ᠮᠢᠨᠤ ᠮᠡᠳᠡᠳᠡᠭ ᠨᠤᠶᠠᠨ ᠰᠦᠮ᠎ᠡ ᠶᠢᠨ ᠴᠢᠯᠠᠭᠤᠨ ᠠᠷᠰᠯᠠᠨ
ᠨᠡᠶᠢᠲᠡᠯᠡᠭᠰᠡᠨ ᠴᠠᠭ᠄
2019/9/5
     ᠠᠷᠤ ᠬᠤᠷᠴᠢᠨ ᠬᠤᠰᠢᠭᠤᠨ ᠤ ᠬᠤᠨᠳᠤ ᠪᠠᠯᠭᠠᠰᠤ ᠶᠢᠨ ᠲᠦᠪ ᠪᠤᠯ ᠤᠤᠯ ᠤᠨ ᠨᠤᠶᠠᠨ ᠰᠦᠮ᠎ᠡ ᠶᠢᠨ ᠰᠠᠭᠤᠷᠢ ᠲᠡᠭᠡᠷ᠎ᠡ ᠪᠠᠶᠢᠭᠤᠯᠤᠭᠳᠠᠭᠰᠠᠨ ᠪᠦᠭᠡᠳ ᠡᠳᠤᠭᠡ ᠶᠢᠨ ᠬᠤᠨᠳᠤ ᠪᠠᠯᠭᠠᠰᠤᠨ ᠤ ᠵᠠᠰᠠᠭ ᠤᠨ ᠤᠷᠳᠤᠨ ᠤ ᠠᠵᠢᠯᠯᠠᠬᠤ ᠠᠰᠠᠷ ᠨᠢ ᠨᠤᠶᠠᠨ ᠰᠦᠮ᠎ᠡ ᠶᠢᠨ ᠨᠠᠶᠠᠨ ᠵᠠᠩ ᠤᠨ ᠰᠤᠭᠴᠢᠨ ᠲᠤᠭᠠᠩ ᠤᠨ ᠲᠠᠶᠢᠵᠠᠨ ᠲᠡᠭᠡᠷ᠎ᠡ ᠪᠤᠰᠬᠠᠭᠳᠠᠭᠰᠠᠨ ᠶᠤᠮ᠃      ᠨᠤᠶᠠᠨ ᠰᠦᠮ᠎ᠡ ᠨᠢ ᠴᠢᠩ ᠭᠦᠷᠦᠨ ᠤ ᠲᠡᠭᠷᠢ ᠲᠡᠳᠬᠦᠭᠴᠢ ᠶᠢᠨ ᠠᠷᠪᠠᠨ ᠨᠢᠭᠡᠳᠦᠭᠡᠷ ᠤᠨ ︵1746︶  ᠳᠤ ᠠᠷᠤ ᠬᠤᠷᠴᠢᠨ ᠤ ᠲᠤᠯᠤᠳᠤᠭᠠᠷ ᠦᠶ᠎ᠡ ᠶᠢᠨ ᠵᠠᠰᠠᠭ ᠪᠡᠶᠢᠯᠡ ᠲᠠᠭᠳᠠᠨᠸᠠᠩᠴᠤᠭ ᠨᠤᠶᠠᠨ ᠬᠤᠰᠢᠭᠤᠨ ᠶᠠᠮᠤᠨ ᠪᠠᠶᠢᠭᠤᠯᠤᠭᠰᠠᠨ ᠭᠠᠵᠠᠷ ᠤᠨ ᠬᠠᠵᠠᠭᠤ ᠳᠤ ᠰᠦᠮ᠎ᠡ ᠪᠠᠶᠢᠭᠤᠯᠤᠭᠰᠠᠨ ᠠᠴᠠ ᠬᠦᠮᠤᠰ ᠨᠤᠶᠠᠨ ᠰᠦᠮ᠎ᠡ ᠬᠡᠮᠡᠵᠤ ᠪᠠᠶᠢᠭᠰᠠᠨ ᠢᠶᠠᠨ 1755 ᠤᠨ ᠳᠤ ᠡᠵᠡᠨ ᠵᠤᠷᠭᠠᠨ ᠠᠴᠠ ︽ᠪᠠᠶᠠᠰᠬᠤᠯᠠᠩ ᠴᠤᠭᠯᠠᠭᠤᠯᠤᠭᠴᠢ ᠬᠡᠶᠢᠳ︾ ᠭᠡᠰᠡᠨ ᠢᠯᠡᠷᠬᠡᠶᠢᠯᠡᠯ ᠤᠯᠭᠤᠭᠰᠠᠨ ᠶᠤᠮ᠃ ᠨᠤᠶᠠᠨ ᠰᠦᠮ᠎ᠡ ᠶᠢᠨ ᠨᠠᠶᠠᠨ ᠵᠠᠩ ᠶᠡᠭᠡ ᠲᠤᠭᠠᠩ ᠤᠨ ᠤᠷᠤᠢ ᠲᠡᠭᠡᠷ᠎ᠡ ᠲᠠᠪᠬᠤᠷᠯᠢᠭ ᠲᠠᠩᠬᠢᠮ ᠲᠠᠢ ᠪᠦᠭᠡᠳ ᠬᠤᠶᠠᠷ ᠮᠤᠩᠭᠤᠯ ᠭᠡᠷ ᠤᠨ ᠰᠠᠭᠤᠷᠢ ᠲᠠᠢ ᠲᠠᠩᠭᠢᠮ ᠤᠨ ᠭᠤᠤᠯ ᠤᠷᠤᠢ ᠲᠡᠭᠡᠷᠡᠬᠢ ᠠᠯᠳᠠᠨ ᠭᠠᠨᠵᠢᠷ᠎ᠠ ᠨᠢ ᠠᠷᠪᠠᠨ ᠬᠡᠳᠤᠨ ᠭᠠᠵᠠᠷ ᠤᠨ ᠠᠯᠤᠰ ᠠᠴᠠ ᠠᠯᠳᠠᠨ ᠨᠠᠷᠠᠨ ᠤ ᠭᠡᠷᠡᠯ ᠳᠤ ᠬᠢᠯᠠᠯᠵᠠᠨ ᠬᠠᠷᠠᠭᠳᠠᠵᠤ ᠪᠠᠶᠢᠳᠠᠭ᠃ 1958 ᠤᠨ ᠳᠤ ᠠᠷᠠᠳ ᠤᠨ ᠨᠢᠭᠡᠳᠦᠯ ᠪᠠᠶᠢᠭᠤᠯᠤᠭᠳᠠᠵᠤ᠂ 1959 ᠤᠨ  ᠳᠤ ᠨᠢᠭᠡᠳᠤᠯ ᠤᠨ ᠠᠯᠪᠠᠨ ᠭᠡᠷ ᠢ ᠪᠠᠷᠢᠬᠤ ᠶᠢᠨ ᠲᠦᠯᠦᠭᠡ ᠡᠯ᠎ᠡ ᠦᠢᠯᠡᠳᠪᠦᠷᠢᠯᠡᠯ ᠤᠨ ᠪᠠᠷᠢᠭᠠᠳᠠ ᠠᠴᠠ ᠬᠦᠳᠡᠯᠮᠤᠷᠢ ᠬᠦᠴᠦ ᠲᠠᠳᠠᠵᠤ᠂ ᠲᠤᠰ ᠨᠠᠶᠠᠨ ᠵᠠᠩ ᠤᠨ ᠲᠤᠭᠠᠩ ᠢ ᠶᠡᠭᠦᠯᠡᠵᠤ᠂ ᠶᠡᠭᠡ ᠲᠤᠭᠠᠩ ᠤᠨ ᠴᠢᠯᠠᠭᠤᠨ ᠶᠡᠨᠳᠡᠷ ᠲᠠᠢ ᠲᠠᠶᠢᠵᠠᠨ ᠲᠡᠭᠡᠷ᠎ᠡ ᠬᠤᠶᠠᠷ ᠮᠦᠷ ᠤᠨ ᠶᠢᠰᠦ ᠶᠢᠰᠦᠨ ᠲᠠᠰᠤᠯᠭ᠎ᠠ ᠲᠠᠢ ᠮᠦᠭᠡᠷᠦᠨ ᠰᠠᠷᠠᠪᠴᠢ ᠲᠠᠢ ᠠᠵᠢᠯᠯᠠᠬᠤ ᠭᠡᠷ ᠢ ᠪᠠᠷᠢᠭᠰᠠᠨ ᠪᠠᠶᠢᠨ᠎ᠠ᠃      ᠡᠨᠡ ᠬᠦ ᠠᠯᠪᠠᠨ ᠭᠡᠷ ᠢ ᠪᠠᠷᠢᠬᠤ ᠳᠤ ᠤᠤᠯ ᠲᠤᠭᠠᠩ ᠤᠨ ᠵᠡᠭᠦᠨ ᠪᠠᠷᠠᠭᠤᠨ ᠬᠠᠶᠠᠭ᠎ᠠ ᠪᠠ ᠬᠤᠶᠢᠳᠤ ᠬᠠᠶᠠᠭ᠎ᠠ ᠶᠢ ᠠᠰᠢᠭᠯᠠᠵᠤ᠂ ᠤᠤᠯ ᠤᠨ ᠬᠤᠨᠳᠤ ᠨᠢᠭᠡᠳᠤᠯ ᠤᠨ ᠶᠤᠤ ᠵᠢᠶᠠ ᠳ᠋ᠤᠸᠠᠨ ᠲᠤᠰᠬᠤᠨ ᠤ ᠶᠠᠨ ᠤᠪᠤᠭᠳᠤ ᠪᠠᠷᠢᠯᠭᠠᠴᠢᠨ ᠨᠠᠷ ᠢᠶᠠᠷ ᠪᠠᠷᠢᠭᠤᠯᠵᠠᠢ᠃ ᠡᠳᠡᠭᠡᠷ ᠬᠤᠶᠠᠷ ᠮᠦᠷ ᠠᠯᠪᠠᠨ ᠭᠡᠷ ᠨᠢ ᠶᠠᠭ ᠰᠦᠮ᠎ᠡ ᠶᠢᠨ ᠤᠤᠯ ᠲᠠᠶᠢᠵᠠᠨ ᠲᠡᠭᠡᠷ᠎ᠡ ᠪᠠᠷᠢᠭᠰᠠᠨ ᠠᠴᠠ ᠤᠤᠯ ᠤᠨ ᠰᠦᠮ᠎ᠡ ᠶᠢᠨ ᠡᠭᠦᠳᠡᠨ ᠤ ᠬᠤᠶᠠᠷ ᠲᠠᠯ᠎ᠠ ᠳᠤ ᠪᠠᠶᠢᠭᠰᠠᠨ ᠬᠤᠶᠠᠷ ᠴᠢᠯᠠᠭᠤᠨ ᠠᠷᠰᠯᠠᠨ ᠤᠤᠯ ᠤᠷᠤᠨ ᠳᠠᠭᠠᠨ ᠪᠠᠶᠢᠭᠰᠠᠭᠠᠷ ᠪᠠᠶᠢᠯ᠎ᠠ᠃ ᠲᠤᠤᠷ᠎ᠠ ᠲᠠᠯ᠎ᠠ ᠶᠢᠨ ᠵᠡᠷᠭᠡᠴᠡᠭᠡ ᠤᠷᠭᠤᠭᠰᠠᠨ ᠬᠤᠶᠠᠷ ᠲᠤᠮᠤ ᠬᠠᠶᠢᠯᠠᠰᠤᠨ ᠮᠤᠳᠤᠨ ᠤ ᠬᠠᠵᠠᠭᠤ ᠳᠤ ᠪᠠᠰᠠ ᠬᠤᠶᠠᠷ ᠴᠢᠯᠠᠭᠤᠨ ᠬᠦᠯᠢᠰ ︵ᠰᠢᠶᠠᠩᠯᠤ︶ ᠲᠠᠢ᠃ ᠡᠨᠡ ᠬᠤᠶᠠᠷ ᠴᠢᠯᠠᠭᠤᠨ ᠠᠷᠰᠯᠠᠨ ᠢ ᠬᠤᠶᠠᠷ ᠵᠠᠭᠤ ᠢᠯᠡᠭᠦᠤ ᠵᠢᠯ ᠤᠨ ᠡᠮᠤᠨ᠎ᠡ ᠤᠷᠠᠯᠠᠨ ᠪᠦᠳᠦᠭᠡᠭᠰᠡᠨ ᠶᠤᠮ ᠪᠠᠶᠢᠨ᠎ᠠ᠃ ᠲᠡᠭᠦᠨ ᠤ ᠤᠷᠠᠨ ᠨᠠᠷᠢᠯᠢᠭ ᠰᠡᠶᠢᠯᠪᠤᠷᠢ᠂ ᠭᠤᠴᠤ ᠰᠠᠶᠢᠬᠠᠨ ᠬᠡᠪ ᠶᠠᠩᠵᠤ ᠨᠢ ᠡᠪᠤᠭᠡᠨ ᠮᠢᠨᠤ ᠦᠵᠡᠭᠰᠡᠨ ᠠᠯᠢ ᠴᠦ ᠰᠦᠮ᠎ᠡ ᠶᠢᠨ ᠡᠮᠤᠨᠡᠭᠢ ᠴᠢᠯᠠᠭᠤᠨ ᠠᠷᠰᠯᠠᠨ ᠨᠤᠭᠤᠳ ᠠᠴᠠ ᠭᠤᠶᠤ ᠪᠠᠶᠢᠳᠠᠭ᠃      1965 ᠤᠨ ᠳᠤ ᠪᠦᠬᠦ ᠬᠤᠰᠢᠭᠤᠨ ᠤ ᠠᠷᠪᠠᠨ ᠲᠦᠷᠪᠡᠳᠦᠭᠡᠷ ᠤᠳᠠᠭᠠᠨ ᠤ ᠮᠠᠯᠵᠢᠬᠤ ᠨᠠᠶᠢᠷ ᠠᠴᠠ ᠡᠮᠤᠨ᠎ᠡ ᠬᠤᠨᠳᠤ ᠨᠢᠭᠡᠳᠤᠯ ᠤᠨ ᠨᠠᠮ ᠤᠨ ᠬᠤᠷᠢᠶᠠᠨ ᠤ ᠱᠦᠵᠢ ᠪᠠᠶᠢᠭᠰᠠᠨ ᠯᠾᠠᠮᠠᠵᠠᠪ ᠲᠤᠰ ᠬᠤᠶᠠᠷ ᠠᠷᠰᠯᠠᠨ ᠢ ᠤᠯᠠᠭᠠᠨ ᠨᠤᠭᠤᠭᠠᠨ ᠰᠢᠷ ᠪᠤᠳᠤᠭ ᠢᠶᠠᠷ ᠨᠡᠩ ᠭᠤᠶᠤᠮᠰᠤᠭ ᠪᠤᠯᠭᠠᠭᠰᠠᠨ ᠶᠤᠮ᠃ ᠭᠡᠳᠡᠯ᠎ᠡ ᠭᠠᠢ ᠭᠠᠵᠠᠷ ᠲᠤᠤᠷ᠎ᠠ  ᠠᠴᠠ ᠭᠡᠳᠡᠭᠴᠢᠯᠡᠨ 1966 ᠤᠨ ᠳᠤ ᠡᠬᠢᠯᠡᠭᠰᠡᠨ ᠦᠭᠡᠶᠢᠭᠦᠤ ᠠᠩᠭᠢ ᠶᠢᠨ ᠰᠤᠶᠤᠯ ᠤᠨ ᠶᠡᠭᠡ ᠬᠤᠪᠢᠰᠬᠠᠯ ᠤᠨ ᠲᠤᠮᠳᠠ ᠯᠠ᠊ ᠱᠦᠵᠢ ᠬᠦᠷᠦᠩᠭᠡᠳᠤ ᠶᠤᠰᠤᠨ ᠤ ᠵᠠᠮ ᠢᠶᠠᠷ ᠶᠠᠪᠤᠭᠴᠢ ᠡᠷᠭᠡ ᠪᠠᠷᠢᠭᠴᠢ ᠪᠠᠷ ᠪᠤᠷᠤᠭᠤᠰᠢᠶᠠᠨ ᠰᠢᠭᠦᠮᠵᠢᠯᠡᠭᠳᠡᠬᠦ ᠳᠤ ᠲᠤᠰ ᠠᠷᠰᠯᠠᠨ ᠢ ᠰᠢᠷᠳᠡᠭᠰᠡᠨ ᠨᠢ ᠪᠠᠰᠠ ᠨᠢᠭᠡᠨ ᠵᠤᠷᠪᠤᠰ ᠶᠠᠯ᠎ᠠ ᠪᠤᠯᠵᠤ ᠪᠠᠶᠢᠭᠰᠠᠨ ᠶᠤᠮ᠃      ᠪᠢ 1957 ᠤᠨ ᠠᠴᠠ ᠨᠤᠶᠠᠨ ᠰᠦᠮ᠎ᠡ ᠳᠤ ᠰᠤᠷᠭᠠᠭᠤᠯᠢ ᠳᠤ ᠰᠠᠭᠤᠵᠤ ᠪᠢᠴᠢᠭ ᠦᠵᠡᠭᠡᠳ ᠬᠤᠵᠢᠮ ᠨᠢ ᠠᠵᠢᠯ ᠳᠤ ᠤᠷᠤᠭᠰᠠᠨ ᠤ ᠲᠠᠷᠠᠭ᠎ᠠ ᠮᠦᠨ ᠯᠠ ᠨᠤᠶᠠᠨ ᠰᠦᠮ᠎ᠡ ᠲᠡᠭᠡᠷ᠎ᠡ ᠬᠤᠨᠳᠤ ᠨᠢᠭᠡᠳᠤᠯ᠂ ᠬᠤᠨᠳᠤ ᠪᠠᠯᠭᠠᠰᠤᠨ  ᠳᠤ ᠺᠠᠳ᠋ᠷ ᠢᠶᠠᠷ ᠬᠤᠷᠢᠨ ᠬᠡᠳᠤᠨ ᠵᠢᠯ ᠠᠵᠢᠯᠯᠠᠵᠤ᠂1994 ᠤᠨ ᠳᠤ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠠᠯᠳᠠ ᠶᠢᠨ ᠲᠤᠪᠴᠢᠶ᠎ᠠ ᠳᠤ ᠠᠵᠢᠯ ᠰᠢᠯᠵᠢᠳᠡᠯ᠎ᠡ ᠨᠤᠶᠠᠨ ᠰᠦᠮ᠎ᠡ ᠶᠢᠨ ᠬᠠᠭᠤᠴᠢ ᠦᠯᠡᠳᠡᠭᠳᠡᠯ ᠪᠤᠯᠬᠤ ᠬᠤᠶᠠᠷ ᠴᠢᠯᠠᠭᠤᠨ ᠠᠷᠰᠯᠠᠨ ᠨᠢ ᠤᠤᠯ ᠬᠡᠪ ᠢᠶᠠᠷ ᠢᠶᠠᠨ ᠰᠦᠮ᠎ᠡ ᠶᠢᠨ ᠰᠠᠭᠤᠷᠢ ᠪᠠᠨ ᠰᠠᠬᠢᠵᠤ ᠪᠠᠶᠢᠭᠰᠠᠨ  ᠢᠶᠠᠨ ᠨᠢᠭᠡ ᠮᠡᠳᠡᠬᠦ ᠳᠤ ᠤᠷᠤ ᠲᠠᠰᠤ ᠪᠦᠷᠢᠯᠪᠡ᠃ ᠬᠤᠶᠠᠷ ᠵᠠᠭᠤ ᠨᠠᠶᠠᠭᠠᠳ ᠵᠢᠯ ᠤᠨ ᠲᠡᠤᠬᠡ ᠲᠠᠢ ᠬᠤᠶᠠᠷ ᠴᠢᠯᠠᠭᠤᠨ ᠠᠷᠰᠯᠠᠨ ᠮᠢᠨᠢ ᠲᠡᠭᠡᠭᠡᠳ ᠬᠠᠮᠢᠭᠠᠰᠢ ᠤᠳᠤᠭᠰᠠᠨ ᠪᠤᠢ︖ ᠪᠢᠳᠡ ᠨᠠᠮ ᠤᠨ ᠦᠨᠳᠤᠰᠤᠳᠡᠨ ᠤ ᠲᠦᠷᠦ  ᠶᠢᠨ ᠪᠤᠳᠤᠯᠭ᠎ᠠ ᠶᠢᠨ ᠲᠤᠶᠠᠭᠠᠯᠠᠯ ᠲᠤᠤᠷ᠎ᠠ ᠦᠨᠳᠤᠰᠤᠳᠡᠨ ᠤ ᠦᠪ ᠰᠤᠶᠤᠯ ᠢᠶᠠᠨ ᠲᠡᠭᠡᠳᠤᠯᠡᠵᠤ᠂ ᠤᠯᠠᠮᠵᠢᠯᠠᠵᠤ᠂ ᠬᠠᠶᠢᠷᠠᠯᠠᠵᠤ ᠬᠠᠮᠠᠭᠠᠯᠠᠵᠤ ᠪᠠᠶᠢᠭ᠎ᠠ ᠡᠨᠡ ᠡᠷᠡᠨ ᠳᠤ ᠲᠡᠤᠬᠡ ᠶᠢᠨ ᠲᠤᠷᠠᠰᠬᠠᠯᠳᠤ ᠵᠦᠢᠯᠡᠰ ᠢᠶᠠᠨ ᠦᠭᠡᠶᠢᠯᠡᠬᠦ ᠦᠭᠡᠢ ᠪᠠᠶᠢᠬᠤ ᠶᠢᠨ ᠠᠷᠭ᠎ᠠ ᠦᠭᠡᠢ᠃      ᠨᠤᠶᠠᠨ ᠰᠦᠮ᠎ᠡ ᠠᠴᠠ ᠪᠠᠷᠠᠭᠤᠨ ᠡᠮᠤᠨ᠎ᠡ ᠪᠠᠷᠤᠭ ᠬᠤᠶᠠᠷ ᠺᠢᠯᠤᠮᠧᠲᠷ ︵1500 — 2000 ᠮᠧᠲᠷ︶  ᠤᠨ ᠵᠠᠢ ᠲᠠᠢ ᠭᠠᠵᠠᠷ ᠲᠤ ᠬᠤᠨᠳᠤ ᠪᠠᠯᠭᠠᠰᠤᠨ ᠠᠴᠠ ᠪᠠᠶᠠᠨᠬᠤᠯᠪᠤᠭ᠎ᠠ ᠳᠤ ᠶᠠᠪᠤᠬᠤ ᠵᠠᠮ ᠤᠨ ᠠᠷᠤ ᠲᠠᠯ᠎ᠠ ᠳᠤ ᠨᠢᠭᠡ ᠪᠤᠮᠪᠤᠭᠤᠷ ᠬᠤᠸᠠ ᠪᠠᠶᠢᠳᠠᠭ ᠢ ᠠᠷᠰᠯᠠᠨᠳᠤ ᠬᠤᠸᠠ ᠭᠡᠵᠤ ᠨᠡᠷᠡᠯᠡᠳᠡᠭ ᠨᠢ ᠤᠷᠤᠢ ᠲᠡᠭᠡᠷ᠎ᠡ ᠨᠢ ᠴᠢᠯᠠᠭᠤᠨ ᠠᠷᠰᠯᠠᠨ  ᠲᠠᠢ ᠪᠠᠶᠢᠭᠰᠠᠨ ᠢᠶᠠᠷ ᠨᠢ ᠨᠡᠷᠡᠯᠡᠭᠰᠡᠨ ᠪᠠᠶᠢᠬᠤ ᠶᠤᠮ᠃ ᠭᠡᠳᠡᠯ᠎ᠡ ᠡᠨᠡ ᠴᠢᠯᠠᠭᠤᠨ ᠠᠷᠰᠯᠠᠨ ᠨᠢ ᠪᠠᠰᠠ ᠪᠦᠷᠢᠯᠦᠭᠰᠡᠨ ᠪᠠᠶᠢᠨ᠎ᠠ᠃ ᠡᠨᠡ ᠬᠦ ᠠᠷᠰᠯᠠᠨᠳᠤ ᠬᠤᠸᠠ ᠶᠢᠨ ᠬᠠᠪᠢ ᠪᠠᠷ ᠡᠷᠳᠡᠨ ᠤ ᠠᠪᠤᠷᠭᠤ ᠲᠤᠮᠤ ᠱᠦᠩᠯᠦᠩ ᠮᠤᠳᠤ ᠪᠠᠶᠢᠵᠤ᠂ ᠤᠳᠤ ᠪᠤᠯᠳᠠᠯ᠎ᠠ ᠨᠠᠢᠮᠠ ᠶᠢᠰᠦᠨ ᠰᠠᠭᠤᠷᠢ ᠦᠯᠡᠳᠡᠭᠡᠳ ᠪᠠᠶᠢᠨ᠎ᠠ᠃ ᠡᠭᠦᠨ ᠠᠴᠠ ᠭᠠᠳᠠᠨ᠎ᠠ ᠠᠷᠤ ᠬᠤᠷᠴᠢᠨ ᠬᠤᠰᠢᠭᠤᠨ ᠤ ᠬᠠᠮᠤᠭ ᠠᠩᠬᠠᠨ ᠤ ᠰᠤᠷᠭᠠᠭᠤᠯᠢ ︽ᠬᠤᠨᠳᠤ ᠶᠢᠨ ᠪᠠᠭ᠎ᠠ ᠰᠤᠷᠭᠠᠭᠤᠯᠢ︾ ᠶᠢᠨ ᠬᠦᠷᠢᠶᠡᠨ ︵ᠤᠤᠯ  ᠤᠨ ᠨᠤᠶᠠᠨ ᠰᠦᠮ᠎ᠡ ᠶᠢᠨ ︽ᠲᠤᠶᠢᠩᠬᠤᠷ ᠰᠠᠩ︾ ᠤᠨ ᠬᠦᠷᠢᠶᠡᠨ ᠳᠤ︶ ᠳᠤ ᠪᠠᠰᠠ ᠨᠢᠭᠡᠨ ᠴᠢᠯᠠᠭᠤᠨ ᠠᠷᠰᠯᠠᠨ ᠪᠠᠶᠢᠵᠤ᠂ ᠡᠨᠡ ᠬᠦ ᠴᠢᠯᠠᠭᠤᠨ ᠠᠷᠰᠯᠠᠨ ᠢ ᠤᠷᠴᠢᠨ ᠦᠶ᠎ᠡ ᠶᠢᠨ ᠬᠤᠨᠳᠤ ᠲᠤᠮᠳᠠᠳᠤ ᠰᠤᠷᠭᠠᠭᠤᠯᠢ ᠶᠢᠨ ᠬᠡᠳᠤᠨ ᠦᠶ᠎ᠡ ᠶᠢᠨ ᠤᠳᠤᠷᠢᠳᠤᠯᠭ᠎ᠠ ᠨᠠᠷ ᠠᠯᠪᠠᠨ ᠭᠡᠷ ᠤᠨ ᠢᠶᠠᠨ ᠡᠮᠤᠨ᠎ᠡ ᠪᠤᠶᠤ ᠲᠤᠭ ᠮᠠᠨᠳᠤᠭᠤᠯᠬᠤ ᠲᠠᠶᠢᠵᠠᠨ ᠤ ᠬᠠᠵᠠᠭᠤ  ᠳᠤ ᠲᠠᠯᠪᠢᠵᠤ ᠬᠠᠮᠠᠭᠠᠯᠠᠵᠤ ᠪᠠᠶᠢᠭᠰᠠᠨ ᠢᠶᠠᠨ 2003 ᠤᠨ ᠳᠤ ᠰᠤᠷᠭᠠᠭᠤᠯᠢ ᠶᠢ ᠨᠡᠶᠢᠯᠡᠭᠦᠯᠬᠦ ᠠᠴᠠ ᠡᠮᠤᠨᠡᠭᠡᠨ ︵2000 ᠤᠨ ᠤ ᠪᠠᠷᠤᠭ ᠢᠶᠠᠷ︶ ᠭᠡᠭᠡᠵᠤ ᠤᠷᠭᠢᠭᠰᠠᠨ ᠪᠠᠶᠢᠨ᠎ᠠ᠃      