ᠰ᠊᠂ ᠵᠠᠮᠢᠶᠠᠨ | | ᠦᠪᠡᠷ ᠤᠨ ᠬᠡᠯᠡ ᠪᠠᠨ ᠦᠷᠦᠭᠡᠯᠳᠦᠵᠤ ᠲᠠᠯᠪᠢᠭᠠᠳ | ᠦᠷᠦᠭᠡᠯ ᠤᠨ ᠬᠡᠯᠡ ᠪᠠᠷ ᠱᠤᠭᠰᠢᠭᠤᠯᠵᠤ ᠶᠠᠪᠤᠳᠠᠭ | ᠡᠪᠦᠭᠡ ᠲᠡᠭᠡᠳᠤᠰ ᠢᠶᠠᠷ ᠢᠶᠠᠨ ᠪᠠᠭ᠋ᠠᠷᠬᠠᠨ ᠤᠮᠤᠷᠬᠠᠭᠠᠳ | ᠦᠵᠡᠮᠤᠷᠢ ᠶᠢᠨ ᠶᠠᠭᠤᠮ᠎ᠠ ᠰᠢᠭ᠋ ᠱᠠᠭᠰᠢᠵᠤ ᠰᠠᠭᠤᠳᠠᠭ | ︽ᠬᠠᠷ᠎ᠠ ᠭᠡᠷ ᠲᠤ ᠪᠠᠨ ᠬᠠᠭᠠᠨ︾ ᠰᠢᠭ᠋ ᠭᠡᠳᠡᠶᠢᠵᠤ | ᠲᠡᠭᠷᠢ ᠶᠢᠨ ᠴᠢᠷᠠᠢ ᠶᠢ ᠲᠤᠭᠤᠨᠤ ᠪᠠᠷ ᠢᠶᠠᠨ ᠰᠢᠷᠳᠡᠭᠡᠳ | ᠬᠠᠭᠠᠯᠭ᠎ᠠ ᠪᠠᠨ ᠭᠠᠷᠪᠠᠯ ᠬᠠᠷᠠᠭ᠎ᠠ ᠨᠢ ᠰᠤᠯᠤᠩᠭᠠᠷᠠᠵᠤ | ᠲᠡᠷᠳᠡᠭᠡ ᠠᠭᠤᠯᠠ ᠶᠢ ᠲᠤᠬᠤᠢ ᠪᠠᠷ ᠢᠶᠠᠨ ᠬᠡᠮᠵᠢᠳᠡᠭ | ᠠᠯᠢ ᠪᠠᠶᠢᠭᠰᠠᠨ ᠢᠶᠠᠨ ᠬᠠᠶᠠᠭᠠᠨ ᠳᠤ ᠪᠠᠨ ᠤᠷᠬᠢᠭᠠᠳ | ᠨᠠᠭᠠᠳᠤᠮ ᠬᠡᠰᠤᠳᠡᠭ ᠮᠠᠨ ᠤ ᠬᠢᠨ ᠳᠤ ᠪᠤᠢ | ᠠᠯᠳᠠᠭᠰᠠᠨ ᠪᠦᠬᠦᠨ ᠢᠶᠠᠨ ᠵᠠᠶᠠᠭᠠᠨ ᠳᠤ ᠪᠠᠨ ᠲᠦᠯᠬᠢᠭᠡᠳ | ᠬᠠᠩᠭᠢᠨᠠᠳᠠᠯ᠎ᠠ ᠳᠠᠭᠤᠯᠠᠳᠠᠭ ᠮᠠᠨ ᠤ ᠬᠢᠨ ᠳᠤ ᠪᠤᠢ | | | ︽ᠬᠠᠷ᠎ᠠ ᠮᠤᠷᠢᠨ︾ ᠳᠤ ᠪᠠᠨ ᠠᠯᠠᠪᠬᠢᠨ ᠮᠤᠷᠳᠠᠪᠠᠯ | ᠵᠤᠭᠰᠤᠭ᠎ᠠ ᠵᠢᠯᠤᠭᠤ ᠦᠭᠡᠢ ᠲᠠᠪᠭᠢᠳᠠᠭ | ᠬᠠᠯᠠᠭᠤᠨ ᠨᠢ ᠪᠠᠭ᠋ᠠᠨ ᠠᠬᠠᠳᠠᠭᠠᠳ ᠢᠷᠡᠪᠡᠯ | ᠬᠤᠷᠢᠭ᠎ᠠ ᠴᠠᠷᠠᠭ᠎ᠠ ᠦᠭᠡᠢ ᠫᠤᠤᠳᠠᠳᠠᠭ | ᠬᠠᠮᠤᠭ ᠮᠤᠩᠭᠤᠯ ᠤᠨ ᠦᠪ ᠰᠤᠶᠤᠯ ᠢᠶᠠᠨ | ᠬᠠ ᠭᠤᠶ᠎ᠠ ᠪᠠᠷ ᠨᠢ ᠮᠦᠴᠢᠯᠡᠳᠡᠭ | ᠬᠠᠷ᠎ᠠ ᠴᠠᠭᠠᠨ ᠬᠠᠷᠭᠤᠭᠰᠠᠨ ᠪᠦᠬᠦᠨ ᠳᠤ | ᠬᠠᠳᠠᠭ ᠲᠠᠳᠠᠨ ᠬᠢᠴᠢᠶᠡᠩᠭᠦᠶᠢᠯᠡᠳᠡᠭ | ᠤᠭᠤᠴᠢ ᠤᠰᠤ ᠦᠨ᠎ᠡ ᠳᠤ ᠬᠦᠷᠬᠦ ᠳᠤ | ᠤᠯᠵᠤ ᠠᠯᠳᠠᠬᠤ ᠪᠠᠨ ᠭᠡᠨᠡᠳᠳᠡ ᠤᠬᠠᠭᠠᠷᠠᠳᠠᠭ | ᠤᠪᠤᠭ᠎ᠠ ᠪᠠᠨ ᠲᠠᠬᠢᠭᠠᠳ ᠬᠤᠷ᠎ᠠ ᠪᠠᠭᠤᠬᠤ ᠦᠭᠡᠢ ᠪᠤᠯ | ᠤᠩᠬᠤᠯᠢᠵᠤ ᠤᠨᠠᠭᠠᠳ ᠲᠡᠭᠷᠢ ᠳᠤ ᠪᠠᠨ ᠭᠤᠮᠤᠳᠠᠳᠠᠭ | ᠰᠦᠭᠦᠳᠴᠦ ᠮᠦᠷᠭᠦᠭᠡᠳ ᠲᠠᠭᠠᠳᠬᠠᠳᠠᠭ | ᠰᠦᠵᠢᠭ ᠶᠡᠭᠡᠳᠡᠳ ᠮᠠᠨ ᠤ ᠬᠢᠨ ᠳᠤ ᠪᠤᠢ | ᠰᠦ ᠪᠠᠨ ᠡᠷᠭᠦᠭᠡᠳ ᠢᠷᠦᠭᠡᠳᠡᠭ | ᠰᠡᠵᠢᠭ ᠪᠠᠭᠠᠳᠠᠳ ᠮᠠᠨ ᠤ ᠬᠢᠨ ᠳᠤ ᠪᠤᠢ | | | ᠲᠡᠷᠳᠡᠭᠡ ᠠᠭᠤᠯᠠ ᠨᠢ ᠨᠤᠷᠠᠵᠤ ᠪᠠᠶᠢᠬᠤ ᠳᠤ | ᠲᠡᠷᠭᠡᠨ ᠳᠤ ᠭᠠᠷᠤᠭᠠᠳ ᠬᠤᠳᠠ ᠤᠷᠤᠳᠠᠭ | ᠲᠡᠷᠭᠡᠳᠡ ᠨᠢ ᠭᠠᠵᠠᠷ ᠴᠦᠮᠦᠷᠴᠤ ᠪᠠᠶᠢᠬᠤ ᠳᠤ | ᠲᠡᠷᠡ ᠪᠠᠨ ᠰᠢᠯᠵᠢᠭᠦᠯᠦᠭᠡᠳ ᠤᠨᠳᠠᠵᠤ ᠤᠷᠬᠢᠳᠠᠭ | ᠮᠠᠭᠳᠠᠭᠠᠯ ᠲᠠᠭᠤᠨ ᠳᠤ ᠰᠤᠨᠤᠷ ᠨᠢ ᠳᠠᠳᠴᠤ | ᠮᠠᠩᠰᠢᠭᠤᠷᠠᠨ ᠬᠠᠯᠠᠰᠳᠠᠭ ᠵᠦᠭᠡᠯᠡᠨ ᠴᠢᠬᠢ ᠲᠠᠢ | ᠮᠠᠩᠬᠠᠨ ᠤᠷᠤᠢ ᠳᠤ ᠰᠡᠭᠦᠷᠡᠰᠤ ᠠᠯᠳᠠᠪᠠᠴᠤ | ᠦᠭᠡ ᠠᠯᠳᠠᠬᠤ ᠦᠭᠡᠢ ᠬᠠᠳᠠᠭᠤ ᠠᠮᠠ ᠲᠠᠢ | ᠮᠠᠷᠳᠠᠰᠢ ᠦᠭᠡᠢ ᠲᠡᠤᠬᠡ ᠶᠢᠨ ᠮᠠᠨ ᠤ ᠬᠢᠨ | ᠮᠠᠷᠭᠤᠰᠢ ᠦᠭᠡᠢ ᠦᠨᠤᠳᠤᠷ ᠤᠨ ᠮᠠᠨ ᠤ ᠬᠢᠨ | ᠮᠠᠭᠠᠳ ᠢᠷᠡᠬᠦ ᠮᠠᠷᠭᠠᠰᠢ ᠶᠢᠨ ᠮᠠᠨ ᠤ ᠬᠢᠨ | ᠮᠠᠨ ᠤ ᠬᠢᠨ ᠬᠠᠰᠢᠯᠠ ᠮᠠᠨ ᠤ ᠬᠢᠨ | | |