠯ ᠨᠡᠭᠡᠭᠡᠵᠦ ᠦᠪᠡᠷ ᠤᠨ ᠡᠷᠳᠡᠮᠳᠡᠨ | ᠴᠢᠳᠠᠪᠤᠷᠢᠳᠠᠨ ᠢᠶᠠᠨ ᠬᠦᠮᠦᠵᠢᠭᠦᠯᠵᠦ ᠪᠤᠢ᠃ ᠬᠠᠯᠢᠮᠠᠭ ᠬᠡᠯᠡᠨ ᠤ ᠮᠡᠷᠭᠡᠵᠢᠯ ᠳᠡᠭᠡᠨ ᠤᠶᠢᠭᠤᠷᠵᠢᠨ ᠮᠤᠩᠭᠤᠯ ᠦᠰᠦᠭ | ᠰᠤᠷᠴᠤ ᠬᠡᠷᠡᠭᠯᠡᠵᠦ ᠪᠠᠶᠢᠨ᠎ᠠ᠃ 1920 ᠤᠨ ᠳᠤ ᠬᠠᠮᠤᠭ ᠤᠷᠢᠳ ᠢᠶᠠᠷ ᠺᠢᠷᠢᠯ ᠦᠰᠦᠭ ᠢ ᠬᠡᠷᠡᠭᠯᠡᠪᠡ ᠭᠡᠳᠡᠭ᠃ | ᠦᠨᠦ ᠰᠤᠷᠤᠭᠴᠢᠳ ᠲᠠᠭᠠᠨ ︽ᠲᠤᠳᠤ ᠮᠤᠩᠭᠤᠯ ᠦᠰᠦᠭ︾ ᠢ ᠴᠦ ᠳᠤᠳᠤᠯᠠᠭᠤᠯᠤᠨ ᠪᠢᠴᠢᠵᠦ ᠤᠩᠰᠢᠬᠤ ᠶᠢ | ᠰᠤᠷᠭᠠᠨᠠᠮ᠃ ︽ᠳᠤᠲᠤ ᠮᠤᠩᠭᠤᠯ ᠦᠰᠦᠭ︾ ᠭᠡᠵᠦ ᠤᠶᠢᠭᠤᠷ ᠮᠤᠩᠭᠤᠯ ᠤᠨ ᠡᠷᠳᠡᠮᠳᠡᠨ ᠽᠠᠶ᠎ᠠ ᠪᠠᠨᠳᠢᠳᠠ | ᠨᠠᠮᠬᠠᠶᠢᠵᠠᠮᠰᠤ 1648 ᠤᠨ ᠳᠤ ᠤᠶᠢᠷᠠᠳ ᠠᠶᠠᠯᠭᠤ ᠳᠤ ᠵᠤᠬᠢᠴᠠᠭᠤᠯᠤᠨ ᠮᠤᠩᠭᠤᠯ ᠦᠰᠦᠭ ᠲᠤ ᠴᠡᠭ᠂ ᠪᠢᠨᠳᠤ | ᠵᠡᠷᠭᠡ ᠳᠡᠮᠳᠡᠭ ᠨᠡᠮᠡᠵᠦ ᠵᠤᠬᠢᠶᠠᠭᠰᠠᠨ ᠦᠰᠦᠭ ᠢ ᠬᠡᠯᠡᠨ᠎ᠡ᠃ | ᠬᠠᠯᠢᠮᠠᠭᠴᠤᠳ ᠦᠨᠳᠦᠰᠦᠳᠡᠨ ᠤ ᠵᠠᠩ ᠠᠷᠠᠨᠰᠢᠨ᠂ ᠤᠵᠠᠭᠤᠷ ᠨᠡᠭᠦᠳᠡᠯ ᠰᠤᠶᠤᠯ ᠢᠶᠠᠨ ᠲᠤᠩ | ᠬᠦᠨᠳᠦᠳᠬᠡᠨ᠎ᠡ᠃ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠤ ᠰᠤᠷᠤᠭᠴᠢᠳ ᠲᠤ ᠱᠠᠭ᠎ᠠ ᠨᠠᠭᠠᠳᠬᠤ᠂ | ᠰᠢᠨᠵᠢᠯᠡᠭᠡ ᠬᠢᠬᠦ ᠨᠠᠭᠠᠳᠤᠮ ᠲᠤᠭᠯᠠᠭᠠᠮ ᠤᠨ ᠬᠢᠴᠢᠶᠡᠯ ᠲᠠᠢ᠃ ᠬᠦᠭᠵᠢᠮ ᠤᠨ ᠬᠢᠴᠢᠶᠡᠯ ᠳᠤ ︽ᠲᠦᠷᠦᠭᠰᠡᠨ | ᠨᠤᠳᠤᠭ︾ ᠬᠡᠮᠡᠬᠦ ᠳᠠᠭᠤᠤ ᠶᠢ ᠬᠠᠮᠤᠭ ᠤᠷᠢᠳ ᠢᠶᠠᠷ ᠰᠤᠷᠭᠠᠳᠠᠭ᠃ ᠵᠢᠷᠭᠤᠳᠤᠭᠠᠷ ᠤᠨ ᠳᠤ ᠮᠤᠩᠭᠤᠯ | ᠦᠨᠳᠦᠰᠦᠳᠡᠨ ᠤ ᠲᠤᠤᠯᠢ ︽ᠵᠢᠩᠭᠠᠷ︾ ᠢ ᠰᠤᠷᠭᠠᠨ᠎ᠠ᠃ ᠤᠯᠠᠨ ᠪᠠᠭᠠᠳᠤᠷᠴᠤᠳ ᠤᠨ ᠨᠡᠷ᠎ᠡ ᠶᠢ ᠲᠤᠷᠠᠳᠬᠠᠵᠤ | ᠳᠡᠭᠦᠨ ᠤ ᠲᠤᠬᠠᠢ ᠤᠯᠠᠨ ᠵᠢᠷᠤᠭ ᠳᠡᠯᠭᠡᠨ ᠳᠠᠨᠢᠯᠴᠠᠭᠤᠯᠬᠤ ᠪᠠ ᠳᠠᠭᠤᠯᠠᠯ᠂ ᠮᠠᠭᠳᠠᠭᠠᠯ ᠢ ᠴᠡᠭᠡᠵᠢᠯᠡᠭᠦᠯᠳᠡᠭ᠃ | ᠮᠠᠨᠯᠢᠨ ᠤ ︽ᠲᠤᠷᠭᠤᠳ ᠬᠡᠦᠬᠡᠨ︾ ᠭᠡᠰᠡᠨ ᠨᠤᠮ ᠳᠤ᠄ ︽ᠨᠠᠮᠠᠢᠢ ᠭᠡᠯᠡᠨ ᠳᠤ ᠤᠷᠤᠮᠠᠭᠴᠠ ᠢᠦᠯᠢᠰᠠᠢ ᠡᠵᠢ ︿ | ᠵᠠᠩᠭᠠᠷ﹀ ᠤᠨ ᠦᠯᠢᠭᠡᠷ ᠢ ᠶᠠᠷᠢᠵᠤ ᠦᠭᠳᠡᠭ ᠶᠤᠮ︾ ᠭᠡᠰᠡᠨ᠃ ᠳᠡᠳᠡᠨ ᠢ 1943 ᠣᠨ ᠤ ᠴᠦᠯᠡᠯᠭᠡ ᠳᠤ | ᠶᠠᠪᠤᠭᠤᠯᠤᠭᠰᠠᠨ ᠦᠶ᠎ᠡ ︽ᠵᠠᠩᠭᠠᠷ︾ ᠢᠶᠠᠨ ᠠᠮᠢ ᠭᠤᠤᠯ ᠲᠠᠢ ᠪᠠᠨ ᠬᠤᠯᠪᠤᠵᠤ 10 ᠪᠦᠯᠦᠭ ᠬᠤᠪᠢᠶᠠᠵᠤ | ᠰᠠᠯᠭᠠᠭᠠᠳ ᠠᠷᠪᠠᠨ ᠡᠷᠦᠬᠡ ᠳᠤ ᠬᠤᠪᠢᠶᠠᠨ ᠦᠭᠴᠦ ᠴᠡᠭᠡᠵᠢᠯᠡᠭᠦᠯᠦᠨ ᠬᠠᠳᠠᠭᠠᠯᠠᠵᠠᠢ᠃ 1958 ᠤᠨ ᠳᠤ | ᠨᠤᠳᠤᠭ ᠲᠠᠭᠠᠨ ᠪᠤᠴᠠᠵᠤ ᠢᠷᠡᠭᠰᠡᠨ ᠳᠠᠷᠠᠭ᠎ᠠ ᠳᠡᠷᠡ ᠬᠦ 10 ᠪᠦᠯᠦᠭ ᠰᠠᠯᠭᠠᠵᠤ ᠬᠤᠪᠢᠶᠠᠭᠰᠠᠨ ︽ᠵᠠᠩᠭᠠᠷ︾ | ᠢᠶᠠᠨ ᠴᠤᠭᠯᠠᠭᠤᠯᠤᠨ ᠨᠢᠭᠡᠳᠬᠡᠵᠦ ᠦᠨᠦ ᠨᠡᠶᠢᠰᠯᠡᠯ — ᠡᠯᠡᠰᠦᠳᠠᠢ ᠶᠢᠨ ᠤᠯᠤᠰ ᠤᠨ ᠨᠤᠮ ᠤᠨ ᠰᠠᠩ ᠳᠤ ᠪᠠᠨ | ᠳᠡᠭᠡᠳᠦ ᠡᠷᠳᠡᠨᠢ ᠪᠤᠯᠭᠠᠵᠤ ᠬᠠᠳᠠᠭᠠᠯᠠᠵᠤ ᠪᠤᠢ᠂ ᠡᠨᠡ ᠶᠠᠭᠤ ᠪᠤᠢ︖ ᠭᠡᠪᠡᠯ᠂ ᠦᠨᠳᠦᠰᠦᠳᠡᠨ ᠤ ᠡᠷᠬᠢᠮ ᠳᠡᠭᠡᠳᠦ | ᠦᠵᠡᠯ ᠤᠬᠠᠮᠰᠠᠷᠠᠯ ︹14︺᠂ ᠦᠨᠳᠦᠰᠦᠳᠡᠨ ᠤ ᠴᠤᠭ ᠵᠢᠪᠬᠤᠭ᠎ᠠ ᠪᠤᠯᠤᠨ᠎ᠠ᠃ | ᠬᠠᠯᠢᠮᠠᠭ ᠮᠤᠩᠭᠤᠯᠴᠤᠳ ᠦᠪᠡᠷ ᠪᠤᠰᠤᠳ ᠦᠨᠳᠦᠰᠦᠳᠡᠨ ᠲᠠᠢ ᠳᠡᠶᠢᠮᠦ ᠠᠮᠠᠷᠬᠠᠨ ᠤᠷᠤᠭᠯᠠᠳᠠᠭ ᠦᠭᠡᠢ᠃ | ᠠᠶᠢᠮᠠᠭ ᠤᠭᠰᠠᠭ᠎ᠠ ᠪᠠᠨ ᠨᠠᠷᠢᠨ ᠢᠯᠭᠠᠵᠤ ᠠᠷᠪᠠᠭᠠᠳ ᠦᠶ᠎ᠡ ᠶᠢᠨ ᠳᠡᠭᠡᠳᠦᠰ ᠢᠶᠠᠨ ᠨᠡᠷ᠎ᠡ ᠵᠢᠯ᠂ ᠨᠤᠳᠤᠭ ᠤᠰᠤ ᠶᠢ | ᠬᠡᠯᠡᠵᠦ ᠴᠢᠳᠠᠨ᠎ᠠ᠃ ᠵᠤᠬᠢᠶᠠᠭᠴᠢ ᠪᠢ ᠠᠳᠡ ᠬᠦᠷᠳᠡᠯ᠎ᠡ ᠰᠡᠳᠬᠢᠬᠦᠶ᠎ᠡ ᠨᠡᠭᠡᠷᠡᠨ ᠬᠦᠨ ᠪᠤᠳᠤᠯᠭᠠᠰᠢᠷᠠᠨ ᠪᠡᠭᠳᠡᠷᠡᠭᠡᠳ | ᠨᠢᠳᠦ ᠡᠷᠢᠶᠡᠯᠵᠡᠨ ᠪᠢᠷ ᠵᠠᠷᠤᠭᠳᠠᠬᠤ ᠦᠭᠡᠢ ᠭᠠᠷ ᠴᠡᠴᠡᠷᠬᠢᠯᠡᠨ᠎ᠡ᠃ ᠮᠠᠨ ᠤ ᠦᠪᠦᠷᠴᠤᠳ ᠶᠭᠠᠤ ᠪᠤᠯᠵᠤ ᠪᠠᠶᠢᠭ᠎ᠠ | ᠶᠢ ᠪᠤᠳᠤᠭᠳᠠᠭᠤᠯᠤᠨ᠎ᠠ᠃ ᠪᠤᠯᠬᠢ ᠪᠢ ᠬᠦᠳᠡᠭᠡ ᠶᠢᠨ ᠮᠠᠯᠴᠢᠳ᠂ ᠶᠡᠭᠡ ᠳᠡᠭᠡᠳᠦ ᠰᠤᠷᠭᠠᠭᠤᠯᠢ ᠶᠢᠨ ᠤᠶᠤᠳᠠᠳ ᠪᠠ | ᠪᠠᠭᠰᠢ ᠠᠵᠢᠯᠳᠠᠨ ᠲᠠᠢ ᠵᠤᠯᠭᠠᠨ ᠳᠠᠨᠢᠯᠴᠠᠬᠤ ᠵᠤᠷᠢᠯᠭ᠎ᠠ ᠪᠠᠷ ᠳᠡᠳᠡᠨ ᠤ ᠡᠪᠦᠭᠡ ᠨᠢ ᠬᠡᠨ ᠪᠤᠯᠬᠤ ᠶᠢ ᠠᠰᠠᠭᠤᠨ | ᠯᠠᠪᠯᠠᠬᠤ ᠳᠤ ᠮᠠᠨ ᠤ ᠬᠢᠨ ᠠᠵᠢᠭ ᠴᠦ ᠦᠭᠡᠢ ︽ᠮᠡᠳᠡᠬᠦ ᠦᠭᠡᠢ︾᠂ ᠨᠠᠮᠠᠢᠢ ᠪᠠᠭ᠎ᠠ ᠳᠤ ᠳᠠᠯᠢᠢᠭᠴᠢ ᠪᠤᠯᠤᠭᠰᠠᠨ | ᠭᠡᠬᠦ᠂ ᠵᠠᠷᠢᠮ ᠨᠢ ᠠᠪᠤ ᠡᠵᠢ ᠳᠤ ᠪᠠᠨ ᠲᠦᠯᠬᠢᠨ ᠮᠠᠨ ᠤ ᠪᠠᠭ᠎ᠠ ᠳᠤ ᠳᠡᠭᠡᠳᠦᠰ ᠤᠨ ᠨᠡᠷ᠎ᠡ ᠵᠢᠯ ᠢ ᠬᠡᠯᠡᠭᠦᠯᠬᠦ ᠦᠭᠡᠢ | ᠴᠡᠭᠡᠷᠯᠡᠳᠡᠭ ᠠᠴᠠ ᠪᠢ ᠮᠡᠳᠡᠬᠦ ᠦᠭᠡᠢ ᠭᠡᠵᠦ ᠳᠠᠳᠠᠭᠠᠯᠵᠠᠬᠤ ᠴᠦ ᠦᠭᠡᠢ ᠦᠴᠢᠨᠡ ᠦᠭᠦᠯᠡᠨ᠎ᠡ᠃ ᠬᠦᠮᠦᠨ ᠨᠢ | ᠳᠠᠯᠠᠶᠢᠭᠴᠢ ᠪᠤᠯᠵᠤ ᠦᠩᠭᠡᠷᠡᠨ᠎ᠡ᠃ ᠨᠡᠷ᠎ᠡ ᠵᠢᠯ᠂ ᠤᠳᠤᠮ ᠰᠤᠳᠤᠷ ᠨᠢ ᠳᠠᠭᠠᠵᠤ ᠳᠠᠰᠤᠷᠠᠵᠤ ᠪᠤᠯᠬᠤ ᠦᠭᠡᠢ ᠪᠢᠵᠡ︖ | | ᠬᠠᠯᠢᠮᠠᠭᠴᠤᠳ ᠬᠦᠳᠡᠭᠡ ᠳᠤ ᠮᠦᠨ ᠯᠡ ᠮᠠᠯᠵᠢᠵᠤ ᠴᠡᠭᠡ ᠪᠤᠯᠪᠠᠰᠤᠷᠠᠭᠤᠯᠤᠨ᠎ᠠ᠃ ᠵᠤᠴᠢᠨ ᠤᠭᠳᠤᠬᠤ ᠳᠤ | ᠮᠤᠩᠭᠤᠯᠵᠢᠭᠤ ᠵᠠᠩ ᠵᠢᠷᠦᠮ ᠢᠶᠠᠷ ᠬᠤᠨᠢ ᠵᠠᠷᠤᠵᠤ ᠭᠡᠳᠡᠰᠦ ᠴᠢᠳᠬᠤᠨ ᠳᠠᠶᠢᠯᠠᠬᠤ ᠪᠠ ᠮᠤᠩᠭᠤᠯ ᠳᠠᠭᠤᠤ ᠪᠠᠷ | ᠳᠠᠭᠤᠯᠠᠨ ᠤᠭᠳᠤᠳᠠᠭ᠃ ᠢᠩᠭᠢᠬᠦ ᠳᠤ ᠪᠠᠨ ᠳᠠᠭᠤᠤ ᠪᠠᠨ ᠭᠡᠷ ᠤᠨ ᠭᠠᠳᠠᠨ᠎ᠠ ᠪᠠᠨ ᠭᠠᠷᠴᠤ ᠳᠠᠭᠤᠯᠠᠨ᠎ᠠ᠂ | ᠪᠦᠵᠢᠭᠯᠡᠨ᠎ᠡ᠃ ᠬᠠᠯᠢᠮᠠᠭᠴᠤᠳ ᠤᠨ ᠠᠮᠢᠳᠤᠷᠠᠯ ᠨᠡᠯᠢᠶᠡᠳ ᠪᠠᠶᠠᠯᠢᠭ᠂ ᠬᠡᠳᠦᠢ ᠳᠡᠳᠡᠨ ᠤ ᠴᠠᠯᠢᠩ ᠬᠦᠯᠦᠰᠦ ᠳᠡᠶᠢᠮᠦ | ᠦᠨᠳᠦᠷ ᠪᠢᠰᠢ ᠴᠦ ᠭᠡᠷ ᠪᠦᠯᠢ ᠶᠢᠨ ᠬᠡᠦᠬᠡᠳ ᠤᠯᠠᠨ ᠲᠠᠢ᠂ ᠬᠦᠷ ᠨᠠᠷᠭᠢᠶᠠᠨ ᠳᠤ ᠳᠤᠷ᠎ᠠ ᠲᠠᠢ᠃ ᠬᠡᠦᠬᠡᠳ ᠤᠨ | ᠰᠤᠷᠭᠠᠨ ᠬᠦᠮᠦᠵᠢᠯ ᠢ ᠠᠰᠣᠷᠤ ᠬᠦᠨᠳᠦᠳᠬᠡᠳᠡᠭ᠃ ᠠᠯᠢᠪᠠ ᠴᠢᠳᠠᠯ ᠳᠡᠩᠬᠡᠭᠡ ᠪᠠᠨ ᠰᠢᠪᠬᠠᠵᠤ ᠬᠡᠦᠬᠡᠳ ᠢᠶᠠᠨ ᠠᠯᠢ | ᠰᠠᠶᠢᠨ ᠰᠤᠷᠭᠠᠭᠤᠯᠢ ᠳᠤ ᠶᠠᠪᠤᠭᠤᠯᠵᠤ ᠰᠤᠷᠤᠯᠴᠠᠭᠤᠯᠤᠨ᠎ᠠ᠃ ᠴᠢᠨᠠᠭᠰᠢᠯᠠᠭᠠᠳ ᠭᠠᠳᠠᠭᠠᠳᠤ ᠶᠢᠨ ᠰᠤᠷᠭᠠᠭᠤᠯᠢ ᠳᠤ | ᠬᠦᠷᠭᠡᠨ ᠰᠤᠷᠤᠯᠴᠠᠭᠤᠯᠬᠤ ᠴᠦ ᠪᠤᠢ᠃ ᠬᠠᠯᠢᠮᠠᠭ ᠤᠯᠤᠰ ᠲᠤ ᠴᠤᠷ ᠤᠨ ᠭᠠᠭᠴᠠ ᠶᠡᠭᠡ ᠰᠤᠷᠭᠠᠭᠤᠯᠢ ᠲᠠᠢ ᠴᠦ | ᠲᠡᠷᠡ ᠨᠢ ᠤᠷᠤᠰ ᠤᠨ ᠠᠯᠳᠠᠷᠳᠤ ᠶᠡᠭᠡ ᠰᠤᠷᠭᠠᠭᠤᠯᠢ ᠶᠢᠨ ᠨᠢᠭᠡ ᠳᠤ ᠵᠢᠭᠰᠠᠭᠠᠭᠳᠠᠳᠠᠭ᠃ | ᠬᠠᠯᠢᠮᠠᠭ ᠶᠡᠭᠡ ᠰᠤᠷᠭᠠᠭᠤᠯᠢ ᠨᠢ ᠰᠤᠷᠤᠭᠴᠢᠳ ᠠᠴᠠ ᠶᠠᠮᠠᠷ ᠴᠦ ᠰᠦᠢᠳᠬᠡᠯ ᠠᠪᠬᠤ ᠦᠭᠡᠢ᠂ ᠭᠡᠳᠡᠷᠭᠦ ᠳᠤ | ᠪᠠᠨ ᠰᠠᠶᠢᠨ ᠰᠤᠷᠤᠯᠭᠠᠳᠠᠨ ᠢ ᠰᠦᠢᠳᠬᠡᠯ ᠠᠪᠬᠤ ᠦᠭᠡᠢ ᠭᠠᠳᠠᠭᠠᠳᠤ ᠳᠤ ᠭᠠᠷᠭᠠᠵᠤ ᠰᠤᠷᠤᠯᠴᠠᠭᠤᠯᠬᠤ ᠪᠤᠶᠤ ᠳᠡᠯᠠᠢ | ᠶᠢᠨ ᠬᠦᠪᠡᠭᠡ ᠦᠵᠡᠮᠵᠢᠳᠦ ᠤᠷᠤᠨ ᠢᠶᠠᠷ ᠠᠮᠠᠷᠠᠯᠳᠠ᠂ ᠰᠤᠪᠢᠯᠠᠯᠳᠠ ᠡᠮᠨᠡᠯᠭᠡ ᠬᠢᠯᠭᠡᠨ᠎ᠡ᠃ ᠲᠤᠰ ᠰᠤᠷᠭᠠᠭᠤᠯᠢ ᠳᠤ | ᠳᠤᠮᠳᠠᠳᠤ᠂ ᠮᠤᠩᠭᠤᠯ᠂ ᠰᠤᠯᠤᠩᠭᠤᠰ ᠤᠨ ᠰᠤᠷᠤᠭᠴᠢᠳ ᠴᠦ ᠪᠠᠶᠢᠳᠠᠭ᠃ ᠳᠡᠳᠡᠨ ᠤᠷᠤᠰ ᠬᠡᠯᠡ ᠪᠠᠷ ᠬᠡᠯᠡᠵᠦ᠂ | ᠤᠷᠤᠰ ᠮᠠᠶ᠋ᠢᠭ ᠤᠨ ᠠᠮᠢᠳᠤᠷᠠᠯ ᠣᠷᠴᠢᠨ ᠳᠤ ᠰᠤᠷᠤᠯᠴᠠᠵᠤ ᠠᠮᠢᠳᠤᠷᠠᠵᠤ ᠪᠤᠢ︹15︺᠃ | | ᠨᠠᠢᠮᠠ᠂ ᠬᠠᠯᠢᠮᠠᠭ ᠮᠤᠩᠭᠤᠯ ᠤᠨ ᠵᠢᠭᠡ ᠬᠦᠦ — ᠯᠧᠨᠢᠨ | | ᠬᠠᠯᠢᠮᠠᠭ ᠮᠤᠩᠭᠤᠯᠴᠤᠳ ᠯᠧᠨᠢᠨ ᠢ ᠴᠢᠩ ᠰᠡᠳᠬᠢᠯ ᠤᠨ ᠭᠦᠨ ᠠᠴᠠ ᠪᠠᠨ ᠬᠦᠨᠳᠦᠳᠬᠡᠨ ᠪᠢᠰᠢᠷᠡᠯᠴᠡᠨᠡ᠃ | ᠯᠧᠨᠢᠨ ᠳᠡᠳᠡᠨ ᠳᠤ ᠡᠷᠬᠡ ᠴᠢᠯᠦᠭᠡ᠂ ᠦᠪᠡᠷᠳᠡᠭᠡᠨ ᠵᠠᠰᠠᠬᠤ ᠡᠷᠬᠡ ᠶᠢ ᠤᠯᠭᠤᠨ ᠪᠦᠭᠦᠳᠡ ᠨᠠᠶᠢᠷᠠᠮᠳᠠᠬᠤ ᠬᠠᠯᠢᠮᠠᠭ | ᠮᠤᠩᠭᠤᠯ ᠢ ᠪᠠᠶᠢᠭᠤᠯᠤᠨ ᠦᠭᠪᠡ ᠭᠡᠵᠡᠭᠡᠨ᠎ᠡ᠃ | ᠬᠠᠯᠢᠮᠠᠭᠴᠤᠳ ᠯᠧᠨᠢᠨ ᠢ ᠦᠪᠡᠷ ᠤᠨ ᠢᠶᠠᠨ ᠵᠢᠭᠡ ᠬᠦᠦ ᠭᠡᠨ᠎ᠡ᠃ ᠣᠪᠰᠢ ᠬᠠᠨ ᠤ 13 ᠳ᠋ᠤᠭᠠᠷ ᠦᠶ᠎ᠡ | ᠶᠢᠨ ᠬᠤᠶᠢᠴᠢᠰ ᠪᠤᠯᠬᠤ ᠮᠠᠨᠯᠢᠨ ᠪᠤᠯ ᠬᠠᠷᠠᠴᠢᠨ ᠴᠢᠨ ᠸᠠᠩ ᠬᠦᠩᠰᠡᠩᠨᠤᠷᠪᠤ ᠶᠢᠨ ᠲᠦᠷᠦᠭᠰᠡᠨ ᠵᠢᠭᠡ ᠤᠬᠢᠨ᠃ | ᠮᠠᠨᠯᠢᠨ ᠤ ᠡᠴᠢᠭᠡ ᠨᠢ ᠲᠤᠷᠭᠤᠳ ᠮᠤᠩᠭᠤᠯ ᠤᠨ ᠸᠠᠩ ᠮᠠᠨᠴᠤᠭᠵᠠᠪ ᠭᠡᠳᠡᠭ᠃ ᠠᠬ᠎ᠠ ᠨᠢ ᠭᠤᠮᠪᠤᠳᠧᠵᠢᠳ | ᠲᠤᠷᠭᠤᠳ ᠤᠨ ᠬᠠᠨ ᠰᠠᠭᠤᠷᠢᠨ ᠢ ᠵᠠᠯᠭᠠᠮᠵᠢᠯᠠᠵᠠᠢ᠃ ᠮᠠᠨᠯᠢᠨ ᠤ ᠲᠦᠷᠦᠭᠰᠡᠨ ᠡᠬᠡ ᠨᠢ ᠡᠦ ᠵᠢᠩ ᠪᠢᠨ ᠭᠡᠳᠡᠭ᠃ | ᠲᠤᠷᠭᠤᠳ ᠬᠢᠭᠡᠳ ᠰᠢᠨᠵᠢᠶᠠᠩ ᠤᠨ ᠮᠤᠩᠭᠤᠯᠴᠤᠳ ᠮᠠᠨᠯᠢᠨ ᠢ ᠪᠦᠷ ᠬᠠᠯᠢᠮᠠᠭ ᠭᠦᠩᠵᠦ ᠭᠡᠵᠦ | ᠬᠦᠨᠳᠦᠳᠬᠡᠨ ᠳᠠᠭᠤᠳᠠᠨ᠎ᠠ᠃ ᠮᠠᠨᠯᠢᠨ ᠬᠠᠯᠢᠮᠠᠭ ᠤᠯᠤᠰ ᠤᠨ ᠤᠷᠢᠯᠭ᠎ᠠ ᠪᠠᠷ 1997 ᠤᠨ ᠤ 6 ᠰᠠᠷ᠎ᠠ ᠳᠤ | ᠬᠠᠯᠢᠮᠠᠭ ᠤᠯᠤᠰ ᠲᠤ ᠠᠶᠢᠯᠴᠢᠯᠠᠬᠤ ᠳᠤ ᠳᠡᠭᠦᠨ ᠢ ᠭᠦᠩᠵᠦ ᠶᠢᠨ ᠪᠠᠷᠢᠮᠵᠢᠶ᠎ᠠ ᠪᠠᠷ ᠦᠪᠡᠳᠡᠭᠰᠢ ᠶᠡᠭᠡ ᠪᠠᠷ | ᠬᠠᠯᠠᠭᠤᠨ ᠳᠤᠳᠤᠨᠤ ᠪᠠᠷ ᠤᠭᠳᠤᠨ ᠵᠤᠴᠢᠯᠠᠵᠠᠢ᠃ ᠮᠠᠨᠯᠢᠨ ᠬᠠᠯᠢᠮᠠᠭ ᠤᠯᠤᠰ ᠲᠤ ᠠᠶᠢᠯᠴᠢᠯᠠᠭᠰᠠᠨ ᠤ ᠳᠠᠷᠠᠭ᠎ᠠ ︽ | ᠯᠧᠨᠢᠨ ᠬᠢᠭᠡᠳ ᠬᠠᠯᠢᠮᠠᠭ ᠮᠤᠩᠭᠤᠯ︾ ᠭᠡᠰᠡᠨ ᠵᠤᠬᠢᠶᠠᠯ ᠨᠡᠶᠢᠳᠡᠯᠡᠵᠦ ᠯᠧᠨᠢᠨ ᠬᠠᠯᠢᠮᠠᠭ ᠮᠤᠩᠭᠤᠯ ᠤᠨ ᠵᠢᠭᠡ ᠬᠦᠦ | ᠪᠤᠯᠬᠤ ᠶᠢ ᠨᠠᠷᠢᠯᠢᠭ ᠰᠠᠶᠢᠬᠠᠨ ᠳᠠᠨᠢᠯᠴᠠᠭᠤᠯᠪᠠ᠃ ᠠᠳᠡ ᠲᠤᠰ ᠵᠤᠬᠢᠶᠠᠯ ᠢ ᠲᠡᠷᠡ ᠬᠡᠪ ᠢᠶᠠᠷ ᠤᠯᠠᠨ ᠳᠤ | ᠳᠠᠨᠢᠯᠴᠠᠭᠤᠯᠵᠤ ᠬᠠᠮᠳᠤᠪᠠᠷ ᠬᠦᠷᠳᠡᠭᠡᠯ ᠪᠤᠯᠭᠠᠨ ᠰᠤᠨᠢᠷᠬᠠᠵᠠᠭᠠᠮᠤ︹16︺᠃ | 1997 ᠤᠨ ᠤ 6 ᠰᠠᠷ᠎ᠠ ᠳᠤ ᠪᠢ ᠵᠠᠯᠭᠠᠭ᠎ᠠ ᠪᠠᠷ ᠤᠷᠤᠰ ᠤᠨ ᠬᠤᠯᠪᠤᠭᠠᠨ ᠤ ᠪᠦᠭᠦᠳᠡ ᠨᠠᠶᠢᠷᠠᠮᠳᠠᠬᠤ | ᠬᠠᠯᠢᠮᠠᠭ ᠦᠪᠡᠷᠳᠡᠭᠡᠨ ᠵᠠᠰᠠᠬᠤ ᠬᠠᠯᠢᠮᠠᠭ ᠤᠯᠤᠰ ᠲᠤ ᠠᠶᠢᠯᠴᠢᠯᠠᠬᠤ ᠳᠠᠭᠠᠨ ᠳᠡᠳᠡᠨ ᠤ ᠨᠡᠶᠢᠰᠯᠡᠯ ᠡᠯᠡᠰᠦᠳᠠᠢ | ᠬᠤᠳᠠ ᠶᠢᠨ ᠲᠦᠪ ᠳᠠᠯᠠᠪᠠᠢ ᠳᠠᠬᠢ ᠵᠠᠰᠠᠭ ᠤᠨ ᠤᠷᠤᠨ ᠤ ᠲᠤᠮᠤ ᠠᠰᠠᠷ ᠤᠨ ᠡᠮᠦᠨ᠎ᠡ ᠰᠦᠨᠳᠡᠷᠯᠡᠨ ᠰᠡᠬᠦᠶᠢᠵᠦ | ᠪᠠᠶᠢᠭ᠎ᠠ ᠯᠧᠨᠢᠨ ᠤ ᠱᠤᠭᠤᠮᠠᠯ ᠬᠦᠷᠦᠭ ᠢ ᠤᠴᠢᠵᠤ ᠦᠵᠡᠪᠡ᠃ ᠨᠠᠳᠠ ᠪᠠᠷ᠎ᠠ ᠪᠤᠯᠵᠤ ᠶᠠᠪᠤᠭ᠎ᠠ ᠨᠠᠶᠢᠵᠠ᠄ ︽ᠯᠧᠨᠢᠨ | ᠤ ᠡᠮᠡᠭᠡ ᠪᠤᠯ ᠬᠠᠯᠢᠮᠠᠭ ᠬᠦᠮᠦᠨ ᠪᠤᠯᠤᠨ᠎ᠠ︾ ᠭᠡᠵᠦ ᠶᠠᠷᠢᠪᠠ᠃ ᠪᠢ ᠡᠭᠦᠨ ᠢ ᠰᠣᠨᠤᠰᠤᠭᠠᠳ ᠶᠡᠬᠡᠳᠡ ᠭᠠᠶᠢᠬᠠᠨ | ᠰᠤᠴᠢᠵᠤ᠂ ᠡᠨᠡ ᠬᠦ ᠦᠭᠡᠶᠢᠭᠦᠦ ᠠᠩᠬᠢ ᠶᠢᠨ ᠬᠤᠪᠢᠰᠬᠠᠯ ᠤᠨ ᠠᠭᠤᠤ ᠶᠡᠭᠡ ᠤᠳᠤᠷᠢᠳᠤᠭᠴᠢ ᠦᠪᠡᠷ ᠤᠨ ᠪᠡᠶ᠎ᠡ | ᠲᠠᠢ᠂ ᠡᠨᠡ ᠮᠡᠳᠦ ᠤᠳᠤᠮ ᠤᠭᠰᠠᠭᠠᠨ ᠤ ᠬᠠᠷᠢᠴᠠᠭ᠎ᠠ ᠲᠠᠢ ᠭᠡᠵᠦ ᠪᠤᠳᠤᠬᠤ ᠳᠤ ᠰᠡᠳᠬᠢᠯ ᠵᠢᠷᠦᠬᠡ ᠵᠦᠢᠷᠯᠡᠬᠦ ᠶᠢᠨ | ᠠᠷᠭ᠎ᠠ ᠦᠭᠡᠢ ᠳᠤᠭᠳᠤᠯᠪᠠ᠃ | ᠯᠠᠪᠳᠠᠭᠤᠨ ᠪᠠᠳᠤᠳᠠᠢ ᠪᠠᠶᠢᠬᠤ ᠶᠢᠨ ᠳᠤᠯᠠᠳᠠ᠂ ᠪᠢ ᠨᠠᠶᠢᠵᠠ ᠳᠠᠭᠠᠨ ᠨᠠᠶᠢᠳᠠᠵᠤ ᠡᠨᠡ ᠬᠦ ᠪᠤᠳᠠᠳᠠᠢ ᠬᠡᠷᠡᠭ ᠢ | ᠳᠡᠮᠳᠡᠭᠯᠡᠭᠰᠡᠨ ᠦᠰᠦᠭ ᠪᠢᠴᠢᠭ ᠤᠨ ᠦᠨᠳᠦᠰᠦ ᠪᠠᠷᠢᠮᠳᠠ ᠶᠢ ᠡᠷᠢᠭᠦᠯᠪᠡ᠃ ᠬᠠᠯᠢᠮᠠᠭ ᠶᠡᠭᠡ ᠰᠤᠷᠭᠠᠭᠤᠯᠢ ᠶᠢᠨ | ᠵᠠᠬᠢᠷᠤᠯ ᠪᠤᠷᠤᠯᠠᠺᠧ ᠨᠦᠬᠦᠷ ᠳᠡᠳᠡᠨ ᠤ ᠶᠡᠭᠡ ᠰᠤᠷᠭᠠᠭᠤᠯᠢ ᠶᠢᠨ ᠨᠤᠮ ᠤᠨ ᠰᠠᠩ ᠠᠴᠠ 1969 ᠤᠨ ᠤ | ᠮᠤᠰᠺᠸᠠ ᠶᠢᠨ ᠬᠡᠪᠯᠡᠯ ᠤᠨ ᠬᠤᠷᠢᠶ᠎ᠠ ᠠᠴᠠ ᠬᠡᠪᠯᠡᠭᠰᠡᠨ ︽ᠯᠧᠨᠢᠨ ᠤ ᠨᠠᠮᠳᠠᠷ︾ ᠢ ᠡᠷᠢᠨ ᠤᠯᠤᠭᠠᠳ ᠯᠧᠨᠢᠨ ᠤ | ᠲᠦᠷᠦᠭᠰᠡᠨ ᠪᠠᠶᠢᠳᠠᠯ ᠵᠢᠴᠢ ᠤᠪᠤᠭ ᠠᠶᠢᠮᠠᠭ ᠤᠨ ᠬᠡᠰᠡᠭ ᠪᠦᠯᠦᠭ ᠢ ᠳᠠᠷᠤᠮᠠᠯᠯᠠᠨ ᠪᠠᠷᠯᠠᠵᠤ ᠨᠠᠳᠠ ᠳᠤ ᠦᠭᠪᠡ᠃ | ᠬᠡᠷᠡᠭ ᠤᠴᠢᠷ ᠦᠨᠡᠬᠡᠷ ᠦᠨᠡᠨ ᠪᠠᠶᠢᠵᠠᠢ᠃ ᠤᠯᠤᠰ ᠲᠠᠭᠠᠨ ᠪᠤᠴᠠᠭᠰᠠᠨ ᠤ ᠳᠠᠷᠠᠭ᠎ᠠ ᠪᠢ ᠪᠠᠰᠠ ᠯᠧᠨᠢᠨ ᠤ ᠦᠶ᠎ᠡ | ᠵᠠᠯᠭᠠᠮᠵᠢ ᠶᠢ ᠳᠡᠮᠳᠡᠭᠯᠡᠭᠰᠡᠨ ᠬᠤᠯᠪᠤᠭᠳᠠᠯ ᠪᠦᠬᠦᠢ ᠬᠢᠳᠠᠳ ᠤᠷᠤᠰ ᠬᠡᠯᠡᠨ ᠤ ᠨᠤᠮ ᠰᠤᠳᠤᠷ ᠢ ᠡᠷᠢᠵᠦ ᠤᠩᠰᠢᠭᠠᠳ | ᠵᠢᠵᠢᠭ ᠰᠠᠵᠢᠭ ᠤᠯᠠ ᠮᠦᠷ ᠠᠴᠠ ᠢᠯᠡ ᠳᠤᠳᠤᠷᠬᠠᠢ ᠬᠡᠷᠡᠴᠢ ᠪᠠᠷᠢᠮᠳᠠ ᠶᠢ ᠬᠦᠷᠳᠡᠯ᠎ᠡ ᠪᠦᠷ ᠤᠯᠵᠤ ᠠᠪᠤᠪᠠ᠃ | 1975 ᠤᠨ ᠳᠤ ︽ᠠᠮᠢᠳᠤᠷᠠᠯ᠂ ᠨᠤᠮ ᠰᠤᠳᠤᠷ᠂ ᠰᠢᠨ᠎ᠡ ᠮᠡᠳᠡᠯᠭᠡ ᠭᠤᠷᠪᠠ ᠬᠤᠯᠪᠤᠭᠠᠯᠠᠭᠰᠠᠨ ᠨᠤᠮ ᠤᠨ | ᠰᠠᠩ︾ ᠠᠴᠠ ᠬᠡᠪᠯᠡᠭᠦᠯᠦᠭᠰᠡᠨ ︽ᠯᠧᠨᠢᠨ ᠤ ᠨᠠᠮᠳᠠᠷ︾ ᠨᠢ ᠵᠦᠪᠯᠡᠯᠳᠦ ᠶᠢᠨ 1936 ᠤᠨ ᠤ ᠭᠠᠳᠠᠭᠠᠳᠤ ᠤᠯᠤᠰ | ᠤᠨ ᠠᠵᠢᠯᠳᠠᠨ ᠤ ᠬᠡᠪᠯᠡᠯ ᠤᠨ ᠬᠤᠷᠢᠶᠠᠨ ᠤ ᠬᠡᠪᠯᠡᠭᠰᠡᠨ ᠠᠩᠭ᠍ᠯᠢ ᠬᠡᠯᠡᠨ ᠤ ᠤᠷᠴᠢᠭᠤᠯᠭ᠎ᠠ ᠶᠢᠨ ᠳᠡᠪᠳᠡᠷ ᠠᠴᠠ | ᠳᠠᠮᠵᠢᠭᠤᠯᠤᠨ ᠤᠷᠴᠢᠭᠤᠯᠵᠠᠢ᠃ ᠳᠡᠭᠦᠨ ᠳᠤ ᠨᠢᠭᠡᠳᠦᠭᠡᠷ ᠪᠦᠯᠦᠭ ᠲᠤ ᠯᠧᠨᠢᠨ ᠤ ᠦᠬᠢᠨ ᠳᠡᠭᠦᠦ ᠮᠠᠷᠢᠶ᠎ᠠ᠂ | ᠤᠯᠢᠶᠠᠩᠨᠤᠸᠠ ᠯᠧᠨᠢᠨ ᠢ ᠳᠤᠤᠷᠠᠬᠢ ᠮᠡᠳᠦ ᠪᠠᠷ ᠲᠦᠷᠰᠦᠯᠡᠵᠠᠢ᠃ ᠡᠭᠦᠨ ᠠᠴᠠ ᠳᠡᠭᠦᠨ ᠤ ᠭᠠᠳᠠᠷ ᠪᠠᠶᠢᠳᠠᠯ ᠪᠠ | ᠠᠪᠢᠶᠠᠯᠠᠬᠤ ᠤᠨᠴᠠᠯᠢᠭ ᠢ ᠠᠩᠬᠠᠷᠰᠤᠭᠠᠢ᠃ | ︽ᠸᠯᠠᠳᠢᠮᠢᠷ᠂ ᠢᠯᠢᠴᠢ ᠶᠢᠨ ᠪᠡᠶ᠎ᠡ ᠨᠢ ᠳᠡᠭᠦᠨ ᠤ ᠠᠪᠤ ᠶᠢᠨ ᠢᠶᠠᠨ ᠪᠡᠶ᠎ᠡ ᠶᠢ ᠤᠨᠴᠠᠭᠠᠶᠢᠯᠠᠨ | ᠳᠠᠭᠤᠷᠢᠶᠠᠭᠰᠠᠨ ᠪᠠᠶᠢᠨ᠎ᠠ᠃ ᠳᠡᠷᠡ ᠠᠪᠤ ᠶᠢᠨ ᠢᠶᠠᠨ ᠪᠡᠶ᠎ᠡ ᠪᠢᠯᠳᠠᠷ᠂ ᠬᠦᠳᠦᠭᠦᠷ ᠬᠠᠴᠠᠷ᠂ ᠴᠢᠷᠠᠢ ᠶᠢᠨ ᠲᠦᠯᠦᠪ᠂ | ᠮᠤᠩᠭᠤᠯᠵᠢᠭᠤᠬᠠᠨ ᠨᠢᠳᠦᠨ ᠵᠤᠪᠬᠢ᠂ ᠦᠯᠦ ᠮᠡᠳᠡᠭᠳᠡᠮ᠎ᠡ ᠰᠡᠶᠢᠮᠡᠭᠡᠷ ᠨᠢᠳᠦ ᠪᠤᠯᠤᠨ ᠦᠷᠭᠡᠨ ᠮᠠᠩᠨᠠᠢ ᠶᠢ ᠨᠢ | ᠵᠠᠯᠭᠠᠮᠵᠢᠯᠠᠵᠠᠢ᠃ ᠳᠡᠷᠡ ᠪᠠᠰᠠ ᠠᠪᠤ ᠲᠠᠢ ᠪᠠᠨ ᠨᠢᠭᠡᠨ ᠠᠳᠠᠯᠢ ᠬᠡᠯᠡᠵᠦ ᠪᠠᠷᠢᠬᠤ ᠵᠠᠩ ᠠᠪᠤᠷᠢ ᠲᠠᠢ ᠪᠦᠭᠡᠳ ᠨᠢᠭᠡᠨ | ᠠᠳᠠᠯᠢ ᠬᠦᠮᠦᠰ ᠤᠨ ᠰᠡᠳᠬᠢᠯ ᠢ ᠬᠦᠳᠡᠯᠭᠡᠮ᠎ᠡ ᠠᠰᠪᠤᠷᠢ ᠰᠢᠯᠤᠭᠤᠨ ᠢᠨᠢᠶᠡᠮᠰᠦᠭᠯᠡᠩᠭᠦᠢ ᠴᠢᠷᠠᠢ ᠲᠠᠢ ᠪᠠᠶᠢᠳᠠᠭ ᠁ | ᠸᠯᠡᠳᠢᠮᠢᠷ᠂ ᠢᠯᠢᠴᠢ ᠴᠢᠨᠠᠭᠰᠢᠯᠠᠪᠠᠯ ᠠᠪᠤ ᠶᠢᠨ ᠢᠶᠠᠨ r ᠠᠪᠢᠶ᠎ᠠ ᠶᠢ ᠠᠪᠢᠶᠠᠯᠠᠬᠤ ᠳᠤ ᠭᠠᠷᠭᠠᠳᠠᠭ ᠳᠦᠪᠦᠩᠬᠡᠢ ᠶᠢᠨ | ᠬᠦᠩᠭᠡᠨ ᠠᠪᠢᠶ᠎ᠠ ᠶᠢ ᠬᠦᠷᠳᠡᠯ᠎ᠡ ᠵᠠᠯᠭᠠᠮᠵᠢᠯᠠᠭᠰᠠᠨ ᠪᠠᠶᠢᠨ᠎ᠠ︾ ᠬᠡᠵᠦ ᠳᠠᠨᠢᠯᠴᠠᠭᠤᠯᠪᠠ᠃ | 1997 ᠤᠨ ᠤ 5 ᠰᠠᠷ᠎ᠠ ᠳᠤ ᠴᠢᠯᠦᠭᠡᠯᠡᠬᠦ ᠴᠡᠷᠢᠭ ᠤᠨ ᠤᠳᠬ᠎ᠠ ᠤᠷᠠᠯᠢᠭ ᠤᠨ ᠬᠡᠪᠯᠡᠯ ᠤᠨ ᠬᠤᠷᠢᠶᠠᠨ ᠤ | ᠬᠡᠪᠯᠡᠭᠦᠯᠦᠭᠰᠡᠨ ︽ᠯᠧᠨᠢᠨ ᠤ ᠦᠩᠭᠡᠷᠡᠯᠳᠡ︾ ᠭᠡᠳᠡᠭ ᠨᠤᠮ ᠳᠤ ᠡᠶᠢᠮᠦ ᠨᠢᠭᠡᠨ ᠳᠡᠮᠳᠡᠭᠯᠡᠯ ᠪᠤᠢ᠄ ︽ᠯᠧᠨᠢᠨ ᠤ | ᠤᠭ ᠨᠤᠳᠤᠭ ᠰᠢᠨᠪᠧᠷᠢᠰᠺᠢ ᠳᠤ ᠪᠠᠶᠢᠭ᠎ᠠ ᠪᠢᠰᠢ᠂ ᠳᠡᠭᠦᠨ ᠤ ᠡᠪᠦᠭᠡ ᠨᠢ ᠨᠢᠺᠤᠯᠠᠢ᠂ ᠸᠠᠰᠢᠯᠢᠶ᠋ᠸᠧᠢᠴᠢ ᠪᠤᠯ ᠨᠢᠭᠡᠨ | ᠶᠠᠳᠠᠭᠤ ᠤᠶᠤᠳᠠᠯᠴᠢᠨ ᠪᠠᠶᠢᠵᠠᠢ᠂ ᠦᠩᠭᠡᠷᠡᠭᠰᠡᠨ ᠳᠤ ᠪᠠᠨ ᠪᠠᠷᠤᠭ ᠨᠢᠭᠡᠨ ᠪᠤᠭᠤᠯ ᠪᠠᠶᠢᠭᠰᠠᠨ ᠪᠤᠯᠤᠯᠳᠠᠢ᠂ ᠸᠤᠯᠭ᠎ᠠ | ᠮᠦᠷᠡᠨ ᠤ ᠺᠠᠰᠫᠢ ᠳᠠᠩᠭᠢᠰ ᠳᠤ ᠴᠢᠳᠬᠤᠵᠤ ᠪᠠᠶᠢᠭ᠎ᠠ ᠭᠤᠤᠯ ᠤᠨ ᠠᠮᠠᠨ ᠤ ᠬᠠᠪᠢ ᠳᠠᠬᠢ ᠠᠰᠲ᠋ᠠᠷᠬᠠᠨ ᠳᠤ | ᠨᠤᠳᠤᠭᠯᠠᠵᠤ ᠪᠠᠶᠢᠵᠠᠢ᠃ ᠡᠨᠡ ᠪᠤᠯ ᠨᠢᠭᠡᠨ ᠵᠢᠭᠠᠰᠤᠨ ᠤ ᠰᠢᠩᠭᠡᠭ ᠦᠨᠦᠷ ᠬᠠᠩᠬᠤᠯᠤᠭᠰᠠᠨ ᠭᠠᠷ ᠦᠢᠯᠡᠳᠪᠦᠷᠢ | ᠶᠢᠨ ᠵᠢᠵᠢᠭ ᠬᠤᠳᠠ ᠪᠤᠯᠤᠨ᠎ᠠ᠃ ᠨᠢᠺᠣᠯᠠᠢ᠂ ᠸᠠᠰᠢᠯᠢᠶ᠋ᠸᠧᠢᠴᠢ ᠭᠡᠳᠡᠭ ᠡᠨᠡ ᠤᠷᠤᠰ ᠬᠦᠮᠦᠨ 50 ᠭᠠᠷᠤᠢ ᠨᠠᠰᠤᠨ | ᠤ ᠦᠶ᠎ᠡ ᠪᠠᠷ ᠬᠠᠯᠢᠮᠠᠭ ᠤᠨ ᠨᠢᠭᠡ ᠦᠰᠦᠭ ᠪᠢᠴᠢᠭ ᠮᠡᠳᠡᠳᠡᠭ ᠦᠭᠡᠢ ᠬᠡᠦᠬᠡᠨ ᠠᠨᠠᠨ᠂ ᠠᠯᠢᠺᠰᠢᠶᠠᠶᠧᠹᠤᠨᠠ᠂ | ᠰᠮᠢᠯᠧᠨᠤᠸᠠ ᠲᠠᠢ ᠬᠤᠷᠢᠮᠯᠠᠪᠠ᠃ ᠬᠠᠯᠢᠮᠠᠭ ᠪᠤᠯ ᠮᠤᠩᠭᠤᠯ ᠦᠨᠳᠦᠰᠦᠳᠡᠨ ᠤ ᠨᠢᠭᠡ ᠠᠶᠢᠮᠠᠭ ᠮᠥᠨ᠂ ᠵᠦᠪᠯᠡᠯᠳᠦ | ᠶᠢᠨ ᠬᠢᠯᠢ ᠳᠤᠳᠤᠷ᠎ᠠ ᠮᠠᠯ ᠮᠠᠯᠵᠢᠨ ᠠᠮᠢᠳᠤᠷᠠᠵᠤ ᠪᠠᠶᠢᠭ᠎ᠠ ᠪᠦᠭᠡᠳ ᠪᠤᠷᠬᠠᠨ ᠱᠠᠰᠢᠨ ᠢ ᠰᠢᠳᠦᠳᠡᠭ᠃ ᠳᠡᠳᠡᠨ ᠤ | ᠴᠢᠷᠠᠢ ᠨᠢ ᠶᠡᠭᠡ ᠮᠦᠷᠳᠡᠭᠡᠨ ᠲᠦᠭᠦᠷᠢᠭ ᠬᠡᠯᠪᠡᠷᠢ ᠲᠠᠢ ᠪᠠᠶᠢᠳᠠᠭ ᠪᠦᠭᠡᠳ ᠰᠢᠷ᠎ᠠ ᠬᠦᠷᠡᠩ ᠵᠢᠰᠤᠳᠠᠢ ᠪᠠᠶᠢᠳᠠᠭ︾᠃ | ᠯᠧᠨᠢᠨ ᠤ ᠦᠪ ᠦᠷᠭᠡᠨ ᠬᠠᠴᠠᠷ ᠤᠨ ᠶᠠᠰᠤ ᠪᠤᠯᠤᠨ ᠨᠢᠳᠦᠨ ᠬᠠᠷᠠᠴᠠ ᠨᠢ ᠠᠽᠢᠶ᠎ᠠ ᠶᠢᠨ ᠤᠳᠤᠮ ᠬᠤᠯᠢᠯᠳᠤᠭᠰᠠᠨ | ᠭᠡᠳᠡᠭ ᠢ ᠬᠠᠷᠠᠭᠤᠯᠵᠤ ᠪᠠᠶᠢᠨ᠎ᠠ᠃ ︽ᠤᠤᠯ ᠤᠨ ᠵᠦᠪᠯᠡᠯᠳᠦ ᠶᠢᠨ ᠬᠢᠨ ᠯᠧᠨᠢᠨ ᠤ ᠨᠠᠮᠳᠠᠷ ᠲᠤ ᠯᠧᠨᠢᠨ ᠢ | ᠳᠡᠮᠳᠡᠭᠯᠡᠵᠦ ᠪᠢᠴᠢᠬᠦ ᠳᠡᠭᠡᠨ ᠠᠷᠠᠰᠣᠳᠠᠨ ᠤ ᠳᠠᠯ᠎ᠠ ᠠᠴᠠ ᠴᠤᠯᠤ ᠤᠷᠤᠰ ᠬᠦᠮᠦᠨ ᠬᠡᠮᠡᠨ ᠪᠢᠴᠢᠵᠦ᠂ ᠯᠧᠨᠢᠨ ᠤ | ᠡᠪᠦᠭᠡ ᠳᠡᠭᠡᠳᠦᠰ ᠪᠤᠯ ᠤᠷᠤᠰ ᠬᠦᠮᠦᠨ ᠪᠢᠰᠢ ᠬᠡᠳᠡᠭ ᠡᠨᠡ ᠬᠦ ᠬᠡᠷᠡᠭ ᠢ ᠬᠠᠷᠢᠨ ᠨᠢᠭᠤᠨ ᠳᠠᠯᠳᠠᠯᠠᠭᠰᠠᠨ ᠪᠠᠶᠢᠨ᠎ᠠ ᠁ | ︾ ᠭᠡᠰᠡᠨ ᠨᠢ ᠯᠧᠨᠢᠨ ᠤ ᠤᠳᠤᠮ ᠤᠭᠰᠠᠭ᠎ᠠ ᠪᠤᠯ ᠡᠸᠦ᠋ᠷᠦᠫᠡ ᠠᠽᠢᠶ᠎ᠠ ᠶᠢᠨ ᠬᠤᠯᠢᠮᠠᠭ ᠤᠳᠤᠮᠳᠠᠨ ᠪᠤᠯᠤᠨ᠎ᠠ᠃ | ᠳᠡᠭᠦᠨ ᠤ ᠪᠡᠶ᠎ᠡ ᠳᠡᠭᠡᠷ᠎ᠡ ᠦᠷᠦᠨᠡᠳᠠᠬᠢᠨ ᠪᠠ ᠳᠤᠷᠤᠨᠠᠳᠤ ᠶᠢᠨ ᠦᠨᠳᠦᠰᠦᠳᠡᠨ ᠤ ᠤᠨᠴᠠᠯᠢᠭ ᠢᠯᠡᠷᠡᠵᠦ ᠪᠠᠶᠢᠳᠠᠭ | ᠪᠦᠭᠡᠳ ᠮᠤᠩᠭᠤᠯ ᠦᠨᠳᠦᠰᠦᠳᠡᠨ ᠲᠠᠢ ᠤᠳᠤᠮ ᠲᠦᠷᠦᠯ ᠤᠨ ᠬᠠᠷᠢᠴᠠᠭ᠎ᠠ ᠲᠠᠢ ᠭᠡᠳᠡᠭ ᠢ ᠭᠦᠢᠴᠡᠳ ᠭᠡᠷᠡᠴᠢᠯᠡᠵᠦ | ᠪᠠᠶᠢᠨ᠎ᠠ᠃ | ᠳᠡᠭᠡᠷ᠎ᠡ ᠶᠠᠷᠢᠭᠰᠠᠨ ᠬᠠᠯᠢᠮᠠᠭ ᠬᠦᠮᠦᠨ ᠭᠡᠳᠡᠭ ᠨᠢ ᠤᠭ ᠲᠠᠭᠠᠨ ᠲᠦᠷᠺ ᠬᠡᠯᠡᠳᠡᠨ ᠠᠴᠠ ᠶᠡᠭᠡ ᠡᠯᠡᠰᠦᠨ | ᠴᠦᠯ ᠤᠨ ᠪᠠᠷᠠᠭᠤᠨ ᠳᠠᠬᠢ ᠮᠤᠩᠭᠤᠯ ᠤᠨ ᠲᠤᠷᠭᠤᠳ ᠠᠶᠢᠮᠠᠭ ᠢ ᠨᠡᠷᠡᠶᠢᠳᠳᠡᠭ ᠨᠡᠷᠡᠶᠢᠳᠦᠯ ᠪᠤᠯᠤᠨ᠎ᠠ᠃ ᠲᠤᠷᠭᠤᠳ | ᠪᠤᠯ ᠤᠭ ᠤᠨ ᠨᠢᠭᠡᠳᠦᠮᠡᠯ ᠮᠤᠩᠭᠤᠯ ᠤᠨ ᠲᠦᠷᠪᠡᠨ ᠤᠶᠢᠷᠠᠳ ᠤᠨ ᠨᠢᠭᠡ ᠠᠶᠢᠮᠠᠭ ᠮᠦᠨ᠃ ᠮᠢᠩ ᠤᠯᠤᠰ ᠤᠨ | ᠰᠡᠭᠦᠯᠴᠢ ᠪᠠᠷ ᠤᠷᠤᠰᠢᠨ ᠲᠤᠭᠳᠠᠨᠢᠬᠤ ᠰᠢᠨ᠎ᠡ ᠤᠷᠴᠢᠨ ᠢ ᠳᠡᠮᠡᠴᠡᠨ ᠤᠯᠬᠤ ᠪᠠᠷ ᠳᠡᠳᠡᠨ ᠤ ᠶᠡᠬᠡᠩᠬᠢ ᠨᠢ ᠤᠭ | ᠤᠨ ᠨᠤᠳᠤᠭ ᠳᠠᠷᠪᠠᠭᠠᠳᠠᠢ ︵ᠣᠳᠤ ᠶᠢᠨ ᠰᠢᠨᠵᠢᠶᠠᠩ ᠤᠨ ᠵᠠᠬ᠎ᠠ ᠳᠤ ᠪᠤᠢ︶ ᠠᠴᠠ ᠪᠠᠨ ᠪᠠᠷᠠᠭᠤᠨᠰᠢ ᠨᠡᠭᠦᠵᠦ᠂ | ᠲᠤᠬᠠᠢ ᠶᠢᠨ ᠦᠶ᠎ᠡ ᠳᠤ ᠤᠷᠤᠰ ᠤᠯᠤᠰ ᠡᠵᠡᠯᠡᠭᠡᠳᠦᠢ ᠪᠠᠶᠢᠭᠰᠠᠨ ᠸᠤᠯᠭ᠎ᠠ ᠮᠦᠷᠡᠨ ᠤ ᠲᠤᠤᠷᠠᠳᠤ ᠤᠷᠤᠰᠬᠠᠯ | ᠺᠠᠰᠫᠢ ᠳᠠᠩᠭᠢᠰ ᠤᠨ ᠬᠠᠪᠢ ᠳᠤ ᠤᠴᠢᠭᠠᠳ ᠨᠡᠭᠦᠳᠡᠯᠴᠢᠨ ᠦᠨᠳᠦᠰᠦᠳᠡᠨ ᠤ ᠹᠸᠤᠳᠠᠯ ᠤᠨ ᠬᠠᠭᠠᠨᠳᠤ ᠲᠦᠷᠦ ᠶᠢ | ᠪᠠᠶᠢᠭᠤᠯᠵᠤ᠂ ᠡᠯ᠎ᠡ ᠲᠦᠷᠦᠯ ᠤᠨ ᠬᠠᠤᠯᠢ ᠲᠦᠷᠢᠮ ᠪᠠᠶᠢᠭᠤᠯᠤᠯ ᠢ ᠳᠡᠭᠦᠯᠳᠡᠷᠵᠢᠭᠦᠯᠵᠦ᠂ ᠳᠤᠬᠠᠢ ᠶᠢᠨ ᠡᠷᠬᠡ ᠪᠠᠨ | ᠵᠠᠭᠤ ᠭᠠᠷᠤᠢ ᠵᠢᠯ ᠦᠷᠭᠦᠯᠵᠢᠯᠡᠭᠦᠯᠵᠠᠢ᠃ ᠳᠡᠳᠡ ᠠᠳᠡᠬᠢ ᠠᠭᠤᠯᠠ ᠤᠰᠤᠨ ᠳᠤ ᠲᠤᠩ ᠬᠠᠶᠢᠷᠠᠳᠠᠢ ᠪᠤᠯᠬᠤᠷ᠂ | ᠺᠠᠰᠫᠢ ᠳᠠᠩᠭᠢᠰ ᠲᠤ ᠬᠦᠬᠡ ᠨᠠᠭᠤᠷ ᠬᠡᠮᠡᠨ ᠮᠤᠩᠭᠤᠯ ᠨᠡᠷ᠎ᠡ ᠦᠭᠴᠠᠢ᠃ ᠸᠤᠯᠭ᠎ᠠ ᠮᠦᠷᠡᠨ ᠢ ᠡᠵᠢ ᠭᠤᠤᠯ ᠬᠡᠮᠡᠨ ︵ | ᠲᠤᠮᠤᠭ ᠶᠠᠷᠢᠶ᠎ᠠ ᠶᠢ ᠦᠨᠳᠦᠰᠦᠯᠡᠪᠡᠯ᠂ ᠺᠠᠰᠫᠢ ᠳᠠᠩᠭᠢᠰ ᠲᠤ ᠴᠢᠳᠬᠤᠵᠤ ᠪᠠᠶᠢᠭ᠎ᠠ ᠭᠤᠤᠯ ᠤᠨ ᠠᠮᠠᠨ ᠬᠠᠪᠢ ᠳᠠᠬᠢ | ᠯᠧᠨᠢᠨ ᠤ ᠨᠤᠳᠤᠭ ᠠᠰᠲ᠋ᠠᠷᠬᠠᠨ ᠨᠢ ᠴᠦ ᠮᠤᠩᠭᠤᠯ ᠨᠡᠷ᠎ᠡ ᠭᠡᠨ᠎ᠡ︶ ᠨᠡᠷ᠎ᠡ ᠦᠭᠴᠠᠢ᠃ ᠰᠡᠭᠦᠯᠡᠷ ᠨᠢ ᠤᠷᠤᠰ ᠤᠯᠤᠰ | ᠤᠨ ᠬᠦᠴᠦᠨ ᠮᠠᠰᠢ ᠲᠦᠷᠭᠡᠨ ᠦᠷᠭᠡᠵᠢᠭᠰᠡᠨ ᠢᠶᠠᠷ᠂ ᠭᠠᠳᠠᠭᠤᠷᠴᠢᠯᠠᠭᠳᠠᠬᠤ ᠪᠤᠯᠤᠭᠰᠠᠨ ᠲᠤᠷᠭᠤᠳ ᠬᠦᠮᠦᠨ | ᠤᠷᠤᠰ ᠤᠨ ᠡᠵᠡᠮᠰᠢᠯ ᠠᠴᠠ ᠮᠤᠯᠳᠤᠷᠠᠬᠤ ᠶᠢᠨ ᠲᠦᠯᠦᠭᠡ᠂ 1771 ᠣᠨ ᠳᠤ ᠤᠪᠰᠢ ᠬᠠᠨ ᠤ ᠳᠠᠭᠠᠭᠤᠯᠭ᠎ᠠ | ᠲᠤᠤᠷ᠎ᠠ ᠠᠶᠢᠮᠠᠭ ᠤᠨ ᠤᠯᠠᠩᠬᠢ ᠨᠢ ᠸᠤᠯᠭ᠎ᠠ ᠮᠦᠷᠡᠨ ᠤ ᠬᠦᠪᠡᠭᠡ ᠠᠴᠠ ᠰᠠᠯᠵᠤ ᠡᠬᠡ ᠨᠤᠳᠤᠭ ᠲᠠᠭᠠᠨ ᠪᠤᠴᠠᠨ | ᠢᠷᠡᠪᠡ᠃ ᠪᠠᠷᠤᠭ ᠭᠤᠷᠪᠠᠨ ᠤ ᠨᠢᠭᠡ ᠬᠤᠪᠢ ᠨᠢ ᠮᠦᠨ ᠳᠡᠨᠳᠡ ᠪᠠᠨ ᠦᠯᠡᠳᠡᠨ ᠬᠤᠴᠤᠷᠴᠠᠢ᠂ ᠲᠤᠬᠠᠢ ᠶᠢᠨ | ᠦᠶ᠎ᠡ ᠳᠤ ᠦᠯᠡᠳᠡᠵᠦ ᠰᠠᠭᠤᠭᠰᠠᠨ ᠲᠤᠷᠭᠤᠳ ᠬᠦᠮᠦᠨ ᠦᠷᠡᠵᠢᠨ ᠬᠦᠭᠵᠢᠭᠡᠳ ᠦᠨᠦᠳᠦᠷ ᠤᠨ ᠬᠠᠯᠢᠮᠠᠭ ᠤᠨ | ᠪᠦᠭᠦᠳᠡ ᠨᠠᠶᠢᠷᠠᠮᠳᠠᠬᠤ ᠦᠪᠡᠷᠳᠡᠭᠡᠨ ᠵᠠᠰᠠᠬᠤ ᠤᠯᠤᠰ ᠪᠤᠯᠵᠠᠢ᠃ ᠬᠠᠯᠢᠮᠠᠭ ᠤᠨ ᠨᠤᠳᠤᠭ ᠳᠡᠪᠢᠰᠬᠡᠷ ᠤᠭ ᠲᠠᠭᠠᠨ | 140 ᠭᠠᠷᠤᠢ ᠲᠦᠮᠡᠨ ᠳᠡᠭᠰᠢ ᠲᠦᠷᠪᠡᠯᠵᠢᠨ ᠺᠢᠯᠤᠮᠧᠲᠷ ᠪᠠᠶᠢᠵᠠᠢ᠃ ᠤᠳᠤ ᠬᠠᠰᠤᠭᠳᠠᠭᠠᠳ 16 ᠲᠦᠮᠡ ᠭᠠᠷᠤᠢ | ᠳᠡᠭᠰᠢ ᠳᠦᠷᠪᠡᠯᠵᠢᠨ ᠺᠢᠯᠤᠮᠧᠲᠷ ᠦᠯᠡᠳᠡᠵᠦ᠂ ᠬᠦᠮᠦᠨ ᠠᠮᠠ ᠨᠢ 35 ᠲᠦᠮᠡ ᠪᠤᠢ᠂ ᠳᠡᠭᠦᠨ ᠤ ᠳᠤᠳᠤᠷ᠎ᠠ | ᠬᠠᠯᠢᠮᠠᠭ ᠬᠦᠮᠦᠨ 45% ᠶᠢ ᠡᠵᠡᠯᠡᠨ᠎ᠡ᠃ ᠳᠤᠰᠠᠭᠠᠷ ᠳᠤᠭᠳᠠᠨᠢᠭᠰᠠᠨ ᠤᠯᠤᠰ ᠤᠨ ᠬᠤᠯᠪᠤᠭᠠᠳᠤ ᠴᠤᠭᠴᠠ ᠳᠤ | ᠪᠠᠶᠢᠭ᠎ᠠ ᠪᠦᠬᠦ ᠬᠠᠯᠢᠮᠠᠭ ᠬᠦᠮᠦᠨ ᠤ 84% ᠨᠢ ᠠᠳᠡ ᠪᠤᠢ᠃ ᠬᠠᠯᠢᠮᠠᠭ ᠬᠦᠮᠦᠨ ᠠᠷᠪᠠᠨ ᠰᠠᠷ᠎ᠠ ᠶᠢᠨ ᠬᠤᠪᠢᠰᠬᠠᠯ | ᠠᠴᠠ ᠡᠮᠦᠨ᠎ᠡ ᠤᠯᠠᠩᠬᠢ ᠨᠢ ᠮᠠᠯᠵᠢᠯ ᠤᠨ ᠠᠮᠢᠳᠤᠷᠠᠯ ᠦᠩᠭᠡᠷᠡᠭᠡᠵᠦ ᠪᠠᠶᠢᠭᠰᠨ ᠪᠦᠭᠡᠳ ᠤᠷᠤᠰ ᠬᠡᠯᠡ ᠮᠡᠳᠡᠳᠡᠭ | ᠦᠭᠡᠢ᠂ ᠬᠡᠷᠡᠭᠯᠡᠵᠦ ᠪᠠᠶᠢᠭᠰᠠᠨ ᠨᠢ 1648 ᠤᠨ ᠳᠤ ᠽᠠᠶ᠎ᠠ ᠪᠠᠨᠳᠢᠳᠠ ᠶᠢᠨ ᠡᠭᠦᠳᠦᠨ ᠵᠤᠬᠢᠶᠠᠭᠰᠠᠨ ᠳᠤᠳᠤ | ᠮᠤᠩᠭᠤᠯ ᠦᠰᠦᠭ ᠪᠤᠯᠤᠨ᠎ᠠ᠃ | ᠰᠲ᠋ᠡᠯᠢᠨ ᠬᠤᠪᠢᠰᠬᠠᠯ ᠤᠨ ᠡᠰᠡᠷᠭᠦᠴᠦᠳ ᠢ ᠴᠡᠪᠡᠷᠯᠡᠨ ᠠᠷᠢᠯᠭᠠᠬᠤ ᠬᠦᠳᠡᠯᠭᠡᠭᠡᠨ ᠢ ᠦᠷᠭᠡᠳᠬᠡᠭᠡᠳ 1943 | ᠤᠨ ᠳᠤ ᠬᠠᠯᠢᠮᠠᠭ ᠤᠭᠰᠠᠭᠠᠳᠠᠨ ᠢ ᠤᠭ ᠤᠨ ᠨᠤᠳᠤᠭ ᠠᠴᠠ ᠨᠢ ᠬᠦᠭᠡᠭᠡᠨ ᠭᠠᠷᠭᠠᠵᠤ᠂ ᠨᠢᠭᠡ ᠬᠡᠰᠡᠭ ᠢ ᠨᠢ | ᠰᠢᠪᠧᠷᠢᠶ᠎ᠠ ᠳᠤ ᠬᠦᠷᠭᠡᠵᠦ᠂ ᠨᠢᠭᠡ ᠬᠡᠰᠡᠭ ᠨᠢ ᠡᠸᠦ᠋ᠷᠦᠫᠡ ᠲᠢᠪ ᠤᠨ ᠡᠯ᠎ᠡ ᠤᠯᠤᠰ᠂ ᠴᠢᠨᠠᠭᠰᠢᠯᠠᠪᠠᠯ ᠠᠮᠧᠷᠢᠺᠠ | ᠣᠯᠣᠰ ᠲᠤ ᠤᠴᠢᠪᠠ᠃ 1957 ᠤᠨ ᠤ ᠾᠧᠷᠥ᠋ᠱᠥᠸ᠋ ᠤᠨ ᠡᠷᠬᠡ ᠪᠠᠷᠢᠵᠤ ᠪᠠᠶᠢᠭᠰᠠᠨ ᠬᠤᠭᠤᠴᠠᠭᠠᠨ ᠳᠤ | ᠬᠠᠯᠢᠮᠠᠭ ᠤᠨ ᠠᠷᠠᠳ ᠲᠦᠮᠡᠨ ᠤ ᠬᠦᠴᠦᠳᠠᠢ ᠱᠠᠭᠠᠷᠳᠠᠯᠭ᠎ᠠ ᠳᠤᠤᠷ᠎ᠠ ᠡᠨᠡ ᠦᠪᠡᠷᠳᠡᠭᠡᠨ ᠵᠠᠰᠠᠬᠤ ᠪᠦᠭᠦᠳᠡ | ᠨᠠᠶᠢᠷᠠᠮᠳᠠᠬᠤ ᠤᠯᠤᠰ ᠢ ᠳᠠᠬᠢᠨ ᠰᠡᠷᠭᠦᠭᠡᠪᠡ᠂ ᠭᠡᠳᠡᠯ᠎ᠡ ᠬᠦᠮᠦᠨ ᠤ ᠳᠤᠭ᠎ᠠ᠂ ᠨᠤᠳᠤᠭ ᠳᠡᠪᠢᠰᠬᠡᠷ ᠤᠨ ᠳᠠᠯᠠᠪᠠᠢ ᠶᠢᠨ | ᠬᠡᠮᠵᠢᠶᠡᠨ ᠤ ᠳᠠᠯ᠎ᠠ ᠪᠠᠷ ᠦᠩᠭᠡᠷᠡᠭᠰᠡᠨ ᠤ ᠬᠢ ᠲᠠᠢ ᠠᠳᠠᠯᠢᠳᠬᠠᠬᠤ ᠶᠢᠨ ᠠᠷᠭ᠎ᠠ ᠦᠭᠡᠢ ᠪᠤᠯᠪᠠ᠃ ᠤᠶᠢᠷ᠎ᠠ ᠶᠢᠨ | ᠵᠢᠯ ᠠᠴᠠ ᠨᠠᠭᠠᠰᠢ ᠦᠨᠳᠦᠰᠦᠳᠡᠨ ᠤ ᠦᠭᠡ ᠬᠡᠯᠡ ᠦᠰᠦᠭ ᠪᠢᠴᠢᠭ ᠤᠨ ᠬᠦᠭᠵᠢᠯᠳᠡ ᠨᠢ ᠮᠠᠰᠢ ᠲᠦᠷᠭᠡᠨ ᠪᠠᠶᠢᠨ᠎ᠠ | ᠃ ᠨᠢᠳᠤᠨᠤᠨ ᠪᠢ ᠳᠡᠳᠡᠨ ᠤ ᠶᠡᠭᠡ᠂ ᠳᠤᠮᠳᠠᠳᠤ᠂ ᠪᠠᠭ᠎ᠠ ᠰᠤᠷᠭᠠᠭᠤᠯᠢ ᠶᠢ ᠳᠤᠭᠤᠷᠢᠨ ᠦᠵᠡᠪᠡ᠃ ᠪᠠᠭ᠎ᠠ | ᠰᠤᠷᠭᠠᠭᠤᠯᠢ ᠶᠢᠨ ᠨᠢᠭᠡ᠂ ᠬᠤᠶᠠᠳᠤᠭᠠᠷ ᠣᠨ ᠠᠴᠠ ᠡᠬᠢᠯᠡᠵᠦ ᠬᠤᠤᠰ ᠬᠡᠯᠡᠨ ᠤ ᠰᠤᠷᠭᠠᠨ ᠬᠦᠮᠦᠵᠢᠯ ᠢ | ᠬᠦᠷᠳᠡᠭᠡᠵᠦ ᠪᠠᠶᠢᠬᠤ ᠶᠢᠨ ᠬᠠᠮᠳᠤ ᠮᠤᠩᠭᠤᠯ ᠬᠡᠯᠡᠨ ᠳᠤ ᠪᠠᠨ ᠮᠠᠰᠢ ᠰᠠᠶᠢᠨ ᠨᠠᠰᠣᠳᠠᠶᠢᠴᠤᠳ ᠢ ᠵᠠᠯᠠᠵᠤ ᠮᠤᠩᠭᠤᠯ | ᠤᠳᠤᠮᠰᠢᠯᠳᠤ ᠰᠤᠶᠤᠯ ᠢ ᠵᠢᠭᠠᠵᠤ᠂ ᠪᠤᠷᠬᠠᠨ ᠱᠠᠰᠢᠨ᠂ ᠶᠤᠰᠤ ᠵᠠᠩᠰᠢᠯ ᠤᠨ ᠬᠢᠴᠢᠶᠡᠯ ᠢ ᠣᠷᠤᠵᠤ ᠪᠠᠶᠢᠨ᠎ᠠ᠃ ᠶᠡᠭᠡ | ᠰᠤᠷᠭᠠᠭᠤᠯᠢ ᠶᠢᠨ ᠰᠠᠯᠪᠤᠷᠢ ᠶᠢᠨ ᠱᠠᠳᠤᠨ ᠤ ᠤᠳᠤᠷᠢᠳᠤᠯᠭ᠎ᠠ ᠨᠢ ᠴᠦᠮ ᠬᠠᠯᠢᠮᠠᠭ ᠬᠦᠮᠦᠨ ᠪᠠᠶᠢᠭ᠎ᠠ ᠪᠦᠭᠡᠳ | ᠤᠯᠠᠩᠬᠢ ᠨᠢ ᠳ᠋ᠤᠺᠲ᠋ᠤᠷ ᠴᠤᠯᠠ ᠲᠠᠢ ᠪᠠᠶᠢᠨ᠎ᠠ᠃ ᠬᠡᠳᠦᠨ ᠡᠳᠦᠷ ᠤᠨ ᠡᠮᠦᠨ᠎ᠡ ᠳᠡᠳᠡᠨ ᠤ ᠶᠡᠭᠡ ᠰᠤᠷᠭᠠᠭᠤᠯᠢ ᠶᠢᠨ | ᠵᠠᠬᠢᠷᠤᠯ ᠲᠠᠢ ᠨᠢ ᠣᠳᠠᠰᠤ ᠨᠡᠪᠳᠡᠷᠡᠵᠦ᠂ ᠤᠷᠤᠰ ᠬᠡᠯᠡ ᠪᠠᠷ ᠶᠠᠷᠢᠯᠴᠠᠶ᠎ᠠ ᠭᠡᠵᠦ ᠪᠤᠳᠤᠵᠤ ᠪᠠᠶᠢᠳᠠᠯ᠎ᠠ᠂ ᠳᠡᠷᠡ | ᠬᠠᠷᠢᠨ ᠤᠷᠢᠳ ᠢᠶᠠᠷ ᠮᠤᠩᠭᠤᠯ ᠢᠶᠠᠷ ᠶᠠᠷᠢᠵᠤ ᠡᠬᠢᠯᠡᠪᠡ᠂ ᠪᠢ ᠦᠨᠡᠬᠡᠷ ᠦᠪᠡᠷ ᠤᠨ ᠴᠢᠬᠢ ᠪᠠᠨ ᠢᠳᠡᠭᠡᠵᠦ ᠶᠠᠳᠠᠪᠠ | ᠃ ᠨᠢᠭᠡᠭᠡᠨ ᠵᠢᠯ ᠤᠨ ᠳᠤᠳᠤᠷ᠎ᠠ ᠳᠡᠷᠡ ᠬᠡᠷᠬᠢᠨ ᠡᠶᠢᠮᠦ ᠤᠯᠠᠨ ᠦᠭᠡ ᠶᠢ ᠰᠤᠷᠴᠤ ᠡᠵᠡᠮᠰᠢᠭᠰᠡᠨ ᠪᠤᠢ᠂ ᠦᠨᠡᠬᠡᠷ | ᠬᠦᠮᠦᠨ ᠢ ᠪᠢᠰᠢᠷᠡᠭᠦᠯᠦᠨ᠎ᠡ᠃ ᠡᠨᠡ ᠨᠢ ᠳᠡᠳᠡᠨ ᠤ ᠤᠯᠤᠰ ᠤᠨ ᠪᠡᠶ᠎ᠡ ᠪᠠᠨ ᠳᠠᠭᠠᠭᠠᠬᠤ ᠵᠤᠷᠢᠭ ᠰᠠᠨᠠᠭ᠎ᠠ ᠲᠠᠢ ᠨᠢ | ᠰᠢᠭᠤᠳ ᠬᠤᠯᠪᠤᠭᠳᠠᠯ ᠲᠠᠢ ᠪᠠᠶᠢᠭ᠎ᠠ ᠶᠤᠮ᠃ ᠯᠧᠨᠢᠨ ᠤ ᠡᠮᠡᠭᠡ ᠶᠢᠨ ᠲᠤᠬᠠᠢ ᠪᠢᠴᠢᠭ ᠮᠠᠲ᠋ᠧᠷᠢᠶᠠᠯ ᠳᠤ | ᠳᠡᠮᠳᠡᠭᠯᠡᠭᠰᠡᠨ ᠨᠢ ᠲᠤᠩ ᠬᠤᠪᠤᠷ ᠪᠠᠶᠢᠨ᠎ᠠ᠂ ᠭᠡᠪᠡᠴᠦ ᠬᠠᠯᠢᠮᠠᠭᠴᠤᠳ ᠤᠨ ᠠᠷᠠᠳ ᠤᠨ ᠶᠠᠷᠢᠶᠠᠨ ᠳᠤ ᠡᠨᠡ ᠲᠤᠬᠠᠢ | ᠵᠤᠭᠤᠭ ᠶᠠᠷᠢᠶ᠎ᠠ ᠬᠠᠷᠢᠨ ᠮᠠᠰᠢ ᠤᠯᠠᠨ ᠤᠯᠠᠮᠵᠢᠯᠠᠭᠳᠠᠵᠤ ᠪᠠᠶᠢᠨ᠎ᠠ᠂ ᠳᠡᠭᠦᠨ ᠤ ᠳᠤᠳᠤᠷᠠᠬᠢ ᠨᠢᠭᠡ ᠨᠢ ᠳᠠᠷᠤᠢ | ᠠᠷᠪᠠᠨ ᠰᠠᠷ᠎ᠠ ᠶᠢᠨ ᠬᠤᠪᠢᠰᠬᠠᠯ ᠤᠨ ᠦᠶ᠎ᠡ ᠪᠠᠷ ᠨᠢᠭᠡ ᠬᠠᠯᠢᠮᠠᠭ ᠨᠦᠬᠦᠷ ᠯᠧᠨᠢᠨ ᠲᠠᠢ ᠠᠭᠤᠯᠵᠠᠬᠤ ᠪᠠᠷ | ᠤᠴᠢᠭᠰᠠᠨ ᠳᠤ᠂ ᠯᠧᠨᠢᠨ ᠳᠡᠭᠦᠨ ᠢ ᠰᠦ ᠲᠠᠢ ᠴᠠᠢ ᠪᠠᠷ ᠵᠤᠴᠢᠯᠠᠵᠠᠢ᠃ ᠳᠡᠷᠡ ᠨᠦᠬᠦᠷ ᠶᠡᠭᠡ ᠰᠤᠨᠢᠷᠬᠠᠨ ᠯᠧᠨᠢᠨ | ᠠᠴᠠ᠄ ︽ᠲᠠ ᠶᠠᠭᠠᠬᠢᠭᠠᠳ ᠡᠶᠢᠮᠦ ᠴᠠᠢ ᠤᠤᠭᠤᠵᠤ ᠳᠠᠰᠤᠭᠰᠠᠨ ᠪᠤᠢ︖︾ ᠭᠡᠵᠦ ᠠᠰᠠᠭᠤᠭᠰᠠᠨ ᠳᠤ᠂ ᠯᠧᠨᠢᠨ | ᠲᠤᠩ ᠤᠷᠮ᠎ᠠ ᠪᠠᠭ᠋ᠠᠳᠠᠢ ᠪᠠᠷ᠄ ︽ᠮᠢᠨᠤ ᠡᠮᠡᠭᠡ ᠪᠤᠯ ᠬᠠᠯᠢᠮᠠᠭ ᠬᠦᠮᠦᠨ ᠪᠤᠯᠤᠨ᠎ᠠ᠂ ᠡᠶᠢᠮᠦ ᠠᠴᠠ ᠮᠠᠨ ᠤ ᠭᠡᠷ ᠤᠨ | ᠬᠢᠨ ᠪᠦᠷ ᠰᠦ ᠲᠠᠢ ᠴᠠᠢ ᠤᠤᠭᠤᠬᠤ ᠵᠠᠩᠰᠢᠯ ᠲᠠᠢ ᠶᠤᠮ︾ ᠭᠡᠰᠡᠨ ᠭᠡᠨ᠎ᠡ᠃ ᠢᠩᠭᠢᠭᠡᠳ ᠵᠠᠭᠤᠭᠠᠳ ᠵᠢᠯ ᠤᠨ | ᠲᠤᠷᠰᠢᠳᠠ ᠬᠠᠯᠢᠮᠠᠭ ᠮᠤᠩᠭᠤᠯ ᠤᠨ ᠲᠤᠮᠳᠠ ︽ᠠᠭᠤᠤ ᠶᠡᠭᠡ ᠯᠧᠨᠢᠨ ᠤ ᠴᠢᠰᠤᠨ ᠳᠤᠳᠤᠷ᠎ᠠ ᠮᠠᠨ ᠤ ᠦᠨᠳᠦᠰᠦᠳᠡᠨ | ᠤ ᠴᠢᠰᠤ ᠤᠷᠤᠰᠴᠤ ᠪᠠᠶᠢᠨ᠎ᠠ︾ ᠭᠡᠰᠡᠨ ᠶᠠᠷᠢᠶ᠎ᠠ ᠤᠯᠠᠮᠵᠢᠯᠠᠭᠳᠠᠨ ᠶᠠᠷᠢᠭᠳᠠᠬᠤ ᠪᠤᠯᠤᠭᠰᠠᠨ ᠪᠠᠶᠢᠨ᠎ᠠ ︹17︺᠃ ︵ | ᠦᠷᠭᠦᠯᠵᠢᠯᠡᠯ ᠪᠤᠢ︶ | | | ᠬᠤᠳᠤᠷᠠᠩᠭ᠎ᠠ ᠵᠤᠬᠢᠶᠠᠪᠠ᠃ | | ︽ᠳᠤᠷᠠᠰᠤᠯ ᠳᠤ ᠮᠦᠩᠬᠡᠷᠡᠬᠦ ᠬᠤᠷᠸ᠎ᠠ︾ ︵ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ | ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ 2014 ᠤᠨ ᠤ 3 ᠰᠠᠷ᠎ᠠ ᠶᠢᠨ ᠠᠩᠬᠠᠳᠤᠭᠠᠷ ᠬᠡᠪ︶ | ᠭᠡᠬᠦ ᠨᠤᠮ ᠠᠴᠠ ᠰᠤᠩᠭᠤᠪᠠ᠃ |