2016 ᠤᠨ ᠤ 5 ᠳ᠋ᠤᠭᠠᠷ ᠰᠠᠷ᠎ᠠ ᠳᠤ ᠡᠪᠤᠭᠡᠨ ᠪᠢ ᠴᠢᠪᠠᠭ᠎ᠠ ᠪᠠᠯᠭᠠᠰᠤᠨ ᠤ ᠬᠠᠭᠤᠴᠢᠨ ᠬᠤᠳᠠ ᠶᠢᠨ ᠱᠧᠩ ᠯᠢ ᠵᠡᠭᠡᠯᠢ ᠶᠢᠨ 35 ᠳ᠋ᠤᠭᠠᠷ ᠨᠤᠮᠧᠷᠳᠤ ᠬᠤᠶᠢᠰᠢ ᠬᠠᠨᠳᠤᠭᠰᠠᠨ ᠬᠠᠭᠠᠯᠭ᠎ᠠ ᠲᠠᠢ ᠠᠶᠢᠯ ᠤᠨ ᠬᠦᠷᠢᠶᠡᠨ ᠳᠤ ᠲᠤᠰ ᠴᠢᠯᠠᠭᠤᠨ ᠠᠷᠰᠯᠠᠨ ᠪᠠᠶᠢᠭᠰᠠᠨ ᠢ ᠤᠯᠵᠤ ᠦᠵᠡᠯ᠎ᠡ᠃ ᠲᠡᠭᠡᠭᠡᠳ ᠪᠢ ᠭᠠᠭᠴᠠᠭᠠᠷ ᠦᠵᠡᠭᠰᠡᠨ ᠠᠴᠠ ᠪᠤᠰᠤᠳ  ᠲᠠᠢ ᠦᠵᠡᠪᠡᠯ ᠲᠡᠭᠡᠷ᠎ᠡ ᠭᠡᠵᠤ ᠪᠤᠳᠤᠭᠠᠳ ᠦᠶ᠎ᠡ ᠶᠢᠨ ᠡᠪᠤᠭᠡᠨ ᠬᠤᠨᠳᠤ ᠪᠠᠯᠭᠠᠰᠤᠨ ᠤ ᠱᠠᠩᠰᠢᠨᠪᠤᠯᠤᠩ ᠭᠠᠴᠠᠭ᠎ᠠ  ᠶᠢᠨ ᠲᠤᠬᠤᠮᠳᠠᠢ ᠲᠤᠭᠤᠶᠢᠯᠠᠩ ᠤᠨ ᠰᠠᠩᠪᠤᠷᠢᠨᠴᠢᠨ ᠢ ᠲᠠᠭᠤᠳᠠᠵᠤ ᠤᠴᠢᠭᠠᠳ ᠯᠠᠪᠯᠠᠨ ᠦᠵᠡᠬᠦᠯ᠎ᠡ ᠬᠤᠨᠳᠤ ᠲᠤᠮᠳᠠᠳᠤ ᠰᠤᠷᠭᠠᠭᠤᠯᠢ ᠶᠢᠨ ᠬᠦᠷᠢᠶᠡᠨ ᠳᠤ ᠪᠠᠶᠢᠭᠰᠠᠨ ᠴᠢᠯᠠᠭᠤᠨ ᠠᠷᠰᠯᠠᠨ ᠶᠠᠭ ᠮᠦᠨ  ᠃ ᠨᠢᠭᠡ ᠭᠠᠷᠠᠭ ᠤᠨ ᠲᠠᠷᠠᠭ᠎ᠠ ᠲᠠᠬᠢᠨ ᠤᠴᠢᠵᠤ ᠦᠵᠡᠬᠦ ᠳᠤ ᠲᠤᠰ ᠠᠷᠰᠯᠠᠨ ᠨᠢᠭᠡᠨᠳᠡ ᠠᠯᠠᠭ᠎ᠠ ᠪᠤᠯᠤᠭᠰᠠᠨ ᠪᠠᠶᠢᠯ᠎ᠠ᠃ ᠰᠤᠨᠢᠨ ᠶᠤᠮ᠂ ᠴᠢᠯᠠᠭᠤᠨ ᠠᠷᠰᠯᠠᠨ ᠶᠠᠭᠠᠬᠢᠵᠤ ᠠᠳᠡ ᠢᠷᠡᠭᠰᠡᠨ ᠶᠤᠮ ᠪᠤᠢ᠃      ᠲᠡᠤᠬᠡ ᠰᠤᠶᠤᠯ ᠤᠨ ᠦᠯᠡᠳᠡᠭᠳᠡᠯ᠂ ᠢᠵᠠᠭᠤᠷ ᠰᠤᠶᠤᠯ ᠢᠶᠠᠨ ᠬᠠᠮᠠᠭᠠᠯᠠᠬᠤ ᠨᠢ ᠮᠠᠨ ᠤ ᠲᠠᠷᠬᠠᠨ ᠬᠠᠷᠢᠭᠤᠴᠠᠯᠭ᠎ᠠ ᠶᠤᠮ᠃ ᠨᠤᠶᠠᠨ ᠰᠦᠮ᠎ᠡ ᠶᠢᠨ ᠬᠤᠶᠠᠷ ᠴᠢᠯᠠᠭᠤᠨ ᠠᠷᠰᠯᠠᠨ᠂ ᠬᠤᠨᠳᠤ ᠰᠤᠷᠭᠠᠭᠤᠯᠢ ᠶᠢᠨ ᠬᠦᠷᠢᠶᠡᠨ ᠳᠤ ᠪᠠᠶᠢᠭᠰᠠᠨ ᠲᠤᠶᠢᠩᠬᠤᠷ ᠰᠠᠩ ᠤᠨ ᠴᠢᠯᠠᠭᠤᠨ ᠠᠷᠰᠯᠠᠨ᠂ ᠵᠢᠴᠢ ᠠᠷᠰᠯᠠᠨᠳᠤ ᠬᠤᠸᠠ ᠶᠢᠨ ᠴᠢᠯᠠᠭᠤᠨ ᠠᠷᠰᠯᠠᠨ ᠪᠤᠴᠠᠵᠤ ᠢᠷᠡᠭᠡᠳ ᠤᠤᠯ ᠤᠨ ᠤᠷᠤᠨ ᠳᠠᠭᠠᠨ ᠰᠠᠭᠠᠳᠠᠵᠤ᠂ ᠲᠡᠤᠬᠡ ᠰᠤᠶᠤᠯ ᠤᠨ ᠦᠪ ᠤᠯᠠᠮᠵᠢᠯᠠᠯ ᠢ ᠨᠤᠲᠤᠭ ᠤᠰᠤᠨ ᠤ ᠠᠷᠠᠳ ᠲᠦᠮᠡᠨ ᠳᠡᠭᠡᠨ ᠮᠡᠳᠡᠭᠦᠯᠵᠤ ᠪᠠᠶᠢᠬᠤ ᠶᠢ ᠡᠪᠤᠭᠡᠨ ᠪᠢ ᠴᠢᠩ ᠰᠡᠳᠬᠢᠯ ᠠᠴᠠ ᠪᠠᠨ ᠬᠦᠰᠡᠨ ᠲᠠᠭᠠᠳᠬᠠᠵᠤ ᠪᠠᠶᠢᠨ᠎ᠠ᠃      ᠡᠪᠤᠭᠡᠨ ᠪᠢ ᠲᠤᠰ ᠮᠡᠳᠡᠭᠡᠯᠡᠯ ᠢ ᠪᠢᠴᠢᠭᠰᠡᠨ ᠤᠭ ᠰᠠᠨᠠᠭ᠎ᠠ ᠪᠤᠯ ᠬᠤᠵᠢᠮ ᠬᠤᠶᠢᠰᠢ ᠶᠢᠨ ᠬᠡᠤᠭᠡᠳ ᠲᠡᠭᠦᠤᠨᠡᠷ  ᠲᠡᠭᠡᠨ ᠨᠤᠶᠠᠨ ᠰᠦᠮ᠎ᠡ ᠳᠤ ᠤᠤᠯ ᠳᠠᠭᠠᠨ ᠡᠶᠢᠮᠤ ᠬᠡᠳᠤᠨ ᠴᠢᠯᠠᠭᠤᠨ ᠠᠷᠰᠯᠠᠨ ᠪᠠᠶᠢᠭᠰᠠᠨ ᠪᠦᠭᠡᠳ ᠨᠡᠩ ᠤᠯᠠᠨ ᠲᠡᠤᠬᠡ ᠰᠤᠶᠤᠯ ᠤᠨ ᠲᠤᠷᠠᠰᠬᠠᠯᠳᠤ ᠵᠦᠢᠯ ᠪᠠᠶᠢᠵᠠᠢ ᠭᠡᠰᠡᠨ ᠢ ᠮᠡᠳᠡᠭᠦᠯᠬᠦ ᠭᠡᠰᠡᠨ ᠶᠤᠮ᠃ ᠦᠵᠡᠭᠦ ᠮᠡᠷᠭᠡᠳ ᠰᠢᠭᠦᠮᠵᠢᠯᠡᠯᠳᠡᠢ ᠪᠠᠷ ᠬᠦᠯᠢᠶᠡᠨ ᠠᠪᠬᠤ ᠪᠤᠯᠪᠠᠤ︕ ︵ ᠪᠤᠷᠵᠢᠭᠢᠨ ᠰᠠᠮᠪᠠᠯ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号