ᠰᠣᠪᠣᠷᠭ᠎ᠠ ᠪᠢᠴᠢᠭᠯᠡᠬᠦᠨ | ︵ᠪᠯᠠᠮ᠎ᠠ ᠭᠠᠯᠰᠠᠩ ᠤᠨ ᠰᠣᠪᠣᠷᠭ᠎ᠠ ᠳᠤ ᠵᠤᠷᠢᠭᠤᠯᠪᠠ︶ | ᠹ᠊ · ᠪᠦᠬᠡ | | | ᠡᠳᠦᠭᠡ ᠮᠠᠨᠣᠰ ᠠᠭᠤᠯᠠ ᠣᠪᠣᠭᠠᠨ ᠤ ᠲᠠᠬᠢᠯᠭ᠎ᠠ᠂ ᠯᠤᠤᠰ ᠪᠤᠯᠠᠭ ᠤᠨ ᠡᠷᠭᠦᠴᠡ᠂ ᠱᠠᠩᠰᠢ ᠰᠢᠪᠰᠢᠯ ᠤᠨ | ᠠᠯᠢᠨ ᠴᠤ ᠪᠢᠰᠢ᠂ ᠬᠠᠷᠢᠨ ᠣᠢ ᠣᠬᠠᠭᠠᠨ ᠠᠴᠠ ᠵᠠᠶᠢᠳᠠᠭᠠᠳ ᠦᠭᠡᠰ ᠤᠨ ᠰᠠᠩ ᠳᠤ ᠡᠷᠡᠦ ᠪᠠᠷ ᠢᠶᠠᠨ ᠠᠷᠠᠶᠢᠬᠠᠨ | ᠭᠤᠬᠠᠳᠠᠭᠠ ᠬᠡᠮᠡᠷ ᠰᠢᠨ᠎ᠡ ᠠᠮᠢᠯᠠᠭᠰᠠᠨ ᠡᠷᠲᠡᠨ ᠤ ᠰᠣᠪᠣᠷᠭ᠎ᠠ ᠶᠢ ᠵᠣᠷᠢᠭ᠎ᠠ ᠶᠤᠮ ᠳ᠋ᠠ᠃ | ᠲᠣᠯᠢ ᠪᠢᠴᠢᠭ ᠲᠤᠷ ︽ᠰᠣᠪᠣᠷᠭ᠎ᠠ ᠪᠤᠯᠪᠠᠰᠣ ᠪᠤᠳ᠋ᠳ᠋ᠾᠠ ᠶᠢᠨ ᠱᠠᠰᠢᠨ ᠳᠤ ᠯᠠ ᠪᠠᠶᠢᠳᠠᠭ ᠳᠣᠷᠠᠰᠬᠠᠯ ᠤᠨ | ᠰᠢᠲᠦᠭᠡᠨ ᠤ ᠪᠠᠷᠢᠯᠭ᠎ᠠ︾ ᠬᠡᠮᠡᠮᠦᠢ᠃ ᠰᠣᠪᠣᠷᠭ᠎ᠠ ᠬᠡᠮᠡᠭᠰᠡᠨ ᠢᠵᠠᠭᠤᠷ ᠦᠭᠡ ᠴᠣᠬᠤᠮ ᠬᠡᠵᠢᠶ᠎ᠡ ᠬᠠᠮᠢᠭ᠎ᠠ ᠠᠴᠠ | ᠠᠯᠢ ᠦᠨᠳᠦᠰᠦᠲᠡᠨ ᠣᠭᠰᠠᠭ᠎ᠠ ᠠᠴᠠ ᠡᠭᠦᠰᠪᠤᠷᠢᠯᠡᠯᠲᠡᠢ ᠨᠢ ᠮᠢᠨᠤ ᠬᠤᠪᠢᠨ᠎ᠠ ᠦᠯᠦ ᠮᠡᠳᠡᠬᠦᠢ ᠲᠤᠭ᠎ᠠ᠃ ᠠᠵᠤᠭᠤ | ᠠᠮᠤᠢ ᠶᠠ ᠣᠩᠭᠢᠷᠠᠨ ᠦᠯᠦ ᠪᠤᠯᠤᠮᠤᠢ᠃ ᠣᠳᠣ ᠵᠦᠪᠬᠡᠨ ᠰᠣᠨᠢᠨ ᠮᠡᠳᠡᠭᠡᠯᠡᠯ ᠠᠴᠠ ᠣᠯᠵᠠᠷᠬᠠᠭᠰᠠᠨ ᠪᠤᠶᠤ | ᠰᠣᠨᠣᠰᠴᠣ ᠳᠣᠭᠤᠯᠣᠭᠰᠠᠨ ᠬᠡᠳᠦᠨ ᠮᠦᠷ ᠢᠶᠠᠷ ᠵᠤᠭᠤᠭ ᠤᠨ ᠣᠭᠤᠰᠣᠷ ᠡᠯᠭᠦᠨᠡᠮ᠃ ᠰᠣᠪᠣᠷᠭ᠎ᠠ ᠬᠡᠭᠦᠨᠡᠷ ᠨᠢ | ᠳᠡᠯᠡᠬᠡᠢ ᠶᠢᠨ ᠨᠠᠢᠮᠠᠨ ᠭᠠᠶᠢᠬᠠᠮᠰᠢᠭ ᠤᠨ ᠨᠢᠭᠡ — ᠡᠷᠲᠡᠨ ᠤ ᠶᠧᠵᠢᠫᠲ ᠤᠨ ᠱᠣᠪᠣᠭᠤᠷ ᠣᠷᠣᠶᠢᠲᠦ ᠫᠢᠷᠠᠮᠢᠳ᠋ | ᠰᠣᠪᠣᠷᠭ᠎ᠠ ᠠᠴᠠ ᠳᠠᠪᠠᠭᠰᠠᠨ ᠪᠠᠷᠢᠯᠭ᠎ᠠ ᠡᠳᠦᠶᠢᠲᠡᠯᠡ ᠭᠠᠷᠤᠭ᠎ᠠ ᠦᠭᠡᠢ ᠪᠦᠭᠡᠳ ᠲᠡᠭᠦᠨ ᠤ ᠣᠷᠣᠢ ᠳᠤᠨᠢ ᠭᠠᠷᠬᠤ | ᠬᠡᠰᠡᠨ ᠣᠯᠣᠰ ᠣᠯᠣᠰ ᠤᠨ ᠰᠦᠰᠦ ᠵᠣᠷᠢᠭᠲᠠᠳ ᠪᠦᠷ ᠴᠦ ᠠᠮᠢ ᠪᠠᠨ ᠠᠯᠳᠠᠪᠠ ᠭᠡᠵᠦ ᠳᠣᠳᠣᠷᠬᠠᠢ ᠳᠡᠮᠳᠡᠭᠯᠡᠮᠦᠢ᠃ | ᠳᠡᠭᠦᠨ ᠳᠤᠷ ᠶᠠᠮᠠᠷᠬᠠᠨ ᠡᠴᠢᠨ᠎ᠡ ᠳᠠᠯᠳᠠ ᠠᠭᠤᠯᠤᠭᠳᠠᠭ᠎ᠠ ᠦᠦ᠃ ᠲᠡᠶᠢᠨᠬᠦ ᠲᠡᠳᠡᠭᠡᠷ ᠭᠠᠷᠮᠠᠭᠠᠢ ᠬᠠᠭᠤᠴᠢ | ᠰᠣᠳᠣᠯᠭᠠᠲᠠᠨ ᠢ ᠬᠦᠷᠲᠡᠯ᠎ᠡ ᠭᠠᠴᠢᠭᠳᠠᠭᠤᠯᠣᠨ ᠭᠠᠷ ᠨᠤᠬᠤᠯᠠᠭᠤᠯᠤᠨᠠ ᠠᠪᠠᠢ᠃ ᠡᠨᠡ ᠦᠨᠡᠬᠡᠷ ᠲᠠᠩ ᠤᠨ | ᠲᠥᠷᠦ ᠶᠢᠨ ᠡᠮ᠎ᠡ ᠬᠠᠭᠠᠨ ᠡᠦ ᠽᠧ ᠲᠢᠶᠠᠨ ᠤ ᠤᠩᠭᠤᠨ ᠢ ᠴᠡᠷᠢᠭ ᠤᠨ ᠡᠷᠬᠡᠲᠡᠳ ᠴᠡᠷᠢᠭ ᠮᠣᠷᠢ ᠬᠦᠳᠡᠯᠭᠡᠵᠦ ᠫᠤᠤ | ᠳᠠᠷᠢ ᠵᠠᠷᠣᠴᠠᠭᠤᠯᠣᠭᠠᠳ ᠴᠤ ᠳᠠᠯᠵᠢ ᠦᠭᠡᠢ ᠨᠢᠰᠣ ᠪᠠᠨ ᠳᠣᠯᠢᠶᠠᠭᠰᠠᠨ ᠭᠡᠰᠡᠨ ᠯᠦᠭᠡ ᠢᠵᠢᠯᠡᠬᠡᠨ᠃ ᠪᠢ ᠭᠡᠵᠦ | ᠹᠸᠦᠳᠠᠯ ᠪᠣᠯᠣᠨ ᠬᠤᠪᠢᠰᠬᠠᠯ ᠤᠨ ᠰᠣᠯᠢᠭᠳᠠᠯ ᠤᠨ ᠡᠷᠡᠨ ᠤ ᠲᠦᠷᠦᠳᠡᠰᠦ᠃ ᠨᠡᠶᠢᠭᠡᠮ ᠠᠬᠤᠢ ᠯᠤᠭ᠎ᠠ | ᠨᠢᠭᠤᠷᠳᠠᠬᠤ ᠳᠤ ᠱᠠᠰᠢᠨ ᠰᠣᠷᠲᠠᠬᠤᠨ ᠣᠷᠣᠭᠤᠳᠠᠯ ᠳᠤ ᠣᠷᠣᠵᠣ᠂ ᠰᠦᠮ᠎ᠡ ᠬᠡᠶᠢᠳ ᠤᠨ ᠬᠢᠨ ᠠᠮᠢᠨ ᠳᠠᠭᠠᠨ ᠵᠥᠪ | ᠦᠭᠡᠢ ᠠᠷᠢᠶᠠᠪᠠᠯᠤᠴᠣᠳ ᠪᠣᠯᠴᠢᠬᠠᠭᠰᠠᠨ ᠬᠤᠶᠢᠨ᠎ᠠ ᠶᠠᠭᠤᠨ ᠰᠣᠪᠣᠷᠭ᠎ᠠ ᠮᠣᠪᠣᠷᠭᠠ ᠲᠠᠢ ᠶᠤᠮ ᠳ᠋ᠠ᠃ ᠳᠡᠭᠡᠭᠡᠳ | ᠡᠮᠡᠭᠡᠯ ᠠᠴᠠ ᠪᠠᠨ ᠦᠨᠳᠦᠷ ᠢ ᠳᠠᠪᠠᠭ᠎ᠠ ᠦᠭᠡᠢ ᠬᠡᠮᠡᠷᠬᠡᠨ ᠮᠢᠨᠤᠬᠢ ᠮᠡᠳᠡᠳᠡᠭ ᠨᠢ ᠪᠸᠶᠢᠬᠠᠢ ᠴᠡᠴᠡᠷᠯᠢᠭ ᠤᠨ ᠴᠠᠭᠠᠨ | ᠰᠣᠪᠣᠷᠭ᠎ᠠ᠂ ᠪᠠᠭᠠᠷᠢᠨ ᠪᠠᠷᠠᠭᠤᠨ ᠬᠤᠰᠢᠭᠤᠨ ᠤ ᠵᠢᠨᠵᠢᠨ ᠴᠠᠭᠠᠨ ᠰᠣᠪᠣᠷᠭ᠎ᠠ᠂ ᠯᠢᠨ ᠬᠤᠸᠠᠩ ᠹᠦ᠋ ᠪᠠᠭᠤᠷᠢ ᠶᠢᠨ | ᠡᠮᠦᠨᠡᠬᠢ ᠦᠨᠦᠴᠢᠨ ᠴᠠᠭᠠᠨ ᠰᠣᠪᠣᠷᠭ᠎ᠠ᠂ ᠪᠦᠬᠦ ᠤᠯᠤᠰ ᠲᠤ ᠭᠤᠳᠠᠭᠠᠷᠯᠠᠭᠠ 80 ᠮᠧᠲᠷ ᠭᠠᠷᠣᠢ ᠦᠨᠳᠦᠷ | ᠨᠢᠩᠴᠧᠩ ᠤᠨ ᠳ᠋ᠠ ᠮᠢᠩ ᠲᠠ ᠰᠣᠪᠣᠷᠭ᠎ᠠ ᠪᠤᠯᠤᠨ ᠺᠠᠶᠢᠯᠤ ᠳᠠᠬᠢ ᠶᠤᠸᠠᠨ ᠤ ᠴᠠᠭᠠᠨ ᠰᠣᠪᠣᠷᠭ᠎ᠠ ᠠᠴᠠ ᠴᠠᠰᠢ ᠦᠭᠡᠢ | ᠂ ᠲᠡᠳᠡᠭᠡᠷ ᠠᠴᠠ ᠮᠤᠬᠤᠷ ᠰᠣᠪᠣᠷᠭ᠎ᠠ ᠠᠴᠠ ᠪᠣᠰᠤ ᠶᠢ ᠵᠢᠷᠤᠭ ᠰᠡᠭᠦᠳᠡᠷ ᠠᠴᠠ ᠬᠠᠷᠠᠭᠰᠠᠨ ᠳᠡᠳᠦᠢ ᠯᠡ᠃ ᠮᠠᠨ ᠤ | ᠬᠤᠰᠢᠭᠤ ᠨᠤᠲᠤᠭ ᠲᠤ ᠰᠣᠪᠣᠷᠭ᠎ᠠ ᠴᠦᠭᠡᠨ ᠪᠤᠯᠤᠯᠲᠠᠢ᠂ ᠬᠤᠨᠳᠣ ᠶᠢᠨ ᠰᠣᠪᠣᠷᠭ᠎ᠠ ᠭᠠᠴᠠᠭ᠎ᠠ ᠶᠢᠨ ᠨᠡᠷ᠎ᠡ ᠨᠢ | ᠰᠣᠪᠣᠷᠭ᠎ᠠ ᠠᠴᠠ ᠢᠷᠡᠯᠲᠡᠢ ᠦᠦ᠂ ᠰᠣᠨᠣᠰᠬᠠᠯ ᠢᠶᠠᠷ ᠬᠠᠨ ᠰᠦᠮ᠎ᠡ ᠶᠢᠨ ᠳᠤᠭᠠᠩ ᠤᠨ ᠬᠦᠷᠢᠶᠡᠨ ᠳᠠᠬᠢ ᠰᠣᠪᠣᠷᠭ᠎ᠠ | ᠠᠯᠠᠭ᠎ᠠ ᠪᠣᠯᠵᠠᠢ᠃ ᠰᠠᠭᠤᠭᠳᠠᠯ ᠲᠠᠢ ᠭᠡᠪᠡᠯ ᠬᠤᠨᠳᠣ ᠳᠤ ᠪᠢᠴᠢᠭ ᠦᠵᠡᠭᠡ ᠳᠤ ᠰᠣᠷᠭᠠᠭᠤᠯᠢ ︵ᠳᠣᠶᠢᠩᠬᠤᠷ | ᠭᠡᠭᠡᠨ ᠤ ᠣᠷᠳᠣᠨ︶ ᠶᠢᠨ ᠠᠷᠣ ᠶᠢᠨ ᠨᠠᠢᠮᠠᠨ ᠵᠢᠵᠢᠭ ᠴᠠᠭᠠᠨ ᠰᠣᠪᠣᠷᠭ᠎ᠠ ᠵᠢᠴᠢ ᠵᠡᠭᠦᠨ ᠡᠮᠦᠨ᠎ᠡ ᠬᠤᠸᠠ ᠶᠢᠨ | ᠣᠷᠣᠢ ᠳᠠᠬᠢ ᠪᠦᠳᠦᠭᠦᠨ ᠴᠠᠭᠠᠨ ᠰᠣᠪᠣᠷᠭ᠎ᠠ ︵ᠡᠨᠡ ᠴᠠᠭᠠᠨ ᠰᠣᠪᠣᠷᠭ᠎ᠠ ᠶᠢ ᠲᠠᠮᠢᠷᠯᠠᠯ ᠢᠶᠠᠷ ᠲᠣᠭᠤᠷᠢᠨ ᠬᠦᠶᠦᠵᠦ | ᠪᠠᠶᠢᠵᠠᠢ︶ ᠪᠤᠯᠤᠨ᠎ᠠ᠃ ᠲᠡᠷᠡ ᠦᠶ᠎ᠡ ᠳᠤ ᠲᠡᠭᠦᠨ ᠢ ᠰᠣᠪᠢᠨ ᠰᠣᠨᠵᠢᠬᠤ ᠣᠬᠠᠭᠠᠨ ᠰᠠᠭᠤᠭᠠᠳᠣᠢ᠃ ᠭᠡᠲᠡᠯ᠎ᠡ ᠲᠡᠷᠡ | ᠬᠤᠶᠠᠷ ᠰᠣᠪᠣᠷᠭ᠎ᠠ ᠰᠣᠶᠣᠯ ᠤᠨ ᠬᠤᠪᠢᠰᠬᠠᠯ ᠤᠨ ᠣᠯᠠᠩᠭᠠᠰᠣᠯ ᠳᠤ ᠠᠷᠴᠢᠭᠳᠠᠨ᠂ ᠢᠳᠡᠭᠡᠰᠢᠭᠰᠡᠨ | ᠨᠣᠲᠤᠭ ᠠᠴᠠ ᠪᠠᠨ ᠭᠤᠮᠤᠳᠠᠯᠲᠠᠢ ᠠᠶᠠᠷᠯᠠᠪᠠᠢ᠃ ᠦᠵᠡᠭᠡᠳ ᠰᠣᠨᠣᠰᠣᠭᠠᠳ ᠪᠠᠶᠢᠬᠤᠨᠠᠷ ᠣᠨᠳᠣᠣ ᠣᠷᠣᠨ ᠤ | ᠰᠣᠪᠣᠷᠭ᠎ᠠ ᠬᠦᠮᠦᠨ ᠲᠦᠷᠦᠯᠬᠢᠲᠡᠨ ᠤ ᠰᠣᠶᠣᠯ ᠤᠨ ᠥᠪ ᠢᠶᠠᠷ ᠬᠠᠮᠠᠭᠠᠯᠠᠭᠳᠠᠨ ᠰᠦᠨᠳᠡᠷᠯᠡᠭᠰᠡᠭᠡᠷ᠃ ᠭᠠᠭᠴᠠ | ᠯᠢᠶᠣᠤ ᠶᠢᠨ ᠦᠶ᠎ᠡ ᠶᠢᠨ ᠰᠣᠪᠣᠷᠭ᠎ᠠ ᠤᠮᠠᠷᠠᠲᠣ ᠣᠷᠣᠨ᠎ᠠ ᠵᠠᠭᠤ ᠳᠦᠴᠢᠭᠡᠳ ᠪᠤᠢ ᠭᠡᠵᠦ ᠲᠡᠷᠡᠦᠬᠡᠨ ᠤ ︽ᠬᠤᠩᠱᠠᠨ | ᠣᠷᠣᠢ ᠶᠢᠨ ᠰᠣᠨᠢᠨ︾ ᠳᠤ ᠣᠩᠰᠢᠭᠳᠠᠭᠰᠠᠨ ᠠᠪᠠᠢ᠃ ᠠᠷᠣ ᠬᠤᠷᠴᠢᠨ ᠤ ᠦᠨᠳᠦᠰᠦ ᠣᠯᠠᠭᠠᠨ ᠤᠵᠢᠭ ᠠᠰᠬᠠᠨ | ᠦᠭᠡᠶᠢᠬᠦᠦ ᠠᠩᠬᠢᠳᠠᠨ ᠤ ᠬᠤᠪᠢᠰᠬᠠᠯᠲᠤ ᠤᠬᠠᠮᠰᠠᠷ ᠡ᠂ ᠦᠨᠡᠨᠬᠦ ᠬᠢᠷᠢ ᠲᠡᠩᠴᠡᠭᠰᠡᠨ ᠲᠠᠴᠢᠭᠢᠨᠠᠭᠰᠠᠳ ᠪᠠᠶᠢᠵᠠᠢ᠃ | ᠲᠡᠷᠡᠬᠦ ᠠᠪᠤ ᠠᠬᠠᠰ ᠲᠠᠢ ᠪᠠᠨ ᠠᠩᠭᠢ ᠶᠢᠨ ᠵᠠᠭᠠᠭ ᠰᠤᠭᠤᠮ ᠢᠯᠭᠠᠨ ᠬᠦᠮᠦᠨ ᠴᠢᠳᠬᠦᠷ ᠢᠯᠭᠠᠭᠳᠠᠬᠤ ᠪᠠᠨ | ᠪᠣᠯᠢᠭᠰᠠᠨ ᠪᠤᠭᠤᠷᠵᠠᠩᠯᠠᠯ ᠳᠤ ᠪᠠᠶᠠᠨᠬᠤᠯᠪᠣᠭᠠ ᠰᠣᠷᠭᠠᠭᠤᠯᠢ ᠶᠢᠨ ᠰᠣᠷᠣᠭᠴᠢ ᠠᠭᠰᠠᠨ ᠬᠠ᠊ · ᠪᠠᠶᠠᠷ ᠪᠤᠰᠣᠴᠣᠣᠯ ᠤᠨ | ᠳᠦᠷᠪᠡᠭᠡᠨ ᠳᠤ ᠤᠪᠤᠬᠠᠢ ᠶᠢᠨ ᠰᠥᠮ᠎ᠡ ᠶᠢ ᠡᠪᠳᠡᠭᠰᠡᠨ ᠦᠢᠯᠡᠳᠬᠡᠯ ᠳᠤ ᠣᠷᠣᠯᠴᠠᠭᠰᠠᠨ ᠪᠠ ᠡᠪᠡᠷ ᠰᠡᠭᠦᠯᠲᠡᠳ ︽ | ᠣᠷᠪᠠᠯᠭ᠎ᠠ ᠭᠠᠷᠭᠠᠭᠴᠢ︾ ᠶᠢᠨ ᠡᠷᠡᠯᠬᠡᠭ ᠵᠣᠷᠢᠭ ᠪᠠᠳᠠᠷᠠᠭᠠᠭᠰᠠᠨ ᠡᠪᠳᠡᠯ ᠭᠠᠯᠳᠠᠯ ᠢ ᠦᠵᠡᠭᠳᠡᠵᠦ ᠬᠠᠷᠠᠭᠳᠠᠳᠠᠯᠠ | ᠵᠢᠷᠣᠭᠯᠠᠵᠠᠢ᠃ ᠪᠠᠰᠠ ᠨᠢᠭᠡᠨ ᠪᠢᠴᠢᠭᠳᠡᠨ ᠤ ᠭᠧᠮᠫᠢ ᠶᠢᠨ ᠰᠦᠮ᠎ᠡ ᠶᠢ ᠰᠦᠢᠳᠬᠡᠭᠰᠡᠨ ᠪᠢᠴᠢᠯᠭᠡ ᠶᠢ ᠠᠮᠲᠠᠷᠬᠠᠭᠰᠠᠨ᠃ | ᠡᠨᠡ ᠪᠣᠯᠪᠠᠰᠣ ᠬᠤᠶᠠᠷ ᠪᠢᠴᠢᠭᠳᠡᠨ ᠤ ᠵᠢᠷᠦᠬᠡ ᠰᠡᠳᠬᠢᠯ ᠤᠨ ᠡᠮᠵᠡᠭᠯᠡᠯ᠂ ᠣᠶᠣᠨᠯᠢᠭ ᠲᠤᠩᠭᠠᠭᠠᠯᠲᠠ ᠠᠵᠠᠢ᠃ | ᠡᠶᠢᠨᠬᠦ ᠪᠦᠲᠦᠭᠡᠯ ᠲᠤᠭᠤᠷᠪᠢᠯ ᠨᠢ ᠮᠤᠩᠭᠤᠯ ᠰᠣᠶᠣᠯ ᠤᠨ ᠮᠦᠩᠬᠡ ᠵᠤᠯᠠ ᠳᠤ ᠨᠡᠮᠡᠷᠢᠯᠡᠯ ᠪᠤᠯᠤᠨ ᠡᠨᠡ ᠰᠣᠪᠣᠷᠭ᠎ᠠ | ᠯᠤᠭ᠎ᠠ ᠲᠡᠦᠬᠡᠳᠦ ᠦᠨ᠎ᠡ ᠴᠠᠨ᠎ᠠ ᠪᠠᠨ ᠪᠠᠳᠠᠷᠠᠭᠤᠯᠣᠨ᠎ᠠ᠃ ︽ᠲᠡᠦᠬᠡ ᠶᠢ ᠠᠷᠠᠳ ᠲᠦᠮᠡᠨ ᠪᠢᠴᠢᠳᠡᠭ︾᠃ ᠲᠡᠳᠡᠭᠡᠷ | ᠬᠦᠮᠦᠨ ᠲᠦᠷᠦᠯᠬᠢᠲᠡᠨ ᠤ ᠪᠤᠯᠪᠠᠰᠣᠨ ᠢ ᠡᠪᠳᠡᠬᠦ ᠪᠠᠷ ᠪᠠᠶᠠᠷ ᠵᠢᠷᠭᠠᠯ ᠪᠤᠯᠭᠠᠭᠰᠠᠨ ᠶᠠᠷᠢᠭᠠᠴᠢᠨ ᠤ ᠬᠢᠲᠤᠭ᠎ᠠ | ᠢᠷᠯᠡᠭᠰᠡᠳ ᠲᠦᠮᠡᠨ ᠦᠶ᠎ᠡ ᠶᠠᠰᠣ ᠪᠠᠨ ᠶᠠᠩᠭᠢᠨᠠᠭᠤᠯᠬᠤ ᠨᠢ ᠪᠠᠲᠤᠶᠣᠰᠣᠨ᠃ | ᠵᠠ ᠶᠠᠭᠠᠬᠢᠬᠤᠪ᠂ ᠡᠷᠲᠡᠨ ᠡᠳᠦᠭᠡ ᠠᠳᠡᠬᠢ ᠳᠡᠨᠳᠡᠬᠢ ᠡᠯᠬᠡᠨ ᠪᠤᠯᠬᠠᠨ ᠬᠡᠭᠰᠡᠭᠡᠷ ᠦᠬᠡᠷ ᠬᠤᠯᠠᠳᠠᠴᠢᠬᠠᠯᠠ | ᠦᠦ᠂ ᠣᠷᠵᠢᠨᠤᠨ ᠨᠠᠮᠣᠷ ᠤᠨ ᠤᠴᠢᠷ᠃ ᠬᠤᠰᠢᠭᠤ ᠮᠤᠩᠭᠤᠯ ᠡᠮᠴᠢ ᠶᠢᠨ ᠬᠤᠷᠢᠶᠠᠨ ᠤ ᠣᠨᠴᠠ ᠨᠦᠬᠦᠪᠦᠷᠢ | ᠬᠦᠷᠲᠡᠭᠡ ᠨᠡᠷᠡᠲᠦ ᠡᠮᠴᠢ ᠰᠡᠷᠡᠩ ᠣᠲᠠᠴᠢ ︵ᠡᠷᠦᠬᠡ ᠳᠡᠭᠡᠨ ᠡᠮᠴᠢᠯᠡᠭᠡ︶ ᠲᠠᠯᠢᠢᠭᠴᠢ ᠪᠠᠭᠰᠢᠳᠠᠨ | ᠭᠠᠯᠰᠠᠩ ᠤᠨ ᠢᠶᠠᠨ ᠲᠠᠭᠠᠯᠠᠯ ᠲᠡᠭᠦᠰᠦᠨ ᠡᠭᠦᠯᠡ ᠳᠠᠯᠳᠠᠯᠠᠭᠰᠠᠨ ᠬᠤᠷᠢᠨ ᠵᠢᠯ ᠳᠤ ᠲᠦᠷᠦᠭᠰᠡᠨ ᠨᠤᠲᠤᠭ | ᠬᠠᠷᠠᠬᠠᠳᠠ ᠳᠠᠭᠠᠨ ᠳᠤᠷᠠᠰᠬᠠᠯ ᠤᠨ ᠰᠣᠪᠣᠷᠭ᠎ᠠ ᠴᠣᠭᠴᠠᠯᠠᠪᠠ ᠬᠡᠮᠡᠭᠰᠡᠨ ᠬᠠᠯᠠᠭᠤᠬᠠᠨ ᠲᠤᠭᠤᠯᠳᠠᠯ ᠳᠤ ᠰᠣᠨᠣᠷ | ᠱᠦᠷᠭᠦᠭᠡᠭᠳᠡᠪᠡ᠃ ᠳᠡᠭᠡᠭᠡᠳ ᠭᠠᠶᠢᠬᠠᠰᠢᠷᠠᠬᠠᠨ ᠲᠡᠷᠡ ᠭᠤᠸᠠᠢ ᠶᠢᠨ ᠬᠦᠮᠦᠨ ᠮᠦᠰᠦᠨ ᠠᠭᠤᠯᠬᠤᠨ ᠢ ᠪᠢᠰᠢᠷᠡᠩᠬᠡᠨ | ᠪᠥᠭᠡᠳ ᠡᠨᠡ ᠪᠤᠯᠪᠠᠰᠣ ᠨᠤᠷᠤᠮᠰᠢᠭᠰᠠᠨ ᠴᠤᠭ ᠢ ᠣᠯᠠᠯᠵᠠᠭᠤᠯᠤᠭᠰᠠᠨ ᠭᠠᠶᠢᠬᠠᠮᠰᠢᠭ᠂ ᠪᠠᠯᠠᠷᠠᠭ᠎ᠠ ᠰᠣᠶᠣᠯ ᠤᠨ | ᠠᠪᠣᠷᠠᠯᠲᠠ ᠭᠡᠵᠦ ᠰᠡᠳᠬᠢᠯ ᠤᠨ ᠭᠦᠨ ᠠᠴᠠ ᠪᠠᠭ᠋ᠠᠳᠣᠩᠭᠤᠶᠢᠯᠠᠪᠠᠢ᠃ ᠲᠡᠶᠢᠨ ᠪᠦᠭᠡᠳ ᠬᠡᠷᠪᠡ ᠴᠠᠭ ᠲᠠᠢ ᠪᠤᠯᠤᠭᠠᠳ | ᠮᠣᠷᠢ ᠲᠠᠢ ᠰᠠᠨ ᠭᠡᠰᠡᠨ ᠵᠠᠯᠠᠭᠤ ᠽᠠᠨᠳᠠᠨ ᠤ ᠢᠳᠡ ᠠᠭᠠᠭ ᠴᠤ ᠴᠣᠬᠤᠯᠵᠠᠨ ᠪᠠᠶᠢᠯᠤᠭ᠎ᠠ᠃ ᠶᠠᠪᠤᠵᠤ ᠶᠠᠪᠤᠵᠤ ᠡᠨᠡ | ᠨᠠᠮᠤᠷ ︵2018 ᠣᠨ︶ ᠤᠨ ᠲᠠᠷᠭᠤᠨ ᠲᠠᠪᠠᠲᠠᠢ ᠡᠷᠡᠨᠡ ᠲᠡᠭᠦᠨ ᠤ ᠪᠦᠰᠡᠭᠦᠢ ᠠᠨᠠᠷ ᠤᠨ ︽ᠰᠣᠪᠣᠷᠭᠠᠨ | ᠲᠠᠬᠢᠯᠭ᠎ᠠ︾ ᠶᠢᠨ ᠤᠷᠢᠯᠭ᠎ᠠ ᠳᠤ ᠮᠠᠰᠢᠳᠠ ᠬᠦᠪᠬᠦᠯᠵᠡᠪᠡᠢ᠃ ᠴᠢᠪᠠᠭ᠎ᠠ ᠶᠢᠨ ᠣᠣᠯ ᠤᠨ ︽ᠨᠠᠮᠨᠠᠭᠠᠴᠢ ᠲᠠᠪᠴᠠᠩ︾ | ᠠᠴᠠ ᠬᠦᠳᠡᠯᠦᠭᠰᠡᠨ ᠬᠠᠷᠢ ᠬᠢᠴᠡᠲᠡᠢ ᠭᠤᠶᠤᠬᠠᠨ ᠮᠠᠰᠢᠨ ᠴᠠᠬᠢᠭᠤᠷᠲᠤ ᠶᠢᠨ ᠬᠦᠨᠳᠡᠢ ᠶᠢ ᠪᠠᠷᠠᠭᠤᠨ ᠢᠶᠠᠷ ᠬᠠᠭ᠎ᠠ | ᠵᠦᠰᠦᠭᠰᠡᠨ ᠴᠠᠷᠳᠠᠮᠠᠯ ᠵᠠᠮ ᠢᠶᠠᠷ ᠤᠮᠠᠷᠠᠰᠢ ᠵᠢᠷᠪᠡᠯᠵᠡᠨᠡ᠃ ᠲᠡᠷᠡᠬᠦ ᠬᠤᠶᠠᠷ ᠲᠠᠯ᠎ᠠ ᠶᠢᠨ ᠮᠤᠳᠣᠳ ᠲᠤ | ᠪᠦᠷᠬᠦᠪᠴᠢᠯᠡᠭᠳᠡᠭᠰᠡᠨ ᠵᠠᠮ ᠶᠠᠭ ᠠᠭᠤᠶᠢᠲᠦ ᠵᠠᠮ ᠰᠢᠪᠲᠤᠯᠬᠤ ᠰᠢᠦ ᠰᠡᠷᠢᠬᠦᠦ ᠲᠠᠲᠠᠭᠤᠯᠣᠨ ᠨᠢᠭᠡ ᠯᠡ ᠲᠠᠭᠠᠲᠠᠢ᠃ | ᠪᠠᠰᠠ ᠬᠡᠵᠢᠶ᠎ᠡ ᠬᠡᠵᠢᠶᠡᠨ ᠤ ᠮᠦᠰᠦᠨᠡ ᠲᠡᠰᠢᠭᠦᠷᠯᠡᠭᠡ ᠵᠠᠯᠠᠭᠤ ᠨᠠᠰᠣᠨ ᠤ ᠢᠳᠡ ᠬᠠᠪᠤ ᠶᠢ ᠪᠤᠳᠣᠭᠳᠠᠭᠤᠯᠣᠨᠠ᠃ | ᠠᠰᠢᠬᠦᠢ᠂ ᠭᠡᠷ ᠤᠨ ᠮᠤᠬᠤᠷ ᠲᠠᠭᠠᠨ ᠦᠩᠭᠡᠷᠡᠬᠦ ᠮᠦᠴᠡ ᠲᠠᠢ ᠬᠠᠨᠢᠰᠠᠨ ᠦᠵᠡᠵᠦ ᠰᠣᠨᠣᠰᠬᠤ ᠬᠤᠪᠣᠷᠳᠠᠭᠠ | ᠦᠲᠡᠭᠦᠰ ᠲᠤ ᠦᠯᠵᠡᠢ ᠨᠢᠮ᠎ᠠ ᠦᠯᠦᠪ ᠳᠠᠭᠠᠷᠢᠭᠰᠠᠨ ᠯᠠ ᠪᠤᠯᠤᠯ᠎ᠠ᠃ ᠣᠯᠳᠠᠰᠢ ᠦᠭᠡᠢ ᠡᠨᠡᠦᠬᠡᠨ ᠵᠠᠪᠰᠢᠶᠠᠨ᠎ᠠ | ᠥᠷᠦᠴᠡ ᠶᠦᠭᠡᠨ ᠠᠷᠢᠭᠤᠰᠲᠠᠯᠠ ᠴᠡᠩᠬᠡᠭ ᠠᠭᠠᠷ ᠠᠮᠢᠰᠬᠤᠯᠯᠠᠶᠠ᠂ ᠵᠣᠯ ᠬᠠᠷᠭᠤᠨ ᠲᠠᠨᠢᠳᠠᠭ ᠮᠡᠳᠡᠭᠳᠡᠭᠴᠢᠳ | ᠵᠤᠯᠭᠠᠨ ᠦᠦ ᠴᠦ᠂ ᠮᠦᠨ ᠲᠡᠷᠡ ᠨᠤᠲᠤᠭ ᠤᠨ ᠬᠡᠯᠡᠯᠭᠡ ᠶᠠᠷᠢᠶ᠎ᠠ ᠳᠤ ᠰᠣᠨᠣᠷ ᠬᠠᠶᠠᠶ᠎ᠠ ︵ᠡᠨᠡ ᠪᠣᠯ ᠮᠢᠨᠤ | ᠤᠶᠤᠨ ᠳᠠᠬᠢ ᠴᠢᠯᠠᠭᠤᠵᠢᠯ︶᠂ ᠲᠠᠬᠢᠯᠭᠠᠴᠢᠳ ᠤᠨ ᠴᠤᠭ ᠵᠣᠯᠢ ᠶᠢ ᠠᠩᠵᠠᠭᠠᠷᠠᠶᠠ ᠭᠡᠬᠦ ᠠᠴᠠ ᠬᠦᠭᠰᠢᠷᠡᠭᠰᠡᠨ ᠡᠰ | ᠨᠡᠭᠡᠳᠡᠰᠦ ᠬᠢᠷᠢ ᠠᠴᠠ ᠪᠠᠨ ᠬᠡᠲᠦᠷᠡᠬᠦᠦ ᠠᠪᠠᠭᠠᠨᠠᠴᠢᠬᠠᠭᠰᠠᠨ ᠲᠦᠷᠦᠭᠦᠦ ᠵᠠᠭᠤᠨ ᠤ ᠡᠬᠢᠨ ᠢᠶᠠᠷ ᠰᠣᠨᠢᠨ ᠭᠡᠳᠡᠭ | ᠰᠢᠨᠡᠭᠡᠨ ᠶᠢᠷᠲᠢᠨᠴᠦ ᠲᠠᠢ ᠠᠩᠬᠠᠯᠠᠬᠤᠨᠠ ᠪᠠᠭᠠᠷᠢᠨ ᠪᠢᠴᠢᠭᠲᠡᠨ ᠲ᠊ · ᠵᠢᠮᠪᠠ ᠶᠢᠨ ︽ᠬᠥᠬᠡ ᠸᠠᠭᠠᠷᠣᠨ ᠪᠠᠶᠢᠰᠢᠩ | ᠦᠨᠴᠦᠭ ᠳᠠᠷᠣᠨ ᠵᠢᠭᠳᠡᠷᠡᠵᠦ\ ᠬᠥᠬᠡ ᠠᠯᠠᠭ ᠲᠠᠭᠲᠠᠭ᠎ᠠ ᠵᠢᠬᠦᠷ ᠬᠤᠯᠪᠤᠨ ᠨᠢᠰᠦᠯᠳᠦᠭᠡᠳ\ ᠬᠦᠭᠵᠢᠨ ᠪᠠᠶᠢᠭ᠎ᠠ | ᠪᠠᠭᠠᠷᠢᠨ ᠨᠤᠲᠤᠭ ᠲᠤ\ ᠬᠦᠷᠭᠡᠨ ᠶᠠᠪᠤᠭ᠎ᠠ ᠶᠠᠭᠤᠨ ᠦᠦ ᠁︾ ᠭᠡᠰᠡᠨ ᠰᠠᠭᠤᠭᠳᠠᠯᠳᠣ ᠪᠠᠳᠠᠭ ᠢ ᠣᠩᠰᠢᠴᠢᠬᠠᠪᠠ | ᠰᠢᠦ᠃ ᠦ᠂ ᠬᠠᠷᠢᠨ ᠳᠠᠯᠠᠭᠠᠳ ᠵᠢᠯ ᠤᠨ ᠡᠮᠦᠨᠡᠬᠢ ᠵᠦᠢᠯᠡᠰ ᠣᠢ ᠲᠣᠭᠲᠠᠭᠠᠮᠵᠢ ᠳᠤ ᠪᠤᠢ ᠬᠡᠮᠡᠨ ᠥᠪᠡᠷ ᠢ ᠪᠠᠨ | ᠲᠣᠭᠤᠵᠣ ᠭᠠᠷᠣᠯ᠎ᠠ ᠬᠦᠭᠰᠢᠨ ᠵᠠᠶᠢᠯᠠᠭᠤᠯ ᠴᠢᠨᠢ᠃ ᠡᠪᠦᠭᠡᠨ ᠨᠠᠳᠠᠳᠣ ᠣᠢ ᠴᠡᠭᠡᠵᠢᠯᠡᠭᠦᠷ ᠬᠡᠰᠢᠭᠯᠡᠯ ᠢᠶᠠᠨ ᠡᠨᠡᠴᠢᠯᠡᠨ | ᠬᠠᠶᠢᠷᠠᠯᠠᠭᠰᠠᠭᠠᠷ ᠡᠬᠡ ᠳᠡᠯᠡᠬᠡᠢ ᠶᠢᠨ ᠰᠣᠶᠣᠷᠬᠠᠯ ᠳᠤ ᠲᠠᠯᠠᠷᠬᠠᠬᠤ ᠶᠢᠨ ᠲᠡᠳᠡᠦᠬᠡᠨᠡ ᠡᠮᠦᠨ᠎ᠡ ᠰᠠᠭᠤᠭ᠎ᠠ | ᠲᠠᠬᠢᠯᠭ᠎ᠠ ᠶᠢᠨ ᠡᠵᠡᠨᠲᠡᠨ ᠰᠡᠷᠡᠩ ᠣᠲᠠᠴᠢ ᠳᠤ ᠪᠣᠳᠣᠯ ᠰᠢᠯᠵᠢᠴᠢᠬᠡᠭᠰᠡᠨ᠂ ᠮᠠᠨ ᠤ ᠬᠤᠶᠠᠭᠤᠯᠠ ᠲᠠᠨᠢᠯᠴᠠᠭᠠᠳ | ᠭᠤᠴᠢᠭᠠᠳ ᠵᠢᠯ ᠪᠣᠯᠴᠢᠬᠠᠪᠠ᠃ ᠡᠨᠡ ᠮᠠᠨᠢ ᠢᠳᠡ ᠰᠠᠶᠢᠬᠠᠨ ᠨᠠᠰᠣᠨᠠ ᠲᠠᠪᠤᠨ ᠴᠤᠯᠤ ᠵᠠᠰᠠᠯᠭ᠎ᠠ ᠳᠤ ᠵᠠᠭᠤᠢ | ᠭᠠᠷᠰᠢᠭᠰᠠᠨ ᠢᠶᠠᠷ ᠦᠯᠦ ᠪᠠᠷᠠᠮ ᠰᠢᠷ᠎ᠠ ᠤᠰᠤ᠂ ᠴᠠᠭᠠᠨ ᠬᠤᠶᠠᠩ᠂ ᠮᠡᠳᠡᠷᠡᠯ᠂ ᠰᠣᠯᠢᠶ᠎ᠠ᠂ ᠭᠠᠯᠵᠠᠭᠤ ᠵᠡᠷᠭᠡ ᠶᠢᠨ | ᠵᠠᠰᠠᠯᠭᠠᠨ ᠤ ᠣᠨᠣ ᠳᠣᠨᠣ ᠶᠢ ᠣᠯᠵᠣ ᠬᠡᠳᠦᠨ ᠠᠷᠪᠠᠨ ᠵᠢᠯ ᠳᠤ ᠭᠤᠴᠢ ᠭᠠᠷᠤᠢ ᠲᠦᠮᠡᠨ ᠬᠦᠮᠦᠨ ᠤᠳᠠᠭ᠎ᠠ | ᠵᠠᠰᠠᠯᠭ᠎ᠠ ᠦᠭᠭᠦᠭᠰᠡᠨ ᠲᠡᠮᠳᠡᠭᠯᠡᠯ ᠲᠠᠢ᠃ ᠡᠮᠴᠢᠯᠡᠯ ᠤᠨ ᠶᠠᠪᠤᠴᠠᠨᠠ ᠵᠠᠷᠢᠮ ᠤᠯᠠᠮᠵᠢᠯᠠᠯ ᠵᠣᠷ ᠲᠤ ᠨᠡᠮᠡᠯᠲᠡ | ᠬᠠᠰᠣᠯᠲᠠ ︵ᠪᠠᠳᠭᠠᠨ ᠰᠣᠯᠢᠶ᠎ᠠ᠂ ᠬᠤᠷᠠᠮᠠᠯ ᠰᠣᠯᠢᠶ᠎ᠠ ᠶᠢᠨ ᠰᠣᠳᠠᠯ ᠤᠨ ᠲᠣᠭᠤᠯᠭᠠᠪᠣᠷᠢ ᠳᠤ ᠬᠢᠷᠢ ᠪᠠᠷᠣᠭᠴᠣᠣᠯ | ᠰᠢᠷᠬᠡᠶᠢᠳᠡᠭ ᠠᠯᠠᠭ ᠪᠠᠮᠪᠤ ᠶᠢᠨ ᠵᠠᠪᠰᠠᠷ ᠤᠨ ᠵᠢᠪᠠᠷ ᠢ ᠠᠪᠴᠣ ᠨᠤᠮᠠᠳᠬᠠᠪᠠ︶ ᠬᠢᠵᠦ ᠵᠣᠷᠢᠭᠲᠠᠢ ᠬᠡᠷᠡᠭᠯᠡᠭᠡᠳ | ᠠᠰᠣᠷᠣ ᠠᠮᠵᠢᠯᠲᠠ ᠪᠠᠷ ᠢᠶᠠᠨ ᠦᠪᠡᠷ ᠢ ᠪᠠᠨ ᠤᠯᠠᠮ ᠲᠠᠨᠢᠭᠤᠯᠤᠨ ᠪᠦᠬᠦ ᠬᠤᠷᠢᠶᠠᠨ ᠤ ᠪᠠᠨ ᠠᠯᠳᠠᠷ ᠨᠡᠷ᠎ᠡ ᠶᠢ | ᠡᠷᠭᠦᠪᠡ᠃ ᠲᠡᠷᠡᠪᠡᠷ ᠡᠶᠢᠨᠬᠦ ᠠᠮᠵᠢᠯᠲᠠ ᠳᠠᠭᠤᠷᠢᠰᠬᠠᠯ ᠢᠶᠠᠷ ᠳᠡᠯᠡᠬᠡᠢ ᠶᠢᠨ ᠮᠤᠩᠭᠤᠯ ᠡᠮᠨᠡᠯᠭᠡ ᠶᠢᠨ ᠬᠤᠷᠠᠯ ᠳᠤ ︽ | ᠰᠣᠯᠢᠶ᠎ᠠ ᠵᠠᠰᠠᠭᠰᠠᠨ ᠦᠬᠦᠯᠡᠯ︾ ᠢᠶᠠᠨ ᠣᠩᠰᠢᠭᠰᠠᠨ ᠪᠠ ᠤᠯᠠᠭᠠᠨᠪᠠᠭᠠᠲᠣᠷ ᠤᠨ ᠬᠤᠷᠠᠯ ᠳᠤ ︽ᠬᠠᠳᠬᠤᠯᠠᠭ᠎ᠠ 6︾ | ᠪᠠᠷ ᠵᠢᠷᠦᠬᠡᠨ ᠡᠪᠡᠳᠴᠢᠨ ᠵᠠᠰᠠᠭᠰᠠᠨ ᠣᠶᠢᠯᠠᠭᠠᠯᠲᠠ ᠪᠠᠨ ᠳᠡᠪᠰᠢᠭᠦᠯᠦᠨ ᠲᠡᠷᠡ ᠦᠬᠦᠯᠡᠯ ᠨᠢ ᠲᠥᠪᠡᠳ᠂ ᠺᠡᠷᠢᠯ᠂ | ᠣᠶᠢᠭᠤᠷᠵᠢᠨ ᠦᠰᠦᠭ ᠢᠶᠠᠷ ᠬᠡᠪᠯᠡᠭᠳᠡᠨ ᠲᠠᠷᠬᠠᠭᠠᠭᠳᠠᠵᠠᠢ᠃ ᠲᠡᠷᠡ ᠮᠠᠨᠢ ᠰᠢᠨ᠎ᠡ ᠳᠡᠭᠲᠡᠷ ᠲᠡᠰᠢ ᠰᠢᠵᠠᠭᠤᠷᠯᠠᠨ | ᠪᠦᠭᠡᠲᠡᠯᠡ ᠶᠣᠷᠵᠤᠭᠲᠣ ᠲᠠᠯ᠎ᠠ ᠰᠠ ᠶᠠᠭᠤ ᠶᠦᠨᠦᠭ ᠦᠭᠡᠢ ᠳᠠᠭᠠᠷᠢᠵᠠᠢ᠃ ᠬᠡᠴᠢᠨᠡᠨ ᠡᠳᠦᠷ ᠮᠡᠳᠡᠭᠡ ᠰᠡᠭᠡᠭᠡ | ᠦᠭᠡᠢ ᠪᠠᠨ ᠡᠮᠨᠡᠯᠭᠡ ᠶᠢᠨ ᠷᠢᠳᠢ᠂ ᠦᠪᠡᠷ ᠤᠨ ᠴᠢᠨᠰᠠᠭ᠎ᠠ ᠪᠠᠷ ᠡᠷᠯᠢᠭ ᠤᠨ ᠡᠯᠴᠢ ᠶᠢᠨ ᠡᠷᠢᠶᠡᠨ ᠴᠠᠯᠠᠮᠠ ᠶᠢ | ᠲᠠᠰᠣᠳᠠᠨ ᠠᠯᠳᠠᠨ ᠠᠶᠠᠭᠠᠨ ᠠᠴᠠ ᠤᠰᠤ ᠣᠣᠭᠤᠬᠤ ᠬᠤᠪᠢ ᠲᠦᠭᠡᠷᠭᠡ ᠪᠠᠨ ᠠᠬᠢᠨ ᠡᠳ᠋ᠯᠡᠭᠰᠡᠨ᠃ ᠲᠡᠭᠡᠭᠡᠳ | ᠨᠡᠯᠢᠶᠡᠳ ᠡᠷᠡᠭᠦᠯᠵᠡᠩᠭᠦᠲᠡ ᠬᠢᠵᠢᠭ ᠤᠨ ᠡᠵᠡᠨ ᠯᠦᠭᠡ ᠦᠵᠡᠯᠴᠡᠳᠡᠭ ᠨᠦᠭᠦᠭᠡ ᠯᠡ ᠤᠷ᠎ᠠ ᠠᠪᠲᠠᠯ ᠢᠶᠠᠷ ᠡᠪᠡᠳᠴᠢᠨ | ᠡᠮᠵᠡᠭᠳᠡᠨ ᠢ ᠵᠠᠰᠠᠨ ᠠᠮᠢ ᠨᠠᠰᠣᠨ ᠤ ᠭᠢᠯᠪᠠᠭ᠎ᠠ ᠪᠠᠨ ᠪᠠᠳᠠᠷᠠᠭᠤᠯᠠᠬᠤᠨᠠ ᠠᠴᠢᠲᠣ ᠪᠠᠭᠰᠢ ᠭᠠᠯᠰᠠᠩ ᠤᠨ ᠢᠶᠠᠨ ᠠᠴᠢ | ᠡᠨᠡᠷᠢᠯ ᠬᠡᠮᠡᠨ ᠪᠦᠯᠢ ᠶᠢᠨ ᠢᠶᠠᠨ ᠭᠤᠷᠪᠠᠨ ᠦᠶ᠎ᠡ ᠶᠢᠨ ᠠᠷᠪᠠᠨ ᠲᠠᠪᠤᠭᠤᠯᠠ ᠶᠢ ᠳᠠᠭᠠᠭᠤᠯᠣᠨ ᠪᠤᠷᠬᠠᠨ ᠤ ᠣᠷᠣᠨ | ᠭᠦᠮᠪᠦᠮ ᠬᠦᠷᠴᠦ ᠷᠠᠪᠵᠠᠮᠪᠠ ᠶᠢᠨ ᠴᠢᠨᠳᠠᠷ ᠤᠨ ᠰᠣᠪᠣᠷᠭ᠎ᠠ ᠳᠤ ᠲᠠᠬᠢᠯᠭ᠎ᠠ ᠡᠷᠭᠦᠨ ᠦᠷ᠎ᠡ ᠬᠤᠶᠢᠴᠢᠰ ᠢᠶᠠᠨ ᠡᠪᠦᠭᠡ | ᠪᠠᠭᠰᠢ ᠶᠢᠨ ᠢᠶᠠᠨ ᠰᠣᠷᠭᠠᠮᠵᠢᠯᠠᠯ ᠢ ᠶᠣᠰᠣᠴᠢᠯᠠᠰᠣᠭᠠᠢ ᠬᠡᠮᠡᠨ ᠬᠠᠲᠠᠭᠤᠬᠠᠨ ᠵᠠᠬᠢᠮᠵᠢᠯᠠᠪᠠᠢ᠃ ᠮᠦᠨ ᠪᠠᠭᠰᠢ ᠶᠢᠨ | ᠰᠣᠪᠣᠷᠭ᠎ᠠ ᠴᠣᠭᠴᠠᠯᠠᠭᠠᠷᠠ ᠮᠡᠷᠭᠡᠨ ᠭᠡᠭᠡᠨᠲᠡᠳ ᠤᠨ ᠦᠨᠡᠯᠡᠯ ᠵᠣᠷᠢᠭᠵᠢᠭᠤᠯᠤᠯ ᠢ ᠤᠯᠵᠠᠢ᠃ ᠬᠤᠶᠢᠨ᠎ᠠ ᠨᠢ ᠳᠡᠨᠳᠡᠴᠡ | ᠰᠣᠪᠣᠷᠭ᠎ᠠ ᠳᠤ ᠲᠦᠰᠦᠭᠡᠲᠡᠢ ᠮᠠᠮᠠᠲᠠᠨ ᠢ ᠲᠣᠮᠢᠯᠠᠨ ᠵᠢᠷᠤᠵᠤ ᠲᠦᠯᠦᠪᠯᠡᠨ ᠵᠢᠯᠤᠭᠤᠳᠤᠭᠤᠯᠪᠠ ᠭᠡᠨ᠎ᠡ᠃ | ᠪᠢ ᠪᠤᠳᠣᠯ ᠤᠨ ᠵᠢᠯᠣᠭᠤ ᠪᠠᠨ ᠲᠠᠳᠠᠰᠬᠢᠨ ᠵᠡᠬᠦᠨ ᠬᠤᠶᠢᠰᠢ ᠬᠠᠷᠠᠬᠤᠨᠠ᠂ ᠦ ᠳ᠋ᠠ᠂ ᠵᠣᠷᠢᠭ᠎ᠠ ᠰᠣᠪᠣᠷᠭ᠎ᠠ | ᠴᠢᠨᠢ ᠮᠦᠨᠦᠬᠡᠨᠡ ᠬᠡᠮᠡᠨ ᠠᠷᠰᠯᠠᠨ ᠠᠭᠤᠯᠠ ᠪᠤᠭᠤᠷᠤᠯ ᠰᠠᠬᠠᠯ ᠳᠣᠲᠣᠷ᠎ᠠ ᠪᠠᠨ ᠮᠦᠰᠢᠶᠡᠯ ᠲᠣᠳᠣᠷᠠᠭᠤᠯᠣᠨ | ᠲᠡᠷᠢᠬᠦᠨ ᠲᠤᠬᠢᠭᠠ ᠰᠠᠨᠠᠭᠳᠠᠯ᠎ᠠ᠃ ᠲᠡᠷᠭᠡ ᠪᠠᠶᠢᠭᠠᠯ ᠠᠶᠢᠯ ᠢ ᠦᠩᠭᠡᠷᠡᠨ ᠶᠠᠯᠢᠬᠦᠢ ᠬᠤᠩᠰᠢᠶᠠᠷ ᠢ ᠣᠷᠢᠶᠠᠩᠭᠤᠲᠠ | ᠦᠯᠵᠡᠶᠢᠲᠦ ᠬᠤᠸᠠ ᠶᠢᠨ ᠣᠷᠣᠢ ᠳᠤ ᠪᠤᠰᠬᠠᠭᠳᠠᠭᠰᠠᠨ ᠰᠢᠨ᠎ᠡ ᠰᠣᠪᠣᠷᠭ᠎ᠠ ᠲᠡᠷᠡ ᠲᠣᠭᠤᠷᠢᠮ ᠢ ᠪᠣᠳᠤᠭᠰᠢᠭᠤᠯᠤᠨ | ᠲᠠᠩᠰᠤᠭ ᠰᠠᠶᠢᠬᠠᠨ ᠶᠢᠷᠲᠢᠨᠴᠦ ᠶᠢ ᠵᠢᠷᠤᠭᠯᠠᠴᠢᠬᠠᠭᠰᠠᠨ ᠪᠠᠶᠢᠬᠤ ᠦᠭᠡᠢ ᠦᠦ᠂ ᠮᠠᠨᠣᠰ ᠬᠦᠷᠬᠦᠯᠡᠷ ᠮᠠᠰᠢᠨ᠂ ᠮᠣᠲ᠋ᠣᠷ | ᠂ ᠳᠤᠭᠤᠶᠢᠲᠠᠳ ᠨᠡᠯᠢᠶᠡᠳ ᠬᠠᠷᠠᠭᠳᠠᠨ᠎ᠠ᠃ ᠮᠠᠨ ᠤ ᠬᠡᠳᠦᠭᠦᠯᠡ ᠪᠠᠷᠢᠨ ᠲᠡᠮᠦᠷ ᠬᠡᠷᠡᠰᠭᠡᠲᠦ ᠬᠦᠷᠢᠶᠡᠨ ᠤ ᠠᠷᠣ | ᠡᠭᠦᠳᠡ ᠪᠠᠷ ᠪᠤᠷᠵᠢᠨ ᠬᠠᠪᠲᠠᠰᠣ ᠵᠦᠭᠡᠭᠡᠪᠦᠷᠢᠯᠡᠯ ᠤᠨ ᠬᠤᠪᠬᠢ ᠶᠢ ᠲᠠᠭᠠᠨ ᠦᠭᠡᠳᠡᠯᠡᠬᠦ ᠳᠤ ᠬᠤᠶᠠᠷ ᠲᠠᠯ᠎ᠠ ᠶᠢᠨ | ᠨᠢᠯᠵᠠᠷᠠᠭᠠ ᠨᠠᠷᠠᠰᠣ ᠮᠦᠩᠬᠡ ᠨᠤᠭᠤᠭᠠᠨ ᠢᠶᠠᠷ ᠢᠨᠢᠶᠡᠮᠰᠦᠭᠯᠡᠨ ᠴᠠᠭᠠᠨ᠎ᠠ ᠠᠴᠠ ᠠᠷᠠᠴᠠ ᠽᠠᠨᠳᠠᠨ ᠤ ᠰᠣᠳᠣᠨ ᠦᠨᠦᠷ | ᠰᠡᠩᠭᠢᠨᠡᠨ᠎ᠡ᠃ ᠳᠡᠭᠡᠯᠬᠦᠢ ᠳ᠋ᠠ᠂ ᠰᠣᠪᠣᠷᠭ᠎ᠠ ᠶᠢᠨ ᠡᠵᠡᠨᠲᠡᠢ ᠭᠠᠯᠰᠠᠩ ᠷᠠᠪᠵᠠᠮᠪᠠ ᠶᠢᠨ ᠰᠦᠭ ᠰᠦᠨᠡᠰᠦ | ᠰᠠᠭᠠᠭᠳᠠᠴᠢᠬᠠᠭᠰᠠᠨ᠂ ᠲᠡᠶᠢᠨ ᠮᠦᠷᠲᠡᠭᠡᠨ ᠮᠠᠨᠢ ᠮᠢᠭᠰᠦᠮᠲᠣ ᠲᠠᠷᠨᠢᠳᠠᠯ ᠲᠠᠢ ᠬᠤᠶᠢᠨ᠎ᠠ ᠬᠡᠨ ᠪᠦᠬᠦᠨ᠎ᠡ ᠠᠮᠢᠯᠠᠭᠤᠬᠠᠨ | ᠰᠠᠨᠠᠭᠳᠠᠨ ᠠᠮᠣᠷᠵᠢᠯ ᠬᠦᠷᠲᠡᠭᠦᠯᠳᠡᠭ ᠨᠢ ᠡ᠃ ᠲᠠᠬᠢᠯᠭᠠᠴᠢᠳ ᠤᠨ ᠵᠠᠷᠢᠮ ᠨᠢ ᠰᠠᠩ ᠤᠩᠭᠠᠰᠬᠠᠯ ᠳᠤ ᠡᠷᠭᠦᠴᠡ | ᠪᠠᠷᠢᠴᠠ ᠡᠷᠭᠦᠨ ᠵᠠᠷᠢᠮ ᠨᠢ ᠰᠢᠪᠰᠢᠯ ᠳᠠᠭᠠᠳᠬᠠᠯ ᠬᠢᠨ᠎ᠡ᠃ ᠪᠢ ᠪᠠᠰᠠ ᠬᠢᠴᠢᠶᠡᠩᠭᠦᠶᠢᠯᠡᠨ ᠨᠠᠮᠠᠨᠴᠢᠯᠠᠵᠤ ᠭᠠᠷᠪᠠ᠃ | ᠡᠨᠡ ᠬᠠᠮᠢᠶᠠᠲᠠᠢ ᠴᠠᠭᠠᠷᠠᠭᠤᠯᠬᠤᠢ ᠳᠤᠷ ᠮᠢᠨᠤᠬᠢ ᠪᠣᠯ ᠲᠠᠯᠶᠢᠭᠴᠢ ᠶᠢᠨ ᠡᠷᠡᠭᠦᠯ ᠡᠩᠬᠡ ᠡᠮᠨᠡᠯᠭᠡ ᠶᠢᠨ ᠤᠬᠠᠭᠠᠨᠠ | ᠡᠷᠭᠦᠭᠰᠡᠨ ᠰᠢᠨᠳᠠᠰᠤᠯᠠᠯ᠂ ᠬᠦᠴᠦ ᠬᠦᠯᠦᠰᠦᠨ ᠤ ᠠᠰᠬᠠᠷᠠᠭᠤᠯᠣᠯ ᠤᠨ ᠪᠢᠰᠢᠷᠡᠯ ᠬᠦᠨᠳᠦᠳᠬᠡᠯ ᠠᠴᠠ ᠪᠢᠰᠢ᠂ | ᠨᠦᠬᠦᠭᠡ ᠯᠡ ᠴᠠᠭᠠᠰᠣᠨ ᠵᠢᠷᠤᠮᠠᠯ᠂ ᠰᠢᠪᠠᠷ ᠱᠤᠭᠤᠮᠠᠯ ᠳᠤ ᠣᠬᠠᠭᠠᠨ ᠪᠠᠯᠠᠷᠠᠲᠠᠯ᠎ᠠ ᠮᠦᠷᠭᠦᠳᠡᠭ ᠮᠡᠨᠡᠭᠰᠢᠷᠡᠯ ᠪᠢᠰᠢ᠃ | ᠨᠡᠩᠳᠡ ︽ᠨᠠᠰᠣᠨ ᠤ ᠵᠠᠶᠠᠭ᠎ᠠ ᠪᠠᠨ ᠨᠠᠶᠢᠷᠠᠯᠲᠤ ᠨᠠᠶᠢᠷᠠᠮᠳᠠᠭᠤ ᠳᠤ ᠳᠠᠭᠠᠳᠬᠠᠨ᠂ ᠨᠠᠷᠢᠯᠠᠵᠤ ᠭᠠᠮᠨᠠᠭᠰᠠᠨ ᠢᠶᠠᠨ | ᠤᠷᠬᠢᠮᠵᠢ ᠶᠢᠨ ᠬᠤᠷᠮᠤᠢ ᠳᠤ ᠡᠷᠭᠦᠳᠡᠭ︾ ᠪᠠᠯᠠᠶᠢᠷᠠᠯ ᠠᠴᠠ ᠦᠰᠦᠳ ᠣᠨᠳᠣᠣ᠃ ᠢᠩᠬᠢᠨ ᠬᠡᠯᠡᠬᠦ ᠶᠢ ᠲᠡᠳᠡᠭᠡᠷ | ᠬᠦᠮᠦᠰ ᠢ ᠬᠥᠯ ᠳᠣᠣᠷ᠎ᠠ ᠪᠠᠨ ᠮᠦᠷᠭᠦᠭᠦᠯᠦᠨ ᠠᠳᠢᠰ ᠬᠦᠷᠲᠡᠭᠦᠯᠳᠡᠭ ᠮᠢᠨᠳᠠᠭᠲᠠᠳ ᠪᠤᠯᠤᠨ ᠮᠦᠷᠭᠦᠨ | ᠰᠦᠭᠦᠳᠦᠭᠴᠢᠳ ᠢᠶᠠᠷ ᠶᠠᠮᠠᠷᠬᠠᠨ ᠡᠯᠳᠡᠪ ᠲᠤ ᠳᠤᠷᠠᠲᠠᠢ ᠬᠤᠲᠤᠭᠴᠢᠨ ᠭᠡᠵᠦ ᠰᠦᠰᠦ ᠪᠤᠴᠠᠯᠤᠨ ᠮᠡᠳᠡᠬᠦ ᠶᠤᠮ᠃ | ᠮᠠᠨ ᠤ ᠤᠭᠰᠠᠭᠠᠲᠠᠨ ᠦᠩᠭᠡᠷᠡᠨ ᠤᠳᠤᠭᠰᠠᠨ ᠬᠡᠳᠦᠨ ᠵᠠᠭᠤᠭᠠᠳ ᠲᠤ ᠪᠣᠷᠬᠠᠨ ᠪᠣᠷᠬᠠᠨ ᠭᠡᠵᠦ ᠪᠤᠨᠲᠤᠭᠤᠷ ᠢᠶᠠᠨ | ᠪᠣᠶᠣᠣᠲᠠᠲᠠᠯᠠ ᠮᠦᠷᠭᠦᠭᠡᠳ ᠪᠦᠲᠦᠭᠰᠡᠨ ᠨᠢ ᠶᠠᠭᠤ︕ ᠮᠤᠩᠬᠠᠷᠠᠯ ᠮᠡᠨᠡᠭᠰᠢᠷᠡᠯ᠃ ᠪᠤᠷᠪᠢ ᠪᠠᠨ ᠬᠤᠯᠭᠤᠲᠠᠯᠠ | ᠰᠤᠳᠣᠷ ᠡᠭᠦᠷᠦᠨ ᠭᠤᠷᠢᠶ᠎ᠠ ᠡᠷᠭᠢᠭᠡᠳ ᠬᠦᠷᠲᠡᠭᠰᠡᠨ ᠨᠢ ᠶᠠᠭᠤ︕ ᠪᠠᠭᠤᠷᠠᠯ ᠳᠣᠷᠤᠶᠢᠲᠠᠯ᠃ ᠡᠷᠡᠨ ᠴᠠᠭ ᠤᠨ ︽ | ᠰᠢᠨ᠎ᠡ ᠬᠠᠭᠤᠴᠢᠨᠬᠦᠦ︾ ᠶᠢ ᠣᠶᠢᠯᠠᠭᠠᠨ ᠶᠠᠳᠠᠨ᠎ᠠ ᠡ᠃ ᠱᠠᠰᠢᠨ ᠰᠢᠲᠦᠭᠡᠨ ᠡᠷᠬᠡ ᠴᠢᠯᠦᠭᠡ ᠲᠠᠢ ᠴᠤ ᠲᠡᠭᠦᠨ ᠤ | ᠬᠡᠷᠡᠭ ᠲᠠᠢ ᠵᠦᠢᠯᠡᠰ ᠢᠶᠠᠷ ᠦᠪᠡᠷ ᠢ ᠪᠠᠨ ᠲᠡᠭᠦᠰ ᠲᠡᠭᠦᠯᠳᠡᠷᠵᠢᠬᠦᠯᠬᠦ ᠨᠢ ᠵᠦᠢ᠂ ᠬᠡᠷᠡᠭ ᠦᠭᠡᠢ ᠶᠠᠭᠤᠮᠠᠰ ᠢᠶᠠᠷ ᠨᠢ | ᠴᠢᠨᠠᠭᠰᠢᠯᠠᠭᠠᠳ ᠬᠤᠤᠷᠲᠠᠢ ᠵᠦᠢᠯᠡᠰ ᠢ ᠲᠠᠶᠠᠭᠳᠠᠵᠣ ᠲᠠᠭᠠᠷᠠᠨ᠎ᠠ᠃ ᠡᠳᠦᠢ ᠳᠤ ᠶᠡᠭᠡ ᠪᠣᠳᠣᠯᠭᠠᠲᠠᠨ ᠢᠨᠵᠠᠨᠨᠠᠰᠢ ᠶᠢᠨ | ︽ᠮᠣᠩᠭᠤᠯᠴᠣᠳ ᠪᠤᠷᠬᠠᠨ ᠪᠣᠯᠬᠤ ᠶᠢ ᠬᠦᠰᠡᠭᠰᠡᠭᠡᠷ ᠪᠤᠬᠤᠷ ᠪᠣᠯᠪᠠᠢ︾ ᠬᠡᠮᠡᠭᠰᠡᠨ ᠮᠡᠷᠭᠡᠨ ᠦᠭᠦᠯᠡᠯᠲᠡ ᠶᠢ | ᠨᠤᠬᠤᠴᠠᠬᠠᠨ ᠲᠠᠪᠲᠠᠯᠲᠠᠢ ᠠᠵᠢᠶᠠᠨᠠᠮ᠃ | ᠪᠢ ᠶᠣᠰᠣ ᠨᠠᠮᠠᠨᠴᠢᠯᠠᠯ ᠢᠶᠠᠨ ᠭᠦᠢᠴᠡᠳᠬᠡᠩᠭᠦᠲᠡ ᠴᠢᠯᠠᠭᠤᠨ ᠢᠨᠳᠡᠷ ᠦᠭᠰᠦᠨ ᠣᠲᠠᠴᠢ ᠶᠢᠨ ᠰᠡᠶᠢᠯᠦᠮᠡᠯ | ᠰᠢᠬᠢᠳᠬᠡᠷᠲᠦ ᠲᠤᠪᠴᠢ ᠲᠠᠨᠢᠯᠴᠠᠭᠤᠯᠭ᠎ᠠ ᠶᠢ ᠭᠦᠶᠦᠯᠭᠡᠨ ᠣᠩᠰᠢᠭᠠᠳ ᠱᠠᠯᠠᠮ ᠲᠤᠲᠤᠭᠰᠢᠯᠠᠵᠤ ᠰᠣᠪᠣᠷᠭ᠎ᠠ ᠶᠢ | ᠨᠠᠷᠠᠨ ᠡᠷᠬᠢᠯᠲᠡ ᠪᠠᠷ ᠡᠷᠬᠢᠨ ᠦᠶᠡᠯᠡᠯ ᠪᠤᠯᠭᠠᠨ ᠢ ᠠᠵᠢᠨ ᠡᠭᠴᠡᠯᠡᠪᠡᠯ ᠭᠤᠤᠯ ᠣᠷᠣᠢ ᠶᠢᠨ ᠴᠢᠮᠡᠭ ᠨᠢ ᠰᠦᠮ᠎ᠡ | ᠳᠣᠭᠠᠩ ᠤᠨ ᠭᠠᠨᠵᠢᠷ᠎ᠠ ᠯᠤᠭ᠎ᠠ ᠳᠠᠭᠠᠷᠠᠬᠤ ᠦᠭᠡᠢ ︽ᠨᠠᠷᠠᠨ ᠰᠠᠷᠠᠨ ᠣᠷᠣᠢ ᠶᠢᠨ ᠴᠢᠮᠡᠭ︾ ᠢᠶᠠᠷ | ᠵᠤᠬᠢᠶᠠᠮᠵᠢᠯᠠᠭᠳᠠᠵᠠᠢ᠃ ᠡᠨᠡ ᠰᠣᠪᠣᠷᠭ᠎ᠠ ᠭᠡᠳᠦᠨ ᠵᠠᠭᠤᠨ ᠵᠢᠯ ᠤᠨ ᠳᠠᠷᠠᠭᠠᠬᠢ ᠦᠨᠦᠳᠦᠷ᠂ ᠦᠭᠡᠷ᠎ᠡ ᠪᠠᠷ ᠬᠡᠯᠡᠬᠦᠨᠡ | ᠠᠷᠣ ᠬᠤᠷᠴᠢᠨ ᠬᠤᠰᠢᠭᠤ ᠪᠦᠷᠢᠯᠳᠦᠨ ᠳᠣᠭᠲᠠᠭᠰᠠᠨ ᠠᠴᠠ ᠠᠪᠤᠭᠠᠳ ᠬᠤᠪᠢ ᠬᠦᠮᠦᠨ ᠪᠤᠰᠬᠠᠭᠰᠠᠨ᠂ ᠨᠡᠩ | ᠳᠣᠳᠣᠷᠠᠭᠤᠯᠬᠤ ᠳᠤ ᠣᠳᠣ ᠡᠷᠡᠨ ᠤ ᠰᠣᠶᠣᠯ ᠠᠪᠣᠷᠠᠯ ᠤᠨ ᠪᠡᠯᠭᠡ ᠳᠡᠮᠳᠡᠭ᠂ ᠣᠰᠠᠳᠣᠯ ᠰᠡᠷᠭᠦᠯ ᠤᠨ ᠵᠠᠭᠠᠭᠯᠠᠯ᠂ | ᠲᠡᠳᠡᠭᠡᠷ ᠪᠤᠭᠤᠷᠤᠯ ᠲᠡᠦᠬᠡ ᠠᠴᠢᠶᠠᠯᠠᠭᠰᠠᠨ ᠰᠣᠪᠣᠷᠭ᠎ᠠ ᠨᠤᠭᠤᠳ ᠲᠠᠢ ᠰᠠᠴᠠᠭᠤᠬᠠᠨ ᠣᠷᠣᠨ ᠪᠠᠶᠢᠷᠢ ᠡᠵᠡᠯᠡᠬᠦ | ᠣᠴᠢᠷᠲᠠᠢ ᠭᠡᠬᠦ ᠠᠴᠠ ᠰᠡᠷᠡᠩ ᠡᠮᠴᠢ ᠳᠤ ᠡᠷᠡᠬᠡᠢ ᠭᠠᠷᠭᠠᠴᠢᠬᠠᠭᠰᠠᠨ᠂ ᠬᠠᠷᠠᠬᠠᠳᠠ ᠶᠢᠨ ᠡᠨᠡᠬᠦ ᠦᠭᠯᠢᠭᠡᠲᠦ ᠨᠤᠲᠤᠭ | ᠣᠬᠠᠭᠠᠨᠳᠣ ᠬᠦᠦ ᠲᠦᠷᠦᠭᠦᠯᠵᠡᠢ ᠶᠡᠷᠦ ᠨᠢ᠃ ᠪᠢ ᠡᠶᠢᠨᠬᠦ ᠰᠡᠳᠬᠢᠯ ᠤᠨ ᠬᠠᠨᠠᠭᠠᠷᠳᠠᠯ ᠢᠶᠠᠷ ᠳᠦᠷᠪᠡᠨ ᠲᠡᠰᠢ | ᠬᠠᠷᠠᠭ᠎ᠠ ᠪᠡᠯᠴᠢᠭᠡᠬᠦᠨᠡ ᠦᠯᠵᠡᠶᠢᠲᠦ ᠬᠤᠸᠠ ᠠᠷᠰᠯᠠᠨ ᠠᠭᠤᠯᠠ ᠶᠢ ᠲᠦᠰᠢᠨ᠂ ᠪᠠᠷᠠᠭᠤᠨ ᠬᠤᠯᠪᠤᠭ᠎ᠠ ᠶᠢ | ᠬᠠᠷᠠᠭᠠᠰᠣᠯᠠᠨ᠂ ᠬᠠᠷᠠᠬᠠᠳᠠ ᠪᠠᠷ ᠬᠠᠯᠬᠠᠪᠴᠢᠯᠠᠨ᠂ ᠤᠣ ᠮᠦᠷᠡᠨ ᠢ ᠢᠰᠭᠦᠯᠵᠡᠢ᠃ ᠠᠳᠡ ᠭᠠᠯᠰᠠᠩ ᠯᠠᠮᠪᠤᠭᠠᠢ ᠶᠢᠨ | ᠠᠷᠢᠭᠤᠨ ᠰᠦᠨᠡᠰᠦ ᠶᠢᠨ ᠰᠠᠭᠠᠲᠠᠯ᠂ ᠱᠠᠪᠢ ᠰᠡᠷᠡᠩ ᠤᠨ ᠬᠢᠨ ᠠᠷᠣᠣᠬᠠᠨ ᠪᠤᠳᠣᠮᠣᠭᠯᠠᠯ ᠢ ᠬᠦᠯᠢᠶᠡᠪᠡ ᠭᠡᠵᠦ | ᠠᠷᠭ᠎ᠠ ᠦᠭᠡᠢ ᠯᠡ ᠪᠤᠳᠣᠭᠳᠠᠭᠤᠯᠣᠨᠠ᠃ ᠡᠪᠦᠭᠡᠨ ᠪᠢ ᠰᠠᠶ᠋ᠢᠬᠢ ᠠᠵᠢᠭᠯᠠᠯᠲᠠ ᠳᠠᠭᠠᠨ ᠬᠠᠨᠠᠭᠠᠷᠲᠠᠴᠢᠬᠠᠭᠰᠠᠨ ᠠᠬᠢᠨ | ᠬᠠᠷᠠᠭ᠎ᠠ ᠬᠤᠯᠠᠳᠬᠠᠬᠤᠨᠠ ᠲᠡᠷᠡ ᠵᠡᠬᠦᠨ ᠬᠤᠶᠢᠨ᠎ᠠ ᠡᠩᠭᠡᠷ ᠬᠤᠷᠮᠤᠢ ᠪᠠᠷ ᠨᠢ ᠴᠠᠭᠠᠨ ᠡᠭᠦᠯᠡᠰ ᠨᠡᠭᠦᠳᠡᠯᠯᠡᠨ ᠣᠷᠣᠢ | ᠠᠰᠬ᠎ᠠ ᠶᠦᠭᠡᠨ ᠭᠠᠶᠢᠬᠠᠭᠤᠯᠣᠭᠰᠠᠨ ᠰᠢᠷᠠᠠᠦ᠋ᠨᠳᠦᠷ ᠬᠠᠶᠢᠷᠬᠠᠨ ︵ᠠᠷᠣ ᠬᠤᠷᠴᠢᠨ ᠲᠦᠷᠦᠭᠦᠨ ᠵᠠᠰᠠᠭᠲᠠᠳ ᠤᠨ | ᠲᠠᠬᠢᠯᠭᠠᠲᠣ ᠠᠭᠤᠯᠠ︶᠂ ᠳᠡᠭᠦᠨ ᠠᠴᠠ ᠪᠠᠷᠠᠭᠤᠨ ᠣᠷᠤᠭᠰᠢ ᠭᠤᠵᠤᠩ ᠱᠣᠷᠤᠩ ᠱᠣᠪᠬᠤᠯᠠᠨ᠂ ᠪᠠᠷᠠᠭᠤᠨᠰᠢᠯᠠᠨ | ᠪᠠᠶᠠᠨᠪᠤᠷᠠᠯᠵᠢ ᠬᠠᠨ ︵ᠰᠡᠭᠦᠯ ᠤᠨ ᠵᠠᠰᠠᠭᠳᠠᠳ ᠤᠨ ᠳᠠᠬᠢᠯᠭᠠᠳᠤ ᠠᠭᠤᠯᠠ︶᠂ ᠡᠨᠡ ᠬᠠᠨ ᠤ ᠡᠩᠭᠡᠷ ᠲᠠᠬᠢ | ᠵᠦᠬᠢᠨᠬᠤᠳᠳᠤᠭ ᠠᠶᠢᠯ ᠪᠤᠯ ᠮᠢᠨᠤ ᠨᠢᠯᠬ᠎ᠠ ᠳᠠᠭᠤ ᠪᠠᠨ ᠠᠩᠬᠠᠯᠠᠭᠰᠠᠨ ᠬᠠᠯᠠᠭᠤᠨ ᠦᠯᠦᠭᠡᠢ ᠪᠤᠶᠤ᠃ | ᠪᠠᠷᠠᠭᠤᠨᠰᠢᠯᠠᠪᠠᠯ ᠪᠠᠭᠠᠷᠢᠨ ᠠᠷᠤ ᠬᠤᠷᠴᠢᠨ ᠢ ᠵᠠᠭᠠᠭᠯᠠᠭᠰᠠᠨ ᠪᠦᠷᠬᠦᠭᠡᠰᠦᠳᠦ ᠬᠠᠨ ᠠᠭᠤᠯᠠ᠂ ᠨᠠᠭᠠᠰᠢᠯᠠᠭᠠᠳ | ᠪᠠᠷᠳᠠᠭᠠᠳᠤ ᠤᠯᠠᠭᠠᠨ ᠤᠩᠬᠢ ᠠᠭᠤᠯᠠ᠂ ᠵᠡᠭᠦᠨ ᠤᠷᠢᠳᠠᠢ ᠨᠢ ᠬᠦᠯ ᠤᠨ ᠱᠤᠷᠤᠩ ᠪᠠ ᠵᠡᠭᠦᠨ ᠡᠮᠦᠨᠡᠰᠢᠯᠡᠨ | ᠳᠤᠯᠤᠳᠤᠭᠠᠷ ᠵᠠᠰᠠᠭ ᠳᠠᠭᠳᠠᠨᠸᠠᠩᠴᠤᠭ ᠪᠠᠷᠰ ᠠᠪᠠᠯᠠᠨ ᠤᠳᠤᠭ᠎ᠠ ᠪᠠᠨ ᠭᠡᠭᠡᠭᠰᠡᠨ ᠤᠳᠤᠭ᠎ᠠ ᠠᠭᠤᠯᠠ᠂ ᠵᠡᠭᠦᠨᠳᠠᠢ ᠨᠢ | ᠪᠠᠷᠠᠭᠤᠨ ᠬᠤᠯᠪᠤᠭ᠎ᠠ ᠁ ᠡᠨᠡ ᠰᠠᠶᠢᠬᠠᠨ ᠬᠠᠨ ᠬᠠᠶᠢᠷᠬᠠᠳ ᠪᠤᠯ ᠪᠠᠭ᠎ᠠ ᠬᠢᠩᠭᠠᠨ ᠤ ᠡᠨᠡ ᠬᠡᠰᠡᠭ ᠳᠤ | ᠰᠡᠵᠢᠭᠦᠷᠯᠡᠨ ᠰᠠᠯᠪᠤᠷᠢᠯᠠᠭᠰᠠᠨ ᠠᠭᠤᠯᠠᠰ ᠪᠤᠯᠬᠤ ᠪᠠ ᠡᠳᠡᠭᠡᠷ ᠤᠨ ᠬᠤᠶᠠᠷ ᠬᠠᠨ ᠨᠢ ᠬᠤᠰᠢᠭᠤᠨ ᠳᠠᠬᠢᠯᠭᠠᠳᠤ | ᠭᠠᠵᠠᠷ᠃ ᠦᠯᠵᠡᠶᠢᠳᠦ ᠬᠤᠸᠠ ᠡᠳᠡᠭᠡᠷ ᠠᠭᠤᠯᠠᠰ ᠢ ᠲᠦᠪᠯᠡᠭᠡ ᠬᠡᠮᠡᠷᠭᠡᠨ ᠲᠤᠭᠳᠠᠭᠰᠠᠨ ᠪᠤᠯᠬᠤᠨᠠ ᠳᠡᠶᠢᠮᠦ | ᠰᠠᠶᠢᠬᠠᠨ ᠨᠡᠷᠡᠯᠡᠭᠳᠡᠭᠰᠡᠨ ᠠᠵᠤᠭᠤ᠃ ᠡᠨᠡ ᠬᠡᠶᠢᠮᠦᠷᠢᠳᠦ ᠨᠤᠳᠤᠭ ᠤᠨ ᠡᠷᠳᠡᠨ ᠢ ᠮᠡᠳᠡᠬᠦ ᠦᠭᠡᠢ᠂ ᠤᠳᠤ ᠦᠶ᠎ᠡ ᠳᠤ | ᠡᠮᠴᠢ ᠳᠣᠮᠴᠢ ᠴᠦᠭᠡᠨ ᠦᠭᠡᠢ᠂ ᠳᠡᠳᠡᠨᠦᠰ ᠠᠴᠠ ᠰᠢᠪᠠᠷᠳᠠᠢ ᠶᠢᠨ ᠪᠤᠷᠤ ᠮᠤᠷᠢᠳᠦ ᠪᠤᠶᠠᠨᠳᠠᠯᠠᠢ ︵ᠠᠤᠬᠠᠨ | ᠨᠤᠳᠤᠭᠳᠠᠨ︶ ᠨᠢᠭᠡᠨ ᠬᠤᠭᠤᠴᠠᠭ᠎ᠠ ᠣᠳᠣᠲᠠᠢ ᠭᠢᠯᠠᠰᠬᠠᠭᠰᠠᠨ ᠷᠢᠳᠢ ᠰᠢᠳᠢᠳᠡᠨ᠃ ᠳᠠᠷᠠᠭᠠᠯᠠᠪᠠᠯ ᠭᠠᠯᠰᠠᠩ ᠤᠳᠠᠴᠢ | ᠂ ᠭᠠᠷ ᠱᠠᠪᠢ ᠰᠠᠷᠠᠩ ᠢ ᠳᠤᠷᠠᠳᠤᠯᠳᠠᠢ᠃ ᠡᠨᠡ ᠳᠠᠰᠢᠷᠠᠮ ᠳᠤ ᠦᠯᠵᠡᠶᠢᠳᠦ ᠤᠷᠤᠨ ᠤ ᠪᠠᠶᠠᠨᠬᠤᠸᠠᠴᠤᠳ ᠠᠴᠠ | ᠦᠰᠦᠭᠡᠢ ᠵᠠᠯᠭᠠᠭᠰᠠᠨ ᠡᠮᠴᠢᠳ ᠤᠯᠠᠨ ᠭᠠᠷᠤᠭᠠᠰᠠᠢ ᠬᠡᠮᠡᠨ ᠰᠡᠳᠬᠢᠯ ᠤᠨ ᠳᠡᠭᠷᠢ ᠳᠡᠭᠡᠨ ᠳᠠᠭᠠᠳᠬᠠᠪᠠᠢ᠃ | ᠪᠢ ᠡᠨᠡ ᠤᠳᠠᠭ᠎ᠠ ᠴᠢᠪᠠᠭ᠎ᠠ ᠠᠴᠠ ᠨᠠᠭᠠᠰᠢᠯᠠᠬᠤᠨᠠ ᠰᠢᠨ᠎ᠡ ᠰᠤᠪᠤᠷᠭ᠎ᠠ ᠶᠢᠨ ᠰᠤᠨᠢᠷᠬᠠᠯ ᠠᠴᠠ ᠪᠤᠰᠤ ᠡᠶᠢᠨ | ᠳᠡᠶᠢᠨ ᠳᠡᠮᠡᠢ ᠶᠠᠭᠤᠮ᠎ᠠ ᠪᠤᠳᠤᠯᠬᠢᠯᠠᠭᠠ ᠦᠭᠡᠢ᠃ ᠳᠡᠭᠡᠳᠡᠯ᠎ᠡ ᠰᠠᠶ᠋ᠢᠬᠢ ᠰᠤᠪᠤᠷᠭᠠᠨ ᠰᠡᠳᠬᠢᠭᠳᠡᠬᠦᠨ ᠵᠢᠴᠢ ᠰᠡᠷᠡᠩ | ᠭᠤᠸᠠᠢ ᠶᠢᠨ ᠢᠨᠳᠡᠷ ᠪᠤᠶᠤ ᠳᠡᠷᠭᠡᠨ ᠳᠤ ᠲᠦᠰᠢᠭᠡ ᠲᠠᠢ᠂ ᠳᠠᠶᠠᠭ ᠲᠠᠢ ᠳᠠᠬᠢᠯᠭ᠎ᠠ ᠪᠠᠨ ᠬᠡᠰᠡᠨ ᠭᠠᠭᠴᠠᠮᠤᠰᠤᠨ | ᠰᠦᠰᠦᠯᠡᠯ ᠳᠤ ᠢᠭᠳᠦᠯᠵᠦ᠂ ᠡᠨᠡ ᠰᠤᠨᠢᠨ ᠤᠳᠤᠳᠠᠢ ᠯᠡ ᠬᠡᠮᠡᠨ ᠨᠢᠭᠡ ᠶᠡᠭᠡ ᠭᠠᠶᠢᠬᠠᠰᠢᠷᠠᠨ ᠳᠡᠭᠦᠨ ᠢ ᠲᠠᠪᠲᠠᠨ | ᠳᠠᠨᠢᠬᠤ ᠴᠢᠬᠤᠯᠠᠳᠠᠢ᠂ ᠳᠠᠪᠳᠠᠨ ᠪᠢᠴᠢᠭᠦᠰᠢᠳᠠᠢ ᠭᠡᠰᠡᠨ ᠬᠠᠯᠠᠭᠤᠨ ᠤᠷᠤᠰᠬᠠᠯ ᠨᠢᠯᠭᠢᠪᠡ᠃ ᠡᠶᠢᠨᠬᠦ ᠰᠤᠴᠢᠭᠤᠬᠠᠨ | ᠬᠠᠷᠪᠤᠨ ᠢᠷᠡᠭᠰᠡᠨ ᠪᠤᠳᠤᠯ ᠲᠠᠢ ᠵᠡᠷᠭᠡᠴᠡᠨ ᠬᠤᠷᠢᠭᠠᠳ ᠵᠢᠯ ᠤᠨ ᠡᠮᠦᠨ᠎ᠡ ᠰᠡᠷᠡᠩ ᠪᠤᠯᠤᠨ ᠪᠠᠭᠰᠢᠳᠠᠨ ᠳᠤᠨᠢ | ᠵᠤᠷᠢᠭᠤᠯᠤᠭᠰᠠᠨ ᠪᠢᠴᠢᠭᠯᠡᠬᠦᠢ ᠴᠦ ᠪᠦᠷᠳᠦᠯᠵᠡᠪᠡ᠃ ᠪᠢ ᠶᠡᠷᠦ ᠨᠢ ︽ᠭᠤᠤᠯ ᠤᠨ ᠤᠰᠤ ᠶᠢ ᠭᠤᠷᠪᠠᠨᠳᠠ | ᠤᠤᠭᠤᠪᠠᠯ ᠭᠠᠰᠢᠭᠤᠨ᠂ ᠦᠭᠡ ᠶᠢ ᠭᠤᠷᠪᠠᠨᠳᠠ ᠳᠠᠪᠳᠠᠪᠠᠯ ᠠᠮᠳᠠ ᠦᠭᠡᠢ ᠬᠡᠮᠡᠭᠰᠡᠨ︾ ᠰᠡᠴᠡᠡᠯᠢᠭ ᠦᠭᠦᠯᠡᠯᠳᠡ ᠢ | ᠡᠷᠬᠢᠮᠨᠡᠭᠴᠢ᠃ ᠤᠳᠤ ᠬᠠᠷᠢᠨ ᠦᠪᠡᠷ ᠤᠨ ᠬᠡᠮᠡᠭᠰᠡᠨ ᠵᠢᠷᠦᠮᠯᠡᠯ ᠁ ᠶᠠᠭᠤ ᠠᠳᠤᠭᠠᠢ᠂ ᠡᠶᠢᠮᠦᠷᠬᠦᠦ ᠬᠤᠪᠤᠷᠬᠠᠨ | ᠤᠴᠠᠷᠠᠯ ᠠᠬᠤᠢ ᠳᠤ ᠬᠡᠳᠦᠨ ᠮᠦᠷ ᠡᠪᠯᠡᠭᠦᠯᠬᠦ ᠦᠭᠡᠢ ᠪᠤᠯᠬᠤᠢ ᠳᠤᠷ ᠬᠡᠨ ᠠᠯᠢᠨ ᠳᠤ ᠴᠠᠯᠠᠭᠠᠶᠢᠳᠠᠨ ᠡᠬᠡ ᠰᠤᠶᠤᠯ | ᠤᠨ ᠬᠠᠷᠠᠮᠰᠠᠩᠨᠠᠯ ᠪᠤᠯᠭᠤᠵᠠᠢ᠃ ᠡᠶᠢᠨᠬᠦ ᠲᠦᠷᠦᠭᠳᠡᠬᠦᠨ ᠢᠶᠠᠷ ᠢᠨᠳᠡᠷ ᠠᠴᠠ ᠲᠠᠶᠠᠭᠯᠠᠨ ᠪᠠᠭᠤᠬᠤ ᠳᠤ ᠰᠤᠪᠤᠷᠭ᠎ᠠ | ᠶᠢᠨ ᠢᠶᠠᠨ ᠵᠡᠭᠦᠨ ᠡᠮᠦᠨ᠎ᠡ ᠲᠦᠰᠦᠷ ᠤᠳᠠᠴᠢ ᠰᠠᠷᠡᠩ ᠪᠦᠰᠡᠭᠦᠢ ᠠᠨᠠᠷ ᠲᠠᠢ ᠪᠠᠨ ᠮᠤᠩᠭᠤᠯ ᠵᠠᠰᠠᠯ ᠢᠶᠠᠷ ᠳᠠᠬᠢᠯᠭ᠎ᠠ | ᠶᠢᠨ ᠳᠤᠷᠠᠰᠬᠠᠯ ᠳᠠᠳᠠᠭᠤᠯᠤᠭᠠ ᠨᠢ ᠠᠳᠡᠪᠡᠰᠢ ᠭᠤᠴᠤ᠂ ᠮᠤᠩᠭᠤᠯ ᠭᠤᠶᠤᠯᠳᠤ ᠬᠤᠶᠠᠭᠤᠯᠠ ᠶᠢᠨ ᠵᠢᠪᠬᠤᠭ᠎ᠠ ᠭᠡᠵᠢ | ᠂ ᠡᠨᠡ ᠰᠠᠶᠢᠬᠠᠨ ᠰᠡᠭᠦᠳᠡᠷᠯᠡᠯ ᠨᠢ ᠰᠤᠪᠤᠷᠭ᠎ᠠ ᠲᠠᠢ ᠪᠠᠨ ᠴᠤᠭ ᠪᠠᠶᠢᠭᠠᠰᠠᠢ ᠭᠡᠵᠦ ᠵᠦᠩᠨᠡᠨ ᠠᠮᠵᠢᠭᠤᠯᠤᠭᠠ᠃ | ᠪᠢ ᠳᠡᠳᠡᠨ ᠤ ᠪᠦᠯᠢ ᠶᠢᠨ ᠬᠢ ᠲᠠᠢ ᠰᠡᠭᠦᠳᠡᠷᠯᠡᠩᠭᠦᠳᠡ ᠠᠬᠢᠨ ᠢᠨᠳᠡᠷ ᠦᠭᠰᠦᠨ ᠠᠩᠬ᠎ᠠ ᠶᠢᠨ | ᠬᠠᠶᠢᠩᠭᠤᠳᠠᠭᠰᠠᠨ ᠳᠠᠨᠢᠯᠴᠠᠭᠤᠯᠭ᠎ᠠ ᠶᠢ ᠨᠠᠷᠢᠴᠠᠯᠠᠬᠤᠢ ᠳᠤᠷ ︽ᠵᠠᠷᠢᠮ ᠬᠦᠮᠦᠨ ᠠᠮᠢᠳᠤ ᠴᠦ ᠦᠬᠦᠭᠰᠡᠳ ᠠᠴᠠ | ᠢᠯᠭᠠᠭ᠎ᠠ ᠦᠭᠡᠢ᠂ ᠵᠠᠷᠢᠮ ᠬᠦᠮᠦᠨ ᠦᠬᠦᠴᠢᠬᠡᠭᠰᠡᠨ ᠴᠦ ᠠᠮᠢᠳᠤᠷᠠᠭᠰᠠᠭᠠᠷ︾ ᠬᠡᠮᠡᠭᠰᠡᠨ ᠴᠢ ᠪᠢᠳᠡᠨ ᠤ ᠲᠦᠭᠡᠮᠡᠯ | ᠮᠡᠳᠡᠷᠡᠳᠡᠭ ᠶᠤᠰᠤᠨ ᠢ ᠤᠯᠠᠮ ᠤᠬᠠᠭᠠᠪᠠᠢ᠃ ᠭᠠᠯᠰᠠᠩ ᠯᠠᠮᠠᠲᠠᠨ ᠪᠤᠯ ᠡᠨᠡᠬᠦ ᠪᠠᠳᠤ ᠶᠤᠰᠤᠨ ᠤ ᠬᠤᠶᠢᠨᠠᠬᠢ ᠨᠢ᠃ | ᠡᠭᠦᠨ ᠳᠤ ᠤᠯᠠᠨ ᠶᠠᠭᠤᠮ᠎ᠠ ᠬᠡᠯᠡᠭᠰᠡᠨ ᠤ ᠠᠯᠠᠭ᠎ᠠ᠃ ᠰᠢᠨ᠎ᠡ ᠠᠮᠢᠯᠠᠯᠳᠤ ᠰᠤᠪᠤᠷᠭ᠎ᠠ ᠨᠢ ᠳᠡᠭᠦᠯᠳᠡᠷ ᠬᠠᠷᠢᠭᠤᠯᠳᠠ | ᠬᠢᠭᠡᠳ ᠪᠤᠢ᠃ ᠨᠠᠰᠤᠨ ᠤ ᠵᠦᠷᠢᠭᠡᠨ ᠪᠦᠬᠦᠢ ᠯᠠᠮᠠ ᠬᠠᠷ᠎ᠠ ᠮᠠᠨ ᠤ ᠬᠤᠶᠠᠭᠤᠯᠠ ᠳᠠᠨᠢᠯᠴᠠᠨ ᠶᠠᠪᠤᠯᠴᠠᠭᠰᠠᠨ ᠳᠡᠩᠴᠢ | ᠤᠬᠤᠷ ᠴᠦ ᠯᠠᠮᠠᠪᠤᠭᠠᠢ ᠶᠢᠨ ᠳᠡᠷᠡᠬᠦ ᠲᠤᠭᠤᠷᠭᠠᠳᠠᠳ ᠤᠨ ᠠᠰᠪᠤᠷᠢ ᠴᠠᠶᠢᠯᠭᠠᠨ ᠢ ᠭᠠᠶᠢᠬᠠᠭᠤᠯᠤᠭᠰᠠᠨ ᠠᠷᠠᠨᠰᠢᠨ᠂ | ᠡᠷᠳᠡᠮ ᠪᠢᠰᠢᠯᠭᠠᠯ ᠤᠨ ᠬᠢᠨᠢ ᠬᠦᠨᠴᠡ ᠳᠤᠨᠢ ᠶᠠᠭᠠᠬᠢᠬᠤ ᠶᠢᠨ ᠠᠷᠭ᠎ᠠ ᠦᠬᠡᠢ ᠳᠠᠳᠠᠭᠳᠠᠨ ᠪᠠᠶᠢᠭᠰᠠᠨ᠃ ᠳᠡᠭᠡᠬᠦ | ᠠᠴᠠ ᠳᠡᠭᠦᠨ ᠢ ᠬᠦᠮᠪᠦᠮ ᠳᠤ ᠪᠤᠴᠠᠭᠰᠠᠨ ᠤ ᠳᠠᠷᠠᠭ᠎ᠠ ︽ᠷᠠᠪᠵᠠᠮᠪᠠ ᠭᠠᠯᠰᠠᠩ ᠤᠳᠠᠴᠢ︾ ᠭᠡᠰᠡᠨ ᠣᠯᠳᠣᠢ | ᠪᠢᠴᠢᠯᠭᠡ ᠪᠠᠷ ᠰᠠᠨᠠᠭᠠᠯᠵᠠᠵᠠᠢ᠃ ᠬᠡᠯᠡᠬᠦᠨᠡ ᠪᠢᠳᠠᠭᠤᠬᠠᠨ ᠦᠵᠦᠭ ᠮᠢᠨᠢ ᠶᠠᠮᠠᠷᠬᠠᠨ ᠡᠪᠳᠠᠢ ᠶᠠᠭᠤᠮ᠎ᠠ ᠵᠢᠷᠤᠭᠯᠠᠨ᠎ᠠ᠃ | ᠶᠠᠭᠠᠬᠢᠬᠤᠪ᠂ ︽ᠳᠡᠮᠡᠭᠡ ᠳᠡᠩᠭᠡ ᠪᠠᠷ︾ ᠤᠨ ᠤᠴᠢᠷ᠃ ᠳᠡᠷᠡ ᠪᠢᠴᠢᠯᠭᠡ ᠳᠤ ᠳᠡᠭᠦᠨ ᠤ ᠬᠠᠮᠢᠶᠠᠳᠠᠢ ᠤᠯᠳᠠᠭᠰᠠᠨ | ᠬᠢᠷᠢ ᠪᠠᠷ ᠳᠡᠮᠳᠡᠭᠯᠡᠭᠰᠡᠨ ᠴᠦ ᠳᠠᠷᠠᠭᠠᠴᠢ ᠪᠠᠷ ᠰᠤᠨᠤᠰᠤᠨ ᠳᠤᠭᠤᠯᠤᠭᠰᠠᠨ ᠲᠠᠢ ᠪᠠᠨ ᠨᠡᠶᠢᠯᠡᠭᠦᠯᠦᠨ ᠨᠦᠬᠦᠯᠳᠡ | ᠪᠤᠯᠭᠠᠬᠤ ᠮᠢᠨᠢ ᠨᠤᠷᠰᠤᠯ ᠪᠤᠯᠬᠤ ᠦᠭᠡᠢ ᠪᠤᠢ᠃ | ᠤᠳᠤ ᠬᠡᠳᠦᠨ ᠵᠤᠷᠪᠤᠰᠤᠯᠠᠯ ᠢᠶᠠᠷ ᠳᠠᠬᠢᠯᠭ᠎ᠠ ᠶᠢᠨ ᠡᠷᠭᠦᠴᠡ ᠪᠤᠯᠭᠠᠶᠤ᠃ | — ᠯᠠᠮᠠᠲᠠᠨ ᠡ᠂ ᠲᠠ ᠪᠤᠯ ᠠᠮᠢᠳᠤᠷᠠᠨ ᠤᠷᠤᠰᠢᠬᠤᠢ ᠶᠢᠨ ᠦᠷᠳᠡᠭ ᠢᠶᠠᠨ ᠰᠠᠶᠢᠬᠠᠨ ᠢᠯᠡᠷᠡᠭᠦᠯᠦᠭᠴᠢ᠃ | ᠬᠡᠷᠡᠭ ᠤᠴᠢᠷ ᠲᠤ ᠰᠤᠨᠢᠭᠤᠴᠢ᠂ ᠭᠢᠷᠠᠬᠠᠶᠢᠴᠢ᠃ ︽ᠰᠤᠷᠬᠤᠢ ᠳᠤᠷ ᠬᠠᠯᠠᠰᠢᠷᠠᠯ ᠦᠭᠡᠢ᠂ ᠰᠤᠷᠭᠠᠬᠤᠢ ᠳᠤᠷ | ᠴᠦᠬᠦᠷᠡᠰᠢ ᠦᠭᠡᠢ︾ ᠠᠯᠮᠠᠰ ᠵᠤᠷᠢᠭᠳᠠᠨ᠃ | — ᠮᠠᠮᠠᠲᠠᠨ ᠡ᠂ ᠲᠠ ᠨᠤᠮ ᠤᠨ ᠤᠬᠠᠭᠠᠨ ᠳᠤ ᠰᠢᠮᠳᠠᠬᠤ ᠶᠢᠨ ᠰᠠᠴᠠᠭᠤ ︽ᠳᠦᠷᠪᠡᠨ ᠦᠨᠳᠦᠰᠦ︾ ᠳᠤ | ᠱᠦᠯᠦᠩᠳᠡᠨ ᠬᠠᠮᠢᠶᠠᠳᠠᠢ ᠮᠡᠳᠡᠯᠭᠡ ᠮᠡᠳᠡᠴᠡ ᠶᠢ ᠴᠢᠳᠠᠮᠠᠭᠠᠢ ᠡᠵᠡᠮᠰᠢᠨ ᠪᠡᠶ᠎ᠡ ᠪᠠᠨ ᠳᠠᠭᠠᠭᠠᠨ ᠡᠮᠴᠢᠯᠡᠭᠡᠳ ︽ᠳᠠᠪᠤᠨ | ᠵᠠᠰᠠᠯ︾ ᠳᠤ ᠭᠠᠷᠰᠢᠨ ᠨᠠᠩᠳᠠ ᠭᠠᠯᠵᠠᠭᠤ᠂ ᠮᠤᠭᠠᠢ ᠳᠤ ᠬᠠᠳᠬᠤᠭᠳᠠᠭᠰᠠᠨ᠂ ᠯᠢᠮᠪᠠ ᠪᠤᠯᠴᠢᠷᠬᠠᠶᠢᠲᠤ ᠠᠷᠬᠠᠭ | ᠵᠠᠰᠠᠯᠳᠠ ᠳᠤ ᠮᠡᠷᠭᠡᠰᠢᠵᠠᠢ᠃ | — ᠬᠤᠸᠠᠷᠬᠠᠳᠠᠨ ᠡ᠂ ᠲᠠ ᠡᠪᠡᠰᠦᠨ ᠡᠮ ᠳᠤ ᠣᠭᠤᠭᠠᠳᠠ ᠳᠤᠷ᠎ᠠ ᠰᠤᠨᠢᠷᠬᠠᠯ ᠲᠠᠢ ᠶᠢᠨ ᠨᠢᠭᠡ ᠨᠢ᠃ | ᠲᠦᠪᠡᠳ ᠤᠨ ᠤᠷᠪᠠᠯᠭᠠᠨᠠ ᠨᠤᠳᠤᠭ ᠲᠠᠭᠠᠨ ᠪᠤᠴᠠᠨ ᠡᠮᠨᠡᠯᠭᠡ ᠶᠢᠨ ᠠᠵᠤ ᠶᠦᠭᠡᠨ ᠦᠷᠭᠦᠯᠵᠢᠯᠡᠭᠦᠯᠦᠭᠰᠡᠨ ᠪᠦᠭᠡᠳ | ᠵᠤᠤ ᠤᠳᠠ ᠶᠢᠨ ᠮᠤᠩᠭᠤᠯ ᠡᠮᠴᠢᠳ ᠤᠨ ᠬᠤᠶᠠᠷᠳᠠ ᠶᠢᠨ ᠪᠤᠯᠪᠠᠰᠤᠷᠠᠭᠤᠯᠤᠯ ᠢᠶᠠᠷ ᠵᠠᠭᠤᠭᠠᠳ ᠡᠮᠴᠢᠳ ︵ᠮᠠᠨ ᠤ | ᠬᠤᠰᠢᠭᠤᠨ ᠤ ᠰᠡᠷᠡᠩ᠂ ᠪᠠᠶᠠᠨᠰᠠᠩ᠂ ᠮᠠᠨᠳᠤᠰᠠᠨᠠᠭᠠ ᠮᠡᠳᠦ ᠶᠢᠨ ᠠᠷᠪᠠᠭᠠᠳ ᠡᠮᠴᠢ ᠪᠤᠢ︶ ᠢ ᠪᠤᠯᠪᠠᠰᠤᠷᠠᠭᠤᠯᠤᠨ | ᠳᠡᠭᠡᠭᠰᠢᠯᠡᠭᠦᠯᠵᠠᠢ᠃ ᠳᠠᠨ ᠤ ᠤᠶᠤᠨ ᠤ ᠲᠠᠯᠠᠰ ᠤᠭᠤᠷᠠᠭ ᠤᠨ ᠱᠦᠯᠳᠦᠳᠦ ᠶᠢ ᠬᠦᠷᠳᠡᠭᠰᠡᠳ ᠡᠮᠴᠢᠯᠡᠭᠡ ᠶᠢᠨ | ᠹᠷᠣᠨᠲ ᠲᠤ ᠨᠢᠷᠤᠭᠤᠪᠴᠢᠯᠠᠨ ᠬᠦᠮᠦᠨ ᠵᠤᠨ ᠤ ᠡᠷᠡᠭᠦᠯ ᠡᠩᠭᠡ ᠳᠤ ᠴᠠᠭᠯᠠᠰᠢ ᠦᠭᠡᠢ ᠪᠤᠶᠠᠨ ᠦᠢᠯᠡᠳᠴᠦ ᠠᠯᠳᠠᠷ | ᠢ ᠴᠢᠨᠢ ᠳᠠᠭᠤᠷᠢᠰᠬᠠᠮᠤᠢ᠃ ᠳᠠᠨ ᠤ ᠮᠠᠬᠠᠪᠤᠳ ᠴᠣᠭᠴᠠᠰ ᠬᠠᠯᠢᠨ ᠳᠡᠭᠳᠡᠯ᠎ᠡ ᠭᠡᠳ ᠤᠶᠤᠨ ᠴᠤᠭᠴᠠᠯᠠᠪᠤᠷᠢ ᠠᠴᠠ | ᠴᠢᠨᠢ ᠭᠡᠷᠡᠯ ᠬᠢᠯᠪᠠᠭ᠎ᠠ ᠰᠠᠴᠤᠷᠠᠨ ᠪᠤᠢ᠃ ᠲᠦᠷᠦᠭᠦᠨ ᠳᠤ ᠬᠡᠯᠡᠭᠰᠡᠨ ᠵᠠᠷᠢᠮ ᠬᠦᠮᠦᠨ ᠠᠮᠢᠳᠤᠷᠠᠭᠰᠠᠭᠠᠷ ᠭᠡᠳᠡᠭ | ᠶᠤᠰᠤᠨ ᠡᠭᠦᠨ ᠢ ᠦᠭᠦᠯᠡᠭᠰᠡᠨ ᠪᠤᠯᠠᠢ᠃ | — ᠪᠢᠰᠢᠯᠭᠠᠳᠠᠨ ᠡ᠂ ᠲᠠ ᠳᠠᠭᠠᠯᠠᠯ ᠳᠡᠭᠦᠰᠬᠦ ᠳᠡᠭᠡᠨ ᠬᠤᠶᠠᠷ ᠭᠠᠷ ᠶᠤᠭᠠᠨ ᠴᠡᠭᠡᠵᠢᠨ ᠳᠡᠭᠡᠨ | ᠬᠠᠮᠳᠤᠳᠬᠠᠨ ᠵᠠᠯᠪᠠᠷᠢᠵᠤ᠂ ᠯᠠᠮᠠᠲᠠᠳ ᠪᠤᠯᠤᠨ ᠰᠤᠷᠤᠭᠴᠢᠳ ᠤᠨ ᠢᠶᠠᠨ ︽ᠯᠠᠮᠠ ᠴᠤᠳᠪᠠ ᠶᠢᠨ ᠲᠤᠩᠵᠢᠳ︾ | ᠤᠩᠰᠢᠯᠭ᠎ᠠ ᠪᠠᠷ ᠪᠤᠷᠬᠠᠨ ᠤ ᠤᠷᠤᠨ ᠢ ᠵᠤᠷᠢᠭᠰᠠᠨ ᠭᠡᠪᠡᠦ᠃ ᠲᠡᠷᠡᠴᠢᠯᠡᠨ ᠱᠠᠷᠢᠯ ᠳᠡᠭᠳᠡᠭᠡᠯ ᠳᠤ ᠴᠢᠨᠳᠠᠷ ᠠᠴᠠ | ᠴᠢᠨᠢ ᠫᠧᠯᠳᠦ᠋ᠩ ︵ᠪᠢᠰᠢᠯᠭᠠᠯ ᠳᠡᠭᠦᠰᠴᠤᠳ ᠤᠨ ᠴᠤᠭᠴᠠᠰ ᠲᠤ ᠪᠦᠳᠦᠬᠦ ᠡᠷᠳᠡᠨᠢ︶ ᠭᠠᠷᠴᠤ᠂ ᠡᠶᠢᠨᠬᠦ ᠫᠧᠯᠳᠦ᠋ᠩ | ᠨᠢ ᠬᠦᠮᠪᠦᠮ ᠬᠡᠶᠢᠳ ᠤᠨ ᠳᠡᠦᠬᠡᠨᠡ ᠬᠤᠶᠠᠳᠡᠬᠢ᠃ ᠤᠯᠠᠭᠠᠨ ᠭᠡᠭᠡᠨ ᠤ ᠴᠤᠭᠴᠠᠰ ᠠᠴᠠ ᠴᠤ ᠫᠧᠯᠳᠦ᠋ᠩ ᠭᠠᠷᠤᠯ᠎ᠠ | ᠬᠡᠰᠡᠨ᠃ | ᠡᠳᠡᠭᠡᠷ ᠠᠯᠳᠠᠭ ᠤᠨᠤᠭ ᠵᠤᠷᠪᠤᠰᠤᠯᠠᠯ᠂ ᠭᠠᠯᠰᠠᠩ ᠪᠠᠭᠰᠢᠳᠠᠨ ᠤ ᠨᠠᠰᠤᠨ ᠲᠤᠷᠰᠢᠳᠠᠬᠢ ᠭᠢᠯᠪᠠᠭᠠᠳᠤ | ᠦᠩᠭᠡᠷᠡᠭᠡᠯ ᠢ ᠬᠠᠷᠠᠬᠠᠨ ᠬᠠᠷᠠᠭᠤᠯᠤᠨ ᠴᠢᠳᠠᠬᠤ ᠦᠭᠡᠢ ᠭᠡᠵᠦ ᠬᠠᠷᠠᠮᠰᠠᠯᠳᠤ ᠰᠡᠳᠬᠢᠯᠭᠡ ᠪᠠᠷ ᠢᠨᠳᠡᠷ ᠠᠴᠠ | ᠪᠠᠭᠤᠬᠤᠨᠠ ᠠᠨᠠᠷ ᠰᠤᠷᠪᠤᠯᠵᠢᠯᠠᠭ᠎ᠠ ᠬᠦᠯᠢᠶᠡᠵᠦ᠄ ᠭᠠᠯᠰᠠᠩ ᠮᠠᠮᠠ ᠪᠤᠯ ᠠᠷᠢᠭᠤᠨ ᠰᠠᠨᠠᠭᠠᠳᠠᠢ ᠪᠤᠷᠬᠠᠨᠴᠢ | ᠰᠡᠳᠬᠢᠯᠳᠡᠨ᠂ ᠡᠪᠡᠳᠴᠢᠨ ᠵᠤᠪᠠᠯᠠᠩᠳᠠᠨ ᠢ ᠡᠷᠬᠢᠮ ᠳᠤᠤᠷᠠᠳᠤ᠂ ᠶᠠᠳᠠᠭᠤ ᠪᠠᠶᠠᠨ᠂ ᠳᠠᠨᠢᠬᠤ ᠳᠠᠨᠢᠬᠤ ᠦᠭᠡᠢ ᠭᠡᠵᠦ | ᠢᠯᠭᠠᠳᠠᠭ ᠦᠭᠡᠢ᠃ ᠬᠤᠯᠠᠬᠢᠴᠤᠳ ᠤᠨ ᠬᠤᠨᠤᠵᠤ ᠬᠡᠪᠳᠡᠬᠦ᠂ ᠬᠤᠭᠤᠯᠠ ᠤᠮᠳᠠ ᠳᠤ ᠰᠠᠨᠠᠭ᠎ᠠ ᠪᠤᠯᠵᠤ᠂ ᠤᠨᠤᠭ᠎ᠠ | ᠬᠦᠯᠦᠰᠢ ᠳᠤᠨᠢ ᠡᠪᠡᠰᠦ ᠢᠳᠡᠰᠢ ᠭᠡᠵᠦ ᠳᠠᠷᠢᠰᠢ ᠳᠠᠷᠢᠮᠠᠯ ᠤᠨ ᠪᠤᠯᠤᠩ ᠴᠤᠯᠤᠩ ᠳᠤ ᠬᠠᠳᠤᠭᠤᠷ ᠡᠷᠭᠢᠭᠦᠯᠦᠨ | ᠰᠢᠷᠬᠤᠨᠠᠭ ᠢᠶᠠᠨ ᠱᠠᠯ ᠨᠤᠷᠭᠠᠴᠢᠬᠠᠭᠰᠠᠨ ᠬᠠᠷᠠᠭᠳᠠᠳᠠᠭ ᠡ᠃ ᠴᠤᠬᠤᠮ ︽ᠠᠮᠢᠳᠠᠨ ᠵᠢᠷᠭᠤᠭᠠᠨ ᠵᠦᠢᠯ ᠢ | ᠲᠤᠰᠠᠯᠠᠬᠤ︾ ᠪᠠᠷ ᠠᠮᠢᠨ ᠰᠠᠬᠢᠶ᠎ᠠ ᠪᠤᠯᠭᠠᠭᠴᠢ᠃ | ᠮᠠᠮᠠ ᠮᠢᠨᠢ ᠬᠦᠮᠪᠦᠮ ᠳᠤ ᠪᠤᠴᠠᠬᠤ ᠳᠠᠭᠠᠨ ᠬᠠᠶᠢᠷᠠᠳᠠᠢ ᠤᠨᠤᠰᠢ ᠬᠠᠷ᠎ᠠ ᠡᠯᠵᠢᠭᠡᠨ ᠠᠴᠠ ᠪᠠᠨ ᠰᠠᠯᠵᠤ | ᠶᠠᠳᠠᠴᠢᠬᠠᠭᠰᠠᠨ᠂ ᠶᠠᠭᠠᠬᠢᠨ ᠡᠳᠡᠯᠵᠦ ᠠᠷᠠᠴᠢᠯᠠᠬᠤ ᠶᠢ ᠳᠠᠪᠳᠠᠵᠤ ᠵᠠᠬᠢᠮᠵᠢᠯᠠᠵᠤ ᠯᠡ᠃ ᠳᠡᠭᠦᠨ ᠤ ᠵᠠᠬᠢᠮᠵᠢᠯᠠᠯ ᠢᠶᠠᠷ | ᠭᠤᠴᠢ ᠬᠦᠷᠦᠭᠡᠳ ᠮᠤᠨᠤᠭᠰᠠᠨ ᠡᠯᠵᠢᠭᠡ ᠶᠢ ᠴᠢᠳᠠᠯ ᠢᠶᠠᠷ ᠠᠷᠠᠴᠢᠯᠠᠨ ᠪᠠᠶᠢᠵᠤ᠂ ᠡᠵᠡᠨ ᠤ ᠬᠢᠨᠢ ᠰᠠᠨᠠᠯ ᠢᠶᠠᠷ | ᠡᠪᠳᠡᠶᠢᠭᠡᠨ ᠤᠷᠤᠨᠰᠢᠭᠤᠯᠤᠭᠰᠠᠨ ᠶᠤᠮ ᠡ ᠭᠡᠵᠦ ᠬᠦᠨᠳᠦᠬᠡᠨ ᠲᠤᠷᠠᠰᠤᠮᠵᠢᠯᠠᠨᠠ᠃ | ᠳᠠᠬᠢᠪᠠᠯ᠂ ᠮᠠᠨ ᠤ ᠭᠡᠷ ᠤᠭᠰᠠᠭ᠎ᠠ ᠶᠢᠨ ᠦᠭᠡᠳᠡ ᠦᠯᠵᠡᠢ ᠠᠵᠤ ᠲᠦᠷᠦᠭᠡ ᠨᠢ ᠪᠠᠭᠰᠢ ᠶᠢᠨ ᠡᠨᠡᠷᠢᠯ | ᠬᠠᠶᠢᠷ᠎ᠠ᠂ ᠪᠠᠭᠰᠢ ᠳᠠᠭᠠᠨ ᠪᠤᠤ ᠤᠰᠤᠯᠳᠠᠵᠠᠭᠠᠶᠠ ᠭᠡᠵᠦ ᠬᠡᠦᠬᠡᠳ ᠲᠡᠭᠡᠨ ᠦᠷᠭᠦᠯᠵᠢᠯᠡᠨ ᠵᠠᠬᠢᠳᠠᠭ ᠁ | ᠡᠷᠬᠢᠮ ᠤᠩᠰᠢᠭᠴᠢᠳ ᠮᠢᠨᠢ᠂ ᠮᠢᠨᠤ ᠪᠡᠶ᠎ᠡ ᠡᠶᠢᠮᠡᠭᠦᠬᠡᠨ ᠪᠢᠴᠢᠯᠭᠡ ᠯᠦᠭᠡ ᠠᠩᠬᠠᠯᠭᠠ ᠪᠤᠯᠬᠤᠷ ᠦᠰᠦ ᠪᠠᠨ | ᠳᠡᠭᠦᠭᠰᠡᠨ ᠢᠶᠠᠨ ᠨᠢᠭᠤᠯ ᠦᠭᠡᠢ ᠳᠡᠮᠳᠡᠭᠯᠡᠷᠦᠨ᠃ ᠡᠴᠢᠨᠡᠨ ᠵᠢᠯ ᠵᠢᠭᠠᠯ ᠵᠤᠭᠤᠯ ᠶᠠᠭᠤᠮ᠎ᠠ ᠡᠪᠯᠡᠭᠦᠯᠡᠬᠦᠨᠡ ᠡᠷᠳᠡᠮᠳᠡᠨ | ᠡᠭᠡᠯᠴᠤᠤᠯ᠂ ᠬᠦᠭᠰᠢᠨ ᠪᠤᠶᠤ ᠬᠡᠦᠬᠡᠳ᠂ ᠳᠠᠨᠢᠬᠤ ᠪᠠ ᠦᠯᠦ ᠳᠠᠨᠢᠬᠤ᠂ ᠡᠷᠡᠭᠳᠡᠨ ᠡᠮᠡᠭᠳᠡᠨ᠂ ᠲᠠᠯᠢᠢᠭᠴᠢ ᠠᠮᠢᠳᠤ | ᠬᠡᠳᠦᠨ ᠠᠷᠪᠠᠴᠤᠤᠯ ᠤᠨ ︽ᠬᠦᠮᠦᠨ ᠪᠢᠴᠢᠯᠭᠡ︾ ᠳᠤ ᠳᠠᠪᠬᠤᠷᠳᠠᠭᠤᠯᠣᠯ ᠦᠭᠡᠢ ᠰᠠᠨᠵᠠᠢ᠃ ᠵᠢᠴᠢ ᠳᠤᠷ ᠰᠠᠷᠠᠩ | ᠪᠤᠯᠤᠨ ᠳᠡᠭᠦᠨ ᠤ ᠪᠠᠭᠰᠢ ᠠᠴᠠ ᠡᠨᠡ ᠪᠢᠴᠢᠭᠡ ᠰᠤᠪᠤᠷᠭ᠎ᠠ ᠪᠦᠷ ᠴᠦ ᠰᠠᠷᠠᠩ ᠰᠢᠵᠢᠮᠯᠡᠯ᠃ ᠢᠩᠭᠢᠭᠡᠳ | ᠪᠤᠳᠤᠬᠤᠨᠠ ᠮᠠᠨ ᠤ ᠬᠤᠶᠠᠭᠤᠯᠠ ᠶᠠᠮᠠᠷᠬᠠᠨ ᠬᠤᠪᠢ ᠪᠠᠷᠢᠯᠳᠤᠯ ᠪᠤᠢ ᠦᠦ ᠬᠡᠮᠡᠨ ᠪᠤᠳᠤᠨᠠᠮ ᠪᠤᠢ ᠶᠠ᠃ | ᠪᠤᠷᠤᠭᠤᠳᠠᠨ ᠰᠣᠯᠣᠭᠠᠶᠢᠳᠠᠭᠤᠯᠣᠭᠰᠠᠨ ᠢ ᠰᠢᠭᠦᠮᠵᠢᠯᠡᠨ ᠵᠠᠯᠠᠷᠠᠭᠤᠯᠪᠠᠯ ᠶᠠᠮᠠᠷ ᠰᠠᠶᠢᠨ ᠦᠦ᠃ | ᠬᠠᠷᠠᠬᠠᠳᠠᠴᠤᠳ ᠤᠨ ᠬᠡᠶᠢᠮᠦᠷᠢ ᠳᠡᠷᠪᠡᠭ︕ | |