ᠠᠳᠠᠷ ᠬᠡᠬᠡᠷ᠎ᠡ ᠶᠢ ᠴᠤᠷᠮᠠᠳᠠᠬᠤᠢ
ᠨᠡᠶᠢᠲᠡᠯᠡᠭᠰᠡᠨ ᠴᠠᠭ᠄
2020/11/20
                       ᠮᠦᠸᠧ ᠸᠧᠢ ︵ᠮᠢᠶᠤᠤ ᠦᠨᠳᠤᠰᠣᠳᠠᠨ︶ ᠵᠤᠬᠢᠶᠠᠪᠠ                        ᠨᠠᠶᠢᠷᠰᠠᠭ ᠣᠷᠴᠢᠭᠤᠯᠪᠠ       ︽ᠬᠦᠨᠡᠰᠣᠨ ᠤ ᠨᠤᠭᠤᠭ᠎ᠠ ᠦᠨᠳᠤᠰᠤᠯᠡᠭᠰᠡᠨ ᠭᠠᠵᠠᠷ ᠲᠤ       ᠬᠡᠬᠡᠷ᠎ᠡ ᠶᠢᠨ ᠡᠪᠡᠰᠣ ᠮᠦᠴᠡᠭᠡ ᠠᠯᠳᠠᠬᠤ ᠦᠭᠡᠢ︾ ᠭᠡᠵᠤ       ᠡᠨᠡ ᠨᠠᠰᠤᠨ ᠳᠤ ᠪᠠᠨ ᠡᠮᠡᠭᠡ ᠶᠢᠨ ᠮᠢᠨᠢ ᠬᠡᠷᠡᠭᠯᠡᠭᠰᠡᠨ       ᠴᠣᠷ ᠤᠨ ᠭᠠᠭᠴᠠ ᠤᠷᠠᠨ ᠨᠠᠶᠢᠷᠠᠭᠤᠯᠭ᠎ᠠ      ᠠᠮᠤ ᠲᠠᠷᠢᠶ᠎ᠠ ᠲᠠᠷᠢᠬᠤ ᠦᠭᠡᠢ ᠶᠤᠮ ᠪᠤᠯ      ᠠᠮᠢᠳᠤᠷᠠᠵᠤ ᠤᠷᠤᠰᠢᠬᠤ ᠶᠢᠨ ᠡᠨᠡ ᠶᠣᠰᠤᠨ      ᠨᠠᠳᠠ ᠠᠴᠠ ᠪᠤᠯᠵᠤ ᠲᠠᠰᠣᠷᠠᠵᠤ ᠤᠷᠬᠢᠭᠳᠠᠭᠠᠳ      ᠦᠪᠡᠷ ᠢᠶᠠᠨ ᠪᠢ ᠴᠤ ᠬᠡᠷᠡᠭ ᠠᠴᠠ ᠭᠠᠷᠣᠨ᠎ᠠ      ᠲᠡᠭᠡᠬᠦ ᠳᠤ ᠪᠢ ᠡᠨᠡ ᠦᠶ᠎ᠡ ᠳᠤ      ᠪᠠᠷᠢᠭᠰᠠᠨ ᠬᠤᠷᠴᠠ ᠬᠢᠳᠤᠭ᠎ᠠ ᠪᠠᠷ ᠢᠶᠠᠨ      ᠰᠢᠷᠢᠯᠳᠤᠨ ᠡᠭᠡᠳᠡᠷᠡᠭᠰᠡᠨ ᠤᠯᠤᠰᠤ ᠶᠢ ᠪᠢᠰᠢ      ᠬᠠᠪᠤᠷ ᠤᠨ ᠰᠠᠯᠬᠢᠨ ᠢ ᠠᠳᠡᠬᠦᠤ ᠴᠠᠪᠴᠢᠭᠰᠠᠨ          ᠤᠳᠤ ᠪᠢ ᠬᠠᠶᠢᠷᠠᠳᠣ ᠠᠪᠤ ᠶᠢᠨ ᠢᠶᠠᠨ      ᠦᠪᠯᠡᠵᠤ ᠦᠯᠡᠳᠡᠭᠡᠭᠰᠡᠨ ᠲᠡᠮᠣᠷ ᠠᠷᠴᠢᠭᠤᠷ ᠢᠶᠠᠷ      ᠵᠠᠮᠪᠠᠷᠠᠭ᠎ᠠ ᠦᠭᠡᠢ ᠴᠤᠤᠬᠢᠯᠳᠤᠬᠤ ᠬᠡᠬᠡᠷ᠎ᠡ ᠶᠢᠨ ᠡᠪᠡᠰᠣᠨ ᠳᠤ      ᠵᠠᠶᠠᠭᠠᠨ ᠤ ᠪᠤᠯᠠᠰᠢ ᠶᠢ ᠨᠢ ᠮᠠᠯᠳᠠᠵᠤ ᠪᠠᠶᠢᠨ᠎ᠠ      ᠬᠠᠪᠤᠷ ᠤᠨ ᠲᠠᠷᠢᠶᠠᠨ ᠤ ᠦᠷ᠎ᠡ ᠳᠤ ᠪᠢ      ᠬᠠᠯᠠᠭᠤᠬᠠᠨ ᠡᠭᠦᠷ ᠪᠠᠷᠢᠬᠤ ᠰᠠᠨ ᠯᠠ ᠭᠡᠵᠤ      ᠬᠠᠷ᠎ᠠ ᠬᠦᠯᠤᠰᠤ ᠪᠠᠨ ᠬᠦᠷᠤᠰᠤᠨ ᠳᠤ ᠲᠤᠰᠤᠯᠠᠭᠠᠵᠤ      ᠬᠠᠯᠠ ᠲᠠᠢ ᠶᠠᠳᠠᠷᠠᠯ ᠢ ᠲᠤᠷᠠᠳᠠᠶ᠎ᠠ ᠮᠡᠷᠳᠡᠨ᠎ᠡ      ᠬᠠᠮᠤᠭ ᠤᠨ ᠴᠢᠬᠤᠯᠠ ᠨᠢ ᠮᠢᠨᠦ ᠡᠪᠤᠷ ᠲᠤ      ᠬᠡᠨ ᠳᠤ ᠴᠤ ᠵᠠᠳᠠᠷᠠᠭᠤᠯᠵᠤ ᠪᠤᠯᠤᠰᠢ ᠦᠭᠡᠢ      ᠬᠡᠵᠢᠶᠡᠨ ᠠᠴᠠ ᠪᠠᠨ ᠨᠢᠭᠤᠴᠠ      ᠬᠡᠳᠡ ᠴᠠᠬᠢᠭᠤᠷ ᠪᠠᠶᠢᠨᠠᠮ      ᠠᠮᠢᠳᠣᠷᠠᠯ ᠤᠨ ᠤᠳᠤᠭᠠᠳᠣ ᠭᠠᠯ ᠢᠶᠠᠷ ᠪᠢ      ᠠᠳᠠᠷ ᠬᠡᠬᠡᠷ᠎ᠡ ᠶᠢ ᠴᠤᠷᠮᠠᠳᠠᠨ᠎ᠠ      ᠬᠤᠶᠠᠷ ᠭᠠᠷ ᠮᠢᠨᠢ ᠤᠶᠢᠯᠡᠳᠣᠯ ᠤᠳ ᠢᠶᠠᠨ ᠪᠠᠳᠠᠷᠠᠭᠤᠯᠵᠤ      ᠬᠤᠷᠤᠮᠬᠠᠨ ᠵᠠᠭᠤᠷ᠎ᠠ ᠴᠠᠬᠢᠯᠭᠠᠨ ᠬᠢᠯᠪᠠᠭᠤᠯᠤᠨ᠎ᠠ                 ᠬᠠᠷᠠᠩᠭᠤᠢ ᠪᠤᠯᠪᠠ      ᠬᠠᠷᠠᠩᠭᠤᠢ ᠪᠤᠯᠤᠭᠰᠠᠨ ᠴᠤ      ᠬᠠᠷᠠᠩᠭᠤᠢ ᠠᠴᠠ ᠪᠢ ᠶᠡᠷᠦ ᠨᠢ ᠠᠶᠤᠳᠠᠭ ᠦᠭᠡᠢ      ᠡᠳᠣᠷ ᠪᠤᠯᠭᠠᠨ ᠬᠠᠷᠠᠩᠭᠤᠢ ᠪᠤᠯᠤᠨ᠎ᠠ      ᠦᠳᠡᠰᠢ ᠪᠤᠯᠭᠠᠨ ᠯᠢᠣᠵᠢᠩ ᠭᠤᠷᠤᠬᠠᠨ ᠳᠤ ᠤᠳᠣᠳ ᠬᠢᠯᠠᠯᠵᠠᠨ᠎ᠠ      ᠲᠤᠳᠤᠨᠤ ᠬᠦᠮᠤᠰ ᠤᠨ ᠮᠢᠨᠢ ᠪᠡᠶ᠎ᠡ ᠳᠤ ᠭᠡᠷᠡᠯᠳᠣᠭ᠍ᠰᠡᠭᠡᠷ      ᠬᠡᠵᠢᠶᠡᠳᠡ ᠤᠨᠳᠠᠷᠠᠭ᠎ᠠ ᠦᠭᠡᠢ ᠳ᠋ᠸᠡᠭ ᠤᠳ ᠲᠡᠷᠡ                  ︽ᠦᠨᠳᠤᠰᠤᠲᠠᠨ ᠤ ᠤᠳᠬ᠎ᠠ ᠵᠤᠬᠢᠶᠠᠯ︾ ᠤᠨ 2020 ᠤᠨ ᠤ                                     2 ᠳ᠋ᠤᠭᠠᠷ ᠬᠤᠭᠤᠴᠠᠭ᠎ᠠ ᠠᠴᠠ ᠰᠣᠩᠭᠤᠪᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号