ᠠᠷᠤ ᠬᠤᠷᠴᠢᠨ ᠤ ᠲᠠᠯ᠎ᠠ ᠨᠤᠳᠤᠭ ᠲᠤ ᠰᠢ᠊ · ᠮᠦᠷᠡᠨ ᠠᠪᠠᠭ᠋ᠠᠢ ᠶᠢ ᠬᠠᠯᠠᠭᠤᠨ ᠢᠶᠠᠷ ᠤᠭᠳᠤᠭᠰᠠᠨ ᠲᠤᠬᠠᠢ ᠡᠷᠭᠢᠴᠡᠭᠦᠯᠤᠯ
ᠨᠡᠶᠢᠲᠡᠯᠡᠭᠰᠡᠨ ᠴᠠᠭ᠄
2020/10/14
                                                                  ᠤ · ᠲᠡᠮᠤᠷᠭᠤᠤᠯᠳᠤ      2006 ᠤᠨ ᠤ ᠵᠤᠨ ᠤ ᠰᠠᠶᠢᠬᠠᠨ ᠤᠯᠠᠷᠢᠯ ᠪᠠᠶᠢᠵᠦ ᠪᠢᠯᠠ᠃ ᠪᠢ ᠲᠡᠷᠡ ᠦᠶ᠎ᠡ ᠳᠤ ᠵᠠᠰᠠᠭ ᠤᠨ ᠤᠷᠳᠤᠨ ᠤ ᠠᠵᠢᠯ ᠠᠴᠠ ᠪᠠᠨ ᠰᠢᠯᠵᠢᠭᠡᠳ᠂ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠳᠤ ᠠᠵᠢᠯᠯᠠᠵᠦ ᠪᠠᠶᠢᠪᠠ᠃ ᠨᠢᠭᠡᠨ ᠡᠳᠤᠷ ᠬᠤᠰᠢᠭᠤᠨ ᠵᠠᠰᠠᠭ ᠤᠨ ᠤᠷᠳᠤᠨ ᠤ ᠠᠯᠪᠠᠨ ᠭᠡᠷ ᠠᠴᠠ ᠨᠠᠳᠠ ᠳᠤ ᠤᠳᠠᠰᠤ ᠢᠷᠡᠵᠦ᠂ ︽ᠲᠠᠶᠢᠸᠠᠨ ᠤ ᠠᠯᠳᠠᠷᠳᠤ ᠵᠢᠷᠤᠭᠴᠢᠨ᠂ ᠰᠢᠯᠦᠭᠴᠢᠨ᠂ ᠰᠤᠷᠭᠠᠨ ᠬᠦᠮᠤᠵᠢᠯ ᠤᠨ ᠨᠡᠷᠡᠳᠤ ᠬᠦᠮᠤᠨ ᠰᠢ᠊ · ᠮᠦᠷᠡᠨ ᠠᠪᠠᠭ᠋ᠠᠢ ᠮᠠᠨ ᠤ ᠠᠷᠤ ᠬᠤᠷᠴᠢᠨ ᠬᠤᠰᠢᠭᠤᠨ ᠳᠤ ᠬᠦᠷᠴᠦ ᠢᠷᠡᠭᠰᠡᠨ ᠲᠤᠯᠠ ᠲᠠ ᠬᠤᠰᠢᠭᠤᠨ ᠤ ᠪᠤᠰᠤᠳ ᠤᠳᠤᠷᠢᠳᠤᠯᠭ᠎ᠠ ᠲᠠᠢ ᠬᠠᠮᠳᠤ ᠤᠭᠳᠤᠯᠭ᠎ᠠ ᠶᠢᠨ ᠠᠵᠢᠯ ᠳᠤ ᠤᠷᠤᠯᠴᠠᠬᠤ ᠪᠤᠯᠪᠠᠤ︖︾ ᠭᠡᠵᠦ ᠬᠦᠰᠡᠪᠡ᠃      ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠳᠡᠰ᠂ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠂ ᠬᠤᠰᠢᠭᠤᠨ ᠤ ᠰᠤᠶᠤᠯ ᠤᠨ ᠲᠤᠪᠴᠢᠶ᠎ᠠ ᠵᠡᠷᠭᠡ ᠪᠠᠶᠢᠭᠤᠯᠭ᠎ᠠ ᠶᠢᠨ ᠬᠠᠷᠢᠭᠤᠴᠠᠯᠭᠠᠳᠠᠨ ᠨᠠᠷ ᠬᠦᠷᠦᠯᠴᠡᠨ ᠢᠷᠡᠵᠦ ᠰᠢ᠊ · ᠮᠦᠷᠡᠨ ᠠᠪᠠᠭ᠋ᠠᠢ ᠶᠢ ᠬᠠᠯᠠᠭᠤᠨ ᠢᠶᠠᠷ ᠤᠭᠳᠤᠭᠰᠠᠨ ᠪᠦᠭᠡᠳ ᠬᠤᠰᠢᠭᠤᠨ ᠤ ᠤᠯᠠᠭᠠᠨᠮᠦ᠋ᠴᠢᠷ ᠤᠨ ᠪᠤᠯᠪᠠᠰᠤᠷᠠᠯ  ᠤᠨ ᠲᠠᠯᠠᠪᠠᠢ ᠳᠤ ᠰᠢ᠊ · ᠮᠦᠷᠡᠨ ᠠᠪᠠᠭ᠋ᠠᠢ ᠶᠢ ᠤᠭᠳᠤᠬᠤ ᠲᠤᠰᠬᠠᠢ ᠲᠤᠭᠯᠠᠯᠳᠠ ᠭᠠᠷᠭᠠᠨ ᠦᠵᠡᠭᠦᠯᠪᠡ᠃ ᠠᠷᠤ ᠬᠤᠷᠴᠢᠨ ᠬᠤᠰᠢᠭᠤᠨ ᠤ ᠤᠯᠠᠭᠠᠨᠮᠦ᠋ᠴᠢᠷ ᠤᠨ ᠵᠠᠯᠠᠭᠤ ᠤᠷᠠᠯᠢᠭᠴᠢᠳ᠂ ᠠᠷᠤ ᠬᠤᠷᠴᠢᠨ ᠠᠷᠠᠳ ᠤᠨ ᠤᠯᠠᠮᠵᠢᠯᠠᠯᠳᠤ ᠤᠷᠳᠤ ᠶᠢᠨ ᠲᠠᠭᠤᠤ᠂ ᠮᠤᠩᠭᠤᠯ ᠦᠯᠢᠭᠡᠷ ᠬᠤᠯᠪᠤᠭ᠎ᠠ᠂ ᠰᠢᠯᠦᠭ ᠮᠠᠭᠳᠠᠭᠠᠯ᠂ ᠪᠦᠵᠢᠭ ᠵᠦᠴᠤᠭᠡ᠂ ᠲᠦᠷᠰᠤᠯᠡᠯᠳᠤ ᠲᠠᠭᠤᠯᠠᠯ᠂ ᠨᠠᠶᠢᠷᠠᠯ ᠬᠦᠭᠵᠢᠮ ᠵᠡᠷᠭᠡ ᠭᠤᠶᠤ ᠰᠠᠶᠢᠬᠠᠨ ᠦᠨᠳᠤᠰᠤᠳᠡᠨ ᠤ ᠤᠷᠠᠨ ᠲᠤᠭᠯᠠᠮ ᠢᠶᠠᠨ ᠲᠡᠭᠦᠨ ᠳᠤ ᠰᠤᠨᠢᠷᠬᠠᠭᠤᠯᠪᠠ᠃ ᠰᠢ᠊ · ᠮᠦᠷᠡᠨ ᠠᠪᠠᠭ᠋ᠠᠢ ᠲᠤᠩ ᠰᠡᠳᠬᠢᠯ ᠲᠠᠯᠪᠢᠨ ᠰᠤᠨᠢᠷᠬᠠᠵᠦ᠂ ᠲᠤᠭᠯᠠᠯᠳᠠ ᠶᠢᠨ ᠲᠤᠮᠳᠠ ᠲᠠᠰᠤᠷᠠᠯ ᠦᠬᠡᠢ ᠭᠠᠷ ᠠᠯᠠᠭᠠᠳᠠᠨ ᠪᠠᠶᠠᠷᠯᠠᠨ ᠬᠦᠭᠰᠡᠵᠦ᠂ ᠲᠠᠨᠠᠷ ᠲᠤ ᠪᠠᠶᠠᠷᠯᠠᠯ᠎ᠠ ᠭᠡᠵᠦ ᠶᠠᠷᠢᠵᠦ ᠪᠠᠶᠢᠯ᠎ᠠ᠃ ᠲᠤᠭᠯᠠᠯᠳᠠ ᠲᠡᠭᠦᠰᠦᠭᠰᠡᠨ ᠤ ᠲᠠᠷᠠᠭ᠎ᠠ ᠪᠢᠳᠠ ᠬᠠᠮᠳᠤ ᠶᠢᠨ ᠰᠡᠭᠦᠳᠡᠷ ᠲᠠᠳᠠᠭᠤᠯᠪᠠ᠃      ᠲᠤᠭᠯᠠᠯᠳᠠ ᠶᠢᠨ ᠲᠠᠷᠠᠭ᠎ᠠ᠂ ᠬᠤᠰᠢᠭᠤᠨ ᠤ ᠨᠢᠭᠡᠳᠤᠯᠳᠠᠢ ᠲᠤᠬᠢᠷᠠᠭᠤᠯᠭ᠎ᠠ ᠶᠤᠰᠤᠭᠠᠷ᠂ ᠪᠢᠳᠡ ᠬᠡᠳᠤᠭᠦᠯᠡ ᠲᠤᠰᠬᠠᠢ ᠮᠡᠰᠢᠨ ᠲᠡᠷᠭᠡ ᠪᠠᠷ ᠬᠠᠨᠰᠦ᠋ᠮ᠎ᠡ ᠰᠤᠮᠤ ᠶᠢ ᠴᠢᠭᠯᠡᠪᠡ᠃ ᠦᠳᠡ ᠶᠢᠨ ᠡᠮᠤᠨ᠎ᠡ ᠶᠢᠨ 11 ᠴᠠᠭ ᠤᠨ ᠦᠶ᠎ᠡ  ᠪᠠᠷ ᠪᠢᠳᠡ ᠬᠠᠨᠰᠦ᠋ᠮ᠎ᠡ ᠰᠤᠮᠤᠨ ᠤ ᠤᠷᠳᠤ ᠬᠦᠪ ᠭᠠᠴᠠᠭᠠᠨ ᠳᠠᠬᠢ ᠬᠦᠪ ᠤᠨ ᠲᠠᠯ᠎ᠠ ᠳᠤ ᠬᠦᠷᠪᠡ᠃ ᠮᠠᠯᠴᠢᠨ ᠲᠦᠮᠡᠨ ᠬᠦᠨᠳᠤᠳᠤ ᠵᠤᠴᠢᠨ ᠢᠷᠡᠬᠦ ᠭᠡᠵᠦ ᠪᠠᠶᠢᠨ᠎ᠠ ᠭᠡᠳ ᠬᠦᠬᠡᠷᠡᠨ ᠨᠤᠭᠤᠭᠠᠷᠠᠬᠤ ᠬᠦᠪ ᠤᠨ ᠲᠠᠯ᠎ᠠ ᠪᠠᠷ ᠬᠦᠯᠦᠭ ᠮᠤᠷᠢ ᠲᠤᠪᠳᠤᠯᠠᠭᠤᠯᠤᠨ ᠬᠦᠷᠴᠦ ᠢᠷᠡᠭᠡᠳ ᠮᠠᠨ ᠢ ᠤᠭᠳᠤᠨ ᠠᠪᠤᠯ᠎ᠠ᠃ ᠵᠤᠴᠢᠳ ᠨᠠᠷ ᠮᠠᠰᠢᠨ ᠲᠡᠷᠭᠡᠨ ᠠᠴᠠ ᠪᠠᠭᠤᠵᠦ ᠰᠢ᠊ · ᠮᠦᠷᠡᠨ ᠠᠪᠠᠭ᠋ᠠᠢ ᠠᠷᠤ ᠬᠤᠷᠴᠢᠨ ᠤ ᠴᠡᠪᠡᠷ ᠰᠠᠶᠢᠬᠠᠨ ᠠᠭᠠᠷ ᠢ ᠴᠡᠭᠡᠵᠢ ᠪᠠᠨ ᠤᠩᠭᠤᠶᠢᠳᠠᠯ᠎ᠠ ᠠᠮᠢᠰᠬᠤᠯᠠᠵᠦ᠂ ᠬᠦᠳᠡᠭᠡ ᠶᠢᠨ ᠰᠠᠶᠢᠬᠠᠨ ᠦᠵᠡᠮᠵᠢ ᠶᠢ ᠪᠠᠭ᠋ᠠᠷᠬᠠᠨ ᠬᠠᠷᠠᠭᠠᠳ᠂ ᠮᠠᠯᠴᠢᠳ ᠲᠠᠢ ︽ᠲᠠᠨᠠᠷ ᠮᠡᠨᠳᠤ ᠰᠠᠶᠢᠨᠡᠤ︖︾ ᠭᠡᠵᠦ ᠮᠡᠨᠳᠤᠴᠢᠯᠡᠬᠦ ᠳᠤ ᠠᠷᠠᠳ ᠮᠠᠯᠴᠢᠳ ᠮᠤᠩᠭᠤᠯ ᠤᠨ ᠰᠠᠶᠢᠬᠠᠨ ᠵᠠᠩᠰᠢᠯ ᠢᠶᠠᠷ ᠢᠶᠠᠨ ᠰᠢ᠊ · ᠮᠦᠷᠡᠨ ᠠᠪᠠᠭ᠋ᠠᠢ ᠳᠤ ᠠᠷᠢᠭᠤᠨ ᠴᠠᠭᠠᠨ ᠬᠠᠳᠠᠭ ᠡᠷᠭᠦᠨ᠂  ᠬᠠᠯᠠᠭᠤᠨ ᠢᠶᠠᠷ ᠤᠭᠳᠤᠵᠦ ᠠᠪᠤᠯ᠎ᠠ᠃ ᠰᠤᠮᠤᠨ ᠤ ᠤᠳᠤᠷᠢᠳᠤᠯᠭ᠎ᠠ᠂ ᠭᠠᠴᠠᠭᠠᠨ ᠤ ᠬᠠᠷᠢᠭᠤᠴᠠᠯᠭᠠᠳᠠᠨ᠂ ᠦᠷᠭᠡᠨ ᠤᠯᠠᠨ ᠮᠠᠯᠴᠢᠳ ᠨᠠᠷ ᠬᠦᠨᠳᠤᠳᠤ ᠵᠤᠴᠢᠨ ᠪᠤᠯᠤᠨ ᠬᠤᠰᠢᠭᠤᠨ ᠤᠳᠤᠷᠢᠳᠤᠯᠭ᠎ᠠ ᠨᠠᠷ ᠢ ᠪᠠᠨ ᠰᠠᠷᠠᠭᠤᠯ ᠲᠠᠯ᠎ᠠ ᠶᠢᠨ ᠲᠡᠨᠵᠢᠨ ᠳᠤ ᠪᠤᠰᠬᠠᠭᠰᠠᠨ ᠢᠰᠡᠭᠡᠢ ᠴᠠᠭᠠᠨ ᠮᠤᠩᠭᠤᠯ ᠭᠡᠷ ᠲᠤ ᠤᠷᠢᠨ ᠵᠠᠯᠠᠵᠦ᠂ ᠴᠠᠶᠢᠯᠠᠯᠭ᠎ᠠ ᠶᠢᠨ ᠰᠢᠷᠡᠭᠡᠨ ᠳᠤ  ᠴᠠᠭᠠᠨ ᠢᠳᠡᠭᠡᠨ ᠭᠠᠷᠭᠠᠵᠦ᠂ ᠬᠤᠷᠤᠳ ᠲᠤᠰᠤ ᠬᠠᠭᠤᠷᠠᠨᠰᠠᠨ ᠪᠤᠳᠠᠭ᠎ᠠ ᠦᠷᠤᠵᠦ᠂ ᠦᠷᠤᠮ᠎ᠡ ᠲᠠᠢ ᠬᠤᠭᠤᠯᠠ ᠬᠤᠳᠬᠤᠵᠦ ᠵᠤᠴᠢᠳ ᠢᠶᠠᠨ ᠵᠤᠴᠢᠯᠡᠵᠦ ᠲᠠᠶᠢᠯᠠᠪᠠ᠃ ᠤᠯᠠᠨ ᠢᠶᠠᠷ ᠢᠶᠠᠨ ᠬᠦᠷ ᠪᠠᠶᠠᠷ ᠲᠠᠢ ᠶᠠᠷᠢᠯᠴᠠᠵᠦ᠂ ᠬᠦᠭᠵᠢᠯᠳᠤᠨ ᠪᠠᠶᠠᠰᠤᠯᠴᠠᠭᠠᠳ ᠵᠢᠷᠤᠭ ᠰᠡᠭᠦᠳᠡᠷ ᠲᠠᠳᠠᠭᠤᠯᠪᠠ᠃ ᠮᠤᠩᠭᠤᠯ ᠨᠤᠳᠤᠭ ᠲᠠᠭᠠᠨ ᠢᠷᠡᠭᠰᠡᠨ ᠰᠢ᠊᠂ ᠮᠦᠷᠡᠨ ᠠᠪᠠᠭ᠋ᠠᠢ ᠮᠠᠯᠴᠢᠳ ᠠᠴᠠ ︽ᠮᠠᠯᠵᠢᠬᠤ ᠤᠶᠢᠯᠡᠳᠪᠤᠷᠢᠯᠡᠯ ᠶᠠᠮᠠᠷ ᠶᠠᠩᠵᠦ ᠲᠠᠢ  ᠪᠠᠶᠢᠨ᠎ᠠ︖︾᠂  ︽ᠠᠷᠠᠳ ᠮᠠᠯᠴᠢᠳ ᠤᠨ ᠠᠮᠢᠳᠤᠷᠠᠯ ᠶᠠᠮᠠᠷᠬᠠᠨ ᠪᠠᠶᠢᠬᠤ ︖  ︾ ᠵᠡᠷᠭᠡ ᠤᠯᠠᠨ ᠵᠦᠢᠯᠡᠡᠰ ᠢ  ᠠᠰᠠᠭᠤᠵᠦ ᠪᠠᠶᠢᠯ᠎ᠠ᠃ ᠨᠡᠯᠢᠶᠡᠳ ᠶᠠᠷᠢᠯᠴᠠᠨ ᠬᠦᠭᠵᠢᠯᠳᠦᠭᠰᠡᠨ ᠤ ᠲᠠᠷᠠᠭ᠎ᠠ᠂ ᠤᠯᠠᠨ ᠢᠶᠠᠷ ᠢᠶᠠᠨ ᠭᠠᠳᠠᠨ᠎ᠠ ᠭᠠᠷᠴᠦ ᠰᠢ᠊ · ᠮᠦᠷᠡᠨ ᠠᠪᠠᠭ᠋ᠠᠢ ᠳᠤ ᠴᠡᠯᠡᠭᠡᠷ ᠨᠤᠭᠤᠭᠠᠨ ᠲᠠᠯ᠎ᠠ ᠶᠢᠨ ᠲᠤᠮᠳᠠ᠂ ᠴᠡᠪᠡᠷ ᠲᠤᠬᠢᠯᠢᠭ ᠮᠤᠩᠭᠤᠯ ᠲᠡᠷᠯᠢᠭ ᠡᠮᠤᠰᠤᠭᠦᠯᠵᠦ᠂ ᠨᠤᠮᠤᠬᠠᠨ ᠰᠤᠷᠭᠠᠭᠰᠠᠨ ᠮᠤᠩᠭᠤᠯ ᠮᠤᠷᠢ ᠶᠢ ᠲᠡᠭᠦᠨ ᠳᠤ ᠤᠨᠤᠭᠤᠯᠤᠨ᠂ ᠴᠢᠯᠤᠭᠡᠳᠠᠢ ᠰᠠᠶᠢᠬᠠᠨ ᠰᠡᠭᠦᠳᠡᠷ ᠲᠠᠳᠠᠭᠤᠯᠵᠦ ᠲᠤᠷᠠᠰᠬᠠᠯ ᠦᠯᠡᠳᠡᠭᠡᠪᠡ᠃      ᠦᠳᠡ ᠪᠤᠯᠬᠤ ᠶᠢᠨ ᠦᠶ᠎ᠡ ᠪᠠᠷ ᠬᠠᠨᠰᠦ᠋ᠮ᠎ᠡ ᠰᠤᠮᠤᠨ ᠤ ᠵᠠᠬᠢᠷᠭ᠎ᠠ ᠳᠤ ᠬᠦᠷᠴᠦ᠂ ᠰᠤᠮᠤᠨ ᠠᠴᠠ ᠮᠤᠩᠭᠤᠯ  ᠤᠨ ᠵᠠᠩᠰᠢᠯ ᠶᠤᠰᠤᠭᠠᠷ ᠬᠤᠨᠢ ᠵᠠᠷᠤᠵᠦ ᠰᠢᠭᠦᠰᠤ ᠭᠠᠷᠭᠠᠨ᠂ ᠬᠦᠨᠳᠤᠳᠤ ᠵᠤᠴᠢᠳ ᠢᠶᠠᠨ ᠤᠭᠳᠤᠨ ᠲᠠᠶᠢᠯᠠᠪᠠ᠃ ᠶᠠᠷᠢᠯᠴᠠᠭᠠᠨ ᠤ ᠲᠤᠮᠳᠠ ᠰᠢ᠊ · ᠮᠦᠷᠡᠨ ︿ᠬᠠᠨᠰᠦ᠋ᠮ᠎ᠡ﹀ ᠭᠡᠰᠡᠨ ᠨᠡᠷᠡᠶᠢᠳᠤᠯ ᠢ ᠰᠤᠨᠤᠰᠤᠭᠠᠳ᠂ ᠠᠳᠡ ᠤᠤᠯ  ᠳᠠᠭᠠᠨ ᠬᠠᠭᠠᠨ ᠡᠵᠡᠨ ᠢᠷᠡᠵᠦ ᠦᠩᠭᠡᠷᠡᠭᠰᠡᠨ ᠶᠤᠮ ᠤᠤ︖ ᠡᠰᠡᠭᠦᠯ᠎ᠡ ᠬᠠᠭᠠᠨ ᠡᠵᠡᠨ ᠰᠠᠭᠤᠷᠢᠰᠢᠵᠦ ᠪᠠᠶᠢᠭᠰᠠᠨ ᠶᠤᠮ ᠤᠤ︖ ᠭᠡᠵᠦ ᠠᠰᠠᠭᠤᠯ᠎ᠠ᠃ ᠲᠡᠭᠡᠭᠡᠳ ᠰᠤᠮᠤᠨ ᠤ ᠤᠳᠤᠷᠢᠳᠤᠯᠭ᠎ᠠ ᠠᠴᠠ ᠲᠡᠷᠡ ᠦᠶ᠎ᠡ ᠳᠤ ᠶᠠᠭ ᠰᠠᠶ᠋ᠢᠬᠠᠨ ᠯᠢᠭᠳᠡᠨ ᠬᠤᠳᠤᠭᠳᠤ ᠬᠠᠭᠠᠨ ᠤ ︽ᠠᠪᠠᠭ᠎ᠠ ᠬᠠᠷ᠎ᠠ ᠴᠠᠭᠠᠨ ᠬᠤᠳᠠ︾ ᠶᠢᠨ ᠪᠠᠭᠤᠷᠢ ᠶᠢᠨ ᠲᠤᠬᠠᠢ ᠪᠦᠬᠦ ᠤᠯᠤᠰ  ᠤᠨ ᠰᠤᠳᠤᠯᠭᠠᠨ ᠤ ᠬᠤᠷᠠᠯ ᠬᠢᠬᠦ ᠭᠡᠵᠦ ᠪᠡᠯᠡᠳᠭᠡᠯ ᠬᠢᠵᠦ ᠪᠠᠶᠢᠭᠰᠠᠨ ᠦᠶ᠎ᠡ ᠲᠤᠯᠠ ᠠᠳᠡ ᠤᠤᠯ ᠳᠠᠭᠠᠨ ᠮᠤᠩᠭᠤᠯ ᠬᠠᠭᠠᠨᠳᠤ ᠲᠦᠷᠦ ᠶᠢᠨ ᠬᠠᠮᠤᠭ ᠰᠡᠭᠦᠯᠴᠢ ᠶᠢᠨ ᠬᠠᠭᠠᠨ ᠯᠢᠭᠳᠡᠨ ᠬᠤᠳᠤᠭᠳᠤ ᠬᠠᠭᠠᠨ ᠰᠠᠭᠤᠷᠢᠰᠢᠵᠦ ᠪᠠᠶᠢᠭᠰᠠᠨ ᠪᠠ ᠰᠡᠭᠦᠯᠡᠷ ᠨᠢ ᠴᠢᠩ ᠤᠯᠤᠰ ᠤᠨ ᠡᠩᠬᠡ ᠠᠮᠤᠭᠤᠯᠠᠩ ᠬᠠᠭᠠᠨ ᠬᠠᠨᠰᠦ᠋ᠮ᠎ᠡ ᠳᠤ ᠢᠷᠡᠵᠦ ︽ᠵᠠᠷᠯᠢᠭ ᠢᠶᠠᠷ ᠬᠡᠰᠢᠭ ᠢ ᠰᠢᠳᠦᠭᠴᠢ ᠰᠦᠮ᠎ᠡ︾ ᠭᠡᠵᠦ ᠢᠯᠡᠷᠭᠡᠶᠢᠯᠡᠯ ᠬᠦᠷᠳᠡᠭᠡᠭᠰᠡᠨ ᠤᠴᠢᠷ ᠢ ᠲᠡᠭᠦᠨ ᠳᠤ ᠬᠡᠯᠡᠵᠦ ᠦᠭᠪᠡ᠃ ᠰᠢ᠊ · ᠮᠦᠷᠡᠨ ᠠᠪᠠᠭ᠋ᠠᠢ ᠰᠤᠮᠤᠨ ᠤ ᠤᠳᠤᠷᠢᠳᠤᠯᠭ᠎ᠠ ᠶᠢᠨ ᠲᠠᠨᠢᠯᠴᠠᠭᠤᠯᠭ᠎ᠠ ᠶᠢ ᠰᠤᠨᠤᠰᠤᠭᠠᠳ ᠲᠤᠩ ᠪᠠᠭ᠋ᠠᠷᠬᠠᠨ ᠰᠤᠨᠢᠷᠬᠠᠭᠠᠳ᠄ ︽ᠲᠡᠷᠡ ᠬᠤᠳᠠᠨ ᠤ ᠪᠠᠭᠤᠷᠢ ᠨᠢ ᠬᠤᠯᠠ ᠪᠠᠶᠢᠨ᠎ᠠ ᠤᠤ︖  ᠪᠢᠳᠠ ᠬᠦᠷᠴᠦ  ᠳᠡᠶᠢᠯᠦᠨ᠎ᠡ ᠦᠦ︖︾ ᠭᠡᠵᠦ ᠠᠰᠠᠭᠤᠯ᠎ᠠ᠃ ᠰᠤᠮᠤᠨ ᠤ ᠤᠳᠤᠷᠢᠳᠤᠯᠭ᠎ᠠ ᠠᠴᠠ᠄ ︽ᠲᠡᠮᠡᠢ  ᠬᠤᠯᠠ  ᠦᠬᠡᠢ᠂  ᠬᠦᠷᠴᠦ  ᠲᠡᠶᠢᠯᠤᠨ᠎ᠡ  ︕︾  ᠭᠡᠯ᠎ᠡ᠃      ᠲᠡᠭᠡᠭᠡᠳ ᠦᠳᠡ ᠶᠢᠨ ᠬᠤᠶᠢᠨᠠᠬᠢ ᠬᠤᠶᠠᠷ ᠴᠠᠭ ᠢᠯᠡᠭᠦᠤ ᠶᠢᠨ ᠦᠶ᠎ᠡ ᠪᠠᠷ ᠮᠠᠰᠢᠨ ᠲᠡᠷᠭᠡ ᠪᠠᠷ ᠪᠢᠳᠠ ᠠᠪᠠᠭ᠎ᠠ ᠬᠠᠷᠠ ᠠᠭᠤᠯᠠ ᠶᠢᠨ ᠡᠩᠭᠡᠷ ᠲᠠᠬᠢ ᠯᠢᠭᠳᠡᠨ ᠬᠤᠳᠤᠭᠳᠤ ᠬᠠᠭᠠᠨ ᠤ ᠨᠡᠶᠢᠰᠯᠡᠵᠦ ᠪᠠᠶᠢᠭᠰᠠᠨ ︽ᠴᠠᠭᠠᠨ ᠬᠤᠳᠠ ᠶᠢᠨ ᠪᠠᠭᠤᠷᠢ︾ ᠲᠡᠭᠡᠷ᠎ᠡ ᠬᠦᠷᠪᠡ᠃      ᠲᠡᠷᠡᠬᠦ ᠤᠳᠠᠭᠠᠨ ᠤ ᠠᠶᠠᠯᠠᠯ ᠤᠨ ᠲᠠᠷᠠᠭ᠎ᠠ᠂ ᠮᠡᠬᠦᠰ ᠪᠢ ᠵᠠᠷᠢᠮ ᠰᠤᠨᠢᠨ ᠰᠡᠳᠬᠦᠯ ᠠᠴᠠ ᠴᠠᠭᠠᠨ ᠬᠤᠳᠠ  ᠶᠢᠨ ᠲᠤᠬᠠᠢ ᠲᠡᠤᠬᠡ ᠮᠠᠲ᠋ᠧᠷᠢᠶᠠᠯ ᠢ ᠡᠷᠢᠨ ᠰᠤᠪᠢᠭᠰᠠᠨ ᠢᠶᠠᠨ ᠠᠳᠡ ᠲᠡᠮᠳᠡᠭᠯᠡᠵᠦ ᠦᠯᠡᠳᠡᠭᠡᠪᠡ᠃ ᠴᠠᠭᠠᠨ ᠬᠤᠳᠠ  ᠶᠢᠨ ᠪᠠᠭᠤᠷᠢ ᠨᠢ ᠤᠯᠠᠭᠠᠨᠬᠠᠳᠠ ︵ᠤᠤᠯ ᠤᠨ ᠵᠤᠤ ᠤᠳᠠ ᠠᠶᠢᠮᠠᠭ︶ ᠬᠤᠳᠠ ᠶᠢᠨ ᠠᠷᠤ ᠬᠤᠷᠴᠢᠨ ᠬᠤᠰᠢᠭᠤᠨ ᠤ ᠬᠤᠶᠢᠳᠤ ᠬᠡᠰᠡᠭ ᠤᠨ ᠬᠠᠨᠰᠦ᠋ᠮ᠎ᠡ ᠰᠤᠮᠤᠨ ᠤ ᠴᠠᠭᠠᠨᠬᠤᠳᠠ ᠭᠠᠴᠠᠭᠠᠨ ᠤ ᠬᠠᠷᠢᠶᠠᠨ ᠳᠤ ᠤᠷᠤᠰᠢᠨ᠎ᠠ᠃ ᠡᠨᠡ ᠬᠤᠳᠠ ᠶᠢᠨ ᠪᠠᠭᠤᠷᠢ ᠨᠢ ᠬᠤᠰᠢᠭᠤᠨ ᠲᠦᠪ ᠴᠢᠪᠠᠭ᠎ᠠ ᠪᠠᠯᠭᠠᠰᠤᠨ ᠠᠴᠠ  ᠬᠤᠶᠢᠰᠢ 75 ᠺᠢᠯᠤᠮᠧᠲᠷ  ᠵᠠᠶᠢᠳᠠᠢ᠂ ᠵᠠᠭᠦᠨᠰᠢ ᠤᠤᠯ ᠤᠨ ᠰᠤᠮᠤᠨ ᠤ ᠲᠦᠪ ᠪᠠᠶᠢᠭᠰᠠᠨ ᠪᠠᠶᠠᠨᠬᠤᠰᠢᠭᠤ ᠠᠴᠠ 7 ᠺᠢᠯᠤᠮᠧᠲᠷ  ᠵᠠᠶᠢᠳᠠᠢ᠂ ᠪᠠᠷᠠᠭᠤᠨᠰᠢ ᠴᠠᠭᠠᠨᠬᠤᠳᠠ ᠭᠠᠴᠠᠭ᠎ᠠ ᠠᠴᠠ 2 ᠺᠢᠯᠤᠮᠧᠲᠷ ᠵᠠᠶᠢᠳᠠᠢ ᠪᠠᠶᠢᠳᠠᠭ᠃      ᠴᠠᠭᠠᠨ ᠬᠤᠳᠠ ᠶᠢᠨ ᠪᠠᠭᠤᠷᠢ ᠨᠢ ᠦᠪᠤᠷ ᠮᠤᠩᠭᠤᠯ ᠤᠨ ᠦᠨᠳᠦᠷᠯᠢᠭ ᠤᠨ ᠶᠡᠭᠡ ᠬᠢᠩᠭᠠᠨ ᠲᠠᠪᠠᠭ᠎ᠠ ᠶᠢᠨ ᠠᠭᠤᠯᠠ ᠨᠢᠷᠤᠭᠤᠨ ᠤ ᠡᠮᠤᠨᠡᠬᠢ ᠲᠤᠪᠤᠷᠴᠠᠭ ᠲᠠᠯ᠎ᠠ ᠨᠤᠳᠤᠭ ᠲᠤ ᠪᠠᠶᠢᠷᠢᠰᠢᠵᠦ ᠪᠠᠶᠢᠳᠠᠭ᠃ ᠬᠤᠳᠠ ᠶᠢᠨ ᠠᠷᠤ ᠪᠠᠷ ᠦᠨᠳᠤᠷ ᠰᠦᠷᠯᠢᠭ ᠬᠢᠩᠭᠠᠨ ᠲᠠᠪᠠᠭ᠎ᠠ ᠵᠠᠭᠦᠨᠰᠢ ᠪᠠᠷᠠᠭᠤᠨᠰᠢ ᠬᠦᠨᠳᠠᠯᠢᠰᠤᠵᠤ᠂ ᠡᠮᠤᠨᠡᠭᠦᠷ ᠨᠢ ᠤᠶᠢᠯᠤᠨ ᠵᠠᠯᠭᠠᠯᠳᠤᠭᠰᠠᠨ ᠨᠠᠮᠠᠬᠠᠨ ᠲᠤᠪᠤᠷᠴᠠᠭ ᠤᠳ ᠦᠷᠭᠦᠯᠵᠢᠯᠡᠨ ᠬᠠᠷᠠᠭᠳᠠᠨ᠎ᠠ᠃ ᠠᠷᠤ ᠡᠮᠤᠨᠡᠬᠢ ᠬᠤᠶᠠᠷ ᠠᠭᠤᠯᠠᠨ ᠤ ᠬᠤᠭᠤᠷᠤᠨᠳᠤᠭᠤᠷ ᠲᠡᠭᠰᠢ ᠠᠭᠤᠳᠠᠮ ᠲᠠᠯ᠎ᠠ ᠪᠠᠷ ᠨᠢᠭᠡᠨ ᠵᠤᠷᠪᠤᠰ ᠭᠤᠤᠯ ᠵᠡᠭᠦᠨᠰᠢ ᠤᠷᠤᠰᠴᠦ ᠬᠠᠭᠢᠷ ᠤᠨ ᠭᠤᠤᠯ  ᠳᠤ ᠴᠢᠳᠬᠤᠨ᠎ᠠ᠃ ᠴᠠᠭᠠᠨ ᠬᠤᠳᠠ ᠶᠢᠨ ᠪᠠᠭᠤᠷᠢ ᠶᠢᠨ ᠵᠡᠭᠦᠨ ᠲᠠᠯ᠎ᠠ ᠳᠤ ᠨᠢᠭᠡᠨ ᠵᠤᠷᠪᠤᠰ ᠠᠭᠤᠯᠠ ᠶᠢᠨ ᠬᠦᠨᠳᠡᠢ ᠶᠡᠭᠡ ᠬᠢᠩᠭᠠᠨ ᠲᠠᠪᠠᠭ᠎ᠠ ᠶᠢ ᠬᠦᠨᠳᠡᠯᠡᠨ ᠲᠠᠰᠤᠯᠵᠦ᠂ ᠮᠤᠩᠭᠤᠯ ᠤᠨ ᠦᠨᠳᠦᠷᠯᠢᠭ ᠠᠴᠠ ᠰᠤᠩᠭᠠᠷᠢ ᠮᠦᠷᠡᠨ᠂ ᠯᠢᠶᠤᠤ ᠾᠧ ᠭᠤᠤᠯ ᠤᠨ ᠰᠠᠪᠠ ᠭᠠᠵᠠᠷ ᠨᠡᠪᠳᠡᠷᠡᠬᠦ ᠪᠠᠶᠢᠭᠠᠯᠢᠯᠢᠭ ᠬᠤᠪᠬᠢᠯ ᠲᠠᠢ ᠪᠠᠶᠢᠳᠠᠭ᠃ ᠡᠶᠢᠨᠬᠦ ᠴᠠᠭᠠᠨ ᠬᠤᠳᠠ ᠨᠢ ᠦᠩᠭᠡᠷᠡᠭᠰᠡᠨ ᠳᠡᠭᠡᠨ ᠠᠶᠠᠳᠠᠢ ᠰᠠᠶᠢᠨ ᠵᠠᠮ ᠬᠠᠷᠢᠯᠴᠠᠭᠠᠨ ᠤ ᠨᠦᠬᠦᠴᠡᠯ ᠪᠠ ᠪᠠᠶᠢᠯᠳᠤᠬᠤ ᠪᠤᠳᠤᠯᠭ᠎ᠠ  ᠶᠢᠨ ᠪᠠᠶᠢᠷᠢ ᠰᠠᠭᠤᠷᠢ ᠲᠠᠢ ᠭᠡᠳᠡᠭ ᠨᠢ ᠢᠯᠡᠷᠡᠭᠡᠢ ᠪᠠᠶᠢᠨ᠎ᠠ᠃ ᠴᠠᠭᠠᠨ ᠬᠤᠳᠠ ᠶᠢᠨ ᠤᠷᠴᠢᠮ ᠳᠠᠬᠢ ᠪᠠᠶᠢᠭᠠᠯᠢ ᠤᠷᠴᠢᠨ ᠮᠠᠰᠢ ᠲᠠᠪᠠᠭᠤᠯᠢᠭ᠂ ᠬᠤᠳᠠ ᠶᠢᠨ ᠠᠷᠤ ᠳᠠᠬᠢ ᠶᠡᠭᠡ ᠬᠢᠩᠭᠠᠨ ᠲᠠᠪᠠᠭ᠎ᠠ ᠬᠠᠯᠬᠠᠪᠴᠢ ᠪᠤᠯᠵᠦ᠂ ᠤᠮᠠᠷᠠᠳᠤ  ᠶᠢᠨ ᠬᠦᠢᠳᠡᠨ ᠤᠷᠤᠰᠬᠠᠯ ᠢ ᠬᠠᠰᠢᠵᠦ᠂ ᠠᠭᠤᠷ ᠠᠮᠢᠰᠬᠤᠯ ᠵᠤᠨ ᠳᠠᠭᠠᠨ ᠰᠡᠷᠢᠭᠦᠨ ᠡᠪᠤᠯ ᠳᠡᠭᠡᠨ ᠲᠤᠯᠠᠭᠠᠨ ᠪᠠᠶᠢᠳᠠᠭ᠃ ᠡᠨᠡᠬᠦ ᠲᠠᠯ᠎ᠠ ᠨᠤᠳᠤᠭ ᠲᠤ ᠭᠤᠤᠯ ᠮᠦᠷᠡᠨ ᠰᠦᠯᠵᠢᠯᠳᠤᠵᠦ᠂ ᠬᠦᠷᠤᠰᠤ ᠰᠢᠷᠤᠢ ᠦᠩ ᠰᠢᠮᠡᠯᠢᠭ᠂ ᠡᠪᠡᠰᠤ ᠪᠡᠯᠴᠢᠭᠡᠷ ᠢᠭ᠌ᠴᠢ ᠰᠠᠬᠤᠯᠢᠭ ᠪᠠᠶᠢᠵᠦ᠂ ᠬᠦᠮᠤᠨ ᠲᠦᠷᠦᠯᠬᠢᠳᠡᠨ ᠤ ᠤᠷᠤᠰᠢᠨ ᠰᠠᠭᠤᠷᠢᠰᠢᠬᠤᠢ ᠳᠤ ᠮᠠᠰᠢ ᠲᠤᠬᠢᠷᠠᠮᠵᠢᠳᠠᠢ ᠪᠠᠶᠢᠳᠠᠭ ᠠᠵᠢ᠃      ᠴᠠᠭᠠᠨ ᠬᠤᠳᠠ ᠨᠢ ᠮᠢᠩ ᠤᠯᠤᠰ ᠤᠨ ᠰᠡᠭᠦᠯᠴᠢ ᠶᠢᠨ ᠦᠶ᠎ᠡ ᠳᠠᠬᠢ ᠦᠪᠤᠷ ᠮᠤᠩᠭᠤᠯ ᠤᠨ ᠵᠡᠭᠦᠨ ᠬᠡᠰᠡᠭ  ᠤᠨ ᠤᠯᠤᠰ ᠲᠦᠷᠦ ᠶᠢᠨ ᠲᠦᠪ ᠤᠨ ᠬᠤᠪᠢ ᠪᠠᠷ ᠬᠠᠨᠰᠦ᠋ᠮ᠎ᠡ ᠶᠢᠨ ᠬᠢᠵᠠᠭᠠᠷ ᠲᠤ ᠲᠤᠶᠢᠯ ᠤᠨ ᠪᠠᠶᠠᠯᠢᠭ ᠬᠠᠭᠤᠴᠢ  ᠥᠪ ᠢ ᠦᠯᠡᠳᠡᠭᠡᠵᠠᠢ᠃ ᠨᠢᠭᠳᠠᠯᠠᠪᠠᠯ ᠡᠨᠡ ᠤᠷᠴᠢᠮ ᠨᠢᠭᠡᠨ ᠲᠡᠤᠬᠡ ᠶᠢᠨ ᠦᠶ᠎ᠡ ᠶᠢᠨ ᠠᠳᠠᠯᠢ ᠪᠤᠰᠤ ᠱᠠᠳᠤᠨ ᠳᠤ ᠪᠠᠶᠢᠭᠤᠯᠤᠭᠰᠠᠨ ᠭᠤᠷᠪᠠᠨ ᠬᠠᠭᠤᠴᠢᠨ ᠬᠤᠳᠠ ᠪᠠ ᠬᠤᠶᠠᠷ ᠬᠡᠰᠡᠭ ᠪᠤᠯᠠᠰᠢ ᠪᠠᠶᠢᠬᠤ ᠪᠦᠭᠡᠳ ᠡᠨᠡ ᠭᠤᠷᠪᠠᠨ ᠬᠤᠳᠠ ᠳᠤ ᠲᠦᠪᠯᠡᠷᠡᠭᠦᠯᠦᠭᠡᠳ ᠶᠡᠭᠡ ᠬᠡᠮᠵᠢᠶᠡᠨ ᠤ ᠰᠠᠭᠤᠷᠢᠰᠢᠯ ᠤᠨ ᠪᠠᠭᠤᠷᠢ ᠪᠠᠶᠢᠬᠤ ᠶᠢ ᠢᠯᠡᠷᠡᠭᠦᠯᠪᠡ᠃      ᠪᠠᠷᠠᠭᠤᠨ ᠴᠠᠭᠠᠨ ᠬᠤᠳᠠ ᠨᠢ ᠴᠠᠭᠠᠨ ᠬᠤᠳᠠ ᠶᠢᠨ ᠭᠠᠳᠠᠷ ᠬᠡᠷᠡᠮ ᠤᠨ ᠪᠠᠷᠠᠭᠤᠨ ᠲᠠᠯ᠎ᠠ ᠶᠢᠨ ᠲᠤᠮᠳᠠ ᠬᠡᠰᠡᠭ ᠲᠤ ᠤᠷᠤᠰᠢᠵᠦ᠂ ᠲᠤᠰ ᠬᠤᠳᠠ ᠶᠢᠨ ᠪᠠᠷᠠᠭᠤᠨ ᠬᠡᠰᠡᠭ ᠨᠢ ᠴᠠᠭᠠᠨ ᠬᠤᠳᠠ ᠶᠢᠨ ᠭᠠᠳᠠᠷ ᠬᠤᠳᠠ ᠶᠢᠨ ᠪᠠᠷᠠᠭᠤᠨ ᠬᠡᠷᠡᠮ ᠳᠤ ᠲᠠᠭᠠᠷᠢᠭᠳᠠᠵᠠᠢ᠃ ᠴᠠᠭᠠᠨ ᠬᠤᠳᠠ ᠨᠢ ᠤᠷᠳᠤ ᠲᠦᠷᠪᠡᠯᠵᠢᠨ ᠬᠡᠯᠪᠡᠷᠢᠳᠠᠢ᠂ ᠬᠤᠶᠠᠷ ᠲᠠᠪᠬᠤᠷ ᠬᠤᠳᠠ ᠠᠴᠠ ᠲᠠᠪᠬᠤᠷᠯᠠᠨ ᠪᠦᠳᠦᠭᠡᠭᠰᠡᠨ ᠪᠠᠶᠢᠳᠠᠭ᠃ ᠴᠢᠭᠯᠡᠯ ᠨᠢ 350  ᠭᠷᠠᠳᠦ᠋ᠰ᠃ ᠬᠤᠳᠠ ᠨᠢ ᠡᠮᠤᠨᠡᠰᠢ ᠤᠮᠠᠷᠠᠰᠢ ᠤᠷᠳᠤ᠂ ᠵᠡᠭᠦᠨᠰᠢ ᠪᠠᠷᠠᠭᠤᠨᠰᠢ ᠤᠬᠤᠷ᠂ ᠤᠳᠤ ᠡᠪᠳᠡᠷᠡᠨ ᠨᠤᠷᠠᠭᠠᠳ ᠲᠤᠪᠤᠴᠠᠭ  ᠯᠠ ᠲᠡᠳᠤᠢ ᠪᠤᠯᠵᠠᠢ᠃  ᠭᠠᠳᠠᠷ ᠲᠤᠳᠤᠷ᠎ᠠ ᠬᠤᠳᠠ ᠨᠢ ᠪᠦᠷ ᠡᠮᠤᠨᠡᠰᠢ ᠪᠠᠨ ᠡᠭᠦᠳᠡ ᠲᠠᠢ᠂ ᠭᠠᠳᠠᠷ ᠬᠤᠳᠠ ᠶᠢᠨ ᠬᠡᠷᠡᠮ ᠨᠢ ᠲᠤᠳᠤᠷ᠎ᠠ ᠬᠤᠳᠠ ᠶᠢᠨ ᠬᠢ ᠠᠴᠠ ᠪᠠᠨ ᠪᠤᠭᠤᠨᠢ᠂ ᠪᠠᠷᠠᠭᠤᠨ ᠲᠠᠯ᠎ᠠ ᠪᠠ ᠠᠷᠤ ᠲᠠᠯ᠎ᠠ ᠨᠢ ᠪᠦᠷᠢᠨ ᠪᠦᠳᠤᠨ ᠪᠠᠶᠢᠭᠰᠠᠭᠠᠷ᠃ ᠵᠡᠭᠦᠨ ᠲᠠᠯ᠎ᠠ ᠨᠢ ᠴᠠᠭᠠᠨ ᠬᠤᠳᠠ ᠶᠢᠨ ᠭᠠᠳᠠᠷ ᠬᠡᠷᠡᠮ ᠤᠨ ᠲᠤᠳᠤᠷ᠎ᠠ ᠤᠷᠤᠭᠠᠳ ᠨᠡᠯᠢᠶᠡᠳ ᠬᠦᠨᠳᠤ ᠨᠤᠴᠢᠳᠠᠢ ᠡᠪᠳᠡᠭᠳᠡᠵᠠᠢ᠃ ᠭᠠᠳᠠᠷ ᠬᠤᠳᠠ ᠨᠢ ᠵᠠᠭᠦᠨᠰᠢ ᠪᠠᠷᠠᠭᠤᠨᠰᠢ 164 ᠮᠧᠲᠷ᠂ ᠡᠮᠤᠨᠡᠰᠢ ᠤᠮᠠᠷᠠᠰᠢ 260 ᠮᠧᠲᠷ᠂ ᠬᠡᠷᠡᠮ ᠤᠨ ᠰᠠᠭᠤᠷᠢ ᠨᠢ 8 ᠮᠧᠲᠷ ᠦᠷᠭᠡᠨ᠂ ᠬᠡᠷᠡᠮ ᠤᠨ ᠤᠷᠤᠢ ᠶᠢᠨ ᠦᠷᠬᠡᠨ ᠨᠢ  ᠪᠠᠷᠤᠭ ᠣᠣᠯ ᠤᠨ 1 ᠮᠧᠲᠷ ᠪᠠᠶᠢᠭᠰᠠᠨ ᠢᠶᠠᠨ ᠤᠳᠦ 0.4  ᠮᠧᠲᠷ ᠦᠯᠡᠳᠡᠵᠦ  ᠂ ᠬᠡᠷᠡᠮ ᠤᠨ ᠦᠨᠳᠤᠷ ᠨᠢ ᠤᠤᠯ ᠤᠨ 2 ᠮᠧᠲᠷ ᠪᠠᠶᠢᠭᠰᠠᠨ  ᠢᠶᠠᠨ ᠤᠳᠦ 0. 