ᠶᠢᠰᠦ᠂ ᠬᠠᠷᠠᠴᠢᠨ ᠸᠠᠩ ᠭᠦᠩᠰᠡᠩᠨᠤᠷᠪᠤ ᠶᠢᠨ ᠵᠢᠭᠡ ᠦᠬᠢᠨ ᠮᠠᠨᠯᠢᠨ | | ᠲᠤᠷᠭᠤᠳ ᠭᠦᠩᠵᠦ ᠮᠠᠨᠯᠢᠨ ᠤ ᠲᠦᠷᠦᠭᠰᠡᠨ ᠡᠬᠡ ᠡᠦ ᠵᠢᠩ ᠪᠢᠨ ᠪᠤᠯ ᠦᠪᠦᠷ ᠮᠤᠩᠭᠤᠯ ᠤᠨ ᠤᠤᠯ ᠤᠨ | ᠵᠤᠰᠤᠳᠤ ᠶᠢᠨ ᠴᠢᠭᠤᠯᠭᠠᠨ ᠤ ᠬᠠᠷᠠᠴᠢᠨ ᠪᠠᠷᠠᠭᠤᠨ ᠭᠠᠷᠤᠨ ᠬᠤᠰᠢᠭᠤ᠂ ᠦᠨᠦ ᠶᠢᠨ ᠤᠯᠠᠭᠠᠨᠬᠠᠳᠠ ᠬᠤᠳᠠ ᠶᠢᠨ | ᠬᠠᠷᠠᠴᠢᠨ ᠬᠤᠰᠢᠭᠤ ᠶᠢᠨ ᠴᠢᠨ ᠸᠠᠩ ᠭᠦᠩᠰᠡᠩᠨᠤᠷᠪᠤ ᠶᠢᠨ ᠬᠤᠶᠠᠳᠤᠭᠠᠷ ᠳᠠᠳᠠᠪᠤᠷᠢ ᠠᠴᠠ ᠲᠦᠷᠦᠭᠰᠡᠨ ᠦᠬᠢᠨ᠃ | ᠭᠡᠷ ᠨᠤᠳᠤᠭ ᠨᠢ ᠮᠦᠨ ᠬᠠᠷᠠᠴᠢᠨ ᠪᠠᠷᠠᠭᠤᠨ ᠭᠠᠷᠤᠨ ᠬᠤᠰᠢᠭᠤᠨ ᠤ ᠮᠤᠵᠠᠩ ᠳᠠᠪᠠᠭ᠎ᠠ ᠶᠢᠨ ᠴᠠᠮᠠᠯᠠᠬᠠᠢ ᠳᠠᠬᠢ ᠸᠠᠩ | ᠵᠢᠶᠠ ᠳ᠋ᠢᠶᠠᠨ ᠤ ᠵᠢᠢ ᠰᠢᠶᠠᠩ ᠵᠤᠸᠠᠩ ᠲᠤᠰᠬᠤᠨ ᠤ ᠬᠦᠮᠦᠨ᠂ ᠪᠠᠢ ᠣᠪᠤᠭᠳᠠᠢ᠂ ᠵᠢᠢ ᠡᠯ ᠭᠡᠰᠡᠨ ᠨᠡᠷ᠎ᠡ ᠲᠠᠢ᠂ | ᠶᠡᠷᠦ ᠳᠡᠭᠡᠨ ᠪᠠᠢ ᠭᠦᠨᠢᠶᠠᠩ ᠭᠡᠨ᠎ᠡ ︹17︺᠃ ᠪᠠᠢ ᠭᠦᠨᠢᠶᠠᠩ ᠤᠨ ᠠᠷᠪᠠᠨ ᠬᠤᠶᠠᠷ ᠨᠠᠰᠤᠨ᠎ᠠ ᠭᠦᠩ ᠸᠠᠩ ᠤᠨ | ᠤᠷᠳᠤᠨ᠎ᠠ ᠢᠷᠡᠵᠦ ᠭᠦᠩ ᠸᠠᠩ ᠤᠨ ᠹᠦᠵᠢᠨ ᠬᠠᠳᠤᠨ ᠱᠠᠨ ᠭᠦᠨ ᠢ ᠰᠤᠪᠢᠯᠠᠬᠤ ᠵᠠᠷᠤᠴᠠ ᠬᠡᠦᠬᠡᠨ ᠪᠤᠯᠵᠠᠢ᠃ | ᠤᠷᠳᠤᠨ ᠤ ᠳᠤᠳᠤᠷ᠎ᠠ ᠳᠡᠭᠦᠨ ᠢ ᠤᠪᠤᠭ ᠢᠶᠠᠷ ᠨᠢ ︽ᠪᠠᠢ ᠭᠦᠨᠢᠶᠠᠩ︾ ᠭᠡᠳᠡᠭ᠃ ᠲᠤᠬᠠᠢ ᠶᠢᠨ ᠤᠷᠳᠤᠨ ᠤ | ᠲᠦᠷᠪᠡᠨ ᠰᠠᠶᠢᠬᠠᠨ ᠬᠡᠦᠬᠡᠨ ᠤ ᠬᠠᠮᠤᠭ ᠤᠨ ᠭᠤᠶᠤ ᠬᠡᠬᠡᠨᠴᠢᠷ ᠨᠢ ᠪᠠᠶᠢᠪᠠ᠃ ᠳᠡᠭᠦᠨ ᠤ ᠮᠡᠯᠮᠡᠯᠵᠡᠬᠦ ᠬᠤᠶᠠᠷ ᠨᠢᠳᠦ | ᠨᠢ ᠬᠤᠪᠢ ᠶᠢᠨ ᠭᠠᠳᠠᠨ᠎ᠠ ᠭᠤᠶᠤ ᠰᠠᠶᠢᠬᠠᠨ ᠪᠠᠶᠢᠳᠠᠭ ᠭᠡᠨ᠎ᠡ᠃ 16 ᠨᠠᠰᠤᠨ᠎ᠠ ᠳᠠᠰᠤᠷᠬᠠᠢ ᠰᠠᠶᠢᠬᠠᠨ ᠬᠡᠦᠬᠡᠨ | ᠪᠤᠯᠵᠤ ᠭᠦᠩ ᠸᠠᠩ ᠤᠨ ᠬᠠᠶᠢᠷ᠎ᠠ ᠶᠢ ᠳᠠᠳᠠᠵᠠᠢ᠃ | ᠡᠨᠡ ᠦᠶ᠎ᠡ ᠳᠤ ᠭᠦᠩ ᠸᠠᠩ᠂ ᠱᠠᠨ ᠭᠦᠨ ᠠᠴᠠ ᠭᠠᠳᠠᠨ᠎ᠠ ᠬᠤᠶᠠᠷ ᠬᠠᠳᠤᠨ ᠲᠠᠢ ᠬᠦᠦ ᠦᠭᠡᠢ᠃ ᠱᠠᠨ | ᠭᠦᠨ ᠨᠢᠭᠡ ᠭᠦᠦ ᠲᠦᠷᠦᠭᠰᠡᠨ ᠴᠦ ᠤᠢ ᠳᠤᠯᠬᠤ ᠠᠴᠠ ᠪᠠᠨ ᠡᠮᠦᠨ᠎ᠡ ᠭᠡᠭᠡᠭᠳᠡᠵᠠᠢ᠃ ᠭᠦᠩ ᠸᠠᠩ ᠭᠦᠦ ᠲᠠᠢ | ᠪᠤᠯᠬᠤ ᠶᠢ ᠡᠳᠦᠷ ᠤᠨ ᠬᠤᠭᠤᠯᠠ᠂ ᠰᠦᠨᠢ ᠶᠢᠨ ᠵᠡᠭᠦᠳᠦᠨ ᠳᠤ ᠬᠦᠰᠡᠵᠦ ᠪᠠᠶᠢᠳᠠᠯ᠎ᠠ ᠭᠦᠩ ᠸᠠᠩ᠂ ᠪᠠᠢ ᠭᠦᠨᠢᠶᠠᠩ | ᠵᠡᠷᠭᠡ ᠪᠠᠷ ᠭᠡᠷ ᠳᠤᠳᠤᠷ᠎ᠠ ᠨᠢ ᠨᠠᠷᠠ ᠮᠠᠨᠳᠤᠵᠤ ᠢᠷᠡᠯ᠎ᠡ ᠭᠡᠵᠦ ᠵᠡᠭᠦᠳᠦᠯᠡᠨ ᠪᠠᠢ ᠭᠦᠨᠢᠶᠠᠩ ᠵᠢᠷᠮᠦᠰᠦᠯᠡᠭᠰᠡᠨ ᠳᠤ᠂ | ᠱᠠᠨ ᠭᠦᠨ ᠰᠤᠨᠤᠰᠤᠭᠠᠳ ᠶᠡᠬᠡᠯ᠎ᠡ ᠪᠠᠶᠠᠷᠯᠠᠵᠤ ᠪᠠᠢ ᠭᠦᠨᠢᠶᠠᠩ ᠢ ᠸᠠᠩ ᠳᠤ ᠳᠠᠳᠠᠪᠤᠷᠢ ᠪᠤᠯᠭᠠᠬᠤ ᠶᠢ ᠵᠦᠪᠳᠡᠪᠡ᠃ | ᠭᠦᠩ ᠸᠠᠩ᠂ ᠪᠠᠢ ᠭᠦᠨᠢᠶᠠᠩ ᠳᠤ ᠮᠠᠰᠢ ᠬᠠᠶᠢᠷᠠᠳᠠᠢ ᠲᠤᠯᠠ ᠪᠠᠶᠠᠷᠯᠠᠵᠤ ᠳᠡᠭᠦᠨ ᠢ ᠬᠦᠦ ᠲᠠᠢ ᠪᠤᠯᠪᠠᠯ ᠹᠦᠵᠢᠨ | ᠪᠤᠯᠭᠠᠶ᠎ᠠ ᠭᠡᠵᠦ ᠳᠠᠩᠭᠠᠷᠢᠭᠯᠠᠪᠠ︹18︺᠃ | ᠭᠦᠩ ᠸᠠᠩ᠂ ᠪᠠᠢ ᠭᠦᠨᠢᠶᠠᠩ ᠬᠤᠶᠠᠭᠤᠯᠠ ᠶᠠᠭ ᠴᠢᠩ ᠤᠯᠤᠰ ᠤᠨ ᠭᠤᠷᠪᠠᠨ ᠦᠶ᠎ᠡ ᠶᠢᠨ ᠬᠠᠭᠠᠨ ᠢ | ᠲᠦᠰᠢᠭ ᠲᠤᠯᠭᠠᠭᠤᠷᠢᠯᠠᠭᠰᠠᠨ ᠬᠤᠷᠴᠢᠨ ᠬᠡᠦᠬᠡᠨ ᠮᠤᠩᠭᠤᠯ ᠬᠤᠸᠠᠩᠬᠡᠦ — ᠪᠦᠮᠪᠡᠳᠠᠢ ᠶᠢᠨ ᠵᠡᠭᠦᠳᠦ | ᠮᠠᠨᠠᠭᠰᠠᠨᠴᠢᠯᠠᠨ ᠬᠦᠦ ᠲᠠᠢ ᠪᠤᠯᠬᠤ ᠶᠢ ᠬᠦᠰᠡᠨ ᠬᠦᠰᠡᠨ ᠬᠦᠯᠢᠶᠡᠵᠦ ᠮᠦᠷᠦᠭᠡᠳᠦᠨ ᠪᠠᠶᠢᠳᠠᠯ᠎ᠠ ᠪᠠᠢ ᠭᠦᠨᠢᠶᠠᠩ ᠵᠢᠢ | ᠡᠯ 1914 ᠤᠨ ᠤ 7 ᠰᠠᠷ᠎ᠠ ᠶᠢᠨ 1 ᠤ ᠡᠳᠦᠷ ᠴᠢᠩ ᠤᠯᠤᠰ ᠤᠨ ᠨᠡᠶᠢᠰᠯᠡᠯ ᠪᠡᠭᠡᠵᠢᠩ ᠤᠨ ᠵᠢᠨᠱᠠᠨ ᠴᠡᠴᠡᠷᠯᠢᠭ | ᠤᠨ ᠠᠷᠤ ᠶᠢᠨ ᠳᠠᠶᠢᠫᠢᠩ ᠵᠡᠭᠡᠯᠢ ᠳᠠᠬᠢ ᠭᠦᠩᠰᠠᠩᠨᠤᠷᠪᠤ ᠴᠢᠨ ᠸᠠᠩ ᠤᠨ ᠤᠷᠳᠤᠨ ᠳᠤ ᠬᠦᠩᠭᠡᠵᠢᠭᠰᠡᠨ ᠨᠢ ᠬᠦᠦ | ᠪᠢᠰᠢ᠂ ᠬᠠᠷᠢᠨ ᠦᠬᠢᠨ ᠪᠠᠶᠢᠵᠠᠢ᠃ | ᠱᠠᠨ ᠭᠦᠨ ᠬᠡᠦᠬᠡᠨ ᠬᠡᠰᠡᠨ ᠢ ᠰᠤᠨᠤᠰᠤᠭᠠᠳ ︽ᠭᠤᠷᠪᠠᠨ ᠡᠳᠦᠷ ᠲᠤ ᠬᠦᠦ ᠪᠠᠨ ᠳᠤᠰᠢᠶᠠ᠂ ᠳᠡᠭᠡᠬᠦ | ᠦᠭᠡᠢ ᠪᠤᠯ ᠠᠮᠢᠳᠤᠷᠠᠨ᠎ᠠ ᠭᠡᠵᠦ ᠪᠤᠤ ᠰᠠᠨᠠ︕︾ ︹19︺ᠭᠡᠵᠦ ᠵᠠᠷᠯᠢᠭ ᠳᠠᠮᠵᠢᠭᠤᠯᠪᠠ᠃ | ᠬᠦᠭᠡᠷᠦᠬᠦᠢ︕ ᠪᠠᠢ ᠭᠦᠨᠢᠶᠠᠩ — ᠵᠢᠢ ᠡᠯ᠂ ᠱᠠᠨ ᠭᠦᠨ ᠠᠴᠠ ᠠᠶᠤᠨ ᠡᠮᠢᠶᠡᠭᠰᠡᠭᠡᠷ ᠮᠡᠳᠡᠭᠡ ᠨᠢ | ᠪᠠᠯᠠᠷᠠᠵᠤ ᠬᠡᠰᠡᠭ ᠢᠨᠢᠶᠡᠵᠦ ᠬᠡᠰᠡᠭ ᠤᠬᠢᠯᠠᠬᠤ ᠪᠠ ᠭᠡᠩᠰᠢᠨ ᠳᠠᠭᠤᠯᠠᠬᠤ ᠪᠤᠯᠪᠠ᠃ ᠱᠠᠨ ᠭᠦᠨ ᠵᠠᠷᠯᠢᠭ ᠪᠠᠭᠤᠯᠭᠠᠵᠤ | ᠪᠠᠢ ᠭᠦᠨᠢᠶᠠᠩ ᠢ ᠠᠷᠤ ᠬᠦᠷᠢᠶᠡᠨ ᠳᠤ ᠬᠤᠷᠢᠭᠠᠳ ᠬᠠᠷᠠᠭᠤᠯ ᠮᠠᠨᠠᠭ᠎ᠠ ᠵᠤᠭᠰᠤᠭᠠᠭᠰᠠᠨ ᠠᠴᠠ ᠭᠦᠩ ᠸᠠᠩ ᠴᠦ | ᠤᠴᠠᠷᠠᠬᠤ ᠲᠤᠬᠢᠶᠠᠯ ᠦᠭᠡᠢ ᠪᠤᠯᠪᠠ᠃ | ᠤᠯᠠᠨ ᠤ ᠮᠡᠳᠡᠭᠡᠵᠢ ᠪᠠᠷ ᠱᠠᠨ ᠭᠦᠨ ᠪᠣᠯ ᠴᠢᠩ ᠤᠯᠤᠰ ᠤᠨ ᠲᠦᠷᠦ ᠶᠢᠨ ᠰᠦ᠋ ᠴᠢᠨ ᠸᠠᠩ ᠤᠨ ᠬᠡᠦᠬᠡᠨ | ᠳᠡᠭᠦᠦ᠂ ᠳᠡᠭᠦᠨ ᠲᠠᠢ ᠬᠡᠨ ᠴᠦ ᠬᠠᠯᠳᠠᠵᠤ ᠴᠢᠳᠠᠬᠤ ᠦᠭᠡᠢ᠃ ᠲᠡᠷᠡ ᠪᠠᠢ ᠭᠦᠨᠢᠶᠠᠩ ᠢ ᠠᠷᠤ ᠬᠦᠷᠢᠶᠡᠨ ᠳᠤ | ᠬᠤᠷᠢᠭᠠᠳ᠄ ︽ᠲᠡᠷᠡ ᠦᠬᠦᠯ ᠳᠠᠭᠠᠷᠢᠭᠰᠠᠨ ᠵᠤᠯᠵᠠᠭ᠎ᠠ ᠪᠠᠷ ᠴᠢᠨ᠋ᠸ᠎ᠠ ᠳᠡᠵᠢᠭᠡ︾ ᠭᠡᠵᠦ ᠤᠯᠠᠭᠠᠨ ᠨᠢᠯᠬ᠎ᠠ ᠶᠢ ᠨᠢ | ᠬᠠᠷᠢᠶᠠᠨ ᠭᠠᠯᠵᠠᠭᠤᠷᠠᠵᠤ ᠪᠠᠶᠢᠭᠰᠠᠨ ᠪᠦᠭᠡᠳ ᠪᠠᠢ ᠭᠦᠨᠢᠶᠠᠩ᠂ ᠱᠠᠨ ᠭᠦᠨ ᠤ ᠬᠠᠯᠠ ᠳᠠᠮᠤᠯᠠᠯ ᠢ ᠳᠠᠭᠠᠭᠠᠭᠰᠠᠨ | ᠦᠭᠡᠢ ᠬᠦᠩᠭᠡᠵᠢᠭᠰᠡᠨ ᠤ ᠳᠠᠷᠠᠭᠠᠬᠢ ᠳᠤᠯᠤᠭᠠᠨ ᠬᠤᠨᠤᠭ ᠳᠡᠭᠡᠷ᠎ᠡ ᠪᠠᠨ ᠤᠷᠴᠢᠯᠠᠩ ᠠᠴᠠ ᠰᠠᠯᠵᠠᠢ︹20︺᠃ | ᠡᠵᠢ ᠠᠴᠠ ᠪᠠᠨ ᠦᠨᠦᠴᠢᠷᠡᠨ ᠬᠤᠴᠤᠷᠤᠭᠰᠠᠨ ᠡᠨᠡ ᠬᠦ ᠤᠯᠠᠭᠠᠨ ᠨᠢᠯᠬ᠎ᠠ ᠬᠡᠦᠬᠡᠨ ᠡᠵᠢ ᠶᠢᠨ ᠢᠶᠠᠨ ᠠᠩᠭᠢᠷ | ᠤᠭᠤᠷᠠᠭ ᠢ ᠴᠦ ᠤᠯᠵᠤ ᠠᠮᠳᠠᠯᠠᠭᠰᠠᠨ ᠦᠭᠡᠢ᠃ ︽ᠳᠡᠭᠦᠨ ᠤ ᠤᠯᠠᠭᠠᠨ ᠨᠢᠯᠬ᠎ᠠ ᠶᠢᠨ ᠠᠮᠢᠳᠤᠷᠠᠯ ᠨᠢ ᠪᠠᠭᠠᠯ | ᠨᠤᠬᠠᠢ ᠶᠢ ᠴᠦ ᠬᠦᠷᠬᠦ ᠦᠭᠡᠢ᠃ ᠲᠦᠷᠪᠡᠨ ᠨᠠᠰᠤᠳᠠᠢ ᠵᠢᠩ ᠪᠢᠨ ᠢᠶᠠᠷ ᠱᠠᠨ ᠭᠦᠨ ᠵᠤᠨ ᠰᠠᠯᠬᠢ ᠳᠡᠪᠢᠭᠦᠷᠳᠡᠭᠦᠯᠵᠦ | ᠂ ᠡᠪᠦᠯ ᠬᠦᠯ ᠤᠭᠢᠶᠠᠬᠤ ᠤᠰᠤ ᠵᠦᠭᠡᠭᠡᠯᠭᠡᠵᠦ᠂ ᠨᠢᠭᠤᠷ ᠨᠢᠳᠦ ᠦᠭᠡᠢ ᠴᠤᠬᠢᠵᠤ ᠬᠠᠷᠢᠶᠠᠨ᠂ ᠵᠡᠭᠦᠦ ᠪᠠᠷ ᠰᠢᠪᠡᠵᠦ | ᠪᠠᠶᠢᠯ᠎ᠠ ᠁︾ ︹21︺ᠭᠡᠰᠡᠨ᠃ | ᠦᠨᠦᠴᠢᠨ ᠪᠠᠭ᠎ᠠ ᠵᠢᠩ ᠪᠢᠨ ᠢ ᠭᠦᠩ ᠸᠠᠩ ᠤᠨ ᠬᠤᠶᠠᠳᠤᠭᠠᠷ ᠬᠠᠳᠤᠨ ᠬᠦᠭᠡᠷᠦᠬᠦᠶᠢᠯᠡᠨ ᠭᠠᠷ ᠳᠡᠭᠡᠷ᠎ᠡ | ᠪᠠᠨ ᠠᠪᠤᠭᠰᠠᠨ᠂ ᠱᠠᠨ ᠭᠦᠨ ᠬᠤᠶᠠᠳᠤᠭᠠᠷ ᠬᠠᠳᠤᠨ ᠬᠢᠭᠡᠳ ᠵᠢᠩ ᠪᠢᠨ ᠢ ᠠᠷᠤ ᠬᠦᠷᠢᠶᠡᠨ ᠳᠤ ᠪᠠᠨ ᠴᠤᠭᠭᠠᠷ | ᠬᠤᠷᠢᠭᠠᠳ ᠭᠠᠷᠭᠠᠬᠤ ᠦᠭᠡᠢ ᠪᠤᠯᠪᠠ᠃ ᠭᠡᠳᠡᠷᠭᠦ ᠳᠤ ᠪᠠᠨ ︽ᠡᠨᠡ ᠬᠡᠦᠬᠡᠨ ᠢ ᠮᠢᠨᠤ ᠨᠢᠳᠦ ᠴᠢᠬᠢ ᠠᠴᠠ ᠳᠠᠯᠳᠠ | ᠪᠤᠯᠭ᠎ᠠ︾ ᠭᠡᠵᠦ ᠵᠠᠷᠯᠢᠭᠳᠠᠨ ᠪᠠᠶᠢᠯ᠎ᠠ᠃ ᠨᠢᠯᠬ᠎ᠠ ᠪᠠᠭ᠎ᠠ ᠵᠢᠩ ᠪᠢᠨ ᠤᠴᠢᠷ ᠤᠬᠠᠭᠠᠨ ᠢ ᠲᠦᠰᠦᠪᠯᠡᠵᠦ ᠬᠤᠶᠠᠳᠤᠭᠠᠷ | ᠬᠠᠳᠤᠨ ᠳᠤ᠄ ︽ᠨᠠᠮᠠᠢᠢ ᠳᠡᠳᠡᠨ ᠳᠤ ᠳᠤᠰᠢᠶᠠᠴᠢᠬᠠ︾ ᠭᠡᠵᠦ ᠭᠤᠶᠤᠨ ᠬᠤᠶᠠᠳᠤᠭᠠᠷ ᠬᠠᠳᠤᠨ ᠢ | ᠬᠤᠯᠪᠤᠭᠳᠠᠭᠤᠯᠤᠨ ᠵᠤᠪᠠᠭᠠᠵᠤ ᠪᠠᠶᠢᠬᠤ ᠳᠤ ᠲᠤᠩ ᠰᠠᠨᠠᠭ᠎ᠠ ᠰᠡᠳᠬᠢᠯ ᠪᠤᠯᠵᠤ ᠪᠠᠶᠢᠭᠰᠠᠨ ᠭᠡᠨ᠎ᠡ᠃ | ᠭᠦᠩ ᠸᠠᠩ ᠤᠯᠠᠭᠠᠨ ᠨᠢᠯᠬ᠎ᠠ ᠬᠡᠦᠬᠡᠨ ᠤ ᠪᠠᠨ ᠳᠠᠮᠤᠯᠠᠭᠳᠠᠨ ᠬᠤᠤᠷ ᠠᠮᠰᠠᠵᠤ ᠪᠠᠶᠢᠬᠤ ᠶᠢ ᠦᠵᠡᠵᠦ | ᠰᠤᠨᠤᠰᠤᠭᠠᠳ ᠳᠡᠰᠬᠦ ᠦᠭᠡᠢ ᠵᠢᠷᠦᠬᠡ ᠨᠢ ᠰᠢᠮᠰᠢᠷᠡᠨ ᠳᠤᠯᠤᠭᠠᠨ ᠨᠠᠰᠤᠳᠠᠢ ᠳᠤ ᠨᠢ ᠨᠤᠳᠤᠭ ᠲᠤᠨᠢ ᠰᠠᠭᠤᠭ᠎ᠠ | ᠤᠪᠤᠭ ᠨᠢᠭᠡᠳᠡᠨ ᠱᠢ ᠵᠦᠩ ᠾᠧ ᠶᠢᠨ ᠳᠤ ᠬᠦᠷᠭᠡᠵᠦ ᠴᠢᠨ᠋ᠸ᠎ᠠ ᠶᠢᠨ ᠠᠮᠠᠨ ᠠᠴᠠ ᠰᠠᠯᠭᠠᠪᠠ᠃ ᠡᠨᠡ ᠦᠶ᠎ᠡ ᠳᠤ | ᠱᠠᠨ ᠭᠦᠨ ᠮᠦᠨ ︽ᠡᠨᠡ ᠦᠬᠦᠯ ᠳᠠᠭᠠᠷᠢᠭᠰᠠᠨ ᠬᠡᠦᠬᠡᠨ ᠬᠡᠷᠪᠡ ᠬᠦᠮᠦᠨ ᠲᠦᠷᠢ ᠲᠠᠢ ᠪᠤᠯᠴᠢᠬᠠᠪᠠᠯ ᠪᠢ ᠬᠤᠶᠠᠷ | ᠨᠢᠳᠦ ᠪᠠᠨ ᠤᠬᠤᠵᠤ ᠬᠠᠶᠠᠨ᠎ᠠ︾ ᠭᠡᠵᠦ ᠬᠤᠶᠢᠨ᠎ᠠ ᠠᠴᠠ ᠨᠢ ᠬᠠᠷᠢᠶᠠᠵᠤ ᠪᠠᠶᠢᠪᠠ᠃ ᠱᠢ ᠵᠦᠩ ᠾᠧ ᠪᠡᠭᠡᠵᠢᠩ | ᠳᠤ ᠨᠡᠭᠦᠵᠦ ᠰᠠᠭᠤᠭᠰᠠᠨᠠ᠂ ᠭᠦᠩ ᠸᠠᠩ ᠳᠡᠳᠡᠨ ᠤ ᠳᠤ ᠮᠤᠷᠢᠯᠠᠨ ᠬᠦᠷᠴᠦ ᠦᠬᠢᠨ ᠢᠶᠠᠨ ᠬᠠᠯᠠᠭᠤᠨ ᠡᠯᠢᠭᠡᠨ ᠳᠤ | ᠪᠠᠨ ᠳᠡᠪᠡᠷᠢᠵᠦ ᠤᠬᠢᠯᠠᠨ᠄ ︽ᠬᠡᠦᠬᠡᠨ ᠮᠢᠨᠢ᠂ ᠡᠨᠡ ᠪᠦᠬᠦᠨ ᠴᠦᠮ ᠠᠷᠭ᠎ᠠ ᠦᠭᠡᠢ ᠳᠤ ᠪᠠᠨ ᠶᠤᠮ᠂ ᠠᠪᠤ ᠨᠢ | ᠴᠢᠮ᠎ᠠ ᠶᠢ ᠪᠢᠴᠢᠭ ᠦᠵᠡᠭᠦᠯᠦᠶ᠎ᠡ᠂ ᠶᠤᠰᠤ ᠵᠦᠢ ᠮᠡᠳᠡᠭᠦᠯᠵᠦ ᠰᠤᠷᠭᠠᠶ᠎ᠠ︾︹21︺ ᠭᠡᠪᠡ᠃ ᠵᠢᠩ ᠪᠢᠨ ᠠᠷᠪᠠᠨ | ᠭᠤᠷᠪᠠ ᠨᠠᠰᠤᠯᠠᠭᠠᠳ ᠰᠠᠶ᠋ᠢ ᠠᠪᠤ ᠶᠢᠨ ᠬᠠᠶᠢᠷ᠎ᠠ ᠶᠢ ᠮᠡᠳᠡᠵᠦ ᠠᠪᠤ ᠶᠢᠨ ᠢᠶᠠᠨ ᠬᠠᠯᠠᠭᠤᠨ ᠡᠯᠢᠭᠡᠨ ᠳᠤ | ᠪᠦᠪᠡᠶᠢᠯᠡᠭᠳᠡᠭᠰᠡᠨ ᠨᠢ ᠡᠨᠡ ᠪᠠᠶᠢᠨ᠎ᠠ᠃ | ᠦᠨᠦᠴᠢᠨ ᠪᠠᠭ᠎ᠠ ᠵᠢᠩ ᠪᠢᠨ ᠪᠡᠭᠡᠵᠢᠩ ᠪᠠ ᠬᠠᠷᠠᠴᠢᠨ ᠬᠤᠰᠢᠭᠤᠨ ᠤ ᠬᠤᠭᠤᠷᠤᠨᠳᠤ ᠬᠡᠳᠦᠨ ᠵᠢᠯ ᠲᠦᠷᠦᠯ | ᠰᠠᠳᠤᠨ ᠢᠶᠠᠷ ᠢᠶᠠᠨ ᠦᠨᠦᠴᠢᠷᠡᠨ ᠲᠡᠨᠦᠭᠦᠴᠢᠯᠡᠵᠦ ᠬᠠᠳᠠᠭᠤᠵᠢᠨ ᠳᠠᠪᠳᠠᠭᠳᠠᠵᠤ ᠦᠭᠡᠯᠠᠢ ᠪᠤᠯᠤᠯ᠎ᠠ᠃ 1930 ᠤᠨ | ᠳᠤ ᠰᠢᠨᠵᠢᠶᠠᠩ ᠤᠨ ᠲᠤᠷᠭᠤᠳ ᠮᠤᠩᠭᠤᠯ ᠤᠨ ᠬᠠᠮᠤᠭ ᠰᠡᠭᠦᠯᠴᠢ ᠶᠢᠨ ᠬᠠᠨ ᠸᠠᠩ ᠮᠠᠨᠴᠤᠭᠵᠠᠪ ᠲᠤ ᠬᠠᠷᠢᠯᠠᠵᠤ | ᠮᠤᠷᠳᠠᠬᠤ ᠪᠤᠯᠪᠠ᠃ ᠤᠷᠤᠭ ᠳᠤᠷᠠᠳᠬᠤ ᠳᠤ 8000 ᠮᠦᠩᠭᠦᠨ ᠵᠤᠭᠤᠰ ᠤᠨ ᠰᠠᠭᠠᠯᠢ ᠶᠢᠨ ᠪᠡᠯᠡᠭ ᠲᠤᠰᠢᠶᠠᠵᠠᠢ᠃ | ᠭᠦᠩ ᠸᠠᠩ ᠬᠡᠦᠬᠡᠨ ᠢᠶᠠᠨ 42 ᠳᠡᠮᠡᠭᠡᠨ ᠠᠴᠢᠶ᠎ᠠ ᠶᠢᠨ ᠬᠦᠨᠳᠦ ᠪᠡᠯᠡᠭ ᠲᠠᠢ ᠮᠤᠷᠳᠠᠭᠤᠯᠵᠠᠢ᠃ | ᠡᠦ ᠵᠢᠩ ᠪᠢᠨ ︵ᠵᠢᠢ ᠡᠯ︶ ᠬᠠᠪᠤᠷ ᠤᠨ ᠡᠬᠢᠨ ᠰᠠᠷ᠎ᠠ ᠳᠤ ᠲᠦᠷᠦᠭᠰᠡᠨ ᠨᠤᠳᠤᠭ ᠤᠰᠤ ᠪᠠ ᠭᠡᠷ ᠪᠦᠯᠢ | ᠠᠴᠠ ᠪᠠᠨ ᠰᠠᠯᠵᠤ ᠪᠡᠭᠡᠵᠢᠩ ᠠᠴᠠ ᠰᠢᠪᠧᠷᠢᠶ᠎ᠠ᠂ ᠢᠯᠢ ᠪᠠᠷ ᠳᠠᠮᠵᠢᠨ 10 ᠰᠠᠷ᠎ᠠ ᠳᠤ ᠨᠢ ᠳ᠋ᠢ ᠬᠤᠸᠠ ︵ᠦᠷᠦᠮᠴᠢ | ︶ ᠳᠤ ᠬᠦᠷᠴᠦ ᠾᠧ ᠵᠢᠩ ᠳᠤ ᠮᠤᠩᠭᠤᠯ ᠬᠤᠷᠢᠮ ᠵᠠᠰᠠᠵᠠᠢ᠃ ᠬᠠᠳᠠᠮ ᠨᠢ ᠮᠧᠳᠡᠭ ︵ᠵᠤᠬᠢᠶᠠᠭᠴᠢ ᠮᠡᠳᠡᠳᠡᠭ ᠭᠡᠨ᠎ᠡ | ︶ ᠬᠦᠰᠢᠨᠠᠢ ᠭᠡᠰᠡᠨ ᠨᠡᠷ᠎ᠡ ᠱᠠᠩᠨᠠᠪᠠ᠃ | ᠡᠦ ᠵᠢᠩ ᠪᠢᠨ ᠬᠠᠯᠠᠭᠤᠨ ᠬᠠᠶᠢᠷᠠᠳᠤ ᠠᠪᠤ᠂ ᠠᠷᠤ ᠦᠪᠦᠷ ᠲᠤ ᠠᠯᠳᠠᠷ ᠴᠤᠤᠳᠠᠢ ᠨᠢᠭᠡᠨ ᠦᠶ᠎ᠡ ᠶᠢᠨ | ᠪᠤᠳᠤᠯᠭᠠᠳᠠᠨ᠂ ᠰᠤᠷᠭᠠᠨ ᠬᠦᠮᠦᠵᠢᠯᠳᠡᠨ᠂ ᠦᠨᠳᠦᠰᠦᠳᠡᠨ ᠤ ᠤᠮᠤᠭᠰᠢᠯ ᠪᠤᠯᠤᠭᠴᠢ ᠡᠴᠢᠭᠡ ᠭᠦᠩᠰᠡᠩᠨᠤᠷᠪᠤ ᠲᠠᠢ | ᠪᠠᠨ ᠳᠠᠬᠢᠨ ᠤᠯᠵᠤ ᠠᠭᠤᠯᠵᠠᠨ ᠬᠠᠯᠠᠭᠤᠨ ᠡᠯᠢᠭᠡᠨ ᠳᠤ ᠨᠢ ᠪᠦᠪᠡᠶᠢᠯᠡᠭᠳᠡᠬᠦ ᠠᠵᠠ ᠲᠤᠬᠢᠶᠠᠯ ᠤᠯᠤᠭᠰᠠᠨ ᠦᠭᠡᠢ᠃ | ᠳᠡᠭᠦᠨ ᠤ ᠬᠠᠷᠢ ᠳᠤ ᠮᠤᠷᠳᠠᠭᠰᠠᠨ ᠤ ᠳᠠᠷᠠᠭ᠎ᠠ ᠵᠢᠯ ᠨᠢ ᠠᠰᠠᠷᠠᠯᠳᠤ ᠠᠪᠤ ᠭᠦᠩᠰᠡᠩᠨᠤᠷᠪᠤ ᠨᠢ ᠳᠡᠭᠷᠢ ᠨᠠᠷᠠᠨ ᠳᠤ | ᠭᠠᠷᠴᠤ ᠳᠡᠷᠳᠡᠭᠡᠬᠢ ᠶᠢᠷᠳᠢᠨᠴᠦ ᠳᠤ ᠰᠢᠯᠵᠢᠪᠡ᠃ ᠡᠦ ᠵᠢᠩ ᠪᠢᠨ ᠬᠠᠷᠢ ᠬᠤᠯᠠ ᠰᠢᠨᠵᠢᠶᠠᠩ ᠳᠤ ᠢᠷᠡᠭᠡᠳ | ᠮᠤᠩᠭᠤᠯ ᠦᠭᠡ ᠪᠠᠨ ᠡᠬᠢᠯᠡᠨ ᠰᠤᠷᠴᠠᠢ᠃ | ᠡᠦ ᠵᠢᠩ ᠪᠢᠨ ᠡᠷᠡᠭᠳᠠᠢ ᠪᠠᠨ ᠳᠠᠭᠠᠵᠤ ᠳ᠋ᠢ ᠬᠤᠸᠠ ᠳᠤ ᠢᠷᠡᠭᠡᠳ 1935 ᠣᠨ ᠳᠤ ᠦᠬᠢᠳ ᠤᠨ | ᠰᠤᠷᠭᠠᠭᠤᠯᠢ ᠳᠤ ᠰᠤᠷᠤᠯᠴᠠᠪᠠ᠃ ᠰᠢᠨᠵᠢᠶᠠᠩ ᠳᠤ ᠬᠠᠷᠢᠯᠠᠭᠰᠠᠨ ᠡᠳᠦᠷ ᠠᠴᠠ ᠡᠬᠢᠯᠡᠨ ᠳᠡᠭᠦᠨ ᠤ ᠤᠷᠴᠢᠨ | ᠲᠤᠭᠤᠷᠢᠨ ᠠᠮᠢᠳᠤᠷᠠᠯ ᠳᠤ ᠰᠢᠨ᠎ᠡ ᠬᠤᠪᠢᠷᠠᠯᠳᠠ᠂ ᠵᠤᠯ ᠵᠢᠷᠭᠠᠯ ᠲᠠᠢ ᠪᠤᠯᠵᠠᠢ᠃ ᠢᠯᠠᠩᠭᠤᠶ᠎ᠠ ᠳ᠋ᠢ ᠬᠤᠸᠠ ᠶᠢᠨ | ᠦᠬᠢᠳ ᠤᠨ ᠰᠤᠷᠭᠠᠭᠤᠯᠢ ᠳᠤ ᠰᠤᠷᠤᠯᠴᠠᠭᠰᠠᠨ ᠨᠢ ᠲᠦᠢᠯ ᠤᠨ ᠶᠡᠭᠡ ᠰᠠᠶᠢᠨ ᠠᠵᠠ ᠲᠤᠬᠢᠶᠠᠯ ᠪᠤᠯᠵᠤ ᠤᠯᠠᠨ | ᠤᠯᠠᠨ ᠡᠪ ᠬᠠᠮᠳᠤ ᠨᠠᠮ ᠤᠨ ᠭᠡᠰᠢᠭᠦᠨ ᠲᠠᠢ ᠳᠠᠨᠢᠯᠴᠠᠨ ᠳᠡᠳᠡᠨ ᠤ ᠬᠠᠯᠠᠭᠤᠨ ᠬᠠᠪᠰᠤᠷᠤᠯᠭ᠎ᠠ ᠪᠠ ᠨᠦᠯᠦᠭᠡ ᠶᠢ | ᠭᠦᠨ ᠵᠤᠵᠠᠭᠠᠨ ᠬᠦᠷᠳᠡᠵᠦ ᠤᠯᠤᠰ ᠦᠨᠳᠦᠰᠦᠳᠡᠨ ᠢᠶᠠᠨ ᠬᠠᠶᠢᠷᠠᠯᠠᠨ ᠬᠦᠨᠳᠦᠳᠬᠡᠬᠦ ᠪᠠ ᠬᠦᠭᠵᠢᠭᠡᠨ ᠮᠠᠨᠳᠤᠭᠤᠯᠬᠤ | ᠶᠢᠷᠳᠢᠨᠴᠦ ᠶᠢᠨ ᠦᠵᠡᠯ ᠤᠨ ᠰᠠᠭᠤᠷᠢ ᠶᠢ ᠳᠠᠯᠪᠢᠪᠠ᠃ ᠳᠡᠭᠦᠨ ᠤ ᠠᠩᠬᠢ ᠶᠢᠨ ᠡᠷᠬᠢᠯᠡᠭᠴᠢ ᠨᠢ ᠬᠤᠸᠠᠩ ᠢ᠂ ᠡᠪ | ᠬᠠᠮᠳᠤ ᠨᠠᠮ ᠤ ᠬᠡᠰᠢᠭᠦᠨ᠂ ᠬᠢᠴᠢᠶᠡᠯ ᠬᠦᠮᠦᠵᠢᠯ ᠤᠨ ᠡᠷᠬᠢᠯᠡᠭᠴᠢ ᠨᠢ ᠵᠦ ᠳ᠋ᠠᠨ ᠬᠤᠸᠠ ᠪᠤᠯ ᠡᠷᠭᠦᠭᠳᠡᠭᠰᠡᠨ | ᠪᠠᠭᠠᠳᠤᠷ ᠮᠠᠤ ᠽᠧ ᠮᠢᠨ ᠤ ᠬᠠᠳᠤᠨ᠂ ᠪᠠᠭᠰᠢ ᠷᠧᠨ ᠶᠤᠸᠠᠨ ᠭᠤᠸᠠᠩ ᠨᠢ ᠷᠧᠨ ᠪᠢ ᠱᠢ ᠶᠢᠨ ᠠᠴᠢ ᠬᠡᠦᠬᠡᠨ᠂ | ᠳᠡᠳᠡᠨᠦᠰ ᠡᠦ ᠵᠢᠩ ᠪᠢᠨ ᠢ ᠶᠡᠭᠡ ᠳᠤᠭᠤᠵᠤ ᠠᠩᠬᠢ ᠶᠢᠨ ᠠᠵᠢᠯ ᠪᠦᠬᠦᠨ ᠢᠶᠠᠨ ᠳᠡᠭᠦᠨ ᠳᠤ ᠨᠠᠶᠢᠳᠠᠵᠤ ᠲᠤᠰᠢᠶᠠᠨ | ᠬᠢᠯᠭᠡᠳᠡᠭ ᠭᠡᠨ᠎ᠡ᠃ ᠢᠩᠭᠢᠭᠡᠳ ᠲᠡᠷᠡ ᠰᠤᠷᠭᠠᠭᠤᠯᠢ ᠶᠢᠨ ᠰᠤᠷᠤᠭᠴᠢ ᠶᠢᠨ ᠬᠤᠷᠠᠯ ᠤᠨ ᠳᠠᠷᠤᠭ᠎ᠠ᠂ ᠤᠬᠠᠭᠤᠯᠬᠤ | ᠭᠡᠰᠢᠭᠦᠨ ᠪᠠ ᠰᠢᠨᠵᠢᠶᠠᠩ ᠤᠨ ᠡᠮᠡᠭᠳᠠᠶᠢᠴᠤᠳ ᠤᠨ ᠬᠤᠯᠪᠤᠭ᠎ᠠ ᠶᠢᠨ ᠭᠡᠰᠢᠭᠦᠨ᠂ ᠰᠢᠨᠵᠢᠶᠠᠩ ᠠᠷᠠᠳ ᠤᠨ ᠡᠵᠡᠷᠬᠡᠭ | ᠲᠦᠷᠢᠮᠡᠬᠡᠶᠢᠳᠡᠨ ᠢ ᠡᠰᠡᠷᠭᠦᠴᠡᠬᠦ ᠬᠤᠯᠪᠤᠭᠠᠨ ᠤ ᠭᠡᠰᠢᠭᠦᠨ ᠵᠡᠷᠭᠡ ᠠᠵᠢᠯ ᠲᠤᠰᠢᠶᠠᠯ ᠲᠠᠢ ᠪᠠᠶᠢᠪᠠ᠃ ᠳᠡᠷᠡ ᠶᠠᠨ | ᠠᠨ ᠳᠤ ᠬᠦᠷᠴᠦ ᠬᠤᠪᠢᠰᠬᠠᠯ ᠬᠢᠬᠦ ᠭᠡᠰᠡᠨ ᠳᠤ᠂ ᠳᠡᠭᠦᠨ ᠤ ᠭᠡᠷ ᠪᠦᠯᠢ ᠶᠢᠨ ᠤᠨᠴᠠᠭᠠᠢ ᠭᠠᠷᠤᠯ ᠠᠴᠠ ᠪᠤᠯᠵᠤ | ᠬᠦᠰᠡᠯ ᠨᠢ ᠬᠦᠰᠡᠷᠳᠡᠪᠡ᠃ | ᠡᠦ ᠵᠢᠩ ᠪᠢᠨ᠂ ᠡᠷ᠎ᠡ ᠨᠦᠬᠦᠷ ᠮᠠᠨᠴᠤᠭᠵᠠᠪ ᠲᠠᠢ ᠪᠠᠨ ᠮᠤᠩᠭᠤᠯ ᠰᠤᠷᠭᠠᠭᠤᠯᠢ ᠪᠠᠶᠢᠭᠤᠯᠵᠤ ᠮᠠᠯᠴᠢᠳ ᠤᠨ | ᠬᠡᠦᠬᠡᠳ ᠢ ᠠᠪᠴᠢᠷᠠᠨ ᠡᠷᠳᠡᠮ ᠰᠤᠶᠤᠯ ᠢ ᠬᠢᠴᠢᠶᠡᠯᠭᠡᠬᠦ ᠳᠤ ᠰᠤᠷᠭᠠᠭᠤᠯᠢ ᠪᠠ ᠰᠤᠷᠤᠭᠴᠢᠳ ᠤᠨ ᠪᠤᠢ ᠪᠦᠬᠦᠢ | ᠵᠠᠷᠤᠳᠠᠯ ᠢ ᠦᠪᠡᠷ ᠤᠨ ᠬᠦᠷᠦᠩᠭᠡ ᠬᠤᠭᠰᠢᠯ ᠢᠶᠠᠷ ᠢᠶᠠᠨ ᠭᠠᠷᠭᠠᠵᠤ ᠪᠠᠶᠢᠪᠠ᠃ ᠰᠤᠷᠤᠭᠴᠢᠳ ᠢᠶᠠᠨ ᠵᠤᠬᠢᠶᠠᠨ | ᠪᠠᠶᠢᠭᠤᠯᠵᠤ ᠵᠡᠭᠡᠯᠢ ᠳᠤ ᠭᠠᠷᠭᠠᠨ ᠶᠠᠫᠤᠨ ᠢ ᠡᠰᠡᠷᠭᠦᠴᠡᠬᠦ ᠤᠬᠠᠭᠤᠯᠤᠯ ᠬᠢᠬᠦ᠂ ᠵᠦᠴᠦᠭᠡ ᠲᠤᠭᠯᠠᠬᠤ᠂ ᠵᠤᠭᠤᠰ | ᠮᠦᠩᠭᠦ ᠴᠤᠭᠯᠠᠭᠤᠯᠬᠤ᠂ ᠴᠢᠨᠠᠭᠰᠢᠯᠠᠭᠠᠳ ᠦᠪᠡᠷ ᠤᠨ ᠵᠠᠰᠠᠯ ᠵᠢᠮᠰᠡᠭ ᠢᠶᠠᠨ ᠬᠦᠷᠳᠡᠯ᠎ᠡ ᠬᠤᠳᠠᠯᠳᠤᠨ ᠴᠡᠷᠢᠭ ᠳᠠᠶᠢᠨ | ᠢ ᠳᠤᠰᠠᠯᠠᠵᠤ ᠳᠠᠪᠢᠨ ᠯᠠᠩ ᠠᠯᠳᠠ᠂ ᠮᠢᠩᠭᠠᠨ ᠯᠠᠩ ᠮᠦᠩᠭᠦ᠂ ᠵᠠᠭᠤᠨ ᠠᠭᠳᠠ᠂ ᠵᠠᠭᠤᠨ ᠦᠬᠡᠷ᠂ ᠬᠤᠶᠠᠷ ᠵᠠᠭᠤᠨ | ᠬᠤᠨᠢ ᠴᠤᠭᠯᠠᠭᠤᠯᠤᠨ ᠳᠤᠰᠠᠯᠠᠵᠤ ᠪᠠᠶᠢᠯ᠎ᠠ᠃ | ᠾᠧ ᠵᠦᠩ ᠤᠨ ᠨᠢᠭᠡᠨ ᠰᠤᠶᠤᠯ ᠳᠡᠦᠬᠡ ᠶᠢᠨ ᠮᠠᠲ᠋ᠧᠷᠢᠶᠠᠯ ᠳᠤ᠄ ︽ᠡᠦ ᠵᠢᠩ ᠪᠢᠨ ᠲᠤᠰᠢᠶᠠᠯ ᠢ ᠠᠰᠢᠭᠯᠠᠨ | ᠮᠦᠩᠭᠦ ᠵᠤᠭᠤᠰ ᠭᠠᠷᠭᠠᠨ ᠬᠠᠭᠤᠴᠢᠨ ᠲᠤᠷᠭᠤᠳ ᠲᠤ ᠡᠯ᠎ᠡ ᠲᠦᠷᠦᠯ ᠤᠨ ᠰᠤᠷᠭᠠᠭᠤᠯᠢ ᠨᠡᠶᠢᠳᠡ ᠠᠷᠪᠠᠭᠠᠳ | ᠪᠠᠶᠢᠭᠤᠯᠤᠭᠰᠠᠨ ᠶᠤᠮ︾︹22︺ ᠭᠡᠵᠦ ᠳᠡᠮᠳᠡᠭᠯᠡᠪᠡ᠃ | ᠡᠨᠡ ᠨᠢ ᠡᠦ ᠵᠢᠩ ᠪᠢᠨ ᠤ ᠡᠴᠢᠭᠡ ᠭᠦᠩᠰᠡᠩᠨᠤᠷᠪᠤ ᠴᠢᠩ ᠸᠠᠩ ᠤᠷᠳᠤᠨ ᠳᠤ ᠪᠠᠨ ᠬᠡᠳᠦᠨ ᠰᠤᠷᠭᠠᠭᠤᠯᠢ | ᠪᠠᠶᠢᠭᠤᠯᠵᠤ᠂ ᠦᠭᠡᠷᠡᠴᠢᠯᠡᠯᠳᠡ ᠬᠢᠵᠦ ᠰᠢᠨ᠎ᠡ ᠶᠢ ᠰᠠᠨᠠᠭᠠᠰᠢᠷᠠᠨ ᠰᠤᠷᠭᠠᠨ ᠬᠦᠮᠦᠵᠢᠯ᠂ ᠡᠷᠳᠡᠮ ᠰᠤᠶᠤᠯ ᠢᠶᠠᠷ | ᠦᠨᠳᠦᠰᠦᠳᠡᠨ ᠢᠶᠠᠨ ᠮᠠᠨᠳᠤᠭᠤᠯᠬᠤ᠂ ᠮᠤᠩᠭᠤᠯ ᠬᠤᠰᠢᠭᠤᠳ ᠦᠪᠡᠷ ᠤᠨ ᠴᠡᠷᠢᠭ ᠠᠩᠬᠢ ᠪᠠᠶᠢᠭᠤᠯᠤᠨ ᠬᠤᠰᠢᠭᠤ | ᠨᠤᠳᠤᠭ ᠢᠶᠠᠨ ᠬᠠᠮᠠᠭᠠᠯᠠᠬᠤ ᠭᠡᠰᠡᠨ ᠠᠭᠤᠤ ᠰᠠᠨᠠᠭ᠎ᠠ ᠪᠤᠳᠤᠯ ᠨᠢ ᠦᠨᠦᠴᠢᠨ ᠪᠠᠭ᠎ᠠ ᠤᠯᠠᠭᠠᠨ ᠨᠢᠯᠬ᠎ᠠ ᠡᠦ ᠵᠢᠩ ᠪᠢᠨ | ᠤ ᠤᠭᠤᠷᠠᠭ ᠳᠠᠷᠢᠬᠢ ᠳᠤ ᠰᠠᠭᠤᠭᠳᠠᠵᠤ ᠦᠵᠡᠯ ᠰᠠᠨᠠᠭᠠᠨ ᠤ ᠬᠢᠨᠢ ᠰᠠᠭᠤᠷᠢ ᠪᠤᠯᠤᠭᠰᠠᠨ ᠤ ᠬᠢᠨᠢ ᠦᠷ᠎ᠡ ᠪᠦᠳᠦᠭᠡᠯ | ᠪᠤᠶᠤ᠃ ᠲᠡᠷᠡ ᠰᠤᠷᠭᠠᠭᠤᠯᠢ ᠶᠢᠨ ᠢᠶᠠᠨ ᠰᠤᠷᠤᠯᠭ᠎ᠠ ᠰᠠᠶᠢᠳᠠᠢ᠂ ᠳᠠᠪᠰᠢᠩᠭᠤᠢ ᠰᠤᠷᠤᠭᠴᠢᠳ ᠢᠶᠠᠨ ᠯᠠᠨᠵᠸᠦ᠂ | ᠪᠡᠭᠡᠵᠢᠩ᠂ ᠨᠠᠨᠵᠢᠩ ᠤᠨ ᠳᠡᠭᠡᠳᠦ ᠰᠤᠷᠭᠠᠭᠤᠯᠢ ᠪᠠ ᠬᠤᠸᠠᠩ ᠫᠦ᠋ ᠴᠡᠷᠢᠭ ᠤᠨ ᠰᠤᠷᠭᠠᠭᠤᠯᠢ ᠳᠤ ᠬᠦᠷᠭᠡᠵᠦ | ᠰᠤᠷᠤᠯᠴᠠᠭᠤᠯᠵᠤ ᠪᠠᠶᠢᠭᠰᠠᠨ︹23︺ ᠭᠡᠨ᠎ᠡ᠃ | ᠰᠢᠨᠵᠢᠶᠠᠩ ᠤᠨ ᠤᠶᠢᠭᠤᠷ ᠦᠨᠳᠦᠰᠦᠳᠡᠨ ᠤ ᠦᠪᠡᠷᠳᠡᠭᠡᠨ ᠵᠠᠰᠠᠬᠤ ᠤᠷᠤᠨ ᠤ ᠳᠡᠳ᠋ ᠳᠡᠷᠢᠭᠦᠯᠡᠭᠴᠢ | ᠪᠠᠶᠢᠭᠰᠠᠨ ᠪᠠᠨᠳᠢ ᠭᠤᠸᠠᠢ 1997 ᠤᠨ ᠳᠤ ᠮᠠᠨᠯᠢᠨ ᠲᠠᠢ ᠠᠭᠤᠯᠵᠠᠭᠠᠳ ᠳᠡᠭᠦᠨ ᠳᠤ᠄ ︽ᠪᠢ᠂ ᠴᠢᠨᠤ ᠡᠵᠢ ᠶᠢᠨ | ᠡᠷᠬᠢᠯᠡᠭᠰᠡᠨ ᠰᠤᠷᠭᠠᠭᠤᠯᠢ ᠳᠤ ᠰᠤᠷᠤᠯᠴᠠᠵᠤ ᠪᠠᠶᠢᠭᠰᠠᠨ᠃ ᠪᠢ ᠨᠢᠭᠡᠨ ᠤᠳᠠᠭ᠎ᠠ ᠶᠢᠨ ᠰᠢᠯᠭᠠᠯᠳᠠ ᠳᠤ | ᠲᠡᠷᠢᠭᠦᠯᠡᠭᠰᠡᠨ ᠳᠤ ᠲᠡᠷᠡ ᠮᠢᠨᠤ ᠲᠤᠯᠤᠭᠠᠢ ᠶᠢ ᠢᠯᠪᠢᠵᠦ ᠰᠠᠶᠢᠨ ᠰᠤᠷᠤᠯᠴᠠᠭᠠᠷᠠᠢ︕ ᠢᠷᠡᠭᠡᠳᠦᠢ ᠳᠤ ᠯᠠᠪ ᠶᠡᠭᠡ | ᠦᠢᠯᠡᠰ ᠢ ᠪᠦᠳᠦᠭᠡᠬᠦ ᠶᠤᠮ ᠭᠡᠵᠦ ᠵᠤᠷᠢᠭᠵᠢᠭᠤᠯᠵᠤ ᠨᠠᠳᠠ ᠳᠤ ᠬᠠᠷᠠᠨᠳᠠ ᠶᠢᠨ ᠱᠠᠩᠨᠠᠯ ᠦᠭᠭᠦᠭᠰᠡᠨ ᠶᠤᠮ︾ | ︹24︺ ᠭᠡᠵᠦ ᠲᠤᠷᠠᠳᠬᠠᠨ ᠪᠠᠶᠢᠪᠠ ᠭᠡᠰᠡᠨ᠃ | 1942 ᠤᠨ ᠳᠤ ᠡᠦ ᠵᠢᠩ ᠪᠢᠨ ᠳ᠋ᠢ ᠬᠤᠸᠠ ᠬᠤᠳᠠ ᠶᠢᠨ ᠦᠬᠢᠳ ᠤᠨ ᠰᠤᠷᠭᠠᠭᠤᠯᠢ ᠳᠤ ᠰᠤᠷᠤᠯᠴᠠᠵᠤ | ᠪᠠᠶᠢᠬᠤ ᠳᠤ ᠰᠢᠨᠵᠢᠶᠠᠩ ᠤᠨ ᠡᠵᠡᠷᠬᠡᠭᠴᠢ ᠱᠧᠩ ᠱᠢ ᠽᠠᠢ᠂ ᠰᠦᠨ ᠵᠦᠩ ᠱᠠᠨ ᠤ ᠰᠢᠨ᠎ᠡ ᠠᠷᠠᠳᠴᠢᠯᠠᠭᠰᠠᠨ ︽ | ᠭᠤᠷᠪᠠᠨ ᠦᠵᠡᠯᠳᠡ︾᠂ ︽ᠡᠪ ᠬᠠᠮᠳᠤ ᠨᠠᠮ ᠲᠠᠢ ᠬᠤᠯᠪᠤᠭᠠᠯᠠᠬᠤ︾᠂ ︽ᠵᠦᠪᠯᠡᠯᠳᠦ ᠶᠢ ᠳᠤᠳᠤᠨᠤᠴᠢᠯᠠᠬᠤ︾ | ᠭᠡᠰᠡᠨ ᠦᠵᠡᠯᠳᠡ ᠠᠴᠠ ᠡᠷᠬᠢᠵᠦ ᠵᠢᠶᠠᠩ ᠵᠢᠶᠧ ᠱᠢ ᠶᠢ ᠲᠦᠰᠢᠪᠡ᠃ ᠳᠡᠭᠦᠨ ᠤ ᠬᠠᠳᠤᠨ ᠴᠢᠦ ᠢᠦᠢ ᠪᠠᠩ ᠴᠦ | ᠡᠷ᠎ᠡ ᠶᠢᠨ ᠢᠶᠠᠨ ᠵᠤᠭᠰᠤᠯᠳᠠ ᠶᠢ ᠳᠠᠭᠠᠵᠤ ᠰᠤᠷᠭᠠᠭᠤᠯᠢ ᠶᠢᠨ ᠳᠠᠷᠤᠭ᠎ᠠ ᠪᠠᠶᠢᠭᠰᠠᠨ ᠡᠷᠬᠡ᠂ ᠪᠠᠶᠢᠷᠢ ᠰᠠᠭᠤᠷᠢ ᠪᠠᠷ | ᠢᠶᠠᠨ ᠨᠠᠰᠤ ᠬᠦᠷᠦᠭᠰᠡᠨ ᠡᠮᠡᠭᠳᠠᠢ ᠰᠤᠷᠤᠭᠴᠢᠳ ᠢ ᠪᠦᠯᠬᠦᠮ ᠪᠦᠯᠬᠦᠮ ᠢᠶᠠᠷ ᠭᠤᠮᠢᠨᠳᠠᠩ ᠨᠠᠮ ᠳᠤ ᠳᠠᠨᠢᠯᠴᠠᠭᠤᠯᠪᠠ᠃ | ᠵᠦᠪᠬᠡᠨ 1943 ᠣᠨ ᠳᠤ ᠡᠨᠡ ᠰᠤᠷᠭᠠᠭᠤᠯᠢ ᠶᠢᠨ 720 ᠰᠤᠷᠤᠭᠴᠢ ᠶᠢ ᠭᠤᠮᠢᠨᠳᠠᠩ ᠨᠠᠮ ᠳᠤ ᠡᠯᠰᠡᠵᠠᠢ᠃ | ᠡᠦ ᠵᠢᠩ ᠪᠢᠨ ᠴᠦ ᠰᠢᠨᠵᠢᠶᠠᠩ ᠤᠨ ᠣᠯᠣᠰ ᠲᠦᠷᠦ ᠶᠢᠨ ᠳᠠᠪᠴᠠᠩ ᠳᠤ ᠡᠷ᠎ᠡ ᠨᠦᠬᠦᠷ ᠤᠨ ᠢᠶᠠᠨ ᠤᠨᠴᠠᠭᠠᠢ ᠭᠡᠷ | ᠭᠠᠷᠤᠯ᠂ ᠪᠠᠶᠢᠷᠢ ᠰᠠᠭᠤᠷᠢ ᠪᠠᠷ 1945 ᠤᠨ ᠠᠴᠠ 1947 ᠤᠨ ᠤ ᠬᠤᠭᠤᠴᠠᠭ᠎ᠠ ᠳᠤ ᠭᠤᠮᠢᠨᠳᠠᠩ ᠨᠠᠮ ᠤᠨ | ᠳᠠᠪᠤᠳᠤᠭᠠᠷ᠂ ᠵᠢᠷᠭᠤᠳᠤᠭᠠᠷ ᠬᠤᠭᠤᠴᠠᠭᠠᠨ ᠤ ᠬᠤᠷᠠᠯ ᠪᠠ ᠪᠦᠬᠦ ᠤᠯᠤᠰ ᠤᠨ ᠢᠷᠭᠡᠨ ᠤ ᠲᠦᠯᠦᠭᠡᠯᠡᠭᠴᠢ ᠶᠢᠨ | ᠬᠤᠷᠠᠯ ᠳᠤ ᠤᠷᠤᠯᠴᠠᠵᠤ᠂ ᠵᠢᠶᠠᠩ ᠵᠢᠶᠧ ᠱᠢ ᠪᠠ ᠴᠧᠨ ᠭᠥᠸᠧ ᠹᠦ᠋᠂ ᠴᠧᠨ ᠯᠢ ᠹᠦ᠋ ᠨᠠᠷ ᠲᠠᠢ ᠡᠮᠦᠨ᠎ᠡ ᠬᠤᠶᠢᠨ᠎ᠠ | ᠠᠭᠤᠯᠵᠠᠭᠰᠠᠨ ᠳᠡᠦᠬᠡ ᠲᠠᠢ᠃ 1947 ᠤᠨ ᠳᠤ ᠵᠢᠶᠠᠩ ᠵᠢᠶᠧ ᠱᠢ ᠲᠠᠢ ᠠᠭᠤᠯᠵᠠᠬᠤ ᠳᠤ ᠪᠠᠨ 10 ᠨᠠᠰᠤᠳᠠᠢ | ᠬᠡᠦᠬᠡᠨ ᠮᠠᠨᠯᠢᠨ ᠢᠶᠠᠨ ᠳᠠᠭᠠᠭᠤᠯᠵᠤ ᠬᠦᠷᠦᠭᠰᠡᠨ᠎ᠡ᠂ ᠵᠢᠶᠠᠩ ᠵᠢᠶᠧ ᠱᠢ ᠮᠠᠨᠯᠢᠨ ᠤ ᠲᠤᠯᠤᠭᠠᠢ ᠶᠢ ᠢᠯᠢᠵᠦ ︽ | ᠬᠡᠴᠢᠨᠡᠭᠡᠨ ᠭᠤᠶᠤ ᠲᠦᠷᠦᠭᠰᠡᠨ ᠮᠤᠩᠭᠤᠯ ᠭᠦᠩᠵᠦ ᠪᠤᠢ︾ ︹25︺ᠭᠡᠵᠦ ᠦᠬᠦᠭᠡᠷᠳᠡᠭᠰᠡᠨ ᠭᠡᠨ᠎ᠡ᠃ | 1947 ᠤᠨ ᠤ 7 ᠰᠠᠷ᠎ᠠ ᠳᠤ ᠡᠦ ᠵᠢᠩ ᠪᠢᠨ ᠢᠯᠢ ᠤᠷᠤᠨ ᠤ ᠲᠤᠰᠬᠠᠢ ᠲᠤᠰᠢᠶᠠᠯᠳᠠᠨ᠂ ᠭᠤᠮᠢᠨᠳᠠᠩ | ᠤᠨ ᠴᠡᠷᠢᠭ ᠤᠨ ᠶᠠᠪᠤᠳᠠᠯ ᠤᠨ ᠬᠤᠷᠢᠶᠠᠨ ᠤ ᠪᠠᠶᠢᠴᠠᠭᠠᠨ ᠪᠦᠷᠢᠳᠬᠡᠭᠴᠢ ᠲᠤᠪᠴᠢᠶᠠᠨ ᠤ ᠳᠠᠩᠨᠠᠭᠤᠯ ᠽᠦᠸᠧ ᠱᠦ | ᠫᠢᠩ ᠵᠡᠷᠭᠡ ᠠᠷᠪᠠᠨ ᠳᠤᠯᠤᠭᠤᠯᠠ ᠴᠢᠰᠤ ᠪᠠᠨ ᠤᠤᠭᠤᠵᠤ ᠠᠬ᠎ᠠ ᠳᠡᠭᠦᠦ ᠪᠠᠷᠢᠯᠳᠤᠵᠠᠢ᠃ ᠲᠡᠷᠡ ᠪᠠᠰᠠ ᠳᠠᠩᠨᠠᠭᠤᠯ | ᠪᠤᠯᠬᠤ ᠭᠡᠳ ᠡᠭᠦᠳᠡ ᠶᠢ ᠨᠢ ᠤᠯᠤᠭᠰᠠᠨ ᠦᠭᠡᠢ᠃ ᠠᠬ᠎ᠠ ᠳᠡᠭᠦᠦ ᠪᠠᠷᠢᠯᠳᠤᠭᠰᠠᠳ ᠤᠨ ᠤᠯᠠᠩᠬᠢ ᠨᠢ ᠠᠯᠠᠭᠳᠠᠵᠠᠢ | ᠃ ᠽᠦᠸᠧ ᠱᠦ ᠫᠢᠩ ᠳᠠᠶᠢᠸᠠᠨ ᠳᠤ ᠳᠤᠳᠠᠭᠠᠪᠠ᠃ ᠡᠨᠡ ᠤᠴᠢᠷ ᠨᠢ ᠳᠡᠭᠦᠨ ᠢ ᠦᠬᠦᠨ ᠦᠬᠦᠳᠡᠯ᠎ᠡ ᠪᠠᠷᠠᠭᠠᠨ | ᠰᠡᠭᠦᠳᠡᠷ ᠪᠤᠯᠵᠤ ᠤᠯᠠᠨ ᠤᠳᠠᠭ᠎ᠠ ᠶᠢᠨ ᠤᠯᠤᠰ ᠲᠦᠷᠦ ᠶᠢᠨ ᠬᠦᠳᠡᠯᠭᠡᠭᠡᠨ ᠳᠤ ᠳᠡᠭᠦᠨ ᠢ ᠵᠤᠪᠠᠭᠠᠨ ᠳᠠᠷᠴᠢᠯᠭᠠᠪᠠ᠃ | 1950 —1953 ᠤᠨ ᠳᠤ ᠡᠦ ᠵᠢᠩ ᠪᠢᠨ ᠢ ᠪᠠᠷᠢᠪᠴᠢᠯᠠᠨ ᠬᠢᠨᠳᠠᠨ ᠳᠤ ᠬᠤᠷᠢᠪᠠ᠃ ᠵᠤᠯ ᠢᠶᠠᠷ ᠲᠤᠬᠠᠢ ᠶᠢᠨ | ᠨᠠᠮ ᠤᠨ ᠪᠠᠷᠠᠭᠤᠨ ᠬᠤᠶᠢᠳᠤ ᠬᠤᠪᠢᠶᠠᠷᠢ ᠲᠤᠪᠴᠢᠶ᠎ᠠ ᠶᠢᠨ ᠱᠦᠵᠢ ᠱᠢ ᠵᠦᠩ ᠰᠢᠶᠦ᠋ᠨ ᠳᠡᠭᠦᠨ ᠲᠠᠢ ᠨᠢᠭᠤᠷᠳᠠᠨ | ᠶᠠᠷᠢᠯᠴᠠᠭᠠᠳ ᠳᠡᠭᠦᠨ ᠢ ᠶᠠᠯ᠎ᠠ ᠦᠭᠡᠢ ᠭᠡᠵᠦ ᠬᠢᠨᠳᠠᠨ ᠠᠴᠠ ᠰᠤᠯᠠᠯᠠᠨ ᠭᠠᠵᠠᠷ ᠰᠢᠷᠤᠢ ᠶᠢᠨ ᠦᠭᠡᠷᠡᠴᠢᠯᠡᠯᠳᠡ ᠳᠤ | ᠤᠷᠤᠯᠴᠠᠭᠤᠯᠤᠭᠰᠠᠨ ᠭᠡᠨ᠎ᠡ᠃ ︽ᠰᠤᠶᠤᠯ ᠤᠨ ᠶᠡᠭᠡ ᠬᠤᠪᠢᠰᠬᠠᠯ︾ ᠳᠤ ᠮᠦᠨ ᠭᠡᠷ ᠭᠠᠷᠤᠯ᠂ ᠳᠠᠩᠨᠠᠭᠤᠯ ᠭᠡᠵᠦ | ᠪᠠᠷᠢᠪᠴᠢᠯᠠᠨ ᠬᠠᠯᠠ ᠳᠠᠮᠤ ᠦᠵᠡᠭᠦᠯᠪᠡ᠃ ᠳᠡᠭᠦᠨ ᠢ ᠬᠤᠪᠢᠰᠬᠠᠯ ᠤᠨ ᠡᠰᠡᠷᠭᠦᠦ ᠵᠤᠬᠢᠶᠠᠨ ᠪᠠᠶᠢᠭᠤᠯᠤᠯᠳᠠ ᠳᠤ | ᠤᠷᠤᠯᠴᠠᠭᠰᠠᠨ ᠢᠶᠠᠨ ᠲᠤᠰᠢᠶ᠎ᠠ ᠭᠡᠪᠡ᠃ ᠲᠡᠷᠡ ︽ᠪᠢ ᠳᠡᠦᠬᠡ ᠶᠢᠨ ᠬᠤᠪᠢᠰᠬᠠᠯ ᠢ ᠡᠰᠡᠷᠭᠦᠴᠡᠭᠴᠢ ᠁ | ᠬᠠᠭᠤᠴᠢᠨ ᠨᠡᠶᠢᠭᠡᠮ ᠳᠤ ᠰᠢᠶᠠᠨ ᠤ ᠳᠠᠷᠤᠭ᠎ᠠ᠂ ᠱᠦᠵᠢ᠂ ᠤᠯᠤᠰ ᠤᠨ ᠶᠡᠭᠡ ᠬᠤᠷᠠᠯ ᠤᠨ ᠲᠦᠯᠦᠭᠡᠯᠡᠭᠴᠢ᠂ | ᠬᠠᠤᠯᠢ ᠲᠤᠭᠳᠠᠭᠠᠬᠤ ᠵᠦᠪᠯᠡᠯ ᠤᠨ ᠭᠡᠰᠢᠭᠦᠨ ᠪᠠᠶᠢᠭᠰᠠᠨ ᠴᠢᠨᠢ ᠳᠡᠦᠬᠡ ᠶᠢᠨ ᠬᠤᠪᠢᠰᠬᠠᠯ ᠢ ᠡᠰᠡᠷᠭᠦᠴᠡᠭᠴᠢ ᠮᠦᠨ ᠁ | ᠪᠢ ᠲᠡᠷᠡ ᠦᠶ᠎ᠡ ᠦᠨᠡᠬᠡᠷ ᠳᠠᠩᠨᠠᠭᠤᠯ ᠪᠤᠯᠤᠶ᠎ᠠ ᠭᠡᠵᠦ ᠬᠦᠰᠡᠵᠦ ᠪᠠᠶᠢᠭᠰᠠᠨ ᠴᠦ ᠨᠠᠮ᠎ᠠ ᠶᠢ ᠠᠪᠬᠤ ᠬᠦᠮᠦᠨ ᠦᠭᠡᠢ | ᠶᠤᠮ ᠴᠢᠨᠢ ᠶᠠᠭᠠᠬᠢᠬᠤ ᠪᠤᠢ︖ ᠪᠢ ᠬᠡᠷᠪᠡ ᠪᠡᠶ᠎ᠡ ᠪᠠᠨ ᠭᠤᠮᠢᠨᠳᠠᠩ ᠤᠨ ᠶᠡᠭᠡ ᠬᠠᠭᠤᠷᠠᠢ ᠳᠤ ᠦᠯᠡᠳᠡᠭᠡᠭᠰᠡᠨ | ᠳᠠᠩᠨᠠᠭᠤᠯ ᠭᠡᠵᠦ ᠬᠡᠯᠡᠪᠡᠯ ᠨᠠᠳᠠ ᠡᠭᠦᠷᠭᠡ ᠲᠤᠰᠢᠶᠠᠭᠰᠠᠨ ᠬᠦᠮᠦᠨ ᠢ ᠬᠡᠨ ᠭᠡᠵᠦ ᠬᠡᠯᠡᠬᠦ ᠪᠤᠢ︖ ᠳᠠᠩᠨᠠᠭᠤᠯ | ᠪᠤᠯᠤᠭᠰᠠᠨ ᠴᠠᠭ᠂ ᠤᠷᠤᠨ᠂ ᠳᠠᠨᠢᠯᠴᠠᠭᠤᠯᠤᠭᠰᠠᠨ ᠬᠦᠮᠦᠨ ᠵᠡᠷᠭᠡ ᠶᠢ ᠪᠢ ᠲᠤᠷ᠎ᠠ ᠪᠠᠷ ᠢᠶᠠᠨ ᠵᠤᠬᠢᠶᠠᠵᠤ ᠬᠡᠷᠬᠢᠨ | ᠪᠤᠯᠬᠤ ᠪᠤᠢ ᠁ ᠵᠦᠪᠬᠡᠨ ᠳᠠᠶᠢᠸᠠᠨ ᠴᠢᠯᠦᠭᠡᠯᠡᠭᠳᠡᠬᠦ ᠶᠢ ᠬᠦᠯᠢᠶᠡᠨ᠎ᠡ᠂ ᠳᠠᠶᠢᠸᠠᠨ ᠴᠢᠯᠦᠭᠡᠯᠡᠭᠳᠡᠪᠡᠯ ᠰᠠᠶ᠋ᠢ ᠡᠨᠡ | ᠬᠡᠷᠡᠭ ᠦᠨᠡᠨ ᠴᠠᠭᠠᠨ ᠢᠯᠭᠠᠷᠠᠨ᠎ᠠ᠃ ᠪᠢ ᠦᠨᠦ ᠶᠠᠭᠤ ᠬᠡᠯᠡᠭᠰᠡᠨ ᠴᠦ ᠨᠠᠮᠠᠢᠢ ᠢᠳᠡᠭᠡᠬᠦ ᠬᠦᠮᠦᠨ ᠦᠭᠡᠢ︾ ᠭᠡᠵᠦ | ᠬᠡᠯᠡᠵᠦ ᠪᠠᠶᠢᠪᠠ︹26︺ ᠭᠡᠨ᠎ᠡ᠃ | ᠡᠦ ᠵᠢᠩ ᠪᠢᠨ ︽ᠰᠤᠶᠤᠯ ᠤᠨ ᠶᠡᠭᠡ ᠬᠤᠪᠢᠰᠬᠠᠯ︾ ᠤᠨ ᠰᠡᠭᠦᠯᠴᠢ ᠪᠠᠷ ᠡᠮᠨᠡᠯᠭᠡ ᠳᠤ ᠪᠠᠶᠢᠬᠤ ᠳᠤ ᠦᠬᠢᠨ | ᠮᠠᠨᠯᠢᠨ ᠳᠤ ᠪᠠᠨ 1947 ᠤᠨ ᠳᠤ ᠪᠡᠭᠡᠵᠢᠩ ᠴᠢᠯᠦᠭᠡᠯᠡᠭᠳᠡᠬᠦ ᠠᠴᠠ ᠡᠮᠦᠨ᠎ᠡ ᠳᠡᠬᠦᠨ ᠤ ᠰᠠᠶᠢᠨ ᠨᠠᠶᠢᠵᠠ ᠨᠠᠷ ᠨᠢ | ᠳᠡᠭᠦᠨ ᠢ ᠳᠠᠶᠢᠸᠠᠨ ᠳᠤ ᠶᠠᠪᠤᠭᠠᠷᠠᠢ ᠭᠡᠵᠦ ᠤᠯᠠᠨ ᠤᠳᠠᠭ᠎ᠠ ᠢᠳᠬᠠᠭᠰᠠᠨ ᠴᠦ ᠲᠡᠷᠡ ᠶᠠᠪᠤᠭᠰᠠᠨ ᠦᠭᠡᠢ᠃ ᠳᠡᠳᠡ | ︽ᠡᠪ ᠬᠠᠮᠳᠤ ᠨᠠᠮ ᠤᠷᠤᠵᠤ ᠢᠷᠡᠭᠰᠡᠭᠡᠷ ᠴᠢᠮ᠎ᠠ ᠶᠢ ᠬᠠᠮᠤᠭ ᠤᠷᠢᠳ ᠢᠶᠠᠷ ᠠᠯᠠᠨ᠎ᠠ︾ ᠭᠡᠵᠦ ᠪᠠᠶᠢᠭᠰᠠᠨ᠃ ᠡᠪ | ᠬᠠᠮᠳᠤ ᠨᠠᠮ ᠨᠠᠮᠠᠢᠢ ᠠᠯᠠᠬᠤ ᠦᠭᠡᠢ ᠭᠡᠵᠦ ᠬᠡᠳᠦᠢ ᠬᠠᠯᠠ ᠠᠮᠰᠠᠵᠤ ᠳᠠᠷᠴᠢᠯᠠᠭᠠᠭᠳᠠᠨ ᠵᠤᠪᠠᠵᠤ ᠪᠠᠶᠢᠭᠰᠠᠨ ᠴᠦ ᠡᠪ | ᠬᠠᠮᠳᠤ ᠨᠠᠮ ᠢ ᠪᠠᠳᠤ ᠢᠳᠡᠬᠡᠵᠦ ᠪᠠᠶᠢᠯ᠎ᠠ᠃ ᠳᠡᠭᠦᠨᠴᠢᠯᠡᠨ ᠡᠭᠦᠨ ᠠᠴᠠ ᠡᠮᠦᠨ᠎ᠡ ᠪᠡᠭᠡᠵᠢᠩ ᠳᠤ ᠤᠷᠤᠭᠰᠠᠨᠠ | ᠬᠤᠶᠠᠷ ᠠᠬ᠎ᠠ ᠨᠢ ᠴᠦ ᠳᠡᠭᠦᠨ ᠲᠠᠢ ᠬᠠᠮᠳᠤ ᠪᠠᠷ ᠳᠠᠶᠢᠸᠠᠨ ᠳᠤ ᠳᠤᠳᠠᠭᠠᠬᠤ ᠪᠠᠷ ᠵᠦᠪᠯᠡᠭᠰᠡᠨ ᠳᠤ ᠡᠦ ᠵᠢᠩ ᠪᠢᠨ | ᠤᠭᠳᠤ ᠵᠦᠪᠰᠢᠶᠡᠷᠡᠭᠰᠡᠨ ᠦᠭᠡᠢ ᠶᠤᠮ᠃ | ᠮᠠᠨᠯᠢᠨ ᠤ ᠡᠬᠡ ᠡᠦ ᠵᠢᠩ ᠪᠢᠨ ᠬᠡᠳᠦᠢ ᠤᠯᠤᠰ ᠤᠨ ᠨᠡᠶᠢᠰᠯᠡᠯ ᠪᠡᠭᠡᠵᠢᠩ ᠳᠤ ᠸᠠᠩ ᠤᠨ ᠤᠷᠳᠤᠨ᠎ᠠ | ᠲᠦᠷᠦᠪᠡ ᠭᠡᠰᠡᠨ ᠴᠦ ᠤᠯᠠᠭᠠᠨ ᠨᠢᠯᠬ᠎ᠠ ᠠᠴᠠ ᠪᠠᠨ ᠡᠬᠡ ᠪᠠᠨ ᠠᠯᠳᠠᠵᠤ ᠦᠨᠦᠴᠢᠷᠡᠨ ᠬᠠᠯᠠ ᠵᠤᠪᠠᠯᠠᠩ ᠢ | ᠬᠠᠰᠢᠷᠠᠳᠠᠯ᠎ᠠ ᠠᠮᠰᠠᠵᠠᠢ᠃ ᠮᠠᠨᠴᠤᠭᠵᠠᠪ ᠬᠠᠨ ᠸᠠᠩ ᠤᠨ ᠬᠠᠳᠤᠨ ᠪᠤᠯᠤᠭᠰᠠᠨ ᠠᠴᠠ ᠬᠤᠶᠢᠰᠢ ᠳᠡᠭᠦᠨ ᠤ ᠤᠷᠴᠢᠨ | ᠲᠤᠭᠤᠷᠢᠨ᠂ ᠪᠠᠶᠢᠷᠢ ᠰᠠᠭᠤᠷᠢ ᠦᠰᠦᠳ ᠦᠭᠡᠷ᠎ᠡ ᠪᠤᠯᠵᠤ᠂ ᠰᠢᠨᠵᠢᠶᠠᠩ ᠤᠨ ᠤᠯᠤᠰ ᠲᠦᠷᠦ ᠶᠢᠨ ᠳᠠᠪᠴᠠᠩ ᠳᠤ | ᠭᠢᠯᠠᠷᠠᠭᠤᠯᠤᠭᠰᠠᠨ ᠡᠮᠡᠭᠳᠠᠢ ᠪᠤᠯᠪᠠ᠃ ᠲᠡᠷᠡ ᠬᠤᠪᠢ ᠪᠡᠶ᠎ᠡ ᠪᠠ ᠭᠡᠷ ᠪᠦᠯᠢ ᠶᠢᠨ ᠡᠷᠬᠡ ᠠᠰᠢᠭ᠂ ᠪᠠᠶᠢᠷᠢ ᠰᠠᠭᠤᠷᠢ | ᠶᠢᠨ ᠲᠦᠯᠦᠭᠡ ᠪᠤᠰᠤ᠂ ᠪᠦᠷ ᠯᠡ ᠲᠤᠷᠭᠤᠳ ᠮᠤᠩᠭᠤᠯ ᠤᠨ ᠠᠷᠠᠳ ᠲᠦᠮᠡᠨ ᠤ ᠡᠷᠬᠡ ᠠᠰᠢᠭ᠂ ᠲᠤᠷᠭᠤᠳ | ᠮᠤᠩᠭᠤᠯ ᠤᠨ ᠨᠤᠳᠤᠭ ᠤᠷᠤᠨ ᠢᠶᠠᠨ ᠬᠠᠮᠠᠭᠠᠯᠠᠵᠤ ᠬᠦᠭᠵᠢᠭᠦᠯᠦᠨ ᠮᠠᠨᠳᠤᠭᠤᠯᠬᠤ ᠪᠠᠷ ᠨᠢᠭᠡ ᠨᠠᠰᠤᠨ᠎ᠠ ᠭᠤᠶᠠᠴᠢ | ᠦᠭᠡᠢ᠂ ᠴᠦᠬᠦᠷᠡᠯ ᠦᠭᠡᠢ ᠴᠢᠷᠮᠠᠶᠢᠵᠤ ᠦᠪᠡᠷ ᠤᠨ ᠪᠡᠶ᠎ᠡ ᠪᠠᠨ ᠲᠤᠷᠠᠳᠠᠶ᠎ᠠ ᠦᠷᠡᠭᠳᠡᠭᠦᠯᠦᠭᠰᠡᠨ ᠮᠤᠩᠭᠤᠯ ᠭᠠᠷᠮᠠᠭᠠᠢ | ᠵᠢᠳᠬᠦᠯᠳᠡᠨ ᠮᠦᠨ᠃ | ᠰᠢᠨᠵᠢᠶᠠᠩ ᠤᠨ ᠦᠪᠡᠷᠳᠡᠭᠡᠨ ᠵᠠᠰᠠᠬᠤ ᠤᠷᠤᠨ ᠤ ᠳᠠᠩᠰᠠ ᠡᠪᠬᠡᠮᠡᠯ ᠤᠨ ᠭᠠᠵᠠᠷ ᠬᠠᠳᠠᠭᠠᠯᠠᠭᠳᠠᠵᠤ ᠪᠠᠶᠢᠬᠤ | ᠪᠠᠷ᠄ ᠡᠦ ᠵᠢᠩ ᠪᠢᠨ ᠪᠤᠯ᠄ 1. ᠰᠢᠶᠠᠨ ᠤ ᠲᠦᠷᠢᠮ ᠢ ᠦᠭᠡᠷᠡᠴᠢᠯᠡᠨ ᠠᠶᠢᠮᠠᠭ ᠤᠨ ᠲᠦᠷᠢᠮ ᠢ ᠰᠡᠷᠭᠦᠭᠡᠬᠦ︔ 2. | ᠵᠠᠰᠠᠭ ᠤᠨ ᠤᠷᠳᠤᠨ ᠠᠴᠠ 2000 ᠫᠤᠤ ᠵᠡᠪᠰᠡᠭ ᠬᠠᠩᠭᠠᠨ ᠦᠭᠴᠦ ᠦᠪᠡᠷᠳᠡᠭᠡᠨ ᠬᠠᠮᠠᠭᠠᠯᠠᠬᠤ ᠠᠩᠬᠢ | ᠪᠠᠶᠢᠭᠤᠯᠬᠤ︔ 3. ᠶᠡᠭᠡ ᠬᠡᠮᠵᠢᠶ᠎ᠡ ᠪᠠᠷ ᠵᠢᠭᠡᠯᠡᠯᠭᠡ ᠤᠯᠭᠤᠨ ᠮᠤᠩᠭᠤᠯ ᠤᠷᠤᠨ ᠤ ᠠᠵᠤ ᠠᠬᠤᠢ ᠶᠢ ᠬᠦᠭᠵᠢᠭᠦᠯᠬᠦ︔ | 4. ᠰᠤᠶᠤᠯ ᠰᠤᠷᠭᠠᠨ ᠬᠦᠮᠦᠵᠢᠯ ᠤᠨ ᠵᠠᠷᠤᠳᠠᠯ ᠮᠦᠩᠭᠦ ᠤᠯᠭᠤᠨ ᠦᠨᠳᠦᠰᠦᠳᠡᠨ ᠤ ᠳᠤᠮᠳᠠᠳᠤ ᠪᠠᠭ᠎ᠠ | ᠰᠤᠷᠭᠠᠭᠤᠯᠢ ᠪᠠᠶᠢᠭᠤᠯᠤᠨ ᠮᠤᠩᠭᠤᠯ ᠦᠨᠳᠦᠰᠦᠳᠡᠨ ᠤ ᠰᠤᠶᠤᠯ ᠤᠨ ᠬᠢᠷᠢ ᠲᠦᠪᠰᠢᠨ ᠢ ᠳᠡᠭᠡᠭᠰᠢᠯᠡᠭᠦᠯᠬᠦ ᠁ | ᠴᠢᠬᠤᠯᠠ ᠲᠠᠢ ᠭᠡᠵᠦ ᠤᠯᠠᠨ ᠤᠳᠠᠭ᠎ᠠ ᠰᠠᠨᠠᠯ ᠳᠤᠷᠠᠳᠤᠯᠭ᠎ᠠ ᠪᠠ ᠡᠷᠭᠦᠳᠡᠯ ᠡᠷᠭᠦᠨ ᠵᠠᠰᠠᠭ ᠤᠨ ᠭᠠᠵᠠᠷ ᠤᠨ | ᠳᠡᠮᠵᠢᠯᠭᠡ ᠤᠯᠬᠤ ᠪᠠᠷ ᠴᠢᠷᠮᠠᠶᠢᠵᠤ ᠪᠠᠶᠢᠵᠠᠢ᠃ ᠲᠡᠷᠡ ᠵᠢᠶᠠᠩ ᠵᠢᠶᠧ ᠱᠢ ᠳᠤ ᠡᠶᠢᠮᠦ ᠰᠢᠭᠤᠳ ᠮᠡᠳᠡᠭᠦᠯᠦᠯᠳᠡ ᠪᠠᠨ | ᠭᠠᠷᠳᠠᠭᠤᠯᠤᠭᠰᠠᠨ ᠪᠠᠶᠢᠵᠠᠢ︹27︺᠃ | ᠡᠦ ᠵᠢᠩ ᠪᠢᠨ 1944 —1945 ᠤᠨ ᠤ ᠬᠤᠭᠤᠷᠤᠨᠳᠤ ᠭᠤᠷᠪᠠ ᠤᠳᠠᠭ᠎ᠠ ᠵᠢᠶᠠᠩ ᠵᠢᠶᠧ ᠱᠢ ᠳᠤ | ᠪᠢᠴᠢᠭ ᠡᠷᠭᠦᠨ ᠲᠤᠷᠭᠤᠳ ᠲᠤ ︽ᠦᠨᠡᠨᠰᠦ᠋ᠵᠦᠭᠳᠦ ᠠᠶᠢᠮᠠᠭ︾ ᠢ ᠪᠠᠶᠢᠭᠤᠯᠬᠤ ᠪᠠ ︽ᠸᠠᠩ ᠤᠨ ᠡᠷᠬᠡ ᠪᠠᠶᠢᠷᠢ | ᠶᠢ ᠰᠡᠷᠭᠦᠭᠡᠬᠦ︾ ᠵᠡᠷᠭᠡ ᠶᠢ ᠱᠠᠭᠠᠷᠳᠠᠵᠤ 1947 ᠤᠨ ᠤ 7 ᠰᠠᠷ᠎ᠠ ᠳᠤ ︽ᠦᠨᠡᠨᠰᠦ᠋ᠵᠦᠭᠲᠦ ᠠᠶᠢᠮᠠᠭ︾ ᠢ | ᠰᠡᠷᠭᠦᠭᠡᠨ ᠮᠠᠨᠴᠤᠭᠵᠠᠪ ᠸᠠᠩ᠂ ᠠᠶᠢᠮᠠᠭ ᠤᠨ ᠳᠠᠷᠤᠭ᠎ᠠ ᠪᠤᠯᠵᠤ ᠡᠦ ᠵᠢᠩ ᠪᠢᠨ ᠢ ᠳᠡᠳ᠋ ᠳᠠᠷᠤᠭ᠎ᠠ ᠶᠢ ᠲᠤᠰᠢᠶᠠᠯ ᠢ | ᠡᠭᠦᠷᠭᠡᠯᠡᠭᠦᠯᠵᠠᠢ︹28︺᠃ | ᠡᠦ ᠵᠢᠩ ᠪᠢᠨ 1945 ᠤᠨ ᠳᠤ ᠰᠢᠨᠵᠢᠶᠠᠩ ᠤᠨ ᠭᠤᠷᠪᠠᠨ ᠤᠷᠤᠨ ᠤ ᠬᠤᠪᠢᠰᠬᠠᠯ ᠾᠧ ᠵᠢᠩ ᠤᠨ | ᠪᠠᠶᠠᠨᠪᠤᠯᠠᠭ ᠲᠤ ᠲᠦᠷᠢᠨ ᠤᠷᠤᠬᠤ ᠳᠤ ᠭᠤᠷᠪᠠᠨ ᠵᠠᠭᠤᠨ ᠮᠤᠩᠭᠤᠯ ᠴᠡᠷᠢᠭ ᠵᠤᠬᠢᠶᠠᠨ ᠪᠠᠶᠢᠭᠤᠯᠵᠤ ᠬᠤᠪᠢᠰᠬᠠᠯ ᠢ | ᠬᠦᠷᠢᠶᠡᠯᠡᠨ ᠨᠤᠳᠤᠭ ᠤᠷᠤᠨ ᠢᠶᠠᠨ ᠬᠠᠮᠠᠭᠠᠯᠠᠭᠰᠠᠨ ᠡᠷᠡᠯᠬᠡᠭ ᠪᠠᠭᠠᠳᠤᠷ ᠡᠮᠡᠭᠳᠠᠢ ᠶᠤᠮ᠃ | 1949 ᠤᠨ ᠳᠤ ᠰᠢᠨᠵᠢᠶᠠᠩ ᠢ ︽ᠨᠠᠶᠢᠷᠠᠮᠳᠠᠯ ᠢᠶᠠᠷ ᠴᠢᠯᠦᠭᠡᠯᠡᠬᠦ︾ ᠳᠤ ᠢᠳᠡᠪᠬᠢᠳᠠᠢ ᠤᠷᠤᠯᠴᠠᠨ | ᠵᠤᠷᠢᠭᠳᠤ ᠬᠠᠨ ᠸᠠᠩ ᠤᠨ ᠤᠷᠳᠤᠨ ᠬᠠᠷᠰᠢ ᠶᠢ ᠪᠦᠷᠢᠨ ᠪᠦᠷᠢᠨ ᠢᠶᠠᠷ ᠨᠢ ᠬᠠᠮᠠᠭᠠᠯᠠᠵᠤ ᠰᠤᠶᠤᠯ ᠤᠨ ᠦᠪ | ᠬᠦᠷᠦᠩᠭᠡ ᠪᠠᠨ ᠬᠠᠮᠠᠭᠠᠯᠠᠭᠰᠠᠨ ᠪᠠᠶᠢᠯ᠎ᠠ᠃ ᠲᠤᠰ ᠵᠢᠯ ᠠᠷᠠᠳ ᠤᠨ ᠴᠢᠯᠦᠭᠡᠯᠡᠬᠦ ᠴᠡᠷᠢᠭ ᠤᠷᠤᠨ ᠨᠤᠳᠤᠭ ᠲᠤᠨᠢ | ᠬᠦᠷᠬᠦ ᠳᠤ ᠲᠡᠷᠡ ᠦᠪᠡᠷ ᠤᠨ ᠦᠩᠭᠡ ᠰᠢᠮᠡᠯᠢᠭ ᠲᠦᠷᠪᠡᠨ ᠲᠦᠮᠡᠨ ᠮᠦ ᠭᠠᠵᠠᠷ ᠳᠠᠷᠢᠶ᠎ᠠ ᠪᠠ ᠪᠠᠭ᠎ᠠ ᠵᠤᠯᠠᠳᠤ ᠶᠢᠨ | ᠳᠠᠯ᠎ᠠ ᠨᠤᠳᠤᠭ ᠢᠶᠠᠨ ᠡᠷᠭᠦᠵᠦ ᠴᠡᠷᠢᠭ ᠠᠩᠭᠢ ᠶᠢᠨ ᠪᠦᠳᠦᠭᠡᠨ ᠪᠠᠶᠢᠭᠤᠯᠤᠯᠳᠠ ᠶᠢ ᠳᠠᠮᠵᠢᠵᠠᠢ᠃ | ᠡᠪ ᠬᠠᠮᠳᠤ ᠨᠠᠮ ᠢ ᠤᠭᠳᠤᠬᠤ ᠶᠡᠭᠡ ᠬᠤᠷᠠᠯ ᠳᠡᠭᠡᠷ᠎ᠡ ᠲᠡᠷᠡ᠄ ︽ᠠᠯᠢᠪᠠ ᠲᠦᠷᠦ ᠶᠢᠨ ᠡᠷᠬᠡ ᠶᠢ ᠴᠦᠮ | ᠠᠷᠠᠳ ᠲᠦᠮᠡᠨ ᠳᠤ ᠪᠤᠴᠠᠭᠠᠨ᠎ᠠ︾ ᠭᠡᠵᠦ ᠲᠤᠩᠬᠠᠭᠯᠠᠵᠠᠢ᠃ | ᠮᠠᠨᠯᠢᠨ ᠤ ᠡᠬᠡ ᠡᠦ ᠵᠢᠩ ᠪᠢᠨ ᠡᠪ ᠬᠠᠮᠳᠤ ᠨᠠᠮ ᠳᠤ ᠤᠷᠤᠬᠤ ᠭᠡᠰᠡᠨ ᠳᠤ᠂ ᠸᠠᠩ ᠷᠧᠨ ᠮᠤᠤ᠄ ︽ᠡᠪ | ᠬᠠᠮᠳᠤ ᠨᠠᠮ ᠳᠤ ᠤᠷᠤᠬᠤ ᠦᠭᠡᠢ ᠪᠤᠯ ᠨᠡᠩ ᠢᠯᠡᠭᠦᠦ ᠨᠠᠮ ᠤᠨ ᠲᠦᠯᠦᠭᠡ ᠰᠠᠶᠢᠨ ᠠᠵᠢᠯᠯᠠᠵᠤ ᠳᠡᠶᠢᠯᠦᠨ᠎ᠡ︾ | ᠭᠡᠰᠡᠨ ᠠᠴᠠ ᠬᠦᠰᠡᠯ ᠨᠢ ᠪᠡᠶᠡᠯᠡᠭᠳᠡᠭᠰᠡᠨ ᠦᠭᠡᠢ᠃ ᠲᠡᠷᠡ ᠨᠠᠮ᠂ ᠠᠷᠠᠳ ᠲᠦᠮᠡᠨ ᠢ ᠢᠳᠡᠭᠡᠨ ᠲᠦᠰᠢᠭᠯᠡᠵᠦ ᠬᠦᠦ | ᠦᠬᠢᠨ ᠢᠶᠠᠨ ᠪᠦᠷ ᠨᠠᠮ ᠠᠷᠠᠳ ᠲᠦᠮᠡᠨ ᠳᠤ ᠲᠤᠰᠢᠶᠠᠨ ᠨᠠᠶᠢᠳᠠᠵᠤ ᠬᠤᠪᠢᠰᠬᠠᠯ ᠳᠤ ᠤᠷᠤᠯᠴᠠᠭᠤᠯᠪᠠ᠃ ᠡᠦ ᠵᠢᠩ | ᠪᠢᠨ ᠤ ᠬᠡᠦᠬᠡᠨ ᠮᠠᠨᠯᠢᠨ᠂ ᠡᠬᠡ ᠶᠢᠨ ᠢᠶᠠᠨ ᠬᠦᠰᠡᠯ ᠢ ᠲᠡᠷᠭᠡᠯᠰᠢᠭᠦᠯᠦᠨ ᠡᠪ ᠬᠠᠮᠳᠤ ᠨᠠᠮ ᠤᠨ ᠭᠡᠰᠢᠭᠦᠨ ᠪᠤᠯᠵᠠᠢ᠃ | ᠡᠦ ᠵᠢᠩ ᠪᠢᠨ ᠡᠷᠬᠢᠮ ᠳᠡᠭᠡᠳᠦ ᠵᠠᠩ ᠴᠢᠨᠠᠷ ᠲᠠᠢ᠂ ᠪᠤᠯᠪᠠᠰᠤᠨ ᠶᠤᠰᠤ ᠮᠤᠷᠠᠯ ᠲᠠᠢ ᠮᠤᠩᠭᠤᠯ ᠡᠮᠡᠭᠳᠠᠢ | ᠪᠠᠶᠢᠵᠠᠢ᠃ ᠨᠢᠭᠡ ᠤᠳᠠᠭ᠎ᠠ ᠳᠡᠭᠦᠨ ᠤ ᠵᠠᠷᠤᠴᠠ ᠨᠢ ᠡᠦ ᠵᠢᠩ ᠪᠢᠨ ᠤ ᠲᠦᠷᠬᠦᠮ ᠤᠨ ᠮᠤᠷᠳᠠᠭᠤᠯ ᠤᠨ ᠪᠡᠯᠡᠭ | ᠪᠤᠯᠬᠤ ᠬᠠᠮᠤᠭ ᠦᠨᠡᠳᠠᠢ ᠡᠳ᠋ — ᠹᠠᠷᠠᠨᠼᠢ ᠶᠢᠨ ᠠᠯᠳᠠᠨ ᠴᠠᠭ ᠢ ᠬᠠᠭᠠᠯᠤᠭᠠᠳ ᠠᠶᠤᠨ ᠰᠠᠨᠳᠤᠷᠴᠤ ᠳᠡᠭᠦᠨ ᠳᠤ | ᠰᠦᠭᠦᠳᠴᠦ ᠠᠭᠤᠴᠢᠯᠠᠯ ᠭᠤᠶᠤᠭᠰᠠᠨ᠎ᠠ᠂ ᠳᠡᠷᠡ ᠳᠡᠭᠦᠨ ᠢ ᠡᠷᠭᠦᠨ ᠪᠤᠰᠬᠠᠭᠠᠳ ︽ᠠᠯᠳᠠᠨ ᠴᠠᠭ ᠶᠠᠭᠠᠬᠢᠵᠤ | ᠬᠤᠪᠤᠷ ᠦᠨᠡᠳᠠᠢ ᠡᠷᠬᠢᠮ ᠴᠦ ᠬᠡᠷᠬᠢᠨ ᠴᠢᠨᠤ ᠬᠢᠷᠢ ᠦᠨᠡᠳᠠᠢ ᠪᠤᠢ᠂ ᠴᠢᠮᠠᠢᠢ ᠶᠠᠭᠠᠬᠢᠨ ᠬᠦᠷᠬᠦ ᠪᠤᠢ︾ ᠭᠡᠰᠡᠨ ᠭᠡᠨ᠎ᠡ | ᠃ ᠬᠡᠷᠪᠡ ᠱᠠᠨ ᠭᠦᠨ ᠪᠤᠯᠤᠭᠰᠠᠨ ᠪᠤᠯ ᠪᠠᠷᠠᠯ᠎ᠠ᠂ ᠬᠦᠭᠡᠷᠦᠬᠦᠢ ᠡᠨᠡ ᠵᠠᠷᠤᠴᠠ ᠶᠢᠨ ᠠᠮᠢ ᠶᠢ ᠠᠪᠤᠭᠰᠠᠨ ᠪᠠᠶᠢᠬᠤ | ᠳ᠋ᠠ︹29︺᠃ | ᠡᠦ ᠵᠢᠩ ᠪᠢᠨ ᠪᠠᠶᠠᠭᠭᠤᠤᠯ ᠮᠤᠩᠭᠤᠯ ᠦᠨᠳᠦᠰᠦᠳᠡᠨ ᠤ ᠦᠪᠡᠷᠳᠡᠭᠡᠨ ᠵᠠᠰᠠᠬᠤ ᠵᠸᠦ ᠶᠢᠨ ᠰᠣᠳᠤᠨ ᠬᠦᠮᠦᠨ | ᠢᠶᠠᠷ ᠰᠤᠩᠭᠤᠭᠳᠠᠨ ᠳᠡᠮᠳᠡᠭᠯᠡᠭᠳᠡᠵᠠᠢ᠃ | ︽ᠰᠤᠶᠤᠯ ᠤᠨ ᠶᠡᠭᠡ ᠬᠤᠪᠢᠰᠬᠠᠯ︾ ᠤᠨ ᠡᠮᠦᠨ᠎ᠡ ᠡᠦ ᠵᠢᠩ ᠪᠢᠨ ᠰᠢᠨᠵᠢᠶᠠᠩ ᠤᠨ ᠦᠪᠡᠷᠳᠡᠭᠡᠨ ᠵᠠᠰᠠᠬᠤ | ᠤᠷᠤᠨ ᠤ ᠤᠯᠤᠰ ᠲᠦᠷᠦ ᠶᠢᠨ ᠵᠦᠪᠯᠡᠯᠭᠡᠨ ᠤ ᠨᠠᠷᠢᠨ ᠪᠢᠴᠢᠭ ᠤᠨ ᠳᠠᠷᠤᠭ᠎ᠠ᠂ ᠵᠠᠰᠠᠭ ᠤᠨ ᠭᠠᠵᠠᠷ ᠤᠨ | ᠵᠦᠪᠯᠡᠭᠴᠢ ᠶᠢᠨ ᠲᠤᠰᠢᠶᠠᠯ ᠲᠠᠢ ᠪᠠᠶᠢᠵᠤ᠂ ᠦᠪᠡᠷ ᠤᠨ ᠭᠡᠷ ᠲᠦᠷᠦᠯ ᠤᠨ ᠳᠡᠦᠬᠡ ᠰᠤᠳᠤᠷ ᠢᠶᠠᠨ ᠡᠮᠬᠢᠯᠡᠵᠦ | ᠪᠠᠶᠢᠪᠠ᠃ ᠵᠠᠰᠠᠭ ᠤᠨ ᠭᠠᠵᠠᠷ ᠠᠴᠠ ᠤᠨᠴᠠᠭᠠᠢ ᠬᠠᠷᠠᠭᠠᠯᠵᠠᠯ ᠬᠦᠷᠳᠡᠭᠡᠬᠦ ᠳᠤ ᠠᠪᠤᠭᠰᠠᠨ ᠦᠭᠡᠢ᠂ ︽ᠰᠤᠶᠤᠯ ᠤᠨ | ᠬᠤᠪᠢᠰᠬᠠᠯ︾ ᠤᠨ ᠬᠢᠯᠢᠰ ᠢ ᠴᠠᠭᠠᠳᠬᠠᠭᠰᠠᠨ ᠳᠠᠷᠠᠭ᠎ᠠ ᠮᠦᠨ ᠲᠤᠰᠢᠶᠠᠯ ᠢ ᠨᠢ ᠰᠡᠷᠭᠦᠭᠡᠪᠡ᠃ | ᠡᠦ ᠵᠢᠩ ᠪᠢᠨ 1975 ᠤᠨ ᠳᠤ ᠦᠷᠦᠮᠴᠢ ᠳᠤ ᠨᠠᠰᠤ ᠪᠠᠷᠠᠵᠠᠢ᠂ ᠨᠠᠰᠤᠨ ᠰᠡᠭᠦᠳᠡᠷ ᠰᠠᠶ᠋ᠢ ᠵᠢᠷᠠᠨ ᠨᠢᠭᠡ | ᠲᠠᠢ︹30︺᠃ | ᠭᠦᠩᠰᠡᠩᠨᠤᠷᠪᠤ ᠴᠢᠨ ᠸᠠᠩ ᠤᠨ ᠬᠡᠦᠬᠡᠨ ᠡᠦ ᠵᠢᠩ ᠪᠢᠨ ᠤ ᠨᠢᠭᠡ ᠨᠠᠰᠤ ᠠᠰᠤᠷᠤ ᠨᠠᠷᠢᠨ ᠪᠤᠳᠤᠯᠢᠶᠠᠨ ᠲᠠᠢ | ᠭᠠᠰᠢᠭᠤᠨ ᠡᠭᠡᠭᠦᠨ᠂ ᠮᠦᠨ ᠴᠦ ᠪᠠᠶᠠᠨ ᠡᠷᠬᠢᠮ ᠵᠤᠯ ᠵᠢᠷᠭᠠᠯ ᠲᠠᠢ ᠭᠡᠵᠦ ᠴᠦ ᠪᠤᠯᠤᠨ᠎ᠠ᠃ ᠪᠠᠯᠴᠢᠷ ᠪᠠᠭ᠎ᠠ ᠨᠠᠰᠤᠨ | ᠳᠤ ᠦᠨᠦᠴᠢᠨ ᠦᠷᠦᠭᠡᠰᠦᠨ ᠤ ᠵᠤᠪᠠᠯᠠᠩ ᠢ ᠠᠮᠰᠠᠯ᠎ᠠ᠃ ᠬᠠᠷᠢ ᠳᠤ ᠮᠤᠷᠳᠠᠭᠠᠳ ᠬᠠᠨ ᠸᠠᠩ ᠤᠨ ᠬᠠᠳᠤᠨ ᠪᠤᠯᠵᠤ | ᠤᠯᠤᠰ ᠲᠦᠷᠦ ᠶᠢᠨ ᠳᠠᠪᠴᠠᠩ ᠳᠡᠭᠡᠷ᠎ᠡ ᠦᠩᠭᠡ ᠵᠢᠪᠬᠤᠭ᠎ᠠ ᠲᠠᠢ ᠶᠠᠪᠤᠯ᠎ᠠ᠃ ᠭᠤᠮᠢᠨᠳᠠᠩ ᠪᠠ ᠡᠪ ᠬᠠᠮᠳᠤ ᠨᠠᠮ ᠳᠤ | ᠪᠦᠷ ᠠᠩᠬᠠᠷᠤᠭᠳᠠᠨ ᠬᠦᠨᠳᠦᠳᠬᠡᠭᠳᠡᠭᠰᠡᠨ ᠡᠮᠡᠭᠳᠠᠢ ᠤᠯᠤᠰ ᠲᠦᠷᠦᠴᠢ᠃ ᠲᠡᠷᠡ ᠬᠠᠷ᠎ᠠ ᠭᠡᠷ ᠤᠨ ᠬᠠᠳᠠᠭᠠᠰᠤ ᠴᠦ | ᠪᠤᠯᠵᠤ ᠰᠠᠭᠤᠯ᠎ᠠ᠃ ᠡᠨᠡ ᠪᠦᠬᠦᠨ ᠳᠡᠭᠦᠨ ᠤ ᠨᠢᠭᠡ ᠨᠠᠰᠤ ᠪᠤᠯ ᠲᠤᠷᠭᠤᠳ ᠮᠤᠩᠭᠤᠯ ᠤᠨ ᠡᠷᠬᠡ ᠠᠰᠢᠭ ᠬᠢᠭᠡᠳ | ᠮᠤᠩᠭᠤᠯ ᠨᠤᠳᠤᠭ ᠤᠷᠤᠨ ᠢᠶᠠᠨ ᠬᠠᠶᠢᠷᠠᠯᠠᠨ ᠬᠠᠮᠠᠭᠠᠯᠠᠵᠤ ᠡᠷᠬᠡ ᠮᠡᠳᠡᠯ ᠲᠠᠢ᠂ ᠠᠷᠠᠳᠴᠢᠯᠠᠯ ᠲᠠᠢ ᠬᠦᠭᠵᠢᠯ | ᠪᠠᠳᠠᠷᠠᠯ ᠲᠠᠢ ᠪᠤᠯᠭᠠᠬᠤ ᠶᠢᠨ ᠲᠦᠯᠦᠭᠡ ᠠᠯᠢᠪᠠ ᠪᠠᠨ ᠵᠤᠷᠢᠭᠤᠯᠤᠭᠰᠠᠨ ᠨᠢᠭᠡ ᠨᠠᠰᠤ ᠮᠦᠨ᠃ ᠡᠪ ᠬᠠᠮᠳᠤ ᠨᠠᠮ | ᠢᠶᠠᠨ ᠬᠦᠷᠢᠶᠡᠯᠡᠵᠦ᠂ ᠠᠷᠠᠳ ᠲᠦᠮᠡᠨ ᠢᠶᠠᠨ ᠬᠠᠶᠢᠷᠠᠯᠠᠨ᠂ ᠦᠨᠳᠦᠰᠦᠳᠡᠨ ᠢᠶᠠᠨ ᠬᠦᠭᠵᠢᠭᠦᠯᠦᠨ ᠮᠠᠨᠳᠤᠭᠤᠯᠬᠤ ᠶᠢᠨ | ᠲᠤᠯᠠ ᠵᠢᠳᠬᠦᠭᠰᠡᠨ ᠡᠬᠡ ᠤᠷᠤᠨᠴᠢ ᠦᠵᠡᠯᠳᠡᠨ᠂ ᠭᠠᠷᠮᠠᠭᠠᠢ ᠵᠢᠳᠬᠦᠯᠳᠠᠢ ᠲᠤᠷᠭᠤᠳ ᠤᠨ ᠪᠡᠷᠢ᠂ ᠭᠦᠩᠰᠡᠩᠨᠤᠷᠪᠤ | ᠶᠢᠨ ᠰᠢᠯᠢᠳᠡᠭ ᠦᠬᠢᠨ᠂ ᠰᠢᠯᠢᠳᠡᠭ ᠮᠤᠩᠭᠤᠯ ᠬᠡᠦᠬᠡᠨ ᠭᠡᠵᠦ ᠪᠢ ᠬᠤᠪᠢᠨ ᠳᠤ ᠪᠠᠨ ᠬᠦᠨᠳᠦᠳᠬᠡᠨ ᠪᠢᠰᠢᠷᠡᠨ᠎ᠡ᠃ | ︵ᠦᠷᠭᠦᠯᠵᠢᠯᠡᠯ ᠪᠤᠢ︶ | | | ᠬᠤᠳᠤᠷᠠᠩᠭ᠎ᠠ ᠵᠤᠬᠢᠶᠠᠪᠠ᠃ | | ︽ᠳᠤᠷᠠᠰᠤᠯ ᠳᠤ ᠮᠦᠩᠬᠡᠷᠡᠬᠦ ᠬᠤᠷᠸ᠎ᠠ︾ ︵ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ | ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ 2014 ᠤᠨ ᠤ 3 ᠰᠠᠷ᠎ᠠ ᠶᠢᠨ ᠠᠩᠬᠠᠳᠤᠭᠠᠷ ᠬᠡᠪ︶ | ᠭᠡᠬᠦ ᠨᠤᠮ ᠠᠴᠠ ᠰᠤᠩᠭᠤᠪᠠ᠃ |