| ᠬᠠᠪᠤᠷ ᠤᠨ ᠨᠠᠷᠠᠨ ᠳᠤᠯᠠᠶᠢᠵᠤ | ᠬᠠᠭᠳᠠ ᠶᠢᠨ ᠨᠤᠭᠤᠭ᠎ᠠ ᠴᠤᠬᠤᠶᠢᠨᠠ | ᠬᠠᠰᠢᠶᠠᠨ ᠳᠠᠬᠢ ᠬᠤᠨᠢᠨ ᠰᠦᠷᠦᠭ | ᠬᠠᠯᠵᠠᠨ ᠬᠤᠷᠠᠭ᠎ᠠ ᠨᠡᠮᠡᠭᠳᠡᠨ᠎ᠡ | | ᠮᠠᠶᠢᠯᠠᠯᠳᠤᠬᠤ ᠵᠦᠭᠡᠯᠡᠨ ᠳᠠᠭᠤᠨ ᠳᠤ ᠨᠢ | ᠮᠠᠯ ᠰᠦᠷᠦᠭ ᠤᠨ ᠪᠤᠶᠠᠨ ᠬᠤᠷᠤᠶᠢᠯᠠᠨ᠎ᠠ | ᠮᠠᠯᠴᠢᠨ ᠬᠦᠮᠦᠨ ᠤ ᠬᠦᠳᠡᠯᠮᠤᠷᠢ ᠳᠤ | ᠮᠢᠷᠠᠯᠵᠠᠬᠤ ᠰᠦᠷᠦᠭ ᠵᠤᠵᠠᠭᠠᠷᠠᠨ᠎ᠠ | | ᠲᠦᠯ ᠲᠤᠰᠤᠭᠰᠠᠨ ᠡᠮᠡᠭᠡᠳ ᠤᠨ | ᠬᠤᠨᠢᠶᠠᠰᠤ ᠲᠠᠢ ᠮᠠᠩᠨᠠᠢ ᠲᠡᠨᠢᠢᠨ᠎ᠡ | ᠲᠤᠭᠯᠠᠯᠳᠤᠬᠤ ᠲᠦᠯ ᠤᠨ ᠨᠠᠷᠭᠢᠶᠠᠨ ᠳᠤ | ᠬᠤᠲᠠᠨ ᠤ ᠰᠦᠷᠦᠭ ᠳᠦᠷᠭᠢᠯᠳᠦᠨᠡ | | ᠬᠤᠷᠠᠭ᠎ᠠ ᠪᠠᠨ ᠠᠵᠢᠶᠠᠷᠠᠭᠰᠠᠨ ᠡᠪᠦᠭᠡᠳ ᠤᠨ | ᠦᠷᠴᠢᠯᠡᠭᠡᠰᠦ ᠲᠠᠢ ᠮᠠᠩᠨᠠᠢ ᠭᠢᠯᠠᠯᠵᠠᠨ᠎ᠠ | ᠬᠦᠨᠦᠭ ᠳᠡᠭᠦᠵᠢᠯᠡᠭᠰᠡᠨ ᠬᠡᠤᠬᠡᠳ ᠤᠨ | ᠤᠯᠪᠠᠯᠵᠠᠬᠤ ᠴᠢᠷᠠᠢ ᠨᠢ ᠶᠠᠭᠠᠷᠠᠨ᠎ᠠ | | ᠮᠤᠩᠭᠤᠯ ᠠᠶᠢᠯ ᠤᠨ ᠪᠠᠭᠤᠴᠠ ᠠᠴᠠ | ᠲᠦᠯ ᠤᠨ ᠳᠠᠭᠤᠨ ᠦᠷᠭᠦᠯᠵᠢᠯᠡᠨ᠎ᠡ | ᠮᠢᠩᠭᠠᠨ ᠰᠦᠷᠦᠭ ᠤᠨ ᠬᠤᠷᠤᠢ | ᠳᠡᠯᠭᠡᠷᠡᠬᠦ ᠤᠯᠠᠷᠢᠯ ᠢ ᠪᠠᠭ᠋ᠠᠳᠤᠭᠤᠯᠤᠨᠠ | ᠨᠠ᠊ · ᠵᠢᠷᠭᠠᠯ | | |