6 ᠮᠧᠲᠷ ᠪᠤᠢ᠃      ᠲᠤᠳᠤᠷ᠎ᠠ ᠬᠤᠳᠠ ᠨᠢ ᠭᠠᠳᠠᠷ ᠬᠤᠳᠠ ᠶᠢᠨ ᠢᠶᠠᠨ ᠲᠤᠮᠳᠠ ᠪᠠᠶᠢᠷᠢᠯᠠᠵᠦ᠂ ᠬᠢᠳᠠᠳ ᠪᠢᠴᠢᠯᠭᠡ ᠶᠢᠨ回 ᠦᠰᠦᠭ ᠤᠨ ᠬᠡᠯᠪᠡᠷᠢ ᠲᠠᠢ᠂ ᠬᠤᠳᠠ ᠶᠢᠨ ᠬᠡᠷᠡᠮ ᠨᠢ ᠨᠡᠯᠢᠶᠡᠳ ᠦᠨᠳᠤᠷ ᠪᠦᠭᠡᠳ ᠲᠦᠷᠪᠡᠨ ᠦᠨᠴᠦᠭ ᠲᠤ ᠪᠠᠨ ᠲᠠᠭᠳᠤ ᠲᠠᠢ᠂ ᠵᠡᠭᠦᠨᠰᠢ ᠪᠠᠷᠠᠭᠤᠨᠰᠢ 80 ᠮᠧᠲᠷ᠂ ᠡᠮᠤᠨᠡᠰᠢ ᠤᠮᠠᠷᠠᠰᠢ 133 ᠮᠧᠲᠷ ᠪᠤᠢ᠃ ᠬᠤᠳᠠ ᠶᠢᠨ ᠬᠡᠷᠡᠮ  ᠤᠨ ᠰᠠᠭᠤᠷᠢ ᠨᠢ 10 ᠮᠧᠲᠷ ᠦᠷᠭᠡᠨ᠂ ᠬᠡᠷᠡᠮ ᠤᠨ ᠤᠷᠤᠢ ᠨᠢ 0. 8-2 ᠮᠧᠲᠷ ᠦᠷᠭᠡᠨ᠂ ᠦᠨᠳᠤᠷ ᠨᠢ 1-2 ᠮᠧᠲᠷ ᠪᠤᠢ᠃ ᠬᠠᠩᠳᠠᠭᠰᠠᠨ ᠰᠢᠷᠤᠢ ᠶᠢᠨ ᠲᠠᠪᠬᠤᠷᠭ᠎ᠠ ᠨᠢ 0 .8-1 ᠰᠡᠨᠲ᠋ᠢᠮᠧᠲᠷ᠂ ᠬᠤᠳᠠ ᠶᠢᠨ ᠡᠮᠤᠨᠡᠬᠢ ᠭᠤᠤᠯ ᠡᠭᠦᠳᠡ ᠨᠢ ᠪᠤᠳᠤᠩ ᠤᠨ ᠬᠡᠯᠪᠡᠷᠢ ᠤᠨ ᠬᠠᠯᠬᠠᠪᠴᠢ ᠬᠡᠷᠡᠮ ᠲᠠᠢ᠂ ᠡᠮᠤᠨ᠎ᠡ ᠡᠭᠦᠳᠡᠨ ᠤ ᠰᠠᠭᠤᠷᠢ  ᠶᠢᠨ ᠦᠷᠭᠡᠨ ᠨᠢ 8 ᠮᠧᠲᠷ ᠪᠠᠶᠢᠵᠦ᠂ ᠡᠨᠡᠬᠦ ᠡᠭᠦᠳᠡ ᠪᠠᠷ ᠲᠤᠳᠤᠭᠰᠢᠯᠠᠪᠠᠯ᠂ ᠭᠤᠤᠯ ᠵᠠᠮ ᠨᠢ ᠰᠢᠭᠤᠳ ᠬᠤᠳᠠ  ᠶᠢᠨ ᠠᠷᠤ ᠬᠡᠰᠡᠭ ᠤᠷᠴᠢᠮ ᠳᠠᠬᠢ ᠶᠡᠭᠡ ᠤᠷᠳᠤᠨ ᠬᠠᠷᠰᠢ ᠳᠤ ᠬᠦᠷᠬᠦ ᠪᠦᠭᠡᠳ ᠭᠤᠤᠯ ᠤᠷᠳᠤᠨ ᠬᠠᠷᠰᠢ ᠶᠢᠨ ᠬᠤᠶᠠᠷ ᠲᠠᠯ᠎ᠠ ᠪᠠᠷ ᠲᠤᠰ ᠲᠤᠰ ᠨᠡᠯᠢᠶᠡᠳ ᠶᠡᠭᠡ ᠭᠤᠷᠪᠠᠨ ᠬᠠᠵᠠᠭᠤ ᠶᠢᠨ ᠬᠠᠷᠰᠢ ᠲᠠᠢ᠂ ᠭᠤᠤᠯ ᠱᠤᠭᠤᠮ ᠢᠶᠠᠷ ᠲᠦᠪᠯᠡᠷᠡᠭᠦᠯᠦᠭᠰᠡᠨ ᠪᠠᠶᠢᠷᠢᠰᠢᠯ ᠢ ᠪᠦᠷᠢᠯᠳᠤᠭᠦᠯᠵᠠᠢ᠃ ᠶᠡᠭᠡ ᠤᠷᠳᠤᠨ ᠬᠠᠷᠰᠢ ᠨᠢ ᠬᠤᠳᠠ ᠶᠢᠨ ᠠᠷᠤ ᠬᠡᠰᠡᠭ ᠤᠨ ᠲᠦᠪ ᠲᠤ ᠪᠠᠶᠢᠷᠢᠰᠢᠵᠦ᠂ ᠶᠡᠭᠡ ᠬᠠᠩᠳᠠᠭᠰᠠᠨ ᠰᠢᠷᠤᠢ ᠶᠢᠨ ᠲᠠᠪᠴᠠᠩ ᠲᠡᠭᠡᠷ᠎ᠡ ᠪᠠᠶᠢᠭᠤᠯᠵᠠᠢ᠃ ᠶᠡᠭᠡ ᠬᠠᠷᠰᠢ ᠶᠢᠨ ᠶᠡᠷᠤᠩᠭᠡᠢ ᠤᠷᠳᠤ ᠨᠢ 80 ᠮᠧᠲᠷ᠂ ᠲᠦᠪ ᠲᠠᠪᠴᠠᠩ ᠤᠨ ᠰᠠᠭᠤᠷᠢ ᠶᠢᠨ ᠦᠷᠭᠡᠨ ᠨᠢ 34 ᠮᠧᠲᠷ᠂ ᠦᠨᠳᠤᠷ ᠨᠢ 4 ᠮᠧᠲᠷ᠂ ᠲᠦᠪ ᠲᠠᠪᠴᠠᠩ ᠲᠡᠭᠡᠷ᠎ᠡ ᠨᠢᠭᠡᠨ ᠤᠷᠳᠤ ᠲᠦᠷᠪᠡᠯᠵᠢᠨ ᠬᠡᠯᠪᠡᠷᠢᠳᠠᠢ ᠬᠠᠷᠰᠢ ᠪᠠᠶᠢᠵᠠᠢ᠃ ᠲᠤᠯᠭᠠᠭᠤᠷᠢ  ᠶᠢᠨ ᠰᠠᠭᠤᠷᠢ ᠪᠠ ᠭᠠᠵᠠᠷ ᠲᠡᠪᠢᠰᠦᠭᠰᠡᠨ ᠲᠦᠷᠪᠡᠯᠵᠢᠨ ᠲᠤᠭᠤᠰᠬ᠎ᠠ ᠨᠢ ᠮᠦᠨ ᠪᠦᠳᠤᠨ ᠪᠠᠶᠢᠭᠰᠠᠭᠠᠷ᠃ ᠵᠡᠭᠦᠨᠰᠢ ᠪᠠᠷᠠᠭᠤᠨᠰᠢ 22 ᠮᠧᠲᠷ᠂ ᠦᠷᠭᠡᠨ ᠢᠶᠠᠷ ᠢᠶᠠᠨ 15 ᠮᠧᠲᠷ᠂ ᠬᠤᠶᠠᠷ ᠲᠠᠯ᠎ᠠ ᠶᠢᠨ ᠬᠠᠷᠰᠢ ᠨᠢ ᠲᠡᠭᠰᠢ ᠲᠦᠷᠪᠡᠯᠵᠢᠨ ᠬᠡᠯᠪᠡᠷᠢᠳᠠᠢ᠂ ᠲᠦᠪ ᠬᠠᠷᠰᠢ ᠲᠠᠢ ᠪᠠᠨ ᠬᠠᠷᠢᠯᠴᠠᠨ ᠨᠡᠪᠳᠡᠷᠡᠯᠴᠡᠬᠦ ᠦᠬᠡᠢ᠃ ᠲᠦᠪ ᠤᠨ ᠶᠡᠭᠡ ᠤᠷᠳᠤᠨ ᠬᠠᠷᠰᠢ  ᠠᠴᠠ ᠡᠮᠤᠨᠡᠰᠢ ᠭᠤᠤᠯ ᠵᠠᠮ ᠤᠨ ᠬᠤᠶᠠᠷ ᠲᠠᠯ᠎ᠠ ᠪᠠᠷ ᠲᠤᠰ ᠪᠦᠷᠢ 3 ᠬᠠᠵᠠᠭᠤ ᠶᠢᠨ ᠬᠠᠷᠰᠢ ᠲᠠᠢ᠂ ᠡᠳᠡᠭᠡᠷ ᠢᠶᠠᠨ ᠮᠦᠨ ᠦᠨᠳᠤᠷ ᠲᠤᠮᠤ ᠬᠠᠩᠳᠠᠭᠰᠠᠨ ᠰᠢᠷᠤᠢ ᠶᠢᠨ ᠲᠠᠪᠴᠠᠩ ᠲᠡᠭᠡᠷ᠎ᠡ ᠪᠠᠶᠢᠭᠤᠯᠪᠠ᠃ ᠪᠤᠢ ᠪᠦᠬᠦᠢ ᠤᠷᠳᠤᠨ ᠬᠠᠷᠰᠢ  ᠶᠢᠨ ᠰᠠᠭᠤᠷᠢ ᠲᠡᠭᠡᠷ᠎ᠡ ᠶᠡᠭᠡ ᠬᠡᠮᠵᠢᠶᠡᠨ ᠤ ᠨᠤᠭᠤᠭᠠᠨ ᠰᠢᠷ ᠲᠠᠢ  ᠸᠠᠭᠠᠷ ᠪᠠ ᠦᠨᠡᠰᠤᠨ ᠦᠩᠭᠡ ᠲᠠᠢ ᠡᠩ ᠤᠨ ᠸᠠᠭᠠᠷ ᠤᠨ ᠬᠡᠮᠬᠡᠳᠡᠭ ᠲᠠᠷᠬᠠᠵᠦ ᠪᠤᠢ᠃ ᠬᠠᠮᠤᠭ ᠭᠠᠳᠠᠷ ᠲᠠᠯ᠎ᠠ ᠶᠢᠨ ᠬᠠᠵᠠᠭᠤ ᠶᠢᠨ ᠬᠠᠷᠰᠢ ᠶᠢᠨ ᠡᠮᠤᠨ᠎ᠡ ᠭᠤᠤᠯ ᠵᠠᠮ ᠤᠨ ᠬᠤᠶᠠᠷ ᠲᠠᠯ᠎ᠠ ᠳᠤ ᠲᠤᠰᠪᠤᠷᠢ ᠨᠢᠭᠡᠨ ᠬᠤᠳᠳᠤᠭ ᠲᠠᠢ᠃      ᠴᠠᠭᠠᠨ ᠬᠤᠳᠠ ᠶᠢᠨ ᠪᠠᠷᠠᠭᠤᠨ ᠡᠮᠤᠨ᠎ᠡ᠂ ᠵᠡᠭᠦᠨ ᠡᠮᠤᠨ᠎ᠡ ᠲᠠᠯ᠎ᠠ ᠳᠤ ᠬᠤᠶᠠᠷ ᠪᠤᠬ᠎ᠠ ᠬᠠᠳᠠ ᠰᠡᠬᠦᠶᠢᠵᠦ ᠪᠠᠶᠢᠳᠠᠭ᠃ ᠵᠡᠭᠦᠨ ᠪᠤᠬ᠎ᠠ ᠬᠠᠳᠠ ᠨᠢ ᠨᠢᠭᠡᠨ ᠰᠡᠬᠦᠶᠢᠨ ᠰᠦᠨᠳᠡᠷᠯᠡᠭᠰᠡᠨ ᠪᠤᠷᠵᠢᠨ ᠴᠢᠯᠠᠭᠤᠨ ᠠᠭᠤᠯᠠ ᠪᠤᠯᠬᠤ ᠪᠦᠭᠡᠳ ᠤᠷᠤᠢ ᠨᠢ ᠲᠡᠭᠰᠢᠬᠡᠨ᠂ ᠠᠭᠤᠯᠠᠨ ᠤᠷᠤᠢ ᠳᠤ ᠭᠠᠷᠬᠤ ᠠᠭᠤᠢ ᠶᠢᠨ ᠵᠠᠮ ᠤᠨ ᠬᠠᠶᠠᠭᠠᠨ ᠴᠢᠯᠠᠭᠤᠨ ᠲᠡᠭᠡᠷ᠎ᠡ ᠡᠷᠳᠡᠨ ᠤ ᠦᠰᠦᠭ ᠪᠢᠴᠢᠭ ᠲᠠᠢ᠂ ᠲᠡᠷᠡᠬᠦ ᠠᠭᠤᠢ ᠶᠢᠨ ᠬᠤᠩᠬᠢᠯ ᠢᠶᠠᠷ ᠲᠡᠭᠡᠭᠰᠢ ᠮᠠᠴᠦᠨ ᠭᠠᠷᠪᠠᠯ᠂ ᠠᠭᠤᠯᠠᠨ ᠲᠡᠭᠡᠷᠡᠬᠢ ᠴᠢᠯᠠᠭᠤᠨ ᠰᠢᠷᠡᠭᠡᠨ ᠲᠡᠭᠡᠷ᠎ᠡ ᠪᠤᠭᠤᠨ ᠵᠢᠷᠬᠢᠭᠡ ᠶᠢᠨ ᠬᠦᠯᠭᠡ ᠲᠠᠢ᠃ ᠬᠦᠮᠤᠰ ᠲᠡᠬᠦᠨ ᠢ ᠵᠢᠷᠬᠢᠭᠡ ᠶᠢᠨ ᠬᠦᠯᠭᠡᠳᠤ ᠠᠭᠤᠯᠠ ᠭᠡᠳᠡᠭ᠃ ᠡᠭᠦᠨ ᠠᠴᠠ ᠦᠵᠡᠬᠦ ᠳᠤ ᠡᠨᠡ ᠬᠤᠳᠠᠨ ᠳᠤ ᠮᠤᠩᠭᠤᠯ ᠬᠦᠮᠤᠨ ᠰᠠᠭᠤᠵᠦ ᠪᠠᠶᠢᠭᠰᠠᠨ ᠪᠦᠭᠡᠳ ᠠᠳᠡᠬᠢ ᠬᠦᠮᠤᠰ ᠠᠭᠤᠯᠠᠨ ᠤᠷᠤᠢ ᠳᠤ ᠭᠠᠷᠴᠦ ᠮᠤᠩᠭᠤᠯ ᠵᠢᠷᠭᠢᠭᠡ ᠨᠠᠭᠠᠳᠤᠵᠦ ᠪᠠᠶᠢᠭᠰᠠᠨ ᠶᠤᠮ ᠪᠠᠶᠢᠨ᠎ᠠ ᠭᠡᠰᠡᠨ ᠢ ᠦᠵᠡᠵᠦ ᠭᠠᠷᠴᠦ ᠪᠤᠯᠤᠨ᠎ᠠ᠃ ᠭᠠᠳᠠᠷ ᠬᠤᠳᠠ ᠶᠢᠨ ᠬᠡᠷᠡᠮ ᠨᠢ ᠪᠠᠷᠠᠭᠤᠨ ᠵᠡᠭᠦᠨ ᠪᠤᠬ᠎ᠠ ᠬᠠᠳᠠ ᠶᠢ ᠵᠠᠯᠭᠠᠵᠦ ᠪᠠᠶᠢᠳᠠᠭ᠃      ᠯᠢᠭᠳᠡᠨ ᠬᠤᠳᠤᠭᠳᠤ ᠬᠠᠭᠠᠨ ᠢ ᠦᠩᠭᠡᠷᠡᠭᠰᠡᠨ ᠳᠤ ᠴᠠᠬᠠᠷ ᠤᠨ ᠬᠠᠭᠠᠨ ᠭᠡᠵᠦ ᠴᠦ ᠵᠠᠷᠢᠮ ᠬᠦᠮᠤᠰ ᠬᠡᠯᠡᠳᠡᠭ ᠃ ᠰᠢ᠊ · ᠮᠦᠷᠡᠨ ᠠᠪᠠᠭ᠋ᠠᠢ ᠶᠢᠨ ᠠᠪᠤ ᠨᠢ ᠴᠠᠬᠠᠷ ᠬᠦᠮᠤᠨ᠂ ᠡᠵᠢ ᠨᠢ ᠬᠡᠰᠢᠭᠳᠡᠨ ᠬᠦᠮᠤᠨ ᠭᠡᠵᠦ ᠲᠡᠷᠡ ᠬᠡᠯᠡᠵᠦ ᠪᠠᠶᠢᠯ᠎ᠠ᠃ ᠡᠶᠢᠮᠤ ᠠᠴᠠ ᠰᠢ᠊ · ᠮᠦᠷᠡᠨ ᠠᠪᠠᠭ᠋ᠠᠢ ᠭᠦᠨ ᠵᠤᠵᠠᠭᠠᠨ ᠬᠠᠶᠢᠷ᠎ᠠ ᠰᠡᠳᠬᠢᠯᠭᠡ ᠶᠢ ᠡᠪᠤᠷᠯᠡᠵᠦ᠂ ᠭᠤᠤᠯ ᠵᠠᠮ  ᠢᠶᠠᠷ ᠬᠦᠩᠭᠡᠨ ᠠᠯᠬᠤᠵᠦ᠂ ᠭᠤᠤᠯ ᠤᠷᠳᠤᠨ ᠤ ᠲᠡᠭᠳᠡᠷ ᠢ ᠠᠭᠠᠵᠢᠮ ᠢᠶᠠᠷ ᠦᠭᠰᠤᠨ ᠠᠯᠬᠤᠵᠦ᠂ ᠭᠤᠤᠯ ᠤᠷᠳᠤᠨ  ᠤ ᠡᠮᠤᠨ᠎ᠡ ᠬᠦᠷᠦᠭᠡᠳ᠂ ᠬᠤᠶᠠᠷ ᠠᠯᠠᠭ᠎ᠠ ᠪᠠᠨ ᠬᠠᠮᠳᠤᠷᠠᠭᠤᠯᠵᠦ᠂ ᠨᠢᠳᠤ ᠪᠠᠨ ᠠᠨᠢᠨ ᠨᠠᠮᠠᠯᠴᠢᠯᠠᠵᠦ᠂ ᠬᠡᠭᠦᠳᠡᠭ ᠴᠡᠭᠡᠵᠢᠨ ᠳᠡᠭᠡᠨ ᠶᠠᠭᠤ ᠨᠢᠭᠡ ᠶᠢ ᠲᠤᠷᠠᠰᠤᠨ ᠪᠤᠳᠤᠵᠦ᠂ ᠬᠦᠨ ᠶᠤᠰᠤᠯᠠᠯ ᠢ ᠭᠦᠢᠴᠡᠳᠭᠡᠪᠡ᠃      ᠰᠡᠭᠦᠯᠡᠷ ᠨᠢ ᠪᠢᠳᠠ ᠲᠡᠭᠦᠨ ᠲᠠᠢ ᠶᠠᠷᠢᠯᠴᠠᠬᠤ ᠳᠤ᠂ ᠲᠡᠷᠡ ᠬᠡᠯᠡᠬᠦ ᠳᠡᠭᠡᠨ᠄ ︽ᠪᠢ ᠠᠯᠢ ᠡᠷᠳᠡ ᠮᠤᠩᠭᠤᠯ ᠨᠤᠳᠤᠭ ᠠᠴᠠ ᠪᠠᠨ ᠰᠠᠯᠤᠭᠰᠠᠨ ᠲᠤᠯᠠ ᠡᠬᠡ ᠬᠡᠯᠡ ᠪᠠᠨ ᠲᠡᠶᠢᠮᠤ ᠰᠠᠶᠢᠨ ᠬᠡᠯᠡᠵᠦ ᠴᠢᠳᠠᠬᠤ ᠦᠬᠡᠢ ᠪᠤᠯᠵᠠᠢ᠃ ᠮᠢᠨᠤ ᠠᠪᠤ ᠪᠤᠯ ᠴᠠᠬᠠᠷ ᠬᠦᠮᠤᠨ᠂ ᠮᠢᠨᠤ ᠡᠵᠢ ᠪᠤᠯ ᠬᠡᠰᠢᠭᠳᠡᠨ ᠬᠦᠮᠤᠨ᠃ ᠬᠠᠮᠢᠭ᠎ᠠ ᠶᠢᠨ ᠬᠦᠮᠤᠨ ᠴᠦ ᠪᠤᠯᠤᠭ ᠪᠦᠷ ᠮᠤᠩᠭᠤᠯ ᠬᠦᠮᠤᠨ︾ ᠭᠡᠰᠡᠨ ᠢᠶᠠᠨ ᠲᠡᠷᠡ ᠭᠦᠨ ᠠᠮᠢᠰᠬᠤᠵᠦ ᠠᠪᠤᠭᠠᠳ᠂ ᠮᠠᠨ ᠤ ᠮᠤᠩᠭᠤᠯ ᠲᠡᠤᠬᠡ ᠰᠤᠶᠤᠯ ᠪᠤᠯ ᠵᠦᠪᠬᠡᠨ ᠮᠤᠩᠭᠤᠯ ᠤᠨ ᠲᠡᠤᠬᠡ ᠰᠤᠶᠤᠯ ᠲᠡᠳᠤᠢ ᠪᠢᠰᠢ᠂ ᠪᠢ ᠪᠤᠳᠤᠬᠤ ᠳᠠᠭᠠᠨ ᠮᠤᠩᠭᠤᠯ ᠤᠨ ᠲᠡᠤᠬᠡ ᠰᠤᠶᠤᠯ ᠪᠤᠯ ᠪᠦᠬᠦᠶᠢᠯᠡ ᠮᠤᠩᠭᠤᠯ ᠤᠨ ᠦᠨᠳᠦᠷᠯᠢᠭ ᠤᠨ ᠬᠢ᠂ ᠪᠦᠬᠦ ᠲᠡᠯᠡᠬᠡᠢ ᠶᠢᠨ ᠲᠡᠤᠬᠡ ᠰᠤᠶᠤᠯ᠂ ᠪᠠᠰᠠᠴᠦ ᠪᠦᠬᠦᠶᠢᠯᠡ ᠬᠦᠮᠤᠨ ᠲᠦᠷᠦᠯᠬᠢᠳᠡᠨ ᠤ ᠲᠡᠤᠬᠡ ᠰᠤᠶᠤᠯ ᠤᠨ ᠴᠢᠬᠤᠯᠠ ᠪᠦᠷᠢᠯᠳᠤᠭᠦᠨ ᠬᠡᠰᠡᠭ ᠶᠤᠮ ᠭᠡᠵᠦ ᠪᠤᠳᠤᠳᠠᠭ ᠪᠢᠯᠠ︾ ᠭᠡᠯ᠎ᠡ᠃ ᠲᠡᠷᠡ ᠵᠠᠯᠭᠠᠨ ᠬᠡᠯᠡᠬᠦ ᠳᠡᠭᠡᠨ᠄ ︽ᠮᠠᠨ ᠤ ᠮᠤᠩᠭᠤᠯ ᠦᠨᠳᠤᠰᠤᠳᠡᠨ ᠪᠤᠯ ᠠᠭᠤᠤ ᠶᠡᠭᠡ ᠦᠨᠳᠤᠰᠤᠳᠡᠨ᠂ ᠬᠦᠮᠤᠨ ᠲᠦᠷᠦᠯᠬᠢᠳᠡᠨ ᠤ ᠠᠮᠢᠳᠤᠷᠠᠯ ᠤᠨ ᠶᠠᠪᠤᠴᠠ ᠳᠤ ᠮᠤᠩᠭᠤᠯ ᠬᠦᠮᠤᠨ ᠮᠢᠩᠭᠠᠳ ᠵᠢᠯ ᠤᠨ ᠲᠡᠤᠬᠡ ᠶᠢ ᠦᠩᠭᠡᠷᠡᠭᠦᠯᠵᠦ᠂ ᠮᠤᠩᠭᠤᠯ ᠬᠦᠮᠤᠨ ᠶᠡᠷᠤ ᠠᠴᠠ ᠲᠡᠭᠷᠢ ᠶᠢ ᠰᠢᠳᠤᠵᠦ᠂ ᠭᠠᠵᠠᠷ ᠢ ᠨᠠᠨᠳᠢᠭ᠍ᠨᠡᠨ᠂ ᠠᠭᠤᠯᠠ ᠪᠠᠨ ᠰᠤᠶᠢᠳᠬᠦ ᠦᠬᠡᠢ᠂ ᠤᠰᠤ ᠶᠢ ᠪᠤᠵᠠᠷᠳᠠᠭᠤᠯᠬᠤ ᠦᠬᠡᠢ᠂ ᠤᠯᠠᠷᠢᠯ ᠢ ᠦᠵᠡᠵᠦ ᠤᠳᠤᠷᠯᠠᠨ ᠨᠡᠭᠦᠳᠡᠯᠯᠡᠵᠦ ᠮᠠᠯᠵᠢᠭᠠᠳ᠂ ᠡᠬᠡ ᠪᠠᠶᠢᠭᠠᠯᠢ ᠪᠠᠨ ᠬᠠᠮᠠᠭᠠᠯᠠᠵᠦ᠂ ᠤᠷᠴᠢᠨ ᠠᠬᠤᠢ ᠲᠠᠢ ᠪᠠᠨ ᠠᠭᠤᠰᠤᠯᠴᠠᠨ ᠵᠤᠬᠢᠴᠠᠯᠳᠤᠨ ᠠᠮᠢᠳᠤᠷᠠᠵᠦ ᠢᠷᠡᠭᠰᠡᠨ ᠨᠢ ᠤᠳᠤ ᠦᠵᠡᠬᠦ ᠳᠤ ᠮᠦᠨ ᠯᠠ ᠨᠢᠭᠡᠨ ᠠᠭᠤᠤ ᠶᠡᠭᠡ ᠪᠤᠯᠪᠠᠰᠤᠨ ᠰᠤᠷᠳᠠᠯ᠂ ᠰᠠᠶᠢᠨ  ᠰᠠᠶᠢᠬᠠᠨ ᠵᠠᠩ ᠲᠠᠳᠬᠠᠯ ᠬᠡᠯᠳᠠᠢ  ᠂ ᠮᠦᠨᠴᠦ ᠮᠠᠨ ᠤ ᠮᠤᠩᠭᠤᠯ ᠤᠨ ᠪᠤᠯᠪᠠᠰᠤᠨ ᠰᠤᠶᠤᠯ ᠲᠡᠤᠬᠡ ᠬᠡᠯᠳᠠᠢ᠂ ᠡᠭᠦᠨ  ᠢ ᠲᠡᠤᠬᠡ ᠭᠡᠷᠡᠴᠢᠯᠡᠵᠦ ᠪᠠᠶᠢᠨ᠎ᠠ︾ ᠭᠡᠵᠦ ᠶᠠᠷᠢᠵᠦ ᠭᠠᠷᠪᠠ᠃      ᠲᠡᠭᠦᠨ ᠲᠠᠢ ᠬᠠᠮᠳᠤ ᠪᠠᠶᠢᠭᠰᠠᠨ ᠡᠳᠤᠷ ᠢᠯᠡᠭᠦᠤ ᠶᠢᠨ ᠬᠤᠭᠤᠴᠠᠭᠠᠨ ᠳᠤ ᠪᠢᠳᠠ ᠲᠠᠭᠦᠨ ᠤ ᠪᠡᠶ᠎ᠡ ᠲᠡᠭᠡᠷ᠎ᠡ  ᠠᠴᠠ ᠮᠠᠰᠢ ᠤᠯᠠᠨ ᠮᠡᠳᠡᠯᠭᠡ ᠮᠡᠳᠡᠴᠡ ᠤᠯᠵᠦ ᠬᠦᠷᠳᠡᠪᠡ᠃ ᠲᠡᠭᠦᠨ ᠤ ᠦᠵᠡᠯ ᠤᠬᠠᠮᠰᠠᠷ᠂ ᠦᠵᠡᠯᠳᠡ ᠲᠠᠨᠢᠯᠳᠠ  ᠨᠢ ᠮᠠᠨ ᠳᠤ ᠭᠦᠨ ᠵᠤᠵᠠᠭᠠᠨ ᠲᠦᠷᠦᠭᠳᠡᠯ ᠰᠠᠭᠤᠭᠳᠠᠯ ᠦᠭᠭᠦᠭᠰᠡᠨ ᠪᠢᠯᠠ᠃ ᠬᠤᠵᠢᠮ ᠨᠢ ᠲᠡᠭᠦᠨ ᠤ ᠰᠢᠯᠦᠭ ᠲᠡᠭᠡᠷ᠎ᠡ ᠲᠤᠮᠳᠠᠳᠤ ᠤᠯᠤᠰ ᠤᠨ ᠠᠯᠳᠠᠷᠳᠤ ᠮᠤᠩᠭᠤᠯ ᠠᠶᠠᠯᠠᠭᠤᠴᠢᠨ ᠤᠯᠠᠭᠠᠨᠳᠤᠭ ᠠᠶ᠎ᠠ ᠲᠠᠭᠠᠷᠠᠭᠤᠯᠤᠭᠰᠠᠨ ︽ᠠᠪᠤ ᠡᠵᠢ ᠶᠢᠨ ᠮᠢᠨᠢ ᠨᠤᠲᠤᠭ ᠤᠰᠤᠨ︾ ᠭᠡᠰᠡᠨ ᠲᠠᠭᠤᠤ ᠨᠢ ᠲᠤᠮᠳᠠᠳᠤ ᠶᠢᠨ ᠦᠷᠭᠡᠨ ᠠᠭᠤᠳᠠᠮ ᠨᠤᠳᠤᠭ ᠲᠡᠪᠢᠰᠭᠡᠷ ᠲᠡᠭᠡᠷ᠎ᠡ ᠤᠯᠠᠮᠵᠢᠯᠠᠭᠳᠠᠨ ᠲᠠᠭᠤᠯᠠᠭᠳᠠᠵᠦ᠂ ᠪᠦᠬᠦ ᠤᠯᠤᠰ ᠪᠦᠬᠦ ᠲᠡᠯᠡᠬᠡᠢ ᠳᠤ ᠬᠠᠩᠬᠢᠨᠠᠨ ᠴᠤᠤᠷᠢᠶᠠᠳᠤᠭᠰᠠᠨ ᠪᠠᠶᠢᠨ᠎ᠠ᠃                                 2020 ᠤᠨ ᠤ 10 ᠰᠠᠷᠠᠶᠢᠨ 7 ᠤ ᠡᠳᠤᠷ     ᠬᠦᠬᠡᠬᠤᠳᠠᠨ᠎ᠠ      
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号