︽ᠠᠴᠤᠭ ᠢ ᠢᠩᠬᠢᠵᠦ ᠪᠢᠴᠢᠨ᠎ᠡ᠂ ᠡᠨᠡ ᠴᠠᠴᠤᠯᠭ᠎ᠠ ᠶᠢ ᠪᠠᠭᠠᠬᠠᠨ ᠶᠡᠭᠡ ᠰᠢᠭ ᠳᠠᠲᠠᠨ᠎ᠠ᠂ ᠡᠨᠡ | ᠣᠷᠬᠢᠴᠠ ᠁︾ ᠲᠤᠭᠤᠷᠢᠨ ᠣᠪᠤᠭᠠᠷᠠᠯᠳᠤᠭᠰᠠᠨ ᠰᠤᠷᠤᠭᠴᠢᠳ ᠤᠨ ᠳᠤᠮᠳᠠ ᠰᠠᠭᠤᠵᠣ ᠲᠠᠰᠬᠠᠯ ᠵᠠᠰᠠᠵᠤ | ᠪᠠᠶᠢᠭ᠎ᠠ ᠡᠨᠡ ᠪᠠᠭᠰᠢ ᠶᠢ ᠬᠠᠰᠲᠤᠩᠭᠠᠯᠠᠭ ᠭᠡᠳᠡᠭ᠃ 2020 ᠣᠨ ᠤ ᠵᠤᠨ ᠤ ᠬᠤᠭᠤᠴᠠᠭ᠎ᠠ᠂ ᠡᠷᠬᠢᠯᠡᠭᠰᠡᠨ ᠪᠠᠰᠠ | ᠨᠢᠭᠡ ᠠᠩᠭᠢ ᠪᠠᠨ ᠲᠡᠭᠦᠰᠭᠡᠵᠦ᠂ ᠨᠠᠮᠤᠷ ᠲᠠᠬᠢᠨ ᠨᠢᠭᠡᠳᠦᠭᠡᠷ ᠣᠨ ᠤ ᠬᠡᠯᠡ ᠪᠢᠴᠢᠭ ᠢ ᠵᠢᠭᠠᠵᠤ᠂ ᠰᠤᠷᠤᠭᠴᠢᠳ ᠤᠨ | ᠲᠠᠰᠬᠠᠯ ᠢ ᠨᠢᠭᠤᠷᠳᠠᠨ ᠵᠠᠰᠠᠵᠤ ᠪᠠᠶᠢᠭ᠎ᠠ ᠨᠢ ᠡᠨᠡ ᠠᠵᠢ᠃ ᠬᠠ᠊ ᠪᠠᠭᠰᠢ ᠶᠢ ᠬᠠᠷᠠᠬᠤ ᠳᠤ ᠳᠥᠴᠢ ᠶᠢᠨ ᠳᠠᠪᠠᠭ᠎ᠠ ᠶᠢ | ᠳᠠᠪᠠᠵᠤ ᠲᠠᠪᠢ ᠶᠢ ᠣᠶᠢᠷᠠᠲᠤᠭᠤᠯᠤᠭᠰᠠᠨ ᠬᠦᠮᠦᠨ ᠭᠡᠵᠦ ᠢᠲᠡᠭᠡᠵᠦ ᠶᠠᠳᠠᠨ᠎ᠠ︕ ᠴᠤᠭ ᠵᠣᠯᠪᠤᠭᠠᠯᠢᠭ ᠴᠠᠭᠠᠬᠠᠬᠠᠨ | ᠴᠢᠷᠠᠢ ᠳᠤ ᠪᠠᠨ ᠬᠡᠵᠢᠶᠡᠳᠡ ᠢᠨᠢᠶᠡᠮᠰᠦᠭ ᠡᠨᠡᠷᠢᠩᠭᠦᠢ ᠳᠦᠷᠢ ᠬᠠᠳᠠᠭᠠᠯᠠᠵᠤ᠂ ᠬᠦᠮᠦᠰ ᠲᠠᠢ ᠡᠶᠡᠯᠰᠡᠭ ᠵᠥᠭᠡᠯᠡᠨ | ᠬᠠᠷᠢᠯᠴᠠᠳᠠᠭ᠂ ᠣᠬᠤᠷᠬᠠᠨ ᠡᠪᠯᠢᠭ ᠭᠡᠵᠢᠭᠡ ᠲᠠᠯᠪᠢᠵᠣ᠂ ᠴᠠᠭ ᠢᠶᠠᠨ ᠠᠷᠪᠢᠯᠠᠬᠤ ᠶᠢ ᠪᠣᠳᠤᠭᠰᠠᠨᠴᠤ ᠶᠤᠮ ᠤᠤ︖ | ᠠᠭᠤᠵᠢᠮ ᠡᠯᠪᠡᠭ ᠬᠤᠪᠴᠠᠰᠣᠯᠠᠵᠤ᠂ ᠡᠳᠦᠷ ᠲᠤ ᠶᠠᠭᠠᠷᠠᠤ ᠰᠠᠨᠳᠤᠷᠤᠤ ᠨᠠᠰᠢ ᠴᠠᠰᠢ ᠵᠣᠷᠰᠢᠵᠦ᠂ ᠬᠡᠵᠢᠶᠡᠳᠡ | ᠤᠴᠠᠷᠠᠭᠰᠠᠨ ᠬᠦᠮᠦᠨ ᠲᠠᠢ ᠵᠣᠭᠤᠭᠳᠠᠬᠤ ᠰᠡᠯᠡᠭᠦᠤ ᠦᠭᠡᠢ᠂ ᠤᠨᠠᠭᠰᠠᠨ ᠮᠠᠯᠠᠭᠠᠢ ᠠᠪᠬᠤ ᠵᠠᠪ ᠦᠭᠡᠢ ᠶᠠᠪᠤᠳᠠᠭ | ᠪᠠᠶᠢᠨ᠎ᠠ᠃ | | | | ᠡᠨᠡᠬᠦ ᠴᠤᠭ ᠵᠢᠪᠬᠤᠭ᠎ᠠ ᠲᠡᠭᠦᠯᠳᠡᠷ ᠵᠠᠯᠠᠭᠤ ᠳᠥᠷᠬᠦ ᠲᠠᠢ ᠬᠠ᠊ ᠪᠠᠭᠰᠢ ᠶᠢ ᠪᠢ ᠠᠩᠬ᠎ᠠ ᠲᠠᠨᠢᠭᠰᠠᠨ ᠨᠢ | 2008 ᠣᠨ ᠤ ᠨᠠᠮᠤᠷ᠂ ᠬᠠᠨ ᠠᠭᠤᠯᠠ ᠪᠠᠭ᠎ᠠ ᠰᠤᠷᠭᠠᠭᠤᠯᠢ ᠠᠩᠬ᠎ᠠ ᠪᠠᠶᠢᠭᠤᠯᠤᠭᠳᠠᠬᠤ ᠦᠶ᠎ᠡ ᠳᠤ ᠵᠡᠷᠭᠡᠯᠡᠳᠡᠭᠡ | ᠠᠩᠭᠢ ᠶᠢ ᠡᠷᠬᠢᠯᠡᠵᠦ᠂ ᠬᠠᠮᠲᠤ ᠪᠠᠷ ᠰᠤᠷᠭᠠᠨ ᠬᠦᠮᠦᠵᠢᠯ ᠤᠨ ᠨᠢᠭᠡᠳᠦᠭᠡᠷ ᠤᠲᠠᠰᠣᠨ ᠳᠤ ᠶᠠᠭᠠᠷᠠᠯᠲᠠᠢ ᠠᠵᠢᠯᠯᠠᠭᠰᠠᠨ | ᠲᠡᠷᠡ ᠦᠶ᠎ᠡ ᠳᠤ᠂ ᠠᠵᠢᠯ ᠤᠨ ᠲᠠᠯ᠎ᠠ ᠪᠠᠷ ᠬᠠᠷᠢᠯᠴᠠᠨ ᠬᠠᠪᠰᠤᠷᠤᠯᠴᠠᠵᠤ᠂ ᠬᠠᠮᠲᠤ ᠪᠠᠷ ᠪᠢᠴᠢᠭ ᠵᠢᠭᠠᠵᠤ ᠬᠦᠮᠦᠨ ᠢ | ᠬᠦᠮᠦᠵᠢᠭᠦᠯᠵᠦ ᠶᠠᠪᠣᠭᠰᠠᠨ ᠣᠨ ᠵᠢᠯ ᠳᠤ ᠦᠢ ᠵᠠᠢ ᠦᠭᠡᠢ ᠲᠠᠰᠤᠯᠴᠠᠵᠤ᠂ ᠲᠡᠭᠦᠨ ᠤ ᠲᠤᠬᠠᠢ ᠭᠦᠨᠵᠡᠭᠡᠢ | ᠣᠶᠢᠯᠠᠭᠠᠵᠤ᠂ ᠲᠡᠭᠦᠨ ᠠᠴᠠ ᠴᠤ ᠣᠯᠠᠨ ᠵᠥᠢᠯ ᠢ ᠰᠣᠷᠤᠭᠰᠠᠨ ᠶᠤᠮ᠃ ᠲᠤᠬᠠᠢ ᠶᠢᠨ ᠥᠶ᠎ᠡ ᠳᠤ ᠬᠠᠭᠤᠴᠢᠨ | ᠬᠤᠲᠠ ᠳᠤ ᠭᠡᠷ ᠨᠢ ᠪᠠᠶᠢᠳᠠᠭ ᠪᠣᠯᠬᠤᠷ ᠰᠤᠷᠭᠠᠭᠤᠯᠢ ᠠᠴᠠ ᠲᠤᠩ ᠬᠤᠯᠠ᠂ ᠴᠠᠬᠢᠯᠭᠠᠨ ᠬᠦᠳᠡᠯᠭᠡᠭᠦᠷᠢᠲᠦ | ᠲᠤᠭᠤᠢ ᠪᠠᠷ ᠡᠪᠦᠯ ᠤᠨ ᠬᠦᠢᠲᠡᠨ᠂ ᠵᠣᠨ ᠤ ᠬᠠᠯᠠᠭᠤᠨ᠂ ᠦᠷᠯᠥᠭᠡ ᠦᠳᠡᠰᠢ ᠭᠡᠵᠦ ᠢᠯᠭᠠᠯ ᠦᠭᠡᠢ | ᠰᠤᠷᠭᠠᠭᠤᠯᠢ ᠪᠠᠷ ᠭᠡᠷ ᠢᠶᠠᠨ ᠪᠣᠯᠭᠠᠵᠤ᠂ ᠠᠵᠢᠯ ᠳᠤ ᠪᠠᠨ ᠶᠠᠭᠠᠷᠠᠵᠤ ᠪᠠᠶᠢᠭᠰᠠᠨ ᠠᠴᠠ ᠪᠣᠳᠤᠪᠠᠯ ᠣᠳᠤ ᠨᠢᠭᠡᠨᠲᠡ | ᠠᠷᠪᠠᠭᠠᠳ ᠵᠢᠯ ᠤᠨ ᠨᠢᠭᠤᠷ ᠢ ᠦᠵᠡᠴᠢᠬᠡᠯ᠎ᠡ᠃ ᠲᠡᠷᠡ ᠮᠥᠨ ᠠᠩᠭᠢ ᠡᠷᠬᠢᠯᠡᠵᠦ ᠬᠢᠴᠢᠶᠡᠯ ᠢᠶᠠᠨ ᠠᠮᠵᠢᠯᠲᠠ ᠲᠠᠢ | ᠵᠢᠭᠠᠭᠰᠠᠭᠠᠷ ᠪᠠᠶᠢᠨ᠎ᠠ᠃ ᠲᠡᠭᠦᠨ ᠤ ᠡᠷᠬᠢᠯᠡᠭᠰᠡᠨ ᠠᠩᠭᠢ ᠨᠢ ᠣᠨᠴᠠᠯᠢᠭ ᠲᠠᠢ ᠪᠠᠶᠢᠳᠠᠭ ᠢᠶᠠᠷ ᠢᠶᠠᠨ ᠠᠯᠳᠠᠷᠰᠢᠵᠦ᠂ | ᠵᠢᠭᠠᠭᠰᠠᠨ ᠰᠤᠷᠤᠭᠴᠢᠳ ᠨᠢ ᠠᠪᠢᠶᠠᠰ ᠲᠠᠢ ᠪᠠᠶᠢᠳᠠᠭ ᠢᠶᠠᠷ ᠢᠶᠠᠨ ᠬᠦᠮᠦᠰ ᠤᠨ ᠪᠠᠭ᠋ᠠᠷᠬᠠᠯ ᠢ ᠳᠠᠲᠠᠵᠤ᠂ ᠪᠠᠭᠰᠢ ᠶᠢᠨ | ᠡᠩᠨᠡᠭᠡᠨ ᠤ ᠪᠠᠨ ᠡᠮᠣᠨ᠎ᠡ ᠬᠤᠰᠢᠭᠤᠷᠠᠨ ᠶᠠᠪᠤᠨ᠎ᠠ᠃ | ᠲᠡᠷᠡ ᠬᠦᠮᠦᠨᠴᠢ ᠴᠢᠨᠠᠷ ᠢ ᠣᠨᠴᠠ ᠠᠩᠬᠠᠷᠤᠨ ᠰᠤᠷᠤᠭᠴᠢᠳ ᠢᠶᠠᠨ ᠬᠦᠮᠦᠵᠢᠭᠦᠯᠳᠡᠭ | | | | ᠰᠤᠷᠭᠠᠭᠤᠯᠢ ᠶᠢᠨ ᠭᠤᠣᠯ ᠠᠵᠢᠯ ᠪᠣᠯ ᠵᠢᠭᠠᠨ ᠰᠤᠷᠭᠠᠬᠤ ᠠᠵᠢᠯ ᠪᠣᠯᠤᠨ᠎ᠠ᠃ ᠬᠠ᠊ ᠪᠠᠭᠰᠢ ᠬᠡᠣᠬᠡᠳ ᠤᠨ | ᠬᠢᠴᠢᠶᠡᠯ ᠲᠦᠷᠦᠯ ᠤᠨ ᠵᠢᠭᠠᠨ ᠰᠤᠷᠭᠠᠯᠲᠠ ᠶᠢ ᠶᠡᠷᠦ ᠨᠢ ᠣᠨᠴᠠ ᠠᠩᠬᠠᠷᠳᠠᠭ ᠪᠠᠶᠢᠯ᠎ᠠ᠂ ᠬᠡᠣᠬᠡᠳ ᠤᠳ | ᠡᠳᠦᠷ ᠲᠤ ᠪᠠᠨ ᠶᠠᠭᠤᠨ ᠳᠤ ᠠᠳᠡ ᠢᠷᠡᠵᠦ ᠪᠠᠶᠢᠨ᠎ᠠ ᠪᠢᠯᠡ᠂ ᠰᠤᠷᠬᠤ ᠶᠢᠨ ᠲᠥᠯᠥᠭᠡ ᠰᠢᠤ ᠳ᠋ᠠ᠂ ᠪᠢᠳᠠ ᠵᠢᠭᠠᠨ | ᠰᠤᠷᠭᠠᠯᠲᠠ ᠶᠢᠨ ᠬᠡᠯᠬᠢᠶᠡᠵᠢᠯ ᠢ ᠪᠣᠢ ᠪᠣᠯᠭᠠᠵᠤ ᠬᠡᠣᠬᠡᠳ ᠲᠤ ᠰᠢᠰᠲ᠋ᠧᠮ ᠲᠠᠢ ᠰᠤᠷᠭᠠᠨ ᠬᠦᠮᠦᠵᠢᠯ ᠬᠦᠷᠲᠡᠭᠡᠬᠦ | ᠬᠡᠷᠡᠭᠲᠡᠢ᠂ ᠬᠢᠴᠢᠶᠡᠯ ᠤᠨ ᠪᠠᠭᠰᠢ ᠨᠠᠷ ᠲᠠᠢ ᠪᠠᠨ ᠨᠢᠭᠲᠠ ᠤᠶᠠᠯᠳᠤᠵᠣ᠂ ᠬᠡᠣᠬᠡᠳ ᠠᠯᠢ ᠲᠦᠷᠦᠯ ᠤᠨ | ᠬᠢᠴᠢᠶᠡᠯ ᠳᠤ ᠪᠠᠨ ᠶᠠᠮᠠᠷ ᠵᠡᠷᠭᠡ ᠰᠣᠷᠴᠤ ᠪᠠᠶᠢᠭ᠎ᠠ ᠶᠢ ᠲᠣᠯᠢᠳᠠᠨ ᠮᠡᠳᠡᠬᠦ ᠬᠡᠷᠡᠭᠲᠡᠢ᠃ ᠬᠠ᠊ ᠪᠠᠭᠰᠢ ᠶᠢᠨ ᠰᠢᠷᠡᠭᠡᠨ | ᠲᠡᠭᠡᠷ᠎ᠡ ᠰᠤᠷᠤᠭᠴᠢ ᠶᠢᠨ ᠲᠠᠰᠬᠠᠯ ᠬᠠᠷᠠᠭᠳᠠᠬᠤ ᠦᠭᠡᠢ ᠪᠣᠶᠤ ᠲᠤᠩ ᠴᠥᠭᠡᠨ ᠬᠠᠷᠠᠭᠳᠠᠳᠠᠭ ᠨᠢ ᠲᠡᠷᠡ ᠲᠠᠰᠬᠠᠯ | ᠦᠯᠡᠳᠡᠭᠡᠵᠦ ᠵᠠᠰᠠᠵᠣ ᠪᠠᠶᠢᠭ᠎ᠠ ᠦᠭᠡᠢ ᠭᠡᠵᠦ ᠤᠤ⁉ ᠬᠠ᠊ ᠪᠠᠭᠰᠢ ᠬᠢᠴᠢᠶᠡᠯ ᠢᠶᠠᠨ ᠰᠠᠶᠢᠲᠦᠷ ᠵᠢᠭᠠᠬᠤ ᠶᠢᠨ ᠬᠠᠮᠲᠤ | ᠲᠠᠰᠬᠠᠯ ᠢ ᠶᠡᠷᠦ ᠨᠢ ᠪᠡᠶᠡᠳᠡᠨ ᠵᠠᠰᠠᠬᠤ ᠲᠠᠳᠬᠠᠯ ᠲᠠᠢ ᠪᠠᠶᠢᠳᠠᠭ᠂ ᠰᠤᠷᠤᠭᠴᠢ ᠨᠢᠭᠡᠪᠦᠷᠢ ᠶᠢ ᠨᠢᠭᠡᠴᠦ ᠬᠦᠮᠦᠨ | ᠦᠯᠡᠳᠡᠭᠡᠯ ᠦᠭᠡᠢ᠂ ᠪᠢᠴᠢᠭᠰᠡᠨ ᠵᠥᠢᠯ ᠢ ᠨᠢ ᠲᠣᠣᠷ᠎ᠠ ᠨᠢ ᠵᠠᠰᠠᠵᠤ ᠥᠭᠳᠡᠭ ᠠᠴᠠ ᠬᠡᠣᠬᠡᠳ ᠤᠨ ᠰᠠᠭᠤᠭᠳᠠᠯ ᠭᠦᠨ | ᠂ ᠲᠠᠰᠢᠶ᠎ᠠ ᠪᠢᠴᠢᠭᠰᠡᠨ ᠢᠶᠠᠨ ᠲᠣᠣᠷ᠎ᠠ ᠨᠢ ᠮᠡᠳᠡᠵᠦ ᠲᠡᠷᠡ ᠲᠠᠷᠦᠢ ᠬᠢᠨᠡᠮᠡᠭᠠᠢ ᠪᠢᠴᠢᠳᠡᠭ᠂ ᠡᠨᠡ ᠨᠢ ᠵᠥᠪ ᠪᠢᠴᠢᠬᠦ | ᠨᠤᠷᠮ᠎ᠠ ᠦᠨᠳᠦᠷ ᠪᠠᠶᠢᠳᠠᠭ ᠤᠨ ᠬᠢᠨ ᠨᠢᠭᠡᠨ ᠨᠢᠭᠤᠴᠠ ᠪᠠᠶᠢᠬ᠎ᠠ︖ ᠢᠩᠬᠢᠵᠦ ᠵᠠᠰᠠᠬᠤ ᠨᠢ ᠰᠤᠷᠤᠭᠴᠢ | ᠲᠠᠰᠬᠠᠯ ᠢᠶᠠᠨ ᠪᠡᠶᠡᠯᠡᠭᠦᠯᠬᠦ ᠦᠭᠡᠢ ᠭᠡᠰᠡᠨ ᠤᠴᠢᠷ ᠪᠠᠶᠢᠬᠤ ᠦᠭᠡᠢ᠂ ᠬᠤᠴᠤᠷᠤᠩᠭᠤᠢ ᠰᠤᠷᠤᠭᠴᠢ ᠶᠢ | ᠬᠠᠷᠠᠭᠠᠯᠵᠠᠳᠠᠭ ᠠᠴᠠ ᠠᠭᠠᠵᠢᠮ ᠳᠤ ᠪᠠᠨ ᠲᠠᠪᠰᠢᠳᠠᠭ ᠪᠠᠶᠢᠯ᠎ᠠ᠃ | ᠪᠡᠶ᠎ᠡ ᠪᠠᠨ ᠳᠠᠭᠠᠭᠠᠬᠤ ᠴᠢᠳᠠᠪᠦᠷᠢ ᠶᠢ ᠬᠦᠮᠦᠵᠢᠭᠦᠯᠳᠡᠭ᠃ ᠬᠡᠣᠬᠡᠳ ᠲᠤ ᠶᠤᠰᠣ ᠮᠣᠷᠠᠯ ᠤᠨ ᠬᠦᠮᠦᠵᠢᠯ | ᠬᠢᠬᠦ ᠳᠤ ᠪᠠᠨ ᠣᠨᠤᠯ ᠤᠨ ᠲᠠᠯ᠎ᠠ ᠪᠠᠷ ᠶᠠᠷᠢᠳᠠᠭ ᠦᠭᠡᠢ᠂ ᠬᠡᠨ ᠬᠡᠨ ᠭᠡᠵᠢᠭᠡ ᠪᠠᠨ ᠰᠠᠶᠢᠬᠠᠨ ᠭᠦᠷᠦᠴᠢᠬᠡ᠂ ᠠᠯᠢ | ᠨᠠᠰᠢ᠂ ᠪᠠᠭᠰᠢ ᠨᠢ ᠭᠦᠷᠦᠭᠡᠳ ᠦᠭᠭᠦᠶ᠎ᠡ᠂ ᠦᠰᠦ ᠪᠠᠨ ᠵᠠᠰᠠᠭᠤᠯᠴᠢᠬᠠ᠂ ᠦᠰᠦ ᠴᠢᠨᠢ ᠦᠨᠳᠦᠷ ᠤᠷᠭᠤᠴᠢᠬᠠᠯᠠ᠂ | ᠵᠠᠭᠠᠮ᠎ᠠ ᠵᠠᠬ᠎ᠠ ᠪᠠᠨ ᠲᠡᠭᠰᠢᠯᠡ᠂ ᠤᠯᠠᠭᠠᠨ ᠪᠦᠴᠡ ᠪᠠᠨ ᠲᠡᠭᠰᠢᠭᠡᠨ ᠵᠡᠭᠦ᠂ ᠬᠤᠪᠴᠠᠰᠤᠨ ᠲᠤᠪᠴᠢ ᠪᠠᠨ | ᠲᠤᠪᠴᠢᠯᠠᠴᠢᠬᠠ᠂ ᠱᠠᠬᠠᠢ ᠶᠢᠨ ᠤᠶᠠᠭᠠᠰᠤ ᠪᠠᠨ ᠤᠶᠠᠵᠤ ᠲᠠᠯᠪᠢ᠂ ᠵᠠᠷᠢᠮ ᠢ ᠨᠢ ᠰᠡᠮᠡᠷᠬᠡᠨ ᠴᠢᠬᠢᠨ ᠳᠤ ᠨᠢ | ᠭᠡᠷ ᠲᠤ ᠪᠠᠨ ᠬᠠᠷᠢᠪᠠᠯ ᠬᠤᠪᠴᠠᠰᠤ ᠪᠠᠨ ᠰᠠᠶᠢᠬᠠᠨ ᠤᠭᠢᠶᠠᠴᠢᠬᠠ᠂ ᠵᠠᠪᠳᠤᠬᠤ ᠦᠭᠡᠢ ᠪᠣᠯ ᠪᠠᠭᠰᠢ ᠨᠢ ᠤᠭᠢᠶᠠᠭᠠᠳ | ᠦᠭᠭᠦᠶ᠎ᠡ᠃ ᠭᠡᠬᠦ ᠮᠡᠲᠦ ᠪᠠᠷ ᠨᠡᠷ᠎ᠡ ᠵᠢᠭᠠᠨ ᠲᠣᠣᠷ᠎ᠠ ᠲᠣᠣᠷ᠎ᠠ ᠨᠢ ᠬᠡᠨ ᠬᠡᠨ ᠨᠢ ᠶᠠᠮᠠᠷ ᠪᠠᠶᠢᠬᠤ ᠶᠢ | ᠰᠠᠨᠠᠭᠤᠯᠳᠠᠭ ᠠᠴᠠ ᠢᠳᠡᠭ ᠢᠳᠡᠭ ᠢᠶᠠᠷ ᠬᠡᠣᠬᠡᠳ ᠤᠳ ᠰᠠᠶᠢᠬᠠᠨ ᠲᠠᠳᠬᠠᠯ ᠲᠠᠢ ᠪᠣᠯᠵᠤ᠂ ᠬᠤᠪᠴᠠᠰᠤ ᠬᠤᠨᠠᠷ | ᠲᠡᠭᠷᠢ ᠲᠡᠭᠰᠢ ᠪᠠᠶᠢᠵᠤ᠂ ᠦᠪᠡᠷ ᠤᠨ ᠠᠵᠢᠯ ᠢᠶᠠᠨ ᠦᠪᠡᠷᠲᠡᠭᠡᠨ ᠬᠢᠵᠦ᠂ ᠴᠢᠪ ᠴᠠᠪ ᠶᠠᠪᠤᠬᠤ ᠪᠣᠯᠤᠭᠰᠠᠨ ᠪᠠᠶᠢᠨ᠎ᠠ᠃ | ᠰᠤᠷᠤᠭᠴᠢᠳ ᠢᠶᠠᠨ ᠢᠩᠬᠢᠵᠦ ᠨᠠᠷᠢᠯᠢᠭ ᠠᠵᠢᠭᠯᠠᠵᠤ ᠶᠠᠪᠤᠳᠠᠭ ᠠᠴᠠ ᠬᠡᠣᠬᠡᠳ ᠤᠨ ᠲᠠᠪᠰᠢᠯᠲᠠ ᠲᠦᠷᠭᠡᠨ | ᠪᠠᠶᠢᠳᠠᠭ᠃ | | | | ᠰᠤᠷᠤᠭᠴᠢᠳ ᠢᠶᠠᠨ ᠦᠪᠡᠷ ᠤᠨ ᠬᠡᠣᠬᠡᠳ ᠢᠶᠠᠨ ᠰᠢᠭ ᠬᠠᠶᠢᠷᠠᠯᠠᠳᠠᠭ᠃ ᠶᠡᠷᠦ ᠶᠢᠨ ᠦᠭᠡ | ᠶᠠᠷᠢᠬᠤ ᠳᠤ ᠪᠠᠨ᠄ ᠮᠢᠨᠣ ᠲᠡᠷᠡ ᠮᠠᠠᠳᠠ᠂ ᠮᠢᠨᠤ ᠲᠡᠷᠡ ᠰᠢᠭᠤᠢ ᠭᠡᠵᠦ ᠶᠠᠷᠢᠳᠠᠭ ᠪᠦᠭᠡᠳ ᠬᠡᠨ ᠨᠢ ᠶᠠᠮᠠᠷ ᠵᠠᠩ ᠲᠠᠢ | ᠭᠡᠵᠦ ᠠᠷᠪᠢᠨ ᠠᠪᠤ ᠶᠢᠨ ᠬᠡᠣᠬᠡᠳ ᠢ ᠠᠯᠠᠭᠠᠨ ᠤ ᠪᠠᠨ ᠵᠢᠷᠤᠭᠠᠰᠤ ᠰᠢᠭ ᠦᠢᠯᠠᠭᠠᠵᠤ᠂ ᠨᠡᠩ ᠴᠤ ᠬᠡᠨ ᠨᠢ ᠶᠠᠭᠤ | ᠴᠢᠳᠠᠳᠠᠭ ᠢ ᠮᠡᠳᠡᠳᠡᠭ ᠠᠴᠠ ᠤᠳᠠᠭ᠎ᠠ ᠪᠤᠯᠭᠠᠨ ᠤ ᠤᠷᠤᠯᠳᠤᠭᠠᠨ ᠮᠥᠷᠦᠶᠢᠴᠡᠭᠡᠨ ᠳᠤ ᠲᠡᠳᠡᠨ ᠤ ᠠᠩᠭᠢ ᠨᠢ | ᠲᠡᠷᠢᠭᠦᠨ ᠳᠤ ᠲᠣᠳᠤᠷᠠᠳᠠᠭ᠂ ᠲᠡᠷᠡ ᠮᠣᠷᠢᠨ ᠬᠤᠭᠤᠷ ᠳᠠᠲᠠᠵᠤ ᠴᠢᠳᠠᠬᠤ ᠶᠢ ᠨᠢ ᠮᠣᠷᠢᠨ ᠬᠤᠭᠤᠷ ᠬᠦᠭᠵᠢᠮᠳᠡᠭᠦᠯᠵᠦ | ᠂ ᠳᠦᠷᠪᠡᠨ ᠤᠳᠠᠰᠤᠲᠤ ᠬᠤᠭᠤᠷ᠂ ᠶᠠᠲᠤᠭ᠎ᠠ ᠁ ᠮᠡᠲᠦ ᠶᠢᠨ ᠦᠪᠡᠷ ᠦᠪᠡᠷ ᠤᠨ ᠣᠨᠴᠠᠯᠢᠭ ᠲᠤ ᠨᠢ | ᠲᠣᠬᠢᠷᠠᠭᠤᠯᠤᠨ᠂ ᠠᠵᠢᠯ ᠡᠭᠦᠷᠭᠡ ᠬᠢᠯᠭᠡᠳᠡᠭ ᠢᠶᠠᠷ ᠪᠠᠷᠠᠬᠤ ᠦᠭᠡᠢ᠂ ᠵᠥᠪᠬᠡᠨ ᠨᠢᠭᠡ ᠯᠡ ᠵᠥᠢᠯ ᠢ ᠴᠢᠳᠠᠴᠢᠬᠠᠭᠠᠳ | ᠪᠣᠯᠬᠤ ᠪᠢᠰᠢ ᠰᠢᠤ᠂ ᠵᠠᠪᠠᠯ ᠬᠡᠳᠦᠨ ᠵᠥᠢᠯ ᠤᠨ ᠴᠢᠳᠠᠪᠦᠷᠢ ᠶᠢ ᠡᠵᠡᠮᠰᠢᠬᠦ ᠬᠡᠷᠡᠭᠲᠡᠢ᠂ ᠲᠠᠷᠤᠢ ᠵᠥᠪᠬᠡᠨ ᠪᠢ | ᠲᠠᠭᠤᠯᠠᠵᠤ ᠴᠢᠳᠠᠨ᠎ᠠ ᠭᠡᠳ ᠪᠣᠯᠬᠤ ᠪᠢᠰᠢ᠂ ᠬᠥᠭᠵᠢᠮ ᠴᠢᠳᠠᠬᠤ᠂ ᠬᠦᠲᠦᠯᠵᠦ ᠴᠢᠳᠠᠬᠤ᠂ ᠲᠠᠭᠤᠤ ᠶᠢᠨ ᠦᠭᠡ | ᠵᠣᠬᠢᠶᠠᠵᠤ ᠴᠢᠳᠠᠬᠤ ᠴᠢᠨᠠᠭᠰᠢᠯᠠᠪᠠᠯ ᠲᠠᠭᠤᠤ ᠶᠢᠨ ᠠᠶ᠎ᠠ ᠵᠣᠬᠢᠶᠠᠵᠤ ᠴᠢᠳᠠᠬᠤ ᠬᠡᠷᠡᠭᠲᠡᠢ ᠶᠤᠮ ᠭᠡᠵᠦ | ᠰᠤᠷᠤᠭᠴᠢᠳ ᠢᠶᠠᠨ ᠰᠢᠰᠲ᠋ᠧᠮ ᠲᠠᠢ ᠮᠡᠳᠡᠯᠭᠡ ᠰᠣᠷᠬᠤ ᠶᠢ ᠬᠠᠷᠠᠬᠠᠨ ᠪᠠᠭ᠎ᠠ ᠠᠴᠠ ᠨᠢ ᠱᠠᠭᠠᠷᠳᠠᠳᠠᠭ ᠪᠠᠶᠢᠨ᠎ᠠ᠃ | ᠢᠩᠬᠢᠳᠡᠭ ᠠᠴᠠ ᠲᠡᠳᠡᠨ ᠤ ᠠᠩᠭᠢ ᠶᠢᠨ ᠬᠡᠣᠬᠡᠳ ᠤᠨ ᠶᠠᠭᠤᠮ᠎ᠠ ᠰᠤᠷᠬᠤ ᠲᠣᠷ᠎ᠠ ᠪᠠᠬ᠎ᠠ ᠦᠨᠳᠦᠷ ᠪᠠᠶᠢᠵᠤ᠂ | ᠶᠠᠮᠠᠷᠪᠠ ᠵᠥᠢᠯ ᠳᠤ ᠲᠣᠷ᠎ᠠ ᠰᠣᠨᠢᠷᠬᠠᠯ ᠲᠠᠢ᠂ ᠰᠤᠷᠬᠤ ᠲᠤᠷᠠᠳᠠᠢ ᠪᠠᠶᠢᠳᠠᠭ ᠠᠴᠠ ᠲᠡᠳᠡᠨ ᠤ ᠳᠤᠮᠳᠠ ᠠᠴᠠ ᠤᠷ᠎ᠠ | ᠠᠪᠢᠶᠠᠰ ᠲᠠᠢ ᠬᠡᠣᠬᠡᠳ ᠣᠯᠠᠨ ᠴᠤᠯᠭᠤᠷᠠᠳᠠᠭ ᠪᠠᠶᠢᠨ᠎ᠠ᠃ | | | | ᠲᠡᠷᠡ ᠲᠤᠬᠠᠶᠢᠯᠠᠭᠰᠠᠨ ᠠᠵᠢᠯ ᠳᠤ ᠪᠠᠨ ᠰᠢᠮᠳᠡᠨ᠂ ᠬᠢᠴᠢᠶᠡᠯ ᠢᠶᠠᠨ ᠨᠠᠷᠢᠯᠢᠭ ᠨᠢᠮᠪᠠᠢ ᠵᠢᠭᠠᠳᠠᠭ | ᠬᠠ᠊ ᠪᠠᠭᠰᠢ ᠮᠣᠩᠭᠤᠯ ᠬᠡᠯᠡᠨ ᠤ ᠪᠠᠭᠰᠢ ᠤᠴᠢᠷ᠂ ᠬᠦᠮᠦᠵᠢᠭᠦᠯᠦᠭᠰᠡᠨ ᠰᠣᠷᠤᠭᠴᠢᠳ ᠲᠤ ᠪᠠᠨ | ᠴᠢᠳᠠᠬᠤ ᠶᠢᠨ ᠴᠢᠨᠡᠭᠡ ᠪᠠᠷ ᠮᠣᠩᠭᠤᠯ ᠬᠡᠯᠡ ᠶᠢ ᠨᠢ ᠰᠠᠶᠢᠲᠦᠷ ᠡᠵᠡᠮᠰᠢᠭᠦᠯᠵᠦ᠂ ᠮᠣᠩᠭᠤᠯ ᠰᠤᠶᠣᠯ ᠤᠨ ᠥᠪ ᠢᠶᠠᠨ | ᠤᠯᠠᠮᠵᠢᠯᠠᠨ ᠵᠠᠯᠭᠠᠮᠵᠢᠯᠠᠭᠤᠯᠬᠤ ᠶᠢᠨ ᠲᠥᠯᠥᠭᠡ ᠠᠷᠭ᠎ᠠ ᠪᠦᠬᠦᠨ ᠢ ᠰᠦᠪᠡᠭᠴᠢᠯᠡᠨ ᠮᠣᠩᠭᠤᠯ ᠠᠮᠢᠳᠤᠷᠠᠯ᠂ ᠮᠣᠩᠭᠤᠯ | ᠰᠣᠶᠤᠯ ᠲᠠᠢ ᠣᠶᠢᠷᠠᠲᠤᠭᠤᠯᠤᠨ᠂ ᠰᠤᠷᠭᠠᠭᠤᠯᠢ ᠶᠢᠨ ᠬᠦᠷᠢᠶᠡᠨ ᠳᠤ ᠪᠣᠳᠠᠳᠤ ᠶᠠᠭᠤᠮ᠎ᠠ ᠶᠢ ᠨᠢ ᠦᠵᠡᠭᠦᠯᠵᠦ | ᠬᠠᠷᠠᠭᠤᠯᠵᠣ ᠬᠢᠴᠢᠶᠡᠯᠯᠡᠭᠰᠡᠨ ᠤᠳᠠᠭ᠎ᠠ ᠣᠯᠠᠨ ᠪᠠᠶᠢᠨ᠎ᠠ᠂ ᠬᠤᠷᠠᠭ᠎ᠠ ᠢᠰᠢᠭᠡ᠂ ᠮᠣᠷᠢ᠂ ᠦᠨᠢᠶ᠎ᠡ ᠲᠣᠭᠤᠯ᠂ ᠡᠮᠡᠭᠡᠯ | ᠬᠠᠵᠠᠭᠠᠷ᠂ ᠮᠣᠩᠭᠤᠯ ᠭᠡᠷ᠂ ᠮᠣᠩᠭᠤᠯ ᠢᠳᠡᠭᠡᠨ ᠤᠮᠳᠠᠭᠠᠨ ᠤ ᠰᠣᠶᠤᠯ ᠁ ᠵᠡᠷᠭᠡ ᠶᠢ ᠠᠪᠴᠢᠷᠠᠵᠤ ᠨᠢᠳᠦ ᠪᠠᠷ | ᠨᠢ ᠦᠵᠡᠭᠦᠯᠦᠨ ᠴᠢᠬᠢ ᠪᠠᠷ ᠨᠢ ᠰᠣᠨᠤᠰᠬᠠᠵᠤ᠂ ᠭᠠᠷ ᠢᠶᠠᠷ ᠨᠢ ᠪᠠᠷᠢᠭᠤᠯᠵᠣ ᠰᠤᠷᠭᠠᠭᠰᠠᠨ ᠤᠳᠠᠭ᠎ᠠ ᠲᠠᠢ᠃ | ᠡᠭᠦᠨ ᠢᠶᠠᠷ ᠦᠯᠦ ᠪᠠᠷᠠᠨ ᠰᠢᠨ᠎ᠡ ᠬᠢᠴᠢᠶᠡᠯᠯᠡᠭᠡ ᠶᠢᠨ ᠦᠭᠡᠷᠡᠴᠢᠯᠡᠯᠲᠡ ᠶᠢᠨ ᠲᠤᠬᠠᠢ ᠲᠠᠨᠢᠯᠲᠠ ᠪᠠᠨ ᠨᠡᠩ | ᠦᠨᠳᠦᠷᠵᠢᠭᠦᠯᠵᠦ᠂ ᠰᠤᠷᠤᠯᠴᠠᠯᠭ᠎ᠠ ᠪᠠᠨ ᠴᠢᠩᠭᠠᠳᠬᠠᠵᠤ ᠢᠷᠡᠵᠡᠢ᠃ ᠬᠤᠰᠢᠭᠤᠨ ᠤ ᠰᠤᠷᠭᠠᠨ ᠬᠦᠮᠦᠵᠢᠯ ᠤᠨ | ᠲᠤᠪᠴᠢᠶ᠎ᠠ ᠠᠴᠠ ᠡᠷᠬᠢᠯᠡᠭᠰᠡᠨ ︽ᠦᠨᠳᠦᠷ ᠪᠦᠲᠦᠮᠵᠢᠲᠦ ᠬᠢᠴᠢᠶᠡᠯᠯᠡᠭᠡ ᠪᠤᠯᠪᠠᠰᠤᠷᠠᠯ ᠰᠤᠷᠤᠯᠴᠠᠯᠭ᠎ᠠ 》 ᠳᠤ | ᠰᠠᠭᠠᠲᠤᠯ ᠦᠭᠡᠢ ᠤᠷᠤᠯᠴᠠᠵᠤ᠂ ᠦᠪᠡᠷ ᠤᠨ ᠵᠢᠭᠠᠨ ᠰᠤᠷᠭᠠᠬᠤ ᠠᠷᠭ᠎ᠠ ᠠᠪᠴᠠᠯ ᠢᠶᠠᠨ ᠲᠠᠰᠤᠷᠠᠯᠲᠠ ᠦᠭᠡᠢ | ᠰᠢᠨᠡᠳᠭᠡᠨ ᠰᠤᠷᠤᠭᠴᠢᠳ ᠲᠤ ᠦᠪᠡᠷᠲᠡᠭᠡᠨ ᠰᠤᠷᠤᠯᠴᠠᠬᠤ ᠤᠷᠤᠨ ᠵᠠᠢ ᠶᠢ ᠠᠯᠢ ᠴᠢᠳᠠᠬᠤ ᠪᠠᠷ ᠤᠯᠭᠤᠵᠤ᠂ | ᠲᠡᠳᠡᠨ ᠤ ᠪᠡᠶᠡᠴᠢ ᠢᠳᠡᠪᠬᠢ ᠴᠢᠨᠠᠷ ᠢ ᠭᠦᠢᠴᠡᠳ ᠳᠠᠶᠢᠴᠢᠯᠠᠨ᠂ ᠮᠡᠳᠡᠯᠭᠡ ᠰᠤᠷᠴᠤ ᠴᠢᠳᠠᠪᠦᠷᠢᠲᠡᠨ ᠪᠤᠯᠬᠤ ᠶᠤᠰᠤ | ᠤᠴᠢᠷ ᠢ ᠲᠠᠨᠢᠭᠤᠯᠬᠤ ᠶᠢᠨ ᠬᠠᠮᠲᠤ ᠬᠦᠮᠦᠨ ᠪᠤᠯᠬᠤ ᠡᠷᠬᠢᠮ ᠳᠡᠭᠡᠳᠦ ᠶᠤᠰᠤ ᠤᠴᠢᠷ ᠢ ᠲᠠᠨᠢᠭᠤᠯᠵᠤ ᠢᠷᠡᠪᠡ᠃ | ᠰᠢᠨ᠎ᠡ ᠬᠢᠴᠢᠶᠡᠯᠯᠡᠭᠡ ᠶᠢᠨ ᠬᠠᠮᠢᠶ᠎ᠠ ᠲᠠᠢ ᠨᠤᠮ ᠰᠡᠳᠭᠦᠯ ᠢᠯᠡᠭᠦᠬᠡᠨ ᠤᠡᠭᠰᠢᠵᠤ᠂ ᠤᠨᠤᠯ ᠤᠨ ᠮᠡᠳᠡᠯᠭᠡ ᠶᠢᠨ | ᠬᠢᠷᠢ ᠲᠦᠪᠰᠢᠨ ᠢᠶᠠᠨ ᠳᠡᠭᠡᠭᠰᠢᠯᠡᠭᠦᠯᠦᠨ᠂ ᠪᠤᠰᠤᠳ ᠤᠨ ᠲᠡᠷᠢᠭᠦᠨ ᠤ ᠵᠢᠭᠠᠨ ᠰᠤᠷᠭᠠᠬᠤ ᠠᠷᠭ᠎ᠠ ᠠᠪᠴᠠᠯ ᠢ | ᠰᠢᠩᠭᠡᠭᠡᠨ ᠠᠪᠴᠤ᠂ ᠲᠤᠳᠠᠭᠳᠠᠯ ᠢᠶᠠᠨ ᠨᠦᠬᠦᠪᠦᠷᠢᠯᠡᠨ᠂ ᠵᠢᠭᠠᠨ ᠰᠤᠷᠭᠠᠯᠲᠠ ᠶᠢᠨ ᠡᠮᠦᠨ᠎ᠡ ᠹᠷᠤᠨᠲ ᠤᠨ ᠠᠵᠢᠯ | ᠳᠠᠭᠠᠨ ᠠᠮᠵᠢᠯᠲᠠ ᠤᠯᠤᠯᠲᠠ ᠲᠠᠢ ᠭᠢᠯᠠᠷᠠᠭᠤᠯᠵᠣ ᠶᠠᠪᠤᠨ᠎ᠠ᠃ | ᠬᠠᠮᠲᠤ ᠠᠵᠢᠯᠯᠠᠭᠴᠢ ᠲᠠᠢ ᠪᠠᠨ ᠪᠦᠯᠬᠦᠮᠳᠡᠨ ᠵᠢᠭᠠᠨ ᠰᠤᠷᠭᠠᠬᠤ ᠠᠵᠢᠯ ᠢᠶᠠᠨ ᠬᠠᠮᠲᠤᠪᠡᠷ ᠰᠤᠳᠤᠯᠵᠤ | ᠰᠦᠪᠡᠭᠴᠢᠯᠡᠨ᠂ ᠨᠦᠬᠦᠷᠰᠡᠭ ᠵᠢᠭᠠᠨ ᠰᠤᠷᠭᠠᠯᠲᠠ ᠶᠢᠨ ᠤᠷᠴᠢᠨ ᠲᠤᠭᠤᠷᠢᠨ ᠳᠤ ᠦᠵᠡᠭᠦᠯᠪᠡᠰᠦ ᠵᠤᠬᠢᠬᠤ ᠦᠪᠡᠷ | ᠤᠨ ᠬᠤᠪᠢ ᠨᠡᠮᠡᠷᠢ ᠪᠠᠨ ᠦᠵᠡᠭᠦᠯᠦᠭᠰᠡᠭᠡᠷ ᠢᠷᠡᠵᠡᠢ᠃ ᠪᠤᠰᠤᠳ ᠤᠨ ᠲᠤᠷᠰᠢᠯᠭ᠎ᠠ ᠰᠤᠷᠭᠠᠮᠵᠢ ᠶᠢ ᠲᠠᠷᠤᠤ | ᠬᠢᠴᠢᠶᠡᠩᠭᠦᠢ ᠰᠤᠷᠤᠯᠴᠠᠬᠤ ᠶᠢᠨ ᠬᠠᠮᠲᠤ ᠦᠪᠡᠷ ᠤᠨ ᠵᠢᠭᠠᠬᠤ ᠠᠵᠢᠯ ᠢᠶᠠᠨ ᠲᠠᠰᠤᠷᠠᠯᠲᠠ ᠦᠭᠡᠢ ᠰᠤᠳᠤᠯᠵᠤ | ᠰᠦᠪᠡᠭᠴᠢᠯᠡᠨ᠂ ᠰᠢᠨ᠎ᠡ ᠶᠢ ᠡᠭᠦᠳᠬᠦ ᠵᠠᠮ ᠢ ᠡᠷᠢᠯᠬᠢᠯᠡᠨ ᠶᠠᠰᠤ ᠴᠢᠨᠠᠷ ᠰᠢᠯᠢᠳᠡᠭ᠂ ᠤᠷ᠎ᠠ ᠴᠢᠳᠠᠪᠦᠷᠢ ᠰᠢᠯᠢᠳᠡᠭ | ᠪᠠᠶᠢᠬᠤ ᠶᠢ ᠠᠩᠬᠠᠷᠤᠭᠰᠠᠭᠠᠷ ᠢᠷᠡᠵᠡᠢ᠃ ᠬᠡᠳᠦᠨ ᠵᠢᠯ ᠳᠠᠷᠠᠭᠠᠯᠠᠨ ᠲᠡᠭᠦᠨ ᠤ ᠵᠢᠭᠠᠭᠰᠠᠨ ᠬᠢᠴᠢᠶᠡᠯ ᠤᠨ ᠬᠢᠨᠢ | ᠬᠢᠷᠢ ᠲᠡᠩᠴᠡᠯᠲᠡ ᠶᠢᠨ ᠨᠤᠷᠮ᠎ᠠ 100% ᠳᠤ ᠬᠦᠷᠴᠦ ᠬᠠᠮᠲᠤ ᠠᠵᠢᠯᠯᠠᠭᠴᠢ᠂ ᠭᠡᠷ ᠤᠨ ᠠᠬᠠᠮᠠᠳ᠂ | ᠣᠳᠤᠷᠢᠳᠤᠯᠭ᠎ᠠ ᠨᠠᠷ ᠤᠨ ᠪᠠᠭ᠋ᠠᠷᠬᠠᠯ ᠢ ᠳᠠᠲᠠᠵᠠᠢ᠃ | | | | ᠲᠡᠷᠡ ᠠᠩᠭᠢ ᠡᠷᠬᠢᠯᠡᠭᠴᠢ ᠶᠢᠨ ᠠᠵᠢᠯ ᠢ ᠴᠢᠳᠠᠮᠠᠭᠠᠢ ᠰᠠᠶᠢᠨ ᠬᠢᠳᠡᠭ | ᠠᠩᠭᠢ ᠶᠢᠨ ᠠᠵᠢᠯ ᠪᠤᠯ ᠶᠠᠭᠠᠷᠠᠯᠲᠠᠢ ᠮᠦᠷᠲᠡᠭᠡᠨ ᠦᠡᠭᠭᠡ ᠭᠡᠷᠡᠯᠲᠡᠢ ᠠᠵᠢᠯ ᠮᠦᠨ᠃ ᠬᠠ᠊ ᠪᠠᠭᠰᠢ ᠠᠩᠭᠢ | ᠡᠷᠬᠢᠯᠡᠭᠴᠢ ᠪᠤᠯᠤᠭᠰᠠᠨ ᠤ ᠬᠤᠪᠢ ᠳᠤ ᠰᠤᠷᠤᠭᠴᠢᠳ ᠲᠤ ᠪᠠᠨ ᠮᠤᠷᠠᠯ ᠤᠨ ᠬᠦᠮᠦᠵᠢᠯ ᠢ ᠭᠦᠨᠵᠡᠭᠡᠢ ᠬᠢᠵᠦ᠂ | ᠰᠤᠷᠤᠭᠴᠢᠳ ᠢᠶᠠᠨ ᠤᠶᠢᠯᠠᠭᠠᠨ ᠬᠠᠶᠢᠷᠠᠯᠠᠵᠤ᠂ ᠰᠤᠷᠤᠭᠴᠢᠳ ᠢ ᠪᠦᠬᠦ ᠲᠠᠯ᠎ᠠ ᠪᠠᠷ ᠬᠦᠭᠵᠢᠬᠦ ᠲᠡᠰᠢ ᠴᠢᠷᠮᠠᠶᠢᠨ | ᠬᠦᠲᠦᠯᠵᠡᠢ᠃ ᠨᠡᠩ ᠤᠨᠴᠠᠭᠠᠶᠢᠯᠠᠨ ᠮᠠᠨ ᠤ ᠰᠤᠷᠭᠠᠭᠤᠯᠢ ᠰᠢᠭ᠋ ᠪᠠᠶᠢᠷᠢᠯᠠᠬᠤ ᠳᠦᠷᠢᠮᠲᠦ ᠪᠠᠭ᠎ᠠ ᠰᠤᠷᠭᠠᠭᠤᠯᠢ ᠳᠤ | ᠠᠩᠭᠢ ᠶᠢᠨ ᠠᠵᠢᠯ ᠬᠢᠬᠦ ᠨᠢ ᠬᠢᠯᠪᠠᠷ ᠪᠤᠰᠤ ᠠᠵᠤ ᠪᠠᠶᠢᠳᠠᠭ᠃ ᠤᠴᠢᠷ ᠨᠢ ᠦᠷᠯᠦᠭᠡ ᠡᠷᠲᠡ ᠶᠢᠨ ᠲᠠᠮᠢᠷ ᠠᠴᠠ | ᠠᠪᠤᠭᠠᠳ ᠤᠷᠤᠢ ᠶᠢᠨ ᠤᠨᠲᠠᠯᠭ᠎ᠠ ᠪᠤᠯᠲᠠᠯ᠎ᠠ ᠠᠩᠭᠢ ᠶᠢᠨ ᠪᠠᠭᠰᠢ ᠶᠡᠷᠦ ᠨᠢ ᠰᠤᠷᠤᠭᠴᠢᠳ ᠤᠨ ᠲᠦᠯᠦᠭᠡ | ᠰᠠᠨᠠᠭᠠᠰᠢᠷᠠᠵᠤ ᠬᠠᠯᠠᠮᠵᠢᠯᠠᠵᠤ᠂ ᠰᠤᠷᠤᠭᠴᠢᠳ ᠤᠨ ᠠᠮᠤᠷ ᠲᠦᠪᠰᠢᠨ᠂ ᠬᠢᠴᠢᠶᠡᠯ ᠰᠤᠷᠤᠯᠭ᠎ᠠ᠂ ᠦᠵᠡᠯ ᠰᠠᠨᠠᠭ᠎ᠠ | ᠶᠤᠰᠤ ᠮᠤᠷᠠᠯ᠂ ᠡᠷᠡᠭᠦᠯ ᠬᠠᠮᠠᠭᠠᠯᠠᠯ᠂ ᠪᠡᠶ᠎ᠡ ᠰᠡᠳᠭᠢᠴᠡ ᠶᠢᠨ ᠡᠷᠡᠭᠦᠯ ᠮᠡᠨᠳᠦ᠂ ᠢᠳᠡᠭᠡᠨ ᠤᠮᠳᠠᠭᠠᠨ᠂ ᠡᠳᠦᠷ | ᠲᠣᠳᠤᠮ ᠤᠨ ᠠᠮᠢᠳᠤᠷᠠᠯ ᠵᠡᠷᠭᠡ ᠲᠠᠯ᠎ᠠ ᠪᠠᠷ ᠰᠠᠨᠠᠭᠤᠯᠵᠤ ᠠᠩᠬᠠᠷᠤᠭᠤᠯᠬᠤ ᠴᠢᠬᠤᠯᠠ ᠲᠠᠢ ᠪᠠᠶᠢᠳᠠᠭ᠃ ᠨᠢᠭᠡ | ᠠᠩᠭᠢ ᠶᠢ ᠵᠢᠷᠭᠤᠭᠠᠨ ᠵᠢᠯ ᠡᠷᠬᠢᠯᠡᠳᠡᠭ ᠠᠴᠠ ᠨᠢᠭᠡ ᠬᠡᠣᠬᠡᠳ ᠤᠨ ᠪᠠᠭ᠎ᠠ ᠨᠠᠰᠤᠨ ᠤ ᠴᠢᠬᠤᠯᠠ ᠵᠠᠩᠭᠢᠯᠠᠭ᠎ᠠ ᠶᠢᠨ | ᠴᠠᠭ ᠨᠢ ᠪᠦᠷ ᠠᠩᠭᠢ ᠶᠢᠨ ᠪᠠᠭᠰᠢ ᠲᠠᠢ ᠬᠠᠮᠳᠤ ᠦᠩᠭᠡᠷᠡᠭᠡᠳᠡᠭ ᠲᠤᠯᠠ᠂ ᠠᠩᠭᠢ ᠶᠢᠨ ᠪᠠᠭᠰᠢ ᠲᠤᠩ ᠴᠢᠬᠤᠯᠠ | ᠪᠠᠶᠢᠳᠠᠭ᠃ ᠬᠠ᠊ ᠪᠠᠭᠰᠢ ᠠᠩᠭᠢ ᠶᠢᠨ ᠠᠵᠢᠯ ᠢᠶᠠᠨ ᠳᠤᠤᠷᠠᠬᠢ ᠮᠡᠲᠦ ᠬᠡᠳᠦᠨ ᠲᠠᠯ᠎ᠠ ᠠᠴᠠ ᠤᠴᠢᠵᠤ ᠬᠢᠭᠰᠡᠨ | ᠠᠴᠠ ᠲᠡᠭᠦᠨ ᠤ ᠠᠩᠭᠢ ᠶᠢᠨ ᠠᠵᠢᠯ ᠳᠤᠪᠤᠶᠢᠮ᠎ᠠ ᠠᠮᠵᠢᠯᠲᠠ ᠶᠢ ᠤᠯᠵᠤ ᠴᠢᠳᠠᠭᠰᠠᠨ ᠢᠶᠠᠷ ᠪᠠᠷᠠᠬᠤ ᠦᠭᠡᠢ ᠮᠠᠰᠢ | ᠣᠯᠠᠨ ᠤᠷ᠎ᠠ ᠠᠪᠢᠶᠠᠰ ᠲᠠᠢ ᠰᠤᠷᠤᠭᠴᠢᠳ ᠢ ᠬᠦᠮᠦᠵᠢᠭᠦᠯᠵᠦ ᠴᠢᠳᠠᠵᠠᠢ᠃ | | | | | ⒈ ᠰᠤᠷᠤᠭᠴᠢᠳ ᠲᠤ ᠪᠡᠶ᠎ᠡ ᠪᠠᠨ ᠳᠠᠭᠠᠭᠠᠬᠤ ᠬᠦᠮᠦᠵᠢᠯ ᠢ ᠵᠢᠭᠠᠬᠤ ᠶᠠᠪᠤᠴᠠ ᠶᠢᠨ ᠳᠤᠮᠳᠠ | ᠠᠭᠤᠰᠬᠠᠵᠠᠢ᠃ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠨᠠᠰᠤ ᠨᠢ ᠪᠠᠭ᠎ᠠ᠂ ᠬᠡᠷᠡᠭ ᠤᠴᠢᠷ ᠲᠤ ᠬᠠᠨᠲᠤᠬᠤ | ᠳᠠᠭᠠᠨ ᠶᠡᠷᠦ ᠨᠢ ᠰᠤᠨᠢᠷᠬᠠᠨ ᠰᠦᠪᠡᠭᠴᠢᠯᠡᠬᠦ ᠵᠠᠩ ᠲᠠᠢ ᠪᠠᠶᠢᠵᠤ᠂ ᠶᠠᠮᠠᠷ ᠨᠢᠭᠡᠨ ᠬᠡᠷᠡᠭ ᠤᠴᠢᠷ ᠨᠢ ᠲᠡᠳᠡᠨ ᠳᠤ | ᠰᠡᠳᠡᠯᠲᠡ ᠦᠭᠴᠦ ᠲᠠᠨᠢᠯᠲᠠ ᠶᠢ ᠨᠢ ᠦᠨᠳᠦᠷᠵᠢᠭᠦᠯᠵᠦ ᠪᠠᠶᠢᠳᠠᠭ᠃ ᠡᠶᠢᠮᠦ ᠠᠴᠠ ᠰᠤᠷᠤᠭᠴᠢᠳ ᠲᠤ ᠪᠡᠶ᠎ᠡ ᠪᠠᠨ | ᠳᠠᠭᠠᠭᠠᠬᠤ ᠴᠢᠳᠠᠪᠦᠷᠢ ᠶᠢ ᠠᠯᠬᠤᠮ ᠠᠯᠬᠤᠮ ᠢᠶᠠᠷ ᠬᠦᠮᠦᠵᠢᠭᠦᠯᠬᠦ ᠨᠢ ᠲᠦᠢᠯ ᠤᠨ ᠴᠢᠬᠤᠯᠠ ᠶᠤᠮ᠃ ᠠᠩᠭᠢ | ᠶᠢᠨ ᠢᠶᠠᠨ ᠪᠤᠲᠠᠲᠠᠢ ᠪᠠᠶᠢᠳᠠᠯ ᠢ ᠦᠨᠳᠦᠰᠦᠯᠡᠨ ᠰᠤᠷᠤᠭᠴᠢᠳ ᠲᠤ ᠪᠡᠶ᠎ᠡ ᠪᠠᠨ ᠳᠠᠭᠠᠭᠠᠨ ᠠᠰᠠᠭᠤᠳᠠᠯ ᠢ | ᠰᠢᠳᠪᠦᠷᠢᠯᠡᠬᠦ ᠤᠷᠤᠨ ᠵᠠᠢ ᠤᠯᠭᠤᠬᠤ ᠶᠢᠨ ᠲᠤᠰᠠᠳᠠ ᠰᠤᠷᠤᠭᠴᠢᠳ ᠢᠶᠠᠷ ᠭᠠᠷ ᠪᠢᠴᠢᠮᠡᠯ ᠰᠤᠨᠢᠨ ᠭᠠᠷᠭᠠᠯᠭᠠᠵᠤ᠂ | ᠦᠪᠡᠷ ᠤᠨ ᠬᠢᠨᠢ ᠵᠤᠬᠢᠶᠠᠨ ᠪᠦᠲᠦᠭᠡᠬᠦ ᠴᠢᠳᠠᠪᠦᠷᠢ᠂ ᠵᠢᠷᠤᠵᠤ ᠤᠷᠤᠯᠳᠤᠬᠤ ᠴᠢᠳᠠᠪᠦᠷᠢ ᠶᠢ ᠨᠢ | ᠳᠡᠭᠡᠭᠰᠢᠯᠡᠭᠦᠯᠦᠭᠰᠡᠨ ᠤ ᠬᠠᠮᠲᠤ ᠬᠦᠳᠡᠯᠮᠦᠷᠢ ᠶᠢᠨ ᠦᠷ᠎ᠡ ᠪᠦᠲᠦᠭᠡᠯ ᠢ ᠡᠳ᠋ᠯᠡᠬᠦ ᠪᠡᠶᠠᠷ ᠪᠠᠭ᠋ᠠᠲᠤᠯ ᠢ ᠴᠤ ᠬᠠᠮᠲᠤ | ᠳᠤᠨᠢ ᠡᠳ᠋ᠯᠡᠭᠦᠯᠵᠦ ᠴᠢᠳᠠᠵᠠᠢ᠃ ᠭᠠᠷᠠᠭ ᠪᠦᠷᠢ ᠶᠢᠨ ᠠᠩᠭᠢ ᠶᠢᠨ ᠲᠤᠰᠬᠠᠢ ᠬᠤᠷᠠᠯ ᠢᠶᠠᠷ ᠳᠠᠮᠵᠢᠨ ᠰᠤᠷᠤᠭᠴᠢᠳ | ᠲᠤ ᠨᠢᠭᠡᠨ ᠭᠤᠤᠯ ᠰᠡᠳᠦᠪ ᠭᠠᠷᠭᠠᠨ ᠦᠭᠴᠤ᠂ ᠡᠨᠡᠬᠦ ᠰᠡᠳᠦᠪ ᠤᠨ ᠲᠤᠭᠤᠷᠢᠨ ᠳᠤ ᠰᠤᠷᠤᠭᠴᠢᠳ ᠢ | ᠶᠠᠷᠢᠯᠴᠠᠭᠤᠯᠤᠨ᠂ ᠠᠰᠠᠭᠤᠳᠠᠯ ᠢ ᠵᠠᠳᠠᠯᠵᠤ ᠰᠢᠨᠵᠢᠯᠡᠬᠦ ᠴᠢᠳᠠᠪᠦᠷᠢ ᠶᠢ ᠨᠢ ᠰᠠᠶᠢᠵᠢᠷᠠᠭᠤᠯᠵᠠᠢ᠃ ᠠᠩᠭᠢ ᠶᠢᠨ | ᠵᠦᠪᠯᠡᠯ ᠢ ᠬᠤᠭᠤᠴᠠᠭ᠎ᠠ ᠪᠦᠷᠢ ᠠᠷᠠᠳᠴᠢᠯᠠᠯ ᠢᠶᠠᠷ ᠰᠤᠩᠭᠤᠨ ᠭᠠᠷᠭᠠᠵᠤ᠂ ᠤᠤᠯ ᠤᠨ ᠲᠡᠷᠡᠬᠦ ᠴᠦᠬᠡᠨ ᠲᠤᠭᠠᠨ | ᠤ ᠬᠡᠳᠦᠨ ᠰᠤᠷᠤᠭᠴᠢ ᠶᠢᠨ ᠡᠭᠦᠷᠭᠡᠯᠡᠵᠦ ᠪᠠᠶᠢᠭᠰᠠᠨ ᠡᠭᠦᠷᠭᠡ ᠬᠠᠷᠢᠴᠠᠭᠤᠯᠭ᠎ᠠ ᠶᠢ ᠤᠯᠠᠩᠬᠢ ᠰᠤᠷᠤᠭᠴᠢ ᠶᠢᠨ | ᠪᠡᠶ᠎ᠡ ᠳᠡᠭᠡᠷ᠎ᠡ ᠨᠤᠭᠳᠠᠭᠤᠯᠬᠤ ᠪᠤᠯᠭᠠᠵᠤ᠂ ᠡᠭᠦᠨ ᠤ ᠤᠯᠠᠮ ᠠᠴᠠ ᠰᠤᠷᠤᠭᠴᠢᠳ ᠲᠤ ᠠᠷᠠᠳᠴᠢᠯᠠᠯ ᠲᠦᠪᠯᠡᠷᠡᠯ | ᠤᠨ ᠶᠤᠰᠤ ᠤᠴᠢᠷ ᠢ ᠲᠠᠨᠢᠭᠤᠯᠤᠭᠰᠠᠨ ᠤ ᠬᠠᠮᠲᠤ ᠪᠡᠶ᠎ᠡ ᠪᠠᠨ ᠳᠠᠭᠠᠭᠠᠨ ᠦᠷᠢᠰᠦᠯᠳᠦᠭᠡᠨ ᠳᠤ ᠤᠷᠤᠯᠴᠠᠬᠤ | ᠵᠤᠷᠢᠭ ᠶᠢ ᠪᠤᠢ ᠪᠤᠯᠭᠠᠵᠤ ᠦᠭᠴᠡᠢ᠃ | ⒉ ᠰᠤᠷᠤᠭᠴᠢᠳ ᠲᠤ ᠮᠤᠷᠠᠯ ᠤᠨ ᠬᠦᠮᠦᠵᠢᠯ ᠢ ᠰᠠᠶᠢᠲᠤᠷ ᠬᠢᠵᠦ᠂ ᠬᠢᠴᠢᠶᠡᠯ ᠰᠤᠷᠤᠯᠭ᠎ᠠ ᠶᠢᠨ ᠲᠠᠯ᠎ᠠ | ᠪᠠᠷ ᠢᠯᠡᠭᠦᠬᠡᠨ ᠵᠢᠯᠤᠭᠤᠳᠴᠤ᠂ ᠮᠤᠷᠠᠯ ᠰᠤᠷᠤᠯᠭ᠎ᠠ ᠶᠢ ᠵᠡᠷᠭᠡᠪᠡᠷ ᠳᠡᠭᠡᠭᠰᠢᠯᠡᠭᠦᠯᠵᠡᠢ᠃ ᠰᠤᠯᠠ ᠰᠡᠯᠡᠭᠦᠦ ᠴᠠᠭ ᠪᠤᠶᠤ | ᠭᠤᠤᠯ ᠰᠡᠳᠦᠪᠲᠤ ᠠᠩᠭᠢ ᠶᠢᠨ ᠬᠤᠷᠠᠯ ᠢᠶᠠᠷ ᠳᠠᠮᠵᠢᠭᠤᠯᠤᠨ ᠰᠤᠷᠤᠭᠴᠢᠳ ᠲᠤ ᠮᠤᠷᠠᠯ ᠤᠨ ᠬᠦᠮᠦᠵᠢᠯ ᠢ | ᠨᠠᠷᠢᠯᠢᠭ ᠬᠢᠵᠦ᠂ ᠪᠠᠭᠰᠢ ᠠᠬᠠᠮᠠᠳ᠂ ᠠᠪᠤ ᠡᠵᠢ ᠪᠠᠨ ᠬᠠᠶᠢᠷᠠᠯᠠᠬᠤ᠂ ᠬᠤᠵᠢᠮ ᠬᠤᠶᠢᠰᠢᠳᠠ ᠬᠡᠷᠬᠢᠨ ᠰᠠᠶᠢᠨ | ᠬᠦᠮᠦᠨ ᠪᠤᠯᠵᠤ ᠨᠡᠶᠢᠭᠡᠮ ᠨᠡᠶᠢᠲᠡ ᠳᠤ ᠲᠤᠰᠠ ᠨᠡᠮᠡᠷᠢ ᠪᠠᠨ ᠦᠵᠡᠭᠦᠯᠬᠦ ᠲᠤᠬᠠᠢ ᠬᠦᠮᠦᠵᠢᠯ ᠢ ᠬᠢᠭᠰᠡᠨ ᠮᠦᠷᠲᠡᠭᠡᠨ | ᠨᠦᠬᠦᠳ ᠬᠤᠭᠤᠷᠤᠨᠳᠦ ᠪᠠᠨ ᠰᠠᠶᠢᠨ ᠰᠠᠶᠢᠬᠠᠨ ᠵᠦᠢᠯ ᠢᠶᠠᠨ ᠰᠤᠯᠢᠯᠴᠠᠨ ᠰᠤᠷᠤᠯᠴᠠᠬᠤ᠂ ᠭᠠᠷ ᠭᠠᠷ ᠢᠶᠠᠨ ᠬᠤᠯᠪᠤᠨ | ᠬᠠᠮᠲᠤ ᠪᠠᠷ ᠳᠠᠪᠰᠢᠬᠤ ᠠᠵᠢᠯᠯᠠᠭᠠᠨ ᠢ ᠦᠷᠨᠢᠭᠦᠯᠦᠭᠰᠡᠨ ᠠᠴᠠ ᠠᠩᠭᠢ ᠶᠢᠨ ᠠᠵᠢᠯ ᠨᠢ ᠳᠤᠪᠤᠶᠢᠮ᠎ᠠ ᠠᠮᠵᠢᠯᠲᠠ ᠶᠢ | ᠤᠯᠵᠤ ᠰᠤᠷᠤᠭᠴᠢᠳ ᠤᠨ ᠦᠵᠡᠯ ᠰᠠᠨᠠᠭ᠎ᠠ ᠶᠤᠰᠤ ᠮᠤᠷᠠᠯ ᠶᠡᠬᠡᠪᠡᠷ ᠰᠠᠶᠢᠵᠢᠷᠠᠭᠰᠠᠨ ᠤ ᠬᠠᠮᠲᠤ ᠬᠢᠴᠢᠶᠡᠯ | ᠰᠤᠷᠤᠯᠭ᠎ᠠ ᠶᠢᠨ ᠦᠷ᠎ᠡ ᠪᠦᠲᠦᠮᠵᠢ ᠴᠤ ᠳᠡᠭᠡᠭᠰᠢᠯᠡᠵᠡᠢ᠃ ᠤᠳᠠᠭ᠎ᠠ ᠪᠣᠯᠭᠠᠨ ᠤ ᠣᠷᠤᠯᠳᠤᠭᠠᠨ ᠮᠦᠷᠦᠶᠢᠴᠡᠭᠡᠨ ᠳᠤ | ᠰᠢᠯᠢᠳᠡᠭ ᠠᠩᠭᠢ ᠪᠠᠷ ᠢᠶᠠᠨ ᠲᠡᠷᠢᠭᠦᠨ ᠲᠡᠳ᠋ ᠲᠤ ᠲᠣᠳᠤᠷᠠᠨ᠂ ᠮᠠᠰᠢ ᠣᠯᠠᠨ ᠰᠤᠷᠤᠯᠴᠠᠬᠤ ᠳᠤ ᠪᠠᠭ᠋ᠠᠲᠠᠢ᠂ ᠣᠯᠠᠨ | ᠲᠠᠯ᠎ᠠ ᠶᠢᠨ ᠤᠷ᠎ᠠ ᠠᠪᠢᠶᠠᠰ ᠢ ᠪᠦᠷᠢᠯᠳᠦᠭᠦᠯᠦᠭᠰᠡᠨ ᠰᠢᠯᠢᠳᠡᠭ ᠰᠤᠷᠤᠭᠴᠢ ᠴᠤᠯᠭᠤᠷᠠᠨ ᠭᠠᠷᠤᠭᠰᠠᠨ ᠪᠠᠶᠢᠨ᠎ᠠ᠃ | ᠬᠤᠳᠡ ᠬᠤᠰᠢᠭᠤᠨ ᠤ ᠤᠡᠭᠰᠢᠯᠭ᠎ᠠ ᠶᠠᠷᠢᠶ᠎ᠡ ᠢᠯᠡᠳᠭᠡᠯ ᠤᠨ ᠤᠷᠤᠯᠳᠤᠭᠠᠨ ᠳᠤ ᠲᠡᠬᠦᠨ ᠤ ᠰᠤᠷᠤᠬᠴᠢᠳ | ᠤᠷᠤᠯᠴᠠᠬᠤ ᠪᠤᠯᠭᠠᠨ ᠭᠠᠨᠵᠤᠭ᠎ᠠ ᠲᠦᠬᠦᠷᠡᠩ ᠶᠠᠪᠤᠵᠤ ᠢᠷᠡᠭᠰᠡᠨ ᠮᠦᠷᠳᠡᠭᠡᠨ ᠲᠡᠷᠡ ᠵᠢᠭᠠᠨ ᠰᠤᠷᠭᠠᠬᠤ ᠠᠵᠢᠯ᠂ | ᠠᠩᠭᠢ ᠶᠢᠨ ᠬᠠᠮᠢᠶᠠᠷᠤᠯᠲᠠ ᠶᠢᠨ ᠠᠵᠢᠯ᠂ ᠰᠢᠨ᠎ᠡ ᠶᠢ ᠡᠷᠢᠯᠬᠢᠯᠡᠵᠦ ᠤᠷᠤᠭᠰᠢᠯᠠᠭᠰᠠᠨ ᠵᠡᠷᠭᠡ ᠲᠠᠯ᠎ᠠ ᠪᠠᠷ ᠴᠦᠮ | ᠳᠤᠪᠤᠶᠢᠮ᠎ᠠ ᠠᠮᠵᠢᠯᠲᠠ ᠭᠠᠷᠭᠠᠭᠰᠠᠨ ᠪᠠᠶᠢᠨ᠎ᠠ᠃ ᠲᠤᠬᠠᠶᠢᠯᠠᠪᠠᠯ᠄ ᠬᠦᠲᠦᠯᠦᠭᠴᠢ ᠠᠰᠢᠳᠠ᠂ ᠲᠤᠶᠠᠭᠠᠵᠢᠨ᠂ ᠮᠠᠠᠳᠠ᠂ | ᠬᠠ᠊ ᠰᠢᠭᠤᠢ ᠁ ᠵᠡᠷᠭᠡ ᠣᠯᠠᠨ ᠣᠯᠠᠨ ᠰᠢᠯᠢᠳᠡᠭ ᠰᠤᠷᠤᠭᠴᠢ ᠨᠡᠶᠢᠭᠡᠮ ᠨᠡᠶᠢᠲᠡ ᠳᠤ ᠪᠠᠨ ᠬᠤᠪᠢ ᠨᠡᠮᠡᠷᠢ ᠪᠠᠨ | ᠦᠵᠡᠭᠦᠯᠵᠦ ᠪᠠᠶᠢᠨ᠎ᠠ᠃ | ᠲᠡᠷᠡ ᠠᠯᠢᠶ᠎ᠠ ᠬᠦᠭᠡᠷᠦᠬᠦᠨ ᠬᠡᠣᠬᠡᠳ ᠢᠶᠠᠨ ᠬᠠᠯᠠᠮᠵᠢᠯᠠᠳᠠᠭ᠂ ᠦᠪᠡᠷ ᠤᠨ ᠵᠢᠭᠠᠬᠤ ᠠᠵᠢᠯ ᠤᠨ ᠳᠤᠮᠳᠠ | ᠪᠠᠨ ᠬᠤᠴᠤᠷᠤᠩᠭᠤᠢ ᠰᠤᠷᠤᠭᠴᠢ ᠶᠢ ᠪᠦᠬᠦ ᠲᠠᠯ᠎ᠠ ᠪᠠᠷ ᠰᠤᠳᠤᠯᠵᠤ᠂ ᠬᠤᠴᠤᠷᠤᠩᠭᠤᠢ ᠰᠤᠷᠤᠭᠴᠢ ᠲᠠᠢ ᠰᠡᠳᠬᠢᠯ | ᠢᠶᠠᠨ ᠮᠡᠳᠡᠯᠴᠡᠵᠦ ᠢᠯᠡᠭᠦᠬᠡᠨ ᠬᠠᠷᠢᠴᠠᠵᠤ᠂ ᠬᠦᠴᠢᠷᠳᠡᠯ ᠢ ᠨᠢ ᠤᠶᠢᠯᠭᠠᠨ ᠰᠢᠢᠳᠪᠦᠷᠢᠯᠡᠵᠦ ᠬᠠᠪᠰᠤᠷᠴᠤ | ᠦᠭᠭᠦᠭᠰᠡᠨ ᠠᠴᠠ ᠰᠤᠷᠤᠭᠴᠢᠳ ᠢ ᠰᠤᠷᠤᠯᠴᠠᠬᠤ ᠤᠷᠮ᠎ᠠ ᠪᠠᠬ᠎ᠠ ᠲᠠᠢ ᠪᠤᠯᠭᠠᠵᠤ ᠴᠢᠳᠠᠵᠠᠢ᠃ ᠵᠢᠱᠢᠶᠡᠯᠡᠪᠡᠯ᠄ | ᠵᠢᠷᠭᠤᠳᠤᠭᠠᠷ ᠤᠨ ᠤ ᠰᠤᠷᠤᠭᠴᠢ ᠴᠢᠭᠴᠢ᠂ ᠪᠠᠯᠳᠠᠨ ᠬᠤᠶᠠᠷ ᠪᠤᠯ ᠦᠷᠭᠦᠯᠵᠢ ᠬᠦᠮᠦᠨ ᠬᠠᠷᠢᠶᠠᠵᠤ ᠵᠤᠳᠤᠭᠠᠨ | ᠡᠳᠦᠳᠡᠭ ᠪᠤᠯᠬᠤᠷ ᠠᠩᠭᠢ ᠶᠢᠨ ᠬᠢᠨᠢ ᠨᠦᠬᠦᠳ ᠴᠦᠮ ᠲᠤᠷ᠎ᠠ ᠦᠭᠡᠶᠢᠴᠡᠳᠡᠭ᠃ ᠡᠨᠡᠬᠦ ᠪᠠᠶᠢᠳᠠᠯ ᠳᠤ ᠴᠢᠭᠯᠡᠭᠦᠯᠦᠨ | ᠲᠡᠷᠡ ᠲᠤᠰ ᠬᠤᠶᠠᠷ ᠰᠤᠷᠤᠭᠴᠢ ᠶᠢ ᠦᠵᠡᠯ ᠰᠠᠨᠠᠭ᠎ᠠ ᠶᠤᠰᠤ ᠮᠤᠷᠠᠯ ᠤᠨ ᠲᠠᠯ᠎ᠠ ᠪᠠᠷ ᠬᠤᠪᠢᠷᠠᠭᠤᠯᠤᠨ | ᠳᠡᠭᠡᠭᠰᠢᠯᠡᠬᠦᠯᠬᠦ ᠲᠦᠯᠦᠪᠯᠡᠭᠡ ᠲᠤᠭᠲᠠᠭᠠᠨ ᠰᠤᠷᠭᠠᠨ ᠬᠦᠮᠦᠵᠢᠭᠦᠯᠦᠭᠰᠡᠨ ᠪᠠᠶᠢᠨ᠎ᠠ᠃ ᠰᠤᠯᠠ ᠰᠡᠯᠡᠭᠦᠦ ᠴᠠᠭ ᠢᠶᠠᠨ | ᠦᠵᠡᠵᠦ ᠲᠤᠰ ᠬᠤᠶᠠᠷ ᠰᠤᠷᠤᠭᠴᠢ ᠲᠠᠢ ᠰᠡᠳᠬᠢᠯ ᠤᠨ ᠵᠤᠭᠤᠭ ᠢᠶᠠᠨ ᠶᠠᠷᠢᠵᠤ᠂ ᠶᠠᠭᠤᠨ ᠳᠤ ᠬᠦᠮᠦᠨ ᠬᠠᠷᠢᠶᠠᠨ | ᠵᠤᠳᠤᠭᠠᠨ ᠬᠢᠳᠡᠭ ᠰᠢᠯᠲᠠᠭᠠᠨ ᠢ ᠨᠢ ᠶᠠᠷᠢᠭᠤᠯᠤᠭᠰᠠᠨ ᠮᠦᠷᠲᠡᠭᠡᠨ ᠬᠦᠮᠦᠨ ᠢ ᠬᠠᠷᠢᠶᠠᠵᠤ ᠵᠤᠳᠤᠬᠤ ᠨᠢ ᠨᠢᠭᠡ | ᠵᠦᠢᠯ ᠤᠨ ᠪᠤᠯᠪᠠᠰᠤᠨ ᠪᠤᠰᠤ ᠦᠢᠯᠡ ᠠᠵᠢᠯᠯᠠᠭ᠎ᠠ ᠪᠤᠯᠬᠤ ᠶᠢ ᠦᠯᠢᠭᠡᠷ ᠵᠢᠱᠢᠶ᠎ᠡ ᠲᠠᠢ ᠶᠠᠷᠢᠵᠤ ᠲᠠᠶᠢᠯᠪᠦᠷᠢᠯᠠᠵᠤ | ᠦᠭᠭᠦᠭᠰᠡᠨ ᠪᠢᠯᠡ᠃ ᠡᠭᠦᠨ ᠤ ᠬᠠᠮᠲᠤ ᠠᠩᠭᠢ ᠶᠢᠨ ᠬᠢᠨᠢ ᠬᠠᠮᠲᠤ ᠨᠦᠬᠦᠳ ᠲᠤ ᠦᠵᠡᠯ ᠰᠠᠨᠠᠭᠠᠨ ᠤ ᠬᠦᠮᠦᠵᠢᠯ | ᠬᠢᠵᠦ᠂ ᠪᠦᠯᠬᠦᠮᠳᠡᠨ ᠲᠡᠮᠡᠴᠡᠭᠰᠡᠨ ᠠᠩᠭᠢ ᠨᠢᠭᠡᠴᠡ ᠪᠤᠯ ᠰᠠᠶ᠋ᠢ ᠠᠯᠢᠪᠠ ᠶᠢ ᠢᠯᠠᠵᠤ ᠴᠢᠳᠠᠨ᠎ᠠ ᠭᠡᠳᠡᠭ ᠶᠤᠰᠤ | ᠤᠴᠢᠷ ᠢ ᠲᠠᠨᠢᠭᠤᠯᠵᠤ᠂ ᠬᠠᠮᠲᠤ ᠶᠢᠨ ᠵᠤᠷᠢᠭᠵᠢᠭᠤᠯᠤᠯ ᠢᠶᠠᠷ ᠲᠤᠰ ᠬᠤᠶᠠᠷ ᠰᠤᠷᠤᠭᠴᠢ ᠶᠢᠨ ᠤᠪᠤᠷ | ᠰᠡᠳᠬᠢᠯᠭᠡ ᠶᠢ ᠨᠦᠯᠦᠭᠡᠯᠡᠵᠦ᠂ ᠵᠦᠪ ᠵᠠᠮ ᠲᠡᠰᠢ ᠬᠦᠲᠦᠯᠵᠡᠢ᠃ ᠨᠤᠮ ᠪᠢᠴᠢᠭ ᠪᠤᠯ ᠮᠡᠳᠡᠯᠭᠡ ᠶᠢᠨ ᠴᠤᠩᠬᠤ ᠭᠡᠳᠡᠭ | ᠰᠤᠷᠭᠠᠯ ᠦᠭᠡ ᠶᠢ ᠲᠤᠰ ᠬᠤᠶᠠᠷ ᠰᠤᠷᠤᠭᠴᠢ ᠳᠤ ᠦᠷᠭᠦᠯᠵᠢ ᠰᠠᠨᠠᠭᠤᠯᠵᠤ᠂ ᠰᠤᠯᠠ ᠰᠡᠯᠡᠭᠦᠦ ᠴᠠᠭ ᠢᠶᠠᠨ | ᠠᠰᠢᠭᠯᠠᠨ ᠬᠡᠥᠬᠡᠳ ᠤᠨ ᠤᠷᠠᠨ ᠵᠤᠬᠢᠶᠠᠯ ᠤᠡᠭᠰᠢᠬᠤ ᠳᠠᠳᠬᠠᠯ ᠢ ᠬᠦᠮᠦᠵᠢᠭᠦᠯᠵᠡᠢ᠃ ᠢᠡᠭᠭᠢᠭᠰᠡᠨ ᠠᠴᠠ | ᠬᠤᠭᠤᠴᠠᠭᠠᠨ ᠡᠴᠦᠰ ᠪᠤᠯᠬᠤ ᠳᠤ ᠲᠤᠰ ᠬᠤᠶᠠᠷ ᠰᠤᠷᠤᠭᠴᠢ ᠬᠦᠮᠦᠨ ᠬᠠᠷᠢᠶᠠᠵᠤ ᠬᠦᠮᠦᠨ ᠲᠠᠢ ᠬᠡᠷᠡᠯᠳᠦᠬᠦ ᠵᠠᠩ | ᠢᠶᠠᠨ ᠦᠭᠡᠷᠡᠴᠢᠯᠡᠭᠰᠡᠨ ᠢᠶᠠᠷ ᠪᠠᠷᠠᠬᠤ ᠦᠭᠡᠢ ᠰᠤᠷᠤᠯᠭ᠎ᠠ ᠶᠢᠨ ᠬᠢᠷᠢ ᠪᠦᠲᠦᠮᠵᠢ ᠴᠦ ᠮᠡᠳᠡᠭᠳᠡᠭᠦᠶᠢᠴᠡ | ᠳᠡᠭᠡᠭᠰᠢᠯᠡᠵᠦ᠂ ᠠᠩᠭᠢ ᠳᠠᠭᠠᠨ ᠴᠤ ᠬᠦᠷᠢᠶᠡᠯᠡᠯ ᠰᠠᠶᠢᠲᠠᠢ ᠪᠤᠯᠵᠤ ᠴᠢᠳᠠᠭᠰᠠᠨ ᠪᠠᠶᠢᠨ᠎ᠠ᠃ | ᠪᠠᠰᠠ ᠨᠢᠭᠡ ᠵᠢᠱᠢᠶᠡᠯᠡᠬᠦ ᠳᠤ᠄ ᠰᠤᠷᠤᠭᠴᠢ ᠬᠤᠨᠭ᠍ᠭᠤᠷ᠂ ᠪᠠᠶᠠᠨᠬᠤᠷᠸᠠ᠂ ᠢᠯᠴᠢ ᠵᠡᠷᠭᠡ ᠭᠤᠷᠪᠠᠨ | ᠰᠤᠷᠤᠭᠴᠢ ᠪᠤᠯ ᠬᠢᠴᠢᠶᠡᠯ ᠳᠡᠭᠡᠷ᠎ᠡ ᠠᠩᠬᠠᠷᠤᠯ ᠲᠦᠪᠯᠡᠷᠡᠭᠦᠯᠬᠦ ᠪᠠᠷ ᠠᠨᠠᠢ᠂ ᠲᠠᠰᠬᠠᠯ ᠳᠠᠭᠠᠭᠠᠯᠭᠠᠪᠦᠷᠢ ᠪᠠᠨ | ᠪᠡᠶᠡᠯᠡᠬᠦᠯᠬᠦ ᠪᠠᠷ ᠭᠤᠷᠢ ᠦᠭᠡᠢ᠃ ᠡᠶᠢᠮᠦ ᠠᠴᠠ ᠰᠤᠷᠤᠯᠭ᠎ᠠ ᠳᠠᠭᠠᠨ ᠬᠦᠴᠢᠷᠳᠡᠨ ᠰᠤᠷᠤᠯᠴᠠᠬᠤ ᠤᠷᠮ᠎ᠠ ᠴᠤ ᠠᠨᠠᠢ | ᠪᠤᠯᠤᠭᠰᠠᠨ ᠪᠠᠶᠢᠨ᠎ᠠ᠃ ᠡᠨᠡᠬᠦ ᠪᠠᠶᠢᠳᠠᠯ ᠳᠤ ᠴᠢᠭᠯᠡᠭᠦᠯᠦᠨ ᠲᠡᠷᠡ ᠰᠤᠷᠤᠯᠭ᠎ᠠ ᠬᠤᠴᠤᠷᠤᠩᠭᠤᠢ ᠲᠤᠰ ᠭᠤᠷᠪᠠᠨ | ᠰᠤᠷᠤᠭᠴᠢ ᠶᠢ ᠳᠠᠪᠰᠢᠭᠤᠯᠤᠨ ᠰᠠᠶᠢᠵᠢᠷᠠᠭᠤᠯᠬᠤ ᠲᠦᠯᠦᠪᠯᠡᠭᠡ ᠲᠤᠭᠲᠠᠭᠠᠵᠠᠢ᠃ ᠶᠠᠭᠤᠨ ᠤ ᠡᠮᠦᠨ᠎ᠡ ᠰᠤᠷᠤᠯᠭ᠎ᠠ | ᠶᠢᠨ ᠳᠠᠷᠤᠭᠠᠰᠤ ᠶᠢ ᠨᠢ ᠬᠦᠡᠭᠭᠡᠯᠡᠨ ᠰᠠᠶᠢᠨ ᠳᠤᠷ᠎ᠠ ᠠᠴᠠ ᠪᠠᠨ ᠰᠤᠷᠤᠯᠭ᠎ᠠ ᠶᠢᠨ ᠡᠵᠡᠨ ᠪᠤᠯᠬᠤ ᠶᠢ | ᠵᠤᠷᠢᠭᠵᠢᠭᠤᠯᠤᠭᠰᠠᠨ ᠠᠴᠠ ᠡᠳᠡᠭᠡᠷ ᠭᠤᠷᠪᠠᠨ ᠰᠤᠷᠤᠭᠴᠢ ᠦᠪᠡᠷ ᠤᠨ ᠪᠡᠶ᠎ᠡ ᠳᠡᠭᠡᠨ ᠢᠲᠡᠭᠡᠯ ᠲᠠᠢ ᠪᠤᠯᠵᠤ | ᠬᠦᠴᠢᠷ ᠢ ᠢᠯᠠᠬᠤ ᠠᠩᠬ᠎ᠠ ᠠᠯᠬᠤᠮ ᠤᠨ ᠦᠵᠡᠯᠲᠡ ᠲᠠᠢ ᠪᠤᠯᠵᠠᠢ᠃ ᠳᠠᠷᠠᠭ᠎ᠠ ᠳᠤᠨᠢ ᠲᠡᠷᠡ ᠪᠢᠴᠢᠭ ᠡᠷᠳᠡᠮ | ᠰᠤᠷᠬᠤ ᠶᠢᠨ ᠠᠴᠢ ᠬᠤᠯᠪᠤᠭᠳᠠᠯ ᠢ ᠨᠠᠷᠢᠯᠢᠭ ᠰᠠᠶᠢᠬᠠᠨ᠂ ᠬᠦᠯᠢᠴᠡᠩᠭᠦᠢ᠂ ᠪᠣᠳᠠᠳᠤ ᠵᠢᠱᠢᠶ᠎ᠡ ᠲᠠᠢ ᠶᠠᠷᠢᠵᠤ | ᠦᠭᠭᠦᠨ ᠪᠢᠳᠠᠨᠠᠷ ᠴᠢᠷᠮᠠᠶᠢᠪᠠᠯ ᠯᠠᠪᠲᠠᠢ ᠪᠤᠰᠤᠳ ᠠᠴᠠ ᠬᠤᠴᠣᠷᠬᠤ ᠦᠭᠡᠢ ᠭᠡᠳᠡᠭ ᠢᠲᠡᠭᠡᠯ ᠤᠨ ᠬᠦᠴᠦᠨ ᠢ | ᠲᠡᠳᠡᠨᠦᠰ ᠲᠤ ᠤᠯᠭᠤᠵᠠᠢ᠃ ᠭᠠᠷᠠᠭ ᠪᠦᠷᠢ ᠶᠢᠨ ᠬᠤᠶᠠᠷ ᠠᠴᠠ ᠭᠤᠷᠪᠠᠨ ᠰᠤᠯᠠ ᠰᠡᠯᠡᠭᠦᠦ ᠴᠠᠭ ᠢ ᠠᠰᠢᠭᠯᠠᠨ | ᠲᠡᠳᠡᠨ ᠲᠠᠢ ᠰᠠᠨᠠᠯ ᠢᠶᠠᠨ ᠰᠤᠯᠢᠯᠴᠠᠨ᠂ ᠤᠷᠤᠰᠢᠵᠤ ᠪᠠᠶᠢᠭ᠎ᠠ ᠠᠰᠠᠭᠤᠳᠠᠯ ᠢ ᠨᠢ ᠵᠠᠳᠠᠯᠵᠤ ᠦᠭᠬᠦ ᠮᠦᠷᠲᠡᠭᠡᠨ ᠪᠡᠶ᠎ᠡ | ᠪᠠᠨ ᠳᠠᠭᠠᠭᠠᠬᠤ ᠴᠢᠳᠠᠪᠦᠷᠢ ᠶᠢ ᠨᠢ ᠴᠤ ᠬᠦᠮᠦᠵᠢᠭᠦᠯᠦᠭᠰᠡᠨ ᠠᠴᠠ ᠬᠤᠭᠤᠴᠠᠭᠠᠨ ᠡᠴᠦᠰ ᠪᠤᠯᠬᠤ ᠳᠤ ᠲᠤᠰ | ᠭᠤᠷᠪᠠᠨ ᠰᠤᠷᠤᠭᠴᠢ ᠬᠢᠴᠢᠶᠡᠯ ᠪᠦᠷᠢ ᠳᠡᠭᠡᠨ ᠬᠢᠷᠢ ᠲᠡᠩᠴᠡᠭᠰᠡᠨ ᠠᠩᠬ᠎ᠠ ᠠᠯᠬᠤᠮ ᠤᠨ ᠰᠠᠶᠢᠨ ᠬᠢᠷᠢ ᠪᠦᠲᠦᠮᠵᠢ ᠶᠢ | ᠤᠯᠵᠠᠢ᠃ | | | | ᠬᠠ᠊ ᠪᠠᠭᠰᠢ ᠮᠥᠨ ᠬᠦ ᠠᠵᠢᠯ ᠤᠨ ᠢᠶᠠᠨ ᠲᠥᠯᠥᠭᠡ ᠠᠯᠢᠪᠠ ᠪᠠᠨ ᠵᠣᠷᠢᠭᠤᠯᠤᠨ ᠠᠷᠤ ᠭᠡᠷ᠂ ᠠᠩᠭ᠎ᠠ | ᠬᠡᠣᠬᠡᠳ ᠢᠶᠠᠨ ᠠᠷᠤ ᠳᠤ ᠪᠠᠨ ᠲᠠᠶᠠᠭᠳᠠᠵᠤ ᠠᠵᠢᠯ ᠤᠨ ᠹᠠᠷᠤᠠᠲ ᠲᠤ ᠪᠠᠨ ᠭᠠᠪᠰᠢᠭᠠᠶᠢᠯᠠᠵᠤ ᠶᠠᠪᠤᠨ᠎ᠠ᠃ ᠬᠠ᠊ | ᠪᠠᠭᠰᠢ ᠶᠢᠨ ᠲᠡᠭᠦᠰᠭᠡᠭᠰᠡᠨ ᠰᠣᠷᠤᠭᠴᠢ ᠴᠤ ᠤᠯᠠᠮ ᠣᠯᠠᠨ ᠪᠣᠯᠵᠤ᠂ ᠭᠠᠷᠠᠭ ᠤᠨ ᠠᠮᠠᠷᠠᠯᠲᠠ᠂ ᠡᠪᠣᠯ ᠵᠤᠨ ᠤ | ᠠᠮᠠᠷᠠᠯᠲᠠ ᠪᠣᠯᠤᠭᠰᠠᠭᠠᠷ ᠯᠡ ᠪᠠᠭᠰᠢ ᠶᠢᠨ ᠢᠶᠠᠨ ᠲᠡᠷᠭᠡᠲᠡ ᠠᠪᠤᠭᠠᠷᠠᠯᠳᠤᠵᠣ᠂ ᠶᠠᠭ ᠯᠡ ᠣᠯᠠᠨ ᠬᠡᠣᠬᠡᠳ ᠲᠠᠢ ᠡᠵᠢ | ᠰᠢᠭ ᠯᠡ᠂ ᠡᠨᠡ ᠲᠡᠷᠡ ᠶᠢ ᠬᠡᠯᠡᠵᠦ ᠶᠠᠷᠢᠭᠠᠳ ᠬᠦᠭᠵᠢᠶᠡᠨ ᠨᠠᠷᠭᠢᠶᠠᠨ ᠲᠠᠢ᠂ ᠡᠨᠡ ᠦᠶᠡᠰ ᠨᠢ ᠲᠠᠭᠦᠨ ᠤ | ᠬᠠᠮᠤᠭ ᠤᠨ ᠵᠢᠷᠭᠠᠯᠲᠠᠢ ᠴᠠᠭ ᠮᠥᠴᠡ ᠶᠤᠮᠰᠠᠨ᠃ ᠠᠵᠢᠯ᠂ ᠠᠮᠢᠳᠤᠷᠠᠯ᠂ ᠰᠣᠷᠤᠯᠴᠠᠯᠭ᠎ᠠ ᠶᠢ | ᠬᠡᠣᠬᠡᠳ ᠤᠳ ᠲᠤ ᠪᠠᠨ ᠬᠡᠴᠢᠨᠡᠨ ᠣᠯᠠᠨ ᠲᠠᠪᠲᠠᠨ ᠵᠢᠭᠠᠭᠰᠠᠨ ᠢ ᠪᠣᠣ ᠮᠡᠳᠡ᠂ ᠨᠡᠩ ᠴᠤ ᠬᠡᠴᠢᠨᠡᠨ ᠣᠯᠠᠨ ᠭᠡᠷ ᠤᠨ | ᠠᠬᠠᠮᠠᠳ ᠨᠠᠶᠢᠵᠠ ᠲᠠᠢ ᠶᠢ ᠪᠣᠣ ᠬᠡᠯᠡ᠂ ᠭᠡᠷ ᠤᠨ ᠠᠬᠠᠮᠠᠳ ᠤᠳ ᠪᠦᠷ ᠯᠡ ᠬᠠ᠊ ᠪᠠᠭᠰᠢ ᠠᠴᠠ ᠲᠡᠭᠦᠦ | ᠪᠠᠶᠢᠳᠠᠭ ᠠᠴᠠ ᠪᠣᠯᠪᠠᠣ⁉ ᠵᠠᠷᠢᠮ ᠳᠤ ᠪᠠᠨ ᠰᠠᠯᠵᠦ ᠪᠣᠲᠠᠷᠠᠭᠰᠠᠨ ᠨᠢᠭᠡ ᠶᠢ ᠨᠢ ᠡᠪᠯᠡᠭᠦᠯᠬᠦ ᠭᠡᠵᠦ ᠬᠠ᠊ ᠪᠠᠭᠰᠢ ᠶᠢᠨ | ᠰᠡᠳᠭᠢᠯ ᠢ ᠠᠯᠭᠠᠰᠠᠬᠤ ᠤᠳᠠᠭ᠎ᠠ ᠴᠤ ᠣᠯᠠᠨ ᠪᠠᠶᠢᠨ᠎ᠠ᠃ ᠳᠤᠮᠳᠠ ᠨᠢ ᠡᠪ ᠲᠠᠢ ᠦᠭᠡ ᠬᠡᠯᠡᠵᠦ᠂ ᠠᠩᠭᠢ ᠶᠢᠨ | ᠬᠡᠣᠬᠡᠳ ᠢᠶᠠᠨ ᠶᠠᠭᠠᠬᠢᠭᠰᠠᠨ ᠴᠤ ᠦᠨᠦᠴᠢᠷᠡᠭᠦᠯᠬᠦ ᠦᠭᠡᠢ ᠭᠡᠵᠦ ᠤᠬᠠᠭᠠᠨ ᠢᠶᠠᠨ ᠰᠢᠪᠬᠠᠵᠤ᠂ ᠵᠠᠷᠢᠮ ᠢ ᠨᠢ | ᠰᠤᠷᠤᠭᠴᠢ ᠪᠠᠨ ᠰᠢᠭ᠋ ᠰᠢᠭᠦᠮᠵᠢᠯᠡᠵᠦ ᠪᠠᠶᠢᠭᠠᠳ ᠲᠠᠬᠢᠨ ᠬᠠᠮᠲᠤ ᠰᠠᠭᠤᠯᠭᠠᠭᠰᠠᠨ ᠤᠳᠠᠭ᠎ᠠ ᠲᠠᠢ᠃ ᠣᠭᠤᠰᠤᠷ | ᠦᠭᠡᠢ ᠣᠷᠴᠢᠯᠠᠩ ᠤᠨ ᠣᠯᠠᠨ ᠤᠴᠢᠷ ᠶᠠᠪᠤᠳᠠᠯ ᠳᠤ ᠲᠠᠬᠢᠵᠦ ᠰᠠᠨᠠᠭ᠎ᠠ ᠪᠣᠯᠬᠤ ᠦᠭᠡᠢ ᠭᠡᠵᠦ ᠪᠡᠶ᠎ᠡ ᠪᠠᠨ | ᠴᠢᠩᠭᠠᠯᠠᠳᠠᠭ ᠴᠤ᠂ ᠠᠩᠭᠢ ᠶᠢᠨ ᠰᠤᠷᠤᠭᠴᠢ ᠲᠠᠢ ᠨᠢ ᠰᠢᠭᠤᠳ ᠬᠤᠯᠪᠤᠭᠳᠠᠭᠰᠠᠨ ᠡᠳᠡᠭᠡᠷ ᠤᠴᠢᠷ ᠲᠤ ᠬᠤᠷᠤᠭᠤ | ᠭᠠᠷ ᠳᠦᠷᠦᠬᠦ ᠦᠭᠡᠢ ᠪᠠᠶᠢᠬᠤ ᠶᠢᠨ ᠠᠷᠭ᠎ᠠ ᠦᠭᠡᠢ᠂ ᠵᠠᠷᠢᠮ ᠭᠡᠷ ᠤᠨ ᠠᠬᠠᠮᠠᠳ ᠤᠬᠠᠭᠠᠨ ᠦᠭᠡᠢ ᠶᠤᠮ ᠴᠢᠨᠢ | ᠭᠡᠵᠦ ᠲᠤᠯᠤᠭᠠᠢ ᠰᠢᠭᠠᠵᠤ ᠭᠠᠴᠢᠭᠳᠠᠵᠤ ᠪᠠᠶᠢᠭᠰᠠᠨ ᠢ ᠨᠢ ᠪᠢ ᠣᠯᠠᠨ ᠬᠠᠷᠠᠭᠰᠠᠨ ᠡ︕ ᠡᠪᠦᠯ ᠤᠨ ᠬᠦᠢᠲᠡᠨ | ᠪᠣᠯᠤᠭᠰᠠᠨ ᠪᠠᠶᠢᠬᠤ ᠳᠤ ᠵᠣᠵᠠᠭᠠᠨ ᠬᠤᠪᠴᠠᠰᠤ ᠦᠭᠡᠢ ᠬᠡᠣᠬᠡᠳ᠂ ᠬᠤᠭᠤᠯᠠᠨ ᠵᠣᠭᠤᠰ ᠦᠭᠡᠢ ᠪᠣᠯᠤᠭᠰᠠᠨ | ᠰᠤᠷᠤᠭᠴᠢ᠂ ᠦᠨᠦᠴᠢᠷᠡᠵᠦ ᠬᠤᠴᠤᠷᠤᠭᠰᠠᠨ ᠰᠤᠷᠤᠭᠴᠢ ᠭᠡᠵᠦ ᠣᠯᠠᠨ ᠬᠡᠣᠬᠡᠳ ᠤᠨ ᠤᠴᠢᠷ ᠨᠢᠭᠡ ᠪᠠᠭᠰᠢ ᠶᠢ | ᠶᠠᠭᠠᠬᠢᠵᠦ ᠵᠣᠪᠠᠭᠠᠳᠠᠭ ᠢ ᠬᠡᠨ ᠮᠡᠳᠡᠬᠦᠪ ᠳ᠋ᠠ᠂ ᠠᠳᠠᠭ ᠶᠠᠳᠠᠬᠤ ᠳᠤ ᠪᠠᠨ ᠠᠮᠠᠷᠠᠯᠲᠠ ᠶᠢᠨ ᠡᠳᠦᠷ ᠴᠤ ᠠᠮᠠᠷᠠᠵᠤ | ᠴᠢᠳᠠᠬᠤ ᠦᠭᠡᠢ ᠪᠠᠶᠢᠳᠠᠭ᠃ | | | | ᠥᠨᠥ ᠵᠢᠯ ᠪᠠᠰᠠ ᠨᠢᠭᠡᠳᠦᠭᠡᠷ ᠣᠨ ᠢ ᠲᠤᠰᠴᠠᠢ᠃ ᠬᠠ᠊ ᠪᠠᠭᠰᠢ ᠶᠢᠨ ᠠᠩᠭᠢ ᠳᠤ ᠬᠡᠣᠬᠡᠳ ᠢᠶᠠᠨ | ᠦᠭᠭᠦᠨ᠎ᠡ ᠭᠡᠵᠦ ᠪᠠᠰᠠ ᠯᠡ ᠭᠡᠷ ᠤᠨ ᠠᠬᠠᠮᠠᠳ ᠴᠢᠬᠢᠯᠳᠦᠨ ᠣᠶᠢᠮᠡᠯᠳᠦᠬᠦ ᠪᠣᠯᠵᠠᠢ᠂ ᠰᠤᠷᠭᠠᠭᠤᠯᠢ ᠠᠴᠠ ᠰᠢᠪᠠᠭ᠎ᠠ | ᠳᠠᠲᠠᠵᠦ ᠠᠩᠭᠢ ᠪᠠᠨ ᠰᠣᠩᠭᠤᠳᠠᠭ ᠠᠴᠠ ᠯᠡ᠂ ᠭᠡᠷ ᠤᠨ ᠠᠬᠠᠮᠠᠳ ᠰᠠᠶ᠋ᠢ ᠰᠠᠨᠠᠯ ᠦᠭᠡᠢ ᠪᠣᠯᠵᠠᠢ᠃ ᠬᠡᠣᠬᠡᠳ ᠲᠠᠢ | ᠬᠤᠪᠢ ᠪᠠᠷᠢᠯᠳᠤᠯᠭ᠎ᠠ ᠲᠠᠢ ᠲᠦᠷᠦᠭᠰᠡᠨ ᠲᠡᠷᠡ ᠪᠠᠷ ᠶᠡᠷᠦ ᠠᠴᠠ ᠬᠡᠣᠬᠡᠳ ᠠᠴᠠ ᠬᠤᠯᠠᠳᠠᠵᠤ ᠦᠵᠡᠭᠡ ᠦᠭᠡᠢ᠂ | ᠲᠡᠳᠡᠨ ᠲᠠᠢ ᠪᠠᠨ ᠬᠠᠮᠲᠤ ᠪᠠᠶᠢᠵᠣ᠂ ᠬᠠᠮᠲᠤ ᠲᠤᠭᠯᠠᠨ᠂ ᠬᠠᠮᠲᠤ ᠨᠠᠷᠭᠢᠯᠳᠦᠬᠤ ᠯᠡ ᠲᠡᠭᠦᠨ ᠳᠤ ᠠᠪᠴᠤ ᠬᠡᠯᠡᠪᠡᠯ | ᠬᠠᠮᠤᠭ ᠪᠠᠶᠠᠷ ᠵᠢᠷᠭᠠᠯ ᠲᠠᠢ ᠴᠠᠭ ᠮᠥᠴᠡ ᠪᠣᠯᠬᠤ ᠶᠤᠮ᠃ ᠵᠢᠭᠠᠨ ᠰᠤᠷᠭᠠᠬᠤ ᠦᠢᠯᠡᠰ ᠢᠶᠠᠨ ᠣᠷᠤᠢ ᠶᠢᠨ ᠴᠢᠮᠡᠭ | ᠪᠣᠯᠭᠠᠵᠤ᠂ ᠬᠡᠣᠬᠡᠳ ᠢᠶᠠᠨ ᠨᠢᠳᠦᠨ ᠤ ᠪᠠᠨ ᠴᠡᠴᠡᠭᠡᠢ ᠰᠢᠭ ᠬᠠᠶᠢᠷᠠᠯᠠᠳᠠᠭ ᠬᠠ᠊ ᠪᠠᠭᠰᠢ ᠣᠯᠠᠨ ᠲᠦᠮᠡᠨ ᠤ ᠪᠠᠨ | ᠬᠠᠯᠠᠭᠤᠨ ᠬᠦᠷᠢᠶᠡᠯᠡᠯ ᠢ ᠣᠯᠵᠤ ᠶᠠᠪᠤᠬᠤ ᠳᠤ ᠪᠠᠨ ᠰᠤᠷᠭᠠᠭᠤᠯᠢ᠂ ᠬᠤᠰᠢᠭᠤ᠂ ᠬᠤᠲᠠ᠂ ᠤᠷᠤᠨ ᠤ ᠲᠡᠰ ᠤᠨ | ᠢᠷᠠᠭᠤ ᠠᠯᠳᠠᠷ ᠢᠶᠠᠷ ᠡᠩᠭᠡᠷ ᠢᠶᠠᠨ ᠣᠯᠠᠨᠲᠠ ᠮᠢᠯᠢᠶᠠᠯᠭᠠᠵᠤ ᠶᠠᠪᠤᠵᠠᠢ᠃ ᠬᠤᠲᠠ ᠶᠢᠨ ᠰᠤᠷᠭᠠᠨ ᠬᠦᠮᠦᠵᠢᠯ ᠤᠨ | ᠲᠣᠪᠴᠢᠶᠠᠨ ᠤ ︽ᠲᠡᠷᠢᠭᠦᠨ ᠤ ᠬᠤᠪᠢ ᠬᠦᠮᠦᠨ︾᠂ ᠭᠤᠤᠯᠯᠠᠭᠴᠢ ᠪᠠᠭᠰᠢ ᠪᠠᠷ ᠴᠤᠯᠯᠠᠭᠳᠠᠵᠤ᠂ ᠬᠤᠰᠢᠭᠤᠨ | ᠵᠠᠰᠠᠭ ᠤᠨ ᠣᠷᠳᠤᠨ ᠤ ︽ᠰᠠᠶᠢᠰᠢᠶᠠᠨ ᠬᠦᠬᠢᠭᠦᠯᠬᠦ ᠱᠠᠩᠨᠠᠯ︾᠂ ᠪᠦᠬᠦ ᠬᠤᠰᠢᠭᠤᠨ ᠤ ︽ᠰᠢᠨ᠎ᠡ ᠡᠭᠦᠳᠦᠯᠲᠥ | ᠬᠢᠴᠢᠶᠡᠯᠯᠡᠭᠡ ᠶᠢᠨ ᠲᠡᠷᠢᠭᠦᠨ︾᠂ ︽ᠵᠢᠭᠠᠨ ᠰᠣᠷᠭᠠᠬᠤ ᠴᠢᠳᠠᠪᠦᠷᠢᠲᠠᠨ︾᠂ ︽ᠰᠢᠯᠢᠳᠡᠭ ᠠᠩᠭᠢ ᠨᠢᠭᠡᠴᠢ︾᠂ | ︽ᠴᠢᠳᠠᠮᠠᠭᠠᠢ ᠵᠢᠭᠠᠭᠴᠢ︾ ᠵᠡᠷᠭᠡ ᠱᠠᠩᠨᠠᠯ ᠢ ᠬᠦᠷᠲᠡᠵᠦ᠂ ᠲᠡᠷᠡ ᠦᠪᠡᠷ ᠤᠨ ᠠᠵᠢᠯ ᠤᠨ ᠦᠷ᠎ᠡ ᠠᠰᠢᠭ ᠢᠶᠠᠨ | ᠤᠯᠠᠮ ᠢᠯᠡᠭᠦᠦ ᠪᠠᠲᠤᠳᠬᠠᠨ ᠬᠦᠭᠵᠢᠭᠦᠯᠵᠦ᠂ ᠪᠤᠰᠤᠳ ᠤᠨ ᠲᠡᠷᠢᠭᠦᠨ ᠤ ᠲᠤᠷᠰᠢᠯᠭ᠎ᠠ ᠶᠢ ᠲᠠᠰᠤᠷᠠᠯᠲᠠ ᠦᠭᠡᠢ | ᠰᠤᠷᠤᠯᠴᠠᠨ ᠰᠢᠨ᠎ᠡ ᠬᠢᠴᠢᠶᠡᠯᠯᠡᠭᠡ ᠶᠢᠨ ᠦᠭᠡᠷᠡᠴᠢᠯᠡᠯᠲᠡ ᠶᠢᠨ ᠵᠠᠮ ᠢᠶᠠᠷ ᠵᠤᠷᠢᠭᠲᠠᠢ ᠵᠠᠮᠨᠠᠵᠤ᠂ ᠬᠦᠷᠦᠯᠴᠡᠬᠦ ᠦᠭᠡᠢ | ᠲᠠᠯ᠎ᠠ ᠪᠠᠨ ᠨᠦᠬᠦᠪᠦᠷᠢᠯᠡᠨ᠂ ᠵᠢᠭᠠᠨ ᠰᠤᠷᠭᠠᠯᠲᠠ ᠶᠢᠨ ᠤᠷ᠎ᠠ ᠠᠪᠢᠶᠠᠰ ᠢᠶᠠᠨ ᠭᠦᠢᠴᠡᠳ ᠪᠠᠳᠠᠷᠠᠭᠤᠯᠤᠨ ᠪᠦᠬᠦ | ᠲᠠᠯ᠎ᠠ ᠪᠠᠷ ᠬᠦᠭᠵᠢᠭᠰᠡᠨ ᠢᠷᠡᠭᠡᠳᠦᠢ ᠶᠢᠨ ᠵᠠᠯᠭᠠᠮᠵᠢᠯᠠᠭᠴᠢ ᠶᠢ ᠬᠦᠮᠦᠵᠢᠭᠦᠯᠬᠦ ᠪᠠᠷ ᠰᠢᠨᠳᠠᠷᠠᠰᠢ ᠦᠭᠡᠢ ᠴᠢᠷᠮᠠᠶᠢᠨ᠂ | ᠰᠢᠨ᠎ᠡ ᠶᠢ ᠡᠷᠢᠯᠬᠢᠯᠡᠨ ᠰᠢᠯᠢᠳᠡᠭ ᠢ ᠡᠭᠦᠳᠦᠨ ᠢᠲᠡᠭᠡᠯ ᠵᠤᠷᠢᠭ ᠲᠠᠢ ᠠᠵᠢᠯᠯᠠᠨ ᠪᠠᠶᠢᠨ᠎ᠠ᠃ | ᠠᠷᠤ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ ᠰᠤᠷᠭᠠᠭᠤᠯᠢ ᠶᠢᠨ ᠵᠠᠯᠭᠠᠬᠦᠦ | |