ᠠᠶᠢᠺᠪᠠᠶᠢᠷ · ᠮᠢᠵᠢᠲ ︵ᠬᠠᠰᠠᠭ ᠦᠨᠳᠤᠰᠣᠳᠠᠨ︶ ᠵᠤᠬᠢᠶᠠᠪᠠ | ᠠᠷᠳᠠᠢ ᠤᠷᠴᠢᠭᠤᠯᠪᠠ | ᠮᠦᠴᠢᠷ ᠲᠦᠭᠦᠷᠡᠩ ᠵᠠᠳᠠᠷᠠᠭᠰᠠᠨ | ᠮᠦᠡᠭᠭᠦᠨ ᠭᠦᠢᠯᠡᠰᠣᠨ ᠴᠡᠴᠡᠭ | ᠡᠨᠡ ᠪᠤᠯ ᠰᠢᠷᠣᠢ᠂ ᠤᠰᠤ᠂ ᠭᠡᠷᠡᠯ ᠤᠨ ᠬᠦᠴᠤ | ᠡᠳᠡᠭᠡᠷ ᠭᠦᠢᠯᠡᠰᠣᠨ ᠮᠤᠳᠤᠳ ᠯᠠ | ᠡᠨᠡ ᠬᠦ ᠶᠠᠩᠭᠤᠤ ᠶᠢᠨ ᠨᠤᠳᠤᠭ ᠢᠶᠠᠨ | ᠡᠷᠬᠢᠮᠯᠡᠵᠤ᠂ ᠰᠢᠳᠣᠷᠭᠤ ᠰᠠᠬᠢᠭᠰᠠᠭᠠᠷ | ᠭᠠᠵᠠᠷ ᠤᠨ ᠰᠢᠳᠢ ᠶᠢᠨ ᠭᠡᠮᠨᠡᠯ ᠢᠶᠠᠷ | ᠦᠨᠳᠤᠰᠣᠯᠡᠵᠤ᠂ ᠴᠡᠴᠡᠭᠯᠡᠵᠦ᠂ ᠦᠷᠡᠯᠡᠵᠤ | ᠡᠪᠤᠯ ᠴᠤ ᠠᠳᠣᠭᠠᠢ | ᠦᠪᠡᠷ ᠤᠨ ᠭᠠᠵᠠᠷ ᠰᠢᠷᠣᠢ ᠪᠠᠨ ᠰᠠᠬᠢᠭᠰᠠᠭᠠᠷ | ᠦᠯᠵᠡᠶᠢᠳᠤ ᠬᠠᠪᠤᠷ ᠢ ᠬᠦᠯᠢᠶᠡᠨ᠎ᠡ | ᠡᠯᠢᠭᠡᠨ ᠬᠠᠶᠢᠷᠠᠳᠠᠢ ᠶᠠᠩᠭᠤᠤ ᠪᠠᠨ ᠮᠠᠨᠠᠵᠤ | ᠡᠬᠡ ᠭᠠᠵᠠᠷ ᠢᠶᠠᠨ ᠰᠠᠬᠢᠵᠤ | ᠬᠤᠤᠬᠢᠬᠤ ᠰᠠᠯᠬᠢᠨ ᠤ ᠠᠶᠠᠰ ᠢᠶᠠᠷ | ᠬᠠᠰ ᠤᠨ ᠴᠠᠭᠠᠨ ᠬᠡᠯᠳᠡᠰ ᠢᠶᠠᠨ ᠪᠤᠳᠠᠷᠠᠭᠠᠵᠤ | ᠬᠠᠶᠢᠷᠠᠯᠠᠵᠤ ᠲᠤᠷᠨᠢᠭᠤᠯᠤᠭᠰᠠᠨ ᠠᠴᠢ ᠶᠢ ᠨᠢ ᠬᠠᠷᠢᠭᠤᠯᠬᠤ ᠪᠤᠯ | ᠬᠠᠷᠠᠬᠠᠨ ᠲᠡᠬᠦᠨ ᠤ ᠬᠦᠰᠡᠯ ᠪᠤᠶᠤ | | ︽ᠦᠨᠳᠤᠰᠤᠲᠠᠨ ᠤ ᠤᠳᠬ᠎ᠠ ᠵᠤᠬᠢᠶᠠᠯ︾ ᠤᠨ 2020 ᠤᠨ ᠤ | 2 ᠳ᠋ᠤᠭᠠᠷ ᠬᠤᠭᠤᠴᠠᠭ᠎ᠠ ᠠᠴᠠ ᠰᠣᠩᠭᠤᠪᠠ | |