ᠳ᠋ᠦ᠋ ᠶᠠ ᠵᠣᠬᠢᠶᠠᠪᠠ | ᠲᠤ᠋· ᠰᠡᠴᠡᠨᠪᠠᠶᠠᠷ ᠤᠷᠴᠢᠭᠤᠯᠪᠠ | ︽ᠲᠦᠷᠪᠡᠨ ᠰᠠᠷ᠎ᠠ ᠶᠢᠨ ᠰᠢᠷ᠎ᠠ ᠪᠦᠷᠤᠢ ᠳᠤ᠂ ᠬᠠᠪᠤᠷ ᠤᠨ ᠤᠨᠢᠶᠠᠷ ᠦᠳᠬᠡᠨ ᠠᠭᠠᠳ ᠬᠦᠨ︕︾ | ᠲᠤᠷᠤᠨ᠎ᠠ ᠶᠢᠨ ᠰᠠᠯᠬᠢᠨ ᠵᠢᠪᠬᠤᠭᠠᠳᠠᠢ᠂ ᠰᠠᠯᠬᠢᠨ ᠬᠦᠷᠢᠶᠡᠯᠡᠩ ᠳᠤ᠂ ᠤᠳᠠ ᠶᠢᠨ ᠤᠡᠭᠭᠠᠷᠢᠯ ᠴᠠᠰᠣᠨ ᠮᠡᠳᠦ | | ᠲᠡᠳᠡᠭᠡᠷ ᠮᠤᠳᠤᠨ ᠤ ᠰᠡᠭᠦᠳᠡᠷ ᠤᠷᠢᠳᠤ ᠵᠢᠯ ᠤᠳ ᠠᠴᠠ ᠨᠡᠩ ᠨᠤᠭᠤᠭᠠᠨ᠂ ᠬᠦᠨ ᠱᠤᠤᠬᠢᠶᠠᠨ ᠰᠢᠩᠭᠡᠷᠡᠨᠡ | ᠲᠡᠷᠡ ᠨᠤᠭᠤᠭᠠᠨ ᠰᠡᠭᠦᠳᠡᠷ ᠤᠨ ᠭᠦᠨ ᠳᠤ ᠬᠦᠡᠭᠭᠡᠨ ᠱᠤᠤᠬᠢᠶᠠᠨ ᠡᠳᠤᠷ ᠪᠤᠯᠭᠠᠨ ᠤ ᠰᠢᠪᠠᠭᠤᠳ ᠤᠨ | ᠲᠠᠭᠤ ᠶᠢ ᠨᠢᠭᠤᠨ᠎ᠠ | ᠲᠡᠨᠢᠭᠦᠨ ᠲᠤᠩᠭᠠᠯᠠᠭ ᠰᠢᠪᠠᠭᠤᠳ ᠤᠨ ᠱᠣᠯᠣᠭᠤᠨᠠᠯ ᠳᠤ ᠪᠢ ᠬᠦᠳᠤᠯᠤᠭ᠍ᠳᠡᠵᠦ ᠡᠳᠤᠷ ᠪᠦᠷᠢ ᠴᠢᠩᠨᠠᠨ᠎ᠠ | | ᠰᠢᠪᠠᠭᠤᠳ ᠤᠨ ᠲᠠᠭᠤᠨ ᠳᠤ ᠦᠶ᠎ᠡ ᠦᠶ᠎ᠡ ᠶᠢᠨ ᠭᠡᠷᠡᠯ ᠰᠡᠭᠦᠳᠡᠷ ᠪᠤᠢ᠂ ᠦᠶ᠎ᠡ ᠦᠶ᠎ᠡ ᠶᠢᠨ ᠬᠢᠨ ᠤ ᠵᠠᠯᠠᠭᠤ | ᠨᠠᠰᠤ ᠪᠤᠢ | ᠰᠢᠪᠠᠭᠤᠳ ᠤᠨ ᠱᠣᠯᠣᠭᠤᠨᠠᠯ ᠪᠤᠯᠭᠠᠨ ᠳᠤ ᠠᠭᠤᠯᠠ ᠤᠰᠤ ᠮᠢᠨᠢ ᠪᠦᠬᠦᠨ ᠢᠶᠠᠷ ᠢᠶᠠᠨ ᠪᠤᠢ | ᠠᠭᠤᠯᠠ ᠤᠰᠤ ᠲᠦᠮᠡᠨ ᠭᠠᠵᠠᠷ ᠦᠶᠡᠯᠵᠡᠨ᠂ ᠬᠠᠪᠤᠷ ᠤᠨ ᠤᠰᠤᠨ ᠵᠤᠭᠰᠤᠰᠢ ᠦᠭᠡᠢ ᠲᠤᠷᠤᠨᠠᠰᠢ | ᠤᠷᠤᠰᠣᠨᠠ | | ᠤᠯᠠᠮ ᠢᠶᠠᠷ ᠬᠦᠨᠵᠢᠬᠦ ᠴᠠᠭ ᠤᠨ ᠬᠢᠯᠪᠠᠭ᠎ᠠ ᠨᠠᠮ᠎ᠠ ᠶᠢ ᠬᠦᠡᠭᠭᠡᠨ ᠭᠤᠨᠢᠭᠯᠠᠭᠤᠯᠵᠤ᠂ ᠤᠶᠠᠬᠠᠨ ᠬᠠᠪᠤᠷ ᠤᠨ | ᠰᠠᠯᠬᠢᠨ ᠳᠤ | ᠤᠶᠠᠩᠭᠠᠳᠣ ᠮᠤᠳᠤᠨ ᠠᠴᠠ ᠡᠳᠣᠷ ᠪᠦᠷᠢ ᠵᠠᠭᠤᠨ ᠲᠠᠯᠪᠢ᠂ ᠬᠤᠰᠤ ᠮᠤᠳᠤᠨ ᠤ ᠴᠡᠴᠡᠭᠡᠰ ᠭᠤᠷᠪᠠᠨ ᠮᠢᠩᠭᠠᠨ | ᠲᠠᠯᠪᠢ ᠵᠤᠯᠭᠠᠷᠠᠨ᠎ᠠ | ᠠᠯᠢᠮ᠎ᠠ ᠬᠠᠳ ᠤᠨ ᠴᠡᠴᠡᠭ ᠲᠡᠭᠷᠢ ᠲᠦᠭᠦᠷᠡᠩ ᠪᠦᠵᠢᠭᠯᠡᠵᠦ᠂ ᠬᠤᠵᠢᠭᠤ ᠬᠠᠪᠤᠷ ᠭᠠᠵᠠᠷ ᠲᠦᠭᠦᠷᠡᠩ | ᠬᠦᠭᠯᠡᠷᠡᠨᠡ | | ᠲᠡᠭᠡᠳᠡᠯ᠎ᠡ ᠬᠠᠪᠤᠷ ᠤᠨ ᠲᠠᠭᠤ ᠦᠷᠬᠦᠯᠵᠢᠯᠡᠨ᠎ᠡ᠄ ᠦᠷᠯᠤᠭᠡᠨ ᠤ ᠢᠳᠡᠭᠡᠨ ᠬᠤᠳᠠᠯᠳᠣᠭᠴᠢ ᠪᠠ ᠴᠡᠪᠡᠷᠯᠡᠭᠡᠨ ᠤ | ᠠᠵᠢᠯᠴᠢᠨ ᠤ ᠶᠠᠭᠠᠷᠠᠯ | ᠲᠡᠨᠳᠡ ᠠᠴᠠ ᠰᠣᠨᠣᠰᠳᠠᠬᠤ ᠪᠠᠭ᠎ᠠ ᠰᠣᠷᠭᠠᠭᠤᠯᠢ ᠶᠢᠨ ᠤᠡᠭᠰᠢᠯᠭ᠎ᠠ ᠶᠢᠨ ᠲᠠᠭᠤᠨ᠂ ᠨᠤᠭᠤᠭ᠎ᠠ ᠲᠡᠭᠡᠭᠡᠵᠤ | ᠶᠠᠪᠤᠭ᠎ᠠ ᠠᠵᠢᠯᠴᠢᠨ | ᠲᠡᠷᠡ ᠬᠦ᠋ ᠵᠠᠮ ᠤᠨ ᠬᠠᠵᠠᠭᠤ ᠳᠤ ᠪᠠᠷᠢᠵᠤ ᠪᠤᠢ ᠬᠤᠷᠢᠶᠠᠯᠠᠯ᠂ ᠵᠠᠬ᠎ᠠ ᠲᠡᠯᠭᠡᠭᠦᠷ ᠮᠤᠳᠤᠳ ᠤᠨ ᠰᠡᠭᠦᠳᠡᠷ ᠲᠤ | ᠲᠡᠪᠵᠢᠶᠡᠷᠡᠨᠡ | | ᠡᠳᠤᠷ ᠪᠦᠷᠢ ᠪᠢ ᠡᠨᠡ ᠬᠢᠵᠠᠭᠠᠷ ᠦᠭᠡᠢ ᠶᠢᠷᠳᠢᠨᠴᠤ ᠶᠢ ᠰᠦᠯᠵᠢᠵᠤ᠂ ᠪᠠᠶᠢᠡᠭᠭᠤ ᠯᠠ ᠬᠦᠯ ᠠᠮᠠᠷᠠᠨ᠎ᠠ᠄ | ᠡᠨᠡ ᠬᠦ᠋ ᠤᠴᠢᠷ ᠨᠢ ᠪᠠᠷᠠᠭᠳᠠᠰᠢ ᠦᠭᠡᠢ ᠳᠤ ᠪᠢ ᠬᠠᠶᠢᠷᠠᠳᠠᠢ | ᠡᠩ ᠦᠭᠡᠢ ᠦᠷᠬᠦᠯᠵᠢᠯᠡᠬᠦ ᠲᠦᠮᠡᠨ ᠭᠠᠵᠠᠷ ᠤᠨ ᠠᠭᠤᠯᠠ ᠤᠰᠣ᠂ ᠲᠦᠮᠡᠨ ᠭᠠᠵᠠᠷ ᠤᠨ ᠭᠤᠨᠢᠭᠯᠠᠩ ᠳᠤ | ᠬᠠᠶᠢᠷᠠᠳᠠᠢ | | ᠲᠤᠷᠤᠨ᠎ᠠ ᠶᠢᠨ ᠰᠠᠯᠬᠢᠨ ᠤᠷᠠᠭᠳᠠᠬᠤ ᠳᠤ ᠬᠠᠯᠠᠭᠤᠨ ᠬᠠᠶᠢᠷ᠎ᠠ ᠮᠢᠨᠢ ᠬᠡᠷᠬᠢᠨ ᠬᠦᠨ ᠴᠠᠪᠠ ᠶᠢ ᠬᠠᠯᠠᠭᠯᠠᠵᠤ | ᠲᠡᠶᠢᠯᠬᠦ ᠪᠤᠢ | ᠶᠠᠭᠠᠬᠢᠯ᠎ᠠ ᠴᠤ ᠭᠡᠰᠡᠨ ᠶᠢᠷᠳᠢᠨᠴᠣ ᠶᠢᠨ ᠪᠦᠷᠦᠢ ᠪᠤᠯᠵᠤ᠂ ᠶᠠᠭᠠᠬᠢᠯ᠎ᠠ ᠴᠤ ᠭᠡᠰᠡᠨ ᠤᠷᠤᠰᠬᠠᠯ ᠲᠠᠩᠴᠣ | ᠲᠦᠷᠭᠡᠨ | ᠶᠠᠭᠠᠬᠢᠯ᠎ᠠ ᠴᠤ ᠭᠡᠰᠡᠨ ᠬᠠᠨᠠᠭᠠᠷ ᠲᠠᠯᠠᠢ ᠬᠤᠪᠢᠷᠠᠵᠤ᠂ ᠴᠠᠭ ᠨᠢᠭᠡᠨᠳᠡ ᠤᠷᠤᠶᠢᠳᠠᠵᠠᠢ | ᠮᠦᠷᠡᠨ ᠤ ᠲᠠᠭᠤ ᠨᠢᠭᠡᠨᠳᠡ ᠬᠤᠯᠠᠳᠠᠭᠰᠠᠨ ᠴᠦ᠂ ᠶᠢᠷᠳᠢᠨᠴᠤ ᠶᠢᠨ ᠬᠢᠵᠠᠭᠠᠷ ᠦᠭᠡᠢ ᠳᠤ ᠪᠢ ᠬᠡᠪ ᠢᠶᠠᠷ ᠢᠶᠠᠨ | ᠪᠠᠶᠢᠨᠠᠮ | ᠲᠦᠮᠡᠨ ᠤᠰᠤ ᠮᠢᠩᠭᠠᠨ ᠠᠭᠤᠯᠠᠨ ᠳᠤ ᠪᠠᠨ ᠪᠠᠶᠢᠨᠠᠮ | | | ︽ᠦᠨᠳᠤᠰᠤᠲᠠᠨ ᠤ ᠤᠳᠬ᠎ᠠ ᠵᠤᠬᠢᠶᠠᠯ︾ ᠤᠨ 2020 ᠤᠨ ᠤ | 2 ᠳ᠋ᠤᠭᠠᠷ ᠬᠤᠭᠤᠴᠠᠭ᠎ᠠ ᠠᠴᠠ ᠰᠣᠩᠭᠤᠪᠠ | |