ᠨᠠ᠊ · ᠵᠢᠷᠭᠠᠯ | | ᠤᠷᠢᠬᠠᠨ ᠬᠠᠪᠤᠷ ᠤᠨ ᠤᠯᠠᠷᠢᠯ ᠳᠤ | ᠤᠷᠴᠢᠨ ᠪᠠᠶᠢᠭᠠᠯᠢ ᠦᠵᠡᠮᠦᠷᠢᠯᠡᠨᠡ | ᠤᠯᠠᠭᠠᠨ ᠬᠤᠨᠳᠠᠨ ᠴᠡᠴᠡᠭ ᠳᠡᠯᠭᠡᠷᠡᠵᠦ | ᠦᠵᠡᠰᠭᠦᠯᠡᠩ ᠤᠨ ᠰᠠᠶᠢᠬᠠᠨ ᠰᠠᠭᠠᠲᠠᠨ᠎ᠠ | | ᠳᠡᠯᠪᠢ ᠪᠠᠨ ᠳᠡᠯᠭᠡᠭᠰᠡᠨ ᠭᠦᠢᠯᠡᠰᠦᠨ ᠴᠡᠴᠡᠭ | ᠳᠡᠯᠡᠬᠡᠢ ᠡᠵᠢ ᠪᠠᠨ ᠪᠠᠶᠠᠰᠬᠠᠨ ᠪᠦᠵᠢᠭᠯᠡᠨ᠎ᠡ | ᠳᠡᠯᠭᠡᠷᠡᠭᠰᠡᠨ ᠴᠡᠴᠡᠭ ᠤᠨ ᠬᠢᠨᠢ ᠮᠢᠷᠠᠯᠵᠠᠭᠠᠨ ᠳᠤ | ᠳᠡᠯᠭᠡᠷ ᠬᠤᠷᠸ᠎ᠠ ᠪᠠᠭ᠋ᠠᠲᠤᠨ ᠪᠠᠭ᠋ᠠᠷᠬᠠᠨ᠎ᠠ | | ᠪᠠᠳᠮᠠᠯᠠᠨ ᠪᠦᠮᠪᠦᠭᠡᠨᠡᠬᠦ ᠶᠠᠭᠠᠨ ᠴᠠᠭᠠᠨ ᠴᠡᠴᠡᠭᠡᠰ | ᠪᠠᠶᠠᠯᠢᠭ ᠨᠤᠲᠤᠭ ᠤᠨ ᠰᠢᠮ᠎ᠡ ᠶᠢ ᠱᠠᠭᠰᠢᠭᠤᠯᠣᠨᠠ | ᠪᠠᠭᠴᠠ ᠪᠠᠭᠴᠠ ᠬᠦᠢᠰ ᠨᠢ ᠵᠤᠯᠠᠢ ᠢᠯᠪᠢᠵᠦ | ᠪᠠᠷᠠᠭᠤᠨ ᠵᠡᠭᠦᠨ ᠠᠭᠤᠯᠠ ᠪᠠᠨ ᠪᠦᠷᠬᠦᠨ᠎ᠡ | | ᠴᠠᠭ ᠤᠨ ᠰᠠᠶᠢᠬᠠᠨ ᠢ ᠪᠠᠭ᠋ᠠᠳᠤᠭᠤᠯᠤᠨ ᠪᠦᠷᠬᠦᠬᠦ | ᠴᠠᠭᠠᠨ ᠡᠭᠦᠯᠡ ᠰᠢᠭ ᠭᠦᠢᠯᠡᠰᠦᠨ ᠴᠡᠴᠡᠭ | ᠴᠠᠭᠯᠠᠰᠢ ᠦᠭᠡᠢ ᠨᠤᠲᠤᠭ ᠤᠨ ᠪᠠᠶᠠᠨ ᠬᠡᠰᠢᠭ | ᠴᠠᠶᠢᠷᠠᠨ ᠨᠡᠭᠦᠳᠡᠯᠯᠡᠬᠦ ᠤᠢ ᠶᠢᠨ ᠳᠠᠪᠠᠯᠭᠠᠨ | | ᠬᠠᠪᠤᠷ ᠢ ᠮᠡᠳᠡᠭᠡᠯᠡᠭᠰᠡᠨ ᠭᠦᠢᠯᠡᠰᠦᠨ ᠴᠡᠴᠡᠭ ᠤᠨ | ᠬᠠᠩᠬᠤᠯᠤᠮ᠎ᠠ ᠦᠨᠦᠷ ᠨᠢ ᠰᠡᠩᠭᠢᠨᠡᠭᠡᠳ ᠢᠷᠡᠨ᠎ᠡ | ᠬᠠᠶᠢᠷᠠᠲᠦ ᠮᠤᠩᠭᠤᠯ ᠤᠷᠤᠨ ᠤ ᠮᠢᠨᠢ ᠦᠵᠡᠮᠵᠢ | ᠬᠠᠯᠠᠭᠤᠨ ᠳᠤᠯᠠᠭᠠᠨ ᠰᠡᠳᠬᠢᠯ ᠤᠨ ᠪᠠᠭᠤᠴᠠ | | |