ᠠᠶᠢᠺᠪᠠᠶᠢᠷ · ᠮᠢᠵᠢᠲ ︵ᠬᠠᠰᠠᠭ ᠦᠨᠳᠤᠰᠣᠳᠠᠨ︶ ᠵᠤᠬᠢᠶᠠᠪᠠ | ᠠᠷᠳᠠᠢ ᠤᠷᠴᠢᠭᠤᠯᠪᠠ | ᠪᠦᠷᠤᠯᠵᠡᠬᠦ ᠴᠠᠭᠠᠨ ᠬᠡᠷᠡᠮ | ᠪᠦᠷᠬᠦᠭ ᠲᠡᠭᠷᠢ ᠶᠢ ᠨᠦᠮᠦᠷᠴᠤ ᠵᠤᠭᠰᠣᠨ᠎ᠠ | ᠲᠤᠭᠤᠷᠢᠭ ᠰᠠᠭᠤᠷᠢ ᠲᠠᠢ ᠲᠡᠷᠡ ᠴᠣᠨᠵᠢ | ᠬᠠᠨ ᠤ ᠦᠶ᠎ᠡ ᠶᠢᠨ ᠬᠢ | ᠲᠦᠷᠪᠡᠯᠵᠢᠨ ᠰᠠᠭᠤᠷᠢ ᠲᠠᠢ ᠡᠨᠡ ᠴᠣᠨᠵᠢ | ᠮᠢᠩ ᠤ ᠦᠶ᠎ᠡ ᠶᠢᠨ ᠬᠢ | ᠴᠠᠪᠴᠢᠮ᠎ᠠ ᠬᠠᠯᠢᠯ ᠤᠨ ᠤᠷᠤᠢ ᠲᠡᠭᠡᠬᠦᠷ | ᠴᠠᠭᠠᠨ ᠬᠡᠷᠡᠮ ᠮᠤᠷᠤᠯᠵᠠᠬᠤ ᠳᠤ ᠪᠠᠨ | ᠴᠠᠭᠠᠨ᠎ᠠ ᠪᠠᠨ ᠨᠢᠭᠡ ᠯᠡ ᠤᠶᠢᠳᠬᠠᠷᠳᠠᠢ | ᠴᠡᠷᠢᠭ ᠲᠠᠶᠢᠨ ᠤ ᠲᠤᠭᠤᠰᠤ ᠬᠤᠯᠠᠳᠠᠵᠤ | ᠤᠷᠠᠢ ᠲᠠᠭᠤᠨ ᠭᠠᠯ ᠤᠨ ᠤᠳᠤᠭ᠎ᠠ | ᠤᠯᠠᠷᠢᠬᠤ ᠲᠡᠤᠬᠡ ᠶᠢᠨ ᠴᠡᠭᠡᠵᠢᠨ ᠳᠤ ᠲᠤᠨᠵᠤ᠃ | ᠪᠢ ᠪᠤᠯ ᠴᠠᠭᠠᠨ ᠬᠡᠷᠡᠮ ᠤᠨ ᠭᠠᠳᠠᠨᠠᠬᠢ | ᠾᠦᠡᠭᠨᠤ ᠶᠢᠨ ᠬᠤᠶᠢᠴᠢᠰ | ᠡᠳᠤᠭᠡ | ᠡᠨᠡ ᠬᠡᠷᠡᠮ ᠤᠨ ᠲᠤᠳᠤᠭᠠᠳᠤ ᠳᠤ | ᠮᠦᠴᠢᠷ ᠲᠦᠭᠦᠷᠡᠩ ᠲᠡᠯᠭᠡᠷᠡᠭᠰᠡᠨ ᠭᠦᠢᠯᠡᠰᠣᠨ ᠴᠡᠴᠡᠭ ᠢ | ᠮᠦᠰᠢᠶᠡᠨ ᠪᠠᠭ᠋ᠠᠷᠬᠠᠵᠤ ᠵᠤᠭᠰᠣᠨᠠᠮ ᠪᠢ | ᠤᠶᠠᠬᠠᠨ ᠢᠷᠠᠭᠤ ᠭᠦᠢᠯᠡᠰᠣᠨ ᠴᠡᠴᠡᠭ ᠲᠡᠯᠭᠡᠷᠡᠬᠦ ᠴᠠᠭ ᠲᠤ | ᠤᠷᠳᠤ ᠴᠠᠭᠠᠨ ᠬᠡᠷᠡᠮ ᠴᠢ | ᠠᠭᠤᠯᠠ ᠤᠰᠤ ᠶᠢ | ᠰᠠᠯᠭᠠᠵᠤ ᠴᠢᠳᠠᠬᠤ ᠠᠴᠠ ᠪᠢᠰᠢ | ᠤᠯᠠᠷᠢᠯ ᠮᠦᠴᠡ ᠶᠢ | ᠰᠠᠯᠭᠠᠵᠤ ᠴᠢᠳᠠᠬᠤ ᠦᠭᠡᠢ | ᠠᠭᠤᠰᠤᠨ ᠨᠢᠭᠡᠳᠤᠭ᠍ᠰᠡᠨ ᠮᠠᠨ ᠤ ᠰᠡᠳᠬᠢᠯ ᠢ | ᠰᠠᠯᠭᠠᠵᠤ ᠴᠢᠳᠠᠬᠤ ᠦᠭᠡᠢ | ᠠᠭᠤᠯᠠ ᠬᠤᠯᠪᠤᠯᠳᠤᠵᠤ ᠴᠢᠳᠠᠬᠤ ᠦᠭᠡᠢ ᠴᠤ | ᠠᠭᠤᠰᠬᠢ ᠵᠢᠷᠤᠬᠡ ᠮᠢᠨᠢ ᠬᠤᠯᠪᠤᠯᠳᠤᠵᠤ ᠪᠠᠶᠢᠨ᠎ᠠ | ᠨᠠᠶᠢᠵᠠ ᠮᠢᠨᠢ ᠪᠢᠳᠠ ᠲᠡᠪᠡᠷᠢᠵᠡᠭᠡᠶᠡ | ᠨᠠᠷᠠᠯᠢᠭ ᠦᠵᠡᠰᠭᠦᠯᠡᠩᠳᠦ ᠴᠠᠭ ᠦᠶ᠎ᠡ ᠪᠠᠨᠲ᠋ᠡᠪᠡᠷᠢᠵᠡᠭᠡᠶᠡ | ︽ᠦᠨᠳᠤᠰᠤᠲᠠᠨ ᠤ ᠤᠳᠬ᠎ᠠ ᠵᠤᠬᠢᠶᠠᠯ︾ ᠤᠨ 2020 ᠤᠨ ᠤ | 2 ᠳ᠋ᠤᠭᠠᠷ ᠬᠤᠭᠤᠴᠠᠭ᠎ᠠ ᠠᠴᠠ ᠰᠣᠩᠭᠤᠪᠠ | |