ᠤᠷᠴᠢᠮ ᠤᠨ ᠵᠢᠯ ᠶᠠᠫᠤᠨ ᠳᠤ ᠵᠤᠭᠠᠴᠠᠬᠰᠠᠨ ᠬᠦᠮᠤᠰ ᠠᠴᠠ ᠶᠠᠫᠤᠨ ᠤᠯᠤᠰ ᠤᠨ ᠠᠵᠤ ᠠᠬᠤᠢ ᠶᠢᠨ | ᠬᠦᠭᠵᠢᠯᠳᠠ ᠬᠦᠮᠤᠨ ᠠᠷᠠᠤᠨ ᠤᠨ ᠬᠢᠨ ᠲᠡᠭᠡᠳᠤ ᠪᠤᠯᠪᠠᠰᠤᠨ ᠤ ᠲᠤᠬᠠᠢ ᠵᠤᠭᠤᠭ ᠶᠠᠷᠢᠯᠴᠠᠭ᠎ᠠ ᠰᠤᠨᠤᠰᠴᠤ ᠶᠠᠫᠤᠨ | ᠭᠦᠷᠤᠨ ᠤ ᠲᠤᠬᠠᠢ ᠶᠡᠬᠡᠳᠡ ᠭᠠᠶᠢᠬᠠᠵᠤ ᠪᠠᠶᠢᠬᠰᠠᠨ ᠶᠤᠮ᠃ ᠪᠤᠳᠤᠵᠤ ᠶᠠᠪᠤᠪᠠᠯ ᠪᠦᠳᠤᠵᠤ᠂ ᠰᠠᠨᠠᠵᠤ ᠶᠠᠪᠤᠪᠠᠯ | ᠬᠦᠷᠤᠨ᠎ᠡ ᠭᠡᠳᠡᠭᠴᠢᠯᠡᠨ ᠡᠨᠡ ᠵᠢᠯ ᠤᠨ 3 ᠰᠠᠷ᠎ᠠ ᠶᠢᠨ 21 ᠤ ᠰᠠᠶᠢᠬᠠᠨ ᠡᠳᠤᠷ ᠪᠤᠳᠤᠯ ᠰᠠᠨᠠᠯ ᠮᠢᠨᠢ ᠪᠡᠶᠡᠯᠡᠭᠳᠡᠵᠤ᠂ | ᠠᠯᠤᠰ ᠲᠠᠯᠠᠢ ᠶᠢᠨ ᠲᠤᠮᠳᠠᠬᠢ ᠡᠷᠳᠡᠨᠢ ᠶᠢᠨ ᠠᠷᠠᠯ ᠶᠠᠫᠤᠨ ᠳᠤ ᠵᠤᠭᠠᠴᠠᠵᠤ ᠪᠢᠯᠨ᠃ | ᠡᠨᠡ ᠤᠳᠠᠭᠠᠨ ᠤ ᠵᠤᠭᠠᠴᠠᠯ ᠢ ᠶᠡᠭᠡ ᠠᠬ᠎ᠠ ᠮᠠᠠᠳᠤᠯ᠎ᠠ᠂ ᠭᠤᠷᠪᠠᠳᠤᠭᠠᠷ ᠠᠬ᠎ᠠ ᠵᠤᠷᠢᠬᠳᠤ ᠨᠡᠷ ᠵᠤᠬᠢᠶᠠᠨ | ᠪᠠᠶᠢᠭᠤᠯᠵᠤ᠂ ᠪᠦᠯᠬᠦᠮ ᠤᠨ ᠭᠤᠴᠢ ᠭᠠᠷᠤᠢ ᠬᠦᠮᠤᠰ ᠤᠨ ᠤᠯᠡᠩᠬᠢ ᠨᠢ ᠪᠦᠷ ᠠᠵᠢᠯ ᠠᠴᠠ ᠪᠠᠨ ᠠᠮᠠᠷᠠᠬᠰᠠᠨ | ᠠᠬᠠᠮᠠᠤᠨ ᠺᠠᠳ᠋ᠷ ᠪᠤᠶᠤ ᠨᠤᠳᠤᠭ ᠤᠨ ᠡᠮᠴᠢ ᠪᠠᠷ ᠭᠤᠤᠯᠯᠠᠵᠤ ᠨᠠᠰᠤᠨ ᠤ ᠬᠡᠮᠵᠢᠶ᠎ᠠ ᠲᠡᠭᠰᠢᠤᠡᠬᠡᠭᠡᠤᠨ ᠵᠢᠷᠠᠨ ᠨᠠᠰᠤ ᠶᠢ | ᠲᠠᠪᠠᠭᠰᠠᠨ ᠪᠠᠶᠢᠪᠠ᠃ ᠤᠯᠠᠭᠠᠠᠬᠠᠳᠠ ᠬᠤᠳᠠ ᠶᠢᠨ ᠵᠤᠭᠠᠴᠠᠯ ᠤᠨ ᠺᠤᠮᠫᠠᠨᠢ ᠠᠴᠠ ᠮᠠᠨ ᠤ ᠪᠦᠯᠬᠦᠮ ᠳᠤ | ᠤᠡᠴᠠᠭᠠᠶᠢᠯᠠᠨ ᠮᠤᠩᠭᠤᠯ᠂ ᠬᠢᠳᠠᠤᠨ᠂ ᠶᠠᠫᠤᠨ ᠬᠡᠯᠡᠠ ᠳᠤ ᠨᠡᠪᠳᠠᠷᠬᠡᠢ ᠪᠤᠤ ᠶᠢᠨ ᠬᠤᠸᠠ ᠭᠡᠳᠡᠭ ᠠᠷᠤ ᠬᠤᠷᠴᠢᠨ | ᠨᠤᠳᠤᠬᠳᠠᠢ ᠮᠤᠩᠭᠤᠯ ᠪᠦᠰᠡᠬᠦᠢ ᠲᠤᠬᠢᠷᠠᠭᠤᠯᠵᠤ᠂ ᠶᠠᠫᠤᠨ ᠤ ᠵᠤᠭᠠᠴᠠᠯ ᠤᠨ ᠺᠤᠮᠫᠠᠨᠢ ᠠᠴᠠ ᠯᠢᠤ ᠤᠪᠤᠬᠳᠤ | ᠲᠤᠮᠳᠠᠳᠤ ᠶᠢᠨ ᠵᠡᠭᠦᠨ ᠬᠤᠶᠢᠳᠤ ᠤᠷᠤᠨ ᠤ ᠬᠢᠳᠠᠤᠨ ᠵᠠᠯᠠᠭᠤ᠂ ᠰᠡᠭᠦᠯ ᠤᠨ ᠡᠳᠤᠷ ᠨᠢ ᠬᠢᠨᠭ᠍ᠭᠠᠨ ᠨᠤᠳᠤᠬᠳᠠᠢ | ᠰᠠᠷᠠᠩᠭᠤᠸ᠎ᠠ ᠬᠡᠤᠬᠡᠨ ᠢ ᠵᠤᠭᠠᠴᠠᠯ ᠤᠨ ᠲᠠᠭᠠᠭᠤᠯᠤᠬᠴᠢ ᠪᠠᠷ ᠲᠤᠬᠢᠷᠠᠭᠤᠯᠤᠬᠰᠠᠨ ᠨᠢ ᠮᠠᠨ ᠤ ᠪᠦᠯᠬᠦᠮ ᠳᠤ ᠶᠡᠭᠡ | ᠲᠦᠭᠦᠮ ᠨᠦᠭᠦᠴᠠᠯ ᠢ ᠬᠠᠨᠭ᠍ᠭᠠᠪᠠ᠃ ᠶᠠᠫᠤᠨ ᠳᠤ ᠵᠤᠭᠠᠴᠠᠬᠤ ᠠᠴᠠ ᠡᠮᠤᠨ᠎ᠠ ᠠᠷᠤ ᠬᠤᠷᠴᠢᠨ ᠤ ᠪᠤᠷᠵᠢᠭᠢᠨ | ᠤᠪᠤᠬᠳᠠᠨ ᠪᠤᠶᠠᠠᠳᠠᠯᠠᠢ ᠶᠢᠨ ︿︿ᠮᠢᠨᠤ ᠦᠵᠡᠭᠰᠡᠨ ᠲᠤᠺᠢᠤᠤ᠋﹀﹀ ᠬᠡᠭᠦ ᠨᠤᠮ ᠢ ᠤᠡᠭᠰᠢᠬᠰᠠᠨ ᠮᠢᠨᠢ ᠶᠠᠫᠤᠨ ᠤ ᠲᠤᠬᠠᠢ | ᠤᠶᠢᠯᠭᠠᠵᠤ ᠮᠡᠳᠡᠬᠦ ᠳᠤ ᠶᠡᠬᠡᠳᠠ ᠲᠤᠰᠠ ᠲᠡᠮᠵᠢᠯᠭᠡ ᠪᠤᠯᠤᠬᠰᠠᠨ ᠪᠢᠯᠨ᠃ | ︿︿ᠵᠠᠭᠤ ᠰᠤᠨᠤᠰᠤᠬᠰᠠᠨ ᠠᠴᠠ ᠨᠢᠭᠡ ᠦᠵᠡᠭᠰᠡᠨ ᠲᠡᠭᠡᠷ᠎ᠡ﹀﹀ ᠭᠡᠳᠡᠭᠴᠢᠯᠡᠨ ᠡᠨᠡ ᠤᠳᠠᠭ᠎ᠠ ᠶᠠᠫᠤᠨ ᠤᠯᠤᠰ | ᠲᠤ ᠵᠤᠭᠠᠴᠠᠨ᠂ ᠶᠠᠫᠤᠨ ᠤ ᠬᠡᠳᠤᠨ ᠶᠡᠭᠡ ᠬᠤᠳᠠ᠂ ᠲᠠᠯᠠᠢ ᠶᠢᠨ ᠭᠠᠷᠠᠮ ᠬᠢᠭᠡᠤᠨ ᠫᠦᠵᠢ ᠠᠭᠤᠯᠠ᠂ ᠰᠠᠺᠦ᠋ᠷᠠ | ᠴᠡᠴᠡᠭ ᠢ ᠰᠤᠨᠢᠷᠬᠠᠵᠤ᠂ ᠮᠤᠷᠢᠨ ᠲᠤᠪᠳᠤᠯᠤᠭ᠎ᠠ ᠪᠠᠷ ᠴᠡᠴᠡᠭ ᠰᠤᠨᠢᠷᠬᠠᠬᠰᠠᠨ ᠮᠡᠳᠤ ᠪᠤᠯᠪᠠᠴᠤ ᠭᠠᠨᠵᠤᠭ᠎ᠠ | ᠲᠦᠭᠦᠷᠡᠩ ᠪᠤᠴᠠᠬᠰᠠᠨ ᠮᠢᠨᠢ ᠰᠡᠤᠡᠬᠢᠯ ᠳᠤ ᠲᠠᠭᠠᠳᠠᠢ᠃ ︿︿ᠤᠯᠪᠤᠭ ᠪᠠᠨ ᠴᠤᠭᠤᠷᠠᠳᠠᠯ᠎ᠠ ᠰᠠᠭᠤᠬᠰᠠᠨ ᠮᠡᠷᠭᠡᠨ | ᠠᠴᠠ ᠤᠯᠠᠨ ᠢ ᠲᠤᠭᠤᠷᠢᠬᠰᠠᠨ ᠮᠤᠩᠬᠠᠭ ᠲᠡᠭᠡᠷ᠎ᠡ﹀﹀ ᠭᠡᠳᠡᠭ ᠢᠶᠠᠷ ᠡᠳᠤᠭᠡ ᠦᠵᠡᠵᠤ ᠰᠤᠨᠤᠰᠤᠬᠰᠠᠨ ᠪᠦᠬᠦᠨ ᠢᠶᠠᠨ | ᠤᠡᠭᠰᠢᠬᠴᠢ ᠤᠯᠠᠨ ᠲᠡᠨᠡᠷ ᠲᠠᠢ ᠪᠠᠨ ᠬᠤᠪᠢᠶᠠᠯᠴᠠᠶ᠎ᠠ᠃ | | ᠨᠢᠭᠡ᠂ ᠶᠠᠫᠤᠨ ᠤᠯᠤᠰ | | ᠮᠤᠩᠭᠤᠯᠴᠤᠤᠨ ᠶᠠᠫᠤᠨ ᠤᠯᠤᠰ ᠢ ᠨᠠᠷᠠᠨ ᠮᠠᠠᠳᠤᠬᠤ ᠵᠦᠭ ᠲᠤ ᠤᠷᠤᠰᠢᠵᠤ ᠪᠠᠶᠢᠬᠤ ᠪᠠᠶᠢᠷᠢᠰᠢᠯ ᠢᠶᠠᠷ ᠨᠢ | ᠨᠠᠷᠠᠨ ᠤᠯᠤᠰ᠂ ᠨᠠᠷᠠᠨ ᠭᠦᠷᠤᠨ ᠭᠡᠵᠤ ᠬᠡᠯᠡᠳᠡᠭ᠃ ᠶᠠᠫᠤᠨ ᠤᠯᠤᠰ ᠨᠢ ᠨᠤᠮᠢᠨ ᠴᠡᠩᠬᠡᠷ ᠲᠠᠯᠠᠢ ᠲᠡᠩᠬᠢᠰ᠂ | ᠲᠦᠯᠭᠡᠨ ᠤᠷᠤᠰᠬᠠᠯᠳᠤ ᠭᠤᠤᠯ ᠮᠦᠷᠡᠨ᠂ ᠴᠡᠯᠮᠡᠭ ᠲᠤᠩᠭᠠᠯᠠᠭ ᠠᠭᠤᠷ ᠠᠮᠢᠰᠬᠤᠯ᠂ ᠬᠤᠪᠤᠷ ᠴᠤᠬᠠᠭ ᠡᠳ᠋ | ᠠᠭᠤᠷᠠᠰᠤᠨ ᠲᠠᠢ ᠲᠡᠯᠡᠬᠡᠢ ᠶᠢᠨ ᠬᠠᠮᠤᠭ ᠤᠨ ᠬᠦᠭᠵᠢᠭᠰᠡᠨ ᠤᠯᠤᠰ ᠪᠤᠯᠬᠤ ᠠᠵᠢ᠃ ᠶᠠᠫᠤᠨ ᠪᠤᠯ ᠡᠬᠡ | ᠬᠠᠭᠤᠷᠠᠢ ᠶᠢᠨ ᠵᠡᠭᠦᠨ ᠬᠦᠪᠡᠭᠡ᠂ ᠨᠤᠮᠤᠬᠠᠨ ᠲᠠᠯᠠᠢ ᠶᠢᠨ ᠪᠠᠷᠠᠭᠤᠨ ᠬᠤᠶᠢᠳᠤ ᠬᠡᠰᠡᠭ ᠲᠤ ᠪᠠᠶᠢᠷᠢᠯᠠᠵᠤ ᠪᠠᠶᠢᠭ᠎ᠠ | ᠠᠷᠠᠯᠳᠤ ᠤᠯᠤᠰ ᠪᠤᠯᠤᠨ᠎ᠠ᠃ ᠶᠠᠫᠤᠨ ᠤᠯᠤᠰ ᠤᠤᠯ ᠨᠢ ᠬᠡᠳᠤᠨ ᠠᠷᠪᠠᠨ ᠲᠦᠮᠡᠨ ᠤᠨ ᠤ ᠡᠮᠤᠨ᠎ᠠ ᠠᠽᠢᠶ᠎ᠠ | ᠲᠢᠪ ᠤᠨ ᠶᠡᠭᠡ ᠬᠠᠭᠤᠷᠠᠢ ᠲᠠᠢ ᠵᠠᠯᠭᠠᠯᠳᠤᠵᠤ᠂ ᠬᠤᠵᠢᠮ ᠨᠢ ᠭᠠᠵᠠᠷ ᠬᠦᠳᠡᠯᠤᠯᠳᠠ ᠶᠢᠨ ᠪᠦᠰᠠᠳᠤ ᠤᠷᠤᠨ | ᠪᠤᠯᠤᠬᠰᠠᠨ ᠠᠴᠠ ᠡᠬᠡ ᠬᠠᠭᠤᠷᠠᠢ ᠠᠴᠠ ᠰᠠᠯᠵᠤ ᠶᠡᠭᠡ ᠲᠠᠯᠠᠢ ᠶᠢᠨ ᠠᠷᠠᠯᠳᠤ ᠤᠯᠤᠰ ᠪᠤᠯᠤᠬᠰᠠᠨ ᠭᠡᠳᠡᠭ᠃ ᠶᠠᠫᠤᠨ | ᠤᠯᠤᠰ ᠵᠡᠭᠦᠨ ᠪᠡᠶ᠎ᠡ ᠪᠠᠷ ᠢᠶᠠᠨ ᠨᠤᠮᠤᠬᠠᠨ ᠲᠠᠯᠠᠢ ᠲᠠᠢ ᠨᠢᠭᠤᠷᠯᠠᠵᠤ᠂ ᠪᠠᠷᠠᠭᠤᠨ ᠪᠡᠶ᠎ᠡ ᠪᠠᠷ ᠢᠶᠠᠨ ᠲᠤᠷᠤᠨᠠᠳᠤ | ᠲᠡᠩᠬᠢᠰ᠂ ᠰᠢᠷ᠎ᠠ ᠲᠠᠩᠬᠢᠰ᠂ ᠰᠤᠯᠤᠩᠭᠤᠰ ᠬᠤᠭᠤᠯᠠᠢ᠂ ᠶᠠᠫᠤᠨ ᠲᠡᠩᠬᠢᠰ ᠢ ᠠᠯᠤᠰᠯᠠᠵᠤ᠂ ᠲᠤᠮᠳᠠᠳᠤ᠂ ᠺᠤᠷᠢᠶᠠ᠂ | ᠰᠤᠯᠤᠩᠭᠤᠰ᠂ ᠤᠷᠤᠰ ᠤᠯᠤᠰ ᠲᠠᠢ ᠲᠠᠯᠠᠢ ᠠᠯᠤᠰᠯᠠᠨ ᠨᠢᠭᠤᠷᠯᠠᠵᠤ ᠪᠠᠶᠢᠳᠠᠭ᠃ ᠶᠠᠫᠤᠨ ᠤᠯᠤᠰ ᠲᠦᠷᠪᠡᠨ ᠶᠡᠭᠡ | ᠠᠷᠠᠯ ᠪᠤᠯᠤᠨ ᠲᠡᠭᠦᠨ ᠤ ᠡᠷᠭᠢᠨ ᠲᠤᠭᠤᠷᠢᠨ ᠳᠠᠬᠢ ᠬᠦᠷᠢᠶ᠎ᠠ ᠬᠡᠪᠴᠢᠶᠠᠨ ᠳᠤ ᠬᠠᠮᠤᠷᠠᠬᠳᠠᠵᠤ ᠪᠠᠶᠢᠭ᠎ᠠ ᠲᠠᠯᠠᠢ | ᠲᠡᠩᠬᠢᠰ ᠤᠨ 3900 ᠭᠠᠷᠤᠢ ᠵᠢᠵᠢᠭ ᠠᠷᠠᠯ ᠬᠤᠶᠢᠭ᠂ ᠤᠯᠳᠤᠷᠢᠭ ᠤᠳ ᠢᠶᠠᠷ ᠪᠦᠷᠢᠯᠳᠤᠭ᠍ᠰᠡᠨ ᠪᠤᠯᠬᠤᠷ ᠲᠦᠮᠡᠨ | ᠠᠷᠠᠯᠳᠤ ᠤᠯᠤᠰ ᠭᠡᠵᠤ ᠬᠡᠯᠡᠵᠤ ᠪᠤᠯᠤᠨ᠎ᠠ᠃ | ᠶᠠᠫᠤᠨ ᠬᠦᠮᠤᠰ ᠡᠷᠳᠡ ᠲᠡᠭᠡᠳᠤᠰ ᠠᠴᠠ ᠪᠠᠨ ᠶᠡᠭᠡ ᠲᠠᠯᠠᠢ ᠶᠢᠨ ᠢᠰᠬᠡᠷᠤᠯᠳᠠ᠂ ᠲᠠᠯᠠᠢ ᠶᠢᠨ ᠤᠭᠠᠯᠵᠠᠨ | ᠰᠢᠭᠤᠷᠭ᠎ᠠ᠂ ᠭᠠᠯᠳᠤ ᠠᠭᠤᠯᠠ ᠲᠡᠯᠪᠡᠷᠡᠬᠦ᠂ ᠭᠠᠵᠠᠷ ᠬᠦᠳᠡᠯᠤᠯᠳᠠ ᠵᠡᠷᠭᠡ ᠪᠠᠶᠢᠭᠠᠯᠢ ᠶᠢᠨ ᠭᠠᠮᠰᠢᠭ ᠲᠤ ᠤᠯᠠᠨ | ᠤᠳᠠᠭ᠎ᠠ ᠲᠠᠭᠠᠷᠢᠬᠳᠠᠵᠤ᠂ ᠬᠦᠮᠤᠨ ᠠᠷᠠᠤᠨ ᠨᠢ ᠦᠬᠦᠵᠤ ᠰᠢᠷᠬᠠᠳᠤᠬᠤ᠂ ᠭᠡᠷ ᠪᠠᠷᠢᠯᠭ᠎ᠠ ᠨᠢ ᠨᠤᠷᠠᠵᠤ ᠰᠦᠢᠷᠡᠬᠦ᠂ | ᠡᠳ᠋ ᠪᠤᠳᠠᠰ ᠨᠢ ᠲᠠᠯᠠᠢ ᠶᠢᠨ ᠢᠰᠬᠡᠷᠤᠯᠳᠠ᠂ ᠤᠭᠠᠯᠠᠵᠠᠨ ᠰᠠᠯᠬᠢᠨ ᠳᠤ ᠤᠷᠤᠰᠤᠬᠳᠠᠨ ᠬᠡᠶᠢᠰᠬᠦ ᠪᠠᠶᠢᠭᠠᠯᠢ ᠶᠢᠨ | ᠭᠠᠮᠰᠢᠭ ᠢ ᠲᠤᠭᠤᠯᠠᠵᠤ ᠢᠷᠡᠭᠰᠡᠨ ᠲᠡᠤᠬᠡ ᠲᠠᠢ᠃ ᠶᠡᠭᠡ ᠲᠠᠯᠠᠢ ᠶᠢᠨ ᠤᠠᠭᠠᠯᠵᠠᠠ ᠰᠢᠭᠤᠷᠭ᠎ᠠ ᠶᠢᠨ ᠬᠦᠨᠤᠭᠡᠯᠳᠠ ᠨᠢ | ᠴᠡᠷᠢᠭ ᠲᠠᠶᠢᠨ ᠠᠴᠠ ᠴᠤ ᠭᠡᠴᠡᠭᠦᠤ ᠪᠠᠶᠢᠳᠠᠭ᠃ ᠮᠤᠩᠭᠤᠯ ᠬᠠᠭᠠᠠᠳᠤ ᠤᠯᠤᠰ ᠤᠨ ᠬᠤᠪᠢᠯᠢ ᠬᠠᠭᠠᠨ ᠠᠴᠠ ᠶᠠᠫᠤᠨ | ᠠᠷᠠᠯ ᠳᠤ ᠬᠤᠶᠡᠷ ᠤᠳᠠᠭ᠎ᠠ ᠴᠡᠷᠢᠭ ᠮᠤᠷᠢ ᠲᠤᠮᠢᠯᠠᠵᠤ ᠶᠠᠫᠤᠨ ᠠᠷᠠᠯ ᠢ ᠮᠤᠩᠭᠤᠯ ᠬᠠᠭᠠᠠᠳᠤ ᠤᠯᠤᠰ ᠤᠨ ᠬᠢᠵᠠᠭᠠᠷ | ᠲᠤ ᠤᠷᠤᠭᠤᠯᠬᠤ ᠪᠠᠷ ᠲᠦᠯᠦᠪᠯᠠᠯᠭ᠍ᠰᠠᠨ ᠪᠤᠯᠪᠠᠴᠤ ᠶᠡᠭᠡ ᠲᠠᠯᠠᠢ ᠶᠢᠨ ᠤᠭᠠᠯᠵᠠᠨ ᠰᠢᠭᠤᠷᠭ᠎ᠠ ᠳᠤ ᠲᠠᠭᠠᠷᠢᠬᠳᠠᠵᠤ᠂ | ᠶᠠᠫᠤᠨ ᠠᠷᠠᠯ ᠤᠷᠳᠤ ᠪᠤᠯᠳᠠᠯ᠎ᠠ ᠲᠤᠰᠠᠭᠠᠷ ᠤᠯᠤᠰ ᠤᠷᠤᠨ ᠢᠶᠠᠨ ᠪᠠᠳᠤᠯᠠᠵᠤ ᠢᠷᠡᠭᠰᠡᠨ ᠲᠡᠤᠬᠡ ᠲᠠᠢ᠃ ᠶᠠᠫᠤᠨ ᠤ | ᠭᠠᠵᠠᠷ ᠤᠨ ᠭᠠᠳᠠᠷᠭᠤ ᠶᠢᠨ ᠲᠦᠷᠰᠤ ᠨᠢ ᠡᠩᠭᠬᠦᠯ ᠬᠤᠨᠭ᠍ᠬᠤᠯ᠂ ᠲᠤᠪᠤ ᠲᠤᠯᠤᠭᠠᠤᠨ᠂ ᠠᠭᠤᠯᠠ ᠨᠢᠷᠤᠭᠤ ᠪᠠᠶᠢᠵᠤ᠂ | ᠪᠠᠷᠠᠭᠤᠨ ᠨᠤᠮᠤᠬᠠᠨ ᠲᠠᠯᠠᠢ ᠶᠢᠨ ᠭᠠᠯᠳᠤ ᠠᠭᠤᠯᠠ ᠭᠠᠵᠠᠷ ᠬᠦᠳᠡᠯᠤᠯᠳᠠ ᠶᠢᠨ ᠪᠦᠰᠡᠨ ᠲᠡᠭᠡᠷ᠎ᠡ ᠤᠷᠤᠰᠢᠨ | ᠠᠮᠢᠳᠤᠷᠠᠵᠤ ᠪᠠᠶᠢᠭ᠎ᠠ ᠪᠤᠯᠬᠤᠷ ᠡᠳᠤᠷ ᠲᠤ ᠲᠡᠭᠰᠢᠤᠡᠬᠡᠭᠡᠤᠨ ᠭᠤᠷᠪᠠ ᠠᠴᠠ ᠲᠦᠷᠪᠡ ᠤᠳᠠᠭ᠎ᠠ ᠶᠢᠨ ᠦᠯᠤ | ᠮᠡᠳᠡᠭᠳᠡᠮ᠎ᠡ ᠭᠠᠵᠠᠷ ᠬᠦᠳᠡᠯᠤᠯᠳᠠ ᠡᠭᠦᠰᠴᠤ ᠪᠠᠶᠢᠳᠠᠭ᠃ ᠡᠶᠢᠮᠤᠷᠬᠦ ᠪᠠᠶᠢᠭᠠᠯᠢ ᠶᠢᠨ ᠤᠷᠴᠢᠨ ᠠᠬᠤᠢ ᠳᠤ | ᠠᠮᠢᠳᠤᠷᠠᠵᠤ ᠪᠠᠶᠢᠬᠰᠠᠨ ᠡᠷᠳᠡᠨ ᠤ ᠶᠠᠫᠤᠡᠴᠤᠤᠨ ᠪᠠᠶᠢᠭᠠᠯᠢ ᠶᠢᠨ ᠬᠠᠴᠢᠨ ᠰᠤᠨᠢᠨ ᠬᠤᠪᠢᠷᠠᠯᠳᠠ ᠠᠴᠠ ᠰᠡᠳᠤᠯᠳᠠ | ᠤᠯᠵᠤ᠂ ᠪᠠᠶᠢᠭᠠᠯᠢ ᠶᠢᠷᠳᠢᠡᠴᠤ ᠶᠢ ᠰᠢᠳᠤᠨ ᠪᠢᠰᠢᠷᠠᠬᠦ ᠰᠡᠤᠡᠬᠢᠯᠭᠡ ᠲᠠᠢ ᠪᠤᠯᠤᠬᠰᠠᠨ ᠢᠶᠠᠷ ᠪᠠᠷᠠᠬᠤ ᠦᠭᠡᠢ ᠲᠡᠯᠡᠬᠡᠢ | ᠶᠢᠷᠳᠢᠡᠴᠤ ᠶᠢᠨ ᠲᠦᠮᠡᠨ ᠪᠤᠳᠠᠰ ᠨᠢ ᠴᠦᠮ ᠰᠦᠨᠠᠰᠤ ᠲᠠᠢ ᠭᠡᠵᠤ ᠦᠵᠡᠵᠤ᠂ ᠠᠪᠤᠷᠭᠤ ᠲᠤᠮᠤ ᠴᠢᠯᠠᠭᠤ᠂ ᠱᠡᠩᠰᠢ | ᠮᠤᠳᠤ ᠶᠢ ᠰᠠᠬᠢᠭᠤᠯᠰᠤᠨ ᠪᠠᠭᠤᠵᠤ ᠢᠷᠡᠳᠡᠭ ᠤᠷᠤᠨ ᠭᠡᠵᠤ ᠰᠢᠳᠤᠳᠡᠭ᠃ ︿︿ᠶᠠᠫᠤᠨ ᠪᠢᠴᠢᠭ﹀﹀ ᠲᠤ ᠲᠡᠮᠳᠡᠭᠯᠡᠵᠦ | ᠪᠠᠶᠢᠬᠤ ᠪᠠᠷ ᠠᠭᠤᠯᠠ ᠶᠢᠨ ᠰᠠᠬᠢᠭᠤᠯᠰᠤᠨ᠂ ᠲᠠᠯᠠᠢ ᠶᠢᠨ ᠰᠠᠬᠢᠭᠤᠯᠰᠤᠨ᠂ ᠠᠶᠤᠩᠭ᠎ᠠ ᠤᠨ ᠰᠠᠬᠢᠭᠤᠯᠰᠤᠨ ᠵᠡᠷᠭᠡ | ᠬᠡᠳᠤᠨ ᠲᠦᠮᠡᠨ ᠰᠠᠬᠢᠭᠤᠯᠰᠤᠨ ᠪᠠᠶᠢᠳᠠᠭ᠃ ᠶᠠᠫᠤᠨ ᠬᠦᠮᠤᠰ ᠪᠤᠷᠬᠠᠨ ᠤ ᠱᠠᠰᠢᠨ ᠰᠢᠳᠤᠵᠤ᠂ ᠪᠠᠶᠢᠭᠠᠯᠢ | ᠤᠷᠴᠢᠨ ᠢᠶᠠᠨ ᠬᠠᠶᠢᠷᠠᠯᠠᠨ ᠬᠠᠮᠠᠭᠠᠯᠠᠬᠤ ᠰᠠᠶᠢᠬᠠᠨ ᠵᠡᠩ ᠠᠷᠠᠡᠰᠢᠨ ᠨᠢ ᠮᠤᠩᠭᠤᠯ ᠬᠦᠮᠤᠰ ᠲᠠᠢ ᠠᠳᠠᠯᠢᠪᠳᠤᠷ | ᠪᠠᠶᠢᠳᠠᠭ᠃ ᠮᠠᠨᠤᠰ ᠬᠡᠳᠤᠨ ᠡᠳᠤᠷ ᠤᠨ ᠲᠤᠷᠰᠢ ᠮᠠᠰᠢᠨ ᠲᠡᠷᠭᠡ ᠪᠠᠷ ᠶᠠᠫᠤᠨ ᠤ ᠬᠡᠳᠤᠨ ᠲᠤᠮᠤ ᠬᠤᠳᠠ ᠭᠠᠷᠠᠮ᠂ | ᠴᠡᠴᠡᠷᠯᠢᠭ ᠢᠶᠠᠷ ᠵᠤᠭᠠᠴᠠᠬᠰᠠᠨ ᠪᠤᠯᠪᠠᠴᠤ ᠮᠠᠰᠢᠨ ᠲᠡᠷᠭᠡᠨ ᠤ ᠪᠦᠷᠢᠶ᠎ᠠ ᠶᠢᠨ ᠲᠠᠭᠤ᠂ ᠵᠠᠮ ᠬᠠᠷᠢᠯᠴᠠᠭᠠᠨ ᠤ ᠴᠡᠷᠢᠭ | ᠴᠠᠬᠳᠠᠭ᠎ᠠ ᠶᠢᠨ ᠪᠠᠷ᠎ᠠ ᠤᠯᠵᠤ ᠬᠠᠷᠠᠬᠰᠠᠨ ᠦᠭᠡᠢ᠂ ᠬᠡᠷᠡᠭᠦᠯ ᠮᠠᠷᠭᠤᠭᠠᠨ ᠬᠢᠬᠦ ᠠᠴᠠ ᠶᠡᠭᠡ ᠲᠠᠭᠤᠨ ᠢᠶᠠᠷ | ᠶᠠᠷᠢᠯᠴᠠᠬᠤ ᠬᠦᠮᠤᠰ ᠴᠤ ᠬᠠᠷᠠᠬᠳᠠᠬᠰᠠᠨ ᠦᠭᠡᠢ᠂ ᠬᠦᠮᠤᠨ ᠠᠷᠠᠤᠨ ᠨᠢ ᠪᠦᠷ ᠦᠪᠠᠷ ᠤᠨ ᠤᠬᠠᠮᠰᠠᠷ ᠠᠴᠠ ᠪᠠᠨ | ᠶᠤᠰᠤ ᠲᠦᠷᠢᠮ ᠪᠠᠨ ᠪᠠᠷᠢᠮᠳᠠᠯᠠᠨ ᠪᠤᠯᠪᠠᠰᠤᠨ ᠰᠠᠶᠢᠬᠠᠨ ᠶᠠᠪᠤᠵᠤ ᠰᠠᠭᠤᠳᠠᠭ᠃ | ᠶᠠᠫᠤᠨ ᠤᠯᠤᠰ ᠠᠵᠤ ᠠᠬᠤᠢ᠂ ᠰᠤᠶᠤᠯ ᠪᠤᠯᠪᠠᠰᠤᠷᠠᠯ᠂ ᠰᠢᠡᠵᠢᠯᠡᠬᠦ ᠤᠠᠬᠠᠭᠠᠨ᠂ ᠡᠮ ᠡᠮᠨᠡᠯᠭᠡ ᠶᠢᠨ | ᠬᠦᠭᠵᠢᠯᠳᠡ ᠪᠠᠷ ᠲᠡᠯᠡᠬᠡᠢ ᠶᠢᠨ ᠨᠢᠭᠡᠳᠤᠭᠡᠷ ᠲᠤ ᠵᠢᠬᠠᠰᠠᠭᠠᠵᠤ ᠪᠤᠢ᠃ ᠪᠦᠬᠦ ᠤᠯᠤᠰ ᠲᠤ ᠬᠤᠳᠠᠯ ᠬᠤᠯᠠᠭᠠᠶᠢᠴᠢ᠂ | ᠬᠠᠭᠤᠷᠮᠠᠭ ᠵᠤᠭᠤᠰ᠂ ᠬᠠᠭᠤᠷᠮᠠᠭ ᠪᠠᠷᠠᠭ᠎ᠠ ᠦᠭᠡᠢ᠂ ᠤᠯᠤᠰ ᠠᠷᠠᠤᠨ ᠤᠨ ᠪᠤᠯᠪᠠᠰᠤᠨ ᠤ ᠬᠡᠮᠵᠢᠶ᠎ᠠ ᠲᠡᠯᠡᠬᠡᠢ ᠳᠤ | ᠲᠡᠷᠢᠭᠦᠯᠡᠵᠤ ᠪᠠᠶᠢᠭ᠎ᠠ ᠪᠤᠯᠬᠤᠷ ᠲᠠᠯᠡᠬᠡᠢ ᠶᠢᠨ ᠠᠯᠢ ᠴᠤ ᠤᠯᠤᠰ ᠤᠷᠤᠨ ᠳᠤ ᠴᠢᠯᠦᠭᠡᠳᠡᠢ ᠵᠤᠭᠠᠴᠠᠨ ᠲᠤᠭᠤᠷᠢᠬᠤ | ᠡᠷᠬᠡ ᠲᠠᠢ ᠪᠠᠶᠢᠳᠠᠭ᠃ | ᠶᠠᠫᠤᠨ ᠤᠯᠤᠰ ᠤᠨ ᠬᠦᠮᠤᠨ ᠠᠮᠠ1.27 ᠳ᠋ᠦᠩᠰᠢᠭᠤᠷ ᠢᠯᠡᠭᠦᠦ ᠪᠠᠶᠢᠵᠤ᠂ ᠲᠡᠯᠡᠬᠡᠢ ᠶᠢᠨ ᠡᠮᠤᠨ᠎ᠠ | ᠠᠷᠪᠠᠨ ᠨᠡᠷ᠎ᠡ ᠳᠤ ᠵᠢᠬᠰᠠᠭᠠᠵᠤ ᠪᠤᠢ᠃ ᠠᠭᠤᠯᠠ ᠤᠰᠤ ᠨᠢ ᠬᠦᠬᠡᠮᠳᠤᠡ ᠨᠤᠭᠤᠭᠠᠨ᠂ ᠤᠷᠴᠢᠨ ᠠᠬᠤᠢ ᠨᠢ ᠴᠡᠪᠡᠷ | ᠴᠡᠮᠴᠡᠭᠡᠷ᠂ ᠠᠭᠤᠷ ᠠᠮᠢᠰᠬᠤᠯ ᠰᠡᠷᠢᠭᠦᠨ ᠴᠢᠭᠢᠭᠯᠢᠭ ᠪᠤᠯᠬᠤᠷ ᠶᠠᠫᠤᠡᠴᠤᠤᠨ ᠤᠨ ᠬᠦᠮᠤᠨ ᠠᠷᠠᠤᠨ ᠤᠨ | ᠲᠡᠭᠰᠢᠤᠡᠬᠡᠭᠰᠡᠨ ᠨᠠᠰᠤᠨ ᠤ ᠬᠡᠮᠵᠢᠶ᠎ᠠ 87 ᠶᠢ ᠲᠠᠪᠠᠵᠤ᠂ ᠮᠦᠡᠴᠤ ᠲᠡᠯᠡᠬᠡᠢ ᠲᠡᠭᠡᠷ᠎ᠡ ᠲᠠᠷᠢᠭᠦᠯᠠᠵᠤ ᠪᠤᠢ᠃ | | ᠬᠤᠶᠡᠷ᠂ ᠫᠦᠵᠢ ᠠᠭᠤᠯᠠ | | ᠫᠦᠵᠢ ᠠᠭᠤᠯᠠ ᠪᠤᠯ ᠶᠠᠫᠤᠨ ᠤ ᠬᠠᠮᠤᠭ ᠤᠨ ᠦᠡᠳᠤᠷ ᠠᠭᠤᠯᠠ ᠪᠤᠯᠬᠤ ᠪᠦᠭᠡᠤᠨ ᠶᠠᠫᠤᠨ ᠤᠯᠤᠰ ᠤᠨ ᠪᠡᠯᠭᠡ | ᠲᠡᠮᠳᠡᠭ ᠮᠦᠨ᠃ ᠲᠠᠷᠤᠢ ᠮᠠᠨ ᠤ ᠮᠤᠩᠭᠤᠯᠴᠤᠤᠨ ᠤᠨ ᠰᠢᠳᠤᠨ ᠲᠠᠬᠢᠳᠠᠭ ᠪᠤᠬᠳᠠ ᠠᠭᠤᠯᠠ ᠲᠠᠢ ᠠᠳᠠᠯᠢ ᠪᠤᠯᠬᠤ | ᠠᠵᠢ᠃ ᠫᠦᠵᠢ ᠭᠡᠳᠡᠭ ᠨᠢ ᠲᠠᠯᠠᠬᠡᠢ ᠳᠤ ᠬᠤᠤᠰ ᠦᠭᠡᠢ᠂ ᠭᠠᠭᠴᠨ ᠬᠡᠮᠡᠬᠦ ᠤᠤᠠᠬ᠎ᠠ ᠲᠠᠢ ᠭᠡᠵᠤ ᠲᠠᠶᠢᠯᠪᠤᠷᠢᠯᠠᠵᠤ | ᠪᠤᠢ᠃ ᠫᠦᠵᠢ ᠠᠭᠤᠯᠠ ᠪᠤᠯ ᠦᠨᠡᠬᠡᠷ ᠲᠡᠯᠡᠬᠡᠢ ᠳᠤ ᠬᠤᠤᠰ ᠦᠭᠡᠢ ᠰᠦᠷ ᠭᠠᠶᠢᠬᠠᠮᠰᠢᠬᠳᠤ ᠠᠭᠤᠯᠠ ᠮᠦᠨ᠃ | ᠶᠠᠫᠤᠨ ᠳᠤ ᠬᠦᠷᠤᠭ᠍ᠰᠡᠨ ᠬᠦᠮᠤᠰ ᠬᠡᠷᠪᠡ ᠫᠦᠵᠢ ᠠᠭᠤᠯᠠ ᠶᠢᠨ ᠰᠦᠷ ᠭᠠᠶᠢᠬᠠᠮᠰᠢᠭ ᠢ ᠪᠠᠷᠠᠯᠠᠬᠤ ᠦᠭᠡᠢ ᠪᠤᠯ | ᠲᠤᠮᠳᠠᠳᠤ ᠶᠢᠨ ᠬᠦᠮᠤᠰ ︿︿ᠲᠠᠶᠢᠱᠠᠨ ᠠᠭᠤᠯᠠᠨ ᠳᠤ ᠭᠠᠷᠤᠭᠠᠤᠨ ᠨᠠᠷᠠᠨ ᠮᠠᠠᠳᠤᠬᠤ ᠶᠢ ᠤᠯᠵᠤ ᠬᠠᠷᠠᠬᠰᠠᠨ ᠦᠭᠡᠢ﹀﹀ | ᠲᠠᠢ ᠠᠳᠠᠯᠢ ᠬᠠᠷᠠᠮᠰᠠᠯᠳᠠᠢ ᠰᠠᠨᠠᠬᠳᠠᠳᠠᠭ᠃ ᠮᠠᠨᠤᠰ ᠶᠠᠫᠤᠨ ᠳᠤ ᠬᠦᠷᠤᠭ᠍ᠰᠡᠨ ᠤ ᠬᠤᠶᠡᠳᠡᠬᠢ ᠡᠳᠤᠷ ᠨᠢ ᠲᠠᠷᠤᠢ | ᠫᠦᠵᠢ ᠠᠭᠤᠯᠠ ᠶᠢ ᠵᠤᠷᠢᠵᠤ᠂ ᠡᠭᠦᠯᠨ ᠮᠠᠨᠠᠨ ᠴᠠᠰᠤ ᠮᠦᠰᠤᠨ ᠳᠤ ᠬᠤᠴᠢᠬᠳᠠᠬᠰᠠᠨ ᠮᠦᠡᠭᠭᠦᠨ ᠤᠷᠭᠢᠯ ᠬᠢᠭᠡᠤᠨ | ᠤᠯᠠᠷᠢᠨ ᠬᠤᠪᠢᠷᠠᠬᠤ ᠨᠢᠭᠤᠴᠠ ᠲᠠᠯᠳᠠ ᠭᠠᠶᠢᠬᠠᠮᠰᠢᠭ ᠢ ᠨᠢ ᠰᠤᠨᠢᠷᠬᠠᠨ ᠪᠠᠷᠠᠯᠠᠵᠤ ᠪᠢᠯᠨ᠃ | ᠲᠡᠭᠡᠷ᠎ᠡ ᠵᠠᠭᠤᠨ ᠤ ᠲᠠᠯᠠᠭᠠᠤᠨ ᠤᠨ ᠳᠤ ᠬᠢᠴᠢᠶᠠᠯ ᠤᠨ ᠪᠢᠴᠢᠭ ᠠᠴᠠ ᠯᠦ ᠰᠢᠶᠦ᠋ᠨ ᠠᠪᠤᠭᠠᠢ ᠶᠢᠨ | ᠪᠢᠴᠢᠭᠰᠡᠨ ᠫᠦᠵᠢ ᠠᠭᠤᠯᠠᠨ ᠤ ᠲᠤᠬᠠᠢ ᠨᠠᠶᠢᠷᠠᠭᠤᠯᠤᠯ ᠶᠢ ᠰᠤᠨᠢᠷᠬᠠᠨ ᠤᠡᠭᠰᠢᠵᠤ ᠪᠠᠶᠢᠬᠰᠠᠨ ᠮᠢᠨᠢ ᠲᠦᠴᠢᠭᠡᠤᠨ | ᠵᠢᠯ ᠤᠨ ᠬᠢᠨ ᠲᠠᠷᠠᠭ᠎ᠠ ᠭᠡᠷᠭᠡᠢ ᠲᠠᠢ ᠪᠠᠨ ᠬᠠᠮᠳᠤ ᠢᠷᠡᠵᠤ ᠰᠤᠨᠢᠷᠬᠬᠠᠤ ᠰᠠᠶᠢᠬᠠᠨ ᠬᠤᠪᠢ ᠪᠠᠷᠢᠯᠳᠤᠯᠭ᠎ᠠ ᠪᠠᠶᠢᠬᠰᠠᠨ | ᠠᠵᠠᠢ᠃ | ᠫᠦᠵᠢ ᠠᠭᠤᠯᠠ ᠲᠠᠯᠠᠢ ᠶᠢᠨ ᠲᠦᠪᠰᠢᠨ ᠠᠴᠠ 3776 ᠮᠧᠲᠷ ᠲᠡᠭᠡᠭᠰᠢ ᠡᠷᠭᠦᠭᠳᠡᠵᠦ᠂ ᠮᠠᠨ ᠤ | ᠤᠯᠤᠰ ᠤᠨ ᠲᠦᠪᠡᠤᠨ ᠤᠨ ᠦᠡᠳᠦᠷᠯᠢᠭ ᠤᠨ ᠡᠾᠢᠮᠠᠯᠡᠶᠠ ᠠᠭᠤᠯᠠ ᠨᠢᠷᠤᠭᠤᠤᠨ ᠢ ᠪᠤᠳᠤᠪᠠᠯ ᠲᠠᠶᠢᠮᠤ ᠴᠤ ᠦᠡᠳᠤᠷ | ᠲᠤ ᠲᠤᠭᠠᠴᠢᠭᠳᠠᠬᠤ ᠦᠭᠡᠢ᠂ ᠭᠡᠪᠠᠴᠤ ᠫᠦᠵᠢ ᠠᠭᠤᠯᠠ ᠨᠢ ᠲᠠᠯᠠᠢ ᠶᠢᠨ ᠬᠦᠪᠡᠭᠡᠨ ᠠᠴᠠ ᠰᠦᠡᠳᠡᠷᠯᠡᠨ ᠪᠤᠰᠤᠬᠰᠠᠨ | ᠲᠤᠯᠠ ᠬᠦᠮᠤᠰ ᠤᠨ ᠨᠢᠳᠤᠨ ᠬᠠᠷᠠᠭᠠᠨ ᠳᠤ ᠦᠡᠳᠤᠷ ᠰᠦᠷᠯᠢᠭ ᠬᠠᠷᠠᠬᠳᠠᠵᠤ᠂ ᠶᠠᠫᠤᠡᠴᠤᠤᠨ ᠤᠨ ᠰᠦᠷ ᠰᠦᠯᠳᠠ | ᠪᠤᠯᠤᠬᠰᠠᠨ ᠠᠭᠤᠯᠠ ᠬᠠᠶᠢᠷᠬᠠᠨ ᠪᠤᠯᠵᠤ᠂ ᠶᠠᠫᠤᠨ ᠬᠦᠮᠤᠰ ᠡᠷᠳ᠋ᠨ ᠲᠡᠭᠡᠳᠤᠰ ᠠᠴᠠ ᠪᠠᠨ ︿︿ᠬᠠᠷ᠎ᠠ ᠫᠦᠵᠢ﹀﹀᠂ | ︿︿ᠨᠢᠴᠤᠬᠦᠨ ᠫᠦᠵᠢ﹀﹀᠂ ︿︿ᠡᠷ᠎ᠡ ᠬᠦᠢᠰᠤᠳᠤ ᠫᠦᠵᠢ﹀﹀ ᠬᠡᠮᠡᠨ ᠰᠢᠯᠦᠭᠯᠡᠨ ᠤᠶᠠᠩᠭᠠᠯᠠᠬᠰᠠᠨ ᠲᠡᠮᠳᠡᠭᠯᠡᠯ ᠲᠠᠢ᠃ | ᠠᠳᠡᠬᠢ ᠤᠷᠴᠢᠨ ᠠᠬᠤᠢ ᠶᠢᠨ ᠠᠭᠤᠷ ᠠᠮᠢᠰᠬᠤᠯ ᠤᠨ ᠤᠯᠠᠷᠢᠨ ᠬᠤᠪᠢᠷᠠᠬᠤ ᠶᠢ ᠲᠠᠭᠠᠯᠳᠤᠨ ᠫᠦᠵᠢ ᠠᠭᠤᠯᠠᠨ | ᠤᠷᠬᠢᠯ ᠤᠨ ᠦᠡᠭᠭᠡ ᠦᠵᠡᠮᠵᠢ ᠶᠢᠨ ᠤᠯᠠᠷᠢᠨ ᠬᠤᠪᠢᠷᠠᠬᠤ ᠨᠢ ᠴᠤ ᠨᠢᠳᠤ ᠢᠷᠮᠡᠬᠦ ᠶᠢᠨ ᠵᠠᠭᠤᠷ᠎ᠠ ᠪᠠᠶᠢᠵᠤ᠂ | ᠡᠳᠡᠬᠡᠤᠨ ᠭᠠᠶᠢᠬᠠᠮᠰᠢᠬᠳᠠᠢ᠃ | ᠫᠦᠵᠢ ᠠᠭᠤᠯᠠ ᠵᠢᠯ ᠤᠨ ᠲᠦᠷᠪᠡᠨ ᠤᠯᠠᠷᠢᠯ᠂ ᠲᠤᠩᠭᠠᠯᠠᠭ ᠰᠠᠶᠢᠬᠠᠨ ᠡᠳᠤᠷ᠂ ᠮᠠᠨᠠᠨ ᠬᠦᠳᠡᠩ᠂ ᠴᠠᠰᠤ | ᠪᠤᠷᠤᠭᠠᠨ᠂ ᠰᠠᠯᠬᠢᠨ ᠵᠢᠪᠠᠷ᠂ ᠦᠷᠯᠦᠭᠡ ᠶᠢᠨ ᠨᠠᠷᠠ᠂ ᠦᠳᠡᠰᠢ ᠶᠢᠨ ᠰᠢᠷ᠎ᠠ ᠭᠡᠭᠡ ᠵᠡᠷᠭᠡ ᠴᠠᠭ ᠠᠭᠤᠷ ᠤᠨ | ᠨᠦᠭᠦᠴᠠᠯ ᠳᠤ ᠰᠢᠯᠳᠠᠭᠠᠯᠠᠵᠤ ᠤᠯᠠᠨ ᠶᠡᠩᠵᠤ ᠪᠠᠷ ᠤᠯᠠᠷᠢᠨ ᠬᠤᠪᠢᠷᠠᠬᠤ ᠨᠢ ᠬᠦᠮᠤᠰ ᠲᠤ ᠷᠢᠳᠢ ᠰᠢᠳᠢᠳᠤ᠂ | ᠬᠤᠪᠢᠯᠭᠠᠨ ᠤᠪᠢᠳᠠᠰ ᠲᠠᠢ ᠠᠭᠤᠯᠠ ᠬᠡᠮᠡᠬᠦ ᠭᠠᠶᠢᠬᠠᠰᠢ ᠲᠦᠷᠤᠭᠦᠯᠳᠡᠭ᠃ | ᠬᠠᠪᠤᠷ ᠤᠨ ᠠᠭᠤᠷ ᠤᠷᠤᠵᠤ ᠠᠭᠤᠷ ᠠᠮᠢᠰᠬᠤᠯ ᠤᠶᠠᠨ ᠲᠤᠯᠠᠭᠠᠨ ᠪᠤᠯᠬᠤ ᠳᠤ ᠫᠦᠵᠢ ᠠᠭᠤᠯᠠ ᠬᠦᠬᠡ | ᠲᠡᠭᠷᠢ ᠶᠢ ᠪᠠᠭᠠᠨᠠᠳᠤᠨ ᠰᠡᠬᠦᠶᠢᠭᠡᠤᠨ ᠬᠤᠷᠮᠦᠢ ᠪᠠᠯ ᠢᠶᠠᠷ ᠨᠢ ᠬᠠᠮᠤᠭ ᠲᠦᠷᠤᠭᠦᠨ ᠳᠤ ᠴᠠᠰᠤᠨ ᠯᠢᠩᠬᠸ᠎ᠠ ᠴᠡᠴᠡᠭ | ᠮᠦᠴᠢᠷᠯᠡᠨ ᠲᠡᠯᠭᠡᠷᠡᠵᠤ᠂ ᠲᠡᠭᠦᠨ ᠤ ᠲᠠᠷᠠᠭ᠎ᠠ ᠰᠠᠺᠦ᠋ᠷᠠ ᠴᠡᠴᠡᠭ ᠲᠡᠯᠭᠡᠷᠡᠵᠤ᠂ ᠨᠡᠩ ᠤᠯᠠᠨ ᠴᠡᠴᠡᠭᠡᠰ ᠦᠡᠭᠭᠡ | ᠪᠤᠯᠢᠶᠠᠯᠳᠤᠨ ᠲᠡᠯᠭᠡᠷᠡᠬᠦ ᠳᠤ ᠠᠭᠤᠯᠠᠨ ᠤᠷᠭᠢᠯ ᠬᠦᠷ ᠴᠠᠰᠤᠨ ᠳᠤ ᠬᠤᠴᠢᠬᠳᠠᠵᠤ ᠦᠴᠤᠬᠡᠨ ᠴᠤ ᠬᠤᠪᠢᠷᠠᠯᠳᠠ | ᠦᠭᠡᠢ ᠪᠠᠶᠢᠳᠠᠭ᠃ ᠬᠠᠵᠠᠭᠤ ᠬᠠᠪᠢ ᠶᠢᠨ ᠠᠭᠤᠯᠠ ᠬᠠᠶᠢᠷᠬᠠᠨ ᠲᠤᠪᠤ ᠨᠤᠭᠤᠳ ᠲᠤ ᠨᠠᠷᠠᠰᠤ ᠤᠯᠢᠶᠠᠰᠤ ᠬᠦᠬᠡᠷᠡᠨ | ᠨᠤᠭᠤᠭᠠᠷᠠᠵᠤ᠂ ᠬᠡᠪᠢᠰ ᠲᠠᠪᠢᠰᠤᠭ᠍ᠰᠡᠨ ᠰᠢᠭ ᠬᠠᠷᠠᠬᠳᠠᠵᠤ᠂ ᠠᠭᠤᠯᠠᠨ ᠲᠤᠤᠷ᠎ᠠ ᠰᠠᠺᠦ᠋ᠷᠠ ᠴᠡᠴᠡᠭ ᠪᠠᠳᠠᠷᠠᠨ | ᠴᠡᠴᠡᠭᠯᠡᠬᠦ ᠳᠤ ᠫᠦᠵᠢ ᠠᠭᠤᠯᠠ ᠶᠢᠨ ᠤᠷᠭᠢᠯ ᠮᠦᠡᠭᠭᠦᠨ ᠬᠤᠶᠠᠭ ᠬᠡᠳᠤᠷᠡᠭᠰᠡᠨ ᠰᠢᠭ ᠡᠭᠦᠯᠡ ᠮᠠᠨᠠᠨ᠂ ᠴᠠᠰᠤ | ᠮᠦᠰᠤᠨ ᠲᠤᠮᠳᠠ ᠰᠡᠬᠦᠶᠢᠵᠤ᠂ ᠠᠭᠤᠷ ᠠᠮᠢᠰᠬᠤᠯ ᠤᠨ ᠬᠤᠪᠢᠷᠠᠯᠳᠠ ᠶᠢ ᠲᠠᠭᠠᠯᠳᠤᠨ ᠰᠦᠷ ᠭᠠᠶᠢᠬᠠᠮᠰᠢᠬᠳᠤ ᠲᠦᠷᠢ | ᠪᠠᠶᠢᠳᠠᠯ ᠨᠢ ᠤᠯᠠᠷᠢᠵᠤ ᠬᠤᠪᠢᠷᠠᠬᠤ ᠨᠢ ᠴᠤ ᠬᠠᠴᠢᠨ ᠲᠦᠷᠭᠡᠨ ᠪᠠᠶᠢᠯ᠎ᠠ᠃ ᠵᠤᠨ ᠤ ᠨᠠᠢᠮᠠᠨ ᠰᠠᠷ᠎ᠠ ᠪᠤᠯᠪᠠᠯ ᠠᠭᠤᠯᠠᠨ | ᠤᠷᠬᠢᠯ ᠤᠨ ᠴᠠᠰᠤ ᠮᠦᠰᠤ ᠰᠠᠶ᠋ᠢ ᠬᠠᠶᠢᠯᠠᠵᠤ ᠪᠠᠷᠠᠳᠠᠭ ᠪᠤᠯᠪᠠᠴᠤ᠂ ᠨᠠᠮᠤᠷ ᠤᠨ ᠶᠢᠰᠤᠨ ᠰᠠᠷ᠎ᠠ ᠶᠢᠨ ᠡᠬᠢ | ᠪᠤᠯᠤᠩᠭᠤᠳᠠ ᠨᠤᠶᠠᠨ ᠰᠠᠷᠢᠳᠠᠭ ᠤᠷᠬᠢᠯ ᠳᠤᠨᠢ ᠠᠩᠬᠠᠨ ᠤ ᠴᠠᠰᠤ ᠪᠠᠭᠤᠵᠤ ᠲᠤᠷᠭᠠᠨ ᠠᠯᠴᠢᠭᠤᠷ ᠪᠤᠭᠤᠬᠰᠠᠨ | ᠦᠬᠢᠨ ᠴᠠᠭᠠᠨ ᠲᠠᠭᠢᠨᠢ ᠮᠡᠳᠤ ᠡᠶᠡᠯᠳᠡᠭ ᠲᠤᠳᠤᠨᠤ ᠲᠦᠷᠢ ᠪᠠᠷ ᠴᠠᠶᠢᠯᠵᠠᠨ ᠬᠠᠷᠠᠬᠳᠠᠳᠠᠭ᠃ ᠨᠤᠶᠠᠨ ᠤᠷᠬᠢᠯ ᠨᠢ | ᠴᠠᠰᠤ ᠮᠦᠰᠤᠨ ᠳᠤ ᠬᠤᠴᠢᠬᠳᠠᠵᠤ᠂ ᠠᠭᠤᠯᠠᠨ ᠬᠤᠷᠮᠤᠢ ᠪᠠᠷ ᠰᠢᠷ᠎ᠠ ᠨᠤᠭᠤᠭᠠᠨ᠂ ᠤᠯᠠᠭᠠᠨ ᠰᠢᠷᠭᠠᠯ᠂ ᠭᠠᠯ | ᠤᠯᠠᠭᠠᠨ ᠮᠤᠳᠤᠨ ᠨᠠᠪᠴᠢᠰ ᠨᠠᠮᠤᠷ ᠤᠨ ᠬᠤᠨᠭ᠍ᠭᠤᠷ ᠰᠠᠯᠬᠢᠨ ᠳᠤ ᠨᠠᠶᠢᠭᠤᠯᠵᠠᠨ ᠪᠦᠵᠢᠬᠦ ᠦᠵᠠᠮᠵᠢ ᠪᠠᠶᠢᠳᠠᠯ ᠵᠢᠷᠤᠭ | ᠮᠡᠳᠤ ᠭᠤᠶᠤᠬᠠᠨ ᠪᠠᠶᠢᠳᠠᠭ ᠭᠡᠵᠤ ᠵᠤᠭᠠᠴᠠᠯ ᠤᠨ ᠠᠪᠠᠭ᠋ᠠᠢ ᠲᠠᠶᠢᠯᠪᠤᠷᠢᠯᠠᠬᠤ ᠳᠤ᠂ ᠫᠦᠵᠢ ᠠᠭᠤᠯᠠᠨ ᠤ ᠨᠠᠮᠤᠷ ᠤᠨ | ᠦᠵᠠᠮᠵᠢ ᠵᠢᠷᠤᠭ ᠪᠤᠳᠤᠯ ᠰᠡᠤᠡᠬᠢᠯ ᠳᠤ ᠬᠠᠷᠠᠬᠳᠠᠵᠤ ᠪᠠᠶᠢᠯᠤᠭ᠎ᠠ᠃ | ᠫᠦᠵᠢ ᠠᠭᠤᠯᠠᠨ ᠤ ᠤᠷᠭᠢᠯ ᠳᠤ ᠭᠠᠷᠬᠤ ᠬᠦᠮᠤᠰ ᠤᠯᠤᠰ ᠤᠨ ᠬᠠᠮᠢᠶ᠎ᠠ ᠪᠦᠬᠦᠢ ᠨᠢᠭᠡᠴᠨ ᠠᠴᠠ | ᠵᠦᠪᠰᠢᠶᠡᠷᠡᠯ ᠠᠪᠬᠤ ᠴᠢᠬᠤᠯᠠᠳᠠᠢ᠂ ᠤᠴᠢᠷ ᠨᠢ ᠠᠭᠤᠯᠠᠨ ᠤᠷᠭᠢᠯ ᠨᠢ ᠵᠤᠨ ᠤ ᠨᠠᠢᠮᠠᠨ ᠰᠠᠷ᠎ᠠ ᠪᠤᠯᠳᠠᠯ᠎ᠠ ᠴᠠᠰᠤ | ᠮᠦᠰᠤᠨ ᠳᠤ ᠬᠤᠴᠢᠬᠳᠠᠵᠤ ᠠᠶᠤᠯ ᠲᠦᠭᠰᠢᠭᠦᠷᠢ ᠲᠠᠢ ᠪᠠᠶᠢᠳᠠᠭ ᠠᠴᠠ ᠲᠠᠪᠤᠳᠤᠭᠠᠷ ᠵᠤᠬᠰᠤᠭᠠᠯ ᠦᠷᠳᠡᠭᠡᠡ ᠠᠴᠠ | ᠲᠡᠭᠡᠭᠰᠢ ᠠᠭᠤᠯᠠ ᠮᠠᠴᠤᠬᠤ ᠶᠢ ᠬᠦᠯᠢᠶᠡᠬᠦ ᠦᠭᠡᠢ᠃ ᠠᠶᠠᠯᠠᠨ ᠵᠤᠭᠠᠴᠠᠬᠰᠠᠤᠨ ᠤᠨ ᠠᠮᠤᠷ ᠲᠦᠪᠰᠢᠨ ᠢ | ᠪᠠᠳᠤᠯᠠᠬᠤ ᠶᠢᠨ ᠲᠦᠯᠦᠭᠡ ᠠᠭᠤᠯᠠᠨ ᠬᠤᠷᠮᠤᠢ ᠠᠴᠠ ᠠᠭᠤᠯᠠᠨ ᠤᠷᠭᠢᠯ ᠬᠦᠷᠳᠡᠯ᠎ᠡ ᠠᠷᠪᠠᠨ ᠰᠠᠭᠤᠷᠢ ᠦᠷᠳᠡᠭᠡᠡ | ᠪᠠᠶᠢᠭᠤᠯᠵᠤ᠂ ᠬᠤᠭᠤᠷᠤᠡᠳᠤ ᠨᠢ ᠠᠭᠤᠯᠠ ᠮᠠᠴᠤᠬᠤ ᠵᠠᠮ ᠵᠠᠰᠠᠬᠰᠠᠨ ᠪᠠᠶᠢᠵᠠᠢ᠃ ᠠᠭᠤᠯᠠᠨ ᠤᠢ ᠳᠤ ᠪᠡᠷᠰ ᠠᠴᠠ | ᠤᠡᠳᠤᠤ ᠬᠡᠬᠡᠷ᠎ᠡ ᠶᠢᠨ ᠠᠷᠢᠶᠠᠳᠠ ᠠᠮᠢᠳᠠᠨ ᠪᠦᠷ ᠪᠠᠶᠢᠨ᠎ᠠ ᠭᠡᠵᠤ ᠵᠤᠭᠠᠴᠠᠯ ᠤᠨ ᠠᠪᠤᠭᠠᠢ ᠲᠠᠨᠢᠯᠴᠠᠭᠤᠯᠵᠤ ᠶᠠᠪᠤᠯ᠎ᠠ᠃ | ᠫᠦᠵᠢ ᠠᠭᠤᠯᠠᠨ ᠤ ᠬᠤᠶᠢᠳᠤ ᠬᠤᠷᠮᠤᠢ ᠳᠤ ᠡᠭᠡᠴᠢ ᠲᠠᠭᠦᠤ ᠲᠠᠪᠤᠨ ᠨᠠᠭᠤᠷ ᠪᠠᠶᠢᠳᠠᠭ᠃ ᠮᠠᠨᠤᠰ | ᠨᠠᠭᠤᠷ ᠤᠨ ᠬᠦᠪᠡᠭᠡ ᠪᠠᠷ ᠠᠯᠬᠤᠯᠬᠤ ᠳᠤ ᠬᠤᠨ ᠭᠠᠯᠠᠭᠤ᠂ ᠤᠷᠠᠨ ᠬᠠᠵᠢᠨ ᠰᠢᠪᠠᠭᠤ ᠬᠢᠭᠡᠤᠨ ᠡᠯᠳᠡᠪ ᠦᠡᠭᠭᠡ ᠤᠨ | ᠵᠢᠭᠠᠰᠤ ᠵᠢᠷᠭᠠᠬᠠᠢ ᠰᠦᠷᠤᠭ᠍ᠯᠠᠨ ᠱᠤᠩᠪᠠᠨ᠎ᠠ᠃ | ᠫᠦᠵᠢ ᠠᠭᠤᠯᠠ ᠪᠤᠯ ᠶᠠᠫᠤᠡᠴᠤᠤᠨ ᠤᠨ ᠰᠢᠳᠤᠯᠭᠡ ᠪᠢᠰᠢᠷᠠᠯ ᠤᠨ ᠠᠭᠤᠯᠠ ᠪᠤᠯᠬᠤᠷ ᠦᠷᠤᠰᠢᠶᠠᠯ ᠢᠪᠡᠭᠡᠯᠳᠤ | ᠤᠷᠤᠨ ᠪᠤᠯᠬᠤ ᠨᠢ ᠵᠠᠶᠢᠯᠠᠰᠢ ᠦᠭᠡᠢ᠃ ᠫᠦᠵᠢ ᠠᠭᠤᠯᠠ ᠶᠢᠨ ᠡᠷᠬᠢᠨ ᠲᠤᠭᠤᠷᠢᠨ ᠳᠤ ᠶᠠᠫᠤᠨ ᠤ ᠪᠦᠬᠦ ᠤᠯᠤᠰ ᠤᠨ | ᠡᠯ᠎ᠡ ᠭᠠᠵᠠᠷ ᠠᠴᠠ ᠡᠷᠬᠢᠯᠡᠭᠰᠡᠨ ᠬᠡᠳᠤᠨ ᠵᠠᠭᠤᠨ ᠰᠠᠬᠢᠭᠤᠯᠰᠤᠨ ᠰᠦᠮ᠎ᠠ ᠲᠠᠢ᠃ ᠶᠠᠫᠤᠨ ᠬᠦᠮᠤᠰ ᠵᠢᠯ ᠪᠦᠷᠢ ᠶᠢᠨ | ᠪᠢᠳᠡᠭᠦᠨ ᠤ ᠦᠳᠠᠰᠢ ᠪᠤᠶᠤ ᠪᠠᠶᠡᠷ ᠲᠤᠷᠠᠰᠬᠠᠯ ᠤᠨ ᠡᠳᠤᠷ ᠰᠠᠬᠢᠭᠤᠯᠰᠤᠨ ᠰᠦᠮ᠎ᠠ ᠳᠤ ᠮᠦᠷᠭᠦᠯ ᠬᠢᠵᠤ᠂ | ᠦᠪᠡᠷ ᠤᠨ ᠪᠠᠶ᠎ᠠ᠂ ᠭᠡᠷ ᠪᠦᠯᠢ᠂ ᠰᠡᠳᠤᠨ ᠲᠦᠷᠤᠯ ᠤᠨ ᠢᠶᠠᠨ ᠡᠷᠡᠭᠦᠯ ᠰᠠᠷᠠᠭᠤᠯ᠂ ᠬᠡᠶᠢᠮᠦᠷᠯᠢᠭ᠂ ᠤᠷᠳᠤ | ᠨᠠᠰᠤᠯᠠᠵᠤ ᠤᠳᠠᠭᠠᠨ ᠵᠢᠷᠭᠠᠬᠤ ᠶᠢᠨ ᠰᠠᠶᠢᠨ ᠰᠠᠶᠢᠬᠠᠨ ᠢ ᠬᠦᠰᠡᠨ ᠲᠠᠭᠠᠤᠠᠬᠠᠳᠠᠭ᠃ | ᠶᠠᠫᠤᠡᠴᠤᠤᠨ ᠤᠨ ᠰᠢᠳᠤᠨ ᠪᠢᠰᠢᠷᠠᠳᠠᠡ ᠰᠦᠵᠢᠭ ᠪᠢᠰᠢᠷᠠᠯᠳᠤ ᠫᠦᠵᠢ ᠠᠭᠤᠯᠠ ᠪᠤᠯ ᠤᠯᠠᠨ ᠤᠳᠠᠭ᠎ᠠ | ᠭᠠᠵᠠᠷ ᠬᠦᠳᠡᠯᠤᠯᠳᠠ ᠶᠢ ᠦᠩᠭᠡᠷᠡᠭᠡᠭᠰᠡᠨ᠂ ᠲᠡᠯᠡᠬᠡᠢ ᠶᠢᠨ ᠬᠠᠮᠤᠭ ᠤᠨ ᠲᠤᠮᠤ ᠭᠠᠯᠳᠤ ᠠᠭᠤᠯᠠ ᠭᠡᠵᠤ ᠬᠡᠯᠡᠬᠦ ᠳᠤ | ᠦᠨᠡᠬᠡᠷ ᠢᠳᠡᠬᠡᠰᠢ ᠦᠭᠡᠢ ᠪᠠᠶᠢᠳᠠᠭ᠂ ᠭᠡᠪᠡᠴᠤ ᠡᠨᠡ ᠨᠢ ᠦᠨᠡᠨ ᠪᠤᠳᠠᠳᠠᠢ ᠤᠴᠢᠷ ᠶᠤᠮ᠃ ᠫᠦᠵᠢ ᠠᠭᠤᠯᠠ 300 | ᠵᠢᠯ ᠤᠨ ᠡᠮᠤᠨ᠎ᠠ ᠨᠢᠭᠡ ᠤᠳᠠᠭ᠎ᠠ ᠲᠡᠯᠪᠡᠷᠡᠵᠤ ᠦᠡᠭᠭᠡᠷᠡᠭᠰᠡᠨ ᠭᠡᠳᠡᠭ᠃ ᠫᠦᠵᠢ ᠠᠭᠤᠯᠠᠠ ᠤᠷᠬᠢᠯ ᠳᠤ 800 | ᠮᠧᠲᠷ ᠦᠷᠭᠡᠨ᠂ 200 ᠮᠧᠲᠷ ᠭᠦᠨ ᠭᠠᠯᠳᠤ ᠠᠭᠤᠯᠠᠠ ᠠᠮᠠ ᠪᠠᠶᠢᠳᠠᠭ᠃ | ᠮᠠᠨ ᠤ ᠪᠦᠯᠬᠦᠮ ᠤᠨ ᠨᠦᠬᠦᠤᠨ ᠮᠤᠩᠭᠤᠯ ᠬᠤᠪᠴᠠᠰᠤ ᠵᠠᠰᠠᠯ ᠢᠶᠠᠷ ᠢᠶᠠᠨ ᠫᠦᠵᠢ ᠠᠭᠤᠯᠠ ᠬᠢᠭᠡᠤᠨ | ᠨᠠᠭᠤᠷ ᠤᠨ ᠡᠮᠤᠨ᠎ᠠ ᠵᠢᠷᠤᠭ ᠲᠤᠷᠠᠰᠬᠠᠯ ᠦᠯᠡᠳᠡᠭᠡᠬᠦ ᠳᠤ ᠫᠦᠵᠢ-- ᠪᠤᠬᠳᠠ ᠠᠭᠤᠯᠠ ᠶᠢᠨ ᠬᠤᠪᠢᠯᠭᠠᠨ | ᠰᠠᠬᠢᠭᠤᠯᠰᠤᠨ ᠴᠤ ᠪᠠᠶᠠᠰᠤᠨ ᠮᠦᠰᠢᠶᠡᠵᠤ ᠪᠠᠶᠢᠬᠤ ᠰᠢᠭ ᠪᠤᠳᠤᠬᠳᠠᠪᠠ᠃ | | ᠭᠤᠷᠪᠠ᠂ ᠰᠠᠺᠦ᠋ᠷᠠ ᠴᠡᠴᠡᠭ | | ᠰᠠᠺᠦ᠋ᠷᠠ ᠴᠡᠴᠡᠭ ᠪᠤᠯ ᠶᠠᠫᠤᠨ ᠤ ᠤᠯᠤᠰ ᠤᠨ ᠰᠦᠯᠳᠠ ᠴᠡᠴᠡᠭ ᠪᠤᠯᠬᠤ ᠪᠠᠷ ᠪᠠᠷᠠᠬᠤ ᠦᠭᠡᠢ᠂ ᠲᠡᠯᠡᠬᠡᠢ ᠳᠤ | ᠬᠤᠪᠤᠷᠬᠠᠨ ᠤᠷᠭᠤᠳᠠᠭ ᠤᠷᠭᠤᠮᠠᠯ ᠶᠤᠮ᠃ ᠰᠢᠨ᠎ᠡ ᠪᠠᠷ ᠪᠤᠶᠢᠵᠢᠭᠤᠯᠤᠬᠰᠠᠨ ᠡᠭᠦᠯᠳᠡᠷ ᠤᠨ ᠰᠠᠺᠦ᠋ᠷᠠ ᠴᠡᠴᠡᠭ ᠤᠨ | ᠲᠦᠷᠤᠯ ᠵᠤᠶᠢᠯ ᠬᠡᠳᠤᠨ ᠵᠠᠭᠤ ᠪᠠᠶᠢᠳᠠᠭ᠃ ᠰᠠᠺᠦ᠋ᠷᠠ ᠴᠡᠴᠡᠭ ᠤᠨ ᠲᠦᠷᠤᠯ ᠵᠤᠶᠢᠯ ᠨᠢ ᠤᠯᠠᠨ ᠪᠤᠯᠬᠤᠷ ᠲᠡᠯᠭᠡᠷᠡᠬᠦ | ᠴᠠᠭ ᠬᠤᠭᠤᠴᠠᠭ᠎ᠠ ᠨᠢ ᠴᠤ ᠠᠳᠠᠯᠢ ᠦᠭᠡᠢ᠃ ᠭᠡᠪᠡᠴᠤ ᠵᠢᠯ ᠪᠦᠷᠢ ᠶᠢᠨ ᠭᠤᠷᠪᠡᠳᠤᠭᠠᠷ ᠰᠠᠷ᠎ᠠ ᠠᠴᠠ ᠡᠬᠢᠯᠠᠨ | ᠨᠠᠮᠤᠷ ᠤᠨ ᠰᠠᠭᠦᠯᠴᠢ ᠪᠤᠯᠳᠠᠯ᠎ᠠ ᠪᠠᠳᠠᠷᠠᠨ ᠲᠡᠯᠭᠡᠷᠳᠡᠭ ᠠᠵᠠᠢ᠃ | ᠰᠠᠺᠦ᠋ᠷᠠ ᠬᠡᠮᠡᠬᠦ ᠦᠭᠡ ᠶᠢᠨ ᠤᠤᠠᠬ᠎ᠠ ᠶᠢᠨ ᠲᠤᠬᠠᠢ ᠪᠠᠰᠠ ᠤᠯᠠᠨ ᠠᠷᠪᠠᠨ ᠦᠯᠢᠭᠡᠷ ᠲᠤᠮᠤᠭ ᠲᠠᠢ᠃ | ᠲᠡᠳᠡᠨᠤᠰ ︿︿ᠲᠡᠭᠷᠢ ᠶᠢᠨ ᠲᠠᠬᠢᠨᠢ ᠪᠤᠯ ᠰᠠᠺᠦ᠋ᠷᠠ ᠴᠡᠴᠡᠭ ᠤᠨ ᠢᠷᠡᠯᠳᠠ﹀﹀᠂ ︿︿ᠰᠠᠺᠦ᠋ᠷᠠ ᠪᠤᠯ ᠲᠠᠪᠤᠨ ᠲᠠᠷᠢᠶᠠᠨ ᠤ | ᠰᠠᠬᠢᠭᠤᠯᠰᠤᠨ﹀﹀ ᠭᠡᠵᠤ ᠠᠳᠠᠯᠢ ᠪᠤᠰᠤ ᠪᠠᠷ ᠲᠠᠶᠢᠯᠪᠤᠷᠢᠯᠠᠵᠤ ᠪᠤᠢ᠃ | ᠶᠠᠫᠤᠨ ᠳᠤ ᠬᠦᠷᠤᠭᠡᠤᠨ ᠰᠠᠺᠦ᠋ᠷᠠ ᠴᠡᠴᠡᠭ ᠢ ᠰᠤᠨᠢᠷᠬᠠᠬᠤ ᠦᠭᠡᠢ ᠪᠤᠯ ᠮᠦᠡᠴᠤ ᠬᠠᠷᠠᠮᠰᠠᠯᠳᠠᠢ ᠤᠴᠢᠷ | ᠪᠤᠯᠬᠤ ᠶᠤᠮ᠃ | ᠮᠠᠨᠤᠰ ᠲᠤᠰᠬᠠᠶᠢᠯᠠᠨ ᠶᠠᠫᠤᠨ ᠤ ᠤᠯᠤᠰ ᠤᠨ ᠨᠠᠶᠢᠰᠯᠠᠯ - ᠲᠤᠤᠺᠢᠤ᠋ ᠬᠤᠳᠠ ᠶᠢᠨ ᠤᠯᠤᠰ ᠠᠷᠠᠤᠨ ᠤᠨ | ᠴᠡᠴᠡᠷᠯᠢᠭ ᠲᠤ ᠤᠷᠤᠵᠤ ᠰᠠᠺᠦ᠋ᠷᠠ ᠴᠡᠴᠡᠭ ᠢ ᠰᠤᠨᠢᠷᠬᠠᠵᠤ ᠵᠢᠷᠤᠭ ᠰᠡᠭᠦᠳᠡᠷ ᠠᠪᠤᠪᠠ᠃ ᠲᠤᠤᠺᠢᠤ᠋ ᠪᠤᠯ | ᠲᠡᠯᠡᠭᠡᠢ ᠶᠢᠨ ᠬᠤᠶᠡᠳᠤᠭᠠᠷ ᠶᠡᠭᠡ ᠬᠤᠳᠠ ᠪᠤᠯᠬᠤ ᠶᠤᠮ᠃ ᠲᠤᠤᠺᠢᠤ᠋ ᠭᠡᠳᠡᠭ ᠨᠢ ᠵᠠᠭᠦᠨ ᠤᠷᠳᠤᠨ ᠬᠠᠷᠰᠢ᠂ ᠵᠡᠭᠦᠨ | ᠨᠠᠶᠢᠰᠯᠠᠯ ᠬᠡᠭᠦ ᠤᠤᠠᠬ᠎ᠠ ᠲᠠᠢ ᠪᠤᠯᠬᠤᠷ ᠬᠢᠳᠠᠤᠨ ᠬᠦᠮᠤᠰ ᠰᠢᠭᠤᠤᠨ ᠳ᠋ᠦᠡᠭᠵᠢᠩ ᠭᠡᠵᠤ ᠨᠠᠷᠡᠯᠡᠳᠡᠭ᠃ | ᠴᠡᠴᠡᠷᠯᠢᠭ ᠲᠤ ᠤᠯᠠᠭᠠᠨ᠂ ᠴᠠᠭᠠᠨ᠂ ᠬᠤᠨᠳᠠᠨ ᠦᠡᠭᠬᠡ ᠶᠢᠨ ᠲᠠᠯᠠᠭᠠᠤᠨ ᠲᠦᠷᠤᠯ ᠤᠨ1500 ᠰᠠᠭᠤᠷᠢ ᠰᠠᠺᠦ᠋ᠷᠠ | ᠴᠡᠴᠡᠭ ᠤᠨ ᠮᠤᠳᠤ ᠪᠠᠶᠢᠨ᠎ᠠ᠃ | ᠤᠯᠠᠨ ᠦᠡᠭᠬᠡ ᠶᠢᠨ ᠰᠠᠺᠦ᠋ᠷᠠ ᠴᠡᠴᠡᠭ ᠤᠳ ᠲᠡᠯᠡᠬᠡᠢ ᠶᠢᠨ ᠡᠯ᠎ᠡ ᠭᠠᠵᠠᠷ ᠠᠴᠠ ᠢᠷᠡᠭᠰᠡᠨ ᠲᠤᠭᠤᠷᠢᠨ | ᠵᠤᠭᠠᠴᠠᠬᠰᠠᠤᠨ ᠢ ᠤᠬᠳᠤᠵᠤ ᠪᠠᠶᠢᠭ᠎ᠠ ᠮᠡᠳᠤ ᠲᠠᠯᠪᠢ ᠪᠠᠨ ᠲᠠᠯᠭᠡᠵᠤ ᠦᠡᠭᠭᠡ ᠪᠤᠯᠢᠶᠠᠯᠳᠤᠨ ᠪᠠᠳᠠᠷᠠᠨ ᠲᠡᠯᠭᠡᠷᠡᠵᠤ | ᠪᠠᠶᠢᠯᠤᠭ᠎ᠠ᠃ | ᠶᠠᠫᠤᠡᠴᠤᠤᠨ ᠤᠶᠠᠬᠠᠨ ᠬᠠᠪᠤᠷ ᠭᠡᠭᠰᠡᠭᠡᠷ ᠯᠡ ᠰᠡᠺᠦ᠋ᠷᠠ ᠴᠡᠴᠡᠭ ᠢ ᠲᠤᠷᠠᠰᠴᠤ᠂ ᠬᠤᠸᠡᠷ ᠴᠡᠴᠡᠭ ᠭᠡᠭᠰᠡᠭᠡᠷ | ᠯᠠ ᠰᠠᠺᠦ᠋ᠷᠠ ᠴᠡᠴᠡᠭ ᠢ ᠮᠠᠬᠳᠠᠳᠠᠭ᠃ ᠶᠠᠫᠤᠡᠴᠤᠤᠨ ᠦᠷ᠎ᠡ ᠬᠡᠤᠬᠡᠤᠨ ᠤᠨ ᠢᠶᠠᠨ ᠦᠭᠡᠳᠡ ᠡᠰᠡᠷᠡᠭ ᠢ ᠰᠠᠺᠦ᠋ᠷᠠ | ᠴᠡᠴᠡᠭ ᠲᠠᠢ ᠬᠤᠯᠪᠤᠨ ᠪᠤᠳᠤᠵᠤ᠂ ᠤᠯᠤᠰ ᠦᠡᠳᠤᠰᠤᠳᠡᠨ ᠤ ᠪᠠᠨ ᠬᠦᠭᠵᠢᠯ ᠮᠠᠠᠳᠤᠯ ᠢ ᠴᠤ ᠰᠠᠺᠦᠷᠠ ᠴᠡᠴᠡᠭ ᠪᠠᠷ | ᠪᠡᠯᠭᠡᠳᠡᠳᠡᠭ᠃ ᠬᠠᠪᠤᠷ ᠪᠤᠯᠤᠮᠠᠬᠴᠠ ᠰᠠᠺᠦ᠋ᠷᠠ ᠴᠡᠴᠡᠭ ᠶᠠᠫᠤᠨ ᠤᠯᠤᠰ ᠤᠨ ᠬᠤᠳᠠ ᠵᠡᠭᠡᠯᠢ᠂ ᠴᠡᠴᠡᠷᠯᠢᠭ | ᠵᠤᠭᠠᠴᠠᠯ ᠤᠨ ᠭᠠᠵᠠᠷ ᠵᠤᠮᠠᠭ ᠵᠤᠮᠠᠭ ᠮᠦᠰᠢᠶᠠᠨ ᠲᠡᠯᠭᠡᠷᠡᠵᠤ᠂ ᠶᠠᠫᠤᠡᠴᠤᠤᠨ ᠲᠤ ᠬᠢᠵᠠᠭᠠᠯᠠᠰᠢ ᠦᠭᠡᠢ ᠪᠠᠶᠡᠷ ᠴᠡᠩᠬᠡᠯ | ᠠᠪᠴᠢᠷᠠᠳᠠᠭ᠃ ᠲᠡᠳᠡᠨᠤᠰ ᠭᠡᠷ ᠡᠷᠤᠬᠡ ᠪᠠᠷ ᠢᠶᠠᠨ ᠰᠡᠺᠦ᠋ᠷᠠ ᠴᠡᠴᠡᠭ ᠤᠨ ᠲᠤᠤᠷ᠎ᠠ ᠨᠠᠶᠢᠷᠯᠠᠨ ᠰᠠᠭᠤᠵᠤ᠂ ᠠᠷᠢᠬᠢ | ᠲᠠᠷᠠᠰᠤ ᠤᠤᠭᠤᠨ᠂ ᠠᠶᠠᠰ ᠤᠨ ᠰᠠᠯᠬᠢᠨ ᠤ ᠳᠤᠮᠳᠠ ᠬᠠᠮᠳᠤ ᠪᠠᠷ ᠨᠠᠶᠢᠷᠠᠯᠳᠤᠨ ᠰᠠᠺᠦ᠋ᠷᠠ ᠴᠡᠴᠡᠭ ᠪᠠᠨ ᠰᠢᠯᠦᠭᠯᠡᠨ | ᠲᠠᠭᠤᠯᠠᠵᠤ᠂ ᠵᠠᠷᠢᠮ ᠭᠠᠵᠠᠷ ᠨᠢ ᠪᠠᠰᠠ ᠰᠠᠺᠦ᠋ᠷᠠ ᠴᠡᠴᠡᠭ ᠤᠨ ᠨᠠᠶᠢᠷ ᠬᠢᠳᠡᠭ ᠵᠡᠩᠰᠢᠯ ᠲᠠᠢ᠃ | ᠰᠠᠺᠦ᠋ᠷᠠ ᠴᠡᠴᠡᠭ ᠤᠨ ᠶᠠᠩᠵᠤ ᠬᠡᠯᠪᠡᠷᠢ ᠨᠢ ᠮᠠᠨ ᠤ ᠨᠤᠳᠤᠭ ᠤᠨ ᠭᠦᠢᠯᠡᠰᠤᠨ ᠴᠡᠴᠡᠭ ᠲᠠᠢ ᠠᠳᠠᠯᠢᠪᠳᠤᠷ | ᠪᠠᠶᠢᠳᠠᠭ᠃ ᠶᠠᠫᠤᠨ ᠬᠦᠮᠤᠰ ᠠᠯᠢ ᠡᠷᠳᠡ ᠠᠴᠠ ᠭᠦᠢᠯᠡᠰᠤᠨ ᠴᠡᠴᠡᠭ ᠢ ᠴᠤ ᠪᠠᠭ᠋ᠠᠳᠤᠨ ᠰᠤᠨᠢᠷᠬᠠᠵᠤ᠂ ᠰᠢᠯᠦᠭᠯᠡᠨ | ᠤᠶᠡᠩᠭᠠᠯᠡᠵᠤ ᠢᠷᠡᠭᠰᠡᠨ ᠲᠡᠤᠬᠡ ᠲᠠᠢ᠃ ᠶᠠᠫᠤᠨ ᠤ ᠡᠷᠳᠡᠨ ᠤ ︿︿ᠲᠦᠮᠡᠨ ᠨᠠᠪᠴᠢᠰ ᠤᠨ ᠴᠢᠭᠤᠯᠭᠠᠨ﹀﹀ | ᠰᠢᠯᠦᠭ ᠤᠨ ᠲᠡᠭᠦᠪᠦᠷᠢ ᠳᠤ ᠰᠠᠺᠦ᠋ᠷᠠ ᠴᠡᠴᠡᠭ ᠤᠨ ᠲᠤᠬᠠᠢ ᠤᠶᠡᠩᠭᠠᠯᠠᠭᠰᠠᠨ ᠰᠢᠯᠦᠭ ᠲᠦᠴᠢᠭᠡᠤᠨ ᠪᠠᠳᠠᠭ᠂ | ᠭᠦᠢᠯᠡᠰᠤᠨ ᠴᠡᠴᠡᠭ ᠤᠨ ᠲᠤᠬᠠᠢ ᠵᠠᠭᠤ ᠢᠯᠡᠭᠦᠤ ᠪᠠᠳᠠᠭ ᠪᠠᠶᠢᠵᠤ᠂ ᠭᠦᠢᠯᠡᠰᠤᠨ ᠴᠡᠴᠡᠭ ᠨᠢ ᠶᠠᠫᠤᠡᠴᠤᠤᠨ ᠤᠨ | ᠲᠤᠷ᠎ᠠ ᠶᠢ ᠲᠠᠳᠠᠬᠰᠠᠨ ᠤᠶᠡᠩᠭ᠎ᠠ ᠲᠠᠭᠤᠯᠠᠯ ᠤᠨ ᠰᠠᠬᠢᠭᠤᠯᠰᠤᠨ ᠴᠡᠴᠡᠭ ᠪᠠᠶᠢᠬᠰᠠᠨ ᠠᠵᠠᠢ᠃ | ᠮᠠᠨᠤᠰ ᠰᠠᠺᠦ᠋ᠷᠠ ᠴᠡᠴᠡᠭ ᠤᠨ ᠡᠶᠡᠪᠡᠷᠡᠭᠦᠤ ᠰᠠᠶᠢᠬᠠᠨ ᠦᠡᠭᠬᠡ ᠦᠵᠡᠮᠵᠢ ᠳᠤ ᠲᠠᠳᠠᠬᠳᠠᠵᠤ᠂ ᠠᠩᠭᠢᠯᠤᠮ᠎ᠠ | ᠰᠠᠶᠢᠬᠠᠨ ᠦᠨᠤᠷ ᠲᠤ ᠨᠢ ᠰᠤᠬᠳᠤᠭᠤᠷᠠᠵᠤ ᠶᠠᠪᠤᠯ᠎ᠠ᠃ | ᠰᠠᠺᠦ᠋ᠷᠠ ᠴᠡᠴᠡᠭ ᠤᠨ ᠬᠦᠷᠢᠶᠡᠯᠡᠩ ᠳᠤ ᠲᠤᠭᠤᠷᠢᠨ ᠵᠤᠭᠠᠴᠠᠬᠰᠠᠤᠨ ᠰᠦᠯᠵᠢᠯᠳᠤᠨ ᠵᠢᠷᠤᠭ ᠰᠡᠭᠦᠳᠡᠷ | ᠠᠪᠬᠤ ᠨᠢ ᠴᠡᠴᠡᠭ ᠤᠨ ᠲᠤᠮᠳᠠᠭᠤᠷ ᠰᠦᠯᠵᠢᠯᠳᠤᠬᠦ ᠪᠠᠯᠳᠤ ᠵᠦᠭᠡᠢ ᠠᠳᠠᠯᠢ᠃ | ᠤᠯᠠᠭᠠᠨ ᠨᠤᠭᠤᠭᠠᠨ ᠰᠢᠷ᠎ᠠ ᠦᠡᠭᠭᠡ ᠶᠢᠨ ᠠᠯᠴᠢᠭᠤᠷ ᠢᠶᠠᠷ ᠲᠤᠯᠤᠭᠠᠢ ᠪᠠᠨ ᠤᠷᠢᠶᠠᠬᠰᠠᠨ ᠡᠨᠡᠤᠡᠬᠡᠭ᠂ ᠠᠷᠠᠪ ᠤᠨ | ᠠᠯᠢᠶ᠎ᠠ ᠲᠡᠭᠵᠢᠨ ᠭᠤᠶᠤ ᠬᠡᠤᠬᠡᠨᠴᠤᠤᠨᠰᠠᠺᠦ᠋ᠷᠠ ᠴᠡᠴᠡᠭ ᠤᠨ ᠮᠤᠳᠤᠨ ᠲᠤᠮᠳᠠᠭᠤᠷ ᠢᠨᠢᠶᠠᠯᠳᠤᠨ ᠢᠯᠡᠷᠡᠬᠦ ᠨᠢ | ᠵᠢᠷᠤᠭ ᠤᠨ ᠲᠡᠬᠢᠨᠢ ᠮᠡᠳᠤ ᠬᠠᠷᠠᠬᠳᠠᠨ ᠵᠤᠭᠠᠴᠠᠬᠰᠠᠤᠨ ᠤᠨ ᠨᠢᠳᠤ ᠶᠢ ᠬᠤᠵᠢᠷᠯᠠᠨ᠎ᠠ᠃ ᠮᠠᠨᠤᠰ ᠭᠠᠷ ᠳᠠᠯᠠᠯᠤᠨ | ᠲᠡᠳᠡᠭᠡᠷ ᠬᠡᠤᠬᠡᠨᠴᠤᠤᠨ ᠲᠠᠢ ᠵᠢᠷᠤᠭ ᠠᠪᠴᠤ ᠲᠤᠷᠠᠰᠬᠠᠯ ᠦᠯᠡᠳᠡᠭᠡᠪᠡ᠃᠃᠃ | ᠶᠠᠫᠤᠨ ᠬᠦᠮᠤᠰ ᠤᠯᠤᠰ ᠤᠨ ᠰᠦᠯᠳᠠ ᠰᠠᠺᠦ᠋ᠷᠠ ᠴᠡᠴᠡᠭ ᠪᠠᠨ ᠪᠠᠭ᠋ᠠᠷᠤᠨ ᠬᠠᠶᠢᠷᠠᠯᠠᠵᠤ᠂ ︿︿ᠰᠠᠺᠦᠷᠠ | ᠵᠤᠯᠭᠠᠷᠠᠳᠠᠭ᠂ ᠵᠤᠯᠭᠠᠷᠠᠭᠠᠳᠤᠢ ᠰᠠᠺᠦ᠋ᠷᠠ ᠴᠤ᠂ ᠵᠤᠯᠭᠠᠷᠠᠳᠠᠭ ᠰᠠᠺᠦ᠋ᠷᠠ﹀﹀᠂ ︿︿ᠴᠡᠴᠡᠭ ᠪᠤᠯ ᠰᠠᠺᠦ᠋ᠷᠠ ᠶᠢᠨ | ᠮᠤᠳᠤᠨ ᠳᠤ ᠲᠡᠯᠭᠡᠷᠡᠳᠡᠭ᠂ ᠵᠠᠩᠵᠤᠨ ᠪᠤᠯ ᠰᠠᠮᠦ᠋ᠷᠢ ᠶᠢᠨ ᠭᠡᠷ ᠲᠤ ᠲᠦᠷᠤᠳᠡᠭ﹀﹀᠂ ︿︿ᠰᠠᠺᠦᠷᠠ ᠵᠤᠯᠭᠠᠷᠠᠳᠠᠭ᠂ | ᠬᠦᠮᠤᠨ ᠰᠠᠯᠤᠯᠴᠠᠳᠠᠭ﹀﹀ ᠭᠡᠵᠤ ︿︿ᠴᠡᠴᠡᠭ ᠲᠤᠷ ᠵᠠᠭᠤᠨ ᠡᠳᠤᠷ ᠤᠨ ᠤᠯᠠᠭᠠᠨ ᠦᠭᠡᠢ﹀﹀ ᠬᠡᠮᠡᠨ ᠬᠠᠷᠠᠮᠰᠠᠨ | ᠰᠢᠯᠦᠭᠯᠡᠳᠡᠭ᠃ | ᠶᠠᠫᠤᠨ ᠬᠦᠮᠤᠰ ᠰᠠᠺᠦ᠋ᠷᠠ ᠴᠡᠴᠡᠭ ᠢᠶᠠᠷ ᠢᠳᠡᠭᠡᠨ ᠤ ᠲᠡᠭᠡᠵᠢ ᠪᠤᠯᠭᠠᠨ ᠬᠡᠷᠡᠭᠯᠡᠵᠦ᠂ ᠨᠢᠳᠤ ᠬᠤᠵᠢᠷᠯᠠᠵᠤ | ᠰᠡᠤᠡᠬᠢᠯ ᠪᠠᠶᠠᠰᠬᠠᠬᠤ ᠪᠠᠷ ᠪᠠᠷᠠᠬᠤ ᠦᠭᠡᠢ ᠪᠠᠰᠠ ᠰᠠᠺᠦ᠋ᠷᠠ ᠴᠡᠴᠡᠭ ᠤᠨ ᠠᠩᠭᠢᠯᠤᠮ᠎ᠠ ᠦᠨᠤᠷ ᠢ ᠠᠰᠢᠬᠯᠠᠨ ᠤᠰᠤᠨ | ᠤᠡᠭᠭᠤᠴᠠ ᠱᠠᠯᠠ ᠳᠠᠭᠠᠨ ᠬᠢᠬᠦ᠂ ᠪᠡᠶ᠎ᠡ ᠤᠬᠢᠶᠠᠬᠤ ᠭᠠᠵᠠᠷ᠂ ᠠᠷᠢᠬᠢ᠂ ᠴᠠᠢ᠂ ᠵᠠᠰᠠᠯ ᠭᠤᠶᠤᠯᠠᠯ ᠤᠨ ᠡᠳ᠋ ᠲᠤ | ᠦᠷᠭᠡᠨ ᠬᠡᠷᠡᠭᠯᠡᠵᠦ ᠪᠠᠶᠢᠨ᠎ᠠ᠃ | ᠰᠠᠺᠦ᠋ᠷᠠ ᠴᠡᠴᠡᠭ ᠭᠤᠶᠤ ᠠᠴᠠ ᠭᠤᠶᠤ᠃ | ᠰᠠᠺᠦ᠋ᠷᠠ ᠴᠡᠴᠡᠭ ᠬᠤᠷᠤᠮᠬᠠᠨ ᠵᠠᠭᠤᠷ᠎ᠠ ᠶᠢᠨ ᠬᠤᠭᠤᠷᠤᠡᠳᠤ ᠲᠡᠯᠭᠡᠷᠡᠵᠤ᠂ | ᠬᠤᠷᠤᠮᠬᠠᠨ ᠵᠠᠭᠤᠷ᠎ᠠ ᠶᠢᠨ ᠬᠤᠭᠤᠷᠤᠡᠳᠤ ᠵᠤᠯᠭᠠᠷᠠᠳᠠᠭ ᠨᠢ ᠲᠠᠩᠴᠤ ᠬᠠᠷᠠᠮᠰᠠᠯᠳᠠᠢ᠃ | | ᠲᠦᠷᠪᠠ᠂ ᠤᠷᠳᠤ ᠨᠠᠰᠤᠳᠠᠨ ᠤ ᠲᠤᠰᠬᠤᠨ | | ᠡᠮᠤᠨ᠎ᠠ ᠬᠡᠳᠤᠨ ᠵᠢᠯ ᠭᠤᠸᠡᠩᠰᠢ ᠮᠤᠵᠢ ᠶᠢᠨ ᠪᠠ ᠮᠠ ᠤᠷᠳᠤ ᠨᠠᠰᠤᠳᠠᠨ ᠤ ᠲᠤᠰᠬᠤᠨ ᠳᠤ ᠬᠦᠷᠴᠤ | ᠦᠡᠭᠭᠡᠷᠡᠭᠰᠡᠨ ᠪᠢᠯᠨ᠃ ᠡᠨᠡ ᠤᠳᠠᠭ᠎ᠠ ᠶᠠᠫᠤᠨ ᠤ ᠤᠷᠳᠤ ᠨᠠᠰᠤᠳᠠᠨ ᠤ ᠲᠤᠰᠬᠤᠨ ᠳᠤ ᠬᠦᠷᠴᠤ ᠰᠤᠨᠢᠷᠬᠠᠨ | ᠲᠤᠭᠤᠷᠢᠪᠠ᠃ ᠲᠤᠰ ᠲᠤᠰᠬᠤᠨ ᠤ ᠬᠦᠮᠤᠰ ᠲᠡᠭᠰᠢᠤᠡᠬᠡᠭᠡᠤᠨ ᠪᠦᠷ ᠵᠠᠭᠤᠨ ᠨᠠᠰᠤ ᠲᠠᠪᠠᠵᠤ ᠪᠠᠶᠢᠨ᠎ᠠ ᠭᠡᠵᠤ | ᠲᠠᠨᠢᠯᠴᠠᠭᠤᠯᠵᠤ ᠪᠠᠶᠢᠪᠠ᠃ | ᠤᠷᠳᠤ ᠨᠠᠰᠤᠳᠠᠨ ᠤ ᠲᠤᠰᠬᠤᠨ ᠨᠢ ᠠᠭᠤᠯᠠ ᠶᠢ ᠲᠦᠰᠢᠨ ᠪᠠᠶᠢᠷᠢᠰᠢᠵᠤ᠂ ᠲᠤᠰᠬᠤᠨ ᠤ ᠲᠤᠮᠳᠠᠭᠤᠷ | ᠲᠤᠩᠭᠠᠯᠠᠭ ᠤᠷᠤᠰᠬᠠᠯᠳᠤ ᠭᠤᠤᠯ ᠮᠤᠷᠤᠯᠵᠠᠨ ᠤᠷᠤᠰᠤᠨ᠎ᠠ᠃ ᠭᠤᠤᠯ ᠤᠨ ᠤᠰᠤᠨ ᠳᠤ ᠬᠡᠳᠤᠨ ᠵᠢᠩ ᠤᠨ | ᠪᠦᠳᠤᠭᠦᠨ ᠵᠢᠭᠠᠰᠤ ᠰᠦᠷᠤᠭ᠍ᠯᠡᠨ ᠱᠤᠩᠪᠡᠨᠡ᠃ ᠶᠠᠫᠤᠨ ᠬᠦᠮᠤᠰ ᠭᠤᠤᠯ ᠭᠤᠷᠤᠬ᠎ᠠ᠂ ᠲᠤᠨᠤᠮᠠᠯ ᠨᠠᠭᠤᠷ ᠤᠨ | ᠵᠢᠭᠠᠰᠤ ᠵᠢᠷᠭᠠᠬᠠᠢ ᠬᠡᠵᠢᠶᠡᠳᠡ ᠢᠳᠡᠬᠦ ᠦᠭᠡᠢ᠃ ᠭᠦᠨ ᠲᠠᠯᠠᠢ ᠶᠢᠨ ᠵᠢᠭᠠᠰᠤ ᠦᠨᠤᠷ ᠠᠮᠳᠠ ᠲᠠᠢ ᠪᠦᠭᠡᠤᠨ ᠰᠢᠮ᠎ᠡ | ᠲᠠᠵᠢᠭᠡᠯ ᠦᠡᠳᠤᠷ ᠪᠤᠯᠬᠤᠷ ᠭᠠᠭᠴᠠᠬᠦ ᠭᠦᠨ ᠲᠠᠯᠠᠢ ᠶᠢᠨ ᠵᠢᠭᠠᠰᠤ ᠵᠢᠷᠭᠠᠬᠠᠢ ᠶᠢ ᠢᠳᠡᠳᠡᠭ᠃ ᠠᠭᠤᠯᠠᠠ | ᠲᠤᠰᠬᠤᠨ ᠤ ᠪᠠᠶᠢᠷᠢᠰᠢᠯ ᠨᠢ ᠦᠯᠢᠭᠡᠷ ᠲᠡᠤᠬᠡᠨ ᠳᠤ ᠭᠠᠷᠳᠠᠭ ᠠᠷᠰᠢ ᠬᠤᠪᠢᠯᠭᠠᠨ ᠤ ᠤᠷᠤᠨ ᠮᠡᠳᠤ ᠤᠷᠴᠢᠨ ᠠᠬᠤᠢ | ᠂ ᠠᠭᠤᠷ ᠠᠮᠢᠰᠬᠤᠯ ᠬᠤᠪᠢ ᠶᠢᠨ ᠭᠠᠳᠠᠨ᠎ᠠ ᠭᠤᠶᠤ ᠰᠠᠶᠢᠬᠠᠨ ᠪᠠᠶᠢᠯᠤᠭ᠎ᠠ᠃ | ᠮᠠᠨᠤᠰ ᠲᠤᠰᠬᠤᠨ ᠤ ᠲᠤᠮᠳᠠ ᠤᠷᠬᠢᠯᠤᠨ ᠤᠷᠤᠰᠬᠤ ᠪᠠᠶᠢᠭᠠᠯᠢ ᠶᠢᠨ ᠤᠷᠳᠤ ᠨᠠᠰᠤᠯᠠᠬᠤ ᠷᠠᠰᠢᠶᠠᠨ | ᠪᠤᠯᠠᠭ ᠤᠨ ᠤᠰᠤ ᠶᠢ ᠬᠦᠮᠤᠨ ᠪᠦᠬᠦᠨ ᠭᠤᠷᠪᠠᠨ ᠠᠶᠠᠭ᠎ᠠ ᠤᠤᠭᠤᠵᠤ᠂ ᠤᠷᠳᠤ ᠨᠠᠰᠤᠯᠠᠨ ᠤᠳᠠᠭᠠᠨ ᠵᠢᠷᠭᠠᠬᠤ | ᠬᠦᠰᠡᠯ ᠢᠶᠠᠨ ᠢᠯᠡᠤᠡᠬᠡᠪᠡ᠃ | ᠡᠨᠡ ᠲᠤᠰᠬᠤᠨ ᠤ ᠠᠷᠠᠤᠨ ᠡᠶᠢᠮᠤ ᠰᠠᠶᠢᠬᠠᠨ ᠤᠷᠴᠢᠨ ᠠᠬᠤᠢ ᠳᠤ ᠠᠮᠢᠳᠤᠷᠠᠵᠤ ᠪᠠᠶᠢᠭ᠎ᠠ ᠪᠤᠯᠬᠤᠷ | ᠵᠤᠭᠠᠴᠠᠯ ᠤᠨ ᠠᠪᠠᠭ᠋ᠠᠢ ᠶᠢᠨ ᠶᠠᠷᠢᠳᠠᠭ ᠰᠢᠭ᠋ ᠵᠠᠭᠤᠨ ᠨᠠᠰᠤᠯᠠᠬᠤ ᠨᠢ ᠶᠠᠷᠢᠶᠠᠨ ᠦᠭᠡᠢ ᠠᠵᠠᠢ᠃ ᠶᠠᠫᠤᠨ ᠬᠦᠮᠤᠰ | ᠬᠡᠳᠤᠶᠢᠪᠡᠷ 60 ᠨᠠᠰᠤ ᠬᠦᠷᠤᠭᠡᠤᠨ ᠠᠵᠢᠯ ᠠᠴᠠ ᠪᠠᠨ ᠠᠮᠠᠷᠠᠳᠠᠭ ᠪᠤᠯᠪᠠᠴᠤ ᠰᠤᠯᠠ ᠰᠡᠯᠡᠭᠦᠤ ᠰᠠᠭᠤᠳᠠᠭ ᠦᠭᠡᠢ᠂ | ᠦᠷᠭᠦᠯᠵᠢᠯᠡᠨ ᠤᠷᠢᠬᠳᠠᠨ ᠠᠵᠢᠯᠯᠠᠬᠤ ᠪᠤᠶᠤ ᠡᠯ᠎ᠡ ᠠᠵᠢᠯ ᠲᠦᠷᠤᠯ ᠤᠨ ᠺᠤᠮᠫᠡᠨᠢ ᠳᠤ ᠪᠡᠶ᠎ᠡ ᠳᠡᠭᠡᠨ ᠲᠤᠬᠢᠷᠠᠬᠰᠠᠨ | ᠠᠵᠢᠯ ᠬᠢᠳᠡᠭ᠃ ᠲᠡᠳᠠᠨᠤᠰ 60 ᠨᠠᠰᠤ ᠶᠢ ᠰᠠᠶ᠋ᠢ ᠡᠬᠢᠯᠡᠯᠳᠠ ᠪᠠᠷ ᠦᠵᠡᠵᠤ᠂ 60 ᠨᠠᠰᠤᠨ ᠠᠴᠠ 120 | ᠨᠠᠰᠤᠨ ᠤ ᠬᠤᠭᠤᠷᠤᠡᠳᠤᠬᠢ ᠨᠠᠰᠤᠨ ᠬᠤᠳᠤᠭ ᠢ ︿︿ᠲᠤᠤᠷ᠎ᠠ ᠨᠠᠰᠤᠨ ᠬᠤᠳᠤᠭ﹀﹀᠂ ︿︿ᠲᠤᠮᠳᠠ ᠨᠠᠰᠤᠨ ᠬᠤᠳᠤᠭ | ﹀﹀᠂ ︿︿ᠦᠡᠳᠤᠷ ᠨᠠᠰᠤᠨ ᠬᠤᠳᠤᠭ﹀﹀ ᠭᠡᠵᠤ ᠬᠤᠪᠢᠶᠠᠵᠤ᠂ ᠲᠤᠤᠷ᠎ᠠ ᠨᠠᠰᠤᠨ ᠬᠤᠳᠤᠭ ᠲᠤ 60 -- 80 | ᠨᠠᠰᠤᠨ ᠤ ᠬᠦᠮᠤᠰ ᠪᠠᠭᠳᠠᠵᠤ᠂ ᠲᠤᠮᠳᠠ ᠨᠠᠰᠤᠨ ᠬᠤᠳᠤᠭ ᠲᠤ 80-- 100 ᠨᠠᠰᠤᠨ ᠤ ᠬᠦᠮᠤᠰ ᠪᠠᠭᠳᠠᠵᠤ᠂ | ᠦᠡᠳᠤᠷ ᠨᠠᠰᠤᠨ ᠬᠤᠳᠤᠭ ᠲᠤ 100--120 ᠨᠠᠰᠤᠨ ᠤ ᠬᠦᠮᠤᠰ ᠪᠠᠨᠬᠳᠠᠵᠤ ᠪᠠᠶᠢᠳᠠᠭ᠃ ᠶᠠᠫᠤᠨ ᠬᠦᠮᠤᠰ | ᠤᠯᠠᠨ ᠨᠠᠶᠢᠳᠠ ᠶᠢᠨ ᠭᠠᠵᠠᠷ ᠴᠡᠪᠡᠷ ᠴᠡᠮᠴᠡᠭᠡᠷ ᠶᠠᠪᠤᠵᠤ᠂ ᠡᠳᠤᠷ ᠪᠦᠷᠢ ᠬᠤᠪᠴᠠᠰᠤ ᠪᠠᠨ ᠤᠬᠢᠶᠠᠨ ᠰᠤᠯᠢᠵᠤ᠂ | ᠵᠠᠯᠠᠭᠤ ᠤᠪᠤᠷ ᠲᠠᠢ ᠶᠠᠪᠤᠵᠤ ᠪᠤᠰᠤᠤᠨ ᠬᠦᠮᠤᠰ ᠨᠠᠰᠤ ᠵᠢᠯ ᠢ ᠨᠢ ᠠᠰᠠᠭᠤᠬᠤ ᠳᠤ ᠲᠤᠷ᠎ᠠ ᠦᠭᠡᠢ᠃ ᠲᠡᠳᠡᠨᠤᠰ ᠲᠤ | ᠨᠠᠰᠤ ᠵᠢᠯ᠂ ᠴᠠᠯᠢᠩ ᠬᠦᠯᠤᠰᠤ ᠨᠢ ᠬᠠᠮᠤᠭ ᠤᠨ ᠨᠢᠭᠤᠴᠠ ᠪᠠᠶᠢᠳᠠᠭ᠃ | ᠶᠠᠫᠤᠨ ᠬᠦᠮᠤᠰ ᠤᠨ ᠤᠷᠳᠤ ᠨᠠᠰᠤᠯᠠᠵᠤ ᠪᠠᠶᠢᠭ᠎ᠠ ᠨᠢ ᠭᠤᠤᠯᠳᠠᠭᠤ ᠤᠯᠤᠰ ᠤᠷᠤᠨ ᠤ ᠠᠵᠤ ᠠᠬᠤᠢ᠂ | ᠰᠤᠶᠤᠯ ᠪᠤᠯᠪᠠᠰᠤᠷᠠᠯ᠂ ᠡᠮ ᠡᠮᠨᠡᠯᠭᠡ ᠶᠢᠨ ᠨᠦᠭᠦᠴᠠᠯ ᠲᠡᠯᠡᠬᠡᠢ ᠶᠢᠨ ᠨᠢᠭᠡᠳᠤᠭᠡᠷ ᠲᠤ ᠵᠢᠬᠠᠰᠠᠭᠠᠵᠤ ᠪᠠᠶᠢᠬᠤ ᠲᠠᠢ | ᠰᠢᠭᠤᠤᠨ ᠬᠤᠯᠪᠤᠭ᠎ᠠ ᠲᠠᠢ᠃ ᠲᠠᠷᠠᠭ᠎ᠠ ᠨᠢ ᠶᠠᠫᠤᠨ ᠤ ᠬᠦᠮᠤᠨ ᠠᠷᠠᠤᠨ ᠤᠨ ᠪᠤᠯᠪᠠᠰᠤᠷᠠᠯ ᠦᠡᠳᠤᠷ᠂ ᠪᠦᠬᠦ ᠤᠯᠤᠰ | ᠪᠠᠷ ᠢᠶᠠᠨ ᠠᠷᠢᠭᠤᠨ ᠴᠡᠪᠡᠷ᠂ ᠪᠤᠯᠪᠠᠰᠤᠨ᠃ ᠠᠮᠤ ᠪᠤᠳᠠᠭ᠎ᠠ᠂ ᠭᠤᠸ᠎ᠠ ᠵᠢᠮᠢᠰ ᠤᠨ ᠵᠤᠶᠢᠯ ᠳᠤ ᠬᠢᠮᠢ ᠶᠢᠨ | ᠪᠤᠷᠳᠤᠭᠤᠷ᠂ ᠡᠮ ᠬᠡᠷᠡᠭᠯᠡᠳᠡᠭ ᠦᠬᠡᠢ᠂ ᠠᠭᠠᠷ᠂ ᠤᠷᠴᠢᠨ ᠨᠢ ᠪᠤᠵᠡᠷᠳᠡᠯ ᠦᠭᠡᠢ᠂ ᠤᠷᠴᠢᠨ ᠠᠬᠤᠢ᠂ ᠠᠭᠤᠷ | ᠠᠮᠢᠰᠬᠤᠯ ᠰᠠᠶᠢᠬᠠᠨ᠂ ᠭᠤᠤᠯ ᠮᠦᠷᠠᠨ ᠨᠢ ᠲᠤᠩᠭᠠᠯᠠᠭ ᠪᠠᠶᠢᠵᠤ᠂ ᠪᠠᠶᠢᠭᠠᠯᠢ ᠶᠢᠷᠳᠢᠡᠴᠤ ᠲᠠᠢ ᠪᠠᠨ ᠵᠤᠬᠢᠴᠠᠵᠤ | ᠴᠤᠬᠤᠮ ᠬᠦ ᠲᠡᠭᠷᠢ ᠭᠠᠵᠠᠷ ᠬᠦᠮᠤᠨ ᠭᠤᠷᠪᠠ ᠤᠶᠠᠯᠳᠤᠨ ᠵᠤᠬᠢᠴᠠᠬᠰᠠᠨ ᠤ ᠨᠦᠭᠦᠴᠡᠯ ᠰᠢᠯᠳᠠᠭᠠᠨ ᠠᠵᠠᠢ᠃ | ᠭᠦᠨ ᠲᠠᠯᠠᠢ ᠶᠢᠨ ᠤᠰᠤ ᠲᠦᠯᠭᠡᠨ᠃ | ᠨᠤᠮᠤᠬᠠᠨ ᠲᠠᠯᠠᠢ ᠨᠡᠯᠤᠶᠢᠨ ᠴᠡᠩᠬᠡᠷᠯᠠᠵᠤ᠂ ᠨᠠᠮ ᠨᠠᠮᠵᠢᠭᠤᠨ᠃ | ᠶᠠᠫᠤᠨ ᠠᠷᠠᠯ ᠤᠨ ᠬᠦᠮᠤᠰ ᠴᠤ ᠨᠤᠮᠤᠬᠠᠨ ᠲᠠᠯᠠᠢ ᠪᠠᠨ ᠰᠢᠭ ᠨᠠᠮ ᠰᠡᠯᠡᠭᠦᠭᠡᠨ ᠠᠵᠤ ᠠᠮᠢᠳᠤᠷᠠᠨ᠎ᠠ᠃ | | ᠲᠠᠪᠤ᠂ ᠵᠤᠭᠠᠴᠠᠯ ᠤᠨ ᠠᠪᠬᠠᠢ ᠶᠢᠨ ᠶᠠᠷᠢᠬᠰᠠᠨ ᠬᠡᠳᠤᠨ ᠦᠯᠢᠭᠡᠷ | | 1᠂ ᠨᠤᠬᠠᠢ ᠰᠠᠭᠠᠳᠠᠭᠤᠯᠳᠠᠭ ᠭᠡᠷ ᠪᠦᠯᠢ ᠶᠢᠨ ᠡᠬᠡᠨᠡᠷ | ᠶᠠᠫᠤᠨ ᠤᠯᠤᠰ ᠪᠦᠬᠦ ᠲᠠᠯ᠎ᠠ ᠪᠠᠷ ᠬᠦᠭᠵᠢᠵᠤ ᠲᠡᠯᠡᠬᠡᠢ ᠳᠤ ᠤᠷᠤᠶᠢᠯᠠᠵᠤ ᠪᠠᠶᠢᠭ᠎ᠠ ᠪᠤᠯᠪᠠᠴᠤ ︿︿ | ᠠᠳᠤᠭᠤᠨ ᠤ ᠲᠤᠳᠤᠷ᠎ᠠ ᠠᠯᠠᠭ ᠲᠠᠢ﹀﹀ ᠭᠡᠳᠡᠭᠴᠢᠯᠡᠨ ᠪᠠᠰᠠ ᠨᠢᠭᠡ ᠬᠤᠶᠡᠷ ᠮᠠᠭᠤ ᠵᠤᠶᠢᠯ ᠨᠢ ᠴᠤ ᠲᠡᠯᠡᠬᠡᠢ ᠳᠤ | ᠨᠢᠭᠡᠳᠤᠭᠡᠷ ᠲᠤ ᠵᠢᠬᠰᠠᠭᠠᠬᠳᠠᠵᠤ ᠪᠠᠶᠢᠳᠠᠭ᠃ ᠶᠠᠫᠤᠨ ᠳᠤ ᠤᠷᠤᠭ ᠰᠠᠯᠠᠬᠤ ᠨᠤᠷᠮ᠎ᠠ ᠦᠡᠳᠤᠷ ᠪᠦᠭᠡᠤᠨ ᠵᠠᠯᠠᠭᠤ | ᠪᠠᠭᠠᠴᠤᠤᠨ ᠤᠨ ᠪᠡᠶ᠎ᠡ ᠪᠠᠨ ᠬᠤᠤᠷᠯᠠᠬᠤ ᠨᠤᠷᠮ᠎ᠠ ᠴᠤ ᠦᠡᠳᠤᠷ ᠪᠠᠶᠢᠳᠠᠭ᠃ ᠤᠷᠴᠢᠮ ᠤᠨ ᠠᠷᠪᠠᠨ ᠵᠢᠯ ᠠᠴᠠ | ᠶᠠᠫᠤᠨ ᠤ ᠬᠦᠮᠤᠨ ᠠᠮᠠ ᠶᠢᠨ ᠲᠤᠭ᠎ᠠ ᠪᠠᠭᠤᠷᠠᠬᠤ ᠬᠠᠨᠳᠤᠰᠢ ᠲᠠᠢ ᠪᠠᠶᠢᠭ᠎ᠠ ᠨᠢ ᠶᠠᠫᠤᠨ ᠤ ᠵᠠᠯᠠᠭᠤᠴᠤᠤᠨ ᠬᠤᠷᠢᠮ | ᠬᠢᠭᠰᠡᠨ ᠤ ᠲᠠᠷᠠᠭ᠎ᠠ ᠬᠡᠤᠬᠡᠤᠨ ᠠᠪᠬᠤ ᠲᠤᠷ᠎ᠡ ᠦᠭᠡᠢ ᠲᠠᠢ ᠰᠢᠭᠤᠤᠨ ᠬᠤᠯᠪᠤᠭ᠎ᠠ ᠲᠠᠢ᠃ ᠲᠠᠳᠡᠨᠤᠰ ᠤᠨ ᠬᠡᠤᠬᠡᠤᠨ | ᠠᠪᠬᠤ ᠲᠤᠷ᠎ᠠ ᠦᠭᠡᠢ ᠰᠢᠯᠳᠠᠭᠠᠨ ᠨᠢ᠂ ᠡᠬᠡᠨᠡᠷ ᠨᠢ ᠵᠢᠷᠮᠤᠰᠤᠨ ᠪᠤᠯᠤᠭᠰᠠᠭᠠᠷ ᠭᠤᠸ᠎ᠠ ᠰᠠᠶᠢᠬᠠᠨ ᠬᠡᠪ ᠲᠦᠷᠬᠦ ᠨᠢ | ᠬᠤᠪᠢᠷᠠᠵᠤ᠂ ᠡᠷ᠎ᠡ ᠨᠦᠬᠦᠷ ᠨᠢ ᠭᠠᠳᠠᠬᠰᠢ ᠲᠠᠨᠤᠵᠤ ᠦᠭᠡᠷ᠎ᠡ ᠭᠤᠶᠤ ᠬᠡᠤᠬᠡᠨᠴᠤᠤᠨ ᠡᠷᠢᠵᠤ ᠡᠬᠡᠨᠡᠷ ᠢᠶᠠᠨ | ᠭᠤᠯᠤᠳᠠᠭ ᠠᠴᠠ ᠵᠠᠯᠠᠭᠤ ᠪᠦᠰᠡᠬᠦᠶᠢᠴᠤᠤᠨ ᠨᠢᠭᠡᠮᠤᠰᠤᠨ ᠬᠡᠤᠬᠡᠤᠨ ᠬᠦᠡᠭᠭᠡᠵᠢᠬᠦ ᠲᠤᠷ᠎ᠠ ᠦᠭᠡᠢ ᠪᠤᠯᠵᠤ ᠨᠤᠬᠠᠢ | ᠲᠠᠵᠢᠭᠡᠵᠤ ᠪᠡᠶ᠎ᠡ ᠪᠠᠨ ᠰᠠᠭᠠᠳᠠᠭᠤᠯᠬᠤ ᠪᠤᠯᠵᠠᠢ᠃ ᠶᠠᠫᠤᠨ ᠤ ᠬᠤᠳᠠ ᠭᠤᠳᠤᠮᠵᠢ ᠪᠠᠷ ᠭᠤᠶᠤ ᠰᠠᠶᠢᠬᠠᠨ ᠵᠠᠯᠠᠭᠤ | ᠪᠡᠷᠢᠶᠡᠤᠨ ᠨᠤᠬᠠᠢ ᠪᠠᠨ ᠲᠠᠪᠡᠷᠢᠬᠦ ᠪᠤᠶᠤ ᠬᠦᠳᠦᠯᠵᠦ ᠲᠤᠭᠤᠷᠢᠬᠤ ᠬᠠᠷᠠᠬᠳᠠᠨ᠎ᠠ᠃ ᠡᠳᠡᠭᠡᠷ ᠬᠦᠮᠤᠰ ᠪᠤᠯ ᠲᠠᠷᠤᠢ | ᠬᠡᠤᠬᠡᠤᠨ ᠠᠪᠬᠤ ᠦᠭᠡᠢ᠂ ᠨᠤᠬᠠᠢ ᠰᠠᠭᠠᠳᠠᠭᠤᠯᠤᠬᠴᠢ ᠭᠡᠷ ᠪᠦᠯᠢ ᠶᠢᠨ ᠡᠬᠡᠨᠡᠷ ᠪᠤᠯᠤᠨ᠎ᠠ᠃ | 2᠂ ᠦᠡᠭᠭᠡᠨ ᠳᠤ ᠲᠤᠷᠡᠳᠠᠢ ᠶᠠᠫᠤᠨ ᠡᠪᠤᠭᠡᠤᠨ ᠬᠦᠭᠰᠢᠤᠨ | ᠶᠠᠫᠤᠨ ᠤᠯᠤᠰ᠂ ᠠᠵᠤ ᠠᠬᠤᠢ ᠰᠤᠶᠤᠯ ᠬᠦᠭᠵᠢᠭᠰᠡᠨ ᠪᠤᠯᠬᠤᠷ ᠦᠡᠭᠭᠡᠨ ᠤ ᠲᠤᠬᠠᠢ ᠰᠤᠶᠤᠯ ᠴᠤ ᠶᠡᠭᠡ | ᠡᠷᠳᠡ ᠭᠦᠭᠵᠢᠭᠰᠡᠨ ᠪᠠᠶᠢᠯᠤᠭ᠎ᠠ᠃ ᠶᠠᠫᠤᠨ ᠤ ᠡᠷᠡᠴᠤᠤᠨ ᠦᠡᠭᠭᠡᠨ ᠳᠤ ᠲᠤᠷᠡᠳᠠᠢ ᠨᠢ ᠶᠠᠭ ᠯᠡ ᠴᠡᠴᠡᠭ ᠤᠨ | ᠬᠦᠷᠢᠶᠡᠯᠡᠩ ᠳᠤ ᠦᠡᠭᠭᠢᠨᠡᠯᠳᠤᠨ ᠨᠢᠰᠤᠯᠴᠡᠬᠦ ᠪᠠᠯᠳᠤ ᠵᠦᠭᠡᠢ ᠮᠠᠳᠤ᠃ | ᠡᠮᠨᠡᠯᠭᠡ ᠳᠤ ᠦᠪᠡᠷ ᠢᠶᠠᠨ ᠪᠤᠰᠴᠤ ᠲᠠᠶᠢᠯᠬᠦ ᠦᠭᠡᠢ ᠨᠢᠭᠡᠨ ᠦᠡᠳᠤᠷ ᠨᠠᠰᠤᠳᠠᠢ ᠡᠪᠡᠳᠴᠢᠳᠠᠨ ᠪᠠᠶᠢᠬᠰᠠᠨ | ᠭᠡᠨ᠎ᠡ᠃ ᠨᠢᠭᠡ ᠤᠳᠠᠭ᠎ᠠ ᠬᠡᠤᠬᠡᠤᠨ ᠤᠮᠪᠤᠯᠤ ᠤᠳ ᠨᠢ᠄ ︿︿ᠭᠤᠶᠤ ᠬᠡᠤᠬᠡᠨ ᠢᠷᠡᠯ᠎ᠡ︕﹀﹀ ᠬᠡᠮᠡᠨ ᠦᠢᠮᠡᠯᠳᠤᠬᠦ | ᠳᠤ ᠦᠨᠤᠬᠢ ᠡᠪᠤᠭᠡᠨ᠄ ︿︿ᠶᠠᠮᠠᠷ ᠭᠤᠶᠤ ᠬᠡᠤᠬᠡᠨ ᠪᠤᠯᠴᠢᠬᠠᠪᠠ︖ ᠡᠪᠤᠭᠡᠨ ᠪᠢ ᠰᠠᠶᠢᠬᠠᠨ ᠦᠵᠡᠶ᠎ᠡ︕﹀﹀ ᠭᠡᠤᠨ | ᠦᠪᠡᠷ ᠢᠶᠠᠨ ᠪᠤᠰᠴᠢᠬᠠᠬᠰᠠᠨ ᠭᠡᠳᠡᠭ᠃ | ᠶᠠᠫᠤᠨ ᠬᠦᠮᠤᠰ ᠤᠨ ᠡᠷᠡᠴᠤᠤᠨ ᠨᠢ ᠦᠡᠭᠭᠡᠨ ᠳᠤ ᠲᠤᠷᠠᠳᠠᠢ ᠭᠡᠵᠤ ᠮᠠᠨ ᠤ ᠤᠯᠤᠰ ᠤᠨ ᠺᠢᠨᠤ᠋ ᠵᠦᠴᠤᠭᠡ᠂ | ᠦᠯᠢᠭᠡᠷ ᠨᠤᠮ ᠳᠤ ᠭᠠᠷᠳᠠᠭ ᠪᠤᠯᠪᠠᠴᠤ ᠡᠳᠤᠭᠡ ᠬᠠᠷᠢᠨ ᠬᠦᠭᠰᠢᠤᠨ ᠨᠢ ᠨᠡᠩ ᠢᠯᠡᠭᠦᠤ ᠪᠤᠯᠵᠤᠬᠠᠤᠢ᠃ | ᠶᠠᠫᠤᠨ ᠪᠦᠰᠡᠬᠦᠶᠢᠴᠤᠤᠨ ᠤᠨ ᠤᠯᠡᠩᠬᠢ ᠨᠢ ᠠᠯᠪᠠᠨ ᠠᠵᠢᠯ ᠳᠤ ᠤᠷᠤᠯᠴᠠᠬᠤ ᠦᠭᠡᠢ ᠡᠷ᠎ᠡ ᠨᠦᠬᠦᠷ ᠢᠶᠠᠨ | ᠠᠰᠠᠷᠠᠨ ᠰᠠᠭᠤᠳᠠᠭ ᠪᠤᠯᠪᠠᠴᠤ ᠤᠷᠴᠢᠨ ᠴᠠᠭ ᠦᠶ᠎ᠡ ᠠᠴᠠ ᠬᠤᠪᠢᠷᠠᠯᠳᠠ ᠲᠠᠢ ᠪᠤᠯᠵᠤ᠂ ᠡᠪᠤᠭᠡᠨ ᠨᠢ ᠠᠵᠢᠯ ᠠᠴᠠ | ᠪᠠᠨ ᠠᠮᠠᠷᠠᠵᠤ ᠭᠡᠷ ᠲᠡᠭᠡᠨ ᠬᠠᠷᠢᠮᠠᠬᠴᠠ ᠡᠬᠡᠨᠡᠷ ᠨᠢ ᠤᠷᠤᠭ ᠰᠠᠯᠵᠤ᠂ ᠭᠡᠷ ᠰᠠᠭᠤᠴᠠ᠂ ᠲᠤᠮᠤ ᠬᠡᠮᠵᠢᠶᠠᠨ ᠤ | ᠵᠤᠭᠤᠰ ᠮᠦᠡᠭᠭᠦ ᠪᠠᠨ ᠠᠪᠴᠤ ᠡᠪᠤᠭᠡᠨ ᠪᠠᠨ ᠢᠰᠬᠦᠯᠦᠨ ᠭᠠᠷᠭᠠᠳᠠᠭ ︵ᠤᠷᠤᠭ ᠰᠠᠯᠠᠬᠤ ᠶᠢ ᠵᠢᠭᠠᠵᠤ ᠪᠤᠢ︶᠃ | ᠡᠨᠡ ᠦᠶᠡᠰ ᠲᠡᠳᠡ ᠦᠳᠡᠯ᠎ᠠ ᠨᠠᠰᠤᠨ ᠳᠠᠭᠠᠨ ᠵᠠᠷᠤᠭᠠᠤᠨ ᠪᠠᠷᠠᠬᠤ ᠦᠭᠡᠢ ᠡᠳ᠋ ᠬᠦᠷᠤᠩᠭᠡ ᠲᠠᠢ ᠪᠤᠯᠬᠤᠷ ᠰᠤᠯᠠ | ᠰᠡᠯᠡᠭᠦᠨ ᠠᠮᠢᠳᠤᠷᠠᠵᠤ᠂ ᠵᠠᠷᠢᠮ ᠨᠢ ᠪᠠᠰᠠ ᠭᠤᠶᠤᠯᠠᠯ ᠵᠠᠰᠠᠯ ᠤᠨ ᠭᠠᠵᠠᠷ ᠭᠢᠯᠠᠶᠢᠳᠠᠯ᠎ᠠ ᠵᠠᠰᠠᠨ ᠵᠤᠭ᠎ᠠ ᠴᠡᠩᠬᠡᠯ ᠤᠨ | ᠭᠠᠵᠠᠷ ᠬᠦᠷᠴᠤ ᠪᠡᠶ᠎ᠡ ᠪᠠᠨ ᠦᠨᠡᠯᠡᠵᠤ ᠰᠠᠭᠠᠤᠭᠠ ᠵᠠᠯᠠᠭᠤᠰ ᠯᠤᠭ᠎ᠠ ᠠᠷᠢᠬᠢ ᠲᠠᠮᠠᠬᠢ ᠤᠤᠭᠤᠵᠤ ᠡᠳᠤᠷ | ᠦᠡᠭᠭᠡᠷᠡᠭᠦᠯᠳᠡᠭ᠃ | 3᠂ ᠠᠶᠢᠯ ᠳᠤ ᠬᠤᠨᠤᠬᠰᠠᠨ ᠵᠤᠯᠢᠭ | ᠲᠤᠮᠳᠠᠳᠤ ᠶᠢᠨ ᠡᠷᠡᠴᠤᠤᠨ ᠭᠠᠷᠠᠭ᠂ ᠠᠷᠪᠠᠨ ᠡᠳᠤᠷ ᠪᠤᠯᠤᠭᠠᠤᠨ ᠰᠠᠶ᠋ᠢ ᠨᠢᠭᠡ ᠵᠠᠬ᠎ᠠ ᠬᠤᠪᠴᠠᠰᠤ ᠪᠠᠨ | ᠰᠤᠯᠢᠵᠤ ᠤᠬᠢᠶᠠᠨ ᠴᠡᠪᠡᠷᠯᠡᠳᠡᠭ᠃ ᠶᠠᠫᠤᠨ ᠬᠦᠮᠤᠰ ᠲᠠᠶᠢᠮᠤ ᠪᠢᠰᠢ᠃ ᠶᠠᠫᠤᠨ ᠬᠦᠮᠤᠰ ᠠᠷᠢᠭᠤᠨ ᠴᠡᠪᠡᠷ ᠢ ᠤᠡᠴᠠ | ᠡᠷᠬᠢᠮᠯᠠᠵᠤ᠂ ᠠᠵᠢᠯ ᠠᠴᠠ ᠪᠠᠨ ᠪᠠᠭᠤᠵᠤ ᠭᠡᠷ ᠲᠡᠭᠡᠨ ᠬᠠᠷᠢᠮᠠᠬᠴᠨ ᠤᠬᠢᠶᠠᠨ ᠠᠷᠢᠯᠭᠠᠵᠤ᠂ ᠦᠷᠯᠤᠭᠡ ᠪᠦᠷᠢ | ᠬᠤᠪᠴᠠᠰᠤ ᠪᠠᠨ ᠬᠠᠯᠠᠳᠠᠭ ᠵᠠᠩᠰᠢᠯ ᠲᠠᠢ᠃ ᠬᠡᠷᠪᠡ ᠠᠯᠢ ᠨᠢᠭᠡ ᠬᠠᠮᠳᠤ ᠠᠵᠢᠯᠯᠠᠬᠰᠠᠤᠨ ᠨᠢ ᠬᠤᠪᠴᠠᠰᠤ ᠪᠠᠨ | ᠬᠠᠯᠠᠬᠰᠠᠨ ᠦᠭᠡᠢ ᠪᠤᠯ᠄ ︿︿ᠡᠨᠡ ᠵᠤᠯᠢᠭ ᠬᠤᠪᠴᠠᠰᠤ ᠪᠠᠨ ᠴᠤ ᠬᠠᠯᠠᠬᠰᠠᠨ ᠦᠭᠡᠢ᠃ ᠦᠴᠤᠭᠡᠳᠤᠷ ᠰᠦᠨᠢ | ᠯᠠᠪᠳᠠᠢ ᠠᠶᠢᠯ ᠲᠤᠭᠤᠷᠢᠵᠤ ᠪᠤᠰᠤᠤᠨ ᠤᠨ ᠡᠬᠡᠨᠡᠷ ᠲᠠᠢ ᠤᠡᠳᠠᠪᠠ﹀﹀ ᠬᠡᠮᠡᠨ ᠰᠢᠭᠦᠮᠵᠢᠯᠡᠳᠡᠭ ᠭᠡᠳᠡᠭ᠃ | 4᠂ ᠬᠡᠵᠢᠶᠡᠳᠠ ᠵᠠᠯᠠᠭᠤᠮᠰᠤᠭ ᠶᠠᠫᠤᠨ ᠬᠦᠮᠤᠰ | ᠶᠠᠫᠤᠨ ᠬᠦᠮᠤᠰ ᠬᠡᠵᠢᠶᠡᠳᠠ ᠨᠠᠰᠤ ᠵᠢᠯ᠂ ᠴᠠᠯᠢᠩ ᠬᠦᠯᠤᠰᠤ ᠪᠠᠨ ᠪᠤᠰᠤᠤᠨ ᠠᠴᠠ ᠨᠢᠭᠤᠵᠤ ᠶᠡᠪᠤᠳᠠᠭ᠃ | ᠤᠯᠠᠨ ᠨᠠᠶᠢᠳᠠ ᠶᠢᠨ ᠭᠠᠵᠠᠷ᠂ ᠮᠠᠰᠢᠨ ᠲᠡᠷᠭᠡᠨ ᠲᠡᠭᠡᠷ᠎ᠡ ᠲᠡᠳᠠᠨᠤᠰ ᠮᠠᠨ ᠰᠢᠭ᠋ ᠰᠠᠭᠤᠳᠠᠯ ᠪᠤᠯᠢᠶᠠᠯᠴᠠᠬᠤ ᠦᠭᠡᠢ᠂ | ᠬᠡᠨ ᠬᠡᠷᠪᠡ ᠲᠠᠭᠦᠨ ᠳᠤ ᠨᠠᠶᠢᠷ ᠲᠠᠯᠪᠢᠵᠤ᠄ ︿︿ᠨᠠᠰᠤᠳᠠᠨ ᠲᠠ ᠰᠠᠭᠤᠭᠠᠴᠢ︕﹀﹀ ᠭᠡᠵᠤ ᠨᠠᠶᠢᠷ ᠲᠠᠯᠪᠢᠪᠠᠯ | ᠲᠡᠭᠦᠨ ᠤ ᠵᠠᠯᠠᠭᠤᠮᠰᠤᠭ ᠰᠡᠤᠡᠬᠢᠯᠭᠡ ᠶᠢ ᠬᠦᠡᠳᠡᠵᠤ ᠲᠤᠩ ᠤᠴᠠᠭᠠᠷ ᠬᠦᠷᠴᠤ᠄ ︿︿ᠪᠢ ᠵᠠᠯᠠᠭᠤ ᠪᠠᠶᠢᠬᠰᠠᠭᠠᠷ᠂ | ᠨᠠᠰᠤᠳᠠᠨ ᠲᠠ ᠰᠠᠭᠤᠭᠠᠴᠢ︕ ﹀﹀ ᠭᠡᠳᠡᠭ᠃ | ᠬᠡᠵᠢᠶᠡᠳᠠ ᠵᠠᠯᠠᠭᠤᠮᠰᠤᠭ ᠤᠪᠤᠷ ᠲᠠᠢ ᠪᠤᠯᠬᠤᠷ ᠰᠡᠤᠡᠬᠢᠯ ᠰᠠᠨᠠᠭ᠎ᠠ ᠨᠢ ᠵᠠᠯᠠᠭᠤ ᠶᠢᠨ ᠬᠡᠪ ᠨᠠᠮᠪᠠᠭ᠎ᠠ ᠪᠠᠨ | ᠬᠠᠳᠠᠭᠠᠯᠠᠵᠤ᠂ ᠴᠤᠭ ᠵᠢᠪᠬᠤᠭ᠎ᠠ ᠲᠠᠢ ᠶᠠᠪᠤᠳᠠᠭ᠃ ᠵᠠᠯᠠᠭᠤᠮᠰᠤᠭ ᠤᠪᠤᠷ ᠰᠡᠤᠡᠬᠢᠯᠭᠡ ᠨᠢ ᠶᠠᠫᠤᠨ ᠬᠦᠮᠤᠰ ᠤᠨ | ᠤᠷᠳᠤ ᠨᠠᠰᠤᠯᠠᠵᠤ ᠪᠠᠶᠢᠭ᠎ᠠ ᠶᠢᠨ ᠨᠢᠭᠤᠴᠠ ᠪᠤᠯᠬᠤ ᠠᠵᠠᠢ᠃ | ᠵᠤᠭᠠᠴᠠᠯ ᠤᠨ ᠠᠪᠠᠭ᠋ᠠᠢ ᠶᠢᠨ ᠶᠠᠷᠢᠬᠰᠠᠨ ᠶᠠᠫᠤᠨ ᠬᠦᠮᠤᠰ ᠤᠨ ᠲᠤᠬᠠᠢ ᠦᠯᠢᠭᠡᠷ ᠶᠠᠷᠢᠶ᠎ᠠ ᠨᠢ ᠦᠨᠠᠨ ᠴᠤ | ᠪᠤᠯᠤᠭ᠂ ᠬᠤᠳᠠᠯ ᠴᠤ ᠪᠤᠯᠤᠭ᠃ ᠮᠠᠨᠤᠰ ᠶᠠᠫᠤᠨ ᠬᠦᠮᠤᠰ ᠠᠴᠠ ᠰᠤᠷᠤᠯᠴᠠᠬᠤ ᠴᠢᠬᠤᠯᠠᠳᠠᠢ ᠵᠤᠶᠢᠯ ᠤᠯᠠᠨ ᠪᠠᠶᠢᠨ᠎ᠠ | ᠃ ᠲᠡᠯᠡᠬᠡᠢ ᠶᠢᠨ ᠬᠤᠶᠡᠳᠤᠭᠠᠷ ᠶᠡᠭᠡ ᠲᠠᠶᠢᠨ ᠳᠤ ᠶᠠᠫᠤᠨ ᠤᠯᠤᠰ ᠢᠯᠠᠬᠳᠠᠵᠤ᠂ ᠠᠵᠤ ᠠᠬᠤᠢ ᠨᠢ ᠲᠠᠮᠫᠤᠷᠠᠬᠰᠠᠨ | ᠪᠤᠯᠪᠠᠴᠤ ᠲᠠᠳᠠᠨᠤᠰ ᠤᠬᠤᠷᠬᠠᠨ ᠬᠡᠳᠤᠨ ᠠᠷᠪᠠᠨ ᠵᠢᠯ ᠤᠨ ᠬᠤᠭᠤᠴᠠᠭᠠᠨ ᠳᠤ ᠠᠵᠤ ᠠᠬᠤᠢ᠂ ᠰᠤᠶᠤᠯ ᠰᠢᠡᠵᠢᠯᠡᠬᠦ | ᠤᠠᠬᠠᠭᠠᠨ ᠪᠠᠨ ᠪᠦᠬᠦ ᠲᠠᠯ᠎ᠠ ᠪᠠᠷ ᠬᠦᠭᠵᠢᠭᠦᠯᠵᠤ᠂ ᠲᠠᠯᠡᠬᠡᠢ ᠳᠤ ᠤᠷᠤᠶᠢᠯᠠᠬᠰᠠᠨ ᠨᠢ ᠬᠢᠯᠪᠡᠷ ᠪᠢᠰᠢ ᠶᠤᠮ᠃ ᠮᠠᠨᠤᠰ | ᠶᠠᠫᠤᠨ ᠬᠦᠮᠤᠰ ᠤᠨ ᠡᠭᠦᠳᠤᠨ ᠪᠦᠳᠤᠭᠡᠬᠦ᠂ ᠪᠦᠯᠬᠦᠮᠳᠠᠨ ᠲᠠᠪᠰᠢᠬᠤ ᠬᠠᠮᠳᠤ ᠶᠢᠨ ᠵᠤᠷᠢᠭ ᠰᠠᠨᠠᠭ᠎ᠠ ᠶᠢ ᠰᠤᠷᠤᠯᠴᠠᠬᠤ | ᠬᠡᠷᠡᠭᠳᠠᠢ᠃ ᠶᠠᠫᠤᠨ ᠬᠦᠮᠤᠰ ᠤᠨ ᠠᠵᠢᠯᠴᠢ ᠠᠷᠪᠢᠴᠢ᠂ ᠠᠷᠢᠭᠤᠨ ᠴᠡᠪᠡᠷ᠂ ᠲᠠᠷᠤᠤ ᠨᠤᠮᠤᠬᠠᠨ ᠶᠤᠰᠤ ᠮᠤᠷᠠᠯ ᠶᠢ | ᠰᠤᠷᠤᠯᠴᠠᠬᠤ ᠴᠢᠬᠤᠯᠠᠳᠠᠢ᠃ ᠨᠡᠩ ᠴᠤ ᠶᠠᠫᠤᠨ ᠬᠦᠮᠤᠰ ᠤᠨ ᠬᠡᠵᠢᠶᠡᠳᠡ ᠵᠠᠯᠠᠭᠤᠮᠰᠤᠭ ᠤᠪᠤᠷ ᠢ ᠰᠤᠷᠤᠯᠴᠠᠬᠤ | ᠴᠢᠬᠤᠯᠠᠳᠠᠢ ᠠᠵᠢ᠃ | ᠠ᠊᠂ ᠰᠡᠴᠡᠡᠳᠤ ᠵᠤᠬᠢᠶᠠᠪᠠ | ᠃ |