ᠬᠠᠯᠢᠮᠠᠭ ᠮᠣᠩᠭᠤᠯ ᠤᠨ ᠵᠢᠭᠡ ᠬᠦᠦ ᠯᠧᠨᠢᠨ᠂ ᠬᠠᠷᠠᠴᠢᠨ ᠸᠠᠩ ᠭᠦᠩᠰᠡᠩᠨᠤᠷᠪᠤ ᠶᠢᠨ ᠵᠢᠭᠡ ᠣᠬᠢᠨ ᠮᠠᠨᠯᠢᠨ ︵ᠳᠠᠪᠤ︶
ᠨᠡᠶᠢᠲᠡᠯᠡᠭᠰᠡᠨ ᠴᠠᠭ᠄
2019/2/22
     ᠠᠷᠪᠠ᠂ ᠭᠦᠩᠰᠡᠩᠨᠤᠷᠪᠤ ᠶᠢᠨ ᠵᠢᠭᠡ ᠦᠬᠢᠨ ᠮᠠᠨᠯᠢᠨ      ᠮᠠᠨᠯᠢᠨ ᠲᠤᠷᠭᠤᠳ ᠮᠤᠩᠭᠤᠯ ᠤᠨ ᠬᠠᠮᠤᠭ ᠰᠡᠭᠦᠯᠴᠢ ᠶᠢᠨ ᠭᠦᠩᠵᠦ᠃ ᠡᠬᠡ ᠨᠢ ᠡᠦ ᠵᠢᠩ ᠪᠢᠨ ᠪᠤᠯ ᠤᠭ  ᠤᠨ ᠵᠤᠰᠤᠳᠤ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ᠤ ᠠᠯᠳᠠᠷ ᠶᠡᠬᠡᠳᠦ ᠴᠢᠨ ᠸᠠᠩ ᠭᠦᠩᠰᠡᠩᠨᠤᠷᠪᠤ  ᠶᠢᠨ ᠲᠦᠷᠦᠭᠰᠡᠨ ᠬᠡᠦᠬᠡᠨ᠃ ᠲᠡᠷᠡ ᠲᠤᠷᠭᠤᠳ ᠮᠤᠩᠭᠤᠯ ᠤᠨ ᠬᠠᠨ ᠸᠠᠩ ᠮᠠᠨᠴᠤᠭᠵᠠᠪ ᠲᠤ ᠮᠤᠷᠳᠠᠭᠰᠠᠨ ᠤ ᠳᠠᠷᠠᠭ᠎ᠠ 1931 ᠤᠨ ᠳᠤ ᠡᠬᠡ ᠬᠦᠦ ᠵᠠᠶᠠᠭᠠᠵᠠᠢ᠃ ᠨᠡᠷ᠎ᠡ ᠨᠢ ᠭᠤᠮᠪᠤᠳᠧᠵᠢᠳ᠂ 1938 ᠤᠨ ᠳᠤ ᠵᠠᠶᠠᠭᠠᠭᠰᠠᠨ ᠬᠡᠦᠬᠡᠨ ᠨᠢ ᠮᠠᠨᠯᠢᠨ ᠭᠦᠩᠵᠦ᠃ ᠮᠤᠩᠭᠤᠯ ᠨᠡᠷ᠎ᠡ ᠨᠢ ᠰᠤᠪᠤᠳ ︵ᠰᠣᠪᠤᠰᠠᠢ︶᠃ ᠠᠭᠠᠷ ᠤᠨ ᠴᠡᠷᠢᠭ  ᠶᠢᠨ ᠰᠤᠷᠭᠠᠭᠤᠯᠢ ᠶᠢᠨ ᠪᠠᠭᠰᠢ᠂ ᠳᠡᠳ᠋ ᠫᠷᠤᠹᠧᠰᠰᠤᠷ᠂ ᠠᠰᠫᠢᠷᠠᠨᠲ ᠵᠢᠯᠤᠭᠤᠳᠤᠭᠴᠢ ᠪᠠᠭᠰᠢ᠃ ᠬᠤᠷᠠᠩᠳᠠ ᠴᠤᠯᠠ  ᠲᠠᠢ᠃      ᠮᠠᠨᠯᠢᠨ ︵满琳︶ ᠠᠮᠠᠷᠠᠯᠳᠠ ᠠᠪᠴᠤ ᠳᠡᠳᠬᠦᠪᠦᠷᠢ ᠳᠤ ᠭᠠᠷᠤᠭᠰᠠᠨ ᠤ ᠳᠠᠷᠠᠭ᠎ᠠ ᠦᠪᠡᠷ ᠤᠨ ᠨᠠᠮᠳᠠᠷᠴᠢᠯᠠᠭᠰᠠᠨ ᠳᠡᠦᠬᠡ ︽ᠲᠤᠷᠭᠤᠳ ᠬᠡᠦᠬᠡᠨ︾ ᠭᠡᠬᠦ ᠨᠤᠮ ᠪᠢᠴᠢᠭᠰᠡᠨ ᠪᠠ ᠨᠠᠭᠠᠴᠤ ᠡᠪᠦᠭᠡ ᠭᠦᠩᠰᠡᠩᠨᠤᠷᠪᠤ ᠵᠢᠴᠢ ᠦᠪᠡᠷ ᠤᠨ ᠲᠦᠷᠦᠭᠰᠡᠨ ᠡᠴᠢᠭᠡ ᠡᠬᠡ ᠪᠠᠨ ᠡᠷᠭᠢᠴᠡᠭᠦᠯᠦᠨ ᠲᠤᠷᠠᠳᠬᠠᠨ ᠪᠢᠴᠢᠵᠦ ᠪᠠᠶᠢᠨ᠎ᠠ᠃      ᠮᠠᠨᠯᠢᠨ 2007 ᠤᠨ ᠳᠤ ᠤᠯᠠᠭᠠᠨᠬᠠᠳᠠ ᠬᠤᠳᠠ ᠶᠢᠨ ᠬᠠᠷᠠᠴᠢᠨ ᠬᠤᠰᠢᠭᠤᠨ ᠤ ᠤᠷᠢᠯᠭ᠎ᠠ ᠪᠠᠷ ᠰᠢᠨᠵᠢᠶᠠᠩ ᠠᠴᠠ ᠦᠷ᠎ᠡ ᠬᠡᠦᠬᠡᠳ ᠢᠶᠠᠨ ᠳᠠᠭᠠᠭᠤᠯᠵᠤ᠂ ᠡᠯᠢᠭᠡᠨ ᠬᠠᠶᠢᠷᠠᠳᠤ ᠡᠵᠢ ᠶᠢᠨ ᠢᠶᠠᠨ ᠡᠪᠦᠭᠡ ᠳᠡᠭᠡᠳᠦ ᠶᠢᠨ ᠨᠤᠳᠤᠭ ᠤᠰᠤ᠂ ᠤᠷᠳᠤᠨ ᠬᠠᠷᠰᠢ ᠲᠠᠢ ᠳᠠᠨᠢᠯᠴᠠᠪᠠ᠃      ᠮᠠᠨᠯᠢᠨ ᠤ ᠠᠬ᠎ᠠ ᠭᠤᠮᠪᠤᠳᠧᠵᠢᠳ ︵满光强 1931- 1992︶᠂ 1937 ᠤᠨ ᠳᠤ ᠲᠤᠯᠤᠭᠠᠨ ᠨᠠᠰᠤᠳᠠᠢ ᠬᠠᠨ ᠰᠠᠭᠤᠵᠤ᠂ ᠳᠡᠭᠦᠨ ᠤ 16 ᠨᠠᠰᠤᠨ᠎ᠠ ᠬᠤᠶᠠᠳᠡᠬᠢ ᠤᠳᠠᠭ᠎ᠠ ᠲᠤᠷᠭᠤᠳ ᠮᠤᠩᠭᠤᠯ ᠤᠨ ᠬᠠᠨ ᠰᠠᠭᠤᠷᠢᠨ ᠳᠤ ᠭᠠᠷᠴᠠᠢ᠃ ᠬᠤᠵᠢᠮ ᠨᠢ ᠳᠤᠮᠳᠠᠳᠤ ᠤᠯᠤᠰ ᠤᠨ ᠳᠠᠭᠤᠤ ᠬᠦᠭᠵᠢᠮ ᠤᠨ ᠳᠡᠭᠡᠳᠦ ᠰᠤᠷᠭᠠᠭᠤᠯᠢ ᠳᠤ ᠬᠦᠷᠭᠡᠭᠳᠡᠨ ᠰᠤᠷᠤᠯᠴᠠᠭᠠᠳ ᠬᠦᠭᠵᠢᠮ ᠤᠨ ᠤᠳᠤᠷᠢᠳᠤᠭᠠᠴᠢ ᠪᠤᠯᠪᠠ᠃ ᠭᠤᠮᠪᠤᠳᠧᠵᠢᠳ ᠲᠤᠷᠭᠤᠳ ᠮᠤᠩᠭᠤᠯ ᠤᠨ ᠬᠠᠨ ᠤ 27 ᠳ᠋ᠤᠭᠠᠷ ᠦᠶ᠎ᠡ ᠶᠢᠨ ᠬᠤᠶᠢᠴᠢᠰ᠂ ᠤᠪᠰᠢ ᠬᠠᠨ ᠤ 13 ᠳ᠋ᠤᠭᠠᠷ ᠦᠶ᠎ᠡ  ᠶᠢᠨ ᠰᠠᠯᠳᠠᠷ᠂ ᠲᠤᠷᠭᠤᠳ ᠮᠤᠩᠭᠤᠯ ᠤᠨ ᠬᠠᠮᠤᠭ ᠰᠡᠭᠦᠯᠴᠢ ᠶᠢᠨ ᠬᠠᠨ ᠪᠤᠯᠤᠨ᠎ᠠ᠃      ᠭᠤᠮᠪᠤᠳᠧᠵᠢᠳ ᠬᠠᠨ ᠡᠴᠢᠭᠡ ᠮᠠᠨᠴᠤᠭᠵᠠᠪ ᠢᠶᠠᠷ ᠢᠶᠠᠨ ᠪᠤᠳᠤᠪᠠᠯ ᠲᠤᠩ ᠪᠤᠶᠠᠨ ᠲᠠᠢ᠃ ᠡᠴᠢᠭᠡ ᠮᠠᠨᠴᠤᠭᠵᠠᠪ ᠨᠢ ᠲᠤᠷᠰᠢ 8 ᠵᠢᠯ ᠭᠤᠮᠢᠨᠳᠠᠩ ᠤᠨ ᠭᠢᠨᠳᠠᠨ ᠤ ᠬᠠᠳᠠᠭᠠᠰᠤ ᠪᠤᠯᠵᠤ ᠪᠡᠶ᠎ᠡ ᠵᠡᠮᠳᠡᠭ ᠮᠡᠳᠡᠷᠡᠯ ᠤᠨ ᠡᠪᠡᠳᠴᠢᠨ ᠲᠠᠢ ᠪᠤᠯᠵᠠᠢ᠃ 1937 ᠤᠨ ᠤ 10 ᠰᠠᠷ᠎ᠠ ᠶᠢᠨ 12 ᠤ ᠡᠳᠦᠷ ᠭᠤᠮᠢᠨᠳᠠᠩ ᠤᠨ ᠰᠢᠨᠵᠢᠶᠠᠩ ᠤᠨ ᠡᠵᠡᠷᠬᠡᠭᠴᠢ ᠭᠤᠮᠢᠨᠳᠠᠩ ᠤᠨ ᠵᠠᠰᠠᠭ ᠤᠨ ᠲᠦᠯᠦᠭᠡᠯᠡᠭᠴᠢ᠂ ᠲᠦᠷᠪᠡᠨ ᠶᠡᠭᠡ ᠬᠦᠷᠦᠩᠭᠡᠳᠡᠨ ᠤ ᠨᠢᠭᠡ ᠪᠤᠯᠤᠭᠴᠢ ᠴᠧᠨ ᠯᠢ ᠹᠦ᠋᠂ ᠱᠧᠩ ᠱᠢ ᠽᠠᠢ ᠶᠢ ᠤᠭᠳᠤᠬᠤ ᠳᠠᠶᠢᠯᠠᠯᠭ᠎ᠠ ᠳᠡᠭᠡᠷ᠎ᠡ ᠡᠴᠢᠭᠡ ᠶᠢ ᠨᠢ ᠪᠠᠷᠢᠪᠴᠢᠯᠠᠭᠰᠠᠨ ᠪᠦᠭᠡᠳ ᠡᠪ ᠬᠠᠮᠳᠤ ᠨᠠᠮ ᠤᠨ ᠰᠢᠯᠢᠳᠡᠭ ᠭᠡᠰᠢᠭᠦᠨ ᠮᠠᠤ ᠽᠧ ᠮᠢᠨ᠂ ᠯᠢᠨ ᠵᠢᠢ ᠯᠦ᠂ ᠴᠧᠨ ᠳᠠᠨ ᠴᠢᠦ ᠨᠠᠷ ᠢ ᠬᠤᠤᠷᠯᠠᠭᠰᠠᠨ ᠪᠠᠶᠢᠳᠠᠭ᠃      ᠮᠠᠨᠯᠢᠨ ᠭᠦᠩᠵᠦ ᠴᠦ ᠪᠤᠶᠠᠨ ᠵᠠᠪᠰᠢᠶᠠᠨ ᠲᠠᠢ ᠭᠦᠩᠵᠦ᠃ ᠲᠡᠷᠡ ᠪᠡᠭᠡᠵᠢᠩ ᠤᠨ ᠦᠨᠳᠦᠰᠦᠳᠡᠨ ᠤᠨ ᠳᠡᠭᠡᠳᠦ ᠰᠤᠷᠭᠠᠭᠤᠯᠢ ᠳᠤ ᠬᠦᠷᠭᠡᠭᠳᠡᠨ ᠰᠤᠷᠤᠯᠴᠠᠪᠠ᠃ ᠡᠬᠡ ᠨᠢ ᠳᠡᠭᠦᠨ ᠢ ︽ᠰᠠᠶᠢᠳᠤᠷ ᠰᠤᠷᠤᠯᠴᠠᠬᠤ ᠬᠡᠷᠡᠭᠲᠠᠢ᠂ ᠡᠪ ᠬᠠᠮᠳᠤ ᠵᠠᠯᠠᠭᠤᠰ ᠤᠨ ᠡᠪᠯᠡᠯ ᠳᠤ ᠤᠷᠤᠬᠤ ᠬᠡᠷᠡᠭᠲᠠᠢ᠂ ᠡᠪ ᠬᠠᠮᠳᠤ ᠨᠠᠮ ᠢ ᠢᠳᠡᠭᠡᠬᠦ ᠬᠡᠷᠡᠭᠲᠠᠢ︾ ᠭᠡᠵᠦ ᠵᠤᠷᠢᠭᠵᠢᠭᠤᠯᠵᠤ ᠪᠠᠶᠢᠭᠰᠠᠨ ᠭᠡᠨ᠎ᠡ᠃ ᠮᠠᠨᠯᠢᠨ ᠳᠡᠭᠡᠳᠦ ᠳᠤᠮᠳᠠᠳᠤ ᠶᠢᠨ ᠭᠤᠷᠪᠠᠳᠤᠭᠠᠠᠷ ᠤᠨ ᠳᠤ ᠪᠠᠨ ᠡᠪᠯᠡᠯ ᠳᠤ ᠤᠷᠤᠵᠠᠢ᠃ ᠳᠡᠭᠦᠨ ᠢ ᠶᠡᠭᠡ ᠰᠤᠷᠭᠠᠭᠤᠯᠢ ᠳᠤ ᠰᠢᠯᠭᠠᠬᠤ ᠳᠤ ᠡᠵᠢ ᠨᠢ ︽ᠴᠢᠨᠤ ᠭᠡᠷ ᠭᠠᠷᠤᠯ᠂ ᠨᠡᠶᠢᠭᠡᠮ ᠤᠨ ᠬᠠᠷᠢᠴᠠᠭ᠎ᠠ ᠮᠠᠭᠤ ᠲᠤᠯᠠ ᠳᠡᠦᠬᠡ᠂ ᠤᠯᠤᠰ ᠲᠦᠷᠦ᠂ ᠤᠳᠬ᠎ᠠ ᠵᠤᠬᠢᠶᠠᠯ ᠵᠡᠷᠬᠡ ᠶᠢ ᠰᠤᠷᠬᠤ ᠭᠡᠷᠡᠭ ᠦᠭᠡᠢ᠃ ᠬᠠᠷᠢᠨ ᠲᠤᠭ᠎ᠠ᠂ ᠬᠢᠮᠢ᠂ ᠹᠢᠽᠢᠺ ᠰᠤᠷᠴᠤ ᠨᠢᠭᠡᠨ ᠵᠦᠢᠯ ᠤᠨ ᠮᠡᠷᠭᠡᠵᠢᠯ ᠡᠵᠡᠮᠰᠢᠪᠡᠯ ᠴᠢᠨᠤ ᠢᠷᠡᠭᠡᠳᠦᠢ ᠳᠤ ᠳᠤᠰᠠ ᠪᠤᠯᠤᠨ᠎ᠠ︾ ᠭᠡᠰᠡᠨ ᠭᠡᠨ᠎ᠡ᠃      ᠮᠠᠨᠯᠢᠨ ᠦᠨᠳᠦᠷ ᠳᠤᠮᠳᠠᠳᠤ ᠳᠤ ᠰᠤᠷᠤᠯᠴᠠᠵᠤ ᠪᠠᠶᠢᠬᠤ ᠳᠤ ᠪᠠᠨ ᠨᠠᠶᠢᠵᠠ ᠲᠠᠢ ᠪᠤᠯᠤᠭᠰᠠᠨ᠎ᠠ ᠡᠵᠢ ᠨᠢ ᠳᠡᠭᠦᠨ ᠢ ︽ᠴᠢ ᠭᠡᠷ ᠭᠠᠷᠤᠯ᠂ ᠨᠡᠶᠢᠭᠡᠮ ᠤᠨ ᠬᠠᠷᠢᠴᠠᠭ᠎ᠠ ᠮᠠᠭᠤ ᠬᠦᠮᠦᠨ ᠢ ᠡᠷᠢᠵᠦ ᠪᠤᠯᠬᠤ ᠦᠭᠡᠢ ᠁ ᠤᠯᠤᠰ ᠲᠦᠷᠦ᠂ ᠳᠡᠦᠬᠡ ᠶᠢᠨ ᠠᠰᠠᠭᠤᠳᠠᠯ ᠳᠠᠨ ᠤ ᠵᠤᠯ ᠵᠢᠷᠭᠠᠯᠳᠤ ᠠᠮᠢᠳᠤᠷᠠᠯ ᠢ ᠨᠦᠯᠦᠭᠡᠯᠡᠬᠦ ᠶᠤᠮ︾ ᠭᠡᠵᠦ ᠬᠡᠦᠬᠡᠨ ᠤ ᠪᠠᠨ ᠢᠷᠡᠭᠡᠳᠦᠢ ᠶᠢᠨ ᠠᠮᠢᠳᠤᠷᠠᠯ᠂ ᠵᠤᠯ ᠵᠢᠷᠭᠠᠯ ᠤᠨ ᠲᠦᠯᠦᠭᠡ ᠵᠢᠷᠦᠬᠡ ᠰᠡᠳᠬᠢᠯ ᠢᠶᠠᠨ ᠴᠢᠯᠡᠭᠡᠵᠦ ᠪᠠᠶᠢᠵᠠᠢ᠃      ᠮᠠᠨᠯᠢᠨ ᠤ ᠬᠠᠮᠤᠭ ᠠᠩᠬᠠᠨ ᠤ ᠢᠨᠠᠭᠯᠠᠵᠤ ᠪᠠᠶᠢᠭᠰᠠᠨ ᠵᠠᠯᠠᠭᠤ ᠵᠦᠪᠯᠡᠯᠳᠦ ᠬᠤᠯᠪᠤᠭᠠᠳᠤ ᠤᠯᠤᠰ ᠲᠤ ᠪᠠᠳᠤᠯᠠᠨ ᠬᠦᠷᠭᠡᠭᠳᠡᠵᠦ ᠰᠤᠷᠤᠯᠴᠠᠬᠤ ᠤᠴᠢᠷ ᠰᠤᠷᠭᠠᠭᠤᠯᠢ ᠶᠢᠨ ᠳᠠᠷᠤᠭ᠎ᠠ ᠨᠢ ᠮᠠᠨᠯᠢᠨ ᠢ ᠳᠠᠭᠤᠳᠠᠵᠤ ︽ᠳᠠᠨ ᠤ ᠭᠡᠷ ᠭᠠᠷᠤᠯ᠂ ᠨᠡᠶᠢᠭᠡᠮ ᠤᠨ ᠬᠠᠷᠢᠴᠠᠭ᠎ᠠ ᠳᠡᠭᠦᠨ ᠢ ᠨᠦᠯᠦᠭᠡᠯᠡᠨ᠎ᠡ ᠁︾ ᠭᠡᠰᠡᠨ ᠳᠤ ᠮᠠᠨᠯᠢᠨ ᠬᠠᠷᠢᠴᠠᠭ᠎ᠠ ᠪᠠᠨ ᠳᠠᠰᠤᠯᠬᠤ ᠪᠠᠷ ᠳᠤᠭᠳᠠᠭᠰᠠᠨ ᠭᠡᠨ᠎ᠡ᠃ ᠡᠷᠡᠭᠳᠠᠢ ᠨᠠᠶᠢᠵᠠ ᠨᠢ ᠬᠠᠶᠢᠷ᠎ᠠ ᠰᠡᠳᠬᠢᠯᠭᠡ ᠶᠢᠨ ᠬᠠᠷᠢᠴᠠᠭ᠎ᠠ ᠪᠠᠨ ᠳᠠᠰᠤᠯᠬᠤ ᠦᠭᠡᠢ ᠭᠡᠰᠡᠨ ᠳᠤ ᠮᠠᠨᠯᠢᠨ ᠳᠡᠭᠦᠨ ᠤ ᠠᠯᠤᠰ ᠢᠷᠡᠭᠡᠳᠦᠢ ᠶᠢ ᠨᠦᠯᠦᠭᠡᠯᠡᠬᠦ ᠦᠭᠡᠢ ᠭᠡᠵᠦ ᠬᠠᠷᠢᠴᠠᠭ᠎ᠠ  ᠪᠠᠨ ᠨᠢᠭᠡᠮᠦᠰᠦᠨ ᠳᠠᠰᠤᠯᠪᠠ︹31︺ ᠭᠡᠨ᠎ᠡ᠃      ᠮᠠᠨᠯᠢᠨ ᠲᠤᠷᠭᠤᠳ ᠬᠠᠨ ᠸᠠᠩ ᠤᠨ ᠭᠦᠩᠵᠦ᠂ ᠲᠦᠷᠦᠭᠰᠡᠨ ᠬᠤᠶᠠᠷ ᠨᠠᠭᠠᠴᠤ ᠨᠢ ᠳᠠᠶᠢᠸᠠᠨ ᠳᠤ ᠪᠠᠶᠢᠨ᠎ᠠ᠃ ᠤᠯᠠᠨ ᠲᠦᠷᠦᠯ ᠰᠠᠳᠤᠨ ᠨᠢ ᠤᠯᠤᠰ ᠤᠨ ᠭᠠᠳᠠᠨ᠎ᠠ ᠪᠤᠢ᠃      ᠮᠠᠨᠯᠢᠨ 1961 ᠤᠨ ᠳᠤ ᠠᠭᠤᠷᠬᠠᠢ ᠶᠢᠨ ᠳᠡᠭᠡᠳᠦ ᠰᠤᠷᠭᠠᠭᠤᠯᠢ ᠳᠡᠭᠦᠰᠴᠦ ᠰᠢᠨᠵᠢᠶᠠᠩ ᠳᠤ ᠪᠤᠴᠠᠪᠠ᠃ ᠰᠢᠨᠵᠢᠶᠠᠩ ᠳᠤ ᠪᠤᠴᠠᠬᠤ ᠠᠴᠠ ᠡᠮᠦᠨ᠎ᠡ ᠠᠭᠤᠰᠬᠢ ᠶᠢᠨ ᠢᠶᠠᠨ ᠨᠢᠭᠡᠨ ᠨᠠᠮᠢᠶ᠎ᠠ ᠪᠠᠨ ᠠᠪᠤᠭᠤᠯᠪᠠ᠃ ᠡᠮᠴᠢ ᠳᠡᠭᠦᠨ ᠢ ᠪᠦᠬᠦᠯᠢ ᠨᠢᠭᠡ ᠵᠢᠯ ᠠᠮᠠᠷᠠᠬᠤ ᠬᠡᠷᠡᠭᠲᠠᠢ ᠭᠡᠪᠡ᠃ ᠳᠡᠭᠦᠨ ᠤ ᠪᠡᠶ᠎ᠡ ᠡᠳᠦᠷᠵᠢᠨ ᠬᠠᠯᠠᠭᠤᠷᠠᠵᠤ ᠪᠠᠶᠢᠭᠰᠠᠨ ᠴᠦ ᠲᠡᠷᠡ ᠠᠮᠢ ᠳᠡᠮᠡᠴᠡᠨ ᠴᠢᠷᠮᠠᠶᠢᠨ ᠠᠵᠢᠯᠯᠠᠵᠤ ᠵᠢᠱᠢᠶᠡᠴᠢ ᠪᠠᠭᠰᠢ ᠪᠠᠷ ᠰᠤᠩᠭᠤᠭᠳᠠᠵᠤ ᠪᠠᠶᠢᠯ᠎ᠠ᠃      ᠮᠠᠨᠯᠢᠨ ᠤ ᠳᠡᠭᠡᠳᠦ ᠳᠤᠮᠳᠠᠳᠤ ᠰᠤᠷᠭᠠᠭᠤᠯᠢ ᠶᠢᠨ ᠬᠠᠮᠳᠤ ᠰᠤᠷᠤᠯᠭᠠᠳᠠᠨ᠂ ᠰᠢᠨᠵᠢᠶᠠᠩ ᠤᠨ ᠴᠡᠷᠢᠭ ᠤᠨ ᠲᠤᠭᠤᠷᠢᠭ ᠤᠨ ᠶᠡᠷᠦᠩᠬᠡᠢ ᠡᠮᠨᠡᠯᠭᠡ ᠶᠢᠨ ᠬᠤᠷᠢᠶ᠎ᠠ ᠶᠢᠨ ᠡᠮᠴᠢ᠂ ᠦᠪᠦᠷ ᠮᠤᠩᠭᠤᠯ ᠨᠤᠳᠤᠭ ᠲᠠᠢ ᠠᠮᠤᠭᠤᠯᠠᠩ ᠲᠠᠢ 1963 ᠤᠨ ᠳᠤ ᠬᠤᠷᠢᠮᠯᠠᠬᠤ ᠪᠤᠯᠪᠠ᠃ ᠡᠨᠡ ᠦᠶ᠎ᠡ ᠳᠤ ᠵᠡᠪᠰᠡᠭᠳᠦ ᠬᠡᠯᠳᠡᠰ ᠤᠨ ᠤᠳᠤᠷᠢᠳᠤᠯᠭ᠎ᠠ ᠠᠴᠠ ᠳᠡᠭᠦᠨ  ᠳᠤ ᠵᠢᠭᠠᠪᠤᠷᠢᠯᠠᠭᠰᠠᠨ ᠨᠢ᠄ ︽᠁ ᠳᠠᠨ ᠤ ᠭᠡᠷ ᠪᠦᠯᠢ᠂ ᠨᠡᠶᠢᠭᠡᠮ ᠤᠨ ᠬᠠᠷᠢᠴᠠᠭ᠎ᠠ ᠪᠤᠳᠤᠯᠢᠶᠠᠨ ᠲᠠᠢ᠂ ᠭᠡᠪᠡᠴᠦ ᠴᠢᠨᠤ ᠬᠤᠪᠢ ᠬᠦᠮᠦᠨ ᠤ ᠢᠯᠡᠷᠡᠯ ᠴᠢᠨᠢ ᠰᠠᠶᠢᠨ ᠳᠤᠯᠠ ᠤᠷᠤᠭᠯᠠᠬᠤ ᠶᠢ ᠴᠢᠨᠢ ᠵᠦᠪᠰᠢᠶᠡᠷᠡᠨ᠎ᠡ᠃ ᠭᠡᠪᠡᠴᠦ ᠡᠷᠬᠡᠪᠰᠢ ᠭᠡᠷ ᠤᠨ ᠬᠢᠨ ᠲᠠᠢ ᠪᠠᠨ ᠵᠠᠭᠠᠭ ᠱᠤᠭᠤᠮ ᠢᠶᠠᠨ ᠢᠯᠭᠠᠬᠤ ᠬᠡᠷᠡᠭᠲᠠᠢ︾ ︹32︺ᠭᠡᠵᠠᠢ᠃ ᠡᠶᠢᠨ ᠬᠦ ᠮᠠᠨᠯᠢᠨ ᠡᠵᠢ ᠶᠢᠨ ᠢᠶᠠᠨ ᠪᠡᠯᠡᠳᠬᠡᠭᠰᠡᠨ ᠬᠤᠷᠢᠮ ᠤᠨ ᠰᠢᠷᠡᠭᠡᠨ ᠳᠤ ᠰᠠᠭᠤᠭᠰᠠᠨ ᠦᠭᠡᠢ᠂ ᠬᠦᠷᠭᠡᠭᠰᠡᠨ ᠬᠤᠷᠢᠮ ᠤᠨ ᠪᠡᠯᠡᠭ ᠢ ᠬᠦᠯᠢᠶᠡᠨ ᠠᠪᠬᠤ ᠦᠭᠡᠢ ᠭᠡᠵᠦ ᠵᠠᠩᠨᠠᠭᠠᠳ᠂ ᠡᠵᠢ ᠶᠢᠨ ᠢᠶᠠᠨ ᠰᠡᠳᠬᠢᠯ ᠳᠤ ᠬᠡᠵᠢᠶᠡᠳᠡ ᠠᠷᠢᠯᠤᠰᠢ ᠦᠭᠡᠢ ᠰᠢᠷᠬ᠎ᠠ ᠦᠯᠡᠳᠡᠭᠡᠪᠡ ᠭᠡᠵᠦ ᠨᠢᠭᠡ ᠨᠠᠰᠤᠨ ᠤ ᠬᠠᠷᠠᠮᠰᠠᠯ ᠪᠤᠯᠭᠠᠨ ᠦᠪᠡᠷ ᠤᠨ ᠳᠡᠦᠬᠡ ᠳᠤ ᠪᠠᠨ ᠤᠨᠴᠠᠯᠠᠨ ᠳᠡᠮᠳᠡᠭᠯᠡᠭᠰᠡᠨ ᠰᠢᠦ᠃      ᠮᠠᠨᠯᠢᠨ ᠬᠠᠷᠠᠬᠠᠨ ᠪᠠᠭ᠎ᠠ ᠠᠴᠠ ᠪᠠᠨ ᠴᠡᠷᠢᠭ ᠪᠤᠯᠬᠤ ᠶᠢ ᠵᠡᠭᠦᠳᠦᠨ ᠳᠤ ᠪᠠᠨ ᠮᠠᠨᠠᠵᠤ᠂ ᠵᠢᠷᠦᠬᠡᠨ ᠳᠤ ᠪᠠᠨ ᠳᠡᠮᠳᠡᠭᠯᠡᠨ ᠪᠠᠶᠢᠭᠰᠠᠨ ᠭᠡᠨ᠎ᠡ᠃ ᠨᠢᠭᠡᠨ ᠤᠳᠠᠭ᠎ᠠ ᠡᠵᠢ ᠨᠢ ᠳᠡᠬᠦᠨ ᠢ ᠳᠠᠭᠠᠭᠤᠯᠵᠤ ᠴᠡᠷᠢᠭ ᠠᠩᠭᠢ ᠳᠤ ᠬᠦᠷᠴᠦ ᠳᠡᠭᠦᠨ ᠤ ᠬᠦᠰᠡᠯᠡᠩ ᠨᠢ ×× ᠪᠤᠯᠬᠤ ᠶᠢ ᠴᠡᠷᠢᠭ ᠤᠨ ᠤᠯᠤᠰ ᠲᠦᠷᠦ ᠶᠢᠨ ᠭᠡᠰᠢᠭᠦᠨ ᠰᠢᠶᠦ᠋ᠩ ᠬᠤᠸᠠᠩ ᠰᠤᠨᠤᠰᠴᠤ ᠢᠨᠢᠶᠡᠨ ᠮᠠᠨᠯᠢᠨ ᠤ ᠮᠦᠷᠦ ᠶᠢ ᠳᠠᠪᠰᠢᠵᠤ᠄ ︽ᠳᠠᠨ ᠤ ᠱᠠᠭᠠᠷᠳᠠᠯᠭ᠎ᠠ᠂ ᠰᠠᠨᠠᠭ᠎ᠠ ᠲᠤᠩ ᠰᠠᠶᠢᠨ ᠪᠠᠶᠢᠨ᠎ᠠ᠃ ᠭᠡᠶ᠎ᠡ ᠴᠢ ᠳᠠᠩᠴᠤ ᠪᠠᠭ᠎ᠠ ᠪᠠᠶᠢᠭᠰᠠᠭᠠᠷ᠂ ᠫᠤᠤ ᠶᠢᠨ ᠬᠢᠷᠢ ᠦᠭᠡᠢ ᠰᠢᠦ᠃ ᠴᠢ ᠰᠠᠶᠢᠨ ᠰᠤᠷᠤᠯᠴᠠ᠂ ᠳᠤᠮᠤ ᠪᠤᠯᠤᠭᠰᠠᠨ ᠬᠤᠶᠢᠨ᠎ᠠ ᠴᠢᠨᠢ ᠮᠠᠨ ᠤ ᠳᠤᠮᠳᠠᠳᠤ ᠤᠯᠤᠰ ᠤᠨ ᠴᠢᠯᠦᠭᠡᠯᠡᠬᠦ ᠴᠡᠷᠢᠭ ᠴᠢᠮ᠎ᠠ ᠶᠢ ᠪᠠᠶᠠᠷᠯᠠᠨ ᠤᠭᠳᠤᠬᠤ ᠶᠤᠮ ᠁︾︹33︺ ᠭᠡᠰᠡᠨ ᠨᠢ ᠳᠡᠭᠦᠨ ᠤ ᠡᠯᠢᠭᠡ ᠵᠢᠷᠦᠬᠡ ᠳᠤ ᠰᠢᠩᠭᠢᠵᠦ ᠳᠤᠮᠤ ᠪᠤᠯᠪᠠᠯ ᠳᠤᠮᠳᠠᠳᠤ ᠤᠯᠤᠰ ᠤᠨ ᠴᠢᠯᠦᠭᠡᠯᠡᠬᠦ ᠴᠡᠷᠢᠭ ᠤᠨ ᠨᠢᠭᠡᠨ ᠪᠠᠶᠢᠯᠳᠤᠭᠴᠢ ᠪᠤᠯᠬᠤ ᠢᠳᠡᠭᠡᠯ ᠵᠤᠷᠢᠭ ᠲᠠᠢ ᠪᠤᠯᠭᠠᠪᠠ᠃      ᠮᠠᠨᠯᠢᠨ ᠤ ᠬᠦᠰᠡᠯ ᠳᠡᠷᠭᠡᠯᠰᠢᠯ᠎ᠡ᠃      1976 ᠤᠨ ᠳᠤ᠂ ᠲᠦᠷᠦ ᠶᠢ ᠳᠦᠢᠪᠡᠭᠡᠵᠦ ᠲᠦᠮᠡᠨ ᠢ ᠭᠠᠰᠠᠯᠭᠠᠭᠰᠠᠨ ᠲᠦᠷᠪᠡᠨ ᠬᠦᠮᠦᠨ ᠤ ᠪᠦᠯᠦᠭ ᠪᠤᠳᠠ ᠨᠢᠷᠭᠡᠭᠳᠡᠪᠡ᠃ ᠳ᠋ᠧᠩ ᠰᠢᠶᠤᠤ ᠫᠢᠩ ᠭᠤᠷᠪᠠᠳᠠᠬᠢ ᠤᠳᠠᠭ᠎ᠠ ᠳᠠᠶᠢᠰᠠᠨ ᠳᠤ ᠭᠠᠷᠤᠯ᠎ᠠ᠃ ᠭᠠᠯᠪᠠ ᠳᠡᠯᠡᠬᠡᠢ ᠶᠢ ᠳᠤᠩᠰᠤᠯᠭᠠᠵᠤ᠂ ᠲᠦᠷᠦ ᠤᠯᠤᠰ ᠤᠨ ᠬᠤᠪᠢ ᠵᠠᠶᠠᠭ᠎ᠠ ᠭᠠᠵᠠᠷ ᠳᠡᠭᠷᠢ ᠶᠢ ᠲᠤᠷᠭᠢᠭᠤᠯᠤᠨ ᠬᠤᠪᠢᠷᠠᠭᠤᠯᠪᠠ᠃ ᠮᠠᠨᠯᠢᠨ ᠤ ᠵᠡᠭᠦᠳᠦ ᠳᠡᠷᠭᠡᠯᠰᠢᠨ ᠳᠤᠶᠠᠭᠠᠷᠠᠯ᠎ᠠ᠃ ᠲᠦᠴᠢᠨ ᠨᠠᠰᠤᠳᠠᠢ ᠮᠠᠨᠯᠢᠨ ᠴᠡᠷᠢᠭ ᠪᠤᠯᠤᠯ᠎ᠠ᠃ ᠳᠡᠭᠦᠨ ᠤ ᠨᠢᠭᠡᠴᠡ ᠶᠢᠨ ᠬᠤᠷᠢᠶᠠᠨ ᠳᠠᠷᠤᠭ᠎ᠠ ᠨᠢ ᠳᠡᠭᠦᠨ ᠢ ᠪᠡᠭᠡᠵᠢᠩ ᠳᠤ ᠶᠠᠪᠤᠬᠤ ᠬᠡᠷᠡᠭ ᠦᠭᠡᠢ᠂ ᠰᠢᠨᠵᠢᠶᠠᠩ ᠤᠨ ᠭᠠᠵᠠᠷ ᠰᠢᠨᠵᠢᠯᠡᠭᠡᠨ ᠤ ᠲᠤᠪᠴᠢᠶ᠎ᠠ ᠶᠢᠨ ᠰᠣᠳᠤᠯᠬᠤ ᠭᠠᠵᠠᠷ ᠤᠨ ᠡᠷᠬᠢᠯᠡᠭᠴᠢ ᠪᠤᠯᠭᠠᠶ᠎ᠠ ᠭᠡᠰᠡᠨ ᠳᠤ ᠲᠡᠷᠡ᠄ ︽ᠨᠠᠮᠠᠢᠢ ᠬᠤᠷᠢᠶᠠᠨ ᠳᠠᠷᠤᠭ᠎ᠠ ᠪᠤᠯᠭᠠᠭᠰᠠᠨ ᠴᠦ ᠪᠢ ᠴᠡᠷᠢᠭ ᠪᠤᠯᠤᠨ᠎ᠠ᠃ ᠪᠢ ᠪᠡᠭᠡᠵᠢᠩ ᠳᠤ ᠳᠠᠳᠠᠭᠳᠠᠵᠤ ᠪᠠᠶᠢᠭ᠎ᠠ ᠪᠤᠰᠤ︕ ᠴᠡᠷᠢᠭ ᠠᠩᠭᠢ ᠳᠤ︾ ᠭᠡᠰᠡᠨ ᠶᠤᠮ ᠭᠡᠨ᠎ᠡ︹34︺᠃      ᠮᠠᠨᠯᠢᠨ 1980 ᠤᠨ ᠳᠤ ᠠᠷᠠᠳ ᠤᠨ ᠴᠢᠯᠦᠭᠡᠯᠡᠬᠦ ᠴᠡᠷᠢᠭ ᠪᠤᠯᠵᠤ ᠳᠠᠪᠤᠨ ᠤᠳᠤᠳᠤ ᠴᠡᠷᠢᠭ ᠤᠨ ᠮᠠᠯᠠᠭᠠᠢ ᠵᠡᠭᠦᠯ᠎ᠡ᠃ 1983 ᠤᠨ ᠳᠤ ᠠᠭᠠᠷ ᠤᠨ ᠴᠡᠷᠢᠭ ᠤᠨ ᠬᠠᠮᠤᠭ ᠳᠡᠭᠡᠳᠦ ᠰᠤᠷᠭᠠᠭᠤᠯᠢ ᠶᠢᠨ ᠬᠢᠴᠢᠶᠡᠯ ᠤᠨ ᠳᠠᠪᠴᠠᠩ ᠳᠤ ᠭᠠᠷᠴᠤ᠂ ᠬᠢᠴᠢᠶᠡᠯ ᠳᠠᠶᠢᠯᠪᠤᠷᠢᠯᠠᠯ᠎ᠠ᠃ 1988 ᠤᠨ ᠳᠤ ᠴᠡᠷᠢᠭ ᠤᠨ ᠴᠤᠯᠠ ᠶᠢ ᠳᠠᠬᠢᠨ ᠰᠡᠷᠭᠦᠭᠡᠬᠦ ᠳᠤ ᠮᠠᠨᠯᠢᠨ ᠬᠤᠷᠠᠩᠳᠠ ᠴᠤᠯᠠ ᠪᠠᠷ ᠴᠤᠯᠠᠯᠠᠭᠳᠠᠪᠠ᠃      ᠮᠠᠨᠯᠢᠨ ᠳᠤᠭᠳᠤᠯᠤᠭᠰᠠᠨ ᠰᠡᠳᠬᠢᠯ ᠢᠶᠠᠨ ᠳᠠᠷᠤᠵᠤ ᠶᠠᠳᠠᠨ ᠦᠪᠡᠷ ᠤᠨ ᠡᠷᠬᠡ ᠦᠭᠡᠢ ︽ᠪᠢ ᠳᠡᠯᠡᠬᠡᠢ ᠳᠡᠭᠡᠷ᠎ᠡ ᠬᠠᠮᠤᠭ ᠤᠨ ᠵᠤᠯ ᠵᠢᠷᠭᠠᠯ ᠲᠠᠢ ᠬᠦᠮᠦᠨ︾ ᠭᠡᠵᠦ ᠪᠠᠷᠬᠢᠷᠠᠵᠠᠢ᠃ ᠳᠡᠷᠡ ᠠᠭᠠᠷ ᠤᠨ ᠴᠡᠷᠢᠭ ᠤᠨ ᠳᠡᠭᠡᠳᠦ ᠳᠡᠰ ᠤᠨ ᠺᠠᠳ᠋ᠷ ᠢ ᠬᠦᠮᠦᠵᠢᠭᠦᠯᠦᠯ᠎ᠡ᠃ ᠳᠡᠷᠡ ᠳᠡᠳ᠋ ᠫᠷᠤᠹᠧᠰᠰᠤᠷ ᠪᠦᠭᠡᠳ ᠠᠰᠫᠢᠷᠠᠨᠲ ᠤᠨ ᠵᠢᠯᠤᠭᠤᠳᠬᠤ ᠪᠠᠭᠰᠢ ᠂ ᠳᠡᠭᠦᠨ ᠤ ᠰᠢᠨ᠎ᠡ ᠠᠮᠵᠢᠯᠳᠠ᠂ ᠰᠢᠨ᠎ᠡ ᠡᠭᠦᠳᠦᠯᠳᠡ᠂ ᠤᠯᠤᠰ ᠤᠨ ᠳᠤᠳᠤᠭᠠᠳᠤ ᠭᠠᠳᠠᠭᠠᠳᠤ ᠶᠢᠨ ᠰᠤᠨᠢᠨ ᠰᠡᠳᠬᠦᠯ ᠳᠡᠭᠡᠷ᠎ᠡ ᠮᠠᠰᠢ ᠤᠯᠠᠨ ᠦᠭᠦᠯᠡᠯ ᠨᠡᠶᠢᠳᠡᠯᠡᠭᠰᠡᠨ ᠪᠠᠶᠢᠪᠠ᠃ ᠶᠠᠫᠤᠨ ᠳᠤ ᠪᠤᠯᠤᠭᠰᠠᠨ ᠳᠡᠯᠡᠬᠡᠢ ᠶᠢᠨ ᠪᠦᠳᠡᠬᠢ ᠳᠤᠭᠠᠨ ᠤ ᠤᠬᠠᠭᠠᠨ᠂ ᠠᠮᠧᠷᠢᠺᠡ ᠳᠤ ᠪᠤᠯᠤᠭᠰᠠᠨ ᠳᠤᠳᠤᠷᠬᠠᠢ ᠪᠤᠰᠤ ᠰᠢᠢᠳᠪᠦᠷᠢᠳᠦ ᠪᠤᠳᠤᠯᠭ᠎ᠠ ᠶᠢᠨ ᠰᠣᠳᠤᠯᠤᠨ ᠶᠠᠷᠢᠯᠴᠠᠬᠤ ᠬᠤᠷᠠᠯ ᠠᠴᠠ ᠪᠦᠷ ᠳᠡᠭᠦᠨ ᠳᠤ ᠤᠷᠢᠯᠭ᠎ᠠ ᠢᠷᠡᠭᠦᠯᠵᠠᠢ᠃ ᠳᠡᠷᠡ ᠴᠦ ᠬᠤᠷᠠᠯ ᠳᠤ ᠤᠷᠤᠯᠴᠠᠬᠤ ᠡᠷᠳᠡᠮ ᠰᠢᠨᠵᠢᠯᠡᠭᠡᠨ ᠤ ᠦᠭᠦᠯᠡᠯ ᠪᠡᠯᠡᠳᠬᠡᠪᠡ᠃ ᠬᠠᠷᠠᠮᠰᠠᠯᠳᠠᠢ ᠨᠢ ᠳᠡᠭᠦᠨ ᠤ ᠤᠷᠤᠯᠴᠠᠬᠤ ᠶᠢ ᠵᠦᠪᠰᠢᠶᠡᠷᠡᠭᠰᠡᠨ ᠦᠭᠡᠢ᠃      ᠮᠠᠨᠯᠢᠨ ᠤ ᠡᠬᠡ ᠡᠦ ᠵᠢᠩ ᠪᠢᠨ ᠦᠬᠢᠨ ᠢᠶᠠᠨ ︽ᠡᠪ ᠬᠠᠮᠳᠤ ᠨᠠᠮ ᠢ ᠢᠳᠡᠭᠡᠬᠦ ᠬᠡᠷᠡᠭᠲᠠᠢ︕︾ ᠭᠡᠵᠦ ᠰᠤᠷᠭᠠᠵᠤ ᠪᠠᠶᠢᠯ᠎ᠠ᠃ ᠳᠡᠭᠦᠨ ᠳᠤ ᠬᠡᠦᠬᠡᠨ ᠢᠶᠠᠨ ᠡᠪ ᠬᠠᠮᠳᠤ ᠨᠠᠮ ᠳᠤ ᠤᠷᠤ︕ ᠭᠡᠰᠡᠨ ᠬᠦᠰᠡᠯ ᠪᠠᠶᠢᠭᠰᠠᠨ ᠪᠤᠯᠪᠠᠴᠤ ᠵᠢᠷᠦᠭᠡᠰᠢᠶᠡᠨ ᠬᠡᠯᠡᠵᠦ ᠴᠢᠳᠠᠭᠰᠠᠨ ᠦᠭᠡᠢ ᠪᠠᠶᠢᠯ᠎ᠠ᠃ ᠲᠡᠷᠡ ᠨᠢᠭᠡ ᠨᠠᠰᠤ ᠪᠠᠷ ᠢᠶᠠᠨ ᠨᠠᠮ ᠳᠤ ᠤᠷᠤᠬᠤ  ᠶᠢ ᠬᠦᠰᠡᠭᠰᠡᠨ ᠴᠦ ᠳᠡᠭᠦᠨ ᠤ ᠭᠡᠷ ᠤᠨ ᠭᠠᠷᠤᠯ᠂ ᠨᠡᠶᠢᠭᠡᠮ ᠤᠨ ᠬᠠᠷᠢᠴᠠᠭ᠎ᠠ ᠠᠴᠠ ᠵᠦᠪᠰᠢᠶᠡᠷᠡᠭᠳᠡᠭᠰᠡᠨ ᠦᠭᠡᠢ ᠳᠤ ᠵᠢᠷᠦᠬᠡ ᠨᠢ ᠨᠢᠭᠡᠨᠳᠡ ᠰᠢᠮᠰᠢᠷᠡᠭᠰᠡᠨ ᠪᠠᠶᠢᠬᠤ ᠡ᠂ ᠬᠦᠭᠡᠷᠦᠬᠦᠢ︕᠂ ᠬᠦᠭᠡᠷᠦᠭᠦᠢ︕᠂ ᠰᠤᠶᠤᠯ ᠤᠨ ᠬᠤᠪᠢᠰᠬᠠᠯ ᠳᠠᠭᠤᠰᠳᠠᠯ᠎ᠠ ᠠᠩᠭᠢ ᠭᠠᠷᠤᠯ ᠮᠠᠭᠤᠳᠠᠶᠢᠴᠤᠳ ᠨᠢᠭᠡᠨ ᠠᠳᠠᠯᠢ ᠡᠶᠢᠮᠦ᠂ ᠭᠠᠰᠢᠭᠤᠨ ᠡᠭᠡᠭᠦᠨ ᠢ ᠠᠮᠰᠠᠵᠤ ᠭᠤᠷᠪᠠᠨ ᠦᠶ᠎ᠡ ᠶᠢ ᠨᠦᠯᠦᠭᠡᠯᠡᠪᠡ᠃ ᠲᠤᠬᠠᠢ ᠶᠢᠨ ᠨᠡᠶᠢᠭᠡᠮ ᠪᠤᠯ ᠡᠶᠢᠮᠦ ᠰᠢᠦ᠃ ᠮᠠᠨᠯᠢᠨ ᠡᠬᠡ ᠶᠢᠨ ᠢᠶᠠᠨ ᠬᠦᠰᠡᠯ ᠢ ᠬᠦᠰᠡᠷᠳᠡᠭᠦᠯᠦᠭᠰᠡᠨ ᠦᠭᠡᠢ᠂ 1985 ᠤᠨ ᠳᠤ ᠦᠩᠭᠡ ᠭᠡᠷᠡᠯᠳᠠᠢ ᠪᠠᠷ ᠡᠪ ᠬᠠᠮᠳᠤ ᠨᠠᠮ ᠤᠨ ᠭᠡᠰᠢᠭᠦᠨ ᠪᠤᠯᠪᠠ᠃      ᠡᠦ ᠵᠢᠩ ᠪᠢᠨ ᠡᠨᠡ ᠦᠶ᠎ᠡ ᠪᠤᠯᠳᠠᠯ᠎ᠠ ᠦᠬᠦᠭᠰᠡᠨ ᠦᠭᠡᠢ ᠠᠮᠢᠳᠤ ᠰᠡᠷᠡᠭᠦᠨ ᠪᠠᠶᠢᠭᠰᠠᠨ ᠪᠤᠯ ᠵᠢᠷᠦᠬᠡ ᠨᠢ ᠳᠡᠯᠪᠡᠷᠡᠮ᠎ᠡ ᠪᠠᠶᠠᠷᠯᠠᠬᠤ ᠪᠠᠶᠢᠭᠰᠠᠨ᠃ ᠲᠡᠷᠡ ᠳᠠᠩᠴᠤ ᠡᠷᠳᠡ ᠶᠠᠪᠤᠴᠢᠬᠠᠯ᠎ᠠ᠃ ᠣᠳᠤ 11 ᠵᠢᠯ ᠠᠮᠢᠳᠤ ᠪᠠᠶᠢᠭᠰᠠᠨ ᠪᠤᠯᠤᠶ᠎ᠠ ᠳ᠋ᠠ᠃ ᠬᠡᠪᠡᠴᠦ ᠡᠦ ᠵᠢᠩ ᠪᠢᠨ ᠤ ᠶᠢᠰᠦᠨ ᠪᠤᠯᠠᠭ ᠤᠨ ᠳᠤᠤᠷᠠᠬᠢ ᠭᠡᠭᠡᠨ ᠰᠦᠨᠡᠰᠦ ᠨᠢ ᠪᠠᠶᠠᠷᠯᠠᠨ ᠪᠠᠶᠢᠬᠤ ᠳ᠋ᠠ᠃      ᠮᠠᠨᠯᠢᠨ ᠰᠢᠨᠵᠢᠶᠠᠩ ᠳᠤ ᠡᠷ᠎ᠡ ᠨᠦᠬᠦᠷ ᠤᠨ ᠢᠶᠠᠨ ᠳᠡᠷᠭᠡᠳᠡ ᠰᠢᠯᠵᠢᠨ ᠢᠷᠡᠯ᠎ᠡ᠃ ᠲᠡᠷᠡ ︽ᠳᠠᠯᠠᠢ ᠳᠤ ᠤᠷᠤᠯ᠎ᠠ︾᠃ ᠰᠢᠶᠠᠩᠭᠠᠩ ᠤᠨ ᠨᠢᠭᠡᠨ ᠺᠤᠮᠫᠠᠨᠢ ᠶᠢᠨ ᠶᠡᠷᠦᠩᠬᠡᠢ ᠳᠠᠭᠠᠭᠠᠮᠠᠯ᠃ ᠳᠠᠪᠤᠨ ᠤᠳᠤᠳᠠᠢ ᠬᠤᠭᠤᠯᠠᠨ ᠭᠡᠷ  ᠲᠤ ᠴᠦ ᠠᠵᠢᠯᠯᠠᠨ ᠦᠩᠭᠡᠷᠡᠯ᠎ᠡ᠃      ᠮᠠᠨᠯᠢᠨ 1997 ᠤᠨ ᠳᠤ ᠤᠷᠤᠰ ᠤᠨ ᠬᠤᠯᠪᠤᠭᠠᠨ ᠤ ᠬᠠᠯᠢᠮᠠᠭ ᠤᠯᠤᠰ ᠤᠨ ᠤᠷᠢᠯᠭ᠎ᠠ ᠪᠠᠷ ᠬᠠᠯᠢᠮᠠᠭ ᠤᠯᠤᠰ ᠤᠨ ᠨᠡᠶᠢᠰᠯᠡᠯ ᠡᠯᠡᠰᠦᠳᠠᠢ ᠬᠤᠳᠠᠨ ᠳᠤ ᠬᠦᠷᠴᠠᠢ᠃ ᠳᠡᠭᠦᠨ ᠢ ᠲᠤᠷᠭᠤᠳ ᠮᠤᠩᠭᠤᠯ ᠤᠨ ᠬᠦᠩᠵᠦ ᠶᠢᠨ ᠬᠢᠷᠢ ᠬᠡᠮ ᠢᠶᠠᠷ ᠦᠪᠡᠳᠡᠭᠰᠢ ᠶᠡᠭᠡ ᠪᠠᠷ ᠤᠭᠳᠤᠪᠠ᠃ ᠬᠠᠯᠢᠮᠠᠭ ᠮᠤᠩᠭᠤᠯ ᠤᠨ ᠶᠡᠷᠦᠩᠬᠡᠶᠢᠯᠡᠭᠴᠢ ᠪᠠ ᠶᠡᠷᠦᠩᠬᠡᠢ ᠰᠠᠶᠢᠳ ᠨᠢ ᠪᠡᠶᠡᠳᠡᠨ ᠠᠭᠤᠯᠵᠠᠵᠤ ᠬᠠᠮᠳᠤ ᠪᠠᠷ ᠳᠤᠷᠠᠰᠬᠠᠯ ᠤᠨ ᠰᠡᠭᠦᠳᠡᠷ ᠠᠪᠤᠪᠠ᠃ ᠡᠨᠡ ᠪᠤᠯ ᠬᠤᠶᠠᠷ ᠵᠠᠭᠤ ᠬᠤᠷᠢᠨ ᠵᠢᠷᠭᠤᠭᠠᠨ ᠵᠢᠯ ᠤᠨ ᠳᠠᠷᠠᠭᠠᠬᠢ ᠠᠯᠳᠠᠨ ᠶᠠᠰᠤᠨ ᠤ ᠬᠡᠯᠳᠡᠷᠬᠡᠢ᠂ ᠠᠯᠠᠭ ᠮᠢᠬ᠎ᠠ ᠶᠢᠨ ᠳᠠᠰᠤᠷᠬᠠᠢ — ᠬᠠᠰ  ᠤᠨ ᠰᠠᠯᠠᠭ᠎ᠠ ᠨᠠᠮᠠᠭ᠎ᠠ ᠶᠢᠨ ᠪᠠᠶᠠᠷ ᠤᠨ ᠠᠭᠤᠯᠵᠠᠯᠳᠠ᠃      ᠮᠠᠨᠯᠢᠨ ᠦᠳᠡᠯᠦᠭᠡ ᠨᠠᠰᠤᠨ᠎ᠠ ᠨᠡᠩ ᠵᠤᠯ ᠵᠢᠷᠭᠠᠯ ᠲᠠᠢ ᠠᠮᠢᠳᠤᠷᠠᠵᠤ ᠪᠠᠶᠢᠨ᠎ᠠ᠃ ᠠᠩᠭ᠍ᠯᠢ ᠬᠡᠯᠡ ᠰᠤᠷᠴᠤ᠂ ᠡᠳᠦᠷᠵᠢᠨ ᠨᠤᠮ ᠤᠨ ᠦᠷᠦᠭᠡ ᠠᠴᠠ ᠰᠠᠯᠬᠤ ᠦᠭᠡᠢ᠂ ᠨᠤᠮ ᠪᠢᠴᠢᠭ ᠲᠠᠢ ᠨᠦᠬᠦᠷᠯᠡᠨ᠎ᠡ᠃ ᠮᠠᠨᠯᠢᠨ ᠵᠤᠨ ᠤ ᠤᠯᠠᠷᠢᠯ ᠤᠨ ᠵᠠᠭᠤᠨ ᠦᠩᠭᠡ ᠶᠢᠨ ᠴᠡᠴᠡᠭ ᠤᠨ ᠳᠤᠮᠳᠠᠭᠤᠷ ᠨᠢᠰᠦᠭᠴᠢ ᠪᠠᠯᠳᠤ ᠵᠦᠭᠡᠢ ᠰᠢᠭ ᠪᠠᠯ ᠪᠤᠷᠠᠮ ᠤᠨ ᠠᠮᠢᠳᠤᠷᠠᠯ ᠢ ᠡᠳ᠋ᠯᠡᠨ᠎ᠡ᠃ ᠲᠡᠷᠡ ᠮᠤᠩᠭᠤᠯ ᠨᠤᠳᠤᠭ ᠤᠨ ᠨᠢᠳᠤ ᠠᠯᠳᠠᠮ᠎ᠠ ᠡᠭᠡᠷᠡᠮ᠎ᠡ ᠳᠠᠯ᠎ᠠ ᠳᠤ ᠲᠤᠷ᠎ᠠ ᠪᠠᠷ ᠢᠶᠠᠨ ᠪᠡᠯᠴᠢᠭᠡᠷᠯᠡᠨ ᠳᠡᠭᠦᠯᠢᠨ ᠳᠠᠪᠬᠢᠭ᠎ᠠ ᠠᠵᠢᠨᠠᠢ ᠬᠦᠯᠦᠭ ᠰᠢᠭ ᠳᠡᠭᠦᠯᠢᠨ᠎ᠡ᠃ ᠲᠡᠷᠡ ᠠᠭᠤᠯᠠᠨ᠎ᠠ ᠰᠢᠷᠭᠤᠭᠰᠠᠨ ᠨᠠᠷᠠᠨ ᠤ ᠤᠯᠠᠪᠢᠷ ᠳᠤᠶᠠᠭ᠎ᠠ ᠪᠠᠨ ᠪᠠᠳᠠᠷᠠᠭᠤᠯᠵᠤ ᠦᠪ ᠰᠤᠶᠤᠯ ᠢᠶᠠᠨ ᠤᠯᠠᠮᠵᠢᠯᠠᠵᠤ᠂ ᠬᠠᠮᠠᠭᠠᠯᠠᠵᠤ᠂ ᠪᠠᠳᠠᠷᠠᠭᠤᠯᠬᠤ ᠪᠠᠷ ᠤᠷᠤᠭᠰᠢ ᠳᠡᠮᠡᠦᠯᠦᠨ᠎ᠡ᠃      ᠡᠨᠡ ᠪᠤᠯ ᠠᠷᠤ ᠦᠪᠦᠷ ᠲᠤ ᠠᠯᠳᠠᠷᠳᠠᠢ᠂ ᠦᠪᠦᠷ ᠮᠤᠩᠭᠤᠯ ᠤᠨ ᠬᠠᠷᠠᠴᠢᠨ ᠭᠦᠩ ᠸᠠᠩ ᠭᠦᠩᠰᠡᠩᠨᠤᠷᠪᠤ  ᠶᠢᠨ ᠵᠢᠭᠡ ᠦᠬᠢᠨ ᠮᠠᠨᠯᠢᠨ᠃      ᠲᠤᠷᠭᠤᠳ ᠭᠦᠩᠵᠦ ᠳᠤ ᠬᠤᠸᠠᠷ ᠴᠡᠴᠡᠭ ᠭᠡᠮᠡᠷ ᠭᠤᠷᠪᠠᠨ ᠬᠡᠦᠬᠡᠨ ᠲᠠᠢ᠂ ᠤᠤᠭᠠᠨ ᠬᠡᠦᠬᠡᠨ ᠨᠢ ᠠᠯᠢᠮ᠎ᠠ᠂ ᠪᠠᠰᠠ ᠬᠠᠢ ᠶᠠᠨ ᠭᠡᠨ᠎ᠡ᠃ ᠦᠨᠦ ᠰᠢᠨ᠎ᠡ ᠽᠢᠯᠠᠨᠳ᠋ ᠲᠤ ᠱᠤᠺᠤᠯᠠᠳ᠋ ᠤᠨ ᠦᠢᠯᠡᠳᠪᠦᠷᠢ ᠡᠷᠬᠢᠯᠡᠨ᠎ᠡ᠃ ᠰᠢᠨ᠎ᠡ ᠽᠢᠯᠠᠨᠳ᠋ ᠤᠨ ᠡᠯ᠎ᠡ ᠶᠡᠭᠡ ᠬᠤᠳᠠ ᠪᠠ ᠠᠦ᠋ᠰᠲᠷᠡᠯᠢᠶ᠎ᠠ ᠳᠤ ᠬᠤᠯᠪᠤᠭᠠᠯᠵᠢᠨ ᠦᠢᠯᠡᠳᠪᠦᠷᠢ ᠲᠠᠢ᠃      ᠬᠤᠶᠠᠳᠤᠭᠠᠷ ᠬᠡᠦᠬᠡᠨ ᠨᠢ ᠠᠯᠳᠠ᠂ ᠪᠠᠭ᠎ᠠ ᠶᠢᠨ ᠨᠡᠷ᠎ᠡ ᠨᠢ ᠬᠠᠢ ᠶᠢᠩ ᠭᠡᠰᠡᠭ᠃ ᠠᠩᠭ᠍ᠯᠢ ᠶᠢᠨ ᠬᠤᠯᠪᠤᠭᠠᠨ  ᠤ ᠡᠮᠴᠢ ᠶᠢᠨ ᠦᠨᠡᠮᠯᠡᠯ ᠲᠠᠢ᠂ ᠰᠢᠨ᠎ᠡ ᠽᠢᠯᠠᠨᠳ᠋ ᠤᠨ ᠨᠢᠭᠡᠨ ᠠᠯᠪᠠᠨ ᠤ ᠡᠮᠴᠢ ᠶᠢᠨ ᠭᠠᠵᠠᠷ ᠡᠮᠴᠢᠯᠡᠵᠦ ᠪᠤᠢ᠃      ᠪᠠᠭ᠎ᠠ ᠬᠡᠦᠬᠡᠨ ᠨᠢ ᠳᠠᠭᠢᠨᠢ ᠬᠡᠮᠡᠷ ᠭᠤᠸ᠎ᠠ ᠭᠠᠯᠪᠠᠷ ᠲᠦᠷᠦᠭᠰᠡᠨ ᠬᠦᠭᠡᠷᠦᠬᠦᠨ ᠵᠢᠰᠦᠯᠢᠭ ᠬᠡᠦᠬᠡᠨ᠃ ᠨᠡᠷ᠎ᠡ  ᠨᠢ ᠠᠨᠢᠷ᠂ ᠪᠠᠰᠠ ᠬᠠᠢ ᠵᠸᠦ ᠭᠡᠵᠦ ᠳᠠᠭᠤᠳᠠᠳᠠᠭ᠃ ᠠᠷᠠᠯᠵᠢᠶᠠᠨ ᠤ ᠬᠠᠮᠢᠶᠠᠷᠤᠯᠳᠠᠨ ᠤ ᠴᠣᠯᠠ ᠲᠠᠢ᠂ ᠲᠡᠷᠡ ᠬᠤᠶᠠᠷ ᠡᠭᠡᠴᠢ ᠠᠴᠠ ᠪᠠᠨ ᠵᠢᠭᠠᠬᠠᠨ ᠪᠤᠭᠤᠨᠢᠪᠳᠤᠷ᠃ ᠲᠡᠷᠡ ᠱᠤᠭ ᠭᠠᠷᠭᠠᠵᠤ ᠪᠢ 170cm ᠠᠴᠠ ᠳᠡᠭᠡᠭᠰᠢ ᠪᠡᠶ᠎ᠡ ᠲᠠᠢ ᠪᠤᠯᠤᠭᠰᠠᠨ ᠪᠤᠯ ᠳᠡᠯᠡᠬᠡᠢ ᠶᠢᠨ ᠠᠪᠠᠭ᠋ᠠᠢ ᠶᠢᠨ ᠦᠷᠢᠰᠦᠯᠳᠦᠭᠡᠨ ᠳᠤ ᠤᠷᠤᠯᠴᠠᠬᠤ ᠪᠠᠶᠢᠭᠰᠠᠨ ᠭᠡᠵᠦ ᠭᠤᠮᠤᠳᠠᠯ ᠲᠤᠭᠠᠴᠢᠨ᠎ᠠ᠃      ᠮᠠᠨᠯᠢᠨ ᠤ ᠭᠤᠷᠪᠠᠨ ᠬᠡᠦᠬᠡᠨ ᠨᠢ ᠪᠦᠷ ᠰᠢᠨ᠎ᠡ ᠽᠢᠯᠠᠨᠳ᠋ ᠲᠤ ᠦᠷᠦᠭᠡ ᠰᠡᠬᠦᠵᠦ ᠡᠭᠦᠳᠡ ᠨᠡᠭᠡᠭᠡᠨ ᠠᠮᠢᠳᠤᠷᠠᠵᠤ ᠪᠤᠢ᠃ ᠭᠤᠷᠪᠠᠭᠤᠯᠠ ᠪᠠᠨ ᠬᠤᠶᠠᠷ ᠠᠴᠠ ᠳᠡᠭᠡᠭᠰᠢ ᠲᠤᠰᠬᠠᠢ ᠮᠡᠷᠭᠡᠵᠢᠯ ᠤᠨ ᠴᠤᠯᠠ ᠲᠠᠢ᠃      ᠮᠠᠨᠯᠢᠨ 62 ᠨᠠᠰᠤ ᠲᠠᠢ ᠬᠡᠦᠬᠡᠨ ᠤ ᠳᠤ ᠪᠠᠨ ᠬᠦᠷᠦᠭᠡᠳ ᠮᠠᠰᠢᠨ ᠳᠡᠷᠭᠡ ᠵᠢᠯᠤᠭᠤᠳᠤᠨ ᠰᠤᠷᠤᠭᠰᠠᠨ ᠭᠡᠨ᠎ᠡ      ᠴᠢᠩᠭᠢᠰ ᠬᠠᠭᠠᠨ ᠤ ᠬᠤᠶᠢᠴᠢᠰ ᠲᠤᠷᠭᠤᠳ ᠮᠤᠩᠭᠤᠯᠴᠤᠳ ᠳᠠᠶᠠᠩ ᠳᠡᠯᠡᠬᠡᠢ ᠳᠤ ᠤᠳᠤᠨ ᠮᠡᠴᠢᠳ ᠮᠡᠳᠦ ᠲᠦᠭᠡᠵᠦ ᠭᠢᠯᠠᠷᠠᠭᠤᠯᠤᠨ᠎ᠠ᠃ ᠦᠨᠦ ᠲᠦᠷᠺ᠂ ᠪᠤᠯᠭᠠᠷᠢᠶ᠎ᠠ᠂ ᠴᠧᠬᠤᠰᠯᠤᠸᠠᠺᠢᠶ᠎ᠠ᠂ ᠮᠠᠯᠠᠶᠢᠰᠢᠶ᠎ᠠ᠂ ᠡᠨᠡᠳᠬᠡᠭ᠂ ᠭᠧᠷᠮᠠᠨ᠂ ᠳᠠᠶᠢᠸᠠᠨ᠂ ᠰᠠᠯᠤᠸ᠋ᠺᠢᠶ᠎ᠠ᠂ ᠰᠢᠨ᠎ᠡ ᠽᠢᠯᠠᠨᠳ᠋᠂ ᠰᠢᠶᠠᠩᠭᠠᠩ ᠵᠡᠷᠭᠡ ᠤᠯᠤᠰ ᠤᠷᠤᠨ ᠳᠤ ᠠᠳᠠᠯᠢ ᠪᠤᠰᠤ ᠠᠵᠢᠯ ᠦᠢᠯᠡᠰ ᠪᠤᠰᠬᠠᠵᠤ ᠠᠮᠢᠳᠤᠷᠠᠨ ᠭᠢᠯᠠᠷᠠᠭᠤᠯᠤᠨ᠎ᠠ᠃ᠵᠡᠭᠦᠯᠳᠡ᠄      ︹1︺︹2︺︹13︺ ︽ᠮᠤᠩᠭᠤᠯ ᠤ ᠨᠢᠭᠤᠴᠠ ᠲᠤᠪᠴᠢᠶᠠᠨ︾᠂ 141᠂ 239᠂ 102 ᠳ᠋ᠤᠭᠠᠷ ᠵᠦᠢᠯ ᠠᠴᠠ ᠲᠤᠰ ᠲᠤᠰ ᠡᠰᠢᠯᠡᠪᠡ᠃      ︹3︺︹5︺︹6︺︹8︺︹10︺︹11︺︹12︺︹14︺ ︽ᠦᠨᠢᠷ ᠴᠡᠴᠡᠭ︾ ᠰᠡᠳᠬᠦᠯ ᠤᠨ 2008 ᠤᠨ ᠤ 7 ᠳ᠋ᠤᠭᠠᠷ ᠬᠤᠭᠤᠴᠠᠭ᠎ᠠ ᠳᠤ ᠨᠡᠶᠢᠳᠡᠯᠡᠭᠳᠡᠭᠰᠡᠨ ᠪᠠᠶᠠᠭᠤᠳ ᠴᠤᠭᠵᠢᠯᠳᠤ ᠶᠢᠨ ︽ᠬᠠᠯᠢᠮᠠᠭ — ᠳᠡᠭᠷᠢ ᠶᠢᠨ ᠬᠢᠵᠠᠭᠠᠷ ᠤᠨ ᠮᠤᠩᠭᠤᠯ ᠵᠡᠭᠦᠳᠦ︾᠂ 76᠂ 79᠂ 72᠂ 62᠂ 64᠂ 66᠂  75᠂ 69 ᠳ᠋ᠦ᠋ᠭᠡᠷ ᠨᠢᠭᠤᠷ᠃      ︹4︺︹18︺︹19︺︹20︺︹21︺︹22︺︹24︺︹25︺︹26︺︹27︺︹29︺︹31︺︹32︺︹33︺︹34︺ ᠲᠤᠷᠭᠤᠳ ᠬᠡᠦᠬᠡᠨ ᠰᠤᠷᠪᠤᠰᠠᠢ᠄ ︽ᠲᠤᠷᠭᠤᠳ ᠬᠡᠦᠬᠡᠨ︾᠂ ᠦᠪᠦᠷ ᠮᠤᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠂ 2010 ᠤᠨ ᠤ ᠬᠤᠶᠠᠳᠤᠭᠠᠷ ᠬᠡᠪᠯᠡᠯ᠂ 28᠂ 86᠂ 88᠂ 90᠂ 91᠂ 112᠂ 109᠂ 131᠂ 132᠂ 123᠂ 165᠂ 288᠂ 290᠂ 300᠂ 312 ᠳ᠋ᠤᠭᠠᠷ ᠨᠢᠭᠤᠷ᠃      ︹7︺ ︽ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠤᠨ ᠡᠷᠳᠡᠮ ᠰᠢᠨᠵᠢᠯᠡᠭᠡᠨ ᠤ ᠰᠡᠳᠬᠦᠯ ︾ ᠤᠨ 2012 ᠣᠨ ᠤ ᠭᠤᠷᠪᠠᠳᠤᠭᠠᠷ ᠬᠤᠭᠤᠴᠠᠭ᠎ᠠ᠃      ︹9︺︹16︺ ᠮᠠᠨᠯᠢᠨ᠄ ︽ᠯᠧᠨᠢᠨ ᠬᠢᠭᠡᠳ ᠬᠠᠯᠢᠮᠠᠭ ᠮᠤᠩᠭᠤᠯ︾᠂ ︽ᠦᠪᠦᠷ ᠮᠤᠩᠭᠤᠯ ᠤᠨ ᠡᠳᠦᠷ ᠤᠨ ᠰᠤᠨᠢᠨ︾ ᠤ ᠮᠤᠩᠭᠤᠯ ᠬᠡᠪᠯᠡᠯ ᠤᠨ 1999 ᠤᠨ ᠤ 5 ᠰᠠᠷ᠎ᠠ ᠶᠢᠨ 12 ᠤ ᠡᠳᠦᠷ᠃      ︹15︺ ᠡᠸᠦᠷᠢᠶ᠎ᠠ ︵ᠤᠷᠤᠰ︶᠄ ︽ᠮᠢᠨᠤ ᠬᠠᠯᠢᠮᠠᠭ︾᠂ ︽ᠦᠪᠦᠷ ᠮᠤᠩᠭᠤᠯ ᠤᠨ ᠡᠮᠡᠭᠳᠠᠶᠢᠴᠤᠳ︾ ᠰᠡᠳᠬᠦᠯ ᠤᠨ 2010 ᠤᠨ ᠤ 9 ᠳ᠋ᠦ᠋ᠭᠡᠷ ᠬᠤᠭᠤᠴᠠᠭ᠎ᠠ᠃      ︹17︺︹23︺︹28︺︹30︺ ᠰᠡᠴᠡᠨᠪᠠᠳᠤ᠄ ︽ᠭᠦᠩᠰᠡᠩᠨᠤᠷᠪᠤ︾᠂ 2009 ᠤᠨ ᠤ 12 ᠰᠠᠷ᠎ᠠ᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 289᠂ 290᠂ 291᠂ 292 ᠳ᠋ᠤᠭᠠᠷ ᠨᠢᠭᠤᠷ᠃                                                          ᠬᠤᠳᠤᠷᠠᠩᠭ᠎ᠠ ᠵᠤᠬᠢᠶᠠᠪᠠ᠃                 ︽ᠳᠤᠷᠠᠰᠤᠯ ᠳᠤ ᠮᠦᠩᠬᠡᠷᠡᠬᠦ ᠬᠤᠷᠸ᠎ᠠ︾ ︵ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ 2014 ᠤᠨ ᠤ 3 ᠰᠠᠷ᠎ᠠ ᠶᠢᠨ ᠠᠩᠬᠠᠳᠤᠭᠠᠷ ᠬᠡᠪ︶ ᠭᠡᠬᠦ ᠨᠤᠮ ᠠᠴᠠ ᠰᠤᠩᠭᠤᠪᠠ᠃
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号